10 ᠰᠠᠷ᠎ᠠ ᠵᠢᠨ 8ᠤ ᠡᠳᠦᠷᠤᠨ ᠦᠳᠡ ᠵᠢᠨ ᠡᠮᠦᠨ᠎ᠡ᠂ ᠬᠣᠲᠠ ᠵᠢᠨ ᠤᠰᠤᠨᠤ ᠶᠠᠪᠤᠳᠠᠯᠤᠨ ᠲᠣᠪᠴᠢᠶ᠎ᠠ ᠨᠠᠮᠤᠨ ᠪᠠᠶ᠋ᠢᠭᠤᠯᠤᠯᠲᠠ ᠵᠢᠨ ᠠᠵᠢᠯᠤᠨ ᠲᠤᠰᠬᠠᠶ ᠰᠡᠳᠦᠪᠲᠦ ᠬᠤᠷᠠᠯ ᠬᠤᠷᠠᠯᠳᠤᠭᠤᠯᠵᠤ᠂ ᠲᠣᠪᠴᠢᠶ᠎ᠠ ᠵᠢᠨ ᠪᠠᠢ᠌ᠭᠤᠯᠭ᠎ᠠ ᠵᠢᠨ ᠨᠠᠮᠤᠨ ᠬᠣᠷᠢᠶ᠎ᠠ ᠵᠢᠨ 1—9 ᠰᠠᠷ᠎ᠠ ᠵᠢᠨ ᠨᠠᠮᠤᠨ ᠪᠠᠶ᠋ᠢᠭᠤᠯᠤᠯᠲᠠ ᠵᠢᠨ ᠠᠵᠢᠯᠢ ᠪᠡᠶᠡᠯᠡᠭᠦᠯᠦᠭᠰᠡᠨ ᠪᠠᠶ᠋ᠢᠳᠠᠯᠤᠨ ᠮᠡᠳᠡᠭᠦᠯᠦᠯᠲᠡ ᠵᠢ ᠰᠣᠨᠣᠰᠴᠤ᠂ ᠲᠠᠷᠠᠭ᠋ᠠᠴᠢ ᠵᠢᠨ ᠠᠯᠬᠤᠮᠤᠨ ᠠᠵᠢᠯ ᠵᠶ᠋ᠠᠨ ᠰᠤᠳᠤᠯᠤᠨ ᠪᠠᠶ᠋ᠢᠷᠢᠯᠠᠭᠤᠯᠪᠠ᠃ ᠨᠠᠮᠤᠨ ᠤᠳᠤᠷᠢᠳᠬᠤ ᠳᠤᠭᠤᠶ᠋ᠢᠯᠠᠩᠤᠨ ᠱᠦᠵᠢ ᠯᠢ ᠾᠧ ᠫᠢᠩ ᠬᠤᠷᠠᠯ ᠢ ᠡᠷᠭᠢᠯᠡᠭᠰᠡᠨ ᠪᠥᠭᠡᠳ ᠶᠠᠷᠢᠶ᠎ᠠ ᠲᠠᠯᠪᠢᠵᠠᠶ᠃
ᠬᠤᠷᠠᠯᠠᠴᠠ ᠂ ᠲᠣᠪᠴᠢᠶ᠎ᠠ ᠵᠢᠨ ᠪᠠᠢ᠌ᠭᠤᠯᠭ᠎ᠠ ᠵᠢᠨ ᠨᠠᠮᠤᠨ ᠪᠠᠶ᠋ᠢᠭᠤᠯᠤᠯᠲᠠ ᠵᠢᠨ ᠠᠵᠢᠯ ᠢᠯᠡᠳᠲᠡ ᠦᠷ᠎ᠡ ᠪᠦᠲᠦᠮᠵᠢ ᠣᠯᠵᠤ᠂ ᠤᠯᠤᠰ ᠲᠦᠷᠦ ᠵᠢᠨ ᠤᠬᠠᠮᠰᠠᠷ ᠨᠡᠩ ᠪᠠᠲᠤᠵᠢᠵᠤ᠂ ᠨᠠᠮᠤᠨ ᠭᠡᠰᠢᠭᠦᠨᠤ ᠬᠦᠰᠡᠯᠡᠩ ᠢᠲᠡᠭᠡᠯ ᠵᠣᠷᠢᠭ ᠨᠡᠩ ᠡᠷᠡᠰ ᠭᠤᠢ᠌ᠪᠢᠰᠢ ᠦᠭᠡᠢ ᠪᠣᠯᠵᠤ᠂ ᠰᠠᠬᠢᠯᠭ᠎ᠠ ᠪᠠᠲᠤ ᠣᠪᠣᠷ ᠰᠤᠷᠲᠠᠯ ᠨᠡᠩ ᠰᠠᠶ᠋ᠢᠵᠢᠷᠠᠵᠤ᠂ ᠠᠵᠢᠯ ᠶᠠᠪᠤᠳᠠᠯ ᠬᠢᠵᠦ ᠦᠢ᠍ᠯᠡᠰ ᠪᠤᠰᠬᠠᠬᠤ ᠠᠭᠤᠷ ᠠᠮᠢᠰᠬᠤᠯ ᠨᠡᠩ ᠭᠦᠨ ᠵᠤᠵᠠᠭ᠋ᠠᠨ ᠪᠣᠯᠪᠠ᠃ ᠭᠡᠪᠡᠴᠦ ᠪᠠᠰᠠ ᠨᠠᠮᠤᠨ ᠪᠠᠶ᠋ᠢᠭᠤᠯᠤᠯᠲᠠ ᠵᠢᠨ ᠠᠵᠢᠯᠤᠨ ᠤᠬᠠᠭᠤᠯᠭ᠎ᠠ ᠵᠢᠨ ᠡᠷᠴᠢᠮ ᠬᠦᠷᠦᠯᠴᠡᠬᠦ ᠦᠭᠡᠢ᠂ ᠬᠠᠲᠠᠭᠤ ᠬᠡᠷᠡᠭᠰᠡᠯᠤᠨ ᠲᠥᠬᠥᠭᠡᠷᠦᠮᠵᠢ ᠵᠢ ᠪᠠᠰᠠ ᠤᠯᠠᠮ ᠨᠢᠭᠡ ᠠᠯᠬᠤᠮ ᠪᠦᠷᠢᠨᠰᠢᠬᠦᠯᠬᠦ ᠴᠢᠬᠤᠯᠠᠲᠠᠢ᠂ ᠨᠠᠮᠤᠨ ᠪᠠᠶ᠋ᠢᠭᠤᠯᠤᠯᠲᠠ ᠪᠣᠯᠤᠨ ᠲᠤᠬᠠᠶ᠋ᠢᠯᠠᠭᠰᠠᠨ ᠠᠵᠢᠯᠤᠨ ᠭᠦᠨᠵᠡᠭᠡᠢ ᠠᠭᠤᠰᠤᠯᠴᠠᠯ ᠪᠠᠰᠠ ᠬᠦᠷᠦᠯᠴᠡᠬᠦ ᠦᠭᠡᠢ ᠪᠠᠶ᠋ᠢᠬᠤ ᠵᠡᠷᠭᠡ ᠵᠦᠷᠢᠶ᠎ᠡ ᠪᠠ ᠬᠦᠷᠦᠯᠴᠡᠬᠦ ᠦᠭᠡᠢ ᠵᠡᠷᠭᠡ ᠲᠠᠯ᠎ᠠ ᠣᠷᠣᠰᠢᠵᠤ ᠪᠠᠶ᠋ᠢᠨ᠎ᠠ᠂ ᠬᠦᠴᠦᠲᠡᠢ ᠪᠦᠲᠦᠮᠵᠢᠲᠡᠢ ᠠᠷᠭ᠎ᠠ ᠬᠡᠮᠵᠢᠶ᠎ᠡ ᠠᠪᠴᠤ ᠪᠠᠶ᠋ᠢᠭ᠋ᠠᠳ ᠦᠨᠡᠨᠬᠦ ᠰᠠᠶ᠋ᠢᠵᠢᠷᠠᠭᠤᠯᠤᠨ ᠳᠡᠭᠡᠭᠰᠢᠯᠡᠭᠦᠯᠬᠦ ᠬᠡᠷᠡᠭᠲᠡᠢ ᠭᠡᠵᠦ ᠵᠢᠭ᠋ᠠᠵᠤ ᠭᠠᠷᠭ᠋ᠠᠪᠠ᠃
ᠬᠤᠷᠠᠯᠠᠴᠠ᠂ ᠨᠠᠮᠤᠨ ᠪᠠᠶ᠋ᠢᠭᠤᠯᠤᠯᠲᠠ ᠵᠢᠨ ᠠᠵᠢᠯᠢ ᠪᠦᠬᠦ ᠲᠠᠯᠠᠪᠠᠷ ᠴᠢᠩᠭ᠋ᠠᠳᠬᠠᠵᠤ᠂ ᠲᠤᠬᠠᠶ᠋ᠢᠯᠠᠭᠰᠠᠨ ᠠᠵᠢᠯ ᠪᠣᠯᠤᠨ ᠨᠠᠮᠤᠨ ᠪᠠᠶ᠋ᠢᠭᠤᠯᠤᠯᠲᠠ ᠵᠢ ᠠᠳᠠᠯᠢᠬᠠᠨ ᠴᠢᠬᠤᠯᠠ ᠪᠠᠶ᠋ᠢᠷᠢᠨᠳᠤ ᠲᠠᠯᠪᠢᠵᠤ᠂ ᠤᠨᠤᠯ ᠵᠶ᠋ᠠᠷ ᠵᠡᠪᠰᠡᠭᠯᠡᠬᠦ ᠵᠢ ᠴᠢᠩᠭ᠋ᠠᠳᠬᠠᠵᠤ᠂ ᠨᠠᠮᠤᠨ ᠲᠡᠦᠬᠡ ᠵᠢᠨ ᠰᠤᠷᠤᠯᠴᠠᠯᠭ᠎ᠠ ᠬᠥᠮᠦᠵᠢᠯᠢ ᠴᠢᠨᠠᠷ ᠰᠠᠶ᠋ᠢᠲᠠᠢ ᠥᠷᠨᠢᠭᠦᠯᠵᠦ᠂ ᠨᠠᠮᠤᠨ ᠪᠠᠶ᠋ᠢᠭᠤᠯᠤᠯᠲᠠ ᠵᠢᠨ ᠡᠯ᠎ᠡ ᠵᠦᠢ᠍ᠯᠤᠨ ᠠᠵᠢᠯᠤᠨ ᠡᠭᠦᠷᠭᠡ ᠵᠢ ᠴᠠᠭ ᠲᠤᠬᠠᠢᠳᠤᠨᠢ ᠴᠢᠨᠠᠷ ᠴᠢᠨᠰᠠᠭ᠎ᠠ ᠲᠣᠭ᠎ᠠ ᠶᠣᠰᠣᠭ᠋ᠠᠷ ᠪᠡᠶᠡᠯᠡᠭᠦᠯᠵᠦ᠂ ᠨᠠᠮᠤᠨ ᠪᠠᠶ᠋ᠢᠭᠤᠯᠤᠯᠲᠠ ᠵᠢᠨ ᠠᠵᠢᠯ ᠪᠣᠯᠤᠨ ᠲᠤᠬᠠᠶ᠋ᠢᠯᠠᠭᠰᠠᠨ ᠠᠵᠢᠯᠤᠨ ᠭᠦᠨᠵᠡᠭᠡᠢ ᠠᠭᠤᠰᠤᠯᠴᠠᠬᠤ᠂ ᠬᠠᠷᠢᠯᠴᠠᠨ ᠠᠬᠢᠭᠤᠯᠬᠤ ᠵᠢ ᠬᠦᠴᠦᠯᠡᠨ ᠠᠬᠢᠭᠤᠯᠬᠤ ᠬᠡᠷᠡᠭᠲᠡᠢ ᠭᠡᠵᠦ ᠱᠠᠭ᠋ᠠᠷᠳᠠᠪᠠ᠃