《ᠢᠯᠡ ᠲᠣᠳᠣ᠂ ᠡᠷᠬᠡ ᠲᠡᠭᠰᠢ᠂ ᠲᠥᠪ ᠭᠤᠤᠯᠴᠢ》 ᠪᠠᠶ᠋ᠢᠬᠤ ᠵᠠᠷᠴᠢᠮ ᠶᠣᠰᠣᠭ᠋ᠠᠷ᠂ ᠮᠠᠨ᠎ᠤ ᠲᠥᠪ᠎ᠠᠴᠠ ᠬᠢᠩᠭ᠋ᠠᠨ᠎ᠤ ᠤᠰᠤᠨ ᠰᠢᠨᠵᠢᠯᠡᠭᠡᠨ᠎ᠤ ᠲᠣᠭᠣᠷᠢᠨ ᠬᠡᠮᠵᠢᠬᠦ ᠰᠠᠭᠤᠷᠢᠨ ᠭᠠᠵᠠᠷ᠎ᠤᠨ ᠴᠢᠳᠠᠪᠤᠷᠢ ᠵᠢ ᠳᠡᠭᠡᠭᠰᠢᠯᠡᠭᠦᠯᠬᠦ ᠲᠥᠷᠥᠯ ᠵᠦᠢᠯ᠎ᠤᠨ ᠳᠠᠭ᠋ᠠᠭ᠋ᠠᠴᠢᠯᠠᠯᠲᠠ ᠵᠠᠷᠯᠠᠬᠤ ᠵᠢ ᠣᠷᠣᠯᠠᠨ ᠭᠦᠢ᠍ᠴᠡᠳᠬᠡᠬᠦ ᠪᠠᠶ᠋ᠢᠭᠤᠯᠤᠮᠵᠢ ᠵᠢᠨ ᠢᠯᠡ᠎ᠪᠠᠷ ᠬᠠᠷᠢᠴᠠᠭᠤᠯᠤᠨ ᠰᠣᠩᠭᠤᠵᠤ᠂ ᠨᠥᠬᠦᠴᠡᠯ᠎ᠳᠤ ᠨᠡᠶ᠋ᠢᠴᠡᠬᠦ ᠨᠡᠶ᠋ᠢᠭᠡᠮ᠎ᠤᠨ ᠣᠷᠣᠯᠠᠨ ᠭᠦᠢ᠍ᠴᠡᠳᠬᠡᠬᠦ ᠪᠠᠶ᠋ᠢᠭᠤᠯᠤᠮᠵᠢ ᠵᠢᠨ ᠨᠡᠷ᠎ᠡ ᠮᠡᠳᠡᠭᠦᠯᠵᠦ ᠣᠷᠣᠯᠴᠠᠬᠤ ᠵᠢ ᠪᠠᠶᠠᠷᠯᠠᠨ ᠤᠭᠲᠤᠵᠤ ᠪᠠᠶ᠋ᠢᠨ᠎ᠠ᠃
ᠨᠢᠭᠡ᠂ ᠲᠥᠷᠥᠯ ᠵᠦᠢᠯ᠎ᠤᠨ ᠲᠣᠢ᠌ᠮᠣᠴᠢᠯᠠᠯ
1. ᠲᠥᠷᠥᠯ ᠵᠦᠢᠯ᠎ᠤᠨ ᠨᠡᠷᠡᠢ᠌ᠳᠦᠯ᠄ ᠬᠢᠩᠭ᠋ᠠᠨ᠎ᠤ ᠤᠰᠤᠨ ᠰᠢᠨᠵᠢᠯᠡᠭᠡᠨ᠎ᠤ ᠲ᠋ᠣᠭᠣᠷᠢᠨ ᠬᠡᠮᠵᠢᠬᠦ ᠰᠠᠭᠤᠷᠢᠨ ᠭᠠᠵᠠᠷ᠎ᠤᠨ ᠴᠢᠳᠠᠪᠤᠷᠢ ᠵᠢ ᠳᠡᠭᠡᠭᠰᠢᠯᠡᠭᠦᠯᠬᠦ ᠲᠥᠷᠥᠯ ᠵᠦᠢᠯ
2. ᠪᠦᠲᠦᠭᠡᠨ ᠪᠠᠢ᠌ᠭᠤᠯᠤᠯᠲᠠ ᠵᠢᠨ ᠬᠡᠪᠴᠢᠶ᠎ᠡ᠄ ᠨᠢᠭᠡᠨ ᠤᠰᠤᠨ ᠰᠢᠨᠵᠢᠯᠡᠭᠡᠨ᠎ᠤ ᠲᠣᠭᠣᠷᠢᠨ ᠬᠡᠮᠵᠢᠬᠦ ᠰᠠᠭᠤᠷᠢᠨ ᠭᠠᠵᠠᠷ᠎ᠤᠨ ᠴᠢᠳᠠᠪᠤᠷᠢ ᠵᠢ ᠳᠡᠭᠡᠭᠰᠢᠯᠡᠭᠦᠯᠦᠨ᠎ᠡ᠃
3. ᠪᠡᠯᠡ ᠣᠷᠤᠯᠠᠭᠤᠯᠤᠯᠲᠠ ᠵᠢᠨ ᠪᠠᠢ᠌ᠳᠠᠯ᠄ ᠶᠡᠷᠦᠩᠬᠡᠢ ᠪᠡᠯᠡ ᠣᠷᠤᠯᠠᠭᠤᠯᠤᠯᠲᠠ784.9 ᠲᠦᠮᠡᠨ ᠲᠥᠭᠥᠷᠢᠭ᠃
4. ᠪᠡᠶᠡᠯᠡᠭᠦᠯᠬᠦ ᠴᠠᠭ ᠪᠠ ᠭᠠᠵᠠᠷ᠄ 2023 ᠣᠨ᠂ ᠬᠢᠩᠭ᠋ᠠᠨ ᠠᠢ᠌ᠮᠠᠭ᠃
5. ᠳᠠᠭ᠋ᠠᠭ᠋ᠠᠴᠢᠯᠠᠯᠲᠠ ᠵᠠᠷᠯᠠᠬᠤ ᠳᠠᠭ᠋ᠠᠭ᠋ᠠᠴᠢᠯᠠᠯᠲᠠ ᠬᠦᠯᠢᠶᠡᠬᠦ ᠠᠷᠠᠯᠵᠢᠶᠠᠨ᠎ᠤ ᠲᠠᠪᠴᠠᠩ᠄ ᠥᠪᠥᠷ ᠮᠣᠩᠭᠣᠯ᠎ᠤᠨ ᠣᠯᠠᠨ ᠨᠡᠢ᠌ᠲᠡ ᠵᠢᠨ ᠡᠬᠢ ᠪᠠᠶᠠᠯᠢᠭ᠎ᠤᠨ ᠠᠷᠠᠯᠵᠢᠶ᠎ᠠ ᠵᠢᠨ ᠲᠥᠪ
ᠬᠣᠶᠠᠷ᠂ ᠣᠷᠣᠯᠠᠬᠤ ᠪᠠᠢ᠌ᠭᠤᠯᠤᠮᠵᠢ ᠵᠢᠨ ᠬᠢᠷᠢ ᠬᠡᠮ᠎ᠤᠨ ᠱᠠᠭ᠋ᠠᠷᠳᠠᠯᠭ᠎ᠠ
1. ᠣᠷᠣᠯᠠᠬᠤ ᠪᠠᠢ᠌ᠭᠤᠯᠤᠮᠵᠢ᠎ᠨᠢ ᠡᠷᠬᠡᠪᠰᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠣᠷᠳᠣᠨ᠎ᠤ ᠬᠤᠳᠠᠯᠳᠤᠨ ᠠᠪᠬᠤ ᠰᠦᠯᠵᠢᠶ᠎ᠡ ᠵᠢᠨ ᠣᠷᠣᠯᠠᠬᠤ ᠪᠠᠢ᠌ᠭᠤᠯᠤᠮᠵᠢ ᠵᠢᠨ ᠬᠥᠮᠥᠷᠭᠡ᠎ᠳᠤ ᠪᠦᠷᠢᠳᠬᠡᠭᠦᠯᠦᠨ ᠳᠠᠩᠰᠠᠯᠠᠭᠤᠯᠬᠤ ᠬᠡᠷᠡᠭᠲᠡᠶ᠃
2. ᠪᠡᠶ᠎ᠡ᠎ᠪᠠᠨ ᠳᠠᠭ᠋ᠠᠭ᠋ᠠᠭᠰᠠᠨ ᠬᠠᠤᠯᠢ ᠵᠢᠨ ᠡᠷᠬᠡᠲᠡᠨ᠎ᠤ ᠬᠢᠷᠢ ᠬᠡᠮ᠎ᠲᠠᠢ ᠪᠠᠢ᠌ᠭᠤᠯᠤᠮᠵᠢ᠂ ᠡᠷᠬᠡᠪᠰᠢ ᠰᠠᠢ᠌ᠨ ᠰᠠᠢ᠌ᠬᠠᠨ ᠡᠳ᠋᠎ᠤᠨ ᠶᠠᠪᠤᠳᠠᠯ᠎ᠤᠨ ᠪᠠᠢ᠌ᠳᠠᠯ ᠪᠠ ᠬᠤᠳᠠᠯᠳᠤᠭ᠋ᠠᠨ᠎ᠤ ᠢᠲᠡᠭᠡᠯ ᠬᠦᠨᠳᠦ᠎ᠲᠠᠢ᠂ ᠭᠦᠢ᠍ᠴᠡᠳ ᠭᠡᠷ᠎ᠡ ᠵᠢ ᠭᠦᠢ᠍ᠴᠡᠳᠬᠡᠬᠦ ᠡᠳ᠋ ᠬᠥᠷᠥᠩᠭᠡ ᠪᠠ ᠴᠢᠳᠠᠪᠤᠷᠢ᠎ᠲᠠᠢ ᠪᠠᠢ᠌ᠵᠤ ᠬᠡᠷᠡᠭᠲᠡᠶ᠃
3. ᠭᠡᠷ᠎ᠡ ᠵᠢ ᠭᠦᠢ᠍ᠴᠡᠳᠬᠡᠬᠦ ᠲᠤᠰᠬᠠᠢ ᠮᠡᠷᠭᠡᠵᠢᠯ᠎ᠤᠨ ᠲᠥᠬᠥᠭᠡᠷᠡᠮᠵᠢ ᠵᠢᠴᠢ ᠲᠠᠯᠠᠪᠤᠷ᠎ᠤᠨ ᠭᠡᠷᠡᠴᠢ ᠮᠠᠲ᠋ᠧᠷᠢᠶᠠᠯ᠎ᠢ ᠪᠦᠷᠢᠯᠳᠦᠭᠦᠯᠦᠭᠰᠡᠨ ᠪᠠᠢ᠌ᠬᠤ ᠬᠡᠷᠡᠭᠲᠡᠢ᠃
ᠭᠤᠷᠪᠠ᠂ ᠨᠡᠷ᠎ᠡ ᠮᠡᠳᠡᠭᠦᠯᠬᠦ ᠳᠤ ᠬᠠᠩᠭ᠋ᠠᠬᠤ ᠴᠢᠬᠤᠯᠠᠲᠠᠢ ᠮᠠᠲ᠋ᠧᠷᠢᠶᠠᠯ
1. ᠨᠡᠷ᠎ᠡ ᠮᠡᠳᠡᠭᠦᠯᠦᠭᠴᠢ ᠵᠢᠨ ᠪᠡᠶ᠎ᠡ ᠵᠢᠨ ᠦᠨᠡᠮᠯᠡᠯ᠎ᠤᠨ ᠡᠬᠡ᠂ ᠬᠠᠭᠤᠯᠪᠤᠷᠢ ᠮᠠᠲ᠋ᠧᠷᠢᠶᠠᠯ ᠪᠠ ᠬᠠᠷᠢᠯᠴᠠᠬᠤ ᠠᠷᠭ᠎ᠠ᠎ᠪᠠᠨ ᠬᠠᠩᠭ᠋ᠠᠨ᠎ᠠ᠃
2. ᠨᠡᠷ᠎ᠡ ᠮᠡᠳᠡᠭᠦᠯᠦᠭᠴᠢ ᠬᠠᠤᠯᠢ᠎ᠪᠠᠷ ᠲᠣᠭᠲᠠᠭ᠋ᠠᠭᠰᠠᠨ ᠲᠥᠯᠥᠭᠡᠯᠡᠭᠴᠢ ᠵᠢᠨ ᠭᠠᠷᠤᠨ ᠥᠰᠥᠭ ᠵᠢᠷᠤᠭᠰᠠᠨ᠂ ᠺᠣᠮᠫᠠᠨᠢ ᠵᠢᠨ ᠲᠠᠮᠠᠭ᠎ᠠ ᠳᠠᠷᠤᠭᠰᠠᠨ 《ᠡᠷᠬᠡ ᠣᠯᠭᠣᠬᠤ ᠨᠠᠢ᠌ᠳᠠᠯᠭ᠎ᠠ ᠵᠢᠨ ᠪᠢᠴᠢᠭ》 ᠭᠠᠷᠭ᠋ᠠᠵᠤ ᠥᠭᠭᠦᠨ᠎ᠡ᠃
3. ᠤᠯᠤᠰ᠎ᠤᠨ ᠠᠵᠤ ᠦᠢᠯᠡᠳᠪᠦᠷᠢ ᠬᠤᠳᠠᠯᠳᠤᠭ᠋ᠠᠨ᠎ᠤ ᠪᠠᠢ᠌ᠭᠤᠯᠤᠯᠭ᠎ᠠ ᠵᠢᠨ ᠣᠨ᠎ᠤ ᠪᠠᠢ᠌ᠴᠠᠭ᠋ᠠᠯᠲᠠ᠎ᠳᠤ ᠬᠢᠷᠢ ᠲᠡᠩᠴᠡᠭᠰᠡᠨ ᠬᠦᠴᠦᠨ᠎ᠲᠠᠢ ᠪᠥᠭᠡᠳ ᠳᠠᠭ᠋ᠠᠭ᠋ᠠᠴᠢᠯᠠᠯᠲᠠ ᠬᠦᠯᠢᠶᠡᠭᠰᠡᠨ ᠠᠵᠤ ᠠᠬᠤᠢ᠌ᠯᠠᠯ᠎ᠤᠨ ᠠᠯᠪᠠᠨ ᠲᠠᠮᠠᠭ᠎ᠠ ᠳᠠᠷᠤᠭᠰᠠᠨ ᠡᠵᠡᠩᠨᠡᠯᠲᠡ ᠵᠢᠨ ᠦᠨᠡᠮᠯᠡᠯ᠎ᠤᠨ ᠬᠠᠭᠤᠯᠪᠤᠷᠢ ᠳᠡᠪᠲᠡᠷ᠎ᠤᠨ ᠬᠠᠭᠤᠯᠪᠤᠷᠢ ᠵᠢ ᠬᠠᠩᠭ᠋ᠠᠨ᠎ᠠ᠃
4. ᠣᠢ᠌ᠷ᠎ᠠ ᠵᠢᠨ ᠬᠠᠭ᠋ᠠᠰ ᠵᠢᠯ᠎ᠳᠤ ᠨᠡᠢ᠌ᠭᠡᠮ᠎ᠤᠨ ᠪᠠᠲᠤᠯᠠᠭ᠎ᠠ ᠵᠢᠨ ᠪᠡᠯᠡ ᠮᠥᠩᠭᠥ ᠵᠢ ᠭᠤᠷᠪᠠᠨ ᠰᠠᠷ᠎ᠠ ᠳᠠᠷᠠᠭ᠋ᠠᠯᠠᠨ ᠲᠤᠰᠢᠶᠠᠭᠰᠠᠨ᠎ᠢ ᠭᠡᠷᠡᠴᠢᠯᠡᠬᠦ ᠮᠠᠲ᠋ᠧᠷᠢᠶᠠᠯ᠂ ᠣᠢ᠌ᠷ᠎ᠠ ᠵᠢᠨ ᠬᠠᠭ᠋ᠠᠰ ᠵᠢᠯ᠎ᠳᠤ ᠭᠤᠷᠪᠠᠨ ᠰᠠᠷ᠎ᠠ ᠳᠠᠷᠠᠭ᠋ᠠᠯᠠᠨ ᠭᠠᠢ᠌ᠯᠢ ᠲᠤᠰᠢᠶᠠᠭᠰᠠᠨ᠎ᠢ ᠭᠡᠷᠡᠴᠢᠯᠡᠬᠦ ᠮᠠᠲ᠋ᠧᠷᠢᠶᠠᠯ ᠬᠠᠩᠭ᠋ᠠᠨ᠎ᠠ᠃
5. 2022 ᠣᠨ ᠪᠤᠶᠤ 2021 ᠣᠨ᠎ᠤ ᠬᠢᠨᠠᠨ ᠪᠤᠳᠤᠬᠤ ᠰᠠᠯᠠᠭ᠎ᠠ ᠮᠥᠴᠢᠷ ᠪᠤᠶᠤ ᠨᠢᠭᠲᠠᠯᠠᠨ ᠪᠤᠳᠤᠬᠤ ᠬᠡᠷᠡᠭ ᠡᠷᠬᠢᠯᠡᠬᠦ ᠭᠠᠵᠠᠷ᠎ᠠᠴᠠ ᠭᠠᠷᠭ᠋ᠠᠭᠰᠠᠨ ᠬᠢᠨᠠᠨ ᠪᠤᠳᠤᠭᠰᠠᠨ ᠮᠡᠳᠡᠭᠦᠯᠦᠯᠲᠡ ᠪᠤᠶᠤ ᠺᠣᠮᠫᠠᠨᠢ ᠵᠢᠨ ᠦᠨᠳᠦᠰᠦᠨ ᠲᠠᠩᠰᠠᠨ ᠡᠷᠦᠬᠡ ᠪᠠᠢ᠌ᠭᠤᠯᠤᠭᠰᠠᠨ ᠪᠠᠩᠬᠢ᠎ᠠᠴᠠ ᠭᠠᠷᠭ᠋ᠠᠭᠰᠠᠨ ᠬᠥᠷᠥᠩᠭᠡ ᠢᠲᠡᠭᠡᠮᠵᠢ ᠵᠢᠨ ᠭᠡᠷᠡᠴᠢ ᠵᠢ ᠬᠠᠩᠭ᠋ᠠᠨ᠎ᠠ᠃
6. 《ᠳᠤᠮᠳᠠᠳᠤ ᠤᠯᠤᠰ᠎ᠤᠨ ᠵᠠᠰᠠᠭ᠎ᠤᠨ ᠣᠷᠳᠣᠨ᠎ᠤ ᠬᠤᠳᠠᠯᠳᠤᠨ ᠠᠪᠬᠤ ᠰᠦᠯᠵᠢᠶ᠎ᠡ》 ᠵᠢᠴᠢ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠣᠷᠳᠣᠨ᠎ᠤ ᠬᠤᠳᠠᠯᠳᠤᠨ ᠠᠪᠬᠤ ᠰᠦᠯᠵᠢᠶ᠎ᠡ》 ᠵᠢᠨ ᠣᠷᠣᠯᠠᠬᠤ ᠪᠠᠢ᠌ᠭᠤᠯᠤᠮᠵᠢ᠎ᠳᠤ ᠲᠡᠮᠳᠡᠭᠯᠡᠭᠦᠯᠦᠨ ᠬᠥᠮᠥᠷᠭᠡ᠎ᠳᠤ ᠣᠷᠣᠭᠤᠯᠬᠤ ᠵᠢᠷᠤᠭ᠎ᠤᠨ ᠭᠡᠷᠡᠴᠢ ᠮᠠᠲ᠋ᠧᠷᠢᠶᠠᠯ᠎ᠢ ᠬᠠᠩᠭ᠋ᠠᠬᠤ ᠬᠡᠷᠡᠭᠲᠡᠶ᠃
7. 《ᠢᠲᠡᠭᠡᠮᠵᠢᠲᠦ ᠳᠤᠮᠳᠠᠳᠤ ᠤᠯᠤᠰ》 ᠰᠦᠯᠵᠢᠶ᠎ᠡ (www.creditchina.gov.cn) ᠵᠢᠨ ᠢᠲᠡᠭᠡᠮᠵᠢ ᠠᠯᠳᠠᠭᠰᠠᠨ ᠭᠦᠢᠴᠡᠳᠬᠡᠭᠳᠡᠭᠴᠢ ᠪᠣᠯᠤᠨ ᠬᠦᠨᠳᠦ ᠶᠡᠬᠡ ᠭᠠᠢ᠌ᠯᠢ ᠲᠠᠲᠠᠪᠤᠷᠢ ᠵᠢᠨ ᠬᠠᠤᠯᠢ᠎ᠠᠴᠠ ᠵᠥᠷᠢᠴᠡᠭᠰᠡᠨ ᠬᠡᠷᠡᠭ᠎ᠤᠨ ᠲᠤᠬᠠᠶ ᠵᠢᠨ ᠬᠥᠮᠦᠨ᠎ᠤ ᠨᠡᠷᠡᠰ᠎ᠤᠨ ᠲᠡᠮᠳᠡᠭᠯᠡᠯ᠎ᠤᠨ ᠵᠢᠷᠤᠭ ᠵᠢᠴᠢ 《ᠳᠤᠮᠳᠠᠳᠤ ᠤᠯᠤᠰ᠎ᠤᠨ ᠵᠠᠰᠠᠭ᠎ᠤᠨ ᠣᠷᠳᠣᠨ᠎ᠤ ᠬᠤᠳᠠᠯᠳᠤᠨ ᠠᠪᠬᠤ ᠰᠦᠯᠵᠢᠶ᠎ᠡ》 (www.ccgp.gov.cn) ᠵᠢᠨ ᠵᠠᠰᠠᠭ᠎ᠤᠨ ᠣᠷᠳᠣᠨ᠎ᠤ ᠬᠤᠳᠠᠯᠳᠤᠨ ᠠᠪᠬᠤ ᠬᠠᠤᠯᠢ᠎ᠠᠴᠠ ᠬᠦᠨᠳᠦ ᠨᠣᠴᠢᠲᠠᠶ ᠵᠥᠷᠢᠴᠡᠭᠰᠡᠨ ᠢᠲᠡᠭᠡᠮᠵᠢ ᠠᠯᠳᠠᠭᠰᠠᠨ ᠠᠵᠢᠯᠯᠠᠭ᠎ᠠ ᠵᠢᠨ ᠲᠡᠮᠳᠡᠭᠯᠡᠯ᠎ᠤᠨ ᠨᠡᠷᠡᠰ᠎ᠤᠨ ᠲᠡᠮᠳᠡᠭᠯᠡᠯ᠎ᠤᠨ ᠵᠢᠷᠤᠭ᠎ᠢ ᠬᠠᠩᠭ᠋ᠠᠨ᠎ᠠ᠃
8. ᠳᠤᠮᠳᠠᠳᠤ ᠤᠯᠤᠰ᠎ᠤᠨ ᠲᠠᠰᠣᠯᠣᠨ ᠲᠣᠭᠲᠠᠭ᠋ᠠᠯᠲᠠ ᠵᠢᠨ ᠪᠢᠴᠢᠭ ᠬᠠᠷ᠎ᠠ ᠵᠢᠨ ᠰᠦᠯᠵᠢᠶ᠎ᠡ ᠵᠢᠨ ᠨᠡᠷ᠎ᠡ ᠮᠡᠳᠡᠭᠦᠯᠦᠭᠰᠡᠨ ᠵᠢᠷᠤᠭ᠎ᠠᠴᠠ ᠦᠵᠡᠪᠡᠯ ᠣᠢ᠌ᠷ᠎ᠠ ᠵᠢᠨ ᠭᠤᠷᠪᠠᠨ ᠵᠢᠯ (2020 ᠣᠨ᠎ᠤ 1 ᠰᠠᠷ᠎ᠠ ᠵᠢᠨ 1᠎ᠤ ᠡᠳᠦᠷ᠎ᠠᠴᠠ ᠣᠲᠣ ᠪᠣᠯᠲᠠᠯᠠᠬᠢ)᠎ᠳᠤ ᠬᠡᠭᠡᠯᠢ ᠲᠦᠯᠬᠢᠭᠰᠡᠨ ᠶᠠᠯᠠᠲᠤ ᠠᠵᠢᠯᠯᠠᠭ᠎ᠠ ᠬᠢᠭᠰᠡᠨ ᠲᠡᠮᠳᠡᠭᠯᠡᠯ᠎ᠤᠨ ᠵᠢᠷᠤᠭ ᠪᠠᠢ᠌ᠬᠤ ᠥᠬᠡᠶ᠃
ᠳᠥᠷᠪᠡ᠂ ᠨᠡᠷ᠎ᠡ ᠮᠡᠳᠡᠭᠦᠯᠬᠦ ᠴᠠᠭ ᠪᠠ ᠭᠠᠵᠠᠷ ᠣᠷᠣᠨ
ᠳᠡᠭᠡᠷ᠎ᠡ ᠳᠤᠷᠠᠳᠤᠭᠰᠠᠨ ᠨᠥᠬᠥᠴᠡᠯ᠎ᠳᠤ ᠨᠡᠢ᠌ᠴᠡᠬᠦ ᠣᠷᠣᠯᠠᠬᠤ ᠪᠠᠢ᠌ᠭᠤᠯᠤᠮᠵᠢ 2023 ᠣᠨ᠎ᠤ 3 ᠳ᠋ᠤᠭ᠋ᠠᠷ ᠰᠠᠷ᠎ᠠ ᠵᠢᠨ 21᠎ᠤ ᠡᠳᠦᠷ᠎ᠠᠴᠠ ᠡᠮᠦᠨ᠎ᠡ ᠨᠡᠷ᠎ᠡ ᠮᠡᠳᠡᠭᠦᠯᠬᠦ ᠮᠠᠲ᠋ᠧᠷᠢᠶᠠᠯ ᠵᠶ᠋ᠠᠨ ᠢᠯᠡᠭᠡᠬᠦ ᠪᠤᠶᠤ ᠲᠤᠬᠠᠢ ᠵᠢᠨ ᠲᠠᠯᠠᠪᠤᠷ᠎ᠲᠤ ᠲᠤᠰᠢᠶᠠᠨ᠎ᠠ᠃
ᠨᠡᠷ᠎ᠡ ᠮᠡᠳᠡᠭᠦᠯᠬᠦ ᠪᠤᠶᠤ ᠮᠠᠲ᠋ᠧᠷᠢᠶᠠᠯ ᠵᠶ᠋ᠠᠨ ᠢᠯᠡᠭᠡᠬᠦ ᠬᠠᠶᠢᠭ᠄ ᠥᠪᠥᠷ ᠮᠣᠩᠭᠣᠯ᠎ᠤᠨ ᠤᠯᠠᠭ᠋ᠠᠨᠬᠣᠲᠠ ᠵᠢᠨ ᠱᠠᠨ ᠴᠧᠩ ᠵᠠᠮ᠎ᠤᠨ ᠱᠦᠢ ᠸᠧᠨ ᠭᠤᠳᠤᠮᠵᠢ ᠵᠢᠨ 15 ᠳ᠋ᠤᠭ᠋ᠠᠷ ᠤᠰᠤᠨ ᠰᠢᠨᠵᠢᠯᠡᠭᠡᠨ ᠤᠰᠤᠨ᠎ᠤ ᠡᠬᠢ ᠰᠤᠷᠪᠤᠯᠵᠢ ᠵᠢᠨ ᠬᠢᠩᠭ᠋ᠠᠨ ᠳᠠᠬᠢ ᠬᠤᠪᠢᠶᠠᠷᠢ ᠲᠥᠪ
ᠬᠠᠷᠢᠯᠴᠠᠬᠤ ᠬᠥᠮᠦᠨ᠄ ᠰᠢᠣᠢ ᠵᠣᠣ ᠵᠢᠶᠦ᠋ᠨ
ᠬᠠᠷᠢᠯᠴᠠᠬᠤ ᠤᠲᠠᠰᠤ᠄187 0489 1936