ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠰᠣᠨᠢᠨ ᠮᠡᠳᠡᠭᠡ   -   ᠰᠤᠷᠪᠤᠯᠵᠢᠯᠠᠭ᠎ᠠ
 ᠦᠶᠡᠷ ᠤᠰᠤᠳᠤᠯ ᠭᠠᠩ ᠬᠠᠭᠰᠠᠷᠠᠭ᠋ᠠᠨ ᠎ᠤ ᠭᠠᠮᠰᠢᠭ᠎ᠢ ᠰᠡᠷᠭᠡᠢ᠍ᠢ᠍ᠯᠡᠬᠦ ᠵᠢᠴᠢ ᠭᠠᠮᠰᠢᠭ᠎ᠤᠨ ᠳᠠᠷᠠᠭ᠋ᠠᠬᠢ ᠳᠠᠬᠢᠨ ᠪᠦᠲᠦᠭᠡᠨ ᠪᠠᠢ᠍ᠢ᠍ᠭᠤᠯᠤᠯᠲᠠ ᠵᠢᠨ ᠳᠤᠬᠠᠢ ᠰᠣᠨᠢᠨ ᠮᠡᠳᠡᠭᠡ ᠨᠡᠢ᠍ᠢ᠍ᠲᠡᠯᠡᠬᠦ ᠬᠤᠷᠠᠯ
ᠨᠡᠶ᠋ᠢᠲᠡᠯᠡᠭᠰᠡᠨ ᠴᠠᠭ᠄ 2021-06-02

      ᠰᠤᠷᠪᠤᠯᠵᠢᠯᠠᠭᠰᠠᠨ ᠴᠠᠭ᠄ 2020 ᠣᠨ᠎ᠤ 9 ᠰᠠᠷ᠎ᠠ ᠵᠢᠨ 24᠎ᠤ ᠡᠳᠦᠷ᠎ᠤᠨ 10 ᠴᠠᠭ᠎ᠲᠤ
      ᠤᠷᠤᠯᠴᠠᠭᠴᠢ᠄ ᠠᠷᠠᠳ᠎ᠤᠨ ᠡᠳᠦᠷ᠎ᠤᠨ ᠰᠣᠨᠢᠨ᠎ᠤ ᠰᠤᠷᠪᠤᠯᠵᠢᠯᠠᠭᠴᠢ᠂ ᠳᠤᠮᠳᠠᠳᠤ ᠤᠯᠤᠰ᠎ᠤᠨ ᠡᠳᠦᠷ᠎ᠤᠨ ᠰᠣᠨᠢᠨ᠎ᠤ ᠰᠤᠷᠪᠤᠯᠵᠢᠯᠠᠭᠴᠢ᠂ ᠰᠢᠨᠬᠤᠸᠠ ᠬᠣᠷᠢᠶᠠᠨ᠎ᠤ ᠰᠤᠷᠪᠤᠯᠵᠢᠯᠠᠭᠴᠢ᠂ ᠫᠸᠩ ᠫᠠᠢ ᠰᠣᠨᠢᠨ ᠮᠡᠳᠡᠭᠡᠨ᠎ᠤ ᠰᠤᠷᠪᠤᠯᠵᠢᠯᠠᠭᠴᠢ᠂ ᠯᠢᠦ ᡁᠢ ᠢᠦᠢ᠂ ᠵᠠᠩ ᠰᠢᠶᠠᠩ ᠸᠧᠢ᠂ ᠠᠷᠠᠳ᠎ᠤᠨ ᠰᠦᠯᠵᠢᠶ᠎ᠡ ᠵᠢᠨ ᠰᠤᠷᠪᠤᠯᠵᠢᠯᠠᠭᠴᠢ᠂ ᠭᠤᠸᠠᠩᠮᠢᠩ ᠡᠳᠦᠷ᠎ᠤᠨ ᠰᠣᠨᠢᠨ᠎ᠤ ᠰᠤᠷᠪᠤᠯᠵᠢᠯᠠᠭᠴᠢ᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠡᠳᠦᠷ᠎ᠤᠨ ᠰᠣᠨᠢᠨ᠎ᠤ ᠰᠤᠷᠪᠤᠯᠵᠢᠯᠠᠭᠴᠢ᠂ ᠶᠧ ᠵᠢᠶᠠᠨ ᠴᠦᠨ᠂ ᠲᠢᠶᠠᠨ ᠢ ᠲᠠᠩ᠂ ᠭ᠋ᠸᠩ ᠯᠢᠦ ᠴᠧᠩ᠂ ᠹᠧᠩ ᠮᠢᠶᠠᠨ ᠰᠣᠨᠢᠨ ᠮᠡᠳᠡᠭᠡᠨ᠎ᠤ ᠰᠤᠷᠪᠤᠯᠵᠢᠯᠠᠭᠴᠢ᠂ ᠳᠤᠮᠳᠠᠳᠤ ᠤᠯᠤᠰ᠎ᠤᠨ ᠵᠠᠯᠠᠭᠤᠴᠤᠳ᠎ᠤᠨ ᠰᠣᠨᠢᠨ᠎ᠤ ᠰᠤᠷᠪᠤᠯᠵᠢᠯᠠᠭᠴᠢ᠂ ᠳᠣᠷᠣᠨᠠᠳᠠᠬᠢᠨ᠎ᠤ ᠤᠳᠤᠨ ᠲᠧᠯᠸᠢᠰ ᠬᠤᠷᠢᠶᠠᠨ᠎ᠤ ᠰᠤᠷᠪᠤᠯᠵᠢᠯᠠᠭᠴᠢ
      ᠤᠰᠤᠨ ᠠᠰᠢᠭᠯᠠᠯᠲᠠ ᠵᠢᠨ ᠶᠠᠮᠤᠨ 2020 ᠣᠨ᠎ᠤ 9 ᠰᠠᠷ᠎ᠠ ᠵᠢᠨ 24᠎ᠤ  (ᠭᠠᠷᠠᠭ᠎ᠤᠨ ᠳᠥᠷᠪᠡᠨ) ᠦᠳᠡ ᠵᠢᠨ ᠡᠮᠦᠨᠡᠬᠢ 10 ᠴᠠᠭ᠎ᠲᠤ ᠦᠶᠡᠷ ᠤᠰᠤᠳᠤᠯ ᠭᠠᠩ ᠬᠠᠭᠰᠠᠷᠠᠭ᠋ᠠᠨ᠎ᠤ ᠭᠠᠮᠰᠢᠭ᠎ᠢ ᠰᠡᠷᠭᠡᠢ᠍ᠢ᠍ᠯᠡᠬᠦ ᠵᠢᠴᠢ ᠭᠠᠮᠰᠢᠭ᠎ᠤᠨ ᠳᠠᠷᠠᠭ᠋ᠠᠬᠢ ᠳᠠᠬᠢᠨ ᠪᠥᠲᠥᠭᠡᠨ ᠪᠠᠢ᠍ᠢ᠍ᠭᠤᠯᠤᠯᠲᠠ ᠵᠢᠨ ᠳᠤᠬᠠᠢ ᠰᠣᠨᠢᠨ ᠮᠡᠳᠡᠭᠡ ᠨᠡᠢ᠍ᠢ᠍ᠲᠡᠯᠡᠬᠦ ᠬᠤᠷᠠᠯ       ᠬᠢᠵᠦ᠂ ᠤᠰᠤᠨ ᠠᠰᠢᠭᠯᠠᠯᠲᠠ ᠵᠢᠨ ᠶᠠᠮᠤᠨ᠎ᠤ ᠳᠡᠳ᠋ ᠰᠠᠢ᠍ᠢ᠍ᠳ ᠶᠧ ᠵᠢᠶᠠᠨ ᠴᠦᠨ ᠬᠣᠯᠪᠣᠭᠳᠠᠯ ᠪᠦᠬᠦᠢ ᠪᠠᠢ᠍ᠢ᠍ᠳᠠᠯ᠎ᠢ ᠲᠠᠨᠢᠯᠴᠠᠭᠤᠯᠤᠭᠰᠠᠨ ᠪᠥᠭᠡᠳ ᠦᠶᠡᠷ ᠤᠰᠤᠳᠤᠯ ᠭᠠᠩ ᠬᠠᠭᠰᠠᠷᠠᠭ᠋ᠠᠨ᠎ᠤᠨ ᠭᠠᠮᠰᠢᠭ᠎ᠢ ᠰᠡᠷᠭᠡᠢ᠍ᠢ᠍ᠯᠡᠬᠦ ᠵᠤᠷᠭ᠋ᠠᠨ᠎ᠤ ᠳᠠᠷᠤᠭ᠎ᠠ ᠲᠢᠶᠠᠨ ᠢ ᠲᠠᠩ᠂ ᠲᠥᠯᠥᠪᠵᠢᠭᠦᠯᠭᠡ ᠲᠥᠯᠥᠪᠯᠡᠭᠡ ᠵᠢᠨ ᠵᠤᠷᠭ᠋ᠠᠨ᠎ᠤ ᠳᠡᠳ᠋ ᠳᠠᠷᠤᠭ᠎ᠠ ᠵᠠᠩ ᠰᠢᠶᠠᠩ ᠸᠧᠢ᠂ ᠤᠰᠤᠨ ᠵᠦᠢ ᠤᠰᠤᠨ᠎ᠤ ᠡᠬᠢ ᠪᠠᠶᠠᠯᠢᠭ᠎ᠢ ᠬᠢᠨᠠᠨ ᠬᠡᠮᠵᠢᠵᠦ ᠤᠷᠢᠳᠴᠢᠯᠠᠨ ᠮᠡᠳᠡᠭᠡᠯᠡᠬᠦ ᠲᠥᠪ᠎ᠤᠨ ᠳᠡᠳ᠋ ᠡᠷᠬᠢᠯᠡᠭᠴᠢ ᠯᠢᠦ ᡁᠢ ᠢᠦᠢ᠎ᠲᠠᠢ ᠬᠠᠮᠲᠤ᠎ᠪᠠᠷ ᠰᠤᠷᠪᠤᠯᠵᠢᠯᠠᠭᠴᠢ ᠵᠢᠨ ᠠᠰᠠᠭᠤᠯᠲᠠ ᠵᠢ ᠬᠠᠷᠢᠭᠤᠯᠵᠤ᠂ ᠤᠰᠤᠨ ᠠᠰᠢᠭᠯᠠᠯᠲᠠ ᠵᠢᠨ ᠶᠠᠮᠤᠨ᠎ᠤ ᠰᠣᠨᠢᠨ ᠮᠡᠳᠡᠭᠡᠨ᠎ᠤ ᠥᠭᠦᠯᠡᠭᠴᠢ᠂ ᠠᠯᠪᠠᠨ ᠲᠢᠩᠬᠢᠮ᠎ᠤᠨ ᠡᠷᠬᠢᠯᠡᠭᠴᠢ ᠭ᠋ᠸᠩ ᠯᠢᠦ ᠴᠧᠩ ᠰᠣᠨᠢᠨ ᠮᠡᠳᠡᠭᠡ ᠨᠡᠢ᠍ᠢ᠍ᠲᠡᠯᠡᠬᠦ ᠬᠤᠷᠠᠯ᠎ᠢ ᠡᠷᠬᠢᠯᠡᠪᠡ᠃

      ᠰᠤᠷᠪᠤᠯᠵᠢᠯᠠᠭ᠎ᠠ ᠵᠢᠨ ᠪᠣᠳᠠᠲᠤ ᠲᠡᠮᠳᠡᠭᠯᠡᠯ
      ᠭᠧᠩ ᠯᠢᠦ ᠴᠧᠩ 2020 — 09 — 24 10: 01: 24
      ᠰᠤᠷᠪᠤᠯᠵᠢᠯᠠᠭᠴᠢ ᠨᠠᠢ᠍ᠢ᠍ᠵᠠ ᠨᠠᠷ ᠡ᠂ ᠦᠳᠡ ᠵᠢᠨ ᠮᠠᠨᠳᠤ ᠳᠡᠪᠰᠢᠭᠦᠯᠦᠶ᠎ᠡ᠂ ᠤᠰᠤᠨ ᠠᠰᠢᠭᠯᠠᠯᠲᠠ ᠵᠢᠨ ᠶᠠᠮᠤᠨ᠎ᠤ ᠦᠶᠡᠷ ᠤᠰᠤᠳᠤᠯ ᠭᠠᠩ ᠬᠠᠭᠰᠠᠷᠠᠭ᠋ᠠᠨ᠎ᠤᠨ ᠭᠠᠮᠰᠢᠭ᠎ᠢ ᠰᠡᠷᠭᠡᠢ᠍ᠢ᠍ᠯᠡᠬᠦ ᠵᠢᠴᠢ ᠭᠠᠮᠰᠢᠭ᠎ᠤᠨ ᠳᠠᠷᠠᠭ᠋ᠠᠬᠢ ᠳᠠᠬᠢᠨ ᠪᠥᠲᠥᠭᠡᠨ ᠪᠠᠢ᠍ᠢ᠍ᠭᠤᠯᠤᠯᠲᠠ ᠵᠢᠨ ᠳᠤᠬᠠᠢ ᠰᠣᠨᠢᠨ ᠮᠡᠳᠡᠭᠡ ᠨᠡᠢ᠍ᠢ᠍ᠲᠡᠯᠡᠬᠦ ᠬᠤᠷᠠᠯ᠎ᠳᠤ ᠣᠷᠣᠯᠴᠠᠬᠰᠠᠨ ᠳᠠ ᠨᠠᠷ᠎ᠢ ᠪᠠᠶᠠᠷᠯᠠᠨ ᠤᠭᠲᠤᠵᠤ ᠪᠠᠢ᠍ᠢ᠍ᠨ᠎ᠠ᠃
      ᠡᠨᠡ ᠵᠢᠯ᠎ᠤᠨ ᠦᠶᠡᠷ᠎ᠤᠨ ᠬᠤᠭᠤᠴᠠᠭ᠋ᠠᠨ᠎ᠳᠤ ᠤᠷᠤᠭᠰᠠᠨ᠎ᠠᠴᠠ ᠨᠠᠭ᠋ᠠᠰᠢ᠂ ᠮᠠᠨ᠎ᠤ ᠤᠯᠤᠰ᠎ᠤᠨ ᠠᠯᠢ ᠤᠯᠠᠨ ᠭᠤᠤᠯ ᠮᠦᠷᠡᠨ᠎ᠤ ᠰᠠᠪᠠ ᠭᠠᠵᠠᠷ᠎ᠲᠤ ᠨᠡᠯᠢᠶᠡᠳ ᠬᠦᠨᠳᠦ ᠨᠣᠴᠢᠲᠠᠢ ᠦᠶᠡᠷ ᠤᠰᠤᠳᠤᠯ᠎ᠤᠨ ᠪᠠᠢ᠍ᠢ᠍ᠳᠠᠯ ᠭᠠᠷᠴᠤ᠂ ᠨᠠᠮ᠎ᠤᠨ ᠲᠥᠪ ᠬᠤᠷᠢᠶ᠎ᠠ᠂ ᠲᠦᠷᠦ ᠵᠢᠨ ᠶᠠᠪᠤᠳᠠᠯ᠎ᠤᠨ ᠬᠣᠷᠢᠶᠠᠨ᠎ᠤ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠤᠰᠤᠨ ᠠᠰᠢᠭᠯᠠᠯᠲᠠ ᠵᠢᠨ ᠶᠠᠮᠤᠨ ᠢᠮᠠᠭᠲᠠ 《ᠠᠷᠠᠳ ᠲᠦᠮᠡᠨ᠎ᠢ ᠳᠡᠭᠡᠳᠦᠯᠡᠵᠦ᠂ ᠠᠮᠢ ᠨᠠᠰᠤ ᠵᠢ ᠳᠡᠭᠡᠳᠦᠯᠡᠬᠦ》ᠵᠢ ᠪᠠᠷᠢᠮᠲᠠᠯᠠᠨ᠂ ᠬᠠᠷᠢᠭᠤᠴᠠᠯᠭ᠎ᠠ ᠡᠭᠦᠷᠭᠡᠯᠡᠨ ᠠᠵᠢᠯ ᠬᠢᠬᠦ᠎ᠪᠠᠨ ᠴᠢᠩᠭ᠋ᠠᠳᠬᠠᠵᠤ᠂ ᠡᠭᠦᠷᠭᠡ ᠬᠠᠷᠢᠭᠤᠴᠠᠯᠭ᠎ᠠ᠎ᠪᠠᠨ ᠨᠠᠷᠢᠨ ᠬᠢᠨᠠᠮᠠᠭ᠋ᠠᠢ ᠭᠦᠢ᠍ᠴᠡᠳᠬᠡᠵᠦ᠂ ᠤᠰᠤᠨ ᠠᠰᠢᠭᠯᠠᠯᠲᠠ ᠵᠢᠨ ᠰᠢᠰᠲ᠋ᠧᠮ᠎ᠢ ᠵᠣᠬᠢᠶᠠᠨ ᠪᠠᠢ᠍ᠢ᠍ᠭᠤᠯᠵᠤ ᠦᠶᠡᠷ ᠤᠰᠤᠳᠤᠯ ᠭᠠᠩ ᠬᠠᠭᠰᠠᠷᠠᠭ᠋ᠠᠨ᠎ᠤ ᠭᠠᠮᠰᠢᠭ᠎ᠢ ᠰᠡᠷᠭᠡᠢ᠍ᠢ᠍ᠯᠡᠬᠦ ᠡᠯ᠎ᠡ ᠵᠦᠢ᠍ᠯ᠎ᠤᠨ ᠠᠵᠢᠯ᠎ᠢ ᠪᠦᠬᠦ ᠬᠦᠴᠦᠨ ᠵᠶ᠋ᠠᠷ ᠵᠶ᠋ᠠᠨ ᠰᠠᠢ᠍ᠢ᠍ᠲᠤᠷ ᠬᠢᠵᠦ᠂ ᠡᠨᠡ ᠵᠢᠯ᠎ᠤᠨ ᠦᠶᠡᠷ ᠤᠰᠤᠳᠤᠯ᠎ᠢ ᠰᠡᠷᠭᠡᠢ᠍ᠢ᠍ᠯᠡᠨ ᠭᠠᠮᠰᠢᠭ᠎ᠠᠴᠠ ᠠᠪᠤᠷᠠᠬᠤ ᠴᠢᠬᠤᠯᠠ ᠶᠡᠬᠡ ᠢᠯᠠᠯᠲᠠ ᠵᠢ ᠲᠡᠮᠡᠴᠡᠨ ᠤᠯᠬᠤ᠎ᠳᠤ ᠬᠦᠴᠦᠲᠡᠢ ᠲᠤᠯᠭ᠋ᠠᠭᠤᠷᠢᠯᠠᠯ ᠪᠠ ᠴᠢᠬᠤᠯᠠ ᠪᠠᠲᠤᠯᠠᠭ᠎ᠠ ᠬᠠᠩᠭ᠋ᠠᠵᠠᠢ᠃
      ᠡᠯ᠎ᠡ ᠵᠠᠭᠤᠴᠢᠯᠠᠭᠤᠷ᠎ᠤᠨ ᠰᠤᠷᠪᠤᠯᠵᠢᠯᠠᠭᠴᠢ ᠨᠠᠢ᠍ᠢ᠍ᠵᠠ ᠨᠠᠷ᠎ᠤᠨ ᠬᠣᠯᠪᠣᠭᠳᠠᠯ ᠪᠦᠬᠦᠢ ᠪᠠᠢ᠍ᠢ᠍ᠳᠠᠯ᠎ᠢ ᠣᠢ᠍ᠢ᠍ᠯᠠᠭ᠋ᠠᠬᠤ᠎ᠳᠤ ᠳᠥᠭᠥᠮ ᠦᠵᠡᠭᠦᠯᠬᠦ ᠵᠢᠨ ᠲᠥᠯᠥᠭᠡ᠂ ᠥᠨᠥᠳᠦᠷ ᠪᠢᠳᠡ ᠡᠨᠳᠡ ᠰᠣᠨᠢᠨ ᠮᠡᠳᠡᠭᠡ ᠨᠡᠢ᠍ᠢ᠍ᠲᠡᠯᠡᠬᠦ ᠬᠤᠷᠠᠯ ᠬᠢᠵᠦ᠂ ᠤᠰᠤᠨ ᠠᠰᠢᠭᠯᠠᠯᠲᠠ ᠵᠢᠨ ᠶᠠᠮᠤᠨ᠎ᠤ ᠳᠡᠳ᠋ ᠰᠠᠢ᠍ᠢ᠍ᠳ ᠶᠧ ᠵᠢᠶᠠᠨ ᠴᠦᠨ᠎ᠢ ᠤᠷᠢᠨ ᠬᠣᠯᠪᠣᠭᠳᠠᠯ ᠪᠦᠬᠦᠢ ᠪᠠᠢ᠍ᠢ᠍ᠳᠠᠯ᠎ᠢ ᠲᠠᠨᠢᠯᠴᠠᠭᠤᠯᠬᠤ ᠪᠥᠭᠡᠳ ᠦᠶᠡᠷ ᠤᠰᠤᠳᠤᠯ ᠭᠠᠩ ᠬᠠᠭᠰᠠᠷᠠᠭ᠋ᠠᠨ᠎ᠤᠨ ᠭᠠᠮᠰᠢᠭ᠎ᠢ ᠰᠡᠷᠭᠡᠢ᠍ᠢ᠍ᠯᠡᠬᠦ ᠵᠤᠷᠭ᠋ᠠᠨ᠎ᠤ ᠳᠠᠷᠤᠭ᠎ᠠ ᠲᠢᠶᠠᠨ ᠢ ᠲᠠᠩ᠂ ᠲᠥᠯᠥᠪᠵᠢᠭᠦᠯᠭᠡ ᠲᠥᠯᠥᠪᠯᠡᠭᠡ ᠵᠢᠨ ᠵᠤᠷᠭ᠋ᠠᠨ᠎ᠤ ᠳᠡᠳ᠋ ᠳᠠᠷᠤᠭ᠎ᠠ ᠵᠠᠩ ᠰᠢᠶᠠᠩ ᠸᠧᠶ᠂ ᠤᠰᠤᠨ ᠵᠦᠢ ᠤᠰᠤᠨ᠎ᠤ ᠡᠬᠢ ᠪᠠᠶᠠᠯᠢᠭ᠎ᠢ ᠬᠢᠨᠠᠨ ᠬᠡᠮᠵᠢᠵᠦ ᠤᠷᠢᠳᠴᠢᠯᠠᠨ ᠮᠡᠳᠡᠭᠡᠯᠡᠬᠦ ᠲᠥᠪ᠎ᠤᠨ ᠳᠡᠳ᠋ ᠡᠷᠬᠢᠯᠡᠭᠴᠢ ᠯᠢᠦ ᡁᠢ ᠢᠦᠢ᠎ᠲᠠᠢ ᠬᠠᠮᠲᠤ᠎ᠪᠠᠷ ᠣᠯᠠᠨ᠎ᠤ ᠠᠩᠬᠠᠷᠴᠤ ᠪᠠᠢ᠍ᠢ᠍ᠭ᠎ᠠ ᠠᠰᠠᠭᠤᠯᠲᠠ ᠵᠢ ᠬᠠᠷᠢᠭᠤᠯᠤᠨ᠎ᠠ᠃
      ᠳᠣᠣᠷ᠎ᠠ ᠡᠩ ᠲᠡᠷᠢᠭᠦᠨ᠎ᠳᠤ ᠳᠡᠳ᠋ ᠰᠠᠢ᠍ᠢ᠍ᠳ ᠶᠧ ᠵᠢᠶᠠᠨ ᠴᠦᠨ᠎ᠢ ᠤᠷᠢᠨ ᠲᠠᠨᠢᠯᠴᠠᠭᠤᠯᠭ᠎ᠠ ᠬᠢᠶ᠎ᠠ᠃
      ᠶᠧ ᠵᠢᠶᠠᠨ ᠴᠦᠨ 2020 — 09 — 24 10᠄ 04᠄ 08
      ᠵᠠᠭᠤᠴᠢᠯᠠᠭᠤᠷ᠎ᠤᠨ ᠨᠠᠢ᠍ᠢ᠍ᠵᠠ ᠨᠠᠷ ᠡ᠂ ᠠᠪᠠᠬᠠᠢ ᠨᠠᠷ ᠠᠪᠤᠭ᠋ᠠᠢ ᠨᠠᠷ ᠡ᠂ ᠦᠳᠡ ᠵᠢᠨ ᠡᠮᠦᠨ᠎ᠡ ᠵᠢᠨ ᠮᠡᠨᠳᠤ ᠳᠡᠪᠰᠢᠭᠦᠯᠦᠶ᠎ᠡ!
      ᠲᠠ ᠪᠦᠬᠦᠨ᠎ᠤ ᠤᠰᠤᠨ ᠠᠰᠢᠭᠯᠠᠯᠲᠠ ᠵᠢᠨ ᠠᠵᠢᠯ᠎ᠢ ᠬᠠᠯᠠᠮᠵᠢᠯᠠᠨ ᠳᠡᠮᠵᠢᠭᠰᠡᠨ᠎ᠳᠤ ᠲᠠᠯᠠᠷᠬᠠᠵᠤ ᠪᠠᠢ᠍ᠢ᠍ᠨ᠎ᠠ! ᠲᠠ ᠪᠦᠬᠦᠨ᠎ᠤ ᠥᠨᠥᠳᠦᠷ᠎ᠤᠨ ᠰᠣᠨᠢᠨ ᠮᠡᠳᠡᠭᠡ ᠨᠡᠢ᠍ᠢ᠍ᠲᠡᠯᠡᠬᠦ ᠬᠤᠷᠠᠯ᠎ᠳᠤ ᠣᠷᠣᠯᠴᠠᠬᠤ ᠵᠢ ᠪᠠᠶᠠᠷᠯᠠᠨ ᠤᠭᠲᠤᠵᠤ ᠪᠠᠢ᠍ᠢ᠍ᠨ᠎ᠠ᠂ ᠳᠣᠣᠷ᠎ᠠ ᠪᠢ ᠡᠨᠡ ᠵᠢᠯ᠎ᠤᠨ ᠦᠶᠡᠷ ᠤᠰᠤᠳᠤᠯ ᠭᠠᠩ ᠬᠠᠭᠰᠠᠷᠠᠭ᠋ᠠᠨ᠎ᠤ ᠭᠠᠮᠰᠢᠭ᠎ᠢ ᠰᠡᠷᠭᠡᠢ᠍ᠢ᠍ᠯᠡᠬᠦ ᠪᠠ ᠤᠰᠤᠨ ᠠᠰᠢᠭᠯᠠᠯᠲᠠ ᠵᠢᠨ ᠭᠠᠮᠰᠢᠭ᠎ᠤᠨ ᠳᠠᠷᠠᠭ᠋ᠠᠬᠢ ᠲᠠᠬᠢᠨ ᠪᠦᠳᠦᠭᠡᠨ ᠪᠠᠢ᠍ᠢ᠍ᠭᠤᠯᠤᠯᠲᠠ ᠵᠢᠨ ᠬᠣᠯᠪᠣᠭᠳᠠᠯ ᠪᠦᠬᠦᠢ ᠪᠠᠢ᠍ᠢ᠍ᠳᠠᠯ᠎ᠢ ᠳᠥᠭᠥᠮᠬᠡᠨ ᠲᠠᠨᠢᠯᠴᠠᠭᠤᠯᠤᠶ᠎ᠠ᠃
      ᠡᠨᠡ ᠵᠢᠯ ᠮᠠᠨ᠎ᠤ ᠤᠯᠤᠰ᠎ᠲᠤ 1998 ᠣᠨ᠎ᠠᠴᠠ ᠨᠠᠭ᠋ᠠᠰᠢᠬᠢ ᠬᠠᠮᠤᠭ᠎ᠤᠨ ᠬᠦᠨᠳᠦ ᠨᠣᠴᠢᠲᠠᠶ ᠦᠶᠡᠷ ᠤᠰᠤᠳᠤᠯ᠎ᠤᠨ ᠪᠠᠢ᠍ᠢ᠍ᠳᠠᠯ ᠭᠠᠷᠴᠠᠶ᠂ ᠡᠭᠦᠨ᠎ᠳᠤ ᠭᠣᠣᠯᠳᠠᠭᠤ ᠭᠤᠷᠪᠠᠨ ᠳᠠᠯ᠎ᠠ ᠵᠢᠨ ᠣᠨᠴᠠᠯᠢᠭ ᠢᠯᠡᠷᠡᠵᠡᠢ᠄
      ᠨᠢᠭᠡ᠎ᠳᠤ ᠪᠣᠷᠣᠭ᠋ᠠᠨ᠎ᠤ ᠶᠡᠷᠦᠩᠬᠡᠶ ᠬᠡᠮᠵᠢᠶ᠎ᠡ ᠪᠠᠬᠠᠨ ᠨᠡᠮᠡᠭᠳᠡᠵᠤ᠂ ᠴᠠᠭ ᠬᠤᠭᠤᠴᠠᠭ᠎ᠠ ᠪᠠ ᠣᠷᠣᠨ ᠵᠠᠶ ᠲᠥᠪᠯᠡᠷᠡᠵᠦ ᠪᠠᠢ᠍ᠢ᠍ᠨ᠎ᠠ᠃ 6 ᠰᠠᠷ᠎ᠠ᠎ᠠᠴᠠ ᠨᠠᠭ᠋ᠠᠰᠢ᠂ ᠪᠦᠬᠦ ᠤᠯᠤᠰ᠎ᠤᠨ ᠳᠤᠮᠳᠠᠴᠢ ᠪᠣᠷᠣᠭ᠋ᠠᠨ᠎ᠤ ᠬᠡᠮᠵᠢᠶ᠎ᠡ 438 ᠮᠢᠯᠢᠮᠧᠲᠷ ᠪᠠᠢ᠍ᠢ᠍ᠵᠤ᠂ ᠡᠩ᠎ᠤᠨ ᠵᠢᠯ᠎ᠤᠨ᠎ᠬᠢ᠎ᠠᠴᠠ 18%᠎ᠪᠠᠷ ᠢᠯᠡᠭᠦᠦ ᠪᠣᠯᠵᠤ᠂ 1961 ᠣᠨ᠎ᠠᠴᠠ ᠨᠠᠭ᠋ᠠᠰᠢᠬᠢ ᠬᠠᠮᠤᠭ ᠠᠷᠪᠢᠨ ᠪᠣᠯᠵᠠᠶ᠃ ᠬᠥᠬᠡᠮᠥ᠋ᠷᠡᠨ᠎ᠤ ᠳᠤᠮᠳᠠᠳᠤ ᠳᠣᠤᠷᠠᠳᠤ ᠤᠷᠤᠰᠬᠠᠯ᠎ᠤᠨ 6 ᠰᠠᠷ᠎ᠠ ᠵᠢᠨ ᠳᠤᠮᠳᠠᠴᠢ᠎ᠠᠴᠠ 7 ᠰᠠᠷ᠎ᠠ ᠵᠢᠨ ᠬᠣᠭᠣᠷᠣᠨᠳᠣᠬᠢ ᠪᠣᠷᠣᠭ᠋ᠠᠨ᠎ᠤ ᠬᠡᠮᠵᠢᠶ᠎ᠡ 576 ᠮᠢᠯᠢᠮᠧᠲᠷ ᠪᠠᠢ᠍ᠢ᠍ᠵᠤ᠂ ᠬᠥᠬᠡᠮᠥ᠋ᠷᠡᠨ᠎ᠤ ᠳᠡᠭᠡᠳᠦ ᠤᠷᠤᠰᠬᠠᠯ᠎ᠤᠨ 8 ᠰᠠᠷ᠎ᠠ ᠵᠢᠨ ᠳᠤᠮᠳᠠᠴᠢ ᠰᠠᠭᠦᠯᠴᠢ᠎ᠪᠠᠷ ᠪᠣᠷᠣᠭ᠋ᠠᠨ᠎ᠤ ᠬᠡᠮᠵᠢᠶ᠎ᠡ 238 ᠮᠢᠯᠢᠮᠧᠲᠷ᠎ᠲᠤ ᠬᠦᠷᠴᠦ᠂ ᠴᠥᠮ ᠡᠩ᠎ᠤᠨ ᠵᠢᠯ᠎ᠤᠨ᠎ᠬᠢ᠎ᠠᠴᠠ ᠪᠠᠷᠤᠭ 1 ᠳᠠᠬᠢᠨ ᠢᠯᠡᠭᠦᠤ ᠪᠠᠢ᠍ᠢ᠍ᠳᠠᠭ; ᠬᠤᠸᠠᠢ᠍ᠢ᠍ᠾᠧ ᠭᠣᠣᠯ᠎ᠤᠨ 7 ᠰᠠᠷ᠎ᠠ ᠵᠢᠨ ᠳᠤᠮᠳᠠᠴᠢ ᠰᠠᠭᠦᠯᠴᠢ᠎ᠪᠠᠷ ᠪᠣᠷᠣᠭ᠋ᠠᠨ᠎ᠤ ᠬᠡᠮᠵᠢᠶ᠎ᠡ 251 ᠮᠢᠯᠢᠮᠧᠲᠷ ᠪᠠᠢ᠍ᠢ᠍ᠵᠤ᠂ ᠡᠩ᠎ᠤᠨ ᠵᠢᠯ᠎ᠤᠨ᠎ᠬᠢ᠎ᠠᠴᠠ ᠪᠠᠷᠤᠭ 1 ᠳᠠᠬᠢᠨ ᠢᠯᠡᠭᠦᠦ ᠪᠠᠢ᠍ᠢ᠍ᠳᠠᠭ ᡽᠎ᠲᠠᠢ ᠬᠤ ᠨᠠᠭᠤᠷ᠎ᠤᠨ ᠬᠦᠢ᠍ᠯᠡᠰᠦᠨ ᠪᠣᠷᠣᠭ᠋ᠠᠨ᠎ᠤ ᠬᠡᠮᠵᠢᠶ᠎ᠡ 584 ᠮᠢᠯᠢᠮᠧᠲᠷ ᠪᠠᠢ᠍ᠢ᠍ᠵᠤ᠂ ᠡᠩ᠎ᠤᠨ ᠵᠢᠯ᠎ᠤᠨ᠎ᠬᠢ᠎ᠠᠴᠠ 1.4 ᠳᠠᠬᠢᠨ ᠢᠯᠡᠭᠦᠤ ᠪᠠᠢ᠍ᠢ᠍ᠳᠠᠭ; ᠰᠤᠩᠭ᠋ᠠᠷᠢ ᠮᠥᠷᠡᠨ᠎ᠤ 8 ᠰᠠᠷ᠎ᠠ ᠵᠢᠨ ᠰᠡᠭᠦᠯᠴᠢ᠎ᠠᠴᠠ 9 ᠰᠠᠷ᠎ᠠ ᠵᠢᠨ ᠡᠬᠢ ᠪᠣᠯᠲᠠᠯᠠᠬᠢ ᠪᠣᠷᠣᠭ᠋ᠠᠨ᠎ᠤ ᠬᠡᠮᠵᠢᠶ᠎ᠡ᠎ᠨᠢ 202 ᠮᠢᠯᠢᠮᠧᠲᠷ ᠪᠠᠢ᠍ᠢ᠍ᠵᠤ᠂ ᠡᠩ᠎ᠤᠨ ᠵᠢᠯ᠎ᠤᠨ᠎ᠬᠢ᠎ᠠᠴᠠ ᠪᠠᠷᠤᠭ 3 ᠳᠠᠬᠢᠨ ᠢᠯᠡᠭᠦᠦ ᠪᠠᠢ᠍ᠢ᠍ᠳᠠᠭ᠃
      ᠬᠣᠶᠠᠷ᠎ᠲᠤ ᠶᠡᠬᠡ ᠭᠣᠣᠯ ᠮᠥᠷᠡᠨ᠎ᠤ ᠦᠶᠡᠷ ᠤᠰᠤᠳᠤᠯ᠎ᠤᠨ ᠪᠠᠢ᠍ᠢ᠍ᠳᠠᠯ ᠤᠯᠠᠨᠳᠠ ᠡᠭᠦᠰᠴᠦ᠂ ᠬᠡᠮᠵᠢᠶ᠎ᠡ ᠵᠢᠨ ᠲᠡᠰ᠎ᠨᠢ ᠶᠡᠬᠡ ᠪᠠᠢ᠍ᠢ᠍ᠯ᠎ᠠ᠃ ᠬᠥᠬᠡᠮᠥ᠋ᠷᠡᠨ᠂ ᠬᠠᠲᠤᠨ ᠭᠣᠤᠯ ᠵᠡᠷᠭᠡ ᠭᠣᠤᠯ ᠪᠣᠯᠬᠤ ᠭᠣᠤᠯ ᠮᠥᠷᠡᠨ᠎ᠳᠤ ᠨᠡᠢ᠍ᠢ᠍ᠲᠡ 21 ᠤᠳᠠᠭ᠎ᠠ ᠵᠢᠨ ᠳ᠋ᠤᠭ᠋ᠠᠷᠯᠠᠭᠰᠠᠨ ᠦᠶᠡᠷ ᠤᠰᠤᠳᠤᠯ᠎ᠤᠨ ᠪᠠᠢ᠍ᠢ᠍ᠳᠠᠯ ᠡᠭᠦᠰᠴᠦ᠂ ᠳᠤᠭ᠎ᠠ ᠬᠡᠮᠵᠢᠶ᠎ᠡ᠎ᠨᠢ 1998 ᠣᠨ᠎ᠠᠴᠠ ᠳᠠᠪᠠᠵᠤ᠂ ᠣᠢ᠍ᠢ᠍ᠷ᠎ᠠ ᠵᠢᠨ 23 ᠵᠢᠯ᠎ᠠᠴᠠ ᠨᠠᠭ᠋ᠠᠰᠢᠬᠢ ᠬᠠᠮᠤᠭ᠎ᠤᠨ ᠣᠯᠠᠨ ᠤᠳᠠᠭ᠎ᠠ ᠦᠶᠡᠷ ᠤᠰᠤᠳᠤᠯ᠎ᠤᠨ ᠪᠠᠢ᠍ᠢ᠍ᠳᠠᠯ ᠡᠭᠦᠰᠦᠭᠰᠡᠨ ᠪᠠᠢ᠍ᠢ᠍ᠨ᠎ᠠ᠃ ᠬᠥᠬᠡᠮᠥ᠋ᠷᠡᠨ᠎ᠳᠤ ᠰᠠᠪᠠ ᠭᠠᠵᠠᠷ᠎ᠤᠨ ᠴᠢᠨᠠᠷᠲᠠᠶ ᠶᠡᠬᠡ᠎ᠪᠠᠷ ᠦᠶᠡᠷᠯᠡᠵᠤ᠂ ᠡᠭᠦᠨ᠎ᠤ ᠳᠣᠲᠣᠷ᠎ᠠ ᠳᠡᠭᠡᠳᠦ ᠤᠷᠤᠰᠬᠠᠯ᠎ᠳᠤ ᠣᠨᠴᠠ ᠶᠡᠬᠡ᠎ᠪᠠᠷ ᠦᠶᠡᠷᠯᠡᠵᠤ᠂ ᠭᠤᠷᠪᠠᠨ ᠬᠠᠪᠴᠢᠯ᠎ᠤᠨ ᠤᠰᠤᠨ ᠴᠥᠭᠥᠷᠥᠮ᠎ᠳᠤ ᠤᠰᠤᠨ ᠴᠦᠭᠦᠷᠦᠮ ᠪᠠᠢ᠍ᠢ᠍ᠭᠤᠯᠤᠭᠳᠠᠭᠰᠠᠨ᠎ᠠᠴᠠ ᠨᠠᠭ᠋ᠠᠰᠢᠬᠢ ᠤᠰᠤᠨ ᠴᠦᠭᠦᠷᠦᠮ᠎ᠳᠤ ᠣᠷᠣᠭᠤᠯᠤᠭᠰᠠᠨ ᠬᠠᠮᠤᠭ᠎ᠤᠨ ᠶᠡᠬᠡ ᠤᠷᠤᠰᠬᠠᠯ᠎ᠤᠨ ᠬᠡᠮᠵᠢᠶ᠎ᠡ᠎ᠨᠢ ᠰᠧᠺᠦ᠋ᠨ᠋ᠳ᠋ ᠪᠦᠷᠢ᠎ᠳᠤ 75000 ᠪᠣᠰᠣᠭ᠎ᠠ ᠳᠥᠷᠪᠡᠯᠵᠢᠨ ᠮᠧᠲᠷ᠎ᠲᠤ ᠬᠦᠷᠴᠡᠶ;᠎ᠲᠠᠢ ᠬᠤ ᠨᠠᠭᠤᠷ᠎ᠲᠤ ᠲᠡᠤᠬᠡ ᠵᠢᠨ ᠭᠤᠷᠪᠡᠳᠠᠬᠢ ᠤᠳᠠᠭ᠎ᠠ ᠵᠢᠨ ᠥᠨᠳᠥᠷ ᠤᠰᠤᠨ ᠲᠦᠪᠰᠢᠨ᠎ᠤ ᠰᠠᠪᠠ ᠭᠠᠵᠠᠷ᠎ᠤᠨ ᠴᠢᠨᠠᠷᠲᠠᠶ ᠶᠡᠬᠡ᠎ᠪᠠᠷ ᠦᠶᠡᠷᠯᠡᠵᠡᠢ; ᠬᠤᠸᠠᠢ᠍ᠢ᠍ᠾᠧ ᠭᠣᠣᠯ᠂ ᠰᠤᠩᠭ᠋ᠠᠷᠢ ᠮᠥᠷᠡᠨ᠎ᠳᠤ ᠪᠦᠷ ᠰᠠᠪᠠ ᠭᠠᠵᠠᠷ᠎ᠤᠨ ᠴᠢᠨᠠᠷᠲᠠᠶ ᠨᠡᠯᠢᠶᠡᠳ ᠶᠡᠬᠡ᠎ᠪᠠᠷ ᠦᠶᠡᠷᠯᠡᠵᠡᠢ᠃
      ᠭᠤᠷᠪᠠ᠎ᠳᠤ ᠰᠡᠷᠡᠮᠵᠢ ᠵᠢᠨ ᠬᠡᠮᠵᠢᠶ᠎ᠡ᠎ᠠᠴᠠ ᠳᠠᠪᠠᠭᠰᠠᠨ ᠭᠣᠤᠯ ᠮᠥᠷᠡᠨ᠎ᠤ ᠲᠣᠭ᠎ᠠ ᠬᠡᠮᠵᠢᠶ᠎ᠡ᠎ᠨᠢ ᠣᠯᠠᠨ᠂ ᠴᠠᠭ᠎ᠨᠢ ᠣᠷᠳᠣ ᠪᠠᠢ᠍ᠢ᠍ᠳᠠᠭ᠃ ᠪᠥᠬᠥ ᠤᠯᠤᠰ᠎ᠤᠨ ᠲᠤᠯᠤᠭ᠋ᠠᠨ ᠶᠡᠬᠡ ᠰᠠᠪᠠ ᠭᠠᠵᠠᠷ᠎ᠤᠨ 26 ᠮᠤᠵᠢ ᠣᠷᠣᠨ᠎ᠤ 827 ᠭᠣᠤᠯ ᠮᠥᠷᠡᠨ᠎ᠳᠤ ᠰᠡᠷᠡᠮᠵᠢ ᠵᠢᠨ ᠬᠡᠮᠵᠢᠶ᠎ᠡ᠎ᠠᠴᠠ ᠳᠠᠪᠠᠭᠰᠠᠨ ᠦᠶᠡᠷ ᠤᠰᠤᠳᠤᠯ᠎ᠤᠨ ᠪᠠᠢ᠍ᠢ᠍ᠳᠠᠯ ᠡᠭᠦᠰᠴᠦ᠂ ᠡᠩ᠎ᠤᠨ ᠵᠢᠯ᠎ᠤᠨ᠎ᠬᠢ᠎ᠠᠴᠠ 8 ᠬᠤᠪᠢ ᠢᠯᠡᠭᠦᠤ ᠪᠣᠯᠵᠣ᠂ 1998 ᠣᠨ᠎ᠠᠴᠠ ᠨᠠᠭ᠋ᠠᠰᠢᠬᠢ ᠬᠠᠮᠤᠭ᠎ᠤᠨ ᠠᠷᠪᠢᠨ ᠪᠣᠯᠵᠠᠶ᠂ ᠡᠭᠦᠨ᠎ᠳᠤ 266 ᠵᠤᠷᠪᠤᠰ᠎ᠨᠢ ᠪᠠᠲᠤᠯᠠᠭ᠎ᠠ᠎ᠠᠴᠠ ᠳᠠᠪᠠᠵᠤ᠂ 77 ᠵᠤᠷᠪᠤᠰ᠎ᠨᠢ ᠲᠡᠤᠬᠡ ᠵᠢᠨ ᠬᠡᠮᠵᠢᠶ᠎ᠡ᠎ᠠᠴᠠ ᠳᠠᠪᠠᠭᠰᠠᠨ ᠪᠠᠢ᠍ᠢ᠍ᠨ᠎ᠠ᠃ ᠬᠥᠬᠡᠮᠥ᠋ᠷᠡᠨ᠎ᠤ ᠭᠣᠣᠯ ᠤᠷᠤᠰᠬᠠᠯ ᠵᠢᠴᠢ ᠬᠣᠶᠠᠷ ᠨᠠᠭᠤᠷ 26 — 67 ᠡᠳᠦᠷ ᠰᠡᠷᠡᠮᠵᠢ ᠵᠢᠨ ᠬᠡᠮᠵᠢᠶ᠎ᠡ᠎ᠠᠴᠠ ᠳᠠᠪᠠᠵᠤ᠂᠎ᠲᠠᠢ ᠬᠤ᠌ ᠨᠠᠭᠤᠷ 48 ᠡᠳᠦᠷ ᠰᠡᠷᠡᠮᠵᠢ ᠵᠢᠨ ᠬᠡᠮᠵᠢᠶ᠎ᠡ᠎ᠠᠴᠠ ᠳᠠᠪᠠᠵᠤ᠂ ᠠᠨᠾᠦ᠋ᠢ ᠵᠢᠨ ᠴᠤᠤ ᠬᠤ᠌ ᠨᠠᠭᠤᠷ 78 ᠡᠳᠦᠷ ᠰᠡᠷᠡᠮᠵᠢ ᠵᠢᠨ ᠬᠡᠮᠵᠢᠶ᠎ᠡ᠎ᠠᠴᠠ ᠳᠠᠪᠠᠵᠤ᠂ ᠲᠡᠦᠬᠡ ᠵᠢᠨ   ᠬᠡᠮᠵᠢᠶ᠎ᠡ᠎ᠠᠴᠠ 16 ᠡᠳᠦᠷ ᠳᠠᠪᠠᠭᠰᠠᠨ ᠪᠠᠢ᠍ᠢ᠍ᠨ᠎ᠠ᠃ ᠰᠤᠩᠭ᠋ᠠᠷᠢ ᠮᠥᠷᠡᠨ᠎ᠤ ᠭᠣᠤᠯ ᠤᠷᠤᠰᠬᠠᠯ 8 — 18 ᠡᠳᠦᠷ ᠰᠡᠷᠡᠮᠵᠢ ᠵᠢᠨ ᠬᠡᠮᠵᠢᠶ᠎ᠡ᠎ᠠᠴᠠ ᠳᠠᠪᠠᠵᠣ᠂ ᠣᠲᠣ ᠪᠠᠰᠠ ᠰᠡᠷᠡᠮᠵᠢ ᠵᠢᠨ ᠬᠡᠮᠵᠢᠶ᠎ᠡ᠎ᠠᠴᠠ ᠳᠠᠪᠠᠵᠤ ᠪᠠᠢ᠍ᠢ᠍ᠨ᠎ᠠ᠂ ᠵᠢᠱ᠌ᠢᠯᠲᠡ᠎ᠪᠠᠷ 10 ᠰᠠᠷ᠎ᠠ ᠵᠢᠨ ᠳᠤᠮᠳᠠᠴᠢ ᠪᠣᠯᠬᠤ᠎ᠳᠤ ᠰᠡᠷᠡᠮᠵᠢ ᠵᠢᠨ ᠬᠡᠮᠵᠢᠶ᠎ᠡ᠎ᠠᠴᠠ ᠳᠣᠤᠷ᠎ᠠ ᠪᠤᠯᠵᠠᠢ᠃
      ᠬᠦᠨᠳᠦ ᠨᠣᠴᠢᠲᠠᠶ ᠦᠶᠡᠷ ᠤᠰᠤᠳᠤᠯ᠎ᠤᠨ ᠪᠠᠢ᠍ᠢ᠍ᠳᠠᠯ᠎ᠤᠨ ᠡᠮᠦᠨ᠎ᠡ᠂ ᠤᠰᠤᠨ ᠠᠰᠢᠭᠯᠠᠯᠲᠠ ᠵᠢᠨ ᠶᠠᠮᠤᠨ ᠶᠡᠷᠦᠩᠬᠡᠶ ᠱᠦᠵᠢ ᠰᠢ ᠵᠢᠨ ᠫᠢᠩ᠎ᠤᠨ ᠦᠶᠡᠷ ᠤᠰᠤᠳᠤᠯ᠎ᠢ ᠰᠡᠷᠭᠡᠢ᠍ᠢ᠍ᠯᠡᠨ ᠭᠠᠮᠰᠢᠭ᠎ᠠᠴᠠ ᠠᠪᠤᠷᠠᠬᠤ ᠠᠵᠢᠯ᠎ᠤᠨ ᠲᠤᠬᠠᠶ ᠴᠢᠬᠤᠯᠠ ᠵᠢᠭ᠋ᠠᠪᠤᠷᠢ ᠪᠣᠯᠤᠨ ᠶᠡᠷᠦᠩᠬᠡᠶ ᠰᠠᠢ᠍ᠢ᠍ᠳ ᠯᠢ ᠺᠸ ᠴᠢᠶᠠᠩ᠎ᠤᠨ ᠴᠢᠬᠤᠯᠠ ᠴᠣᠬᠣᠯᠠᠪᠤᠷᠢ ᠵᠢᠨ ᠵᠣᠷᠢᠭ ᠰᠠᠨᠠᠭ᠎ᠠ ᠵᠢ ᠨᠠᠷᠢᠨ ᠬᠢᠨᠠᠮᠠᠭ᠋ᠠᠶ ᠲᠤᠭᠤᠰᠢᠯᠠᠭᠤᠯᠤᠨ ᠨᠠᠢ᠍ᠢ᠍ᠳᠠᠪᠤᠷᠢᠵᠢᠭᠤᠯᠵᠤ᠂ ᠨᠠᠮ᠎ᠤᠨ ᠲᠥᠪ ᠬᠤᠷᠢᠶ᠎ᠠ᠂ ᠲᠥᠷᠥ ᠵᠢᠨ ᠶᠠᠪᠤᠳᠠᠯ᠎ᠤᠨ ᠬᠣᠷᠢᠶᠠᠨ᠎ᠤ ᠰᠢᠢ᠍ᠳᠪᠦᠷᠢᠲᠦ ᠪᠣᠳᠣᠯᠭ᠎ᠠ ᠪᠠᠢ᠍ᠢ᠍ᠷᠢᠯᠠᠭᠤᠯᠤᠯᠲᠠ ᠶᠣᠰᠣᠭ᠋ᠠᠷ᠂ 《ᠬᠣᠶᠠᠷ᠎ᠢ ᠪᠠᠷᠢᠮᠲᠠᠯᠠᠵᠤ᠂ ᠭᠤᠷᠪᠠ ᠵᠢ ᠬᠤᠪᠢᠷᠠᠭᠤᠯᠬᠤ》 ᠭᠠᠮᠰᠢᠭ᠎ᠢ ᠰᠡᠷᠭᠡᠢ᠍ᠢ᠍ᠯᠡᠬᠦ ᠭᠠᠮᠰᠢᠭ᠎ᠢ ᠪᠠᠭ᠋ᠠᠰᠬᠠᠬᠤ ᠭᠠᠮᠰᠢᠭ᠎ᠠᠴᠠ ᠠᠪᠤᠷᠠᠬᠤ ᠣᠢ᠍ᠢ᠍ᠯᠠᠭ᠋ᠠᠭᠳᠠᠬᠤᠨ᠎ᠢ ᠢᠳᠡᠪᠬᠢᠲᠡᠶ ᠦᠢ᠍ᠯᠡᠳᠦᠯᠭᠡᠵᠢᠭᠦᠯᠵᠦ᠂ ᠠᠷᠠᠳ ᠲᠦᠮᠡᠨ᠎ᠢ ᠳᠡᠭᠡᠳᠦᠯᠡᠬᠦ᠂ ᠠᠮᠢ ᠨᠠᠰᠤ ᠵᠢ ᠳᠡᠭᠡᠳᠦᠯᠡᠬᠦ ᠵᠢ ᠪᠠᠷᠢᠮᠲᠠᠯᠠᠵᠤ᠂ 《ᠰᠡᠷᠭᠡᠢ᠍ᠢ᠍ᠯᠡᠬᠦ》᠎ᠪᠠᠷ ᠭᠣᠣᠯ ᠪᠣᠯᠭ᠋ᠠᠬᠤ ᠵᠢ ᠪᠠᠷᠢᠮᠲᠠᠯᠠᠵᠤ᠂ ᠦᠶᠡᠷ᠎ᠢ ᠰᠡᠷᠭᠡᠢ᠍ᠢ᠍ᠯᠡᠨ ᠭᠠᠩ᠎ᠲᠠᠢ ᠲᠡᠮᠡᠴᠡᠬᠦ ᠶᠠᠪᠤᠳᠠᠯ᠎ᠢ ᠢᠮᠠᠭᠲᠠ ᠵᠠᠢ᠍ᠢ᠍ᠯᠠᠭᠤᠯᠵᠤ ᠪᠣᠯᠤᠰᠢ ᠦᠭᠡᠶ ᠡᠭᠦᠷᠭᠡ ᠬᠠᠷᠢᠭᠤᠴᠠᠯᠭ᠎ᠠ᠎ᠪᠠᠨ ᠪᠣᠯᠭ᠋ᠠᠵᠤ᠂ ᠬᠢᠨᠠᠨ ᠬᠡᠮᠵᠢᠬᠦ ᠤᠷᠢᠳᠴᠢᠯᠠᠨ ᠮᠡᠳᠡᠭᠡᠯᠡᠬᠦ ᠤᠷᠢᠳᠴᠢᠯᠠᠨ ᠰᠡᠷᠡᠮᠵᠢᠯᠡᠭᠦᠯᠬᠦ᠂ ᠤᠰᠤᠨ᠎ᠤ ᠢᠨᠵᠧᠨᠧᠷᠢᠩ᠎ᠤᠨ ᠲᠣᠬᠢᠷᠠᠭᠤᠯᠤᠯᠲᠠ᠂ ᠠᠶᠤᠯ᠎ᠠᠴᠠ ᠠᠪᠤᠷᠠᠬᠤ ᠮᠡᠷᠭᠡᠵᠢᠯ᠎ᠤᠨ ᠲᠤᠯᠭ᠋ᠠᠭᠤᠷᠢᠯᠠᠯ ᠵᠡᠷᠭᠡ ᠭᠤᠷᠪᠠᠨ ᠵᠦᠢ᠍ᠯ᠎ᠤᠨ ᠡᠭᠦᠷᠭᠡ ᠴᠢᠳᠠᠪᠤᠷᠢ᠎ᠳᠤ ᠰᠠᠭᠤᠷᠢᠯᠠᠨ᠂ ᠪᠠᠷᠢᠮᠵᠢᠶ᠎ᠠ᠎ᠠᠴᠠ ᠬᠡᠲᠦᠷᠡᠭᠰᠡᠨ ᠦᠶᠡᠷ᠂ ᠤᠰᠤᠨ ᠴᠥᠭᠥᠷᠥᠮ᠎ᠤᠨ ᠡᠨᠳᠡᠯ᠂ ᠠᠭᠤᠯᠠᠨ ᠦᠶᠡᠷ᠎ᠤᠨ ᠭᠠᠮᠰᠢᠭ ᠵᠡᠷᠭᠡ 《ᠭᠤᠷᠪᠠᠨ ᠶᠡᠬᠡ ᠠᠶᠤᠯ ᠲᠦᠭᠰᠢᠭᠦᠷᠢ》 ᠵᠢ ᠰᠡᠷᠭᠡᠢ᠍ᠢ᠍ᠯᠡᠬᠦ᠎ᠳᠤ ᠠᠩᠬᠠᠷᠤᠯ ᠵᠶ᠋ᠠᠨ ᠲᠥᠪᠯᠡᠷᠡᠭᠦᠯᠵᠦ᠂ 《ᠪᠠᠷᠢᠮᠵᠢᠶ᠎ᠠ᠎ᠠᠴᠠ ᠬᠡᠲᠦᠷᠡᠭᠰᠡᠨ ᠦᠶᠡᠷ᠎ᠲᠤ ᠡᠮᠬᠢ ᠵᠢᠷᠤᠮ ᠥᠬᠡᠶ ᠳᠠᠢ᠍ᠢ᠍ᠨ ᠬᠢᠬᠦ ᠥᠬᠡᠶ᠂ ᠪᠠᠷᠢᠮᠵᠢᠶ᠎ᠠ ᠵᠢᠨ ᠳᠣᠲᠣᠷ᠎ᠠ ᠦᠶᠡᠷ᠎ᠲᠤ ᠰᠠᠨᠠᠭ᠋ᠠᠨ᠎ᠳᠤ ᠥᠬᠡᠶ ᠬᠡᠷᠡᠭ ᠭᠠᠷᠬᠤ ᠥᠬᠡᠶ᠂ ᠤᠰᠤᠨ ᠴᠥᠭᠥᠷᠥᠮ᠎ᠤᠨ ᠠᠵᠢᠯ᠎ᠨᠢ ᠬᠦᠷᠦᠯᠴᠡᠬᠦ ᠥᠬᠡᠶ᠎ᠠᠴᠠ ᠪᠣᠯᠵᠣ ᠬᠠᠰᠢᠯᠭ᠎ᠠ ᠵᠢ ᠨᠤᠷᠠᠭ᠋ᠠᠵᠤ ᠡᠨᠳᠡᠯ ᠭᠠᠷᠭ᠋ᠠᠬᠤ ᠥᠬᠡᠶ᠂ ᠠᠭᠤᠯᠠᠨ ᠦᠶᠡᠷ᠎ᠤᠨ ᠭᠠᠮᠰᠢᠭ᠎ᠲᠤ ᠣᠯᠠᠨ ᠬᠥᠮᠦᠨ ᠥᠭᠦᠵᠦ ᠣᠯᠠᠨ ᠬᠥᠮᠦᠨ ᠰᠢᠷᠬᠠᠲᠤᠬᠤ ᠥᠬᠡᠶ》 ᠪᠠᠢ᠍ᠢ᠍ᠬᠤ 《ᠳᠥᠷᠪᠡᠨ ᠥᠬᠡᠶ》 ᠬᠠᠷᠠᠯᠲᠠ ᠵᠢ ᠲᠣᠳᠣᠷᠬᠠᠢ᠍ᠢ᠍ᠯᠠᠵᠤ᠂ ᠪᠣᠳᠠᠲᠠᠶ ᠠᠷᠭ᠎ᠠ ᠬᠡᠮᠵᠢᠶ᠎ᠡ ᠵᠢ ᠨᠠᠷᠢᠯᠢᠬ᠍ᠵᠢᠭᠤᠯᠤᠨ ᠪᠣᠳᠠᠲᠠᠢ᠍ᠢ᠍ᠵᠢᠭᠤᠯᠵᠤ᠂ ᠦᠶᠡᠷ ᠤᠰᠤᠳᠤᠯ ᠭᠠᠩ ᠬᠠᠭᠰᠠᠷᠠᠭ᠋ᠠᠨ᠎ᠤᠨ ᠭᠠᠮᠰᠢᠭ᠎ᠢ ᠰᠡᠷᠭᠡᠢ᠍ᠢ᠍ᠯᠡᠬᠦ ᠲᠠᠪᠤᠨ ᠲᠠᠯ᠎ᠠ ᠵᠢᠨ ᠠᠵᠢᠯ᠎ᠢ ᠪᠥᠬᠥ ᠬᠦᠴᠦᠨ ᠵᠶ᠋ᠠᠷ ᠵᠶ᠋ᠠᠨ ᠰᠠᠢ᠍ᠢ᠍ᠲᠤᠷ ᠬᠢᠨ᠎ᠠ᠃
      ᠶᠧ ᠵᠢᠶᠠᠨ ᠴᠦᠨ 2020 — 09 — 24 10᠄ 06᠄ 37
      ᠨᠢᠭᠡ᠎ᠳᠤ᠂ ᠳᠠᠰᠤᠷᠠᠯᠳᠠ ᠦᠭᠡᠢ ᠤᠷᠢᠳᠴᠢᠯᠠᠨ ᠲᠥᠰᠦᠭᠡᠯᠡᠵᠦ ᠤᠷᠢᠳᠴᠢᠯᠠᠨ ᠮᠡᠳᠡᠭᠡᠯᠡᠬᠦ ᠵᠢ ᠨᠢᠭᠲᠠ ᠬᠢᠨᠠᠪᠡ᠃ ᠤᠰᠤᠨ ᠠᠰᠢᠭᠯᠠᠯᠲᠠ ᠵᠢᠨ ᠶᠠᠮᠤᠨ᠎ᠤ ᠦᠶᠡᠷ᠎ᠤᠨ ᠬᠤᠭᠤᠴᠠᠭ᠋ᠠᠨ᠎ᠳᠤ ᠡᠳᠦᠷ ᠪᠦᠷᠢ ᠵᠥᠪᠳᠡᠯᠴᠡᠨ ᠰᠤᠳᠤᠯᠤᠨ ᠮᠠᠭ᠋ᠠᠳᠯᠠᠵᠤ᠂ ᠦᠶᠡᠷ ᠤᠰᠤᠳᠤᠯ ᠭᠠᠩ ᠬᠠᠭᠰᠠᠷᠠᠭ᠋ᠠᠨ᠎ᠤᠨ ᠭᠠᠮᠰᠢᠭ᠎ᠢ ᠰᠡᠷᠭᠡᠢ᠍ᠢ᠍ᠯᠡᠬᠦ Ⅱ ᠲᠠᠰ᠂ Ⅲ ᠲᠠᠰ᠎ᠤᠨ ᠪᠠᠴᠢᠮ ᠪᠠᠢ᠍ᠢ᠍ᠳᠠᠯ᠎ᠢ ᠠᠷᠭ᠋ᠠᠴᠠᠭ᠋ᠠᠬᠤ ᠵᠢ ᠣᠯᠠᠨ ᠤᠳᠠᠭ᠎ᠠ ᠡᠬᠢᠯᠡᠭᠦᠯᠵᠦ᠂ 《ᠲᠤᠰᠬᠠᠶ ᠡᠭᠡᠯᠵᠢ᠎ᠪᠠᠷ ᠤᠷᠢᠳᠴᠢᠯᠠᠨ ᠮᠡᠳᠡᠭᠡᠯᠡᠬᠦ᠂ ᠬᠠᠮᠲᠤᠷᠠᠨ ᠵᠥᠪᠳᠡᠯᠴᠡᠬᠦ᠂ ᠦᠷᠭᠦᠯᠵᠢᠯᠡᠨ ᠵᠠᠯᠠᠷᠠᠭᠤᠯᠬᠤ》 ᠦᠶᠡᠷ ᠤᠰᠤᠳᠤᠯ᠎ᠢ ᠤᠷᠢᠳᠴᠢᠯᠠᠨ ᠮᠡᠳᠡᠭᠡᠯᠡᠬᠦ ᠠᠵᠢᠯ᠎ᠤᠨ ᠲᠣᠭᠲᠠᠴᠠ ᠵᠢ ᠪᠠᠢ᠍ᠢ᠍ᠭᠤᠯᠤᠨ ᠲᠡᠭᠦᠯᠳᠡᠷᠵᠢᠭᠦᠯᠵᠦ᠂ ᠨᠡᠢ᠍ᠢ᠍ᠲᠡ 1184 ᠵᠤᠷᠪᠤᠰ ᠭᠣᠤᠯ ᠮᠥᠷᠡᠨ᠎ᠤ 1933 ᠣᠭᠲᠣᠯᠤᠭ᠋ᠠᠰᠤ ᠵᠢᠨ ᠠᠵᠢᠯ᠎ᠤᠨ ᠤᠷᠢᠳᠴᠢᠯᠠᠭᠰᠠᠨ ᠮᠡᠳᠡᠭᠡ ᠵᠢ 35 ᠲᠦᠮᠡᠨ ᠥᠷᠲᠡᠭᠡ ᠤᠳᠠᠭ᠎ᠠ ᠨᠡᠢ᠍ᠢ᠍ᠲᠡᠯᠡᠵᠦ᠂ ᠤᠰᠤᠨ᠎ᠤ ᠪᠠᠢ᠍ᠢ᠍ᠳᠠᠯ᠎ᠤᠨ ᠰᠡᠷᠡᠮᠵᠢᠯᠡᠭᠦᠯᠦᠯ᠎ᠢ 1904 ᠤᠳᠠᠭ᠎ᠠ ᠨᠡᠢ᠍ᠢ᠍ᠲᠡᠯᠡᠪᠡ᠃
      ᠬᠣᠶᠠᠷ᠎ᠲᠤ ᠤᠰᠤᠨ᠎ᠤ ᠢᠨᠵᠧᠨᠧᠷᠢᠩ᠎ᠤᠨ ᠲᠣᠬᠢᠷᠠᠭᠤᠯᠤᠯᠲᠠ ᠵᠢ ᠰᠢᠨᠵᠢᠯᠡᠬᠦ ᠤᠬᠠᠭ᠋ᠠᠨᠴᠢ᠎ᠪᠠᠷ ᠨᠠᠷᠢᠯᠢᠭ ᠬᠡᠷᠡᠭᠵᠢᠭᠦᠯᠪᠡ᠃ ᠤᠰᠤᠨ ᠠᠰᠢᠭᠯᠠᠯᠲᠠ ᠵᠢᠨ ᠶᠠᠮᠤᠨ᠎ᠤ ᠦᠶᠡᠷ᠎ᠤᠨ ᠬᠤᠭᠤᠴᠠᠭ᠋ᠠᠨ᠎ᠳᠤ ᠳᠣᠭᠢᠷᠠᠭᠤᠯᠬᠤ ᠲᠤᠰᠬᠠᠶ ᠠᠩᠭᠢ ᠪᠠᠢ᠍ᠢ᠍ᠭᠤᠯᠵᠤ᠂ ᠪᠣᠷᠣᠭ᠋ᠠᠨ᠎ᠤ ᠤᠰᠤᠨ᠎ᠤ ᠪᠠᠢ᠍ᠢ᠍ᠳᠠᠯ ᠪᠠ ᠤᠷᠢᠳᠴᠢᠯᠠᠨ ᠮᠡᠳᠡᠭᠡᠯᠡᠭᠰᠡᠨ ᠦᠷ᠎ᠡ ᠪᠦᠲᠦᠭᠡᠯ᠎ᠢ ᠦᠨᠳᠦᠰᠦᠯᠡᠨ᠂ ᠡᠯ᠎ᠡ ᠲᠠᠯ᠎ᠠ ᠵᠢᠨ ᠬᠦᠴᠦᠨ ᠵᠦᠢ᠍ᠯ᠎ᠢ ᠨᠢᠭᠡᠳᠦᠯᠲᠡᠶ ᠲᠥᠯᠥᠪᠯᠡᠨ ᠪᠣᠳᠣᠯᠬᠢᠯᠠᠵᠤ᠂ ᠤᠰᠤᠨ᠎ᠤ ᠢᠨᠵᠧᠨᠧᠷᠢᠩ᠎ᠢ ᠳᠣᠭᠢᠷᠠᠭᠤᠯᠤᠨ ᠬᠡᠷᠡᠭᠯᠡᠬᠦ ᠲᠥᠰᠦᠯ᠎ᠢ ᠰᠤᠳᠤᠯᠤᠨ ᠲᠣᠭᠲᠠᠭ᠋ᠠᠬᠤ ᠵᠢᠨ ᠬᠠᠮᠲᠤ ᠲᠠᠰᠤᠷᠠᠯᠲᠠ ᠥᠬᠡᠶ ᠰᠢᠯᠢᠳᠡᠭᠵᠢᠭᠦᠯᠦᠨ ᠨᠠᠷᠢᠯᠢᠬ᠍ᠵᠢᠭᠤᠯᠤᠨ᠎ᠠ᠃ ᠪᠦᠬᠦ ᠤᠯᠤᠰ᠎ᠲᠤ ᠲᠤᠮᠤ ᠳᠤᠮᠳᠠ ᠬᠡᠯᠪᠡᠷᠢ ᠵᠢᠨ 3852 ᠤᠰᠤᠨ ᠴᠥᠭᠥᠷᠥᠮ᠎ᠤᠨ ᠦᠶᠡᠷ᠎ᠢ ᠨᠡᠢ᠍ᠢ᠍ᠳᠡ 1680 ᠳ᠋ᠦᠩᠰᠢᠭᠤᠷ ᠪᠣᠰᠣᠭ᠎ᠠ ᠳᠥᠷᠪᠡᠯᠵᠢᠨ ᠮᠧᠲᠷ ᠬᠠᠰᠢᠵᠤ᠂ ᠬᠣᠲᠠ ᠪᠠᠯᠭ᠋ᠠᠰᠤ ᠵᠢ 1310 ᠤᠳᠠᠭ᠎ᠠ ᠪᠠᠭ᠋ᠠᠰᠬᠠᠵᠤ᠂ ᠲᠠᠷᠢᠶᠠᠨ ᠭᠠᠵᠠᠷ᠎ᠢ 3392 ᠲᠦᠮᠡᠨ ᠮᠦ᠍ ᠪᠠᠭ᠋ᠠᠰᠬᠠᠵᠤ᠂ 2148 ᠲᠦᠮᠡᠨ ᠬᠥᠮᠦᠨ ᠠᠮᠠ ᠵᠢ ᠨᠡᠭᠦᠯᠭᠡᠨ ᠰᠢᠯᠵᠢᠭᠦᠯᠬᠦ᠎ᠠᠴᠠ ᠵᠠᠢ᠍ᠢ᠍ᠯᠠᠰᠬᠢᠪᠡ᠃ ᠭᠤᠷᠪᠠᠨ ᠬᠠᠪᠴᠢᠯ ᠵᠶ᠋ᠠᠷ ᠭᠣᠣᠯ ᠪᠣᠯᠭ᠋ᠠᠭᠰᠠᠨ ᠬᠥᠬᠡᠮᠥ᠋ᠷᠡᠨ᠎ᠤ ᠳᠡᠭᠡᠳᠦ ᠳᠤᠮᠳᠠᠳᠤ ᠤᠷᠤᠰᠬᠠᠯ᠎ᠤᠨ ᠤᠰᠤᠨ ᠴᠥᠭᠥᠷᠥᠮ᠎ᠤᠨ ᠰᠦᠷᠦᠭᠵᠢᠯ᠎ᠢ ᠬᠠᠮᠲᠤᠷᠠᠨ ᠲᠣᠬᠢᠷᠠᠭᠤᠯᠵᠤ ᠦᠶᠡᠷ᠎ᠢ 490 ᠳ᠋ᠦᠩᠰᠢᠭᠤᠷ ᠪᠣᠰᠣᠭ᠎ᠠ ᠳᠥᠷᠪᠡᠯᠵᠢᠨ ᠮᠧᠲᠷ ᠬᠠᠰᠢᠵᠤ᠂ ᠴᠧᠩ ᠯᠢᠩ ᠵᠢᠶ ᠣᠷᠴᠢᠮ᠎ᠤᠨ ᠦᠶᠡᠷ᠎ᠢ ᠲᠣᠭᠲᠠᠭ᠋ᠠᠨ ᠬᠤᠷᠠᠭᠤᠯᠬᠤ ᠣᠷᠣᠨ ᠪᠠ ᠵᠢᠩᠵᠢᠶᠠᠩ ᠮᠥᠷᠡᠨ᠎ᠤ ᠦᠶᠡᠷ᠎ᠢ ᠵᠠᠯᠠᠬᠤ ᠣᠷᠣᠨ᠎ᠢ ᠬᠡᠷᠡᠭᠯᠡᠬᠦ᠎ᠠᠴᠠ ᠵᠠᠢ᠍ᠢ᠍ᠯᠠᠰᠬᠢᠪᠡ᠃
      ᠭᠤᠷᠪᠠ᠎ᠳᠤ ᠲᠣᠭᠲᠠᠴᠠ ᠵᠢ ᠲᠡᠭᠦᠯᠳᠡᠷᠵᠢᠭᠦᠯᠦᠨ ᠠᠭᠤᠯᠠᠨ ᠦᠶᠡᠷ᠎ᠤᠨ ᠭᠠᠮᠰᠢᠭ᠎ᠢ ᠰᠡᠷᠭᠡᠢ᠍ᠢ᠍ᠯᠡᠨ ᠬᠣᠷᠢᠭᠯᠠᠬᠤ ᠠᠵᠢᠯ᠎ᠢ ᠰᠠᠢ᠍ᠢ᠍ᠲᠤᠷ ᠬᠢᠪᠡ᠃ ᠠᠭᠤᠯᠠᠨ ᠦᠶᠡᠷ᠎ᠤᠨ ᠭᠠᠮᠰᠢᠭ᠎ᠢ ᠤᠷᠢᠳᠴᠢᠯᠠᠨ ᠰᠡᠷᠡᠮᠵᠢᠯᠡᠭᠦᠯᠬᠦ ᠲᠣᠭᠲᠠᠴᠠ ᠵᠢ ᠲᠡᠭᠦᠯᠳᠡᠷᠵᠢᠭᠦᠯᠵᠦ᠂ ᠠᠩᠬ᠎ᠠ ᠤᠳᠠᠭ᠎ᠠ 《ᠭᠤᠷᠪᠠᠨ ᠶᠡᠬᠡ ᠡᠵᠡᠩᠨᠡᠯᠲᠡ ᠵᠢᠨ ᠬᠤᠳᠠᠯᠳᠤᠭ᠋ᠠᠴᠢᠨ》᠎ᠳᠤ ᠲᠦᠰᠢᠭᠯᠡᠨ ᠨᠡᠢ᠍ᠢ᠍ᠭᠡᠮ ᠨᠡᠢ᠍ᠢ᠍ᠲᠡ᠎ᠳᠤ ᠬᠠᠨᠳᠤᠭᠤᠯᠤᠭᠰᠠᠨ ᠤᠷᠢᠳᠴᠢᠯᠠᠨ ᠰᠡᠷᠡᠮᠵᠢᠯᠡᠭᠦᠯᠬᠦ ᠦᠢ᠍ᠯᠡᠴᠢᠯᠡᠭᠡ ᠵᠢ ᠥᠷᠨᠢᠭᠦᠯᠪᠡ᠃ ᠳᠤᠮᠳᠠᠳᠤ ᠤᠯᠤᠰ᠎ᠤᠨ ᠴᠠᠭ ᠠᠭᠤᠷ᠎ᠤᠨ ᠲᠣᠪᠴᠢᠶ᠎ᠠ᠎ᠲᠠᠢ ᠬᠠᠮᠲᠤᠷᠠᠨ ᠲᠥᠪ ᠲᠧᠯᠸᠢᠰ᠎ᠤᠨ ᠰᠢᠵᠢᠷ ᠠᠯᠲᠠᠨ ᠴᠠᠭ᠎ᠲᠤ ᠠᠭᠤᠯᠠᠨ ᠦᠶᠡᠷ᠎ᠤᠨ ᠭᠠᠮᠰᠢᠭ᠎ᠤᠨ ᠴᠠᠭ ᠠᠭᠤᠷ᠎ᠤᠨ ᠰᠡᠷᠡᠮᠵᠢ ᠵᠢᠨ ᠳᠤᠬᠢᠶ᠎ᠠ ᠵᠢ ᠨᠡᠢ᠍ᠢ᠍ᠲᠡᠯᠡᠵᠦ᠂ ᠡᠯ᠎ᠡ ᠱᠠᠲᠤᠨ᠎ᠤ ᠤᠰᠤᠨ ᠠᠰᠢᠭᠯᠠᠯᠲᠠ ᠵᠢᠨ ᠰᠠᠯᠠᠭ᠎ᠠ ᠮᠥᠴᠢᠷ᠎ᠤᠳ ᠰᠢᠶᠠᠨ᠎ᠤ ᠱᠠᠲᠤᠨ᠎ᠤ ᠠᠭᠤᠯᠠᠨ ᠦᠶᠡᠷ᠎ᠤᠨ ᠭᠠᠮᠰᠢᠭ᠎ᠤᠨ ᠰᠡᠷᠡᠮᠵᠢ ᠵᠢᠨ ᠳᠤᠬᠢᠶ᠎ᠠ ᠵᠢ 15.2 ᠲᠦᠮᠡᠨ ᠤᠳᠠᠭ᠎ᠠ ᠨᠡᠢ᠍ᠢ᠍ᠲᠡᠯᠡᠵᠦ᠂ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠵᠢ 3187 ᠲᠦᠮᠡᠨ ᠵᠤᠷᠪᠤᠰ ᠶᠠᠪᠤᠭᠤᠯᠵᠤ᠂ ᠤᠷᠢᠳᠴᠢᠯᠠᠨ ᠰᠡᠷᠡᠮᠵᠢᠯᠡᠭᠦᠯᠬᠦ ᠨᠡᠪᠲᠡᠷᠡᠭᠦᠯᠭᠡ ᠵᠢ 39.2 ᠲᠦᠮᠡᠨ ᠤᠳᠠᠭ᠎ᠠ ᠡᠬᠢᠯᠡᠭᠦᠯᠵᠦ᠂ 《ᠭᠤᠷᠪᠠᠨ ᠲᠣᠮᠣ ᠡᠵᠡᠩᠨᠡᠭᠴᠢ ᠬᠤᠳᠠᠯᠳᠤᠭ᠋ᠠᠴᠢᠨ》 ᠨᠡᠢ᠍ᠢ᠍ᠭᠡᠮ ᠨᠡᠢ᠍ᠢ᠍ᠲᠡ᠎ᠳᠤ 4.45 ᠳ᠋ᠦᠩᠰᠢᠭᠤᠷ ᠵᠤᠷᠪᠤᠰ ᠤᠷᠢᠳᠴᠢᠯᠠᠨ ᠰᠡᠷᠡᠮᠵᠢᠯᠡᠭᠦᠯᠬᠦ ᠴᠢᠬᠢᠮ ᠮᠡᠳᠡᠭᠡ ᠵᠢ ᠨᠡᠢ᠍ᠢ᠍ᠲᠡᠯᠡᠪᠡ᠃ ᠡᠨᠡ ᠵᠢᠯ ᠠᠭᠤᠯᠠᠨ ᠦᠶᠡᠷ᠎ᠤᠨ ᠭᠠᠮᠰᠢᠭ᠎ᠠᠴᠠ ᠪᠣᠯᠵᠣ ᠥᠭᠦᠵᠦ ᠪᠠᠷ᠎ᠠ ᠰᠤᠷᠠᠭ ᠥᠬᠡᠶ ᠪᠣᠯᠤᠭᠰᠠᠨ ᠬᠥᠮᠦᠨ᠎ᠤ ᠲᠣᠭ᠎ᠠ ᠢᠯᠡᠳᠲᠡ ᠪᠠᠭ᠋ᠠᠰᠪᠠ᠃
      ᠲᠦᠷᠪᠡ᠎ᠳᠤ ᠠᠶᠤᠯ᠎ᠠᠴᠠ ᠠᠪᠤᠷᠠᠬᠤ ᠮᠡᠷᠭᠡᠵᠢᠯ᠎ᠤᠨ ᠲᠤᠯᠭ᠋ᠠᠭᠤᠷᠢᠯᠠᠯ᠎ᠢ ᠡᠷᠴᠢᠮᠲᠡᠢ ᠬᠠᠩᠭ᠋ᠠᠪᠠ᠃ ᠤᠰᠤᠨ᠎ᠤ ᠪᠠᠢ᠍ᠢ᠍ᠳᠠᠯ᠎ᠢ ᠤᠷᠢᠳᠴᠢᠯᠠᠨ ᠮᠡᠳᠡᠭᠡᠯᠡᠭᠰᠡᠨ ᠦᠷ᠎ᠡ ᠪᠦᠲᠦᠭᠡᠯ᠎ᠢ ᠪᠠᠴᠢᠮ ᠪᠠᠢ᠍ᠢ᠍ᠳᠠᠯ᠎ᠢ ᠠᠷᠭ᠋ᠠᠴᠠᠭ᠋ᠠᠬᠤ ᠰᠠᠯᠠᠭ᠎ᠠ ᠮᠥᠴᠢᠷ᠎ᠲᠤ ᠴᠠᠭ ᠳᠤᠬᠠᠢ᠎ᠳᠤ ᠮᠡᠳᠡᠭᠡᠯᠡᠪᠡ᠃ ᠶᠡᠬᠡ ᠬᠡᠮᠵᠢᠶᠡᠨ᠎ᠤ ᠤᠰᠤᠨ ᠠᠰᠢᠭᠯᠠᠯᠲᠠ ᠵᠢᠨ ᠲᠤᠰᠬᠠᠶ ᠮᠡᠷᠭᠡᠵᠢᠯᠲᠡᠨ᠎ᠢ ᠲᠣᠮᠢᠯᠠᠨ ᠦᠶᠡᠷ᠎ᠲᠠᠢ ᠲᠡᠮᠡᠴᠡᠨ ᠠᠶᠤᠯ᠎ᠠᠴᠠ ᠠᠪᠤᠷᠠᠬᠤ ᠨᠢᠭᠡᠳᠦᠭᠡᠷ ᠹᠷᠣᠨᠲ᠎ᠲᠤ ᠣᠴᠢᠭᠤᠯᠵᠤ᠂ ᠤᠰᠤᠨ ᠠᠰᠢᠭᠯᠠᠯᠲᠠ ᠵᠢᠨ ᠰᠠᠯᠠᠭ᠎ᠠ ᠮᠥᠴᠢᠷ᠎ᠤᠨ ᠲᠤᠰᠬᠠᠶ ᠮᠡᠷᠭᠡᠵᠢᠯ᠎ᠤᠨ ᠳᠠᠪᠠᠭᠤᠯᠢᠭ᠎ᠢ ᠭᠦᠢ᠍ᠴᠡᠳ       ᠪᠠᠳᠠᠷᠠᠭᠤᠯᠤᠨ᠂ ᠬᠠᠰᠢᠯᠭ᠎ᠠ ᠵᠢ ᠲᠣᠭᠣᠷᠢᠨ ᠪᠠᠢ᠍ᠢ᠍ᠴᠠᠭ᠋ᠠᠵᠤ ᠠᠶᠤᠯ᠎ᠢ ᠪᠠᠢ᠍ᠢ᠍ᠴᠠᠭ᠋ᠠᠬᠤ ᠮᠡᠷᠭᠡᠵᠢᠯ᠎ᠤᠨ ᠭᠣᠣᠯᠳᠠᠯᠭ᠎ᠠ ᠵᠢ ᠨᠠᠢ᠍ᠢ᠍ᠷᠠᠭᠤᠯᠤᠨ ᠵᠣᠬᠢᠶᠠᠵᠤ᠂ ᠭᠣᠣᠯ ᠮᠥᠷᠡᠨ᠎ᠤ ᠥᠨᠳᠥᠷ ᠤᠰᠤᠨ ᠲᠦᠪᠰᠢᠨ᠎ᠤ ᠬᠤᠭᠤᠴᠠᠭ᠎ᠠ ᠪᠠ ᠤᠰᠤ ᠲᠠᠲᠠᠬᠤ ᠱᠠᠲᠤᠨ᠎ᠤ ᠬᠠᠰᠢᠯᠭ᠎ᠠ ᠵᠢ ᠲᠣᠭᠣᠷᠢᠨ ᠪᠠᠢ᠍ᠢ᠍ᠴᠠᠭ᠋ᠠᠵᠤ ᠰᠠᠬᠢᠨ ᠬᠠᠮᠠᠭ᠋ᠠᠯᠠᠬᠤ ᠠᠵᠢᠯ᠎ᠢ ᠰᠠᠢ᠍ᠢ᠍ᠲᠤᠷ ᠬᠢᠬᠦ ᠵᠢ       ᠵᠢᠯᠣᠭᠣᠳᠴᠤ᠂ 《ᠨᠢᠭᠡ ᠠᠶᠤᠯ ᠨᠢᠭᠡ ᠠᠷᠭ᠎ᠠ ᠪᠤᠳᠤᠯᠭ᠎ᠠ》᠎ᠪᠠᠷ ᠠᠶᠤᠯ᠎ᠠᠴᠠ ᠠᠪᠤᠷᠠᠬᠤ ᠲᠥᠰᠦᠯ᠎ᠢ ᠰᠢᠨᠵᠢᠯᠡᠬᠦ ᠤᠬᠠᠭ᠋ᠠᠨᠴᠢ᠎ᠪᠠᠷ ᠲᠣᠭᠲᠠᠭ᠋ᠠᠵᠤ᠂ ᠠᠶᠤᠯ ᠲᠦᠭᠰᠢᠭᠦᠷᠢ ᠵᠢᠨ ᠪᠠᠢ᠍ᠢ᠍ᠳᠠᠯ᠎ᠢ ᠰᠢᠢ᠍ᠳᠪᠦᠷᠢᠯᠡᠬᠦ ᠠᠵᠢᠯ᠎ᠢ ᠬᠠᠮᠵᠢᠨ ᠰᠠᠢ᠍ᠢ᠍ᠲᠤᠷ ᠬᠢᠵᠠᠢ᠃
      ᠲᠠᠪᠤ᠎ᠳᠤ ᠨᠢᠭᠤᠴᠠ᠎ᠪᠠᠷ ᠰᠤᠷᠪᠤᠯᠵᠢᠯᠠᠵᠤ ᠱᠠᠯᠠᠪᠳᠠᠭᠤᠯᠤᠨ ᠪᠠᠢ᠍ᠢ᠍ᠴᠠᠭ᠋ᠠᠬᠤ ᠵᠢ ᠴᠢᠩᠭ᠋ᠠᠳᠬᠠᠵᠤ ᠠᠷᠭ᠎ᠠ ᠬᠡᠮᠵᠢᠶ᠎ᠡ ᠵᠢ ᠪᠣᠳᠠᠲᠠᠢ ᠨᠠᠢ᠍ᠢ᠍ᠳᠠᠪᠤᠷᠢᠵᠢᠭᠤᠯᠬᠤ ᠵᠢ ᠪᠠᠲᠤᠯᠠᠪᠠ᠃ 《ᠳᠥᠷᠪᠡᠨ ᠦᠯᠦ ᠬᠣᠶᠠᠷ ᠰᠢᠯᠤᠭᠤᠨ》 ᠨᠢᠭᠤᠴᠠ᠎ᠪᠠᠷ ᠰᠤᠷᠪᠤᠯᠵᠢᠯᠠᠬᠤ᠂ ᠵᠢᠵᠢᠭᠦᠷᠯᠡᠬᠦ ᠤᠳᠠᠰᠤ᠎ᠪᠠᠷ ᠰᠤᠭᠤᠴᠢᠨ ᠪᠠᠢ᠍ᠢ᠍ᠴᠠᠭ᠋ᠠᠬᠤ᠂ ᠠᠵᠢᠯᠯᠠᠬᠤ ᠳᠤᠭᠤᠢ᠍ᠢ᠍ᠯᠠᠩ᠎ᠤᠨ ᠲᠤᠬᠠᠶ ᠵᠢᠨ ᠲᠠᠯᠠᠪᠤᠷ᠎ᠲᠤ ᠬᠢᠨᠠᠨ ᠵᠢᠯᠣᠭᠣᠳᠬᠤ 《ᠭᠤᠷᠪᠠ ᠵᠢ ᠨᠢᠭᠡ ᠴᠤᠭᠴᠠᠵᠢᠭᠤᠯᠤᠭᠰᠠᠨ》 ᠱᠠᠯᠠᠪᠳᠠᠭᠤᠯᠤᠨ ᠪᠠᠢ᠍ᠢ᠍ᠴᠠᠭ᠋ᠠᠬᠤ ᠰᠢᠰᠲ᠋ᠧᠮ᠎ᠢ ᠪᠠᠢ᠍ᠢ᠍ᠭᠤᠯᠪᠠ᠃ ᠤᠰᠤᠨ ᠠᠰᠢᠭᠯᠠᠯᠲᠠ ᠵᠢᠨ ᠶᠠᠮᠤᠨ᠎ᠠᠴᠠ ᠨᠡᠢ᠍ᠢ᠍ᠳᠡ 89 ᠠᠵᠢᠯᠯᠠᠬᠤ ᠳᠤᠭᠤᠢ᠍ᠢ᠍ᠯᠠᠩ ᠲᠣᠮᠢᠯᠠᠨ ᠣᠷᠣᠨ ᠨᠤᠲᠤᠭ᠎ᠤᠨ ᠰᠡᠷᠭᠡᠢ᠍ᠢ᠍ᠯᠡᠯᠲᠡ ᠵᠢᠨ ᠠᠵᠢᠯ᠎ᠢ ᠵᠢᠯᠣᠭᠣᠳᠴᠤ᠂ ᠨᠢᠭᠤᠴᠠ᠎ᠪᠠᠷ ᠰᠤᠷᠪᠤᠯᠵᠢᠯᠠᠬᠤ ᠳᠤᠭᠤᠢ᠍ᠢ᠍ᠯᠠᠩ᠎ᠢ 970 ᠤᠳᠠᠭ᠎ᠠ ᠲᠣᠮᠢᠯᠠᠨ ᠬᠠᠰᠢᠯᠭ᠎ᠠ ᠳᠠᠯᠠᠩ᠎ᠢ ᠲᠣᠭᠣᠷᠢᠨ ᠪᠠᠢ᠍ᠢ᠍ᠴᠠᠭ᠋ᠠᠵᠤ ᠬᠣᠷᠢᠭᠯᠠᠬᠤ᠂ ᠤᠰᠤᠨ᠎ᠤ ᠪᠠᠷᠢᠯᠭ᠎ᠠ ᠵᠢ ᠲᠣᠬᠢᠷᠠᠭᠤᠯᠤᠨ ᠬᠡᠷᠡᠭᠯᠡᠬᠦ ᠵᠡᠷᠭᠡ 10376 ᠲᠦᠷᠦᠯ ᠵᠦᠢ᠍ᠯ᠎ᠢ ᠨᠢᠭᠤᠴᠠ᠎ᠪᠠᠷ ᠰᠤᠷᠪᠤᠯᠵᠢᠯᠠᠨ ᠬᠢᠨᠠᠨ ᠵᠢᠯᠣᠭᠣᠳᠴᠤ᠂ ᠰᠢᠷᠦᠭᠦᠨ ᠪᠣᠷᠣᠭ᠋ᠠᠨ᠎ᠤ ᠣᠷᠣᠨ᠎ᠤ ᠦᠶᠡᠷ ᠤᠰᠤᠳᠤᠯ᠎ᠢ ᠰᠡᠷᠭᠡᠢ᠍ᠢ᠍ᠯᠡᠬᠦ ᠳᠤᠬᠠᠢ ᠵᠢᠵᠢᠭᠦᠷᠯᠠᠨ ᠠᠵᠢᠯᠯᠠᠬᠤ᠂ ᠤᠰᠤᠨ ᠴᠥᠭᠥᠷᠥᠮ᠎ᠤᠨ ᠬᠠᠷᠢᠭᠤᠴᠠᠯᠭ᠋ᠠᠲᠠᠨ᠎ᠤ ᠡᠭᠦᠷᠭᠡ ᠲᠤᠰᠢᠶᠠᠯ ᠵᠶ᠋ᠠᠨ ᠭᠦᠢ᠍ᠴᠡᠳᠬᠡᠬᠦ ᠪᠠ ᠠᠭᠤᠯᠠᠨ ᠦᠶᠡᠷ᠎ᠤᠨ ᠭᠠᠮᠰᠢᠭ᠎ᠢ ᠤᠷᠢᠳᠴᠢᠯᠠᠨ ᠰᠡᠷᠡᠮᠵᠢᠯᠡᠭᠦᠯᠬᠦ ᠵᠡᠷᠭᠡ᠎ᠳᠤ ᠰᠣᠩᠭᠣᠨ ᠪᠠᠢ᠍ᠢ᠍ᠴᠠᠭ᠋ᠠᠯᠲᠠ ᠬᠢᠵᠦ᠂ ᠡᠯ᠎ᠡ ᠵᠦᠢ᠍ᠯ᠎ᠤᠨ ᠰᠡᠷᠭᠡᠢ᠍ᠢ᠍ᠯᠡᠯᠲᠡ ᠵᠢᠨ ᠠᠷᠭ᠎ᠠ ᠬᠡᠮᠵᠢᠶ᠎ᠡ ᠵᠢ ᠪᠣᠳᠠᠲᠠᠶ ᠭᠠᠵᠠᠷ᠎ᠲᠤᠨᠢ ᠨᠠᠢ᠍ᠢ᠍ᠳᠠᠪᠤᠷᠢᠵᠢᠭᠤᠯᠬᠤ ᠵᠢ ᠦᠨᠡᠨ ᠬᠦ᠌ ᠪᠠᠲᠤᠯᠠᠪᠠ᠃
      ᠶᠧ ᠵᠢᠶᠠᠨ ᠴᠦᠨ 2020 — 09 — 24 10᠄ 09᠄ 04
 ᠨᠠᠷᠢᠯᠢᠭ ᠣᠨᠣᠴᠠᠲᠠᠶ᠎ᠪᠠᠷ ᠤᠷᠢᠳᠴᠢᠯᠠᠨ ᠮᠡᠳᠡᠭᠡᠯᠡᠬᠦ᠂ ᠨᠠᠷᠢᠯᠢᠭ ᠲᠣᠬᠢᠷᠠᠭᠤᠯᠬᠤ᠂ ᠰᠢᠨᠵᠢᠯᠡᠬᠦ ᠤᠬᠠᠭ᠋ᠠᠨᠴᠢ᠎ᠪᠠᠷ ᠰᠡᠷᠭᠡᠢ᠍ᠢ᠍ᠯᠡᠨ ᠡᠵᠡᠮᠳᠡᠬᠦ᠎ᠪᠠᠷ ᠳᠠᠮᠵᠢᠨ᠂ ᠦᠶᠡᠷ ᠤᠰᠤᠳᠤᠯ᠎ᠤᠨ ᠪᠠᠢ᠍ᠢ᠍ᠳᠠᠯ ᠡᠩ᠎ᠤᠨ ᠵᠢᠯ᠎ᠤᠨ᠎ᠬᠢ᠎ᠠᠴᠠ ᠢᠯᠡᠷᠬᠡᠶ ᠬᠦᠨᠳᠦ ᠪᠣᠯᠤᠭᠰᠠᠨ ᠪᠠᠢ᠍ᠢ᠍ᠳᠠᠯ ᠳᠣᠣᠷ᠎ᠠ᠂ ᠪᠦᠬᠦ ᠤᠯᠤᠰ᠎ᠤᠨ ᠶᠡᠬᠡ ᠭᠣᠣᠯ ᠮᠥᠷᠡᠨ᠎ᠤ ᠭᠣᠣᠯ ᠤᠷᠤᠰᠬᠠᠯ ᠪᠠ ᠴᠢᠬᠤᠯᠠ ᠬᠠᠰᠢᠯᠭ᠎ᠠ ᠰᠡᠲᠡᠷᠡᠭᠰᠡᠨ ᠦᠭᠡᠢ᠂ ᠲᠤᠮᠤ ᠳᠤᠮᠳᠠ ᠬᠡᠯᠪᠡᠷᠢ ᠵᠢᠨ ᠪᠠ ᠪᠠᠭ᠎ᠠ (1) ᠬᠡᠯᠪᠡᠷᠢ ᠵᠢᠨ ᠤᠰᠤᠨ ᠴᠥᠭᠥᠷᠥᠮ ᠰᠡᠲᠡᠷᠡᠭᠰᠡᠨ ᠦᠭᠡᠢ᠂ ᠪᠠᠷᠢᠯᠭ᠎ᠠ ᠵᠢᠨ ᠠᠶᠤᠯ ᠲᠦᠭᠰᠢᠭᠦᠷᠢ ᠵᠢ ᠢᠯᠡᠳᠲᠡ ᠪᠠᠭ᠋ᠠᠰᠬᠠᠵᠤ᠂ ᠭᠠᠶ ᠭᠠᠮᠰᠢᠭ᠎ᠤᠨ ᠠᠶᠤᠯ ᠲᠦᠭᠰᠢᠭᠦᠷᠢ ᠵᠢ ᠬᠠᠮᠤᠭ᠎ᠤᠨ ᠶᠡᠬᠡ ᠬᠡᠮᠵᠢᠶ᠎ᠡ᠎ᠪᠠᠷ ᠪᠠᠭ᠋ᠠᠰᠬᠠᠵᠤ᠂ ᠠᠷᠠᠳ ᠲᠦᠮᠡᠨ᠎ᠤ ᠠᠮᠢ ᠨᠠᠰᠤᠨ᠎ᠤ ᠠᠮᠤᠷ ᠲᠦᠪᠰᠢᠨ᠎ᠢ ᠬᠦᠴᠦᠲᠡᠶ ᠪᠠᠲᠤᠯᠠᠨ᠂ ᠦᠶᠡᠷ᠎ᠠᠴᠠ ᠡᠮᠦᠨ᠎ᠡ ᠳᠤᠷᠠᠳᠤᠭᠰᠠᠨ ᠬᠠᠷᠠᠯᠲᠠ ᠵᠢ ᠪᠡᠶᠡᠯᠡᠭᠦᠯᠵᠦ᠂ 《ᠵᠢᠷᠭᠤᠭ᠎ᠠ ᠵᠢ ᠲᠣᠭᠲᠠᠪᠤᠷᠢᠵᠢᠭᠤᠯᠬᠤ》 ᠠᠵᠢᠯ᠎ᠢ ᠰᠠᠢ᠍ᠢ᠍ᠲᠤᠷ ᠬᠢᠬᠦ᠂ 《ᠵᠢᠷᠭᠤᠭ᠎ᠠ ᠵᠢ       ᠪᠠᠲᠤᠯᠠᠬᠤ》 ᠡᠭᠦᠷᠭᠡ ᠵᠢ ᠨᠠᠢ᠍ᠢ᠍ᠳᠠᠪᠤᠷᠢᠵᠢᠭᠤᠯᠬᠤ ᠪᠠ ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠳᠠᠢ᠍ᠢ᠍ᠯᠠᠯᠳᠤᠭ᠋ᠠᠨ᠎ᠤ ᠰᠢᠢ᠍ᠳᠪᠦᠷᠢᠲᠦ ᠢᠯᠠᠯᠲᠠ ᠵᠢ ᠤᠯᠬᠤ᠎ᠳᠤ ᠠᠮᠤᠷ ᠲᠦᠪᠰᠢᠨ᠎ᠤ ᠪᠠᠲᠤᠯᠠᠭ᠎ᠠ ᠬᠠᠩᠭ᠋ᠠᠭᠰᠠᠨ ᠪᠠᠢ᠍ᠢ᠍ᠨ᠎ᠠ᠃
      ᠡᠨᠡ ᠵᠢᠯ ᠬᠦᠨᠳᠦ ᠨᠣᠴᠢᠲᠠᠶ ᠦᠶᠡᠷ ᠤᠰᠤᠲᠤᠯ᠎ᠤᠨ ᠭᠠᠮᠰᠢᠭ ᠭᠠᠷᠴᠤ᠂ 28 ᠮᠤᠵᠢ ᠣᠷᠣᠨ᠎ᠤ ᠤᠯᠠᠨ ᠭᠠᠵᠠᠷ᠎ᠲᠤ ᠬᠠᠰᠢᠯᠭ᠎ᠠ ᠳᠠᠯᠠᠩ᠎ᠤᠨ ᠬᠠᠮᠠᠭ᠋ᠠᠯᠠᠯᠲᠠ᠂ ᠤᠰᠤᠨ ᠴᠥᠭᠥᠷᠥᠮ᠎ᠤᠨ ᠲᠥᠬᠥᠭᠡᠷᠦᠮᠵᠢ᠂ ᠬᠥᠳᠡᠭᠡ ᠲᠣᠰᠬᠣᠨ᠎ᠤ ᠤᠰᠤ ᠬᠠᠩᠭ᠋ᠠᠬᠤ ᠪᠠ ᠤᠰᠤᠯᠠᠯᠲᠠ ᠵᠢᠨ ᠲᠥᠬᠥᠭᠡᠷᠦᠮᠵᠢ᠂ ᠬᠥᠭᠡᠷᠭᠡ ᠵᠢᠨ ᠦᠷᠳᠡᠭᠡ᠂ ᠤᠰᠤᠨ ᠵᠦᠢ ᠵᠢᠨ ᠦᠷᠳᠡᠭᠡ ᠵᠡᠷᠭᠡ ᠤᠰᠤᠨ ᠠᠰᠢᠭᠯᠠᠯᠲᠠ ᠵᠢᠨ ᠪᠠᠷᠢᠯᠭ᠎ᠠ ᠡᠪᠳᠡᠭᠳᠡᠵᠦ᠂ ᠤᠰᠤᠨ ᠠᠰᠢᠭᠯᠠᠯᠲᠠ ᠵᠢᠨ ᠶᠠᠮᠤᠨ᠎ᠠᠴᠠ ᠡᠯ᠎ᠡ ᠮᠤᠵᠢ (ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠣᠲᠠ) ᠵᠢ ᠵᠣᠬᠢᠶᠠᠨ ᠪᠠᠢ᠍ᠢ᠍ᠭᠤᠯᠵᠤ ᠭᠠᠮᠰᠢᠭ᠎ᠤᠨ ᠳᠠᠷᠠᠭ᠋ᠠᠬᠢ ᠤᠰᠤᠨ ᠠᠰᠢᠭᠯᠠᠯᠲᠠ ᠵᠢᠨ ᠪᠠᠷᠢᠯᠭ᠎ᠠ ᠵᠢ ᠵᠠᠰᠠᠨ ᠰᠡᠷᠭᠦᠭᠡᠬᠦ ᠪᠠᠷᠢᠯᠭ᠎ᠠ ᠵᠢᠨ ᠬᠡᠮᠵᠢᠶ᠎ᠡ ᠵᠢᠴᠢ ᠪᠡᠯᠡ ᠣᠷᠣᠭᠤᠯᠤᠯᠲᠠ ᠵᠢᠨ ᠬᠡᠷᠡᠭᠴᠡᠭᠡ ᠵᠢ ᠠᠩᠬ᠎ᠠ ᠠᠯᠬᠤᠮ ᠲᠥᠰᠦᠭᠡᠯᠡᠨ ᠪᠤᠳᠤᠪᠠ᠃ ᠣᠳᠣᠬᠠᠨ᠎ᠤ ᠪᠠᠢ᠍ᠢ᠍ᠳᠠᠯ᠎ᠠᠴᠠ ᠦᠵᠡᠪᠡᠯ᠂ ᠤᠰᠤᠨ ᠠᠰᠢᠭᠯᠠᠯᠲᠠ ᠵᠢᠨ ᠭᠠᠮᠰᠢᠭ᠎ᠤᠨ ᠳᠠᠷᠠᠭ᠋ᠠᠬᠢ ᠲᠠᠬᠢᠨ ᠪᠦᠳᠦᠭᠡᠨ ᠪᠠᠢ᠍ᠢ᠍ᠭᠤᠯᠤᠯᠳᠠ ᠬᠢᠭᠦ ᠡᠭᠦᠷᠭᠡ ᠲᠤᠢ᠍ᠢ᠍ᠯ᠎ᠤᠨ ᠨᠦᠰᠡᠷ ᠬᠦᠨᠳᠦ ᠪᠠᠢ᠍ᠢ᠍ᠨ᠎ᠠ᠂ ᠠᠩᠬ᠎ᠠ ᠠᠯᠬᠤᠮ᠎ᠤᠨ ᠵᠢᠱ᠌ᠢᠯᠲᠡ ᠵᠢ ᠦᠨᠳᠦᠰᠦᠯᠡᠪᠡᠯ᠂ ᠪᠠᠷᠤᠭ 840 ᠳ᠋ᠦᠩᠰᠢᠭᠤᠷ ᠲᠥᠭᠥᠷᠢᠭ᠎ᠤᠨ ᠪᠡᠯᠡ ᠣᠷᠣᠭᠤᠯᠬᠤ ᠴᠢᠬᠤᠯᠠᠲᠠᠶ ᠪᠠᠢ᠍ᠢ᠍ᠨ᠎ᠠ᠃ ᠤᠰᠤᠨ ᠠᠰᠢᠭᠯᠠᠯᠲᠠ ᠵᠢᠨ ᠶᠠᠮᠤᠨ ᠨᠠᠮ᠎ᠤᠨ ᠲᠥᠪ ᠬᠤᠷᠢᠶ᠎ᠠ᠂ ᠲᠥᠷᠥ ᠵᠢᠨ ᠶᠠᠪᠤᠳᠠᠯ᠎ᠤᠨ ᠬᠣᠷᠢᠶᠠᠨ᠎ᠤ ᠪᠠᠢ᠍ᠢ᠍ᠷᠢᠯᠠᠭᠤᠯᠤᠯᠲᠠ ᠵᠢ ᠬᠢᠨᠠᠮᠠᠭ᠋ᠠᠶ ᠨᠠᠢ᠍ᠢ᠍ᠳᠠᠪᠤᠷᠢᠵᠢᠭᠤᠯᠵᠤ᠂ ᠲᠠᠷᠠᠭ᠋ᠠᠴᠢ ᠵᠢᠨ ᠠᠯᠬᠤᠮ᠎ᠳᠤ ᠬᠥᠭᠵᠢᠭᠦᠯᠦᠯᠲᠡ ᠪᠠ ᠥᠭᠡᠷᠡᠴᠢᠯᠡᠯᠲᠡ ᠵᠢᠨ ᠵᠦᠪᠯᠡᠯ᠂ ᠡᠳ᠋᠎ᠤᠨ ᠵᠠᠰᠠᠭ᠎ᠤᠨ ᠶᠠᠮᠤᠨ᠎ᠲᠠᠢ ᠵᠥᠪᠳᠡᠯᠴᠡᠵᠦ ᠪᠠᠢ᠍ᠢ᠍ᠭ᠋ᠠᠳ ᠭᠠᠮᠰᠢᠭ᠎ᠤᠨ ᠳᠠᠷᠠᠭ᠋ᠠᠬᠢ ᠰᠡᠷᠭᠦᠭᠡᠨ ᠳᠠᠬᠢᠨ ᠪᠥᠲᠥᠭᠡᠨ ᠪᠠᠢ᠍ᠢ᠍ᠭᠤᠯᠬᠤ ᠠᠵᠢᠯ᠎ᠢ ᠱᠠᠯᠠᠪᠳᠠᠨ ᠥᠷᠨᠢᠭᠦᠯᠵᠦ᠂ ᠤᠰᠤᠨ᠎ᠳᠤ ᠡᠪᠳᠡᠭᠳᠡᠭᠰᠡᠨ ᠤᠰᠤᠨ ᠠᠰᠢᠭᠯᠠᠯᠲᠠ ᠵᠢᠨ ᠲᠥᠬᠥᠭᠡᠷᠦᠮᠵᠢ ᠵᠢ ᠠᠯᠢ ᠲᠦᠷᠭᠡᠨ ᠵᠶ᠋ᠠᠷ ᠰᠡᠯᠪᠢᠨ ᠵᠠᠰᠠᠨ᠎ᠠ; 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ ᠵᠢ ᠨᠠᠢ᠍ᠢ᠍ᠷᠠᠭᠤᠯᠤᠨ ᠵᠣᠬᠢᠶᠠᠬᠤ᠎ᠲᠠᠢ ᠤᠶᠠᠯᠳᠤᠭᠤᠯᠤᠨ᠂ ᠦᠶᠡᠷ᠎ᠢ ᠰᠡᠷᠭᠡᠢ᠍ᠢ᠍ᠯᠡᠬᠦ ᠪᠠᠭᠤᠷᠠᠶ ᠭᠤᠭᠴᠤᠭ᠎ᠠ ᠵᠢᠨ ᠪᠠᠷᠢᠯᠭ᠎ᠠ ᠵᠢᠨ ᠪᠦᠳᠦᠭᠡᠨ ᠪᠠᠢ᠍ᠢ᠍ᠭᠤᠯᠤᠯᠲᠠ ᠵᠢ ᠠᠬᠢᠭᠤᠯᠵᠤ᠂ ᠦᠶᠡᠷ᠎ᠢ ᠰᠡᠷᠭᠡᠢ᠍ᠢ᠍ᠯᠡᠬᠦ ᠪᠠᠷᠢᠯᠭ᠎ᠠ ᠵᠢᠨ ᠳᠤᠲᠠᠭᠤᠳᠠᠯ᠎ᠢ ᠲᠦᠷᠭᠡᠬᠡᠨ ᠨᠥᠬᠥᠪᠥᠷᠢᠯᠡᠵᠦ᠂ ᠦᠶᠡᠷ ᠤᠰᠤᠳᠤᠯ ᠭᠠᠩ ᠬᠠᠭᠰᠠᠷᠠᠭ᠋ᠠᠨ᠎ᠤᠨ ᠭᠠᠮᠰᠢᠭ᠎ᠢ ᠰᠡᠷᠭᠡᠢ᠍ᠢ᠍ᠯᠡᠬᠦ ᠴᠢᠳᠠᠪᠤᠷᠢ ᠵᠢ ᠪᠦᠬᠦ ᠲᠠᠯ᠎ᠠ᠎ᠪᠠᠷ ᠳᠡᠭᠡᠭᠰᠢᠯᠡᠭᠦᠯᠦᠨ᠎ᠡ᠃
ᠳᠡᠭᠡᠷᠡᠬᠢ ᠪᠣᠯ ᠮᠢᠨᠦ ᠡᠨᠡ ᠵᠢᠯ᠎ᠤᠨ ᠦᠶᠡᠷ ᠤᠰᠤᠳᠤᠯ ᠭᠠᠩ ᠬᠠᠭᠰᠠᠷᠠᠭ᠋ᠠᠨ᠎ᠤᠨ ᠭᠠᠮᠰᠢᠭ᠎ᠢ ᠰᠡᠷᠭᠡᠢ᠍ᠢ᠍ᠯᠡᠬᠦ ᠪᠠ ᠤᠰᠤᠨ ᠠᠰᠢᠭᠯᠠᠯᠲᠠ ᠵᠢᠨ ᠭᠠᠮᠰᠢᠭ᠎ᠤᠨ ᠳᠠᠷᠠᠭ᠋ᠠᠬᠢ ᠲᠠᠬᠢᠨ ᠪᠦᠳᠦᠭᠡᠨ ᠪᠠᠢ᠍ᠢ᠍ᠭᠤᠯᠬᠤ ᠠᠵᠢᠯ᠎ᠤᠨ ᠪᠠᠢ᠍ᠢ᠍ᠳᠠᠯ᠎ᠤᠨ ᠲᠤᠬᠠᠶ ᠲᠠᠨᠢᠯᠴᠠᠭᠤᠯᠭ᠎ᠠ ᠪᠣᠯᠤᠨ᠎ᠠ᠃ ᠳᠣᠣᠷ᠎ᠠ ᠪᠢ ᠬᠠᠮᠲᠤ ᠠᠵᠢᠯᠯᠠᠭᠴᠢ᠎ᠲᠠᠢ᠎ᠪᠠᠨ ᠵᠠᠭᠤᠴᠢᠯᠠᠭᠤᠷ᠎ᠤᠨ ᠨᠠᠢ᠍ᠢ᠍ᠵᠠ ᠨᠠᠷ᠎ᠤᠨ ᠠᠰᠠᠭᠤᠯᠲᠠ ᠵᠢ ᠬᠠᠷᠢᠭᠤᠯᠬᠤ ᠳᠤᠷᠠᠲᠠᠶ ᠪᠠᠢ᠍ᠢ᠍ᠨ᠎ᠠ᠃ ᠪᠠᠶᠠᠷᠯᠠᠯ᠎ᠠ!
      ᠭᠧᠩ ᠯᠢᠦ ᠴᠧᠩ 2020 — 09 — 24 10: 09: 30
      ᠶᠧ ᠰᠠᠢ᠍ᠢ᠍ᠳ᠎ᠤᠨ ᠲᠠᠨᠢᠯᠴᠠᠭᠤᠯᠭ᠎ᠠ᠎ᠳᠤ ᠲᠠᠯᠠᠷᠬᠠᠵᠤ ᠪᠠᠢ᠍ᠢ᠍ᠨ᠎ᠠ! ᠳᠣᠣᠷ᠎ᠠ ᠪᠢᠳᠡ ᠠᠰᠠᠭᠤᠯᠲᠠ ᠬᠠᠷᠢᠭᠤᠯᠬᠤ ᠭᠣᠭᠴᠣᠭ᠎ᠠ᠎ᠳᠤ ᠣᠷᠣᠶ᠎ᠠ᠂ ᠰᠤᠷᠪᠤᠯᠵᠢᠯᠠᠭᠴᠢ ᠭᠠᠷ ᠡᠷᠭᠦᠨ ᠠᠰᠠᠭᠤᠯᠲᠠ ᠠᠰᠠᠭᠤᠵᠤ᠂ ᠠᠰᠠᠭᠤᠯᠲᠠ ᠠᠰᠠᠭᠤᠬᠤ᠎ᠠᠴᠠ᠎ᠪᠠᠨ ᠡᠮᠦᠨ᠎ᠡ ᠠᠵᠢᠯᠯᠠᠵᠤ ᠪᠠᠢ᠍ᠢ᠍ᠭ᠎ᠠ ᠰᠣᠨᠢᠨ ᠮᠡᠳᠡᠭᠡᠨ᠎ᠤ ᠪᠠᠢ᠍ᠢ᠍ᠭᠤᠯᠤᠮᠵᠢ᠎ᠪᠠᠨ ᠮᠡᠳᠡᠭᠳᠡᠬᠦ ᠪᠤᠯᠪᠠᠤ᠃

      ᠠᠷᠠᠳ᠎ᠤᠨ ᠡᠳᠦᠷ᠎ᠤᠨ ᠰᠣᠨᠢᠨ᠎ᠤ ᠰᠤᠷᠪᠤᠯᠵᠢᠯᠠᠭᠴᠢ 2020 — 09 — 24 10᠄ 10᠄ 43
      ᠮᠢᠨᠦ ᠠᠰᠠᠭᠤᠯᠳᠠ ᠪᠣᠯ ᠮᠠᠨ᠎ᠤ ᠡᠨᠡ ᠵᠢᠯ᠎ᠤᠨ ᠦᠶᠡᠷ ᠤᠰᠤᠳᠤᠯ᠎ᠢ ᠰᠡᠷᠭᠡᠢ᠍ᠢ᠍ᠯᠡᠬᠦ ᠠᠵᠢᠯ ᠱᠠᠲᠤ ᠦᠶ᠎ᠡ ᠵᠢᠨ ᠴᠢᠨᠠᠷᠲᠠᠶ ᠴᠢᠬᠤᠯᠠ ᠠᠮᠵᠢᠯᠳᠠ ᠣᠯᠤᠭᠰᠠᠨ᠎ᠳᠤ ᠣᠷᠣᠰᠢᠨ᠎ᠠ᠂ ᠲᠡᠭᠡᠪᠡᠯ ᠡᠨᠡ ᠵᠢᠯ᠎ᠤᠨ ᠠᠮᠵᠢᠯᠳᠠ ᠣᠯᠤᠭᠰᠠᠨ᠎ᠤ ᠬᠦᠴᠦᠨ ᠪᠣᠯᠤᠨ ᠰᠢᠯᠲᠠᠭ᠋ᠠᠨ᠎ᠨᠢ ᠶᠠᠭᠤ ᠪᠤᠶ 1998 ᠣᠨ᠎ᠤ᠎ᠬᠢ᠎ᠲᠠᠢ ᠬᠠᠷᠢᠴᠠᠭᠤᠯᠪᠠᠯ᠂ ᠮᠠᠨ᠎ᠤ ᠡᠨᠡ ᠵᠢᠯ᠎ᠤᠨ ᠰᠡᠷᠭᠡᠢ᠍ᠢ᠍ᠯᠡᠯᠲᠡ ᠵᠢᠨ ᠲᠠᠯ᠎ᠠ᠎ᠪᠠᠷ᠎ᠬᠢ ᠣᠢ᠍ᠢ᠍ᠯᠠᠭ᠋ᠠᠭᠳᠠᠬᠤᠨ ᠪᠠ ᠴᠢᠳᠠᠪᠤᠷᠢ ᠶᠠᠮᠠᠷ ᠶᠠᠮᠠᠷ ᠳᠡᠭᠡᠭᠰᠢᠯᠡᠯᠲᠡ᠎ᠲᠠᠢ ᠪᠣᠯᠤᠭᠰᠠᠨ ᠪᠣᠶ? ᠪᠠᠶᠠᠷᠯᠠᠯ᠎ᠠ!
      ᠶᠧ ᠵᠢᠶᠠᠨ ᠴᠦᠨ 2020 — 09 — 24 10᠄ 12᠄ 07
      ᠲᠠᠨ᠎ᠤ ᠠᠰᠠᠭᠤᠭᠰᠠᠨ᠎ᠳᠤ ᠲᠠᠯᠠᠷᠬᠠᠵᠤ ᠪᠠᠢ᠍ᠢ᠍ᠨ᠎ᠠ᠂ ᠶᠠᠭ ᠲᠠᠨ᠎ᠤ ᠬᠡᠯᠡᠭᠰᠡᠨᠴᠢᠯᠡᠨ᠂ ᠡᠨᠡ ᠵᠢᠯ᠎ᠤᠨ ᠰᠢᠷᠦᠭᠦᠨ ᠪᠣᠷᠣᠭ᠋ᠠᠨ ᠦᠶᠡᠷ ᠤᠰᠤᠳᠤᠯ ᠪᠠᠢ᠍ᠢ᠍ᠨ ᠳᠠᠬᠢᠨ ᠡᠭᠦᠰᠴᠦ᠂ 1998 ᠣᠨ᠎ᠠᠴᠠ ᠨᠠᠭ᠋ᠠᠰᠢᠬᠢ ᠬᠠᠮᠤᠭ᠎ᠤᠨ ᠬᠦᠨᠳᠦ ᠨᠣᠴᠢᠲᠠᠶ ᠦᠶᠡᠷ ᠤᠰᠤᠳᠤᠯ᠎ᠤᠨ ᠪᠠᠢ᠍ᠢ᠍ᠳᠠᠯ ᠡᠭᠦᠰᠴᠠᠢ᠂ ᠡᠭᠦᠨ᠎ᠢ ᠪᠢ ᠰᠠᠶᠢᠬᠠᠨ ᠪᠠᠰᠠ ᠲᠠᠨᠢᠯᠴᠠᠭᠤᠯᠤᠭᠰᠠᠨ ᠶᠤᠮ᠃ ᠬᠠᠢ᠍ᠢ᠍ᠾᠧ ᠭᠣᠣᠯ᠎ᠠᠴᠠ ᠪᠤᠰᠤᠳ ᠵᠢᠷᠭᠤᠭ᠋ᠠᠨ ᠶᠡᠬᠡ ᠰᠠᠪᠠ ᠭᠠᠵᠠᠷ᠎ᠲᠤ᠂ ᠭᠣᠣᠯ ᠪᠣᠯᠬᠤ ᠭᠣᠣᠯ ᠮᠥᠷᠡᠨ᠎ᠳᠤ 21 ᠤᠳᠠᠭ᠎ᠠ ᠳ᠋ᠤᠭ᠋ᠠᠷᠯᠠᠭᠰᠠᠨ ᠦᠶᠡᠷ ᠤᠰᠤᠳᠤᠯ ᠡᠭᠦᠰᠴᠦ᠂ ᠬᠥᠬᠡᠮᠥ᠋ᠷᠡᠨ᠎ᠤ ᠰᠠᠪᠠ ᠭᠠᠵᠠᠷ᠎ᠤᠨ ᠬᠡᠰᠡᠭ ᠭᠣᠣᠯ ᠮᠥᠷᠡᠨ᠎ᠤ ᠦᠶᠡᠷ᠎ᠤᠨ ᠬᠡᠮᠵᠢᠶ᠎ᠡ ᠵᠢᠨ ᠳᠡᠰ᠎ᠨᠢ 1998 ᠣᠨ᠎ᠤ᠎ᠬᠢ᠎ᠠᠴᠠ ᠴᠤ᠌ ᠳᠠᠪᠠᠭᠰᠠᠨ ᠪᠠᠢ᠍ᠢ᠍ᠨ᠎ᠠ᠃ ᠶᠡᠷᠦᠩᠬᠡᠶ᠎ᠳᠤᠨᠢ ᠠᠪᠴᠤ ᠦᠵᠡᠪᠡᠯ᠂ ᠡᠨᠡ ᠵᠢᠯ᠎ᠤᠨ ᠭᠠᠮᠰᠢᠭᠳᠠᠭᠰᠠᠨ ᠪᠠᠢ᠍ᠢ᠍ᠳᠠᠯ 1998 ᠣᠨ᠎ᠤ᠎ᠬᠢ᠎ᠠᠴᠠ ᠬᠤᠯᠠ ᠬᠦᠨᠭᠭᠡᠨ ᠪᠣᠯᠵᠠᠶ᠂ ᠡᠨᠡ ᠵᠢᠯ᠎ᠤᠨ ᠦᠶᠡᠷ ᠤᠰᠤᠳᠤᠯ᠎ᠢ ᠰᠡᠷᠭᠡᠢ᠍ᠢ᠍ᠯᠡᠬᠦ ᠬᠦᠴᠦᠨ ᠴᠢᠳᠠᠯ ᠤᠯᠠᠨ ᠲᠠᠯ᠎ᠠ᠎ᠠᠴᠠ ᠢᠷᠡᠯᠳᠡ᠎ᠲᠠᠢ ᠭᠡᠵᠦ ᠬᠡᠯᠡᠪᠡᠯ᠂ ᠨᠠᠮ᠎ᠤᠨ ᠲᠥᠪ ᠬᠤᠷᠢᠶ᠎ᠠ᠂ ᠲᠦᠷᠤ ᠵᠢᠨ ᠶᠠᠪᠤᠳᠠᠯ᠎ᠤᠨ ᠬᠤᠷᠢᠶ᠎ᠠ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠨ ᠦᠵᠡᠵᠦ᠂ ᠠᠷᠠᠳ ᠲᠦᠮᠡᠨ᠎ᠢ ᠳᠡᠭᠡᠳᠦᠯᠡᠬᠦ᠂ ᠠᠮᠢ ᠨᠠᠰᠤ ᠵᠢ ᠳᠡᠭᠡᠳᠦᠯᠡᠬᠦ ᠣᠢ᠍ᠢ᠍ᠯᠠᠭ᠋ᠠᠭᠳᠠᠬᠤᠨ᠎ᠢ ᠢᠮᠠᠭᠲᠠ ᠪᠠᠷᠢᠮᠲᠠᠯᠠᠭᠰᠠᠭ᠋ᠠᠷ ᠢᠷᠡᠭᠰᠡᠨ ᠶᠤᠮ᠃ ᠥᠨᠥᠳᠦᠷ ᠪᠢ ᠭᠣᠣᠯᠳᠠᠭᠤ ᠬᠣᠶᠠᠷ ᠲᠠᠯ᠎ᠠ ᠵᠢ ᠲᠠᠨᠢᠯᠴᠠᠭᠤᠯᠤᠶ᠎ᠠ᠃ ᠨᠢᠭᠡ᠎ᠨᠢ ᠬᠣᠷᠢᠭᠯᠠᠯᠲᠠ ᠵᠢᠨ ᠣᠢ᠍ᠢ᠍ᠯᠠᠭ᠋ᠠᠭᠳᠠᠬᠤᠨ᠎ᠤ ᠬᠤᠪᠢᠷᠠᠯᠲᠠ᠂ ᠨᠥᠭᠥᠭᠡ᠎ᠨᠢ ᠬᠣᠷᠢᠭᠯᠠᠯᠲᠠ ᠵᠢᠨ ᠴᠢᠳᠠᠪᠤᠷᠢ ᠵᠢᠨ ᠳᠡᠭᠡᠭᠰᠢᠯᠡᠯᠲᠡ ᠪᠣᠯᠤᠨ᠎ᠠ᠃
      ᠣᠢ᠍ᠢ᠍ᠯᠠᠭ᠋ᠠᠭᠳᠠᠬᠤᠨ᠎ᠤ ᠬᠤᠪᠢᠷᠠᠯᠲᠠ ᠵᠢᠨ ᠲᠠᠯ᠎ᠠ᠎ᠠᠴᠠ ᠠᠪᠴᠤ ᠦᠵᠡᠪᠡᠯ᠂ ᠶᠡᠷᠦᠩᠬᠡᠶ ᠱᠦᠵᠢ ᠰᠢ ᠵᠢᠨ ᠫᠢᠩ᠎ᠤᠨ ᠳᠤᠷᠠᠳᠤᠭᠰᠠᠨ 《ᠬᠣᠶᠠᠷ᠎ᠢ ᠪᠠᠷᠢᠮᠲᠠᠯᠠᠵᠤ᠂ ᠭᠤᠷᠪᠠ ᠵᠢ ᠬᠤᠪᠢᠷᠠᠭᠤᠯᠬᠤ》 ᠭᠠᠮᠰᠢᠭ᠎ᠢ ᠰᠡᠷᠭᠡᠢ᠍ᠢ᠍ᠯᠡᠬᠦ ᠭᠠᠮᠰᠢᠭ᠎ᠢ ᠪᠠᠭ᠋ᠠᠰᠬᠠᠬᠤ ᠭᠠᠮᠰᠢᠭ᠎ᠠᠴᠠ ᠠᠪᠤᠷᠠᠬᠤ ᠣᠢ᠍ᠢ᠍ᠯᠠᠭ᠋ᠠᠭᠳᠠᠬᠤᠨ᠎ᠢ ᠢᠮᠠᠭᠲᠠ ᠪᠠᠷᠢᠮᠲᠠᠯᠠᠵᠤ᠂ ᠡᠭᠦᠨ᠎ᠢ ᠶᠡᠷᠦᠩᠬᠡᠶ ᠱᠦᠵᠢ 2016 ᠣᠨ᠎ᠤ 7 ᠰᠠᠷ᠎ᠠ ᠵᠢᠨ 28᠎ᠤ ᠡᠳᠦᠷ ᠲᠠᠩᠱ᠌ᠠᠨ᠎ᠳᠤ ᠠᠵᠢᠯ ᠪᠠᠢ᠍ᠢ᠍ᠴᠠᠭ᠋ᠠᠬᠤ᠎ᠳᠠᠭᠠᠨ᠂ ᠰᠡᠷᠭᠡᠢ᠍ᠢ᠍ᠯᠡᠬᠦ᠎ᠪᠠᠷ ᠭᠣᠣᠯ ᠪᠣᠯᠭ᠋ᠠᠬᠤ᠂ ᠰᠡᠷᠭᠡᠢ᠍ᠢ᠍ᠯᠡᠬᠦ ᠡᠰᠡᠷᠭᠦᠴᠡᠬᠦ ᠠᠪᠤᠷᠠᠬᠤ ᠵᠢ ᠤᠶᠠᠯᠳᠤᠭᠤᠯᠬᠤ ᠵᠢ ᠪᠠᠷᠢᠮᠲᠠᠯᠠᠵᠤ᠂ ᠬᠡᠪ᠎ᠤᠨ ᠪᠠᠢ᠍ᠢ᠍ᠳᠠᠯ ᠵᠶ᠋ᠠᠷ ᠭᠠᠮᠰᠢᠭ᠎ᠢ ᠪᠠᠭ᠋ᠠᠰᠬᠠᠬᠤ ᠪᠠ ᠬᠡᠪ᠎ᠤᠨ ᠪᠤᠰᠤ ᠪᠠᠢ᠍ᠢ᠍ᠳᠠᠯ ᠵᠶ᠋ᠠᠷ ᠭᠠᠮᠰᠢᠭ᠎ᠠᠴᠠ ᠠᠪᠤᠷᠠᠬᠤ ᠵᠢ ᠨᠢᠭᠡᠳᠬᠡᠬᠦ ᠵᠢ ᠪᠠᠷᠢᠮᠲᠠᠯᠠᠵᠤ᠂ ᠭᠠᠮᠰᠢᠭ᠎ᠤᠨ ᠳᠠᠷᠠᠭ᠋ᠠᠬᠢ ᠠᠪᠤᠷᠠᠨ ᠲᠤᠰᠠᠯᠠᠬᠤ ᠵᠢ ᠴᠢᠬᠤᠯᠠᠴᠢᠯᠠᠵᠤ ᠪᠠᠢ᠍ᠢ᠍ᠭᠰᠠᠨ᠎ᠠᠴᠠ ᠭᠠᠮᠰᠢᠭ᠎ᠠᠴᠠ ᠡᠮᠦᠨ᠎ᠡ ᠤᠷᠢᠳᠴᠢᠯᠠᠨ ᠰᠡᠷᠭᠡᠢ᠍ᠢ᠍ᠯᠡᠬᠦ ᠵᠢ ᠴᠢᠬᠤᠯᠠᠴᠢᠯᠠᠬᠤ ᠲᠡᠢ᠍ᠢ᠍ᠰᠢ ᠬᠤᠪᠢᠷᠠᠭᠤᠯᠬᠤ᠂ ᠲᠠᠩ ᠭᠠᠭᠴᠠ ᠭᠠᠮᠰᠢᠭ᠎ᠤᠨ ᠲᠦᠷᠦᠯ᠎ᠢ ᠠᠷᠭ᠋ᠠᠴᠠᠭ᠋ᠠᠵᠤ ᠪᠠᠢ᠍ᠢ᠍ᠭᠰᠠᠨ᠎ᠠᠴᠠ ᠭᠠᠮᠰᠢᠭ᠎ᠢ ᠶᠡᠷᠦᠩᠬᠡᠢ᠍ᠢ᠍ᠯᠡᠨ ᠪᠠᠭ᠋ᠠᠰᠬᠠᠬᠤ ᠲᠡᠢ᠍ᠢ᠍ᠰᠢ ᠬᠤᠪᠢᠷᠠᠭᠤᠯᠬᠤ᠂ ᠭᠠᠮᠰᠢᠭ᠎ᠤᠨ ᠬᠣᠬᠢᠷᠠᠯ᠎ᠢ ᠪᠠᠭ᠋ᠠᠰᠬᠠᠵᠤ ᠪᠠᠢ᠍ᠢ᠍ᠭᠰᠠᠨ᠎ᠠᠴᠠ ᠭᠠᠮᠰᠢᠭ᠎ᠤᠨ ᠠᠶᠤᠯ ᠲᠦᠭᠰᠢᠭᠦᠷᠢ ᠵᠢ ᠪᠠᠭ᠋ᠠᠰᠬᠠᠬᠤ ᠲᠡᠢ᠍ᠢ᠍ᠰᠢ ᠬᠤᠪᠢᠷᠠᠭᠤᠯᠬᠤ ᠵᠢ ᠴᠢᠷᠮᠠᠢ᠍ᠢ᠍ᠨ ᠪᠡᠶᠡᠯᠡᠭᠦᠯᠵᠦ᠂ ᠣᠨᠴᠠᠭ᠋ᠠᠢ᠍ᠢ᠍ᠯᠠᠨ ᠪᠦᠬᠦ ᠨᠡᠢ᠍ᠢ᠍ᠭᠡᠮ᠎ᠤᠨ ᠪᠠᠢ᠍ᠢ᠍ᠭ᠋ᠠᠯᠢ ᠵᠢᠨ ᠭᠠᠮᠰᠢᠭ᠎ᠢ ᠡᠰᠡᠷᠭᠦᠴᠡᠬᠦ ᠶᠡᠷᠦᠩᠬᠡᠢ᠍ᠢ᠍ᠯᠡᠭᠰᠡᠨ ᠰᠡᠷᠭᠡᠢ᠍ᠢ᠍ᠯᠡᠯᠲᠡ ᠵᠢᠨ ᠴᠢᠳᠠᠪᠤᠷᠢ ᠵᠢ ᠪᠦᠬᠦ ᠲᠠᠯ᠎ᠠ᠎ᠪᠠᠷ ᠳᠡᠭᠡᠭᠰᠢᠯᠡᠭᠦᠯᠬᠦ ᠬᠡᠷᠡᠭᠲᠡᠢ ᠭᠡᠵᠦ ᠳᠤᠷᠠᠳᠪᠠ᠃ ᠶᠡᠷᠦᠩᠬᠡᠢ ᠱᠦᠵᠢ ᠵᠢᠨ ᠡᠳᠡᠭᠡᠷ ᠶᠠᠷᠢᠶᠠᠨ᠎ᠳᠤ ᠰᠡᠷᠭᠡᠢ᠍ᠢ᠍ᠯᠡᠬᠦ ᠠᠵᠢᠯ᠎ᠢ ᠣᠨᠴᠠᠭ᠋ᠠᠢ᠍ᠢ᠍ᠯᠠᠨ ᠴᠢᠬᠤᠯᠠᠴᠢᠯᠠᠵᠤ ᠪᠠᠢ᠍ᠢ᠍ᠬᠤ ᠵᠢ ᠤᠯᠠᠨ ᠵᠶ᠋ᠠᠷ ᠵᠶ᠋ᠠᠨ ᠦᠵᠡᠵᠦ ᠭᠠᠷᠤᠨ᠎ᠠ᠃ ᠡᠢ᠍ᠢ᠍ᠮᠦ᠎ᠠᠴᠠ ᠪᠢᠳᠡ ᠠᠷᠠᠳ ᠲᠦᠮᠡᠨ᠎ᠢ ᠳᠡᠭᠡᠳᠦᠯᠡᠬᠦ᠂ ᠠᠮᠢ ᠨᠠᠰᠤ ᠵᠢ ᠳᠡᠭᠡᠳᠦᠯᠡᠬᠦ ᠵᠢ ᠢᠮᠠᠭᠲᠠ ᠪᠠᠷᠢᠮᠲᠠᠯᠠᠵᠤ᠂ ᠤᠰᠤᠨ᠎ᠤ ᠪᠠᠢ᠍ᠢ᠍ᠳᠠᠯ᠎ᠢ ᠬᠢᠨᠠᠨ ᠬᠡᠮᠵᠢᠬᠦ᠂ ᠦᠶᠡᠷ ᠤᠰᠤᠳᠤᠯ᠎ᠢ ᠤᠷᠢᠳᠴᠢᠯᠠᠨ ᠮᠡᠳᠡᠭᠡᠯᠡᠬᠦ᠂ ᠤᠰᠤᠨ᠎ᠤ ᠢᠨᠵᠧᠨᠧᠷᠢᠩ᠎ᠢ ᠲᠣᠬᠢᠷᠠᠭᠤᠯᠤᠨ ᠬᠡᠷᠡᠭᠯᠡᠬᠦ᠎ᠠᠴᠠ ᠠᠪᠤᠭ᠋ᠠᠳ ᠠᠭᠤᠯᠠᠨ ᠦᠶᠡᠷ᠎ᠤᠨ ᠭᠠᠮᠰᠢᠭ᠎ᠢ ᠤᠷᠢᠳᠴᠢᠯᠠᠨ ᠰᠡᠷᠡᠮᠵᠢᠯᠡᠭᠦᠯᠬᠦ᠂ ᠬᠠᠰᠢᠯᠭ᠎ᠠ ᠳᠠᠯᠠᠩ᠎ᠢ ᠲᠣᠭᠣᠷᠢᠨ ᠪᠠᠢ᠍ᠢ᠍ᠴᠠᠭ᠋ᠠᠵᠤ ᠬᠣᠷᠢᠭᠯᠠᠬᠤ᠂ ᠠᠶᠤᠯ᠎ᠠᠴᠠ ᠠᠪᠤᠷᠠᠬᠤ ᠮᠡᠷᠭᠡᠵᠢᠯ᠎ᠤᠨ ᠲᠤᠯᠭ᠋ᠠᠭᠤᠷᠢᠯᠠᠯ ᠬᠦᠷᠲᠡᠯ᠎ᠡ᠂ ᠵᠥᠪᠳᠡᠯᠴᠡᠨ ᠰᠤᠳᠤᠯᠵᠤ ᠮᠠᠭ᠋ᠠᠳᠯᠠᠬᠤ᠂ ᠠᠵᠢᠯ᠎ᠤᠨ ᠪᠠᠢ᠍ᠢ᠍ᠷᠢᠯᠠᠭᠤᠯᠤᠯᠲᠠ᠎ᠠᠴᠠ ᠠᠪᠤᠭ᠋ᠠᠳ ᠱᠠᠯᠠᠪᠳᠠᠭᠤᠯᠤᠨ ᠪᠠᠢ᠍ᠢ᠍ᠴᠠᠭ᠋ᠠᠵᠤ ᠨᠢᠭᠤᠴᠠ᠎ᠪᠠᠷ ᠰᠤᠷᠪᠤᠯᠵᠢᠯᠠᠬᠤ᠂ ᠰᠣᠭᠤᠴᠢᠨ ᠪᠠᠢ᠍ᠢ᠍ᠴᠠᠭ᠋ᠠᠬᠤ ᠵᠡᠷᠭᠡ ᠬᠦᠷᠲᠡᠯ᠎ᠡ᠂ ᠠᠷᠠᠳ ᠲᠦᠮᠡᠨ᠎ᠤ ᠠᠮᠢ ᠨᠠᠰᠤᠨ᠎ᠤ ᠠᠮᠤᠷ ᠲᠦᠪᠰᠢᠨ᠎ᠢ ᠢᠮᠠᠭᠲᠠ ᠲᠡᠷᠢᠭᠦᠨ ᠪᠠᠢ᠍ᠢ᠍ᠷᠢᠨ᠎ᠳᠤ ᠲᠠᠯᠪᠢᠵᠤ ᠨᠠᠢ᠍ᠢ᠍ᠳᠠᠪᠤᠷᠢᠵᠢᠭᠤᠯᠤᠯᠲᠠ ᠵᠢ ᠠᠳᠬᠤᠪᠠ᠃ ᠤᠰᠤᠨ ᠠᠰᠢᠭᠯᠠᠯᠲᠠ ᠵᠢᠨ ᠰᠠᠯᠠᠭ᠎ᠠ ᠮᠥᠴᠢᠷ᠎ᠤᠨ᠎ᠬᠢᠨ ᠴᠦ᠍ ᠦᠶᠡᠷ ᠤᠰᠤᠳᠤᠯ᠎ᠢ ᠰᠡᠷᠭᠡᠢ᠍ᠢ᠍ᠯᠡᠬᠦ ᠠᠵᠢᠯ᠎ᠢ ᠥᠪᠡᠷ᠎ᠤᠨ ᠵᠠᠢ᠍ᠢ᠍ᠯᠠᠭᠤᠯᠵᠤ ᠪᠣᠯᠤᠰᠢ ᠦᠭᠡᠢ ᠬᠠᠷᠢᠭᠤᠴᠠᠯᠭ᠎ᠠ᠎ᠪᠠᠨ ᠪᠣᠯᠭ᠋ᠠᠵᠤ᠂ ᠰᠡᠷᠭᠡᠢ᠍ᠢ᠍ᠯᠡᠬᠦ᠎ᠳᠤ ᠰᠠᠭᠤᠷᠢᠯᠠᠵᠤ᠂ ᠦᠶᠡᠷ ᠤᠰᠤᠳᠤᠯ᠎ᠢ ᠰᠡᠷᠭᠡᠢ᠍ᠢ᠍ᠯᠡᠬᠦ ᠪᠣᠭᠣᠮᠲᠠ ᠵᠢ ᠤᠷᠤᠭᠰᠢ ᠰᠢᠯᠵᠢᠭᠦᠯᠤᠨ᠂ ᠡᠯ᠎ᠡ ᠵᠦᠢ᠍ᠯ᠎ᠤᠨ ᠪᠡᠯᠡᠳᠬᠡᠯ ᠲᠥᠰᠦᠯ᠂ ᠣᠨᠴᠠᠭ᠋ᠠᠢ᠍ᠢ᠍ᠯᠠᠨ ᠪᠠᠷᠢᠮᠵᠢᠶ᠎ᠠ᠎ᠠᠴᠠ ᠬᠡᠲᠦᠷᠡᠭᠰᠡᠨ ᠦᠶᠡᠷ ᠤᠰᠤᠳᠤᠯ᠎ᠢ ᠰᠡᠷᠭᠡᠢ᠍ᠢ᠍ᠯᠡᠬᠦ ᠪᠡᠯᠡᠳᠬᠡᠯ ᠲᠥᠰᠦᠯ᠎ᠳᠤ ᠤᠷᠢᠳᠴᠢᠯᠠᠨ ᠵᠠᠰᠠᠪᠤᠷᠢ ᠣᠷᠣᠭᠤᠯᠤᠭᠰᠠᠨ ᠪᠠᠢ᠍ᠢ᠍ᠨ᠎ᠠ᠃ ᠡᠭᠦᠨ᠎ᠤ ᠬᠠᠮᠳᠤ ᠡᠯ᠎ᠡ ᠰᠠᠪᠠ ᠭᠠᠵᠠᠷ᠎ᠤᠨ ᠪᠠᠢ᠍ᠢ᠍ᠭᠤᠯᠤᠮᠵᠢ᠂ ᠡᠯ᠎ᠡ ᠭᠠᠵᠠᠷ᠎ᠤᠨ᠎ᠬᠢᠨ ᠪᠠᠰᠠ ᠨᠢᠭᠡ ᠪᠦᠯᠦᠭ ᠲᠡᠦᠬᠡ ᠵᠢᠨ ᠨᠡᠢ᠍ᠢ᠍ᠲᠡᠯᠢᠭ ᠦᠶᠡᠷ ᠤᠰᠤᠳᠤᠯ᠎ᠢ ᠰᠣᠩᠭᠣᠨ᠂ ᠤᠷᠢᠳᠴᠢᠯᠠᠨ ᠲᠥᠰᠦᠭᠡᠯᠡᠵᠦ ᠤᠷᠢᠳᠴᠢᠯᠠᠨ ᠮᠡᠳᠡᠭᠡᠯᠡᠬᠦ ᠪᠠ ᠲᠣᠬᠢᠷᠠᠭᠤᠯᠬᠤ ᠪᠣᠳᠠᠲᠤ ᠪᠠᠢ᠍ᠢ᠍ᠯᠳᠤᠭ᠋ᠠᠨ᠎ᠤ ᠰᠣᠷᠢᠯᠲᠠ ᠵᠢ ᠥᠷᠨᠢᠭᠦᠯᠦᠨ᠂ ᠬᠢᠨᠠᠨ ᠬᠡᠮᠵᠢᠵᠦ ᠤᠷᠢᠳᠴᠢᠯᠠᠨ ᠮᠡᠳᠡᠭᠡᠯᠡᠵᠦ ᠤᠷᠢᠳᠴᠢᠯᠠᠨ ᠰᠡᠷᠡᠮᠵᠢᠯᠡᠭᠦᠯᠬᠦ ᠬᠢᠷᠢ ᠲᠦᠪᠰᠢᠨ᠂ ᠤᠰᠤᠨ᠎ᠤ ᠢᠨᠵᠧᠨᠧᠷᠢᠩ᠎ᠤᠨ ᠲᠣᠬᠢᠷᠠᠭᠤᠯᠤᠯᠲᠠ ᠵᠢᠨ ᠲᠤᠬᠠᠢ᠍ᠢ᠍ᠯᠠᠭᠰᠠᠨ ᠠᠵᠢᠯ᠎ᠤᠨ ᠬᠢᠷᠢ ᠲᠦᠪᠰᠢᠨ᠎ᠢ ᠳᠡᠭᠡᠭᠰᠢᠯᠡᠭᠦᠯᠵᠦ᠂ ᠪᠦᠬᠦᠯᠢ ᠴᠣᠭᠴᠠ ᠵᠢᠨ ᠰᠡᠷᠭᠡᠢ᠍ᠢ᠍ᠯᠡᠯᠲᠡ ᠵᠢᠨ ᠴᠢᠳᠠᠪᠤᠷᠢ᠎ᠪᠠᠨ ᠲᠠᠰᠤᠷᠠᠯᠲᠠ ᠦᠭᠡᠶ ᠳᠡᠭᠡᠭᠰᠢᠯᠡᠭᠦᠯᠦᠭᠰᠡᠨ ᠪᠠᠢ᠍ᠢ᠍ᠨ᠎ᠠ᠃ ᠡᠨᠡ ᠪᠣᠯ ᠮᠠᠰᠢ ᠴᠢᠬᠤᠯᠠ ᠪᠤᠯᠤᠨ᠎ᠠ᠂ ᠳᠠᠷᠤᠶ ᠣᠢ᠍ᠢ᠍ᠯᠠᠭ᠋ᠠᠭᠳᠠᠬᠤᠨ᠎ᠤ ᠬᠤᠪᠢᠷᠠᠯᠲᠠ᠎ᠨᠢ ᠡᠯ᠎ᠡ ᠲᠠᠯ᠎ᠠ ᠵᠢᠨ ᠴᠢᠳᠠᠪᠤᠷᠢ ᠵᠢᠨ ᠳᠡᠭᠡᠭᠰᠢᠯᠡᠯᠲᠡ ᠵᠢ ᠠᠬᠢᠭᠤᠯᠤᠭᠰᠠᠨ᠎ᠠᠴᠠ ᠪᠣᠯᠤᠭᠰᠠᠨ ᠶᠤᠮ᠃
      ᠶᠧ ᠵᠢᠶᠠᠨ ᠴᠦᠨ 2020 — 09 — 24 10᠄ 15᠄ 32
      ᠴᠢᠳᠠᠪᠤᠷᠢ ᠵᠢᠨ ᠲᠤᠬᠠᠶ ᠶᠠᠷᠢᠶ᠎ᠠ᠃ ᠤᠯᠠᠨ ᠵᠢᠯ᠎ᠤᠨ ᠴᠢᠷᠮᠠᠢ᠍ᠢ᠍ᠯᠭ᠎ᠠ᠎ᠪᠠᠷ ᠳᠠᠮᠵᠢᠭ᠋ᠠᠳ᠂ ᠮᠠᠨ᠎ᠤ ᠤᠯᠤᠰ ᠤᠳᠤ ᠨᠢᠭᠡᠨᠲᠡ ᠨᠡᠯᠢᠶᠡᠳ ᠪᠦᠷᠢᠨ ᠲᠡᠭᠦᠯᠳᠡᠷ ᠦᠶᠡᠷ ᠤᠰᠤᠳᠤᠯ᠎ᠢ ᠰᠡᠷᠭᠡᠢ᠍ᠢ᠍ᠯᠡᠬᠦ ᠰᠢᠰᠲ᠋ᠧᠮ᠎ᠢ ᠪᠦᠷᠢᠯᠳᠦᠭᠦᠯᠵᠦ᠂ ᠣᠳᠣᠬᠠᠨ᠎ᠳᠤ ᠶᠡᠬᠡ ᠭᠣᠣᠯ ᠮᠥᠷᠡᠨ᠎ᠨᠤᠭᠤᠳ ᠰᠢᠨ᠎ᠡ ᠳᠤᠮᠳᠠᠳᠤ ᠤᠯᠤᠰ ᠪᠠᠢ᠍ᠢ᠍ᠭᠤᠯᠤᠭᠳᠠᠭᠰᠠᠨ᠎ᠠᠴᠠ ᠨᠠᠭ᠋ᠠᠰᠢ ᠪᠣᠳᠠᠲᠠᠶ ᠡᠭᠦᠰᠦᠭᠰᠡᠨ ᠬᠠᠮᠤᠭ᠎ᠤᠨ ᠶᠡᠬᠡ ᠦᠶᠡᠷ ᠤᠰᠤᠳᠤᠯ᠎ᠢ ᠰᠡᠷᠭᠡᠢ᠍ᠢ᠍ᠯᠡᠨ ᠬᠣᠷᠢᠭᠯᠠᠬᠤ ᠴᠢᠳᠠᠪᠤᠷᠢ ᠵᠢ ᠦᠨᠳᠦᠰᠦᠨ᠎ᠳᠡᠭᠡᠨ ᠪᠦᠷᠢᠯᠳᠦᠭᠦᠯᠦᠭᠰᠡᠨ ᠪᠠᠢ᠍ᠢ᠍ᠨ᠎ᠠ᠃ ᠡᠭᠦᠨ᠎ᠳᠤ ᠨᠢᠭᠡ ᠪᠦᠯᠦᠭ ᠲᠣᠭ᠎ᠠ ᠪᠠᠷᠢᠮᠲᠠ ᠪᠤᠢ᠄ 1998 ᠣᠨ᠎ᠳᠤ ᠮᠠᠨ᠎ᠤ ᠤᠯᠤᠰ᠎ᠤᠨ ᠲᠠᠪᠤᠳᠤᠭ᠋ᠠᠷ ᠳᠡᠰ᠎ᠠᠴᠠ ᠳᠡᠭᠡᠭᠰᠢᠬᠢ ᠬᠠᠰᠢᠯᠭ᠎ᠠ ᠲᠡᠯᠡᠡᠭ᠎ᠢ 25.9 ᠲᠦᠮᠡᠨ ᠺᠢᠯᠣᠮᠧᠲᠷ᠂ ᠤᠰᠦᠠ ᠴᠥᠭᠥᠷᠥᠮ᠎ᠢ 8.49 ᠲᠦᠮᠡ ᠪᠠᠢ᠍ᠢ᠍ᠭᠤᠯᠵᠤ᠂ ᠤᠳᠦ ᠲᠠᠪᠤᠳᠤᠭ᠋ᠠᠷ ᠳᠡᠰ᠎ᠠᠴᠠ ᠳᠡᠭᠡᠭᠰᠢᠬᠢ ᠬᠠᠰᠢᠯᠭ᠎ᠠ ᠲᠡᠯᠡᠡᠭ᠎ᠢ 31.2 ᠲᠦᠮᠡᠨ ᠺᠢᠯᠣᠮᠧᠲᠷ᠂ ᠤᠰᠦᠠ ᠴᠥᠭᠥᠷᠥᠮ᠎ᠢ 9.88 ᠲᠦᠮᠡ ᠪᠣᠯᠭ᠋ᠠᠵᠠᠶ᠃ ᠡᠭᠦᠨ᠎ᠤ ᠬᠠᠮᠳᠤ ᠪᠢᠳᠠ ᠪᠠᠰᠠ ᠶᠡᠬᠡ ᠬᠡᠪᠴᠢᠶᠡᠨ᠎ᠤ ᠬᠠᠰᠢᠯᠭ᠎ᠠ ᠲᠡᠯᠡᠡᠭ᠎ᠤᠨ ᠪᠠᠷᠢᠮᠵᠢᠶ᠎ᠠ᠎ᠳᠤ ᠬᠦᠷᠭᠡᠬᠦ ᠪᠦᠳᠦᠭᠡᠠ ᠪᠠᠢ᠍ᠢ᠍ᠭᠤᠯᠤᠯᠲᠠ ᠵᠢ ᠬᠡᠷᠡᠭᠵᠢᠭᠦᠯᠵᠦ᠂ ᠳᠤᠮᠳᠠ ᠪᠠᠭ᠎ᠠ ᠭᠣᠣᠯ ᠮᠥᠷᠡᠨ᠎ᠢ ᠵᠠᠰᠠᠵᠤ᠂ ᠦᠶᠡᠷ ᠤᠰᠤᠳᠤᠯ᠎ᠢ ᠰᠡᠷᠭᠡᠢ᠍ᠢ᠍ᠯᠡᠬᠦ ᠪᠠᠷᠢᠯᠭ᠎ᠠ ᠵᠢᠨ ᠪᠠᠷᠢᠮᠵᠢᠶ᠎ᠠ ᠵᠢ ᠮᠡᠳᠡᠭᠳᠡᠬᠦᠢ᠍ᠢ᠍ᠴᠡ ᠳᠡᠭᠡᠭᠰᠢᠯᠡᠭᠦᠯᠦᠭᠰᠡᠨ ᠪᠠᠢ᠍ᠢ᠍ᠨ᠎ᠠ᠃ ᠡᠨᠡ ᠵᠢᠯ᠎ᠤᠨ ᠲᠧᠯᠸᠢᠰ ᠳᠡᠭᠡᠷ᠎ᠡ᠎ᠠᠴᠠ ᠪᠢᠳᠡ ᠦᠬᠠᠨ᠎ᠤ ᠪᠠᠢ᠍ᠢ᠍ᠳᠠᠯ᠎ᠢ ᠣᠯᠵᠤ ᠬᠠᠷᠠᠪᠠ᠂ ᠬᠠᠰᠢᠯᠭ᠎ᠠ ᠵᠢᠨ ᠳᠣᠣᠷ᠎ᠠ ᠬᠥᠬᠡᠮᠥ᠋ᠷᠡᠨ᠎ᠤ ᠦᠶᠡᠷ ᠤᠰᠤᠳᠤᠯ᠂ ᠬᠠᠰᠢᠯᠭ᠎ᠠ ᠵᠢᠨ ᠳᠡᠭᠡᠷ᠎ᠡ ᠶᠠᠪᠤᠭᠤᠯ ᠬᠥᠮᠦᠨ ᠰᠡᠯᠡᠭᠦᠴᠡᠨ ᠠᠯᠬᠤᠯᠠᠵᠤ ᠪᠠᠢ᠍ᠢ᠍ᠯ᠎ᠠ᠃
     1998 ᠣᠨ᠎ᠤ ᠦᠶ᠎ᠡ᠎ᠳᠤ᠂ ᠲᠥᠪ᠎ᠠᠴᠠ 3300 ᠥᠷᠲᠡᠭᠡᠨ᠎ᠤ ᠤᠰᠤᠨ᠎ᠤ ᠪᠠᠢ᠍ᠢ᠍ᠳᠠᠯ᠎ᠤᠨ ᠮᠡᠳᠡᠭᠡ ᠵᠠᠩᠭᠢ ᠵᠢ ᠴᠤᠭᠯᠠᠭᠤᠯᠬᠤ᠎ᠳᠤ ᠬᠣᠶᠠᠷ ᠴᠠᠭ ᠬᠡᠷᠡᠭᠰᠡᠨ᠎ᠡ᠂ ᠣᠳᠣ ᠮᠠᠨ᠎ᠤ ᠦᠶᠡᠷ ᠤᠰᠤᠳᠤᠯ᠎ᠤᠨ ᠪᠠᠢ᠍ᠢ᠍ᠳᠠᠯ᠎ᠢ ᠮᠡᠳᠡᠭᠦᠯᠬᠦ 13 ᠲᠦᠮᠡᠨ ᠥᠷᠲᠡᠭᠡ᠎ᠨᠢ ᠡᠳᠡᠭᠡᠷ ᠮᠡᠳᠡᠭᠡ ᠵᠠᠩᠭᠢ ᠵᠢ 10 — 15 ᠮᠢᠨᠦ᠋ᠲ᠎ᠤᠨ ᠳᠣᠲᠣᠷ᠎ᠠ ᠬᠤᠷᠢᠶᠠᠵᠤ ᠳᠡᠢ᠍ᠢ᠍ᠯᠦᠨ᠎ᠡ᠂ ᠡᠨᠡ᠎ᠨᠢ 1998 ᠣᠨ᠎ᠳᠤ ᠠᠪᠴᠤ ᠦᠵᠡᠪᠡᠯ ᠰᠡᠳᠬᠢᠭᠳᠡᠰᠢ ᠦᠭᠡᠢ ᠶᠠᠪᠤᠳᠠᠯ ᠪᠣᠯᠤᠨ᠎ᠠ᠃ ᠡᠭᠦᠨ᠎ᠤ ᠬᠠᠮᠲᠤ ᠴᠠᠭ ᠠᠭᠤᠷ᠎ᠤᠨ ᠤᠰᠤᠨ ᠵᠦᠢ ᠵᠢᠨ ᠤᠷᠢᠳᠴᠢᠯᠠᠨ ᠲᠥᠰᠦᠭᠡᠯᠡᠵᠦ ᠤᠷᠢᠳᠴᠢᠯᠠᠨ ᠮᠡᠳᠡᠭᠡᠯᠡᠬᠦ ᠣᠨᠣᠪᠴᠢ ᠵᠢᠨ ᠬᠡᠮᠵᠢᠶ᠎ᠡ᠎ᠨᠢ ᠴᠦ᠍ ᠲᠤᠬᠠᠶ ᠵᠢᠨ ᠵᠢᠯ᠎ᠤᠨ᠎ᠬᠢ᠎ᠠᠴᠠ ᠮᠠᠰᠢ ᠶᠡᠬᠡ ᠳᠡᠭᠡᠭᠰᠢᠯᠡᠭᠰᠡᠨ ᠪᠠᠢ᠍ᠢ᠍ᠨ᠎ᠠ᠂ ᠵᠢᠱ᠌ᠢᠶᠡᠯᠡᠪᠡᠯ᠂ ᠡᠮᠦᠨᠡᠲᠦ ᠣᠷᠣᠨ᠎ᠤ ᠭᠣᠤᠯ ᠪᠣᠯᠬᠤ ᠭᠣᠤᠯ ᠮᠥᠷᠡᠨ᠎ᠤ ᠬᠡᠮᠵᠢᠶ᠎ᠡ᠎ᠨᠢ 90%᠎ᠳᠤ ᠭᠦᠷᠦᠭᠰᠡᠨ ᠪᠠᠢ᠍ᠢ᠍ᠨ᠎ᠠ᠃ ᠤᠰᠤᠨ ᠴᠥᠭᠥᠷᠥᠮ᠎ᠤᠨ ᠰᠦᠷᠦᠭᠵᠢᠯ᠎ᠤᠨ ᠬᠠᠮᠲᠤᠷᠠᠭᠰᠠᠨ ᠲᠣᠬᠢᠷᠠᠭᠤᠯᠤᠯᠲᠠ᠂ ᠬᠥᠬᠡᠮᠥ᠋ᠷᠡᠨ᠎ᠤ ᠳᠡᠭᠡᠳᠦ ᠳᠤᠮᠳᠠᠳᠤ ᠤᠷᠤᠰᠬᠠᠯ᠎ᠤᠨ ᠤᠰᠤᠨ ᠴᠥᠭᠥᠷᠥᠮ᠎ᠤᠨ ᠰᠦᠷᠦᠭᠵᠢᠯ᠎ᠢ ᠰᠢᠨᠵᠢᠯᠡᠬᠦ ᠤᠬᠠᠭ᠋ᠠᠨᠴᠢ᠎ᠪᠠᠷ ᠲᠣᠬᠢᠷᠠᠭᠤᠯᠤᠭᠰᠠᠨ᠎ᠠᠴᠠ ᠬᠥᠬᠡᠮᠥ᠋ᠷᠡᠨ᠎ᠤ ᠭᠣᠤᠯ ᠤᠷᠤᠰᠬᠠᠯ᠎ᠤᠨ ᠯᠢᠩᠬ᠍᠊ ᠤᠠ᠋ ᠨᠠᠭᠤᠷ᠎ᠤᠨ ᠤᠰᠤᠨ ᠲᠦᠪᠰᠢᠨ᠎ᠤ ᠰᠠᠨᠲ᠋ᠢᠮᠧᠲᠷ᠎ᠤᠨ ᠲᠠᠰ᠎ᠤᠨ ᠡᠵᠡᠮᠳᠡᠯ᠎ᠢ ᠪᠡᠶᠡᠯᠡᠭᠦᠯᠵᠦ ᠴᠢᠳᠠᠭᠰᠠᠨ ᠪᠣᠯᠬᠣᠷ ᠦᠶᠡᠷ ᠤᠰᠤᠳᠤᠯ᠎ᠢ ᠰᠡᠷᠭᠡᠢ᠍ᠢ᠍ᠯᠡᠨ ᠦᠶᠡᠷ ᠤᠰᠤᠳᠤᠯ᠎ᠲᠠᠢ ᠲᠡᠮᠡᠴᠡᠬᠦ᠎ᠨᠢ ᠨᠢᠭᠡᠨᠲᠡ ᠮᠢᠯᠢᠮᠧᠲᠷ᠎ᠤᠨ ᠰᠢᠢ᠍ᠳᠪᠦᠷᠢᠳᠤ ᠳᠠᠢ᠍ᠢ᠍ᠯᠠᠯᠳᠤᠭ᠋ᠠᠨ᠎ᠢ ᠴᠦ᠍ ᠪᠡᠶᠡᠯᠡᠭᠦᠯᠵᠤ ᠴᠢᠳᠠᠬᠤ ᠪᠤᠯᠵᠠᠢ ᠭᠡᠵᠦ ᠬᠡᠯᠡᠵᠦ ᠪᠣᠯᠤᠨ᠎ᠠ᠃
      ᠵᠥᠪ ᠣᠨᠣᠪᠴᠢᠲᠠᠶ ᠰᠡᠷᠭᠡᠢ᠍ᠢ᠍ᠯᠡᠯᠲᠡ ᠵᠢᠨ ᠣᠢ᠍ᠢ᠍ᠯᠠᠭ᠋ᠠᠭᠳᠠᠬᠤᠨ ᠪᠠ ᠲᠠᠰᠤᠷᠠᠯᠲᠠ ᠥᠬᠡᠶ ᠳᠡᠭᠡᠭᠰᠢᠯᠡᠵᠦ ᠪᠠᠢ᠍ᠢ᠍ᠭ᠎ᠠ ᠦᠶᠡᠷ ᠤᠰᠤᠳᠤᠯ᠎ᠢ ᠰᠡᠷᠭᠡᠢ᠍ᠢ᠍ᠯᠡᠬᠦ ᠴᠢᠳᠠᠪᠤᠷᠢ ᠪᠣᠯ ᠶᠡᠬᠡ ᠦᠶᠡᠷ ᠤᠰᠤᠳᠤᠯ᠎ᠢ ᠠᠷᠭ᠋ᠠᠴᠠᠭ᠋ᠠᠬᠤ ᠵᠢᠨ ᠰᠠᠭᠤᠷᠢ ᠬᠦᠴᠦᠨ ᠪᠤᠯᠤᠨ᠎ᠠ᠃
      ᠳᠤᠮᠳᠠᠳᠤ ᠤᠯᠤᠰ᠎ᠤᠨ ᠵᠠᠯᠠᠭᠤᠴᠤᠳ᠎ᠤᠨ ᠰᠣᠨᠢᠨ᠎ᠤ ᠰᠤᠷᠪᠤᠯᠵᠢᠯᠠᠭᠴᠢ 2020 — 09 — 24 10᠄ 15᠄ 52
 ᠶᠠᠮᠤᠨ᠎ᠠᠴᠠ ᠵᠢᠯ᠎ᠤᠨ ᠡᠬᠢᠨ᠎ᠳᠤ 《ᠭᠤᠷᠪᠠᠨ ᠶᠡᠬᠡ ᠠᠶᠤᠯ ᠲᠦᠭᠰᠢᠭᠦᠷᠢ》 ᠵᠢ ᠰᠡᠷᠭᠡᠢ᠍ᠢ᠍ᠯᠡᠬᠦ᠎ᠪᠠᠷ       ᠳᠤᠷᠠᠳᠴᠤ᠂ 《ᠳᠥᠷᠪᠡᠨ ᠦᠭᠡᠶ》 ᠵᠢᠨ ᠬᠠᠷᠠᠯᠲᠠ ᠵᠢ ᠳᠤᠷᠠᠳᠴᠠᠶ᠂ ᠣᠳᠣ ᠮᠠᠨ᠎ᠤ ᠵᠢᠱ᠌ᠢᠭᠰᠡᠨ ᠬᠠᠷᠠᠯᠲᠠ᠎ᠪᠠᠨ ᠪᠡᠶᠡᠯᠡᠭᠦᠯᠦᠭᠰᠡᠨ ᠤᠤ   ᠪᠠᠶᠠᠷᠯᠠᠯ᠎ᠠ!
      ᠶᠧ ᠵᠢᠶᠠᠨ ᠴᠦᠨ 2020 — 09 — 24 10᠄ 17᠄ 36
      ᠲᠠᠨ᠎ᠤ ᠠᠰᠠᠭᠤᠭᠰᠠᠨ᠎ᠳᠤ ᠲᠠᠯᠠᠷᠬᠠᠵᠤ ᠪᠠᠢ᠍ᠢ᠍ᠨ᠎ᠠ᠂ ᠨᠢᠳᠤᠨᠤᠨ᠎ᠤ ᠦᠶᠡᠷ᠎ᠤᠨ ᠬᠤᠭᠤᠴᠠᠭ᠋ᠠᠨ᠎ᠤ ᠳᠠᠷᠠᠭ᠎ᠠ ᠪᠢᠳᠡ ᠳᠠᠷᠤᠶ ᠡᠨᠡ ᠵᠢᠯ ᠬᠡᠷᠬᠢᠨ ᠰᠡᠷᠭᠡᠢ᠍ᠢ᠍ᠯᠡᠬᠦ ᠲᠤᠬᠠᠶ ᠰᠤᠳᠤᠯᠵᠤ ᠪᠠᠢ᠍ᠢ᠍ᠭᠰᠠᠨ ᠶᠤᠮ᠂ ᠦᠨᠡᠨ᠎ᠳᠡᠭᠡᠨ ᠵᠢᠯ ᠪᠦᠷᠢ ᠠᠳᠠᠯᠢᠬᠠᠨ ᠨᠢᠭᠡ ᠶᠠᠪᠤᠳᠠᠯ᠎ᠢ ᠬᠢᠵᠦ ᠪᠠᠢ᠍ᠢ᠍ᠭᠰᠠᠨ ᠶᠤᠮ᠂ ᠣᠲᠣ ᠪᠠᠰᠠ ᠢᠷᠡᠬᠦ ᠵᠢᠯ᠎ᠤᠨ ᠦᠶᠡᠷ ᠤᠰᠤᠳᠤᠯ᠎ᠢ ᠬᠡᠷᠬᠢᠨ ᠰᠡᠷᠭᠡᠢ᠍ᠢ᠍ᠯᠡᠬᠦ ᠲᠤᠬᠠᠶ ᠪᠣᠳᠣᠯᠬᠢᠯᠠᠵᠤ ᠪᠠᠢ᠍ᠢ᠍ᠨ᠎ᠠ᠃ ᠡᠨᠡ ᠵᠢᠯ᠎ᠤᠨ ᠪᠠᠢ᠍ᠢ᠍ᠳᠠᠯ ᠨᠡᠯᠢᠶᠡᠳ ᠣᠨᠴᠠᠭ᠋ᠠᠶ᠂ ᠣᠯᠠᠨ᠎ᠤ ᠮᠡᠳᠡᠭᠡᠵᠢ᠎ᠪᠠᠷ᠂ ᠵᠢᠯ᠎ᠤᠨ ᠡᠬᠢᠨ᠎ᠳᠤ ᠬᠢᠵᠢᠭ᠎ᠤᠨ ᠪᠠᠢ᠍ᠢ᠍ᠳᠠᠯ᠎ᠤᠨ ᠨᠥᠯᠥᠭᠡ ᠳᠤᠩ ᠬᠦᠨᠳᠤ ᠨᠤᠴᠢᠳᠠᠢ᠂ ᠶᠡᠷᠦᠩᠬᠡᠶ ᠱᠦᠵᠢ 2 ᠰᠠᠷ᠎ᠠ ᠵᠢᠨ 23᠎ᠤ ᠡᠳᠦᠷ 17 ᠲᠦᠮᠡᠨ ᠬᠥᠮᠦᠨ᠎ᠤ ᠶᠡᠬᠡ ᠬᠤᠷᠠᠯ ᠬᠤᠷᠠᠯᠳᠤᠭᠤᠯᠵᠤ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢ᠍ᠢ᠍ᠳᠠᠯ᠎ᠢ ᠰᠡᠷᠭᠡᠢ᠍ᠢ᠍ᠯᠡᠨ ᠡᠵᠡᠮᠳᠡᠬᠦ ᠪᠠ ᠠᠵᠤ ᠠᠬᠤᠶ ᠨᠡᠢ᠍ᠢ᠍ᠭᠡᠮ᠎ᠤᠨ ᠬᠥᠭᠵᠢᠯᠲᠡ ᠵᠢᠨ ᠠᠵᠢᠯ᠎ᠤᠨ ᠪᠠᠢ᠍ᠢ᠍ᠷᠢᠯᠠᠭᠤᠯᠤᠯᠲᠠ ᠵᠢᠨ ᠬᠤᠷᠠᠯ᠎ᠢ ᠨᠢᠭᠡᠳᠦᠯᠲᠡᠶ ᠲᠥᠯᠥᠪᠯᠡᠨ       ᠠᠬᠢᠭᠤᠯᠵᠤ᠂ ᠬᠤᠷᠠᠯ ᠳᠡᠭᠡᠷ᠎ᠡ ᠶᠡᠷᠦᠩᠬᠡᠶ ᠱᠦᠵᠢ᠂ ᠴᠠᠭ ᠢᠮᠠᠭᠲᠠ ᠬᠡᠷᠰᠡᠦ ᠪᠣᠯᠭᠣᠮᠵᠢᠲᠠᠶ ᠪᠠᠢ᠍ᠢ᠍ᠵᠤ᠂ ᠨᠠᠪᠴᠢ ᠰᠢᠷᠠᠯᠠᠪᠠᠰᠤ ᠨᠠᠮᠤᠷ ᠪᠤᠯᠤᠭᠰᠠᠨ᠎ᠢ ᠮᠡᠳᠡᠭᠦ ᠵᠢ ᠬᠤᠷᠴᠠ ᠰᠡᠷᠭᠡᠭ᠎ᠢ ᠣᠯᠵᠤ ᠬᠠᠷᠠᠬᠤ ᠬᠡᠷᠡᠭᠲᠡᠶ᠂ ᠥᠪᠡᠷ᠎ᠤᠨ ᠬᠠᠷᠢᠭᠤᠴᠠᠵᠤ ᠪᠠᠢ᠍ᠢ᠍ᠭ᠎ᠠ ᠬᠦᠷᠢᠶᠡᠨ᠎ᠳᠠᠬᠢ ᠬᠦᠨᠳᠦ ᠶᠡᠬᠡ ᠠᠶᠤᠯ ᠲᠦᠭᠰᠢᠭᠦᠷᠢ ᠵᠢ ᠳᠡᠭᠡᠳᠦ ᠬᠡᠮᠵᠢᠶ᠎ᠡ᠎ᠪᠠᠷ ᠰᠡᠷᠡᠮᠵᠢᠯᠡᠨ ᠰᠡᠷᠭᠡᠢ᠍ᠢ᠍ᠯᠡᠬᠦ ᠬᠡᠷᠡᠭᠲᠡᠶ ᠮᠥᠷᠲᠡᠭᠡᠨ ᠪᠠᠰᠠ ᠪᠥᠬᠥ ᠲᠠᠯ᠎ᠠ ᠵᠢᠨ ᠴᠢᠨᠠᠷᠲᠠᠶ ᠬᠦᠨᠳᠦ ᠶᠡᠬᠡ ᠠᠶᠤᠯ ᠲᠦᠭᠰᠢᠭᠦᠷᠢ ᠵᠢ ᠨᠢᠭᠲᠠ         ᠠᠩᠬᠠᠷᠴᠤ᠂ ᠲᠡᠷᠡ ᠳᠠᠷᠤᠶ᠎ᠳᠤᠨᠢ ᠰᠠᠨᠠᠯ ᠰᠠᠨᠠᠭᠤᠯᠭ᠎ᠠ ᠳᠤᠷᠠᠳᠬᠤ ᠬᠡᠷᠡᠭᠲᠡᠶ ᠭᠡᠵᠡᠶ ᠴᠢᠬᠤᠯᠠᠴᠢᠯᠠᠭᠰᠠᠨ ᠪᠠᠢ᠍ᠢ᠍ᠨ᠎ᠠ᠃
      ᠪᠢᠳᠡᠨ ᠵᠶ᠋ᠠᠷ ᠠᠪᠴᠤ ᠬᠡᠯᠡᠪᠡᠯ᠂ ᠥᠪᠡᠷ᠎ᠤᠨ ᠬᠠᠷᠢᠭᠤᠴᠠᠵᠤ ᠪᠠᠢ᠍ᠢ᠍ᠭ᠎ᠠ ᠬᠦᠷᠢᠶᠡᠨ᠎ᠳᠠᠬᠢ ᠬᠦᠨᠳᠦ ᠶᠡᠬᠡ ᠠᠶᠤᠯ ᠲᠦᠭᠰᠢᠭᠦᠷᠢ ᠵᠢ ᠰᠡᠷᠭᠡᠢ᠍ᠢ᠍ᠯᠡᠵᠤ᠂ ᠦᠶᠡᠷ ᠤᠰᠤᠳᠤᠯ᠎ᠢ ᠰᠡᠷᠭᠡᠢ᠍ᠢ᠍ᠯᠡᠬᠦ ᠪᠣᠯ ᠪᠢᠳᠡᠨ᠎ᠤ ᠵᠠᠢ᠍ᠢ᠍ᠯᠠᠭᠤᠯᠵᠤ ᠪᠣᠯᠤᠰᠢ ᠦᠭᠡᠢ ᠬᠠᠷᠢᠭᠤᠴᠠᠯᠭ᠎ᠠ ᠪᠤᠯᠤᠨ᠎ᠠ᠂ ᠪᠠᠰᠠ ᠴᠤ᠌ ᠪᠦᠬᠦ ᠲᠠᠯ᠎ᠠ ᠵᠢᠨ ᠴᠢᠨᠠᠷᠲᠠᠶ ᠬᠦᠨᠳᠦ ᠶᠡᠬᠡ ᠠᠶᠤᠯ ᠲᠦᠭᠰᠢᠭᠦᠷᠢ ᠵᠢ ᠰᠡᠷᠭᠡᠢ᠍ᠢ᠍ᠯᠡᠬᠦ ᠶᠠᠪᠤᠳᠠᠯ ᠪᠤᠯᠤᠨ᠎ᠠ᠃ ᠡᠢ᠍ᠢ᠍ᠮᠦ᠎ᠠᠴᠠ ᠪᠢᠳᠡ ᠶᠡᠷᠦᠩᠬᠡᠶ ᠱᠦᠵᠢ ᠵᠢᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ ᠵᠢ ᠬᠢᠨᠠᠮᠠᠭ᠋ᠠᠶ ᠲᠤᠭᠤᠰᠢᠯᠠᠭᠤᠯᠤᠨ ᠨᠠᠢ᠍ᠢ᠍ᠳᠠᠪᠤᠷᠢᠵᠢᠭᠤᠯᠵᠤ᠂ ᠨᠢᠳᠤᠨᠤᠨ᠎ᠤ ᠦᠶᠡᠷ᠎ᠤᠨ ᠲᠠᠷᠠᠭ᠎ᠠ ᠡᠬᠢᠯᠡᠨ ᠰᠤᠳᠤᠯᠤᠭᠰᠠᠨ ᠠᠰᠠᠭᠤᠳᠠᠯ᠎ᠢ ᠤᠯᠠᠮ ᠨᠢᠭᠡ ᠠᠯᠬᠤᠮ ᠨᠠᠷᠢᠯᠢᠬ᠍ᠵᠢᠭᠤᠯᠤᠨ᠂ ᠲᠡᠦᠬᠡᠨ ᠳᠡᠭᠡᠷᠡᠬᠢ ᠪᠠᠢ᠍ᠢ᠍ᠳᠠᠯ᠎ᠢ ᠭᠦᠨᠵᠡᠭᠡᠶ ᠵᠠᠳᠠᠯᠤᠨ ᠳ᠋ᠦᠩᠨᠡᠵᠦ᠂ ᠢᠯᠠᠩᠭᠤᠶ᠎ᠠ ᠰᠢᠨ᠎ᠡ ᠳᠤᠮᠳᠠᠳᠤ ᠤᠯᠤᠰ ᠪᠠᠢ᠍ᠢ᠍ᠭᠤᠯᠤᠭᠳᠠᠭᠰᠠᠨ᠎ᠠᠴᠠ ᠨᠠᠭ᠋ᠠᠰᠢᠬᠢ ᠦᠶᠡᠷ ᠤᠰᠤᠳᠤᠯ᠎ᠢ ᠰᠡᠷᠭᠡᠢ᠍ᠢ᠍ᠯᠡᠬᠦ ᠴᠢᠬᠤᠯᠠ ᠶᠡᠬᠡ ᠪᠠᠢ᠍ᠢ᠍ᠳᠠᠯ᠎ᠳᠤ ᠭᠦᠨᠵᠡᠭᠡᠶ ᠵᠠᠳᠠᠯᠤᠯᠲᠠ ᠬᠢᠵᠦ᠂ ᠦᠶᠡᠷ ᠤᠰᠤᠳᠤᠯ᠎ᠢ ᠰᠡᠷᠭᠡᠢ᠍ᠢ᠍ᠯᠡᠬᠦ ᠬᠦᠷᠢᠶᠡᠨ᠎ᠳᠤ ᠪᠠᠰᠠ ᠶᠠᠮᠠᠷ ᠶᠠᠮᠠᠷ ᠠᠶᠤᠯ ᠲᠦᠭᠰᠢᠭᠦᠷᠢ ᠣᠷᠣᠰᠢᠵᠤ ᠪᠠᠢ᠍ᠢ᠍ᠬᠤ᠂ 《ᠪᠣᠷᠣ ᠬᠡᠷᠢᠰ》᠂ 《ᠬᠠᠷ᠎ᠠ ᠬᠤᠨ》 ᠭᠡᠳᠡᠭ᠎ᠢ ᠡᠷᠢᠵᠦ ᠣᠯᠤᠭᠰᠠᠨ ᠪᠠᠢ᠍ᠢ᠍ᠨ᠎ᠠ᠃ ᠦᠨᠡᠨ᠎ᠳᠡᠭᠡᠨ 《ᠪᠣᠷᠣ ᠬᠡᠷᠢᠰ》 ᠪᠠ 《ᠬᠠᠷ᠎ᠠ ᠬᠤᠨ》᠎ᠨᠢ ᠴᠦ᠍ ᠬᠠᠷᠢᠴᠠᠯᠠᠰᠢ ᠥᠬᠡᠶ ᠪᠢᠰᠢ᠂ ᠦᠶᠡᠷ ᠤᠰᠤᠳᠤᠯ᠎ᠢ ᠰᠡᠷᠭᠡᠢ᠍ᠢ᠍ᠯᠡᠬᠦ ᠪᠣᠯ ᠶᠡᠷᠦᠳᠡ ᠵᠢᠨ ᠠᠵᠢᠯ ᠪᠤᠯᠤᠨ᠎ᠠ᠂ ᠭᠡᠪᠡᠴᠦ ᠦᠶᠡᠷ ᠤᠰᠤᠳᠤᠯ ᠲᠣᠭᠲᠠᠭᠰᠠᠨ ᠪᠠᠷᠢᠮᠵᠢᠶ᠎ᠠ᠎ᠠᠴᠠ ᠬᠡᠲᠦᠷᠡᠪᠡᠯ 《ᠬᠠᠷ᠎ᠠ ᠬᠤᠨ》᠎ᠤ ᠬᠡᠷᠡᠭ ᠭᠠᠷᠤᠨ᠎ᠠ᠃
      ᠢᠯᠠᠩᠭᠤᠶ᠎ᠠ ᠪᠠᠷᠢᠮᠵᠢᠶ᠎ᠠ᠎ᠠᠴᠠ ᠬᠡᠲᠦᠷᠡᠭᠰᠡᠨ ᠦᠶᠡᠷ ᠤᠰᠤᠳᠤᠯ᠂ ᠤᠰᠤᠨ ᠴᠥᠭᠥᠷᠥᠮ᠎ᠤᠨ ᠡᠨᠳᠡᠯ᠂ ᠠᠭᠤᠯᠠᠨ ᠦᠶᠡᠷ᠎ᠤᠨ ᠭᠠᠮᠰᠢᠭ᠎ᠢ ᠰᠡᠷᠭᠡᠢ᠍ᠢ᠍ᠯᠡᠬᠦ ᠵᠢ ᠴᠢᠬᠤᠯᠠᠴᠢᠯᠠᠬᠤ ᠬᠡᠷᠡᠭᠲᠡᠢ᠂ 《ᠭᠤᠷᠪᠠᠨ ᠶᠡᠬᠡ ᠠᠶᠤᠯ ᠲᠦᠭᠰᠢᠭᠦᠷᠢ》᠎ᠨᠢ ᠴᠥᠮ ᠤᠯᠠᠨ ᠬᠥᠮᠦᠨ ᠦᠬᠦᠵᠦ ᠰᠢᠷᠬᠠᠲᠤᠬᠤ ᠪᠣᠯᠤᠮᠵᠢ ᠵᠢ ᠪᠤᠢ ᠪᠣᠯᠭ᠋ᠠᠵᠤ᠂ ᠶᠡᠷᠦᠩᠬᠡᠢ ᠱᠦᠵᠢ ᠵᠢᠨ ᠬᠡᠯᠡᠭᠰᠡᠨ ᠰᠢᠭ ᠬᠦᠨᠳᠦ ᠶᠡᠬᠡ ᠠᠶᠤᠯ ᠲᠦᠭᠰᠢᠭᠦᠷᠢ ᠵᠢ ᠪᠤᠢ ᠪᠣᠯᠭ᠋ᠠᠵᠤ ᠮᠡᠳᠡᠬᠦ ᠪᠥᠭᠡᠳ ᠪᠦᠬᠦ ᠨᠡᠢ᠍ᠢ᠍ᠭᠡᠮ᠎ᠳᠤ ᠴᠦ᠍ ᠮᠠᠰᠢ ᠶᠡᠬᠡ ᠨᠥᠯᠥᠭᠡ ᠦᠵᠡᠭᠦᠯᠵᠦ ᠮᠡᠳᠡᠬᠦ ᠶᠤᠮ᠃ ᠡᠢ᠍ᠢ᠍ᠮᠦ᠎ᠠᠴᠠ᠂ ᠡᠳᠡᠭᠡᠷ᠎ᠲᠤ ᠴᠢᠭᠯᠡᠭᠦᠯᠦᠨ᠂ ᠪᠢᠳᠡ ᠪᠠᠷᠢᠮᠵᠢᠶ᠎ᠠ᠎ᠠᠴᠠ ᠬᠡᠲᠦᠷᠡᠭᠰᠡᠨ ᠦᠶᠡᠷ ᠤᠰᠤᠳᠤᠯ᠎ᠳᠤ ᠡᠮᠬᠢ ᠵᠢᠷᠤᠮ ᠥᠬᠡᠶ ᠳᠠᠢ᠍ᠢ᠍ᠨ ᠬᠢᠵᠦ ᠪᠣᠯᠬᠤ ᠥᠬᠡᠶ᠂ ᠪᠠᠷᠢᠮᠵᠢᠶ᠎ᠠ ᠵᠢᠨ ᠳᠣᠲᠣᠷᠠᠬᠢ ᠦᠶᠡᠷ ᠤᠰᠤᠳᠤᠯ᠎ᠳᠤ ᠰᠠᠨᠠᠭ᠋ᠠᠨ᠎ᠳᠤ ᠥᠬᠡᠶ ᠬᠡᠷᠡᠭ ᠭᠠᠷᠴᠤ ᠪᠣᠯᠬᠤ ᠥᠬᠡᠶ ᠭᠡᠵᠦ ᠲᠣᠳᠣᠷᠬᠠᠶ ᠲᠣᠭᠲᠠᠭ᠋ᠠᠵᠠᠶ; ᠤᠰᠤᠨ ᠴᠥᠭᠥᠷᠥᠮ᠎ᠤᠨ ᠠᠵᠢᠯ᠎ᠨᠢ ᠬᠦᠷᠦᠯᠴᠡᠬᠦ ᠦᠭᠡᠢ᠎ᠠᠴᠠ ᠪᠤᠯᠵᠤ ᠬᠠᠰᠢᠯᠭ᠎ᠠ ᠵᠢ ᠨᠤᠷᠠᠭ᠋ᠠᠬᠤ ᠡᠨᠳᠡᠯ ᠭᠠᠷᠭ᠋ᠠᠬᠤ ᠦᠭᠡᠢ᠂ ᠤᠰᠤᠨ ᠴᠥᠭᠥᠷᠥᠮ᠎ᠤᠨ᠎ᠬᠢᠨ ᠬᠠᠰᠢᠯᠭ᠎ᠠ ᠨᠤᠷᠠᠪᠠᠯ ᠳᠤᠤᠷᠠᠳᠤ ᠤᠷᠤᠰᠬᠠᠯ᠎ᠨᠢ ᠮᠠᠰᠢ ᠶᠡᠬᠡ ᠭᠠᠮᠰᠢᠭ᠎ᠲᠤ ᠤᠴᠠᠷᠠᠭᠤᠯᠬᠤ ᠵᠢ ᠤᠯᠠᠨ ᠵᠶ᠋ᠠᠷ ᠵᠶ᠋ᠠᠨ ᠪᠦᠷ ᠮᠡᠳᠡᠵᠤ ᠪᠠᠢ᠍ᠢ᠍ᠨ᠎ᠠ; ᠳᠠᠬᠢᠪᠠᠯ ᠠᠭᠤᠯᠠᠨ ᠦᠶᠡᠷ᠎ᠤᠨ ᠭᠠᠮᠰᠢᠭ᠎ᠲᠤ ᠣᠯᠠᠨ ᠬᠥᠮᠦᠨ ᠥᠭᠦᠵᠦ ᠣᠯᠠᠨ ᠬᠥᠮᠦᠨ ᠰᠢᠷᠬᠠᠲᠤᠬᠤ ᠪᠠᠢ᠍ᠢ᠍ᠳᠠᠯ ᠭᠠᠷᠴᠤ ᠪᠣᠯᠬᠤ ᠥᠬᠡᠶ᠂ ᠠᠭᠤᠯᠠᠨ ᠦᠶᠡᠷ᠎ᠤᠨ ᠭᠠᠮᠰᠢᠭ᠎ᠢ ᠰᠡᠷᠭᠡᠢ᠍ᠢ᠍ᠯᠡᠬᠦ᠎ᠳᠤ ᠬᠦᠴᠢᠷ᠎ᠤᠨ ᠬᠡᠮᠵᠢᠶ᠎ᠡ ᠶᠡᠬᠡ ᠪᠣᠯᠬᠣᠷ ᠴᠠᠭ ᠲᠤᠬᠠᠶ᠎ᠳᠤᠨᠢ ᠤᠷᠢᠳᠴᠢᠯᠠᠨ ᠰᠡᠷᠡᠮᠵᠢᠯᠡᠭᠦᠯᠵᠦ ᠨᠡᠭᠦᠯᠭᠡᠨ ᠰᠢᠯᠵᠢᠭᠦᠯᠬᠦ ᠯᠡ ᠬᠡᠷᠡᠭᠲᠡᠶ᠃ ᠪᠢᠳᠡ ᠡᠭᠦᠨ᠎ᠢ ᠡᠨᠡ ᠵᠢᠯ᠎ᠤᠨ ᠬᠠᠷᠠᠯᠲᠠ᠎ᠪᠠᠨ ᠪᠣᠯᠭ᠋ᠠᠵᠤ᠂ ᠳᠠᠷᠠᠭ᠎ᠠ᠎ᠨᠢ ᠡᠨᠡ ᠬᠦ᠌ ᠬᠠᠷᠠᠯᠲᠠ᠎ᠳᠤ ᠴᠢᠭᠯᠡᠭᠦᠯᠦᠨ ᠨᠢᠭᠡᠳ ᠨᠢᠭᠡ᠎ᠪᠠᠷ ᠨᠠᠷᠢᠯᠢᠬ᠍ᠵᠢᠭᠤᠯᠤᠨ ᠪᠠᠢ᠍ᠢ᠍ᠷᠢᠯᠠᠭᠤᠯᠵᠤ᠂ ᠬᠣᠯᠪᠣᠭᠳᠠᠯ ᠪᠦᠬᠦᠢ ᠠᠷᠭ᠎ᠠ ᠬᠡᠮᠵᠢᠶ᠎ᠡ ᠵᠢ ᠨᠠᠢ᠍ᠢ᠍ᠳᠠᠪᠤᠷᠢᠵᠢᠭᠤᠯᠤᠨ᠎ᠠ᠃
      ᠶᠧ ᠵᠢᠶᠠᠨ ᠴᠦᠨ 2020 — 09 — 24 10᠄ 20᠄ 14
      ᠡᠨᠡ ᠵᠢᠯ᠎ᠤᠨ ᠦᠶᠡᠷ ᠤᠰᠤᠳᠤᠯ᠎ᠤᠨ ᠪᠠᠢ᠍ᠢ᠍ᠳᠠᠯ᠎ᠢ ᠪᠢ ᠡᠮᠦᠨ᠎ᠡ ᠨᠢᠭᠡᠨᠲᠡ ᠲᠠᠨᠢᠯᠴᠠᠭᠤᠯᠵᠤ ᠥᠩᠭᠡᠷᠡᠭᠰᠡᠨ ᠶᠤᠮ᠂ ᠦᠶᠡᠷ᠎ᠠᠴᠠ ᠡᠮᠦᠨ᠎ᠡ ᠮᠠᠨ᠎ᠤ ᠳᠤᠷᠠᠳᠤᠭᠰᠠᠨ ᠰᠡᠷᠭᠡᠢ᠍ᠢ᠍ᠯᠡᠬᠦ ᠬᠠᠷᠠᠯᠲᠠ ᠵᠢᠨ ᠶᠣᠰᠣᠭ᠋ᠠᠷ᠂ ᠪᠦᠬᠦ ᠰᠢᠰᠲ᠋ᠧᠮ ᠵᠶ᠋ᠠᠷ ᠵᠶ᠋ᠠᠨ ᠬᠠᠮᠲᠤ᠎ᠪᠠᠷ ᠴᠢᠷᠮᠠᠢ᠍ᠢ᠍ᠵᠤ᠂ ᠵᠣᠬᠢᠴᠠᠩᠭᠤᠢ ᠰᠡᠷᠭᠡᠢ᠍ᠢ᠍ᠯᠡᠯᠲᠡ ᠵᠢᠨ ᠠᠵᠢᠯ᠎ᠢ ᠡᠮᠬᠢ ᠵᠢᠷᠤᠮ᠎ᠲᠠᠢ ᠪᠦᠲᠦᠮᠵᠢᠲᠡᠢ ᠥᠷᠨᠢᠭᠦᠯᠪᠡ᠃
      ᠡᠨᠡ ᠬᠦ᠌ ᠪᠠᠷᠢᠮᠵᠢᠶ᠎ᠠ᠎ᠠᠴᠠ ᠬᠡᠲᠦᠷᠡᠭᠰᠡᠨ ᠦᠶᠡᠷ ᠤᠰᠤᠳᠤᠯ᠎ᠳᠤ ᠴᠢᠭᠯᠡᠭᠦᠯᠦᠨ᠂ ᠪᠢᠳᠡ ᠦᠶᠡᠷ᠎ᠠᠴᠠ ᠡᠮᠦᠨ᠎ᠡ ᠡᠯ᠎ᠡ ᠮᠤᠵᠢ ᠬᠣᠲᠠ᠂ ᠡᠯ᠎ᠡ ᠰᠠᠪᠠ ᠭᠠᠵᠠᠷ᠎ᠢ ᠪᠠᠭᠲᠠᠭ᠋ᠠᠭᠰᠠᠨ ᠤᠰᠤᠨ ᠠᠰᠢᠭᠯᠠᠯᠲᠠ ᠵᠢᠨ ᠰᠠᠯᠠᠭ᠎ᠠ ᠮᠥᠴᠢᠷ᠎ᠤᠨ ᠪᠠᠢ᠍ᠢ᠍ᠭᠤᠯᠤᠮᠵᠢ ᠵᠢᠨ ᠣᠷᠣᠨ ᠲᠣᠭ᠋ᠠᠨ᠎ᠤ ᠰᠡᠷᠭᠡᠢ᠍ᠢ᠍ᠯᠡᠯᠲᠡ ᠵᠢᠨ ᠲᠥᠰᠦᠯ᠎ᠢ ᠵᠣᠬᠢᠶᠠᠨ ᠪᠠᠢ᠍ᠢ᠍ᠭᠤᠯᠵᠤ᠂ ᠡᠨᠡ ᠬᠦ᠌ ᠰᠡᠷᠭᠡᠢ᠍ᠢ᠍ᠯᠡᠯᠲᠡ ᠵᠢᠨ ᠲᠥᠰᠦᠯ᠎ᠳᠤ ᠮᠠᠰᠢ ᠴᠢᠬᠤᠯᠠ ᠬᠣᠶᠠᠷ ᠴᠢᠬᠤᠯᠠ ᠵᠦᠢ᠍ᠯ ᠪᠤᠢ᠂ ᠨᠢᠭᠡ᠎ᠨᠢ ᠳᠠᠷᠤᠶ ᠬᠥᠮᠦᠨ᠎ᠤ ᠠᠮᠤᠷ ᠲᠦᠪᠰᠢᠨ ᠵᠶ᠋ᠠᠷ ᠬᠤᠷᠢᠭ᠎ᠠ ᠱᠤᠭᠤᠮ ᠪᠣᠯᠭ᠋ᠠᠨ᠎ᠠ᠂ ᠨᠦᠭᠦᠭᠡ᠎ᠨᠢ ᠵᠠᠩᠭᠢᠯᠠᠭ᠎ᠠ ᠵᠢᠨ ᠭᠤᠭᠴᠤᠭ᠎ᠠ ᠵᠢᠨ ᠤᠰᠤᠨ ᠲᠦᠪᠰᠢᠨ ᠪᠤᠶᠤ ᠤᠷᠤᠰᠬᠠᠯ᠎ᠤᠨ ᠬᠡᠮᠵᠢᠶ᠎ᠡ᠎ᠪᠠᠷ ᠭᠦᠢ᠍ᠴᠡᠳᠬᠡᠯ ᠲᠣᠭ᠎ᠠ ᠪᠣᠯᠭ᠋ᠠᠵᠤ᠂ ᠡᠯ᠎ᠡ ᠰᠠᠪᠠ ᠭᠠᠵᠠᠷ ᠪᠤᠶᠤ ᠡᠯ᠎ᠡ ᠮᠤᠵᠢ ᠵᠢᠨ ᠵᠣᠬᠢᠴᠠᠩᠭᠤᠶ 《ᠠᠵᠢᠯᠯᠠᠭ᠋ᠠᠨ᠎ᠤ ᠵᠢᠷᠤᠭ》᠎ᠢ ᠲᠣᠭᠲᠠᠭ᠋ᠠᠵᠤ᠂ ᠬᠢᠨᠠᠨ ᠬᠡᠮᠵᠢᠵᠦ ᠤᠷᠢᠳᠴᠢᠯᠠᠨ ᠮᠡᠳᠡᠭᠡᠯᠡᠬᠦ᠂ ᠲᠣᠬᠢᠷᠠᠭᠤᠯᠤᠨ ᠬᠡᠷᠡᠭᠯᠡᠬᠦ᠂ ᠬᠥᠮᠦᠨ᠎ᠢ ᠰᠢᠯᠵᠢᠭᠦᠯᠬᠦ ᠵᠡᠷᠭᠡ ᠠᠷᠭ᠎ᠠ ᠬᠡᠮᠵᠢᠶ᠎ᠡ ᠵᠢ ᠨᠠᠢ᠍ᠢ᠍ᠳᠠᠪᠤᠷᠢᠵᠢᠭᠤᠯᠵᠤ᠂ ᠲᠠᠢ᠍ᠢ᠍ᠯᠠᠯᠳᠤᠭ᠋ᠠᠨ᠎ᠢ ᠰᠠᠮᠠᠭᠤᠷᠠᠭᠤᠯᠬᠤ ᠦᠭᠡᠢ ᠪᠠᠢ᠍ᠢ᠍ᠬᠤ ᠵᠢ ᠪᠠᠲᠤᠯᠠᠨ᠎ᠠ᠃ ᠵᠢᠱ᠌ᠢᠶᠡᠯᠡᠪᠡᠯ ᠮᠠᠨ᠎ᠤ ᠡᠨᠡ ᠵᠢᠯ᠎ᠤᠨ ᠬᠤᠸᠠᠢ᠍ᠢ᠍ᠾᠧ ᠭᠣᠣᠯ᠎ᠢ ᠤᠯᠡᠠ ᠵᠶ᠋ᠠᠷ ᠵᠶ᠋ᠠᠨ ᠪᠦᠷ ᠮᠡᠳᠡᠵᠦ ᠪᠠᠢ᠍ᠢ᠍ᠬᠤ ᠪᠤᠯ ᠨᠡᠯᠢᠶᠡᠳ ᠨᠡᠢ᠍ᠢ᠍ᠲᠡᠯᠢᠭ ᠵᠢᠱ᠌ᠢᠶ᠎ᠡ ᠪᠤᠯᠬᠤ ᠸᠠᠩ ᠵᠢᠶᠠ ᠪᠠ ᠬᠠᠰᠢᠯᠭ᠎ᠠ ᠵᠢᠨ ᠤᠰᠤᠨ ᠲᠦᠪᠰᠢᠨ ᠦᠳᠲᠡᠷ ᠲᠦᠷᠭᠡᠨ ᠳᠡᠭᠡᠭᠰᠢᠯᠡᠵᠦ᠂ ᠪᠢᠳᠡ ᠴᠠᠭ ᠲᠤᠬᠠᠶ᠎ᠳᠤᠨᠢ ᠲᠤᠬᠠᠶ ᠵᠢᠨ ᠭᠠᠵᠠᠷ᠎ᠤᠨ ᠵᠠᠰᠠᠭ᠎ᠤᠨ ᠣᠷᠳᠣᠨ᠎ᠳᠤ ᠬᠣᠯᠪᠣᠭᠳᠠᠯ ᠪᠦᠬᠦᠢ ᠬᠥᠮᠦᠰ᠎ᠢ ᠤᠷᠢᠳᠴᠢᠯᠠᠨ ᠨᠡᠭᠦᠯᠭᠡᠨ ᠰᠢᠯᠵᠢᠭᠦᠯᠬᠦ᠎ᠪᠠᠷ ᠮᠡᠳᠡᠭᠳᠡᠵᠦ᠂ ᠪᠠᠷᠤᠭ 7 ᠰᠠᠷ᠎ᠠ ᠵᠢᠨ 15᠂ 16᠎ᠤ ᠡᠳᠦᠷ᠎ᠤᠨ ᠦᠶ᠎ᠡ᠎ᠪᠠᠷ ᠠᠨᠾᠦ᠋ᠢ ᠮᠤᠵᠢ᠎ᠲᠠᠢ ᠵᠥᠪᠳᠡᠯᠴᠡᠵᠦ᠂ ᠠᠵᠢᠯᠲᠠᠨ ᠵᠶ᠋ᠠᠨ ᠵᠣᠬᠢᠰᠲᠠᠶ᠎ᠪᠠᠷ ᠰᠢᠯᠵᠢᠭᠦᠯᠵᠦ᠂ ᠤᠰᠤᠨ᠎ᠤ ᠲᠦᠪᠰᠢᠨ᠎ᠢ ᠪᠠᠲᠤᠯᠠᠭ᠎ᠠ᠎ᠠᠴᠠ ᠬᠡᠲᠦᠷᠡᠭᠰᠡᠨ ᠪᠣᠯ 19᠎ᠤ ᠡᠳᠦᠷ ᠪᠣᠯᠤᠨ᠎ᠠ᠂ ᠪᠢᠳᠡ ᠨᠠᠷᠢᠨ ᠬᠢᠨᠠᠮᠠᠭ᠋ᠠᠶ ᠵᠠᠳᠠᠯᠤᠯᠲᠠ ᠬᠢᠵᠦ᠂ ᠪᠦᠬᠦᠨ᠎ᠢ ᠨᠡᠭᠦᠯᠭᠡᠨ ᠰᠢᠯᠵᠢᠭᠦᠯᠦᠭᠰᠡᠨ᠎ᠢ ᠨᠤᠲᠠᠯᠠᠭᠰᠠᠨ ᠰᠠᠭᠤᠷᠢᠨ ᠳᠡᠭᠡᠷ᠎ᠡ ᠦᠶᠡᠷ᠎ᠢ ᠡᠬᠢᠯᠡᠵᠦ ᠬᠤᠪᠢᠶᠠᠨ᠎ᠠ᠂ ᠡᠨᠡ ᠪᠣᠯ 20᠎ᠤ ᠡᠳᠦᠷ ᠪᠤᠯᠤᠨ᠎ᠠ᠂ ᠤᠯᠤᠰ᠎ᠤᠨ ᠦᠶᠡᠷ ᠤᠰᠤᠳᠤᠯ᠎ᠢ ᠰᠡᠷᠭᠡᠢ᠍ᠢ᠍ᠯᠡᠨ ᠭᠠᠩ ᠬᠠᠭᠰᠠᠷᠠᠭ᠋ᠠᠨ᠎ᠢ ᠰᠡᠷᠭᠡᠢ᠍ᠢ᠍ᠯᠡᠬᠦ ᠠᠵᠢᠯ᠎ᠤᠨ ᠶᠡᠷᠦᠩᠬᠡᠢ ᠵᠢᠯᠤᠭᠤᠳᠬᠤ ᠭᠠᠵᠠᠷ᠎ᠤᠨ ᠶᠡᠷᠦᠩᠬᠡᠶ ᠺᠣᠮᠠᠨᠳ᠋ᠯᠠᠭᠴᠢ ᠸᠠᠩ ᠶᠦᠩ᠎ᠤᠨ ᠵᠥᠪᠰᠢᠶᠡᠷᠡᠯ ᠵᠶ᠋ᠠᠷ ᠸᠠᠩ ᠵᠢᠶᠠ ᠪᠠ ᠬᠠᠰᠢᠯᠭ᠎ᠠ ᠵᠢ ᠴᠠᠭ ᠲᠤᠬᠠᠶ᠎ᠳᠤᠨᠢ ᠨᠡᠭᠡᠭᠡᠵᠦ ᠦᠶᠡᠷ᠎ᠢ ᠬᠤᠪᠢᠶᠠᠨ᠎ᠠ᠃ ᠡᠯ᠎ᠡ ᠲᠠᠯ᠎ᠠ ᠵᠢᠨ᠎ᠬᠢᠨ᠎ᠤ ᠡᠮᠬᠢ ᠵᠢᠷᠤᠮ᠎ᠲᠠᠢ ᠬᠠᠮᠵᠢᠯᠴᠠᠭ᠎ᠠ ᠪᠠ ᠬᠠᠮᠲᠤ ᠵᠢᠨ ᠴᠢᠷᠮᠠᠢ᠍ᠢ᠍ᠯᠭ᠎ᠠ᠎ᠪᠠᠷ ᠳᠠᠮᠵᠢᠭ᠋ᠠᠳ᠂ ᠡᠨᠡ ᠤᠳᠠᠭ᠎ᠠ ᠵᠢᠨ ᠬᠤᠸᠠᠢ᠍ᠢ᠍ᠾᠧ ᠭᠣᠣᠯ᠎ᠤᠨ ᠶᠡᠬᠡ ᠤᠰᠤᠨ᠎ᠳᠤ ᠨᠢᠭᠡ ᠬᠥᠮᠦᠨ ᠴᠦ᠍ ᠦᠬᠦᠵᠦ ᠰᠢᠷᠬᠠᠲᠤᠭᠰᠠᠨ ᠦᠭᠡᠢ᠂ ᠤᠰᠤᠨ ᠴᠥᠭᠥᠷᠥᠮ᠎ᠤᠨ ᠬᠠᠰᠢᠯᠭ᠎ᠠ ᠵᠢ ᠴᠤ᠌ ᠰᠦᠢ᠍ᠷᠡᠭᠦᠯᠦᠭᠰᠡᠨ ᠦᠭᠡᠢ᠂ ᠭᠣᠣᠯ ᠪᠣᠯᠬᠤ ᠬᠠᠰᠢᠯᠭ᠎ᠠ ᠳᠠᠯᠠᠩ᠎ᠳᠤ ᠬᠦᠨᠳᠦ ᠶᠡᠬᠡ ᠠᠶᠤᠯ ᠲᠦᠭᠰᠢᠭᠦᠷᠢ ᠭᠠᠷᠤᠭᠰᠠᠨ ᠦᠭᠡᠢ᠂ ᠰᠡᠷᠭᠡᠢ᠍ᠢ᠍ᠯᠡᠬᠦ᠎ᠠᠴᠠ ᠪᠢᠰᠢ ᠰᠠᠮᠠᠭᠤᠷᠠᠬᠤ ᠦᠭᠡᠢ᠂ 13 ᠵᠢᠯ᠎ᠤᠨ ᠲᠤᠷᠰᠢ ᠠᠩᠬ᠎ᠠ ᠤᠳᠠᠭ᠎ᠠ ᠦᠶᠡᠷ᠎ᠢ ᠵᠠᠯᠠᠵᠤ᠂ ᠡᠢ᠍ᠢ᠍ᠮᠦ ᠶᠡᠬᠡ ᠪᠠᠷᠢᠮᠵᠢᠶ᠎ᠠ᠎ᠠᠴᠠ ᠬᠡᠲᠦᠷᠡᠭᠰᠡᠨ ᠦᠶᠡᠷ ᠤᠰᠤᠳᠤᠯ᠎ᠳᠤ ᠰᠠᠮᠠᠭᠤᠷᠠᠯ ᠡᠭᠦᠰᠦᠭᠰᠡᠨ ᠦᠭᠡᠢ᠂ ᠡᠮᠬᠢ ᠵᠢᠷᠤᠮ᠎ᠲᠠᠢ᠎ᠪᠠᠷ ᠰᠡᠷᠭᠡᠢ᠍ᠢ᠍ᠯᠡᠨ ᠬᠣᠷᠢᠭᠯᠠᠵᠤ᠂ ᠨᠢᠭᠡ ᠤᠳᠠᠭ᠋ᠠᠨ᠎ᠤ ᠭᠠᠢ᠍ᠢ᠍ᠬᠠᠮᠰᠢᠭᠲᠤ ᠲᠠᠢ᠍ᠢ᠍ᠯᠠᠯᠳᠤᠭ᠋ᠠᠨ ᠬᠢᠭᠰᠡᠨ ᠪᠠᠢ᠍ᠢ᠍ᠨ᠎ᠠ᠃ ᠶᠡᠷᠦᠩᠬᠡᠶ ᠱᠦᠵᠢ ᠰᠢ ᠵᠢᠨ ᠫᠢᠩ ᠡᠭᠦᠨ᠎ᠤ ᠳᠠᠷᠠᠭ᠎ᠠ ᠠᠨᠾᠦ᠋ᠢ ᠵᠢᠨ ᠦᠶᠡᠷ ᠤᠰᠤᠳᠤᠯ᠎ᠢ ᠰᠡᠷᠭᠡᠢ᠍ᠢ᠍ᠯᠡᠬᠦ ᠠᠵᠢᠯ᠎ᠢ ᠪᠠᠢ᠍ᠢ᠍ᠴᠠᠭ᠋ᠠᠨ ᠦᠵᠡᠬᠦ᠎ᠳᠡᠭᠡᠨ ᠡᠨᠡ ᠤᠴᠢᠷ᠎ᠢ ᠭᠦᠢ᠍ᠴᠡᠳ ᠨᠤᠲᠠᠯᠠᠭᠰᠠᠨ ᠪᠠᠢ᠍ᠢ᠍ᠨ᠎ᠠ᠃
      ᠶᠧ ᠵᠢᠶᠠᠨ ᠴᠦᠨ 2020 — 09 — 24 10᠄ 23᠄ 39
      ᠤᠰᠤᠨ ᠴᠥᠭᠥᠷᠥᠮ᠎ᠤᠨ ᠠᠮᠤᠷ ᠲᠦᠪᠰᠢᠨ᠎ᠤ ᠲᠠᠯ᠎ᠠ᠎ᠪᠠᠷ᠂ ᠪᠢᠳᠡ ᠤᠰᠤᠨ ᠴᠥᠭᠥᠷᠥᠮ᠎ᠤᠨ ᠠᠮᠤᠷ ᠲᠦᠪᠰᠢᠨ᠎ᠤ ᠬᠠᠷᠢᠭᠤᠴᠠᠯᠭ᠋ᠠᠲᠠᠨ᠎ᠢ ᠱᠠᠲᠤ ᠳᠠᠷᠠᠭ᠋ᠠᠯᠠᠨ ᠨᠡᠢ᠍ᠢ᠍ᠲᠡᠯᠡᠵᠦ᠂ ᠬᠣᠶᠠᠷ 《ᠭᠤᠷᠪᠠ》 ᠵᠢ ᠭᠣᠤᠯᠳᠠᠯᠭ᠎ᠠ᠎ᠲᠠᠢ ᠠᠳᠬᠤᠪᠠ᠄ ᠨᠢᠭᠡ᠎ᠨᠢ 《ᠭᠤᠷᠪᠠᠨ ᠬᠠᠷᠢᠭᠤᠴᠠᠯᠭ᠋ᠠᠲᠠᠨ》᠂ ᠵᠠᠰᠠᠭ ᠵᠠᠬᠢᠷᠭ᠋ᠠᠨ᠂ ᠮᠡᠷᠭᠡᠵᠢᠯ ᠪᠠ ᠲᠣᠭᠣᠷᠢᠨ ᠪᠠᠢ᠍ᠢ᠍ᠴᠠᠭ᠋ᠠᠬᠤ ᠬᠠᠷᠢᠭᠤᠴᠠᠯᠭ᠋ᠠᠲᠠᠨ᠎ᠢ ᠭᠣᠤᠯᠳᠠᠯᠭ᠎ᠠ᠎ᠲᠠᠢ ᠠᠳᠬᠤᠪᠠ; ᠨᠢᠭᠡ᠎ᠨᠢ 《ᠭᠤᠷᠪᠠᠨ ᠭᠣᠣᠯᠳᠠᠯᠭ᠎ᠠ᠎ᠲᠠᠢ ᠭᠤᠭᠴᠤᠭ᠎ᠠ》᠂ ᠬᠢᠨᠠᠨ ᠬᠡᠮᠵᠢᠵᠦ ᠤᠷᠢᠳᠴᠢᠯᠠᠨ ᠮᠡᠳᠡᠭᠡᠯᠡᠵᠦ ᠤᠷᠢᠳᠴᠢᠯᠠᠨ ᠰᠡᠷᠡᠮᠵᠢᠯᠡᠭᠦᠯᠬᠦ᠂ ᠲᠣᠬᠢᠷᠠᠭᠤᠯᠤᠨ ᠬᠡᠷᠡᠭᠯᠡᠬᠦ ᠲᠥᠰᠦᠯ ᠪᠣᠯᠤᠨ ᠦᠶᠡᠷ ᠤᠰᠤᠳᠤᠯ᠎ᠢ ᠰᠡᠷᠭᠡᠢ᠍ᠢ᠍ᠯᠡᠬᠦ ᠪᠠᠴᠢᠮ ᠪᠠᠢ᠍ᠢ᠍ᠳᠠᠯ᠎ᠢ ᠠᠷᠭ᠋ᠠᠴᠠᠭ᠋ᠠᠬᠤ ᠪᠡᠯᠡᠳᠬᠡᠯ ᠲᠥᠰᠦᠯ ᠪᠣᠯᠤᠨ᠎ᠠ᠃ ᠡᠭᠦᠨ᠎ᠤ ᠬᠠᠮᠳᠤ᠂ ᠪᠢᠳᠡ ᠰᠦᠯᠵᠢᠶᠡᠨ ᠳᠡᠭᠡᠷᠡᠬᠢ ᠪᠠ ᠰᠦᠯᠵᠢᠶᠡᠨ᠎ᠤ ᠭᠠᠳᠠᠨᠠᠬᠢ ᠵᠢ ᠤᠶᠠᠯᠳᠤᠭᠤᠯᠵᠤ᠂ ᠲᠤᠮᠤ ᠳᠤᠮᠳᠠ ᠬᠡᠯᠪᠡᠷᠢ ᠵᠢᠨ ᠤᠰᠤᠨ ᠴᠥᠭᠥᠷᠥᠮ᠎ᠤᠨ ᠦᠶᠡᠷ᠎ᠤᠨ ᠬᠢᠵᠠᠭ᠋ᠠᠷ᠎ᠤᠨ ᠤᠰᠤᠨ ᠲᠦᠪᠰᠢᠨ᠎ᠤ ᠬᠢᠨᠠᠯᠲᠠ ᠬᠠᠮᠢᠶᠠᠷᠤᠯᠲᠠ ᠵᠢ ᠴᠢᠩᠭ᠋ᠠᠳᠬᠠᠵᠤ᠂ ᠦᠶᠡᠷ ᠤᠰᠤᠳᠤᠯ᠎ᠢ ᠰᠡᠷᠭᠡᠢ᠍ᠢ᠍ᠯᠡᠬᠦ ᠲᠤᠬᠢᠷᠠᠭᠤᠯᠤᠯᠲᠠ ᠬᠡᠷᠡᠭᠯᠡᠯᠲᠡ ᠵᠢ ᠰᠢᠨᠵᠢᠯᠡᠬᠦ ᠤᠬᠠᠭ᠋ᠠᠨᠴᠢ᠎ᠪᠠᠷ ᠥᠷᠨᠢᠭᠦᠯᠵᠦ᠂ 《ᠲᠦᠷᠪᠡᠨ ᠦᠯᠦ ᠬᠣᠶᠠᠷ ᠰᠢᠯᠤᠭᠤᠨ》 ᠨᠢᠭᠤᠴᠠ᠎ᠪᠠᠷ ᠰᠤᠷᠪᠤᠯᠵᠢᠯᠠᠬᠤ ᠵᠢ ᠦᠷᠭᠦᠯᠵᠢᠯᠡᠨ ᠥᠷᠨᠢᠭᠦᠯᠵᠦ᠂ ᠵᠣᠬᠢᠴᠠᠩᠭᠤᠶ ᠠᠷᠭ᠎ᠠ ᠬᠡᠮᠵᠢᠶ᠎ᠡ ᠵᠢ ᠪᠣᠳᠠᠲᠠᠶ᠎ᠪᠠᠷ ᠨᠠᠢ᠍ᠢ᠍ᠳᠠᠪᠤᠷᠢᠵᠢᠭᠤᠯᠤᠨ᠎ᠠ᠂ ᠡᠭᠦᠨ᠎ᠤ ᠭᠣᠣᠯᠳᠠᠯᠭ᠎ᠠ᠎ᠨᠢ 《ᠭᠤᠷᠪᠠᠨ ᠬᠠᠷᠢᠭᠤᠴᠠᠯᠭ᠋ᠠᠲᠠᠨ》 ᠪᠣᠯᠤᠨ᠎ᠠ᠂ 《ᠭᠤᠷᠪᠠᠨ ᠭᠣᠣᠯᠳᠠᠯᠭ᠎ᠠ᠎ᠲᠠᠢ ᠭᠤᠭᠴᠤᠭ᠎ᠠ》ᠵᠢ ᠴᠥᠮ ᠮᠠᠨ᠎ᠤ ᠱᠠᠭ᠋ᠠᠷᠳᠠᠯᠭ᠎ᠠ ᠶᠣᠰᠣᠭ᠋ᠠᠷ ᠪᠣᠳᠠᠲᠠᠶ᠎ᠪᠠᠷ ᠭᠦᠢ᠍ᠴᠡᠳᠬᠡᠨ᠎ᠡ᠃ ᠡᠨᠡ ᠵᠢᠯ᠎ᠤᠨ ᠦᠶᠡᠷ ᠤᠰᠤᠳᠤᠯ᠎ᠤᠨ ᠪᠠᠢ᠍ᠢ᠍ᠳᠠᠯ ᠡᠢ᠍ᠢ᠍ᠮᠦ ᠬᠦᠨᠳᠦ ᠨᠣᠴᠢᠲᠠᠶ ᠪᠣᠯᠤᠭᠰᠠᠨ ᠪᠠᠢ᠍ᠢ᠍ᠳᠠᠯ᠎ᠤᠨ ᠳᠣᠣᠷ᠎ᠠ᠂ ᠮᠠᠨ᠎ᠤ ᠲᠣᠭᠣᠷᠢᠨ ᠪᠠᠢ᠍ᠢ᠍ᠴᠠᠭ᠋ᠠᠬᠤ ᠬᠠᠷᠢᠭᠤᠴᠠᠯᠭ᠋ᠠᠲᠠᠨ᠎ᠠᠴᠠ ᠨᠢᠭᠡ ᠪᠠᠭ᠎ᠠ (2) ᠬᠡᠯᠪᠡᠷᠢ ᠵᠢᠨ ᠤᠰᠤᠨ ᠴᠥᠭᠥᠷᠥᠮ᠎ᠳᠤ ᠬᠠᠰᠢᠯᠭ᠎ᠠ ᠨᠤᠷᠠᠭᠰᠠᠨ ᠪᠠᠢ᠍ᠢ᠍ᠳᠠᠯ᠎ᠢ ᠳᠤᠤᠷᠠᠳᠤ ᠤᠷᠤᠰᠬᠠᠯ᠎ᠳᠤ ᠴᠠᠭ ᠲᠤᠬᠠᠶ᠎ᠳᠤᠨᠢ ᠬᠡᠯᠡᠵᠦ ᠥᠭᠭᠦᠭᠰᠡᠨ᠎ᠠᠴᠠ ᠳᠤᠤᠷᠠᠳᠤ ᠤᠷᠤᠰᠬᠠᠯ᠎ᠤᠨ ᠰᠦᠷᠳᠡᠭᠦᠯᠦᠯ᠎ᠳᠤ ᠤᠴᠠᠷᠠᠭᠰᠠᠨ ᠭᠠᠵᠠᠷ ᠣᠷᠣᠨ᠎ᠤ ᠤᠯᠠᠨ ᠲᠦᠮᠡᠨ ᠴᠠᠭ ᠲᠤᠬᠠᠶ᠎ᠳᠤᠨᠢ ᠬᠠᠷᠢᠭᠤ ᠲᠤᠰᠬᠠᠯ ᠭᠠᠷᠭ᠋ᠠᠵᠤ᠂ ᠨᠢᠭᠡ ᠴᠦ᠍ ᠬᠥᠮᠦᠨ ᠦᠬᠦᠵᠦ ᠰᠢᠷᠬᠠᠲᠤᠭᠰᠠᠨ ᠦᠭᠡᠢ᠂ ᠡᠢ᠍ᠢ᠍ᠮᠦ᠎ᠠᠴᠠ ᠡᠨᠡ ᠪᠣᠯ ᠡᠨᠡ ᠭᠤᠷᠪᠠᠨ ᠬᠠᠷᠢᠭᠤᠴᠠᠯᠭ᠋ᠠᠲᠠᠨ᠎ᠤ ᠠᠵᠢᠯ᠎ᠢ ᠪᠠᠷᠢᠭ᠋ᠠᠳ ᠣᠯᠤᠭᠰᠠᠨ ᠮᠠᠰᠢ ᠢᠯᠡᠷᠬᠡᠶ ᠦᠷ᠎ᠡ ᠪᠦᠲᠦᠮᠵᠢ ᠪᠤᠯᠤᠨ᠎ᠠ᠃
      ᠠᠭᠤᠯᠠᠨ ᠦᠶᠡᠷ᠎ᠤᠨ ᠭᠠᠮᠰᠢᠭ᠎ᠤᠨ ᠲᠤᠬᠠᠶ᠂ ᠤᠰᠤᠨ ᠠᠰᠢᠭᠯᠠᠯᠲᠠ ᠵᠢᠨ ᠶᠠᠮᠤᠨ᠎ᠠᠴᠠ ᠡᠯ᠎ᠡ ᠱᠠᠲᠤᠨ᠎ᠤ ᠤᠰᠤᠨ ᠠᠰᠢᠭᠯᠠᠯᠲᠠ ᠵᠢᠨ ᠰᠠᠯᠠᠭ᠎ᠠ ᠮᠥᠴᠢᠷ᠎ᠢ ᠵᠢᠯᠣᠭᠣᠳᠤᠨ ᠠᠭᠤᠯᠠᠨ ᠦᠶᠡᠷ᠎ᠤᠨ ᠭᠠᠮᠰᠢᠭ᠎ᠢ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ ᠰᠢᠰᠲ᠋ᠧᠮ ᠪᠠ ᠤᠯᠠᠨ ᠵᠶ᠋ᠠᠷ ᠵᠶ᠋ᠠᠨ ᠬᠡᠮᠵᠢᠵᠦ ᠤᠯᠠᠨ ᠵᠶ᠋ᠠᠷ ᠵᠶ᠋ᠠᠨ ᠰᠡᠷᠭᠡᠢ᠍ᠢ᠍ᠯᠡᠬᠦ ᠰᠢᠰᠲ᠋ᠧᠮ᠎ᠤᠨ ᠦᠢ᠍ᠯᠡᠳᠦᠯ᠎ᠢ ᠭᠦᠢ᠍ᠴᠡᠳ ᠪᠠᠳᠠᠷᠠᠭᠤᠯᠵᠤ᠂ 《ᠭᠤᠷᠪᠠᠨ ᠲᠤᠮᠤ ᠡᠵᠡᠩᠨᠡᠯᠲᠡ ᠵᠢᠨ ᠬᠤᠳᠠᠯᠳᠤᠭ᠋ᠠᠴᠢᠨ》᠎ᠲᠠᠢ ᠨᠢᠭᠲᠠ ᠬᠠᠮᠵᠢᠯᠴᠠᠨ᠂ ᠠᠭᠤᠯᠠᠨ ᠦᠶᠡᠷ᠎ᠤᠨ ᠭᠠᠮᠰᠢᠭ᠎ᠤᠨ ᠡᠳᠡᠭᠡᠷ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠵᠢ ᠴᠠᠭ ᠲᠤᠬᠠᠶ᠎ᠳᠤᠨᠢ ᠲᠠᠷᠬᠠᠭ᠋ᠠᠵᠤ᠂ ᠰᠦᠷᠳᠡᠭᠦᠯᠦᠯ᠎ᠳᠤ ᠤᠴᠠᠷᠠᠭᠰᠠᠨ ᠪᠤᠢ ᠪᠦᠬᠦᠢ ᠬᠥᠮᠦᠰ᠎ᠲᠤ ᠳᠠᠮᠵᠢᠭᠤᠯᠵᠠᠢ᠃ ᠡᠭᠦᠨ᠎ᠤ ᠬᠠᠮᠳᠤ᠂ ᠦᠨᠳᠦᠰᠦᠨ ᠱᠠᠲᠤᠨ᠎ᠤ ᠣᠷᠣᠨ ᠨᠤᠲᠤᠭ᠎ᠤᠨ ᠵᠠᠰᠠᠭ᠎ᠤᠨ ᠣᠷᠳᠣᠨ᠎ᠢ ᠵᠢᠭ᠋ᠠᠨ ᠵᠢᠯᠣᠭᠣᠳᠴᠤ ᠪᠠᠢ᠍ᠢ᠍ᠭ᠋ᠠᠳ 《ᠴᠢᠭᠯᠡᠯ᠎ᠨᠢ ᠲᠠᠭ᠋ᠠᠷᠠᠵᠤ᠂ ᠲᠦᠷᠭᠡᠨ ᠭᠦᠶᠦᠬᠦ》 ᠡᠢ᠍ᠢ᠍ᠮᠦ ᠨᠢᠭᠡᠨ ᠠᠷᠭ᠎ᠠ ᠵᠠᠮ ᠵᠶ᠋ᠠᠷ ᠰᠦᠷᠳᠡᠭᠦᠯᠦᠯ᠎ᠳᠤ ᠤᠴᠠᠷᠠᠭᠰᠠᠨ ᠭᠠᠵᠠᠷ ᠣᠷᠣᠨ᠎ᠤ ᠤᠯᠠᠨ ᠲᠦᠮᠡᠨ᠎ᠢ ᠵᠣᠬᠢᠶᠠᠨ ᠪᠠᠢ᠍ᠢ᠍ᠭᠤᠯᠤᠨ ᠴᠠᠭ ᠲᠤᠬᠠᠶ᠎ᠳᠤᠨᠢ ᠨᠡᠭᠦᠯᠭᠡᠨ ᠰᠢᠯᠵᠢᠭᠦᠯᠵᠦ᠂ ᠡᠢ᠍ᠢ᠍ᠮᠦᠷᠬᠦᠦ ᠴᠢᠷᠮᠠᠢ᠍ᠢ᠍ᠯᠭ᠎ᠠ᠎ᠨᠤᠭᠤᠳ ᠵᠶ᠋ᠠᠷ ᠳᠠᠮᠵᠢᠨ ᠠᠷᠠᠳ ᠲᠦᠮᠡᠨ᠎ᠤ ᠠᠮᠢ ᠨᠠᠰᠤ ᠡᠳ᠋ ᠬᠦᠷᠦᠨᠭᠭᠡ ᠵᠢᠨ ᠠᠮᠤᠷ ᠲᠦᠪᠰᠢᠨ᠎ᠢ ᠪᠦᠲᠦᠮᠵᠢᠲᠡᠶ᠎ᠪᠠᠷ ᠪᠠᠲᠤᠯᠠᠪᠠ᠃ ᠡᠨᠡ ᠵᠢᠯ᠎ᠤᠨ ᠠᠭᠤᠯᠠᠨ ᠦᠶᠡᠷ᠎ᠤᠨ ᠭᠠᠮᠰᠢᠭ᠎ᠠᠴᠠ ᠪᠣᠯᠤᠭᠰᠠᠨ ᠬᠥᠮᠦᠨ ᠬᠠᠷ᠎ᠠ ᠥᠭᠦᠵᠦ ᠰᠢᠷᠬᠠᠲᠤᠭᠰᠠᠨ ᠲᠣᠭ᠎ᠠ ᠵᠢ ᠣᠢ᠍ᠢ᠍ᠷ᠎ᠠ ᠵᠢᠨ ᠬᠡᠳᠦᠨ ᠵᠢᠯ᠎ᠤᠨ᠎ᠬᠢ᠎ᠲᠠᠢ ᠬᠠᠷᠢᠴᠠᠭᠤᠯᠪᠠᠯ ᠢᠯᠡᠳᠲᠡ ᠪᠠᠭᠤᠷᠠᠵᠤ᠂ ᠠᠭᠤᠯᠠᠨ ᠦᠶᠡᠷ᠎ᠤᠨ ᠭᠠᠮᠰᠢᠭ᠎ᠠᠴᠠ ᠪᠣᠯᠵᠤ ᠡᠨᠳᠡᠭᠰᠡᠨ ᠬᠥᠮᠦᠨ᠎ᠤ ᠲᠣᠭ᠎ᠠ 152 ᠪᠠᠢ᠍ᠢ᠍ᠵᠤ᠂ ᠤᠢ᠍ᠢ᠍ᠷ᠎ᠠ ᠵᠢᠨ ᠲᠠᠪᠤᠨ ᠵᠢᠯ᠎ᠤᠨ ᠳᠤᠮᠳᠠᠴᠢ ᠬᠡᠮᠵᠢᠭᠳᠡᠯ᠎ᠲᠠᠢ ᠬᠠᠷᠢᠴᠠᠭᠤᠯᠪᠠᠯ ᠪᠠᠷᠤᠭ 45%᠎ᠪᠠᠷ ᠪᠠᠭᠤᠷᠠᠭᠰᠠᠨ ᠪᠥᠭᠡᠳ ᠬᠥᠮᠦᠨ ᠬᠠᠷ᠎ᠠ ᠦᠬᠦᠵᠦ ᠰᠢᠷᠬᠠᠲᠤᠭᠰᠠᠨ᠎ᠨᠢ ᠣᠯᠠᠩᠬᠢ᠎ᠨᠢ ᠲᠠᠷᠠᠬᠠᠶ ᠪᠤᠲᠠᠷᠬᠠᠶ ᠴᠢᠨᠠᠷᠲᠠᠶ ᠶᠤᠮ᠂ ᠤᠷᠢᠳᠴᠢᠯᠠᠨ ᠰᠡᠷᠡᠮᠵᠢᠯᠡᠭᠦᠯᠬᠦ ᠦᠶ᠎ᠡ᠎ᠳᠤ ᠴᠥᠭᠡᠨ ᠲᠣᠭ᠋ᠠᠨ᠎ᠤ ᠬᠥᠮᠦᠨ ᠴᠢᠮᠡᠭᠡ ᠣᠯᠤᠭᠰᠠᠨ ᠦᠭᠡᠢ ᠪᠣᠯᠵᠤ ᠰᠢᠯᠵᠢᠭᠦᠯᠵᠦ ᠠᠮᠵᠢᠬᠰᠠᠨ ᠦᠭᠡᠢ ᠪᠠᠢ᠍ᠢ᠍ᠳᠠᠭ᠂ ᠬᠡᠯᠡᠯᠭᠡᠨ ᠦᠭᠡᠢ ᠪᠠᠰᠠ ᠣᠨᠴᠠ ᠵᠠᠷᠢᠮ ᠪᠠᠢ᠍ᠢ᠍ᠳᠠᠯ ᠪᠣᠯ ᠤᠷᠢᠳᠴᠢᠯᠠᠨ ᠰᠡᠷᠡᠮᠵᠢᠯᠡᠭᠦᠯᠬᠦ ᠴᠢᠮᠡᠭᠡ ᠵᠢ ᠣᠯᠵᠤ ᠠᠪᠤᠭ᠋ᠠᠳ ᠢᠳᠬᠠᠨ ᠬᠣᠷᠢᠭᠯᠠᠬᠤ ᠵᠢ ᠰᠣᠨᠣᠰᠬᠤ ᠦᠭᠡᠢ ᠪᠠ ᠰᠢᠯᠵᠢᠭᠦᠯᠦᠭᠰᠡᠨ᠎ᠤ ᠲᠠᠷᠠᠭ᠎ᠠ ᠰᠡᠮᠡᠭᠡᠷ ᠳᠤᠲᠠᠭ᠋ᠠᠵᠤ ᠶᠠᠪᠤᠭᠰᠠᠨ ᠡᠢ᠍ᠢ᠍ᠮᠦ ᠪᠠᠢ᠍ᠢ᠍ᠳᠠᠯ᠎ᠠᠴᠠ ᠪᠣᠯᠤᠭᠰᠠᠨ ᠦᠬᠦᠯ ᠰᠢᠷᠬᠠᠲᠤᠯ ᠪᠣᠯᠤᠨ᠎ᠠ᠂ ᠡᠨᠡ᠎ᠨᠢ ᠬᠥᠮᠦᠰ᠎ᠢ ᠲᠤᠢ᠍ᠢ᠍ᠯ᠎ᠤᠨ ᠵᠢᠷᠦᠬᠡ ᠰᠢᠮᠰᠢᠷᠡᠭᠦᠯᠦᠮ᠎ᠡ ᠶᠠᠪᠤᠳᠠᠯ ᠪᠣᠯᠬᠤ ᠶᠤᠮ᠃
ᠶᠡᠷᠦᠩᠬᠡᠶ᠎ᠳᠤᠨᠢ ᠠᠪᠴᠤ ᠦᠵᠡᠪᠡᠯ᠂ ᠡᠯ᠎ᠡ ᠲᠠᠯ᠎ᠠ ᠵᠢᠨ᠎ᠬᠢᠨ᠎ᠤ ᠴᠢᠷᠮᠠᠢ᠍ᠢ᠍ᠯᠭ᠎ᠠ᠎ᠪᠠᠷ ᠳᠠᠮᠵᠢᠭ᠋ᠠᠳ ᠵᠢᠱ᠌ᠢᠯᠲᠡ᠎ᠪᠠᠨ ᠪᠡᠶᠡᠯᠡᠭᠦᠯᠵᠦ᠂ ᠵᠢᠯ᠎ᠤᠨ ᠡᠬᠢᠨ᠎ᠳᠤ ᠲᠣᠭᠲᠠᠭ᠋ᠠᠭᠰᠠᠨ ᠬᠠᠷᠠᠯᠲᠠ ᠱᠠᠭ᠋ᠠᠷᠳᠠᠯᠭ᠎ᠠ᠎ᠳᠤ ᠬᠦᠷᠦᠭᠰᠡᠨ ᠪᠠᠢ᠍ᠢ᠍ᠨ᠎ᠠ᠃ ᠪᠠᠶᠠᠷᠯᠠᠯ᠎ᠠ!
      ᠠᠷᠠᠳ᠎ᠤᠨ ᠰᠦᠯᠵᠢᠶ᠎ᠡ ᠵᠢᠨ ᠰᠤᠷᠪᠤᠯᠵᠢᠯᠠᠭᠴᠢ 2020 — 09 — 24 10᠄ 24᠄ 07
      ᠲᠡᠭᠡᠪᠡᠯ ᠤᠰᠤᠨ ᠠᠰᠢᠭᠯᠠᠯᠲᠠ ᠵᠢᠨ ᠶᠠᠮᠤᠨ ᠦᠶᠡᠷ ᠤᠰᠤᠳᠤᠯ᠎ᠢ ᠰᠡᠷᠭᠡᠢ᠍ᠢ᠍ᠯᠡᠬᠦ ᠲᠣᠬᠢᠷᠠᠭᠤᠯᠤᠯᠲᠠ ᠵᠢᠨ ᠶᠠᠪᠤᠴᠠ᠎ᠳᠤ ᠭᠣᠤᠯᠳᠠᠭᠤ ᠠᠯᠢ ᠠᠯᠢ ᠲᠠᠯ᠎ᠠ ᠵᠢ ᠠᠩᠬᠠᠷᠬᠤ᠂ ᠰᠢᠢ᠍ᠳᠪᠦᠷᠢᠲᠦ ᠪᠣᠳᠣᠯᠭ᠎ᠠ ᠲᠣᠭᠲᠠᠭ᠋ᠠᠬᠤ᠎ᠳᠤ ᠶᠠᠮᠠᠷ ᠶᠠᠮᠠᠷ ᠬᠦᠴᠢᠷᠳᠠᠯ᠎ᠲᠠᠢ ᠪᠠᠢ᠍ᠢ᠍ᠬᠤ᠂ ᠲᠣᠬᠢᠷᠠᠭᠤᠯᠤᠯᠲᠠ ᠵᠢᠨ ᠦᠷ᠎ᠡ ᠳ᠋ᠦᠩ᠎ᠨᠢ ᠶᠠᠮᠠᠷ ᠵᠡᠷᠭᠡ ᠪᠣᠶ? ᠪᠠᠶᠠᠷᠯᠠᠯ᠎ᠠ!
      ᠲᠢᠶᠠᠨ ᠢ ᠲᠠᠩ 2020 — 09 — 24 10᠄ 27᠄ 52
      ᠳᠠᠨ᠎ᠤ ᠠᠰᠠᠭᠤᠭᠰᠠᠨ᠎ᠳᠤ ᠲᠠᠯᠠᠷᠬᠠᠵᠤ ᠪᠠᠢ᠍ᠢ᠍ᠨ᠎ᠠ! ᠰᠠᠶᠢᠬᠠᠨ ᠶᠧ ᠰᠠᠢ᠍ᠢ᠍ᠳ ᠡᠨᠡ ᠵᠢᠯ᠎ᠤᠨ ᠦᠶᠡᠷ ᠤᠰᠤᠳᠤᠯ᠎ᠤᠨ ᠪᠠᠢ᠍ᠢ᠍ᠳᠠᠯ᠎ᠢ ᠲᠠᠨᠢᠯᠴᠠᠭᠤᠯᠪᠠ᠂ ᠮᠠᠨ᠎ᠤ ᠲᠦᠷᠪᠡᠨ ᠶᠡᠬᠡ ᠭᠣᠣᠯ ᠮᠥᠷᠡᠨ᠂ ᠬᠥᠬᠡᠮᠥ᠋ᠷᠡᠨ᠂ ᠬᠤᠸᠠᠢ᠍ᠢ᠍ᠾᠧ ᠭᠣᠣᠯ᠂᠎ᠲᠠᠢ ᠬᠤ᠌ ᠨᠠᠭᠤᠷ᠂ ᠰᠤᠩᠭ᠋ᠠᠷᠢ ᠮᠥᠷᠡᠨ᠎ᠳᠤ ᠨᠡᠯᠢᠶᠡᠳ ᠶᠡᠬᠡ ᠦᠶᠡᠷ ᠭᠠᠷᠴᠠᠶ᠂ ᠪᠠᠰᠠ ᠵᠦᠵᠢᠶᠠᠩ ᠮᠥᠷᠡᠨ ᠪᠠ ᠬᠠᠳᠤᠨ ᠭᠣᠣᠯ᠎ᠳᠤ ᠳ᠋ᠤᠭ᠋ᠠᠷᠯᠠᠭᠰᠠᠨ ᠦᠶᠡᠷ ᠭᠠᠷᠴᠠᠶ᠂ ᠡᠨᠡ ᠵᠢᠯ᠎ᠤᠨ ᠲᠤᠬᠢᠷᠠᠭᠤᠯᠤᠯᠳᠡ᠎ᠳᠤ᠂ 3800 ᠭᠠᠷᠤᠶ ᠤᠰᠤᠨ ᠴᠥᠭᠥᠷᠥᠮ ᠪᠠ ᠦᠶᠡᠷ᠎ᠢ ᠲᠣᠭᠲᠠᠭ᠋ᠠᠨ ᠬᠤᠷᠠᠭᠤᠯᠬᠤ 10 ᠣᠷᠣᠨ ᠴᠥᠮ ᠲᠤᠬᠢᠷᠠᠭᠤᠯᠤᠯᠳᠡ᠎ᠳᠤ ᠣᠷᠣᠯᠴᠠᠵᠤ᠂ 1700 ᠭᠠᠷᠤᠶ ᠳ᠋ᠦᠩᠰᠢᠭᠤᠷ ᠪᠣᠰᠣᠭ᠎ᠠ ᠳᠥᠷᠪᠡᠯᠵᠢᠨ ᠮᠧᠲᠷ ᠦᠶᠡᠷ ᠤᠰᠤᠳᠤᠯ᠎ᠢ ᠬᠠᠰᠢᠵᠤ ᠬᠠᠳᠠᠭ᠋ᠠᠯᠠᠵᠠᠶ᠃ ᠡᠳᠡᠭᠡᠷ ᠤᠰᠤᠨ ᠴᠥᠭᠥᠷᠥᠮ᠎ᠤᠨ ᠳᠤᠬᠢᠷᠠᠭᠤᠯᠤᠯᠳᠠ ᠪᠠ ᠡᠯ᠎ᠡ ᠵᠦᠢ᠍ᠯ᠎ᠤᠨ ᠰᠡᠷᠭᠡᠢ᠍ᠢ᠍ᠯᠡᠯᠲᠡ ᠵᠢᠨ ᠠᠷᠭ᠎ᠠ ᠬᠡᠮᠵᠢᠶ᠎ᠡ᠎ᠪᠠᠷ ᠳᠠᠮᠵᠢᠭ᠋ᠠᠳ ᠡᠨᠡ ᠵᠢᠯ᠎ᠤᠨ ᠶᠡᠬᠡ ᠦᠶᠡᠷ ᠤᠰᠤᠳᠤᠯ᠎ᠢ ᠰᠡᠷᠭᠡᠢ᠍ᠢ᠍ᠯᠡᠯ᠎ᠡ ᠭᠡᠵᠦ ᠬᠡᠯᠡᠬᠦ ᠶᠣᠰᠣᠲᠠᠶ᠂ ᠡᠳᠡᠭᠡᠷ ᠠᠷᠭ᠎ᠠ ᠬᠡᠮᠵᠢᠶ᠎ᠡ᠎ᠪᠠᠷ ᠳᠠᠮᠵᠢᠭ᠋ᠠᠳ ᠡᠨᠡ ᠵᠢᠯ ᠶᠡᠬᠡ ᠭᠣᠣᠯ ᠮᠥᠷᠡᠨ᠎ᠤ ᠬᠠᠰᠢᠯᠭ᠎ᠠ ᠰᠡᠲᠡᠷᠬᠦ ᠪᠠᠢ᠍ᠢ᠍ᠳᠠᠯ ᠭᠠᠷᠤᠭᠰᠠᠨ ᠦᠬᠡᠢ᠂ ᠳᠤᠮᠤ ᠳᠤᠮᠳᠠ ᠬᠡᠯᠪᠡᠷᠢ ᠵᠢᠨ ᠪᠠ ᠪᠠᠭ᠎ᠠ (1) ᠬᠡᠯᠪᠡᠷᠢ ᠵᠢᠨ ᠤᠰᠤᠨ ᠴᠥᠭᠥᠷᠥᠮ᠎ᠳᠤ ᠬᠠᠰᠢᠯᠭ᠎ᠠ ᠨᠤᠷᠠᠭᠰᠠᠨ ᠦᠬᠡᠢ᠂ ᠠᠷᠠᠳ ᠤᠯᠠᠨ᠎ᠤ ᠠᠮᠢ ᠨᠠᠰᠤᠨ᠎ᠤ ᠠᠮᠤᠷ ᠲᠦᠪᠰᠢᠨ ᠪᠠ ᠠᠵᠤ ᠠᠬᠤᠶ ᠨᠡᠢ᠍ᠢ᠍ᠭᠡᠮ᠎ᠤᠨ ᠲᠣᠭᠲᠠᠭᠤᠨ ᠵᠶ᠋ᠠᠷ ᠶᠠᠪᠤᠭᠳᠠᠬᠤ ᠵᠢ ᠦᠨᠡᠨ ᠬᠦ᠌ ᠪᠠᠲᠤᠯᠠᠭᠰᠠᠨ ᠪᠥᠭᠡᠳ ᠶᠡᠬᠡ ᠭᠣᠣᠯ ᠮᠥᠷᠡᠨ᠎ᠤ ᠠᠮᠤᠷ ᠲᠦᠪᠰᠢᠨ ᠪᠠᠢ᠍ᠢ᠍ᠬᠤ ᠵᠢ ᠴᠤ᠌ ᠦᠨᠡᠨ ᠬᠦ᠌ ᠪᠠᠲᠤᠯᠠᠭᠰᠠᠨ ᠪᠠᠢ᠍ᠢ᠍ᠨ᠎ᠠ᠃
      ᠡᠨᠡ ᠬᠦ᠌ ᠶᠠᠪᠤᠴᠠ᠎ᠳᠤ ᠤᠰᠤᠨ ᠴᠥᠭᠥᠷᠥᠮ᠎ᠤᠨ ᠦᠢ᠍ᠯᠡᠳᠦᠯ᠎ᠢ ᠤᠮᠳᠠᠭ᠋ᠠᠢ᠍ᠢ᠍ᠯᠠᠵᠤ ᠪᠣᠯᠤᠰᠢ ᠦᠭᠡᠶ ᠭᠡᠵᠦ ᠬᠡᠯᠡᠬᠦ ᠶᠣᠰᠣᠲᠠᠶ᠂ ᠣᠯᠠᠨ᠎ᠤ ᠮᠡᠳᠡᠭᠡᠵᠢ᠎ᠪᠠᠷ ᠬᠥᠬᠡᠮᠥ᠋ᠷᠡᠨ᠎ᠤ 5 ᠳ᠋ᠤᠭ᠋ᠠᠷ ᠨᠣᠮᠧᠷᠲᠤ ᠦᠶᠡᠷ ᠤᠰᠤᠳᠤᠯ᠂ ᠭᠤᠷᠪᠠᠨ ᠬᠠᠪᠴᠢᠯ᠎ᠤᠨ ᠬᠠᠮᠤᠭ ᠶᠡᠬᠡ ᠴᠦᠭᠦᠷᠦᠮ᠎ᠳᠤ ᠣᠷᠣᠭᠤᠯᠬᠤ ᠤᠷᠤᠰᠬᠠᠯ᠎ᠤᠨ ᠬᠡᠮᠵᠢᠶ᠎ᠡ᠎ᠨᠢ ᠰᠧᠺᠦ᠋ᠨ᠋ᠳ᠋ ᠪᠦᠷᠢ 75000 ᠪᠣᠰᠣᠭ᠎ᠠ ᠳᠥᠷᠪᠡᠯᠵᠢᠨ ᠮᠧᠲᠷ ᠪᠠᠢ᠍ᠢ᠍ᠵᠤ᠂ ᠭᠤᠷᠪᠠᠨ ᠬᠠᠪᠴᠢᠯ᠎ᠤᠨ ᠣᠷᠭᠢᠯ᠎ᠢ ᠲᠣᠬᠢᠷᠠᠭᠤᠯᠬᠤ᠎ᠪᠠᠷ ᠳᠡᠮᠵᠢᠨ ᠤᠰᠤᠨ᠎ᠤ ᠣᠷᠭᠢᠯ᠎ᠤᠨ ᠬᠡᠮᠵᠢᠶ᠎ᠡ ᠵᠢ ᠬᠤᠰᠤᠬᠤ ᠨᠣᠷᠮ᠎ᠠ᠎ᠨᠢ 34%᠂ ᠰᠢᠨ ᠠᠨ ᠵᠢᠶᠠᠩ ᠤᠰᠤᠨ ᠴᠥᠭᠥᠷᠥᠮ᠎ᠤᠨ ᠤᠰᠤᠨ᠎ᠤ ᠣᠷᠭᠢᠯ᠎ᠤᠨ ᠬᠡᠮᠵᠢᠶ᠎ᠡ ᠵᠢ ᠪᠠᠭ᠋ᠠᠰᠬᠠᠬᠰᠠᠨ ᠨᠣᠷᠮ᠎ᠠ᠎ᠨᠢ 76%᠂ ᠰᠤᠩᠭ᠋ᠠᠷᠢ ᠮᠥᠷᠡᠨ᠎ᠤ   ᠹᠧᠩ ᠮᠧᠨ ᠪᠠ ᠪᠠᠶ ᠱᠠᠨ ᠤᠰᠤᠨ ᠴᠥᠭᠥᠷᠥᠮ᠎ᠤᠨ ᠤᠰᠤᠨ᠎ᠤ ᠣᠷᠭᠢᠯ᠎ᠤᠨ ᠬᠡᠮᠵᠢᠶ᠎ᠡ ᠵᠢ ᠪᠠᠭ᠋ᠠᠰᠬᠠᠭᠰᠠᠨ ᠨᠣᠷᠮ᠎ᠠ᠎ᠨᠢ 77%᠂ ᠪᠠᠰᠠ ᠬᠤᠸᠠᠢ᠍ᠢ᠍ᠾᠧ ᠭᠣᠣᠯ᠎ᠤᠨ ᠳᠡᠭᠡᠳᠦ ᠤᠷᠤᠰᠬᠠᠯ᠎ᠤᠨ ᠤᠰᠤᠨ ᠴᠥᠭᠥᠷᠥᠮ᠂ ᠶᠠᠨᠱ᠌ᠠᠨ ᠤᠰᠤᠨ ᠴᠥᠭᠥᠷᠥᠮ᠎ᠤᠨ ᠤᠰᠤᠨ᠎ᠤ ᠣᠷᠭᠢᠯ᠎ᠤᠨ ᠬᠡᠮᠵᠢᠶ᠎ᠡ ᠵᠢ ᠪᠠᠭ᠋ᠠᠰᠬᠠᠭᠰᠠᠨ ᠨᠣᠷᠮ᠎ᠠ᠎ᠨᠢ 97%᠎ᠳᠤ ᠬᠦᠷᠦᠭᠰᠡᠨ ᠪᠠᠢ᠍ᠢ᠍ᠨ᠎ᠠ᠃ ᠡᠳᠡᠭᠡᠷ ᠲᠤᠮᠤ ᠳᠤᠮᠳᠠ ᠬᠡᠯᠪᠡᠷᠢ ᠵᠢᠨ ᠤᠰᠤᠨ ᠴᠥᠭᠥᠷᠥᠮ᠎ᠨᠢ ᠡᠨᠡ ᠵᠢᠯ᠎ᠤᠨ ᠦᠶᠡᠷ ᠤᠰᠤᠳᠤᠯ᠎ᠢ ᠰᠡᠷᠭᠡᠢ᠍ᠢ᠍ᠯᠡᠬᠦ ᠶᠠᠪᠤᠴᠠ᠎ᠳᠤ ᠲᠤᠢ᠍ᠢ᠍ᠯ᠎ᠤᠨ ᠴᠢᠬᠤᠯᠠ ᠦᠢ᠍ᠯᠡᠳᠦᠯ ᠦᠵᠡᠭᠦᠯᠦᠭᠰᠡᠨ ᠪᠠᠢ᠍ᠢ᠍ᠨ᠎ᠠ᠃ ᠡᠢ᠍ᠢ᠍ᠮᠦ᠎ᠠᠴᠠ ᠤᠰᠤᠨ ᠴᠥᠭᠥᠷᠥᠮ᠎ᠢ ᠲᠣᠬᠢᠷᠠᠭᠤᠯᠬᠤ᠎ᠳᠤ ᠮᠠᠰᠢ ᠤᠯᠠᠨ ᠤᠬᠠᠭ᠋ᠠᠨ ᠠᠭᠤᠯᠵᠤ ᠪᠤᠢ᠂ ᠡᠭᠦᠨ᠎ᠳᠤ ᠲᠤᠷᠰᠢᠯᠭ᠎ᠠ᠎ᠲᠠᠢ ᠮᠥᠷᠲᠡᠭᠡᠨ ᠪᠠᠰᠠ ᠲᠤᠰᠬᠠᠶ ᠮᠡᠷᠭᠡᠵᠢᠯ᠎ᠤᠨ ᠬᠢᠷᠢ ᠬᠡᠮᠵᠢᠶ᠎ᠡ᠎ᠲᠠᠢ᠂ ᠪᠠᠰᠠ ᠰᠢᠢ᠍ᠳᠪᠦᠷᠢᠲᠦ ᠪᠤᠳᠤᠯᠭ᠎ᠠ ᠲᠣᠭᠲᠠᠭ᠋ᠠᠬᠤ ᠴᠢᠳᠠᠪᠤᠷᠢ᠎ᠲᠠᠢ ᠶᠤᠮ᠃ ᠡᠢ᠍ᠢ᠍ᠮᠦ᠎ᠠᠴᠠ ᠤᠰᠤᠨ ᠴᠥᠭᠥᠷᠥᠮ᠎ᠢ ᠰᠠᠢ᠍ᠢ᠍ᠲᠤᠷ ᠲᠣᠬᠢᠷᠠᠭᠤᠯᠬᠤ᠎ᠨᠢ ᠲᠡᠢ᠍ᠢ᠍ᠮᠦ ᠬᠢᠯᠪᠠᠷ ᠶᠠᠪᠤᠳᠠᠯ ᠪᠢᠰᠢ᠂ ᠤᠴᠢᠷ᠎ᠨᠢ ᠲᠡᠭᠦᠨ᠎ᠳᠤ ᠮᠠᠰᠢ ᠣᠯᠠᠨ ᠪᠤᠳᠤᠯᠢᠶᠠᠨᠲᠠᠶ ᠡᠯᠧᠮᠧᠨ᠋ᠲ ᠪᠠᠢ᠍ᠢ᠍ᠳᠠᠭ᠃
ᠳᠤᠤᠷ᠎ᠠ ᠡᠢ᠍ᠢ᠍ᠮᠦ ᠬᠡᠳᠦᠨ ᠵᠦᠢ᠍ᠯ᠎ᠤᠨ ᠰᠢᠯᠲᠠᠭ᠋ᠠᠨ᠎ᠢ ᠬᠡᠯᠡᠶ᠎ᠡ᠂ ᠨᠢᠭᠡ᠎ᠨᠢ ᠤᠰᠤᠨ ᠴᠥᠭᠥᠷᠥᠮ᠎ᠢ ᠲᠣᠬᠢᠷᠠᠭᠤᠯᠬᠤ᠎ᠳᠠᠭᠠᠨ ᠤᠷᠢᠳᠴᠢᠯᠠᠨ ᠲᠥᠰᠦᠭᠡᠯᠡᠵᠦ ᠤᠷᠢᠳᠴᠢᠯᠠᠨ ᠮᠡᠳᠡᠭᠡᠯᠡᠬᠦ ᠵᠢ ᠪᠣᠳᠣᠯᠬᠢᠯᠠᠬᠤ ᠬᠡᠷᠡᠭᠲᠡᠶ᠃ ᠤᠯᠠᠨ᠎ᠤ ᠮᠡᠳᠡᠭᠡᠵᠢ᠎ᠪᠠᠷ᠂ ᠮᠠᠨ᠎ᠤ ᠴᠠᠭ ᠠᠭᠤᠷ᠎ᠤᠨ ᠤᠷᠢᠳᠴᠢᠯᠠᠭᠰᠠᠨ ᠮᠡᠳᠡᠭᠡ᠂ ᠦᠶᠡᠷ᠎ᠤᠨ ᠤᠷᠢᠳᠴᠢᠯᠠᠭᠰᠠᠨ ᠮᠡᠳᠡᠭᠡ ᠤᠢ᠍ᠢ᠍ᠷ᠎ᠠ ᠵᠢᠨ ᠵᠢᠯ᠎ᠤᠳ᠎ᠤᠨ ᠴᠢᠷᠮᠠᠢ᠍ᠢ᠍ᠯᠭ᠎ᠠ᠎ᠪᠠᠷ ᠳᠠᠮᠵᠢᠭ᠋ᠠᠳ ᠤᠳᠤ ᠵᠢᠨ ᠤᠷᠢᠳᠴᠢᠯᠠᠭᠰᠠᠨ ᠮᠡᠳᠡᠭᠡ ᠵᠢᠨ ᠬᠢᠷᠢ ᠲᠦᠪᠰᠢᠨ ᠶᠡᠬᠡ᠎ᠪᠠᠷ ᠳᠡᠭᠡᠭᠰᠢᠯᠡᠭᠰᠡᠨ ᠪᠠᠢ᠍ᠢ᠍ᠨ᠎ᠠ᠃ ᠭᠡᠪᠡᠴᠦ ᠳᠤᠮᠳᠠ ᠤᠷᠲᠤ ᠬᠤᠭᠤᠴᠠᠭ᠋ᠠᠨ᠎ᠤ ᠤᠷᠢᠳᠴᠢᠯᠠᠭᠰᠠᠨ ᠮᠡᠳᠡᠭᠡᠨ᠎ᠳᠤ ᠪᠠᠰᠠ ᠲᠣᠭᠲᠠᠪᠤᠷᠢ ᠦᠭᠡᠶ ᠴᠢᠨᠠᠷ ᠣᠷᠣᠰᠢᠵᠤ ᠪᠠᠢ᠍ᠢ᠍ᠨ᠎ᠠ᠂ ᠣᠬᠣᠷ ᠬᠤᠭᠤᠴᠠᠭ᠋ᠠᠨ᠎ᠤ ᠤᠷᠢᠳᠴᠢᠯᠠᠭᠰᠠᠨ ᠮᠡᠳᠡᠭᠡ ᠵᠠᠷᠢᠮ᠎ᠳᠠᠭᠠᠨ ᠪᠠᠰᠠ ᠪᠦᠷᠢᠨ ᠣᠨᠣᠪᠴᠢᠲᠠᠶ ᠪᠤᠰᠤ ᠪᠠᠢ᠍ᠢ᠍ᠳᠠᠯ᠎ᠲᠠᠢ᠃ ᠡᠨᠡ᠎ᠨᠢ ᠲᠣᠬᠢᠷᠠᠭᠤᠯᠤᠯᠲᠠ᠎ᠳᠤ ᠵᠣᠬᠢᠬᠤ ᠬᠡᠮᠵᠢᠶᠡᠨ᠎ᠤ ᠬᠦᠴᠢᠷᠳᠡᠯ᠎ᠢ ᠠᠪᠴᠢᠷᠠᠵᠤ ᠥᠭᠴᠡᠶ᠂ ᠤᠴᠢᠷ᠎ᠨᠢ ᠤᠰᠤᠨ ᠴᠥᠭᠥᠷᠥᠮ᠎ᠢ ᠤᠷᠢᠳᠴᠢᠯᠠᠨ ᠮᠡᠳᠡᠭᠡᠯᠡᠭᠰᠡᠨ ᠦᠷ᠎ᠡ ᠪᠦᠲᠦᠭᠡᠯ᠎ᠢ ᠦᠨᠳᠦᠰᠦᠯᠡᠨ ᠤᠷᠢᠳᠴᠢᠯᠠᠨ ᠭᠠᠷᠭ᠋ᠠᠨ᠎ᠠ᠂ ᠨᠢᠭᠡ ᠤᠳᠠᠭ᠎ᠠ ᠵᠢᠨ ᠦᠶᠡᠷ᠎ᠤᠨ ᠶᠠᠪᠤᠴᠠ᠎ᠳᠤ ᠤᠰᠤᠨ ᠴᠥᠭᠥᠷᠥᠮ ᠦᠶᠡᠷ᠎ᠢ ᠬᠠᠰᠢᠵᠤ ᠤᠰᠤᠨ᠎ᠤ ᠣᠷᠭᠢᠯ᠎ᠤᠨ ᠬᠡᠮᠵᠢᠶ᠎ᠡ ᠵᠢ ᠵᠥᠷᠢᠭᠦᠯᠦᠨ᠎ᠡ᠂ ᠴᠢᠨᠠᠭᠰᠢᠯᠠᠪᠠᠯ ᠠᠰᠢᠭ ᠦᠭᠡᠢ ᠪᠠᠢ᠍ᠢ᠍ᠳᠠᠯ ᠳᠣᠣᠷ᠎ᠠ ᠬᠡᠲᠦᠷᠡᠲᠡᠯ᠎ᠡ ᠬᠠᠳᠠᠭ᠋ᠠᠯᠠᠨ᠎ᠠ᠂ ᠭᠡᠪᠡᠴᠦ ᠠᠷᠤ ᠲᠠᠯ᠎ᠠ᠎ᠳᠤ ᠳᠠᠬᠢᠵᠤ ᠦᠶᠡᠷ ᠢᠷᠡᠬᠦ ᠡᠰᠡᠬᠦ ᠵᠢ ᠮᠡᠳᠡᠬᠦ ᠦᠭᠡᠢ᠂ ᠡᠨᠡ ᠬᠦ᠌ ᠶᠠᠪᠤᠴᠠ ᠵᠢ ᠥᠩᠭᠡᠷᠡᠭᠦᠯᠦᠭᠰᠡᠨ᠎ᠤ ᠳᠠᠷᠠᠭ᠎ᠠ ᠪᠠᠰᠠ ᠠᠷᠤ ᠲᠠᠯ᠎ᠠ ᠵᠢᠨ ᠦᠶᠡᠷ ᠤᠰᠤᠳᠤᠯ᠎ᠳᠤ ᠦᠶᠡᠷ᠎ᠢ ᠰᠡᠷᠭᠡᠢ᠍ᠢ᠍ᠯᠡᠬᠦ ᠴᠥᠭᠥᠷᠥᠮ᠎ᠤᠨ ᠪᠠᠭᠲᠠᠭ᠋ᠠᠮᠵᠢ ᠵᠢ ᠭᠦᠢ᠍ᠴᠡᠳ ᠦᠯᠡᠳᠡᠭᠡᠵᠦ ᠥᠭᠭᠦᠨ᠎ᠡ᠂ ᠡᠨᠡ ᠪᠣᠯ ᠮᠠᠰᠢ ᠬᠦᠴᠢᠷ᠎ᠲᠠᠢ ᠶᠠᠪᠤᠳᠠᠯ ᠶᠤᠮ᠃
      ᠲᠢᠶᠠᠨ ᠢ ᠲᠠᠩ 2020 — 09 — 24 10᠄ 30᠄ 22
      ᠬᠣᠶᠠᠳᠤᠭ᠋ᠠᠷ᠎ᠲᠤ ᠤᠰᠤᠨ ᠴᠥᠭᠥᠷᠥᠮ᠎ᠤᠨ ᠳᠡᠭᠡᠳᠦ ᠳᠣᠤᠷᠠᠳᠤ ᠤᠷᠤᠰᠬᠠᠯ ᠦᠶᠡᠷ᠎ᠲᠤ ᠠᠪᠲᠠᠭᠳᠠᠬᠤ᠎ᠳᠤ ᠭᠦᠷᠪᠡᠯ᠂ ᠲᠡᠷᠡ ᠬᠦ᠌ ᠤᠰᠤᠨ ᠴᠥᠭᠥᠷᠥᠮ᠎ᠤᠨ ᠲᠣᠬᠢᠷᠠᠭᠤᠯᠤᠯᠲᠠ᠎ᠨᠢ ᠪᠠᠰᠠ ᠴᠤ᠌ ᠨᠢᠭᠡᠨ ᠪᠡᠷᠬᠡ ᠠᠰᠠᠭᠤᠳᠠᠯ       ᠪᠣᠯᠵᠣ᠂ ᠰᠢᠢ᠍ᠳᠪᠦᠷᠢᠲᠦ ᠪᠣᠳᠣᠯᠭ᠎ᠠ ᠲᠣᠭᠲᠠᠭ᠋ᠠᠬᠤ᠎ᠳᠤ ᠬᠦᠴᠢᠷᠳᠡᠯ᠎ᠲᠠᠢ ᠪᠣᠯᠤᠨ᠎ᠠ᠃ ᠳᠡᠭᠡᠳᠦ ᠤᠷᠤᠰᠬᠠᠯ᠎ᠠᠴᠠ ᠶᠡᠬᠡ ᠦᠶᠡᠷ ᠢᠷᠡᠬᠦ᠂ ᠳᠤᠤᠷᠠᠳᠤ ᠤᠷᠤᠰᠬᠠᠯ᠎ᠠᠴᠠ ᠶᠡᠬᠡ ᠦᠶᠡᠷ ᠢᠷᠡᠬᠦ᠂ ᠤᠰᠤᠨ ᠴᠥᠭᠥᠷᠥᠮ᠎ᠢ ᠬᠡᠷᠬᠢᠨ ᠲᠣᠬᠢᠷᠠᠭᠤᠯᠬᠤ᠂ ᠳᠡᠭᠡᠳᠦ ᠤᠷᠤᠰᠬᠠᠯ᠎ᠳᠤ ᠤᠰᠤᠲᠤᠬᠤ ᠡᠰᠡᠬᠦ᠂ ᠳᠤᠤᠷᠠᠳᠤ ᠤᠷᠤᠰᠬᠠᠯ᠎ᠳᠤ ᠤᠰᠤᠲᠤᠬᠤ ᠡᠰᠡᠬᠦ᠂ ᠳᠤᠤᠷᠠᠳᠤ ᠤᠷᠤᠰᠬᠠᠯ᠎ᠳᠤ ᠤᠰᠤᠲᠤᠬᠤ ᠡᠰᠡᠬᠦ᠂ ᠳᠠᠯᠠᠩ᠎ᠢ ᠪᠠᠷᠢᠮᠵᠢᠶ᠎ᠠ᠎ᠠᠴᠠ ᠬᠡᠲᠦᠷᠡᠭᠦᠯᠦᠨ ᠠᠵᠢᠯᠯᠠᠭᠤᠯᠬᠤ       ᠡᠰᠡᠬᠦ᠂ ᠦᠶᠡᠷ᠎ᠢ ᠲᠣᠭᠲᠠᠭ᠋ᠠᠨ ᠬᠤᠷᠠᠭᠤᠯᠬᠤ ᠣᠷᠣᠨ᠎ᠢ ᠡᠬᠢᠯᠡᠵᠦ ᠬᠡᠷᠡᠭᠯᠡᠬᠦ ᠡᠰᠡᠬᠦ ᠵᠡᠷᠭᠡ ᠲᠠᠯ᠎ᠠ᠎ᠪᠠᠷ ᠰᠢᠢ᠍ᠳᠪᠦᠷᠢᠲᠦ ᠪᠤᠳᠤᠯᠭ᠎ᠠ ᠲᠣᠭᠲᠠᠭ᠋ᠠᠬᠤ᠎ᠳᠤ ᠨᠡᠯᠢᠶᠡᠳ ᠬᠦᠴᠢᠷᠲᠡᠯ᠎ᠲᠠᠢ᠂ ᠴᠥᠮ ᠪᠡᠷᠬᠡ ᠠᠰᠠᠭᠤᠳᠠᠯ ᠪᠣᠯᠬᠤ ᠲᠤᠯᠠ ᠤᠰᠤᠨ ᠴᠥᠭᠥᠷᠥᠮ᠎ᠢ ᠰᠠᠢ᠍ᠢ᠍ᠲᠤᠷ ᠲᠣᠬᠢᠷᠠᠭᠤᠯᠵᠤ᠂ ᠠᠶᠤᠯ ᠲᠦᠭᠰᠢᠭᠦᠷᠢ ᠵᠢ ᠠᠷᠢᠯᠭ᠋ᠠᠬᠤ ᠬᠡᠷᠡᠭᠲᠡᠶ᠃
      ᠪᠠᠰᠠ ᠨᠢᠭᠡ ᠬᠦᠴᠦᠨ ᠵᠦᠢ᠍ᠯ ᠭᠡᠪᠡᠯ᠂ ᠦᠶᠡᠷ᠎ᠢ ᠰᠡᠷᠭᠡᠢ᠍ᠢ᠍ᠯᠡᠬᠦ ᠲᠤᠬᠢᠷᠠᠭᠤᠯᠤᠯᠳᠠ ᠵᠢ ᠦᠨᠡᠨ ᠬᠦ᠌ ᠪᠠᠲᠤᠯᠠᠬᠤ ᠡᠨᠡ ᠬᠦ᠌ ᠶᠡᠬᠡ ᠤᠷᠢᠲᠠᠯ᠎ᠤᠨ ᠳᠣᠣᠷ᠎ᠠ ᠪᠠᠰᠠ ᠪᠤᠰᠤᠳ ᠬᠦᠴᠦᠨ ᠵᠦᠢ᠍ᠯ᠎ᠢ ᠪᠣᠳᠣᠯᠬᠢᠯᠠᠬᠤ ᠬᠡᠷᠡᠭᠲᠡᠶ᠃ ᠤᠰᠤᠨ ᠵᠠᠮ᠎ᠤᠨ ᠲᠡᠭᠡᠭᠡᠪᠦᠷᠢ᠎ᠪᠠᠷ ᠠᠪᠴᠤ ᠬᠡᠯᠡᠪᠡᠯ᠂ ᠡᠨᠡ ᠵᠢᠯ᠎ᠤᠨ ᠬᠥᠬᠡᠮᠥ᠋ᠷᠡᠨ᠎ᠤ ᠲᠠᠪᠤᠨ ᠤᠳᠠᠭ᠋ᠠᠨ᠎ᠤ ᠦᠶᠡᠷ᠎ᠤᠨ ᠬᠤᠭᠤᠴᠠᠭ᠋ᠠᠨ᠎ᠳᠤ᠂ ᠭᠤᠷᠪᠠᠨ ᠬᠠᠪᠴᠢᠯ᠎ᠳᠤ ᠦᠯᠡᠳᠡᠭᠰᠡᠨ ᠣᠩᠭᠣᠴᠠ ᠵᠢ ᠪᠠᠰᠠ ᠪᠣᠳᠣᠯᠬᠢᠯᠠᠬᠤ ᠬᠡᠷᠡᠭᠲᠡᠶ᠂ ᠪᠢᠳᠡ ᠪᠠᠰᠠ ᠤᠯᠤᠰ ᠠᠷᠠᠳ᠎ᠤᠨ ᠠᠵᠤ ᠠᠬᠤᠶ ᠵᠢᠨ ᠬᠡᠪ᠎ᠤᠨ ᠠᠵᠢᠯᠯᠠᠭ᠎ᠠ ᠵᠢ ᠪᠠᠲᠤᠯᠠᠵᠤ᠂ 《ᠵᠢᠷᠭᠤᠭ᠎ᠠ ᠵᠢ ᠲᠣᠭᠲᠠᠪᠤᠷᠢᠵᠢᠭᠤᠯᠬᠤ》 ᠠᠵᠢᠯ᠎ᠢ ᠰᠠᠢ᠍ᠢ᠍ᠲᠤᠷ ᠬᠢᠵᠦ᠂ 《ᠵᠢᠷᠭᠤᠭ᠎ᠠ ᠵᠢ ᠪᠠᠲᠤᠯᠠᠬᠤ》 ᠡᠭᠦᠷᠭᠡ ᠵᠢ ᠨᠠᠢ᠍ᠢ᠍ᠳᠠᠪᠤᠷᠢᠵᠢᠭᠤᠯᠬᠤ᠎ᠳᠤ ᠬᠤᠪᠢ ᠨᠡᠮᠡᠷᠢ᠎ᠪᠠᠨ ᠦᠵᠡᠭᠦᠯᠬᠦ ᠬᠡᠷᠡᠭᠲᠡᠶ᠃ ᠤᠰᠤᠨ ᠵᠠᠮ᠎ᠤᠨ ᠲᠡᠭᠡᠭᠡᠪᠦᠷᠢ᠂ ᠴᠠᠬᠢᠯᠭ᠋ᠠᠨ ᠭᠠᠷᠭ᠋ᠠᠯᠲᠠ ᠵᠢᠴᠢ ᠠᠮᠢ ᠠᠬᠤᠶ ᠵᠡᠷᠭᠡ ᠡᠯ᠎ᠡ ᠲᠠᠯ᠎ᠠ ᠵᠢᠨ ᠶᠡᠷᠦᠩᠬᠡᠢ᠍ᠢ᠍ᠯᠡᠭᠰᠡᠨ ᠡᠯᠧᠮᠧᠨ᠋ᠲ᠎ᠢ ᠴᠥᠮ ᠪᠣᠳᠣᠯᠬᠢᠯᠠᠬᠤ ᠬᠡᠷᠡᠭᠲᠡᠶ᠂ ᠡᠳᠡᠭᠡᠷ᠎ᠢ ᠴᠥᠮ ᠲᠣᠬᠢᠷᠠᠭᠤᠯᠬᠤ ᠴᠢᠬᠤᠯᠠᠲᠠᠶ ᠦᠶ᠎ᠡ᠎ᠳᠤ ᠨᠢᠭᠡᠳᠦᠯᠲᠡᠶ ᠲᠥᠯᠥᠪᠵᠢᠭᠦᠯᠬᠦ ᠬᠡᠷᠡᠭᠲᠡᠶ᠃ ᠡᠢ᠍ᠢ᠍ᠮᠦ᠎ᠠᠴᠠ ᠤᠰᠤᠨ ᠴᠥᠭᠥᠷᠥᠮ᠎ᠢ ᠰᠠᠢ᠍ᠢ᠍ᠲᠤᠷ ᠲᠣᠬᠢᠷᠠᠭᠤᠯᠵᠤ᠂ ᠰᠢᠨᠵᠢᠯᠡᠬᠦ ᠤᠬᠠᠭ᠋ᠠᠨᠴᠢ᠎ᠪᠠᠷ ᠵᠦᠢ ᠵᠣᠬᠢᠰᠲᠠᠶ᠎ᠪᠠᠷ ᠰᠠᠢ᠍ᠢ᠍ᠲᠤᠷ ᠲᠣᠬᠢᠷᠠᠭᠤᠯᠵᠤ ᠴᠢᠳᠠᠨ᠎ᠠ ᠭᠡᠵᠦ ᠬᠡᠯᠡᠵᠦ ᠪᠠᠢ᠍ᠢ᠍ᠭ᠎ᠠ᠎ᠨᠢ ᠨᠢᠭᠡᠨ ᠪᠡᠷᠬᠡ ᠠᠰᠠᠭᠤᠳᠠᠯ ᠪᠤᠯᠬᠤ ᠶᠤᠮ᠂ ᠪᠢᠳᠡ ᠤᠳᠤ ᠶᠠᠭ ᠰᠤᠳᠤᠯᠭ᠋ᠠᠨ᠎ᠢ ᠶᠡᠬᠡ᠎ᠪᠠᠷ ᠥᠷᠨᠢᠭᠦᠯᠵᠦ ᠪᠠᠢ᠍ᠢ᠍ᠨ᠎ᠠ᠃
      ᠤᠢ᠍ᠢ᠍ᠷ᠎ᠠ ᠵᠢᠨ ᠬᠣᠶᠠᠷ ᠵᠢᠯ᠎ᠳᠤ ᠪᠢᠳᠠ ᠰᠡᠪᠡ ᠭᠠᠵᠠᠷ᠎ᠤᠨ ᠤᠰᠦᠠ᠎ᠤ ᠪᠠᠷᠢᠯᠭ᠎ᠠ ᠵᠢᠨ ᠬᠠᠮᠲᠤᠷᠠᠭᠰᠠᠨ ᠲᠤᠬᠢᠷᠡᠭᠤᠯᠦᠯᠳᠠ ᠵᠢ ᠳᠤᠷᠠᠳᠤᠨ ᠭᠠᠷᠭ᠋ᠠᠵᠤ᠂ ᠪᠦᠬᠦᠢ᠍ᠢ᠍ᠯᠡ ᠰᠡᠪᠡ ᠭᠠᠵᠠᠷ᠎ᠤᠨ ᠤᠰᠦᠠ ᠴᠥᠭᠥᠷᠥᠮ᠂ ᠦᠶᠡᠷ᠎ᠢ ᠲᠣᠭᠲᠠᠭ᠋ᠠᠨ ᠬᠤᠷᠠᠭᠤᠯᠬᠤ ᠣᠷᠣᠨ᠂ ᠭᠤᠯᠦᠮᠳᠠ ᠬᠠᠭ᠋ᠠᠯᠲᠠ᠂ ᠬᠥᠭᠡᠷᠭᠡ ᠵᠢᠨ ᠤᠢ᠍ᠷᠳᠡᠭᠡ ᠵᠢ ᠴᠥᠮ ᠨᠢᠭᠡ ᠯᠡ ᠲᠠᠪᠴᠠᠩ ᠳᠡᠭᠡᠷ᠎ᠡ ᠲᠠᠯᠪᠢᠵᠤ᠂ ᠳᠡᠭᠡᠳᠦ ᠵᠡᠷᠭᠡ ᠵᠢᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠂ ᠢᠨᠲ᠋ᠧᠷ       ᠰᠦᠯᠵᠢᠶ᠎ᠡ᠂ ᠲᠤᠮᠦ ᠳ᠋ᠠᠢ᠍ᠢ᠍ᠲ᠋ᠠ᠂ ᠵᠣᠬᠢᠶᠠᠮᠠᠯ ᠤᠶᠦᠠ ᠴᠢᠳᠠᠪᠤᠷᠢ ᠵᠢᠨ ᠬᠡᠷᠡᠭᠯᠡᠯᠲᠡ᠎ᠪᠠᠷ ᠳᠠᠮᠵᠢᠨ ᠡᠳᠡᠭᠡᠷ᠎ᠢ ᠨᠡᠢ᠍ᠢ᠍ᠯᠡᠭᠦᠯᠵᠦ᠂ ᠤᠷᠢᠳᠴᠢᠯᠠᠨ ᠮᠡᠳᠡᠭᠡᠯᠡᠬᠦ ᠲᠤᠬᠢᠷᠡᠭᠤᠯᠦᠯᠳᠠ ᠵᠢ ᠨᠢᠭᠡ ᠴᠤᠭᠴᠠᠵᠢᠭᠤᠯᠬᠤ ᠵᠢ ᠪᠡᠶᠡᠯᠡᠭᠦᠯᠦᠭᠡᠳ᠂ ᠤᠳᠦ ᠶᠠᠭ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠪᠤᠭᠤᠮᠳᠠ ᠰᠢᠪᠳᠤᠯᠬᠤ ᠵᠢ ᠰᠢᠢ᠍ᠳᠪᠦᠷᠢᠯᠡᠵᠦ ᠪᠤᠢ᠂ ᠠᠩᠬ᠎ᠠ ᠠᠯᠬᠤᠮ᠎ᠤᠨ ᠦᠷ᠎ᠡ ᠪᠦᠲᠦᠭᠡᠯ᠎ᠢ ᠦᠨᠳᠦᠰᠦᠨ᠎ᠳᠡᠭᠡᠨ ᠭᠠᠷᠭ᠋ᠠᠭᠰᠠᠨ ᠪᠠᠢ᠍ᠢ᠍ᠨ᠎ᠠ᠃ ᠡᠨᠡ ᠬᠦ᠌ ᠠᠵᠢᠯ ᠵᠶ᠋ᠠᠷ ᠳᠠᠮᠵᠢᠨ 《ᠲᠤᠷᠰᠢᠯᠭ᠎ᠠ ᠵᠢᠨ ᠲᠣᠬᠢᠷᠠᠭᠤᠯᠤᠯᠲᠠ》᠎ᠠᠴᠠ 《ᠣᠶᠤᠨᠳᠤ ᠲᠣᠬᠢᠷᠠᠭᠤᠯᠤᠯᠲᠠ》 ᠳᠠᠢ᠍ᠢ᠍ᠰᠢ ᠬᠤᠪᠢᠷᠠᠭᠤᠯᠬᠤ ᠵᠢ ᠠᠬᠢᠭᠤᠯᠵᠤ᠂ ᠤᠷᠢᠳᠴᠢᠯᠠᠨ ᠮᠡᠳᠡᠭᠡᠯᠡᠬᠦ ᠲᠣᠬᠢᠷᠠᠭᠤᠯᠤᠯᠲᠠ ᠵᠢᠨ ᠰᠢᠨᠵᠢᠯᠡᠬᠦ ᠤᠬᠠᠭ᠋ᠠᠨᠴᠢᠯᠠᠯᠲᠠ᠂ ᠤᠶᠤᠨᠴᠢᠯᠠᠯᠲᠠ ᠵᠢᠨ ᠬᠢᠷᠢ ᠲᠦᠪᠰᠢᠨ᠎ᠢ ᠳᠡᠭᠡᠭᠰᠢᠯᠡᠭᠦᠯᠵᠤ ᠪᠤᠢ᠂ ᠡᠨᠡ ᠬᠦ᠌ ᠠᠵᠢᠯ ᠪᠣᠯ ᠳᠤᠩ ᠴᠢᠬᠤᠯᠠ ᠶᠤᠮ᠂ ᠪᠢᠳᠡ ᠪᠥᠬᠥ ᠬᠦᠴᠦᠨ ᠵᠶ᠋ᠠᠷ ᠵᠶ᠋ᠠᠨ ᠰᠠᠢ᠍ᠢ᠍ᠲᠤᠷ ᠬᠢᠬᠦ ᠪᠣᠯᠤᠨ᠎ᠠ᠃
      ᠪᠠᠶᠠᠷᠯᠠᠯ᠎ᠠ!
      ᠹᠧᠩ ᠮᠢᠶᠠᠨ ᠰᠣᠨᠢᠨ ᠮᠡᠳᠡᠭᠡᠨ᠎ᠤ ᠰᠤᠷᠪᠤᠯᠵᠢᠯᠠᠭᠴᠢ 2020 — 09 — 24 10᠄ 30᠄ 55
     150 ᠵᠦᠢ᠍ᠯ᠎ᠤᠨ ᠴᠢᠬᠤᠯᠠ ᠶᠡᠬᠡ ᠤᠰᠤᠨ ᠠᠰᠢᠭᠯᠠᠯᠲᠠ ᠵᠢᠨ ᠢᠨᠵᠧᠨᠧᠷᠢᠩ᠎ᠤᠨ ᠪᠦᠳᠦᠭᠡᠨ ᠪᠠᠢ᠍ᠢ᠍ᠭᠤᠯᠤᠯᠲᠠ ᠵᠢᠨ ᠣᠳᠣᠬᠠᠨ᠎ᠤ ᠠᠬᠢᠴᠠ ᠵᠢᠨ ᠪᠠᠢ᠍ᠢ᠍ᠳᠠᠯ ᠶᠠᠮᠠᠷ ᠪᠤᠢ? ᠲᠡᠭᠡᠪᠡᠯ ᠵᠠᠯᠭ᠋ᠠᠭ᠋ᠠᠳ ᠶᠠᠮᠠᠷ ᠶᠠᠮᠠᠷ ᠲᠠᠯ᠎ᠠ᠎ᠪᠠᠷ ᠠᠷᠭ᠎ᠠ ᠤᠬᠠᠭ᠋ᠠᠨ ᠰᠦᠪᠡᠭᠴᠢᠯᠡᠬᠦ ᠪᠤᠶ? ᠪᠠᠶᠠᠷᠯᠠᠯ᠎ᠠ!
      ᠵᠠᠩ ᠰᠢᠶᠠᠩ ᠸᠧᠶ 2020 — 09 — 24 10᠄ 33᠄ 30
      ᠳᠠᠨ᠎ᠤ ᠠᠰᠠᠭᠤᠭᠰᠠᠨ᠎ᠳᠤ ᠲᠠᠯᠠᠷᠬᠠᠵᠤ ᠪᠠᠢ᠍ᠢ᠍ᠨ᠎ᠠ! ᠴᠢᠬᠤᠯᠠ ᠶᠡᠬᠡ ᠤᠰᠤᠨ ᠠᠰᠢᠭᠯᠠᠯᠲᠠ ᠵᠢᠨ ᠢᠨᠵᠧᠨᠧᠷᠢᠩ᠎ᠨᠢ ᠪᠦᠲᠦᠮᠵᠢᠲᠡᠶ ᠪᠡᠯᠡ ᠣᠷᠣᠭᠤᠯᠤᠯᠲᠠ ᠵᠢ ᠥᠷᠭᠡᠳᠬᠡᠬᠦ ᠵᠢ ᠠᠬᠢᠭᠤᠯᠬᠤ᠂ ᠰᠠᠪᠠ ᠭᠠᠵᠠᠷ᠎ᠤᠨ ᠣᠷᠣᠨ ᠪᠦᠰᠡ ᠵᠢᠨ ᠪᠦᠬᠦᠢ᠍ᠢ᠍ᠯᠡ ᠴᠣᠭᠴᠠ ᠵᠢᠨ ᠦᠶᠡᠷ ᠤᠰᠤᠳᠤᠯ ᠭᠠᠩ ᠬᠠᠭᠰᠠᠷᠠᠭ᠋ᠠᠨ᠎ᠤ ᠭᠠᠮᠰᠢᠭ᠎ᠢ ᠰᠡᠷᠭᠡᠢ᠍ᠢ᠍ᠯᠡᠨ ᠬᠣᠷᠢᠭᠯᠠᠬᠤ ᠴᠢᠳᠠᠪᠤᠷᠢ ᠵᠢ ᠳᠡᠭᠡᠭᠰᠢᠯᠡᠭᠦᠯᠬᠦ᠎ᠳᠤ ᠮᠠᠰᠢ ᠴᠢᠬᠤᠯᠠ ᠦᠢ᠍ᠯᠡᠳᠦᠯ᠎ᠲᠠᠢ ᠶᠤᠮ᠂ ᠡᠭᠦᠨ᠎ᠢ ᠨᠠᠮ᠎ᠤᠨ ᠲᠥᠪ ᠬᠤᠷᠢᠶ᠎ᠠ᠂ ᠲᠦᠷᠦ ᠵᠢᠨ ᠶᠠᠪᠤᠳᠠᠯ᠎ᠤᠨ ᠬᠤᠷᠢᠶ᠎ᠠ ᠲᠤᠢ᠍ᠢ᠍ᠯ ᠵᠶ᠋ᠠᠷ ᠴᠢᠬᠤᠯᠠᠴᠢᠯᠠᠵᠤ᠂ ᠨᠡᠢ᠍ᠢ᠍ᠭᠡᠮ᠎ᠤᠨ ᠡᠯ᠎ᠡ ᠲᠠᠯ᠎ᠠ ᠵᠢᠨ᠎ᠬᠢᠨ ᠴᠥᠮ ᠲᠤᠢ᠍ᠢ᠍ᠯ ᠵᠶ᠋ᠠᠷ ᠠᠩᠬᠠᠷᠴᠤ ᠪᠠᠢ᠍ᠢ᠍ᠨ᠎ᠠ᠃ ᠨᠢᠳᠤᠨᠤᠨ᠎ᠤ 11 ᠰᠠᠷ᠎ᠠ᠎ᠠᠴᠠ ᠨᠠᠭ᠋ᠠᠰᠢ᠂ ᠤᠰᠤᠨ ᠠᠰᠢᠭᠯᠠᠯᠲᠠ ᠵᠢᠨ ᠶᠠᠮᠤᠨ ᠪᠣᠯᠤᠨ ᠬᠥᠭᠵᠢᠭᠦᠯᠦᠯᠲᠡ ᠪᠠ ᠥᠭᠡᠷᠡᠴᠢᠯᠡᠯᠲᠡ ᠵᠢᠨ ᠵᠥᠪᠯᠡᠯ ᠬᠣᠯᠪᠣᠭᠳᠠᠯ ᠪᠦᠬᠦᠢ ᠭᠠᠵᠠᠷ ᠣᠷᠣᠨ᠎ᠢ ᠵᠣᠬᠢᠶᠠᠨ ᠪᠠᠢ᠍ᠢ᠍ᠭᠤᠯᠤᠨ ᠴᠢᠬᠤᠯᠠ ᠶᠡᠬᠡ ᠤᠰᠤᠨ ᠠᠰᠢᠭᠯᠠᠯᠲᠠ ᠵᠢᠨ ᠢᠨᠵᠧᠨᠧᠷᠢᠩ᠎ᠤᠨ ᠪᠦᠳᠦᠭᠡᠨ ᠪᠠᠢ᠍ᠢ᠍ᠭᠤᠯᠤᠯᠲᠠ ᠵᠢ ᠠᠬᠢᠭᠤᠯᠬᠤ ᠲᠠᠯ᠎ᠠ᠎ᠪᠠᠷ ᠤᠷᠢᠳᠴᠢᠯᠠᠨ ᠠᠷᠭ᠎ᠠ ᠰᠦᠪᠡᠭᠴᠢᠯᠡᠵᠦ ᠬᠢᠨᠠᠮᠠᠭ᠋ᠠᠢ ᠰᠤᠳᠤᠯᠤᠭ᠋ᠠᠳ᠂ ᠡᠨᠡ ᠵᠢᠯ ᠵᠢᠴᠢ ᠳᠠᠷᠠᠭ᠋ᠠᠴᠢ ᠵᠢᠨ 150 ᠵᠦᠢ᠍ᠯ᠎ᠤᠨ ᠴᠢᠬᠤᠯᠠ ᠶᠡᠬᠡ ᠤᠰᠤᠨ ᠠᠰᠢᠭᠯᠠᠯᠲᠠ ᠵᠢᠨ ᠢᠨᠵᠧᠨᠧᠷᠢᠩ᠎ᠤᠨ ᠲᠦᠷᠦᠯ ᠵᠦᠢ᠍ᠯ᠎ᠤᠨ ᠨᠠᠷᠢᠨ ᠲᠠᠩᠰᠠ ᠵᠢ ᠳᠤᠷᠠᠳᠤᠨ ᠭᠠᠷᠭ᠋ᠠᠪᠠ᠃ ᠡᠨᠡ ᠵᠢᠯ᠎ᠤᠨ 7 ᠰᠠᠷ᠎ᠠ᠎ᠳᠤ᠂ ᠲᠥᠷᠥ ᠵᠢᠨ ᠶᠠᠪᠤᠳᠠᠯ᠎ᠤᠨ ᠬᠣᠷᠢᠶᠠᠨ᠎ᠤ ᠪᠠᠢ᠍ᠢ᠍ᠩᠭᠤ ᠵᠢᠨ ᠬᠤᠷᠠᠯ᠎ᠠᠴᠠ ᠬᠢᠨᠠᠨ ᠵᠦᠪᠯᠡᠵᠤ ᠪᠠᠳᠤᠯᠠᠭᠰᠠᠨ ᠪᠦᠭᠡᠳ ᠪᠠᠢ᠍ᠢ᠍ᠷᠢᠯᠠᠭᠤᠯᠤᠨ ᠬᠡᠷᠡᠭᠵᠢᠭᠦᠯᠬᠦ᠎ᠪᠠᠷ ᠪᠤᠢ᠃
      ᠡᠨᠡ 150 ᠵᠦᠢ᠍ᠯ᠎ᠨᠢ ᠭᠣᠣᠯᠳᠠᠭᠤ ᠲᠦᠷᠪᠡᠨ ᠲᠠᠯ᠎ᠠ᠎ᠳᠤ ᠲᠥᠪᠯᠡᠷᠡᠵᠦ ᠪᠤᠢ᠂ ᠨᠢᠭᠡ᠎ᠨᠢ ᠦᠶᠡᠷ᠎ᠢ ᠰᠡᠷᠭᠡᠢ᠍ᠢ᠍ᠯᠡᠬᠦ᠂ ᠬᠣᠶᠠᠷ᠎ᠨᠢ ᠡᠬᠢ ᠪᠠᠶᠠᠯᠢᠭ᠎ᠢ ᠲᠤᠬᠢᠷᠠᠭᠤᠯᠬᠤ ᠵᠢᠴᠢ ᠤᠰᠤ ᠬᠠᠩᠭ᠋ᠠᠬᠤ᠂ ᠭᠤᠷᠪᠠ᠎ᠳᠤ ᠤᠰᠤᠨ᠎ᠤ ᠠᠮᠢ ᠠᠬᠤᠢ ᠵᠢ ᠵᠠᠰᠠᠵᠤ ᠰᠡᠷᠭᠦᠭᠡᠬᠦ ᠪᠠ ᠬᠠᠮᠠᠭ᠋ᠠᠯᠠᠬᠤ᠂ ᠪᠠᠰᠠ ᠨᠢᠭᠡ᠎ᠨᠢ ᠤᠰᠤᠨ ᠠᠰᠢᠭᠯᠠᠯᠲᠠ ᠵᠢᠨ ᠮᠡᠳᠡᠭᠡ ᠵᠠᠩᠭᠢᠵᠢᠯᠲᠠ ᠪᠣᠯᠤᠨ᠎ᠠ᠂ ᠡᠨᠡ ᠬᠡᠳᠦᠨ ᠲᠠᠯ᠎ᠠ᠎ᠪᠠᠷ ᠴᠥᠮ ᠲᠤᠪᠤᠢ᠍ᠢ᠍ᠮ᠎ᠠ ᠳᠤᠲᠠᠭᠤᠳᠠᠯ ᠣᠷᠣᠰᠢᠵᠤ ᠪᠠᠢ᠍ᠢ᠍ᠨ᠎ᠠ᠃ ᠡᠳᠡᠭᠡᠷ ᠪᠣᠯ ᠰᠠᠭᠤᠷᠢ ᠲᠠᠯᠪᠢᠬᠤ᠂ ᠠᠯᠤᠰ ᠭᠡᠳᠤ᠎ᠲᠠᠢ ᠬᠤᠯᠪᠤᠭᠳᠠᠬᠤ ᠴᠢᠬᠤᠯᠠ ᠶᠡᠬᠡ ᠲᠦᠷᠦᠯ ᠵᠦᠢ᠍ᠯ ᠪᠤᠯᠤᠨ᠎ᠠ᠂ ᠤᠯᠤᠰ᠎ᠤᠨ ᠴᠢᠬᠤᠯᠠ ᠶᠡᠬᠡ ᠬᠥᠭᠵᠢᠯᠲᠡ ᠵᠢᠨ ᠪᠠᠢ᠍ᠢ᠍ᠯᠳᠤᠬᠤ ᠪᠤᠳᠤᠯᠭ᠎ᠠ ᠵᠢ ᠬᠡᠷᠡᠭᠵᠢᠭᠦᠯᠬᠦ᠂ 《ᠵᠢᠷᠭᠤᠭ᠎ᠠ ᠵᠢ ᠲᠣᠭᠲᠠᠪᠤᠷᠢᠵᠢᠭᠤᠯᠬᠤ》 ᠠᠵᠢᠯ᠎ᠢ ᠯᠠᠪᠳᠠᠭᠤᠨ ᠪᠠᠲᠤᠲᠠᠶ ᠰᠠᠢ᠍ᠢ᠍ᠲᠤᠷ ᠬᠢᠬᠦ᠂ 《ᠵᠢᠷᠭᠤᠭ᠎ᠠ ᠵᠢ ᠪᠠᠲᠤᠯᠠᠬᠤ》 ᠡᠭᠦᠷᠭᠡ ᠵᠢ ᠨᠠᠢ᠍ᠢ᠍ᠳᠠᠪᠤᠷᠢᠵᠢᠭᠤᠯᠬᠤ᠎ᠳᠤ ᠴᠢᠬᠤᠯᠠ ᠪᠠᠲᠤᠯᠠᠭ᠎ᠠ ᠵᠢᠨ ᠦᠢ᠍ᠯᠡᠳᠦᠯ᠎ᠲᠠᠢ ᠶᠤᠮ᠃
      ᠡᠨᠡ ᠬᠦ᠌ 150 ᠵᠦᠢ᠍ᠯ᠎ᠤᠨ ᠴᠢᠬᠤᠯᠠ ᠶᠡᠬᠡ ᠤᠰᠤᠨ ᠠᠰᠢᠭᠯᠠᠯᠲᠠ ᠵᠢᠨ ᠢᠨᠵᠧᠨᠧᠷᠢᠩ᠎ᠤᠨ ᠪᠦᠲᠦᠭᠡᠨ ᠪᠠᠢ᠍ᠢ᠍ᠭᠤᠯᠤᠯᠲᠠ ᠵᠢ ᠲᠦᠷᠭᠡᠳᠬᠡᠨ ᠠᠬᠢᠭᠤᠯᠬᠤ ᠵᠢᠨ ᠲᠥᠯᠥᠭᠡ᠂ ᠡᠨᠡ ᠵᠢᠯ᠎ᠤᠨ ᠰᠢᠨ᠎ᠡ᠎ᠪᠠᠷ ᠨᠡᠢ᠍ᠢ᠍ᠲᠡᠯᠡᠭᠰᠡᠨ ᠬᠢᠵᠢᠭ᠎ᠤᠨ ᠪᠠᠢ᠍ᠢ᠍ᠳᠠᠯ᠎ᠢ ᠰᠡᠷᠭᠡᠢ᠍ᠢ᠍ᠯᠡᠨ ᠡᠵᠡᠮᠳᠡᠬᠦ ᠪᠠᠢ᠍ᠢ᠍ᠳᠠᠯ᠎ᠳᠤ ᠴᠢᠭᠯᠡᠭᠦᠯᠦᠨ᠂ ᠤᠰᠤᠨ ᠠᠰᠢᠭᠯᠠᠯᠲᠠ ᠵᠢᠨ ᠶᠠᠮᠤᠨ ᠲᠥᠪ᠎ᠤᠨ ᠤᠨᠢᠨ ᠳᠡᠭᠡᠷ᠎ᠡ᠎ᠨᠢ ᠰᠡᠷᠭᠡᠢ᠍ᠢ᠍ᠯᠡᠨ ᠡᠵᠡᠮᠳᠡᠬᠦ ᠱᠠᠭ᠋ᠠᠷᠳᠠᠯᠭ᠎ᠠ ᠶᠣᠰᠣᠭ᠋ᠠᠷ᠂ ᠲᠦᠷᠦᠯ ᠵᠦᠢ᠍ᠯ᠎ᠤᠨ ᠣᠨᠴᠠᠯᠢᠭ᠂ ᠪᠠᠢ᠍ᠢ᠍ᠭ᠎ᠠ ᠣᠷᠣᠨ ᠪᠦᠰᠡ ᠵᠢᠨ ᠬᠢᠵᠢᠭ᠎ᠤᠨ ᠪᠠᠢ᠍ᠢ᠍ᠳᠠᠯ᠎ᠢ ᠰᠡᠷᠭᠡᠢ᠍ᠢ᠍ᠯᠡᠨ ᠡᠵᠡᠮᠳᠡᠬᠦ ᠵᠡᠷᠭᠡ ᠳᠡᠰ᠎ᠢ ᠦᠨᠳᠦᠰᠦᠯᠡᠨ᠂ ᠵᠦᠷᠢᠶᠡᠴᠢᠯᠡᠭᠰᠡᠨ ᠠᠵᠢᠯ᠎ᠤᠨ ᠠᠷᠭ᠎ᠠ ᠬᠡᠮᠵᠢᠶ᠎ᠡ ᠵᠢ ᠳᠤᠷᠠᠳᠴᠤ᠂ ᠬᠣᠯᠪᠣᠭᠳᠠᠯ ᠪᠦᠬᠦᠢ ᠰᠠᠯᠠᠭ᠎ᠠ ᠮᠥᠴᠢᠷ᠂ ᠬᠣᠯᠪᠣᠭᠳᠠᠯ ᠪᠦᠬᠦᠢ ᠭᠠᠵᠠᠷ ᠣᠷᠣᠨ᠎ᠲᠠᠢ ᠬᠠᠮᠲᠤ᠎ᠪᠠᠷ ᠡᠳᠡᠭᠡᠷ ᠲᠦᠷᠦᠯ ᠵᠦᠢ᠍ᠯ᠎ᠤᠨ ᠡᠮᠦᠨᠡᠬᠢ ᠬᠤᠭᠤᠴᠠᠭ᠋ᠠᠨ᠎ᠤ ᠠᠵᠢᠯ᠎ᠢ ᠲᠦᠷᠭᠡᠳᠬᠡᠨ ᠠᠬᠢᠭᠤᠯᠪᠠ᠃
      ᠶᠡᠷᠦᠩᠬᠡᠶ᠎ᠳᠤᠨᠢ ᠠᠪᠴᠤ ᠦᠵᠡᠪᠡᠯ᠂ ᠡᠨᠡ ᠠᠵᠢᠯ ᠪᠠᠰᠠ ᠤᠷᠤᠭᠰᠢᠲᠠᠶ ᠶᠠᠪᠤᠭᠳᠠᠵᠤ᠂ ᠣᠳᠣᠬᠠᠨ᠎ᠳᠤ 150 ᠵᠦᠢ᠍ᠯ᠎ᠤᠨ ᠴᠢᠬᠤᠯᠠ ᠶᠡᠬᠡ ᠤᠰᠤᠨ ᠠᠰᠢᠭᠯᠠᠯᠲᠠ ᠵᠢᠨ ᠪᠠᠷᠢᠯᠭ᠎ᠠ ᠵᠢᠨ 37 ᠵᠦᠢ᠍ᠯ᠎ᠢ ᠨᠢᠭᠡᠨᠲᠡ ᠴᠤᠬᠤᠯᠠᠪᠤᠷᠢᠯᠠᠨ᠂ ᠨᠢᠭᠡ ᠪᠦᠯᠦᠭ ᠲᠦᠷᠦᠯ ᠵᠦᠢ᠍ᠯ᠎ᠨᠢ ᠠᠵᠢᠯ ᠵᠶ᠋ᠠᠨ ᠡᠬᠢᠯᠡᠭᠦᠯᠪᠡ᠂ ᠡᠨᠡ 150 ᠵᠦᠢ᠍ᠯ᠎ᠤᠨ ᠳᠣᠲᠣᠷᠠᠬᠢ 23 ᠵᠦᠢ᠍ᠯ᠎ᠢ᠎ᠨᠢ ᠨᠢᠭᠡᠨᠲᠡ ᠠᠵᠢᠯ ᠵᠶ᠋ᠠᠨ ᠡᠬᠢᠯᠡᠭᠦᠯᠵᠦ᠂ ᠤᠢ᠍ᠢ᠍ᠷ᠎ᠠ᠎ᠳᠤ ᠪᠠᠰᠠ ᠵᠠᠷᠢᠮ ᠴᠢᠬᠤᠯᠠ ᠶᠡᠬᠡ ᠤᠰᠤᠨ ᠠᠰᠢᠭᠯᠠᠯᠲᠠ ᠵᠢᠨ ᠢᠨᠵᠧᠨᠧᠷᠢᠩ᠎ᠢ ᠡᠬᠢᠯᠡᠭᠦᠯᠬᠦ ᠪᠣᠯᠤᠨ᠎ᠠ᠃
      ᠵᠠᠩ ᠰᠢᠶᠠᠩ ᠸᠧᠶ 2020 — 09 — 24 10᠄ 37᠄ 30
      ᠲᠠᠷᠠᠭ᠋ᠠᠴᠢ ᠵᠢᠨ ᠠᠯᠬᠤᠮ᠎ᠳᠤ ᠭᠤᠷᠪᠠᠨ ᠵᠦᠢ᠍ᠯ᠎ᠤᠨ ᠠᠵᠢᠯ᠎ᠢ ᠭᠣᠣᠯᠳᠠᠯᠭ᠎ᠠ᠎ᠲᠠᠢ᠎ᠪᠠᠷ ᠰᠠᠢ᠍ᠢ᠍ᠲᠤᠷ ᠬᠢᠨ᠎ᠡ᠃ ᠨᠢᠭᠡᠳᠦᠭᠡᠷ᠎ᠲᠤ᠂ ᠴᠢᠬᠤᠯᠠ ᠶᠡᠬᠡ ᠤᠰᠤᠨ ᠠᠰᠢᠭᠯᠠᠯᠲᠠ ᠵᠢᠨ ᠢᠨᠵᠧᠨᠧᠷᠢᠩ᠎ᠤᠨ ᠡᠮᠦᠨᠡᠬᠢ ᠬᠤᠭᠤᠴᠠᠭ᠋ᠠᠨ᠎ᠤ ᠠᠵᠢᠯ᠎ᠢ ᠲᠦᠷᠭᠡᠳᠬᠡᠵᠦ᠂ 《ᠦᠨᠡᠨ ᠬᠦ᠌ ᠬᠡᠷᠡᠭᠴᠡᠭᠡ᠎ᠲᠠᠢ᠂ ᠠᠮᠢ ᠠᠬᠤᠶ ᠵᠢᠨ ᠠᠮᠤᠷ ᠲᠦᠪᠰᠢᠨ᠂ ᠦᠷᠭᠦᠯᠵᠢᠯᠡᠬᠦ》 ᠵᠠᠷᠴᠢᠮ ᠶᠣᠰᠣᠭ᠋ᠠᠷ ᠡᠮᠦᠨᠡᠬᠢ ᠬᠤᠭᠤᠴᠠᠭ᠋ᠠᠨ᠎ᠤ ᠨᠤᠲᠠᠯᠠᠯᠲᠠ ᠵᠢ ᠭᠦᠨᠵᠡᠭᠡᠢ᠍ᠢ᠍ᠷᠡᠭᠦᠯᠦᠨ᠎ᠡ᠃ ᠢᠯᠠᠩᠭᠤᠶ᠎ᠠ ᠤᠰᠤᠨ᠎ᠤ ᠡᠬᠢ ᠪᠠᠶᠠᠯᠢᠭ᠎ᠢ ᠠᠷᠪᠢᠯᠠᠨ ᠠᠰᠢᠭᠯᠠᠵᠤ ᠬᠠᠮᠠᠭ᠋ᠠᠯᠠᠬᠤ ᠪᠠ ᠶᠡᠷᠦᠩᠬᠡᠢ᠍ᠢ᠍ᠯᠡᠨ ᠠᠰᠢᠭᠯᠠᠬᠤ᠂ ᠭᠠᠵᠠᠷ ᠰᠢᠷᠣᠶ ᠵᠢ ᠡᠷᠴᠢᠮᠯᠢᠭ ᠠᠷᠪᠢᠯᠠᠨ ᠠᠰᠢᠭᠯᠠᠬᠤ ᠵᠢ ᠪᠠᠷᠢᠮᠲᠠᠯᠠᠨ᠂ ᠣᠷᠴᠢᠨ ᠲᠣᠭᠣᠷᠢᠨ᠎ᠳᠤ ᠦᠵᠡᠭᠦᠯᠬᠦ ᠨᠥᠯᠥᠭᠡᠯᠡᠯ᠎ᠢ ᠦᠨᠡᠯᠡᠬᠦ᠂ ᠨᠡᠭᠦᠳᠡᠯ ᠠᠷᠠᠳ᠎ᠢ ᠲᠥᠪᠬᠢᠨᠡᠭᠦᠯᠬᠦ ᠲᠥᠰᠦᠯ ᠵᠡᠷᠭᠡ ᠠᠵᠢᠯ᠎ᠢ ᠰᠠᠢ᠍ᠢ᠍ᠲᠤᠷ ᠬᠢᠵᠦ᠂ ᠬᠣᠯᠪᠣᠭᠳᠠᠯ ᠪᠥᠬᠥᠢ ᠰᠠᠯᠠᠭ᠎ᠠ ᠮᠥᠴᠢᠷ᠎ᠲᠠᠢ ᠬᠠᠮᠲᠤ᠎ᠪᠠᠷ ᠲᠥᠷᠥᠯ ᠵᠦᠢ᠍ᠯ᠎ᠢ ᠬᠢᠨᠠᠨ ᠪᠠᠢ᠍ᠢ᠍ᠴᠠᠭ᠋ᠠᠵᠤ ᠬᠢᠨᠠᠨ ᠵᠥᠪᠰᠢᠶᠡᠷᠡᠬᠦ᠎ᠪᠠᠨ ᠲᠦᠷᠭᠡᠳᠬᠡᠨ᠂ ᠢᠯᠡᠭᠦᠦ ᠨᠡᠭᠡᠭᠡᠬᠦ᠂ ᠡᠷᠲᠡ ᠨᠡᠭᠡᠭᠡᠬᠦ᠎ᠪᠠᠷ ᠴᠢᠷᠮᠠᠢ᠍ᠢ᠍ᠨ᠎ᠠ᠃
      ᠬᠣᠶᠠᠳᠤᠭ᠋ᠠᠷ᠎ᠲᠤ᠂ ᠪᠡᠯᠡ ᠣᠷᠣᠭᠤᠯᠤᠯᠲᠠ ᠵᠢ ᠤᠯᠠᠨ ᠠᠷᠭ᠎ᠠ ᠵᠠᠮ ᠵᠶ᠋ᠠᠷ ᠨᠠᠢ᠍ᠢ᠍ᠳᠠᠪᠤᠷᠢᠵᠢᠭᠤᠯᠤᠨ᠎ᠠ᠃ ᠤᠴᠢᠷ᠎ᠨᠢ ᠡᠨᠡ 150 ᠵᠦᠢ᠍ᠯ᠎ᠤᠨ ᠴᠢᠬᠤᠯᠠ ᠶᠡᠬᠡ ᠤᠰᠤᠨ ᠠᠰᠢᠭᠯᠠᠯᠲᠠ ᠵᠢᠨ ᠢᠨᠵᠧᠨᠧᠷᠢᠩ᠎ᠳᠤ ᠪᠠᠷᠤᠭ 1.29 ᠲᠦᠮᠡᠨ ᠳ᠋ᠦᠩᠰᠢᠭᠤᠷ ᠲᠥᠭᠥᠷᠢᠭ᠎ᠤᠨ ᠪᠡᠯᠡ ᠣᠷᠣᠭᠤᠯᠬᠤ ᠴᠢᠬᠤᠯᠠ᠎ᠲᠠᠢ ᠪᠠᠢ᠍ᠢ᠍ᠨ᠎ᠠ᠃ ᠡᠳᠡᠭᠡᠷ ᠪᠡᠯᠡ ᠣᠷᠣᠭᠤᠯᠤᠯᠲᠠ ᠵᠢ ᠰᠠᠢ᠍ᠢ᠍ᠲᠤᠷ ᠨᠠᠢ᠍ᠢ᠍ᠳᠠᠪᠤᠷᠢᠵᠢᠭᠤᠯᠬᠤ᠎ᠨᠢ ᠴᠢᠬᠤᠯᠠ ᠶᠡᠬᠡ ᠤᠰᠤᠨ ᠠᠰᠢᠭᠯᠠᠯᠲᠠ ᠵᠢᠨ ᠢᠨᠵᠧᠨᠧᠷᠢᠩ᠎ᠤᠨ ᠪᠦᠲᠦᠭᠡᠨ ᠪᠠᠢ᠍ᠢ᠍ᠭᠤᠯᠤᠯᠲᠠ ᠵᠢ ᠠᠬᠢᠭᠤᠯᠬᠤ᠎ᠳᠤ ᠲᠤᠢ᠍ᠢ᠍ᠯ᠎ᠤᠨ ᠵᠠᠩᠭᠢᠯᠠᠭ᠎ᠠ ᠪᠣᠯᠵᠤ᠂ ᠡᠨᠡ ᠵᠢᠯ᠎ᠤᠨ 7 ᠰᠠᠷ᠎ᠠ ᠵᠢᠨ ᠲᠥᠷᠥ ᠵᠢᠨ ᠶᠠᠪᠤᠳᠠᠯ᠎ᠤᠨ ᠬᠣᠷᠢᠶᠠᠨ᠎ᠤ ᠪᠠᠢ᠍ᠢ᠍ᠩᠭᠤ ᠵᠢᠨ ᠬᠤᠷᠠᠯ᠎ᠤᠨ ᠱᠠᠭ᠋ᠠᠷᠳᠠᠯᠭ᠎ᠠ ᠶᠤᠰᠤᠭ᠋ᠠᠷ ᠤᠰᠤᠨ ᠠᠰᠢᠭᠯᠠᠯᠲᠠ ᠵᠢᠨ ᠶᠠᠮᠤᠨ ᠬᠥᠭᠵᠢᠭᠦᠯᠦᠯᠲᠡ ᠪᠠ ᠥᠭᠡᠷᠡᠴᠢᠯᠡᠯᠲᠡ ᠵᠢᠨ ᠵᠥᠪᠯᠡᠯ᠂ ᠡᠳ᠋᠎ᠤᠨ ᠵᠠᠰᠠᠭ᠎ᠤᠨ ᠶᠠᠮᠤᠨ᠎ᠯᠤᠭ᠎ᠠ ᠬᠠᠮᠵᠢᠯᠴᠠᠨ᠂ ᠨᠢᠭᠡ᠎ᠳᠤ ᠲᠥᠪ᠎ᠤᠨ ᠪᠡᠯᠡ ᠣᠷᠣᠭᠤᠯᠤᠯᠲᠠ ᠵᠢᠨ ᠬᠥᠲᠥᠯᠥᠨ ᠳᠠᠭ᠋ᠠᠭᠤᠯᠬᠤ ᠦᠢ᠍ᠯᠡᠳᠦᠯ᠎ᠢ ᠭᠦᠢ᠍ᠴᠡᠳ ᠪᠠᠳᠠᠷᠠᠭᠤᠯᠤᠨ᠎ᠠ᠂ ᠡᠨᠡ ᠬᠦ᠌ ᠰᠠᠭᠤᠷᠢᠨ ᠳᠡᠭᠡᠷ᠎ᠡ᠂ ᠣᠷᠣᠨ ᠨᠤᠲᠤᠭ᠎ᠤᠨ ᠵᠠᠰᠠᠭ᠎ᠤᠨ ᠣᠷᠳᠣᠨ᠎ᠤ ᠲᠤᠰᠬᠠᠶ ᠬᠡᠷᠡᠭᠯᠡᠭᠡᠨ᠎ᠤ ᠵᠢᠭᠡᠯᠡᠯᠭᠡ ᠵᠢ ᠰᠠᠢ᠍ᠢ᠍ᠲᠤᠷ ᠠᠰᠢᠭᠯᠠᠨ᠎ᠠ᠂ ᠡᠨᠡ ᠵᠢᠯ᠎ᠤᠨ 1 — 9 ᠰᠠᠷ᠎ᠠ᠎ᠳᠤ ᠪᠦᠬᠦ ᠤᠯᠤᠰ᠎ᠤᠨ ᠤᠰᠤᠨ ᠠᠰᠢᠭᠯᠠᠯᠲᠠ ᠵᠢᠨ᠎ᠬᠢᠨ ᠣᠷᠣᠨ ᠨᠤᠲᠤᠭ᠎ᠤᠨ ᠵᠠᠰᠠᠭ᠎ᠤᠨ ᠣᠷᠳᠣᠨ᠎ᠤ ᠲᠤᠰᠬᠠᠶ ᠬᠡᠷᠡᠭᠯᠡᠭᠡᠨ᠎ᠤ ᠵᠢᠭᠡᠯᠡᠯᠭᠡ ᠵᠢᠨ ᠲᠡᠮᠳᠡᠭᠲᠦ ᠵᠢ 1244 ᠳ᠋ᠦᠩᠰᠢᠭᠤᠷ ᠲᠥᠭᠥᠷᠢᠭ ᠠᠰᠢᠭᠯᠠᠵᠤ᠂ ᠨᠢᠳᠤᠨᠤᠨ᠎ᠤ ᠪᠦᠬᠦ ᠵᠢᠯ᠎ᠤᠨ ᠤᠰᠤᠨ ᠠᠰᠢᠭᠯᠠᠯᠲᠠ ᠵᠢᠨ᠎ᠬᠢᠨ ᠣᠷᠣᠨ ᠨᠤᠲᠤᠭ᠎ᠤᠨ ᠵᠠᠰᠠᠭ᠎ᠤᠨ ᠣᠷᠳᠣᠨ᠎ᠤ ᠲᠤᠰᠬᠠᠶ ᠵᠦᠢ᠍ᠯ᠎ᠤᠨ ᠵᠢᠭᠡᠯᠡᠯᠭᠡ ᠵᠢᠨ ᠲᠡᠮᠳᠡᠭᠲᠦ ᠵᠢ ᠨᠠᠢ᠍ᠢ᠍ᠳᠠᠪᠤᠷᠢᠵᠢᠭᠤᠯᠤᠭᠰᠠᠨ᠎ᠤ 4.9 ᠲᠠᠬᠢᠨ ᠪᠤᠯᠵᠤ᠂ ᠴᠢᠬᠤᠯᠠ ᠶᠡᠬᠡ ᠤᠰᠤᠨ ᠠᠰᠢᠭᠯᠠᠯᠲᠠ ᠵᠢᠨ ᠢᠨᠵᠧᠨᠧᠷᠢᠩ᠎ᠤᠨ ᠪᠦᠳᠦᠭᠡᠨ ᠪᠠᠢ᠍ᠢ᠍ᠭᠤᠯᠤᠯᠲᠠ ᠵᠢ ᠳᠡᠮᠵᠢᠬᠦ᠎ᠳᠤ ᠳᠤᠩ ᠶᠡᠬᠡ ᠦᠢ᠍ᠯᠡᠳᠦᠯ ᠦᠵᠡᠭᠦᠯᠦᠭᠰᠡᠨ ᠪᠠᠢ᠍ᠢ᠍ᠨ᠎ᠠ᠃ ᠬᠣᠶᠠᠷ᠎ᠲᠤ ᠲᠥᠷᠥ ᠵᠢᠨ ᠪᠣᠳᠣᠯᠭ᠎ᠠ ᠵᠢᠨ ᠴᠢᠨᠠᠷᠲᠠᠶ ᠪᠠ ᠨᠡᠭᠡᠭᠡᠯᠲᠡ ᠵᠢᠨ ᠴᠢᠨᠠᠷᠲᠠᠶ ᠮᠥᠩᠭᠥᠨ ᠭᠦᠢ᠍ᠯᠭᠡᠭᠡᠨ᠎ᠤ ᠦᠢ᠍ᠯᠡᠳᠦᠯ᠎ᠢ ᠪᠠᠳᠠᠷᠠᠭᠤᠯᠵᠤ᠂ ᠴᠢᠬᠤᠯᠠ ᠶᠡᠬᠡ ᠤᠰᠤᠨ ᠠᠰᠢᠭᠯᠠᠯᠲᠠ ᠵᠢᠨ ᠢᠨᠵᠧᠨᠧᠷᠢᠩ᠎ᠤᠨ ᠪᠥᠲᠥᠭᠡᠨ ᠪᠠᠢ᠍ᠢ᠍ᠭᠤᠯᠤᠯᠲᠠ ᠪᠠ ᠡᠵᠡᠩᠨᠡᠯᠲᠡ᠎ᠳᠤ ᠨᠡᠢ᠍ᠢ᠍ᠭᠡᠮ᠎ᠤᠨ ᠬᠥᠷᠥᠩᠭᠡ ᠵᠢᠨ ᠣᠷᠣᠯᠴᠠᠬᠤ ᠵᠢ ᠢᠳᠡᠪᠬᠢᠲᠡᠶ᠎ᠪᠠᠷ ᠬᠥᠲᠥᠯᠦᠨ ᠵᠢᠯᠣᠭᠣᠳᠴᠤ᠂ ᠣᠯᠠᠨ ᠠᠷᠭ᠎ᠠ ᠵᠠᠮ ᠵᠶ᠋ᠠᠷ ᠳᠠᠮᠵᠢᠨ ᠡᠲᠡᠭᠡᠷ ᠢᠨᠵᠧᠨᠧᠷᠢᠩ᠎ᠤᠨ ᠪᠠᠯᠠ ᠣᠷᠣᠭᠤᠯᠤᠯᠲᠠ ᠵᠢ ᠰᠠᠢ᠍ᠢ᠍ᠲᠤᠷ ᠨᠠᠢ᠍ᠢ᠍ᠳᠠᠪᠤᠷᠢᠵᠢᠭᠤᠯᠤᠨ᠎ᠠ᠃
      ᠭᠤᠷᠪᠠᠳᠤᠭ᠋ᠠᠷ᠎ᠲᠤ᠂ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ ᠵᠢᠨ ᠲᠥᠷᠥᠯ ᠵᠦᠢ᠍ᠯ᠎ᠤᠨ ᠨᠥᠭᠡᠴᠡ ᠵᠢ ᠰᠠᠢ᠍ᠢ᠍ᠲᠤᠷ ᠬᠢᠵᠦ᠂ ᠡᠨᠡ ᠬᠦ᠌ 150 ᠵᠦᠢ᠍ᠯ᠎ᠤᠨ ᠰᠠᠭᠤᠷᠢᠨ ᠳᠡᠭᠡᠷ᠎ᠡ᠂ ᠶᠠᠭ ᠥᠷᠨᠢᠭᠦᠯᠵᠦ ᠪᠠᠢ᠍ᠢ᠍ᠭ᠎ᠠ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ ᠵᠢ ᠨᠠᠢ᠍ᠢ᠍ᠷᠠᠭᠤᠯᠤᠨ ᠵᠣᠬᠢᠶᠠᠬᠤ᠎ᠲᠠᠢ ᠤᠶᠠᠯᠳᠤᠭᠤᠯᠤᠨ᠂ ᠤᠯᠤᠰ᠎ᠤᠨ ᠤᠰᠤᠨ ᠲᠣᠣᠷ᠎ᠤᠨ ᠪᠥᠳᠥᠭᠡᠨ ᠪᠠᠢ᠍ᠢ᠍ᠭᠤᠯᠤᠯᠲᠠ ᠪᠣᠯᠤᠨ ᠡᠨᠡ ᠵᠢᠯ᠎ᠤᠨ ᠦᠶᠡᠷ᠎ᠢ ᠰᠡᠷᠭᠡᠢ᠍ᠢ᠍ᠯᠡᠬᠦ᠎ᠳᠤ ᠢᠯᠡᠷᠡᠭᠰᠡᠨ ᠪᠠᠭᠤᠷᠠᠶ ᠭᠤᠭᠴᠤᠭ᠎ᠠ᠎ᠪᠠᠷ ᠭᠣᠣᠯᠯᠠᠭᠤᠯᠤᠨ᠂ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ ᠵᠢᠨ ᠴᠢᠬᠤᠯᠠ ᠶᠡᠬᠡ ᠤᠰᠤᠨ ᠠᠰᠢᠭᠯᠠᠯᠲᠠ ᠵᠢᠨ ᠢᠨᠵᠧᠨᠧᠷᠢᠩ ᠪᠣᠯᠤᠨ ᠠᠷᠠᠳ᠎ᠤᠨ ᠠᠮᠢᠳᠤᠷᠠᠯ᠎ᠤᠨ ᠴᠢᠬᠤᠯᠠ ᠶᠡᠬᠡ ᠤᠰᠤᠨ ᠠᠰᠢᠭᠯᠠᠯᠲᠠ ᠵᠢᠨ ᠲᠥᠷᠥᠯ ᠵᠦᠢ᠍ᠯ᠎ᠢ ᠲᠠᠬᠢᠨ ᠲᠥᠯᠥᠪᠯᠡᠵᠦ᠂ ᠲᠥᠷᠥᠯ ᠵᠦᠢ᠍ᠯ᠎ᠤᠨ ᠨᠥᠭᠡᠴᠡᠯᠡᠯᠲᠡ ᠵᠢ ᠰᠠᠢ᠍ᠢ᠍ᠲᠤᠷ ᠬᠢᠵᠦ᠂ ᠨᠥᠬᠥᠴᠡᠯ ᠪᠦᠷᠢᠳᠦᠭᠦᠯᠦᠭᠰᠡᠨ᠎ᠢ᠎ᠨᠢ ᠴᠦ᠍ ᠡᠷᠲᠡ ᠨᠡᠭᠡᠭᠡᠵᠦ ᠢᠯᠡᠭᠦᠦ ᠨᠡᠭᠡᠭᠡᠬᠦ᠎ᠪᠠᠷ ᠴᠢᠷᠮᠠᠢ᠍ᠢ᠍ᠵᠤ᠂ ᠠᠵᠤ ᠠᠬᠤᠶ ᠨᠡᠢ᠍ᠢ᠍ᠭᠡᠮ᠎ᠤᠨ ᠬᠥᠭᠵᠢᠯᠲᠡ᠎ᠳᠤ ᠲᠤᠯᠭ᠋ᠠᠭᠤᠷᠢᠯᠠᠬᠤ ᠦᠢ᠍ᠯᠡᠳᠦᠯ ᠦᠵᠡᠭᠦᠯᠦᠨ᠎ᠡ᠃ ᠪᠠᠶᠠᠷᠯᠠᠯ᠎ᠠ!
      ᠰᠢᠨᠬᠤᠸᠠ ᠬᠣᠷᠢᠶᠠᠨ᠎ᠤ ᠰᠤᠷᠪᠤᠯᠵᠢᠯᠠᠭᠴᠢ 2020 — 09 — 24 10᠄ 37᠄ 41
      ᠲᠡᠭᠡᠪᠡᠯ ᠡᠨᠡ ᠵᠢᠯ᠎ᠤᠨ ᠦᠶᠡᠷ᠎ᠢ ᠰᠡᠷᠭᠡᠢ᠍ᠢ᠍ᠯᠡᠬᠦ ᠠᠵᠢᠯ᠎ᠤᠨ ᠳᠤᠮᠳᠠ ᠬᠢᠨᠠᠯᠲᠠ ᠬᠠᠮᠢᠶᠠᠷᠤᠯᠲᠠ᠎ᠪᠠᠨ ᠴᠢᠩᠭ᠋ᠠᠳᠬᠠᠬᠤ ᠠᠵᠢᠯ᠎ᠢ ᠬᠡᠷᠬᠢᠨ ᠰᠠᠢ᠍ᠢ᠍ᠲᠤᠷ ᠬᠢᠬᠦ ᠪᠤᠶ ᡼ ᠶᠠᠮᠠᠷ ᠦᠢ᠍ᠯᠡᠳᠦᠯ ᠭᠠᠷᠭ᠋ᠠᠭᠰᠠᠨ ᠪᠤᠢ? ᠪᠠᠶᠠᠷᠯᠠᠯ᠎ᠠ!
      ᠶᠧ ᠵᠢᠶᠠᠨ ᠴᠦᠨ 2020 — 09 — 24 10᠄ 39᠄ 08
      ᠲᠠᠨ᠎ᠤ ᠠᠰᠠᠭᠤᠭᠰᠠᠨ᠎ᠳᠤ ᠲᠠᠯᠠᠷᠬᠠᠵᠤ ᠪᠠᠢ᠍ᠢ᠍ᠨ᠎ᠠ᠂ ᠡᠨᠡ ᠠᠰᠠᠭᠤᠳᠠᠯ᠎ᠢ ᠪᠢ ᠭᠤᠷᠪᠠᠨ ᠬᠡᠰᠡᠭ ᠬᠤᠪᠢᠶᠠᠨ ᠲᠠᠢ᠍ᠢ᠍ᠯᠪᠤᠷᠢᠯᠠᠶ᠎ᠠ ᠭᠡᠵᠦ ᠪᠤᠳᠤᠵᠤ ᠪᠠᠢ᠍ᠢ᠍ᠨ᠎ᠠ᠂ ᠶᠠᠭᠤᠨ᠎ᠤ ᠡᠮᠦᠨ᠎ᠡ ᠪᠢ ᠶᠡᠷᠦᠩᠬᠡᠶ ᠬᠦᠭ ᠠᠶᠠᠰ᠎ᠨᠢ ᠶᠠᠮᠠᠷ ᠤᠴᠢᠷ ᠪᠣᠯᠤᠭᠰᠠᠨ᠎ᠢ ᠶᠠᠷᠢᠶ᠎ᠠ ᠭᠡᠵᠦ ᠪᠤᠳᠤᠵᠤ ᠪᠠᠢ᠍ᠢ᠍ᠨ᠎ᠠ᠃ 2018 ᠣᠨ᠎ᠤ ᠪᠠᠢ᠍ᠢ᠍ᠭᠤᠯᠤᠮᠵᠢ ᠵᠢᠨ ᠥᠭᠡᠷᠡᠴᠢᠯᠡᠯᠲᠡ ᠵᠢᠨ ᠲᠠᠷᠠᠭ᠎ᠠ᠂ ᠰᠢᠨ᠎ᠡ ᠨᠢᠭᠡ ᠬᠤᠭᠤᠴᠠᠭ᠋ᠠᠨ᠎ᠤ ᠤᠰᠤᠨ ᠠᠰᠢᠭᠯᠠᠯᠲᠠ ᠵᠢᠨ ᠶᠠᠮᠤᠨ᠎ᠤ ᠨᠠᠮ᠎ᠤᠨ ᠤᠳᠤᠷᠢᠳᠬᠤ ᠳᠤᠭᠤᠢ᠍ᠢ᠍ᠯᠠᠩ ᠶᠡᠷᠦᠩᠬᠡᠢ ᠱᠦᠵᠢ ᠵᠢᠨ 2014 ᠣᠨ᠎ᠤ 3 ᠰᠠᠷ᠎ᠠ ᠵᠢᠨ 14᠎ᠤ ᠡᠳᠦᠷ ᠲᠠᠯᠪᠢᠭᠰᠠᠨ ᠴᠢᠬᠤᠯᠠ ᠶᠠᠷᠢᠶ᠎ᠠ ᠵᠢ ᠳᠠᠬᠢᠨᠲᠠ ᠰᠤᠷᠤᠯᠴᠠᠵᠤ᠂ ᠡᠨᠡ ᠬᠦ᠌ ᠶᠠᠷᠢᠶᠠᠨ᠎ᠳᠤ ᠰᠢᠨ᠎ᠡ ᠴᠠᠭ ᠦᠶ᠎ᠡ ᠵᠢᠨ ᠤᠰᠤ ᠵᠠᠰᠠᠬᠤ ᠰᠡᠳᠬᠢᠴᠡ ᠵᠢ ᠳᠤᠷᠠᠳᠴᠠᠢ᠃ ᠡᠨᠡ ᠬᠦ᠌ ᠰᠡᠳᠬᠢᠴᠡ ᠵᠢ ᠦᠨᠳᠦᠰᠦᠯᠡᠨ᠂ ᠳᠤᠮᠳᠠᠳᠤ ᠤᠯᠤᠰ᠎ᠤᠨ ᠤᠯᠤᠰ᠎ᠤᠨ ᠪᠠᠢ᠍ᠢ᠍ᠳᠠᠯ ᠪᠣᠯᠤᠨ ᠤᠰᠤᠨ᠎ᠤ ᠪᠠᠢ᠍ᠢ᠍ᠳᠠᠯ᠎ᠲᠠᠢ ᠤᠶᠠᠯᠳᠤᠭᠤᠯᠤᠨ᠂ ᠤᠰᠤᠨ ᠠᠰᠢᠭᠯᠠᠯᠲᠠ ᠵᠢᠨ ᠶᠠᠮᠤᠨ᠎ᠤ ᠨᠠᠮ᠎ᠤᠨ ᠤᠳᠤᠷᠢᠳᠬᠤ ᠳᠤᠭᠤᠢ᠍ᠢ᠍ᠯᠠᠩ ᠪᠦᠬᠦ ᠰᠢᠰᠲ᠋ᠧᠮ ᠵᠶ᠋ᠠᠷ ᠵᠶ᠋ᠠᠨ ᠨᠠᠷᠢᠨ ᠬᠢᠨᠠᠮᠠᠭ᠋ᠠᠶ ᠰᠤᠷᠤᠯᠴᠠᠨ ᠡᠮᠬᠢᠯᠡᠵᠦ᠂ ᠬᠣᠢ᠍ᠢ᠍ᠰᠢᠳᠠ ᠵᠢᠨ ᠨᠢᠭᠡ ᠬᠡᠰᠡᠭ ᠬᠤᠭᠤᠴᠠᠭ᠋ᠠᠨ᠎ᠤ ᠤᠰᠤᠨ ᠠᠰᠢᠭᠯᠠᠯᠲᠠ ᠵᠢᠨ ᠥᠭᠡᠷᠡᠴᠢᠯᠡᠯᠲᠡ ᠬᠥᠭᠵᠢᠯᠲᠡ ᠵᠢᠨ ᠶᠡᠷᠦᠩᠬᠡᠶ ᠬᠥᠭ ᠠᠶᠠᠰ᠎ᠢ ᠳᠤᠷᠠᠳᠤᠭᠰᠠᠨ ᠪᠠᠢ᠍ᠢ᠍ᠨ᠎ᠠ᠃ ᠤᠰᠤᠨ ᠠᠰᠢᠭᠯᠠᠯᠲᠠ ᠵᠢᠨ ᠢᠨᠵᠧᠨᠧᠷᠢᠩ᠎ᠤᠨ ᠳᠤᠲᠠᠭᠤᠳᠠᠯ᠎ᠢ ᠨᠥᠬᠥᠪᠥᠷᠢᠯᠡᠬᠦ ᠵᠢ ᠤᠯᠠᠨ ᠵᠶ᠋ᠠᠷ ᠵᠶ᠋ᠠᠨ ᠮᠠᠰᠢ ᠰᠠᠢ᠍ᠢ᠍ᠨ ᠣᠢ᠍ᠢ᠍ᠯᠠᠭ᠋ᠠᠵᠤ ᠪᠠᠢ᠍ᠢ᠍ᠨ᠎ᠠ᠂ ᠢᠨᠵᠧᠨᠧᠷᠢᠩ᠎ᠤᠨ ᠳᠤᠲᠠᠭᠤᠳᠠᠯ ᠮᠠᠰᠢ ᠤᠯᠠᠨ ᠪᠠᠢ᠍ᠢ᠍ᠨ᠎ᠠ᠂ ᠡᠨᠡ ᠵᠢᠯ᠎ᠤᠨ ᠦᠶᠡᠷ᠎ᠢ ᠰᠡᠷᠭᠡᠢ᠍ᠢ᠍ᠯᠡᠬᠦ᠎ᠠᠴᠠ ᠠᠰᠠᠭᠤᠳᠠᠯ᠎ᠢ ᠣᠯᠵᠤ ᠬᠠᠷᠠᠵᠤ ᠪᠣᠯᠤᠨ᠎ᠠ᠃ ᠪᠠᠰᠠ ᠨᠢᠭᠡ᠎ᠨᠢ ᠪᠦᠬᠦ ᠠᠵᠢᠯ ᠲᠦᠷᠦᠯ ᠵᠶ᠋ᠠᠷ ᠵᠶ᠋ᠠᠨ ᠬᠢᠨᠠᠯᠲᠠ ᠬᠠᠮᠢᠶᠠᠷᠤᠯᠲᠠ᠎ᠪᠠᠨ ᠴᠢᠩᠭ᠋ᠠᠳᠬᠠᠵᠤ᠂ ᠤᠰᠤᠨ ᠠᠰᠢᠭᠯᠠᠯᠲᠠ ᠵᠢᠨ ᠠᠵᠢᠯ ᠲᠦᠷᠦᠯ ᠵᠶ᠋ᠠᠷ ᠵᠶ᠋ᠠᠨ ᠬᠢᠨᠠᠯᠲᠠ ᠬᠠᠮᠢᠶᠠᠷᠤᠯᠲᠠ᠎ᠪᠠᠨ ᠴᠢᠩᠭ᠋ᠠᠳᠬᠠᠬᠤ ᠶᠠᠪᠤᠳᠠᠯ ᠪᠣᠯᠤᠨ᠎ᠠ᠂ ᠡᠨᠡ ᠬᠦ᠌ ᠬᠢᠨᠠᠯᠲᠠ ᠬᠠᠮᠢᠶᠠᠷᠤᠯᠲᠠ᠎ᠨᠢ ᠶᠡᠷᠦᠩᠬᠡᠢ ᠱᠦᠵᠢ ᠵᠢᠨ ᠶᠠᠷᠢᠶᠠᠨ᠎ᠳᠠᠭᠠᠨ ᠳᠤᠷᠠᠳᠤᠭᠰᠠᠨ ᠬᠥᠮᠦᠨ᠎ᠤ ᠠᠵᠢᠯᠯᠠᠭ᠎ᠠ ᠵᠢ ᠵᠢᠷᠤᠮᠵᠢᠭᠤᠯᠵᠤ᠂ ᠪᠤᠷᠤᠭᠤ ᠠᠵᠢᠯᠯᠠᠭ᠎ᠠ ᠵᠢ ᠵᠠᠯᠠᠷᠠᠭᠤᠯᠵᠤ᠂ ᠬᠢᠨᠠᠯᠲᠠ ᠬᠠᠮᠢᠶᠠᠷᠤᠯᠲᠠ᠎ᠪᠠᠷ ᠳᠠᠮᠵᠢᠨ ᠤᠰᠤ ᠵᠠᠰᠠᠬᠤ ᠰᠡᠳᠬᠢᠴᠡ ᠵᠢ ᠪᠡᠶᠡᠯᠡᠭᠦᠯᠵᠦ᠂ ᠲᠡᠭᠦᠨ᠎ᠢ ᠪᠦᠲᠦᠮᠵᠢᠲᠡᠢ ᠪᠡᠶᠡᠯᠡᠭᠦᠯᠬᠦ ᠪᠠ ᠨᠠᠢ᠍ᠢ᠍ᠳᠠᠪᠤᠷᠢᠵᠢᠭᠤᠯᠬᠤ ᠵᠢ ᠵᠢᠭ᠋ᠠᠵᠤ ᠪᠤᠢ᠃ ᠶᠡᠷᠦᠩᠬᠡᠶ ᠬᠦᠭ ᠠᠶᠠᠰ ᠪᠣᠯ ᠢᠩᠭᠢᠵᠦ ᠢᠷᠡᠭᠰᠡᠨ ᠶᠤᠮ᠂ ᠡᠢ᠍ᠢ᠍ᠮᠦ᠎ᠠᠴᠠ ᠡᠨᠡ ᠬᠡᠳᠦᠨ ᠵᠢᠯ᠎ᠳᠤ ᠪᠢᠳᠡ ᠡᠢ᠍ᠢ᠍ᠮᠦ ᠨᠢᠭᠡᠨ ᠶᠡᠷᠦᠩᠬᠡᠶ ᠬᠦᠭ ᠠᠶᠠᠰ ᠵᠶ᠋ᠠᠷ ᠤᠰᠤᠨ ᠠᠰᠢᠭᠯᠠᠯᠲᠠ ᠵᠢᠨ ᠥᠭᠡᠷᠡᠴᠢᠯᠡᠯᠲᠡ ᠬᠥᠭᠵᠢᠯᠲᠡ ᠵᠢᠨ ᠬᠣᠯᠪᠣᠭᠳᠠᠯ ᠪᠦᠬᠦᠢ ᠠᠵᠢᠯ᠎ᠢ ᠥᠷᠨᠢᠭᠦᠯᠦᠭᠰᠡᠨ ᠪᠠᠢ᠍ᠢ᠍ᠨ᠎ᠠ᠃
      ᠬᠣᠶᠠᠳᠤᠭ᠋ᠠᠷ᠎ᠲᠤ᠂ ᠪᠢᠳᠡᠨ᠎ᠤ ᠡᠨᠡ ᠵᠢᠯ᠎ᠤᠨ ᠬᠢᠨᠠᠯᠲᠠ ᠬᠠᠮᠢᠶᠠᠷᠤᠯᠲᠠ ᠵᠢᠨ ᠶᠡᠷᠦᠩᠬᠡᠶ ᠪᠣᠳᠣᠯᠬᠢᠯᠠᠯ ᠪᠣᠯ ᠭᠣᠣᠯᠳᠠᠭᠤ ᠬᠣᠶᠠᠷ ᠲᠠᠯ᠎ᠠ ᠪᠣᠯᠤᠨ᠎ᠠ᠂ ᠨᠢᠭᠡ ᠲᠠᠯ᠎ᠠ᠎ᠪᠠᠷ᠂ ᠲᠦᠷᠢᠮ ᠵᠶ᠋ᠠᠷ ᠬᠥᠮᠦᠨ᠎ᠢ ᠬᠠᠮᠢᠶᠠᠷᠴᠤ ᠬᠡᠷᠡᠭ ᠶᠠᠪᠤᠳᠠᠯ᠎ᠢ ᠬᠠᠮᠢᠶᠠᠷᠬᠤ ᠵᠢ ᠴᠢᠬᠤᠯᠠᠴᠢᠯᠠᠵᠤ᠂ ᠪᠢᠳᠡᠨ᠎ᠳᠤ ᠦᠶᠡᠷ᠎ᠤᠨ ᠬᠢᠵᠠᠭ᠋ᠠᠷ᠎ᠤᠨ ᠤᠰᠤᠨ ᠲᠦᠪᠰᠢᠨ᠎ᠤ ᠬᠢᠨᠠᠯᠲᠠ ᠬᠠᠮᠢᠶᠠᠷᠤᠯᠲᠠ ᠵᠢᠨ ᠲᠣᠭᠲᠠᠭ᠋ᠠᠯ᠂ ᠤᠰᠤᠨ᠎ᠤ ᠢᠨᠵᠧᠨᠧᠷᠢᠩ᠎ᠤᠨ ᠦᠶᠡᠷ ᠤᠰᠤᠳᠤᠯ᠎ᠢ ᠰᠡᠷᠭᠡᠢ᠍ᠢ᠍ᠯᠡᠨ ᠭᠠᠩ ᠬᠠᠭᠰᠠᠷᠠᠭ᠋ᠠᠨ᠎ᠲᠠᠢ ᠲᠡᠮᠡᠴᠡᠬᠦ ᠵᠢ ᠳᠣᠭᠢᠷᠠᠭᠤᠯᠤᠨ ᠬᠡᠷᠡᠭᠯᠡᠬᠦ ᠵᠢᠴᠢ ᠠᠭᠤᠯᠠᠨ ᠦᠶᠡᠷ᠎ᠤᠨ ᠭᠠᠮᠰᠢᠭ᠎ᠢ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ᠎ᠳᠤ ᠬᠢᠨᠠᠯᠲᠠ ᠲᠠᠯᠪᠢᠵᠤ ᠪᠠᠢ᠍ᠢ᠍ᠴᠠᠭ᠋ᠠᠬᠤ ᠠᠷᠭ᠎ᠠ ᠵᠡᠷᠭᠡ ᠲᠦᠷᠢᠮ᠎ᠲᠠᠢ ᠪᠠᠢ᠍ᠢ᠍ᠬᠤ ᠵᠢᠨ ᠬᠠᠮᠲᠤ᠂ ᠡᠲᠡᠭᠡᠷ ᠲᠦᠷᠢᠮ᠎ᠢ ᠬᠡᠷᠡᠭᠵᠢᠭᠦᠯᠵᠦ ᠪᠠᠢ᠍ᠢ᠍ᠭ᠎ᠠ ᠪᠠᠢ᠍ᠢ᠍ᠳᠠᠯ᠎ᠢ ᠬᠢᠨᠠᠯᠲᠠ ᠲᠠᠯᠪᠢᠵᠤ ᠬᠢᠨᠠᠨ ᠬᠠᠮᠢᠶᠠᠷᠬᠤ ᠵᠠᠷᠢᠮ ᠠᠷᠭ᠎ᠠ ᠪᠠᠷᠢᠯ ᠵᠶ᠋ᠠᠷ ᠴᠢᠩᠭ᠋ᠠᠳᠬᠠᠵᠤ᠂ ᠡᠲᠡᠭᠡᠷ ᠲᠦᠷᠢᠮ᠎ᠢ ᠪᠣᠳᠠᠲᠠᠶ ᠨᠠᠢ᠍ᠢ᠍ᠳᠠᠪᠤᠷᠢᠵᠢᠭᠤᠯᠤᠭᠰᠠᠨ ᠡᠰᠡᠬᠦ ᠵᠢ ᠪᠠᠢ᠍ᠢ᠍ᠴᠠᠭ᠋ᠠᠬᠤ᠎ᠪᠠᠷ ᠪᠠᠢ᠍ᠢ᠍ᠨ᠎ᠠ᠃ ᠨᠦᠬᠦᠭᠡ ᠲᠠᠯ᠎ᠠ᠎ᠪᠠᠷ᠂ ᠬᠢᠨᠠᠯᠲᠠ ᠲᠠᠯᠪᠢᠵᠤ ᠭᠦᠢ᠍ᠴᠡᠳᠬᠡᠬᠦ ᠵᠢ ᠴᠢᠩᠭ᠋ᠠᠳᠬᠠᠪᠠ᠃ ᠰᠠᠶᠢᠬᠠᠨ᠎ᠤ ᠲᠠᠨᠢᠯᠴᠠᠭᠤᠯᠤᠭᠰᠠᠨ ᠵᠶ᠋ᠠᠷ᠂ ᠨᠢᠭᠡ᠎ᠨᠢ 《ᠳᠥᠷᠪᠡᠨ ᠦᠯᠦ ᠬᠣᠶᠠᠷ ᠰᠢᠯᠤᠭᠤᠨ》 ᠨᠢᠭᠤᠴᠠ᠎ᠪᠠᠷ ᠰᠤᠷᠪᠤᠯᠵᠢᠯᠠᠬᠤ ᠬᠡᠯᠪᠡᠷᠢ ᠵᠢᠨ ᠱᠠᠯᠠᠪᠳᠠᠭᠤᠯᠤᠨ ᠪᠠᠢ᠍ᠢ᠍ᠴᠠᠭ᠋ᠠᠯᠲᠠ᠂ ᠨᠢᠭᠡ᠎ᠨᠢ ᠮᠠᠨ᠎ᠤ ᠵᠢᠵᠢᠭᠦᠷᠯᠡᠨ ᠠᠵᠢᠯᠯᠠᠬᠤ ᠤᠲᠠᠰᠤ᠎ᠪᠠᠷ ᠰᠤᠭᠤᠴᠢᠨ ᠪᠠᠢ᠍ᠢ᠍ᠴᠠᠭ᠋ᠠᠯᠲᠠ᠂ ᠨᠥᠭᠥᠭᠡ᠎ᠨᠢ ᠠᠵᠢᠯᠯᠠᠬᠤ ᠳᠤᠭᠤᠢ᠍ᠢ᠍ᠯᠠᠩ᠎ᠤᠨ ᠲᠤᠬᠠᠶ ᠵᠢᠨ ᠲᠠᠯᠠᠪᠤᠷ᠎ᠤᠨ ᠱᠠᠯᠠᠪᠳᠠᠭᠤᠯᠤᠨ ᠪᠠᠢ᠍ᠢ᠍ᠴᠠᠭ᠋ᠠᠯᠲᠠ ᠪᠣᠯᠤᠨ᠎ᠠ᠃ 《ᠭᠤᠷᠪᠠ ᠵᠢ ᠨᠢᠭᠡ ᠴᠤᠭᠴᠠᠵᠢᠭᠤᠯᠬᠤ》 ᠱᠠᠯᠠᠪᠳᠠᠭᠤᠯᠤᠨ ᠪᠠᠢ᠍ᠢ᠍ᠴᠠᠭ᠋ᠠᠯᠲᠠ᠎ᠪᠠᠷ ᠳᠠᠮᠵᠢᠨ᠂ ᠦᠶᠡᠷ᠎ᠢ ᠰᠡᠷᠭᠡᠢ᠍ᠢ᠍ᠯᠡᠬᠦ ᠡᠯ᠎ᠡ ᠵᠦᠢ᠍ᠯ᠎ᠤᠨ ᠪᠠᠢ᠍ᠢ᠍ᠷᠢᠯᠠᠭᠤᠯᠤᠯᠲᠠ ᠵᠢ ᠨᠠᠢ᠍ᠢ᠍ᠳᠠᠪᠤᠷᠢᠵᠢᠭᠤᠯᠤᠭᠰᠠᠨ ᠡᠰᠡᠬᠦ ᠵᠢ ᠪᠠᠭᠲᠠᠭ᠋ᠠᠭᠰᠠᠨ ᠡᠳᠡᠭᠡᠷ ᠲᠠᠯ᠎ᠠ ᠵᠢᠨ ᠲᠦᠷᠢᠮ᠎ᠢ ᠪᠠᠢ᠍ᠢ᠍ᠴᠠᠭ᠋ᠠᠨ᠎ᠠ᠃ ᠡᠨᠡ ᠪᠣᠯ ᠮᠠᠨ᠎ᠤ ᠪᠦᠬᠦ ᠲᠠᠯ᠎ᠠ ᠵᠢᠨ ᠪᠣᠳᠣᠯᠬᠢᠯᠠᠯ᠂ ᠳᠦᠷᠢᠮ᠎ᠤᠨ ᠴᠢᠩᠭ᠋ᠠᠷᠠᠯᠲᠠ ᠪᠠ ᠬᠢᠨᠠᠯᠲᠠ ᠬᠠᠮᠢᠶᠠᠷᠤᠯᠲᠠ ᠵᠢᠨ ᠴᠢᠩᠭ᠋ᠠᠷᠠᠯᠲᠠ ᠪᠤᠯᠤᠨ᠎ᠠ᠃
      ᠶᠧ ᠵᠢᠶᠠᠨ ᠴᠦᠨ 2020 — 09 — 24 10᠄ 43᠄ 37
      ᠭᠤᠷᠪᠠᠳᠤᠭ᠋ᠠᠷ᠎ᠲᠤ᠂ ᠡᠳᠡᠭᠡᠷ ᠪᠣᠳᠠᠲᠠᠶ ᠶᠠᠪᠤᠳᠠᠯ᠎ᠢ ᠶᠠᠭ᠋ᠠᠬᠢᠵᠤ ᠬᠢᠭᠰᠡᠨ᠎ᠢ ᠲᠠᠨᠢᠯᠴᠠᠭᠤᠯᠤᠶ᠎ᠠ᠃ ᠴᠠᠭ᠎ᠤᠨ ᠳᠠᠷᠠᠭ᠋ᠠᠯᠠᠯ ᠵᠶ᠋ᠠᠷ ᠡᠩ ᠲᠡᠷᠢᠭᠦᠨ᠎ᠳᠤ ᠪᠠᠢ᠍ᠢ᠍ᠴᠠᠭ᠋ᠠᠬᠤ᠎ᠨᠢ ᠤᠰᠤᠨ᠎ᠳᠤ ᠡᠪᠳᠡᠭᠳᠡᠭᠰᠡᠨ ᠪᠠᠢ᠍ᠢ᠍ᠳᠠᠯ᠎ᠢ ᠵᠠᠰᠠᠨ ᠰᠡᠷᠭᠦᠭᠡᠬᠦ ᠳᠤᠬᠠᠢ ᠪᠤᠯᠤᠨ᠎ᠠ᠂ ᠪᠢᠳᠡ ᠦᠶᠡᠷ᠎ᠤᠨ ᠬᠤᠭᠤᠴᠠᠭ᠋ᠠᠨ᠎ᠠᠴᠠ ᠡᠮᠦᠨ᠎ᠡ ᠭᠣᠣᠯᠳᠠᠭᠤ ᠡᠯ᠎ᠡ ᠭᠠᠵᠠᠷ᠎ᠤᠨ᠎ᠬᠢᠨ ᠨᠢᠳᠤᠨᠤᠨ᠎ᠤ ᠤᠰᠤᠨ᠎ᠳᠤ ᠡᠪᠳᠡᠭᠳᠡᠭᠰᠡᠨ ᠪᠠᠷᠢᠯᠭ᠎ᠠ ᠵᠢ ᠵᠠᠰᠠᠨ ᠰᠡᠷᠭᠦᠭᠡᠭᠰᠡᠨ ᠡᠰᠡᠬᠦ ᠵᠢ ᠱᠠᠯᠠᠪᠳᠠᠭᠤᠯᠤᠨ ᠪᠠᠢ᠍ᠢ᠍ᠴᠠᠭ᠋ᠠᠵᠤ᠂ ᠡᠨᠡ ᠵᠢᠯ᠎ᠤᠨ ᠦᠶᠡᠷ ᠤᠰᠤᠳᠤᠯ᠎ᠤᠨ ᠪᠠᠢ᠍ᠢ᠍ᠳᠠᠯ᠎ᠢ ᠠᠷᠭ᠋ᠠᠴᠠᠭ᠋ᠠᠵᠤ ᠳᠡᠢ᠍ᠢ᠍ᠯᠬᠦ ᠪᠣᠯᠲᠠᠯ᠎ᠠ ᠰᠡᠷᠭᠦᠭᠡᠵᠦ᠂ 19 ᠮᠤᠵᠢ ᠵᠢᠨ 3 ᠰᠠᠪᠠ ᠭᠠᠵᠠᠷ᠎ᠤᠨ 334 ᠤᠰᠤᠨ᠎ᠳᠤ ᠡᠪᠳᠡᠭᠳᠡᠭᠰᠡᠨ ᠪᠠᠷᠢᠯᠭ᠎ᠠ ᠵᠢ ᠵᠠᠰᠠᠨ ᠰᠡᠷᠭᠦᠭᠡᠬᠦ ᠲᠦᠷᠦᠯ ᠵᠦᠢ᠍ᠯ᠎ᠳᠤ ᠲᠤᠰᠬᠠᠶ ᠪᠠᠢ᠍ᠢ᠍ᠴᠠᠭ᠋ᠠᠯᠲᠠ ᠬᠢᠵᠦ᠂ ᠡᠨᠡ ᠵᠢᠯ ᠬᠢᠵᠢᠭ᠎ᠤᠨ ᠪᠠᠢ᠍ᠢ᠍ᠳᠠᠯ᠎ᠤᠨ ᠨᠥᠯᠥᠭᠡ᠎ᠪᠠᠷ ᠡᠯ᠎ᠡ ᠭᠠᠵᠠᠷ᠎ᠤᠨ᠎ᠬᠢᠨ᠎ᠢ ᠱᠠᠯᠠᠪᠳᠠᠭᠤᠯᠤᠨ ᠱᠠᠭ᠋ᠠᠷᠳᠠᠯᠭ᠎ᠠ ᠶᠣᠰᠣᠭ᠋ᠠᠷ ᠡᠳᠡᠭᠡᠷ ᠪᠠᠷᠢᠯᠭ᠎ᠠ ᠵᠢ ᠵᠠᠰᠠᠨ ᠰᠡᠷᠭᠦᠭᠡᠵᠦ᠂ ᠡᠨᠡ ᠵᠢᠯ ᠠᠰᠢᠭᠯᠠᠯᠲᠠ᠎ᠳᠤ ᠣᠷᠣᠭᠤᠯᠬᠤ ᠵᠢ ᠪᠠᠲᠤᠯᠠᠨ᠎ᠠ᠃ ᠵᠠᠯᠭ᠋ᠠᠭ᠋ᠠᠳ ᠪᠠᠷᠢᠮᠵᠢᠶ᠎ᠠ᠎ᠠᠴᠠ ᠬᠡᠲᠦᠷᠡᠭᠰᠡᠨ ᠦᠶᠡᠷ ᠤᠰᠤᠳᠤᠯ᠎ᠢ ᠰᠡᠷᠭᠡᠢ᠍ᠢ᠍ᠯᠡᠬᠦ ᠲᠥᠰᠦᠯ᠎ᠢ ᠪᠠᠢ᠍ᠢ᠍ᠴᠠᠭ᠋ᠠᠵᠤ᠂ ᠪᠢᠳᠡᠨ᠎ᠳᠤ 《ᠲᠦᠷᠪᠡᠨ ᠬᠠᠷᠠᠯᠲᠠ》᠎ᠲᠠᠢ᠂ ᠴᠢᠬᠤᠯᠠ ᠭᠣᠣᠯ ᠮᠥᠷᠡᠨ᠂ ᠭᠣᠣᠯᠳᠠᠯᠭ᠎ᠠ᠎ᠲᠠᠢ ᠬᠤᠳᠠ᠎ᠳᠤ ᠪᠠᠷᠢᠮᠵᠢᠶ᠎ᠠ᠎ᠠᠴᠠ ᠬᠡᠲᠦᠷᠡᠭᠰᠡᠨ ᠦᠶᠡᠷ ᠤᠰᠤᠳᠤᠯ᠎ᠢ ᠰᠡᠷᠭᠡᠢ᠍ᠢ᠍ᠯᠡᠬᠦ ᠲᠥᠰᠦᠯ᠎ᠢ ᠵᠣᠬᠢᠶᠠᠨ ᠪᠠᠢ᠍ᠢ᠍ᠭᠤᠯᠵᠤ ᠨᠠᠢ᠍ᠢ᠍ᠷᠠᠭᠤᠯᠤᠨ ᠵᠣᠬᠢᠶᠠᠨ᠎ᠠ᠂ ᠪᠢᠳᠡ ᠲᠤᠰᠬᠠᠢ ᠪᠠᠢ᠍ᠢ᠍ᠴᠠᠭ᠋ᠠᠯᠲᠠ ᠵᠢ ᠵᠣᠬᠢᠶᠠᠨ ᠪᠠᠢ᠍ᠢ᠍ᠭᠤᠯᠵᠤ᠂ ᠡᠳᠡᠭᠡᠷ ᠲᠥᠰᠦᠯ᠎ᠨᠢ ᠪᠠᠷᠢᠮᠵᠢᠶ᠎ᠠ᠎ᠠᠴᠠ ᠬᠡᠲᠦᠷᠡᠭᠰᠡᠨ ᠦᠶᠡᠷ ᠤᠰᠤᠳᠤᠯ᠎ᠳᠤ ᠰᠠᠮᠠᠭᠤᠷᠠᠯ ᠭᠠᠷᠭ᠋ᠠᠬᠤ ᠦᠭᠡᠢ ᠪᠠᠢ᠍ᠢ᠍ᠬᠤ ᠵᠢ ᠪᠡᠶᠡᠯᠡᠭᠦᠯᠵᠦ ᠳᠡᠢ᠍ᠢ᠍ᠯᠬᠦ ᠡᠰᠡᠬᠦ ᠵᠢ ᠪᠠᠢ᠍ᠢ᠍ᠴᠠᠭ᠋ᠠᠵᠤ᠂ ᠲᠡᠭᠦᠨ᠎ᠤ ᠬᠡᠷᠡᠭᠯᠡᠭᠡᠨ᠎ᠤ ᠴᠢᠨᠠᠷ᠂ ᠬᠠᠨᠳᠤᠯᠭ᠋ᠠᠲᠤ ᠴᠢᠨᠠᠷ ᠪᠠ ᠬᠡᠷᠡᠭᠵᠢᠭᠦᠯᠵᠦ ᠪᠣᠯᠬᠤᠢ᠍ᠢ᠍ᠴᠠ ᠴᠢᠨᠠᠷ᠎ᠢ ᠪᠠᠢ᠍ᠢ᠍ᠴᠠᠭ᠋ᠠᠨ᠎ᠠ᠂ ᠡᠨᠡ ᠪᠣᠯ ᠪᠢᠳᠡᠨ᠎ᠤ ᠬᠢᠨᠠᠯᠲᠠ ᠬᠠᠮᠢᠶᠠᠷᠤᠯᠲᠠ᠎ᠪᠠᠨ ᠴᠢᠩᠭ᠋ᠠᠳᠬᠠᠬᠤ ᠵᠢᠨ ᠬᠣᠶᠠᠳᠤᠭ᠋ᠠᠷ ᠵᠦᠢ᠍ᠯ᠎ᠤᠨ ᠠᠵᠢᠯ ᠪᠣᠯᠤᠨ᠎ᠠ ᠭᠡᠵᠦ ᠰᠠᠶᠢᠬᠠᠨ ᠬᠡᠯᠡᠭᠰᠡᠨ ᠪᠢᠯᠡ᠃ ᠭᠤᠷᠪᠠᠳᠤᠭ᠋ᠠᠷ᠎ᠲᠤ ᠤᠰᠤᠨ ᠴᠥᠭᠥᠷᠥᠮ᠂ ᠲᠤᠮᠤ ᠳᠤᠮᠳᠠ ᠬᠡᠯᠪᠡᠷᠢ ᠵᠢᠨ᠎ᠬᠢ ᠵᠢ ᠪᠢᠳᠡ ᠪᠣᠯ ᠰᠦᠯᠵᠢᠶᠡᠨ ᠳᠡᠭᠡᠷᠡᠬᠢ ᠪᠠ ᠰᠦᠯᠵᠢᠶᠡᠨ᠎ᠠᠴᠠ ᠭᠠᠳᠠᠭᠤᠷᠬᠢ ᠬᠢᠨᠠᠨ ᠬᠠᠮᠢᠶᠠᠷᠤᠯᠲᠠ ᠬᠢᠵᠤ ᠪᠠᠢ᠍ᠢ᠍ᠨ᠎ᠠ᠂ ᠰᠦᠯᠵᠢᠶᠡᠨ ᠳᠡᠭᠡᠷᠡᠬᠢ ᠪᠣᠯ ᠲᠡᠭᠦᠨ᠎ᠤ ᠤᠰᠤᠨ ᠲᠦᠪᠰᠢᠨ᠎ᠤ ᠪᠠᠢ᠍ᠢ᠍ᠳᠠᠯ᠎ᠢ ᠴᠠᠭ ᠲᠤᠬᠠᠶ᠎ᠳᠤᠨᠢ ᠠᠩᠬᠠᠷᠴᠤ᠂ ᠲᠡᠭᠦᠨ᠎ᠤ ᠲᠣᠭᠲᠠᠭ᠋ᠠᠯ᠎ᠠᠴᠠ ᠵᠥᠷᠢᠴᠡᠨ ᠦᠶᠡᠷ᠎ᠤᠨ ᠬᠡᠮᠵᠢᠶᠡᠨ᠎ᠤ ᠬᠢᠵᠠᠭ᠋ᠠᠷ᠎ᠠᠴᠠ ᠬᠡᠲᠦᠷᠡᠭᠰᠡᠨ ᠡᠰᠡᠬᠦ᠂ ᠦᠶᠡᠷ ᠵᠠᠯᠠᠬᠤ ᠴᠢᠬᠤᠯᠠ ᠦᠭᠡᠢ ᠦᠶ᠎ᠡ᠎ᠳᠤ ᠦᠶᠡᠷ ᠵᠠᠯᠠᠬᠤ ᠡᠰᠡᠬᠦ ᠵᠢ ᠠᠩᠬᠠᠷᠤᠨ᠎ᠠ᠃ ᠰᠦᠯᠵᠢᠶᠡᠨ ᠭᠠᠳᠠᠨ᠎ᠠ ᠪᠢᠳᠡ ᠨᠢᠭᠤᠴᠠ᠎ᠪᠠᠷ ᠰᠤᠷᠪᠤᠯᠵᠢᠯᠠᠬᠤ ᠠᠷᠭ᠎ᠠ᠎ᠪᠠᠷ ᠡᠳᠡᠭᠡᠷ ᠤᠰᠤᠨ ᠴᠥᠭᠥᠷᠥᠮ᠎ᠢ ᠲᠣᠬᠢᠷᠠᠭᠤᠯᠬᠤ ᠵᠠᠷᠯᠢᠭ ᠶᠣᠰᠣᠭ᠋ᠠᠷ ᠬᠡᠷᠡᠭᠵᠢᠭᠦᠯᠵᠦ ᠪᠠᠢ᠍ᠶᠬᠤ ᠡᠰᠡᠬᠦ ᠵᠢ ᠱᠠᠯᠠᠪᠳᠠᠭᠤᠯᠤᠨ᠎ᠠ᠃ ᠡᠨᠡ ᠵᠢᠯ ᠤᠰᠤᠨ ᠴᠥᠭᠥᠷᠥᠮ᠎ᠳᠤ ᠳᠤᠷ᠎ᠠ᠎ᠪᠠᠷ ᠵᠶ᠋ᠠᠨ ᠦᠶᠡᠷ᠎ᠤᠨ ᠬᠡᠮᠵᠢᠶᠡᠨ᠎ᠤ ᠬᠢᠵᠠᠭ᠋ᠠᠷ᠎ᠠᠴᠠ ᠬᠡᠲᠦᠷᠡᠲᠡᠯ᠎ᠡ ᠠᠵᠢᠯᠯᠠᠵᠤ ᠪᠠᠢ᠍ᠶᠭ᠎ᠠ ᠬᠥᠮᠦᠨ ᠨᠢᠭᠡ ᠴᠦ᠍ ᠪᠠᠢ᠍ᠶᠬᠤ ᠦᠭᠡᠶ᠃ ᠪᠠᠭ᠎ᠠ ᠬᠡᠯᠪᠡᠷᠢ ᠵᠢᠨ ᠤᠰᠤᠨ ᠴᠥᠭᠥᠷᠥᠮ᠎ᠤᠨ 《ᠭᠤᠷᠪᠠᠨ ᠬᠠᠷᠢᠭᠤᠴᠠᠯᠭ᠋ᠠᠲᠠᠨ》᠎ᠢ ᠪᠠᠢ᠍ᠢ᠍ᠴᠠᠭ᠋ᠠᠬᠤ ᠬᠠᠷᠢᠭᠤᠴᠠᠯᠭ᠎ᠠ ᠵᠢ ᠨᠠᠢ᠍ᠢ᠍ᠳᠠᠪᠤᠷᠢᠵᠢᠭᠤᠯᠵᠤ᠂ ᠡᠨᠡ ᠵᠢᠯ ᠨᠡᠢ᠍ᠢ᠍ᠲᠡ 6107 ᠪᠠᠭ᠎ᠠ ᠬᠡᠯᠪᠡᠷᠢ ᠵᠢᠨ ᠤᠰᠤᠨ ᠴᠥᠭᠥᠷᠥᠮ᠎ᠢ ᠨᠢᠭᠤᠴᠠ᠎ᠪᠠᠷ ᠰᠤᠷᠪᠤᠯᠵᠢᠯᠠᠵᠤ᠂ ᠣᠨᠴᠠ ᠵᠠᠷᠢᠮ᠎ᠨᠢ ᠣᠷᠣᠨ ᠪᠠᠢ᠍ᠢ᠍ᠷᠢ᠎ᠳᠠᠭᠠᠨ ᠭᠦᠷᠦᠭᠰᠡᠨ ᠥᠬᠡᠶ᠎ᠠᠴᠠ ᠪᠤᠰᠤᠳ ᠵᠣᠩᠬᠢᠯᠠᠬᠤ ᠬᠡᠰᠡᠭ᠎ᠢ᠎ᠨᠢ ᠴᠥᠮ ᠣᠷᠣᠨ ᠪᠠᠢ᠍ᠢ᠍ᠷᠢ᠎ᠳᠠᠭᠠᠨ ᠣᠷᠣᠭᠤᠯᠵᠤ᠂ ᠪᠠᠭ᠎ᠠ ᠬᠡᠯᠪᠡᠷᠢ ᠵᠢᠨ ᠤᠰᠤᠨ ᠴᠥᠭᠥᠷᠥᠮ ᠡᠨᠡ ᠵᠢᠯ᠎ᠤᠨ ᠦᠶᠡᠷ᠎ᠢ ᠠᠮᠤᠷ ᠲᠦᠪᠰᠢᠨ ᠵᠶ᠋ᠠᠷ ᠥᠩᠭᠡᠷᠡᠭᠦᠯᠬᠦ ᠵᠢ ᠦᠨᠡᠨ ᠬᠦ᠌ ᠪᠠᠲᠤᠯᠠᠪᠠ᠃ ᠳᠥᠷᠪᠡᠳᠦᠭᠡᠷ᠎ᠲᠤ᠂ ᠠᠭᠤᠯᠠᠨ ᠦᠶᠡᠷ᠎ᠤᠨ ᠭᠠᠮᠰᠢᠭ᠂ ᠤᠴᠢᠷ᠎ᠨᠢ ᠠᠭᠤᠯᠠᠨ ᠦᠶᠡᠷ᠎ᠤᠨ ᠭᠠᠮᠰᠢᠭ ᠪᠣᠯ ᠦᠶᠡᠷ ᠤᠰᠤᠳᠤᠯ ᠭᠠᠩ ᠬᠠᠭᠰᠠᠷᠠᠭ᠋ᠠᠨ᠎ᠤ ᠭᠠᠮᠰᠢᠭ᠎ᠠᠴᠠ ᠪᠣᠯᠵᠤ ᠥᠭᠦᠵᠦ ᠰᠢᠷᠬᠠᠲᠤᠭᠰᠠᠨ ᠬᠥᠮᠦᠨ᠎ᠤ ᠲᠣᠭ᠎ᠠ᠎ᠪᠠᠷ ᠬᠠᠮᠤᠭ᠎ᠤᠨ ᠣᠯᠠᠨ ᠭᠠᠮᠰᠢᠭ᠎ᠤᠨ ᠲᠥᠷᠥᠯ ᠪᠣᠯᠤᠨ᠎ᠠ᠃ ᠪᠢᠳᠡ 29 ᠮᠤᠵᠢ ᠣᠷᠣᠨ ᠪᠠ ᠰᠢᠨᠵᠢᠶᠠᠩ᠎ᠤᠨ ᠦᠢ᠍ᠯᠡᠳᠪᠦᠷᠢᠯᠡᠯ ᠪᠥᠲᠥᠭᠡᠨ ᠪᠠᠢ᠍ᠢ᠍ᠭᠤᠯᠤᠯᠲᠠ ᠵᠢᠨ ᠪᠢᠩᠲ᠋ᠤᠸᠠᠨ᠎ᠤ 106 ᠰᠢᠶᠠᠨ᠎ᠤ 400 ᠭᠠᠷᠤᠶ ᠲᠣᠰᠬᠣᠨ᠎ᠳᠤ ᠠᠭᠤᠯᠠᠨ ᠦᠶᠡᠷ᠎ᠤᠨ ᠭᠠᠮᠰᠢᠭ᠎ᠢ ᠰᠡᠷᠭᠡᠢ᠍ᠢ᠍ᠯᠡᠨ ᠬᠣᠷᠢᠭᠯᠠᠬᠤ ᠳᠤᠬᠠᠢ ᠨᠢᠭᠤᠴᠠ᠎ᠪᠠᠷ ᠰᠤᠷᠪᠤᠯᠵᠢᠯᠠᠨ ᠱᠠᠯᠠᠪᠳᠠᠭᠤᠯᠤᠨ ᠪᠠᠢ᠍ᠢ᠍ᠴᠠᠭ᠋ᠠᠬᠤ ᠠᠵᠢᠯ᠎ᠢ ᠥᠷᠨᠢᠭᠦᠯᠦᠭᠡᠳ ᠵᠠᠷᠢᠮ ᠠᠰᠠᠭᠤᠳᠠᠯ᠎ᠢ ᠣᠯᠵᠤ ᠮᠡᠳᠡᠪᠡ᠂ ᠡᠳᠡᠭᠡᠷ ᠠᠰᠠᠭᠤᠳᠠᠯ᠎ᠢ ᠴᠥᠮ ᠡᠯ᠎ᠡ ᠭᠠᠵᠠᠷ᠎ᠤᠨ᠎ᠬᠢᠨ᠎ᠤ ᠴᠠᠭ ᠲᠤᠬᠠᠶ᠎ᠳᠤᠨᠢ ᠴᠡᠭᠴᠡᠯᠡᠨ ᠰᠠᠢ᠍ᠢ᠍ᠵᠢᠷᠠᠭᠤᠯᠬᠤ ᠵᠢ ᠱᠠᠯᠠᠪᠳᠠᠭᠤᠯᠤᠨ ᠱᠠᠭ᠋ᠠᠷᠳᠠᠵᠠᠶ᠂ ᠡᠭᠦᠨ᠎ᠳᠤ ᠭᠣᠣᠯᠳᠠᠭᠤ ᠤᠷᠢᠳᠴᠢᠯᠠᠨ ᠰᠡᠷᠡᠮᠵᠢᠯᠡᠭᠦᠯᠬᠦ ᠰᠢᠰᠲ᠋ᠧᠮ᠎ᠤᠨ ᠬᠡᠪ᠎ᠤᠨ ᠶᠣᠰᠣᠭ᠋ᠠᠷ ᠠᠵᠢᠯᠯᠠᠵᠤ ᠴᠢᠳᠠᠬᠤ᠂ ᠤᠷᠢᠳᠴᠢᠯᠠᠨ ᠰᠡᠷᠡᠮᠵᠢᠯᠡᠭᠦᠯᠬᠦ ᠵᠢ ᠰᠦᠷᠳᠡᠭᠦᠯᠦᠯ᠎ᠳᠤ ᠤᠴᠠᠷᠠᠭᠰᠠᠨ ᠤᠯᠠᠨ ᠲᠦᠮᠡᠨ᠎ᠤ ᠭᠠᠷ᠎ᠲᠤ ᠴᠠᠭ ᠲᠤᠬᠠᠶ᠎ᠳᠤᠨᠢ ᠬᠦᠷᠭᠡᠵᠦ ᠴᠢᠳᠠᠬᠤ ᠵᠢ ᠱᠠᠭ᠋ᠠᠷᠳᠠᠵᠠᠶ᠃
      ᠡᠨᠡ ᠬᠡᠳᠦᠨ ᠲᠣᠮᠣ ᠬᠡᠰᠡᠭ᠎ᠠᠴᠠ ᠭᠠᠳᠠᠨ᠎ᠠ᠂ ᠪᠢᠳᠡ ᠡᠨᠡ ᠵᠢᠯ᠎ᠤᠨ ᠦᠶᠡᠷ᠎ᠤᠨ ᠬᠤᠭᠤᠴᠠᠭ᠋ᠠᠨ᠎ᠤ ᠰᠢᠷᠦᠭᠦᠨ ᠪᠣᠷᠣᠭ᠋ᠠᠨ ᠦᠶᠡᠷ ᠤᠰᠤᠳᠤᠯ᠎ᠢ ᠰᠡᠷᠭᠡᠢ᠍ᠢ᠍ᠯᠡᠬᠦ ᠶᠠᠪᠤᠴᠠ᠎ᠳᠤ ᠪᠠᠰᠠ ᠶᠡᠷᠦᠩᠬᠡᠢ᠍ᠢ᠍ᠯᠡᠭᠰᠡᠨ ᠴᠢᠨᠠᠷᠲᠠᠶ ᠱᠠᠯᠠᠪᠳᠠᠭᠤᠯᠤᠨ ᠪᠠᠢ᠍ᠢ᠍ᠴᠠᠭ᠋ᠠᠯᠲᠠ ᠬᠢᠵᠦ᠂ ᠠᠯᠢ ᠭᠠᠵᠠᠷ᠎ᠲᠤ ᠰᠢᠷᠦᠭᠦᠨ ᠪᠣᠷᠣᠭ᠋ᠠᠨ ᠤᠷᠤᠭᠰᠠᠨ ᠪᠠᠢ᠍ᠢ᠍ᠪᠠᠯ᠂ ᠠᠯᠢ ᠭᠠᠵᠠᠷ᠎ᠲᠤ ᠪᠢᠳᠡ ᠬᠡᠷᠪᠡ ᠰᠡᠷᠭᠡᠢ᠍ᠢ᠍ᠯᠡᠯᠲᠡ ᠵᠢᠨ ᠠᠵᠢᠯ ᠬᠠᠷᠢᠴᠠᠩᠭᠤᠶ᠎ᠪᠠᠷ ᠪᠠᠭᠤᠷᠠᠶ ᠪᠠᠢ᠍ᠢ᠍ᠬᠤ ᠵᠢ ᠣᠯᠵᠤ ᠮᠡᠳᠡᠪᠡᠯ᠂ ᠮᠠᠨ᠎ᠤ ᠨᠢᠭᠤᠴᠠ᠎ᠪᠠᠷ ᠰᠤᠷᠪᠤᠯᠵᠢᠯᠠᠨ ᠱᠠᠯᠠᠪᠳᠠᠭᠤᠯᠤᠨ ᠪᠠᠢ᠍ᠢ᠍ᠴᠠᠭ᠋ᠠᠬᠤ ᠠᠵᠢᠯ᠎ᠤᠨ ᠳᠤᠭᠤᠢ᠍ᠢ᠍ᠯᠠᠩ ᠲᠡᠨᠳᠡ ᠬᠦᠷᠴᠦ᠂ ᠲᠡᠳᠡᠨ᠎ᠤ ᠦᠶᠡᠷ᠎ᠢ ᠰᠡᠷᠭᠡᠢ᠍ᠢ᠍ᠯᠡᠬᠦ ᠬᠤᠭᠤᠴᠠᠭ᠋ᠠᠨ᠎ᠳᠠᠬᠢ ᠡᠯ᠎ᠡ ᠵᠦᠢ᠍ᠯ᠎ᠤᠨ ᠵᠠᠷᠯᠢᠭ᠂ ᠡᠯ᠎ᠡ ᠵᠦᠢ᠍ᠯ᠎ᠤᠨ ᠠᠷᠭ᠎ᠠ ᠬᠡᠮᠵᠢᠶ᠎ᠡ ᠵᠢ ᠪᠦᠲᠦᠮᠵᠢᠲᠡᠶ ᠨᠠᠢ᠍ᠢ᠍ᠳᠠᠪᠤᠷᠢᠵᠢᠭᠤᠯᠵᠤ ᠳᠡᠢ᠍ᠢ᠍ᠯᠬᠦ ᠡᠰᠡᠬᠦ ᠵᠢ ᠪᠠᠢ᠍ᠢ᠍ᠴᠠᠭ᠋ᠠᠵᠤ᠂ ᠲᠡᠳᠡᠨ᠎ᠤ ᠵᠢᠵᠢᠭᠦᠷᠯᠡᠵᠦ ᠪᠠᠢ᠍ᠢ᠍ᠭ᠎ᠠ ᠪᠠᠢ᠍ᠢ᠍ᠳᠠᠯ᠎ᠢ ᠪᠠᠢ᠍ᠢ᠍ᠴᠠᠭ᠋ᠠᠵᠤ᠂ ᠠᠭᠤᠯᠠᠨ ᠦᠶᠡᠷ᠎ᠤᠨ ᠭᠠᠮᠰᠢᠭ᠎ᠢ ᠤᠷᠢᠳᠴᠢᠯᠠᠨ ᠰᠡᠷᠡᠮᠵᠢᠯᠡᠭᠦᠯᠵᠦ ᠪᠠᠢ᠍ᠢ᠍ᠭ᠎ᠠ ᠪᠠᠢ᠍ᠢ᠍ᠳᠠᠯ᠎ᠢ       ᠪᠠᠢ᠍ᠢ᠍ᠴᠠᠭ᠋ᠠᠨ᠎ᠠ᠃ ᠤᠰᠤᠨ᠎ᠤ ᠪᠠᠢ᠍ᠢ᠍ᠳᠠᠯ᠎ᠤᠨ ᠤᠷᠢᠳᠴᠢᠯᠠᠭᠰᠠᠨ ᠮᠡᠳᠡᠭᠡ ᠵᠢ ᠦᠨᠳᠦᠰᠦᠯᠡᠨ ᠱᠠᠯᠠᠪᠳᠠᠭᠤᠯᠤᠨ ᠪᠠᠢ᠍ᠢ᠍ᠴᠠᠭ᠋ᠠᠬᠤ ᠠᠵᠢᠯ᠎ᠢ ᠲᠣᠬᠢᠷᠠᠭᠤᠯᠤᠨ᠎ᠠ᠂ ᠤᠰᠤᠨ᠎ᠳᠤ ᠡᠪᠳᠡᠭᠳᠡᠭᠰᠡᠨ ᠪᠠᠢ᠍ᠢ᠍ᠳᠠᠯ᠎ᠢ ᠵᠠᠰᠠᠨ ᠰᠡᠷᠭᠦᠭᠡᠬᠦ᠂ ᠪᠡᠯᠡᠳᠬᠡᠯ ᠲᠥᠰᠦᠯ᠎ᠢ ᠪᠠᠢ᠍ᠢ᠍ᠴᠠᠭ᠋ᠠᠬᠤ᠂ ᠤᠰᠤᠨ ᠴᠥᠭᠥᠷᠥᠮ᠎ᠢ ᠪᠠᠢ᠍ᠢ᠍ᠴᠠᠭ᠋ᠠᠬᠤ᠂ ᠠᠭᠤᠯᠠᠨ ᠦᠶᠡᠷ᠎ᠤᠨ ᠭᠠᠮᠰᠢᠭ ᠪᠠ ᠪᠦᠬᠦᠢ᠍ᠢ᠍ᠯᠡ ᠦᠶᠡᠷ ᠤᠰᠤᠳᠤᠯ᠎ᠤᠨ ᠪᠠᠢ᠍ᠢ᠍ᠳᠠᠯ᠎ᠢ ᠰᠡᠷᠭᠡᠢ᠍ᠢ᠍ᠯᠡᠬᠦ ᠵᠡᠷᠭᠡ ᠵᠢ ᠪᠠᠢ᠍ᠢ᠍ᠴᠠᠭ᠋ᠠᠨ᠎ᠠ᠃
      ᠬᠡᠳᠦᠨ ᠠᠷᠭ᠎ᠠ ᠬᠡᠮᠵᠢᠶ᠎ᠡ᠎ᠪᠠᠷ ᠳᠠᠮᠵᠢᠨ᠂ ᠡᠯ᠎ᠡ ᠱᠠᠲᠤᠨ᠎ᠤ ᠤᠰᠤᠨ ᠠᠰᠢᠭᠯᠠᠯᠲᠠ ᠵᠢᠨ ᠰᠠᠯᠠᠭ᠎ᠠ ᠮᠥᠴᠢᠷ ᠪᠣᠯᠤᠨ ᠬᠠᠮᠢᠶ᠎ᠠ ᠪᠥᠬᠥᠢ ᠦᠶᠡᠷ ᠰᠡᠷᠭᠡᠢ᠍ᠢ᠍ᠯᠡᠯᠲᠡ ᠵᠢᠨ ᠬᠠᠷᠢᠭᠤᠴᠠᠯᠭ᠋ᠠᠲᠠᠳ᠎ᠤᠨ ᠠᠵᠢᠯ᠎ᠤᠨ ᠪᠠᠢ᠍ᠢ᠍ᠷᠢ᠎ᠳᠤ ᠦᠨᠡᠨ ᠬᠦ᠌ ᠭᠠᠷᠬᠤ᠂ ᠡᠭᠦᠷᠭᠡ ᠬᠠᠷᠢᠭᠤᠴᠠᠯᠭ᠎ᠠ᠎ᠪᠠᠨ ᠦᠨᠡᠨ ᠬᠦ᠌ ᠭᠦᠢ᠍ᠴᠡᠳᠬᠡᠬᠦ ᠪᠠ ᠲᠥᠪ᠎ᠤᠨ ᠰᠢᠢ᠍ᠳᠪᠦᠷᠢᠲᠦ ᠪᠤᠳᠤᠯᠭ᠎ᠠ ᠵᠢᠨ ᠪᠠᠢ᠍ᠢ᠍ᠷᠢᠯᠠᠭᠤᠯᠤᠯᠲᠠ ᠪᠣᠯᠤᠨ ᠤᠰᠤᠨ ᠠᠰᠢᠭᠯᠠᠯᠲᠠ ᠵᠢᠨ ᠶᠠᠮᠤᠨ᠎ᠤ ᠦᠶᠡᠷ ᠰᠡᠷᠭᠡᠢ᠍ᠢ᠍ᠯᠡᠬᠦ ᠠᠵᠢᠯ᠎ᠤᠨ ᠲᠤᠬᠢᠷᠠᠭᠤᠯᠤᠯᠳᠠ ᠵᠢ ᠦᠨᠡᠨ ᠬᠦ᠌ ᠨᠠᠢ᠍ᠢ᠍ᠳᠠᠪᠤᠷᠢᠵᠢᠭᠤᠯᠬᠤ ᠵᠢ ᠪᠠᠲᠤᠯᠠᠭᠰᠠᠨ᠎ᠤ ᠬᠠᠮᠲᠤ ᠪᠠᠰᠠ ᠤᠰᠤᠨ ᠠᠰᠢᠭᠯᠠᠯᠲᠠ ᠵᠢᠨ ᠢᠨᠵᠧᠨᠧᠷᠢᠩ᠎ᠤᠨ ᠬᠡᠪ᠎ᠤᠨ ᠶᠣᠰᠣᠭ᠋ᠠᠷ ᠦᠢ᠍ᠯᠡᠳᠦᠯ ᠵᠶ᠋ᠠᠨ ᠪᠠᠳᠠᠷᠠᠭᠤᠯᠬᠤ ᠵᠢ ᠪᠦᠲᠦᠮᠵᠢᠲᠡᠶ ᠱᠠᠯᠠᠪᠳᠠᠭᠤᠯᠤᠭᠰᠠᠨ ᠪᠠ ᠦᠨᠡᠨ ᠬᠦ᠌ ᠪᠠᠲᠤᠯᠠᠭᠰᠠᠨ ᠪᠠᠢ᠍ᠢ᠍ᠨ᠎ᠠ᠃ ᠡᠢ᠍ᠢ᠍ᠮᠦ᠎ᠠᠴᠠ ᠦᠷ᠎ᠡ ᠳ᠋ᠦᠩ᠎ᠨᠢ ᠲᠤᠢ᠍ᠢ᠍ᠯ᠎ᠤᠨ ᠢᠯᠡᠳᠳᠡ ᠪᠠᠢ᠍ᠢ᠍ᠵᠤ᠂ ᠠᠶᠤᠯ ᠲᠦᠭᠰᠢᠭᠦᠷᠢ ᠵᠢ ᠪᠠᠭ᠋ᠠᠰᠬᠠᠬᠤ ᠪᠠ ᠭᠠᠶ ᠭᠠᠮᠰᠢᠭ᠎ᠤᠨ ᠬᠣᠬᠢᠷᠠᠯ᠎ᠢ ᠪᠠᠭ᠋ᠠᠰᠬᠠᠬᠤ ᠵᠣᠷᠢᠯᠭ᠎ᠠ᠎ᠳᠠᠭᠠᠨ ᠬᠦᠷᠴᠦ ᠴᠢᠳᠠᠭᠰᠠᠨ ᠪᠠᠢ᠍ᠢ᠍ᠨ᠎ᠠ᠃ ᠪᠠᠶᠠᠷᠯᠠᠯ᠎ᠠ!
      ᠰᠢᠨᠵᠢᠯᠡᠬᠦ ᠤᠬᠠᠭ᠋ᠠᠨ ᠮᠡᠷᠭᠡᠵᠢᠯ᠎ᠤᠨ ᠡᠳᠦᠷ᠎ᠤᠨ ᠰᠣᠨᠢᠨ᠎ᠤ ᠰᠤᠷᠪᠤᠯᠵᠢᠯᠠᠭᠴᠢ 2020 — 09 — 24 10᠄ 44᠄ 06
     ᠡᠨᠡ ᠵᠢᠯ᠎ᠤᠨ ᠦᠶᠡᠷ᠎ᠤᠨ ᠬᠤᠭᠤᠴᠠᠭ᠋ᠠᠨ᠎ᠤ ᠤᠷᠢᠳᠴᠢᠯᠠᠨ ᠲᠥᠰᠦᠭᠡᠯᠡᠵᠦ ᠤᠷᠢᠳᠴᠢᠯᠠᠨ ᠮᠡᠳᠡᠭᠡᠯᠡᠬᠦ᠎ᠨᠢ ᠦᠶᠡᠷ᠎ᠢ ᠰᠡᠷᠭᠡᠢ᠍ᠢ᠍ᠯᠡᠬᠦ᠎ᠳᠤ ᠶᠠᠮᠠᠷ ᠦᠢ᠍ᠯᠡᠳᠦᠯ ᠦᠵᠡᠭᠦᠯᠦᠭᠰᠡᠨ᠎ᠢ ᠣᠢ᠍ᠢ᠍ᠯᠠᠭ᠋ᠠᠬᠤ ᠰᠠᠨᠠᠭ᠎ᠠ᠎ᠲᠠᠢ᠂ ᠣᠳᠣᠬᠠᠨ᠎ᠳᠤ ᠮᠠᠨ᠎ᠤ ᠤᠯᠤᠰ᠎ᠤᠨ ᠦᠶᠡᠷ ᠤᠰᠤᠳᠤᠯ᠎ᠢ ᠤᠷᠢᠳᠴᠢᠯᠠᠨ ᠲᠥᠰᠦᠭᠡᠯᠡᠵᠦ ᠤᠷᠢᠳᠴᠢᠯᠠᠨ ᠮᠡᠳᠡᠭᠡᠯᠡᠬᠦ ᠮᠡᠷᠭᠡᠵᠢᠯ ᠶᠡᠬᠡ ᠲᠥᠯᠥᠪ ᠳᠡᠯᠡᠬᠡᠢ ᠳᠡᠭᠡᠷ᠎ᠡ ᠶᠠᠮᠠᠷ ᠲᠦᠪᠰᠢᠨ᠎ᠳᠤ ᠪᠠᠢ᠍ᠢ᠍ᠬᠤ ᠪᠤᠢ? ᠪᠠᠶᠠᠷᠯᠠᠯ᠎ᠠ!
      ᠯᠢᠦ ᡁᠢ ᠢᠦᠢ 2020 — 09 — 24 10᠄ 47᠄ 35
      ᠳᠠᠨ᠎ᠤ ᠠᠰᠠᠭᠤᠭᠰᠠᠨ᠎ᠳᠤ ᠲᠠᠯᠠᠷᠬᠠᠵᠤ ᠪᠠᠢ᠍ᠢ᠍ᠨ᠎ᠠ! ᠡᠨᠡ ᠵᠢᠯ ᠮᠠᠨ᠎ᠤ ᠤᠯᠤᠰ᠎ᠲᠤ 1998 ᠣᠨ᠎ᠠᠴᠠ ᠨᠠᠭ᠋ᠠᠰᠢᠬᠢ ᠬᠠᠮᠤᠭ᠎ᠤᠨ ᠬᠦᠨᠳᠦ ᠨᠣᠴᠢᠲᠠᠶ ᠦᠶᠡᠷ ᠤᠰᠤᠳᠤᠯ᠎ᠤᠨ ᠪᠠᠢ᠍ᠢ᠍ᠳᠠᠯ ᠭᠠᠷᠴᠤ᠂ ᠤᠷᠢᠳᠴᠢᠯᠠᠨ ᠵᠢᠱ᠌ᠢᠵᠦ ᠤᠷᠢᠳᠴᠢᠯᠠᠨ ᠮᠡᠳᠡᠭᠡᠯᠡᠬᠦ ᠠᠵᠢᠯ ᠬᠦᠨᠳᠦ ᠶᠡᠬᠡ ᠰᠢᠯᠭ᠋ᠠᠯᠲᠠ᠎ᠳᠤ ᠲᠤᠯᠭ᠋ᠠᠷᠠᠵᠤ ᠪᠠᠢ᠍ᠢ᠍ᠨ᠎ᠠ᠃ ᠡᠨᠡ ᠬᠦ᠌ ᠠᠵᠢᠯ᠎ᠢ ᠰᠠᠢ᠍ᠢ᠍ᠲᠤᠷ ᠬᠢᠬᠦ ᠵᠢᠨ ᠲᠥᠯᠥᠭᠡ᠂ 《ᠤᠷᠢᠳᠴᠢᠯᠠᠨ ᠮᠡᠳᠡᠭᠡᠯᠡᠬᠦ ᠣᠨᠣᠪᠴᠢ ᠵᠢᠨ ᠬᠡᠮᠵᠢᠶ᠎ᠡ ᠵᠢ ᠳᠡᠭᠡᠭᠰᠢᠯᠡᠭᠦᠯᠬᠦ᠂ ᠤᠷᠢᠳᠴᠢᠯᠠᠨ ᠮᠡᠳᠡᠬᠦ ᠬᠤᠭᠤᠴᠠᠭ᠎ᠠ ᠵᠢ ᠤᠷᠲᠤᠳᠬᠠᠬᠤ᠂ ᠤᠷᠢᠳᠴᠢᠯᠠᠨ ᠮᠡᠳᠡᠭᠡᠯᠡᠬᠦ ᠴᠠᠭ᠎ᠢ ᠪᠣᠭᠣᠨᠢᠰᠬᠠᠬᠤ》 ᠡᠨᠡ ᠬᠦ᠌ ᠬᠠᠷᠠᠯᠲᠠ ᠵᠢᠨ ᠲᠣᠭᠣᠷᠢᠨ᠎ᠳᠤ ᠪᠢᠳᠡ 《ᠤᠷᠢᠳᠴᠢᠯᠠᠨ ᠮᠡᠳᠡᠭᠡᠯᠡᠬᠦ ᠲᠤᠰᠬᠠᠶ ᠠᠨᠭ᠌ᠬᠢ᠂ ᠬᠠᠮᠲᠤᠷᠠᠨ       ᠵᠥᠪᠳᠡᠯᠴᠡᠬᠦ᠂ ᠦᠷᠭᠦᠯᠵᠢᠯᠡᠨ ᠵᠠᠯᠠᠷᠠᠭᠤᠯᠬᠤ》 ᠵᠡᠷᠭᠡ ᠠᠵᠢᠯ᠎ᠤᠨ ᠲᠣᠭᠲᠠᠴᠠ ᠵᠢ ᠲᠡᠭᠦᠯᠳᠡᠷᠵᠢᠭᠦᠯᠵᠦ᠂ ᠠᠯᠢ ᠤᠯᠠᠨ ᠪᠣᠳᠠᠲᠠᠶ ᠵᠢ ᠡᠷᠬᠢᠮᠯᠡᠬᠦ ᠠᠷᠭ᠎ᠠ ᠬᠡᠮᠵᠢᠶ᠎ᠡ ᠵᠢ ᠴᠢᠩᠭ᠋ᠠᠷᠠᠭᠤᠯᠵᠤ᠂ ᠦᠶᠡᠷ ᠤᠰᠤᠳᠤᠯ᠎ᠢ ᠤᠷᠢᠳᠴᠢᠯᠠᠨ ᠵᠢᠱ᠌ᠢᠵᠦ ᠤᠷᠢᠳᠴᠢᠯᠠᠨ ᠮᠡᠳᠡᠭᠡᠯᠡᠬᠦ ᠬᠢᠷᠢ ᠲᠦᠪᠰᠢᠨ᠎ᠢ ᠬᠦᠴᠦᠯᠡᠨ ᠳᠡᠭᠡᠭᠰᠢᠯᠡᠭᠦᠯᠪᠡ᠃
      ᠦᠶᠡᠷ᠎ᠤᠨ ᠬᠤᠭᠤᠴᠠᠭ᠋ᠠᠨ᠎ᠳᠤ ᠤᠷᠤᠭᠰᠠᠨ᠎ᠠᠴᠠ ᠨᠠᠭ᠋ᠠᠰᠢ᠂ ᠪᠢᠳᠡ 《3 ᠭᠤᠷᠪᠠᠨ ᠡᠳᠦᠷ》᠎ᠤᠨ ᠤᠷᠢᠳᠴᠢᠯᠠᠨ ᠮᠡᠳᠡᠭᠡᠯᠡᠬᠦ᠂ ᠲᠥᠰᠦᠭᠡᠯᠡᠬᠦ᠂ ᠪᠠᠷᠠᠯᠠᠬᠤ ᠵᠢᠨ ᠠᠭ᠋ᠠᠵᠢᠮ ᠵᠶ᠋ᠠᠷ ᠤᠷᠤᠭᠰᠢᠯᠠᠬᠤ ᠬᠡᠯᠪᠡᠷᠢ ᠵᠢᠨ ᠵᠠᠭᠪᠤᠷ᠎ᠢ ᠰᠢᠨ᠎ᠡ᠎ᠪᠠᠷ ᠡᠭᠦᠳᠦᠨ ᠪᠠᠢ᠍ᠢ᠍ᠭᠤᠯᠵᠤ᠂ ᠴᠠᠭ ᠲᠤᠬᠠᠶ᠎ᠳᠤᠨᠢ ᠵᠦᠵᠢᠶᠠᠩ ᠮᠥᠷᠡᠨ᠂ ᠬᠥᠬᠡᠮᠥ᠋ᠷᠡᠨ᠂᠎ᠲᠠᠢ   ᠬᠤ᠌ ᠨᠠᠭᠤᠷ᠂ ᠬᠤᠸᠠᠢ᠍ᠢ᠍ᠾᠧ ᠭᠣᠣᠯ ᠵᠡᠷᠭᠡ ᠰᠠᠪᠠ ᠭᠠᠵᠠᠷ᠎ᠤᠨ ᠤᠷᠢᠳᠴᠢᠯᠠᠨ ᠮᠡᠳᠡᠭᠡᠯᠡᠬᠦ ᠲᠤᠰᠬᠠᠶ ᠠᠩᠭᠢ ᠵᠢ ᠵᠣᠬᠢᠶᠠᠨ       ᠪᠠᠢ᠍ᠢ᠍ᠭᠤᠯᠵᠤ᠂ ᠳᠤᠮᠳᠠᠳᠤ ᠤᠯᠤᠰ᠎ᠤᠨ ᠴᠠᠭ ᠠᠭᠤᠷ᠎ᠤᠨ ᠲᠣᠪᠴᠢᠶ᠎ᠠ ᠵᠢᠴᠢ ᠰᠠᠪᠠ ᠭᠠᠵᠠᠷ᠎ᠤᠨ ᠬᠠᠮᠢᠶᠠᠷᠤᠯᠲᠠ ᠵᠢᠨ       ᠪᠠᠢ᠍ᠢ᠍ᠭᠤᠯᠤᠮᠵᠢ᠂ ᠣᠷᠣᠨ ᠨᠤᠲᠤᠭ᠎ᠤᠨ ᠤᠰᠤᠨ ᠵᠦᠢ ᠵᠢᠨ ᠰᠠᠯᠠᠭ᠎ᠠ ᠮᠥᠴᠢᠷ᠎ᠲᠠᠢ ᠨᠢᠭᠲᠠ ᠵᠥᠪᠳᠡᠯᠴᠡᠵᠦ᠂ ᠡᠳᠦᠷ ᠪᠦᠷᠢ 2 ~ 3 ᠤᠳᠠᠭ᠎ᠠ ᠵᠤᠷᠰᠢᠯ ᠵᠶ᠋ᠠᠷ ᠵᠥᠪᠳᠡᠯᠴᠡᠵᠦ᠂ ᠦᠶᠡᠷ ᠤᠰᠤᠳᠤᠯ᠎ᠤᠨ ᠪᠠᠢ᠍ᠢ᠍ᠳᠠᠯ ᠪᠠᠴᠢᠮ ᠪᠠᠢ᠍ᠢ᠍ᠳᠠᠯ ᠳᠤᠤᠷ᠎ᠠ ᠡᠳᠦᠷ ᠰᠥᠨᠢ ᠢᠯᠭ᠋ᠠᠯ ᠦᠭᠡᠶ᠎ᠪᠠᠷ ᠴᠠᠭ ᠲᠤᠬᠠᠶ᠎ᠳᠤᠨᠢ ᠵᠥᠪᠳᠡᠯᠴᠡᠨ ᠰᠤᠳᠤᠯᠤᠨ ᠮᠠᠭ᠋ᠠᠳᠯᠠᠵᠤ᠂ ᠤᠷᠢᠳᠴᠢᠯᠠᠨ ᠮᠡᠳᠡᠭᠡᠯᠡᠭᠰᠡᠨ ᠦᠷ᠎ᠡ ᠪᠦᠲᠦᠭᠡᠯ ᠵᠶ᠋ᠠᠨ ᠦᠷᠭᠦᠯᠵᠢᠯᠡᠨ ᠵᠠᠰᠠᠳᠠᠭ ᠪᠠᠢ᠍ᠢ᠍ᠨ᠎ᠠ᠃ ᠡᠨᠡ ᠵᠢᠯ᠎ᠤᠨ ᠦᠶᠡᠷ ᠤᠰᠤᠳᠤᠯ᠎ᠢ ᠰᠡᠷᠭᠡᠢ᠍ᠢ᠍ᠯᠡᠨ ᠦᠶᠡᠷ᠎ᠲᠠᠢ ᠲᠡᠮᠡᠴᠡᠬᠦ ᠠᠵᠢᠯ᠎ᠤᠨ ᠳᠤᠮᠳᠠ ᠦᠶᠡᠷ ᠤᠰᠤᠳᠤᠯ᠎ᠢ ᠤᠷᠢᠳᠴᠢᠯᠠᠨ ᠵᠢᠱ᠌ᠢᠵᠦ ᠤᠷᠢᠳᠴᠢᠯᠠᠨ ᠮᠡᠳᠡᠭᠡᠯᠡᠬᠦ ᠠᠵᠢᠯ ᠵᠠᠩᠭᠢᠯᠠᠭ᠎ᠠ ᠵᠢᠨ ᠴᠢᠨᠠᠷᠲᠠᠶ ᠦᠢ᠍ᠯᠡᠳᠦᠯ ᠭᠠᠷᠭ᠋ᠠᠭᠰᠠᠨ ᠪᠠᠢ᠍ᠢ᠍ᠨ᠎ᠠ᠃ ᠳ᠋ᠦᠩᠨᠡᠪᠡᠯ ᠡᠢ᠍ᠢ᠍ᠮᠦ ᠬᠡᠳᠦᠨ ᠣᠨᠴᠠᠯᠢᠭ᠎ᠲᠠᠢ ᠶᠤᠮ᠃
      ᠨᠢᠭᠡ᠎ᠳᠤ ᠬᠥᠬᠡᠮᠥ᠋ᠷᠡᠨ᠎ᠤ ᠤᠷᠢᠳᠴᠢᠯᠠᠭᠰᠠᠨ ᠮᠡᠳᠡᠭᠡ ᠪᠣᠯ ᠬᠠᠮᠤᠭ᠎ᠠᠴᠠ ᠦᠨ᠎ᠡ ᠦᠷᠳᠡᠭ᠎ᠲᠠᠢ᠃ ᠪᠢᠳᠡ 5 ᠡᠳᠦᠷ᠎ᠤᠨ ᠡᠮᠦᠨ᠎ᠡ ᠬᠥᠬᠡᠮᠥ᠋ᠷᠡᠨ᠎ᠤ 5 ᠤᠳᠠᠭ᠎ᠠ ᠵᠢᠨ ᠳ᠋ᠤᠭ᠋ᠠᠷᠯᠠᠭᠰᠠᠨ ᠦᠶᠡᠷ ᠤᠰᠤᠳᠤᠯ᠎ᠳᠤ ᠣᠨᠣᠪᠴᠢᠲᠠᠶ ᠵᠢᠱ᠌ᠢᠯᠲᠡ ᠬᠢᠪᠡ᠂ ᠢᠯᠠᠩᠭᠤᠶ᠎ᠠ ᠬᠥᠬᠡᠮᠥ᠋ᠷᠡᠨ᠎ᠤ 2 ᠳ᠋ᠤᠭ᠋ᠠᠷ ᠨᠣᠮᠧᠷᠲᠤ ᠦᠶᠡᠷ᠎ᠤᠨ ᠦᠶᠡᠷ᠎ᠤᠨ ᠤᠰᠤᠨ᠎ᠤ ᠤᠷᠬᠢᠯ᠎ᠤᠨ ᠤᠷᠤᠰᠬᠠᠯ᠎ᠤᠨ ᠬᠡᠮᠵᠢᠶ᠎ᠡ ᠰᠧᠺᠦ᠋ᠨ᠋ᠳ᠋ ᠪᠦᠷᠢ 60000 ᠪᠣᠰᠣᠭ᠎ᠠ ᠳᠥᠷᠪᠡᠯᠵᠢᠨ ᠮᠧᠲᠷ᠎ᠢ ᠨᠠᠷᠢᠯᠢᠭ ᠣᠨᠣᠴᠠᠲᠠᠶ᠎ᠪᠠᠷ ᠤᠷᠢᠳᠴᠢᠯᠠᠨ ᠮᠡᠳᠡᠭᠡᠯᠡᠵᠦ᠂ ᠶᠡᠬᠡ ᠤᠷᠤᠰᠬᠠᠯ᠎ᠤᠨ ᠬᠡᠮᠵᠢᠶ᠎ᠡ᠎ᠨᠢ ᠦᠷᠭᠦᠯᠵᠢᠯᠡᠬᠦ ᠴᠠᠭ᠎ᠨᠢ ᠤᠷᠳᠤ᠂ ᠦᠶᠡᠷ᠎ᠤᠨ ᠶᠡᠷᠦᠩᠬᠡᠶ ᠬᠡᠮᠵᠢᠶ᠎ᠡ᠎ᠨᠢ ᠶᠡᠬᠡ ᠪᠠᠢ᠍ᠢ᠍ᠵᠤ᠂ ᠬᠥᠬᠡᠮᠥ᠋ᠷᠡᠨ᠎ᠤ ᠳᠡᠭᠡᠳᠦ ᠤᠷᠤᠰᠬᠠᠯ ᠪᠠ ᠳᠤᠮᠳᠠᠳᠤ ᠳᠤᠤᠷᠠᠳᠤ ᠤᠷᠤᠰᠬᠠᠯ᠎ᠤᠨ ᠢᠷᠡᠬᠦ ᠤᠰᠤ ᠵᠢ ᠨᠢᠭᠡᠳᠦᠯᠲᠡᠶ ᠲᠥᠯᠥᠪᠵᠢᠭᠦᠯᠵᠤ᠂ ᠬᠥᠬᠡᠮᠥ᠋ᠷᠡᠨ᠎ᠤ ᠭᠤᠷᠪᠠᠨ ᠬᠠᠪᠴᠢᠯ ᠵᠡᠷᠭᠡ ᠤᠰᠤᠨ ᠴᠥᠭᠥᠷᠥᠮ᠎ᠢ ᠰᠢᠨᠵᠢᠯᠡᠬᠦ ᠤᠬᠠᠭ᠋ᠠᠨᠴᠢ᠎ᠪᠠᠷ ᠨᠠᠷᠢᠯᠢᠭ ᠲᠣᠬᠢᠷᠠᠭᠤᠯᠬᠤ᠎ᠳᠤ ᠬᠦᠴᠦᠲᠡᠶ ᠲᠤᠯᠭ᠋ᠠᠭᠤᠷᠢᠯᠠᠯ ᠬᠠᠩᠭ᠋ᠠᠭᠰᠠᠨ ᠪᠠᠢ᠍ᠢ᠍ᠨ᠎ᠠ᠃
      ᠬᠣᠶᠠᠷ᠎ᠲᠤ ᠬᠤᠸᠠᠢ᠍ᠢ᠍ᠾᠧ ᠭᠣᠣᠯ᠎ᠤᠨ ᠤᠷᠢᠳᠴᠢᠯᠠᠭᠰᠠᠨ ᠮᠡᠳᠡᠭᠡ ᠪᠣᠯ ᠬᠠᠮᠤᠭ᠎ᠤᠨ ᠵᠠᠩᠭᠢᠯᠠᠭ᠎ᠠ ᠪᠣᠯᠤᠨ᠎ᠠ᠃ ᠬᠤᠸᠠᠢ᠍ᠢ᠍ᠾᠧ ᠭᠣᠣᠯ᠎ᠤᠨ ᠦᠶᠡᠷ ᠤᠰᠤᠳᠤᠯ᠎ᠢ ᠠᠷᠭ᠋ᠠᠴᠠᠭ᠋ᠠᠬᠤ᠎ᠳᠤ᠂ ᠪᠢᠳᠡ ᠬᠤᠸᠠᠢ᠍ᠢ᠍ᠾᠧ ᠭᠣᠣᠯ᠎ᠤᠨ ᠦᠶᠡᠷ ᠤᠰᠤᠳᠤᠯ᠎ᠤᠨ ᠪᠠᠢ᠍ᠢ᠍ᠳᠠᠯ᠎ᠢ ᠨᠢᠭᠲᠠ ᠠᠵᠢᠭᠯᠠᠵᠤ᠂ ᠬᠣᠢ᠍ᠢ᠍ᠨ᠎ᠠ ᠬᠣᠢ᠍ᠢ᠍ᠨ᠎ᠠ᠎ᠠᠴᠠ᠎ᠪᠠᠨ ᠵᠥᠪᠳᠡᠯᠴᠡᠨ ᠰᠤᠳᠤᠯᠵᠤ ᠮᠠᠭ᠋ᠠᠳᠯᠠᠭᠰᠠᠨ ᠸᠠᠩ ᠵᠢᠶᠠ ᠪᠠ ᠬᠠᠰᠢᠯᠭ᠎ᠠ ᠵᠡᠷᠭᠡ ᠴᠢᠬᠤᠯᠠ ᠣᠭᠲᠣᠯᠤᠭ᠋ᠠᠰᠤ ᠵᠢᠨ ᠬᠢᠨᠠᠨ ᠬᠡᠮᠵᠢᠬᠦ ᠤᠳᠠᠭ᠎ᠠ ᠵᠢ ᠨᠡᠮᠡᠭᠳᠡᠭᠦᠯᠵᠦ᠂ 6 ᠮᠢᠨᠦ᠋ᠲ ᠪᠦᠷᠢ᠎ᠳᠤ ᠨᠢᠭᠡ ᠤᠳᠠᠭ᠎ᠠ ᠤᠰᠤᠨ᠎ᠤ ᠪᠠᠢ᠍ᠢ᠍ᠳᠠᠯ᠎ᠢ ᠮᠡᠳᠡᠭᠦᠯᠵᠦ᠂ 《ᠬᠡᠮᠵᠢᠯᠲᠡ᠎ᠪᠠᠷ ᠨᠥᠬᠥᠪᠥᠷᠢᠯᠡᠨ ᠮᠡᠳᠡᠭᠦᠯᠬᠦ》 ᠠᠷᠭ᠎ᠠ ᠬᠡᠮᠵᠢᠶ᠎ᠡ᠎ᠪᠠᠷ ᠳᠠᠮᠵᠢᠨ ᠵᠠᠩᠭᠢᠯᠠᠭ᠎ᠠ ᠵᠢᠨ ᠬᠤᠭᠤᠴᠠᠭ᠋ᠠᠨ᠎ᠤ ᠦᠶᠡᠷ᠎ᠤᠨ ᠤᠷᠢᠳᠴᠢᠯᠠᠭᠰᠠᠨ ᠮᠡᠳᠡᠭᠡ ᠵᠢᠨ ᠨᠠᠷᠢᠯᠢᠭ᠎ᠤᠨ ᠬᠡᠮᠵᠢᠶ᠎ᠡ ᠵᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ 《ᠸᠠᠩ ᠵᠢᠶᠠ ᠪᠠ ᠬᠠᠰᠢᠯᠭ᠎ᠠ ᠵᠢᠨ ᠬᠠᠮᠤᠭ᠎ᠤᠨ ᠥᠨᠳᠥᠷ ᠤᠰᠤᠨ ᠲᠦᠪᠰᠢᠨ᠎ᠨᠢ ᠪᠠᠲᠤᠯᠠᠭ᠎ᠠ ᠵᠢᠨ ᠤᠰᠤᠨ ᠲᠦᠪᠰᠢᠨ᠎ᠠᠴᠠ ᠳᠠᠪᠠᠬᠤ ᠵᠢᠨ ᠬᠠᠮᠲᠤ ᠦᠷᠭᠦᠯᠵᠢᠯᠡᠨ ᠳᠡᠭᠡᠭᠰᠢᠯᠡᠵᠦ᠂ 29.90 ᠮᠧᠲᠷ᠎ᠲᠤ ᠬᠦᠷᠴᠦ ᠮᠡᠳᠡᠨ᠎ᠡ᠂ ᠡᠨᠡ᠎ᠨᠢ ᠸᠠᠩ ᠵᠢᠶᠠ ᠪᠠ ᠬᠠᠰᠢᠯᠭ᠎ᠠ ᠵᠢᠨ ᠦᠶᠡᠷ᠎ᠢ ᠵᠠᠯᠠᠬᠤ ᠬᠠᠰᠢᠯᠭ᠎ᠠ ᠵᠢᠨ ᠣᠷᠣᠶ ᠵᠢᠨ ᠡᠷᠭᠦᠭᠳᠡᠴᠡ (29.76 ᠮᠧᠲᠷ)᠎ᠠᠴᠠ ᠳᠠᠪᠠᠨ᠎ᠠ》 ᠭᠡᠳᠡᠭ᠎ᠢ ᠣᠨᠣᠪᠴᠢᠲᠠᠶ ᠤᠷᠢᠳᠴᠢᠯᠠᠨ ᠮᠡᠳᠡᠭᠡᠯᠡᠵᠦ᠂ ᠮᠤᠩ ᠸᠠ ᠦᠶᠡᠷ᠎ᠢ ᠬᠤᠷᠠᠭᠤᠯᠬᠤ ᠣᠷᠣᠨ᠎ᠤ ᠬᠡᠷᠡᠭᠯᠡᠬᠦ ᠰᠢᠨᠵᠢᠯᠡᠬᠦ ᠤᠬᠠᠭ᠋ᠠᠨᠴᠢ ᠰᠢᠢ᠍ᠳᠪᠦᠷᠢᠲᠦ ᠪᠣᠳᠣᠯᠭ᠎ᠠ᠎ᠳᠤ ᠬᠦᠴᠦᠲᠡᠶ ᠲᠤᠯᠭ᠋ᠠᠭᠤᠷᠢᠯᠠᠯ ᠬᠠᠩᠭ᠋ᠠᠭᠰᠠᠨ ᠪᠠᠢ᠍ᠢ᠍ᠨ᠎ᠠ᠃
      ᠯᠢᠦ ᡁᠢ ᠢᠦᠢ 2020 — 09 — 24 10᠄ 50᠄ 01
      ᠭᠤᠷᠪᠠ᠎ᠳᠤ᠎ᠲᠠᠢ ᠬᠤ᠌ ᠨᠠᠭᠤᠷ᠎ᠤᠨ ᠤᠷᠢᠳᠴᠢᠯᠠᠭᠰᠠᠨ ᠮᠡᠳᠡᠭᠡ ᠬᠠᠮᠤᠭ᠎ᠤᠨ ᠣᠨᠣᠪᠴᠢᠲᠠᠶ᠃ ᠪᠢᠳᠡ 5 ᠡᠳᠦᠷ᠎ᠤᠨ ᠡᠮᠦᠨ᠎ᠡ ᠬᠠᠮᠤᠭ᠎ᠤᠨ ᠥᠨᠳᠥᠷ ᠤᠰᠤᠨ ᠲᠦᠪᠰᠢᠨ 4.76 ᠮᠧᠲᠷ᠎ᠲᠤ ᠬᠦᠷᠴᠦ ᠮᠡᠳᠡᠬᠦ ᠵᠢ ᠣᠨᠣᠪᠴᠢᠲᠠᠶ ᠤᠷᠢᠳᠴᠢᠯᠠᠨ ᠮᠡᠳᠡᠭᠡᠯᠡᠵᠦ᠂ 4.80 ᠮᠧᠲᠷ (ᠰᠠᠪᠠ ᠭᠠᠵᠠᠷ᠎ᠤᠨ ᠴᠢᠨᠠᠷᠲᠠᠶ ᠣᠨᠴᠠ ᠶᠡᠬᠡ ᠦᠶᠡᠷ᠎ᠤᠨ ᠪᠠᠷᠢᠮᠵᠢᠶ᠎ᠠ)᠎ᠠᠴᠠ ᠬᠡᠲᠦᠷᠡᠭᠦᠯᠬᠦ ᠥᠬᠡᠶ ᠪᠠᠢ᠍ᠢ᠍ᠵᠤ ᠮᠡᠳᠡᠵᠤ᠂ ᠪᠣᠳᠠᠲᠠᠶ᠎ᠳᠤ᠎ᠲᠠᠢ ᠬᠤ᠌ ᠨᠠᠭᠤᠷ᠎ᠤᠨ ᠬᠠᠮᠤᠭ᠎ᠤᠨ ᠥᠨᠳᠥᠷ ᠤᠰᠤᠨ ᠲᠦᠪᠰᠢᠨ 4.79 ᠮᠧᠲᠷ᠎ᠲᠤ ᠬᠦᠷᠴᠦ᠂ ᠡᠩ᠎ᠤᠨ ᠵᠤᠷᠰᠢᠯ᠎ᠠᠴᠠ ᠳᠠᠪᠠᠭᠰᠠᠨ ᠠᠷᠭ᠎ᠠ ᠬᠡᠮᠵᠢᠶ᠎ᠡ ᠵᠢ ᠤᠷᠢᠳᠴᠢᠯᠠᠨ ᠪᠠᠢ᠍ᠢ᠍ᠷᠢᠯᠠᠭᠤᠯᠤᠨ᠂᠎ᠲᠠᠢ ᠬᠤ᠌ ᠨᠠᠭᠤᠷ᠎ᠤᠨ ᠦᠶᠡᠷ᠎ᠤᠨ ᠠᠶᠤᠯ ᠲᠦᠭᠰᠢᠭᠦᠷᠢ ᠵᠢ ᠬᠠᠮᠤᠭ᠎ᠤᠨ ᠶᠡᠬᠡ ᠬᠡᠮᠵᠢᠶ᠎ᠡ᠎ᠪᠠᠷ ᠪᠠᠭ᠋ᠠᠰᠬᠠᠬᠤ᠎ᠳᠤ ᠭᠦᠢ᠍ᠴᠡᠳ ᠴᠠᠭ ᠣᠯᠭᠤᠵᠠᠶ᠃
      ᠳᠥᠷᠪᠡ᠎ᠳᠤ ᠰᠤᠩᠭ᠋ᠠᠷᠢ ᠮᠥᠷᠡᠨ᠎ᠤ ᠤᠷᠢᠳᠴᠢᠯᠠᠨ ᠮᠡᠳᠡᠭᠡᠯᠡᠬᠦ ᠤᠷᠢᠳᠴᠢᠯᠠᠨ ᠮᠡᠳᠡᠬᠦ ᠬᠤᠭᠤᠴᠠᠭ᠎ᠠ᠎ᠨᠢ ᠬᠠᠮᠤᠭ᠎ᠤᠨ ᠣᠷᠳᠣ᠃ ᠪᠢᠳᠡ 7 ᠡᠳᠦᠷ᠎ᠤᠨ ᠡᠮᠦᠨ᠎ᠡ ᠰᠤᠩᠭ᠋ᠠᠷᠢ ᠮᠥᠷᠡᠨ᠎ᠤ ᠬᠠᠷᠪᠢᠨ᠎ᠤ ᠰᠡᠷᠭᠡᠢ᠍ᠢ᠍ᠯᠡᠯᠲᠡ ᠵᠢᠨ ᠤᠰᠤᠨ ᠲᠦᠪᠰᠢᠨ᠎ᠠᠴᠠ ᠳᠠᠪᠠᠬᠤ ᠵᠢ ᠣᠨᠣᠪᠴᠢᠲᠠᠶ ᠤᠷᠢᠳᠴᠢᠯᠠᠨ ᠮᠡᠳᠡᠭᠡᠯᠡᠵᠦ᠂ 10 ᠡᠳᠦᠷ᠎ᠤᠨ ᠡᠮᠦᠨ᠎ᠡ ᠬᠠᠷᠠᠮᠥ᠋ᠷᠡᠨ᠎ᠤ ᠳᠤᠮᠳᠠᠳᠤ ᠤᠷᠤᠰᠬᠠᠯ ᠰᠡᠷᠭᠡᠢ᠍ᠢ᠍ᠯᠡᠯᠲᠡ ᠵᠢᠨ ᠬᠡᠮᠵᠢᠶ᠎ᠡ᠎ᠠᠴᠠ ᠳᠠᠪᠠᠬᠤ ᠵᠢ ᠤᠷᠢᠳᠴᠢᠯᠠᠨ ᠮᠡᠳᠡᠭᠡᠯᠡᠵᠦ᠂ ᠨᠤᠨ ᠮᠥᠷᠡᠨ᠎ᠤ ᠨᠢᠷᠭᠢ᠂ ᠬᠣᠶᠠᠳᠤᠭ᠋ᠠᠷ ᠰᠤᠩᠭ᠋ᠠᠷᠢ ᠮᠥᠷᠡᠨ᠎ᠤ ᠪᠠᠶ ᠱᠠᠨ ᠪᠣᠯᠤᠨ ᠹᠧᠩ ᠮᠧᠨ ᠵᠡᠷᠭᠡ ᠭᠣᠤᠯ ᠤᠰᠤᠨ ᠴᠥᠭᠥᠷᠥᠮ᠎ᠤᠨ ᠰᠢᠨᠵᠢᠯᠡᠬᠦ ᠤᠬᠠᠭ᠋ᠠᠨᠴᠢ ᠲᠣᠬᠢᠷᠠᠭᠤᠯᠤᠯᠲᠠ ᠵᠢ ᠤᠷᠢᠳᠴᠢᠯᠠᠨ ᠪᠠᠢ᠍ᠢ᠍ᠷᠢᠯᠠᠭᠤᠯᠬᠤ᠎ᠳᠤ ᠰᠢᠢ᠍ᠳᠪᠦᠷᠢᠲᠦ ᠪᠣᠳᠣᠯᠭ᠎ᠠ ᠵᠢᠨ ᠦᠨᠳᠦᠰᠦᠯᠡᠯ ᠬᠠᠩᠭ᠋ᠠᠭᠰᠠᠨ ᠪᠠᠢ᠍ᠢ᠍ᠨ᠎ᠠ᠃
      ᠤᠰᠤᠨ᠎ᠤ ᠪᠠᠢ᠍ᠢ᠍ᠳᠠᠯ᠎ᠢ ᠬᠢᠨᠠᠨ ᠬᠡᠮᠵᠢᠵᠦ ᠤᠷᠢᠳᠴᠢᠯᠠᠨ ᠮᠡᠳᠡᠭᠡᠯᠡᠬᠦ ᠬᠢᠷᠢ ᠲᠦᠪᠰᠢᠨ᠎ᠢ ᠳᠡᠭᠡᠭᠰᠢᠯᠡᠭᠦᠯᠬᠦ᠎ᠳᠤ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠤᠯᠭ᠋ᠠᠭᠤᠷᠢᠯᠠᠬᠤ ᠦᠢ᠍ᠯᠡᠳᠦᠯ᠎ᠨᠢ ᠨᠡᠩ ᠴᠢᠬᠤᠯᠠ ᠪᠠᠢ᠍ᠢ᠍ᠳᠠᠭ᠃ ᠡᠲᠡᠭᠡᠷ ᠵᠢᠯ᠎ᠤᠳ᠎ᠲᠤ᠂ ᠪᠢᠳᠡ ᠴᠠᠭ ᠠᠭᠤᠷ᠎ᠤᠨ ᠤᠰᠤᠨ ᠵᠦᠢ ᠵᠢᠨ ᠡᠪᠦᠴᠡᠯᠳᠦᠯ᠎ᠤᠨ ᠮᠡᠷᠭᠡᠵᠢᠯ᠎ᠢ ᠠᠰᠢᠭᠯᠠᠨ᠂ ᠦᠶᠡᠷ ᠤᠰᠤᠳᠤᠯ᠎ᠢ ᠤᠷᠢᠳᠴᠢᠯᠠᠨ ᠮᠡᠳᠡᠭᠡᠯᠡᠬᠦ ᠤᠷᠢᠳᠴᠢᠯᠠᠨ ᠮᠡᠳᠡᠬᠦ ᠬᠤᠭᠤᠴᠠᠭ᠎ᠠ ᠵᠢ ᠤᠤᠯ᠎ᠤᠨ 1 — 3 ᠡᠳᠦᠷ᠎ᠠᠴᠠ ᠣᠲᠣ ᠵᠢᠨ 7 — 9 ᠡᠳᠦᠷ ᠪᠣᠯᠭ᠋ᠠᠨ ᠤᠷᠲᠤᠳᠬᠠᠪᠠ᠃ ᠪᠢᠳᠡ ᠤᠰᠤᠨ᠎ᠤ ᠪᠠᠢ᠍ᠢ᠍ᠳᠠᠯ᠎ᠤᠨ ᠮᠡᠳᠡᠭᠡ ᠵᠠᠩᠭᠢ ᠵᠢᠨ ᠰᠣᠯᠢᠯᠴᠠᠭ᠋ᠠᠨ᠎ᠤ ᠰᠢᠰᠲ᠋ᠧᠮ᠂ ᠦᠶᠡᠷ᠎ᠤᠨ ᠠᠵᠢᠯ ᠪᠠ ᠰᠢᠯᠵᠢᠮᠡᠯ ᠵᠥᠪᠳᠡᠯᠴᠡᠭᠡᠨ᠎ᠤ ᠲᠠᠪᠴᠠᠩ ᠵᠡᠷᠭᠡ ᠵᠢ ᠰᠤᠳᠤᠯᠤᠨ ᠨᠡᠭᠡᠭᠡᠵᠦ᠂ ᠦᠶᠡᠷ ᠤᠰᠤᠳᠤᠯ᠎ᠢ ᠤᠷᠢᠳᠴᠢᠯᠠᠨ ᠮᠡᠳᠡᠭᠡᠯᠡᠬᠦ ᠦᠷ᠎ᠡ ᠪᠦᠲᠦᠮᠵᠢ ᠵᠢ ᠳᠡᠭᠡᠭᠰᠢᠯᠡᠭᠦᠯᠪᠡ᠃ ᠵᠢᠱ᠌ᠢᠶ᠎ᠡ ᠲᠠᠲᠠᠪᠠᠯ᠂ ᠬᠥᠬᠡᠮᠥ᠋ᠷᠡᠨ᠎ᠤ ᠳᠡᠭᠡᠳᠦ ᠤᠷᠤᠰᠬᠠᠯ᠎ᠤᠨ 100 ᠭᠠᠷᠤᠶ ᠲᠦᠮᠡᠨ ᠲᠡᠭᠰᠢ ᠳᠥᠷᠪᠡᠯᠵᠢᠨ ᠺᠢᠯᠣᠮᠧᠲᠷ᠂ 100 ᠭᠠᠷᠤᠶ ᠣᠭᠲᠣᠯᠤᠭ᠋ᠠᠰᠤ ᠵᠢᠨ ᠤᠷᠢᠳᠴᠢᠯᠠᠭᠰᠠᠨ ᠮᠡᠳᠡᠭᠡ ᠵᠢ ᠦᠨᠳᠦᠰᠦᠯᠡᠪᠡᠯ᠂ ᠮᠠᠨ᠎ᠤ ᠤᠷᠢᠳᠴᠢᠯᠠᠨ ᠮᠡᠳᠡᠭᠡᠯᠡᠭᠴᠢ ᠪᠠᠷᠤᠭ ᠬᠠᠭ᠋ᠠᠰ ᠴᠠᠭ᠎ᠤᠨ ᠳᠣᠲᠣᠷ᠎ᠠ ᠨᠢᠭᠡ ᠤᠳᠠᠭ᠎ᠠ ᠠᠵᠢᠯ᠎ᠤᠨ ᠤᠷᠢᠳᠴᠢᠯᠠᠭᠰᠠᠨ ᠮᠡᠳᠡᠭᠡ ᠵᠢ ᠬᠢᠵᠦ ᠳᠠᠭᠤᠰᠬᠠᠴᠢᠬᠠᠨ᠎ᠠ᠃ ᠡᠭᠦᠨ᠎ᠠᠴᠠ ᠭᠠᠳᠠᠨ᠎ᠠ᠂ ᠪᠢᠳᠡ ᠪᠠᠰᠠ ᠭᠣᠤᠯ᠎ᠤᠨ ᠰᠢᠰᠲ᠋ᠧᠮ᠎ᠤᠨ ᠤᠷᠢᠳᠴᠢᠯᠠᠨ ᠮᠡᠳᠡᠭᠡᠯᠡᠬᠦ᠂ ᠬᠥᠮᠦᠨ ᠮᠠᠰᠢᠨ᠎ᠤ ᠰᠣᠯᠢᠯᠴᠠᠭ᠎ᠠ᠂ 《ᠬᠡᠮᠵᠢᠯᠲᠡ᠎ᠪᠠᠷ ᠨᠥᠬᠥᠪᠥᠷᠢᠯᠡᠨ ᠮᠡᠳᠡᠭᠦᠯᠬᠦ》 ᠵᠡᠷᠭᠡ ᠮᠡᠷᠭᠡᠵᠢᠯ᠎ᠤᠨ ᠰᠢᠨ᠎ᠡ ᠵᠢ ᠡᠭᠦᠳᠴᠦ᠂ ᠤᠷᠢᠳᠴᠢᠯᠠᠨ ᠮᠡᠳᠡᠭᠡᠯᠡᠬᠦ ᠲᠣᠬᠢᠷᠠᠭᠤᠯᠤᠯᠲᠠ ᠵᠢ ᠨᠢᠭᠡ ᠴᠤᠭᠴᠠᠵᠢᠭᠤᠯᠤᠨ ᠬᠡᠷᠡᠭᠯᠡᠬᠦ ᠵᠢ ᠠᠬᠢᠭᠤᠯᠵᠤ᠂ ᠦᠶᠡᠷ ᠤᠰᠤᠳᠤᠯ᠎ᠢ ᠤᠷᠢᠳᠴᠢᠯᠠᠨ ᠮᠡᠳᠡᠭᠡᠯᠡᠬᠦ ᠴᠢᠳᠠᠪᠤᠷᠢ ᠵᠢ ᠳᠡᠭᠡᠭᠰᠢᠯᠡᠭᠦᠯᠪᠡ᠃ ᠣᠳᠣᠬᠠᠨ᠎ᠳᠤ᠂ ᠮᠠᠨ᠎ᠤ ᠤᠯᠤᠰ᠎ᠤᠨ ᠡᠮᠦᠨᠡᠲᠦ ᠣᠷᠣᠨ᠎ᠤ ᠭᠣᠤᠯ ᠪᠣᠯᠬᠤ ᠭᠣᠤᠯ ᠮᠥᠷᠡᠨ᠎ᠤ ᠦᠶᠡᠷ ᠤᠰᠤᠳᠤᠯ᠎ᠢ ᠤᠷᠢᠳᠴᠢᠯᠠᠨ ᠮᠡᠳᠡᠭᠡᠯᠡᠬᠦ ᠣᠨᠣᠪᠴᠢ ᠵᠢᠨ ᠬᠡᠮᠵᠢᠶ᠎ᠡ 90%᠎ᠳᠤ ᠬᠦᠷᠴᠦ᠂ ᠤᠮᠠᠷᠠᠲᠤ ᠣᠷᠣᠨ᠎ᠤ ᠭᠣᠤᠯ ᠪᠣᠯᠬᠤ ᠭᠣᠤᠯ ᠮᠥᠷᠡᠨ᠎ᠤ ᠤᠷᠢᠳᠴᠢᠯᠠᠨ ᠮᠡᠳᠡᠭᠡᠯᠡᠬᠦ ᠬᠦᠴᠢᠷᠳᠡᠯ ᠨᠡᠯᠢᠶᠡᠳ ᠶᠡᠬᠡ ᠪᠣᠯᠪᠠᠴᠤ ᠤᠷᠢᠳᠴᠢᠯᠠᠨ ᠮᠡᠳᠡᠭᠡᠯᠡᠬᠦ ᠣᠨᠣᠪᠴᠢ ᠵᠢᠨ ᠬᠡᠮᠵᠢᠶ᠎ᠡ᠎ᠨᠢ ᠴᠦ᠍ 70%᠎ᠳᠤ ᠬᠦᠷᠴᠦ ᠳᠡᠢ᠍ᠢ᠍ᠯᠬᠦ ᠶᠤᠮ᠃
      ᠣᠢ᠍ᠢ᠍ᠷ᠎ᠠ ᠵᠢᠨ ᠵᠢᠯ᠎ᠠᠴᠠ ᠨᠠᠭ᠋ᠠᠰᠢ᠂ ᠤᠯᠤᠰ᠎ᠤᠨ ᠦᠶᠡᠷ ᠤᠰᠤᠳᠤᠯ᠎ᠢ ᠰᠡᠷᠭᠡᠢ᠍ᠢ᠍ᠯᠡᠨ ᠭᠠᠩ ᠬᠠᠭᠰᠠᠷᠠᠭ᠋ᠠᠨ᠎ᠢ ᠡᠰᠡᠷᠭᠦᠴᠡᠬᠦ ᠵᠢᠯᠣᠭᠣᠳᠬᠤ ᠰᠢᠰᠲ᠋ᠧᠮ᠂ ᠪᠦᠬᠦ ᠤᠯᠤᠰ᠎ᠤᠨ ᠳᠤᠮᠳᠠ ᠪᠠᠭ᠎ᠠ ᠭᠣᠣᠯ ᠮᠥᠷᠡᠨ᠎ᠢ ᠬᠢᠨᠠᠨ ᠬᠡᠮᠵᠢᠬᠦ ᠰᠢᠰᠲ᠋ᠧᠮ ᠵᠡᠷᠭᠡ ᠴᠢᠬᠤᠯᠠ ᠲᠦᠷᠦᠯ ᠵᠦᠢ᠍ᠯ᠎ᠢ ᠬᠡᠷᠡᠭᠵᠢᠭᠦᠯᠬᠦ᠎ᠪᠠᠷ ᠳᠠᠮᠵᠢᠨ᠂ ᠮᠠᠨ᠎ᠤ ᠤᠯᠤᠰ᠎ᠤᠨ ᠤᠰᠤᠨ᠎ᠤ ᠪᠠᠢ᠍ᠢ᠍ᠳᠠᠯ᠎ᠢ ᠬᠢᠨᠠᠨ ᠬᠡᠮᠵᠢᠵᠦ ᠤᠷᠢᠳᠴᠢᠯᠠᠨ ᠮᠡᠳᠡᠭᠡᠯᠡᠬᠦ ᠮᠡᠷᠭᠡᠵᠢᠯ᠎ᠨᠢ ᠳᠡᠯᠡᠬᠡᠶ ᠳᠡᠭᠡᠷ᠎ᠡ ᠶᠡᠷᠦᠩᠬᠡᠶ᠎ᠳᠡᠭᠡᠨ ᠲᠡᠷᠢᠭᠦᠨ᠎ᠤ ᠬᠢᠷᠢ ᠲᠦᠪᠰᠢᠨ᠎ᠳᠤ ᠣᠷᠣᠰᠢᠵᠤ᠂ ᠢᠯᠠᠩᠭᠤᠶ᠎ᠠ ᠶᠡᠬᠡ ᠭᠣᠤᠯ ᠮᠥᠷᠡᠨ᠎ᠤ ᠤᠷᠢᠳᠴᠢᠯᠠᠨ ᠮᠡᠳᠡᠭᠡᠯᠡᠬᠦ ᠮᠡᠷᠭᠡᠵᠢᠯ᠎ᠳᠤ ᠣᠷᠣᠰᠢᠵᠤ ᠪᠠᠢ᠍ᠢ᠍ᠨ᠎ᠠ᠂ ᠭᠡᠪᠡᠴᠦ ᠳᠤᠮᠳᠠ ᠪᠠᠭ᠎ᠠ ᠭᠣᠤᠯ ᠮᠥᠷᠡᠨ᠎ᠤ ᠦᠶᠡᠷ᠂ ᠠᠭᠤᠯᠠᠨ ᠦᠶᠡᠷ᠎ᠤᠨ ᠭᠠᠮᠰᠢᠭ᠎ᠢ ᠤᠷᠢᠳᠴᠢᠯᠠᠨ ᠰᠡᠷᠡᠮᠵᠢᠯᠡᠭᠦᠯᠵᠦ ᠤᠷᠢᠳᠴᠢᠯᠠᠨ ᠮᠡᠳᠡᠭᠡᠯᠡᠬᠦ ᠵᠡᠷᠭᠡ ᠲᠠᠯ᠎ᠠ᠎ᠪᠠᠷ ᠪᠠᠰᠠ ᠢᠯᠡᠷᠬᠡᠶ ᠳᠤᠲᠠᠭᠤᠳᠠᠯ ᠣᠷᠣᠰᠢᠵᠤ᠂ ᠳᠡᠭᠡᠭᠰᠢᠯᠡᠭᠦᠯᠬᠦ ᠴᠢᠬᠤᠯᠠᠲᠠᠶ ᠪᠠᠢ᠍ᠢ᠍ᠨ᠎ᠠ᠃
ᠪᠠᠶᠠᠷᠯᠠᠯ᠎ᠠ!
      ᠭᠤᠸᠠᠩ ᠮᠢᠩ ᠡᠳᠦᠷ᠎ᠤᠨ ᠰᠣᠨᠢᠨ᠎ᠤ ᠰᠤᠷᠪᠤᠯᠵᠢᠯᠠᠭᠴᠢ 2020 — 09 — 24 10᠄ 50᠄ 36
      ᠡᠨᠡ ᠵᠢᠯ᠎ᠤᠨ ᠦᠶᠡᠷ᠎ᠤᠨ ᠬᠤᠭᠤᠴᠠᠭ᠋ᠠᠨ᠎ᠳᠤ ᠮᠠᠨ᠎ᠤ ᠤᠯᠤᠰ᠎ᠤᠨ ᠤᠰᠤᠨ ᠠᠰᠢᠭᠯᠠᠯᠲᠠ ᠵᠢᠨ ᠲᠠᠯ᠎ᠠ᠎ᠪᠠᠷ᠎ᠬᠢ ᠶᠠᠮᠠᠷ ᠶᠠᠮᠠᠷ ᠳᠤᠲᠠᠭᠤᠳᠠᠯ ᠢᠯᠡᠷᠡᠭᠰᠡᠨ᠂ ᠬᠣᠢ᠍ᠢ᠍ᠰᠢᠳᠠ ᠬᠡᠷᠬᠢᠨ ᠲᠦᠷᠭᠡᠨ ᠨᠥᠬᠥᠪᠥᠷᠢᠯᠡᠬᠦ ᠪᠣᠶ? ᠭᠡᠳᠡᠭ᠎ᠢ ᠣᠢ᠍ᠢ᠍ᠯᠠᠭ᠋ᠠᠶ᠎ᠠ ᠭᠡᠵᠦ ᠪᠤᠳᠤᠵᠤ ᠪᠠᠢ᠍ᠢ᠍ᠨ᠎ᠠ᠃ ᠪᠠᠶᠠᠷᠯᠠᠯ᠎ᠠ!
      ᠶᠧ ᠵᠢᠶᠠᠨ ᠴᠦᠨ 2020 — 09 — 24 10᠄ 53᠄ 09
      ᠡᠨᠡ ᠵᠢᠯ᠎ᠤᠨ ᠦᠶᠡᠷ᠎ᠤᠨ ᠬᠤᠭᠤᠴᠠᠭ᠋ᠠᠨ᠎ᠤ ᠳᠤᠬᠠᠢ ᠮᠢᠨᠦ ᠰᠠᠶᠢᠬᠠᠨ᠎ᠤ ᠲᠠᠨᠢᠯᠴᠠᠭᠤᠯᠤᠭᠰᠠᠨ ᠵᠶ᠋ᠠᠷ᠂ ᠦᠶᠡᠷ᠎ᠢ ᠰᠡᠷᠭᠡᠢ᠍ᠢ᠍ᠯᠡᠬᠦ ᠲᠠᠯ᠎ᠠ᠎ᠪᠠᠷ᠎ᠬᠢ ᠮᠠᠰᠢ ᠤᠯᠠᠨ ᠳᠤᠲᠠᠭᠤᠳᠠᠯ ᠢᠯᠡᠷᠡᠵᠡᠢ᠂ ᠵᠢᠱ᠌ᠢᠶᠡᠯᠡᠪᠡᠯ ᠬᠠᠰᠢᠯᠭ᠎ᠠ ᠳᠠᠯᠠᠩ᠎ᠤᠨ ᠠᠰᠠᠭᠤᠳᠠᠯ᠂ ᠳᠤᠮᠳᠠ ᠪᠠᠭ᠎ᠠ ᠭᠣᠣᠯ ᠮᠥᠷᠡᠨ᠎ᠤ ᠠᠰᠠᠭᠤᠳᠠᠯ᠂ ᠤᠰᠤᠨ ᠴᠥᠭᠥᠷᠥᠮ᠎ᠤᠨ ᠠᠰᠠᠭᠤᠳᠠᠯ ᠵᠡᠷᠭᠡ ᠪᠠᠷᠢᠯᠭ᠎ᠠ᠎ᠳᠤ ᠴᠥᠮ ᠳᠤᠲᠠᠭᠤᠳᠠᠯ ᠣᠷᠣᠰᠢᠵᠤ ᠪᠠᠢ᠍ᠢ᠍ᠨ᠎ᠠ᠃ ᠶᠡᠷᠦᠩᠬᠡᠶ ᠱᠦᠵᠢ ᠰᠢ ᠵᠢᠨ ᠫᠢᠩ᠎ᠤᠨ ᠦᠶᠡᠷ ᠤᠰᠤᠳᠤᠯ᠎ᠢ ᠰᠡᠷᠭᠡᠢ᠍ᠢ᠍ᠯᠡᠨ ᠭᠠᠮᠰᠢᠭ᠎ᠠᠴᠠ ᠠᠪᠤᠷᠠᠬᠤ ᠠᠵᠢᠯ᠎ᠤᠨ ᠲᠤᠬᠠᠶ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠶᠣᠰᠣᠭ᠋ᠠᠷ᠂ ᠣᠰᠣᠨ ᠠᠰᠢᠭᠯᠠᠯᠲᠠ ᠵᠢᠨ ᠶᠠᠮᠤᠨ ᠶᠠᠭ ᠬᠥᠭᠵᠢᠭᠦᠯᠦᠯᠲᠡ ᠪᠠ ᠥᠭᠡᠷᠡᠴᠢᠯᠡᠯᠲᠡ ᠵᠢᠨ ᠵᠦᠪᠯᠡᠯ᠎ᠲᠠᠢ ᠵᠥᠪᠳᠡᠯᠴᠡᠵᠦ ᠪᠠᠢ᠍ᠢ᠍ᠨ᠎ᠠ᠂ ᠡᠳ᠋᠎ᠤᠨ ᠵᠠᠰᠠᠭ᠎ᠤᠨ ᠶᠠᠮᠤᠨ 8 ᠰᠠᠷ᠎ᠠ ᠵᠢᠨ 26᠎ᠤ ᠡᠳᠦᠷ᠎ᠤᠨ ᠳᠣᠢ᠍ᠷᠤ ᠵᠢᠨ ᠶᠠᠪᠤᠳᠠᠯ᠎ᠤᠨ ᠬᠣᠷᠢᠶᠠᠨ᠎ᠤ ᠪᠠᠢ᠍ᠢ᠍ᠩᠭᠤ ᠵᠢᠨ ᠬᠤᠷᠠᠯ᠎ᠤᠨ ᠪᠠᠢ᠍ᠢ᠍ᠷᠢᠯᠠᠭᠤᠯᠤᠯᠲᠠ ᠶᠣᠰᠣᠭ᠋ᠠᠷ ᠭᠠᠮᠰᠢᠭ᠎ᠤᠨ ᠳᠠᠷᠠᠭ᠋ᠠᠬᠢ ᠲᠠᠭᠢᠠ ᠪᠤᠢ᠍ᠲᠣᠭᠠ ᠪᠠᠢ᠍ᠢ᠍ᠭᠤᠯᠬᠤ ᠵᠡᠷᠭᠡ ᠠᠵᠢᠯ᠎ᠢ ᠨᠠᠢ᠍ᠢ᠍ᠳᠠᠪᠤᠷᠢᠵᠢᠭᠤᠯᠵᠤ ᠪᠠᠢ᠍ᠢ᠍ᠨ᠎ᠠ᠃ ᠨᠢᠭᠡ ᠲᠠᠯ᠎ᠠ᠎ᠪᠠᠷ ᠡᠨᠡ ᠵᠢᠯ᠎ᠤᠨ ᠬᠦᠨᠳᠦ ᠨᠣᠴᠢᠲᠠᠶ ᠦᠶᠡᠷ ᠤᠰᠤᠳᠤᠯ᠎ᠤᠨ ᠪᠠᠢ᠍ᠢ᠍ᠳᠠᠯ᠎ᠠᠴᠠ ᠪᠣᠯᠤᠭᠰᠠᠨ ᠤᠰᠤᠨ᠎ᠤ ᠬᠤᠬᠢᠷᠠᠯ ᠰᠦᠢ᠍ᠳᠦᠯ᠎ᠢ ᠠᠯᠢ ᠲᠦᠷᠭᠡᠨ ᠵᠶ᠋ᠠᠷ ᠵᠠᠰᠠᠨ ᠰᠡᠷᠭᠦᠭᠡᠵᠦ᠂ ᠢᠷᠡᠬᠦ ᠵᠢᠯ᠎ᠤᠨ ᠦᠶᠡᠷ᠎ᠤᠨ ᠬᠤᠭᠤᠴᠠᠭ᠋ᠠᠨ᠎ᠤ ᠬᠡᠪ᠎ᠤᠨ ᠪᠠᠢ᠍ᠢ᠍ᠳᠠᠯ᠎ᠳᠤ ᠣᠷᠣᠬᠤ ᠵᠢ ᠪᠠᠲᠤᠯᠠᠨ᠎ᠠ᠃ ᠨᠦᠬᠦᠭᠡ ᠲᠠᠯ᠎ᠠ᠎ᠪᠠᠷ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ ᠵᠢ ᠨᠠᠢ᠍ᠢ᠍ᠷᠠᠭᠤᠯᠤᠨ ᠵᠣᠬᠢᠶᠠᠬᠤ᠎ᠲᠠᠢ ᠤᠶᠠᠯᠳᠤᠭᠤᠯᠤᠨ᠂ ᠥᠨᠢ ᠤᠳᠠᠭ᠋ᠠᠨ ᠠᠮᠤᠷ ᠲᠦᠪᠰᠢᠨ ᠪᠠᠢ᠍ᠢ᠍ᠬᠤ ᠦᠶᠡᠷ᠎ᠢ ᠰᠡᠷᠭᠡᠢ᠍ᠢ᠍ᠯᠡᠬᠦ ᠢᠨᠵᠧᠨᠧᠷᠢᠩ᠎ᠤᠨ ᠪᠦᠳᠦᠭᠡᠨ ᠪᠠᠢ᠍ᠢ᠍ᠭᠤᠯᠤᠯᠲᠠ ᠵᠢ ᠭᠣᠣᠯᠳᠠᠯᠭ᠎ᠠ᠎ᠲᠠᠢ ᠠᠳᠬᠤᠨ᠎ᠠ᠂ ᠡᠭᠦᠨ᠎ᠳᠤ ᠭᠣᠣᠯᠳᠠᠭᠤ ᠭᠤᠷᠪᠠᠨ ᠲᠠᠯ᠎ᠠ ᠵᠢᠨ ᠠᠵᠢᠯ ᠪᠠᠢ᠍ᠢ᠍ᠨ᠎ᠠ᠂ ᠨᠢᠭᠡ᠎ᠳᠤ ᠶᠡᠬᠡ ᠭᠣᠣᠯ ᠮᠥᠷᠡᠨ᠂ ᠳᠤᠮᠳᠠ ᠪᠠᠭ᠎ᠠ ᠭᠣᠣᠯ ᠮᠥᠷᠡᠨ᠎ᠢ ᠵᠠᠰᠠᠬᠤ ᠵᠢᠴᠢ ᠳ᠋ᠦᠩ ᠲᠢᠩ   ᠬᠤ᠌ ᠨᠠᠭᠤᠷ᠂ ᠫᠦᠧᠧ ᠶᠠᠩ   ᠬᠤ᠌ ᠨᠠᠭᠤᠷ᠎ᠤᠨ ᠭᠣᠣᠯᠳᠠᠯᠭ᠎ᠠ᠎ᠲᠠᠢ ᠬᠠᠰᠢᠯᠭ᠎ᠠ ᠵᠢ ᠵᠠᠰᠠᠵᠤ᠂ ᠦᠶᠡᠷ᠎ᠢ ᠰᠡᠷᠭᠡᠢ᠍ᠢ᠍ᠯᠡᠬᠦ ᠬᠣᠯᠪᠣᠭᠳᠠᠯ ᠪᠦᠬᠦᠢ ᠪᠠᠷᠢᠯᠭ᠎ᠠ᠎ᠳᠤ ᠪᠠᠷᠢᠮᠵᠢᠶ᠎ᠠ᠎ᠳᠤ ᠬᠦᠷᠭᠡᠬᠦ ᠪᠦᠳᠦᠭᠡᠨ ᠪᠠᠢ᠍ᠢ᠍ᠭᠤᠯᠤᠯᠲᠠ ᠬᠢᠵᠦ᠂ ᠲᠡᠭᠦᠨ᠎ᠢ ᠪᠠᠷᠢᠮᠵᠢᠶ᠎ᠠ ᠵᠢᠨ ᠳᠣᠲᠣᠷᠠᠬᠢ ᠦᠶᠡᠷ ᠤᠰᠤᠳᠤᠯ᠎ᠢ ᠰᠡᠷᠭᠡᠢ᠍ᠢ᠍ᠯᠡᠵᠦ ᠴᠢᠳᠠᠬᠤ ᠪᠣᠯᠭ᠋ᠠᠨ᠎ᠠ᠃ ᠬᠣᠶᠠᠷ᠎ᠲᠤ ᠬᠥᠬᠡᠮᠥ᠋ᠷᠡᠨ᠂ ᠬᠤᠸᠠᠢ᠍ᠢ᠍ᠾᠧ ᠭᠣᠣᠯ᠂ ᠬᠠᠶ ᠾᠧ ᠭᠣᠣᠯ ᠵᠡᠷᠭᠡ ᠰᠠᠪᠠ ᠭᠠᠵᠠᠷ᠎ᠤᠨ ᠦᠶᠡᠷ᠎ᠢ ᠲᠣᠭᠲᠠᠭ᠋ᠠᠨ ᠬᠤᠷᠠᠭᠤᠯᠬᠤ ᠤᠯᠤᠰ᠎ᠤᠨ ᠴᠢᠬᠤᠯᠠ ᠣᠷᠣᠨ᠎ᠤ ᠠᠶᠤᠯᠭᠦᠢ ᠵᠢᠨ ᠪᠠᠢ᠍ᠢ᠍ᠭᠤᠯᠤᠯᠲᠠ ᠵᠢ ᠲᠦᠷᠭᠡᠪᠴᠢᠯᠡᠨ ᠠᠬᠢᠭᠤᠯᠤᠨ᠎ᠠ᠃ ᠡᠨᠡ ᠵᠢᠯ ᠶᠡᠷᠦᠩᠬᠡᠶ ᠱᠦᠵᠢ ᠰᠢ ᠵᠢᠨ ᠫᠢᠩ ᠠᠨᠾᠦ᠋ᠢ᠎ᠳᠤ ᠠᠵᠢᠯ ᠪᠠᠢ᠍ᠢ᠍ᠴᠠᠭ᠋ᠠᠬᠤ᠎ᠳᠠᠭᠠᠨ ᠮᠧᠩ ᠸᠠ ᠵᠢᠨ ᠦᠶᠡᠷ᠎ᠢ ᠬᠤᠷᠠᠭᠤᠯᠬᠤ ᠣᠷᠣᠨ᠎ᠢ ᠲᠤᠰᠬᠠᠢ᠍ᠢ᠍ᠯᠠᠨ ᠪᠠᠢ᠍ᠢ᠍ᠴᠠᠭ᠋ᠠᠨ       ᠦᠵᠡᠵᠦ᠂ ᠰᠢᠨᠵᠢᠯᠡᠬᠦ ᠤᠬᠠᠭ᠋ᠠᠨᠴᠢ ᠰᠢᠢ᠍ᠳᠪᠦᠷᠢᠲᠦ ᠪᠣᠳᠣᠯᠭ᠎ᠠ ᠵᠢᠨ ᠪᠠᠢ᠍ᠢ᠍ᠷᠢᠯᠠᠭᠤᠯᠤᠯᠲᠠ᠎ᠪᠠᠷ ᠳᠠᠮᠵᠢᠨ᠂ ᠦᠯᠡᠮᠵᠢ ᠣᠯᠠᠨ ᠣᠯᠠᠨ ᠲᠦᠮᠡᠨ᠎ᠢ ᠡᠮᠬᠢ ᠵᠢᠷᠤᠮ᠎ᠲᠠᠢ᠎ᠪᠠᠷ ᠨᠡᠭᠦᠯᠭᠡᠨ ᠰᠢᠯᠵᠢᠭᠦᠯᠵᠦ᠂ ᠲᠣᠬᠢᠲᠠᠶ ᠲᠥᠪᠬᠢᠨᠡᠭᠦᠯᠦᠭᠰᠡᠨ ᠪᠣᠯᠬᠣᠷ ᠦᠢ᠍ᠯᠡᠳᠪᠦᠷᠢᠯᠡᠯ ᠠᠮᠢᠳᠤᠷᠠᠯ᠎ᠳᠤ ᠲᠡᠢ᠍ᠢ᠍ᠮᠦ ᠶᠡᠬᠡ ᠨᠥᠯᠥᠭᠡ ᠪᠣᠯᠤᠭᠰᠠᠨ ᠦᠭᠡᠶ᠃ ᠬᠣᠵᠢᠮ ᠪᠢᠳᠡ ᠦᠶᠡᠷ᠎ᠢ ᠲᠣᠭᠲᠠᠭ᠋ᠠᠨ ᠬᠤᠷᠠᠭᠤᠯᠬᠤ ᠣᠷᠣᠨ᠎ᠳᠤ ᠰᠢᠨᠵᠢᠯᠡᠬᠦ ᠤᠬᠠᠭ᠋ᠠᠨᠴᠢ ᠲᠤᠬᠢᠷᠠᠭᠤᠯᠤᠯᠳᠠ ᠬᠢᠵᠦ᠂ ᠦᠶᠡᠷ᠎ᠢ ᠲᠣᠭᠲᠠᠭ᠋ᠠᠨ ᠬᠤᠷᠠᠭᠤᠯᠬᠤ ᠣᠷᠣᠨ᠎ᠳᠠᠬᠢ ᠠᠷᠠᠳ ᠲᠦᠮᠡᠨ᠎ᠤ ᠠᠮᠢ ᠨᠠᠰᠤ ᠡᠳ᠋ ᠬᠦᠷᠦᠨᠭᠭᠡ ᠵᠢᠨ ᠠᠮᠤᠷ ᠲᠦᠪᠰᠢᠨ᠎ᠢ ᠪᠠᠲᠤᠯᠠᠨ᠎ᠠ᠃ ᠭᠤᠷᠪᠠ᠎ᠳᠤ ᠠᠰᠠᠭᠤᠳᠠᠯ᠎ᠲᠠᠢ ᠠᠶᠤᠯᠲᠠᠶ ᠤᠰᠤᠨ ᠴᠥᠭᠥᠷᠥᠮ᠎ᠤᠨ ᠠᠶᠤᠯ᠎ᠢ ᠠᠷᠢᠯᠭ᠋ᠠᠨ ᠪᠡᠬᠢᠯᠡᠵᠦ᠂ ᠪᠦᠬᠦ ᠤᠯᠤᠰ᠎ᠲᠤ 9 ᠲᠦᠮᠡ ᠭᠠᠷᠤᠶ ᠤᠰᠤᠨ ᠴᠥᠭᠥᠷᠥᠮ᠎ᠲᠠᠢ ᠪᠠᠢ᠍ᠢ᠍ᠵᠤ᠂ ᠣᠯᠠᠩᠬᠢ ᠵᠢ᠎ᠨᠢ ᠳᠡᠭᠡᠷ᠎ᠡ ᠵᠠᠭᠤᠨ᠎ᠳᠤ ᠪᠠᠢ᠍ᠢ᠍ᠭᠤᠯᠤᠭᠰᠠᠨ ᠶᠤᠮ᠂ ᠪᠢᠳᠡ ᠡᠳᠡᠭᠡᠷ ᠠᠰᠠᠭᠤᠳᠠᠯ᠎ᠲᠠᠢ ᠠᠶᠤᠯᠲᠠᠶ ᠤᠰᠤᠨ ᠴᠥᠭᠥᠷᠥᠮ᠎ᠤᠨ ᠦᠯᠡᠳᠡᠭᠳᠡᠯ ᠠᠰᠠᠭᠤᠳᠠᠯ᠎ᠢ ᠲᠥᠪᠯᠡᠷᠡᠭᠦᠯᠦᠨ ᠴᠡᠭᠴᠡᠯᠡᠨ ᠵᠠᠰᠠᠵᠤ᠂ ᠠᠰᠠᠭᠤᠳᠠᠯ ᠠᠶᠤᠯ᠎ᠢ ᠠᠷᠢᠯᠭ᠋ᠠᠨ᠂ ᠦᠶᠡᠷ᠎ᠢ ᠰᠡᠷᠭᠡᠢ᠍ᠢ᠍ᠯᠡᠬᠦ ᠳᠤᠮᠳᠠ ᠤᠰᠤᠨ ᠴᠥᠭᠥᠷᠥᠮ᠎ᠤᠨ ᠪᠦᠲᠦᠮᠵᠢᠲᠡᠶ ᠦᠢ᠍ᠯᠡᠳᠦᠯ᠎ᠢ ᠪᠠᠳᠠᠷᠠᠭᠤᠯᠤᠨ᠎ᠠ᠃

      ᠳᠣᠷᠣᠨᠠᠳᠠᠬᠢᠨ᠎ᠤ ᠣᠳᠣᠨ ᠲᠧᠯᠸᠢᠰ᠎ᠤᠨ ᠰᠤᠷᠪᠤᠯᠵᠢᠯᠠᠭᠴᠢ 2020 — 09 — 24 10: 53: 42
      ᠪᠢᠳᠡ ᠡᠨᠡ ᠵᠢᠯ᠎ᠤᠨ ᠠᠭᠤᠯᠠᠨ ᠦᠶᠡᠷ᠎ᠤᠨ ᠭᠠᠮᠰᠢᠭ᠎ᠤᠨ ᠶᠡᠷᠦᠩᠬᠡᠶ ᠪᠠᠢ᠍ᠢ᠍ᠳᠠᠯ᠎ᠢ ᠣᠢ᠍ᠢ᠍ᠯᠠᠭ᠋ᠠᠶ᠎ᠠ ᠭᠡᠵᠦ ᠪᠤᠳᠤᠵᠤ ᠪᠠᠢ᠍ᠢ᠍ᠨ᠎ᠠ᠂ ᠡᠭᠦᠨ᠎ᠠᠴᠠ ᠭᠠᠳᠠᠨ᠎ᠠ ᠤᠰᠤᠨ ᠠᠰᠢᠭᠯᠠᠯᠲᠠ ᠵᠢᠨ ᠶᠠᠮᠤᠨ᠎ᠠᠴᠠ ᠠᠭᠤᠯᠠᠨ ᠦᠶᠡᠷ᠎ᠤᠨ ᠭᠠᠮᠰᠢᠭ᠎ᠢ ᠰᠡᠷᠭᠡᠢ᠍ᠢ᠍ᠯᠡᠬᠦ ᠲᠠᠯ᠎ᠠ᠎ᠪᠠᠷ ᠶᠠᠮᠠᠷ ᠶᠠᠮᠠᠷ ᠰᠢᠨ᠎ᠡ ᠠᠷᠭ᠎ᠠ ᠬᠡᠮᠵᠢᠶ᠎ᠡ ᠠᠪᠤᠭᠰᠠᠨ ᠪᠤᠢ? ᠪᠠᠶᠠᠷᠯᠠᠯ᠎ᠠ!
      ᠲᠢᠶᠠᠨ ᠢ ᠲᠠᠩ 2020 — 09 — 24 10᠄ 57᠄ 17
      ᠳᠠᠨ᠎ᠤ ᠠᠰᠠᠭᠤᠭᠰᠠᠨ᠎ᠳᠤ ᠲᠠᠯᠠᠷᠬᠠᠵᠤ ᠪᠠᠢ᠍ᠢ᠍ᠨ᠎ᠠ᠃ ᠮᠠᠨ᠎ᠤ ᠤᠯᠤᠰ᠎ᠤᠨ ᠠᠭᠤᠯᠠᠨ ᠦᠶᠡᠷ᠎ᠤᠨ ᠭᠠᠮᠰᠢᠭ᠎ᠤᠨ ᠬᠡᠪᠴᠢᠶ᠎ᠡ᠎ᠨᠢ ᠨᠡᠯᠢᠶᠡᠳ ᠶᠡᠬᠡ᠂ ᠬᠣᠯᠪᠣᠭᠳᠠᠬᠤ ᠬᠥᠮᠦᠨ ᠠᠮᠠ᠎ᠨᠢ ᠨᠡᠯᠢᠶᠡᠳ ᠥᠷᠭᠡᠨ ᠭᠡᠵᠦ ᠬᠡᠯᠡᠵᠤ ᠪᠤᠯᠤᠨ᠎ᠠ᠂ ᠤᠴᠢᠷ᠎ᠨᠢ ᠮᠠᠨ᠎ᠤ ᠤᠯᠤᠰ᠎ᠤᠨ ᠠᠭᠤᠯᠠᠷᠬᠠᠭ ᠣᠷᠣᠨ ᠤᠯᠠᠨ᠂ ᠬᠥᠮᠦᠨ ᠤᠯᠠᠨ ᠠᠭᠤᠯᠠ ᠤᠯᠠᠨ᠂ ᠠᠭᠤᠯᠠᠨ ᠦᠶᠡᠷ᠎ᠤᠨ ᠭᠠᠮᠰᠢᠭ᠎ᠠᠴᠠ ᠪᠣᠯᠤᠭᠰᠠᠨ ᠬᠥᠮᠦᠨ ᠬᠠᠷ᠎ᠠ ᠦᠬᠦᠵᠦ ᠰᠢᠷᠬᠠᠲᠤᠭᠰᠠᠨ ᠬᠠᠷᠢᠴᠠᠯ᠎ᠨᠢ ᠴᠦ᠍ ᠨᠡᠯᠢᠶᠡᠳ ᠶᠡᠬᠡ᠂ 380 ᠭᠠᠷᠤᠶ ᠲᠦᠮᠡᠨ ᠲᠡᠭᠰᠢ ᠳᠥᠷᠪᠡᠯᠵᠢᠨ ᠺᠢᠯᠣᠮᠧᠲᠷ᠎ᠤᠨ ᠰᠡᠷᠭᠡᠢ᠍ᠢ᠍ᠯᠡᠨ ᠵᠠᠰᠠᠬᠤ ᠣᠷᠣᠨ 3 ᠳ᠋ᠦᠩᠰᠢᠭᠤᠷ ᠬᠥᠮᠦᠨ ᠠᠮᠠ᠎ᠲᠠᠢ ᠬᠣᠯᠪᠣᠭᠳᠠᠵᠤ ᠪᠠᠢ᠍ᠢ᠍ᠨ᠎ᠠ᠃ ᠡᠨᠡ ᠵᠢᠯ ᠤᠰᠤᠨ ᠠᠰᠢᠭᠯᠠᠯᠲᠠ ᠵᠢᠨ ᠶᠠᠮᠤᠨ᠎ᠠᠴᠠ ᠠᠭᠤᠯᠠᠨ ᠦᠶᠡᠷ᠎ᠤᠨ ᠭᠠᠮᠰᠢᠭ᠎ᠢ ᠦᠶᠡᠷ ᠤᠰᠤᠳᠤᠯ ᠭᠠᠩ ᠬᠠᠭᠰᠠᠷᠠᠭ᠋ᠠᠨ᠎ᠤ ᠭᠠᠮᠰᠢᠭ᠎ᠢ ᠰᠡᠷᠭᠡᠢ᠍ᠢ᠍ᠯᠡᠬᠦ ᠭᠤᠷᠪᠠᠨ ᠶᠡᠬᠡ ᠭᠣᠣᠯᠳᠠᠯᠭ᠎ᠠ᠎ᠲᠠᠢ ᠠᠶᠤᠯ ᠲᠦᠭᠰᠢᠭᠦᠷᠢ ᠵᠢᠨ ᠨᠢᠭᠡ ᠪᠣᠯᠭ᠋ᠠᠪᠠ᠃ ᠠᠷᠪᠠᠨ ᠵᠢᠯ᠎ᠤᠨ ᠴᠢᠷᠮᠠᠢ᠍ᠢ᠍ᠯᠭ᠎ᠠ᠎ᠪᠠᠷ ᠳᠠᠮᠵᠢᠭ᠋ᠠᠳ᠂ ᠪᠢᠳᠡ ᠠᠭᠤᠯᠠᠨ ᠦᠶᠡᠷ᠎ᠤᠨ ᠭᠠᠮᠰᠢᠭ᠎ᠢ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ ᠰᠢᠰᠲ᠋ᠧᠮ᠎ᠢ ᠪᠠᠢ᠍ᠢ᠍ᠭᠤᠯᠵᠤ᠂ ᠪᠦᠬᠦ ᠤᠯᠤᠰ᠎ᠤᠨ ᠪᠤᠢ ᠪᠦᠬᠦᠢ ᠠᠭᠤᠯᠠᠨ ᠦᠶᠡᠷ᠎ᠤᠨ ᠭᠠᠮᠰᠢᠭ᠎ᠢ ᠰᠡᠷᠭᠡᠢ᠍ᠢ᠍ᠯᠡᠨ ᠵᠠᠰᠠᠬᠤ ᠡᠭᠦᠷᠭᠡ ᠵᠢᠨ 2076 ᠰᠢᠶᠠᠨ᠎ᠳᠤ ᠴᠥᠮ ᠠᠭᠤᠯᠠᠨ ᠦᠶᠡᠷ᠎ᠤᠨ ᠭᠠᠮᠰᠢᠭ᠎ᠢ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ ᠲᠠᠪᠴᠠᠩ᠎ᠢ ᠪᠠᠢ᠍ᠢ᠍ᠭᠤᠯᠪᠠ᠃ 2010 ᠣᠨ᠎ᠠᠴᠠ ᠤᠳᠤ ᠪᠣᠯᠲᠠᠯ᠎ᠠ ᠠᠷᠪᠠᠨ ᠵᠢᠯ ᠪᠠᠢ᠍ᠢ᠍ᠭᠤᠯᠵᠠᠶ᠂ ᠠᠭᠤᠯᠠᠨ ᠦᠶᠡᠷ᠎ᠤᠨ ᠭᠠᠮᠰᠢᠭ᠎ᠢ ᠰᠡᠷᠭᠡᠢ᠍ᠢ᠍ᠯᠡᠨ ᠵᠠᠰᠠᠬᠤ ᠲᠠᠯ᠎ᠠ᠎ᠪᠠᠷ ᠯᠤᠲᠤ ᠶᠡᠬᠡ ᠦᠷ᠎ᠡ ᠪᠦᠲᠦᠮᠵᠢ ᠣᠯᠤᠯ᠎ᠠ ᠭᠡᠵᠦ ᠬᠡᠯᠡᠵᠤ ᠪᠤᠯᠤᠨ᠎ᠠ᠃
      ᠪᠢ ᠳᠠᠨ᠎ᠳᠤ ᠨᠢᠭᠡ ᠪᠦᠯᠦᠭ ᠲᠣᠭ᠎ᠠ ᠪᠠᠷᠢᠮᠳᠠ ᠵᠢ ᠬᠠᠩᠭ᠋ᠠᠶ᠎ᠠ᠂ 2010 ᠣᠨ᠎ᠠᠴᠠ ᠡᠮᠦᠨ᠎ᠡ᠂       2000 — 2010 ᠣᠨ᠎ᠤ ᠡᠨᠡ ᠠᠷᠪᠠᠨ ᠵᠢᠯ᠎ᠤᠨ ᠠᠭᠤᠯᠠᠨ ᠦᠶᠡᠷ᠎ᠤᠨ ᠭᠠᠮᠰᠢᠭ᠎ᠲᠤ ᠦᠬᠦᠵᠦ ᠰᠢᠷᠬᠠᠲᠤᠭᠰᠠᠨ ᠬᠦᠮᠣᠠ᠎ᠤ ᠲᠣᠭ᠎ᠠ ᠪᠠᠷᠤᠭ ᠵᠢᠯ ᠪᠦᠷᠢ ᠳᠤᠮᠳᠠᠴᠢ᠎ᠪᠠᠷ 1178 ᠬᠦᠮᠣᠠ ᠪᠠᠢ᠍ᠢ᠍ᠵᠤ᠂ 2011 ᠣᠨ᠎ᠠᠴᠠ ᠣᠲᠤ ᠪᠣᠯᠲᠠᠯ᠎ᠠ ᠳᠤᠮᠳᠠᠴᠢ᠎ᠪᠠᠷ ᠵᠢᠯ ᠪᠦᠷᠢ ᠪᠠᠷᠤᠭ 350 ᠬᠦᠮᠣᠠ ᠦᠬᠦᠵᠦ ᠰᠢᠷᠬᠠᠲᠤᠭᠰᠠᠨ ᠪᠠᠢ᠍ᠢ᠍ᠨ᠎ᠠ᠃ ᠡᠨᠡ ᠵᠢᠯ ᠠᠭᠤᠯᠠᠨ ᠦᠶᠡᠷ᠎ᠤᠨ ᠭᠠᠮᠰᠢᠭ᠎ᠲᠤ 152 ᠬᠥᠮᠦᠨ ᠥᠭᠦᠵᠡᠶ᠂ ᠡᠢ᠍ᠢ᠍ᠮᠦ᠎ᠠᠴᠠ ᠡᠨᠡ ᠬᠦ᠌ ᠦᠢ᠍ᠯᠡᠳᠦᠯ᠎ᠨᠢ ᠳᠤᠩ ᠶᠡᠬᠡ ᠶᠤᠮ᠃ ᠶᠡᠷᠦᠩᠬᠡᠶ ᠱᠦᠵᠢ ᠰᠢ ᠵᠢᠨ ᠫᠢᠩ ᠠᠷᠠᠳ ᠲᠦᠮᠡᠨ᠎ᠢ ᠳᠡᠭᠡᠳᠦᠯᠡᠵᠦ᠂ ᠠᠷᠠᠳ ᠲᠦᠮᠡᠨ᠎ᠤ ᠠᠮᠢ ᠨᠠᠰᠤᠨ᠎ᠤ ᠠᠮᠤᠷ ᠲᠦᠪᠰᠢᠨ᠎ᠢ ᠦᠨᠡᠨ ᠬᠦ᠌ ᠪᠠᠲᠤᠯᠠᠬᠤ ᠬᠡᠷᠡᠭᠲᠡᠶ ᠭᠡᠵᠦ ᠳᠤᠷᠠᠳᠤᠨ ᠭᠠᠷᠭ᠋ᠠᠵᠠᠶ᠂ ᠡᠨᠡ ᠪᠣᠯ ᠮᠠᠨ᠎ᠤ ᠡᠭᠦᠷᠭᠡ ᠬᠠᠷᠢᠭᠤᠴᠠᠯᠭ᠎ᠠ ᠪᠤᠯᠤᠨ᠎ᠠ᠃ ᠡᠢ᠍ᠢ᠍ᠮᠦ᠎ᠠᠴᠠ ᠠᠭᠤᠯᠠᠨ ᠦᠶᠡᠷ᠎ᠤᠨ ᠭᠠᠮᠰᠢᠭ᠎ᠢ ᠰᠡᠷᠭᠡᠢ᠍ᠢ᠍ᠯᠡᠨ ᠬᠣᠷᠢᠭᠯᠠᠬᠤ ᠶᠠᠪᠤᠳᠠᠯ᠎ᠢ ᠮᠠᠨ᠎ᠤ ᠭᠣᠣᠯᠳᠠᠯᠭ᠎ᠠ᠎ᠲᠠᠢ ᠡᠭᠦᠷᠭᠡ ᠪᠣᠯᠭ᠋ᠠᠨ ᠠᠳᠬᠤᠬᠤ ᠬᠡᠷᠡᠭᠲᠡᠶ ᠭᠡᠵᠦ ᠬᠡᠯᠡᠵᠦ ᠪᠠᠢ᠍ᠢ᠍ᠭ᠎ᠠ ᠶᠤᠮ᠃
      ᠡᠨᠡ ᠵᠢᠯ ᠪᠢᠳᠠ ᠠᠭᠤᠯᠠᠨ ᠦᠶᠡᠷ᠎ᠤᠨ ᠭᠠᠮᠰᠢᠭ᠎ᠢ ᠰᠡᠷᠭᠡᠢ᠍ᠢ᠍ᠯᠡᠨ ᠬᠣᠷᠢᠭᠯᠠᠬᠤ ᠲᠠᠯ᠎ᠠ᠎ᠪᠠᠷ ᠡᠢ᠍ᠢ᠍ᠮᠦ ᠬᠡᠳᠦᠨ ᠵᠦᠢ᠍ᠯ᠎ᠤᠨ ᠠᠵᠢᠯ᠎ᠢ ᠭᠣᠣᠯᠳᠠᠯᠭ᠎ᠠ᠎ᠲᠠᠢ ᠠᠳᠬᠤᠪᠠ᠃
      ᠨᠢᠭᠡᠳᠦᠭᠡᠷ᠎ᠲᠤ᠂ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ ᠲᠣᠭᠲᠠᠴᠠ ᠵᠢ ᠲᠡᠭᠦᠯᠳᠡᠷᠵᠢᠭᠦᠯᠦᠨ᠎ᠡ᠃ ᠰᠢᠶᠠᠨ ᠵᠶ᠋ᠠᠷ ᠭᠣᠤᠯ ᠴᠣᠭᠴᠠ ᠵᠢᠨ ᠬᠠᠷᠢᠭᠤᠴᠠᠯᠭ᠎ᠠ ᠪᠣᠯᠭ᠋ᠠᠵᠤ᠂ ᠰᠢᠶᠠᠨ᠎ᠤ ᠱᠠᠲᠤᠨ᠎ᠤ ᠲᠠᠪᠴᠠᠩ᠎ᠨᠢ ᠬᠥᠳᠡᠭᠡ ᠲᠣᠰᠬᠣᠨ᠎ᠤ ᠬᠠᠷᠢᠭᠤᠴᠠᠯᠭ᠋ᠠᠲᠠᠨ᠎ᠳᠤ ᠰᠡᠷᠡᠮᠵᠢᠯᠡᠭᠦᠯᠬᠦ ᠮᠡᠳᠡᠭᠡ ᠵᠠᠩᠭᠢ ᠵᠢ ᠴᠠᠭ ᠲᠤᠬᠠᠶ᠎ᠳᠤᠨᠢ ᠨᠡᠢ᠍ᠢ᠍ᠲᠡᠯᠡᠨ ᠦᠭᠴᠠᠢ᠃ ᠰᠢᠷᠦᠭᠦᠨ ᠪᠣᠷᠣᠭ᠋ᠠᠨ ᠣᠷᠣᠵᠤ᠂ ᠠᠭᠤᠯᠠᠨ ᠦᠶᠡᠷ᠎ᠤᠨ ᠭᠠᠮᠰᠢᠭ ᠭᠠᠷᠴᠤ ᠮᠡᠳᠡᠬᠦ ᠵᠢ ᠤᠷᠢᠳᠴᠢᠯᠠᠨ ᠮᠡᠳᠡᠬᠦ ᠪᠤᠶᠤ ᠭᠠᠵᠠᠷ ᠪᠣᠯᠭ᠋ᠠᠨ᠎ᠤ ᠪᠣᠷᠣᠭ᠋ᠠᠨ᠎ᠤ ᠬᠡᠮᠵᠢᠶ᠎ᠡ᠎ᠨᠢ ᠤᠷᠢᠳᠴᠢᠯᠠᠨ ᠰᠡᠷᠡᠮᠵᠢᠯᠡᠭᠦᠯᠬᠦ ᠬᠡᠮᠵᠢᠭᠳᠡᠯ᠎ᠳᠤ ᠬᠦᠷᠦᠭᠰᠡᠨ᠎ᠢ ᠬᠢᠨᠠᠨ ᠬᠡᠮᠵᠢᠳᠡᠭ ᠯᠡ ᠶᠤᠮ ᠪᠣᠯ ᠳᠠᠷᠤᠶ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠵᠢ ᠴᠠᠭ ᠲᠤᠬᠠᠶ᠎ᠳᠤᠨᠢ ᠨᠡᠢ᠍ᠢ᠍ᠲᠡᠯᠡᠪᠡ᠃ ᠨᠡᠢ᠍ᠢ᠍ᠲᠡᠯᠡᠵᠦ ᠪᠠᠷᠠᠭᠰᠠᠨ᠎ᠤ ᠳᠠᠷᠠᠭ᠎ᠠ᠂ ᠪᠢᠳᠡᠨ᠎ᠤ ᠱᠠᠭ᠋ᠠᠷᠳᠠᠯᠭ᠎ᠠ ᠶᠣᠰᠣᠭ᠋ᠠᠷ ᠮᠡᠳᠡᠭᠡ ᠵᠠᠩᠭᠢ ᠵᠢ ᠭᠥᠯᠢᠶᠡᠨ ᠠᠪᠴᠤ ᠬᠠᠷᠢᠭᠤ ᠲᠤᠰᠬᠠᠬᠤ ᠲᠣᠭᠲᠠᠴᠠ ᠵᠢ ᠪᠠᠢ᠍ᠢ᠍ᠭᠤᠯᠤᠭᠰᠠᠨ ᠪᠠᠢ᠍ᠢ᠍ᠨ᠎ᠠ᠂ ᠥᠭᠡᠷ᠎ᠡ᠎ᠪᠠᠷ ᠬᠡᠯᠡᠪᠡᠯ ᠤᠷᠢᠳᠴᠢᠯᠠᠨ ᠰᠡᠷᠡᠮᠵᠢᠯᠡᠭᠦᠯᠦᠭᠰᠡᠨ᠎ᠤ ᠳᠠᠷᠠᠭ᠎ᠠ ᠮᠡᠳᠡᠭᠡ ᠵᠠᠩᠭᠢ ᠵᠢ ᠣᠯᠤᠭᠰᠠᠨ ᠡᠰᠡᠬᠦ ᠵᠢ ᠬᠠᠷᠢᠭᠤ ᠲᠤᠰᠬᠠᠨ᠎ᠠ᠂ ᠢᠩᠭᠢᠪᠡᠯ ᠤᠷᠢᠳᠴᠢᠯᠠᠨ ᠰᠡᠷᠡᠮᠵᠢᠯᠡᠭᠦᠯᠬᠦ ᠡᠲᠡᠭᠡᠳ ᠴᠥᠮ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠵᠢ ᠣᠯᠵᠤ ᠳᠡᠢ᠍ᠢ᠍ᠯᠬᠦ ᠵᠢ ᠦᠨᠡᠨ ᠬᠦ᠌ ᠪᠠᠲᠤᠯᠠᠵᠤ ᠴᠢᠳᠠᠨ᠎ᠠ᠃
      ᠲᠢᠶᠠᠨ ᠢ ᠲᠠᠩ 2020 — 09 — 24 11᠄ 00᠄ 49
      ᠬᠣᠶᠠᠳᠤᠭ᠋ᠠᠷ᠎ᠲᠤ᠂ ᠤᠯᠠᠨ ᠵᠶ᠋ᠠᠷ ᠵᠶ᠋ᠠᠨ ᠬᠡᠮᠵᠢᠵᠦ ᠤᠯᠠᠨ ᠵᠶ᠋ᠠᠷ ᠵᠶ᠋ᠠᠨ ᠰᠡᠷᠭᠡᠢ᠍ᠢ᠍ᠯᠡᠬᠦ ᠰᠢᠰᠲ᠋ᠧᠮ᠎ᠤᠨ ᠦᠢ᠍ᠯᠡᠳᠦᠯ᠎ᠢ ᠪᠠᠳᠠᠷᠠᠭᠤᠯᠪᠠ᠃ ᠠᠭᠤᠯᠠᠨ ᠦᠶᠡᠷ᠎ᠤᠨ ᠭᠠᠮᠰᠢᠭ ᠨᠡᠯᠢᠶᠡᠳ ᠬᠦᠨᠳᠦ ᠨᠣᠴᠢᠲᠠᠶ ᠪᠠᠢ᠍ᠢ᠍ᠭ᠎ᠠ ᠲᠡᠳᠡᠭᠡᠷ ᠭᠣᠤᠯᠳᠠᠯᠭ᠎ᠠ᠎ᠲᠠᠢ ᠬᠥᠳᠡᠭᠡ ᠲᠣᠰᠬᠣᠨ᠎ᠳᠤ᠂ ᠲᠠᠪᠴᠠᠩ ᠵᠶ᠋ᠠᠷ ᠳᠠᠮᠵᠢᠨ ᠰᠡᠷᠡᠮᠵᠢᠯᠡᠭᠦᠯᠬᠦ ᠮᠡᠳᠡᠭᠡ ᠵᠠᠩᠭᠢ ᠲᠠᠷᠬᠠᠭ᠋ᠠᠬᠰᠠᠨ ᠵᠶ᠋ᠠᠷ ᠪᠠᠷᠠᠬᠤ ᠥᠬᠡᠶ᠂ ᠪᠢᠳᠡ ᠪᠠᠰᠠ ᠠᠶᠤᠯ ᠲᠦᠭᠰᠢᠭᠦᠷᠢ ᠮᠡᠳᠡᠭᠡᠯᠡᠬᠦ ᠪᠠᠭ᠋ᠠᠵᠢ ᠵᠡᠷᠭᠡ ᠵᠢ ᠪᠠᠭᠲᠠᠭ᠋ᠠᠭᠰᠠᠨ ᠷᠠᠳᠢᠣ᠋ ᠨᠡᠪᠲᠡᠷᠡᠭᠦᠯᠭᠡ᠂ ᠬᠠᠷᠠᠩᠭ᠎ᠠ᠂ ᠱᠦᠭᠯᠦ ᠵᠡᠷᠭᠡ ᠵᠢ ᠳᠣᠭᠢᠷᠠᠭᠤᠯᠵᠤ᠂ ᠡᠢ᠍ᠢ᠍ᠮᠦᠷᠬᠦᠤ ᠨᠢᠭᠡᠨ ᠢᠵᠢ ᠠᠷᠭ᠎ᠠ ᠬᠡᠮᠵᠢᠶ᠎ᠡ᠎ᠪᠠᠷ ᠳᠠᠮᠵᠢᠨ ᠭᠠᠷᠭ᠋ᠠᠭᠰᠠᠨ ᠰᠡᠷᠡᠮᠵᠢᠯᠡᠭᠦᠯᠬᠦ ᠮᠡᠳᠡᠭᠡ ᠵᠠᠩᠭᠢ ᠵᠢ ᠦᠨᠡᠨ ᠬᠦ᠌ ᠡᠷᠦᠬᠡ᠎ᠳᠤ᠂ ᠬᠥᠮᠦᠨ᠎ᠳᠤ ᠳᠠᠮᠵᠢᠭᠤᠯᠵᠤ ᠴᠢᠳᠠᠬᠤ ᠪᠣᠯᠭ᠋ᠠᠵᠠᠶ᠃ ᠠᠭᠤᠯᠠᠨ ᠦᠶᠡᠷ᠎ᠤᠨ ᠭᠠᠮᠰᠢᠭ ᠦᠨᠡᠨ ᠬᠦ᠌ ᠭᠠᠷᠤᠮᠠᠭᠴᠠ ᠭᠠᠴᠠᠭ᠋ᠠᠨ᠎ᠤ᠎ᠬᠢᠨ ᠡᠳᠡᠭᠡᠷ ᠠᠷᠭ᠎ᠠ ᠬᠡᠮᠵᠢᠶ᠎ᠡ᠎ᠪᠠᠷ ᠳᠠᠮᠵᠢᠭᠤᠯᠤᠨ ᠴᠠᠭ ᠲᠤᠬᠠᠶ᠎ᠳᠤᠨᠢ ᠰᠢᠯᠵᠢᠬᠦ ᠵᠢ ᠣᠯᠠᠨ ᠲᠦᠮᠡᠨ᠎ᠳᠤ ᠰᠠᠨᠠᠭᠤᠯᠵᠤ ᠪᠣᠯᠤᠨ᠎ᠠ᠃ ᠡᠭᠦᠨ᠎ᠤ ᠬᠠᠮᠲᠤ᠂ ᠪᠢᠳᠡ ᠠᠭᠤᠯᠠᠷᠬᠠᠭ ᠣᠷᠣᠨ᠎ᠤ ᠤᠯᠠᠨ ᠲᠦᠮᠡᠨ᠎ᠤ ᠭᠠᠮᠰᠢᠭ᠎ᠢ ᠰᠡᠷᠭᠡᠢ᠍ᠢ᠍ᠯᠡᠬᠦ ᠤᠬᠠᠮᠰᠠᠷ᠂ ᠤᠬᠠᠭᠤᠯᠭ᠎ᠠ᠂ ᠪᠣᠯᠪᠠᠰᠤᠷᠠᠯ᠂ ᠰᠣᠷᠢᠯᠲᠠ ᠵᠢ ᠴᠢᠩᠭ᠋ᠠᠳᠬᠠᠵᠤ᠂ ᠭᠠᠮᠰᠢᠭ᠎ᠢ ᠰᠡᠷᠭᠡᠢ᠍ᠢ᠍ᠯᠡᠬᠦ ᠤᠬᠠᠮᠰᠠᠷ᠎ᠢ ᠳᠡᠭᠡᠭᠰᠢᠯᠡᠭᠦᠯᠬᠦ ᠲᠠᠯ᠎ᠠ᠎ᠪᠠᠷ ᠪᠠᠰᠠ ᠶᠡᠬᠡ ᠬᠡᠮᠵᠢᠶᠡᠨ᠎ᠤ ᠠᠵᠢᠯ ᠬᠢᠭᠰᠡᠨ ᠪᠠᠢ᠍ᠢ᠍ᠨ᠎ᠠ᠃
      ᠭᠤᠷᠪᠠᠳᠤᠭ᠋ᠠᠷ᠎ᠲᠤ᠂ ᠡᠨᠡ ᠵᠢᠯ᠎ᠤᠨ 3 ᠰᠠᠷ᠎ᠠ᠎ᠳᠤ ᠪᠢ ᠲᠥᠷᠥ ᠵᠢᠨ ᠶᠠᠪᠤᠳᠠᠯ᠎ᠤᠨ ᠬᠣᠷᠢᠶᠠᠨ᠎ᠤ ᠬᠠᠮᠲᠤᠷᠠᠨ ᠰᠡᠷᠭᠡᠢ᠍ᠢ᠍ᠯᠡᠵᠦ ᠬᠠᠮᠲᠤᠷᠠᠨ ᠡᠵᠡᠮᠳᠡᠬᠦ ᠲᠣᠭᠲᠠᠴᠠ ᠵᠢᠨ ᠰᠣᠨᠢᠨ ᠮᠡᠳᠡᠭᠡ ᠨᠡᠢ᠍ᠢ᠍ᠲᠡᠯᠡᠬᠦ ᠬᠤᠷᠠᠯ ᠳᠡᠭᠡᠷ᠎ᠡ ᠲᠠᠨᠢᠯᠴᠠᠭᠤᠯᠬᠤ᠎ᠳᠠᠭᠠᠨ᠂ ᠠᠭᠤᠯᠠᠨ ᠦᠶᠡᠷ᠎ᠤᠨ ᠭᠠᠮᠰᠢᠭ᠎ᠢ ᠤᠷᠢᠳᠴᠢᠯᠠᠨ ᠰᠡᠷᠡᠮᠵᠢᠯᠡᠭᠦᠯᠬᠦ ᠲᠠᠯ᠎ᠠ᠎ᠪᠠᠷ ᠪᠠᠰᠠ ᠴᠢᠨᠠᠭᠰᠢᠳᠠ ᠲᠡᠭᠦᠯᠳᠡᠷᠵᠢᠭᠦᠯᠬᠦ ᠴᠢᠬᠤᠯᠠᠲᠠᠶ ᠭᠠᠵᠠᠷ ᠪᠠᠢ᠍ᠢ᠍ᠨ᠎ᠠ᠂ ᠠᠭᠤᠯᠠᠷᠬᠠᠭ ᠣᠷᠣᠨ᠎ᠳᠤ ᠪᠠᠢ᠍ᠢ᠍ᠭ᠎ᠠ ᠨᠢᠭᠡ ᠪᠦᠯᠦᠭ ᠵᠢᠭᠤᠯᠴᠢᠯᠠᠯ᠎ᠤᠨ ᠬᠥᠮᠦᠰ᠂ ᠭᠠᠳᠠᠨ᠎ᠠ᠎ᠠᠴᠠ ᠢᠷᠡᠵᠦ ᠠᠵᠢᠯ ᠬᠥᠳᠡᠯᠮᠦᠷᠢ ᠬᠢᠵᠦ ᠪᠠᠢ᠍ᠢ᠍ᠭ᠎ᠠ ᠬᠥᠮᠦᠰ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠵᠢ ᠣᠯᠵᠤ ᠳᠡᠢ᠍ᠢ᠍ᠯᠬᠦ ᠥᠬᠡᠶ᠂ ᠪᠠᠰᠠ ᠪᠠᠯᠠᠶ ᠭᠠᠵᠠᠷ ᠣᠷᠣᠰᠢᠵᠤ ᠪᠠᠢ᠍ᠢ᠍ᠨ᠎ᠠ ᠭᠡᠵᠡᠶ᠃ ᠡᠨᠡ ᠵᠢᠯ᠎ᠤᠨ 5 ᠰᠠᠷ᠎ᠠ᠎ᠳᠤ᠂ ᠤᠰᠤᠨ ᠠᠰᠢᠭᠯᠠᠯᠲᠠ ᠵᠢᠨ ᠶᠠᠮᠤᠨ ᠪᠣᠯᠤᠨ ᠠᠵᠤ ᠦᠢ᠍ᠯᠡᠳᠪᠦᠷᠢ ᠪᠠ ᠮᠡᠳᠡᠭᠡ ᠵᠠᠩᠭᠢᠵᠢᠯᠲᠠ ᠵᠢᠨ ᠶᠠᠮᠤᠨ ᠬᠠᠮᠲᠤᠷᠠᠨ 《ᠭᠤᠷᠪᠠᠨ ᠲᠣᠮᠣ ᠡᠵᠡᠩᠨᠡᠭᠴᠢ ᠬᠤᠳᠠᠯᠳᠤᠭ᠋ᠠᠴᠢᠨ》᠎ᠳᠤ ᠲᠦᠰᠢᠭᠯᠡᠨ ᠨᠡᠢ᠍ᠢ᠍ᠭᠡᠮ ᠨᠡᠢ᠍ᠢ᠍ᠳᠡ᠎ᠳᠤ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠨᠡᠢ᠍ᠢ᠍ᠲᠡᠯᠡᠬᠦ ᠵᠢ ᠠᠬᠢᠭᠤᠯᠵᠤ᠂ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠵᠢ ᠪᠦᠬᠦᠨ᠎ᠢ ᠬᠠᠮᠤᠷᠬᠤ ᠵᠢ ᠪᠡᠶᠡᠯᠡᠭᠦᠯᠪᠡ᠂ ᠥᠭᠡᠷ᠎ᠡ᠎ᠪᠠᠷ ᠬᠡᠯᠡᠪᠡᠯ᠂ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠵᠢ 《ᠭᠤᠷᠪᠠᠨ ᠲᠣᠮᠣ ᠡᠵᠡᠩᠨᠡᠭᠴᠢ ᠬᠤᠳᠠᠯᠳᠤᠭ᠋ᠠᠴᠢᠨ》 ᠵᠶ᠋ᠠᠷ ᠳᠠᠮᠵᠢᠭᠤᠯᠤᠨ ᠨᠡᠢ᠍ᠢ᠍ᠲᠡᠯᠡᠮᠡᠭᠴᠡ᠂ ᠡᠨᠡ ᠬᠦ᠌ ᠣᠷᠣᠨ ᠪᠦᠰᠡ᠎ᠳᠤ ᠴᠢᠬᠢᠮ ᠮᠡᠳᠡᠭᠡ ᠵᠢ ᠣᠯᠵᠤ ᠳᠡᠢ᠍ᠢ᠍ᠯᠳᠡᠭ ᠯᠡ ᠶᠤᠮ ᠪᠣᠯ᠂ ᠤᠷᠢᠳᠴᠢᠯᠠᠨ ᠰᠡᠷᠡᠮᠵᠢᠯᠡᠭᠦᠯᠬᠦ ᠪᠠᠯᠠᠶ ᠣᠷᠣᠨ᠎ᠢ ᠠᠯᠢ ᠴᠢᠳᠠᠬᠤ᠎ᠪᠠᠷ ᠠᠷᠢᠯᠭ᠋ᠠᠵᠤ᠂ ᠠᠶᠤᠯ᠎ᠠᠴᠠ ᠵᠠᠢ᠍ᠢ᠍ᠯᠠᠭᠤᠯᠬᠤ᠎ᠳᠤ ᠲᠤᠯᠭ᠋ᠠᠭᠤᠷᠢᠯᠠᠯ ᠬᠠᠩᠭ᠋ᠠᠨ᠎ᠠ᠃
      ᠳᠥᠷᠪᠡᠳᠦᠭᠡᠷ᠎ᠲᠤ᠂ ᠤᠰᠤᠨ ᠠᠰᠢᠭᠯᠠᠯᠲᠠ ᠵᠢᠨ ᠶᠠᠮᠤᠨ ᠡᠨᠡ ᠬᠣᠶᠠᠷ ᠵᠢᠯ᠎ᠳᠤ 《ᠬᠢᠨᠠᠯᠲᠠ ᠬᠠᠮᠢᠶᠠᠷᠤᠯᠲᠠ᠎ᠪᠠᠨ ᠴᠢᠩᠭ᠋ᠠᠳᠬᠠᠬᠤ》 ᠵᠢ ᠴᠢᠩᠭ᠋ᠠᠳᠬᠠᠪᠠ᠃ ᠠᠭᠤᠯᠠᠨ ᠦᠶᠡᠷ᠎ᠤᠨ ᠭᠠᠮᠰᠢᠭ᠎ᠨᠢ ᠭᠤᠷᠪᠠᠨ ᠶᠡᠬᠡ ᠠᠶᠤᠯ ᠲᠦᠭᠰᠢᠭᠦᠷᠢ ᠵᠢᠨ ᠨᠢᠭᠡ ᠪᠣᠯᠤᠭᠰᠠᠨ᠎ᠤ ᠬᠤᠪᠢ᠎ᠳᠤ ᠬᠢᠨᠠᠯᠲᠠ ᠬᠠᠮᠢᠶᠠᠷᠤᠯᠲᠠ ᠵᠢ ᠣᠨᠴᠠᠭ᠋ᠠᠢ᠍ᠢ᠍ᠯᠠᠨ ᠴᠢᠬᠤᠯᠠᠴᠢᠯᠠᠵᠤ᠂ ᠰᠢᠷᠦᠭᠦᠨ ᠪᠣᠷᠣᠭ᠋ᠠᠨ ᠣᠷᠣᠪᠠᠯ᠂ ᠤᠰᠤᠨ ᠠᠰᠢᠭᠯᠠᠯᠲᠠ ᠵᠢᠨ ᠶᠠᠮᠤᠨ᠎ᠠᠴᠠ ᠮᠤᠵᠢ ᠬᠣᠲᠠ ᠰᠢᠶᠠᠨ᠎ᠢ ᠬᠠᠮᠤᠭ᠎ᠤᠨ ᠶᠡᠬᠡ ᠪᠣᠷᠣᠭ᠋ᠠᠨ ᠣᠷᠣᠬᠤ ᠵᠢ ᠤᠷᠢᠳᠴᠢᠯᠠᠨ ᠮᠡᠳᠡᠭᠡᠯᠡᠬᠦ᠎ᠠᠴᠠ ᠪᠣᠷᠣᠭ᠋ᠠᠨ ᠳᠠᠭᠤᠰᠬᠤ ᠬᠦᠷᠲᠡᠯ᠎ᠡ ᠴᠥᠮ ᠪᠥᠬᠥ ᠶᠠᠪᠤᠴᠠ ᠵᠢ ᠬᠢᠨᠠᠨ ᠬᠠᠮᠢᠶᠠᠷᠬᠤ ᠬᠡᠷᠡᠭᠲᠡᠶ ᠭᠡᠵᠦ ᠱᠠᠭ᠋ᠠᠷᠳᠠᠪᠠ᠃ ᠴᠠᠭ ᠠᠭᠤᠷ᠎ᠤᠨ ᠤᠷᠢᠳᠴᠢᠯᠠᠨ ᠮᠡᠳᠡᠭᠡᠯᠡᠬᠦ ᠪᠦᠲᠦᠭᠡᠭᠳᠡᠬᠦᠨ ᠣᠳᠣᠬᠠᠨ᠎ᠳᠤ ᠨᠡᠯᠢᠶᠡᠳ ᠠᠷᠪᠢᠨ ᠪᠠᠢ᠍ᠢ᠍ᠨ᠎ᠠ᠂ 6 ᠴᠠᠭ᠎ᠤᠨ ᠤᠷᠢᠳᠴᠢᠯᠠᠭᠰᠠᠨ ᠮᠡᠳᠡᠭᠡ᠂ 3 ᠴᠠᠭ᠎ᠤᠨ ᠤᠷᠢᠳᠴᠢᠯᠠᠭᠰᠠᠨ ᠮᠡᠳᠡᠭᠡ᠂ ᠠᠯᠢ ᠭᠠᠵᠠᠷ ᠣᠷᠣᠨ᠎ᠳᠤ ᠰᠢᠷᠦᠭᠦᠨ ᠪᠣᠷᠣᠭ᠋ᠠᠨ ᠣᠷᠣᠬᠤ ᠵᠢ ᠪᠢᠳᠡ ᠴᠠᠭ ᠲᠤᠬᠠᠶ᠎ᠳᠤᠨᠢ ᠡᠨᠡ ᠭᠠᠵᠠᠷ ᠣᠷᠣᠨ᠎ᠳᠤ ᠠᠭᠤᠯᠠᠨ ᠦᠶᠡᠷ᠎ᠤᠨ ᠭᠠᠮᠰᠢᠭ᠎ᠢ ᠰᠡᠷᠭᠡᠢ᠍ᠢ᠍ᠯᠡᠬᠦ ᠠᠵᠢᠯ᠎ᠢ ᠰᠠᠢ᠍ᠢ᠍ᠲᠤᠷ ᠬᠢᠵᠦ᠂ ᠬᠥᠮᠦᠰ ᠵᠶ᠋ᠠᠨ ᠴᠠᠭ ᠲᠤᠬᠠᠶ᠎ᠳᠤᠨᠢ ᠰᠢᠯᠵᠢᠭᠦᠯᠬᠦ ᠵᠢ ᠮᠡᠳᠡᠭᠳᠡᠵᠤ ᠪᠤᠢ᠃ ᠪᠢᠳᠡ ᠪᠠᠰᠠ ᠠᠵᠢᠯᠯᠠᠬᠤ ᠳᠤᠭᠤᠢ᠍ᠢ᠍ᠯᠠᠩ ᠪᠠ ᠨᠢᠭᠤᠴᠠ᠎ᠪᠠᠷ ᠰᠤᠷᠪᠤᠯᠵᠢᠯᠠᠬᠤ ᠳᠤᠭᠤᠢ᠍ᠢ᠍ᠯᠠᠩ ᠲᠣᠮᠢᠯᠠᠨ ᠡᠳᠡᠭᠡᠷ ᠭᠠᠵᠠᠷ ᠣᠷᠣᠨ᠎ᠤ ᠠᠭᠤᠯᠠᠨ ᠦᠶᠡᠷ᠎ᠤᠨ ᠭᠠᠮᠰᠢᠭ᠎ᠢ ᠰᠡᠷᠭᠡᠢ᠍ᠢ᠍ᠯᠡᠬᠦ ᠠᠷᠭ᠎ᠠ ᠬᠡᠮᠵᠢᠶ᠎ᠡ ᠵᠢ ᠪᠣᠳᠠᠲᠠᠢ᠍ᠢ᠍ᠵᠢᠭᠤᠯᠤᠭᠰᠠᠨ ᠡᠰᠡᠬᠦ ᠵᠢ ᠱᠠᠯᠠᠪᠳᠠᠭᠤᠯᠤᠨ ᠪᠠᠢ᠍ᠢ᠍ᠴᠠᠭ᠋ᠠᠵᠤ᠂ ᠠᠰᠠᠭᠤᠳᠠᠯ᠎ᠢ ᠣᠯᠵᠤ ᠮᠡᠳᠡᠪᠡᠯ ᠴᠠᠭ ᠬᠢᠵᠠᠭ᠋ᠠᠷᠯᠠᠨ ᠴᠡᠭᠴᠡᠯᠡᠨ ᠰᠠᠢ᠍ᠢ᠍ᠵᠢᠷᠠᠭᠤᠯᠵᠤ ᠪᠠᠢ᠍ᠢ᠍ᠨ᠎ᠠ᠃ ᠬᠣᠢ᠍ᠢ᠍ᠰᠢᠳᠠ ᠪᠠᠰᠠ ᠡᠨᠡ ᠬᠦ᠌ ᠰᠠᠭᠤᠷᠢᠨ ᠳᠡᠭᠡᠷ᠎ᠡ ᠠᠵᠢᠯ᠎ᠤᠨ ᠡᠷᠴᠢᠮ ᠵᠶ᠋ᠠᠨ ᠴᠢᠩᠭ᠋ᠠᠷᠠᠭᠤᠯᠵᠤ᠂ ᠠᠷᠠᠳ ᠤᠯᠠᠨ᠎ᠤ ᠠᠮᠤᠷ ᠲᠦᠪᠰᠢᠨ᠎ᠢ ᠬᠠᠮᠠᠭ᠋ᠠᠯᠠᠨ᠎ᠠ᠃ ᠪᠠᠶᠠᠷᠯᠠᠯ᠎ᠠ!
      ᠫᠸᠩ ᠫᠠᠢ ᠰᠣᠨᠢᠨ ᠮᠡᠳᠡᠭᠡᠨ᠎ᠤ ᠰᠤᠷᠪᠤᠯᠵᠢᠯᠠᠭᠴᠢ  2020 — 09 — 24  11᠄ 01᠄ 25
      ᠲᠡᠭᠡᠪᠡᠯ ᠠᠰᠠᠭᠤᠳᠠᠯ᠎ᠲᠠᠢ ᠠᠶᠤᠯ᠎ᠲᠠᠢ ᠤᠰᠤᠨ ᠴᠥᠭᠥᠷᠥᠮ᠎ᠢ ᠪᠡᠬᠢᠵᠢᠭᠦᠯᠬᠦ ᠠᠵᠢᠯ ᠣᠳᠣᠬᠠᠨ᠎ᠳᠤ ᠬᠢᠷᠢ ᠵᠡᠷᠭᠡ ᠶᠠᠪᠤᠭᠳᠠᠵᠤ ᠪᠠᠢ᠍ᠢ᠍ᠬᠤ ᠪᠣᠶ? ᠲᠠᠷᠠᠭ᠋ᠠᠴᠢ ᠵᠢᠨ ᠠᠯᠬᠤᠮ᠎ᠳᠤ ᠤᠰᠤᠨ ᠠᠰᠢᠭᠯᠠᠯᠲᠠ ᠵᠢᠨ ᠶᠠᠮᠤᠨ ᠡᠨᠡ ᠬᠦ᠌ ᠠᠵᠢᠯ᠎ᠢ ᠬᠡᠷᠬᠢᠨ ᠠᠬᠢᠭᠤᠯᠬᠤ ᠪᠣᠶ? ᠪᠠᠶᠠᠷᠯᠠᠯ᠎ᠠ!
      ᠵᠠᠩ ᠰᠢᠶᠠᠩ ᠸᠧᠶ 2020 — 09 — 24 11᠄ 04᠄ 49
      ᠳᠠᠨ ᠠᠰᠠᠭᠤᠭᠰᠠᠨ᠎ᠳᠤ ᠲᠠᠯᠠᠷᠬᠠᠵᠤ ᠪᠠᠢ᠍ᠢ᠍ᠨ᠎ᠠ! ᠮᠠᠨ᠎ᠤ ᠤᠯᠤᠰ᠎ᠤᠨ ᠣᠨᠴᠠᠭ᠋ᠠᠶ ᠪᠠᠢ᠍ᠢ᠍ᠭ᠋ᠠᠯᠢ ᠵᠢᠨ ᠭᠠᠵᠠᠷ ᠵᠦᠢ ᠵᠢᠨ ᠨᠥᠬᠥᠴᠡᠯ᠎ᠠᠴᠠ ᠪᠣᠯᠵᠣ᠂ ᠤᠰᠤᠨ᠎ᠤ ᠡᠬᠢ ᠪᠠᠶᠠᠯᠢᠭ᠎ᠤᠨ ᠴᠠᠭ ᠵᠠᠶ ᠵᠢᠨ ᠲᠠᠷᠬᠠᠯᠲᠠ ᠲᠡᠭᠰᠢ ᠪᠤᠰᠤ ᠪᠠᠢ᠍ᠢ᠍ᠳᠠᠭ᠂ ᠡᠢ᠍ᠢ᠍ᠮᠦ᠎ᠠᠴᠠ ᠦᠶᠡᠷ᠎ᠢ ᠰᠡᠷᠭᠡᠢ᠍ᠢ᠍ᠯᠡᠬᠦ᠂ ᠤᠰᠤᠨ᠎ᠤ ᠡᠬᠢ ᠪᠠᠶᠠᠯᠢᠭ᠎ᠢ ᠳᠣᠭᠢᠷᠠᠭᠤᠯᠬᠤ᠂ ᠠᠮᠢ ᠠᠬᠤᠶ ᠵᠢ ᠵᠠᠰᠠᠵᠤ ᠰᠡᠷᠭᠦᠭᠡᠬᠦ ᠵᠡᠷᠭᠡ᠎ᠳᠤ ᠤᠰᠤᠨ ᠴᠥᠭᠥᠷᠥᠮ ᠪᠠᠢ᠍ᠢ᠍ᠭᠤᠯᠬᠤ ᠴᠢᠬᠤᠯᠠᠲᠠᠶ ᠶᠤᠮ᠃ ᠰᠠᠶᠢᠬᠠᠨ ᠳᠡᠳ᠋ ᠰᠠᠢ᠍ᠢ᠍ᠳ ᠶᠧ ᠵᠢᠶᠠᠨ ᠴᠦᠨ ᠬᠡᠯᠡᠬᠦ᠎ᠳᠡᠭᠡᠨ᠂ ᠮᠠᠨ᠎ᠤ ᠤᠯᠤᠰ᠎ᠤᠨ ᠤᠰᠤᠨ ᠴᠥᠭᠥᠷᠥᠮ᠎ᠤᠨ ᠲᠣᠭ᠎ᠠ ᠬᠡᠮᠵᠢᠶ᠎ᠡ ᠣᠯᠠᠨ ᠪᠥᠭᠡᠳ 80% ᠵᠢ᠎ᠨᠢ ᠴᠥᠮ ᠳᠡᠭᠡᠷ᠎ᠡ ᠵᠠᠭᠤᠨ᠎ᠤ ᠲᠠᠪᠢᠭ᠋ᠠᠳ ᠣᠨ᠎ᠠᠴᠠ ᠳᠠᠯᠠᠭ᠋ᠠᠳ ᠣᠨ᠎ᠤ ᠦᠶ᠎ᠡ᠎ᠳᠤ ᠪᠠᠢ᠍ᠢ᠍ᠭᠤᠯᠤᠭᠰᠠᠨ ᠶᠤᠮ ᠭᠡᠵᠡᠶ᠃ 1998 ᠣᠨ᠎ᠠᠴᠠ ᠡᠬᠢᠯᠡᠨ ᠪᠢᠳᠡ ᠬᠦᠴᠦᠨ ᠵᠶ᠋ᠠᠨ ᠲᠥᠪᠯᠡᠷᠡᠭᠦᠯᠦᠨ ᠬᠡᠳᠦᠨ ᠡᠭᠡᠯᠵᠢ ᠵᠢᠨ ᠶᠡᠬᠡ ᠬᠡᠪᠴᠢᠶᠡᠨ᠎ᠤ ᠠᠰᠠᠭᠤᠳᠠᠯ᠎ᠲᠠᠢ ᠠᠶᠤᠯ᠎ᠲᠠᠢ ᠤᠰᠤᠨ ᠴᠥᠭᠥᠷᠥᠮ᠎ᠤᠨ ᠠᠶᠤᠯ᠎ᠢ ᠠᠷᠢᠯᠭ᠋ᠠᠨ ᠪᠡᠬᠢᠵᠢᠭᠦᠯᠬᠦ ᠠᠵᠢᠯ᠎ᠢ ᠥᠷᠨᠢᠭᠦᠯᠪᠡ᠂ ᠨᠢᠳᠤᠨᠤᠨ᠎ᠤ ᠵᠢᠯ᠎ᠤᠨ ᠰᠡᠭᠦᠯᠴᠢ ᠪᠣᠯᠬᠤ᠎ᠳᠤ ᠲᠥᠪ᠎ᠠᠴᠠ 1490 ᠳ᠋ᠦᠩᠰᠢᠭᠤᠷ ᠲᠥᠭᠥᠷᠢᠭ᠎ᠤᠨ ᠪᠡᠯᠡ ᠣᠷᠣᠭᠤᠯᠤᠯᠲᠠ ᠵᠢ ᠲᠣᠬᠢᠷᠠᠭᠤᠯᠵᠤ᠂ 2700 ᠭᠠᠷᠤᠶ ᠲᠤᠮᠤ ᠳᠤᠮᠳᠠ ᠬᠡᠯᠪᠡᠷᠢ ᠵᠢᠨ ᠠᠰᠠᠭᠤᠳᠠᠯ᠎ᠲᠠᠢ ᠠᠶᠤᠯ᠎ᠲᠠᠢ ᠤᠰᠤᠨ ᠴᠥᠭᠥᠷᠥᠮ᠂ ᠡᠭᠦᠨ᠎ᠠᠴᠠ ᠭᠠᠳᠠᠨ᠎ᠠ ᠪᠠᠰᠠ 6.6 ᠲᠦᠮᠡᠨ ᠪᠠᠭ᠎ᠠ ᠬᠡᠯᠪᠡᠷᠢ ᠵᠢᠨ ᠠᠰᠠᠭᠤᠳᠠᠯ᠎ᠲᠠᠢ ᠠᠶᠤᠯ᠎ᠲᠠᠢ ᠤᠰᠤᠨ ᠴᠥᠭᠥᠷᠥᠮ᠎ᠤᠨ ᠠᠶᠤᠯ᠎ᠢ ᠠᠷᠢᠯᠭ᠋ᠠᠨ ᠪᠡᠬᠢᠵᠢᠭᠦᠯᠬᠦ ᠠᠵᠢᠯ᠎ᠢ ᠬᠢᠭᠰᠡᠨ       ᠪᠠᠢ᠍ᠢ᠍ᠨ᠎ᠠ᠃ ᠡᠳᠡᠭᠡᠷ ᠤᠰᠤᠨ ᠴᠥᠭᠥᠷᠥᠮ᠎ᠤᠨ ᠠᠶᠤᠯ᠎ᠢ ᠠᠷᠢᠯᠭ᠋ᠠᠨ ᠪᠡᠬᠢᠵᠢᠭᠦᠯᠦᠭᠰᠡᠨ᠎ᠤ ᠲᠠᠷᠠᠭ᠎ᠠ᠂ ᠴᠢᠳᠠᠮᠵᠢ᠎ᠨᠢ ᠰᠡᠷᠭᠦᠵᠦ᠂ ᠦᠶᠡᠷ᠎ᠢ ᠰᠡᠷᠭᠡᠢ᠍ᠢ᠍ᠯᠡᠬᠦ᠂ ᠤᠰᠤᠨ᠎ᠤ ᠡᠬᠢ ᠪᠠᠶᠠᠯᠢᠭ᠎ᠢ ᠲᠣᠬᠢᠷᠠᠭᠤᠯᠬᠤ ᠦᠢ᠍ᠯᠡᠳᠦᠯ᠎ᠨᠢ ᠳᠤᠩ ᠰᠠᠢ᠍ᠢ᠍ᠨ ᠪᠠᠳᠠᠷᠠᠭᠰᠠᠨ ᠪᠠᠢ᠍ᠢ᠍ᠨ᠎ᠠ᠃
      ᠣᠳᠣᠬᠠᠨ᠎ᠳᠤ ᠪᠠᠰᠠ ᠲᠦᠮᠡ ᠭᠠᠷᠤᠶ ᠠᠰᠠᠭᠤᠳᠠᠯ᠎ᠲᠠᠢ ᠠᠶᠤᠯ᠎ᠲᠠᠢ ᠴᠥᠭᠥᠷᠥᠮ᠎ᠳᠤ ᠪᠡᠯᠡ ᠣᠷᠣᠭᠤᠯᠤᠯᠲᠠ ᠲᠣᠬᠢᠷᠠᠭᠤᠯᠵᠤ ᠠᠶᠤᠯ᠎ᠢ ᠠᠷᠢᠯᠭ᠋ᠠᠨ ᠪᠡᠬᠢᠵᠢᠭᠦᠯᠬᠦ ᠴᠢᠬᠤᠯᠠᠲᠠᠶ ᠪᠠᠢ᠍ᠢ᠍ᠨ᠎ᠠ᠃ ᠶᠡᠷᠦᠩᠬᠡᠶ ᠱᠦᠵᠢ ᠰᠢ ᠵᠢᠨ ᠫᠢᠩ᠎ᠤᠨ ᠦᠶᠡᠷ᠎ᠢ ᠰᠡᠷᠭᠡᠢ᠍ᠢ᠍ᠯᠡᠨ ᠭᠠᠩ᠎ᠲᠠᠢ ᠲᠡᠮᠡᠴᠡᠵᠦ ᠭᠠᠮᠰᠢᠭ᠎ᠠᠴᠠ ᠠᠪᠤᠷᠠᠬᠤ ᠲᠤᠬᠠᠶ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠲᠤᠭᠤᠰᠢᠯᠠᠭᠤᠯᠤᠨ ᠨᠠᠢ᠍ᠢ᠍ᠳᠠᠪᠤᠷᠢᠵᠢᠭᠤᠯᠬᠤ ᠵᠢᠨ ᠲᠥᠯᠥᠭᠡ᠂ ᠲᠠᠷᠠᠭ᠋ᠠᠴᠢ ᠵᠢᠨ ᠠᠯᠬᠤᠮ᠎ᠳᠤ ᠠᠰᠠᠭᠤᠳᠠᠯ᠎ᠲᠠᠢ ᠠᠶᠤᠯ᠎ᠲᠠᠢ ᠴᠥᠭᠥᠷᠥᠮ᠎ᠤᠨ ᠠᠶᠤᠯ᠎ᠢ ᠠᠷᠢᠯᠭ᠋ᠠᠨ ᠪᠡᠬᠢᠵᠢᠭᠦᠯᠬᠦ᠎ᠳᠤ ᠭᠤᠷᠪᠠᠨ ᠲᠠᠯ᠎ᠠ ᠵᠢᠨ ᠠᠵᠢᠯ᠎ᠢ ᠭᠣᠣᠯᠳᠠᠯᠭ᠎ᠠ᠎ᠲᠠᠢ᠎ᠪᠠᠷ ᠠᠳᠬᠤᠨ᠎ᠠ᠃
      ᠨᠢᠭᠡᠳᠦᠭᠡᠷ᠎ᠲᠤ᠂ ᠤᠳᠤ ᠪᠠᠢ᠍ᠢ᠍ᠭ᠎ᠠ ᠠᠰᠠᠭᠤᠳᠠᠯ ᠠᠶᠤᠯ᠎ᠲᠠᠢ ᠴᠥᠭᠥᠷᠥᠮ᠎ᠤᠨ ᠠᠶᠤᠯ᠎ᠢ ᠠᠯᠢ ᠲᠦᠷᠭᠡᠨ ᠵᠶ᠋ᠠᠷ ᠠᠷᠢᠯᠭ᠋ᠠᠨ ᠪᠡᠬᠢᠵᠢᠭᠦᠯᠤᠨ᠎ᠡ᠃ ᠢᠯᠠᠩᠭᠤᠶ᠎ᠠ ᠤᠳᠤ 200 ᠭᠠᠷᠤᠶ ᠲᠤᠮᠤ ᠳᠤᠮᠳᠠ ᠬᠡᠯᠪᠡᠷᠢ ᠵᠢᠨ ᠠᠰᠠᠭᠤᠳᠠᠯ᠎ᠲᠠᠢ ᠠᠶᠤᠯ᠎ᠲᠠᠢ ᠴᠥᠭᠥᠷᠥᠮ᠎ᠢ ᠪᠢᠳᠡ ᠬᠣᠶᠠᠷ ᠵᠢᠯ ᠣᠷᠴᠢᠮ᠎ᠤᠨ ᠴᠠᠭ᠎ᠢ ᠬᠡᠷᠡᠭᠯᠡᠵᠦ ᠪᠠᠢ᠍ᠢ᠍ᠭ᠋ᠠᠳ ᠠᠶᠤᠯ᠎ᠢ ᠠᠷᠢᠯᠭ᠋ᠠᠨ ᠪᠡᠬᠢᠵᠢᠭᠦᠯᠬᠦ ᠡᠭᠦᠷᠭᠡ ᠵᠢ ᠦᠨᠳᠦᠰᠦᠨ᠎ᠳᠡᠭᠡᠨ ᠪᠡᠶᠡᠯᠡᠭᠦᠯᠬᠦ᠎ᠪᠠᠷ ᠴᠢᠷᠮᠠᠢ᠍ᠢ᠍ᠨ᠎ᠠ᠃ ᠪᠠᠭ᠎ᠠ ᠬᠡᠯᠪᠡᠷᠢ ᠵᠢᠨ ᠠᠶᠤᠯ ᠭᠡᠮ᠎ᠲᠠᠢ ᠤᠰᠤᠨ ᠴᠥᠭᠥᠷᠥᠮ᠎ᠤᠨ ᠲᠣᠭ᠎ᠠ ᠬᠡᠮᠵᠢᠶ᠎ᠡ᠎ᠨᠢ ᠠᠷᠪᠢᠨ ᠰᠢᠭ᠋᠂ ᠴᠠᠭ᠎ᠨᠢ ᠤᠷᠳᠤ ᠰᠢᠭ᠋ ᠪᠠᠢ᠍ᠢ᠍ᠵᠤ ᠮᠡᠳᠡᠨ᠎ᠠ᠂ ᠪᠠᠰᠠ ᠠᠯᠢ ᠲᠦᠷᠭᠡᠨ ᠵᠶ᠋ᠠᠷ ᠠᠶᠤᠯ ᠲᠦᠭᠰᠢᠭᠦᠷᠢ ᠵᠢ ᠠᠷᠢᠯᠭ᠋ᠠᠨ᠎ᠠ᠃
      ᠬᠣᠶᠠᠳᠤᠭ᠋ᠠᠷ᠎ᠲᠤ᠂ ᠠᠶᠤᠯᠭᠦᠢ ᠵᠢᠨ ᠬᠢᠨᠠᠨ ᠲᠣᠭᠲᠠᠭ᠋ᠠᠯᠲᠠ ᠵᠢᠨ ᠬᠤᠭᠤᠴᠠᠭ᠋ᠠᠨ᠎ᠳᠤ ᠨᠢᠭᠡᠨᠲᠡ ᠬᠦᠷᠦᠭᠰᠡᠨ ᠤᠰᠤᠨ ᠴᠥᠭᠥᠷᠥᠮ᠎ᠳᠤ ᠠᠶᠤᠯᠭᠦᠢ ᠵᠢᠨ ᠬᠢᠨᠠᠨ ᠲᠣᠭᠲᠠᠭ᠋ᠠᠯᠲᠠ ᠬᠢᠬᠦ ᠵᠢ ᠪᠡᠶᠡᠯᠡᠭᠦᠯᠦᠨ᠎ᠡ᠂ ᠪᠠᠷᠤᠭ ᠭᠤᠷᠪᠠᠨ ᠲᠦᠮᠡ ᠭᠠᠷᠤᠶ ᠤᠰᠤᠨ ᠴᠥᠭᠥᠷᠥᠮ᠎ᠳᠤ ᠠᠶᠤᠯᠭᠦᠢ ᠵᠢᠨ ᠬᠢᠨᠠᠨ ᠲᠣᠭᠲᠠᠭ᠋ᠠᠯᠲᠠ ᠬᠢᠬᠦ ᠵᠢ ᠪᠡᠶᠡᠯᠡᠭᠦᠯᠦᠨ᠎ᠡ᠃ ᠠᠶᠤᠯᠭᠦᠢ ᠵᠢᠨ ᠬᠢᠨᠠᠨ ᠲᠣᠭᠲᠠᠭ᠋ᠠᠯᠲᠠ ᠬᠢᠭᠰᠡᠨ᠎ᠤ ᠳᠠᠷᠠᠭ᠎ᠠ ᠪᠠᠰᠠ ᠵᠠᠷᠢᠮ ᠠᠶᠤᠯ ᠭᠡᠮ᠎ᠲᠠᠢ ᠤᠰᠤᠨ ᠴᠥᠭᠥᠷᠥᠮ ᠪᠠᠢ᠍ᠢ᠍ᠵᠤ ᠮᠡᠳᠡᠨ᠎ᠡ᠂ ᠪᠠᠰᠠ ᠠᠯᠢ ᠲᠦᠷᠭᠡᠨ ᠵᠶ᠋ᠠᠷ ᠠᠶᠤᠯ ᠲᠦᠭᠰᠢᠭᠦᠷᠢ ᠵᠢ ᠠᠷᠢᠯᠭ᠋ᠠᠨ᠎ᠠ᠃
      ᠭᠤᠷᠪᠠᠳᠤᠭ᠋ᠠᠷ᠎ᠲᠤ᠂ ᠠᠰᠠᠭᠤᠳᠠᠯ᠎ᠲᠠᠢ ᠠᠶᠤᠯ᠎ᠲᠠᠢ ᠤᠰᠤᠨ ᠴᠥᠭᠥᠷᠥᠮ᠎ᠤᠨ ᠪᠠᠢ᠍ᠢ᠍ᠩᠭᠤᠵᠢᠭᠰᠠᠨ ᠠᠶᠤᠯ᠎ᠢ ᠠᠷᠢᠯᠭ᠋ᠠᠨ ᠪᠡᠬᠢᠵᠢᠭᠦᠯᠬᠦ ᠲᠣᠭᠲᠠᠴᠠ ᠵᠢ ᠪᠠᠢ᠍ᠢ᠍ᠭᠤᠯᠤᠨ᠎ᠠ᠃ ᠤᠴᠢᠷ᠎ᠨᠢ ᠤᠰᠤᠨ ᠴᠥᠭᠥᠷᠥᠮ᠎ᠤᠨ ᠵᠢᠷᠤᠵᠤ ᠲᠥᠯᠥᠪᠯᠡᠭᠰᠡᠨ ᠠᠵᠢᠯᠯᠠᠭ᠋ᠠᠨ᠎ᠤ ᠬᠤᠭᠤᠴᠠᠭ᠎ᠠ᠎ᠨᠢ ᠲᠤᠯᠤᠭᠰᠠᠨ᠎ᠤ ᠳᠠᠷᠠᠭ᠎ᠠ᠂ ᠪᠠᠰᠠ ᠵᠠᠷᠢᠮ ᠠᠰᠠᠭᠤᠳᠠᠯ ᠠᠶᠤᠯ᠎ᠲᠠᠢ ᠤᠰᠤᠨ ᠴᠥᠭᠥᠷᠥᠮ ᠰᠢᠨ᠎ᠡ᠎ᠪᠠᠷ ᠢᠯᠡᠷᠡᠬᠦ ᠪᠣᠯᠤᠨ᠎ᠠ᠂ ᠡᠨᠡ᠎ᠨᠢ ᠮᠥᠨ ᠴᠦ᠍ ᠵᠢᠮ᠎ᠡ ᠶᠣᠰᠣ ᠪᠣᠯᠬᠤ ᠶᠤᠮ᠃ ᠬᠡᠯᠡᠯᠭᠡᠨ ᠥᠬᠡᠶ᠂ ᠥᠩᠭᠡᠷᠡᠭᠰᠡᠨ᠎ᠤ᠎ᠬᠢ ᠰᠢᠭ ᠲᠡᠢ᠍ᠢ᠍ᠮᠦ ᠲᠥᠪᠯᠡᠷᠡᠩᠭᠦᠢ ᠪᠢᠰᠢ᠂ ᠠᠰᠠᠭᠤᠳᠠᠯ᠎ᠲᠠᠢ ᠠᠶᠤᠯ᠎ᠲᠠᠢ ᠤᠰᠤᠨ ᠴᠥᠭᠥᠷᠥᠮ᠎ᠤᠨ ᠪᠠᠢ᠍ᠢ᠍ᠩᠭᠤ ᠵᠢᠨ ᠴᠢᠨᠠᠷᠲᠠᠶ ᠠᠶᠤᠯ᠎ᠢ ᠠᠷᠢᠯᠭ᠋ᠠᠨ ᠪᠡᠬᠢᠵᠢᠭᠦᠯᠬᠦ ᠲᠣᠭᠲᠠᠴᠠ ᠵᠢ ᠪᠠᠢ᠍ᠢ᠍ᠭᠤᠯᠬᠤ᠎ᠪᠠᠷ ᠳᠡᠮᠵᠢᠨ᠂ ᠨᠢᠭᠡ ᠵᠢ ᠢᠯᠡᠷᠡᠭᠦᠯᠪᠡᠯ ᠴᠠᠭ ᠲᠤᠬᠠᠶ᠎ᠳᠤᠨᠢ ᠨᠢᠭᠡ ᠵᠢ ᠠᠷᠢᠯᠭ᠋ᠠᠵᠤ᠂ ᠤᠰᠤᠨ ᠴᠥᠭᠥᠷᠥᠮ᠎ᠤᠨ ᠴᠢᠳᠠᠮᠵᠢ ᠵᠢ ᠰᠡᠷᠭᠦᠭᠡᠨ᠂ ᠦᠶᠡᠷ᠎ᠢ ᠰᠡᠷᠭᠡᠢ᠍ᠢ᠍ᠯᠡᠬᠦ ᠤᠰᠤᠨ᠎ᠤ ᠡᠬᠢ ᠪᠠᠶᠠᠯᠢᠭ᠎ᠢ ᠳᠣᠭᠢᠷᠠᠭᠤᠯᠬᠤ ᠵᠡᠷᠭᠡ ᠶᠡᠷᠦᠩᠬᠡᠢ᠍ᠢ᠍ᠯᠡᠭᠰᠡᠨ ᠴᠢᠳᠠᠮᠵᠢ ᠵᠢ ᠪᠠᠳᠠᠷᠠᠭᠤᠯᠤᠨ᠎ᠠ᠃

      ᠳᠤᠮᠳᠠᠳᠤ ᠤᠯᠤᠰ᠎ᠤᠨ ᠡᠳᠦᠷ᠎ᠤᠨ ᠰᠣᠨᠢᠨ᠎ᠤ ᠰᠤᠷᠪᠤᠯᠵᠢᠯᠠᠭᠴᠢ 2020 — 09 — 24 11᠄ 05᠄ 21
      ᠡᠨᠡ ᠵᠢᠯ᠎ᠤᠨ ᠤᠰᠤᠨ᠎ᠳᠤ ᠡᠪᠳᠡᠭᠳᠡᠭᠰᠡᠨ ᠤᠰᠤᠨ ᠠᠰᠢᠭᠯᠠᠯᠲᠠ ᠵᠢᠨ ᠲᠥᠬᠥᠭᠡᠷᠦᠮᠵᠢ ᠵᠢ ᠰᠡᠷᠭᠦᠭᠡᠭᠰᠡᠨ᠎ᠨᠢ ᠶᠠᠮᠠᠷ ᠵᠡᠷᠭᠡ ᠪᠤᠢ᠂ ᠡᠭᠦᠨ᠎ᠠᠴᠠ ᠭᠠᠳᠠᠨ᠎ᠠ ᠤᠰᠤᠨ᠎ᠳᠤ ᠡᠪᠳᠡᠭᠳᠡᠭᠰᠡᠨ ᠤᠰᠤᠨ ᠠᠰᠢᠭᠯᠠᠯᠲᠠ ᠵᠢᠨ ᠲᠥᠬᠥᠭᠡᠷᠦᠮᠵᠢ ᠵᠢ ᠰᠡᠯᠪᠢᠨ ᠵᠠᠰᠠᠬᠤ ᠵᠢ ᠲᠦᠷᠭᠡᠳᠬᠡᠬᠦ ᠲᠠᠯ᠎ᠠ᠎ᠪᠠᠷ ᠶᠠᠮᠠᠷ ᠶᠠᠮᠠᠷ ᠠᠷᠭ᠎ᠠ ᠬᠡᠮᠵᠢᠶ᠎ᠡ ᠠᠪᠤᠭᠰᠠᠨ ᠪᠤᠢ? ᠪᠠᠶᠠᠷᠯᠠᠯ᠎ᠠ!
      ᠶᠧ ᠵᠢᠶᠠᠨ ᠴᠦᠨ 2020 — 09 — 24 11: 09: 52
      ᠡᠨᠡ ᠵᠢᠯ᠎ᠤᠨ ᠦᠶᠡᠷ᠎ᠲᠤ 28 ᠮᠤᠵᠢ ᠣᠷᠣᠨ᠎ᠤ ᠤᠰᠤᠨ ᠠᠰᠢᠭᠯᠠᠯᠲᠠ ᠵᠢᠨ ᠲᠥᠬᠥᠭᠡᠷᠦᠮᠵᠢ ᠠᠳᠠᠯᠢ ᠪᠤᠰᠤ ᠬᠡᠮᠵᠢᠶ᠎ᠡ᠎ᠪᠠᠷ ᠡᠪᠳᠡᠭᠳᠡᠵᠡᠶ᠂ ᠡᠭᠦᠨ᠎ᠳᠤ ᠭᠣᠣᠯᠳᠠᠭᠤ ᠭᠣᠣᠯ ᠮᠥᠷᠡᠨ᠎ᠤ ᠬᠠᠰᠢᠯᠭ᠎ᠠ ᠳᠠᠯᠠᠩ᠎ᠤᠨ ᠬᠠᠮᠠᠭ᠋ᠠᠯᠠᠯᠲᠠ ᠵᠢᠨ ᠡᠷᠭᠢ᠂ ᠤᠰᠤᠨ ᠴᠥᠭᠥᠷᠥᠮ᠎ᠤᠨ ᠲᠥᠬᠥᠭᠡᠷᠦᠮᠵᠢ᠂ ᠬᠥᠳᠡᠭᠡ ᠲᠣᠰᠬᠣᠨ᠎ᠤ ᠤᠰᠤᠯᠠᠯᠲᠠ ᠵᠢᠨ ᠲᠥᠬᠥᠭᠡᠷᠦᠮᠵᠢ᠂ ᠬᠥᠭᠡᠷᠭᠡ ᠵᠢᠨ ᠥᠷᠲᠡᠭᠡᠨ᠎ᠤ ᠤᠰᠤᠨ ᠠᠰᠢᠭᠯᠠᠯᠲᠠ ᠵᠢᠨ ᠲᠥᠬᠥᠭᠡᠷᠦᠮᠵᠢ᠂ ᠤᠰᠤᠨ ᠵᠦᠢ ᠵᠢᠨ ᠥᠷᠲᠡᠭᠡ ᠵᠡᠷᠭᠡ ᠤᠰᠤᠨ ᠠᠰᠢᠭᠯᠠᠯᠲᠠ ᠵᠢᠨ ᠪᠠᠷᠢᠯᠭ᠎ᠠ ᠵᠡᠷᠭᠡ ᠪᠤᠶ᠃ ᠡᠭᠦᠨ᠎ᠳᠤ ᠠᠨᠾᠦ᠋ᠢ᠂ ᠴᠦᠩᠴᠢᠩ᠂ ᠵᠢᠶᠠᠩᠰᠢ᠂ ᠬᠤᠪᠸᠢ᠂ ᠬᠤᠨᠠᠨ᠂ ᠰᠧᠴᠤᠸᠠᠨ᠂ ᠭᠤᠸᠠᠩᠰᠢ᠂ ᠭᠦᠢ᠍ᠵᠧᠤ᠂ ᠱᠠᠨᠰᠢ᠂ ᠭᠠᠨᠰᠦ ᠵᠡᠷᠭᠡ 10 ᠮᠤᠵᠢ ᠨᠠᠩ ᠬᠦᠨᠳᠦ ᠰᠢᠭ ᠭᠠᠮᠰᠢᠭᠳᠠᠵᠠᠶ᠃ ᠪᠢᠳᠡ ᠤᠰᠤᠨ᠎ᠳᠤ ᠡᠪᠳᠡᠭᠳᠡᠭᠰᠡᠨ ᠠᠩᠬᠠᠨ᠎ᠤ ᠬᠤᠭᠤᠴᠠᠭ᠋ᠠᠨ᠎ᠳᠤ ᠡᠯ᠎ᠡ ᠮᠤᠵᠢ ᠵᠢ ᠲᠠᠰᠤᠷᠠᠯᠲᠠ ᠦᠭᠡᠶ ᠵᠣᠬᠢᠶᠠᠨ ᠪᠠᠢ᠍ᠢ᠍ᠭᠤᠯᠵᠤ ᠡᠳᠡᠭᠡᠷ ᠤᠰᠤᠨ᠎ᠳᠤ ᠡᠪᠳᠡᠭᠳᠡᠭᠰᠡᠨ ᠪᠠᠷᠢᠯᠭ᠎ᠠ ᠵᠢ ᠵᠠᠰᠠᠨ ᠰᠡᠷᠭᠦᠭᠡᠬᠦ᠎ᠳᠤ ᠬᠡᠳᠦᠢ ᠪᠡᠯᠡ ᠣᠷᠣᠭᠤᠯᠬᠤ ᠵᠢ ᠵᠠᠳᠠᠯᠤᠭᠰᠠᠨ ᠪᠠᠢ᠍ᠢ᠍ᠨ᠎ᠠ᠂ ᠠᠩᠬ᠎ᠠ ᠠᠯᠬᠤᠮ᠎ᠤᠨ ᠵᠢᠱ᠌ᠢᠯᠲᠡ᠎ᠪᠠᠷ᠂ ᠪᠠᠷᠤᠭ 840 ᠳ᠋ᠦᠩᠰᠢᠭᠤᠷ ᠲᠥᠭᠥᠷᠢᠭ ᠬᠡᠷᠡᠭᠰᠡᠨ᠎ᠡ᠂ ᠡᠭᠦᠨ᠎ᠤ ᠳᠣᠲᠣᠷ᠎ᠠ ᠨᠡᠯᠢᠶᠡᠳ ᠬᠦᠨᠳᠦ ᠭᠠᠮᠰᠢᠭᠳᠠᠭᠰᠠᠨ 10 ᠮᠤᠵᠢ᠎ᠳᠤ ᠳᠠᠷᠤᠶ 670 ᠳ᠋ᠦᠩᠰᠢᠭᠤᠷ ᠲᠥᠭᠥᠷᠢᠭ ᠣᠷᠴᠢᠮ ᠬᠡᠷᠡᠭᠰᠡᠨ᠎ᠡ᠃
      ᠡᠭᠦᠨ᠎ᠠᠴᠠ ᠭᠠᠳᠠᠨ᠎ᠠ᠂ ᠤᠰᠤᠨ᠎ᠳᠤ ᠡᠪᠳᠡᠭᠳᠡᠭᠰᠡᠨ ᠪᠠᠷᠢᠯᠭ᠎ᠠ ᠵᠢᠨ ᠲᠥᠷᠥᠯ᠎ᠠᠴᠠ ᠠᠪᠴᠤ ᠦᠵᠡᠪᠡᠯ᠂ ᠭᠣᠤᠯᠳᠠᠭᠤ ᠬᠠᠰᠢᠯᠭ᠎ᠠ ᠵᠢᠨ ᠬᠠᠵᠠᠭᠤ ᠵᠢ ᠬᠠᠮᠠᠭ᠋ᠠᠯᠠᠬᠤ᠂ ᠬᠥᠳᠡᠭᠡ ᠲᠣᠰᠬᠣᠨ᠎ᠤ ᠤᠰᠤᠯᠠᠯᠲᠠ ᠪᠠ ᠤᠰᠤ ᠬᠠᠩᠭ᠋ᠠᠬᠤ ᠲᠥᠬᠥᠭᠡᠷᠦᠮᠵᠢ ᠵᠢᠨ ᠡᠪᠳᠡᠭᠳᠡᠯ᠎ᠳᠤ ᠲᠥᠪᠯᠡᠷᠡᠵᠦ ᠪᠠᠢ᠍ᠢ᠍ᠨ᠎ᠠ᠂ ᠡᠨᠡ ᠪᠣᠯ ᠡᠨᠡ ᠵᠢᠯ᠎ᠤᠨ ᠤᠰᠤᠨ᠎ᠳᠤ ᠡᠪᠳᠡᠭᠳᠡᠭᠰᠡᠨ ᠨᠢᠭᠡᠨ ᠣᠨᠴᠠᠯᠢᠭ ᠪᠤᠯᠤᠨ᠎ᠠ᠂ ᠡᠨᠡ ᠲᠠᠯ᠎ᠠ᠎ᠪᠠᠷ᠎ᠬᠢ ᠪᠠᠯᠠ ᠣᠷᠣᠭᠤᠯᠤᠯᠲᠠ ᠵᠢᠨ ᠬᠡᠷᠡᠭᠴᠡᠭᠡ ᠨᠡᠯᠢᠶᠡᠳ ᠶᠡᠬᠡ       ᠪᠠᠢ᠍ᠢ᠍ᠵᠤ᠂ 86% ᠵᠢ ᠡᠵᠡᠯᠡᠵᠦ ᠪᠠᠢ᠍ᠢ᠍ᠨ᠎ᠠ᠃ ᠡᠢ᠍ᠢ᠍ᠮᠦ᠎ᠠᠴᠠ ᠤᠰᠤᠨ᠎ᠳᠤ ᠡᠪᠳᠡᠭᠳᠡᠭᠰᠡᠨ ᠪᠠᠷᠢᠯᠭ᠎ᠠ ᠵᠢ ᠰᠡᠯᠪᠢᠨ ᠵᠠᠰᠠᠭᠰᠠᠨ ᠬᠡᠮᠵᠢᠶ᠎ᠡ᠎ᠪᠠᠷ ᠶᠡᠬᠡ᠂ ᠲᠥᠪᠯᠡᠷᠡᠩᠭᠦᠢ ᠪᠠᠢ᠍ᠢ᠍ᠵᠤ᠂ ᠡᠭᠦᠷᠭᠡ᠎ᠨᠢ ᠲᠤᠢ᠍ᠢ᠍ᠯ᠎ᠤᠨ ᠨᠦᠰᠡᠷ ᠬᠦᠨᠳᠦ ᠪᠠᠢ᠍ᠢ᠍ᠪᠠ᠃ ᠤᠰᠤᠨ᠎ᠳᠤ ᠡᠪᠳᠡᠭᠳᠡᠭᠰᠡᠨ ᠪᠠᠢ᠍ᠢ᠍ᠳᠠᠯ᠎ᠢ ᠵᠠᠰᠠᠨ ᠰᠡᠷᠭᠦᠭᠡᠬᠦ ᠬᠠᠮᠤᠭ᠎ᠤᠨ ᠡᠴᠦᠰ᠎ᠤᠨ ᠬᠤᠭᠤᠴᠠᠭ᠎ᠠ ᠪᠣᠯ ᠢᠷᠡᠬᠦ ᠵᠢᠯ᠎ᠤᠨ ᠦᠶᠡᠷ᠎ᠤᠨ ᠬᠤᠭᠤᠴᠠᠭ᠎ᠠ᠎ᠠᠴᠠ ᠡᠮᠦᠨ᠎ᠡ ᠪᠣᠯᠤᠨ᠎ᠠ᠂ ᠭᠡᠪᠡᠴᠦ ᠡᠭᠦᠨ᠎ᠤ ᠳᠣᠲᠣᠷᠠᠬᠢ ᠨᠡᠯᠢᠶᠡᠳ ᠨᠢᠭᠡ ᠬᠡᠰᠡᠭ᠎ᠢ᠎ᠨᠢ ᠢᠷᠡᠬᠦ ᠵᠢᠯ᠎ᠤᠨ ᠦᠶᠡᠷ᠎ᠤᠨ ᠬᠤᠭᠤᠴᠠᠭ᠎ᠠ᠎ᠠᠴᠠ ᠡᠮᠦᠨ᠎ᠡ ᠬᠦᠯᠢᠶᠡᠵᠦ ᠪᠣᠯᠬᠤ ᠦᠭᠡᠢ᠂ ᠵᠢᠱ᠌ᠢᠶᠡᠯᠡᠪᠡᠯ ᠡᠪᠳᠡᠭᠳᠡᠭᠰᠡᠨ ᠬᠥᠳᠡᠭᠡ ᠲᠣᠰᠬᠣᠨ᠎ᠤ ᠤᠰᠤ ᠬᠠᠩᠭ᠋ᠠᠬᠤ ᠲᠥᠬᠥᠭᠡᠷᠦᠮᠵᠢ ᠵᠢ ᠳᠠᠷᠤᠢ᠍ᠢ᠍ᠬᠠᠨ ᠵᠠᠰᠠᠨ ᠰᠡᠷᠭᠦᠭᠡᠵᠦ᠂ ᠲᠠᠷᠢᠶᠠᠴᠢᠨ ᠠᠬ᠎ᠠ ᠳᠡᠭᠦᠦ ᠨᠡᠷ᠎ᠤᠨ ᠤᠰᠤ ᠤᠤᠭᠤᠬᠤ ᠵᠢ ᠪᠠᠲᠤᠯᠠᠬᠤ ᠬᠡᠷᠡᠭᠲᠡᠶ; ᠪᠠᠰᠠ ᠵᠢᠱ᠌ᠢᠶᠡᠯᠡᠪᠡᠯ ᠡᠪᠳᠡᠷᠡᠵᠦ ᠰᠦᠢ᠍ᠳᠦᠭᠰᠡᠨ ᠲᠠᠷᠢᠶᠠᠨ᠎ᠤ ᠤᠰᠤᠯᠠᠯᠲᠠ ᠵᠢᠨ ᠲᠥᠬᠥᠭᠡᠷᠦᠮᠵᠢ ᠵᠢ ᠢᠷᠡᠬᠦ ᠵᠢᠯ᠎ᠤᠨ ᠦᠶᠡᠷ᠎ᠤᠨ ᠬᠤᠭᠤᠴᠠᠭ᠋ᠠᠨ᠎ᠳᠤ ᠬᠦᠯᠢᠶᠡᠵᠦ ᠪᠣᠯᠬᠤ ᠦᠭᠡᠢ᠂ ᠬᠠᠪᠤᠷ᠎ᠤᠨ ᠲᠠᠷᠢᠶᠠᠯᠠᠭ᠎ᠠ᠎ᠠᠴᠠ ᠡᠮᠦᠨ᠎ᠡ ᠰᠡᠯᠪᠢᠨ ᠵᠠᠰᠠᠵᠤ᠂ ᠤᠰᠤᠯᠠᠬᠤ ᠪᠠ ᠲᠠᠷᠢᠶ᠎ᠠ ᠲᠠᠷᠢᠬᠤ ᠬᠡᠷᠡᠭᠲᠡᠶ᠃ ᠪᠠᠰᠠ ᠤᠰᠤᠨ ᠵᠦᠢ ᠵᠢᠨ ᠦᠷᠳᠡᠭᠡ᠎ᠪᠠᠷ ᠵᠢᠱ᠌ᠢᠶᠡᠯᠡᠵᠦ ᠬᠡᠯᠡᠬᠦ᠎ᠳᠤ᠂ ᠲᠡᠷᠡ ᠪᠣᠯ ᠮᠠᠨ᠎ᠤ ᠦᠶᠡᠷ᠎ᠢ ᠰᠡᠷᠭᠡᠢ᠍ᠢ᠍ᠯᠡᠬᠦ ᠬᠣᠰᠢᠭᠤᠴᠢ ᠴᠡᠷᠢᠭ ᠪᠤᠯᠤᠨ᠎ᠠ᠂ ᠦᠨᠡᠨ᠎ᠳᠡᠭᠡᠨ ᠢᠷᠡᠬᠦ ᠵᠢᠯ᠎ᠤᠨ ᠦᠶᠡᠷ᠎ᠤᠨ ᠬᠤᠭᠤᠴᠠᠭ᠎ᠠ᠎ᠠᠴᠠ ᠡᠮᠦᠨ᠎ᠡ ᠵᠠᠰᠠᠵᠤ ᠰᠡᠷᠭᠦᠭᠡᠬᠦ ᠵᠢ ᠬᠦᠯᠢᠶᠡᠬᠦ ᠦᠭᠡᠢ ᠶᠤᠮ᠃
      ᠡᠢ᠍ᠢ᠍ᠮᠦ᠎ᠠᠴᠠ ᠳᠠᠷᠠᠭ᠋ᠠᠴᠢ ᠵᠢᠨ ᠠᠯᠬᠤᠮ᠎ᠤᠨ ᠠᠵᠢᠯ ᠪᠣᠯ ᠭᠣᠣᠯᠳᠠᠭᠤ ᠳᠥᠷᠪᠡᠨ ᠲᠠᠯ᠎ᠠ ᠪᠣᠯᠤᠨ᠎ᠠ᠂ ᠨᠢᠭᠡᠳᠦᠭᠡᠷ᠎ᠲᠤ᠂ ᠲᠥᠪ᠎ᠠᠴᠠ ᠲᠣᠬᠢᠷᠠᠭᠤᠯᠤᠭᠰᠠᠨ ᠭᠠᠮᠰᠢᠭ᠎ᠠᠴᠠ ᠠᠪᠤᠷᠠᠬᠤ ᠪᠡᠯᠡ ᠮᠥᠩᠭᠥ ᠵᠢ ᠡᠳᠡᠭᠡᠷ ᠲᠦᠷᠦᠯ ᠵᠦᠢ᠍ᠯ᠎ᠳᠤ ᠠᠯᠢ ᠲᠦᠷᠭᠡᠨ ᠵᠶ᠋ᠠᠷ ᠰᠠᠯᠭ᠋ᠠᠨ ᠨᠠᠢ᠍ᠢ᠍ᠳᠠᠪᠤᠷᠢᠵᠢᠭᠤᠯᠬᠤ ᠬᠡᠷᠡᠭᠲᠡᠶ᠂ ᠣᠳᠣᠬᠠᠨ᠎ᠳᠤ ᠨᠢᠭᠡ ᠬᠡᠰᠡᠭ᠎ᠢ᠎ᠨᠢ ᠬᠤᠢ᠍ᠢ᠍ᠨ᠎ᠠ ᠬᠤᠢ᠍ᠢ᠍ᠨ᠎ᠠ᠎ᠠᠴᠠ ᠲᠣᠬᠢᠷᠠᠭᠤᠯᠤᠭᠰᠠᠨ ᠪᠠᠢ᠍ᠢ᠍ᠨ᠎ᠠ᠃ ᠵᠢᠱ᠌ᠢᠶᠡᠯᠡᠪᠡᠯ ᠰᠠᠶᠢ ᠵᠢᠨ ᠶᠠᠷᠢᠭᠰᠠᠨ ᠬᠥᠳᠡᠭᠡ ᠲᠣᠰᠬᠣᠨ᠎ᠤ ᠤᠤᠭᠤᠬᠤ ᠤᠰᠤᠨ᠎ᠤ ᠢᠨᠵᠧᠨᠧᠷᠢᠩ ᠪᠣᠯ ᠭᠣᠣᠯᠳᠠᠯᠭ᠎ᠠ ᠵᠢᠨ ᠳᠣᠲᠣᠷᠠᠬᠢ ᠭᠣᠣᠯᠳᠠᠯᠭ᠎ᠠ ᠪᠣᠯᠬᠤ ᠲᠤᠯᠠ ᠤᠯᠡᠠ ᠲᠦᠮᠡᠨ᠎ᠤ ᠤᠰᠤ ᠤᠤᠭᠤᠬᠤ ᠵᠢ ᠪᠠᠲᠤᠯᠠᠨ᠎ᠠ᠃ ᠬᠣᠶᠠᠳᠤᠭ᠋ᠠᠷ᠎ᠲᠤ᠂ ᠣᠷᠣᠨ ᠨᠤᠲᠤᠭ᠎ᠢ ᠱᠠᠯᠠᠪᠳᠠᠭᠤᠯᠵᠤ ᠪᠠᠢ᠍ᠢ᠍ᠭ᠋ᠠᠳ ᠵᠠᠰᠠᠨ ᠰᠡᠷᠭᠦᠭᠡᠬᠦ ᠭᠤᠤᠯ ᠴᠣᠭᠴᠠ ᠵᠢᠨ ᠬᠠᠷᠢᠭᠤᠴᠠᠯᠭ᠎ᠠ ᠵᠢ ᠰᠠᠢ᠍ᠢ᠍ᠲᠤᠷ ᠨᠠᠢ᠍ᠢ᠍ᠳᠠᠪᠤᠷᠢᠵᠢᠭᠤᠯᠵᠤ᠂ ᠪᠦᠲᠦᠮᠵᠢᠲᠡᠶ ᠠᠷᠭ᠎ᠠ ᠬᠡᠮᠵᠢᠶ᠎ᠡ ᠠᠪᠴᠤ᠂ ᠵᠠᠰᠠᠨ ᠰᠡᠷᠭᠦᠭᠡᠬᠦ ᠠᠵᠢᠯ᠎ᠢ ᠴᠠᠭ ᠲᠤᠬᠠᠶ᠎ᠳᠤᠨᠢ ᠥᠷᠨᠢᠭᠦᠯᠦᠨ᠎ᠡ᠃ ᠭᠤᠷᠪᠠᠳᠤᠭ᠋ᠠᠷ᠎ᠲᠤ᠂ ᠡᠮᠦᠨᠡᠬᠢ ᠬᠤᠭᠤᠴᠠᠭ᠋ᠠᠨ᠎ᠤ ᠠᠵᠢᠯ᠎ᠢ ᠱᠠᠯᠠᠪᠳᠠᠨ ᠥᠷᠨᠢᠭᠦᠯᠤᠨ᠎ᠡ᠂ ᠤᠰᠦᠠ᠎ᠳᠤ ᠡᠪᠳᠡᠭᠳᠡᠭᠰᠡᠨ ᠲᠥᠬᠥᠭᠡᠷᠦᠮᠵᠢ ᠵᠢ ᠰᠡᠯᠪᠢᠨ ᠵᠠᠰᠠᠬᠤ ᠠᠵᠢᠯ ᠨᠡᠯᠢᠶᠡᠳ ᠪᠠᠴᠢᠮ ᠪᠠᠢ᠍ᠢ᠍ᠭ᠎ᠠ ᠪᠣᠯᠬᠣᠷ ᠵᠢᠷᠤᠵᠤ ᠲᠥᠯᠥᠪᠯᠡᠬᠦ᠂ ᠬᠢᠨᠠᠨ ᠵᠥᠪᠰᠢᠶᠡᠷᠡᠬᠦ ᠵᠡᠷᠭᠡ ᠡᠮᠦᠨᠡᠬᠢ ᠬᠤᠭᠤᠴᠠᠭ᠋ᠠᠨ᠎ᠤ ᠠᠵᠢᠯ᠎ᠢ ᠰᠠᠢ᠍ᠢ᠍ᠲᠤᠷ ᠬᠢᠵᠦ᠂ ᠳᠠᠭ᠋ᠠᠭ᠋ᠠᠴᠢᠯᠠᠯᠲᠠ ᠵᠠᠷᠯᠠᠬᠤ ᠠᠵᠢᠯ᠎ᠢ ᠰᠠᠢ᠍ᠢ᠍ᠲᠤᠷ ᠵᠣᠬᠢᠶᠠᠨ ᠪᠠᠢ᠍ᠢ᠍ᠭᠤᠯᠵᠤ᠂ ᠢᠷᠡᠬᠦ ᠵᠢᠯ᠎ᠤᠨ ᠦᠶᠡᠷ᠎ᠤᠨ ᠬᠤᠭᠤᠴᠠᠭ᠎ᠠ᠎ᠠᠴᠠ ᠡᠮᠦᠨ᠎ᠡ ᠦᠢ᠍ᠯᠡᠳᠦᠯ ᠵᠶ᠋ᠠᠨ ᠬᠡᠪ ᠵᠶ᠋ᠠᠷ ᠪᠠᠳᠠᠷᠠᠭᠤᠯᠬᠤ ᠵᠢ ᠪᠠᠲᠤᠯᠠᠨ᠎ᠠ᠃ ᠳᠥᠷᠪᠡᠳᠦᠭᠡᠷ᠎ᠲᠤ᠂ ᠡᠳᠡᠭᠡᠷ ᠤᠰᠤᠨ᠎ᠳᠤ ᠡᠪᠳᠡᠭᠳᠡᠭᠰᠡᠨ ᠲᠦᠷᠦᠯ ᠵᠦᠢ᠍ᠯ᠎ᠢ ᠪᠢᠳᠡ ᠪᠠᠰᠠ ᠱᠠᠯᠠᠪᠳᠠᠨ ᠪᠠᠢ᠍ᠢ᠍ᠴᠠᠭ᠋ᠠᠵᠤ ᠨᠢᠭᠤᠴᠠ᠎ᠪᠠᠷ ᠰᠤᠷᠪᠤᠯᠵᠢᠯᠠᠵᠤ᠂ ᠢᠷᠡᠬᠦ ᠵᠢᠯ᠎ᠤᠨ ᠦᠶᠡᠷ᠎ᠤᠨ ᠬᠤᠭᠤᠴᠠᠭ᠎ᠠ᠎ᠠᠴᠠ ᠡᠮᠦᠨ᠎ᠡ ᠪᠤᠢ ᠪᠦᠬᠦᠢ ᠤᠰᠤᠨ᠎ᠳᠤ ᠡᠪᠳᠡᠭᠳᠡᠭᠰᠡᠨ ᠲᠦᠷᠦᠯ ᠵᠦᠢ᠍ᠯ᠎ᠢ ᠴᠥᠮ ᠰᠡᠷᠭᠦᠭᠡᠵᠦ᠂ ᠦᠶᠡᠷ᠎ᠢ ᠰᠡᠷᠭᠡᠢ᠍ᠢ᠍ᠯᠡᠬᠦ ᠠᠵᠢᠯ᠎ᠳᠤ ᠬᠡᠪ᠎ᠤᠨ ᠪᠠᠢ᠍ᠢ᠍ᠳᠠᠯ ᠵᠶ᠋ᠠᠷ ᠣᠷᠣᠯᠴᠠᠬᠤ ᠵᠢ ᠪᠠᠲᠤᠯᠠᠨ᠎ᠠ᠃ ᠪᠢᠳᠡ ᠡᠨᠡ ᠬᠦ᠌ ᠶᠠᠪᠤᠴᠠ᠎ᠳᠤ ᠪᠠᠰᠠ ᠪᠡᠯᠡ ᠣᠷᠣᠭᠤᠯᠤᠯᠲᠠ ᠵᠢ ᠵᠣᠬᠢᠴᠠᠩᠭᠤᠶ᠎ᠪᠠᠷ ᠬᠢᠨᠠᠨ ᠡᠵᠡᠮᠳᠡᠬᠦ ᠠᠵᠢᠯ᠎ᠢ ᠥᠷᠨᠢᠭᠦᠯᠵᠦ᠂ ᠪᠡᠯᠡ ᠮᠥᠩᠭᠥ ᠵᠢ ᠪᠣᠳᠠᠲᠠᠶ ᠭᠠᠵᠠᠷ᠎ᠲᠤᠨᠢ ᠨᠠᠢ᠍ᠢ᠍ᠳᠠᠪᠤᠷᠢᠵᠢᠭᠤᠯᠤᠨ᠂ ᠠᠮᠤᠷ ᠲᠦᠪᠰᠢᠨ ᠵᠶ᠋ᠠᠷ ᠬᠡᠷᠡᠭᠯᠡᠬᠦ ᠵᠢ ᠪᠠᠳᠤᠯᠠᠨ᠎ᠠ᠃
      ᠡᠨᠡ ᠪᠣᠯ ᠮᠠᠨ᠎ᠤ ᠭᠣᠣᠯ ᠬᠢᠬᠦ ᠴᠢᠬᠤᠯᠠ᠎ᠲᠠᠢ ᠲᠦᠷᠪᠡᠨ ᠲᠠᠯ᠎ᠠ ᠵᠢᠨ ᠠᠵᠢᠯ ᠪᠤᠯᠤᠨ᠎ᠠ᠃ ᠪᠠᠶᠠᠷᠯᠠᠯ᠎ᠠ!

      ᠭᠧᠩ ᠯᠢᠦ ᠴᠧᠩ 2020 — 09 — 2411: 10: 23
      ᠶᠧ ᠰᠠᠢ᠍ᠢ᠍ᠳ᠎ᠲᠤ ᠲᠠᠯᠠᠷᠬᠠᠵᠤ ᠪᠠᠢ᠍ᠢ᠍ᠨ᠎ᠠ! ᠰᠠᠶᠢᠬᠠᠨ ᠳᠡᠳ᠋ ᠰᠠᠢ᠍ᠢ᠍ᠳ ᠶᠧ ᠵᠢᠶᠠᠨ ᠴᠦᠨ ᠡᠨᠡ ᠵᠢᠯ᠎ᠤᠨ ᠦᠶᠡᠷ ᠤᠰᠤᠳᠤᠯ ᠭᠠᠩ ᠬᠠᠭᠰᠠᠷᠠᠭ᠋ᠠᠨ᠎ᠤ ᠭᠠᠮᠰᠢᠭ᠎ᠢ ᠰᠡᠷᠭᠡᠢ᠍ᠢ᠍ᠯᠡᠨ ᠬᠣᠷᠢᠭᠯᠠᠬᠤ ᠪᠠ ᠭᠠᠮᠰᠢᠭ᠎ᠤᠨ ᠳᠠᠷᠠᠭ᠋ᠠᠬᠢ ᠲᠠᠬᠢᠨ ᠪᠦᠳᠦᠭᠡᠨ ᠪᠠᠢ᠍ᠢ᠍ᠭᠤᠯᠬᠤ ᠠᠵᠢᠯ᠎ᠤᠨ ᠦᠷ᠎ᠡ ᠪᠦᠲᠦᠭᠡᠯ ᠪᠣᠯᠤᠨ ᠠᠬᠢᠴᠠ ᠵᠢ ᠲᠠᠨᠢᠯᠴᠠᠭᠤᠯᠤᠭᠰᠠᠨ ᠪᠥᠭᠡᠳ ᠵᠤᠷᠭ᠋ᠠᠨ᠎ᠤ ᠳᠠᠷᠤᠭ᠎ᠠ ᠲᠢᠶᠠᠨ ᠢ ᠲᠠᠩ᠂ ᠵᠤᠷᠭ᠋ᠠᠨ᠎ᠤ ᠳᠡᠳ᠋ ᠳᠠᠷᠤᠭ᠎ᠠ ᠵᠠᠩ ᠰᠢᠶᠠᠩ ᠸᠧᠢ᠂ ᠳᠡᠳ᠋ ᠡᠷᠬᠢᠯᠡᠭᠴᠢ ᠯᠢᠦ ᡁᠢ ᠢᠦᠢ᠎ᠲᠠᠢ ᠬᠠᠮᠲᠤ᠎ᠪᠠᠷ ᠤᠯᠠᠨ᠎ᠤ ᠠᠩᠬᠠᠷᠴᠤ ᠪᠠᠢ᠍ᠢ᠍ᠭ᠎ᠠ ᠠᠰᠠᠭᠤᠯᠲᠠ ᠵᠢ ᠬᠠᠷᠢᠭᠤᠯᠵᠠᠶ᠃
      ᠴᠠᠭ᠎ᠤᠨ ᠬᠠᠷᠠᠭ᠎ᠠ᠎ᠠᠴᠠ ᠪᠤᠯᠵᠤ᠂ ᠪᠢᠳᠡᠨ᠎ᠤ ᠲᠤᠬᠠᠢ ᠵᠢᠨ ᠲᠠᠯᠠᠪᠠᠢ᠎ᠳᠤ ᠬᠠᠷᠢᠭᠤᠯᠤᠭᠰᠠᠨ ᠠᠰᠠᠭᠤᠯᠲᠠ ᠡᠨᠳᠡ ᠬᠦᠷᠪᠡ᠂ ᠰᠤᠷᠪᠤᠯᠵᠢᠯᠠᠭᠴᠢ ᠵᠢᠨ ᠤᠷᠳᠤ ᠬᠤᠭᠤᠴᠠᠭ᠋ᠠᠨ᠎ᠤ ᠲᠤᠷᠰᠢᠬᠢ ᠤᠰᠤᠨ ᠠᠰᠢᠭᠯᠠᠯᠲᠠ ᠵᠢᠨ ᠠᠵᠢᠯ᠎ᠢ ᠬᠠᠯᠠᠮᠵᠢᠯᠠᠨ ᠳᠡᠮᠵᠢᠭᠰᠡᠭᠡᠷ ᠢᠷᠡᠭᠰᠡᠨ᠎ᠳᠤ ᠲᠠᠯᠠᠷᠬᠠᠵᠤ ᠪᠠᠢ᠍ᠢ᠍ᠨ᠎ᠠ᠂ ᠥᠨᠥᠳᠦᠷ᠎ᠤᠨ ᠰᠣᠨᠢᠨ ᠮᠡᠳᠡᠭᠡ ᠨᠡᠢ᠍ᠢ᠍ᠲᠡᠯᠡᠬᠦ ᠬᠤᠷᠠᠯ ᠡᠨᠳᠡ ᠬᠦᠷᠦᠭᠡᠳ ᠲᠡᠭᠦᠰᠦᠯ᠎ᠡ᠃ ᠤᠯᠠᠨ᠎ᠳᠤ ᠪᠠᠶᠠᠷᠯᠠᠯ᠎ᠠ!

ᠢᠷᠡᠯᠲᠡ᠄
          
ᠬᠠᠮᠢᠶ᠎ᠡ ᠪᠦᠬᠦᠢ ᠰᠣᠨᠢᠨ
ᠲᠦᠷᠦ ᠵᠢᠨ ᠶᠠᠪᠤᠳᠠᠯ᠎ᠤᠨ ᠬᠣᠷᠢᠶᠠᠨ᠎ᠤ ᠬᠠᠮᠲᠤᠷᠠᠨ ᠰᠡᠷᠭᠡᠶ᠋ᠢᠯᠡᠵᠦ ᠬᠠᠮᠲᠤᠷᠠᠨ ᠡᠵᠡᠮᠳᠡᠬᠦ ᠲᠣᠭᠲᠠᠴᠠ ᠵᠢᠨ ᠰᠣᠨᠢᠨ ᠮᠡᠳᠡᠭᠡ ᠨᠡᠢ᠌ᠳᠡᠯᠡᠬᠦ ᠬᠤᠷᠠᠯ
ᠤᠰᠤᠨ ᠠᠰᠢᠬᠯᠠᠯᠳᠠ ᠵᠢᠨ ᠲᠢᠩᠬᠢᠮ ᠶᠡᠷᠦᠩᠬᠡᠶ᠋ᠢᠯᠡᠭᠰᠡᠨ ᠠᠯᠪᠠᠨ ᠠᠰᠠᠷ᠎ᠤᠨ ᠠᠶᠤᠯᠬᠦᠢ ᠵᠢᠨ ᠲᠤᠰᠬᠠᠶ ᠪᠠᠶ᠋ᠢᠴᠠᠭ᠋ᠠᠯᠲᠠ ᠪᠠ ᠰᠤᠷᠪᠤᠯᠵᠢᠯᠠᠬᠤ ᠠᠵᠢᠯ ᠥᠷᠨᠢᠭᠦᠯᠪᠡ
ᠤᠰᠤᠨ᠎ᠤ ᠰᠢᠨᠵᠢᠯᠡᠭᠡᠨ᠎ᠤ ᠠᠵᠤ ᠠᠬᠤᠢ ᠨᠡᠶ᠋ᠢᠭᠡᠮ᠎ᠤᠨ ᠬᠥᠭᠵᠢᠯᠲᠡ ᠵᠢ ᠲᠤᠯᠭ᠋ᠠᠭᠤᠷᠢᠯᠠᠬᠤ ᠲᠤᠬᠠᠢ ᠰᠣᠨᠢᠨ ᠮᠡᠳᠡᠭᠡ ᠨᠡᠶ᠋ᠢᠲᠡᠯᠡᠬᠦ ᠬᠤᠷᠠᠯ
ᠳ᠋ᠠ ᠲᠧᠩ ᠰᠢᠶᠠ ᠬᠠᠪᠴᠢᠯ᠎ᠤᠨ ᠤᠰᠤᠨ ᠠᠰᠢᠭᠯᠠᠯᠲᠠ ᠵᠢᠨ ᠵᠠᠩᠭᠢᠯᠠᠭ᠎ᠠ ᠵᠢᠨ ᠪᠥᠲᠥᠭᠡᠨ ᠪᠠᠶ᠋ᠢᠭᠤᠯᠤᠯᠲᠠ
ᠠᠷᠠᠳ᠎ᠤᠨ ᠡᠳᠦᠷ᠎ᠤᠨ ᠰᠣᠨᠢᠨ᠄ ᠡᠮᠦᠨᠡᠲᠦ ᠵᠢᠨ ᠤᠰᠤ ᠵᠢ ᠤᠮᠠᠷᠠᠰᠢ ᠲᠠᠲᠠᠬᠤ ᠵᠡᠭᠦᠨ ᠳᠤᠮᠳᠠ ᠱᠤᠭᠤᠮ᠎ᠤᠨ ᠨᠢᠭᠡᠳᠦᠭᠡᠷ ᠬᠤᠭᠤᠴᠠᠭ᠋ᠠᠨ᠎ᠤ ᠤᠰᠤ ᠭᠥᠷᠳᠡᠬᠦ ᠣᠷᠣᠨ᠎ᠤ ᠭᠠᠵᠠᠷ ᠳᠣᠤᠷᠠᠬᠢ ᠤᠰᠤᠨ᠎ᠤ ᠲᠦᠪᠰᠢᠨ ᠳᠡᠭᠡᠭᠰᠢᠯᠡᠪᠡ
 
            