ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠰᠣᠨᠢᠨ ᠮᠡᠳᠡᠭᠡ   -   ᠰᠤᠷᠪᠤᠯᠵᠢᠯᠠᠭ᠎ᠠ
ᠠᠷᠠᠳ᠎ᠤᠨ ᠡᠳᠦᠷ᠎ᠤᠨ ᠰᠣᠨᠢᠨ᠄ ᠬᠣᠶᠠᠳᠤᠭ᠋ᠠᠷ ᠬᠤᠭᠤᠴᠠᠭ᠋ᠠᠨ᠎ᠤ 《ᠬᠠᠮᠤᠭ᠎ᠤᠨ ᠭᠣᠶᠣ ᠨᠤᠲᠤᠭ᠎ᠤᠨ ᠭᠣᠤᠯ》᠎ᠢ ᠡᠷᠢᠬᠦ ᠠᠵᠢᠯᠯᠠᠭ᠎ᠠ ᠵᠢ ᠨᠡᠢ᠌ᠲᠡᠯᠡᠪᠡ
ᠨᠡᠶ᠋ᠢᠲᠡᠯᠡᠭᠰᠡᠨ ᠴᠠᠭ᠄ 2023-03-24

   ᠲᠤᠰ ᠰᠣᠨᠢᠨ᠎ᠤ ᠴᠦᠩᠴᠢᠩ᠎ᠤᠨ ᠮᠡᠳᠡᠭᠡ (  ᠰᠤᠷᠪᠤᠯᠵᠢᠯᠠᠭᠴᠢ ᠯᠢᠦ ᠰᠢᠨ  ᠡᠦ ) 3  ᠳ᠋ᠤᠭ᠋ᠠᠷ  ᠰᠠᠷ᠎ᠠ ᠵᠢᠨ 22᠎ᠤᠨ ᠡᠳᠦᠷ᠂ ᠤᠰᠤᠨ ᠠᠰᠢᠭᠯᠠᠯᠲᠠ ᠵᠢᠨ ᠶᠠᠮᠤᠨ ᠪᠣᠯᠤᠨ ᠴᠦᠩᠴᠢᠩ ᠬᠤᠳᠠ ᠵᠢᠨ ᠵᠠᠰᠠᠭ᠎ᠤᠨ ᠣᠷᠳᠣᠨ᠎ᠤ  ᠭᠣᠣᠯᠯᠠᠨ ᠡᠷᠬᠢᠯᠡᠭᠰᠡᠨ ᠬᠣᠶᠠᠳᠤᠭ᠋ᠠᠷ ᠬᠤᠭᠤᠴᠠᠭ᠋ᠠᠨ᠎ᠤ 《  ᠬᠠᠮᠤᠭ᠎ᠤᠨ ᠭᠤᠶᠤ ᠨᠤᠲᠤᠭ᠎ᠤᠨ  ᠭᠣᠣᠯ 》 ᠎ᠢ ᠡᠷᠢᠬᠦ ᠠᠵᠢᠯᠯᠠᠭ᠎ᠠ ᠵᠢᠨ ᠳ᠋ᠦᠩ᠎ᠢ  ᠨᠡᠢ᠌ᠲᠡᠯᠡᠬᠦ ᠶᠣᠰᠣᠯᠠᠯ ᠴᠦᠩᠴᠢᠩ᠎ᠳᠤ ᠶᠠᠪᠤᠭᠳᠠᠪᠠ᠃ ᠥᠪᠥᠷ ᠮᠣᠩᠭᠣᠯ᠎ᠤᠨ ᠬᠣᠶᠠᠳᠤᠭ᠋ᠠᠷ ᠬᠠᠲᠤᠨ ᠭᠣᠤᠯ᠂ ᠵᠢᠶᠠᠩᠰᠦ ᠵᠢᠨ ᠴᠢ ᠫᠦ᠋  ᠲᠠᠩ᠂ ᠠᠨᠾᠦ᠋ᠢ ᠵᠢᠨ ᠴᠢᠦ  ᠫᠦ᠋  ᠾᠧ (  ᠱ᠌ᠢ᠎ᠲᠠᠢ ᠵᠢᠨ ᠬᠡᠰᠡᠭ ) ᠂ ᠹᠦᠵᠢᠶᠠᠨ᠎ᠤ ᠵᠢᠦ ᠯᠦᠩ᠎ᠤᠨ ᠵᠢᠶᠠᠩᠰᠢ  ᠭᠣᠷᠣᠬ᠎ᠠ᠂ ᠬᠤᠪᠧᠶ ᠵᠢᠨ ᠴᠢᠩ ᠵᠢᠶᠠᠩ᠂ ᠬᠤᠨᠠᠨ᠎ᠤ ᠹᠧᠩ ᠬᠤᠸᠠᠩ ᠲᠦᠸᠧ ᠵᠢᠶᠠᠩ᠂ ᠭᠤᠸᠠᠩᠳᠦ᠋ᠩ᠎ᠤᠨ ᠳ᠋ᠦᠩ ᠵᠢᠶᠠᠩ᠂ ᠬᠠᠢ᠌ᠨᠠᠨ᠎ᠤ ᠮᠧᠶ ᠱᠧ ᠾᠧ᠂ ᠴᠦᠩᠴᠢᠩ᠎ᠤᠨ ᠷᠦᠩ ᠹᠸᠩ ᠾᠧ᠂ ᠭᠦᠢᠵᠧᠦ ᠵᠢᠨ ᠊ᠤᠤᠢ ᠱᠦᠶ ᠾᠧ (  ᠽᠦᠨ ᠢ ᠵᠢᠨ ᠬᠡᠰᠡᠭ ) ᠂ ᠱᠠᠨᠰᠢ ᠵᠢᠨ ᠴᠢᠩ ᠵᠢᠶᠠᠩ ᠾᠧ ᠵᠡᠷᠭᠡ 11 ᠭᠣᠤᠯ ᠮᠥᠷᠡᠨ ᠬᠣᠶᠠᠳᠤᠭ᠋ᠠᠷ ᠬᠤᠭᠤᠴᠠᠭ᠋ᠠᠨ᠎ᠤ 《  ᠬᠠᠮᠤᠭ᠎ᠤᠨ ᠭᠣᠶᠣ ᠨᠤᠲᠤᠭ᠎ᠤᠨ  ᠭᠣᠤᠯ 》  ᠵᠶ᠋ᠠᠷ ᠰᠣᠩᠭᠣᠭᠳᠠᠪᠠ᠃

   ᠲᠣᠰ ᠠᠵᠢᠯᠯᠠᠭ᠎ᠠ ᠪᠣᠯ ᠤᠰᠤᠨ ᠠᠰᠢᠭᠯᠠᠯᠲᠠ ᠵᠢᠨ ᠶᠠᠮᠤᠨ᠎ᠤ 2023 ᠣᠨ᠎ᠤ 《  ᠳᠡᠯᠡᠬᠡᠶ ᠵᠢᠨ ᠤᠰᠤᠨ᠎ᠤ ᠡᠳᠦᠷ 》 ᠂ 《  ᠳᠤᠮᠳᠠᠳᠤ ᠤᠯᠤᠰ᠎ᠤᠨ ᠤᠰᠤᠨ᠎ᠤ ᠭᠠᠷᠠᠭ 》 ᠎ᠤᠨ ᠬᠤᠭᠤᠴᠠᠭ᠋ᠠᠨ᠎ᠳᠠᠬᠢ ᠭᠣᠤᠯ ᠠᠵᠢᠯᠯᠠᠭ᠎ᠠ ᠵᠢᠨ ᠨᠢᠭᠡ ᠪᠥᠭᠡᠳ  ᠬᠣᠶᠠᠷ ᠵᠢᠯ᠎ᠳᠤ ᠨᠢᠭᠡ ᠬᠤᠭᠤᠴᠠᠭ᠎ᠠ ᠪᠣᠯᠳᠠᠭ ᠃ 《  ᠭᠣᠣᠯ ᠮᠥᠷᠡᠨ᠎ᠤ ᠭᠤᠸ᠎ᠠ ᠰᠠᠢ᠌ᠬᠠᠨ᠎ᠢ ᠦᠵᠡᠵᠦ᠂ ᠤᠰᠤ ᠵᠠᠰᠠᠬᠤ ᠶᠣᠰᠣ ᠵᠢ ᠮᠡᠳᠡᠬᠦ 》 ᠎ᠪᠠᠷ ᠵᠣᠷᠢᠯᠲᠠ ᠪᠣᠯᠭ᠋ᠠᠵᠤ᠂ 《  ᠨᠤᠲᠤᠭ᠎ᠤᠨ ᠣᠨᠴᠠᠯᠢᠭ ᠎ᠲᠠᠢ ᠭᠣᠣᠯ ᠮᠥᠷᠡᠨ᠂ ᠠᠮᠢ ᠠᠬᠤᠶ ᠵᠢᠨ ᠭᠣᠣᠯ ᠮᠥᠷᠡᠨ᠂ ᠠᠮᠤᠷ ᠲᠦᠪᠰᠢᠨ᠎ᠤ  ᠭᠣᠣᠯ ᠮᠥᠷᠡᠨ᠂ ᠬᠥᠭᠵᠢᠯᠲᠡ ᠵᠢᠨ ᠭᠣᠣᠯ ᠮᠥᠷᠡᠨ᠂ ᠰᠣᠶᠣᠯ᠎ᠤᠨ ᠭᠣᠣᠯ ᠮᠥᠷᠡᠨ᠂ ᠵᠣᠯ  ᠵᠢᠷᠭ᠋ᠠᠯ᠎ᠤᠨ  ᠭᠣᠣᠯ ᠮᠥᠷᠡᠨ》  ᠭᠡᠬᠦ ᠵᠢᠷᠭᠤᠭ᠋ᠠᠨ ᠶᠡᠬᠡ 《  ᠭᠤᠸ᠎ᠠ ᠰᠠᠢ᠌ᠬᠠᠨ᠎ᠢ ᠡᠷᠢᠯᠬᠢᠯᠡᠬᠦ ᠣᠢ᠌ᠯᠠᠭ᠋ᠠᠭᠳᠠᠬᠤᠨ》 ᠎ᠢ ᠦᠨᠳᠦᠰᠦᠯᠡᠨ᠂ ᠪᠦᠬᠦ ᠤᠯᠤᠰ᠎ᠤᠨ ᠬᠡᠪᠴᠢᠶᠡᠨ᠎ᠳᠤ ᠦᠷ᠎ᠡ ᠪᠦᠲᠦᠮᠵᠢ᠎ᠪᠠᠷ ᠲᠣᠪᠣᠢ᠌ᠮ᠎ᠠ᠂ ᠣᠨᠴᠠᠯᠢᠭ ᠵᠶ᠋ᠠᠷ ᠢᠯᠡ ᠲᠣᠳᠣ 10—12 ᠭᠣᠣᠯ ᠮᠥᠷᠡᠨ᠎ᠢ 《  ᠬᠠᠮᠤᠭ᠎ᠤᠨ ᠭᠣᠶᠣ ᠨᠤᠲᠤᠭ᠎ᠤᠨ  ᠭᠣᠣᠯ》  ᠭᠡᠵᠦ ᠲᠣᠭᠲᠠᠭ᠋ᠠᠪᠠ᠃ ᠡᠭᠦᠨ᠎ᠤ ᠬᠠᠮᠲᠤ᠂ ᠭᠣᠤᠯ ᠮᠥᠷᠡᠨ ᠨᠠᠭᠤᠷ ᠎ᠤᠨ ᠳᠠᠷᠤᠭ᠎ᠠ ᠵᠢᠨ ᠲᠦᠷᠢᠮ᠎ᠢ ᠬᠡᠷᠡᠭᠵᠢᠭᠦᠯᠦᠭᠰᠡᠨ᠎ᠠᠴᠠ ᠨᠠᠭ᠋ᠠᠰᠢᠬᠢ ᠭᠣᠤᠯ ᠮᠥᠷᠡᠨ ᠨᠠᠭᠤᠷ ᠎ᠤᠨ ᠵᠠᠰᠠᠯᠲᠠ ᠬᠠᠮᠢᠶᠠᠷᠤᠯᠲᠠ ᠵᠢᠨ ᠦᠷ᠎ᠡ ᠪᠦᠲᠦᠮᠵᠢ ᠵᠢ ᠤᠬᠠᠭᠤᠯᠵᠤ᠂ ᠪᠥᠬᠥ ᠨᠡᠢ᠌ᠭᠡᠮ ᠵᠶ᠋ᠡᠷ ᠵᠶ᠋ᠡᠨ ᠭᠣᠤᠯ ᠮᠥᠷᠡᠨ ᠨᠠᠭᠤᠷ ᠎ᠢ  ᠬᠢᠮᠠᠭ᠋ᠠᠳᠠᠨ      ᠬᠠᠢ᠌ᠷᠠᠯᠠᠬᠤ᠂ ᠭᠣᠤᠯ ᠮᠥᠷᠡᠨ ᠨᠠᠭᠤᠷ ᠎ᠢ ᠬᠠᠮᠠᠭ᠋ᠠᠯᠠᠬᠤ ᠥᠳᠬᠡᠨ ᠵᠤᠵᠠᠭ᠋ᠠᠨ ᠠᠭᠤᠷ ᠠᠮᠢᠰᠬᠤᠯ᠎ᠢ ᠪᠣᠶ ᠪᠣᠯᠭ᠋ᠠᠵᠤ᠂ ᠣᠯᠠᠨ ᠨᠡᠢ᠌ᠲᠡ ᠵᠢᠨ ᠭᠣᠤᠯ ᠮᠥᠷᠡᠨ ᠨᠠᠭᠤᠷ ᠎ᠤᠨ ᠬᠠᠮᠠᠭ᠋ᠠᠯᠠᠯᠲᠠ ᠵᠢᠨ ᠤᠬᠠᠮᠰᠠᠷ ᠪᠠ ᠣᠷᠣᠯᠴᠠᠬᠤ ᠬᠠᠯᠠᠭᠤᠨ ᠰᠡᠳᠬᠢᠯᠭᠡ ᠵᠢ ᠨᠡᠮᠡᠭᠳᠡᠭᠦᠯᠬᠦ ᠵᠢᠨ ᠬᠠᠮᠲᠤ ᠪᠠᠰᠠ ᠪᠤᠰᠤᠳ ᠭᠣᠤᠯ ᠮᠥᠷᠡᠨ ᠨᠠᠭᠤᠷ ᠎ᠤᠨ ᠵᠠᠰᠠᠯᠲᠠ ᠬᠠᠮᠠᠭ᠋ᠠᠯᠠᠯᠲᠠ᠎ᠳᠤ ᠠᠰᠢᠭᠲᠠᠶ ᠦᠯᠢᠭᠡᠷ ᠵᠢᠱ᠌ᠢᠶ᠎ᠡ ᠵᠢ  ᠬᠠᠩᠭ᠋ᠠᠵᠤ᠂ ᠠᠷᠠᠳ ᠲᠦᠮᠡᠨ᠎ᠳᠤ ᠪᠤᠶᠠᠨ ᠦᠢᠯᠡᠳᠬᠦ ᠵᠣᠯ ᠵᠢᠷᠭ᠋ᠠᠯᠲᠤ ᠭᠣᠤᠯ ᠮᠥᠷᠡᠨ ᠨᠠᠭᠤᠷ ᠎ᠢ ᠬᠠᠮᠲᠤ᠎ᠪᠠᠷ ᠪᠥᠲᠥᠭᠡᠨ ᠪᠠᠢ᠌ᠭᠤᠯᠵᠤ᠂ ᠦᠵᠡᠰᠬᠦᠯᠡᠩᠲᠦ ᠰᠠᠢ᠌ᠬᠠᠨ ᠳᠤᠮᠳᠠᠳᠤ ᠤᠯᠤᠰ᠎ᠤᠨ ᠪᠥᠲᠥᠭᠡᠨ ᠪᠠᠢ᠌ᠭᠤᠯᠤᠯᠲᠠ ᠵᠢ  ᠠᠬᠢᠭᠤᠯᠬᠤ ᠪᠣᠯᠣᠨ᠎ᠠ᠃

 

ᠢᠷᠡᠯᠲᠡ᠄ ᠠᠷᠠᠳ᠎ᠤᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠭᠤᠸᠠᠩᠮᠢᠩ ᠡᠳᠦᠷ᠎ᠤᠨ ᠰᠣᠨᠢᠨ᠄ 《ᠬᠠᠳᠤᠨ ᠭᠣᠣᠯ᠎ᠤᠨ ᠬᠠᠮᠠᠭ᠋ᠠᠯᠠᠯᠲᠠ ᠵᠢᠨ ᠬᠠᠤᠯᠢ ᠵᠢ ᠲᠤᠭᠤᠰᠢᠯᠠᠭᠤᠯᠤᠨ ᠬᠡᠷᠡᠭᠵᠢᠭᠦᠯᠵᠦ ᠬᠠᠳᠤᠨ ᠭᠣᠣᠯ ᠵᠶ᠋ᠠᠨ ᠭᠠᠷ ᠬᠣᠯᠪᠣᠯᠴᠠᠨ ᠬᠠᠮᠲᠤ᠎ᠪᠠᠷ ᠬᠠᠮᠠᠭ᠋ᠠᠯᠠᠶ᠎ᠠ》 ᠭᠡᠬᠦ ᠭᠣᠣᠯ ᠰᠡᠳᠦᠪᠲᠦ ᠠᠵᠢᠯᠯᠠᠭ᠎ᠠ ᠵᠢ ᠡᠬᠢᠯᠡᠭᠦᠯᠪᠡ
ᠠᠷᠠᠳ᠎ᠤᠨ ᠡᠳᠦᠷ᠎ᠤᠨ ᠰᠣᠨᠢᠨ᠄ ᠡᠨᠡ ᠵᠢᠯ᠎ᠤᠨ ᠡᠴᠦᠰ ᠪᠣᠯᠬᠤ᠎ᠳᠤ ᠬᠥᠳᠡᠭᠡ ᠲᠣᠰᠬᠣᠨ᠎ᠤ ᠲᠦᠭᠡᠭᠡᠯ ᠤᠰᠤ ᠵᠢ ᠲᠦᠭᠡᠮᠡᠯᠵᠢᠭᠦᠯᠬᠦ ᠨᠣᠷᠮ᠎ᠠ ᠵᠢ 88 % ᠪᠣᠯᠲᠠᠯ᠎ᠠ ᠳᠡᠭᠡᠭᠰᠢᠯᠡᠭᠦᠯᠬᠦ᠎ᠪᠠᠷ ᠴᠢᠷᠮᠠᠢ᠌ᠨ᠎ᠠ
ᠠᠷᠠᠳ᠎ᠤᠨ ᠰᠦᠯᠵᠢᠶ᠎ᠡ᠄ ᠬᠣᠶᠠᠳᠤᠭ᠋ᠠᠷ ᠬᠤᠭᠤᠴᠠᠭ᠋ᠠᠨ᠎ᠤ 《ᠨᠤᠲᠤᠭ ᠤᠰᠤᠨ᠎ᠤ ᠬᠠᠮᠤᠭ᠎ᠤᠨ ᠭᠤᠶᠤ ᠭᠣᠣᠯ》 ᠴᠦᠩᠴᠢᠩ᠎ᠤᠨ ᠷᠦᠩ ᠹᠸᠩ ᠾᠧ ᠭᠣᠤᠯ ᠨᠡᠷᠡᠰ᠎ᠤᠨ ᠵᠢᠭᠰᠠᠭ᠋ᠠᠯᠲᠠ᠎ᠳᠤ ᠲᠣᠳᠣᠷᠠᠪᠠ
ᠠᠷᠠᠳ᠎ᠤᠨ ᠰᠦᠯᠵᠢᠶ᠎ᠡ᠄ ᠪᠥᠬᠥ ᠤᠯᠤᠰ᠎ᠤᠨ ᠤᠰᠤ ᠠᠷᠪᠢᠯᠠᠨ ᠬᠡᠷᠡᠭᠯᠡᠬᠦ ᠠᠯᠪᠠᠨ ᠬᠡᠷ 2023 ᠣᠨ᠎ᠤ 《ᠳᠡᠯᠡᠬᠡᠶ ᠵᠢᠨ ᠤᠰᠤᠨ᠎ᠤ ᠡᠳᠦᠷ》᠂ 《ᠳᠤᠮᠳᠠᠳᠤ ᠤᠯᠤᠰ᠎ᠤᠨ ᠤᠰᠤᠨ᠎ᠤ ᠭᠠᠷᠠᠭ》᠎ᠤᠨ ᠤᠰᠤ ᠠᠷᠪᠢᠯᠠᠬᠤ ᠤᠬᠠᠭᠤᠯᠭ᠎ᠠ ᠵᠢᠨ ᠠᠵᠢᠯᠯᠠᠭ᠎ᠠ ᠵᠢ ᠡᠬᠢᠯᠡᠭᠦᠯᠪᠡ
ᠠᠷᠠᠳ᠎ᠤᠨ ᠰᠦᠯᠵᠢᠶ᠎ᠡ᠄ ᠤᠰᠤᠨ ᠠᠰᠢᠭᠯᠠᠯᠲᠠ ᠵᠢᠨ ᠶᠠᠮᠤᠨ᠎ᠤ ᠰᠠᠢ᠌ᠳ ᠯᠢ ᠭᠦᠸᠧ ᠶᠢᠩ᠄ ᠬᠥᠮᠦᠨ ᠪᠦᠬᠦᠨ ᠤᠤᠭᠤᠬᠤ ᠤᠰᠤᠨ᠎ᠤ ᠠᠮᠤᠷ ᠲᠦᠪᠰᠢᠨ᠎ᠤ ᠦᠨᠳᠦᠰᠦᠨ ᠡᠷᠬᠡ ᠵᠢ ᠡᠳ᠋ᠯᠡᠬᠦ ᠵᠢ ᠪᠠᠲᠤᠯᠠᠬᠤ ᠭᠡᠬᠦ ᠵᠡᠷᠭᠡ ᠳᠥᠷᠪᠡᠨ ᠵᠦᠢᠯ᠎ᠤᠨ ᠰᠠᠨᠠᠭ᠋ᠠᠴᠢᠯᠠᠭ᠎ᠠ ᠳᠤᠷᠠᠳᠪᠠ
 
            