ᠰᠤᠷᠪᠤᠯᠵᠢᠯᠠᠭᠰᠠᠨ ᠴᠠᠭ᠄ 2020 ᠣᠨ ᠤ 1 ᠰᠠᠷ᠎ᠠ ᠶᠢᠨ 17 ᠤ ᠡᠳᠦᠷ ᠤᠨ 10 ᠴᠠᠭ | ᠭᠤᠤᠯ ᠰᠡᠳᠦᠪᠲᠦ ᠵᠣᠴᠢᠨ᠄ ᠠᠷᠠᠳ ᠤᠨ ᠡᠳᠦᠷ ᠤᠨ ᠰᠣᠨᠢᠨ ᠤ ᠰᠤᠷᠪᠤᠯᠵᠢᠯᠠᠭᠴᠢ᠂ ᠠᠵᠤ ᠠᠬᠤᠶ ᠶᠢᠨ | ᠡᠳᠦᠷ ᠤᠨ ᠰᠣᠨᠢᠨ ᠤ ᠰᠤᠷᠪᠤᠯᠵᠢᠯᠠᠭᠴᠢ᠂ ᠳᠤᠮᠳᠠᠳᠤ ᠤᠯᠤᠰ ᠤᠨ ᠡᠳᠦᠷ ᠤᠨ ᠰᠣᠨᠢᠨ ᠤ ᠰᠤᠷᠪᠤᠯᠵᠢᠯᠠᠭᠴᠢ᠂ | ᠰᠢᠨᠬᠤᠸᠠ ᠬᠤᠷᠢᠶᠠᠨ ᠤ ᠰᠤᠷᠪᠤᠯᠵᠢᠯᠠᠭᠴᠢ᠂ ᠬᠠᠤᠯᠢ ᠲᠦᠷᠢᠮ ᠤᠨ ᠡᠳᠦᠷ ᠤᠨ ᠰᠣᠨᠢᠨ ᠤ ᠰᠤᠷᠪᠤᠯᠵᠢᠯᠠᠭᠴᠢ᠂ | ᠭᠤᠸᠠᠩ ᠮᠢᠩ ᠡᠳᠦᠷ ᠤᠨ ᠰᠣᠨᠢᠨ ᠤ ᠰᠤᠷᠪᠤᠯᠵᠢᠯᠠᠭᠴᠢ᠂ ᠯᠢ ᠰᠢᠶᠤᠤ ᠯᠢᠨ᠂ ᠼᠠᠢ ᠵᠢᠶᠠᠨ ᠶᠤᠸᠠᠨ᠂ ᠵᠠᠩ ᠸᠧᠨ | ᠱᠧᠩ᠂ ᠭᠠᠳᠠᠷ ᠨᠢᠭᠤᠷ ᠤᠨ ᠰᠣᠨᠢᠨ ᠮᠡᠳᠡᠭᠡ᠂ ᠸᠧᠶ ᠰᠢᠨ ᠫᠢᠩ | ᠤᠰᠤᠨ ᠠᠰᠢᠬᠯᠠᠯᠳᠠ ᠶᠢᠨ ᠶᠠᠮᠤᠨ 2020 ᠣᠨ ᠤ 1 ᠰᠠᠷ᠎ᠠ ᠶᠢᠨ 17 ᠤ ᠡᠳᠦᠷ ᠤᠨ ᠦᠳᠡ ᠶᠢᠨ | ᠡᠮᠦᠨᠡᠬᠢ 10᠄ 00 ᠴᠠᠭ ᠲᠤ ᠶᠠᠮᠤᠨ ᠤ ᠪᠠᠶᠢᠭᠤᠯᠭ᠎ᠠ ᠶᠢᠨ ᠬᠤᠶᠢᠲᠤ ᠠᠰᠠᠷ ᠤᠨ 202 ᠬᠤᠷᠠᠯ ᠤᠨ ᠬᠡᠷ ᠲᠤ | ᠤᠰᠤᠨ ᠤ ᠰᠢᠨᠵᠢᠯᠡᠭᠡᠨ ᠤ ᠠᠵᠤ ᠠᠬᠤᠶ ᠨᠡᠶᠢᠭᠡᠮ ᠤᠨ ᠬᠥᠭᠵᠢᠯᠲᠡ ᠶᠢ ᠲᠤᠯᠭᠠᠭᠤᠷᠢᠯᠠᠬᠤ ᠲᠤᠬᠠᠢ ᠰᠣᠨᠢᠨ ᠮᠡᠳᠡᠭᠡ | ᠨᠡᠶᠢᠲᠡᠯᠡᠬᠦ ᠬᠤᠷᠠᠯ ᠬᠢᠵᠦ᠂ ᠤᠰᠤᠨ ᠠᠰᠢᠬᠯᠠᠯᠳᠠ ᠶᠢᠨ ᠶᠠᠮᠤᠨ ᠤ ᠤᠰᠤᠨ ᠤ ᠰᠢᠨᠵᠢᠯᠡᠭᠡᠨ ᠤ ᠵᠤᠷᠭᠠᠨ ᠤ ᠳᠠᠷᠤᠭ᠎ᠠ | ᠼᠠᠢ ᠵᠢᠶᠠᠨ ᠶᠤᠸᠠᠨ ᠪᠠᠶᠢᠳᠠᠯ ᠢ ᠲᠠᠨᠢᠯᠴᠠᠭᠤᠯᠤᠭᠰᠠᠨ ᠪᠥᠭᠡᠳ ᠤᠰᠤᠨ ᠤ ᠰᠢᠨᠵᠢᠯᠡᠭᠡᠨ ᠤ ᠵᠤᠷᠭᠠᠨ ᠤ ᠳᠡᠳ᠋ | ᠳᠠᠷᠤᠭ᠎ᠠ ᠵᠠᠩ ᠸᠧᠨ ᠱᠧᠩ᠂ ᠸᠧᠶ ᠰᠢᠨ ᠫᠢᠩ ᠲᠠᠢ ᠬᠠᠮᠲᠤ ᠪᠠᠷ ᠰᠤᠷᠪᠤᠯᠵᠢᠯᠠᠭᠴᠢ ᠶᠢᠨ ᠠᠰᠠᠭᠤᠯᠲᠠ ᠶᠢ | ᠬᠠᠷᠢᠭᠤᠯᠵᠤ᠂ ᠤᠰᠤᠨ ᠠᠰᠢᠬᠯᠠᠯᠳᠠ ᠶᠢᠨ ᠶᠠᠮᠤᠨ ᠤ ᠠᠯᠪᠠᠨ ᠲᠢᠩᠬᠢᠮ ᠤᠨ ᠳᠡᠳ᠋ ᠡᠷᠬᠢᠯᠡᠭᠴᠢ ᠯᠢ ᠰᠢᠶᠤᠤ ᠯᠢᠨ | ᠬᠤᠷᠠᠯ ᠢ ᠡᠷᠭᠢᠯᠡᠪᠡ᠃ | ᠰᠤᠷᠪᠤᠯᠵᠢᠯᠠᠭ᠎ᠠ ᠶᠢᠨ ᠪᠣᠳᠠᠲᠤ ᠲᠡᠮᠳᠡᠭᠯᠡᠯ | ᠯᠢ ᠰᠢᠶᠤᠤ ᠯᠢᠨ᠄ ᠰᠤᠷᠪᠤᠯᠵᠢᠯᠠᠭᠴᠢ ᠨᠠᠶᠢᠵᠠ ᠨᠠᠷ ᠲᠤ ᠦᠳᠡ ᠶᠢᠨ ᠡᠮᠦᠨᠡᠬᠢ ᠬᠠᠯᠠᠭᠤᠨ ᠮᠠᠨᠳᠤ ᠬᠦᠷᠭᠡᠶ᠎ᠠ︕ | ᠥᠨᠥᠳᠦᠷ ᠤᠨ ᠰᠣᠨᠢᠨ ᠮᠡᠳᠡᠭᠡ ᠨᠡᠶᠢᠲᠡᠯᠡᠬᠦ ᠬᠤᠷᠠᠯ ᠳᠤ ᠣᠷᠣᠯᠴᠠᠬᠤ ᠪᠠᠷ ᠢᠷᠡᠭᠰᠡᠨ ᠢ ᠪᠠᠶᠠᠷᠯᠠᠨ ᠤᠭᠲᠤᠵᠤ | ᠪᠠᠶᠢᠨ᠎ᠠ᠂ ᠡᠨᠡ ᠪᠣᠯ 2020 ᠣᠨ ᠤ ᠤᠰᠤᠨ ᠠᠰᠢᠬᠯᠠᠯᠳᠠ ᠶᠢᠨ ᠶᠠᠮᠤᠨ ᠤ ᠠᠩᠬᠠᠳᠠᠭᠴᠢ ᠲᠠᠯᠠᠪᠠᠢ ᠰᠣᠨᠢᠨ | ᠮᠡᠳᠡᠭᠡ ᠨᠡᠶᠢᠲᠡᠯᠡᠬᠦ ᠬᠤᠷᠠᠯ ᠪᠣᠯᠤᠨ᠎ᠠ᠃ | ᠥᠨᠥᠳᠦᠷ ᠤᠨ ᠰᠣᠨᠢᠨ ᠮᠡᠳᠡᠭᠡ ᠨᠡᠶᠢᠲᠡᠯᠡᠬᠦ ᠬᠤᠷᠠᠯ ᠤᠨ ᠭᠤᠤᠯ ᠰᠡᠳᠦᠪ ᠪᠣᠯ ᠤᠰᠤᠨ ᠤ ᠰᠢᠨᠵᠢᠯᠡᠭᠡᠨ ᠤ | ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠲᠤᠯᠭᠠᠭᠤᠷᠢᠯᠠᠯ ᠪᠤᠯᠬᠤ ᠲᠤᠬᠠᠢ᠃ ᠤᠰᠤᠨ ᠤ ᠰᠢᠨᠵᠢᠯᠡᠭᠡᠨ ᠪᠤᠯ | ᠤᠯᠤᠰ ᠠᠷᠠᠳ ᠤᠨ ᠠᠵᠤ ᠠᠬᠤᠶ ᠪᠣᠯᠤᠨ ᠨᠡᠶᠢᠭᠡᠮ ᠤᠨ ᠬᠥᠭᠵᠢᠯᠲᠡ ᠶᠢᠨ ᠰᠠᠭᠤᠷᠢ ᠴᠢᠨᠠᠷᠲᠠᠶ ᠣᠯᠠᠨ ᠨᠡᠶᠢᠲᠡ ᠶᠢᠨ | ᠦᠢᠯᠡᠰ ᠪᠠᠶᠢᠵᠤ᠂ ᠤᠰᠤᠨ ᠠᠰᠢᠬᠯᠠᠯᠳᠠ ᠪᠣᠯᠤᠨ ᠠᠵᠤ ᠠᠬᠤᠶ ᠨᠡᠶᠢᠭᠡᠮ ᠤᠨ ᠬᠥᠭᠵᠢᠯᠲᠡ ᠳᠤ ᠰᠠᠭᠤᠷᠢ | ᠲᠤᠯᠭᠠᠭᠤᠷᠢᠯᠠᠯ ᠬᠠᠩᠭᠠᠬᠤ ᠪᠣᠯᠤᠨ᠎ᠠ᠃ | ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 70 ᠵᠢᠯ ᠤᠨ ᠲᠤᠷᠰᠢ᠂ ᠨᠠᠮ ᠤᠨ ᠲᠥᠪ ᠬᠤᠷᠢᠶ᠎ᠠ᠂ | ᠲᠥᠷᠥ ᠶᠢᠨ ᠶᠠᠪᠤᠳᠠᠯ ᠤᠨ ᠬᠤᠷᠢᠶᠠᠨ ᠤ ᠳᠡᠭᠡᠳᠦ ᠬᠡᠮᠵᠢᠶᠡᠨ ᠤ ᠴᠢᠬᠤᠯᠠᠴᠢᠯᠠᠭ᠎ᠠ ᠪᠠ ᠤᠰᠤᠨ ᠠᠰᠢᠬᠯᠠᠯᠳᠠ ᠶᠢᠨ | ᠶᠠᠮᠤᠨ ᠤ ᠨᠠᠮ ᠤᠨ ᠤᠳᠤᠷᠢᠳᠬᠤ ᠳᠤᠭᠤᠶᠢᠯᠠᠩ ᠤᠨ ᠪᠠᠲᠤ ᠴᠢᠩᠭ᠎ᠠ ᠤᠳᠤᠷᠢᠳᠤᠯᠭ᠎ᠠ ᠳᠤᠤᠷ᠎ᠠ᠂ ᠤᠰᠤᠨ ᠤ | ᠰᠢᠨᠵᠢᠯᠡᠭᠡᠨ ᠤ ᠦᠢᠯᠡᠰ ᠥᠷᠨᠢᠨ ᠬᠥᠭᠵᠢᠵᠦ᠂ ᠤᠰᠤᠨ ᠠᠰᠢᠬᠯᠠᠯᠳᠠ ᠶᠢᠨ ᠠᠵᠢᠯ ᠪᠠ ᠠᠵᠤ ᠠᠬᠤᠶ ᠨᠡᠶᠢᠭᠡᠮ ᠤᠨ | ᠬᠥᠭᠵᠢᠯᠲᠡ ᠶᠢ ᠬᠦᠴᠦᠲᠡᠶ ᠲᠤᠯᠭᠠᠭᠤᠷᠢᠯᠠᠪᠠ᠃ | ᠤᠰᠤᠨ ᠠᠰᠢᠬᠯᠠᠯᠳᠠ ᠶᠢᠨ ᠠᠵᠢᠯ ᠪᠠ ᠤᠰᠤᠨ ᠤ ᠰᠢᠨᠵᠢᠯᠡᠭᠡᠨ ᠤ ᠦᠢᠯᠡᠰ ᠤᠨ ᠬᠥᠭᠵᠢᠯᠲᠡ ᠶᠢᠨ | ᠪᠠᠶᠢᠳᠠᠯ ᠢ ᠤᠯᠠᠨ ᠲᠠᠶᠠᠭᠠᠷ ᠲᠤ ᠨᠡᠩ ᠰᠠᠶᠢᠲᠤᠷ ᠣᠶᠢᠯᠠᠭᠠᠭᠤᠯᠬᠤ ᠶᠢᠨ ᠲᠥᠯᠥᠭᠡ᠂ ᠥᠨᠥᠳᠦᠷ ᠪᠢᠳᠡ ᠤᠰᠤᠨ | ᠠᠰᠢᠬᠯᠠᠯᠳᠠ ᠶᠢᠨ ᠶᠠᠮᠤᠨ ᠤ ᠤᠰᠤᠨ ᠤ ᠰᠢᠨᠵᠢᠯᠡᠭᠡᠨ ᠤ ᠵᠤᠷᠭᠠᠨ ᠤ ᠳᠠᠷᠤᠭ᠎ᠠ ᠼᠠᠢ ᠵᠢᠶᠠᠨ ᠶᠤᠸᠠᠨ ᠢ ᠤᠷᠢᠵᠤ | ᠬᠤᠯᠪᠣᠭᠳᠠᠯ ᠪᠦᠬᠦᠢ ᠪᠠᠶᠢᠳᠠᠯ ᠢ ᠲᠠᠨᠢᠯᠴᠠᠭᠤᠯᠬᠤ ᠶᠢᠨ ᠬᠠᠮᠳᠤ ᠤᠰᠤᠨ ᠤ ᠰᠢᠨᠵᠢᠯᠡᠭᠡᠨ ᠤ ᠵᠤᠷᠭᠠᠨ ᠤ ᠳᠡᠳ᠋ | ᠳᠠᠷᠤᠭ᠎ᠠ ᠵᠠᠩ ᠸᠧᠨ ᠱᠧᠩ᠂ ᠸᠧᠢ ᠰᠢᠨ ᠫᠢᠩ ᠲᠠᠢ ᠬᠠᠮᠲᠤ ᠤᠯᠠᠨ ᠤ ᠰᠣᠨᠢᠷᠬᠠᠵᠤ ᠪᠠᠶᠢᠭ᠎ᠠ ᠠᠰᠠᠭᠤᠯᠲᠠ ᠶᠢ | ᠬᠠᠷᠢᠭᠤᠯᠬᠤ ᠪᠤᠯᠤᠨ᠎ᠠ᠃ | ᠣᠲᠣ ᠶᠠᠭᠤᠨ ᠤ ᠡᠮᠦᠨ᠎ᠡ ᠼᠠᠢ ᠵᠢᠶᠠᠨ ᠶᠤᠸᠠᠨ ᠵᠤᠷᠭᠠᠨ ᠤ ᠳᠠᠷᠤᠭ᠎ᠠ ᠪᠠᠷ ᠲᠠᠨᠢᠯᠴᠠᠭᠤᠯᠭ᠎ᠠ ᠬᠢᠯᠭᠡᠶᠠ᠃ | ᠼᠠᠢ ᠵᠢᠶᠠᠨ ᠶᠤᠸᠠᠨ᠄ ᠠᠪᠠᠭ᠋ᠠᠶ ᠨᠠᠷ᠂ ᠠᠪᠤᠭᠠᠶ ᠨᠠᠷ᠂ ᠰᠤᠷᠪᠤᠯᠵᠢᠯᠠᠭᠴᠢ ᠨᠠᠶᠢᠵᠠ ᠨᠠᠷ ᠡ᠂ ᠲᠠ ᠨᠠᠷ | ᠰᠠᠶᠢᠨ ᠪᠠᠶᠢᠵᠠᠭᠠᠨ᠎ᠠ ᠦᠦ︕ | ᠤᠯᠠᠨ ᠳᠤ ᠦᠳᠡ ᠶᠢᠨ ᠡᠮᠤᠨᠡᠬᠢ ᠬᠠᠯᠠᠭᠤᠨ ᠮᠠᠨᠳᠤ ᠬᠦᠷᠭᠡᠶ᠎ᠠ︕ | ᠡᠩ ᠲᠡᠷᠢᠭᠦᠨ ᠳᠤ᠂ ᠪᠢ ᠪᠥᠬᠦ ᠤᠯᠤᠰ ᠤᠨ ᠤᠰᠤᠨ ᠤ ᠰᠢᠨᠵᠢᠯᠡᠭᠡᠨ ᠤ ᠠᠵᠢᠯ ᠲᠥᠷᠥᠯ ᠤᠨ ᠥᠷᠭᠡᠨ | ᠣᠯᠠᠨ ᠠᠵᠢᠯᠲᠠᠨ ᠠᠵᠢᠯᠴᠢᠨ ᠢ ᠲᠥᠯᠥᠭᠡᠯᠡᠨ ᠰᠤᠷᠪᠤᠯᠵᠢᠯᠠᠭᠴᠢ ᠨᠠᠶᠢᠵᠠ ᠨᠠᠷ ᠤᠨ ᠣᠷᠳᠣ ᠬᠤᠭᠤᠴᠠᠭᠠᠨ ᠤ ᠲᠤᠷᠰᠢ | ᠤᠰᠤᠨ ᠤ ᠰᠢᠨᠵᠢᠯᠡᠭᠡᠨ ᠤ ᠦᠶ᠋ᠯᠡᠰ ᠢ ᠬᠠᠯᠠᠮᠵᠢᠯᠠᠨ ᠳᠡᠮᠵᠢᠵᠤ ᠢᠷᠡᠭᠰᠡᠨ ᠳᠤ ᠴᠢᠩ ᠰᠡᠳᠬᠢᠯ ᠤᠨ ᠲᠠᠯᠠᠷᠬᠠᠯ ᠢᠶᠠᠨ | ᠳᠡᠪᠰᠢᠭᠦᠯᠦᠶ᠎ᠡ︕ | ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 70 ᠵᠢᠯ ᠤᠨ ᠲᠤᠷᠰᠢ᠂ ᠢᠯᠠᠩᠭᠤᠶ᠎ᠠ ᠨᠠᠮ ᠤᠨ ᠠᠷᠪᠠᠨ | ᠨᠠᠢᠮᠠᠳᠤᠭᠠᠷ ᠶᠡᠭᠡ ᠬᠤᠷᠠᠯ ᠠᠴᠠ ᠨᠠᠭᠠᠰᠢ᠂ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶᠠᠨ ᠤ | ᠳᠡᠭᠡᠳᠦ ᠬᠡᠮᠵᠢᠶᠡᠨ ᠤ ᠴᠢᠬᠤᠯᠠᠴᠢᠯᠠᠭ᠎ᠠ ᠲᠤᠤᠷ᠎ᠠ᠂ ᠤᠰᠤᠨ ᠤ ᠰᠢᠨᠵᠢᠯᠡᠭᠡᠨ ᠤ ᠦᠢᠯᠡᠰ ᠥᠷᠨᠢᠨ ᠬᠥᠭᠵᠢᠪᠡ᠃ | | 2018 ᠣᠨ ᠤ 4 ᠰᠠᠷ᠎ᠠ ᠶᠢᠨ 25 ᠤ ᠡᠳᠦᠷ᠂ ᠶᠡᠷᠦᠩᠬᠡᠶ ᠱᠦᠵᠢ ᠰᠢ ᠶᠢᠨ ᠫᠢᠩ ᠳ᠋ᠦᠩ ᠲᠢᠩ ᠬᠤ᠋ | ᠨᠠᠭᠤᠷ ᠵᠢᠴᠢ ᠬᠥᠬᠡᠮᠥ᠋ᠷᠡᠨ ᠤ ᠰᠠᠪᠠ ᠭᠠᠵᠠᠷ ᠤᠨ ᠤᠰᠤᠨ ᠤ ᠪᠠᠶᠢᠳᠠᠯ ᠤᠨ ︽ᠴᠠᠭ ᠠᠭᠤᠷ ᠤᠨ ᠬᠡᠮᠵᠢᠭᠦᠷ︾ | ᠬᠡᠮᠡᠭᠳᠡᠭᠰᠡᠨ ᠴᠧᠩ ᠯᠢᠩ ᠵᠢᠶ ᠤᠰᠤᠨ ᠤ ᠰᠢᠨᠵᠢᠯᠡᠭᠡᠨ ᠤ ᠥᠷᠲᠡᠭᠡ ᠶᠢ ᠰᠢᠨᠵᠢᠯᠡᠨ ᠪᠠᠶᠢᠴᠠᠭᠠᠪᠠ᠃ ᠶᠡᠷᠦᠩᠬᠡᠶ | ᠰᠠᠶᠢᠳ ᠯᠢ ᠺᠧ ᠴᠢᠶᠠᠩ 2019 ᠣᠨ ᠤ ᠵᠠᠰᠠᠭ ᠤᠨ ᠣᠷᠳᠣᠨ ᠤ ᠠᠵᠢᠯ ᠤᠨ ᠢᠯᠡᠳᠬᠡᠯ ᠳᠡᠭᠡᠨ᠂ ᠤᠰᠤᠨ ᠤ | ᠰᠢᠨᠵᠢᠯᠡᠭᠡᠨ ᠤ ᠠᠵᠢᠯ ᠢ ᠰᠠᠶᠢᠲᠤᠷ ᠬᠢᠬᠦ ᠬᠡᠷᠡᠭᠲᠡᠶ ᠭᠡᠵᠠᠢ᠃ ᠡᠨᠡ ᠨᠢ ᠨᠠᠮ ᠤᠨ ᠲᠥᠪ ᠬᠤᠷᠢᠶ᠎ᠠ᠂ ᠲᠥᠷᠥ ᠶᠢᠨ | ᠶᠠᠪᠤᠳᠠᠯ ᠤᠨ ᠬᠤᠷᠢᠶ᠎ᠠ ᠠᠴᠠ ᠤᠰᠤᠨ ᠤ ᠰᠢᠨᠵᠢᠯᠡᠭᠡᠨ ᠤ ᠠᠵᠢᠯ ᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ | ᠪᠠᠶᠢᠬᠤ ᠶᠢ ᠭᠦᠢᠴᠡᠳ ᠬᠠᠷᠠᠭᠤᠯᠵᠤ ᠪᠠᠶᠢᠨ᠎ᠠ᠃ ᠳᠣᠣᠷ᠎ᠠ ᠪᠢ ᠮᠠᠨ ᠤ ᠤᠯᠤᠰ ᠤᠨ ᠤᠰᠤᠨ ᠤ ᠰᠢᠨᠵᠢᠯᠡᠭᠡᠨ ᠤ | ᠦᠢᠯᠡᠰ ᠤᠨ ᠬᠥᠭᠵᠢᠯᠲᠡ ᠶᠢᠨ ᠦᠨᠳᠦᠰᠦᠨ ᠪᠠᠶᠢᠳᠠᠯ ᠪᠠ ᠤᠰᠤᠨ ᠤ ᠰᠢᠨᠵᠢᠯᠡᠭᠡᠨ ᠤ ᠠᠵᠤ ᠠᠬᠤᠢ ᠨᠡᠶᠢᠭᠡᠮ ᠤᠨ | ᠬᠥᠭᠵᠢᠯᠲᠡ ᠳᠤ ᠦᠵᠡᠭᠦᠯᠦᠭᠰᠡᠨ ᠴᠢᠬᠤᠯᠠ ᠦᠢᠯᠡᠳᠦᠯ ᠢ ᠲᠠᠨᠢᠯᠴᠠᠭᠤᠯᠤᠶ᠎ᠠ᠃ | ᠨᠢᠭᠡ᠂ ᠤᠰᠤᠨ ᠤ ᠰᠢᠨᠵᠢᠯᠡᠭᠡᠨ ᠤ ᠦᠢᠯᠡᠰ ᠲᠦᠷᠭᠡᠨ ᠬᠥᠭᠵᠢᠪᠡ | ᠨᠢᠭᠡ ᠳᠤ᠂ ᠤᠰᠤᠨ ᠤ ᠰᠢᠨᠵᠢᠯᠡᠭᠡᠨ ᠤ ᠥᠷᠲᠡᠭᠡᠨ ᠤ ᠲᠣᠣᠷ ᠨᠢ ᠪᠦᠷᠢᠨ ᠪᠦᠲᠦᠨ ᠰᠢᠰᠲ᠋ᠧᠮ ᠢ | ᠪᠦᠷᠢᠯᠳᠦᠭᠦᠯᠪᠡ᠃ ᠤᠯᠤᠰ ᠠᠴᠠ ᠤᠰᠤᠨ ᠤ ᠰᠢᠨᠵᠢᠯᠡᠭᠡᠨ ᠤ ᠦᠢᠯᠡᠰ ᠤᠨ ᠰᠠᠭᠤᠷᠢ ᠲᠥᠬᠦᠭᠡᠷᠦᠮᠵᠢ ᠶᠢᠨ ᠪᠦᠲᠦᠭᠡᠨ | ᠪᠠᠶᠢᠭᠤᠯᠤᠯᠲᠠ ᠳᠠᠬᠢ ᠣᠷᠣᠭᠤᠯᠤᠯᠲᠠ ᠪᠠᠨ ᠲᠠᠰᠤᠷᠠᠯᠲᠠ ᠦᠭᠡᠢ ᠨᠡᠮᠡᠭᠳᠡᠭᠦᠯᠵᠦ᠂ ᠤᠰᠤᠨ ᠤ ᠰᠢᠨᠵᠢᠯᠡᠭᠡᠨ ᠤ | ᠥᠷᠲᠡᠭᠡᠨ ᠤ ᠲᠣᠣᠷ ᠲᠦᠷᠭᠡᠨ ᠬᠥᠭᠵᠢᠪᠡ᠃ ᠣᠳᠣᠬᠠᠨ ᠳᠤ᠂ ᠮᠠᠨ ᠤ ᠤᠯᠤᠰ ᠣᠷᠣᠨ ᠵᠠᠶ ᠶᠢᠨ ᠲᠠᠷᠬᠠᠯᠲᠠ | ᠦᠨᠳᠦᠰᠦᠨ ᠳᠡᠭᠡᠨ ᠵᠦᠶ ᠵᠣᠬᠢᠰᠲᠠᠶ᠂ ᠬᠢᠨᠠᠨ ᠬᠡᠮᠵᠢᠬᠦ ᠲᠥᠷᠥᠯ ᠵᠦᠢᠯ ᠨᠡᠯᠢᠶᠡᠳ ᠪᠦᠷᠢᠨ ᠭᠦᠢᠴᠡᠳ᠂ ᠬᠡᠮᠵᠢᠬᠦ | ᠥᠷᠲᠡᠭᠡ ᠶᠢᠨ ᠴᠢᠳᠠᠮᠵᠢ ᠬᠠᠷᠢᠴᠠᠩᠭᠤᠶ ᠪᠦᠷᠢᠨ ᠲᠡᠭᠦᠯᠳᠡᠷ ᠪᠠᠶᠢᠬᠤ ᠤᠰᠤᠨ ᠤ ᠰᠢᠨᠵᠢᠯᠡᠭᠡᠨ ᠤ ᠬᠢᠨᠠᠨ ᠬᠡᠮᠵᠢᠬᠦ | ᠥᠷᠲᠡᠭᠡᠨ ᠤ ᠲᠤᠤᠷ ᠤᠨ ᠰᠢᠰᠲ᠋ᠧᠮ ᠢ ᠦᠨᠳᠦᠰᠦᠨ ᠳᠡᠭᠡᠨ ᠪᠠᠶᠢᠭᠤᠯᠵᠤ᠂ ᠶᠡᠭᠡ ᠭᠤᠤᠯ ᠮᠥᠷᠡᠨ ᠵᠢᠴᠢ ᠲᠡᠭᠦᠨ ᠤ | ᠭᠤᠤᠯ ᠪᠣᠯᠬᠤ ᠰᠠᠯᠪᠤᠷᠢ ᠤᠷᠤᠰᠬᠠᠯ᠂ ᠦᠶᠡᠷ ᠢ ᠰᠡᠷᠭᠡᠶᠢᠯᠡᠬᠦ ᠡᠭᠦᠷᠭᠡ ᠲᠠᠢ ᠳᠤᠮᠳᠠ ᠪᠠᠭ᠎ᠠ ᠭᠤᠤᠯ ᠮᠥᠷᠡᠨ ᠤ | ᠤᠰᠤᠨ ᠤ ᠰᠢᠨᠵᠢᠯᠡᠭᠡᠨ ᠤ ᠬᠢᠨᠠᠨ ᠬᠡᠮᠵᠢᠯᠲᠡ ᠶᠢ ᠪᠥᠬᠦ ᠲᠠᠯ᠎ᠠ ᠪᠠᠷ ᠬᠠᠮᠤᠷᠬᠤ ᠶᠢ ᠪᠡᠶᠡᠯᠡᠭᠦᠯᠪᠡ᠃ ᠣᠳᠣᠬᠠᠨ ᠳᠤ᠂ | ᠮᠠᠨ ᠤ ᠤᠯᠤᠰ ᠤᠨ ᠤᠰᠤᠨ ᠤ ᠰᠢᠨᠵᠢᠯᠡᠭᠡᠨ ᠤ ᠬᠡᠮᠵᠢᠯᠲᠡ ᠶᠢᠨ ᠦᠷᠲᠡᠭᠡ ᠰᠢᠨ᠎ᠡ ᠳᠤᠮᠳᠠᠳᠤ ᠤᠯᠤᠰ | ᠪᠠᠶᠢᠭᠤᠯᠤᠭᠳᠠᠭᠰᠠᠨ ᠡᠬᠢᠨ ᠤ ᠦᠶ᠎ᠡ ᠳᠤ 353 ᠪᠠᠶᠢᠭᠰᠠᠨ ᠠᠴᠠ ᠪᠠᠨ 12 . 1 ᠲᠦᠮᠡ ᠪᠣᠯᠤᠨ ᠬᠥᠭᠵᠢᠵᠦ᠂ | ᠡᠭᠦᠨ ᠳᠤ ᠤᠯᠤᠰ ᠤᠨ ᠦᠨᠳᠦᠰᠦᠨ ᠤᠰᠤᠨ ᠤ ᠰᠢᠨᠵᠢᠯᠡᠭᠡᠨ ᠤ ᠦᠷᠲᠡᠭᠡ 3154᠂ ᠭᠠᠵᠠᠷ ᠳᠡᠭᠡᠷᠡᠬᠢ ᠤᠰᠤᠨ ᠤ | ᠴᠢᠨᠠᠷ ᠤᠨ ᠦᠷᠲᠡᠭᠡ 14286᠂ ᠭᠠᠵᠠᠷ ᠳᠣᠣᠷᠠᠬᠢ ᠤᠰᠤ ᠶᠢ ᠬᠢᠨᠠᠨ ᠬᠡᠮᠵᠢᠬᠦ ᠦᠷᠲᠡᠭᠡ 26550 ᠪᠠᠶᠢᠵᠤ᠂ | ᠤᠰᠤᠨ ᠤ ᠰᠢᠨᠵᠢᠯᠡᠭᠡᠨ ᠤ ᠰᠦᠯᠵᠢᠶᠡᠨ ᠤ ᠶᠡᠷᠦᠩᠬᠡᠢ ᠨᠢᠭᠲᠠᠴᠠ ᠳᠤᠮᠳᠠ ᠵᠡᠷᠭᠡ ᠶᠢᠨ ᠬᠥᠭᠵᠢᠭᠰᠡᠨ ᠤᠯᠤᠰ ᠤᠨ | ᠲᠦᠪᠰᠢᠨ ᠳᠤ ᠬᠦᠷᠴᠡᠢ᠃ | ᠬᠤᠶᠠᠷ ᠲᠤ ᠤᠰᠤᠨ ᠤ ᠰᠢᠨᠵᠢᠯᠡᠭᠡᠨ ᠤ ᠬᠢᠨᠠᠨ ᠬᠡᠮᠵᠢᠬᠦ ᠴᠢᠳᠠᠪᠤᠷᠢ ᠶᠡᠭᠡ ᠪᠠᠷ ᠳᠡᠭᠡᠭᠰᠢᠯᠡᠪᠡ᠃ ᠣᠯᠠᠨ | ᠵᠢᠯ ᠤᠨ ᠬᠥᠭᠵᠢᠯᠲᠡ ᠪᠠᠷ ᠳᠠᠮᠵᠢᠨ᠂ ᠤᠰᠤᠨ ᠤ ᠰᠢᠨᠵᠢᠯᠡᠭᠡᠨ ᠤ ᠬᠢᠨᠠᠨ ᠬᠡᠮᠵᠢᠬᠦ ᠠᠭᠤᠯᠭ᠎ᠠ ᠲᠠᠰᠤᠷᠠᠯᠲᠠ ᠤᠢᠭᠡᠢ | ᠪᠠᠶᠠᠯᠢᠭᠵᠢᠵᠤ᠂ ᠭᠠᠵᠠᠷ ᠳᠡᠭᠡᠷᠡᠬᠢ ᠤᠰᠤ ᠪᠠ ᠭᠠᠵᠠᠷ ᠳᠤᠤᠷᠠᠬᠢ ᠤᠰᠤ ᠶᠢ ᠵᠡᠷᠭᠡ ᠪᠠᠷ ᠬᠡᠷᠡᠭᠯᠡᠬᠦ᠂ ᠤᠰᠤᠨ ᠤ | ᠬᠡᠮᠵᠢᠶ᠎ᠡ ᠪᠠ ᠤᠰᠤᠨ ᠤ ᠴᠢᠨᠠᠷ ᠢ ᠵᠡᠷᠭᠡ ᠪᠠᠷ ᠴᠢᠬᠤᠯᠠᠴᠢᠯᠠᠬᠤ᠂ ᠬᠢᠨᠠᠨ ᠬᠡᠮᠵᠢᠬᠦ ᠠᠷᠭ᠎ᠠ ᠪᠠᠷᠢᠯ ᠢ ᠤᠯᠠᠮᠵᠢᠯᠠᠯᠲᠤ | ᠬᠥᠮᠦᠨ ᠤ ᠬᠦᠴᠦ ᠪᠠᠷ ᠠᠵᠢᠬᠯᠠᠨ ᠬᠡᠮᠵᠢᠬᠦ ᠠᠴᠠ ᠠᠯᠬᠤᠮ ᠠᠯᠬᠤᠮ ᠢᠶᠠᠷ ᠠᠦ᠋ᠲ᠋ᠣᠴᠢᠯᠠᠭᠰᠠᠨ ᠬᠢᠨᠠᠨ ᠬᠡᠮᠵᠢᠬᠦ | ᠲᠡᠶᠢᠰᠢ ᠰᠢᠯᠵᠢᠭᠦᠯᠵᠦ᠂ ᠤᠰᠤᠨ ᠲᠦᠪᠰᠢᠨ᠂ ᠪᠣᠷᠣᠭᠠᠨ ᠤ ᠬᠡᠮᠵᠢᠶ᠎ᠡ ᠶᠢ ᠬᠢᠨᠠᠨ ᠬᠡᠮᠵᠢᠬᠦ ᠳᠤ ᠠᠦ᠋ᠲ᠋ᠣ᠋ ᠬᠡᠮᠵᠢᠨ | ᠮᠡᠳᠡᠭᠦᠯᠬᠦ ᠶᠢ ᠨᠢᠭᠡᠨᠲᠡ ᠪᠦᠬᠦ ᠲᠠᠯ᠎ᠠ ᠪᠠᠷ ᠪᠡᠶᠡᠯᠡᠭᠦᠯᠵᠦ᠂ ᠤᠷᠤᠰᠬᠠᠯ ᠤᠨ ᠬᠡᠮᠵᠢᠶ᠎ᠡ ᠶᠢ ᠬᠢᠨᠠᠨ ᠬᠡᠮᠵᠢᠬᠦ ᠳᠤᠮᠳᠠ᠂ | ᠲᠡᠷᠢᠭᠦᠨ ᠤ ᠳᠠᠭᠤ ᠭᠡᠷᠡᠯ ᠴᠠᠬᠢᠯᠭᠠᠨ ᠤ ᠰᠢᠨ᠎ᠡ ᠮᠡᠷᠭᠡᠵᠢᠯ ᠰᠢᠨ᠎ᠡ ᠲᠥᠬᠦᠭᠡᠷᠦᠮᠵᠢ ᠶᠢ ᠶᠡᠭᠡ ᠪᠠᠷ ᠳᠡᠯᠭᠡᠷᠡᠭᠦᠯᠵᠦ᠂ | ᠠᠦ᠋ᠲ᠋ᠣᠴᠢᠯᠠᠭᠰᠠᠨ ᠣᠳᠣᠬᠢᠴᠢᠯᠠᠯᠲᠠ ᠶᠢᠨ ᠬᠢᠷᠢ ᠬᠡᠮᠵᠢᠶ᠎ᠡ ᠠᠯᠬᠤᠮ ᠠᠯᠬᠤᠮ ᠢᠶᠠᠷ ᠳᠡᠭᠡᠭᠰᠢᠯᠡᠵᠦ ᠪᠠᠶᠢᠨ᠎ᠠ᠃ | ᠭᠤᠷᠪᠠ ᠳᠤ ᠤᠰᠤᠨ ᠤ ᠰᠢᠨᠵᠢᠯᠡᠭᠡᠨ ᠤ ᠬᠠᠮᠢᠶᠠᠷᠤᠯᠲᠠ ᠶᠢᠨ ᠰᠢᠰᠲ᠋ᠧᠮ ᠢ ᠲᠠᠰᠤᠷᠠᠯᠲᠠ ᠦᠭᠡᠢ | ᠲᠡᠭᠦᠯᠳᠡᠷᠵᠢᠭᠦᠯᠪᠡ᠃ 2007 ᠣᠨ ᠳᠤ᠂ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠤᠰᠤᠨ ᠤ | ᠰᠢᠨᠵᠢᠯᠡᠭᠡᠨ ᠤ ᠳᠦᠷᠢᠮ︾ ᠢ ᠲᠥᠷᠥ ᠶᠢᠨ ᠶᠠᠪᠤᠳᠠᠯ ᠤᠨ ᠬᠤᠷᠢᠶ᠎ᠠ ᠠᠴᠠ ᠨᠡᠶᠢᠲᠡᠯᠡᠨ ᠬᠡᠷᠡᠭᠵᠢᠭᠦᠯᠦᠭᠰᠡᠨ ᠨᠢ ᠮᠠᠨ ᠤ | ᠤᠯᠤᠰ ᠤᠨ ᠤᠰᠤᠨ ᠤ ᠰᠢᠨᠵᠢᠯᠡᠭᠡᠨ ᠤ ᠦᠢᠯᠡᠰ ᠵᠢᠷᠤᠮᠯᠠᠬᠤ ᠬᠠᠤᠯᠢ ᠲᠠᠢ᠂ ᠵᠢᠷᠤᠮᠵᠢᠭᠰᠠᠨ ᠬᠠᠮᠢᠶᠠᠷᠤᠯᠲᠠ ᠶᠢᠨ | ᠰᠢᠨ᠎ᠡ ᠱᠠᠲᠤᠨ ᠳᠤ ᠤᠷᠤᠭᠰᠠᠨ ᠢ ᠬᠠᠷᠠᠭᠤᠯᠵᠤ ᠪᠠᠶᠢᠨ᠎ᠠ᠃ ᠣᠳᠣᠬᠠᠨ ᠪᠣᠯᠲᠠᠯ᠎ᠠ᠂ ᠤᠰᠤᠨ ᠤ ᠰᠢᠨᠵᠢᠯᠡᠭᠡᠨ ᠤ | ᠠᠵᠢᠯ ᠢ ᠬᠤᠪᠢᠳᠠᠨ ᠬᠢᠵᠤ ᠪᠠᠶᠢᠭ᠎ᠠ ᠬᠦᠮᠤᠨ ᠤᠯᠤᠰ ᠪᠠᠶᠢᠭᠤᠯᠤᠭᠳᠠᠭᠰᠠᠨ ᠡᠬᠢᠨ ᠤ ᠦᠶ᠎ᠡ ᠶᠢᠨ 756 ᠬᠥᠮᠦᠨ | ᠪᠠᠶᠢᠭᠰᠠᠨ ᠠᠴᠠ ᠪᠠᠨ ᠬᠥᠭᠵᠢᠭᠡᠳ 6 ᠲᠦᠮᠡ ᠭᠠᠷᠤᠶ ᠬᠥᠮᠦᠨ ᠪᠣᠯᠵᠣ᠂ ᠤᠰᠤᠨ ᠤ ᠰᠢᠨᠵᠢᠯᠡᠭᠡᠨ ᠤ | ᠴᠢᠳᠠᠪᠤᠷᠢᠲᠠᠨ ᠤ ᠡᠩᠨᠡᠭᠡ ᠦᠷᠭᠦᠯᠵᠢᠯᠡᠨ ᠲᠣᠭᠲᠠᠭᠤᠨ ᠢᠶᠠᠷ ᠬᠥᠭᠵᠢᠵᠦ᠂ ᠠᠵᠢᠯ ᠤᠨ ᠦᠢᠯᠡᠳᠥᠯᠭᠡ | ᠳᠤᠮᠳᠠ ᠪᠠᠨ ︽ᠦᠨᠡᠨ ᠢ ᠪᠠᠷᠢᠮᠲᠠᠯᠠᠬᠤ᠂ ᠪᠦᠯᠬᠦᠮᠳᠡᠬᠦ᠂ ᠬᠤᠪᠢ ᠨᠡᠮᠡᠷᠢ ᠦᠵᠡᠭᠦᠯᠬᠦ᠂ ᠤᠷᠤᠭᠰᠢᠯᠠᠨ ᠳᠠᠪᠰᠢᠬᠤ︾ | ᠤᠰᠤᠨ ᠤ ᠰᠢᠨᠵᠢᠯᠡᠭᠡᠨ ᠤ ᠠᠵᠢᠯ ᠲᠥᠷᠥᠯ ᠤᠨ ᠵᠣᠷᠢᠭ ᠰᠠᠨᠠᠭ᠎ᠠ ᠶᠢ ᠪᠦᠷᠢᠯᠳᠤᠬᠦᠯᠵᠤ᠂ ᠲᠡᠰᠪᠦᠷᠢ ᠬᠠᠲᠠᠭᠤᠵᠢᠯᠲᠠᠶ᠂ | ᠬᠠᠷᠠᠮ ᠥᠬᠡᠶ ᠵᠣᠷᠢᠭᠤᠯᠬᠤ ᠤᠰᠤᠨ ᠤ ᠰᠢᠨᠵᠢᠯᠡᠭᠡᠨ ᠤ ᠡᠩᠨᠡᠭᠡ ᠶᠢ ᠬᠥᠮᠦᠵᠢᠭᠦᠯᠪᠠ᠃ | ᠬᠤᠶᠠᠷ᠂ ᠤᠰᠤᠨ ᠤ ᠰᠢᠨᠵᠢᠯᠡᠭᠡᠨ ᠨᠢ ᠤᠰᠤᠨ ᠠᠰᠢᠬᠯᠠᠯᠳᠠ ᠪᠠ ᠠᠵᠤ ᠠᠬᠤᠢ ᠨᠡᠶᠢᠭᠡᠮ ᠤᠨ | ᠬᠥᠭᠵᠢᠯᠲᠡ ᠳᠤ ᠨᠠᠶᠢᠳᠠᠪᠤᠷᠢᠲᠠᠢ ᠲᠤᠯᠭᠠᠭᠤᠷᠢᠯᠠᠯ ᠬᠠᠨᠭ᠍ᠭᠠᠪᠠ | ᠨᠢᠭᠡ ᠳᠤ ᠦᠶᠡᠷ ᠢ ᠰᠡᠷᠭᠡᠶᠢᠯᠡᠵᠦ ᠭᠠᠩ ᠬᠠᠭᠰᠠᠷᠠᠭᠠᠨ ᠲᠠᠢ ᠲᠡᠮᠡᠴᠡᠵᠦ ᠭᠠᠮᠰᠢᠭ ᠢ ᠪᠠᠭᠠᠰᠬᠠᠬᠤ ᠳᠤ | ᠦᠢᠯᠡᠴᠢᠯᠡᠪᠡ᠃ ᠮᠠᠨ ᠤ ᠤᠯᠤᠰ ᠤᠨ ᠣᠨᠴᠠ ᠲᠣᠭᠲᠠᠭᠰᠠᠨ ᠭᠠᠵᠠᠷ ᠵᠦᠶ ᠶᠢᠨ ᠪᠠᠶᠢᠷᠢᠯᠠᠯ ᠪᠠ ᠠᠭᠤᠷ | ᠠᠮᠢᠰᠬᠤᠯ ᠤᠨ ᠨᠥᠬᠦᠴᠡᠯ ᠨᠢ ᠦᠶᠡᠷ ᠤᠰᠤᠲᠤᠯ ᠪᠠ ᠭᠠᠩ ᠬᠠᠭᠰᠠᠷᠠᠭᠠᠨ ᠣᠯᠠᠨ ᠡᠭᠦᠰᠬᠦ ᠪᠠᠶᠢᠳᠠᠯ ᠢ | ᠲᠣᠭᠲᠠᠭᠠᠪᠠ᠃ ᠣᠯᠠᠨ ᠵᠢᠯ ᠤᠨ ᠲᠤᠷᠰᠢ᠂ ᠬᠦᠨᠳᠦ ᠨᠣᠴᠢᠲᠠᠶ ᠦᠶᠡᠷ ᠤᠰᠤᠳᠤᠯ ᠭᠠᠩ ᠬᠠᠭᠰᠠᠷᠠᠭᠠᠨ ᠤ | ᠭᠠᠮᠰᠢᠭ ᠲᠤ ᠬᠠᠨᠳᠤᠬᠤ᠂ ᠪᠦᠬᠦ ᠤᠯᠤᠰ ᠤᠨ ᠤᠰᠤᠨ ᠤ ᠰᠢᠨᠵᠢᠯᠡᠭᠡᠨ ᠤ ᠰᠠᠯᠠᠭ᠎ᠠ ᠮᠥᠴᠢᠷ ᠤᠨ ᠬᠢᠨ ᠪᠦᠬᠦ | ᠬᠦᠴᠦᠨ ᠢᠶᠠᠷ ᠢᠶᠠᠨ ᠴᠢᠷᠮᠠᠶᠢᠵᠤ᠂ ᠰᠢᠨᠵᠢᠯᠡᠬᠦ ᠤᠬᠠᠭᠠᠨᠴᠢ ᠪᠠᠷ ᠠᠷᠭᠠᠴᠠᠭᠠᠬᠤ᠂ ᠰᠠᠨᠠᠭᠠᠴᠢᠯᠠᠭ᠎ᠠ ᠠᠴᠠ ᠪᠠᠨ ᠬᠢᠬᠦ᠂ | ᠤᠰᠤᠨ ᠤ ᠰᠢᠨᠵᠢᠯᠡᠭᠡᠨ ᠤ ᠠᠵᠢᠯ ᠢ ᠬᠤᠪᠢᠳᠠᠨ ᠬᠢᠵᠤ ᠪᠠᠶᠢᠭ᠎ᠠ ᠬᠦᠮᠤᠰ ᠬᠦᠴᠢᠷ ᠪᠡᠷᠬᠡᠰᠢᠶᠡᠯ ᠠᠴᠠ ᠠᠶᠤᠬᠤ | ᠦᠭᠡᠢ᠂ ᠡᠮᠦᠨ᠎ᠡ ᠨᠢ ᠳᠠᠭᠠᠷᠢᠨ ᠣᠷᠤᠵᠤ᠂ ᠨᠢᠭᠡᠳᠦᠭᠡᠷ ᠹᠷᠣᠨᠲ ᠢ ᠪᠠᠲᠤ ᠰᠠᠬᠢᠵᠤ᠂ ᠣᠨᠣᠪᠴᠢᠲᠠᠶ ᠬᠢᠨᠠᠨ ᠬᠡᠮᠵᠢᠵᠤ᠂ | ᠴᠠᠭ ᠲᠤᠬᠠᠶ ᠳᠤᠨᠢ ᠮᠡᠳᠡᠭᠡ ᠵᠠᠩᠭᠢ ᠮᠡᠳᠡᠭᠦᠯᠦᠨ᠂ ᠰᠢᠨᠵᠢᠯᠡᠬᠦ ᠤᠬᠠᠭᠠᠨᠴᠢ ᠪᠠᠷ ᠤᠷᠢᠳᠴᠢᠯᠠᠨ ᠲᠥᠰᠦᠭᠡᠯᠡᠵᠤ | ᠤᠷᠢᠳᠴᠢᠯᠠᠭᠰᠠᠨ ᠮᠡᠳᠡᠬᠦᠯᠵᠤ᠂ ᠤᠰᠤᠨ ᠤ ᠰᠢᠨᠵᠢᠯᠡᠭᠡᠨ ᠤ ᠦᠶᠡᠷ ᠢ ᠰᠡᠷᠭᠡᠶᠢᠯᠡᠵᠦ ᠭᠠᠩ ᠬᠠᠭᠰᠠᠷᠠᠭᠠᠨ ᠲᠠᠢ | ᠲᠡᠮᠡᠴᠡᠬᠦ ᠬᠤᠰᠢᠭᠤᠴᠢ ᠴᠡᠷᠢᠭ ᠪᠠ ᠵᠦᠪᠯᠡᠭᠴᠢ ᠶᠢᠨ ᠦᠢᠯᠡᠳᠦᠯ ᠢᠶᠠᠨ ᠬᠦᠢᠴᠡᠳ ᠪᠠᠳᠠᠷᠠᠭᠤᠯᠤᠨ᠂ ᠶᠡᠭᠡ ᠭᠤᠤᠯ | ᠮᠥᠷᠡᠨ ᠪᠠ ᠬᠡᠰᠡᠭ ᠳᠤᠮᠳᠠ ᠵᠢᠵᠢᠭ ᠭᠤᠤᠯ ᠮᠥᠷᠡᠨ ᠳᠤ ᠡᠭᠦᠰᠦᠭᠰᠡᠨ ᠦᠶᠡᠷ ᠤᠰᠤᠳᠤᠯ ᠵᠢᠴᠢ ᠬᠡᠰᠡᠭ ᠮᠤᠵᠢ | ᠣᠷᠣᠨ ᠤ ᠬᠦᠨᠳᠦ ᠨᠣᠴᠢᠲᠠᠶ ᠭᠠᠩ ᠬᠠᠭᠰᠠᠷᠠᠭᠠᠨ ᠲᠤᠬᠠᠢᠢᠯᠠᠪᠠᠯ 1998 ᠤᠨ ᠬᠥᠬᠡ ᠮᠥᠷᠡᠨ ᠂ ᠨᠤᠨ ᠮᠥᠷᠡᠨ᠂ | ᠰᠤᠩᠭᠠᠷᠢ ᠮᠥᠷᠡᠨ ᠤ ᠰᠠᠪᠠ ᠭᠠᠵᠠᠷ ᠤᠨ ᠴᠢᠨᠠᠷᠲᠠᠶ ᠦᠶᠡᠷ ᠤᠰᠤᠳᠤᠯ᠂ 2019 ᠣᠨ ᠤ ᠬᠡᠲᠦ ᠴᠢᠩᠭ᠎ᠠ | ᠲᠠᠶᠢᠹᠧᠩ ᠰᠠᠯᠬᠢ ︽ᠯᠢᠴᠢᠮᠠ︾᠂ ᠡᠮᠦᠨᠡᠲᠦ ᠣᠷᠣᠨ ᠤ ᠬᠡᠰᠡᠭ ᠭᠠᠵᠠᠷ ᠣᠷᠣᠨ ᠤ ᠬᠦᠨᠳᠦ ᠨᠣᠴᠢᠲᠠᠶ ᠭᠠᠩ | ᠬᠠᠭᠰᠠᠷᠠᠭᠠᠨ ᠵᠡᠷᠭᠡ ᠭᠠᠶ ᠭᠠᠮᠰᠢᠭ ᠢ ᠠᠮᠵᠢᠯᠳᠠ ᠲᠠᠢ ᠠᠷᠭᠠᠴᠠᠭᠠᠬᠤ ᠶᠢᠨ ᠲᠦᠯᠦᠭᠡ᠂ ᠰᠢᠨᠵᠢᠯᠡᠬᠦ ᠤᠬᠠᠭᠠᠨᠴᠢ | ᠰᠢᠢᠳᠪᠦᠷᠢᠲᠦ ᠪᠣᠳᠣᠯᠭ᠎ᠠ ᠶᠢ ᠲᠤᠯᠭᠠᠭᠠᠷᠢᠯᠠᠭᠤᠯᠬᠤ᠂ ᠭᠠᠮᠰᠢᠭ ᠤᠨ ᠬᠤᠬᠢᠷᠠᠯ ᠢ ᠪᠠᠭᠠᠰᠬᠠᠬᠤ᠂ ᠠᠷᠠᠳ ᠣᠯᠠᠨ ᠤ | ᠠᠮᠢ ᠨᠠᠰᠤ ᠡᠳ᠋ ᠬᠥᠷᠥᠩᠭᠡ ᠶᠢᠨ ᠠᠮᠤᠷ ᠲᠦᠪᠰᠢᠨ ᠢ ᠪᠠᠲᠤᠯᠠᠬᠤ ᠵᠡᠷᠭᠡ ᠲᠠᠯ᠎ᠠ ᠪᠠᠷ ᠴᠢᠬᠤᠯᠠ ᠦᠶ᠋ᠯᠡᠳᠦᠯ | ᠦᠵᠡᠭᠦᠯᠵᠤ᠂ ᠭᠠᠮᠰᠢᠭ ᠢ ᠰᠡᠷᠭᠡᠶᠢᠯᠡᠵᠦ ᠭᠠᠮᠰᠢᠭ ᠢ ᠪᠠᠭᠠᠰᠬᠠᠬᠤ ᠢᠯᠡᠳᠲᠡ ᠦᠷ᠎ᠡ ᠠᠰᠢᠭ ᠣᠯᠪᠠ᠃ | ᠬᠤᠶᠠᠷ ᠲᠤ ᠤᠰᠤᠨ ᠤ ᠡᠬᠢ ᠪᠠᠶᠠᠯᠢᠭ ᠤᠨ ᠬᠠᠮᠢᠶᠠᠷᠤᠯᠲᠠ ᠳᠤ ᠦᠢᠡᠯᠴᠢᠯᠡᠪᠡ᠃ ᠠᠵᠤ ᠠᠬᠤᠶ | ᠨᠡᠶᠢᠭᠡᠮ ᠤᠨ ᠲᠦᠷᠭᠡᠨ ᠬᠥᠭᠵᠢᠯᠲᠡ ᠶᠢ ᠳᠠᠭᠠᠯᠳᠤᠨ᠂ ᠮᠠᠨ ᠤ ᠤᠯᠤᠰ ᠤᠨ ᠤᠰᠤᠨ ᠤ ᠡᠬᠢ ᠪᠠᠶᠠᠯᠢᠭ | ᠳᠤᠲᠠᠭᠳᠠᠵᠤ᠂ ᠭᠠᠩ ᠬᠠᠭᠤᠷᠠᠶ ᠤᠰᠤ ᠳᠤᠲᠠᠭᠳᠠᠬᠤ ᠠᠰᠠᠭᠤᠳᠠᠯ ᠡᠳᠦᠷ ᠢᠷᠡᠬᠦᠶ᠎ᠡ ᠲᠣᠪᠤᠶᠢᠮ᠎ᠠ ᠪᠣᠯᠵᠣ ᠪᠠᠶᠢᠨ᠎ᠠ᠃ | ᠤᠰᠤᠨ ᠤ ᠰᠢᠨᠵᠢᠯᠡᠭᠡᠨ ᠤ ᠰᠠᠯᠠᠭ᠎ᠠ ᠮᠥᠴᠢᠷ ᠤᠰᠤᠨ ᠤ ᠡᠬᠢ ᠪᠠᠶᠠᠯᠢᠭ ᠢ ᠬᠢᠨᠠᠨ ᠬᠡᠮᠵᠢᠬᠦ ᠰᠢᠰᠲ᠋ᠧᠮ ᠢ ᠲᠠᠰᠤᠷᠠᠯᠲᠠ | ᠥᠬᠡᠶ ᠲᠡᠭᠦᠯᠳᠡᠷᠵᠢᠭᠦᠯᠵᠦ᠂ ᠵᠠᠰᠠᠭ ᠵᠠᠬᠢᠷᠭᠠᠨ ᠤ ᠵᠠᠭᠠᠭ ᠬᠢᠵᠠᠭᠠᠷ᠂ ᠤᠰᠤ ᠬᠠᠩᠭᠠᠬᠤ ᠤᠰᠤᠨ ᠰᠤᠷᠪᠤᠯᠵᠢ ᠶᠢᠨ | ᠭᠠᠵᠠᠷ᠂ ᠴᠢᠬᠤᠯᠠ ᠡᠵᠡᠮᠳᠡᠯ ᠣᠭᠲᠣᠯᠤᠭᠠᠰᠤ ᠶᠢᠨ ᠤᠰᠤᠨ ᠤ ᠬᠡᠮᠵᠢᠶ᠎ᠡ ᠤᠰᠤᠨ ᠤ ᠴᠢᠨᠠᠷ ᠢ ᠬᠢᠨᠠᠨ ᠬᠡᠮᠵᠢᠬᠦ ᠶᠢ | ᠴᠢᠩᠭᠠᠳᠬᠠᠵᠤ᠂ ᠤᠯᠤᠰ ᠤᠨ ᠭᠠᠵᠠᠷ ᠳᠤᠤᠷᠠᠬᠢ ᠤᠰᠤ ᠶᠢ ᠬᠢᠨᠠᠨ ᠬᠡᠮᠵᠢᠬᠦ ᠢᠨᠵᠧᠨᠧᠷᠢᠩ ᠢ ᠬᠡᠷᠡᠭᠵᠢᠭᠦᠯᠵᠦ᠂ | ᠤᠰᠤᠨ ᠤ ᠡᠬᠢ ᠪᠠᠶᠠᠯᠢᠭ ᠢ ᠵᠠᠳᠠᠯᠤᠨ ᠦᠨᠡᠯᠡᠬᠦ ᠪᠠ ᠤᠷᠢᠳᠴᠢᠯᠠᠨ ᠵᠢᠱᠢᠵᠦ ᠤᠷᠢᠳᠴᠢᠯᠠᠨ ᠮᠡᠳᠡᠭᠡᠯᠡᠬᠦ ᠶᠢ | ᠴᠢᠩᠭᠠᠳᠬᠠᠵᠤ᠂ ᠤᠰᠤᠨ ᠤ ᠡᠬᠢ ᠪᠠᠶᠠᠯᠢᠭ ᠢ ᠲᠣᠬᠢᠷᠠᠭᠤᠯᠬᠤ᠂ ᠲᠣᠬᠢᠷᠠᠭᠤᠯᠬᠤ᠂ ᠠᠷᠪᠢᠯᠠᠬᠤ᠂ ᠬᠠᠮᠠᠭᠠᠯᠠᠬᠤ | ᠵᠡᠷᠭᠡ ᠳᠤ ᠴᠢᠬᠤᠯᠠ ᠲᠤᠯᠭᠠᠭᠤᠷᠢᠯᠠᠯ ᠬᠠᠩᠭᠠᠵᠤ᠂ ᠭᠤᠤᠯ ᠮᠥᠷᠡᠨ ᠨᠠᠭᠤᠷ ᠴᠥᠭᠦᠷᠥᠮ ᠤᠨ ᠳᠠᠷᠤᠭ᠎ᠠ ᠶᠢᠨ | ᠲᠦᠷᠢᠮ ᠤᠨ ︽ᠨᠡᠷ᠎ᠡ ᠠᠴᠠ ᠨᠢᠳᠡᠷ ᠲᠡᠭᠡᠨ ᠬᠥᠷᠬᠦ︾ ᠶᠢ ᠪᠠᠲᠤᠯᠠᠪᠠ᠃ ᠢᠯᠠᠩᠭᠤᠶ᠎ᠠ ᠡᠮᠦᠨᠡᠲᠦ ᠶᠢᠨ ᠤᠰᠤ ᠶᠢ | ᠤᠮᠠᠷᠠᠰᠢ ᠲᠠᠲᠠᠬᠤ᠂ ᠬᠠᠲᠤᠨ ᠭᠤᠣᠯ ᠤᠨ ᠤᠰᠤᠨ ᠤ ᠬᠡᠮᠵᠢᠶ᠎ᠡ ᠶᠢ ᠲᠣᠬᠢᠷᠠᠭᠤᠯᠬᠤ᠂ ︽ᠮᠥᠷᠡᠨ ᠢ ᠲᠠᠲᠠᠵᠤ | ᠲᠠᠶᠢᠾᠧ ᠭᠤᠣᠯ ᠳᠤ ᠨᠡᠮᠡᠷᠢᠯᠡᠬᠦ︾᠂ ︽ᠬᠠᠲᠤᠨ ᠭᠤᠣᠯ ᠢ ᠲᠠᠲᠠᠵᠤ ᠳᠤᠰᠤᠯ ᠳᠤ ᠨᠡᠮᠡᠷᠢᠯᠡᠬᠦ︾᠂ ᠵᠦᠵᠢᠶᠠᠩ | ᠮᠥᠷᠡᠨ ᠤ ᠱᠣᠷᠪᠣᠭ ᠢᠶᠠᠷ ᠴᠡᠩᠭᠡᠭ ᠤᠰᠤ ᠨᠥᠬᠦᠪᠥᠷᠢᠯᠡᠬᠦ᠂ ᠲᠠᠷᠢᠮ ᠤᠨ ᠭᠤᠣᠯ ᠤᠨ ᠤᠰᠤ ᠶᠢ ᠲᠠᠲᠠᠬᠤ᠂ ᠬᠠᠷ᠎ᠠ | ᠭᠤᠣᠯ ᠤᠨ ᠤᠰᠤ ᠶᠢ ᠲᠠᠲᠠᠬᠤ ᠵᠡᠷᠭᠡ ᠠᠵᠢᠯ ᠤᠨ ᠳᠤᠮᠳᠠ᠂ ᠤᠰᠤᠨ ᠤ ᠬᠡᠮᠵᠢᠶ᠎ᠡ ᠤᠰᠤᠨ ᠤ ᠴᠢᠨᠠᠷ ᠢ ᠬᠢᠨᠠᠨ | ᠬᠡᠮᠵᠢᠬᠦ ᠪᠠ ᠤᠷᠤᠰᠬᠠᠯ ᠤᠨ ᠳᠤᠮᠳᠠ ᠤᠷᠲᠤ ᠬᠤᠭᠤᠴᠠᠭᠠᠨ ᠤ ᠤᠷᠢᠳᠴᠢᠯᠠᠭᠰᠠᠨ ᠮᠡᠳᠡᠭᠡ ᠶᠢ | ᠰᠠᠨᠠᠭᠠᠴᠢᠯᠠᠭ᠎ᠠ ᠠᠴᠠ ᠪᠠᠨ ᠥᠷᠨᠢᠭᠦᠯᠵᠦ᠂ ᠬᠤᠲᠠ ᠶᠢᠨ ᠤᠰᠤ ᠬᠠᠩᠭᠠᠬᠤ ᠠᠮᠤᠷ ᠲᠦᠪᠰᠢᠨ ᠢ ᠪᠠᠲᠤᠯᠠᠬᠤ᠂ ᠭᠤᠣᠯ | ᠨᠠᠭᠤᠷ ᠤᠨ ᠤᠰᠤᠨ ᠤ ᠴᠢᠨᠠᠷ ᠪᠠ ᠰᠠᠪᠠ ᠭᠠᠵᠠᠷ ᠤᠨ ᠠᠮᠢ ᠠᠬᠤᠶ ᠶᠢᠨ ᠣᠷᠴᠢᠨ ᠲᠣᠭᠤᠷᠢᠨ ᠢ | ᠰᠠᠶᠢᠵᠢᠷᠠᠭᠤᠯᠬᠤ ᠳᠤ ᠢᠳᠡᠪᠬᠢᠲᠡᠶ ᠬᠤᠪᠢ ᠨᠡᠮᠡᠷᠢ ᠦᠵᠡᠭᠦᠯᠪᠡ᠃ | ᠭᠤᠷᠪᠠ ᠳᠤ ᠤᠰᠤᠨ ᠤ ᠠᠮᠢ ᠠᠬᠤᠶ ᠶᠢᠨ ᠬᠠᠮᠠᠭᠠᠯᠠᠯᠲᠠ ᠳᠤ ᠦᠢᠯᠡᠴᠢᠯᠡᠪᠠ᠃ ᠤᠰᠤᠨ ᠤ ᠠᠮᠢ ᠠᠬᠤᠶ᠂ | ᠤᠰᠤᠨ ᠤ ᠣᠷᠴᠢᠨ ᠲᠣᠭᠤᠷᠢᠨ ᠵᠡᠷᠭᠡ ᠰᠢᠨ᠎ᠡ ᠤᠰᠤᠨ ᠤ ᠠᠰᠠᠭᠤᠳᠠᠯ ᠤᠨ ᠡᠮᠦᠨ᠎ᠡ᠂ ᠪᠢᠳᠡ ᠤᠰᠤᠨ ᠤ ᠠᠮᠢ | ᠠᠬᠤᠶ ᠶᠢ ᠬᠢᠨᠠᠨ ᠬᠡᠮᠵᠢᠬᠦ ᠠᠵᠢᠯ ᠢ ᠶᠡᠭᠡ ᠪᠠᠷ ᠠᠬᠢᠭᠤᠯᠵᠤ᠂ ᠴᠢᠬᠤᠯᠠ ᠨᠠᠭᠤᠷ ᠴᠥᠭᠦᠷᠥᠮ᠂ ᠤᠰᠤᠨ ᠴᠥᠭᠦᠷᠥᠮ | ᠵᠡᠷᠭᠡ ᠤᠰᠤᠨ ᠣᠷᠣᠨ ᠤ ᠵᠠᠮᠠᠭ ᠤᠨ ᠲᠥᠷᠥᠯ ᠢ ᠬᠢᠨᠠᠨ ᠬᠡᠮᠵᠢᠬᠦ ᠶᠢ ᠪᠠᠶᠢᠩᠭᠤᠵᠢᠭᠤᠯᠬᠤ ᠶᠢ ᠪᠡᠶᠡᠯᠡᠭᠦᠯᠦᠭᠰᠡᠨ | ᠰᠠᠭᠤᠷᠢᠨ ᠳᠡᠭᠡᠷ᠎ᠡ᠂ ᠬᠥᠪᠦᠮᠡᠯ ᠠᠮᠢᠳᠤ ᠪᠣᠳᠠᠰ᠂ ᠢᠷᠣᠭᠠᠷ ᠲᠤ ᠰᠠᠭᠤᠷᠢᠰᠢᠬᠤ ᠶᠢ ᠲᠠᠰᠤᠷᠠᠯᠲᠠ ᠥᠬᠡᠶ | ᠥᠷᠭᠡᠳᠬᠡᠪᠡ᠃ | ᠳᠥᠷᠪᠡ ᠳᠤ᠂ ᠢᠨᠵᠧᠨᠧᠷᠢᠩ ᠤᠨ ᠪᠥᠲᠥᠭᠡᠨ ᠪᠠᠶᠢᠭᠤᠯᠤᠯᠲᠠ ᠪᠠ ᠠᠵᠢᠯᠯᠠᠭᠠᠨ ᠳᠤ ᠦᠢᠯᠡᠴᠢᠯᠡᠪᠠ᠃ ᠰᠢᠨ᠎ᠡ | ᠳᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ᠂ ᠪᠦᠬᠦ ᠤᠯᠤᠰ ᠤᠨ ᠬᠡᠪᠴᠢᠶᠡᠨ ᠳᠤ ᠤᠰᠤᠨ ᠤ ᠰᠢᠨᠵᠢᠯᠡᠭᠡᠨ ᠤ | ᠮᠠᠲ᠋ᠧᠷᠢᠶᠠᠯ ᠢ ᠰᠢᠰᠲ᠋ᠧᠮ ᠲᠠᠢ ᠴᠡᠭᠴᠡᠯᠡᠨ ᠨᠠᠶᠢᠷᠠᠭᠤᠯᠵᠤ ᠬᠡᠪᠯᠡᠪᠡ᠂ 2019 ᠤᠨ ᠪᠣᠯᠲᠠᠯ᠎ᠠ᠂ ᠲᠡᠦᠬᠡ ᠶᠢᠨ | ᠤᠰᠤᠨ ᠤ ᠰᠢᠨᠵᠢᠯᠡᠭᠡᠨ ᠤ ᠮᠠᠲ᠋ᠧᠷᠢᠶᠠᠯ ᠵᠢᠴᠢ ᠤᠰᠤᠨ ᠤ ᠰᠢᠨᠵᠢᠯᠡᠭᠡᠨ ᠤ ᠣᠨ ᠤ ᠲᠤᠯᠢ ᠶᠢ ᠨᠡᠶᠢᠳᠡ 4000 | ᠭᠠᠷᠤᠢ ᠳᠡᠪᠲᠡᠷ᠂ ᠪᠠᠷᠤᠭ 254 ᠲᠦᠮᠡᠨ ᠨᠢᠭᠤᠷ᠂ 25 . 4 ᠳ᠋ᠦᠩᠰᠢᠭᠤᠷ ᠲᠤᠭ᠎ᠠ ᠪᠠᠷᠢᠮᠲᠠ ᠶᠢ ᠬᠡᠪᠯᠡᠵᠦ᠂ | ᠮᠠᠨ ᠤ ᠤᠯᠤᠰ ᠤᠨ ᠭᠤᠣᠯ ᠪᠣᠯᠬᠤ ᠭᠤᠣᠯ ᠮᠥᠷᠡᠨ ᠢ ᠬᠠᠮᠤᠷᠤᠭᠰᠠᠨ 70 ᠭᠠᠷᠤᠢ ᠵᠢᠯ ᠤᠨ ᠤᠷᠳᠤ ᠰᠢᠷᠢᠰ | ᠤᠰᠤᠨ ᠤ ᠰᠢᠨᠵᠢᠡᠯᠭᠡᠨ ᠤ ᠴᠡᠭᠴᠡᠯᠡᠨ ᠨᠠᠶᠢᠷᠠᠭᠤᠯᠤᠭᠰᠠᠨ ᠮᠠᠲ᠋ᠧᠷᠢᠶᠠᠯ ᠢ ᠪᠦᠷᠢᠯᠳᠦᠭᠦᠯᠪᠡ᠃ ᠭᠤᠷᠪᠠᠨ ᠬᠠᠪᠴᠢᠯ᠂ | ᠰᠢᠶᠤᠤ ᠯᠠᠩ ᠳ᠋ᠢ᠂ ᠡᠮᠦᠨᠡᠲᠦ ᠶᠢᠨ ᠤᠰᠤ ᠶᠢ ᠤᠮᠠᠷᠠᠰᠢ ᠲᠠᠲᠠᠬᠤ ᠵᠡᠷᠭᠡ ᠴᠢᠬᠤᠯᠠ ᠶᠡᠭᠡ ᠤᠰᠤᠨ ᠠᠰᠢᠬᠯᠠᠯᠳᠠ ᠶᠢᠨ | ᠪᠠᠷᠢᠯᠭ᠎ᠠ ᠶᠢᠨ ᠪᠦᠲᠦᠭᠡᠨ ᠪᠠᠶᠢᠭᠤᠯᠤᠯᠲᠠ᠂ ᠤᠯᠤᠰ ᠤᠨ ᠪᠠᠲᠤᠯᠠᠨ ᠬᠠᠮᠠᠭᠠᠯᠠᠯᠲᠠ ᠶᠢᠨ ᠪᠦᠲᠦᠭᠡᠨ ᠪᠠᠶᠢᠭᠤᠯᠤᠯᠲᠠ | ᠵᠢᠴᠢ ᠵᠠᠮ ᠬᠠᠷᠢᠯᠴᠠᠭ᠎ᠠ᠂ ᠡᠨᠧᠷᠭᠢ ᠶᠢᠨ ᠰᠤᠷᠪᠤᠯᠵᠢ ᠵᠡᠷᠭᠡ ᠤᠯᠤᠰ ᠤᠨ ᠴᠢᠬᠤᠯᠠ ᠰᠠᠭᠤᠷᠢ ᠲᠥᠬᠦᠭᠡᠷᠦᠮᠵᠢ ᠶᠢᠨ | ᠪᠦᠲᠦᠭᠡᠨ ᠪᠠᠶᠢᠭᠤᠯᠤᠯᠲᠠ ᠨᠢ ᠴᠥᠮ ᠡᠳᠡᠭᠡᠷ ᠬᠤᠪᠣᠷ ᠨᠠᠨᠳᠢᠨ ᠤᠰᠤᠨ ᠤ ᠰᠢᠨᠵᠢᠯᠡᠭᠡᠨ ᠤ ᠮᠠᠲ᠋ᠧᠷᠢᠶᠠᠯ ᠠᠴᠠ | ᠰᠠᠯᠵᠤ ᠴᠢᠳᠠᠬᠤ ᠦᠭᠡᠢ ᠶᠤᠮ᠃ ᠡᠭᠦᠨ ᠤ ᠬᠠᠮᠲᠤ᠂ ᠭᠤᠷᠪᠠᠨ ᠬᠠᠪᠴᠢᠯ ᠪᠣᠯᠤᠨ ᠡᠮᠦᠨᠡᠲᠦ ᠶᠢᠨ ᠤᠰᠤ ᠶᠢ | ᠤᠮᠠᠷᠠᠰᠢ ᠲᠠᠲᠠᠬᠤ ᠵᠡᠷᠭᠡ ᠴᠢᠬᠤᠯᠠ ᠶᠡᠭᠡ ᠤᠰᠤᠨ ᠠᠰᠢᠬᠯᠠᠯᠳᠠ ᠶᠢᠨ ᠪᠠᠷᠢᠯᠭ᠎ᠠ ᠶᠢᠨ ᠲᠣᠬᠢᠷᠠᠭᠤᠯᠤᠯᠲᠠ ᠳᠤᠮᠳᠠ᠂ | ᠤᠰᠤᠨ ᠤ ᠰᠢᠨᠵᠢᠯᠡᠭᠡᠨ ᠤ ᠰᠠᠯᠠᠭ᠎ᠠ ᠮᠥᠴᠢᠷ ᠤᠨ ᠥᠷᠨᠢᠭᠦᠯᠦᠭᠰᠡᠨ ᠤᠰᠤᠨ ᠤ ᠰᠢᠨᠵᠢᠯᠡᠭᠡᠨ ᠤ ᠬᠢᠨᠠᠨ ᠬᠡᠮᠵᠢᠯᠲᠡ | ᠵᠢᠴᠢ ᠤᠷᠢᠳᠴᠢᠯᠠᠭᠰᠠᠨ ᠮᠡᠳᠡᠭᠡ ᠨᠢ ᠢᠨᠵᠧᠨᠧᠷᠢᠩ ᠢ ᠰᠢᠯᠢᠳᠡᠭᠵᠢᠭᠦᠯᠦᠨ ᠲᠣᠬᠢᠷᠠᠭᠤᠯᠬᠤ ᠪᠠ ᠤᠰᠤᠨ ᠤ ᠡᠬᠢ | ᠪᠠᠶᠠᠯᠢᠭ ᠢ ᠵᠦᠶ ᠵᠣᠬᠢᠰᠲᠠᠶ ᠲᠣᠬᠢᠷᠠᠭᠤᠯᠬᠤ ᠳᠤ ᠰᠢᠨᠵᠢᠯᠡᠬᠦ ᠤᠬᠠᠭᠠᠨᠴᠢ ᠦᠨᠳᠦᠰᠦᠯᠡᠯ ᠬᠠᠩᠭᠠᠭᠰᠠᠨ ᠪᠠᠶᠢᠨ᠎ᠠ᠃ | ᠲᠠᠪᠤ ᠳᠤ ᠭᠡᠨᠡᠳᠲᠡ ᠶᠢᠨ ᠤᠰᠤᠨ ᠤ ᠬᠡᠷᠡᠭ ᠤᠨ ᠪᠠᠴᠢᠮ ᠪᠠᠶᠢᠳᠠᠯ ᠢ ᠠᠷᠭᠠᠴᠠᠭᠠᠨ ᠰᠢᠢᠳᠪᠦᠷᠢᠯᠡᠬᠦ ᠳᠤ | ᠦᠢᠯᠡᠴᠢᠯᠡᠪᠡ᠃ ᠣᠶᠢᠷ᠎ᠠ ᠶᠢᠨ ᠵᠢᠯ ᠤᠳ ᠲᠤ᠂ ᠮᠠᠨ ᠤ ᠤᠯᠤᠰ ᠲᠤ ᠭᠡᠨᠡᠳᠲᠡ ᠶᠢᠨ ᠴᠢᠨᠠᠷᠲᠠᠶ ᠤᠰᠤᠨ ᠤ ᠬᠡᠷᠡᠭ | ᠣᠯᠠᠨᠲᠠ ᠡᠭᠦᠰᠴᠦ᠂ ᠠᠷᠠᠳ ᠲᠦᠮᠡᠨ ᠤ ᠠᠮᠢ ᠨᠠᠰᠤ ᠡᠳ᠋ ᠬᠥᠷᠥᠩᠭᠡ ᠶᠢᠨ ᠠᠮᠤᠷ ᠲᠦᠪᠰᠢᠨ ᠳᠤ ᠬᠦᠨᠳᠦ | ᠨᠣᠴᠢᠲᠠᠶ ᠰᠦᠷᠳᠡᠭᠦᠯᠦᠯ ᠤᠴᠠᠷᠠᠭᠤᠯᠵᠤ ᠪᠠᠶᠢᠨ᠎ᠠ᠃ ᠪᠢᠳᠡ ᠲᠦᠷᠭᠡᠨ ᠲᠤᠰᠬᠠᠯ ᠲᠠᠢ᠂ ᠬᠦᠴᠦᠲᠡᠢ ᠪᠠᠲᠤᠯᠠᠭ᠎ᠠ ᠲᠠᠢ | ᠤᠰᠤᠨ ᠤ ᠰᠢᠨᠵᠢᠯᠡᠭᠡᠨ ᠤ ᠪᠠᠴᠢᠮ ᠪᠠᠶᠢᠳᠠᠯ ᠢ ᠠᠷᠭᠠᠴᠠᠭᠠᠬᠤ ᠬᠢᠨᠠᠨ ᠬᠡᠮᠵᠢᠬᠦ ᠰᠢᠰᠲ᠋ᠧᠮ ᠢ ᠪᠠᠶᠢᠭᠤᠯᠵᠤ᠂ | ᠸᠧᠨᠴᠤᠸᠠᠨ ᠤ ᠭᠠᠵᠠᠷ ᠬᠥᠳᠡᠯᠦᠯᠲᠡ ᠶᠢᠨ ᠲᠠᠩ ᠵᠢᠶᠠ ᠱᠠᠨ ᠠᠭᠤᠯᠠᠨ ᠤ ᠬᠠᠰᠢᠯᠭᠠᠲᠤ ᠨᠠᠭᠤᠷ᠂ ᠵᠸᠤᠴᠢᠤᠢ ᠶᠢᠨ | ᠣᠨᠴᠠ ᠶᠡᠭᠡ ᠰᠢᠪᠠᠷ ᠴᠢᠯᠠᠭᠤᠨ ᠤᠷᠤᠰᠬᠠᠯ᠂ ᠰᠤᠩᠭᠠᠷᠢ ᠮᠥᠷᠡᠨ ᠤ ᠪᠣᠬᠢᠷᠲᠤᠯ᠂ ᠶᠢᠨ ᠱᠠ ᠵᠢᠶᠠᠩ ᠮᠥᠷᠡᠨ ᠤ | ᠪᠠᠶᠢᠬᠧ ᠶᠢᠨ ᠬᠠᠰᠢᠯᠭᠠᠲᠤ ᠨᠠᠭᠤᠷ ᠵᠡᠷᠭᠡ ᠭᠡᠨᠡᠳᠲᠡ ᠡᠭᠦᠰᠦᠭᠰᠡᠨ ᠤᠰᠤᠨ ᠤ ᠬᠡᠷᠡᠭ ᠢ ᠠᠷᠭᠠᠴᠠᠭᠠᠬᠤ ᠳᠤᠮᠳᠠ᠂ | ᠤᠰᠤᠨ ᠤ ᠰᠢᠨᠵᠢᠯᠡᠭᠡᠨ ᠤ ᠰᠠᠯᠠᠭ᠎ᠠ ᠮᠥᠴᠢᠷ ᠦᠳᠲᠡᠷ ᠲᠦᠷᠭᠡᠨ ᠴᠤᠤᠷᠢᠶᠠᠲᠤᠨ ᠲᠠᠭᠠᠵᠦ᠂ ᠬᠢᠨᠠᠨ ᠬᠡᠮᠵᠢᠭᠰᠡᠨ | ᠮᠡᠳᠡᠭᠡ ᠵᠠᠩᠭᠢ ᠪᠠ ᠵᠠᠳᠠᠯᠵᠤ ᠵᠢᠱᠢᠭᠰᠡᠨ ᠦᠷ᠎ᠡ ᠪᠦᠲᠦᠭᠡᠯ ᠢᠶᠠᠨ ᠴᠠᠭ ᠲᠤᠬᠠᠢ ᠳᠤᠨᠢ ᠬᠠᠩᠭᠠᠵᠤ᠂ ᠭᠡᠨᠡᠳᠲᠡ | ᠡᠭᠦᠰᠦᠭᠰᠡᠨ ᠭᠠᠮᠰᠢᠭ ᠤᠨ ᠬᠡᠷᠡᠭ ᠢ ᠪᠦᠲᠦᠮᠵᠢᠲᠡᠢ ᠰᠢᠢᠳᠪᠦᠷᠢᠯᠡᠬᠦ ᠳᠤ ᠴᠢᠬᠤᠯᠠ ᠦᠢᠯᠡᠳᠦᠯ ᠢᠶᠠᠨ ᠪᠠᠳᠠᠷᠠᠭᠤᠯᠪᠠ᠃ | ᠵᠢᠷᠭᠤᠭ᠎ᠠ ᠳᠤ ᠨᠡᠶᠢᠭᠡᠮ ᠤᠨ ᠣᠯᠠᠨ ᠨᠡᠶᠢᠲᠡ ᠶᠢᠨ ᠡᠳᠦᠷ ᠲᠤᠲᠤᠮ ᠤᠨ ᠠᠮᠢᠳᠤᠷᠠᠯ ᠳᠤ ᠦᠢᠯᠡᠴᠢᠯᠡᠪᠡ᠃ | ᠠᠵᠤ ᠠᠬᠤᠶ ᠨᠡᠶᠢᠭᠡᠮ ᠤᠨ ᠲᠠᠰᠤᠷᠠᠯᠲᠠ ᠦᠭᠡᠢ ᠬᠥᠭᠵᠢᠬᠦ ᠶᠢ ᠳᠠᠭᠠᠯᠳᠤᠨ᠂ ᠨᠡᠶᠢᠭᠡᠮ ᠤᠨ ᠤᠰᠤᠨ ᠤ | ᠰᠢᠨᠵᠢᠯᠡᠭᠡᠨ ᠤ ᠮᠠᠲ᠋ᠧᠷᠢᠶᠠᠯ ᠤᠨ ᠬᠡᠷᠡᠭᠴᠡᠭᠡ ᠲᠠᠰᠤᠷᠠᠯᠲᠠ ᠦᠭᠡᠢ ᠨᠡᠮᠡᠭᠳᠡᠵᠦ ᠪᠠᠶᠢᠨ᠎ᠠ᠃ ᠡᠯ᠎ᠡ ᠱᠠᠲᠤᠨ ᠤ | ᠤᠰᠤᠨ ᠤ ᠰᠢᠨᠵᠢᠯᠡᠭᠡᠨ ᠤ ᠰᠠᠯᠠᠭ᠎ᠠ ᠮᠥᠴᠢᠷ ᠤᠨ ᠬᠢᠨ ᠰᠣᠨᠢᠨ ᠮᠡᠳᠡᠭᠡᠨ ᠤ ᠵᠠᠭᠤᠴᠢᠯᠠᠭᠤᠷ᠂ ᠤᠰᠤᠨ ᠤ | ᠰᠢᠨᠵᠢᠯᠡᠭᠡᠨ ᠤ ᠮᠡᠳᠡᠭᠡ ᠵᠠᠩᠭᠢ ᠶᠢᠨ ᠰᠢᠰᠲ᠋ᠧᠮ ᠪᠣᠯᠤᠨ ᠡᠯ᠎ᠡ ᠲᠥᠷᠥᠯ ᠤᠨ ᠠᠯᠪᠠᠨ ᠮᠡᠳᠡᠭᠡ᠂ ᠲᠣᠪᠴᠢ ᠮᠡᠳᠡᠭᠡ | ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ ᠨᠡᠶᠢᠭᠡᠮ ᠨᠡᠶᠢᠲᠡ ᠳᠤ ᠤᠰᠤᠨ ᠤ ᠰᠢᠨᠵᠢᠯᠡᠭᠡᠨ ᠤ ᠮᠡᠳᠡᠭᠡ ᠵᠠᠩᠭᠢ ᠶᠢᠨ | ᠦᠢᠯᠡᠴᠢᠯᠡᠭᠡᠨ ᠢ ᠴᠠᠭ ᠲᠤᠬᠠᠶ ᠳᠤᠨᠢ ᠬᠠᠩᠭᠠᠵᠤ᠂ ᠤᠰᠤᠨ ᠤ ᠰᠢᠨᠵᠢᠯᠡᠭᠡᠨ ᠤ ᠮᠠᠲ᠋ᠧᠷᠢᠶᠠᠯ ᠢ ᠢᠯᠡ ᠪᠣᠯᠭᠠᠵᠤ | ᠬᠠᠮᠲᠤ ᠳᠠᠭᠠᠨ ᠡᠳ᠋ᠯᠡᠬᠦ ᠶᠢ ᠲᠠᠰᠤᠷᠠᠯᠲᠠ ᠤᠢᠭᠡᠢ ᠴᠢᠩᠭᠠᠳᠬᠠᠪᠠ᠃ ᠡᠭᠦᠨ ᠠᠴᠠ ᠭᠠᠳᠠᠨ᠎ᠠ᠂ ᠡᠯ᠎ᠡ ᠱᠠᠲᠤᠨ ᠤ | ᠤᠰᠤᠨ ᠤ ᠰᠢᠨᠵᠢᠯᠡᠭᠡᠨ ᠤ ᠰᠠᠯᠠᠭ᠎ᠠ ᠮᠥᠴᠢᠷ ᠤᠨ ᠬᠢᠨ ᠨᠡᠶᠢᠭᠡᠮ ᠤᠨ ᠣᠯᠠᠨ ᠨᠡᠶᠢᠲᠡ ᠶᠢᠨ ᠤᠰᠤᠨ ᠤ ᠪᠠᠶᠢᠳᠠᠯ ᠳᠤ | ᠦᠶ᠋ᠯᠡᠴᠢᠯᠡᠬᠦ ᠬᠡᠷᠡᠭᠴᠡᠭᠡ ᠱᠠᠭᠠᠷᠳᠠᠯᠭ᠎ᠠ ᠳᠤ ᠰᠠᠨᠠᠭᠠᠴᠢᠯᠠᠭ᠎ᠠ ᠠᠴᠠ ᠪᠠᠨ ᠵᠣᠬᠢᠴᠠᠵᠤ᠂ 2013 ᠣᠨ ᠳᠤ ᠤᠰᠤᠨ ᠤ | ᠪᠠᠶᠢᠳᠠᠯ ᠤᠨ ᠰᠡᠷᠡᠮᠵᠢ ᠶᠢ ᠨᠡᠶᠢᠲᠡᠯᠡᠬᠦ ᠠᠵᠢᠯ ᠢ ᠥᠷᠨᠢᠭᠦᠯᠦᠭᠰᠡᠨ ᠠᠴᠠ ᠨᠠᠭᠠᠰᠢ᠂ ᠨᠡᠶᠢᠲᠡ 6532 ᠤᠳᠠᠭ᠎ᠠ | ᠤᠰᠤᠨ ᠤ ᠪᠠᠶᠢᠳᠠᠯ ᠤᠨ ᠰᠡᠷᠡᠮᠵᠢ ᠶᠢ ᠨᠡᠶᠢᠲᠡᠯᠡᠪᠡ᠂ ᠡᠭᠦᠨ ᠳᠤ 2019 ᠣᠨ ᠳᠤ ᠤᠰᠤᠨ ᠤ ᠪᠠᠶᠢᠳᠠᠯ ᠤᠨ | ᠰᠡᠷᠡᠮᠵᠢ ᠶᠢ 1694 ᠤᠳᠠᠭ᠎ᠠ ᠨᠡᠶᠢᠲᠡᠯᠡᠵᠦ᠂ ᠨᠡᠶᠢᠭᠡᠮ ᠤᠨ ᠣᠯᠠᠨ ᠨᠡᠶᠢᠲᠡ ᠶᠢᠨ ᠭᠠᠮᠰᠢᠭ ᠢ ᠰᠡᠷᠭᠡᠶᠢᠯᠡᠵᠦ | ᠠᠶᠤᠯ ᠠᠴᠠ ᠵᠠᠶᠢᠯᠠᠬᠤ ᠳᠤ ᠤᠰᠤᠨ ᠤ ᠰᠢᠨᠵᠢᠯᠡᠭᠡᠨ ᠤ ᠮᠡᠳᠡᠭᠡ ᠵᠠᠩᠭᠢ ᠶᠢᠨ ᠦᠢᠯᠡᠴᠢᠯᠡᠭᠡ ᠶᠢ ᠢᠳᠡᠪᠬᠢᠲᠡᠶ | ᠬᠠᠩᠭᠠᠪᠠ᠃ | ᠭᠤᠷᠪᠠ᠂ ᠰᠢᠨ᠎ᠡ ᠴᠠᠭ ᠦᠶ᠎ᠡ ᠶᠢᠨ ᠤᠰᠤᠨ ᠤ ᠰᠢᠨᠵᠢᠯᠡᠭᠡᠨ ᠤ ᠬᠥᠭᠵᠢᠯᠲᠡ ᠶᠢᠨ ᠰᠡᠳᠬᠢᠴᠡ | ᠲᠠᠷᠠᠭᠠᠴᠢ ᠶᠢᠨ ᠠᠯᠬᠤᠮ ᠳᠤ᠂ ᠪᠢᠳᠡ ᠶᠡᠷᠦᠩᠬᠡᠶ ᠱᠦᠵᠢ ᠶᠢᠨ ︽3 . 14︾ ᠤ ᠴᠢᠬᠤᠯᠠ ᠶᠠᠷᠢᠶᠠᠨ ᠤ | ᠵᠣᠷᠢᠭ ᠰᠠᠨᠠᠭ᠎ᠠ ᠪᠠ ᠰᠢᠨ᠎ᠡ ᠴᠠᠭ ᠦᠶ᠎ᠡ ᠶᠢᠨ ᠤᠰᠤ ᠶᠢ ᠵᠠᠰᠠᠬᠤ ᠰᠡᠳᠬᠢᠴᠠ ᠪᠠᠷ᠂ ᠤᠰᠤᠨ ᠠᠰᠢᠬᠯᠠᠯᠳᠠ ᠶᠢᠨ | ᠶᠠᠮᠤᠨ ᠤ ᠨᠠᠮ ᠤᠨ ᠤᠳᠤᠷᠢᠳᠬᠤ ᠳᠤᠭᠤᠶᠢᠯᠠᠩ ᠤᠨ ᠳᠤᠷᠠᠳᠤᠭᠰᠠᠨ ︽ᠤᠰᠤᠨ ᠠᠰᠢᠬᠯᠠᠯᠳᠠ ᠶᠢᠨ | ᠢᠨᠵᠧᠨᠧᠷᠢᠩ ᠤᠨ ᠳᠤᠲᠠᠭᠤᠳᠠᠯ ᠢ ᠨᠥᠬᠦᠪᠥᠷᠢᠯᠡᠵᠦ᠂ ᠤᠰᠤᠨ ᠠᠰᠢᠬᠯᠠᠯᠲᠠ ᠶᠢᠨ ᠠᠵᠢᠯ ᠲᠥᠷᠥᠯ ᠤᠨ ᠬᠢᠨᠠᠯᠲᠠ | ᠬᠠᠮᠢᠶᠠᠷᠤᠯᠲᠠ ᠶᠢ ᠴᠢᠩᠭᠠᠳᠬᠠᠬᠤ︾ ᠤᠰᠤᠨ ᠠᠰᠢᠬᠯᠠᠯᠳᠠ ᠶᠢᠨ ᠥᠭᠡᠷᠡᠴᠢᠯᠡᠯᠲᠡ ᠬᠥᠭᠵᠢᠯᠲᠡ ᠶᠢᠨ ᠶᠡᠷᠦᠩᠬᠡᠶ | ᠬᠥᠭ ᠠᠶᠠᠰ ᠢ ᠴᠢᠪᠬᠠᠳᠠᠵᠤ᠂ ᠤᠰᠤᠨ ᠤ ᠰᠢᠨᠵᠢᠯᠡᠭᠡᠨ ᠤ ᠥᠷᠲᠡᠭᠡᠨ ᠤ ᠰᠦᠯᠵᠢᠶᠡᠨ ᠤ ᠲᠤᠤᠷ ᠤᠨ | ᠪᠠᠶᠢᠭᠤᠯᠤᠯᠲᠠ ᠶᠢ ᠲᠣᠬᠢᠷᠠᠭᠤᠯᠤᠨ ᠰᠢᠯᠢᠳᠡᠭᠵᠢᠭᠦᠯᠵᠦ᠂ ᠤᠰᠤᠨ ᠤ ᠰᠢᠨᠵᠢᠯᠡᠭᠡᠨ ᠤ ᠬᠢᠨᠠᠨ ᠬᠡᠮᠵᠢᠯᠲᠡ᠂ | ᠲᠥᠰᠦᠭᠡᠯᠡᠵᠦ ᠤᠷᠢᠳᠴᠢᠯᠠᠨ ᠮᠡᠳᠡᠭᠡᠯᠡᠬᠦ ᠪᠠ ᠦᠢᠯᠡᠴᠢᠯᠡᠭᠡᠨ ᠤ ᠲᠤᠯᠭᠠᠭᠤᠷᠢᠯᠠᠬᠤ ᠴᠢᠳᠠᠪᠤᠷᠢ ᠶᠢ ᠪᠥᠬᠦ ᠲᠠᠯ᠎ᠠ ᠪᠠᠷ | ᠳᠡᠭᠡᠭᠰᠢᠯᠡᠭᠦᠯᠵᠦ᠂ ᠤᠰᠤᠨ ᠤ ᠰᠢᠨᠵᠢᠯᠡᠭᠡᠨ ᠤ ᠠᠵᠢᠯ ᠢ ᠤᠰᠤᠨ ᠠᠰᠢᠬᠯᠠᠯᠳᠠ ᠶᠢᠨ ᠠᠵᠢᠯ ᠲᠥᠷᠥᠯ ᠤᠨ ᠬᠢᠨᠠᠯᠲᠠ | ᠬᠠᠮᠢᠶᠠᠷᠤᠯᠲᠠ ᠶᠢᠨ ᠬᠤᠰᠢᠭᠤᠴᠢ ᠪᠤᠯᠵᠤ᠂ ᠠᠵᠤ ᠠᠬᠤᠶ ᠨᠡᠶᠢᠭᠡᠮ ᠤᠨ ᠴᠢᠨᠠᠷ ᠰᠠᠶᠢᠲᠠᠶ ᠬᠥᠭᠵᠢᠯᠲᠡ ᠪᠠ ᠠᠷᠠᠳ | ᠲᠦᠮᠡᠨ ᠳᠤ ᠵᠣᠯ ᠵᠢᠷᠭᠠᠯᠳᠤ ᠠᠮᠢᠳᠤᠷᠠᠯ ᠢ ᠡᠳ᠋ᠯᠡᠬᠦᠯᠬᠦ ᠳᠤ ᠬᠦᠴᠦᠲᠡᠶ ᠪᠠᠲᠤᠯᠠᠭ᠎ᠠ ᠬᠠᠨᠭ᠍ᠭᠠᠨ᠎ᠠ᠃ | ᠪᠢ ᠠᠳᠠ ᠬᠦᠷᠳᠠᠯ᠎ᠠ ᠲᠦᠬᠦᠮ ᠲᠠᠨᠢᠯᠴᠠᠭᠤᠯᠤᠶ᠎ᠠ᠂ ᠦᠯᠡᠳᠡᠭᠰᠡᠨ ᠴᠠᠭ ᠢ ᠰᠤᠷᠪᠤᠯᠵᠢᠯᠠᠭᠴᠢ ᠨᠠᠶᠢᠵᠠ ᠳᠠᠭᠠᠨ | ᠲᠤᠰᠢᠶᠠᠶ᠎ᠠ᠂ ᠬᠠᠮᠳᠤ ᠠᠵᠢᠯᠯᠠᠭᠰᠠᠳ ᠲᠠᠢ ᠪᠠᠨ ᠣᠯᠠᠨ ᠤ ᠠᠰᠠᠭᠤᠯᠲᠠ ᠶᠢ ᠬᠠᠷᠢᠭᠤᠯᠤᠭᠰᠠᠨ ᠳᠠᠭᠠᠨ ᠪᠢ ᠮᠠᠰᠢ | ᠪᠠᠶᠠᠷᠲᠠᠶ ᠪᠠᠶᠢᠨ᠎ᠠ᠂ ᠪᠠᠶᠠᠷᠯᠠᠯ᠎ᠠ᠃ | ᠯᠢ ᠰᠢᠶᠤᠤ ᠯᠢᠨ᠄ ᠼᠠᠢ ᠵᠢᠶᠠᠨ ᠶᠤᠸᠠᠨ ᠵᠤᠷᠭᠠᠨ ᠤ ᠲᠠᠷᠤᠭ᠎ᠠ ᠶᠢᠨ ᠲᠠᠨᠢᠯᠴᠠᠭᠤᠯᠴᠠᠭᠠ ᠳᠤ ᠪᠠᠶᠠᠷᠯᠠᠯ᠎ᠠ︕ | ᠳᠤᠤᠷ᠎ᠠ ᠠᠰᠠᠭᠤᠯᠲᠠ ᠬᠠᠷᠢᠭᠤᠯᠬᠤ ᠭᠤᠭᠴᠤᠭ᠎ᠠ ᠳᠤ ᠣᠷᠣᠨ᠎ᠠ᠂ ᠠᠰᠠᠭᠤᠯᠲᠠ ᠠᠰᠠᠭᠤᠬᠤ ᠠᠴᠠ ᠪᠠᠨ ᠡᠮᠦᠨ᠎ᠡ | ᠰᠤᠷᠪᠤᠯᠵᠢᠯᠠᠭᠴᠢ ᠨᠠᠶᠢᠵᠠ ᠪᠠᠷ ᠠᠵᠢᠯᠯᠠᠵᠤ ᠪᠠᠶᠢᠭ᠎ᠠ ᠰᠣᠨᠢᠨ ᠮᠡᠳᠡᠭᠡᠨ ᠤ ᠪᠠᠶᠢᠭᠤᠯᠤᠮᠵᠢ ᠳᠤ ᠮᠡᠳᠡᠭᠳᠡᠭᠡᠷᠡᠶ᠃ ᠤᠳᠤ | ᠡᠬᠢᠯᠡᠵᠦ ᠠᠰᠠᠭᠤᠶ᠎ᠠ᠃ | ᠬᠠᠤᠯᠢ ᠲᠦᠷᠢᠮ ᠤᠨ ᠡᠳᠦᠷ ᠤᠨ ᠰᠣᠨᠢᠨ ᠤ ᠰᠤᠷᠪᠤᠯᠵᠢᠯᠠᠭᠴᠢ᠄ ᠤᠰᠤᠨ ᠠᠰᠢᠬᠯᠠᠯᠳᠠ ᠶᠢᠨ ᠶᠠᠮᠤᠨ ᠤ | ᠬᠢᠨ ︽ᠤᠰᠤᠨ ᠠᠰᠢᠬᠯᠠᠯᠳᠠ ᠶᠢᠨ ᠢᠨᠵᠧᠨᠧᠷᠢᠩ ᠢᠶᠠᠷ ᠳᠤᠲᠠᠭᠤᠳᠠᠯ ᠢ ᠨᠥᠬᠦᠪᠥᠷᠢᠯᠡᠵᠦ᠂ ᠤᠰᠤᠨ | ᠠᠰᠢᠬᠯᠠᠯᠳᠠ ᠶᠢᠨ ᠢᠨᠵᠧᠨᠧᠷᠢᠩ ᠢᠶᠠᠷ ᠬᠢᠨᠠᠯᠲᠠ ᠬᠠᠮᠢᠶᠠᠷᠤᠯᠲᠠ ᠶᠢ ᠴᠢᠩᠭᠠᠳᠬᠠᠬᠤ︾ ᠤᠰᠤᠨ ᠠᠰᠢᠬᠯᠠᠯᠳᠠ ᠶᠢᠨ | ᠥᠭᠡᠷᠡᠴᠢᠯᠡᠯᠲᠡ ᠬᠥᠭᠵᠢᠯᠲᠡ ᠶᠢᠨ ᠶᠡᠷᠦᠩᠬᠡᠢ ᠬᠦᠭ ᠠᠶᠠᠰ ᠢ ᠳᠤᠷᠠᠳᠪᠠ᠂ ᠣᠳᠣᠬᠠᠨ ᠳᠤ ᠤᠰᠤᠨ ᠤ | ᠰᠢᠨᠵᠢᠯᠡᠭᠡᠨ ᠳᠤ ᠶᠠᠮᠠᠷᠰᠢᠤ ᠳᠤᠲᠠᠭᠤᠳᠠᠯ ᠣᠷᠣᠰᠢᠵᠤ ᠪᠠᠶᠢᠬᠤ᠂ ᠬᠢᠨᠠᠯᠲᠠ ᠬᠠᠮᠢᠶᠠᠷᠤᠯᠲᠠ ᠶᠢ ᠴᠢᠩᠭᠠᠳᠬᠠᠬᠤ ᠳᠤ | ᠬᠡᠷᠬᠢᠨ ᠲᠤᠯᠭᠠᠭᠤᠷᠢᠯᠠᠯ ᠬᠠᠩᠭᠠᠬᠤ ᠪᠤᠢ᠃ ᠪᠠᠶᠠᠷᠯᠠᠯ᠎ᠠ︕ | ᠼᠠᠢ ᠵᠢᠶᠠᠨ ᠶᠤᠸᠠᠨ᠄ ᠰᠠᠶ᠋ᠢᠬᠠᠨ ᠬᠤᠷᠠᠯᠳᠤᠭᠰᠠᠨ ᠪᠦᠬᠦ ᠤᠯᠤᠰ ᠤᠨ ᠤᠰᠤᠨ ᠠᠰᠢᠬᠯᠠᠯᠳᠠ ᠶᠢᠨ ᠠᠵᠢᠯ ᠤᠨ | ᠬᠤᠷᠠᠯ ᠳᠡᠭᠡᠷ᠎ᠡ᠂ ᠶᠠᠮᠤᠨ ᠤ ᠰᠠᠶᠢᠳ ᠧ ᠵᠢᠩ ᠫᠢᠩ ᠤᠰᠤᠨ ᠠᠰᠢᠬᠯᠠᠯᠳᠠ ᠶᠢᠨ ᠥᠭᠡᠷᠡᠴᠢᠯᠡᠯᠲᠡ | ᠬᠥᠭᠵᠢᠯᠲᠡ ᠶᠢᠨ ᠶᠡᠷᠦᠩᠬᠡᠢ ᠬᠦᠭ ᠠᠶᠠᠰ ᠢ ᠪᠠᠷᠢᠮᠲᠠᠯᠠᠨ ᠭᠦᠨᠵᠡᠭᠡᠶᠢᠷᠡᠭᠦᠯᠵᠦ᠂ ᠤᠰᠤᠨ ᠠᠰᠢᠬᠯᠠᠯᠳᠠ ᠶᠢᠨ ᠠᠵᠢᠯ | ᠲᠦᠷᠦᠯ ᠤᠨ ᠬᠢᠨᠠᠯᠲᠠ ᠬᠠᠮᠢᠶᠠᠷᠤᠯᠲᠠ ᠶᠢ ᠦᠷᠭᠦᠯᠵᠢᠯᠡᠨ ᠬᠦᠴᠦᠯᠡᠨ ᠪᠦᠬᠦ ᠲᠠᠯ᠎ᠠ ᠪᠠᠷ ᠴᠢᠩᠭᠠᠳᠬᠠᠵᠤ᠂ ᠤᠰᠤᠨ ᠤ | ᠰᠢᠨᠵᠢᠯᠡᠭᠡᠨ ᠤ ᠲᠤᠯᠭᠠᠭᠤᠷᠢᠯᠠᠯ ᠢ ᠰᠠᠶᠢᠲᠤᠷ ᠠᠳᠬᠤᠬᠤ ᠬᠡᠷᠡᠭᠲᠡᠢ ᠭᠡᠵᠦ ᠴᠢᠬᠤᠯᠠᠴᠢᠯᠠᠪᠠ᠃ ᠰᠢᠨ᠎ᠡ ᠪᠠᠶᠢᠳᠠᠯ | ᠰᠢᠨ᠎ᠡ ᠱᠠᠭᠠᠷᠳᠠᠯᠭ᠎ᠠ ᠶᠢᠨ ᠡᠮᠦᠨ᠎ᠡ᠂ ᠣᠳᠣᠬᠠᠨ ᠳᠤ ᠤᠰᠤᠨ ᠤ ᠰᠢᠨᠵᠢᠯᠡᠭᠡᠨ ᠤ ᠠᠵᠢᠯ ᠤᠨ ᠳᠤᠲᠠᠭᠤᠳᠠᠯ | ᠲᠣᠪᠤᠶᠢᠮ᠎ᠠ ᠪᠠᠶᠢᠵᠤ᠂ ᠭᠤᠤᠯᠳᠠᠭᠤ ᠤᠰᠤᠨ ᠤ ᠰᠢᠨᠵᠢᠯᠡᠭᠡᠨ ᠤ ᠬᠡᠮᠵᠢᠨ ᠮᠡᠳᠡᠭᠦᠯᠬᠦ ᠰᠢᠨ᠎ᠡ ᠮᠡᠷᠭᠡᠵᠢᠯ ᠰᠢᠨ᠎ᠡ | ᠲᠥᠬᠦᠭᠡᠷᠦᠮᠵᠢ ᠶᠢᠨ ᠬᠡᠷᠡᠭᠯᠡᠯᠲᠡ ᠬᠠᠷᠠᠬᠠᠨ ᠲᠦᠭᠡᠮᠡᠯᠵᠢᠭᠡᠳᠤ᠂ ᠣᠳᠣᠬᠢᠴᠢᠯᠠᠯᠲᠠ ᠶᠢᠨ ᠬᠡᠮᠵᠢᠶ᠎ᠡ ᠳᠤᠤᠷ᠎ᠠ᠂ | ᠤᠰᠤᠨ ᠤ ᠡᠬᠢ ᠪᠠᠶᠠᠯᠢᠭ᠂ ᠤᠰᠤᠨ ᠤ ᠠᠮᠢ ᠠᠬᠤᠶ᠂ ᠤᠰᠤᠨ ᠤ ᠣᠷᠴᠢᠨ ᠲᠣᠭᠤᠷᠢᠨ ᠤ ᠬᠢᠨᠠᠯᠲᠠ | ᠬᠠᠮᠢᠶᠠᠷᠤᠯᠲᠠ ᠳᠤ ᠦᠢᠡᠯᠴᠢᠯᠡᠬᠦ ᠤᠰᠤᠨ ᠤ ᠰᠢᠨᠵᠢᠯᠡᠭᠡᠨ ᠤ ᠥᠷᠲᠡᠭᠡᠨ ᠤ ᠲᠤᠤᠷ ᠤᠨ ᠪᠠᠶᠢᠷᠢᠰᠢᠭᠤᠯᠤᠯᠲᠠ ᠳᠤ | ᠢᠯᠡᠷᠡᠵᠦ᠂ ᠬᠢᠨᠠᠨ ᠬᠡᠮᠵᠢᠵᠦ ᠵᠠᠳᠠᠯᠤᠯᠲᠠ ᠬᠢᠬᠦ᠂ ᠮᠡᠳᠡᠭᠡ ᠵᠠᠩᠭᠢ ᠶᠢ ᠲᠥᠰᠦᠭᠡᠯᠡᠵᠦ ᠤᠷᠢᠳᠴᠢᠯᠠᠨ ᠰᠡᠷᠡᠮᠵᠢᠯᠡᠭᠦᠯᠬᠦ | ᠰᠢᠰᠲ᠋ᠧᠮ ᠲᠡᠭᠦᠯᠳᠡᠷᠵᠢᠭᠡᠳᠦᠶ ᠪᠠᠶᠢᠨ᠎ᠠ᠂ ᠡᠲᠡᠭᠡᠷ ᠳᠤᠲᠠᠭᠤᠳᠠᠯ ᠨᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ | ᠶᠡᠷᠦᠩᠬᠡᠶ ᠬᠥᠭ ᠠᠶᠠᠰ ᠲᠠᠢ ᠵᠣᠬᠢᠴᠠᠯᠳᠤᠬᠤ ᠥᠬᠡᠶ ᠪᠠᠶᠢᠨ᠎ᠠ᠃ | ᠤᠰᠤᠨ ᠠᠰᠢᠬᠯᠠᠯᠳᠠ ᠶᠢᠨ ᠠᠵᠢᠯ ᠲᠥᠷᠥᠯ ᠤᠨ ᠴᠢᠩᠭ᠎ᠠ ᠬᠢᠨᠠᠯᠲᠠ ᠬᠠᠮᠢᠶᠠᠷᠤᠯᠲᠠ ᠳᠤ ᠬᠡᠷᠬᠢᠨ | ᠲᠤᠯᠭᠠᠭᠤᠷᠢᠯᠠᠯ ᠬᠠᠩᠭᠠᠬᠤ ᠪᠢᠯᠡ︖ | ᠨᠢᠭᠡ ᠲᠠᠯ᠎ᠠ ᠪᠠᠷ᠂ ᠪᠢᠳᠡ ᠤᠰᠤᠨ ᠤ ᠰᠢᠨᠵᠢᠯᠡᠭᠡᠨ ᠤ ᠳᠤᠲᠠᠭᠤᠳᠠᠯ ᠢ ᠨᠥᠬᠦᠪᠥᠷᠢᠯᠡᠬᠦ ᠠᠬᠢᠴᠠ ᠶᠢ | ᠲᠦᠷᠭᠡᠳᠬᠡᠵᠦ᠂ ᠤᠰᠤᠨ ᠤ ᠰᠢᠨᠵᠢᠯᠡᠭᠡᠨ ᠤ ᠣᠳᠣᠬᠢᠴᠢᠯᠠᠯᠲᠠ ᠶᠢᠨ ᠪᠥᠲᠥᠭᠡᠨ ᠪᠠᠶᠢᠭᠤᠯᠤᠯᠲᠠ ᠶᠢ ᠪᠥᠬᠦ ᠲᠠᠯ᠎ᠠ ᠪᠠᠷ | ᠠᠬᠢᠭᠤᠯᠵᠤ᠂ ᠠᠵᠢᠯ ᠤᠨ ᠪᠠᠶᠢᠷᠢᠯᠠᠭᠤᠯᠤᠯᠲᠠ ᠶᠢᠨ ᠲᠠᠯ᠎ᠠ ᠪᠠᠷ ᠭᠤᠤᠯᠳᠠᠭᠤ ᠤᠰᠤᠨ ᠤ ᠡᠬᠢ ᠪᠠᠶᠠᠯᠢᠭ ᠤᠨ ᠠᠮᠢ | ᠠᠬᠤᠶ ᠤᠰᠤᠨ ᠤ ᠣᠷᠴᠢᠨ ᠲᠣᠭᠤᠷᠢᠨ ᠵᠡᠷᠭᠡ ᠲᠠᠯ᠎ᠠ ᠶᠢᠨ ᠰᠢᠨ᠎ᠡ ᠬᠡᠷᠡᠭᠴᠡᠭᠡ ᠱᠠᠭᠠᠷᠳᠠᠯᠭ᠎ᠠ ᠶᠢᠨ ᠲᠣᠭᠤᠷᠢᠨ ᠳᠤ | ᠲᠣᠬᠢᠷᠠᠭᠤᠯᠤᠯᠲᠠ ᠬᠢᠵᠦ᠂ ᠤᠰᠤᠨ ᠤ ᠰᠢᠨᠵᠢᠯᠡᠭᠡᠨ ᠤ ᠥᠷᠲᠡᠭᠡᠨ ᠤ ᠲᠤᠤᠷ ᠢ ᠲᠡᠭᠦᠯᠳᠡᠷᠵᠢᠭᠦᠯᠬᠦ ᠭᠡᠷᠡᠭᠳᠡᠢ︔ | ᠠᠵᠢᠯ ᠤᠨ ᠠᠷᠭ᠎ᠠ ᠪᠠᠷᠢᠯ ᠤᠨ ᠲᠠᠯ᠎ᠠ ᠪᠠᠷ ᠭᠤᠤᠯᠳᠠᠭᠤ ᠰᠢᠨ᠎ᠡ ᠮᠡᠷᠭᠡᠵᠢᠯ ᠰᠢᠨ᠎ᠡ ᠲᠣᠨᠤᠭ ᠲᠥᠬᠦᠭᠡᠷᠦᠮᠵᠢ ᠶᠢ | ᠰᠤᠳᠤᠯᠤᠨ ᠨᠡᠭᠡᠭᠡᠵᠦ ᠬᠡᠷᠡᠭᠯᠡᠬᠦ ᠪᠠᠷ ᠳᠠᠮᠵᠢᠭᠤᠯᠤᠨ ᠰᠢᠪᠲᠤᠯᠤᠯᠲᠠ ᠭᠠᠷᠭᠠᠵᠤ᠂ ᠤᠰᠤᠨ ᠤ ᠰᠣᠶᠣᠯ ᠤᠨ | ᠠᠦ᠋ᠲ᠋ᠣᠴᠢᠯᠠᠭᠰᠠᠨ ᠤᠶᠤᠨᠴᠢᠯᠠᠭᠰᠠᠨ ᠬᠢᠷᠢ ᠲᠦᠪᠰᠢᠨ ᠤ ᠲᠠᠯ᠎ᠠ ᠪᠠᠷ ᠶᠡᠭᠡ ᠬᠡᠮᠵᠢᠶ᠎ᠡ ᠪᠠᠷ ᠳᠡᠭᠡᠭᠰᠢᠯᠡᠭᠦᠯᠬᠦ ᠶᠢ | ᠪᠡᠶᠡᠯᠡᠭᠦᠯᠬᠦ ᠪᠠᠷ ᠬᠦᠴᠤᠯᠠᠬᠦ ᠭᠡᠷᠡᠭᠳᠡᠢ᠃ | ᠨᠥᠭᠦᠭᠡ ᠲᠠᠯ᠎ᠠ ᠪᠠᠷ᠂ ᠪᠢᠳᠡ ᠰᠡᠳᠬᠢᠴᠠ ᠪᠠᠨ ᠲᠦᠷᠭᠡᠳᠬᠡᠨ ᠬᠤᠪᠢᠷᠠᠭᠤᠯᠵᠤ᠂ ᠬᠢᠨᠠᠯᠲᠠ ᠬᠠᠮᠢᠶᠠᠷᠤᠯᠲᠠ ᠶᠢ | ᠴᠢᠩᠭᠠᠳᠬᠠᠬᠤ ᠦᠢᠯᠡᠴᠢᠯᠡᠭᠡᠨ ᠤ ᠲᠤᠯᠭᠠᠭᠤᠷᠢᠯᠠᠯ ᠢ ᠪᠥᠬᠦ ᠬᠦᠴᠦᠨ ᠢᠶᠠᠷ ᠢᠶᠠᠨ ᠰᠠᠶᠢᠲᠤᠷ ᠬᠢᠵᠦ᠂ ᠤᠰᠤᠨ ᠤ ᠡᠬᠢ | ᠪᠠᠶᠠᠯᠢᠭ ᠤᠨ ᠬᠢᠨᠠᠯᠲᠠ ᠬᠠᠮᠢᠶᠠᠷᠤᠯᠲᠠ ᠳᠤ ᠦᠢᠯᠡᠴᠢᠯᠡᠬᠦ ᠲᠠᠯ᠎ᠠ ᠪᠠᠷ᠂ ᠵᠠᠰᠠᠭ ᠵᠠᠬᠢᠷᠭᠠᠨ ᠤ ᠣᠷᠣᠨ ᠤ ᠵᠠᠭᠠᠭ ᠵᠢᠴᠢ | ᠠᠮᠢ ᠠᠬᠤᠶ ᠶᠢᠨ ᠤᠷᠤᠰᠴᠠ ᠶᠢ ᠡᠵᠡᠮᠳᠡᠬᠦ ᠣᠭᠲᠣᠯᠤᠭᠠᠰᠤ ᠵᠡᠷᠭᠡ ᠤᠰᠤᠨ ᠤ ᠬᠡᠮᠵᠢᠶ᠎ᠡ ᠤᠰᠤᠨ ᠤ ᠴᠢᠨᠠᠷ ᠢ ᠬᠢᠨᠠᠨ | ᠰᠢᠨᠵᠢᠬᠦ ᠬᠢᠭᠡᠳ ᠵᠠᠳᠠᠯᠬᠤ ᠶᠢ ᠰᠠᠶᠢᠲᠤᠷ ᠬᠢᠵᠦ᠂ ᠭᠤᠤᠯᠳᠠᠯᠭ᠎ᠠ ᠲᠠᠢ ᠤᠰᠤᠨ ᠣᠷᠣᠨ ᠤ ᠤᠰᠤᠨ ᠤ ᠠᠮᠢ | ᠠᠬᠤᠶ ᠶᠢ ᠬᠢᠨᠠᠨ ᠰᠢᠨᠵᠢᠵᠦ ᠪᠠᠶᠢᠴᠠᠭᠠᠬᠤ ᠪᠠ ᠭᠦᠶ᠋ᠴᠡᠳᠬᠡᠯ ᠲᠤᠭ᠎ᠠ ᠶᠢ ᠵᠠᠳᠠᠯᠬᠤ ᠶᠢ ᠠᠬᠢᠭᠤᠯᠤᠨ᠂ | ᠭᠤᠤᠯᠳᠠᠯᠭ᠎ᠠ ᠲᠠᠢ ᠭᠠᠵᠠᠷ ᠣᠷᠣᠨ ᠤ ᠭᠠᠵᠠᠷ ᠳᠤᠤᠷᠠᠬᠢ ᠤᠰᠤ ᠶᠢ ᠬᠢᠨᠠᠨ ᠰᠢᠨᠵᠢᠵᠦ ᠰᠡᠷᠡᠮᠵᠢᠯᠡᠭᠦᠯᠬᠦ ᠠᠵᠢᠯ ᠢ | ᠴᠢᠩᠭᠠᠳᠬᠠᠵᠤ᠂ ᠤᠰᠤᠨ ᠤ ᠡᠬᠢ ᠪᠠᠶᠠᠯᠢᠭ ᠤᠨ ᠳᠠᠭᠠᠭᠠᠬᠤ ᠴᠢᠳᠠᠪᠤᠷᠢ ᠶᠢ ᠬᠢᠨᠠᠨ ᠰᠢᠨᠵᠢᠵᠦ ᠰᠡᠷᠡᠮᠵᠢᠯᠡᠭᠦᠯᠬᠦ | ᠲᠣᠭᠲᠠᠴᠠ ᠶᠢ ᠲᠦᠷᠭᠡᠳᠬᠡᠨ ᠪᠠᠶᠢᠭᠤᠯᠵᠤ᠂ ᠤᠰᠤ ᠶᠢ ᠵᠦᠶ ᠵᠣᠬᠢᠰᠲᠠᠶ ᠬᠤᠪᠢᠶᠠᠷᠢᠯᠠᠬᠤ᠂ ᠤᠰᠤ ᠶᠢ ᠬᠠᠮᠢᠶᠠᠷᠴᠤ | ᠬᠡᠷᠡᠭᠯᠡᠬᠦ ᠵᠡᠷᠭᠡ ᠳᠤ ᠬᠢᠨᠠᠨ ᠰᠢᠨᠵᠢᠵᠦ ᠵᠠᠳᠠᠯᠤᠭᠰᠠᠨ ᠦᠷ᠎ᠡ ᠪᠦᠲᠦᠭᠡᠯ ᠢ ᠬᠠᠨᠭ᠍ᠭᠠᠬᠤ ᠭᠡᠷᠡᠭᠳᠡᠢ︔ ᠭᠤᠣᠯ ᠮᠥᠷᠡᠨ | ᠨᠠᠭᠤᠷ ᠴᠥᠭᠦᠷᠥᠮ ᠤᠨ ᠬᠢᠨᠠᠯᠲᠠ ᠬᠠᠮᠢᠶᠠᠷᠤᠯᠲᠠ ᠳᠤ ᠦᠢᠯᠡᠴᠢᠯᠡᠬᠦ ᠲᠠᠯ᠎ᠠ ᠪᠠᠷ᠂ ᠭᠤᠣᠯ ᠮᠥᠷᠡᠨ ᠨᠠᠭᠤᠷ | ᠴᠥᠭᠦᠷᠥᠮ ᠤᠨ ᠬᠢᠨᠠᠨ ᠬᠡᠮᠵᠢᠯᠲᠡ ᠪᠠ ᠪᠠᠶᠢᠴᠠᠭᠠᠯᠲᠠ ᠶᠢ ᠴᠢᠩᠭᠠᠳᠬᠠᠵᠤ᠂ ᠭᠤᠣᠯ ᠮᠥᠷᠡᠨ ᠨᠠᠭᠤᠷ ᠴᠥᠭᠦᠷᠥᠮ ᠤᠨ | ᠤᠰᠤᠨ ᠤ ᠰᠢᠰᠲ᠋ᠧᠮ ᠤᠨ ᠤᠰᠤᠨ ᠤ ᠡᠷᠭᠢ ᠶᠢᠨ ᠱᠤᠭᠤᠮ ᠵᠡᠷᠭᠡ ᠦᠨᠳᠦᠰᠦᠨ ᠣᠨᠴᠠᠯᠢᠭ ᠢ ᠡᠵᠡᠮᠰᠢᠵᠦ᠂ ᠭᠤᠣᠯ | ᠮᠥᠷᠡᠨ ᠨᠠᠭᠤᠷ ᠴᠥᠭᠦᠷᠥᠮ ᠤᠨ ᠤᠰᠤᠨ ᠤ ᠬᠡᠮᠵᠢᠶ᠎ᠡ ᠶᠢ ᠬᠢᠨᠠᠨ ᠬᠡᠮᠵᠢᠵᠦ ᠵᠠᠳᠠᠯᠤᠨ ᠦᠨᠡᠯᠡᠬᠦ ᠶᠢ ᠴᠢᠩᠭᠠᠳᠬᠠᠵᠤ᠂ | ᠬᠥᠭᠵᠢᠯᠲᠡ ᠶᠢᠨ ᠬᠤᠪᠢᠷᠠᠯᠲᠠ ᠶᠢᠨ ᠬᠠᠨᠳᠤᠰᠢ ᠶᠢ ᠤᠷᠢᠳᠴᠢᠯᠠᠨ ᠵᠢᠱᠢᠵᠦ ᠤᠷᠢᠳᠴᠢᠯᠠᠨ ᠰᠡᠷᠡᠮᠵᠢᠯᠡᠭᠦᠯᠬᠦ | ᠬᠡᠷᠡᠭᠲᠡᠢ︔ ᠦᠶᠡᠷ ᠤᠰᠤᠳᠤᠯ ᠭᠠᠨᠭ᠌ ᠬᠠᠭᠰᠠᠷᠠᠭᠠᠨ ᠤ ᠭᠠᠮᠰᠢᠭ ᠢ ᠰᠡᠷᠭᠡᠶᠢᠯᠡᠬᠦ ᠳᠤ ᠦᠢᠯᠡᠴᠢᠯᠡᠬᠦ ᠬᠢᠨᠠᠯᠲᠠ | ᠬᠠᠮᠢᠶᠠᠷᠤᠯᠲᠠ ᠶᠢᠨ ᠲᠠᠯ᠎ᠠ ᠪᠠᠷ᠂ ᠬᠡᠮᠵᠢᠨ ᠮᠡᠳᠡᠭᠦᠯᠬᠦ ᠲᠥᠰᠦᠯ ᠢᠶᠠᠨ ᠲᠡᠭᠦᠯᠳᠡᠷᠵᠢᠭᠦᠯᠵᠦ᠂ ᠤᠰᠤᠨ ᠤ | ᠰᠢᠨᠵᠢᠯᠡᠭᠡ ᠶᠢ ᠬᠢᠨᠠᠨ ᠬᠡᠮᠵᠢᠬᠦ ᠪᠠ ᠮᠡᠳᠡᠭᠡ ᠵᠠᠩᠭᠢ ᠮᠡᠳᠡᠭᠦᠯᠦᠨ ᠬᠦᠷᠭᠡᠬᠦ ᠶᠢ ᠪᠠᠲᠤᠯᠠᠵᠤ᠂ ᠬᠢᠨᠠᠨ ᠬᠡᠮᠵᠢᠵᠦ | ᠤᠷᠢᠳᠴᠢᠯᠠᠨ ᠮᠡᠳᠡᠭᠡᠯᠡᠵᠦ ᠰᠡᠷᠡᠮᠵᠢᠯᠡᠭᠦᠯᠬᠦ ᠶᠢ ᠰᠠᠶᠢᠲᠤᠷ ᠠᠳᠬᠤᠵᠤ᠂ ᠦᠶᠡᠷ ᠤᠰᠤᠳᠤᠯ ᠭᠠᠩ ᠬᠠᠭᠰᠠᠷᠠᠭᠠᠨ ᠤ | ᠭᠠᠮᠰᠢᠭ ᠢ ᠶᠡᠷᠦᠩᠬᠡᠶᠢᠯᠡᠨ ᠰᠡᠷᠭᠡᠶᠢᠯᠡᠨ ᠵᠠᠰᠠᠬᠤ ᠶᠢᠨ ᠲᠤᠯᠭᠠᠭᠤᠷᠢᠯᠠᠬᠤ ᠴᠢᠳᠠᠪᠤᠷᠢ ᠶᠢ ᠳᠡᠭᠡᠭᠰᠢᠯᠡᠭᠦᠯᠬᠦ ᠬᠡᠷᠡᠭᠲᠡᠶ︔ | ᠤᠰᠤᠨ ᠤ ᠪᠠᠷᠢᠯᠭ᠎ᠠ ᠳᠤ ᠦᠢᠯᠡᠴᠢᠯᠡᠬᠦ ᠬᠢᠨᠠᠯᠲᠠ ᠬᠠᠮᠢᠶᠠᠷᠤᠯᠲᠠ ᠶᠢᠨ ᠲᠠᠯ᠎ᠠ ᠪᠠᠷ᠂ ᠤᠰᠤᠨ ᠳᠤ ᠬᠤᠯᠪᠣᠭᠳᠠᠬᠤ | ᠪᠠᠷᠢᠯᠭ᠎ᠠ ᠶᠢᠨ ᠤᠰᠤᠨ ᠤ ᠰᠢᠨᠵᠢᠯᠡᠭᠡᠨ ᠤ ᠬᠢᠨᠠᠨ ᠬᠡᠮᠵᠢᠭᠰᠡᠨ ᠮᠡᠳᠡᠭᠡ ᠵᠠᠩᠭᠢ ᠶᠢ ᠴᠤᠭᠯᠠᠭᠤᠯᠬᠤ ᠡᠷᠴᠢᠮ ᠢᠶᠠᠨ | ᠴᠢᠩᠭᠠᠷᠠᠭᠤᠯᠤᠨ᠂ ᠤᠰᠤᠨ ᠴᠥᠭᠦᠷᠥᠮ ᠤᠨ ᠪᠦᠯᠦᠭᠵᠢᠯ ᠤᠨ ᠬᠠᠮᠲᠤᠷᠠᠨ ᠲᠤᠬᠢᠷᠠᠭᠤᠯᠬᠤ ᠪᠠ ᠤᠷᠢᠳᠴᠢᠯᠠᠨ | ᠮᠡᠳᠡᠭᠡᠯᠡᠬᠦ ᠠᠵᠢᠯᠯᠠᠭ᠎ᠠ ᠶᠢ ᠥᠷᠨᠢᠭᠦᠯᠵᠦ᠂ ᠣᠷᠣᠨ ᠪᠦᠰᠡ ᠶᠢᠨ ᠤᠰᠤᠨ ᠤ ᠡᠬᠢ ᠪᠠᠶᠠᠯᠢᠭ ᠢ ᠲᠤᠬᠢᠷᠠᠭᠤᠯᠬᠤ ᠪᠠ | ᠤᠰᠤᠨ ᠤ ᠬᠡᠮᠵᠢᠶ᠎ᠡ ᠶᠢ ᠲᠤᠬᠢᠷᠠᠭᠤᠯᠬᠤ ᠬᠠᠮᠢᠶᠠᠷᠤᠯᠲᠠ ᠶᠢ ᠬᠢᠨᠠᠨ ᠬᠡᠮᠵᠢᠵᠦ ᠬᠢᠨᠠᠨ ᠡᠵᠡᠮᠳᠡᠬᠦ ᠵᠡᠷᠭᠡ ᠶᠢ ᠰᠠᠶᠢᠲᠤᠷ | ᠬᠢᠵᠦ᠂ ᠬᠢᠨᠠᠯᠳᠠ ᠬᠠᠮᠢᠶᠠᠷᠤᠯᠳᠠ ᠪᠠᠨ ᠴᠢᠩᠭᠠᠳᠬᠠᠬᠤ ᠡᠯ᠎ᠡ ᠵᠦᠢᠯ ᠤᠨ ᠱᠠᠭᠠᠷᠳᠠᠯᠭ᠎ᠠ ᠶᠢ ᠪᠣᠳᠠᠲᠠᠢ ᠠᠵᠢᠯ ᠲᠠᠭᠠᠨ | ᠨᠠᠶᠢᠳᠠᠪᠤᠷᠢᠵᠢᠭᠤᠯᠬᠤ ᠪᠠᠷ ᠴᠢᠷᠮᠠᠶᠢᠬᠤ ᠭᠡᠷᠡᠭᠳᠡᠢ᠃ | ᠪᠢ ᠡᠳᠠᠭᠡᠷ ᠲᠠᠯ᠎ᠠ ᠪᠠᠷ ᠬᠠᠷᠢᠭᠤᠯᠤᠶ᠎ᠠ᠂ ᠪᠠᠶᠠᠷᠯᠠᠯ᠎ᠠ︕ | ᠠᠵᠤ ᠠᠬᠤᠶ ᠶᠢᠨ ᠡᠳᠦᠷ ᠤᠨ ᠰᠣᠨᠢᠨ ᠤ ᠰᠤᠷᠪᠤᠯᠵᠢᠯᠠᠭᠴᠢ᠄ ᠤᠰᠤᠨ ᠤ ᠰᠢᠨᠵᠢᠯᠡᠬᠡᠨ ᠤ ᠰᠠᠭᠤᠷᠢ | ᠲᠥᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠠᠮᠠᠷ ᠶᠠᠮᠠᠷ ᠦᠷ᠎ᠡ ᠪᠦᠲᠦᠮᠵᠢ ᠣᠯᠤᠭᠰᠠᠨ ᠢ ᠲᠠᠨᠢᠯᠴᠠᠭᠤᠯᠵᠤ | ᠦᠭᠬᠦᠨ᠎ᠡ ᠤᠤ︖ ᠣᠳᠣᠬᠢᠴᠢᠯᠠᠯᠲᠠ ᠶᠢᠨ ᠬᠡᠮᠵᠢᠶ᠎ᠡ ᠣᠳᠣ ᠬᠢᠷᠢ ᠵᠡᠷᠭᠡ ᠪᠤᠢ︖ ᠪᠠᠶᠠᠷᠯᠠᠯ᠎ᠠ︕ | ᠵᠠᠩ ᠸᠧᠨ ᠱᠧᠩ᠄ ᠪᠢ ᠲᠠᠨ ᠤ ᠠᠰᠠᠭᠤᠯᠲᠠ ᠶᠢ ᠬᠠᠷᠢᠭᠤᠯᠤᠶ᠎ᠠ᠂ ᠤᠯᠤᠰ ᠪᠠᠶᠢᠭᠤᠯᠤᠭᠳᠠᠭᠰᠠᠨ 70 | ᠵᠢᠯ ᠤᠨ ᠲᠤᠷᠰᠢ᠂ ᠤᠯᠤᠰ ᠤᠨ ᠤᠰᠤᠨ ᠤ ᠰᠢᠨᠵᠢᠯᠡᠭᠡᠨ ᠤ ᠲᠥᠬᠦᠭᠡᠷᠦᠮᠵᠢ ᠶᠢᠨ ᠪᠥᠲᠥᠭᠡᠨ ᠪᠠᠶᠢᠭᠤᠯᠤᠯᠲᠠ ᠶᠢᠨ | ᠪᠡᠯᠡ ᠣᠷᠣᠭᠤᠯᠤᠯᠲᠠ ᠵᠢᠯ ᠳᠠᠷᠠᠭᠠᠯᠠᠨ ᠨᠡᠮᠡᠭᠳᠡᠪᠡ᠃ ᠪᠦᠷᠢᠳᠬᠡᠯ ᠢ ᠦᠨᠳᠦᠰᠦᠯᠡᠪᠡᠯ᠂ 1949 ᠣᠨ ᠠᠴᠠ ︽ | ᠠᠷᠪᠠᠳᠤᠭᠠᠷ ᠲᠠᠪᠤᠨ ᠵᠢᠯ︾ ᠤᠨ ᠰᠡᠭᠦᠯᠴᠢ ᠪᠣᠯᠲᠠᠯ᠎ᠠ᠂ ᠪᠦᠬᠦ ᠤᠯᠤᠰ ᠤᠨ ᠤᠰᠤᠨ ᠤ ᠰᠢᠨᠵᠢᠯᠡᠭᠡᠨ ᠤ ᠦᠨᠳᠦᠰᠦᠨ | ᠪᠦᠲᠦᠭᠡᠨ ᠪᠠᠶᠢᠭᠤᠯᠤᠯᠲᠠ ᠳᠤ 42 . 17 ᠳ᠋ᠦᠩᠰᠢᠭᠤᠷ ᠲᠥᠭᠦᠷᠢᠭ ᠤᠨ ᠪᠡᠯᠡ ᠣᠷᠣᠭᠤᠯᠵᠠᠶ︔ ︽ᠠᠷᠪᠠᠨ | ᠨᠢᠬᠡᠳᠦᠬᠡᠷ ᠳᠠᠪᠤᠨ ᠵᠢᠯ︾ ᠤᠨ ᠲᠥᠯᠥᠪᠵᠢᠭᠦᠯᠭᠡ ᠶᠢᠨ ᠬᠤᠭᠤᠴᠠᠭᠠᠨ ᠳᠤ ᠪᠦᠬᠦ ᠤᠯᠤᠰ ᠤᠨ ᠤᠰᠤᠨ ᠤ | ᠰᠢᠨᠵᠢᠯᠡᠬᠡᠨ ᠤ ᠰᠠᠭᠤᠷᠢ ᠪᠦᠲᠦᠭᠡᠨ ᠪᠠᠶᠢᠭᠤᠯᠤᠯᠲᠠ ᠳᠠᠬᠢ ᠪᠡᠯᠡ ᠣᠷᠣᠭᠤᠯᠤᠯᠲᠠ 45 . 58 ᠳ᠋ᠦᠩᠰᠢᠭᠤᠷ | ᠲᠥᠭᠦᠷᠢᠭ ᠪᠠᠶᠢᠵᠤ᠂ ᠤᠯᠤᠰ ᠪᠠᠶᠢᠭᠤᠯᠤᠭᠳᠠᠭᠰᠠᠨ ᠡᠬᠢᠨ ᠤ ᠦᠶ᠎ᠡ ᠠᠴᠠ ︽ᠠᠷᠪᠠᠳᠤᠭᠠᠷ ᠲᠠᠪᠤᠨ ᠵᠢᠯ︾ ᠤᠨ | ᠲᠥᠯᠥᠪᠵᠢᠭᠦᠯᠭᠡ ᠶᠢᠨ ᠬᠤᠭᠤᠴᠠᠭᠠᠨ ᠤ ᠰᠡᠭᠦᠯᠴᠢ ᠪᠣᠯᠲᠠᠯᠠᠬᠢ ᠪᠡᠯᠡ ᠣᠷᠣᠭᠤᠯᠤᠯᠲᠠ ᠶᠢᠨ ᠶᠡᠷᠦᠩᠬᠡᠶ | ᠨᠡᠶᠢᠯᠡᠪᠦᠷᠢ ᠲᠠᠢ ᠲᠡᠩᠴᠡᠨ᠎ᠡ︔ 2011 ᠣᠨ ᠠᠴᠠ 2019 ᠤᠨ ᠪᠣᠯᠲᠠᠯ᠎ᠠ᠂ ᠤᠯᠤᠰ ᠠᠴᠠ ᠪᠥᠬᠦ ᠤᠯᠤᠰ ᠤᠨ | ᠤᠰᠤᠨ ᠤ ᠰᠢᠨᠵᠢᠯᠡᠭᠡᠨ ᠤ ᠰᠠᠭᠤᠷᠢ ᠲᠥᠬᠦᠭᠡᠷᠦᠮᠵᠢ ᠶᠢᠨ ᠪᠥᠲᠥᠭᠡᠨ ᠪᠠᠶᠢᠭᠤᠯᠤᠯᠲᠠ ᠶᠢᠨ ᠪᠠᠯᠠ ᠣᠷᠣᠭᠤᠯᠤᠯᠲᠠ ᠶᠢ | ᠨᠡᠶᠢᠲᠡ 216 . 40 ᠳ᠋ᠦᠩᠰᠢᠭᠤᠷ ᠲᠥᠭᠦᠷᠢᠭ ᠪᠠᠭᠤᠯᠭᠠᠬᠤ ᠪᠠᠷ ᠲᠥᠯᠥᠪᠯᠡᠵᠦ᠂ ᠵᠢᠯ ᠳᠤᠮᠳᠠᠴᠢ ᠶᠢᠨ ᠪᠠᠯᠠ | ᠣᠷᠣᠭᠤᠯᠤᠯᠲᠠ ᠶᠢᠨ ᠬᠡᠪᠴᠢᠶ᠎ᠡ 24 . 04 ᠳ᠋ᠦᠩᠰᠢᠭᠤᠷ ᠲᠥᠭᠦᠷᠢᠭ ᠲᠤ ᠬᠦᠷᠴᠡᠶ᠂ ᠡᠨᠡ ᠬᠦ ᠬᠤᠭᠤᠴᠠᠭ᠎ᠠ ᠪᠣᠯ | ᠤᠰᠤᠨ ᠰᠢᠨᠵᠢᠯᠡᠭᠡᠨ ᠤ ᠬᠥᠭᠵᠢᠯᠲᠡ ᠶᠢᠨ ᠲᠡᠦᠬᠡᠨ ᠳᠡᠭᠡᠷᠡᠬᠢ ᠪᠠᠯᠠ ᠣᠷᠣᠭᠤᠯᠤᠯᠲᠠ ᠶᠢᠨ ᠡᠷᠴᠢᠮ ᠢᠶᠠᠷ ᠬᠠᠮᠤᠭ ᠤᠨ | ᠴᠢᠩᠭ᠎ᠠ᠂ ᠲᠥᠷᠥᠯ ᠵᠦᠢᠯ ᠤᠨ ᠲᠤᠭ᠎ᠠ ᠬᠡᠮᠵᠢᠶ᠎ᠡ ᠪᠠᠷ ᠬᠠᠮᠤᠭ ᠤᠨ ᠣᠯᠠᠨ᠂ ᠴᠢᠳᠠᠪᠤᠷᠢ ᠶᠢᠨ ᠳᠡᠭᠡᠭᠰᠢᠯᠡᠯᠲᠡ ᠪᠠᠷ | ᠬᠠᠮᠤᠭ ᠤᠨ ᠲᠦᠷᠭᠡᠨ ᠬᠤᠭᠤᠴᠠᠭ᠎ᠠ ᠪᠣᠯᠤᠨ᠎ᠠ ᠭᠡᠵᠦ ᠬᠡᠯᠡᠵᠦ ᠪᠣᠯᠤᠨ᠎ᠠ᠃ | ᠶᠡᠭᠡ ᠬᠡᠪᠴᠢᠶᠡᠨ ᠤ ᠤᠰᠤᠨ ᠤ ᠰᠢᠨᠵᠢᠯᠡᠭᠡᠨ ᠤ ᠰᠠᠭᠤᠷᠢ ᠲᠦᠬᠦᠬᠡᠷᠦᠮᠵᠢ ᠶᠢᠨ ᠪᠦᠲᠦᠭᠡᠨ ᠪᠠᠶᠢᠭᠤᠯᠤᠯᠲᠠ ᠨᠢ | ᠤᠰᠤᠨ ᠤ ᠰᠢᠨᠵᠢᠯᠡᠭᠡᠨ ᠤ ᠦᠢᠯᠡᠰ ᠤᠨ ᠳᠠᠪᠠᠯᠲᠠ ᠮᠠᠶ᠋ᠢᠭ ᠤᠨ ᠬᠥᠭᠵᠢᠯᠲᠡ ᠳᠤ ᠪᠠᠲᠤ ᠪᠠᠬᠢ ᠰᠠᠭᠤᠷᠢ ᠶᠢ | ᠲᠠᠯᠪᠢᠵᠤ᠂ ᠤᠰᠤᠨ ᠤ ᠰᠢᠨᠵᠢᠯᠡᠭᠡᠨ ᠤ ᠣᠳᠣᠬᠢᠴᠢᠯᠠᠯᠲᠠ ᠶᠢᠨ ᠬᠡᠮᠵᠢᠶ᠎ᠡ ᠡᠳᠦᠷ ᠢᠷᠡᠬᠦᠶ᠎ᠡ ᠳᠡᠭᠡᠭᠰᠢᠯᠡᠵᠦ᠂ ᠤᠰᠤᠨ | ᠠᠰᠢᠭᠯᠠᠯᠲᠠ ᠶᠢᠨ ᠠᠵᠢᠯ ᠪᠣᠯᠤᠨ ᠠᠵᠤ ᠠᠬᠤᠶ ᠨᠡᠶᠢᠭᠡᠮ ᠤᠨ ᠬᠥᠭᠵᠢᠯᠲᠡ ᠳᠤ ᠬᠠᠩᠭᠠᠭᠰᠠᠨ ᠤᠰᠤᠨ ᠤ | ᠰᠢᠨᠵᠢᠯᠡᠭᠡᠨ ᠤ ᠮᠡᠳᠡᠭᠡ ᠵᠠᠩᠭᠢ ᠶᠢ ᠨᠡᠩ ᠪᠦᠬᠦ ᠲᠠᠯ᠎ᠠ ᠪᠠᠷ᠂ ᠨᠡᠩ ᠲᠦᠷᠭᠡᠨ᠂ ᠨᠡᠩ ᠣᠨᠣᠪᠴᠢᠲᠠᠶ ᠪᠣᠯᠭᠠᠪᠠ᠃ | ᠣᠯᠤᠭᠰᠠᠨ ᠪᠦᠳᠤᠭᠡᠨ ᠪᠠᠶᠢᠭᠤᠯᠤᠯᠲᠠ ᠶᠢᠨ ᠦᠷ᠎ᠡ ᠪᠦᠲᠦᠮᠵᠢ ᠪᠠ ᠣᠳᠣᠬᠢᠴᠢᠯᠠᠯᠲᠠ ᠶᠢᠨ ᠬᠡᠮᠵᠢᠶ᠎ᠡ ᠭᠤᠣᠯᠳᠠᠭᠤ | ᠳᠣᠣᠷᠠᠬᠢ ᠭᠤᠷᠪᠠᠨ ᠲᠠᠯ᠎ᠠ ᠪᠠᠷ ᠢᠯᠡᠷᠡᠵᠦ ᠪᠠᠶᠢᠨ᠎ᠠ᠄ | ᠨᠢᠭᠡ ᠳᠤ᠂ ᠤᠰᠤᠨ ᠤ ᠰᠢᠨᠵᠢᠯᠡᠭᠡᠨ ᠤ ᠰᠦᠯᠵᠢᠶ᠎ᠡ ᠲᠡᠭᠦᠯᠳᠡᠷᠵᠢᠪᠡ᠃ ᠶᠡᠭᠡ ᠭᠤᠣᠯ ᠮᠥᠷᠡᠨ ᠵᠢᠴᠢ | ᠲᠡᠭᠦᠨ ᠤ ᠴᠢᠬᠤᠯᠠ ᠰᠠᠯᠪᠤᠷᠢ ᠤᠷᠤᠰᠬᠠᠯ ᠢ ᠬᠠᠮᠤᠷᠤᠭᠰᠠᠨ᠂ ᠦᠶᠡᠷ ᠢ ᠰᠡᠷᠭᠡᠶᠢᠯᠡᠬᠦ ᠭᠤᠤᠯᠳᠠᠯᠭᠠᠳᠤ ᠡᠭᠦᠷᠭᠡ ᠲᠠᠢ | ᠳᠤᠮᠳᠠ ᠵᠢᠵᠢᠭ ᠭᠤᠣᠯ ᠮᠥᠷᠡᠨ ᠢ ᠬᠠᠮᠤᠷᠤᠭᠰᠠᠨ ᠤᠰᠤᠨ ᠤ ᠰᠢᠨᠵᠢᠯᠡᠬᠡᠨ ᠤ ᠦᠷᠳᠡᠭᠡ ᠶᠢᠨ ᠲᠤᠤᠷᠵᠢᠯ | ᠤᠨ ᠰᠢᠰᠲ᠋ᠧᠮ ᠢ ᠦᠨᠳᠦᠰᠦᠨ ᠳᠡᠭᠡᠨ ᠪᠠᠶᠢᠭᠤᠯᠵᠤ᠂ ᠤᠰᠤᠨ ᠤ ᠰᠢᠨᠵᠢᠯᠡᠬᠡᠨ ᠤ ᠬᠡᠮᠵᠢᠯᠲᠡ ᠶᠢᠨ ᠥᠷᠲᠡᠭᠡᠨ ᠤ | ᠲᠤᠭ᠎ᠠ ᠬᠡᠮᠵᠢᠶ᠎ᠡ ᠶᠢ ᠶᠡᠭᠡ ᠪᠠᠷ ᠨᠡᠮᠡᠭᠳᠡᠭᠦᠯᠦᠨ᠂ ᠥᠷᠲᠡᠭᠡᠨ ᠤ ᠲᠣᠣᠷᠵᠢᠯ ᠤᠨ ᠪᠦᠬᠦᠯᠢ ᠴᠣᠭᠴᠠ ᠶᠢᠨ ᠪᠠᠶᠢᠷᠢᠰᠢᠯ | ᠪᠠ ᠴᠢᠳᠠᠮᠵᠢ ᠶᠢ ᠲᠠᠰᠤᠷᠠᠯᠲᠠ ᠦᠭᠡᠢ ᠲᠡᠭᠦᠯᠳᠡᠷᠵᠢᠭᠦᠯᠪᠡ᠃ | ᠬᠤᠶᠠᠷ ᠲᠤ ᠤᠰᠤᠨ ᠤ ᠰᠢᠨᠵᠢᠯᠡᠭᠡᠨ ᠤ ᠬᠢᠨᠠᠨ ᠬᠡᠮᠵᠢᠬᠦ ᠴᠢᠳᠠᠪᠤᠷᠢ ᠢᠯᠡᠳᠲᠡ ᠴᠢᠩᠭᠠᠷᠠᠪᠠ᠃ ᠮᠡᠷᠭᠡᠵᠢᠯ | ᠲᠣᠨᠣᠭᠯᠠᠯ ᠤᠨ ᠬᠢᠷᠢ ᠲᠦᠪᠰᠢᠨ ᠲᠠᠰᠤᠷᠠᠯᠲᠠ ᠦᠭᠡᠢ ᠳᠡᠭᠡᠭᠰᠢᠯᠡᠵᠦ᠂ ᠤᠰᠤᠨ ᠤ ᠰᠢᠨᠵᠢᠯᠡᠭᠡᠨ ᠤᠬᠢᠨᠠᠨ | ᠬᠡᠮᠵᠢᠯᠲᠡ ᠶᠢᠨ ᠠᠦ᠋ᠲ᠋ᠣᠴᠢᠯᠠᠯᠲᠠ ᠪᠠ ᠮᠡᠳᠡᠭᠡ ᠵᠠᠩᠭᠢᠵᠢᠯᠲᠠ ᠶᠢᠨ ᠬᠡᠮᠵᠢᠶ᠎ᠡ ᠢᠯᠡᠳᠲᠡ ᠳᠡᠭᠡᠭᠰᠢᠯᠡᠵᠦ᠂ ᠪᠣᠷᠣᠭᠠᠨ ᠤ | ᠬᠡᠮᠵᠢᠶ᠎ᠡ᠂ ᠤᠰᠤᠨ ᠲᠦᠪᠰᠢᠨ ᠵᠡᠷᠭᠡ ᠡᠯᠧᠮᠧᠨ᠋ᠲ ᠨᠢᠭᠡᠨᠲᠡ ᠰᠦᠯᠵᠢᠶᠡᠨ ᠳᠡᠭᠡᠷ᠎ᠡ ᠠᠦ᠋ᠲ᠋ᠣ᠋ ᠬᠢᠨᠠᠨ ᠬᠡᠮᠵᠢᠯᠲᠡ ᠬᠢᠬᠦ ᠶᠢ | ᠪᠡᠶᠡᠯᠡᠭᠦᠯᠵᠦ᠂ ᠤᠷᠤᠰᠬᠠᠯ ᠤᠨ ᠬᠡᠮᠵᠢᠶ᠎ᠡ᠂ ᠡᠯᠡᠰᠦ ᠰᠢᠪᠠᠷ᠂ ᠤᠰᠤᠨ ᠤ ᠴᠢᠨᠠᠷ ᠵᠡᠷᠭᠡ ᠡᠯᠧᠮᠧᠨ᠋ᠲ᠂ ᠲᠡᠷᠢᠭᠦᠨ ᠤ | ᠮᠡᠷᠭᠡᠵᠢᠯ ᠤᠨ ᠠᠷᠭ᠎ᠠ ᠪᠠᠷᠢᠯ ᠢ ᠥᠷᠭᠡᠨ ᠢᠶᠠᠷ ᠬᠡᠷᠡᠭᠯᠡᠨ ᠬᠢᠨᠠᠨ ᠬᠡᠮᠵᠢᠯᠲᠡ ᠬᠢᠵᠦ᠂ ᠠᠦ᠋ᠲ᠋ᠣᠴᠢᠯᠠᠯᠲᠠ ᠶᠢᠨ ᠬᠡᠮᠵᠢᠶ᠎ᠡ | ᠴᠦ ᠲᠠᠰᠤᠷᠠᠯᠲᠠ ᠦᠭᠡᠢ ᠳᠡᠭᠡᠭᠰᠢᠯᠡᠵᠦ᠂ ᠤᠰᠤᠨ ᠤ ᠰᠢᠨᠵᠢᠯᠡᠭᠡᠨ ᠤᠮᠡᠳᠡᠭᠡ ᠵᠠᠩᠭᠢ ᠶᠢᠨ ᠣᠨᠣᠪᠴᠢᠲᠤ ᠴᠢᠨᠠᠷ᠂ | ᠨᠠᠶᠢᠳᠠᠪᠤᠷᠢᠲᠤ ᠴᠢᠨᠠᠷ ᠪᠠ ᠴᠠᠭᠲᠤ ᠴᠢᠨᠠᠷ ᠢᠯᠡᠳᠲᠡ ᠰᠠᠶᠢᠵᠢᠷᠠᠵᠠᠢ᠃ | ᠭᠤᠷᠪᠠ ᠳᠤ᠂ ᠤᠰᠤᠨ ᠤ ᠰᠢᠨᠵᠢᠯᠡᠭᠡᠨ ᠦᠦ᠋ᠯᠡᠴᠢᠯᠡᠭᠡᠨ ᠤ ᠲᠦᠪᠰᠢᠨ ᠢᠯᠡᠳᠲᠡ ᠳᠡᠭᠡᠭᠰᠢᠯᠡᠪᠡ᠃ ᠤᠰᠤᠨ | ᠰᠢᠨᠵᠢᠯᠡᠭᠡᠨ ᠤ ᠰᠠᠯᠠᠭ᠎ᠠ ᠮᠥᠴᠢᠷ ᠵᠢᠴᠢ ᠬᠢᠨᠠᠨ ᠬᠡᠮᠵᠢᠬᠦ ᠪᠠ ᠤᠷᠢᠳᠴᠢᠯᠠᠨ ᠰᠡᠷᠡᠮᠵᠢᠯᠡᠭᠦᠯᠵᠦ ᠤᠷᠢᠳᠴᠢᠯᠠᠨ | ᠮᠡᠳᠡᠭᠡᠯᠡᠬᠦ ᠮᠡᠳᠡᠭᠡ ᠵᠠᠩᠭᠢ ᠶᠢ ᠴᠠᠭ ᠲᠤᠬᠠᠶ ᠳᠤᠨᠢ ᠬᠠᠩᠭᠠᠵᠤ᠂ ᠤᠰᠤᠨ ᠤ ᠪᠠᠶᠢᠳᠠᠯ ᠤᠨ ᠮᠡᠳᠡᠭᠡ ᠵᠠᠩᠭᠢ ᠶᠢ 20 | ᠮᠢᠨᠦ᠋ᠲ ᠤᠨ ᠳᠣᠲᠣᠷ᠎ᠠ ᠡᠯ᠎ᠡ ᠱᠠᠲᠤᠨ ᠤ ᠤᠰᠤᠨ ᠤ ᠰᠢᠨᠵᠢᠯᠡᠬᠡᠨ ᠤ ᠪᠠᠶᠢᠭᠤᠯᠤᠮᠵᠢ ᠳᠤ ᠳᠠᠮᠵᠢᠭᠤᠯᠵᠤ᠂ | ᠦᠶᠡᠷ ᠤᠨ ᠤᠰᠤ ᠶᠢ ᠤᠷᠢᠳᠴᠢᠯᠠᠨ ᠮᠡᠳᠡᠭᠡᠯᠡᠬᠦ ᠶᠡᠷᠦᠩᠬᠡᠶ ᠬᠢᠷᠢ ᠲᠡᠩᠴᠡᠭᠰᠡᠨ ᠨᠣᠷᠮ᠎ᠠ ᠶᠢ 90 % ᠠᠴᠠ | ᠳᠡᠭᠡᠭᠰᠢ ᠳᠤ ᠬᠦᠷᠦᠭᠦᠯᠵᠦ᠂ ᠤᠷᠢᠳᠴᠢᠯᠠᠨ ᠮᠡᠳᠡᠬᠦ ᠬᠤᠭᠤᠴᠠᠭ᠎ᠠ ᠶᠢ 3 — 5 ᠡᠳᠦᠷ ᠪᠣᠯᠭᠠᠨ᠎ᠠ᠃ ᠡᠭᠦᠨ ᠤ | ᠬᠠᠮᠲᠤ᠂ ᠵᠠᠰᠠᠭ ᠵᠠᠬᠢᠷᠭᠠᠨ ᠤ ᠣᠷᠣᠨ ᠤ ᠵᠠᠭᠠᠭ ᠪᠠ ᠤᠰᠤ ᠬᠠᠩᠭᠠᠬᠤ ᠤᠰᠤᠨ ᠰᠤᠷᠪᠤᠯᠵᠢ ᠶᠢᠨ ᠭᠠᠵᠠᠷ ᠵᠡᠷᠭᠡ | ᠤᠰᠤᠨ ᠤ ᠬᠡᠮᠵᠢᠶ᠎ᠡ ᠤᠰᠤᠨ ᠤ ᠴᠢᠨᠠᠷ ᠤᠰᠤᠨ ᠤ ᠠᠮᠢ ᠠᠬᠤᠶ ᠶᠢᠨ ᠬᠢᠨᠠᠨ ᠰᠢᠨᠵᠢᠬᠦ ᠪᠠ ᠵᠠᠳᠠᠯᠤᠨ ᠦᠨᠡᠯᠡᠬᠦ ᠶᠢ | ᠥᠷᠨᠢᠭᠦᠯᠦᠨ᠎ᠡ᠃ ᠺᠣᠮᠫᠢᠦᠲ᠋ᠧᠷ ᠤᠨ ᠲᠣᠣᠷ ᠰᠦᠯᠵᠢᠶ᠎ᠡ ᠪᠣᠯᠤᠨ ᠡᠯ᠎ᠡ ᠲᠥᠷᠥᠯ ᠤᠨ ᠠᠯᠪᠠᠨ ᠮᠡᠳᠡᠭᠡ ᠪᠠᠷ | ᠳᠠᠮᠵᠢᠭᠤᠯᠤᠨ᠂ ᠤᠰᠤᠨ ᠤ ᠰᠢᠨᠵᠢᠯᠡᠭᠡᠨ ᠤ ᠤᠰᠤᠨ ᠤ ᠡᠬᠢ ᠪᠠᠶᠠᠯᠢᠭ ᠤᠨ ᠮᠡᠳᠡᠭᠡ ᠵᠠᠩᠭᠢ ᠶᠢ ᠨᠡᠶᠢᠲᠡᠯᠡᠵᠦ᠂ | ᠵᠠᠰᠠᠭ ᠤᠨ ᠣᠷᠳᠣᠨ ᠤ ᠰᠠᠯᠠᠭ᠎ᠠ ᠮᠥᠴᠢᠷ ᠪᠣᠯᠤᠨ ᠨᠡᠶᠢᠭᠡᠮ ᠨᠡᠶᠢᠲᠡ ᠳᠤ ᠤᠰᠤᠨ ᠰᠢᠨᠵᠢᠯᠡᠭᠡᠨ ᠤ ᠦᠢᠯᠡᠴᠢᠯᠡᠭᠡᠨ ᠢ | ᠴᠠᠭ ᠲᠤᠬᠠᠶ ᠳᠤᠨᠢ ᠬᠠᠩᠭᠠᠵᠤ᠂ ᠤᠰᠤᠨ ᠤ ᠡᠬᠢ ᠪᠠᠶᠠᠯᠢᠭ᠂ ᠤᠰᠤᠨ ᠤ ᠠᠮᠢ ᠠᠬᠤᠶ᠂ ᠤᠰᠤᠨ ᠤ ᠣᠷᠴᠢᠨ | ᠲᠣᠭᠤᠷᠢᠨ ᠪᠣᠯᠤᠨ ᠤᠰᠤᠨ ᠤ ᠭᠠᠮᠰᠢᠭ ᠤᠨ ᠠᠰᠠᠭᠤᠳᠠᠯ ᠢ ᠰᠢᠢᠳᠪᠦᠷᠢᠯᠡᠬᠦ ᠳᠤ ᠬᠦᠴᠦᠲᠡᠶ ᠮᠡᠷᠭᠡᠵᠢᠯ ᠤᠨ | ᠲᠤᠯᠭᠠᠭᠤᠷᠢᠯᠠᠯ ᠬᠠᠩᠭᠠᠬᠤ ᠬᠡᠷᠡᠭᠲᠡᠶ᠃ | ᠳᠤᠮᠳᠠᠳᠤ ᠤᠯᠤᠰ ᠤᠨ ᠡᠳᠦᠷ ᠤᠨ ᠰᠣᠨᠢᠨ ᠤ ᠰᠤᠷᠪᠤᠯᠵᠢᠯᠠᠭᠴᠢ᠄ ᠼᠠᠢ ᠵᠤᠷᠭᠠᠨ ᠤ ᠳᠠᠷᠤᠭ᠎ᠠ ᠠᠴᠠ | ᠠᠰᠠᠭᠤᠬᠤ ᠨᠢ ᠣᠲᠣ ᠤᠯᠤᠰ ᠠᠴᠠ ᠠᠮᠢ ᠠᠬᠤᠶ ᠶᠢᠨ ᠪᠣᠯᠪᠠᠰᠤᠨ ᠤ ᠪᠠᠶᠢᠭᠤᠯᠤᠯᠲᠠ ᠶᠢ ᠪᠥᠬᠦ ᠲᠠᠯ᠎ᠠ ᠪᠠᠷ ᠳᠥᠯᠭᠢᠨ | ᠠᠬᠢᠭᠤᠯᠬᠤ᠂ ᠤᠰᠤᠨ ᠤ ᠰᠢᠨᠵᠢᠯᠡᠬᠡᠨ ᠤ ᠰᠠᠯᠠᠭ᠎ᠠ ᠮᠥᠴᠢᠷ ᠠᠴᠠ ᠭᠤᠤᠯ ᠮᠥᠷᠡᠨ ᠨᠠᠭᠤᠷ ᠴᠥᠭᠦᠷᠥᠮ ᠤᠨ ᠡᠷᠡᠭᠦᠯ | ᠪᠠᠶᠢᠳᠠᠯ ᠢ ᠬᠠᠮᠠᠭᠠᠯᠠᠬᠤ᠂ ᠭᠤᠤᠯ ᠮᠥᠷᠡᠨ ᠨᠠᠭᠤᠷ ᠴᠥᠭᠦᠷᠥᠮ ᠤᠨ ᠠᠮᠢ ᠠᠬᠤᠶ ᠶᠢᠨ ᠤᠷᠤᠰᠬᠠᠯ ᠤᠨ ᠬᠡᠮᠵᠢᠶ᠎ᠡ ᠪᠠ | ᠤᠰᠤᠨ ᠤ ᠬᠡᠮᠵᠢᠶ᠎ᠡ ᠶᠢ ᠪᠠᠲᠤᠯᠠᠬᠤ ᠲᠠᠯ᠎ᠠ ᠪᠠᠷ ᠶᠠᠮᠠᠷ ᠠᠵᠢᠯ ᠬᠢᠭᠰᠡᠨ ᠵᠢᠴᠢ ᠰᠢᠨ᠎ᠡ ᠨᠢᠭᠡ ᠵᠢᠯ ᠳᠤ ᠶᠠᠮᠠᠷ | ᠲᠥᠯᠥᠪᠯᠡᠭᠡ ᠲᠠᠢ ᠪᠠᠶᠢᠬᠤ ᠶᠢ ᠠᠰᠠᠭᠤᠶ᠎ᠠ︖ ᠪᠠᠶᠠᠷᠯᠠᠯ᠎ᠠ︕ | ᠼᠠᠢ ᠵᠢᠶᠠᠨ ᠶᠤᠸᠠᠨ᠄ ᠡᠨᠡ ᠠᠰᠠᠭᠤᠳᠠᠯ ᠢ ᠵᠠᠩ ᠸᠧᠨ ᠱᠧᠩ ᠳᠡᠳ᠋ ᠵᠤᠷᠭᠠᠨ ᠤ ᠳᠠᠷᠤᠭ᠎ᠠ ᠪᠠᠷ | ᠬᠠᠷᠢᠭᠤᠯᠤᠯᠤᠶᠠ᠂ ᠲᠡᠷᠡ ᠡᠨᠡ ᠠᠵᠢᠯ ᠢ ᠬᠤᠪᠢᠳᠠᠨ ᠬᠠᠮᠢᠶᠠᠷᠴᠤ ᠪᠠᠶᠢᠨ᠎ᠠ᠂ ᠲᠡᠷᠡ ᠲᠠᠨ ᠤ ᠠᠰᠠᠭᠤᠯᠲᠠ ᠶᠢ | ᠬᠠᠷᠢᠭᠤᠯᠬᠤ ᠪᠠᠷ ᠪᠠᠶᠢᠨ᠎ᠠ | ᠵᠠᠩ ᠸᠧᠨ ᠱᠧᠩ᠄ ᠣᠯᠠᠨ ᠵᠢᠯ ᠤᠨ ᠲᠤᠷᠰᠢ᠂ ᠤᠰᠤᠨ ᠤ ᠰᠢᠨᠵᠢᠯᠡᠬᠡᠨ ᠤ ᠰᠠᠯᠠᠭ᠎ᠠ ᠮᠥᠴᠢᠷ ᠣᠷᠳᠣ | ᠬᠤᠭᠤᠴᠠᠭᠠᠨ ᠤ ᠴᠤᠪᠤᠷᠠᠯ ᠤᠰᠤᠨ ᠤ ᠰᠢᠨᠵᠢᠯᠡᠬᠡᠨ ᠤ ᠮᠠᠲ᠋ᠧᠷᠢᠶᠠᠯ ᠪᠠ ᠤᠰᠤᠨ ᠤ ᠰᠢᠨᠵᠢᠯᠡᠬᠡᠨ ᠤ ᠴᠠᠭ | ᠳᠤᠬᠠᠢ ᠳᠤᠨᠢ ᠬᠢᠨᠠᠨ ᠬᠡᠮᠵᠢᠭᠰᠡᠨ ᠲᠤᠭ᠎ᠠ ᠪᠠᠷᠢᠮᠲᠠ ᠵᠢᠴᠢ ᠵᠠᠳᠠᠯᠤᠯᠲᠠ ᠦᠨᠡᠯᠡᠯᠲᠡ ᠶᠢᠨ ᠦᠷ᠎ᠡ ᠪᠦᠲᠦᠭᠡᠯ ᠳᠤ | ᠲᠦᠰᠢᠭᠯᠡᠨ᠂ ᠭᠤᠤᠯ ᠮᠥᠷᠡᠨ ᠨᠠᠭᠤᠷ ᠴᠥᠭᠦᠷᠥᠮ ᠤᠨ ᠤᠰᠤᠨ ᠰᠢᠰᠲ᠋ᠧᠮ᠂ ᠡᠷᠭᠢ ᠶᠢᠨ ᠱᠤᠭᠤᠮ᠂ ᠤᠰᠤᠨ ᠤ | ᠬᠡᠮᠵᠢᠶ᠎ᠡ᠂ ᠤᠰᠤᠨ ᠤ ᠴᠢᠨᠠᠷ᠂ ᠡᠯᠡᠰᠦ ᠰᠢᠪᠠᠷ᠂ ᠤᠰᠤᠨ ᠤ ᠠᠮᠢ ᠠᠬᠤᠶ ᠵᠡᠷᠭᠡ ᠦᠨᠳᠦᠰᠦᠨ ᠣᠨᠴᠠᠯᠢᠭ ᠢ | ᠡᠵᠡᠮᠰᠢᠵᠦ᠂ ᠭᠤᠤᠯ ᠮᠥᠷᠡᠨ ᠨᠠᠭᠤᠷ ᠴᠥᠭᠦᠷᠥᠮ ᠤᠨ ᠬᠤᠪᠢᠷᠠᠯᠲᠠ ᠶᠢ ᠴᠠᠭ ᠲᠤᠬᠠᠶ ᠳᠤᠨᠢ ᠮᠥᠷᠳᠡᠵᠦ᠂ | ᠢᠷᠡᠭᠡᠳᠦᠶ ᠶᠢᠨ ᠬᠥᠭᠵᠢᠯᠲᠡ ᠶᠢᠨ ᠪᠠᠶᠢᠳᠠᠯ ᠢ ᠲᠥᠰᠦᠭᠡᠯᠡᠵᠦ ᠤᠷᠢᠳᠴᠢᠯᠠᠨ ᠰᠡᠷᠡᠮᠵᠢᠯᠡᠭᠦᠯᠵᠦ᠂ ᠭᠤᠤᠯ ᠮᠥᠷᠡᠨ | ᠨᠠᠭᠤᠷ ᠴᠥᠭᠦᠷᠥᠮ ᠤᠨ ᠡᠷᠡᠭᠦᠯ ᠪᠠᠶᠢᠳᠠᠯ ᠢ ᠬᠠᠮᠠᠭᠠᠯᠠᠬᠤ᠂ ᠠᠮᠢ ᠠᠬᠤᠶ ᠶᠢᠨ ᠪᠣᠯᠪᠠᠰᠤᠨ ᠤ ᠪᠠᠶᠢᠭᠤᠯᠤᠯᠲᠠ ᠶᠢ | ᠠᠬᠢᠭᠤᠯᠬᠤ ᠳᠤ ᠬᠦᠴᠦᠨ ᠪᠥᠬᠦᠶ ᠤᠰᠤᠨ ᠤ ᠰᠢᠨᠵᠢᠯᠡᠬᠡᠨ ᠤ ᠲᠤᠯᠭᠠᠭᠤᠷᠢᠯᠠᠯ ᠬᠠᠩᠭᠠᠵᠤ᠂ ᠭᠤᠤᠯᠳᠠᠭᠤ ᠡᠶᠢᠮᠦ | ᠬᠡᠳᠦᠨ ᠲᠠᠯ᠎ᠠ ᠶᠢᠨ ᠠᠵᠢᠯ ᠢ ᠥᠷᠨᠢᠭᠦᠯᠪᠡ᠄ | ᠨᠢᠭᠡ ᠳᠤ ᠤᠰᠤᠨ ᠤ ᠡᠬᠢ ᠪᠠᠶᠠᠯᠢᠭ ᠢ ᠬᠠᠮᠠᠭᠠᠯᠠᠬᠤ ︽ᠤᠯᠠᠭᠠᠨ ᠨᠣᠭᠤᠭᠠᠨ ᠳ᠋ᠧᠩ︾ ᠢ ᠰᠠᠶᠢᠲᠤᠷ ᠬᠢᠵᠦ᠂ | ᠭᠤᠣᠯ ᠮᠥᠷᠡᠨ ᠨᠠᠭᠤᠷ ᠴᠥᠭᠦᠷᠥᠮ ᠤᠨ ᠠᠮᠢ ᠠᠬᠤᠶ ᠶᠢᠨ ᠤᠷᠤᠰᠬᠠᠯ ᠤᠨ ᠬᠡᠮᠵᠢᠶ᠎ᠡ ᠶᠢ ᠬᠢᠨᠠᠨ ᠬᠡᠮᠵᠢᠬᠦ ᠠᠵᠢᠯ | ᠥᠷᠨᠢᠭᠦᠯᠬᠦ ᠶᠢ ᠵᠣᠬᠢᠶᠠᠨ ᠪᠠᠶᠢᠭᠤᠯᠤᠨ ᠠᠬᠢᠭᠤᠯᠵᠤ᠂ ᠭᠤᠣᠯ ᠤᠨ ᠵᠠᠮ ᠤᠨ ᠳᠣᠣᠷ᠎ᠠ ᠤᠰᠤ ᠶᠢ ᠬᠢᠨᠠᠨ ᠬᠡᠮᠵᠢᠬᠦ ᠳᠤ | ᠲᠣᠬᠢᠷᠠᠬᠤ ᠤᠰᠤᠨ ᠤ ᠡᠬᠢ ᠪᠠᠶᠠᠯᠢᠭ ᠤᠨ ᠤᠰᠤᠨ ᠤ ᠬᠡᠮᠵᠢᠶ᠎ᠡ ᠶᠢ ᠬᠢᠨᠠᠨ ᠬᠡᠮᠵᠢᠬᠦ ᠮᠡᠷᠭᠡᠵᠢᠯ ᠤᠨ ᠵᠦᠭᠯᠡᠭᠦᠷ ᠢ | ᠨᠠᠶᠢᠷᠠᠭᠤᠯᠤᠨ ᠵᠣᠬᠢᠶᠠᠨ᠎ᠠ᠃ ᠭᠤᠤᠯ ᠮᠥᠷᠡᠨ ᠨᠠᠭᠤᠷ ᠴᠥᠭᠦᠷᠥᠮ ᠤᠨ ᠤᠰᠤᠨ ᠤ ᠪᠠᠶᠢᠳᠠᠯ ᠤᠨ ᠬᠤᠪᠢᠷᠠᠯᠲᠠ ᠪᠠ | ᠠᠮᠢ ᠠᠬᠤᠶ ᠶᠢᠨ ᠤᠷᠤᠰᠬᠠᠯ ᠤᠨ ᠬᠡᠮᠵᠢᠶ᠎ᠡ ᠶᠢᠨ ᠬᠠᠨᠤᠮᠵᠢ ᠶᠢᠨ ᠬᠡᠮᠵᠢᠶ᠎ᠡ ᠶᠢ ᠵᠠᠳᠠᠯᠤᠨ ᠦᠨᠡᠯᠡᠨ ᠵᠢᠱᠢᠵᠦ᠂ ᠠᠮᠢ | ᠠᠬᠤᠶ ᠶᠢᠨ ᠤᠷᠤᠰᠬᠠᠯ ᠤᠨ ᠬᠡᠮᠵᠢᠶ᠎ᠡ ᠶᠢ ᠤᠷᠢᠳᠴᠢᠯᠠᠨ ᠰᠡᠷᠡᠮᠵᠢᠯᠡᠭᠦᠯᠬᠦ ᠶᠢ ᠥᠷᠨᠢᠭᠦᠯᠦᠨ᠂ ᠭᠤᠤᠯ ᠮᠥᠷᠡᠨ ᠨᠠᠭᠤᠷ | ᠴᠥᠭᠦᠷᠥᠮ ᠤᠨ ᠠᠮᠢ ᠠᠬᠤᠶ ᠶᠢᠨ ᠤᠰᠤᠨ ᠤ ᠬᠡᠮᠵᠢᠶ᠎ᠡ ᠶᠢ ᠪᠠᠲᠤᠯᠠᠬᠤ ᠪᠠ ᠤᠰᠤᠨ ᠤ ᠬᠡᠮᠵᠢᠶ᠎ᠡ ᠶᠢ ᠲᠦᠢᠯ ᠤᠨ | ᠣᠨᠣᠪᠴᠢᠲᠠᠶ ᠲᠣᠬᠢᠷᠠᠭᠤᠯᠬᠤ ᠳᠤ ᠦᠨᠳᠦᠰᠦᠯᠡᠯ ᠬᠠᠩᠭᠠᠨ᠎ᠠ᠃ ᠵᠢᠱᠢᠶᠡᠯᠡᠪᠡᠯ᠂ ᠰᠧᠴᠤᠸᠠᠨ ᠤ ᠤᠰᠤᠨ ᠤ | ᠰᠢᠨᠵᠢᠯᠡᠬᠡᠨ ᠤ ᠰᠠᠯᠠᠭ᠎ᠠ ᠮᠥᠴᠢᠷ ᠨᠢᠳᠤᠨᠤᠨ ᠮᠢᠨᠵᠢᠶᠠᠩ ᠮᠥᠷᠡᠨ᠂ ᠲᠦᠸᠧᠵᠢᠶᠠᠩ ᠮᠥᠷᠡᠨ ᠤ ᠰᠠᠪᠠ ᠭᠠᠵᠠᠷ ᠲᠤ | ᠰᠢᠷᠭᠢᠬᠦ ᠤᠯᠠᠷᠢᠯ ᠤᠨ ᠠᠮᠢ ᠠᠬᠤᠢ ᠶᠢᠨ ᠤᠷᠤᠰᠬᠠᠯ ᠤᠨ ᠬᠡᠮᠵᠢᠶ᠎ᠡ ᠶᠢ ᠬᠢᠨᠠᠨ ᠬᠡᠮᠵᠢᠵᠦ᠂ ᠪᠦᠬᠦ ᠵᠢᠯ ᠳᠤ 49 | ᠤᠳᠠᠭ᠎ᠠ ᠰᠡᠷᠡᠮᠵᠢ ᠶᠢᠨ ᠲᠤᠬᠢᠶ᠎ᠠ ᠨᠡᠶᠢᠲᠡᠯᠡᠵᠦ᠂ ᠮᠢᠨᠵᠢᠶᠠᠩ ᠮᠥᠷᠡᠨ᠂ ᠲᠦ᠋ᠸᠧᠵᠢᠶᠠᠩ ᠮᠥᠷᠡᠨ ᠤ ᠤᠰᠤᠨ ᠤ | ᠬᠡᠮᠵᠢᠶ᠎ᠡ ᠶᠢ ᠲᠤᠬᠢᠷᠠᠭᠤᠯᠬᠤ ᠪᠠ ᠬᠠᠮᠢᠶᠠᠷᠬᠤ ᠳᠤ ᠪᠠᠲᠤ ᠴᠢᠩᠭ᠎ᠠ ᠪᠠᠲᠤᠯᠠᠭ᠎ᠠ ᠬᠠᠩᠭᠠᠪᠠ᠃ ᠠᠨᠾᠦ᠋ᠢ ᠶᠢᠨ | ᠤᠰᠤᠨ ᠤ ᠰᠢᠨᠵᠢᠯᠡᠬᠡᠨ ᠤ ᠰᠠᠯᠠᠭ᠎ᠠ ᠮᠥᠴᠢᠷ ᠶᠢᠩ ᠾᠧ ᠭᠤᠣᠯ ᠤᠨ ᠡᠯ᠎ᠡ ᠣᠭᠲᠣᠯᠤᠭᠠᠰᠤ ᠶᠢᠨ ᠠᠮᠢ ᠠᠬᠤᠢ ᠶᠢᠨ | ᠤᠷᠤᠰᠬᠠᠯ ᠤᠨ ᠬᠡᠮᠵᠢᠶ᠎ᠡ ᠶᠢ ᠲᠣᠬᠢᠷᠠᠭᠤᠯᠤᠭᠰᠠᠨ ᠦᠷ᠎ᠡ ᠪᠦᠲᠦᠮᠵᠢ ᠳᠤ ᠬᠢᠨᠠᠨ ᠬᠡᠮᠵᠢᠯᠲᠡ ᠪᠠ ᠵᠠᠳᠠᠯᠤᠯᠲᠠ ᠬᠢᠵᠦ᠂ | ᠬᠥᠳᠡᠯᠦᠩᠭᠦᠶ ᠮᠥᠷᠳᠡᠯᠲᠡ ᠪᠠ ᠲᠣᠬᠢᠷᠠᠭᠤᠯᠤᠯᠲᠠ ᠶᠢᠨ ᠦᠷ᠎ᠡ ᠪᠦᠲᠦᠮᠵᠢ ᠶᠢ ᠵᠠᠳᠠᠯᠵᠤ᠂ ᠰᠢᠨᠵᠢᠯᠡᠬᠦ | ᠤᠬᠠᠭᠠᠨᠴᠢ ᠪᠠᠷ ᠤᠰᠤᠨ ᠤ ᠬᠡᠮᠵᠢᠶ᠎ᠡ ᠶᠢ ᠵᠣᠬᠢᠰᠲᠠᠶ ᠲᠣᠬᠢᠷᠠᠭᠤᠯᠬᠤ ᠳᠤ ᠲᠤᠯᠭᠠᠭᠤᠷᠢᠯᠠᠯ ᠬᠠᠩᠭᠠᠨ᠎ᠠ᠃ ᠨᠠᠷᠢᠯᠢᠭ | ᠠᠮᠢ ᠠᠬᠤᠶ ᠶᠢᠨ ᠤᠷᠤᠰᠬᠠᠯ ᠤᠨ ᠬᠡᠮᠵᠢᠶ᠎ᠡ ᠶᠢᠨ ᠲᠣᠬᠢᠷᠠᠭᠤᠯᠤᠯᠲᠠ ᠪᠠᠷ ᠳᠡᠮᠵᠢᠨ᠂ ᠡᠯ᠎ᠡ ᠣᠭᠲᠣᠯᠤᠭᠠᠰᠤ ᠶᠢᠨ | ᠤᠰᠤᠨ ᠤ ᠬᠡᠮᠵᠢᠶ᠎ᠡ ᠶᠢ ᠪᠠᠲᠤᠯᠠᠵᠤ᠂ ᠳᠤᠤᠷᠠᠳᠤ ᠤᠷᠤᠰᠬᠠᠯ ᠤᠨ ᠭᠤᠤᠯ ᠵᠠᠮ ᠤᠨ ᠠᠮᠢ ᠠᠬᠤᠶ ᠶᠢᠨ ᠪᠠᠶᠢᠳᠠᠯ ᠢ | ᠰᠠᠶᠢᠵᠢᠷᠠᠭᠤᠯᠪᠠ᠃ | ᠬᠤᠶᠠᠷ ᠲᠤ᠂ ᠤᠰᠤᠨ ᠤ ᠣᠷᠴᠢᠨ ᠲᠣᠭᠤᠷᠢᠨ ᠢ ᠵᠠᠰᠠᠬᠤ ︽ᠮᠡᠳᠡᠷᠡᠯ ᠤᠨ ᠲᠤᠤᠷ︾ ᠢ ᠰᠠᠶᠢᠲᠤᠷ ᠬᠢᠬᠦ | ᠬᠡᠷᠡᠭᠲᠡᠶ᠃ ᠪᠥᠬᠦ ᠤᠯᠤᠰ ᠤᠨ ᠭᠠᠵᠠᠷ ᠳᠡᠭᠡᠷᠡᠬᠢ ᠤᠰᠤᠨ ᠤ ᠴᠢᠨᠠᠷ ᠤᠨ 14286 ᠥᠷᠲᠡᠭᠡ ᠶᠢᠨ ᠬᠢᠨᠠᠨ | ᠬᠡᠮᠵᠢᠯᠲᠡ ᠪᠠᠷ ᠳᠠᠮᠵᠢᠭᠤᠯᠤᠨ᠂ ᠭᠤᠤᠯ ᠮᠥᠷᠡᠨ ᠨᠠᠭᠤᠷ ᠴᠥᠭᠦᠷᠥᠮ ᠤᠨ ᠤᠰᠤᠨ ᠤ ᠴᠢᠨᠠᠷ ᠤᠨ ᠪᠠᠶᠢᠳᠠᠯ ᠢ ᠴᠠᠭ | ᠲᠤᠬᠠᠶ ᠳᠤᠨᠢ ᠤᠶᠢᠯᠠᠭᠠᠨ ᠡᠵᠡᠮᠰᠢᠵᠦ᠂ ᠵᠠᠳᠠᠯᠤᠯᠲᠠ ᠬᠢᠵᠦ ᠤᠷᠢᠳᠴᠢᠯᠠᠨ ᠰᠡᠷᠡᠮᠵᠢᠯᠡᠭᠦᠯᠬᠦ ᠠᠵᠢᠯ ᠢ ᠥᠷᠨᠢᠭᠦᠯᠦᠨ᠂ | ᠤᠰᠤᠨ ᠤ ᠰᠢᠨᠵᠢᠯᠡᠬᠡᠨ ᠤ ᠬᠢᠨᠠᠨ ᠬᠡᠮᠵᠢᠯᠲᠡ ᠶᠢᠨ ︽ᠮᠡᠳᠡᠷᠡᠯ ᠤᠨ ᠲᠤᠤᠷ︾ ᠤᠨ ᠦᠢᠯᠡᠳᠦᠯ ᠢ ᠭᠦᠢᠴᠡᠳ | ᠪᠠᠳᠠᠷᠠᠭᠤᠯᠵᠤ᠂ ᠭᠤᠤᠯ ᠮᠥᠷᠡᠨ ᠨᠠᠭᠤᠷ ᠴᠥᠭᠦᠷᠥᠮ ᠤᠨ ᠤᠰᠤᠨ ᠤ ᠣᠷᠴᠢᠨ ᠲᠣᠭᠤᠷᠢᠨ ᠤ ᠵᠠᠰᠠᠯᠲᠠ ᠳᠤ | ᠨᠠᠶᠢᠳᠠᠪᠤᠷᠢᠲᠠᠶ ᠲᠤᠯᠭᠠᠭᠤᠷᠢᠯᠠᠯ ᠬᠠᠩᠭᠠᠪᠠ᠃ ᠵᠢᠱᠢᠶᠡᠯᠡᠪᠡᠯ ᠪᠡᠭᠡᠵᠢᠩ ᠤᠨ ᠤᠰᠤᠨ ᠤ ᠰᠢᠨᠵᠢᠯᠡᠭᠡᠨ ᠤ ᠰᠠᠯᠠᠭ᠎ᠠ | ᠮᠥᠴᠢᠷ ᠤᠰᠤᠨ ᠤ ᠴᠢᠨᠠᠷ ᠢ ᠬᠢᠨᠠᠨ ᠬᠡᠮᠵᠢᠬᠦ ᠪᠠ ᠬᠥᠳᠡᠯᠦᠩᠭᠦᠶ ᠵᠠᠳᠠᠯᠤᠯᠲᠠ ᠬᠢᠬᠦ ᠪᠠᠷ ᠳᠠᠮᠵᠢᠭᠤᠯᠤᠨ᠂ ᠪᠣᠬᠢᠷ | ᠦᠮᠡᠬᠡᠶ ᠤᠰᠤᠨ ᠴᠣᠭᠴᠠ ᠶᠢ ᠵᠠᠰᠠᠭᠰᠠᠨ ᠦᠷ᠎ᠡ ᠪᠦᠲᠦᠮᠵᠢ ᠶᠢ ᠮᠥᠷᠳᠡᠨ ᠦᠨᠡᠯᠡᠨ ᠵᠢᠱᠢᠵᠦ ᠪᠠᠶᠢᠨ᠎ᠠ᠃ | ᠹᠦᠵᠢᠶᠠᠨ ᠤ ᠤᠰᠤᠨ ᠤ ᠰᠢᠨᠵᠢᠯᠡᠭᠡᠨ ᠤ ᠰᠠᠯᠠᠭ᠎ᠠ ᠮᠥᠴᠢᠷ 729 ᠰᠢᠶᠠᠩ ᠪᠠᠯᠭᠠᠰᠤᠨ ᠤ ᠠᠭᠤᠯᠵᠠᠷ ᠤᠨ ᠤᠰᠤᠨ ᠤ | ᠴᠢᠨᠠᠷ ᠢ ᠬᠢᠨᠠᠨ ᠬᠡᠮᠵᠢᠬᠦ ᠣᠭᠲᠣᠯᠤᠭᠠᠰᠤ ᠶᠢᠨ ᠴᠡᠭ ᠭᠠᠷᠭᠠᠵᠤ᠂ ᠵᠠᠰᠠᠭ ᠵᠠᠬᠢᠷᠭᠠᠨ ᠤ ᠣᠷᠣᠨ ᠤ ᠠᠮᠢ ᠠᠬᠤᠶ | ᠣᠷᠴᠢᠨ ᠲᠣᠭᠤᠷᠢᠨ ᠤ ᠬᠠᠷᠢᠭᠤᠴᠠᠯᠭ᠎ᠠ ᠶᠢᠨ ᠲᠦᠷᠢᠮ ᠢ ᠨᠠᠶᠢᠳᠠᠪᠤᠷᠢᠵᠢᠭᠤᠯᠬᠤ ᠪᠠ ᠬᠢᠨᠠᠨ ᠰᠢᠯᠭᠠᠬᠤ ᠶᠢ | ᠲᠤᠯᠭᠠᠭᠤᠷᠢᠯᠠᠪᠠ᠃ | ᠭᠤᠷᠪᠠ ᠳᠤ᠂ ᠤᠰᠤᠨ ᠤ ᠠᠮᠢ ᠠᠬᠤᠶ ᠶᠢᠨ ᠬᠠᠮᠠᠭᠠᠯᠠᠯᠲᠠ ᠶᠢᠨ ︽ᠮᠥᠷᠳᠡᠭᠴᠢ︾ ᠪᠣᠯᠬᠤ ᠬᠡᠷᠡᠭᠲᠡᠶ᠃ | ᠤᠰᠤᠨ ᠤ ᠠᠮᠢ ᠠᠬᠤᠶ ᠶᠢᠨ ᠬᠠᠮᠠᠭᠠᠯᠠᠯᠲᠠ ᠶᠢᠨ ᠬᠡᠷᠡᠭᠴᠡᠭᠡ ᠱᠠᠭᠠᠷᠳᠠᠯᠭ᠎ᠠ ᠶᠢᠨ ᠲᠣᠭᠤᠷᠢᠨ ᠳᠤ᠂ ᠵᠠᠮᠠᠭ ᠤᠨ | ᠲᠥᠷᠥᠯ ᠢ ᠬᠢᠨᠠᠨ ᠰᠢᠨᠵᠢᠬᠦ ᠶᠢ ᠥᠷᠨᠢᠭᠦᠯᠦᠭᠰᠡᠨ ᠰᠠᠭᠤᠷᠢᠨ ᠳᠡᠭᠡᠷ᠎ᠡ᠂ ᠦᠢᠯᠡᠴᠢᠯᠡᠭᠡ᠂ ᠵᠣᠬᠢᠶᠠᠨ | ᠪᠠᠶᠢᠭᠤᠯᠤᠯᠲᠠ ᠶᠢᠨ ᠲᠤᠷᠰᠢᠯᠲᠠ ᠶᠢ ᠢᠳᠡᠪᠬᠢᠲᠡᠶ ᠥᠷᠭᠡᠳᠬᠡᠵᠦ᠂ ᠤᠰᠤᠨ ᠤ ᠢᠷᠣᠭᠠᠷ ᠤᠨ ᠠᠮᠢᠳᠤ ᠪᠣᠳᠠᠰ᠂ | ᠬᠥᠪᠦᠮᠡᠯ ᠠᠮᠢᠲᠠᠨ᠂ ᠤᠰᠤᠨ ᠤ ᠤᠷᠭᠤᠮᠠᠯ᠂ ᠵᠢᠭᠠᠰᠤᠨ ᠤ ᠲᠥᠷᠥᠯ ᠵᠡᠷᠭᠡ ᠶᠢ ᠬᠢᠨᠠᠨ ᠰᠢᠨᠵᠢᠬᠦ ᠶᠢ ᠲᠤᠬᠠᠶ ᠶᠢᠨ | ᠭᠠᠵᠠᠷ ᠣᠷᠣᠨ ᠤ ᠪᠠᠶᠢᠳᠠᠯ ᠳᠤᠨᠢ ᠳᠣᠭᠢᠷᠠᠭᠤᠯᠤᠨ ᠠᠬᠢᠭᠤᠯᠵᠤ᠂ ᠠᠮᠢ ᠠᠬᠤᠶ ᠶᠢ ᠵᠠᠰᠠᠨ ᠰᠡᠷᠭᠦᠭᠡᠭᠰᠡᠨ ᠦᠷ᠎ᠡ | ᠪᠦᠲᠦᠮᠵᠢ ᠶᠢ ᠦᠨᠡᠯᠡᠨ ᠵᠢᠱᠢᠬᠦ ᠵᠡᠷᠭᠡ ᠶᠢ ᠥᠷᠨᠢᠭᠦᠯᠦᠨ᠎ᠡ᠃ ᠵᠢᠱᠢᠶᠡᠯᠡᠪᠡᠯ ᠲᠠᠢ ᠬᠤ᠋ ᠨᠠᠭᠤᠷ ᠤᠨ ᠰᠠᠪᠠ ᠭᠠᠵᠠᠷ ᠤᠨ | ᠤᠰᠤᠨ ᠤ ᠰᠢᠨᠵᠢᠯᠡᠬᠡᠨ ᠤ ᠰᠠᠯᠠᠭ᠎ᠠ ᠮᠥᠴᠢᠷ ᠲᠠᠢ ᠬᠤ᠋ ᠨᠠᠭᠤᠷ ᠢ ᠲᠣᠭᠤᠷᠢᠭᠰᠠᠨ 29 ᠬᠢᠨᠠᠨ ᠬᠡᠮᠵᠢᠬᠦ ᠥᠷᠲᠡᠭᠡ | ᠴᠡᠭ ᠤᠨ ᠬᠥᠬᠡ ᠵᠠᠮᠠᠭ ᠤᠨ ᠪᠠᠶᠢᠴᠠᠭᠠᠯᠲᠠ ᠶᠢ ᠥᠷᠨᠢᠭᠦᠯᠵᠦ᠂ ᠵᠢᠶᠠᠩᠰᠢ ᠶᠢᠨ ᠤᠰᠤᠨ ᠤ ᠰᠢᠨᠵᠢᠯᠡᠬᠡᠨ ᠤ ᠰᠠᠯᠠᠭ᠎ᠠ | ᠮᠥᠴᠢᠷ ᠪᠥᠬᠦ ᠮᠤᠵᠢ ᠶᠢᠨ 86 ᠲᠣᠮᠣ ᠬᠡᠯᠪᠡᠷᠢ ᠶᠢᠨ ᠨᠠᠭᠤᠷ ᠴᠥᠭᠦᠷᠥᠮ ᠳᠤ ᠬᠥᠪᠦᠮᠡᠯ ᠤᠷᠭᠤᠮᠠᠯ᠂ ᠬᠥᠪᠦᠮᠡᠯ | ᠠᠮᠢᠲᠠᠨ᠂ ᠢᠷᠣᠭᠠᠷ ᠤᠨ ᠠᠮᠢᠲᠠᠨ᠂ ᠵᠢᠭᠠᠰᠤᠨ ᠤ ᠲᠥᠷᠥᠯ ᠵᠡᠷᠭᠡ ᠤᠰᠤᠨ ᠤ ᠠᠮᠢ ᠠᠬᠤᠶ ᠶᠢᠨ ᠭᠦᠶ᠋ᠴᠡᠳᠬᠡᠯ | ᠲᠤᠭ᠎ᠠ ᠶᠢ ᠪᠠᠶᠢᠴᠠᠭᠠᠨ ᠬᠢᠨᠠᠨ ᠬᠡᠮᠵᠢᠵᠦ᠂ ᠤᠰᠤᠨ ᠤ ᠠᠮᠢ ᠠᠬᠤᠶ ᠶᠢᠨ ᠪᠠᠶᠢᠳᠠᠯ ᠢ ᠴᠠᠭ ᠲᠤᠬᠠᠶ ᠳᠤᠨᠢ | ᠤᠷᠢᠳᠴᠢᠯᠠᠨ ᠰᠡᠷᠡᠮᠵᠢᠯᠡᠭᠦᠯᠪᠡ᠃ | ᠳᠥᠷᠪᠡ ᠳᠤ ᠤᠰᠤᠨ ᠣᠷᠣᠨ ᠤ ᠡᠷᠭᠢ ᠶᠢᠨ ᠱᠤᠭᠤᠮ ᠤᠨ ᠬᠠᠮᠢᠶᠠᠷᠤᠯᠲᠠ ᠶᠢᠨ ︽ᠴᠣᠨᠵᠢ︾ ᠶᠢ ᠰᠠᠶᠢᠲᠤᠷ | ᠪᠠᠶᠢᠭᠤᠯᠬᠤ ᠬᠡᠷᠡᠭᠲᠡᠶ᠃ ᠤᠰᠤᠨ ᠤ ᠰᠢᠨᠵᠢᠯᠡᠬᠡᠨ ᠤ ᠬᠡᠮᠵᠢᠯᠲᠡ ᠶᠢᠨ ᠥᠷᠲᠡᠭᠡ ᠴᠡᠭ ᠣᠯᠠᠨ᠂ ᠱᠤᠭᠤᠮ ᠤᠷᠲᠤ᠂ | ᠬᠡᠪᠴᠢᠶ᠎ᠡ ᠥᠷᠭᠡᠨ ᠪᠠᠶᠢᠬᠤ ᠳᠠᠪᠠᠭᠤᠯᠢᠭ ᠢ ᠪᠠᠳᠠᠷᠠᠭᠤᠯᠵᠤ᠂ ᠭᠤᠣᠯ ᠮᠥᠷᠡᠨ ᠨᠠᠭᠤᠷ ᠴᠥᠭᠦᠷᠥᠮ ᠳᠠᠭᠠᠤ ᠳᠤ | ᠲᠣᠭᠲᠠᠮᠠᠯ ᠬᠤᠭᠤᠴᠠᠭ᠎ᠠ ᠲᠠᠢ ᠪᠠᠷ ᠴᠠᠭᠳᠠᠨ ᠬᠡᠮᠵᠢᠬᠦ ᠪᠠᠷ ᠳᠠᠮᠵᠢᠨ᠂ ᠭᠤᠣᠯ ᠤᠨ ᠤᠷᠤᠰᠬᠠᠯ ᠤᠨ ᠵᠠᠮ ᠢ | ᠡᠵᠡᠯᠡᠭᠰᠡᠨ᠂ ᠨᠠᠭᠤᠷ ᠴᠥᠭᠦᠷᠥᠮ ᠢ ᠬᠦᠷᠢᠶᠡᠯᠡᠨ ᠬᠠᠭᠠᠯᠪᠤᠷᠢᠯᠠᠭᠰᠠᠨ᠂ ᠬᠠᠤᠯᠢ ᠪᠤᠰᠤ ᠪᠠᠷ ᠡᠯᠡᠰᠦ ᠮᠠᠯᠲᠠᠭᠰᠠᠨ | ᠵᠡᠷᠭᠡ ᠠᠰᠠᠭᠤᠳᠠᠯ ᠢ ᠴᠠᠭ ᠲᠤᠬᠠᠶ ᠳᠤᠨᠢ ᠢᠯᠡᠷᠡᠭᠦᠯᠵᠦ᠂ ᠡᠷᠭᠢ ᠶᠢᠨ ᠬᠦᠪᠡᠭᠡ ᠳᠠᠭᠠᠤ ᠢᠯᠭᠠᠷᠠᠭᠤᠯᠤᠨ ᠴᠡᠭᠴᠡᠯᠡᠬᠦ᠂ | ᠭᠤᠣᠯ ᠴᠥᠭᠦᠷᠥᠮ ᠤᠨ ᠤᠰᠤᠨ ᠣᠷᠣᠨ ᠤ ᠡᠷᠭᠢ ᠶᠢᠨ ᠱᠤᠭᠤᠮ ᠲᠠᠭᠠᠤᠠᠮᠢ ᠠᠬᠤᠶ ᠶᠢᠨ ᠴᠢᠳᠠᠮᠵᠢ ᠶᠢ | ᠰᠡᠷᠭᠦᠭᠡᠬᠦ ᠳᠤ ᠲᠤᠯᠭᠠᠭᠤᠷᠢᠯᠠᠯ ᠬᠠᠩᠭᠠᠬᠤ ᠬᠡᠷᠡᠭᠲᠡᠶ᠃ ᠵᠢᠱᠢᠶᠡᠯᠡᠪᠡᠯ ᠾᠧᠨᠠᠨ ᠤ ᠤᠰᠤᠨ ᠤ ᠰᠢᠨᠵᠢᠯᠡᠭᠡᠨ ᠤ ᠰᠠᠯᠠᠭ᠎ᠠ | ᠮᠥᠴᠢᠷ ᠭᠤᠣᠯ ᠤᠨ ᠤᠷᠤᠰᠬᠠᠯ ᠤᠨ ᠵᠠᠮ ᠳᠡᠭᠡᠷ᠎ᠡ ᠬᠠᠤᠯᠢ ᠪᠤᠰᠤ ᠪᠠᠷ ᠡᠯᠡᠰᠦ ᠮᠠᠯᠲᠠᠭᠰᠠᠨ ᠪᠠᠶᠢᠳᠠᠯ ᠢ ᠲᠣᠭᠤᠷᠢᠨ | ᠪᠠᠶᠢᠴᠠᠭᠠᠵᠤ ᠨᠢᠭᠤᠴᠠ ᠪᠠᠷ ᠰᠤᠷᠪᠤᠯᠵᠢᠯᠠᠬᠤ᠂ ᠱᠠᠨᠳᠦ᠋ᠩ ᠤᠨ ᠤᠰᠤᠨ ᠤ ᠰᠢᠨᠵᠢᠯᠡᠭᠡᠨ ᠤ ᠰᠠᠯᠠᠭ᠎ᠠ ᠮᠥᠴᠢᠷ ᠭᠤᠣᠯ | ᠮᠥᠷᠡᠨ ᠢ ᠲᠣᠭᠤᠷᠢᠨ ᠪᠠᠶᠢᠴᠠᠭᠠᠵᠤ ᠭᠤᠣᠯ ᠮᠥᠷᠡᠨ ᠢ ᠬᠠᠮᠠᠭᠠᠯᠠᠬᠤ ᠰᠠᠶᠢᠨ ᠳᠤᠷ᠎ᠠ ᠶᠢᠨ ᠠᠵᠢᠯᠯᠠᠭ᠎ᠠ ᠶᠢ ᠵᠣᠬᠢᠶᠠᠨ | ᠪᠠᠶᠢᠭᠤᠯᠵᠤ ᠥᠷᠨᠢᠭᠦᠯᠬᠦ ᠵᠡᠷᠭᠡ ᠪᠣᠯᠤᠨ᠎ᠠ᠃ | ᠲᠠᠷᠠᠭᠠᠴᠢ ᠶᠢᠨ ᠠᠯᠬᠤᠮ ᠳᠤ᠂ ᠤᠰᠤᠨ ᠤ ᠠᠮᠢ ᠠᠬᠤᠶ ᠤᠰᠤᠨ ᠤ ᠣᠷᠴᠢᠨ ᠲᠣᠭᠤᠷᠢᠨ ᠤ ᠬᠡᠷᠡᠭᠴᠡᠭᠡ | ᠱᠠᠭᠠᠷᠳᠠᠯᠭ᠎ᠠ ᠠᠴᠠ ᠡᠭᠦᠰᠴᠦ᠂ ᠤᠰᠤᠨ ᠤ ᠰᠢᠨᠵᠢᠯᠡᠬᠡᠨ ᠤ ᠬᠢᠨᠠᠨ ᠬᠡᠮᠵᠢᠬᠦ ᠬᠦᠷᠢᠶ᠎ᠡ ᠴᠠᠷᠠᠭ᠎ᠠ ᠶᠢ ᠤᠯᠠᠮ ᠨᠢᠭᠡ | ᠠᠯᠬᠤᠮ ᠥᠷᠭᠡᠳᠬᠡᠨ᠂ ᠠᠰᠠᠭᠤᠳᠠᠯ ᠢᠶᠠᠷ ᠲᠣᠪᠤᠶᠢᠮ᠎ᠠ ᠭᠤᠤᠯᠳᠠᠯᠭ᠎ᠠ ᠲᠠᠢ ᠭᠤᠤᠯ ᠤᠨ ᠬᠡᠰᠡᠭ ᠢ ᠰᠣᠩᠭᠤᠵᠤ᠂ | ᠨᠢᠭᠡ ᠵᠢᠯ ᠤᠨ ᠬᠤᠭᠤᠴᠠᠭ᠎ᠠ ᠲᠠᠢ ᠲᠤᠷᠰᠢᠯᠲᠠ ᠶᠢᠨ ᠠᠵᠢᠯ ᠢ ᠥᠷᠨᠢᠭᠦᠯᠦᠨ᠂ ᠲᠤᠷᠰᠢᠯᠲᠠ ᠶᠢᠨ ᠭᠤᠤᠯ ︵ᠬᠡᠰᠡᠭ︶ | ᠨᠠᠭᠤᠷ ᠲᠤ ᠤᠰᠤᠨ ᠤ ᠰᠢᠨᠵᠢᠯᠡᠬᠡᠨ ᠤ ᠬᠢᠨᠠᠨ ᠬᠡᠮᠵᠢᠬᠦ ᠣᠭᠲᠣᠯᠤᠭᠠᠰᠤ ᠶᠢ ᠪᠠᠶᠢᠭᠤᠯᠤᠨ ᠲᠡᠭᠦᠯᠳᠡᠷᠵᠢᠭᠦᠯᠵᠦ᠂ | ᠣᠲᠣ ᠦᠶ᠎ᠡ ᠶᠢᠨ ᠬᠡᠮᠵᠢᠭᠦᠷᠯᠢᠭ ᠲᠣᠨᠤᠭ ᠲᠥᠬᠦᠭᠡᠷᠦᠮᠵᠢ ᠶᠢ ᠬᠡᠷᠡᠭᠯᠡᠨ᠂ ᠠᠮᠢ ᠠᠬᠤᠶ ᠶᠢᠨ ᠤᠷᠤᠰᠬᠠᠯ ︵ᠤᠰᠤᠨ | ᠲᠦᠪᠰᠢᠨ︶ ᠤᠨ ᠬᠡᠮᠵᠢᠶ᠎ᠠ ᠶᠢ ᠰᠦᠯᠵᠢᠶᠡᠨ ᠳᠡᠭᠡᠷ᠎ᠡ ᠬᠢᠨᠠᠨ ᠬᠡᠮᠵᠢᠬᠦ ᠶᠢ ᠬᠡᠷᠡᠭᠵᠢᠭᠦᠯᠦᠨ᠎ᠡ᠃ ᠠᠮᠢ ᠠᠬᠤᠶ ᠶᠢᠨ | ᠤᠷᠤᠰᠬᠠᠯ ᠤᠨ ᠬᠡᠮᠵᠢᠶ᠎ᠡ ︵ᠤᠰᠤᠨ ᠲᠦᠪᠰᠢᠨ︶ ᠶᠢ ᠬᠢᠨᠠᠨ ᠬᠡᠮᠵᠢᠬᠦ ᠶᠢ ᠪᠡᠶᠡᠯᠡᠭᠦᠯᠦᠭᠰᠡᠨ ᠰᠠᠭᠤᠷᠢᠨ ᠳᠡᠭᠡᠷ᠎ᠡ᠂ | ᠤᠰᠤᠨ ᠤ ᠠᠮᠢ ᠠᠬᠤᠶ ᠶᠢᠨ ᠤᠰᠤᠨ ᠤ ᠣᠷᠴᠢᠨ ᠲᠣᠭᠤᠷᠢᠨ ᠢ ᠬᠢᠨᠠᠨ ᠬᠡᠮᠵᠢᠬᠦ ᠶᠢ ᠠᠯᠬᠤᠮ ᠠᠯᠬᠤᠮ ᠢᠶᠠᠷ | ᠥᠷᠭᠡᠳᠬᠡᠬᠦ ᠬᠡᠷᠡᠭᠲᠡᠶ᠃ ᠵᠢᠯ ᠤᠨ ᠤᠰᠤᠨ ᠤ ᠬᠡᠮᠵᠢᠶ᠎ᠠ ᠶᠢᠨ ᠬᠤᠪᠢᠷᠠᠯᠳᠠ ᠶᠡᠭᠡ ᠭᠤᠤᠯ ᠤᠨ ᠤᠷᠤᠰᠬᠠᠯ ᠪᠠ ᠭᠤᠤᠯ | ᠮᠦᠷᠡᠨ ᠤ ᠵᠠᠮᠠᠭ ᠤᠨ ᠲᠦᠷᠦᠯ ᠢ ᠬᠢᠨᠠᠨ ᠬᠡᠮᠵᠢᠬᠦ ᠡᠴᠡᠤᠰᠤᠨ ᠤ ᠢᠷᠣᠭᠠᠷ ᠤᠨ ᠠᠮᠢᠳᠤ ᠪᠣᠳᠠᠰ᠂ ᠬᠥᠪᠦᠮᠡᠯ | ᠠᠮᠢᠲᠠᠨ᠂ ᠤᠰᠤᠨ ᠤ ᠤᠷᠭᠤᠮᠠᠯ᠂ ᠵᠢᠭᠠᠰᠤᠨ ᠤ ᠲᠥᠷᠥᠯ ᠵᠡᠷᠭᠡ ᠶᠢ ᠬᠢᠨᠠᠨ ᠰᠢᠨᠵᠢᠬᠦ ᠬᠦ᠋ᠷᠳᠡᠯᠡ ᠦᠷᠬᠡᠳᠬᠡᠨ᠎ᠡ᠃ | ᠤᠯᠠᠷᠢᠯ ᠤᠨ ᠴᠢᠨᠠᠷᠳᠠᠢ ᠭᠤᠤᠯ ᠤᠨ ᠤᠷᠤᠰᠬᠠᠯ ᠪᠠ ᠭᠠᠵᠠᠷ ᠳᠤᠤᠷᠠᠬᠢ ᠤᠰᠤ ᠶᠢ ᠬᠡᠳᠤᠷᠡᠳᠡᠯ᠎ᠡ ᠳᠠᠳᠠᠭᠰᠠᠨ | ᠤᠷᠤᠨ ᠤ ᠭᠤᠤᠯ ᠮᠦᠷᠡᠨ ᠤ ᠭᠤᠤᠯ ᠤᠨ ᠤᠷᠤᠰᠬᠠᠯ ᠤᠨ ᠤᠰᠤᠨ ᠤ ᠬᠡᠮᠵᠢᠶ᠎ᠠ ᠪᠠ ᠭᠠᠵᠠᠷ ᠳᠤᠤᠷᠠᠬᠢ ᠤᠰᠤᠨ ᠳᠤ | ᠬᠢᠨᠠᠨ ᠬᠡᠮᠵᠢᠯᠳᠡ ᠬᠢᠨ᠎ᠡ᠃ ᠬᠢᠨᠠᠨ ᠬᠡᠮᠵᠢᠬᠦ ᠨᠦᠬᠦᠴᠡᠯ ᠲᠠᠢ ᠭᠠᠵᠠᠷ ᠤᠷᠤᠨ ᠳᠤ ᠳᠤᠷᠰᠢᠯᠳᠠ ᠶᠢᠨ ᠴᠡᠭ ᠤᠨ | ᠭᠤᠤᠯ ᠤᠨ ᠤᠷᠤᠰᠬᠠᠯ ᠤᠨ ᠭᠤᠤᠯ ᠤᠨ ᠬᠤᠩᠬᠢᠯ ᠤᠨ ᠬᠤᠪᠢᠷᠠᠯᠳᠠ ᠪᠠ ᠭᠤᠤᠯ ᠤᠨ ᠤᠷᠤᠰᠬᠠᠯ ᠤᠨ ᠬᠡᠯᠪᠡᠷᠢ ᠶᠢᠨ | ᠬᠤᠪᠢᠷᠠᠯᠳᠠ ᠶᠢ ᠬᠢᠨᠠᠨ ᠬᠡᠮᠵᠢᠨ᠎ᠡ᠃ | ᠭᠠᠳᠠᠷ ᠨᠢᠭᠤᠷ ᠤᠨ ᠰᠤᠨᠢᠨ ᠮᠡᠳᠡᠭᠡ ᠶᠢᠨ ᠰᠤᠷᠪᠤᠯᠵᠢᠯᠠᠭᠴᠢ᠄ ᠬᠠᠲᠤᠨ ᠭᠤᠤᠯ ᠤᠨ ᠰᠠᠪᠠ ᠭᠠᠵᠠᠷ ᠨᠢ | ᠮᠠᠨ ᠤ ᠤᠯᠤᠰ ᠤᠨ ᠠᠵᠤ ᠠᠬᠤᠶ ᠨᠡᠶᠢᠭᠡᠮ ᠤᠨ ᠬᠥᠭᠵᠢᠯᠲᠡ ᠵᠢᠴᠢ ᠠᠮᠢ ᠠᠬᠤᠶ ᠶᠢᠨ ᠠᠮᠤᠷ ᠲᠦᠪᠰᠢᠨ ᠤ | ᠲᠠᠯ᠎ᠠ ᠪᠠᠷ ᠲᠦᠢᠯ ᠤᠨ ᠴᠢᠬᠤᠯᠠ ᠪᠠᠶᠢᠷᠢ ᠰᠠᠭᠤᠷᠢ ᠲᠠᠢ ᠶᠤᠮ᠂ ᠣᠳᠣᠬᠠᠨ ᠳᠤ ᠤᠰᠤᠨ ᠠᠰᠢᠭᠯᠠᠯᠲᠠ ᠶᠢᠨ ᠶᠠᠮᠤᠨ | ᠪᠠᠰᠠ ᠬᠠᠲᠤᠨ ᠭᠤᠤᠯ ᠤᠨ ᠰᠠᠪᠠ ᠭᠠᠵᠠᠷ ᠤᠨ ᠠᠮᠢ ᠠᠬᠤᠶ ᠶᠢᠨ ᠬᠠᠮᠠᠭᠠᠯᠠᠯᠲᠠ ᠪᠠ ᠴᠢᠨᠠᠷ ᠰᠠᠶᠢᠲᠠᠶ ᠬᠥᠭᠵᠢᠯᠲᠡ ᠶᠢ | ᠠᠬᠢᠭᠤᠯᠬᠤ ᠠᠵᠢᠯ ᠤᠨ ᠤᠳᠤᠷᠢᠳᠬᠤ ᠳᠤᠭᠤᠶᠢᠯᠠᠩ ᠢ ᠪᠠᠶᠢᠭᠤᠯᠪᠠ᠂ ᠤᠰᠤᠨ ᠤ ᠰᠢᠨᠵᠢᠯᠡᠭᠡᠨ ᠨᠢ ᠬᠠᠲᠤᠨ | ᠭᠤᠤᠯ ᠤᠨ ᠤᠰᠤᠨ ᠤ ᠠᠰᠠᠭᠤᠳᠠᠯ ᠢ ᠰᠢᠢᠳᠪᠦᠷᠢᠯᠡᠬᠦ ᠴᠢᠬᠤᠯᠠ ᠰᠠᠭᠤᠷᠢ ᠠᠵᠢᠯ ᠪᠣᠯᠤᠭᠰᠠᠨ ᠤ ᠬᠤᠪᠢ ᠳᠤ᠂ | ᠲᠤᠯᠭᠠᠭᠤᠷᠢᠯᠠᠬᠤ ᠪᠠ ᠪᠠᠲᠤᠯᠠᠬᠤ ᠦᠢᠯᠡᠳᠦᠯ ᠢ ᠬᠡᠷᠬᠢᠨ ᠰᠠᠶᠢᠲᠤᠷ ᠬᠢᠬᠦ ᠪᠣᠶ︖ ᠪᠠᠶᠠᠷᠯᠠᠯ᠎ᠠ︕ | ᠼᠠᠢ ᠵᠢᠶᠠᠨ ᠶᠤᠸᠠᠨ᠄ ᠨᠢᠳᠤᠨᠤᠨ ᠤ 9 ᠰᠠᠷ᠎ᠠ ᠶᠢᠨ 18 ᠤ ᠡᠳᠦᠷ᠂ ᠶᠡᠷᠦᠩᠬᠡᠶ ᠱᠦᠵᠢ ᠰᠢ ᠶᠢᠨ ᠫᠢᠩ | ᠬᠠᠲᠤᠨ ᠭᠤᠤᠯ ᠤᠨ ᠰᠠᠪᠠ ᠭᠠᠵᠠᠷ ᠤᠨ ᠠᠮᠢ ᠠᠬᠤᠶ ᠶᠢᠨ ᠬᠠᠮᠠᠭᠠᠯᠠᠯᠲᠠ ᠪᠠ ᠴᠢᠨᠠᠷ ᠰᠠᠶᠢᠲᠠᠶ ᠬᠥᠭᠵᠢᠯᠲᠡ ᠶᠢᠨ | ᠶᠠᠷᠢᠯᠴᠠᠬᠤ ᠬᠤᠷᠠᠯ ᠳᠡᠭᠡᠷ᠎ᠡ ᠴᠢᠬᠤᠯᠠ ᠶᠠᠷᠢᠶ᠎ᠠ ᠲᠠᠯᠪᠢᠵᠤ᠂ ᠬᠠᠲᠤᠨ ᠭᠤᠤᠯ ᠤᠨ ᠰᠠᠪᠠ ᠭᠠᠵᠠᠷ ᠤᠨ ᠠᠮᠢ | ᠠᠬᠤᠶ ᠶᠢᠨ ᠬᠠᠮᠠᠭᠠᠯᠠᠯᠲᠠ ᠪᠠ ᠴᠢᠨᠠᠷ ᠰᠠᠶᠢᠲᠠᠶ ᠬᠥᠭᠵᠢᠯᠲᠡ ᠶᠢᠨ ᠲᠤᠬᠠᠶ ᠲᠣᠳᠣᠷᠬᠠᠶ ᠪᠠᠶᠢᠷᠢ ᠲᠣᠭᠲᠠᠭᠠᠯᠲᠠ | ᠳᠤᠷᠠᠳᠴᠤ᠂ ᠬᠠᠲᠤᠨ ᠭᠤᠤᠯ ᠢ ᠠᠷᠠᠳ ᠲᠦᠮᠡᠨ ᠳᠤ ᠪᠤᠶᠠᠨ ᠦᠢᠯᠡᠳᠬᠦ ᠵᠢᠷᠭᠠᠯ ᠤᠨ ᠭᠤᠤᠯ ᠪᠣᠯᠭᠠᠬᠤ ᠬᠡᠷᠡᠭᠲᠡᠶ | ᠭᠡᠵᠡᠶ᠃ | ᠶᠡᠷᠦᠩᠬᠡᠶ ᠱᠦᠵᠢ ᠰᠢ ᠶᠢᠨ ᠫᠢᠩ ᠤᠨ ᠬᠠᠲᠤᠨ ᠭᠤᠤᠯ ᠤᠨ ᠰᠠᠪᠠ ᠭᠠᠵᠠᠷ ᠤᠨ ᠠᠮᠢ ᠠᠬᠤᠶ ᠶᠢᠨ | ᠬᠠᠮᠠᠭᠠᠯᠠᠯᠲᠠ ᠪᠠ ᠴᠢᠨᠠᠷ ᠰᠠᠶᠢᠲᠠᠶ ᠬᠥᠭᠵᠢᠯᠲᠡ ᠶᠢᠨ ᠶᠠᠷᠢᠯᠴᠠᠬᠤ ᠬᠤᠷᠠᠯ ᠳᠡᠭᠡᠷᠡᠬᠢ ᠴᠢᠬᠤᠯᠠ ᠶᠠᠷᠢᠶᠠᠨ ᠤ ᠵᠣᠷᠢᠭ | ᠰᠠᠨᠠᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠤᠰᠤᠨ ᠤ ᠰᠢᠨᠵᠢᠯᠡᠭᠡᠨ ᠤ ᠰᠠᠯᠠᠭ᠎ᠠ ᠮᠥᠴᠢᠷ ᠤᠨ ᠬᠢᠨ | ᠤᠰᠤᠨ ᠤ ᠰᠢᠨᠵᠢᠯᠡᠭᠡᠨ ᠤ ᠥᠷᠲᠡᠭᠡ ᠲᠤᠤᠷᠵᠢᠯ ᠤᠨ ᠰᠢᠰᠲ᠋ᠧᠮ ᠢ ᠪᠠᠶᠢᠭᠤᠯᠤᠨ ᠲᠡᠭᠦᠯᠳᠡᠷᠵᠢᠭᠦᠯᠬᠦ᠂ ᠤᠰᠤᠨ ᠤ | ᠰᠢᠨᠵᠢᠯᠡᠭᠡᠨ ᠤ ᠬᠢᠨᠠᠨ ᠬᠡᠮᠵᠢᠵᠦ ᠤᠷᠢᠳᠴᠢᠯᠠᠨ ᠮᠡᠳᠡᠭᠡᠯᠡᠬᠦ ᠴᠢᠳᠠᠪᠤᠷᠢ ᠶᠢ ᠴᠢᠩᠭᠠᠳᠬᠠᠬᠤ᠂ ᠤᠰᠤᠨ ᠤ | ᠰᠢᠨᠵᠢᠯᠡᠭᠡᠨ ᠤ ᠮᠡᠳᠡᠭᠡ ᠵᠠᠩᠭᠢ ᠶᠢᠨ ᠦᠶ᠋ᠯᠡᠴᠢᠯᠡᠭᠡᠨ ᠤ ᠲᠦᠪᠰᠢᠨ ᠢ ᠳᠡᠭᠡᠭᠰᠢᠯᠡᠭᠦᠯᠬᠦ ᠪᠠᠷ ᠳᠠᠮᠵᠢᠭᠤᠯᠤᠨ᠂ ︽ᠶᠡᠭᠡ | ᠬᠠᠰᠢᠯᠭ᠎ᠠ ᠰᠡᠳᠡᠷᠡᠬᠦ ᠥᠬᠡᠶ᠂ ᠭᠤᠤᠯ ᠤᠨ ᠤᠷᠤᠰᠬᠠᠯ ᠤᠨ ᠵᠠᠮ ᠲᠠᠰᠤᠷᠠᠯᠲᠠ ᠥᠬᠡᠶ ᠤᠷᠤᠰᠬᠤ᠂ ᠤᠰᠤᠨ ᠤ ᠴᠢᠨᠠᠷ | ᠪᠠᠷᠢᠮᠵᠢᠶ᠎ᠠ ᠠᠴᠠ ᠬᠡᠲᠦᠷᠡᠬᠦ ᠥᠬᠡᠶ᠂ ᠭᠤᠤᠯ ᠤᠨ ᠭᠤᠯᠳᠤᠷᠢᠯ ᠢ ᠳᠡᠭᠡᠭᠰᠢᠯᠡᠭᠦᠯᠬᠦ ᠥᠬᠡᠶ︾ ᠪᠠᠶᠢᠬᠤ ᠶᠢ ᠦᠨᠡᠨ ᠬᠦ | ᠪᠠᠲᠤᠯᠠᠬᠤ ᠳᠤ ᠲᠤᠯᠭᠠᠭᠤᠷᠢᠯᠠᠯ ᠪᠠᠲᠤᠯᠠᠭ᠎ᠠ ᠬᠠᠩᠭᠠᠵᠤ᠂ ᠳᠤᠤᠷᠠᠬᠢ ᠳᠥᠷᠪᠡᠨ ᠲᠠᠯ᠎ᠠ ᠶᠢᠨ ᠠᠵᠢᠯ ᠢ ᠰᠠᠶᠢᠲᠤᠷ | ᠬᠢᠨ᠎ᠠ᠄ | ᠨᠢᠭᠡ ᠳᠤ ᠤᠰᠤ ᠡᠯᠡᠰᠦ ᠶᠢ ᠬᠢᠨᠠᠨ ᠬᠡᠮᠵᠢᠵᠦ ᠤᠷᠢᠳᠴᠢᠯᠠᠨ ᠮᠡᠳᠡᠭᠡᠯᠡᠬᠦ ᠰᠢᠰᠲ᠋ᠧᠮ ᠢ ᠲᠡᠭᠦᠯᠳᠡᠷᠵᠢᠭᠦᠯᠵᠦ᠂ | ᠬᠠᠳᠤᠨ ᠭᠤᠣᠯ ᠤᠨ ᠤᠰᠤ ᠡᠯᠡᠰᠦ ᠶᠢ ᠰᠢᠨᠵᠢᠯᠡᠬᠦ ᠤᠬᠠᠭᠠᠨᠴᠢ ᠪᠠᠷ ᠲᠤᠬᠢᠷᠠᠭᠤᠯᠤᠨ ᠡᠵᠡᠮᠳᠡᠬᠦ ᠳᠤ ᠲᠤᠯᠭᠠᠭᠤᠷᠢᠯᠠᠯ | ᠬᠠᠩᠭᠠᠨ᠎ᠠ᠃ ᠭᠤᠣᠯᠯᠠᠬᠤ ᠵᠠᠩᠭᠢᠯᠠᠭ᠎ᠠ ᠶᠢᠨ ᠤᠰᠤᠨ ᠴᠥᠭᠦᠷᠥᠮ ᠢ ᠬᠢᠨᠠᠨ ᠬᠡᠮᠵᠢᠬᠦ ᠥᠷᠲᠡᠭᠡ ᠴᠡᠭ ᠢ | ᠨᠥᠬᠦᠪᠥᠷᠢᠯᠡᠵᠦ᠂ ᠡᠯᠡᠰᠦ ᠰᠢᠪᠠᠷ ᠢ ᠬᠢᠨᠠᠨ ᠬᠡᠮᠵᠢᠬᠦ ᠥᠷᠲᠡᠭᠡ ᠲᠣᠣᠷ ᠢ ᠰᠢᠯᠢᠳᠡᠭᠵᠢᠭᠦᠯᠦᠨ ᠲᠣᠬᠢᠷᠠᠭᠤᠯᠵᠤ᠂ | ᠨᠢᠩᠰᠢᠶᠠ ᠠᠴᠠ ᠥᠪᠥᠷ ᠮᠣᠩᠭᠤᠯ ᠬᠦᠷᠬᠦ ᠰᠥᠩ ᠬᠠᠯᠢᠶ᠎ᠠ ᠶᠢ ᠰᠡᠷᠭᠡᠶᠢᠯᠡᠬᠦ ᠭᠤᠣᠯᠳᠠᠯᠭ᠎ᠠ ᠲᠠᠢ ᠭᠤᠣᠯ ᠤᠨ | ᠬᠡᠰᠡᠭ ᠤᠨ ᠤᠰᠤᠨ ᠲᠦᠪᠰᠢᠨ ᠢ ᠬᠢᠨᠠᠨ ᠬᠡᠮᠵᠢᠬᠦ ᠥᠷᠲᠡᠭᠡ ᠴᠢᠭ ᠢ ᠨᠢᠭᠲᠠᠷᠠᠭᠤᠯᠵᠤ᠂ ᠳᠠᠯᠠᠶ ᠳᠠᠭᠠᠤ ᠣᠷᠣᠨ ᠤ | ᠲᠦᠯᠬᠢᠭᠡᠨ ᠤ ᠤᠰᠤᠨ ᠲᠦᠪᠰᠢᠨ ᠤ ᠥᠷᠲᠡᠭᠡ ᠵᠡᠷᠭᠡ ᠶᠢ ᠨᠡᠮᠡᠵᠦ ᠪᠠᠶᠢᠭᠤᠯᠤᠨ᠂ ᠤᠰᠤ᠂ ᠪᠣᠷᠣᠭᠠᠨ᠂ ᠡᠯᠡᠰᠦ | ᠵᠡᠷᠭᠡ ᠬᠢᠨᠠᠨ ᠬᠡᠮᠵᠢᠭᠰᠡᠨ ᠮᠡᠳᠡᠭᠡ ᠵᠠᠩᠭᠢ ᠶᠢᠨ ᠬᠠᠮᠤᠷᠬᠤ ᠬᠡᠪᠴᠢᠶ᠎ᠡ ᠶᠢ ᠥᠷᠭᠡᠳᠬᠡᠬᠦ ᠬᠡᠷᠡᠭᠲᠡᠶ︔ ᠲᠡᠷᠢᠭᠦᠨ ᠤ | ᠲᠠᠭᠤ᠂ ᠬᠡᠷᠡᠯ᠂ ᠴᠠᠬᠢᠯᠭᠠᠨ ᠠᠦ᠋ᠲ᠋ᠣ᠋ ᠵᠢᠴᠢ ᠰᠦᠯᠵᠢᠶᠡᠨ ᠳᠡᠭᠡᠷ᠎ᠡ ᠬᠢᠨᠠᠨ ᠰᠢᠨᠵᠢᠬᠦ ᠮᠡᠷᠭᠡᠵᠢᠯ ᠤᠨ ᠠᠷᠭ᠎ᠠ ᠪᠠᠷᠢᠯ ᠢ | ᠭᠦᠶ᠋ᠴᠡᠳ ᠠᠰᠢᠭᠯᠠᠨ᠂ ᠤᠰᠤᠨ ᠰᠢᠨᠵᠢᠯᠡᠭᠡᠨ ᠤ ᠬᠡᠮᠵᠢᠯᠲᠡ ᠶᠢᠨ ᠥᠷᠲᠡᠭᠡ ᠪᠠ ᠬᠢᠨᠠᠨ ᠰᠢᠨᠵᠢᠬᠦ ᠲᠥᠪ ᠢ ᠲᠠᠰ | ᠳᠡᠪᠰᠢᠭᠦᠯᠵᠦ᠂ ᠮᠡᠳᠡᠭᠡ ᠵᠠᠩᠭᠢ ᠴᠤᠭᠯᠠᠭᠤᠯᠬᠤ ᠶᠢᠨ ᠴᠠᠭ ᠬᠤᠭᠤᠴᠠᠭᠠᠲᠤ ᠴᠢᠨᠠᠷ ᠪᠠ ᠣᠶᠤᠨᠴᠢ ᠪᠠᠷ ᠵᠠᠳᠠᠯᠤᠨ | ᠰᠢᠶ᠋ᠳᠪᠦᠷᠢᠯᠡᠬᠦ ᠴᠢᠳᠠᠪᠤᠷᠢ ᠶᠢ ᠳᠡᠭᠡᠭᠰᠢᠯᠡᠭᠦᠯᠦᠨ᠎ᠡ︔ ᠴᠠᠭ ᠠᠭᠤᠷ᠂ ᠦᠶᠡᠷ᠂ ᠡᠯᠡᠰᠦ ᠰᠢᠪᠠᠷ᠂ ᠮᠥᠰᠥ ᠵᠡᠷᠭᠡ | ᠤᠷᠢᠳᠴᠢᠯᠠᠨ ᠮᠡᠳᠡᠭᠡᠯᠡᠬᠦ ᠵᠠᠭᠪᠤᠷ ᠢ ᠰᠤᠳᠤᠯᠤᠨ ᠰᠠᠶᠢᠵᠢᠷᠠᠭᠤᠯᠵᠤ᠂ ᠤᠷᠢᠳᠴᠢᠯᠠᠨ ᠵᠢᠱᠢᠵᠦ ᠤᠷᠢᠳᠴᠢᠯᠠᠨ | ᠮᠡᠳᠡᠭᠡᠯᠡᠬᠦ ᠬᠢᠷᠢ ᠬᠡᠮᠵᠢᠶ᠎ᠡ ᠪᠠᠨ ᠳᠡᠭᠡᠭᠰᠢᠯᠡᠭᠦᠯᠬᠦ ᠬᠡᠷᠡᠭᠲᠡᠶ᠃ | ᠬᠤᠶᠠᠷ ᠲᠤ ᠤᠰᠤᠨ ᠤ ᠡᠬᠢ ᠪᠠᠶᠠᠯᠢᠭ ᠢ ᠬᠢᠨᠠᠨ ᠬᠡᠮᠵᠢᠵᠦ ᠵᠠᠳᠠᠯᠬᠤ ᠠᠵᠢᠯ ᠢ ᠴᠢᠩᠭᠠᠳᠬᠠᠨ᠂ ᠤᠰᠤᠨ ᠤ | ᠡᠬᠢ ᠪᠠᠶᠠᠯᠢᠭ ᠢ ᠠᠷᠪᠢᠲᠠᠶ ᠡᠷᠴᠢᠮᠯᠢᠭ ᠠᠰᠢᠭᠯᠠᠬᠤ ᠶᠢ ᠲᠦᠯᠬᠢᠨ ᠠᠬᠢᠭᠤᠯᠤᠨ᠎ᠠ᠃ ᠮᠤᠵᠢ ᠶᠢᠨ ᠱᠠᠲᠤᠨ ᠤ ᠵᠠᠰᠠᠭ | ᠵᠠᠬᠢᠷᠭᠠᠨ ᠤ ᠣᠷᠣᠨ ᠤ ᠵᠠᠭᠠᠭ ᠲᠠᠬᠢ ᠤᠰᠤᠨ ᠤ ᠡᠬᠢ ᠪᠠᠶᠠᠯᠢᠭ ᠤᠨ ᠣᠭᠲᠣᠯᠤᠭᠠᠰᠤ ᠶᠢ ᠨᠥᠬᠦᠪᠥᠷᠢᠯᠡᠵᠦ᠂ ᠭᠤᠤᠯ | ᠪᠣᠯᠬᠤ ᠤᠰᠤ ᠲᠠᠲᠠᠬᠤ ᠤᠰᠤ ᠲᠦᠯᠬᠢᠬᠦ ᠤᠰᠤᠨ ᠤ ᠡᠬᠢ ᠪᠠᠶᠠᠯᠢᠭ ᠤᠨ ᠬᠢᠨᠠᠨ ᠰᠢᠨᠵᠢᠬᠦ ᠥᠷᠲᠡᠭᠡ ᠴᠡᠭ ᠢ | ᠲᠡᠭᠦᠯᠳᠡᠷᠵᠢᠭᠦᠯᠦᠨ᠂ ᠤᠰᠤᠨ ᠤ ᠡᠬᠢ ᠪᠠᠶᠠᠯᠢᠭ ᠤᠨ ᠬᠢᠨᠠᠨ ᠰᠢᠨᠵᠢᠬᠦ ᠮᠡᠳᠡᠭᠡ ᠵᠠᠩᠭᠢ ᠶᠢᠨ ᠬᠠᠮᠤᠷᠬᠤ ᠬᠡᠪᠴᠢᠶ᠎ᠡ ᠶᠢ | ᠥᠷᠭᠡᠳᠬᠡᠵᠦ᠂ ᠤᠰᠤᠨ ᠤ ᠡᠬᠢ ᠪᠠᠶᠠᠯᠢᠭ ᠤᠨ ᠨᠠᠷᠢᠯᠢᠬᠵᠢᠭᠤᠯᠤᠭᠰᠠᠨ ᠬᠢᠨᠠᠨ ᠰᠢᠨᠵᠢᠬᠦ ᠴᠢᠳᠠᠪᠤᠷᠢ ᠶᠢ | ᠴᠢᠩᠭᠠᠷᠠᠭᠤᠯᠤᠨ᠎ᠠ︔ ᠤᠷᠤᠰᠬᠠᠯ ᠤᠨ ᠤᠷᠢᠳᠴᠢᠯᠠᠨ ᠮᠡᠳᠡᠭᠡᠯᠡᠬᠦ ᠰᠢᠰᠲ᠋ᠧᠮ ᠢ ᠲᠡᠭᠦᠯᠳᠡᠷᠵᠢᠭᠦᠯᠵᠦ᠂ ᠤᠷᠢᠳᠴᠢᠯᠠᠨ | ᠮᠡᠳᠡᠭᠡᠯᠡᠬᠦ ᠬᠡᠪᠴᠢᠶ᠎ᠡ ᠶᠢ ᠥᠷᠭᠡᠳᠬᠡᠨ᠂ ᠤᠷᠢᠳᠴᠢᠯᠠᠨ ᠮᠡᠳᠡᠭᠡᠯᠡᠬᠦ ᠬᠢᠷᠢ ᠬᠡᠮᠵᠢᠶ᠎ᠡ ᠶᠢ ᠳᠡᠭᠡᠭᠰᠢᠯᠡᠭᠦᠯᠦᠨ᠎ᠡ︔ | ᠬᠠᠲᠤᠨ ᠭᠤᠤᠯ ᠤᠨ ᠳᠤᠤᠷᠠᠳᠤ ᠤᠷᠤᠰᠬᠠᠯ ᠤᠨ ᠤᠰᠤᠨ ᠤ ᠣᠷᠴᠢᠯ ᠬᠤᠪᠢᠰᠤᠯᠲᠠ ᠶᠢᠨ ᠰᠤᠳᠤᠯᠭᠠᠨ᠂ ᠨᠢᠩᠰᠢᠶᠠ | ᠦᠪᠦᠷ ᠮᠤᠩᠭᠤᠯ ᠤᠨ ᠤᠰᠤᠨ ᠤ ᠡᠬᠢ ᠪᠠᠶᠠᠯᠢᠭ ᠢ ᠥᠨᠳᠥᠷ ᠪᠦᠲᠦᠮᠵᠢᠲᠡᠶ ᠪᠠᠷ ᠠᠰᠢᠭᠯᠠᠬᠤ ᠳᠤ ᠦᠨᠡᠯᠡᠯᠲᠡ | ᠬᠢᠵᠦ᠂ ᠲᠠᠷᠢᠶᠠᠯᠠᠩ ᠤᠨ ᠤᠰᠤᠯᠠᠯᠲᠠ ᠶᠢᠨ ᠤᠰᠤ ᠬᠡᠷᠡᠭᠯᠡᠬᠦ᠂ ᠤᠰᠤ ᠬᠤᠷᠣᠭᠳᠠᠭᠤᠯᠬᠤ᠂ ᠤᠰᠤ ᠲᠠᠲᠠᠷᠠᠭᠤᠯᠬᠤ | ᠵᠢᠮ᠎ᠡ ᠶᠣᠰᠣ ᠶᠢ ᠭᠦᠨᠵᠡᠭᠡᠶ ᠰᠤᠳᠤᠯᠵᠤ᠂ ᠤᠰᠤᠨ ᠤ ᠡᠬᠢ ᠪᠠᠶᠠᠯᠢᠭ ᠢ ᠥᠨᠳᠥᠷ ᠪᠦᠲᠦᠮᠵᠢᠲᠡᠶ ᠪᠠᠷ ᠠᠰᠢᠭᠯᠠᠬᠤ ᠳᠤ | ᠮᠡᠷᠭᠡᠵᠢᠯ ᠤᠨ ᠲᠤᠯᠭᠠᠭᠤᠷᠢᠯᠠᠯ ᠬᠠᠩᠭᠠᠨ᠎ᠠ᠃ | ᠭᠤᠷᠪᠠ ᠳᠤ ᠤᠰᠤᠨ ᠤ ᠴᠢᠨᠠᠷ ᠪᠠ ᠤᠰᠤᠨ ᠤ ᠠᠮᠢ ᠠᠬᠤᠢ ᠶᠢ ᠬᠢᠨᠠᠨ ᠬᠡᠮᠵᠢᠬᠦ ᠰᠤᠳᠤᠯᠭᠠᠨ ᠢ | ᠥᠷᠭᠡᠳᠬᠡᠵᠦ᠂ ᠠᠮᠢ ᠠᠬᠤᠢ ᠶᠢᠨ ᠬᠠᠮᠠᠭᠠᠯᠠᠯᠲᠠ ᠶᠢᠨ ᠦᠢᠯᠡᠴᠢᠯᠡᠭᠡ ᠶᠢ ᠰᠠᠶᠢᠲᠤᠷ ᠬᠢᠨ᠎ᠡ᠃ ᠤᠷᠤᠰᠬᠠᠯ ᠤᠨ | ᠡᠬᠢ ᠶᠢᠨ ᠤᠰᠤᠨ ᠤ ᠰᠢᠨᠵᠢᠯᠡᠬᠡᠨ ᠤ ᠥᠷᠲᠡᠭᠡ ᠲᠤᠤᠷ ᠢ ᠨᠥᠬᠦᠪᠥᠷᠢᠯᠡᠵᠦ᠂ ᠬᠤᠪᠢᠷᠠᠯᠲᠠ ᠶᠢᠨ ᠣᠷᠴᠢᠨ | ᠲᠣᠭᠤᠷᠢᠨ ᠳᠠᠬᠢ ᠤᠰᠤᠨ ᠤ ᠡᠬᠢ ᠪᠠᠶᠠᠯᠢᠭ ᠤᠨ ᠬᠤᠪᠢᠰᠤᠯᠲᠠ ᠶᠢᠨ ᠪᠠᠶᠢᠳᠠᠯ ᠵᠢᠴᠢ ᠬᠥᠳᠡᠯᠭᠡᠬᠦ ᠬᠦᠴᠦᠨ ᠤ | ᠰᠤᠳᠤᠯᠭᠠᠨ ᠢ ᠥᠷᠨᠢᠭᠦᠯᠵᠦ᠂ ᠡᠬᠢ ᠰᠤᠷᠪᠤᠯᠵᠢ ᠶᠢᠨ ᠣᠷᠣᠨ ᠤ ᠢᠷᠡᠭᠡᠳᠦᠶ ᠶᠢᠨ ᠤᠰᠤᠨ ᠤ ᠡᠬᠢ ᠪᠠᠶᠠᠯᠢᠭ ᠤᠨ | ᠬᠤᠪᠢᠷᠠᠯᠲᠠ ᠶᠢᠨ ᠬᠠᠨᠳᠤᠰᠢ ᠶᠢ ᠤᠷᠢᠳᠴᠢᠯᠠᠨ ᠵᠢᠱᠢᠵᠦ᠂ ᠤᠰᠤᠨ ᠤ ᠡᠬᠢ ᠰᠤᠷᠪᠤᠯᠵᠢ ᠶᠢ ᠬᠠᠳᠠᠭᠠᠯᠠᠬᠤ | ᠴᠢᠳᠠᠪᠤᠷᠢ ᠶᠢ ᠲᠣᠳᠣᠷᠬᠠᠶ ᠣᠶᠢᠯᠠᠭᠠᠨ᠎ᠠ︔ ᠤᠰᠤᠨ ᠤ ᠴᠢᠨᠠᠷ ᠤᠰᠤᠨ ᠤ ᠠᠮᠢ ᠠᠬᠤᠢ ᠶᠢ ᠬᠢᠨᠠᠨ ᠬᠡᠮᠵᠢᠬᠦ ᠪᠠ | ᠵᠠᠳᠠᠯᠤᠨ ᠦᠨᠡᠯᠡᠬᠦ ᠶᠢ ᠴᠢᠩᠭᠠᠳᠬᠠᠵᠤ᠂ ᠳᠤᠮᠳᠠ ᠤᠷᠤᠰᠬᠠᠯ ᠤᠨ ᠤᠰᠤᠨ ᠤ ᠪᠣᠬᠢᠷᠲᠤᠯ ᠢ ᠵᠠᠰᠠᠬᠤ᠂ ᠭᠤᠣᠯ ᠤᠨ | ᠠᠳᠠᠭ ᠤᠨ ᠠᠮᠢ ᠠᠬᠤᠢ ᠶᠢᠨ ᠬᠠᠮᠠᠭᠠᠯᠠᠯᠲᠠ ᠳᠤ ᠲᠤᠯᠭᠠᠭᠤᠷᠢᠯᠠᠯ ᠬᠠᠩᠭᠠᠨ᠎ᠠ︔ ᠴᠢᠬᠤᠯᠠ ᠡᠵᠡᠮᠳᠡᠯ ᠤᠨ | ᠣᠭᠲᠣᠯᠤᠭᠠᠰᠤ ᠶᠢᠨ ᠠᠮᠢ ᠠᠬᠤᠶ ᠶᠢᠨ ᠤᠷᠤᠰᠬᠠᠯ ᠤᠨ ᠬᠡᠮᠵᠢᠶ᠎ᠡ ᠶᠢ ᠬᠢᠨᠠᠨ ᠬᠡᠮᠵᠢᠬᠦ ᠶᠢ ᠲᠡᠭᠦᠯᠳᠡᠷᠵᠢᠭᠦᠯᠵᠦ᠂ | ᠭᠤᠤᠯ ᠨᠠᠭᠤᠷ ᠤᠨ ᠠᠮᠢ ᠠᠬᠤᠶ ᠶᠢᠨ ᠤᠷᠤᠰᠬᠠᠯ ᠤᠨ ᠬᠡᠮᠵᠢᠶ᠎ᠡ ᠶᠢ ᠬᠢᠨᠠᠨ ᠬᠡᠮᠵᠢᠵᠦ ᠪᠠᠶᠢᠴᠠᠭᠠᠨ ᠰᠤᠳᠤᠯᠵᠤ | ᠦᠨᠡᠯᠡᠬᠦ ᠳᠤ ᠦᠨᠳᠦᠰᠦᠯᠡᠯ ᠬᠠᠩᠭᠠᠨ᠎ᠠ᠃ | ᠲᠦᠷᠪᠡ ᠳᠤ᠂ ᠤᠰᠤᠨ ᠤ ᠰᠢᠨᠵᠢᠯᠡᠬᠡᠨ ᠤ ᠮᠡᠳᠡᠭᠡ ᠵᠠᠩᠭᠢ ᠶᠢᠨ ᠦᠢᠯᠡᠴᠢᠯᠡᠭᠡᠨ ᠤ ᠦᠢᠯᠡᠳᠬᠦᠨ ᠢ | ᠪᠠᠶᠠᠯᠢᠭᠵᠢᠭᠤᠯᠵᠤ᠂ ᠬᠠᠳᠤᠨ ᠭᠤᠣᠯ ᠤᠨ ᠰᠠᠪᠠ ᠭᠠᠵᠠᠷ ᠤᠨ ᠴᠢᠨᠠᠷ ᠰᠠᠶᠢᠲᠠᠢ ᠬᠥᠭᠵᠢᠯᠲᠡ ᠶᠢ ᠲᠤᠯᠭᠠᠭᠤᠷᠢᠯᠠᠬᠤ | ᠬᠡᠷᠡᠭᠲᠡᠢ᠃ ᠬᠠᠲᠤᠨ ᠭᠤᠤᠯ ᠤᠨ ᠰᠠᠪᠠ ᠭᠠᠵᠠᠷ ᠤᠨ ᠣᠷᠣᠨ ᠤ ᠬᠡᠰᠡᠭ ᠤᠨ ᠣᠨᠴᠠᠯᠢᠭ ᠰᠢᠨᠵᠢ ᠪᠠ ᠬᠠᠷᠠᠯᠲᠠ ᠶᠢᠨ | ᠪᠠᠶᠢᠷᠢᠰᠢᠭᠤᠯᠤᠯᠲᠠ ᠳᠤ ᠴᠢᠭᠯᠡᠭᠦᠯᠦᠨ᠂ ᠤᠰᠤᠨ ᠤ ᠰᠢᠨᠵᠢᠯᠡᠬᠡᠨ ᠤ ᠵᠠᠳᠠᠯᠤᠯᠲᠠ ᠪᠤᠳᠤᠯᠲᠠ᠂ ᠤᠰᠤᠨ ᠤ | ᠰᠢᠨᠵᠢᠯᠡᠬᠡᠨ ᠤ ᠵᠢᠮ᠎ᠡ ᠶᠣᠰᠣᠨ ᠤ ᠰᠤᠳᠤᠯᠭᠠᠨ᠂ ᠤᠰᠤᠨ ᠤ ᠰᠢᠨᠵᠢᠯᠡᠬᠡᠨ ᠤ ᠪᠠᠶᠢᠳᠠᠯ ᠤᠨ ᠮᠡᠳᠡᠭᠡ ᠶᠢ ᠤᠷᠢᠳᠴᠢᠯᠠᠨ | ᠮᠡᠳᠡᠭᠡᠯᠡᠬᠦ᠂ ᠤᠰᠤᠨ ᠤ ᠴᠢᠨᠠᠷ ᠢ ᠤᠷᠢᠳᠴᠢᠯᠠᠨ ᠰᠡᠷᠡᠮᠵᠢᠯᠡᠭᠦᠯᠬᠦ᠂ ᠤᠰᠤᠨ ᠤ ᠡᠬᠢ ᠪᠠᠶᠠᠯᠢᠭ ᠢ ᠦᠨᠡᠯᠡᠬᠦ ᠳᠤ | ᠰᠠᠭᠤᠷᠢᠯᠠᠵᠤ᠂ ᠤᠰᠤᠨ ᠤ ᠬᠡᠮᠵᠢᠶ᠎ᠡ᠂ ᠤᠰᠤᠨ ᠤ ᠴᠢᠨᠠᠷ᠂ ᠤᠰᠤᠨ ᠤ ᠠᠮᠢ ᠠᠬᠤᠶ ᠵᠡᠷᠭᠡ ᠣᠯᠠᠨ ᠶᠠᠩᠵᠤ ᠶᠢᠨ | ᠦᠶ᠋ᠯᠡᠳᠬᠦᠨ ᠢ ᠪᠦᠲᠦᠮᠵᠢᠲᠡᠶ ᠬᠠᠩᠭᠠᠵᠤ᠂ ᠬᠠᠲᠤᠨ ᠭᠤᠤᠯ ᠤᠨ ᠰᠠᠪᠠ ᠭᠠᠵᠠᠷ ᠤᠨ ᠤᠰᠤ ᠭᠠᠩ ᠤᠨ ᠭᠠᠮᠰᠢᠭ ᠢ | ᠰᠡᠷᠭᠡᠶᠢᠯᠡᠬᠦ᠂ ᠤᠰᠤᠨ ᠤ ᠡᠬᠢ ᠪᠠᠶᠠᠯᠢᠭ ᠤᠨ ᠬᠠᠮᠢᠶᠠᠷᠤᠯᠲᠠ᠂ ᠤᠰᠤᠨ ᠤ ᠠᠮᠢ ᠠᠬᠤᠶ ᠶᠢ ᠰᠡᠷᠭᠦᠭᠡᠬᠦ᠂ ᠤᠰᠤᠨ ᠤ | ᠣᠷᠴᠢᠨ ᠲᠣᠭᠤᠷᠢᠨ ᠢ ᠬᠠᠮᠠᠭᠠᠯᠠᠬᠤ ᠪᠠ ᠠᠵᠤ ᠠᠬᠤᠶ ᠨᠡᠶᠢᠭᠡᠮ ᠤᠨ ᠴᠢᠨᠠᠷ ᠰᠠᠶᠢᠲᠠᠶ ᠬᠥᠭᠵᠢᠯᠲᠡ ᠵᠡᠷᠭᠡ ᠳᠤ ᠪᠥᠬᠦ | ᠲᠠᠯ᠎ᠠ ᠶᠢᠨ ᠦᠢᠯᠡᠴᠢᠯᠡᠭᠡ ᠬᠠᠩᠭᠠᠨ᠎ᠠ᠃ | ᠲᠠᠨ ᠤ ᠰᠠᠶ᠋ᠢ ᠶᠢᠨ ᠳᠤᠷᠠᠳᠤᠭᠰᠠᠨ ᠠᠰᠠᠭᠤᠯᠳᠠ ᠳᠤ ᠴᠢᠭᠯᠡᠭᠦᠯᠦᠨ ᠪᠢ ᠡᠨᠡ ᠳᠥᠷᠪᠡᠨ ᠲᠠᠯ᠎ᠠ ᠠᠴᠠ ᠬᠠᠷᠢᠭᠤᠯᠬᠤ | ᠰᠠᠨᠠᠭ᠎ᠠ ᠲᠠᠢ᠃ ᠪᠠᠶᠠᠷᠯᠠᠯ᠎ᠠ︕ | ᠭᠤᠸᠠᠩ ᠮᠢᠩ ᠡᠳᠦᠷ ᠤᠨ ᠰᠣᠨᠢᠨ ᠤ ᠰᠤᠷᠪᠤᠯᠵᠢᠯᠠᠭᠴᠢ᠄ ᠡᠨᠡ ᠵᠢᠯ ᠮᠠᠨ ᠤ ᠤᠯᠤᠰ ᠤᠨ ᠤᠰᠤᠨ | ᠰᠢᠨᠵᠢᠯᠡᠭᠡᠨ ᠤ ᠪᠠᠶᠢᠳᠠᠯ ᠤᠨ ᠮᠡᠳᠡᠭᠡ ᠶᠢ ᠤᠷᠢᠳᠴᠢᠯᠠᠨ ᠮᠡᠳᠡᠭᠡᠯᠡᠬᠦ ᠠᠵᠢᠯ ᠳᠤ ᠶᠠᠮᠠᠷ ᠶᠠᠮᠠᠷ ᠢᠯᠡᠷᠬᠡᠶ ᠦᠷ᠎ᠡ | ᠪᠦᠲᠦᠮᠵᠢ ᠣᠯᠤᠭᠰᠠᠨ᠂ ᠶᠠᠮᠠᠷ ᠶᠠᠮᠠᠷ ᠵᠠᠩᠭᠢᠯᠠᠭ᠎ᠠ ᠶᠢᠨ ᠠᠷᠭ᠎ᠠ ᠬᠡᠮᠵᠢᠶ᠎ᠡ ᠠᠪᠤᠭᠰᠠᠨ ᠲᠤᠬᠠᠶ ᠣᠶᠢᠯᠠᠭᠠᠬᠤ | ᠰᠠᠨᠠᠭ᠎ᠠ ᠲᠠᠢ᠂ ᠪᠠᠶᠠᠷᠯᠠᠯ᠎ᠠ︕ | ᠼᠠᠢ ᠵᠢᠶᠠᠨ ᠶᠤᠸᠠᠨ᠄ ᠪᠠᠶᠠᠷᠯᠠᠯ᠎ᠠ᠂ ᠡᠨᠡ ᠠᠰᠠᠭᠤᠯᠲᠠ ᠶᠢ ᠸᠧᠶ ᠰᠢᠨ ᠫᠢᠩ ᠳᠡᠳ᠋ ᠳᠠᠷᠤᠭ᠎ᠠ ᠬᠠᠷᠢᠭᠤᠯᠬᠤ | ᠪᠤᠯᠤᠨ᠎ᠠ᠃ | ᠸᠧᠶ ᠰᠢᠨ ᠫᠢᠩ᠄ ᠲᠠᠨ ᠤ ᠠᠰᠠᠭᠤᠯᠳᠠ ᠳᠤ ᠪᠠᠶᠠᠷᠯᠠᠯ᠎ᠠ᠃ ᠤᠰᠤᠨ ᠤ ᠰᠢᠨᠵᠢᠯᠡᠬᠡᠨ ᠤ ᠮᠡᠳᠡᠭᠡ ᠵᠠᠩᠭᠢ ᠶᠢ | ᠤᠷᠢᠳᠴᠢᠯᠠᠨ ᠮᠡᠳᠡᠭᠡᠯᠡᠬᠦ ᠪᠣᠯ ᠦᠶᠡᠷ ᠢ ᠰᠡᠷᠭᠡᠶᠢᠯᠡᠵᠦ ᠭᠠᠩ ᠬᠠᠭᠰᠠᠷᠠᠭᠠᠨ ᠲᠠᠢ ᠲᠡᠮᠡᠴᠡᠬᠦ ᠵᠢᠯᠣᠭᠤᠳᠬᠤ | ᠰᠢᠢᠳᠪᠦᠷᠢᠲᠦ ᠪᠤᠳᠤᠯᠭ᠎ᠠ᠂ ᠤᠰᠤᠨ ᠤ ᠡᠬᠢ ᠪᠠᠶᠠᠯᠢᠭ ᠢ ᠰᠢᠯᠢᠳᠡᠭᠵᠢᠭᠦᠯᠦᠨ ᠲᠤᠬᠢᠷᠠᠭᠤᠯᠬᠤ᠂ ᠤᠰᠤᠨ ᠤ | ᠢᠨᠵᠧᠨᠧᠷᠢᠩ ᠤᠨ ᠠᠵᠢᠯᠯᠠᠭᠠᠨ ᠤ ᠬᠠᠮᠢᠶᠠᠷᠤᠯᠲᠠ ᠶᠢᠨ ᠰᠢᠨᠵᠢᠯᠡᠬᠦ ᠤᠬᠠᠭᠠᠨᠴᠢ ᠦᠨᠳᠦᠰᠦᠯᠡᠯ ᠮᠥᠨ᠂ ᠲᠡᠷᠡ ᠨᠢ | ᠠᠷᠠᠳ ᠲᠦᠮᠡᠨ ᠤ ᠠᠮᠢ ᠨᠠᠰᠤ ᠡᠳ᠋ ᠬᠦᠷᠦᠩᠭᠡ ᠶᠢᠨ ᠠᠮᠤᠷ ᠲᠦᠪᠰᠢᠨ ᠢ ᠬᠠᠮᠠᠭᠠᠯᠠᠬᠤ᠂ ᠤᠰᠤᠨ ᠤ | ᠢᠨᠵᠧᠨᠧᠷᠢᠩ ᠤᠨ ᠦᠷ᠎ᠡ ᠠᠰᠢᠭ ᠢ ᠭᠦᠢᠴᠡᠳ ᠪᠠᠳᠠᠷᠠᠭᠤᠯᠬᠤ᠂ ᠠᠵᠤ ᠠᠬᠤᠢ ᠨᠡᠶᠢᠭᠡᠮ ᠤᠨ ᠦᠷᠭᠦᠯᠵᠢᠯᠡᠬᠦ | ᠬᠥᠭᠵᠢᠯᠲᠡ ᠶᠢ ᠪᠠᠲᠤᠯᠠᠬᠤ ᠵᠡᠷᠭᠡ ᠲᠠᠯ᠎ᠠ ᠪᠠᠷ ᠣᠷᠣᠯᠠᠭᠤᠯᠵᠤ ᠪᠣᠯᠤᠰᠢ ᠦᠭᠡᠢ ᠦᠢᠯᠡᠳᠦᠯ ᠲᠠᠢ ᠪᠠᠶᠢᠵᠤ᠂ ᠵᠢᠱᠢᠬᠦᠶ᠎ᠡ | ᠪᠡᠷᠬᠡ ᠨᠡᠶᠢᠭᠡᠮ ᠤᠨ ᠦᠷ᠎ᠡ ᠠᠰᠢᠭ ᠪᠠ ᠠᠵᠤ ᠠᠬᠤᠢ ᠶᠢᠨ ᠦᠷ᠎ᠡ ᠠᠰᠢᠭ ᠢ ᠣᠯᠤᠭᠰᠠᠨ ᠪᠠᠶᠢᠨ᠎ᠠ᠃ ᠤᠰᠤᠨ | ᠰᠢᠨᠵᠢᠯᠡᠭᠡᠨ ᠤ ᠰᠠᠯᠠᠭ᠎ᠠ ᠮᠥᠴᠢᠷ ᠤᠰᠤᠨ ᠰᠢᠨᠵᠢᠯᠡᠭᠡᠨ ᠤ ᠨᠢᠭᠤᠴᠠ ᠮᠡᠳᠡᠭᠡ ᠶᠢ ᠤᠷᠢᠳᠴᠢᠯᠠᠨ ᠮᠡᠳᠡᠭᠡᠯᠡᠬᠦ ᠠᠵᠢᠯ ᠢ | ᠳᠡᠭᠡᠳᠦ ᠬᠡᠮᠵᠢᠶ᠎ᠡ ᠪᠠᠷ ᠴᠢᠬᠤᠯᠠᠴᠢᠯᠠᠭᠰᠠᠭᠠᠷ ᠢᠷᠡᠭᠰᠡᠨ ᠪᠥᠭᠡᠳ ᠭᠤᠣᠯᠳᠠᠭᠤ᠄ | ᠨᠢᠭᠡ ᠳᠤ᠂ ᠤᠰᠤᠨ ᠤ ᠰᠢᠨᠵᠢᠯᠡᠬᠡᠨ ᠤ ᠥᠷᠲᠡᠭᠡᠨ ᠤ ᠲᠣᠣᠷᠵᠢᠯ ᠢ ᠲᠡᠭᠦᠯᠳᠡᠷᠵᠢᠭᠦᠯᠦᠨ᠎ᠡ᠃ ᠣᠶᠢᠷ᠎ᠠ ᠶᠢᠨ | ᠵᠢᠯ ᠤᠨ ᠲᠤᠷᠰᠢ᠂ ᠤᠰᠤᠨ ᠤ ᠰᠢᠨᠵᠢᠯᠡᠭᠡᠨ ᠤ ᠥᠷᠲᠡᠭᠡ ᠰᠦᠯᠵᠢᠶ᠎ᠡ ᠶᠢᠨ ᠲᠦᠷᠭᠡᠨ ᠬᠥᠭᠵᠢᠬᠦ ᠶᠢ ᠳᠠᠭᠠᠯᠳᠤᠨ᠂ | ᠤᠰᠤᠨ ᠤ ᠰᠢᠨᠵᠢᠯᠡᠭᠡᠨ ᠤ ᠰᠠᠯᠠᠭ᠎ᠠ ᠮᠥᠴᠢᠷ ᠴᠢᠮᠡᠭᠡ ᠮᠡᠳᠡᠭᠡ ᠶᠢᠨ ᠥᠷᠲᠡᠭᠡ ᠴᠢᠭ ᠢᠶᠠᠨ ᠲᠠᠰᠤᠷᠠᠯᠲᠠ ᠤᠢᠭᠡᠢ | ᠲᠡᠭᠦᠯᠳᠡᠷᠵᠢᠭᠦᠯᠵᠦ᠂ ᠶᠡᠭᠡ ᠭᠤᠤᠯ ᠮᠥᠷᠡᠨ᠂ ᠦᠶᠡᠷ ᠢ ᠰᠡᠷᠭᠡᠶᠢᠯᠡᠬᠦ ᠭᠤᠤᠯᠳᠠᠯᠭ᠎ᠠ ᠲᠠᠢ ᠣᠷᠣᠨ ᠪᠦᠰᠡ ᠪᠣᠯᠤᠨ | ᠦᠶᠡᠷ ᠢ ᠰᠡᠷᠭᠡᠶᠢᠯᠡᠬᠦ ᠡᠭᠦᠷᠭᠡ ᠲᠠᠢ ᠳᠤᠮᠳᠠ ᠪᠠᠭ᠎ᠠ ᠭᠤᠤᠯ ᠢ ᠪᠦᠬᠦ ᠲᠠᠯ᠎ᠠ ᠪᠠᠷ ᠪᠥᠷᠬᠦᠭᠦᠯᠬᠦ ᠶᠢ ᠪᠡᠶᠡᠯᠡᠭᠦᠯᠵᠦ᠂ | ᠣᠳᠣᠬᠠᠨ ᠳᠤ ᠪᠦᠬᠦ ᠤᠯᠤᠰ ᠤᠨ ᠤᠰᠤᠨ ᠤ ᠰᠢᠨᠵᠢᠯᠡᠭᠡᠨ ᠤ ᠴᠢᠮᠡᠭᠡ ᠮᠡᠳᠡᠭᠡᠨ ᠤ ᠥᠷᠲᠡᠭᠡ ᠴᠡᠭ 11 ᠲᠦᠮᠡ ᠶᠢ | ᠳᠠᠪᠠᠵᠤ᠂ 2010 ᠣᠨ ᠤ ᠬᠢ ᠠᠴᠠ 10 ᠳᠠᠬᠢᠨ ᠳᠤ ᠣᠶᠢᠷᠠᠲᠤᠪᠠ᠃ ᠡᠭᠦᠨ ᠤ ᠬᠠᠮᠲᠤ᠂ ᠮᠡᠳᠡᠭᠡ ᠵᠠᠩᠭᠢ | ᠮᠡᠳᠡᠭᠦᠯᠦᠨ ᠬᠦᠷᠭᠡᠬᠦ ᠡᠷᠴᠢᠮ ᠢᠶᠠᠨ ᠴᠢᠩᠭᠠᠷᠠᠭᠤᠯᠵᠤ᠂ ᠤᠰᠤᠨ ᠤ ᠪᠠᠶᠢᠳᠠᠯ ᠤᠨ ᠮᠡᠳᠡᠭᠡ ᠵᠠᠩᠭᠢ ᠶᠢᠨ ᠬᠡᠮᠵᠢᠶ᠎ᠡ ᠵᠢᠯ | ᠳᠠᠷᠠᠭᠠᠯᠠᠨ ᠶᠡᠭᠡ ᠪᠠᠷ ᠨᠡᠮᠡᠭᠳᠡᠨ᠂ 2019 ᠣᠨ ᠳᠤ ᠤᠰᠤᠨ ᠠᠰᠢᠭᠯᠠᠯᠲᠠ ᠶᠢᠨ ᠶᠠᠮᠤᠨ ᠤᠰᠤᠨ ᠤ ᠪᠠᠶᠢᠳᠠᠯ ᠤᠨ | ᠮᠡᠳᠡᠭᠡ ᠵᠠᠩᠭᠢ ᠶᠢ 13 ᠳ᠋ᠦᠩᠰᠢᠭᠤᠷ ᠬᠤᠪᠢ ᠭᠥᠯᠢᠶᠡᠨ ᠠᠪᠴᠤ᠂ 2010 ᠣᠨ ᠤ 720 ᠭᠠᠷᠤᠶ ᠳᠠᠬᠢᠨ | ᠪᠣᠯᠪᠠ᠃ | ᠬᠤᠶᠠᠷ ᠲᠤ᠂ ᠲᠤᠬᠠᠶᠢᠯᠠᠭᠰᠠᠨ ᠠᠵᠢᠯ ᠤᠨ ᠴᠢᠳᠠᠪᠤᠷᠢ ᠶᠢᠨ ᠪᠠᠶᠢᠭᠤᠯᠤᠯᠲᠠ ᠶᠢ ᠴᠢᠩᠭᠠᠳᠬᠠᠨ᠎ᠠ᠃ | ᠤᠰᠤᠨ ᠤ ᠪᠠᠶᠢᠳᠠᠯ ᠤᠨ ᠶᠡᠷᠦᠩᠬᠡᠶᠢᠯᠡᠭᠰᠡᠨ ᠲᠤᠬᠠᠶᠢᠯᠠᠭᠰᠠᠨ ᠠᠵᠢᠯ ᠤᠨ ᠰᠢᠰᠲ᠋ᠧᠮ᠂ ᠦᠶᠡᠷ ᠤᠨ ᠤᠰᠤ ᠶᠢ | ᠤᠷᠢᠳᠴᠢᠯᠠᠨ ᠮᠡᠳᠡᠭᠡᠯᠡᠵᠦ ᠰᠡᠷᠡᠮᠵᠢᠯᠡᠭᠦᠯᠬᠦ ᠰᠢᠰᠲ᠋ᠧᠮ ᠵᠡᠷᠭᠡ ᠶᠢ ᠳᠡᠰ ᠳᠡᠪᠰᠢᠭᠦᠯᠦᠨ ᠲᠡᠭᠦᠯᠳᠡᠷᠵᠢᠭᠦᠯᠵᠦ᠂ | ᠤᠰᠤᠨ ᠤ ᠪᠠᠶᠢᠳᠠᠯ ᠤᠨ ᠮᠡᠳᠡᠭᠡ ᠵᠠᠩᠭᠢ ᠶᠢ ᠮᠡᠳᠡᠭᠦᠯᠦᠨ ᠬᠦᠷᠭᠡᠬᠦ ᠪᠠ ᠦᠶᠡᠷ ᠤᠨ ᠤᠰᠤ ᠶᠢ ᠤᠷᠢᠳᠴᠢᠯᠠᠨ | ᠮᠡᠳᠡᠭᠡᠯᠡᠬᠦ ᠠᠵᠢᠯ ᠤᠨ ᠦᠷ᠎ᠡ ᠪᠦᠲᠦᠮᠵᠢ ᠶᠢ ᠲᠠᠰᠤᠷᠠᠯᠲᠠ ᠤᠢᠭᠡᠢ ᠳᠡᠭᠡᠭᠰᠢᠯᠡᠭᠦᠯᠬᠦ ᠬᠡᠷᠡᠭᠲᠡᠶ᠃ 1998 ᠣᠨ ᠤ | ᠶᠡᠭᠡ ᠦᠶᠡᠷ ᠤᠨ ᠦᠶ᠎ᠡ ᠳᠤ᠂ ᠮᠡᠳᠡᠭᠡ ᠵᠠᠩᠭᠢ ᠴᠤᠭᠯᠠᠭᠤᠯᠬᠤ ᠳᠤ 2 ᠴᠠᠭ ᠬᠡᠷᠡᠭᠰᠡᠵᠦ᠂ ᠭᠠᠭᠴᠠ ᠥᠷᠲᠡᠭᠡ ᠪᠠᠷ | ᠪᠠᠷᠤᠭ 2 ᠴᠠᠭ ᠤᠷᠢᠳᠴᠢᠯᠠᠨ ᠮᠡᠳᠡᠭᠡᠯᠡᠳᠡᠭ᠃ ᠣᠲᠣ᠂ ᠲᠤᠬᠠᠶᠢᠯᠠᠭᠰᠠᠨ ᠠᠵᠢᠯ ᠤᠨ ᠰᠢᠰᠲ᠋ᠧᠮ ᠤᠨ | ᠲᠠᠪᠴᠠᠩ ᠢᠶᠠᠷ ᠳᠡᠮᠵᠢᠨ᠂ ᠤᠰᠤᠨ ᠤ ᠪᠠᠶᠢᠳᠠᠯ ᠤᠨ ᠮᠡᠳᠡᠭᠡ ᠵᠠᠩᠭᠢ ᠶᠢᠨ ᠴᠠᠭ ᠬᠤᠭᠤᠴᠠᠭᠠᠲᠤ ᠴᠢᠨᠠᠷ ᠢ 20 | ᠮᠢᠨᠦ᠋ᠲ ᠤᠨ ᠳᠣᠲᠣᠷ᠎ᠠ ᠳᠡᠭᠡᠭᠰᠢᠯᠡᠭᠦᠯᠵᠦ᠂ ᠪᠥᠬᠦ ᠤᠯᠤᠰ ᠤᠨ 2300 ᠭᠠᠷᠤᠶ ᠥᠷᠲᠡᠭᠡ ᠴᠡᠭ ᠢ ᠤᠷᠢᠳᠴᠢᠯᠠᠨ | ᠮᠡᠳᠡᠭᠡᠯᠡᠬᠦ ᠳᠤ ᠵᠥᠪᠬᠡᠨ 2 ᠴᠠᠭ ᠬᠡᠷᠡᠭᠰᠡᠨ᠎ᠡ᠃ ᠡᠭᠦᠨ ᠤ ᠬᠠᠮᠲᠤ᠂ ᠤᠰᠤᠨ ᠰᠢᠨᠵᠢᠯᠡᠭᠡᠨ ᠤ ᠰᠠᠯᠠᠭ᠎ᠠ ᠮᠥᠴᠢᠷ | ᠲᠣᠭᠠᠴᠢᠯᠠᠭᠰᠠᠨ ᠰᠠᠪᠠ ᠭᠠᠵᠠᠷ᠂ ᠲᠣᠮᠣ ᠳ᠋ᠠᠶᠢᠲ᠋ᠠ ᠶᠢᠨ ᠵᠠᠳᠠᠯᠤᠯᠲᠠ ᠵᠡᠷᠭᠡ ᠮᠡᠷᠭᠡᠵᠢᠯ ᠢ ᠥᠷᠭᠡᠨ ᠢᠶᠠᠷ ᠬᠡᠷᠡᠭᠯᠡᠵᠦ᠂ | ᠦᠶᠡᠷ ᠢ ᠤᠷᠢᠳᠴᠢᠯᠠᠨ ᠮᠡᠳᠡᠭᠡᠯᠡᠬᠦ ᠣᠨᠣᠪᠴᠢ ᠶᠢᠨ ᠬᠡᠮᠵᠢᠶ᠎ᠡ ᠶᠢ ᠳᠡᠭᠡᠭᠰᠢᠯᠡᠭᠦᠯᠪᠡ᠃ | ᠭᠤᠷᠪᠠ ᠳᠤ ᠤᠰᠤᠨ ᠤ ᠪᠠᠶᠢᠳᠠᠯ ᠤᠨ ᠲᠤᠬᠠᠶᠢᠯᠠᠭᠰᠠᠨ ᠠᠵᠢᠯ ᠤᠨ ᠰᠢᠰᠲ᠋ᠧᠮ ᠢ ᠲᠡᠭᠦᠯᠳᠡᠷᠵᠢᠭᠦᠯᠦᠨ᠎ᠡ᠃ | ᠤᠰᠤᠨ ᠤ ᠰᠢᠨᠵᠢᠯᠡᠭᠡᠨ ᠤ ᠰᠠᠯᠠᠭ᠎ᠠ ᠮᠥᠴᠢᠷ ᠤᠨ ᠳᠡᠭᠡᠷ᠎ᠡ ᠳᠣᠣᠷ᠎ᠠ ᠱᠠᠲᠤ ᠪᠠᠷ ᠢᠶᠠᠨ ᠬᠤᠯᠪᠣᠭᠠᠯᠠᠨ ᠬᠥᠳᠡᠯᠦᠯᠴᠡᠬᠦ᠂ | ᠬᠥᠨᠳᠡᠯᠡᠨ ᠢᠶᠠᠷ ᠬᠠᠮᠵᠢᠯᠴᠠᠬᠤ ᠠᠵᠢᠯ ᠤᠨ ᠲᠣᠭᠲᠠᠴᠠ ᠶᠢ ᠪᠠᠶᠢᠭᠤᠯᠵᠤ᠂ ᠲᠤᠰᠬᠠᠶ ᠣᠷᠣᠨ ᠬᠤᠲᠠ ᠶᠢᠨ ᠱᠠᠲᠤᠨ ᠤ | ᠤᠰᠤᠨ ᠤ ᠰᠢᠨᠵᠢᠯᠡᠭᠡᠨ ᠤ ᠪᠠᠶᠢᠳᠠᠯ ᠤᠨ ᠮᠡᠳᠡᠭᠡ ᠶᠢ ᠤᠷᠢᠳᠴᠢᠯᠠᠨ ᠮᠡᠳᠡᠭᠡᠯᠡᠬᠦ ᠲᠤᠬᠠᠶᠢᠯᠠᠭᠰᠠᠨ ᠠᠵᠢᠯ ᠢ ᠪᠦᠬᠦᠨ ᠢ | ᠬᠠᠮᠤᠷᠬᠤ ᠶᠢ ᠦᠨᠳᠦᠰᠦᠨ ᠳᠡᠭᠡᠨ ᠪᠡᠶᠡᠯᠡᠭᠦᠯᠵᠦ᠂ ᠦᠨᠳᠦᠰᠦᠨ ᠱᠠᠲᠤᠨ ᠤ ᠤᠰᠤᠨ ᠤ ᠰᠢᠨᠵᠢᠯᠡᠭᠡᠨ ᠤ | ᠬᠠᠮᠢᠶᠠᠷᠤᠯᠲᠠ ᠶᠢᠨ ᠪᠠᠶᠢᠭᠤᠯᠤᠯ ᠤᠨ ᠥᠭᠡᠷᠡᠴᠢᠯᠡᠯᠲᠡ ᠲᠠᠢ ᠤᠶᠠᠯᠳᠤᠭᠤᠯᠤᠨ ᠰᠢᠶᠠᠨ ᠤ ᠱᠠᠲᠤᠨ ᠤ ᠤᠰᠤᠨ ᠤ | ᠰᠢᠨᠵᠢᠯᠡᠭᠡᠨ ᠤ ᠪᠠᠶᠢᠳᠠᠯ ᠤᠨ ᠮᠡᠳᠡᠭᠡ ᠶᠢ ᠤᠷᠢᠳᠴᠢᠯᠠᠨ ᠮᠡᠳᠡᠭᠡᠯᠡᠬᠦ ᠲᠤᠬᠠᠶᠢᠯᠠᠭᠰᠠᠨ ᠠᠵᠢᠯ ᠢ ᠢᠳᠡᠪᠬᠢᠲᠡᠶ ᠲᠦᠯᠬᠢᠨ | ᠠᠬᠢᠭᠤᠯᠵᠤ᠂ ᠤᠰᠤᠨ ᠤ ᠰᠢᠨᠵᠢᠯᠡᠭᠡᠨ ᠤ ᠪᠠᠶᠢᠳᠠᠯ ᠤᠨ ᠮᠡᠳᠡᠭᠡ ᠶᠢ ᠤᠷᠢᠳᠴᠢᠯᠠᠨ ᠮᠡᠳᠡᠭᠡᠯᠡᠬᠦ ᠦᠷ᠎ᠡ ᠪᠦᠲᠦᠭᠡᠯ ᠢ | ᠬᠡᠷᠡᠭᠯᠡᠬᠦ ᠡᠲᠡᠭᠡᠳ ᠢᠶᠠᠨ ᠥᠷᠭᠡᠳᠬᠡᠬᠦ ᠬᠡᠷᠡᠭᠲᠡᠶ᠃ ᠡᠭᠦᠨ ᠤ ᠬᠠᠮᠲᠤ᠂ ᠤᠰᠤᠨ ᠤ ᠪᠠᠶᠢᠳᠠᠯ ᠤᠨ ᠮᠡᠳᠡᠭᠡ | ᠵᠠᠩᠭᠢ ᠶᠢᠨ ᠣᠯᠠᠨ ᠨᠡᠶᠢᠲᠡ ᠶᠢᠨ ᠦᠢᠯᠡᠴᠢᠯᠡᠭᠡ ᠶᠢ ᠴᠢᠩᠭᠠᠳᠬᠠᠵᠤ᠂ ᠰᠦᠯᠵᠢᠶᠡᠨ ᠥᠷᠲᠡᠭᠡ᠂ ᠲᠧᠯᠸᠢᠰ᠂ | ᠰᠣᠨᠢᠨ᠂ ᠸᠢᠴᠠᠲ᠂ ᠭᠠᠷ ᠤᠲᠠᠰᠤᠨ ᠤ ᠣᠬᠤᠷ ᠴᠢᠮᠡᠭᠡ᠂ ᠭᠠᠷ ᠤᠲᠠᠰᠤᠨ ᠤ ᠬᠡᠷᠡᠭᠯᠡᠭᠴᠢ ᠶᠢᠨ ᠦᠢᠯᠡᠴᠢᠯᠡᠭᠡᠨ ᠤ | ᠦᠵᠦᠭᠦᠷᠯᠢᠭ ᠵᠡᠷᠭᠡ ᠣᠯᠠᠨ ᠵᠦᠢᠯ ᠤᠨ ᠦᠢᠯᠡᠴᠢᠯᠡᠭᠡᠨ ᠤ ᠬᠡᠯᠪᠡᠷᠢ ᠪᠠᠷ ᠳᠠᠮᠵᠢᠭᠤᠯᠤᠨ ᠦᠶᠡᠷ ᠤᠰᠤᠲᠤᠯ᠂ ᠤᠰᠤ | ᠬᠠᠲᠠᠬᠤ᠂ ᠤᠰᠤᠨ ᠤ ᠰᠢᠨᠵᠢᠯᠡᠬᠡᠨ ᠤ ᠭᠠᠩ ᠬᠠᠭᠰᠠᠷᠠᠭᠠᠨ᠂ ᠳᠣᠭᠰᠢᠨ ᠰᠠᠯᠬᠢᠨ ᠤ ᠲᠦᠯᠬᠢᠭᠡᠨ ᠵᠡᠷᠭᠡ ᠶᠢ ᠬᠢᠨᠠᠨ | ᠰᠢᠨᠵᠢᠭᠰᠡᠨ ᠪᠠ ᠤᠷᠢᠳᠴᠢᠯᠠᠨ ᠮᠡᠳᠡᠭᠡᠯᠡᠵᠦ ᠰᠡᠷᠡᠮᠵᠢᠯᠡᠭᠦᠯᠬᠦ ᠮᠡᠳᠡᠭᠡ ᠵᠠᠩᠭᠢ ᠶᠢ ᠴᠠᠭ ᠲᠤᠬᠠᠶ ᠳᠤᠨᠢ ᠨᠡᠶᠢᠭᠡᠮ ᠳᠤ | ᠢᠯᠡ ᠨᠡᠶᠢᠲᠡᠯᠡᠬᠦ ᠬᠡᠷᠡᠭᠲᠡᠶ᠃ | ᠳᠥᠷᠪᠡ ᠳᠤ᠂ ᠦᠢᠯᠡᠴᠢᠯᠡᠭᠡᠨ ᠤ ᠬᠦᠷᠢᠶ᠎ᠡ ᠴᠠᠷᠠᠭ᠎ᠠ ᠶᠢ ᠢᠳᠡᠪᠬᠢᠲᠡᠢ ᠥᠷᠭᠡᠳᠬᠡᠨ᠎ᠡ᠃ ᠤᠰᠤᠨ ᠤ ᠡᠬᠢ | ᠪᠠᠶᠠᠯᠢᠭ᠂ ᠤᠰᠤᠨ ᠤ ᠠᠮᠢ ᠠᠬᠤᠶ᠂ ᠤᠰᠤᠨ ᠤ ᠣᠷᠴᠢᠨ ᠲᠣᠭᠤᠷᠢᠨ ᠤ ᠠᠰᠠᠭᠤᠳᠠᠯ ᠡᠳᠦᠷ ᠢᠷᠡᠬᠦᠶ᠎ᠡ ᠲᠣᠪᠤᠶᠢᠮ᠎ᠠ | ᠪᠣᠯᠬᠤ ᠶᠢ ᠳᠠᠭᠠᠯᠳᠤᠨ᠂ ᠤᠰᠤᠨ ᠤ ᠰᠢᠨᠵᠢᠯᠡᠬᠡᠨ ᠤ ᠰᠠᠯᠠᠭ᠎ᠠ ᠮᠥᠴᠢᠷ ᠤᠳ ᠤᠰᠤᠨ ᠤ ᠡᠬᠢ ᠪᠠᠶᠠᠯᠢᠭ ᠤᠨ | ᠬᠠᠮᠢᠶᠠᠷᠤᠯᠲᠠ ᠬᠢᠭᠡᠳ ᠲᠣᠬᠢᠷᠠᠭᠤᠯᠤᠯᠲᠠ᠂ ᠤᠰᠤᠨ ᠤ ᠠᠮᠢ ᠠᠬᠤᠶ ᠶᠢᠨ ᠣᠷᠴᠢᠨ ᠲᠣᠭᠤᠷᠢᠨ ᠤ ᠬᠠᠮᠠᠭᠠᠯᠠᠯᠲᠠ | ᠬᠢᠭᠡᠳ ᠰᠡᠷᠭᠦᠭᠡᠯᠲᠡ ᠵᠡᠷᠭᠡ ᠲᠠᠯ᠎ᠠ ᠳᠤ ᠦᠢᠯᠡᠴᠢᠯᠡᠬᠦ ᠤᠰᠤᠨ ᠤ ᠪᠠᠶᠢᠳᠠᠯ ᠤᠨ ᠲᠤᠬᠠᠶᠢᠯᠠᠭᠰᠠᠨ ᠠᠵᠢᠯ ᠢ | ᠲᠠᠰᠤᠷᠠᠯᠲᠠ ᠥᠬᠡᠶ ᠥᠷᠭᠡᠳᠬᠡᠵᠦ᠂ ᠤᠰᠤᠨ ᠤ ᠡᠬᠢ ᠪᠠᠶᠠᠯᠢᠭ ᠤᠨ ᠬᠠᠮᠢᠶᠠᠷᠤᠯᠲᠠ ᠬᠢᠭᠡᠳ ᠲᠣᠬᠢᠷᠠᠭᠤᠯᠤᠯᠲᠠ | ᠵᠡᠷᠭᠡ ᠬᠡᠷᠡᠭᠴᠡᠭᠡ ᠱᠠᠭᠠᠷᠳᠠᠯᠭ᠎ᠠ ᠲᠠᠢ ᠤᠶᠠᠯᠳᠤᠭᠤᠯᠤᠨ᠂ ᠭᠤᠤᠯ ᠮᠥᠷᠡᠨ ᠨᠠᠭᠤᠷ ᠴᠥᠭᠦᠷᠥᠮ ᠤᠨ ᠤᠷᠤᠰᠬᠠᠯ᠂ | ᠤᠤᠭᠤᠬᠤ ᠤᠰᠤᠨ ᠤ ᠴᠢᠬᠤᠯᠠ ᠤᠰᠤᠨ ᠰᠤᠷᠪᠤᠯᠵᠢ ᠶᠢᠨ ᠭᠠᠵᠠᠷ ᠤᠨ ᠤᠰᠤᠨ ᠤ ᠬᠡᠮᠵᠢᠶ᠎ᠡ ᠵᠡᠷᠭᠡ ᠶᠢ | ᠲᠥᠰᠦᠭᠡᠯᠡᠵᠦ ᠤᠷᠢᠳᠴᠢᠯᠠᠨ ᠮᠡᠳᠡᠭᠡᠯᠡᠬᠦ ᠤᠷᠢᠳᠴᠢᠯᠠᠨ ᠰᠡᠷᠡᠮᠵᠢᠯᠡᠭᠦᠯᠬᠦ ᠠᠵᠢᠯ ᠢ ᠥᠷᠨᠢᠭᠦᠯᠵᠦ᠂ ᠠᠮᠢ ᠠᠬᠤᠶ ᠶᠢᠨ | ᠤᠷᠤᠰᠬᠠᠯ ᠤᠨ ᠬᠡᠮᠵᠢᠶ᠎ᠡ ︵ᠤᠰᠤᠨ ᠤ ᠬᠡᠮᠵᠢᠶ᠎ᠡ︶ ᠶᠢᠨ ᠬᠠᠮᠢᠶᠠᠷᠤᠯᠲᠠ ᠶᠢᠨ ᠲᠣᠭᠤᠷᠢᠨ ᠳᠤ᠂ ᠤᠰᠤ ᠬᠠᠳᠠᠬᠤ | ᠬᠤᠭᠤᠴᠠᠭᠠᠨ ᠳᠠᠬᠢ ᠭᠤᠤᠯ ᠮᠥᠷᠡᠨ ᠤ ᠤᠰᠤᠨ ᠤ ᠬᠡᠮᠵᠢᠶ᠎ᠡ ᠶᠢ ᠬᠢᠨᠠᠨ ᠰᠢᠨᠵᠢᠬᠦ ᠪᠠ ᠲᠥᠰᠦᠭᠡᠯᠡᠵᠦ ᠤᠷᠢᠳᠴᠢᠯᠠᠨ | ᠰᠡᠷᠡᠮᠵᠢᠯᠡᠭᠦᠯᠬᠦ ᠠᠵᠢᠯ ᠢ ᠢᠳᠡᠪᠬᠢᠲᠡᠶ ᠥᠷᠨᠢᠭᠦᠯᠦᠨ᠎ᠡ᠃ ᠪᠠᠶᠠᠷᠯᠠᠯ᠎ᠠ︕ | ᠠᠷᠠᠳ ᠤᠨ ᠡᠳᠦᠷ ᠤᠨ ᠰᠣᠨᠢᠨ ᠤ ᠰᠤᠷᠪᠤᠯᠵᠢᠯᠠᠭᠴᠢ᠄ 2018 ᠣᠨ ᠳᠤ ᠶᠡᠷᠦᠩᠬᠡᠶ ᠱᠦᠵᠢ ᠴᠧᠩ ᠯᠢᠩ ᠵᠢᠶ | ᠤᠰᠤᠨ ᠤ ᠰᠢᠨᠵᠢᠯᠡᠭᠡᠨ ᠤ ᠥᠷᠲᠡᠭᠡ ᠶᠢ ᠰᠢᠨᠵᠢᠯᠡᠨ ᠪᠠᠶᠢᠴᠠᠭᠠᠵᠤ ᠥᠩᠭᠡᠷᠡᠭᠰᠡᠨ ᠶᠤᠮ᠂ ᠲᠠ ᠴᠧᠩ ᠯᠢᠩ ᠵᠢᠶ | ᠤᠰᠤᠨ ᠤ ᠰᠢᠨᠵᠢᠯᠡᠭᠡᠨ ᠤ ︽ᠴᠠᠭ ᠠᠭᠤᠷ ᠤᠨ ᠬᠡᠮᠵᠢᠬᠦᠷ︾ ᠤᠨ ᠠᠴᠢ ᠬᠤᠯᠪᠣᠭᠳᠠᠯ ᠪᠠ ᠦᠢᠯᠡᠳᠦᠯ ᠢ | ᠲᠠᠨᠢᠯᠴᠠᠭᠤᠯᠤᠭᠠᠳ ᠥᠭᠭᠦᠨ᠎ᠡ ᠦᠦ᠃ ᠪᠠᠶᠠᠷᠯᠠᠯ᠎ᠠ︕ | ᠼᠠᠢ ᠵᠢᠶᠠᠨ ᠶᠤᠸᠠᠨ᠄ ᠰᠠᠶ᠋ᠢ ᠶᠢᠨ ᠲᠠᠨᠢᠯᠴᠠᠭᠤᠯᠭ᠎ᠠ ᠶᠢᠨ ᠡᠬᠢᠨ ᠳᠤ ᠶᠡᠷᠦᠩᠬᠡᠶ ᠱᠦᠵᠢ ᠰᠢ ᠶᠢᠨ ᠫᠢᠩ ᠤᠨ | 2018 ᠣᠨ ᠤ 4 ᠰᠠᠷ᠎ᠠ ᠶᠢᠨ 25 ᠤ ᠡᠳᠦᠷ ᠴᠧᠩ ᠯᠢᠩ ᠵᠢᠶ ᠤᠰᠤᠨ ᠤ ᠰᠢᠨᠵᠢᠯᠡᠭᠡᠨ ᠤ ᠥᠷᠲᠡᠭᠡ ᠳᠤ | ᠬᠦᠷᠴᠦ ᠰᠢᠨᠵᠢᠯᠡᠨ ᠪᠠᠶᠢᠴᠠᠭᠠᠭᠰᠠᠨ ᠶᠠᠪᠤᠳᠠᠯ ᠨᠢ ᠤᠰᠤᠨ ᠠᠰᠢᠭᠯᠠᠯᠲᠠ ᠶᠢᠨ ᠰᠢᠰᠲ᠋ᠧᠮ ᠤᠨ ᠥᠷᠭᠡᠨ ᠣᠯᠠᠨ | ᠠᠵᠢᠯᠲᠠᠨ ᠠᠵᠢᠯᠴᠢᠨ ᠳᠤ ᠮᠠᠰᠢ ᠶᠡᠭᠡ ᠵᠣᠷᠢᠭᠵᠢᠭᠤᠯᠤᠯ ᠪᠣᠯᠵᠠᠶ᠃ ᠴᠧᠩ ᠯᠢᠩ ᠵᠢᠶ ᠤᠰᠤᠨ ᠤ ᠰᠢᠨᠵᠢᠯᠡᠭᠡᠨ ᠤ | ᠥᠷᠲᠡᠭᠡ ᠪᠣᠯ ᠨᠢᠭᠡᠨ ᠨᠡᠶᠢᠲᠡᠯᠢᠭ ᠭᠤᠤᠯ ᠨᠠᠭᠤᠷ ᠤᠨ ᠠᠭᠤᠯᠵᠠᠷ ᠤᠨ ᠡᠵᠡᠮᠰᠢᠯ ᠥᠷᠲᠡᠭᠡ᠂ ᠲᠡᠷᠡ ᠨᠢ ᠳ᠋ᠦᠩ | ᠲᠢᠩ ᠬᠤ᠋ ᠨᠠᠭᠤᠷ ᠤᠨ ᠭᠠᠷᠬᠤ ᠡᠭᠦᠳᠡ ᠪᠤᠯᠤᠨ ᠬᠥᠬᠡ ᠮᠥᠷᠡᠨ ᠤ ᠠᠭᠤᠯᠵᠠᠷ ᠲᠤ ᠪᠠᠶᠢᠷᠢᠯᠠᠵᠤ ᠪᠠᠶᠢᠨ᠎ᠠ᠃ | ᠥᠩᠭᠡᠷᠡᠭᠰᠡᠨ ᠳᠤ ᠹᠠᠨ ᠵᠥᠩ ᠶᠠᠨ ᠳ᠋ᠦᠩ ᠲᠢᠩ ᠬᠤ᠋ ᠨᠠᠭᠤᠷ ᠢ ︽ᠠᠯᠤᠰ ᠤᠨ ᠠᠭᠤᠯᠠ ᠲᠠᠢ ᠵᠠᠯᠭᠠᠯᠳᠤᠨ | ᠬᠥᠬᠡ ᠮᠥᠷᠡᠨ ᠢ ᠵᠠᠯᠭᠢᠪᠠ︾ ᠭᠡᠵᠦ ᠳᠦᠷᠰᠦᠯᠡᠵᠦ ᠥᠩᠭᠡᠷᠡᠵᠡᠶ᠃ ᠳ᠋ᠦᠩ ᠲᠢᠩ ᠬᠤ᠋ ᠨᠠᠭᠤᠷ ᠪᠣᠯ ᠦᠨᠡᠨ ᠳᠡᠭᠡᠨ | ᠰᠢᠶᠠᠨᠵᠢᠶᠠᠩ᠂ ᠽᠢᠵᠢᠶᠠᠩ᠂ ᠶᠤᠸᠠᠨᠵᠢᠶᠠᠩ᠂ ᠯᠢᠵᠢᠶᠠᠩ ᠳᠥᠷᠪᠡᠨ ᠶᠡᠭᠡ ᠤᠰᠤᠨ ᠰᠢᠰᠲ᠋ᠧᠮ ᠤᠨ ᠤᠷᠤᠰᠤᠨ | ᠣᠷᠣᠵᠤ ᠪᠠᠶᠢᠭ᠎ᠠ ᠭᠠᠵᠠᠷ ᠶᠤᠮ᠂ ᠬᠥᠬᠡ ᠮᠥᠷᠡᠨ ᠢ ᠵᠠᠯᠭᠢᠬᠤ ᠭᠡᠳᠡᠭ ᠨᠢ ᠳᠠᠷᠤᠶ ᠬᠥᠬᠡ ᠮᠥᠷᠡᠨ ᠤ ᠶᠡᠭᠡ | ᠦᠶᠡᠷ ᠤᠨ ᠪᠠᠶᠢᠳᠠᠯ ᠳᠣᠣᠷ᠎ᠠ ᠨᠢᠭᠡ ᠬᠡᠰᠡᠭ ᠤᠰᠤ ᠶᠢ ᠳ᠋ᠦᠩ ᠲᠢᠩ ᠬᠤ᠋ ᠨᠠᠭᠤᠷ ᠲᠤ ᠣᠷᠣᠭᠤᠯᠵᠤ ᠳᠡᠶᠢᠯᠬᠦ ᠶᠢ | ᠬᠡᠯᠡᠵᠦ ᠪᠠᠶᠢᠨ᠎ᠠ᠂ ᠲᠡᠭᠦᠨ ᠳᠤ ᠪᠠᠰᠠ ᠨᠢᠭᠡ ᠴᠢᠳᠠᠮᠵᠢ ᠲᠠᠢ᠂ ᠳᠠᠷᠤᠶ ᠬᠥᠬᠡ ᠮᠥᠷᠡᠨ ᠤ ᠭᠤᠣᠯ ᠤᠷᠤᠰᠬᠠᠯ ᠤᠨ | ᠤᠰᠤᠨ ᠤ ᠬᠡᠮᠵᠢᠶ᠎ᠡ ᠪᠠᠭ᠎ᠠ ᠪᠠᠶᠢᠬᠤ ᠪᠠᠶᠢᠳᠠᠯ ᠳᠣᠣᠷ᠎ᠠ ᠬᠥᠬᠡ ᠮᠥᠷᠡᠨ ᠤ ᠤᠰᠤᠨ ᠤ ᠬᠡᠮᠵᠢᠶ᠎ᠡ ᠶᠢ ᠭᠡᠳᠡᠷᠭᠦ ᠲᠡᠵᠢᠭᠡᠬᠦ | ᠶᠠᠪᠤᠳᠠᠯ ᠪᠣᠯᠤᠨ᠎ᠠ᠃ ᠲᠡᠭᠦᠨ ᠤ ᠡᠶᠢᠮᠦᠷᠬᠦᠦ ᠨᠢᠭᠡᠨ ᠣᠨᠴᠠᠭᠠᠢ ᠪᠠᠶᠢᠷᠢᠯᠠᠯ ᠠᠴᠠ ᠦᠵᠡᠪᠡᠯ᠂ ᠡᠨᠡ ᠬᠦ ᠤᠰᠤᠨ ᠤ | ᠰᠢᠨᠵᠢᠯᠡᠬᠡᠨ ᠤ ᠠᠵᠢᠭᠯᠠᠯᠲᠠ ᠨᠢ ᠲᠦᠢᠯ ᠤᠨ ᠴᠢᠬᠤᠯᠠ ᠮᠥᠷᠲᠡᠭᠡᠨ ᠲᠡᠭᠦᠨ ᠤ ᠳᠤᠰᠬᠠᠭᠰᠠᠨ ᠵᠢᠮ᠎ᠡ ᠶᠣᠰᠣ ᠨᠢ | ᠲᠦᠢᠯ ᠤᠨ ᠪᠤᠳᠤᠯᠢᠶᠠᠨᠲᠠᠢ ᠪᠠᠶᠢᠳᠠᠭ᠃ ᠣᠳᠣᠬᠠᠨ ᠳᠤ ᠴᠧᠩ ᠯᠢᠩ ᠵᠢᠶ ᠶᠢᠨ ᠤᠰᠤᠨ ᠲᠦᠪᠰᠢᠨ ᠤ | ᠬᠤᠪᠢᠷᠠᠯᠲᠠ ᠶᠢᠨ ᠵᠢᠮ᠎ᠡ ᠶᠣᠰᠣᠨ ᠤ ᠲᠣᠭᠤᠷᠢᠨ ᠳᠤ᠂ ᠮᠠᠰᠢ ᠣᠯᠠᠨ ᠤᠰᠤᠨ ᠰᠢᠨᠵᠢᠯᠡᠭᠡᠨ ᠤ ᠲᠤᠰᠬᠠᠶ | ᠮᠡᠷᠭᠡᠵᠢᠯᠲᠡᠨ ᠡᠷᠳᠡᠮᠲᠡᠳ ᠰᠤᠳᠤᠯᠭᠠᠨ ᠬᠢᠵᠦ ᠪᠠᠶᠢᠨ᠎ᠠ᠃ ︽ᠴᠠᠭ ᠠᠭᠤᠷ ᠤᠨ ᠬᠡᠮᠵᠢᠭᠦᠷ︾ ᠨᠢ ᠳ᠋ᠦᠩ ᠲᠢᠩ ᠬᠤ᠋ | ᠴᠧᠩ ᠯᠢᠩ ᠵᠢᠶ ᠤᠰᠤᠨ ᠰᠢᠨᠵᠢᠯᠡᠭᠡᠨ ᠤ ᠥᠷᠲᠡᠭᠡ ᠶᠢᠨ ᠡᠵᠡᠮᠰᠢᠯ ᠤᠨ ᠢᠯᠡᠷᠡᠯ ᠪᠤᠯᠤᠨ᠎ᠠ᠃ | ᠪᠢᠳᠡ ᠦᠶᠡᠷ ᠢ ᠰᠡᠷᠭᠡᠶᠢᠯᠡᠨ ᠭᠠᠩ ᠬᠠᠭᠰᠠᠷᠠᠭᠠᠨ ᠲᠠᠢ ᠲᠡᠮᠡᠴᠡᠵᠦ ᠭᠠᠮᠰᠢᠭ ᠢ ᠪᠠᠭᠠᠰᠬᠠᠬᠤ ᠲᠤᠬᠠᠶ | ᠶᠠᠷᠢᠬᠤ ᠳᠠᠭᠠᠨ᠂ ᠴᠧᠩ ᠯᠢᠩ ᠵᠢᠶ ᠶᠢᠨ ᠤᠰᠤᠨ ᠲᠦᠪᠰᠢᠨ ᠤ ᠬᠤᠪᠢᠷᠠᠯᠲᠠ ᠶᠢᠨ ᠪᠠᠶᠢᠳᠠᠯ᠂ ᠵᠢᠯ ᠤᠨ | ᠬᠤᠪᠢᠷᠠᠯᠲᠠ ᠶᠢᠨ ᠬᠠᠨᠳᠤᠰᠢ᠂ ᠣᠳᠣᠬᠠᠨ ᠤ ᠬᠤᠪᠢᠷᠠᠯᠲᠠ ᠶᠢᠨ ᠪᠠᠶᠢᠳᠠᠯ ᠢ ᠦᠵᠡᠵᠦ᠂ ᠢᠷᠡᠭᠡᠳᠦᠶ ᠶᠢᠨ | ᠬᠤᠪᠢᠷᠠᠯᠲᠠ ᠶᠢᠨ ᠬᠠᠨᠳᠤᠰᠢ ᠶᠢ ᠴᠤ ᠵᠠᠳᠠᠯᠵᠤ ᠤᠷᠢᠳᠴᠢᠯᠠᠨ ᠮᠠᠭᠠᠳᠯᠠᠬᠤ ᠬᠡᠷᠡᠭᠲᠡᠶ᠃ ᠡᠶᠢᠮᠦ ᠠᠴᠠ ︽ᠴᠠᠭ | ᠠᠭᠤᠷ ᠤᠨ ᠬᠡᠮᠵᠢᠭᠦᠷ︾ ᠨᠢ ᠭᠤᠤᠯ ᠮᠥᠷᠡᠨ ᠤ ᠰᠣᠯᠢᠯᠴᠠᠭᠠᠨ ᠤ ᠬᠠᠷᠢᠴᠠᠭᠠᠨ ᠤ ᠮᠠᠰᠢ ᠴᠢᠬᠤᠯᠠ ᠤᠰᠤᠨ ᠤ | ᠰᠢᠨᠵᠢᠯᠡᠬᠡᠨ ᠤ ᠠᠰᠠᠭᠤᠳᠠᠯ ᠢ ᠢᠯᠡᠷᠡᠭᠦᠯᠵᠦ᠂ ᠬᠥᠬᠡᠮᠥ᠋ᠷᠡᠨ ᠤ ᠦᠶᠡᠷ ᠢ ᠰᠡᠷᠭᠡᠶᠢᠯᠡᠬᠦ ᠵᠢᠯᠣᠭᠤᠳᠬᠤ ᠰᠢᠳᠪᠥᠷᠢᠲᠦ | ᠪᠣᠳᠣᠯᠭ᠎ᠠ ᠶᠢᠨ ᠨᠢᠭᠡᠨ ᠴᠢᠬᠤᠯᠠ ᠠᠩᠬᠠᠷᠤᠯ ᠤᠨ ᠴᠡᠭ ᠪᠣᠯᠤᠨ᠎ᠠ᠃ | ᠴᠧᠩ ᠯᠢᠩ ᠵᠢᠶ ᠪᠣᠯ ᠳ᠋ᠦᠩ ᠲᠢᠩ ᠬᠤ᠋ ᠨᠠᠭᠤᠷ ᠤᠨ ᠬᠥᠬᠡ ᠮᠥᠷᠡᠨ ᠳᠤ ᠤᠷᠤᠰᠤᠨ ᠣᠷᠣᠬᠤ ᠠᠮᠠᠰᠠᠷ | ᠪᠣᠯᠤᠨ᠎ᠠ᠂ ᠲᠡᠭᠦᠨ ᠤ ᠤᠰᠤᠨ ᠲᠦᠪᠰᠢᠨ᠂ ᠤᠷᠤᠰᠬᠠᠯ ᠤᠨ ᠬᠡᠮᠵᠢᠶ᠎ᠡ᠂ ᠡᠯᠡᠰᠦ ᠰᠢᠪᠠᠷ᠂ ᠤᠰᠤᠨ ᠤ ᠴᠢᠨᠠᠷ ᠨᠢ | ᠳ᠋ᠦᠩ ᠲᠢᠩ ᠬᠤ᠋ ᠨᠠᠭᠤᠷ ᠤᠨ ᠪᠠᠶᠢᠳᠠᠯ ᠢ ᠲᠤᠰᠬᠠᠵᠤ ᠪᠠᠶᠢᠳᠠᠭ᠂ ᠡᠭᠦᠨ ᠤ ᠬᠠᠮᠲᠤ ᠡᠨᠡ ᠬᠦ ᠭᠤᠤᠯ ᠤᠨ ᠬᠡᠰᠡᠭ ᠨᠢ | ᠳᠠᠬᠢᠨ ᠬᠥᠬᠡ ᠮᠥᠷᠡᠨ ᠤ ᠳᠤᠤᠷᠠᠳᠤ ᠤᠷᠤᠰᠬᠠᠯ ᠵᠦᠭ ᠤᠷᠤᠰᠬᠤ ᠶᠠᠪᠤᠴᠠ ᠳᠤ᠂ ᠭᠤᠤᠯ ᠤᠨ ᠤᠷᠤᠰᠬᠠᠯ ᠤᠨ | ᠵᠠᠮ ᠢ ᠵᠠᠰᠠᠬᠤ᠂ ᠬᠦᠪᠡᠭᠡ ᠡᠷᠭᠢ ᠶᠢᠨ ᠱᠤᠭᠤᠮ ᠢ ᠶᠡᠷᠦᠩᠬᠡᠶᠢᠯᠡᠨ ᠬᠠᠮᠠᠭᠠᠯᠠᠬᠤ ᠳᠤ ᠦᠵᠡᠭᠦᠯᠬᠦ ᠨᠥᠯᠥᠭᠡ ᠶᠢ | ᠪᠣᠳᠣᠯᠬᠢᠯᠠᠬᠤ ᠬᠡᠷᠡᠭᠲᠡᠶ᠃ ᠡᠶᠢᠮᠦ ᠠᠴᠠ ᠡᠨᠡ ᠥᠷᠲᠡᠭᠡ ᠶᠢ ︽ᠴᠠᠭ ᠠᠭᠤᠷ ᠤᠨ ᠬᠡᠮᠵᠢᠭᠦᠷ︾ ᠭᠡᠵᠦ ᠨᠡᠷᠡᠯᠡᠬᠦ ᠨᠢ | ᠮᠠᠰᠢ ᠲᠣᠬᠢᠷᠠᠮᠵᠢᠲᠠᠶ ᠶᠤᠮ᠃ | ᠪᠢ ᠡᠳᠡᠭᠡᠷ ᠢ ᠬᠠᠷᠢᠭᠤᠯᠤᠶ᠎ᠠ᠂ ᠪᠠᠶᠠᠷᠯᠠᠯ᠎ᠠ︕ | ᠰᠢᠨᠬᠤᠸᠠ ᠬᠤᠷᠢᠶᠠᠨ ᠤ ᠰᠤᠷᠪᠤᠯᠵᠢᠯᠠᠭᠴᠢ᠄ ᠤᠰᠤᠨ ᠠᠰᠢᠭᠯᠠᠯᠲᠠ ᠶᠢᠨ ᠰᠠᠯᠠᠭ᠎ᠠ ᠮᠥᠴᠢᠷ ᠤᠨ ᠤᠰᠤᠨ ᠤ | ᠴᠢᠨᠠᠷ ᠢ ᠬᠢᠨᠠᠨ ᠬᠡᠮᠵᠢᠬᠦ ᠠᠵᠢᠯ ᠳᠤ ᠶᠠᠮᠠᠷ ᠶᠠᠮᠠᠷ ᠣᠨᠴᠠᠯᠢᠭ ᠪᠠᠶᠢᠬᠤ ᠪᠣᠶ ᠲᠠᠷᠠᠭᠠᠴᠢ ᠶᠢᠨ ᠱᠠᠲᠤᠨ ᠤ ᠤᠰᠤᠨ ᠤ | ᠴᠢᠨᠠᠷ ᠢ ᠬᠢᠨᠠᠨ ᠬᠡᠮᠵᠢᠬᠦ ᠪᠠᠶᠢᠷᠢ ᠲᠣᠭᠲᠠᠭᠠᠯᠲᠠ ᠪᠠ ᠭᠤᠤᠯᠳᠠᠯᠭ᠎ᠠ ᠲᠠᠢ ᠡᠭᠦᠷᠭᠡ ᠳᠤ ᠶᠠᠭᠤ ᠶᠠᠭᠤ ᠪᠠᠶᠢᠬᠤ ᠪᠣᠶ︖ | ᠪᠠᠶᠠᠷᠯᠠᠯ᠎ᠠ︕ | ᠼᠠᠢ ᠵᠢᠶᠠᠨ ᠶᠤᠸᠠᠨ᠄ ᠡᠨᠡ ᠠᠰᠠᠭᠤᠳᠠᠯ ᠢ ᠪᠢ ᠸᠧᠶ ᠰᠢᠨ ᠫᠢᠩ ᠳᠡᠳ᠋ ᠵᠤᠷᠭᠠᠨ ᠤ ᠳᠠᠷᠤᠭ᠎ᠠ ᠪᠠᠷ | ᠬᠠᠷᠢᠭᠤᠯᠤᠭᠤᠯᠤᠶᠠ᠃ | ᠸᠧᠶ ᠰᠢᠨ ᠫᠢᠩ᠄ ᠤᠰᠤᠨ ᠤ ᠴᠢᠨᠠᠷ ᠢ ᠬᠢᠨᠠᠨ ᠬᠡᠮᠵᠢᠬᠦ ᠪᠣᠯ ᠤᠰᠤᠨ ᠤ ᠰᠢᠨᠵᠢᠯᠡᠬᠡᠨ ᠤ ᠰᠠᠯᠠᠭ᠎ᠠ | ᠮᠥᠴᠢᠷ ᠤᠨ ᠴᠢᠬᠤᠯᠠ ᠡᠭᠦᠷᠭᠡ ᠬᠠᠷᠢᠭᠤᠴᠠᠯᠭ᠎ᠠ ᠪᠣᠯᠬᠤ ᠪᠥᠭᠡᠳ ᠪᠠᠰᠠ ᠤᠰᠤᠨ ᠤ ᠰᠢᠨᠵᠢᠯᠡᠬᠡᠨ ᠤ ᠬᠢᠨᠠᠨ | ᠬᠡᠮᠵᠢᠯᠳᠡ ᠶᠢᠨ ᠰᠠᠯᠵᠤ ᠪᠣᠯᠤᠰᠢ ᠦᠭᠡᠶ ᠪᠦᠷᠢᠯᠳᠦᠬᠦᠨ ᠠᠭᠤᠯᠭ᠎ᠠ ᠪᠣᠯᠤᠨ᠎ᠠ᠃ ᠤᠰᠤᠨ ᠤ ᠰᠢᠨᠵᠢᠯᠡᠭᠡᠨ ᠤ ᠰᠠᠯᠠᠭ᠎ᠠ | ᠮᠥᠴᠢᠷ ᠤᠨ ᠤᠰᠤᠨ ᠤ ᠴᠢᠨᠠᠷ ᠢ ᠬᠢᠨᠠᠨ ᠬᠡᠮᠵᠢᠬᠦ ᠠᠵᠢᠯ ᠨᠢ ᠳᠡᠭᠡᠷ᠎ᠡ ᠵᠠᠭᠤᠨ ᠤ ᠲᠠᠪᠢᠭᠠᠳ ᠣᠨ ᠠᠴᠠ ᠡᠬᠢᠯᠡᠵᠦ᠂ | ᠬᠠᠮᠤᠭ ᠠᠩᠬᠠᠨ ᠳᠠᠭᠠᠨ ᠪᠠᠶᠢᠭᠠᠯᠢ ᠶᠢᠨ ᠤᠰᠤᠨ ᠤ ᠬᠢᠮᠢ ᠶᠢᠨ ᠵᠠᠳᠠᠯᠤᠯᠲᠠ ᠪᠠᠷ ᠭᠤᠣᠯᠯᠠᠵᠤ ᠪᠠᠶᠢᠪᠠ᠃ ᠳᠠᠯᠠᠭᠠᠳ | ᠣᠨ ᠤ ᠡᠬᠢ ᠠᠴᠠ ᠡᠬᠢᠯᠡᠨ ᠤᠰᠤᠨ ᠤ ᠪᠣᠬᠢᠷᠲᠤᠯ ᠤᠨ ᠤᠰᠤᠨ ᠤ ᠡᠬᠢ ᠪᠠᠶᠠᠯᠢᠭ ᠢ ᠨᠡᠭᠡᠭᠡᠨ ᠠᠰᠢᠭᠯᠠᠬᠤ ᠳᠤ | ᠦᠵᠡᠭᠦᠯᠬᠦ ᠨᠥᠯᠥᠭᠡ ᠶᠢ ᠠᠩᠬᠠᠷᠴᠤ᠂ ᠬᠢᠮᠢ ᠶᠢᠨ ᠭᠦᠶ᠋ᠴᠡᠳᠬᠡᠯ ᠲᠤᠭ᠎ᠠ ᠶᠢᠨ ᠬᠢᠨᠠᠨ ᠬᠡᠮᠵᠢᠯᠲᠡ ᠶᠢ ᠠᠯᠬᠤᠮ | ᠠᠯᠬᠤᠮ ᠢᠶᠠᠷ ᠥᠷᠨᠢᠭᠦᠯᠦᠨ᠎ᠡ᠃ ᠡᠭᠦᠨ ᠠᠴᠠ ᠰᠡᠭᠦᠯᠡᠷ᠂ ᠤᠰᠤᠨ ᠤ ᠴᠢᠨᠠᠷ ᠢ ᠬᠢᠨᠠᠨ ᠬᠡᠮᠵᠢᠬᠦ ᠠᠵᠢᠯ ᠡᠳᠦᠷ | ᠢᠷᠡᠬᠦᠶ᠎ᠡ ᠬᠥᠭᠵᠢᠪᠡ᠃ | ᠤᠰᠤᠨ ᠤ ᠰᠢᠨᠵᠢᠯᠡᠭᠡᠨ ᠤ ᠰᠠᠯᠠᠭ᠎ᠠ ᠮᠥᠴᠢᠷ ᠤᠰᠤᠨ ᠤ ᠴᠢᠨᠠᠷ ᠢ ᠤᠰᠤᠨ ᠤ ᠰᠢᠨᠵᠢᠯᠡᠬᠡᠨ ᠤ ᠬᠢᠨᠠᠨ ᠬᠡᠮᠵᠢᠬᠦ | ᠦᠨᠳᠦᠰᠦᠨ ᠡᠯᠧᠮᠧᠨ᠋ᠲ ᠤᠨ ᠨᠢᠭᠡ ᠪᠣᠯᠭᠠᠵᠤ᠂ ᠳᠤᠤᠷᠠᠬᠢ ᠮᠡᠲᠦ ᠢᠯᠡ ᠲᠣᠳᠣ ᠣᠨᠴᠠᠯᠢᠭ ᠲᠠᠢ᠄ | ᠨᠢᠭᠡ ᠳᠤ ᠤᠰᠤᠨ ᠤ ᠬᠡᠮᠵᠢᠶ᠎ᠡ ᠤᠰᠤᠨ ᠤ ᠴᠢᠨᠠᠷ ᠢ ᠣᠷᠭᠠᠨᠢᠭ ᠢᠶᠠᠷ ᠤᠶᠠᠯᠳᠤᠭᠤᠯᠪᠠ᠃ ᠤᠰᠤᠨ ᠤ | ᠴᠢᠨᠠᠷ ᠢ ᠬᠢᠨᠠᠨ ᠬᠡᠮᠵᠢᠬᠦ ᠣᠭᠲᠣᠯᠤᠭᠠᠰᠤ ᠶᠢᠨ ᠪᠠᠶᠢᠷᠢᠯᠠᠭᠤᠯᠤᠯᠲᠠ ᠨᠢ ᠭᠤᠣᠯ ᠮᠥᠷᠡᠨ ᠤ ᠥᠪᠡᠷᠮᠢᠴᠡ ᠴᠢᠨᠠᠷ | ᠪᠣᠯᠤᠨ ᠤᠰᠤᠨ ᠤ ᠰᠢᠨᠵᠢᠯᠡᠬᠡᠨ ᠤ ᠣᠨᠴᠠᠯᠢᠭ ᠢ ᠭᠦᠢᠴᠡᠳ ᠪᠣᠳᠣᠯᠬᠢᠯᠠᠵᠤ᠂ ᠤᠰᠤᠨ ᠤ ᠬᠡᠮᠵᠢᠶ᠎ᠡ ᠶᠢ ᠬᠢᠨᠠᠨ | ᠬᠡᠮᠵᠢᠬᠦ ᠯᠦᠭᠡ ᠣᠷᠭᠠᠨᠢᠭ ᠢᠶᠠᠷ ᠨᠢᠭᠡᠳᠴᠦ᠂ ᠣᠳᠣ ᠪᠠᠶᠢᠭ᠎ᠠ 1 . 4 ᠲᠦᠮᠡ ᠭᠠᠷᠤᠶ ᠭᠠᠵᠠᠷ ᠤᠨ ᠤᠰᠤᠨ ᠤ | ᠴᠢᠨᠠᠷ ᠢ ᠬᠢᠨᠠᠨ ᠬᠡᠮᠵᠢᠬᠦ ᠣᠭᠲᠣᠯᠤᠭᠠᠰᠤ ᠶᠢᠨ ᠳᠣᠲᠣᠷ᠎ᠠ᠂ ᠪᠠᠷᠤᠭ 60 % ᠪᠠ ᠤᠰᠤᠨ ᠤ ᠬᠡᠮᠵᠢᠶ᠎ᠡ ᠶᠢ ᠬᠢᠨᠠᠨ | ᠬᠡᠮᠵᠢᠬᠦ ᠶᠢ ᠬᠠᠷᠢᠯᠴᠠᠨ ᠤᠶᠠᠯᠳᠤᠭᠤᠯᠵᠤ᠂ ᠬᠢᠨᠠᠨ ᠬᠡᠮᠵᠢᠭᠰᠡᠨ ᠲᠤᠭ᠎ᠠ ᠪᠠᠷᠢᠮᠲᠠ ᠨᠢ ᠪᠣᠬᠢᠷ ᠪᠣᠳᠠᠰ ᠤᠨ | ᠥᠳᠬᠡᠴᠡ ᠶᠢ ᠲᠤᠰᠬᠠᠬᠤ ᠪᠠᠷ ᠪᠠᠷᠠᠬᠤ ᠦᠭᠡᠶ᠂ ᠤᠰᠤᠨ ᠤ ᠬᠡᠮᠵᠢᠶ᠎ᠡ ᠶᠢ ᠬᠢᠨᠠᠨ ᠬᠡᠮᠵᠢᠭᠰᠡᠨ ᠲᠤᠭ᠎ᠠ ᠪᠠᠷᠢᠮᠲᠠ ᠶᠢ | ᠦᠨᠳᠦᠰᠦᠯᠡᠨ᠂ ᠪᠣᠬᠢᠷ ᠪᠣᠳᠠᠰ ᠤᠨ ᠶᠡᠷᠦᠩᠬᠡᠶ ᠬᠡᠮᠵᠢᠶ᠎ᠡ ᠶᠢ ᠵᠠᠳᠠᠯᠤᠨ ᠪᠣᠳᠣᠵᠤ ᠪᠣᠯᠤᠨ᠎ᠠ᠃ | ᠬᠤᠶᠠᠷ ᠲᠤ᠂ ᠤᠰᠤᠨ ᠤ ᠴᠢᠨᠠᠷ ᠠᠴᠠ ᠥᠯᠢᠭᠡᠷ ᠠᠪᠬᠤ ᠨᠢ ᠰᠢᠨᠵᠢᠯᠡᠬᠦ ᠤᠬᠠᠭᠠᠨᠴᠢ ᠪᠥᠭᠡᠳ ᠥᠨᠳᠥᠷ | ᠪᠦᠲᠦᠮᠵᠢᠲᠡᠶ᠃ ᠤᠰᠤᠨ ᠤ ᠴᠢᠨᠠᠷ ᠢᠶᠠᠷ ᠦᠯᠢᠭᠡᠷ ᠠᠪᠬᠤ ᠳᠠᠭᠠᠨ ᠭᠤᠣᠯ ᠮᠥᠷᠡᠨ ᠨᠠᠭᠤᠷ ᠴᠥᠭᠦᠷᠥᠮ ᠳᠤ | ᠲᠠᠷᠬᠠᠵᠤ ᠪᠠᠶᠢᠭ᠎ᠠ ᠡᠯ᠎ᠡ ᠲᠥᠷᠥᠯ ᠤᠨ ᠤᠰᠤᠨ ᠤ ᠰᠢᠨᠵᠢᠯᠡᠭᠡᠨ ᠤ ᠬᠡᠮᠵᠢᠬᠦ ᠥᠷᠲᠡᠭᠡ᠂ ᠤᠰᠤᠨ ᠤ ᠰᠢᠨᠵᠢᠯᠡᠭᠡᠨ ᠤ | ᠥᠷᠲᠡᠭᠡ ᠶᠢᠨ ᠠᠵᠢᠯᠲᠠᠨ ᠠᠵᠢᠯᠴᠢᠳ ᠤᠷᠲᠤ ᠬᠤᠭᠤᠴᠠᠭ᠎ᠠ ᠪᠠᠷ ᠭᠤᠣᠯ ᠤᠨ ᠬᠥᠪᠡᠭᠡ ᠶᠢ ᠰᠠᠬᠢᠨ ᠰᠠᠭᠤᠵᠤ᠂ | ᠭᠤᠣᠯ ᠮᠥᠷᠡᠨ ᠤ ᠥᠪᠡᠷᠮᠢᠴᠡ ᠴᠢᠨᠠᠷ ᠪᠣᠯᠤᠨ ᠤᠰᠤᠨ ᠤ ᠰᠢᠨᠵᠢᠯᠡᠬᠡᠨ ᠤ ᠪᠠᠶᠢᠳᠠᠯ ᠢ ᠣᠨᠣᠪᠴᠢᠲᠠᠶ ᠡᠵᠡᠮᠰᠢᠨ᠂ | ᠣᠩᠭᠤᠴᠠ ᠬᠡᠮᠵᠢᠬᠦ ᠪᠤᠶᠤ ᠳᠡᠭᠡᠰᠦᠨ ᠵᠠᠮ ᠵᠡᠷᠭᠡ ᠤᠰᠤᠨ ᠤ ᠰᠢᠨᠵᠢᠯᠡᠭᠡᠨ ᠤ ᠪᠡᠯᠡᠳᠬᠡᠮᠵᠢ ᠶᠢ ᠠᠰᠢᠭᠯᠠᠨ᠂ | ᠣᠭᠲᠣᠯᠤᠭᠠᠰᠤ ᠶᠢᠨ ᠠᠳᠠᠯᠢ ᠪᠤᠰᠤ ᠭᠠᠵᠠᠷ ᠠᠴᠠ ᠲᠤᠰ ᠲᠤᠰ ᠦᠯᠢᠭᠡᠷ ᠠᠪᠴᠤ᠂ ᠨᠡᠯᠢᠶᠡᠳ ᠰᠠᠶᠢᠨ ᠲᠥᠯᠥᠭᠡᠯᠡᠬᠦ | ᠴᠢᠨᠠᠷᠲᠠᠶ ᠪᠣᠯᠭᠠᠨ᠎ᠠ᠃ | ᠭᠤᠷᠪᠠ ᠳᠤ᠂ ᠤᠰᠤᠨ ᠠᠰᠢᠭᠯᠠᠯᠲᠠ ᠶᠢᠨ ᠲᠥᠪ ᠤᠨ ᠠᠵᠢᠯ ᠳᠤ ᠦᠢᠯᠡᠴᠢᠯᠡᠨ᠎ᠡ᠃ ᠤᠰᠤᠨ ᠤ ᠴᠢᠨᠠᠷ ᠢ | ᠬᠢᠨᠠᠨ ᠰᠢᠨᠵᠢᠬᠦ ᠨᠢ ᠤᠰᠤᠨ ᠤ ᠡᠬᠢ ᠪᠠᠶᠠᠯᠢᠭ ᠢ ᠨᠡᠭᠡᠭᠡᠬᠦ᠂ ᠠᠰᠢᠭᠯᠠᠬᠤ᠂ ᠬᠠᠮᠢᠶᠠᠷᠬᠤ ᠪᠠ ᠬᠠᠮᠠᠭᠠᠯᠠᠬᠤ ᠵᠡᠷᠭᠡ | ᠬᠡᠷᠡᠭᠴᠡᠭᠡ ᠱᠠᠭᠠᠷᠳᠠᠯᠭ᠎ᠠ ᠶᠢᠨ ᠲᠣᠭᠤᠷᠢᠨ ᠳᠤ᠂ ᠴᠢᠬᠤᠯᠠ ᠡᠵᠡᠮᠳᠡᠬᠦ ᠵᠠᠩᠭᠢᠯᠠᠭ᠎ᠠ ᠳᠤ ᠬᠢᠨᠠᠨ ᠰᠢᠨᠵᠢᠬᠦ | ᠣᠭᠲᠣᠯᠤᠭᠠᠰᠤ ᠪᠠᠶᠢᠷᠢᠯᠠᠭᠤᠯᠵᠤ᠂ ᠬᠢᠨᠠᠨ ᠰᠢᠨᠵᠢᠬᠦ ᠭᠦᠢᠴᠡᠳᠬᠡᠯ ᠲᠤᠭ᠎ᠠ ᠪᠠ ᠤᠳᠠᠭ᠎ᠠ ᠶᠢ ᠰᠢᠨᠵᠢᠯᠡᠬᠦ | ᠤᠬᠠᠭᠠᠨᠴᠢ ᠪᠠᠷ ᠳᠣᠭᠢᠷᠠᠭᠤᠯᠤᠨ᠂ ᠤᠰᠤᠨ ᠤ ᠡᠬᠢ ᠪᠠᠶᠠᠯᠢᠭ ᠤᠨ ᠬᠠᠮᠢᠶᠠᠷᠤᠯᠲᠠ ᠪᠠ ᠬᠠᠮᠠᠭᠠᠯᠠᠯᠲᠠ᠂ ᠤᠰᠤᠨ ᠤ | ᠢᠨᠵᠧᠨᠧᠷᠢᠩ ᠤᠨ ᠠᠵᠢᠯᠯᠠᠭᠠᠨ ᠤ ᠲᠣᠬᠢᠷᠠᠭᠤᠯᠤᠯᠲᠠ ᠵᠡᠷᠭᠡ ᠬᠡᠷᠡᠭᠴᠡᠭᠡ ᠶᠢ ᠬᠠᠩᠭᠠᠵᠤ᠂ ᠤᠰᠤᠨ ᠠᠰᠢᠭᠯᠠᠯᠲᠠ ᠶᠢᠨ | ᠲᠥᠪ ᠤᠨ ᠠᠵᠢᠯ ᠳᠤ ᠰᠢᠭᠤᠳ ᠦᠢᠯᠡᠴᠢᠯᠡᠨ᠎ᠡ᠃ | ᠲᠠᠷᠠᠭᠠᠴᠢ ᠶᠢᠨ ᠱᠠᠲᠤᠨ ᠳᠤ᠂ ᠤᠰᠤᠨ ᠤ ᠴᠢᠨᠠᠷ ᠢ ᠬᠢᠨᠠᠨ ᠬᠡᠮᠵᠢᠬᠦ ᠠᠵᠢᠯ ᠳᠤ ᠤᠰᠤᠨ ᠠᠰᠢᠭᠯᠠᠯᠲᠠ ᠶᠢᠨ | ᠥᠭᠡᠷᠡᠴᠢᠯᠡᠯᠲᠡ ᠬᠥᠭᠵᠢᠯᠲᠡ ᠶᠢᠨ ᠶᠡᠷᠦᠩᠬᠡᠶ ᠬᠥᠭ ᠠᠶᠠᠰ ᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ | ᠪᠠᠶᠢᠷᠢᠰᠢᠭᠤᠯᠤᠯᠲᠠ ᠶᠢ ᠰᠢᠯᠢᠳᠡᠭᠵᠢᠭᠦᠯᠦᠨ᠂ ᠢᠳᠡᠪᠬᠢᠲᠡᠶ ᠠᠵᠢᠯᠯᠠᠵᠤ᠂ ᠳᠤᠤᠷᠠᠬᠢ ᠠᠵᠢᠯ ᠤᠳ ᠢ | ᠭᠤᠤᠯᠳᠠᠯᠭ᠎ᠠ ᠲᠠᠢ ᠰᠠᠶᠢᠲᠤᠷ ᠬᠢᠨ᠎ᠠ᠄ | ᠨᠢᠭᠡ ᠳᠤ᠂ ᠭᠤᠣᠯ ᠮᠥᠷᠡᠨ ᠨᠠᠭᠤᠷ ᠴᠥᠭᠦᠷᠥᠮ ᠤᠨ ᠤᠰᠤᠨ ᠤ ᠴᠢᠨᠠᠷ ᠤᠨ ᠪᠠᠶᠢᠳᠠᠯ ᠢ ᠡᠵᠡᠮᠰᠢᠬᠦ ᠬᠡᠷᠡᠭᠲᠡᠶ᠃ | ᠨᠢᠳᠤᠨᠤᠨ ᠤᠰᠤᠨ ᠠᠰᠢᠭᠯᠠᠯᠲᠠ ᠶᠢᠨ ᠶᠠᠮᠤᠨ ︽ᠭᠠᠵᠠᠷ ᠳᠡᠭᠡᠷᠡᠬᠢ ᠤᠰᠤᠨ ᠤ ᠤᠯᠤᠰ ᠤᠨ ᠭᠤᠣᠯᠳᠠᠯᠭ᠎ᠠ ᠲᠠᠢ | ᠤᠰᠤᠨ ᠤ ᠴᠢᠨᠠᠷ ᠤᠨ ᠥᠷᠲᠡᠭᠡᠨ ᠤ ᠨᠡᠷᠡᠰ ᠤᠨ ᠵᠢᠭᠰᠠᠭᠠᠯᠲᠠ︾ ᠶᠢ ᠳᠠᠷᠤᠮᠠᠯᠯᠠᠨ ᠲᠠᠷᠬᠠᠭᠠᠵᠤ᠂ ᠪᠢᠳᠡ ᠡᠭᠦᠨ ᠢᠶᠠᠷ | ᠦᠨᠳᠦᠰᠦᠨ ᠪᠣᠷᠣ ᠲᠥᠯᠥᠪ ᠪᠣᠯᠭᠠᠵᠤ᠂ ᠤᠰᠤᠨ ᠤ ᠴᠢᠨᠠᠷ ᠢ ᠬᠢᠨᠠᠨ ᠬᠡᠮᠵᠢᠬᠦ ᠥᠷᠲᠡᠭᠡᠨ ᠲᠣᠣᠷᠵᠢᠯ ᠤᠨ | ᠪᠠᠶᠢᠷᠢᠰᠢᠯ ᠢ ᠰᠢᠯᠢᠳᠡᠭᠵᠢᠭᠦᠯᠦᠨ ᠲᠡᠭᠦᠯᠳᠡᠷᠵᠢᠭᠦᠯᠵᠦ᠂ ᠤᠰᠤᠨ ᠤ ᠰᠢᠨᠵᠢᠯᠡᠬᠡᠨ ᠤ ᠰᠠᠯᠠᠭ᠎ᠠ ᠮᠥᠴᠢᠷ ᠤᠨ | ᠥᠷᠲᠡᠭᠡ ᠶᠢᠨ ᠲᠣᠣᠷ᠂ ᠠᠵᠢᠯᠲᠠᠨ ᠵᠡᠷᠭᠡ ᠶᠢᠨ ᠳᠠᠪᠠᠭᠤᠯᠢᠭ ᠢ ᠪᠠᠳᠠᠷᠠᠭᠤᠯᠤᠨ᠂ ᠤᠰᠤᠨ ᠤ ᠴᠢᠨᠠᠷ ᠢ ᠬᠢᠨᠠᠨ ᠬᠡᠮᠵᠢᠬᠦ | ᠠᠵᠢᠯ ᠢ ᠰᠠᠶᠢᠲᠤᠷ ᠬᠢᠵᠦ᠂ ᠭᠤᠣᠯ ᠮᠥᠷᠡᠨ ᠨᠠᠭᠤᠷ ᠴᠥᠭᠦᠷᠥᠮ ᠤᠨ ᠤᠰᠤᠨ ᠤ ᠴᠢᠨᠠᠷ ᠤᠨ ᠪᠠᠶᠢᠳᠠᠯ ᠢ ᠡᠵᠡᠮᠰᠢᠨ᠂ | ᠤᠰᠤᠨ ᠤ ᠡᠬᠢ ᠪᠠᠶᠠᠯᠢᠭ ᠢ ᠨᠡᠭᠡᠭᠡᠬᠦ᠂ ᠠᠰᠢᠭᠯᠠᠬᠤ᠂ ᠬᠠᠮᠢᠶᠠᠷᠬᠤ ᠪᠠ ᠬᠠᠮᠠᠭᠠᠯᠠᠬᠤ ᠳᠤ ᠰᠠᠭᠤᠷᠢ ᠮᠡᠳᠡᠭᠡ ᠵᠠᠩᠭᠢ | ᠬᠠᠩᠭᠠᠨ᠎ᠠ᠃ | ᠬᠤᠶᠠᠷ ᠲᠤ᠂ ᠤᠰᠤᠨ ᠠᠰᠢᠭᠯᠠᠯᠲᠠ ᠶᠢᠨ ᠠᠵᠢᠯ ᠲᠥᠷᠥᠯ ᠤᠨ ᠬᠢᠨᠠᠯᠲᠠ ᠬᠠᠮᠢᠶᠠᠷᠤᠯᠲᠠ ᠶᠢ | ᠲᠤᠯᠭᠠᠭᠤᠷᠢᠯᠠᠨ᠎ᠠ᠃ ᠤᠰᠤᠨ ᠤ ᠡᠬᠢ ᠪᠠᠶᠠᠯᠢᠭ᠂ ᠭᠤᠤᠯ ᠮᠥᠷᠡᠨ ᠨᠠᠭᠤᠷ ᠴᠥᠭᠦᠷᠥᠮ ᠵᠡᠷᠭᠡ ᠶᠢᠨ ᠬᠢᠨᠠᠯᠲᠠ | ᠬᠠᠮᠢᠶᠠᠷᠤᠯᠲᠠ ᠶᠢᠨ ᠬᠡᠷᠡᠭᠴᠡᠭᠡ ᠱᠠᠭᠠᠷᠳᠠᠯᠭ᠎ᠠ ᠲᠠᠢ ᠤᠶᠠᠯᠳᠤᠭᠤᠯᠤᠨ᠂ ᠡᠯ᠎ᠡ ᠱᠠᠲᠤᠨ ᠤ ᠵᠠᠰᠠᠭ ᠵᠠᠬᠢᠷᠭᠠᠨ ᠤ | ᠣᠷᠣᠨ ᠤ ᠵᠠᠭᠠᠭ᠂ ᠴᠢᠬᠤᠯᠠ ᠡᠵᠡᠮᠳᠡᠬᠦ ᠣᠭᠲᠣᠯᠤᠭᠠᠰᠤ ᠶᠢᠨ ᠤᠰᠤᠨ ᠤ ᠴᠢᠨᠠᠷ ᠢ ᠬᠢᠨᠠᠨ ᠰᠢᠨᠵᠢᠬᠦ ᠶᠢ | ᠴᠢᠩᠭᠠᠳᠬᠠᠵᠤ᠂ ᠵᠠᠮᠠᠭ ᠤᠨ ᠲᠥᠷᠥᠯ᠂ ᠤᠰᠤᠨ ᠤ ᠢᠷᠤᠭᠠᠷ ᠤᠨ ᠠᠮᠢᠳᠤ ᠪᠣᠳᠠᠰ᠂ ᠵᠢᠭᠠᠰᠤᠨ ᠤ ᠲᠥᠷᠥᠯ ᠵᠡᠷᠭᠡ | ᠤᠰᠤᠨ ᠤ ᠠᠮᠢ ᠠᠬᠤᠶ ᠶᠢ ᠬᠢᠨᠠᠨ ᠰᠢᠨᠵᠢᠬᠦ ᠲᠥᠷᠥᠯ ᠵᠦᠢᠯ ᠢ ᠥᠷᠭᠡᠳᠬᠡᠨ᠂ ᠤᠰᠤᠨ ᠤ ᠬᠡᠮᠵᠢᠶ᠎ᠡ ᠤᠰᠤᠨ ᠤ | ᠴᠢᠨᠠᠷ ᠢ ᠤᠶᠠᠯᠳᠤᠭᠤᠯᠤᠭᠰᠠᠨ ᠳᠠᠪᠠᠭᠤᠯᠢᠭ ᠢ ᠪᠠᠳᠠᠷᠠᠭᠤᠯᠵᠤ᠂ ᠴᠢᠨᠠᠷ ᠰᠠᠶᠢᠲᠠᠶ ᠤᠰᠤᠨ ᠤ ᠡᠬᠢ ᠪᠠᠶᠠᠯᠢᠭ᠂ ᠡᠷᠡᠭᠦᠯ | ᠤᠰᠤᠨ ᠤ ᠠᠮᠢ ᠠᠬᠤᠶ᠂ ᠰᠠᠭᠤᠷᠢᠰᠢᠬᠤ ᠳᠤ ᠲᠣᠬᠢᠷᠠᠮᠵᠢᠲᠠᠶ ᠤᠰᠤᠨ ᠤ ᠣᠷᠴᠢᠨ ᠲᠣᠭᠤᠷᠢᠨ ᠳᠤ ᠰᠠᠭᠤᠷᠢ | ᠲᠤᠯᠭᠠᠭᠤᠷᠢᠯᠠᠯ ᠬᠠᠩᠭᠠᠨ᠎ᠠ᠃ | ᠭᠤᠷᠪᠠ ᠳᠤ᠂ ᠤᠰᠤ ᠬᠠᠩᠭᠠᠬᠤ ᠠᠮᠤᠷ ᠲᠦᠪᠰᠢᠨ ᠤ ᠪᠠᠲᠤᠯᠠᠭ᠎ᠠ ᠶᠢ ᠰᠠᠶᠢᠲᠤᠷ ᠬᠢᠨ᠎ᠠ᠃ ᠨᠢᠳᠤᠨᠤᠨ᠂ | ᠤᠰᠤᠨ ᠠᠰᠢᠭᠯᠠᠯᠲᠠ ᠶᠢᠨ ᠶᠠᠮᠤᠨ ︽ᠤᠤᠭᠤᠬᠤ ᠤᠰᠤᠨ ᠤ ᠡᠬᠢ ᠰᠤᠷᠪᠤᠯᠵᠢ ᠶᠢᠨ ᠭᠠᠵᠠᠷ ᠤᠨ ᠤᠰᠤᠨ ᠤ | ᠴᠢᠨᠠᠷ ᠢ ᠬᠢᠨᠠᠨ ᠬᠡᠮᠵᠢᠬᠦ ᠠᠵᠢᠯ ᠢ ᠰᠠᠶᠢᠲᠤᠷ ᠬᠢᠬᠦ ᠲᠤᠬᠠᠶ ᠮᠡᠳᠡᠭᠳᠡᠯ︾ ᠢ ᠳᠠᠷᠤᠮᠠᠯᠯᠠᠨ ᠲᠠᠷᠬᠠᠭᠠᠵᠤ᠂ ᠪᠥᠬᠦ | ᠤᠯᠤᠰ ᠤᠨ ᠤᠤᠭᠤᠬᠤ ᠤᠰᠤᠨ ᠤ ᠴᠢᠬᠤᠯᠠ ᠡᠬᠢ ᠰᠤᠷᠪᠤᠯᠵᠢ ᠶᠢᠨ ᠭᠠᠵᠠᠷ᠂ ᠤᠰᠤ ᠲᠠᠲᠠᠬᠤ ᠢᠨᠵᠧᠨᠧᠷᠢᠩ ᠤᠨ | ᠡᠬᠢ ᠡᠭᠦᠰᠦᠯ ᠵᠢᠴᠢ ᠵᠠᠮ ᠳᠠᠭᠠᠤ ᠶᠢᠨ ᠤᠰᠤᠨ ᠤ ᠴᠢᠨᠠᠷ ᠢ ᠬᠥᠳᠡᠯᠦᠩᠭᠦᠶ ᠪᠠᠷ ᠬᠢᠨᠠᠨ ᠬᠡᠮᠵᠢᠵᠦ ᠬᠢᠨᠠᠨ ᠡᠵᠡᠮᠳᠡᠬᠦ | ᠠᠵᠢᠯ ᠢ ᠴᠢᠩᠭᠠᠳᠬᠠᠵᠤ᠂ ᠬᠥᠳᠡᠭᠡ ᠲᠣᠰᠬᠤᠨ ᠤ ᠤᠰᠤ ᠬᠠᠩᠭᠠᠬᠤ ᠢᠨᠵᠧᠨᠧᠷᠢᠩ ᠤᠨ ᠲᠦᠮᠡᠨ ᠬᠥᠮᠦᠨ ᠠᠴᠠ | ᠳᠡᠭᠡᠭᠰᠢ ᠲᠥᠪᠯᠡᠷᠡᠩᠭᠦᠶ ᠮᠠᠶ᠋ᠢᠭ ᠤᠨ ᠤᠤᠭᠤᠬᠤ ᠤᠰᠤᠨ ᠤ ᠡᠬᠢ ᠰᠤᠷᠪᠤᠯᠵᠢ ᠶᠢᠨ ᠭᠠᠵᠠᠷ ᠤᠨ ᠤᠰᠤᠨ ᠤ | ᠴᠢᠨᠠᠷ ᠲᠤ ᠬᠢᠨᠠᠯᠲᠠ ᠲᠠᠯᠪᠢᠬᠤ ᠴᠢᠨᠠᠷᠲᠠᠶ ᠬᠢᠨᠠᠨ ᠬᠡᠮᠵᠢᠬᠦ ᠠᠵᠢᠯ ᠵᠡᠷᠭᠡ ᠶᠢ ᠠᠬᠢᠭᠤᠯᠵᠤ᠂ ᠤᠰᠤ ᠬᠠᠩᠭᠠᠬᠤ ᠠᠮᠤᠷ | ᠲᠦᠪᠰᠢᠨ ᠳᠤ ᠪᠠᠲᠤᠯᠠᠭ᠎ᠠ ᠬᠠᠩᠭᠠᠬᠤ ᠬᠡᠷᠡᠭᠲᠡᠶ ᠭᠡᠵᠦ ᠱᠠᠭᠠᠷᠳᠠᠪᠠ᠃ ᠪᠠᠶᠠᠷᠯᠠᠯ᠎ᠠ︕ | ᠯᠢ ᠰᠢᠶᠣᠤ ᠯᠢᠨ᠄ ᠰᠠᠶ᠋ᠢᠬᠠᠨ ᠼᠠᠢ ᠵᠢᠶᠠᠨ ᠶᠤᠸᠠᠨ ᠵᠤᠷᠭᠠᠨ ᠤ ᠳᠠᠷᠤᠭ᠎ᠠ 70 ᠵᠢᠯ ᠤᠨ ᠲᠤᠷᠰᠢᠬᠢ | ᠤᠰᠤᠨ ᠤ ᠰᠢᠨᠵᠢᠯᠡᠬᠡᠨ ᠤ ᠦᠢᠯᠡᠰ ᠤᠨ ᠬᠥᠭᠵᠢᠯᠲᠡ ᠶᠢᠨ ᠬᠤᠯᠪᠣᠭᠳᠠᠯ ᠪᠥᠬᠦᠶ ᠪᠠᠶᠢᠳᠠᠯ ᠢ ᠲᠣᠪᠴᠢ | ᠲᠠᠨᠢᠯᠴᠠᠭᠤᠯᠤᠭᠰᠠᠨ ᠪᠥᠭᠡᠳ ᠵᠠᠩ ᠸᠧᠨ ᠱᠧᠩ ᠳᠡᠳ᠋ ᠳᠠᠷᠤᠭ᠎ᠠ᠂ ᠸᠧᠶ ᠰᠢᠨ ᠫᠢᠩ ᠳᠡᠳ᠋ ᠳᠠᠷᠤᠭ᠎ᠠ ᠲᠠᠢ ᠬᠠᠮᠲᠤ | ᠣᠯᠠᠨ ᠤ ᠠᠰᠠᠭᠤᠯᠲᠠ ᠶᠢ ᠬᠠᠷᠢᠭᠤᠯᠵᠤ᠂ ᠰᠤᠷᠪᠤᠯᠵᠢᠯᠠᠭᠴᠢ ᠨᠠᠶᠢᠵᠠ ᠨᠠᠷ ᠲᠣᠰ ᠲᠣᠰ ᠤᠨ ᠪᠠᠶᠢᠭ᠎ᠠ | ᠵᠠᠭᠤᠴᠢᠯᠠᠭᠤᠷ ᠢᠶᠠᠷ ᠢᠶᠠᠨ ᠳᠠᠮᠵᠢᠭᠤᠯᠤᠨ ᠤᠰᠤᠨ ᠤ ᠰᠢᠨᠵᠢᠯᠡᠬᠡᠨ ᠤ ᠠᠵᠤ ᠠᠬᠤᠶ ᠨᠡᠶᠢᠭᠡᠮ ᠤᠨ ᠬᠥᠭᠵᠢᠯᠲᠡ ᠶᠢ | ᠲᠤᠯᠭᠠᠭᠤᠷᠢᠯᠠᠬᠤ ᠤᠬᠠᠭᠤᠯᠭ᠎ᠠ ᠮᠡᠳᠡᠭᠡᠯᠡᠯ ᠢ ᠰᠠᠶᠢᠲᠤᠷ ᠬᠢᠵᠦ᠂ ᠤᠰᠤᠨ ᠤ ᠰᠢᠨᠵᠢᠯᠡᠬᠡᠨ ᠤ ᠠᠵᠢᠯ ᠢ ᠤᠯᠠᠮ ᠨᠢᠭᠡ | ᠠᠯᠬᠤᠮ ᠰᠠᠶᠢᠲᠤᠷ ᠬᠢᠬᠦ ᠪᠠ ᠤᠰᠤᠨ ᠠᠰᠢᠭᠯᠠᠯᠲᠠ ᠶᠢᠨ ᠥᠭᠡᠷᠡᠴᠢᠯᠡᠯᠲᠡ ᠬᠥᠭᠵᠢᠯᠲᠡ ᠶᠢ ᠭᠦᠨᠵᠡᠭᠡᠶ | ᠠᠬᠢᠭᠤᠯᠬᠤ ᠳᠤ ᠰᠠᠶᠢᠨ ᠰᠠᠶᠢᠬᠠᠨ ᠶᠠᠷᠢᠶ᠎ᠠ ᠬᠡᠯᠡᠯᠴᠡᠭᠡᠨ ᠤ ᠠᠭᠤᠷ ᠠᠮᠢᠰᠬᠤᠯ ᠢ ᠪᠣᠶ ᠪᠣᠯᠭᠠᠬᠤ ᠶᠢ ᠬᠦᠰᠡᠪᠡ᠃ | ᠲᠠ ᠪᠦᠬᠦᠨ ᠤ ᠤᠰᠤᠨ ᠠᠰᠢᠭᠯᠠᠯᠲᠠ ᠶᠢᠨ ᠠᠵᠢᠯ ᠢ ᠬᠠᠯᠠᠮᠵᠢᠯᠠᠨ ᠳᠡᠮᠵᠢᠭᠰᠡᠭᠡᠷ ᠢᠷᠡᠭᠰᠡᠨ ᠳᠤ ᠲᠠᠯᠠᠷᠬᠠᠵᠤ | ᠪᠠᠶᠢᠨ᠎ᠠ᠂ ᠥᠨᠥᠳᠦᠷ ᠪᠣᠯ ᠪᠢᠯᠢᠭ ᠤᠨ ᠤᠯᠠᠷᠢᠯ ᠤᠨ ︽ᠪᠠᠭ᠎ᠠ ᠰᠢᠨ᠎ᠡ︾ ᠪᠣᠯᠤᠨ᠎ᠠ᠂ ᠳᠤᠮᠳᠠᠳᠤ ᠶᠢᠨ | ᠦᠨᠳᠦᠰᠦᠲᠡᠨ ᠤ ᠤᠯᠠᠮᠵᠢᠯᠠᠯᠲᠤ ᠪᠠᠶᠠᠷ ᠤᠨ ᠡᠳᠦᠷ ᠴᠠᠭᠠᠨ ᠰᠠᠷ᠎ᠠ ᠤᠳᠠᠯ ᠥᠬᠡᠶ ᠬᠦᠷᠴᠦ ᠢᠷᠡᠬᠦ ᠪᠣᠯᠤᠯ᠎ᠠ᠂ ᠡᠨᠡ | ᠲᠣᠬᠢᠶᠠᠯ ᠢᠶᠠᠷ ᠣᠯᠠᠨ ᠳᠤ ᠰᠢᠨ᠎ᠡ ᠵᠢᠯ ᠤᠨ ᠪᠠᠶᠠᠷ ᠬᠦᠷᠭᠡᠵᠦ ᠪᠠᠶᠢᠨ᠎ᠠ᠂ ᠲᠠ ᠪᠦᠬᠦᠨ ᠤ ᠴᠠᠭᠠᠨ ᠰᠠᠷ᠎ᠠ ᠳᠠᠭᠠᠨ | ᠪᠠᠶᠠᠷ ᠬᠥᠷ ᠲᠠᠢ᠂ ᠰᠠᠨᠠᠭᠰᠠᠨ ᠪᠦᠬᠦᠨ ᠴᠢᠨᠢ ᠪᠡᠶᠡᠯᠡᠭᠳᠡᠬᠦ ᠶᠢ ᠵᠥᠩᠨᠡᠶ᠎ᠡ᠃ | ᠥᠨᠥᠳᠦᠷ ᠤᠨ ᠰᠣᠨᠢᠨ ᠮᠡᠳᠡᠭᠡ ᠨᠡᠶᠢᠲᠡᠯᠡᠬᠦ ᠬᠤᠷᠠᠯ ᠠᠳᠡ ᠬᠦᠷᠦᠭᠡᠳ ᠲᠡᠭᠦᠰᠦᠯ᠎ᠡ᠂ ᠣᠯᠠᠨ ᠳᠤ | ᠪᠠᠶᠠᠷᠯᠠᠯ᠎ᠠ︕ | |