10 ᠳ᠋ᠤᠭᠠᠷ ᠰᠠᠷ᠎ᠠ ᠶᠢᠨ 26 ᠤ ᠡᠳᠦᠷ᠂ ᠰᠢᠯᠢ ᠶᠢᠨ ᠭᠤᠤᠯ ᠠᠶᠢᠮᠠᠭ ᠬᠤᠯᠠᠨ ᠰᠢᠷᠭ᠎ᠠ ᠲᠠᠭ᠎ᠠ ᠶᠢᠨ | ᠡᠯᠡᠰᠦᠷᠬᠡᠭ ᠭᠠᠵᠠᠷ ᠤᠨ ᠰᠥᠨᠥᠭᠡᠬᠦ ᠳᠠᠶᠢᠯᠠᠯᠳᠤᠭᠠᠨ ᠤ ᠢᠯᠠᠯᠲᠠ ᠶᠢ ᠤᠯᠬᠤ ᠭᠤᠤᠯᠳᠠᠯᠭ᠎ᠠ ᠲᠠᠢ ᠢᠨᠵᠧᠨᠧᠷᠢᠩ ᠤᠨ | 2023 ᠣᠨ ᠤ ᠨᠠᠮᠤᠷ ᠤᠨ ᠤᠯᠠᠷᠢᠯ ᠤᠨ ᠬᠠᠮᠲᠤᠷᠠᠭᠰᠠᠨ ᠳᠠᠶᠢᠯᠠᠯᠳᠤᠭᠠᠨ ᠢ ᠡᠬᠢᠯᠡᠭᠦᠯᠬᠦ ᠬᠤᠷᠠᠯ ᠵᠢᠴᠢ | ᠨᠡᠶᠢᠭᠡᠮ ᠤᠨ ᠡᠯ᠎ᠡ ᠡᠲᠡᠭᠡᠳ ᠤᠨ ᠬᠢᠨ ᠤ ᠬᠦᠴᠦ ᠬᠥᠳᠡᠯᠮᠦᠷᠢ ᠣᠷᠣᠭᠤᠯᠬᠤ ᠠᠯᠪᠠᠨ ᠵᠢᠷᠤᠮ ᠤᠨ ᠬᠥᠳᠡᠯᠮᠦᠷᠢ ᠶᠢᠨ | ᠠᠵᠢᠯᠯᠠᠭ᠎ᠠ ᠥᠷᠨᠢᠭᠦᠯᠪᠡ᠃ | ᠥᠪᠡᠷᠲᠡᠭᠡᠨ ᠵᠠᠰᠠᠬᠤ ᠣᠷᠣᠨ ᠤ ᠳᠡᠳ᠋ ᠲᠡᠷᠢᠭᠦᠯᠡᠭᠴᠢ ᠳᠠᠶᠢᠴᠢᠨ ᠣᠷᠣᠯᠴᠠᠭᠰᠠᠨ ᠪᠥᠭᠡᠳ 3 ᠰᠠᠯᠠᠭ᠎ᠠ | ᠲᠤᠰᠬᠠᠶ ᠮᠡᠷᠭᠡᠵᠢᠯ ᠤᠨ ᠦᠢᠯᠡᠴᠢᠯᠡᠭᠡᠨ ᠤ ᠠᠩᠭᠢ ᠳᠤ ᠲᠤᠭ ᠣᠯᠭᠤᠵᠤ᠂ ᠲᠤᠬᠠᠶ ᠶᠢᠨ ᠭᠠᠵᠠᠷ ᠤᠨ ᠺᠠᠳ᠋ᠷ ᠣᠯᠠᠨ | ᠲᠦᠮᠡᠨ ᠲᠠᠢ ᠬᠠᠮᠲᠤ ᠪᠠᠷ ᠡᠯᠡᠰᠦ ᠶᠢ ᠲᠣᠭᠲᠠᠪᠤᠷᠢᠵᠢᠭᠤᠯᠬᠤ ᠬᠠᠯᠬᠠᠪᠴᠢ ᠳᠡᠪᠢᠰᠪᠡ᠃ | ᠰᠢᠯᠢ ᠶᠢᠨ ᠭᠤᠤᠯ ᠠᠶᠢᠮᠠᠭ ᠤᠨ ᠲᠥᠯᠥᠪᠵᠢᠭᠦᠯᠦᠭᠰᠡᠨ ᠡᠯᠡᠰᠦᠷᠬᠡᠭᠵᠢᠭᠰᠡᠨ ᠭᠠᠵᠠᠷ ᠰᠢᠷᠣᠶ ᠶᠢ ᠶᠡᠷᠦᠩᠬᠡᠶᠢᠯᠡᠨ | ᠵᠠᠰᠠᠬᠤ ᠲᠠᠯᠠᠪᠠᠶ ᠶᠢ 3199 ᠲᠦᠮᠡᠨ ᠮᠥ ᠳᠤ ᠬᠦᠷᠦᠭᠦᠯᠵᠦ᠂ 2025 ᠣᠨ ᠠᠴᠠ ᠡᠮᠦᠨ᠎ᠡ ᠵᠠᠰᠠᠬᠤ ᠲᠠᠯᠠᠪᠠᠶ ᠶᠢ | 1120 ᠲᠦᠮᠡᠨ ᠮᠥ ᠳᠤ ᠬᠦᠷᠦᠭᠦᠯᠵᠦ᠂ ᠶᠡᠷᠦᠩᠬᠡᠶ ᠡᠭᠦᠷᠭᠡ ᠶᠢᠨ 35 % ᠠᠴᠠ ᠳᠡᠭᠡᠭᠰᠢᠬᠢ ᠶᠢ ᠪᠡᠶᠡᠯᠡᠭᠦᠯᠦᠨ᠎ᠡ︔ | 2028 ᠣᠨ ᠠᠴᠠ ᠡᠮᠦᠨ᠎ᠡ ᠵᠠᠰᠠᠭᠰᠠᠨ ᠲᠠᠯᠠᠪᠠᠢ 2879 ᠲᠦᠮᠡᠨ ᠮᠦ ᠳᠤ ᠬᠦᠷᠴᠦ᠂ ᠶᠡᠷᠦᠩᠬᠡᠢ ᠡᠭᠦᠷᠭᠡ ᠶᠢᠨ | 90 % ᠠᠴᠠ ᠳᠡᠭᠡᠭᠰᠢᠬᠢ ᠶᠢ ᠪᠡᠶᠡᠯᠡᠭᠦᠯᠪᠡ︔ 2030 ᠣᠨ ᠳᠤ ᠵᠠᠰᠠᠬᠤ ᠡᠭᠦᠷᠭᠡ ᠶᠢ ᠪᠥᠬᠦ ᠲᠠᠯ᠎ᠠ ᠪᠠᠷ | ᠪᠡᠶᠡᠯᠡᠭᠦᠯᠵᠦ᠂ ᠬᠤᠯᠠᠨ ᠰᠢᠷᠭ᠎ᠠ ᠲᠠᠭ᠎ᠠ ᠶᠢᠨ ᠡᠯᠡᠰᠦᠷᠬᠡᠭ ᠭᠠᠵᠠᠷ ᠤᠨ ᠰᠥᠨᠥᠭᠡᠬᠦ ᠳᠠᠶᠢᠯᠠᠯᠳᠤᠭᠠᠨ ᠤ ᠢᠯᠠᠯᠲᠠ ᠶᠢ | ᠬᠤᠭᠤᠴᠠᠭ᠎ᠠ ᠶᠣᠰᠣᠭᠠᠷ ᠣᠯᠵᠤ᠂ ᠮᠠᠨ ᠤ ᠤᠯᠤᠰ ᠤᠨ ᠤᠮᠠᠷᠠᠲᠤ ᠶᠢᠨ ᠴᠢᠬᠤᠯᠠ ᠠᠮᠢ ᠠᠬᠤᠶ ᠶᠢᠨ ᠠᠮᠤᠷ | ᠲᠦᠪᠰᠢᠨ ᠤ ᠬᠠᠯᠬᠠᠪᠴᠢ ᠶᠢ ᠨᠠᠩ ᠪᠠᠲᠤ ᠪᠠᠬᠢ ᠪᠠᠶᠢᠭᠤᠯᠤᠨ᠎ᠠ᠃ | |