︽ᠤᠰᠤ ᠰᠢᠷᠣᠶ ᠶᠢᠨ ᠢᠳᠡᠭᠳᠡᠯ ᠢ ᠵᠠᠰᠠᠬᠤ ᠪᠠᠷ ᠳᠡᠮᠵᠢᠨ᠂ ᠪᠢᠳᠡ ᠵᠠᠰᠠᠬᠤ ᠲᠠᠯᠠᠪᠠᠶ ᠶᠢ 2000 ᠾᠧᠺᠲ᠋ᠠᠷ | ᠰᠢᠨ᠎ᠡ ᠪᠠᠷ ᠨᠡᠮᠡᠭᠳᠡᠭᠦᠯᠵᠦ᠂ ᠵᠢᠵᠢᠭ ᠰᠠᠪᠠ ᠭᠠᠵᠠᠷ ᠤᠨ ᠤᠰᠤ ᠰᠢᠷᠣᠶ ᠶᠢᠨ ᠢᠳᠡᠭᠳᠡᠯ ᠢ ᠵᠠᠰᠠᠬᠤ ᠬᠡᠮᠵᠢᠶ᠎ᠡ ᠶᠢ | ᠵᠠᠰᠠᠬᠤ ᠠᠴᠠ ᠡᠮᠦᠨᠡᠬᠢ 21.6% ᠠᠴᠠ ᠵᠠᠰᠠᠭᠰᠠᠨ ᠤ ᠳᠠᠷᠠᠭᠠᠬᠢ 85% ᠳᠤ ᠬᠦᠷᠲᠡᠯ᠎ᠡ ᠳᠡᠭᠡᠭᠰᠢᠯᠡᠭᠦᠯᠵᠦ᠂ ᠣᠶ | ᠰᠢᠭᠤᠶ ᠡᠪᠡᠰᠦ ᠶᠢᠨ ᠪᠦᠷᠬᠦᠴᠡ ᠶᠢᠨ ᠨᠣᠷᠮ᠎ᠠ ᠶᠢ ᠤᠤᠯ ᠤᠨ 22% ᠪᠠᠶᠢᠭᠰᠠᠨ ᠠᠴᠠ 73.7% ᠳᠤ ᠬᠦᠷᠲᠡᠯ᠎ᠡ | ᠳᠡᠭᠡᠭᠰᠢᠯᠡᠭᠦᠯᠪᠡ᠃ ᠵᠢᠯ ᠤᠨ ᠤᠰᠤ ᠬᠠᠳᠠᠭᠠᠯᠠᠬᠤ ᠴᠢᠳᠠᠪᠤᠷᠢ ᠨᠢ 70.74 ᠲᠦᠮᠡᠨ ᠪᠣᠰᠤᠭ᠎ᠠ ᠳᠥᠷᠪᠡᠯᠵᠢᠨ | ᠮᠧᠲᠷ ᠪᠠᠶᠢᠵᠤ᠂ ᠵᠢᠯ ᠳᠤ 7.94 ᠲᠦᠮᠡᠨ ᠲᠣᠨ ᠰᠢᠷ᠎ᠠ ᠰᠢᠪᠠᠷ ᠣᠷᠣᠬᠤ ᠬᠡᠮᠵᠢᠶ᠎ᠡ ᠶᠢ ᠪᠠᠭᠠᠰᠬᠠᠵᠠᠢ︾ ᠭᠡᠵᠡᠢ᠃ | ᠡᠨᠡ ᠬᠦ ᠲᠤᠭ᠎ᠠ ᠪᠠᠷᠢᠮᠲᠠ ᠶᠢ ᠦᠵᠡᠭᠡᠳ ᠡᠨᠡ ᠬᠦ ᠲᠥᠷᠥᠯ ᠵᠦᠢᠯ ᠨᠢ ᠠᠳᠡ ᠮᠠᠰᠢ ᠣᠯᠠᠨ ᠬᠦᠰᠡᠯ ᠡᠷᠡᠮᠡᠯᠵᠡᠯ | ᠠᠪᠴᠢᠷᠠᠭᠰᠠᠨ ᠢ ᠮᠡᠳᠡᠵᠦ ᠪᠣᠯᠤᠨ᠎ᠠ᠃ ᠲᠡᠷᠡ ᠪᠤᠯ ᠦᠪᠤᠷ ᠮᠤᠩᠭᠤᠯ ᠤᠨ ᠤᠷᠳᠤᠰ ᠬᠤᠳᠠ ᠶᠢᠨ ᠬᠠᠨᠭ᠍ᠭᠢᠨ | ᠬᠤᠰᠢᠭᠤᠨ ᠤ ᠤᠰᠤᠨ ᠠᠰᠢᠬᠯᠠᠯᠳᠠ ᠶᠢᠨ ᠲᠤᠪᠴᠢᠶᠠᠨ ᠤ ᠲᠡᠳ᠋ ᠲᠠᠷᠤᠭ᠎ᠠ ᠸᠠᠩ ᠰᠢᠤᠸᠠᠢ ᠫᠢᠩ ᠪᠤᠯᠤᠨ᠎ᠠ᠂ | ᠬᠠᠩᠬᠢᠨ ᠬᠤᠰᠢᠭᠤᠨ ᠤ ᠬᠤᠪᠢᠷᠠᠯᠳᠠ ᠶᠢ ᠪᠡᠶ᠎ᠠ ᠪᠠᠷ ᠢᠶᠠᠨ ᠤᠯᠵᠤ ᠬᠠᠷᠠᠪᠠ᠂ ᠡᠨᠡ ᠬᠦ ᠲᠦᠷᠤᠯ ᠵᠦᠢᠯ | ᠡᠬᠢᠯᠡᠭᠰᠡᠨ ᠠᠴᠠ ᠠᠪᠤᠭᠠᠳ ᠤᠳᠤ ᠪᠤᠯᠳᠠᠯ᠎ᠠ ᠠᠮᠢᠵᠢᠷᠠᠯ ᠤᠨ ᠬᠦᠴᠦᠨ ᠪᠢᠯᠬᠠᠮ᠎ᠠ ᠪᠤᠯᠤᠭᠰᠠᠨ ᠢ ᠲᠡᠷᠡ ᠤᠯᠵᠤ | ᠬᠠᠷᠠᠪᠠ᠃ | ᠡᠨᠡ ᠵᠢᠯ ᠤᠨ 5 ᠳ᠋ᠤᠭᠠᠷ ᠰᠠᠷ᠎ᠠ ᠳᠤ᠂ ᠬᠠᠩᠭᠢᠨ ᠬᠤᠰᠢᠭᠤᠨ ᠤ ᠨᠦᠯᠦᠮᠡᠯ ᠭᠠᠵᠠᠷ ᠤᠨ ᠬᠠᠰᠢᠯᠭ᠎ᠠ ᠶᠢ | ᠡᠵᠡᠯᠡᠬᠦ ᠪᠠ ᠨᠥᠬᠦᠪᠥᠷᠢᠯᠡᠬᠦ ᠶᠢ ᠲᠡᠩᠴᠡᠭᠦᠷᠢᠲᠡᠶ ᠪᠠᠶᠢᠯᠭᠠᠬᠤ ᠲᠤᠷᠰᠢᠯᠲᠠ ᠶᠢᠨ ᠴᠡᠭ ᠤᠨ ᠲᠥᠷᠥᠯ ᠵᠦᠢᠯ ᠢ | ᠵᠢᠩᠬᠢᠨᠢ ᠪᠠᠷ ᠡᠬᠢᠯᠡᠭᠦᠯᠵᠦ᠂ ᠣᠲᠣ ᠨᠢᠭᠡᠨᠲᠡ ᠠᠩᠬ᠎ᠠ ᠠᠯᠬᠤᠮ ᠪᠡᠶᠡᠯᠡᠭᠦᠯᠪᠡ᠃ ᠲᠣᠰ ᠲᠥᠷᠥᠯ ᠵᠦᠢᠯ ᠨᠢ | ᠭᠤᠣᠯᠳᠠᠭᠤ 4 ᠰᠠᠭᠤᠷᠢ ᠨᠦᠯᠦᠮᠡᠯ ᠭᠠᠵᠠᠷ ᠤᠨ ᠬᠠᠰᠢᠯᠭ᠎ᠠ ᠶᠢᠨ ᠬᠤᠷᠠᠵᠤ ᠲᠤᠨᠤᠮᠠᠯ ᠭᠠᠵᠠᠷ ︵ᠶᠠᠨ ᠵᠢᠶᠠ | ᠭᠧᠦ ᠶᠢᠨ ᠨᠢᠷᠤᠭᠤᠪᠴᠢ ᠬᠠᠰᠢᠯᠭ᠎ᠠ᠂ ᠯᠢᠶᠠᠩ ᠲᠠᠢ ᠴᠢᠥᠢ ᠰᠤᠪᠠᠭ ᠤᠨ ᠳᠤᠮᠳᠠ ᠬᠡᠯᠪᠡᠷᠢ ᠶᠢᠨ ᠬᠠᠰᠢᠯᠭ᠎ᠠ᠂ ᠯᠢ | ᠯᠢᠶᠠᠨ ᠢᠦᠢ ᠶᠢᠨ ᠨᠢᠷᠤᠭᠤᠪᠴᠢ ᠬᠠᠰᠢᠯᠭ᠎ᠠ᠂ ᠵᠠᠩ ᠵᠢᠶᠠ ᠸᠠᠨ ᠤ ᠭᠤᠣᠯᠯᠠᠭᠴᠢ ᠬᠠᠰᠢᠯᠭ᠎ᠠ ᠶᠢ ᠥᠭᠡᠷᠡᠴᠢᠯᠡᠨ | ᠵᠠᠰᠠᠵᠤ᠂ ᠶᠡᠷᠦᠩᠬᠡᠢ ᠲᠠᠯᠠᠪᠠᠢ ᠨᠢ ᠪᠠᠷᠤᠭ 170 ᠮᠦ ᠪᠠᠶᠢᠵᠤ᠂ ᠦᠶᠡᠷ ᠢ ᠵᠠᠯᠠᠬᠤ ᠲᠥᠬᠦᠭᠡᠷᠦᠮᠵᠢ᠂ ᠬᠠᠰᠢᠯᠭ᠎ᠠ ᠶᠢᠨ | ᠭᠠᠵᠠᠷ ᠤᠨ ᠬᠤᠵᠢᠷᠰᠢᠯ ᠢ ᠰᠡᠷᠭᠡᠶᠢᠯᠡᠨ ᠵᠠᠰᠠᠬᠤ᠂ ᠬᠠᠰᠢᠯᠭ᠎ᠠ ᠶᠢ ᠰᠡᠯᠪᠢᠨ ᠵᠠᠰᠠᠬᠤ ᠪᠠ ᠥᠭᠡᠷᠡᠴᠢᠯᠡᠨ | ᠰᠠᠶᠢᠵᠢᠷᠠᠭᠤᠯᠬᠤ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠵᠡᠷᠭᠡ ᠶᠢ ᠪᠠᠭᠲᠠᠭᠠᠵᠤ᠂ ᠤᠰᠤ᠂ ᠲᠠᠷᠢᠶ᠎ᠠ᠂ ᠵᠠᠮ ᠵᠡᠷᠭᠡ | ᠰᠠᠭᠤᠷᠢ ᠲᠥᠬᠦᠭᠡᠷᠦᠮᠵᠢ ᠶᠢ ᠪᠠᠷᠢᠮᠵᠢᠶᠠᠵᠢᠭᠤᠯᠤᠨ ᠢᠵᠢ ᠪᠦᠷᠢᠳᠦᠭᠦᠯᠬᠦ ᠶᠢ ᠪᠡᠶᠡᠯᠡᠭᠦᠯᠵᠦ᠂ ᠤᠰᠤ ᠪᠣᠷᠳᠣᠭᠤᠷ ᠢ | ᠨᠢᠭᠡ ᠴᠣᠭᠴᠠᠵᠢᠭᠤᠯᠤᠭᠰᠠᠨ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠪᠣᠯᠭᠠᠨ ᠪᠦᠲᠦᠭᠡᠨ ᠪᠠᠶᠢᠭᠤᠯᠵᠤ᠂ | ᠲᠣᠰᠬᠤᠨ ᠤ ᠬᠠᠮᠲᠤ ᠨᠡᠶᠢᠲᠡ ᠪᠠ ᠮᠠᠯᠴᠢᠨ ᠲᠠᠷᠢᠶᠠᠴᠢᠨ ᠤ ᠦᠢᠯᠡᠳᠪᠦᠷᠢᠯᠡᠯ ᠡᠵᠡᠩᠨᠡᠯᠲᠡ ᠶᠢᠨ ᠴᠢᠨᠠᠷᠲᠠᠢ ᠠᠰᠢᠭ | ᠣᠷᠣᠯᠭ᠎ᠠ ᠶᠢ ᠨᠡᠮᠡᠭᠳᠡᠭᠦᠯᠪᠡ᠃ | | | | | | ᠶᠠᠭ ᠰᠠᠶᠢᠬᠠᠨ ᠠᠵᠢᠯᠯᠠᠵᠤ ᠪᠠᠶᠢᠭ᠎ᠠ ᠮᠠᠰᠢᠨ ︵ᠲᠦᠪ ᠤᠨ ᠷᠠᠳᠢᠣ᠋ ᠲᠧᠯᠸᠢᠰ ᠤᠨ ᠰᠤᠷᠪᠤᠯᠵᠢᠯᠠᠭᠴᠢ ᠯᠢᠦ ᠢ | ᠴᠧᠨ ᠰᠡᠭᠦᠳᠡᠷᠯᠡᠪᠡ︶ | ᠬᠠᠩᠭᠢᠨ ᠬᠤᠰᠢᠭᠤᠨ ᠤ ᠲᠠᠷᠢᠶᠠᠨᠭᠤᠣᠯ ᠤᠨ ᠶᠠᠨ ᠵᠢᠶᠠ ᠭᠸᠤ ᠳᠤ ᠣᠷᠣᠬᠤ ᠳᠤ᠂ ᠰᠤᠷᠪᠤᠯᠵᠢᠯᠠᠭᠴᠢ ᠪᠠᠰᠠ | ᠮᠠᠯᠲᠠᠭᠤᠷ ᠮᠠᠰᠢᠨ ᠠᠵᠢᠯᠯᠠᠵᠤ ᠪᠠᠶᠢᠬᠤ ᠶᠢ ᠣᠯᠵᠤ ᠬᠠᠷᠠᠭᠠᠳ᠂ ᠬᠠᠩᠭᠢᠨ ᠬᠤᠰᠢᠭᠤᠨ ᠤ ᠤᠰᠤᠨ | ᠠᠰᠢᠭᠯᠠᠯᠲᠠ ᠶᠢᠨ ᠲᠣᠪᠴᠢᠶᠠᠨ ᠤ ᠳᠡᠳ᠋ ᠳᠠᠷᠤᠭ᠎ᠠ ᠶᠢᠨ ᠲᠠᠨᠢᠯᠴᠠᠭᠤᠯᠭ᠎ᠠ ᠪᠠᠷ ᠳᠠᠮᠵᠢᠭᠤᠯᠤᠨ ᠰᠤᠷᠪᠤᠯᠵᠢᠯᠠᠭᠴᠢ | ᠤᠰᠤ ᠵᠠᠯᠠᠬᠤ ᠰᠤᠪᠠᠭ ᠮᠠᠯᠲᠠᠵᠤ ᠪᠠᠶᠢᠬᠤ ᠶᠢ ᠣᠯᠵᠤ ᠮᠡᠳᠡᠪᠡ᠃ ᠡᠭᠦᠨ ᠤ ᠵᠣᠷᠢᠯᠭ᠎ᠠ ᠨᠢ ᠳᠠᠷᠤᠶ ᠰᠢᠷᠦᠭᠦᠨ | ᠪᠣᠷᠣᠭᠠᠨ ᠠᠴᠠ ᠪᠣᠯᠤᠭᠰᠠᠨ ᠦᠶᠡᠷ ᠤᠨ ᠤᠰᠤ ᠶᠢ ᠲᠠᠲᠠᠵᠤ ᠵᠠᠯᠠᠬᠤ ᠶᠢᠨ ᠲᠥᠯᠥᠭᠡ ᠶᠤᠮ᠂ ᠨᠦᠯᠦᠮᠡᠯ ᠭᠠᠵᠠᠷ ᠤᠨ | ᠬᠠᠰᠢᠯᠭ᠎ᠠ ᠶᠢᠨ ᠣᠷᠣᠨ ᠤ ᠪᠤᠶ ᠪᠣᠯᠤᠭᠰᠠᠨ ᠨᠦᠯᠦᠮᠡᠯ ᠲᠠᠷᠢᠶᠠᠨ ᠭᠠᠵᠠᠷ ᠢ ᠦᠶᠡᠷ ᠲᠤ ᠪᠤᠯᠠᠭᠳᠠᠬᠤ ᠶᠢ ᠬᠠᠮᠠᠭᠠᠯᠠᠵᠤ᠂ | ᠮᠠᠯᠴᠢᠨ ᠲᠠᠷᠢᠶᠠᠴᠢᠨ ᠤ ᠬᠠᠰᠢᠯᠭ᠎ᠠ ᠶᠢᠨ ᠲᠠᠷᠢᠶᠠᠨ ᠭᠠᠵᠠᠷ ᠤᠨ ᠠᠰᠢᠭ ᠣᠷᠣᠯᠭ᠎ᠠ ᠶᠢ ᠬᠠᠮᠤᠭ ᠤᠨ ᠶᠡᠭᠡ | ᠬᠡᠮᠵᠢᠶ᠎ᠡ ᠪᠠᠷ ᠪᠠᠲᠤᠯᠠᠬᠤ ᠶᠢᠨ ᠲᠥᠯᠥᠭᠡ ᠶᠤᠮ᠃ ᠪᠠᠷᠢᠯᠭ᠎ᠠ ᠶᠢᠨ ᠭᠠᠵᠠᠷ ᠤᠨ ᠬᠠᠵᠠᠭᠤ ᠳᠠᠬᠢ ᠡᠨᠡ ᠬᠡᠰᠡᠭ | ᠲᠠᠷᠢᠶᠠᠨ ᠭᠠᠵᠠᠷ ᠪᠣᠯ ᠠᠳᠡᠬᠢ ᠲᠣᠰᠬᠤᠨ ᠤ ᠠᠷᠠᠳ ᠶᠠᠨ ᠶᠦᠩ ᠯᠢ ᠳᠤ ᠬᠠᠷᠢᠶᠠᠯᠠᠭᠳᠠᠨ᠎ᠠ᠃ ᠲᠡᠷᠡ ᠬᠠᠴᠠᠷ | ᠳᠦᠭᠦᠷᠡᠩ ᠪᠠᠶᠠᠷᠲᠠᠢ ᠪᠠᠷ ᠦᠪᠡᠷ ᠤᠨ ᠲᠠᠷᠢᠶᠠᠨ ᠭᠠᠵᠠᠷ ᠢᠶᠠᠨ ᠰᠢᠷᠳᠠᠵᠤ᠂ ᠨᠢᠭᠤᠷ ᠳᠦᠭᠦᠷᠡᠩ ᠵᠣᠯ ᠵᠢᠷᠭᠠᠯᠲᠠᠢ ᠪᠠᠷ | ᠪᠢᠳᠡᠨ ᠢ ᠪᠠᠰᠠ ᠦᠵᠡᠬᠦ ᠪᠠᠷ ᠣᠴᠢᠭᠠᠷᠠᠢ ᠭᠡᠪᠡ᠃ ︽ᠮᠢᠨᠦ ᠬᠡᠷ ᠤᠨ ᠡᠭᠦᠳᠡᠨ ᠠᠴᠠ ᠡᠮᠦᠨ᠎ᠡ ᠲᠠᠷᠢᠶ᠎ᠠ ᠳᠠᠷᠢᠵᠤ | ᠪᠣᠯᠬᠤ ᠭᠠᠵᠠᠷ ᠰᠢᠷᠣᠶ ᠵᠥᠪᠬᠡᠨ 20 ᠮᠥ ᠪᠠᠶᠢᠵᠤ᠂ ᠡᠨᠡ ᠬᠦ ᠲᠥᠷᠥᠯ ᠵᠦᠢᠯ ᠢ ᠬᠡᠷᠡᠭᠵᠢᠭᠦᠯᠦᠭᠰᠡᠨ ᠤ ᠳᠠᠷᠠᠭ᠎ᠠ᠂ | ᠨᠠᠳᠠ ᠳᠤ 70 ᠮᠥ ᠭᠠᠵᠠᠷ ᠰᠢᠷᠣᠶ ᠳᠠᠷᠢᠬᠤ ᠳᠤ ᠬᠡᠷᠡᠭᠯᠡᠵᠡᠶ᠂ ᠪᠢ ᠡᠨᠡ ᠵᠢᠯ ᠠᠴᠠ ᠡᠬᠢᠯᠡᠨ ᠨᠠᠷᠠᠨ ᠬᠤᠸᠠᠷ ᠢ | ᠲᠤᠷᠰᠢᠨ ᠳᠠᠷᠢᠵᠤ᠂ ᠬᠤᠷᠢᠶᠠᠯᠲᠠ ᠶᠡᠭᠡ ᠰᠠᠶᠢᠨ᠂ ᠪᠢ ᠮᠠᠰᠢ ᠰᠡᠳᠬᠢᠯ ᠬᠠᠨᠤᠮᠵᠢᠲᠠᠶ ᠪᠠᠶᠢᠨ᠎ᠠ᠂ ᠨᠢᠭᠡ ᠮᠥ | ᠭᠠᠵᠠᠷ ᠲᠤ ᠨᠢᠭᠡ ᠵᠢᠯ ᠳᠤ ᠨᠠᠭᠠᠳᠤ ᠵᠠᠬ᠎ᠠ ᠳᠠᠭᠠᠨ 1000 ᠲᠥᠭᠦᠷᠢᠭ ᠤᠨ ᠣᠷᠣᠯᠭ᠎ᠠ ᠶᠢ ᠨᠡᠮᠡᠭᠳᠡᠭᠦᠯᠵᠦ ᠪᠠᠶᠢᠪᠠ᠃ | ᠡᠷᠬᠢᠨ ᠲᠣᠭᠤᠷᠢᠨ ᠤ ᠠᠮᠢ ᠠᠬᠤᠢ ᠶᠢᠨ ᠣᠷᠴᠢᠨ ᠲᠣᠭᠤᠷᠢᠨ ᠤᠯᠠᠮ ᠠᠴᠠ ᠤᠯᠠᠮ ᠰᠠᠶᠢᠵᠢᠷᠠᠵᠤ ᠪᠠᠶᠢᠬᠤ ᠶᠢ | ᠬᠠᠷᠠᠭᠠᠳ ᠪᠢᠳᠡ ᠮᠠᠰᠢ ᠪᠠᠶᠠᠷᠯᠠᠵᠤ ᠪᠠᠶᠢᠨ᠎ᠠ︾ ᠭᠡᠵᠦ ᠲᠡᠷᠡ ᠰᠤᠷᠪᠤᠯᠵᠢᠯᠠᠭᠴᠢ ᠳᠤ ᠬᠡᠯᠡᠬᠦ ᠲᠠᠢ ᠵᠡᠷᠭᠡ | ᠪᠠᠶᠠᠰᠬᠤᠯᠠᠩ ᠲᠠᠢ ᠪᠠᠷ ᠲᠠᠷᠢᠶᠠᠨ ᠭᠠᠵᠠᠷ ᠵᠦᠭ ᠢᠶᠠᠨ ᠬᠠᠷᠠᠵᠤ ᠪᠠᠶᠢᠯ᠎ᠠ᠃ | | | | | | ᠲᠤᠷᠰᠢᠯᠲᠠ ᠶᠢᠨ ᠴᠡᠭ ᠤᠨ ᠲᠦᠷᠦᠯ ᠵᠦᠢᠯ ᠠᠮᠵᠢᠯᠲᠠ ᠣᠯᠣᠭᠰᠠᠨ ᠤ ᠳᠠᠷᠠᠭ᠎ᠠ ᠲᠠᠷᠢᠵᠤ ᠪᠣᠯᠬᠤ ᠲᠠᠷᠢᠶᠠᠨ | ᠭᠠᠵᠠᠷ ︵ᠲᠥᠪ ᠤᠨ ᠷᠠᠳᠢᠣ᠋ ᠰᠦᠯᠵᠢᠶ᠎ᠡ ᠶᠢᠨ ᠳᠠᠳᠤᠯᠭ᠎ᠠ ᠶᠢᠨ ᠰᠤᠷᠪᠤᠯᠵᠢᠯᠠᠭᠴᠢ ᠯᠢᠦ ᠢ ᠴᠧᠨ ᠰᠡᠭᠦᠳᠡᠷᠯᠡᠪᠡ︶ | ᠲᠠᠨᠢᠯᠴᠠᠭᠤᠯᠭ᠎ᠠ ᠪᠠᠷ ᠳᠠᠮᠵᠢᠨ᠂ ᠠᠳᠡᠬᠢ ᠬᠤᠪᠢᠷᠠᠯᠲᠠ ᠨᠢ ᠵᠥᠪᠬᠡᠨ ᠭᠠᠵᠠᠷ ᠰᠢᠷᠣᠶ ᠶᠢᠨ ᠲᠠᠯᠠᠪᠠᠢ ᠶᠢᠨ | ᠨᠡᠮᠡᠭᠳᠡᠯ ᠪᠠ ᠲᠠᠷᠢᠶᠠᠴᠢᠳ ᠤᠨ ᠣᠷᠣᠯᠭ᠎ᠠ ᠶᠢᠨ ᠨᠡᠮᠡᠭᠳᠡᠯ ᠲᠡᠳᠦᠢ ᠪᠢᠰᠢ᠂ ᠨᠠᠩ ᠴᠤ ᠪᠦᠬᠦ᠋ᠢᠯᠡ ᠠᠮᠢ ᠠᠬᠤᠶ ᠶᠢᠨ | ᠣᠷᠴᠢᠨ ᠨᠥᠬᠦᠴᠡᠯ ᠢ ᠶᠡᠭᠡ ᠪᠠᠷ ᠰᠠᠶᠢᠵᠢᠷᠠᠭᠤᠯᠤᠭᠰᠠᠨ ᠶᠠᠪᠤᠳᠠᠯ ᠪᠣᠯᠤᠨ᠎ᠠ ᠭᠡᠳᠡᠭ ᠢ ᠣᠶᠢᠯᠠᠭᠠᠵᠠᠶ᠃ ᠦᠶᠡᠷ ᠢ | ᠵᠠᠯᠠᠬᠤ ᠲᠥᠬᠦᠭᠡᠷᠦᠮᠵᠢ ᠶᠢ ᠨᠡᠮᠡᠨ ᠪᠠᠶᠢᠭᠤᠯᠵᠤ᠂ ᠣᠷᠣᠨ ᠪᠦᠰᠡ ᠶᠢᠨ ᠦᠶᠡᠷ ᠢ ᠰᠡᠷᠭᠡᠶᠢᠯᠡᠬᠦ ᠴᠢᠳᠠᠪᠤᠷᠢ ᠶᠢ | ᠪᠦᠲᠦᠮᠵᠢᠲᠡᠢ ᠳᠡᠭᠡᠭᠰᠢᠯᠡᠭᠦᠯᠵᠦ᠂ ᠦᠶᠡᠷ ᠤᠨ ᠤᠰᠤ ᠶᠢ ᠡᠷᠬᠢᠨ ᠲᠣᠭᠤᠷᠢᠨ ᠤ ᠠᠮᠢ ᠠᠬᠤᠢ ᠶᠢ ᠡᠪᠳᠡᠬᠦ ᠠᠶᠤᠯ | ᠲᠦᠭᠰᠢᠭᠦᠷᠢ ᠶᠢ ᠪᠠᠭᠠᠰᠬᠠᠵᠠᠢ︔ ᠬᠠᠰᠢᠯᠭ᠎ᠠ ᠶᠢᠨ ᠭᠠᠵᠠᠷ ᠤᠨ ᠬᠤᠵᠢᠷᠰᠢᠯ ᠢ ᠰᠡᠷᠭᠡᠶᠢᠯᠡᠨ ᠵᠠᠰᠠᠬᠤ ᠬᠥᠷᠥᠰᠥ | ᠰᠢᠷᠣᠢ ᠶᠢᠨ ᠶᠠᠰᠤ ᠴᠢᠨᠠᠷ ᠢ ᠰᠠᠶᠢᠵᠢᠷᠠᠭᠤᠯᠵᠤ᠂ ᠤᠷᠭᠤᠮᠠᠯ ᠤᠨ ᠬᠤᠴᠢᠯᠭ᠎ᠠ ᠶᠢᠨ ᠤᠷᠭᠤᠯᠲᠠ ᠳᠤ ᠰᠠᠶᠢᠨ ᠰᠠᠶᠢᠬᠠᠨ | ᠨᠥᠬᠦᠴᠡᠯ ᠪᠦᠷᠢᠯᠳᠦᠭᠦᠯᠵᠦ ᠥᠭᠴᠡᠶ︔ ᠤᠢ ᠰᠢᠭᠤᠢ᠂ ᠤᠰᠤᠯᠠᠯᠲᠠ᠂ ᠡᠪᠡᠰᠦ᠂ ᠡᠮ ᠢ ᠤᠶᠠᠯᠳᠤᠭᠤᠯᠤᠭᠰᠠᠨ | ᠬᠥᠭᠵᠢᠯᠲᠡ ᠶᠢᠨ ᠵᠠᠭᠪᠤᠷ ᠨᠢ ᠰᠠᠯᠬᠢ ᠶᠢ ᠬᠠᠯᠬᠠᠯᠠᠨ ᠡᠯᠡᠰᠦ ᠶᠢ ᠲᠣᠭᠲᠠᠪᠤᠷᠢᠵᠢᠭᠤᠯᠬᠤ᠂ ᠤᠰᠤ ᠰᠢᠷᠣᠢ ᠶᠢ | ᠬᠠᠮᠠᠭᠠᠯᠠᠬᠤ ᠦᠢᠯᠡᠳᠦᠯ ᠦᠵᠡᠭᠦᠯᠦᠭᠰᠡᠨ ᠢᠶᠠᠷ ᠪᠠᠷᠠᠬᠤ ᠦᠭᠡᠢ ᠪᠠᠰᠠ ᠠᠭᠠᠷ ᠢ ᠴᠡᠪᠡᠷᠰᠢᠭᠦᠯᠵᠦ᠂ ᠠᠮᠢᠳᠤ | ᠪᠣᠳᠠᠰ ᠤᠨ ᠤᠯᠠᠨ ᠶᠠᠩᠵᠤᠲᠤ ᠴᠢᠨᠠᠷ ᠢ ᠪᠠᠶᠠᠯᠢᠭᠵᠢᠭᠤᠯᠪᠠ᠃ | ᠲᠦᠷᠦᠯ ᠵᠦᠢᠯ ᠢ ᠠᠬᠢᠭᠤᠯᠬᠤ ᠶᠠᠪᠤᠴᠠ ᠳᠤ᠂ ᠬᠠᠨᠭ᠍ᠭᠢᠨ ᠬᠤᠰᠢᠭᠤ ᠠᠮᠢ ᠠᠬᠤᠢ ᠶᠢᠨ ᠠᠵᠤ ᠦᠢᠯᠡᠰᠵᠢᠯᠳᠠ᠂ | ᠠᠵᠤ ᠦᠢᠯᠡᠰ ᠤᠨ ᠠᠮᠢ ᠠᠬᠤᠶᠢᠵᠢᠯᠳᠠ ᠶᠢᠨ ᠭᠦᠭᠵᠢᠯᠳᠠ ᠶᠢᠨ ᠵᠠᠮ ᠢ ᠢᠳᠡᠪᠭᠢᠳᠠᠢ ᠬᠠᠶᠢᠨ ᠰᠦᠪᠡᠭᠴᠢᠯᠠᠵᠤ᠂ | ᠠᠮᠢ ᠠᠬᠤᠢ ᠶᠢᠨ ᠵᠠᠰᠠᠯᠳᠠ ᠪᠠ ᠠᠵᠤ ᠦᠢᠯᠡᠰ ᠤᠨ ᠭᠦᠭᠵᠢᠯᠳᠠ ᠶᠢ ᠵᠡᠷᠭᠡ ᠪᠠᠷ ᠠᠭᠢᠭᠤᠯᠪᠠ᠃ ᠨᠠᠶᠢᠯᠵᠠᠭᠤᠷ | ᠬᠠᠷᠭᠠᠨ᠎ᠠ᠂ ᠤᠯᠢᠶᠠᠰᠤ ᠲᠦᠯᠡᠭᠡ ᠪᠠᠷ ᠭᠤᠣᠯ ᠪᠣᠯᠭᠠᠭᠰᠠᠨ ᠡᠪᠡᠰᠦ ᠪᠣᠷᠳᠣᠭᠠᠨ ᠤ ᠠᠵᠤ ᠦᠢᠯᠡᠰ ᠢ ᠪᠤᠶᠢᠵᠢᠭᠤᠯᠵᠤ᠂ | ᠰᠢᠬᠢᠷ ᠡᠪᠡᠰᠦ᠂ ᠠᠯᠲᠠᠨ ᠮᠥᠩᠭᠦᠨ ᠴᠡᠴᠡᠭ ᠢᠶᠠᠷ ᠭᠤᠣᠯ ᠪᠣᠯᠭᠠᠭᠰᠠᠨ ᠬᠢᠲᠠᠳ ᠡᠮ ᠤᠨ ᠮᠠᠲ᠋ᠧᠷᠢᠶᠠᠯ ᠤᠨ ᠠᠵᠤ | ᠦᠢᠯᠡᠰ᠂ ᠴᠢᠴᠠᠷᠭᠠᠨ᠎ᠠ ᠪᠠᠷ ᠭᠤᠣᠯ ᠪᠣᠯᠭᠠᠭᠰᠠᠨ ᠤᠢ ᠵᠢᠮᠢᠰ ᠤᠨ ᠠᠵᠤ ᠦᠢᠯᠡᠰ ᠢ ᠪᠤᠶᠢᠵᠢᠭᠤᠯᠵᠤ᠂ | ᠣᠳᠣᠬᠠᠨ ᠳᠤ ᠨᠢᠭᠡᠨᠲᠡ ᠮᠠᠰᠢ ᠰᠠᠶᠢᠨ ᠲᠠᠷᠢᠮᠠᠯ ᠤᠨ ᠬᠡᠪᠴᠢᠶ᠎ᠡ ᠶᠢ ᠪᠦᠷᠢᠯᠳᠦᠭᠦᠯᠵᠡᠢ᠃ ᠬᠠᠳᠤᠯᠠᠩ ᠪᠡᠯᠴᠢᠭᠡᠷ ᠢ | ᠰᠠᠶᠢᠵᠢᠷᠠᠭᠤᠯᠤᠭᠰᠠᠨ ᠤ ᠳᠠᠷᠠᠭᠠᠬᠢ ᠡᠪᠡᠰᠦᠨ ᠤ ᠭᠠᠷᠤᠯᠲᠠ ᠶᠢᠨ ᠬᠡᠮᠵᠢᠶ᠎ᠡ ᠶᠡᠭᠡ ᠪᠠᠷ ᠳᠡᠭᠡᠭᠰᠢᠯᠡᠵᠦ᠂ | ᠬᠡᠪᠴᠢᠶᠡᠵᠢᠭᠦᠯᠦᠨ ᠲᠡᠵᠢᠭᠡᠨ ᠦᠷᠡᠵᠢᠭᠦᠯᠬᠦ ᠵᠡᠷᠭᠡ ᠠᠵᠤ ᠦᠢᠯᠡᠰ ᠤᠨ ᠬᠥᠭᠵᠢᠯᠲᠡ ᠳᠤ ᠪᠠᠲᠤ ᠪᠠᠬᠢ ᠰᠠᠭᠤᠷᠢ ᠶᠢ | ᠲᠠᠯᠪᠢᠵᠤ᠂ ᠲᠤᠬᠠᠶ ᠶᠢᠨ ᠭᠠᠵᠠᠷ ᠤᠨ ᠮᠠᠯᠴᠢᠨ ᠲᠠᠷᠢᠶᠠᠴᠢᠨ ᠤ ᠣᠷᠣᠯᠭ᠎ᠠ ᠪᠠᠨ ᠨᠡᠮᠡᠭᠳᠡᠭᠦᠯᠦᠨ ᠪᠠᠶᠠᠵᠢᠬᠤ ᠶᠢ | ᠳᠠᠶᠢᠴᠢᠯᠠᠪᠠ᠃ | ᠡᠭᠦᠨ ᠠᠴᠠ ᠭᠠᠳᠠᠨ᠎ᠠ᠂ ᠬᠠᠩᠬᠢᠨ ᠬᠤᠰᠢᠭᠤ ᠪᠥᠬᠦ ᠣᠷᠣᠨ ᠳᠤ ︽ᠱᠠᠩᠨᠠᠬᠤ ᠪᠠᠷ ᠨᠥᠬᠦᠪᠥᠷᠢ ᠶᠢ | ᠣᠷᠣᠯᠠᠭᠤᠯᠬᠤ︾ ᠲᠤᠷᠰᠢᠯᠲᠠ ᠶᠢᠨ ᠴᠡᠭ ᠤᠨ ᠠᠵᠢᠯ ᠢ ᠤᠷᠢᠳᠠᠪᠠᠷ ᠬᠡᠷᠡᠭᠵᠢᠭᠦᠯᠵᠦ᠂ ᠮᠠᠯᠴᠢᠨ ᠲᠠᠷᠢᠶᠠᠴᠢᠨ ᠤ | ᠬᠦᠰᠡᠯ ᠰᠠᠨᠠᠭ᠎ᠠ ᠶᠢ ᠭᠦᠢᠴᠡᠳ ᠬᠦᠨᠳᠦᠳᠬᠡᠨ᠂ ᠮᠠᠯᠴᠢᠨ ᠲᠠᠷᠢᠶᠠᠴᠢᠨ ᠢ ᠪᠡᠶ᠎ᠡ ᠪᠠᠨ ᠳᠠᠭᠠᠭᠠᠵᠤ ᠲᠥᠷᠥᠯ ᠵᠦᠢᠯ ᠢ | ᠵᠣᠬᠢᠶᠠᠨ ᠪᠠᠶᠢᠭᠤᠯᠤᠨ ᠬᠡᠷᠡᠭᠵᠢᠬᠦᠯᠪᠡ᠃ ᠲᠥᠷᠥᠯ ᠵᠦᠢᠯ ᠤᠨ ᠪᠠᠯᠠ ᠮᠥᠩᠭᠦ ᠶᠢᠨ ᠨᠥᠬᠦᠪᠥᠷᠢ ᠶᠢ ᠬᠤᠪᠢᠶᠠᠨ | ᠰᠠᠯᠭᠠᠨ ᠥᠭᠬᠦ ᠶᠢ ᠪᠣᠳᠠᠲᠠᠶᠢᠵᠢᠭᠤᠯᠵᠤ᠂ ᠣᠯᠠᠨ ᠲᠦᠮᠡᠨ ᠤ ᠪᠥᠲᠥᠭᠡᠨ ᠪᠠᠶᠢᠭᠤᠯᠤᠯᠲᠠ᠂ ᠣᠯᠠᠨ ᠲᠦᠮᠡᠨ ᠤ | ᠬᠠᠮᠢᠶᠠᠷᠤᠯᠲᠠ ᠬᠠᠮᠠᠭᠠᠯᠠᠯᠲᠠ᠂ ᠣᠯᠠᠨ ᠲᠦᠮᠡᠨ ᠤ ᠠᠰᠢᠭ ᠭᠥᠷᠳᠡᠵᠦ᠂ ᠦᠨᠡᠨ ᠬᠦ ᠲᠥᠷᠥᠯ ᠵᠦᠢᠯ ᠤᠨ ᠪᠥᠲᠥᠭᠡᠨ | ᠪᠠᠶᠢᠭᠤᠯᠤᠯᠲᠠ ᠶᠢᠨ ᠭᠤᠤᠯ ᠴᠣᠭᠴᠠ ᠪᠣᠯᠵᠣ᠂ ᠥᠭᠡᠷᠡᠴᠢᠯᠡᠯᠲᠡ ᠬᠥᠭᠵᠢᠯᠲᠡ ᠶᠢᠨ ᠠᠰᠢᠭ ᠲᠤᠰᠠ ᠶᠢ ᠬᠠᠮᠤᠭ ᠤᠨ | ᠶᠡᠭᠡ ᠬᠡᠮᠵᠢᠶ᠎ᠡ ᠪᠠᠷ ᠣᠯᠠᠨ ᠲᠦᠮᠡᠨ ᠳᠤ ᠬᠦᠷᠲᠡᠭᠡᠨ᠎ᠡ᠃ | | ︽ᠲᠥᠪ ᠤᠨ ᠷᠠᠳᠢᠣ᠋ ᠨᠡᠪᠲᠡᠷᠡᠭᠦᠯᠭᠡ︾ ᠠᠴᠠ ᠰᠢᠯᠵᠢᠭᠦᠯᠪᠡ︶ | |