ᠭᠤᠪᠢ ᠲᠠᠩ ᠳᠡᠭᠡᠷ᠎ᠡ᠂ ᠢᠩᠭᠢᠵᠦ ᠤᠰᠤ ᠶᠢ ᠠᠷᠪᠢᠯᠠᠵᠤ ᠤᠰᠤ ᠶᠢ ᠭᠠᠮᠨᠠᠵᠤ ᠤᠰᠤ ᠶᠢ ᠬᠠᠮᠠᠭᠠᠯᠠᠬᠤ
ᠨᠡᠶᠢᠲᠡᠯᠡᠭᠰᠡᠨ ᠴᠠᠭ᠄
2024/3/26
  ᠭᠠᠩ ᠬᠠᠭᠤᠷᠠᠶ ᠪᠣᠷᠣᠭᠠᠨ ᠪᠠᠭ᠎ᠠ᠂ ᠰᠠᠯᠬᠢ ᠶᠡᠭᠡ ᠡᠯᠡᠰᠦ ᠤᠯᠠᠨ᠂ ᠵᠢᠯ ᠤᠨ ᠳᠤᠮᠳᠠᠴᠢ ᠬᠤᠷ᠎ᠠ ᠲᠤᠨᠳᠠᠰᠤᠨ ᠤ ᠬᠡᠮᠵᠢᠶ᠎ᠡ 39-220 ᠮᠢᠯᠢᠮᠧᠲᠷ᠂ ᠠᠭᠤᠷᠰᠢᠯᠲᠠ ᠶᠢᠨ ᠬᠡᠮᠵᠢᠶ᠎ᠡ ᠬᠠᠷᠢᠨ 2400-4200 ᠮᠢᠯᠢᠮᠧᠲᠷ ᠲᠤ ᠬᠦᠷᠴᠦ᠂ ᠡᠯᠡᠰᠦ ᠮᠠᠩᠬ᠎ᠠ᠂ ᠭᠤᠪᠢ᠂ ᠴᠦᠯᠯᠡᠷᠭᠡᠭ ᠣᠷᠣᠨ ᠤ ᠥᠪᠥᠷ ᠮᠣᠩᠭᠤᠯ ᠤᠨ ᠠᠯᠠᠱᠠ ᠠᠶᠢᠮᠠᠭ ᠲᠤ ᠪᠠᠶᠢᠷᠢᠯᠠᠵᠤ᠂ ᠭᠠᠵᠠᠷ ᠵᠦᠶ ᠶᠢᠨ ᠥᠪᠡᠷᠮᠢᠴᠡ ᠪᠠᠶᠢᠷᠢᠯᠠᠯ ᠪᠠ ᠪᠠᠶᠢᠭᠠᠯᠢ ᠶᠢᠨ ᠨᠥᠬᠦᠴᠡᠯ ᠠᠴᠠ ᠪᠣᠯᠵᠤ᠂ ᠤᠰᠤᠨ ᠤ ᠡᠬᠢ ᠪᠠᠶᠠᠯᠢᠭ ᠲᠦᠢᠯ ᠤᠨ ᠳᠤᠲᠠᠮᠠᠭ ᠪᠠᠶᠢᠳᠠᠭ᠃  ᠪᠠᠶᠢᠭᠠᠯᠢ ᠶᠢᠨ ᠬᠦᠴᠦᠨ ᠵᠦᠢᠯ ᠤᠨ ᠬᠢᠵᠠᠭᠠᠷᠯᠠᠯ ᠤᠨ ᠡᠮᠦᠨ᠎ᠡ᠂ ᠳᠤᠰᠤᠯ ᠤᠰᠤ ᠨᠢᠭᠡᠪᠦᠷᠢ ᠶᠢ ᠨᠠᠷᠢᠨ ᠨᠢᠮᠪᠠᠶ ᠪᠤᠳᠤᠵᠤ ᠰᠠᠶᠢᠲᠤᠷ ᠬᠡᠷᠡᠭᠯᠡᠵᠦ᠂ ᠨᠡᠶᠢᠭᠡᠮ ᠤᠨ ᠤᠰᠤ ᠠᠷᠪᠢᠯᠠᠬᠤ ᠳᠠᠯᠳᠠ ᠬᠦᠴᠦᠨ ᠢ ᠠᠭᠤᠳᠠᠯᠤᠨ᠂ ᠨᠢᠭᠡᠨᠲᠡ ᠪᠠᠶᠢᠭ᠎ᠠ ᠤᠰᠤᠨ ᠤ ᠡᠬᠢ ᠪᠠᠶᠠᠯᠢᠭ ᠢ ᠰᠠᠬᠢᠨ ᠬᠠᠮᠠᠭᠠᠯᠠᠬᠤ ᠪᠣᠯ ᠠᠯᠠᠱᠠ ᠠᠶᠢᠮᠠᠭ ᠤᠨ ᠤᠰᠤᠨ ᠤ ᠡᠬᠢ ᠪᠠᠶᠠᠯᠢᠭ ᠤᠨ ᠬᠠᠩᠭᠠᠯᠭ᠎ᠠ ᠬᠡᠷᠡᠭᠴᠡᠭᠡ ᠶᠢᠨ ᠵᠥᠷᠢᠴᠡᠯ ᠢ ᠨᠠᠮᠳᠠᠭᠤᠯᠵᠤ᠂ ᠤᠰᠤᠨ ᠤ ᠠᠮᠤᠷ ᠲᠦᠪᠰᠢᠨ ᠢ ᠪᠠᠲᠤᠯᠠᠬᠤ ᠶᠢᠨ ᠵᠠᠶᠢᠯᠠᠰᠢ ᠥᠬᠡᠶ ᠰᠣᠩᠭᠤᠯᠲᠠ ᠮᠥᠨ᠃  ᠠᠵᠤ ᠦᠢᠯᠡᠳᠪᠦᠷᠢ ᠲᠠᠷᠢᠶᠠᠯᠠᠩ ᠤᠨ ︽ᠤᠰᠤ ᠠᠷᠪᠢᠯᠠᠬᠤ ᠨᠡᠭᠡᠯᠡᠭᠡᠢ︾ ᠶᠢ ᠴᠢᠩᠭᠠᠯᠠᠵᠤ᠂ ᠤᠰᠤ ᠬᠡᠷᠡᠭᠯᠡᠬᠦ ᠬᠡᠮᠵᠢᠶ᠎ᠡ ᠶᠢ ᠵᠦᠶ ᠵᠣᠬᠢᠰᠲᠠᠶ ᠲᠡᠩᠴᠡᠭᠦᠷᠢᠲᠡᠶ ᠪᠠᠶᠢᠯᠭᠠᠨ᠎ᠠ  ᠬᠠᠪᠤᠷ ᠤᠨ ᠡᠬᠢᠨ ᠤ ᠤᠯᠠᠷᠢᠯ ᠳᠤ᠂ ᠬᠤᠶᠠᠷᠬᠤᠤᠡᠳᠤᠭ ᠤᠨ ᠬᠦᠳᠡᠭᠡ ᠶᠢᠨ ᠠᠮᠢ ᠠᠬᠤᠢ ᠶᠢᠨ ᠨᠡᠭᠦᠳᠡᠯ ᠠᠷᠠᠳ ᠤᠨ ᠵᠢᠱᠢᠶ᠎ᠡ ᠦᠵᠡᠭᠦᠯᠬᠦ ᠣᠷᠣᠨ ᠤ ᠨᠢᠭᠡᠨ ᠲᠠᠷᠢᠶᠠᠯᠠᠩ ᠤᠨ ᠬᠡᠷᠡᠭᠰᠡᠯ ᠤᠨ ᠳᠡᠯᠭᠡᠭᠦᠷ ᠲᠤ᠂ ᠳᠡᠯᠭᠡᠭᠦᠷ ᠤᠨ ᠡᠵᠡᠨ ᠰᠣᠩᠭᠤᠨ ᠬᠤᠳᠠᠯᠳᠤᠨ ᠠᠪᠬᠤ ᠪᠠᠷ ᠢᠷᠡᠭᠰᠡᠨ ᠲᠠᠷᠢᠶᠠᠴᠢᠨ ᠡᠷᠦᠬᠡ ᠳᠤ ᠡᠯ᠎ᠡ ᠲᠥᠷᠥᠯ ᠤᠨ ᠬᠢᠮᠢ ᠶᠢᠨ ᠪᠣᠷᠲᠣᠭᠤᠷ ᠤᠨ ᠰᠢᠨᠵᠢ ᠪᠠᠶᠢᠳᠠᠯ ᠪᠠ ᠦᠨ᠎ᠡ ᠬᠠᠩᠰᠢ ᠶᠢ ᠲᠠᠨᠢᠯᠴᠠᠭᠤᠯᠵᠤ᠂ ᠲᠠᠷᠢᠶᠠᠴᠢᠨ ᠡᠷᠦᠬᠡ ᠶᠢ ᠬᠠᠪᠰᠤᠷᠤᠨ ᠬᠠᠪᠤᠷ ᠤᠨ ᠲᠠᠷᠢᠶᠠᠯᠠᠭ᠎ᠠ ᠳᠤ ᠪᠡᠯᠡᠳᠬᠡᠯ ᠬᠢᠪᠠ᠃  ᠬᠤᠶᠠᠷᠬᠤᠳᠳᠤᠭ ᠤᠨ ᠭᠤᠣᠯ ᠤᠨ ᠤᠰᠤᠯᠠᠯᠲᠠ ᠶᠢᠨ ᠣᠷᠣᠨ ᠪᠣᠯ ᠠᠯᠠᠱᠠ ᠠᠶᠢᠮᠠᠭ ᠤᠨ ᠬᠠᠳᠤᠨ ᠭᠤᠣᠯ ᠤᠨ ᠤᠰᠤᠯᠠᠯᠲᠠ ᠶᠢᠨ ᠬᠠᠮᠤᠭ ᠤᠨ ᠶᠡᠭᠡ ᠣᠷᠣᠨ ᠪᠣᠯᠤᠨ᠎ᠠ᠂ ᠵᠢᠯ ᠪᠦᠷᠢ ᠳᠥᠷᠪᠡᠳᠦᠭᠡᠷ ᠳᠡᠰ ᠤᠨ ᠬᠠᠳᠤᠨ ᠭᠤᠣᠯ ᠢ ᠮᠠᠨᠳᠤᠭᠤᠯᠬᠤ ᠢᠨᠵᠧᠨᠧᠷᠢᠩ ᠢᠶᠠᠷ ᠳᠠᠮᠵᠢᠨ ᠬᠠᠳᠤᠨ ᠭᠤᠣᠯ ᠠᠴᠠ 4000 ᠲᠦᠮᠡᠨ ᠪᠣᠰᠤᠭ᠎ᠠ ᠳᠥᠷᠪᠡᠯᠵᠢᠨ ᠮᠧᠲᠷ ᠤᠰᠤ ᠠᠪᠴᠤ ᠲᠠᠷᠢᠶᠠᠯᠠᠩ ᠤᠨ ᠤᠰᠤᠯᠠᠯᠲᠠ ᠳᠤ ᠬᠡᠷᠡᠭᠯᠡᠨ᠎ᠡ᠃ ᠭᠡᠪᠡᠴᠦ ᠡᠬᠢᠨ ᠤ ᠦᠶ᠎ᠡ ᠶᠢᠨ ᠤᠰᠤᠯᠠᠯᠲᠠ ᠶᠢᠨ ᠠᠷᠭ᠎ᠠ ᠮᠠᠶ᠋ᠢᠭ ᠬᠤᠴᠣᠷᠤᠩᠭᠤᠶ ᠠᠴᠠ ᠪᠣᠯᠵᠤ᠂ ᠤᠰᠤᠨ ᠠᠮᠤ ᠶᠢᠨ ᠵᠥᠷᠢᠴᠡᠯ ᠲᠣᠪᠤᠶᠢᠮ᠎ᠠ ᠪᠠᠶᠢᠪᠠ᠃ ᠤᠰᠤᠨ ᠤ ᠡᠬᠢ ᠪᠠᠶᠠᠯᠢᠭ ᠤᠨ ᠠᠰᠢᠭᠯᠠᠯᠲᠠ ᠶᠢᠨ ᠨᠣᠷᠮ᠎ᠠ ᠶᠢ ᠳᠡᠭᠡᠭᠰᠢᠯᠡᠭᠦᠯᠬᠦ ᠶᠢᠨ ᠲᠥᠯᠥᠭᠡ᠂ 2012 ᠣᠨ ᠠᠴᠠ ᠡᠬᠢᠯᠡᠨ᠂ ᠬᠤᠶᠠᠷᠬᠤᠳᠳᠤᠭ ᠤᠨ ᠭᠤᠤᠯ ᠤᠨ ᠤᠰᠤᠯᠠᠯᠲᠠ ᠶᠢᠨ ᠣᠷᠣᠨ ᠳᠤ ᠵᠠᠯᠭᠠᠭ᠎ᠠ ᠪᠠᠷ ᠳ᠋ᠦᠩᠰᠢᠭᠤᠷ ᠲᠥᠭᠦᠷᠢᠭ ᠤᠨ ᠪᠠᠯᠠ ᠣᠷᠣᠭᠤᠯᠵᠤ ᠤᠰᠤ ᠠᠷᠪᠢᠯᠠᠬᠤ ᠥᠭᠡᠷᠡᠴᠢᠯᠡᠯᠲᠡ ᠶᠢᠨ ᠢᠨᠵᠧᠨᠧᠷᠢᠩ ᠢ ᠬᠡᠷᠡᠭᠵᠢᠭᠦᠯᠵᠦ᠂ 2021 ᠣᠨ ᠳᠤ᠂ ᠤᠰᠤᠯᠠᠯᠲᠠ ᠶᠢᠨ ᠣᠷᠣᠨ ᠤ ᠳᠣᠲᠣᠷᠠᠬᠢ 8.5 ᠲᠦᠮᠡᠨ ᠮᠥ ᠲᠠᠷᠢᠶᠠᠨ ᠭᠠᠵᠠᠷ ᠲᠤ ᠤᠰᠤ ᠠᠷᠪᠢᠯᠠᠬᠤ ᠤᠰᠤᠯᠠᠯᠲᠠ ᠶᠢ ᠪᠦᠬᠦᠨ ᠢ ᠪᠡᠶᠡᠯᠡᠭᠦᠯᠵᠦ᠂ ᠵᠢᠯ ᠪᠦᠷᠢ 1000 ᠲᠦᠮᠡᠨ ᠪᠣᠰᠤᠭ᠎ᠠ ᠳᠥᠷᠪᠡᠯᠵᠢᠨ ᠮᠧᠲᠷ ᠤᠰᠤ ᠠᠷᠪᠢᠯᠠᠵᠤ ᠪᠣᠯᠤᠨ᠎ᠠ᠃  ᠵᠢᠷᠤᠭ ᠪᠣᠯ ᠠᠯᠠᠱᠠ ᠠᠶᠢᠮᠠᠭ ᠤᠨ ᠬᠤᠶᠠᠷᠬᠤᠤᠡᠳᠤᠭ ᠤᠨ ᠬᠦᠳᠡᠭᠡ ᠶᠢᠨ ᠠᠮᠢ ᠠᠬᠤᠢ ᠶᠢᠨ ᠨᠡᠭᠦᠳᠡᠯ ᠠᠷᠠᠳ ᠤᠨ ᠵᠢᠱᠢᠶ᠎ᠡ ᠦᠵᠡᠬᠦᠯᠬᠦ ᠤᠷᠤᠨ ᠤ ᠶᠠᠩ ᠬᠤᠸᠠᠩ ᠤᠰᠤᠯᠠᠯᠲᠠ ᠶᠢᠨ ᠢᠨᠵᠧᠨᠧᠷᠢᠩ ᠤᠨ ᠬᠠᠭᠠᠯᠲᠠ ᠶᠢᠨ ᠠᠮᠠ᠃ ᠰᠢᠨᠬᠤᠸᠠ ᠬᠤᠷᠢᠶ᠎ᠠ ᠲᠠᠷᠬᠠᠭᠠᠪᠠ  ︽ᠨᠢᠳᠤᠨᠤᠨ ᠵᠣᠨ ᠤ ᠤᠯᠠᠷᠢᠯ ᠭᠠᠩ ᠬᠠᠭᠰᠠᠷᠠᠭᠠᠨ᠂ ᠭᠡᠪᠡᠴᠦ ᠪᠢᠳᠡ ᠴᠥᠮ ᠳᠤᠰᠤᠯᠭᠠᠨ ᠤᠰᠤᠯᠠᠯᠲᠠ ᠶᠢ ᠠᠰᠢᠭᠯᠠᠭᠰᠠᠨ ᠠᠴᠠ ᠪᠣᠯᠵᠤ᠂ ᠤᠨᠠᠯᠲᠠ ᠨᠢ ᠳᠡᠮᠡᠢ ᠶᠡᠭᠡ ᠨᠥᠯᠥᠭᠡᠯᠡᠭᠳᠡᠭᠰᠡᠨ ᠦᠭᠡᠢ᠂ ᠮᠦ ᠪᠦᠷᠢ ᠶᠢᠨ ᠤᠨᠠᠯᠲᠠ ᠳᠤᠮᠳᠠᠴᠢ ᠪᠠᠷ 900 ᠺᠢᠯᠣᠭ᠍ᠷᠠᠮ ᠬᠦᠷᠴᠦ᠂ ᠮᠠᠨ ᠤ ᠭᠡᠷ 1000 ᠭᠠᠷᠤᠢ ᠮᠦ ᠲᠠᠷᠢᠶ᠎ᠠ ᠲᠠᠷᠢᠵᠤ᠂ ᠣᠷᠣᠯᠭ᠎ᠠ ᠨᠢ 40 ᠭᠠᠷᠤᠢ ᠲᠦᠮᠡᠨ ᠲᠥᠭᠦᠷᠢᠭ ᠲᠤ ᠬᠦᠷᠪᠡ︾᠃ ᠴᠠᠭᠠᠨᠭᠤᠣᠯ ᠭᠠᠴᠠᠭᠠᠨ ᠤ ᠲᠠᠷᠢᠶᠠᠴᠢᠨ ᠡᠷᠦᠬᠡ ᠸᠧᠢ ᠢᠦᠢ ᠰᠢᠨ ᠬᠡᠯᠡᠪᠡ᠃  ᠲᠦᠢᠯ ᠤᠨ ᠳᠤᠲᠠᠮᠠᠭ ᠤᠰᠤᠨ ᠤ ᠡᠬᠢ ᠪᠠᠶᠠᠯᠢᠭ ᠤᠨ ᠡᠮᠦᠨ᠎ᠡ᠂ ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠤᠨ ᠳᠤᠰᠤᠯᠭᠠᠨ ᠤᠰᠤᠯᠠᠬᠤ᠂ ᠤᠰᠤ ᠪᠣᠷᠳᠣᠭᠤᠷ ᠢ ᠨᠢᠭᠡ ᠴᠣᠭᠴᠠᠵᠢᠭᠤᠯᠬᠤ ᠵᠡᠷᠭᠡ ᠥᠨᠳᠥᠷ ᠪᠦᠲᠦᠮᠵᠢᠲᠡᠶ ᠤᠰᠤᠯᠠᠯᠲᠠ ᠶᠢᠨ ᠮᠡᠷᠭᠡᠵᠢᠯ ᠢ ᠳᠡᠯᠭᠡᠷᠡᠭᠦᠯᠬᠦ ᠪᠣᠯ ᠲᠤᠬᠠᠶ ᠶᠢᠨ ᠭᠠᠵᠠᠷ ᠤᠨ ᠲᠠᠷᠢᠶᠠᠯᠠᠩ ᠤᠨ ᠬᠥᠭᠵᠢᠯᠲᠡ ᠶᠢᠨ ᠵᠠᠪᠠᠯ ᠥᠩᠭᠡᠷᠡᠬᠦ ᠵᠠᠮ ᠪᠣᠯᠤᠨ᠎ᠠ᠃  ︽ᠣᠳᠣᠬᠠᠨ ᠳᠤ ᠪᠥᠬᠦ ᠠᠶᠢᠮᠠᠭ ᠤᠨ ᠥᠨᠳᠥᠷ ᠪᠦᠲᠦᠮᠵᠢᠲᠡᠶ ᠤᠰᠤ ᠠᠷᠪᠢᠯᠠᠬᠤ ᠤᠰᠤᠯᠠᠯᠲᠠ ᠶᠢᠨ ᠲᠠᠯᠠᠪᠠᠶ 42.47 ᠲᠦᠮᠡᠨ ᠮᠥ ᠪᠠᠶᠢᠵᠤ᠂ ᠲᠠᠷᠢᠶᠠᠯᠠᠩ ᠤᠨ ᠤᠰᠤᠯᠠᠯᠲᠠ ᠶᠢᠨ ᠥᠨᠳᠥᠷ ᠪᠦᠲᠦᠮᠵᠢᠲᠡᠶ ᠤᠰᠤ ᠠᠷᠪᠢᠯᠠᠬᠤ ᠪᠠᠶᠢᠭᠤᠯᠤᠯᠲᠠ ᠶᠢᠨ ᠬᠠᠷᠢᠴᠠᠯ ᠢ 94 % ᠳᠤ ᠬᠦᠷᠭᠡᠪᠡ᠃ ᠡᠭᠦᠨ ᠤ ᠬᠠᠮᠲᠤ᠂ ᠪᠢᠳᠡ ᠲᠠᠷᠢᠶᠠᠴᠢᠳ ᠢ ᠬᠥᠲᠥᠯᠦᠨ ᠵᠢᠯᠣᠭᠤᠳᠴᠤ ᠪᠠᠶᠢᠭᠠᠳ ᠲᠠᠷᠢᠮᠠᠯ ᠤᠨ ᠪᠦᠲᠦᠴᠡ ᠳᠤ ᠲᠣᠬᠢᠷᠠᠭᠤᠯᠤᠯᠲᠠ ᠬᠢᠯᠭᠡᠵᠦ᠂ ᠬᠢᠲᠠᠳ ᠡᠮ ᠤᠨ ᠮᠠᠲ᠋ᠧᠷᠢᠶᠠᠯ᠂ ᠲᠠᠷᠪᠤᠰ᠂ ᠨᠡᠷᠡᠨ ᠬᠤᠸᠠᠷ ᠵᠡᠷᠭᠡ ᠥᠨᠳᠥᠷ ᠤᠨᠠᠯᠲᠠ ᠲᠠᠢ ᠤᠰᠤ ᠠᠷᠪᠢᠯᠠᠬᠤ ᠲᠠᠷᠢᠮᠠᠯ ᠳᠠᠷᠢᠬᠤ ᠶᠢ ᠵᠣᠷᠢᠭᠵᠢᠭᠤᠯᠵᠤ᠂ ᠤᠰᠤ ᠶᠡᠭᠡ ᠬᠤᠷᠣᠭᠳᠠᠭᠤᠯᠬᠤ ᠲᠠᠷᠢᠮᠠᠯ ᠳᠠᠷᠢᠬᠤ ᠬᠠᠷᠢᠴᠠᠯ ᠢ ᠪᠠᠭᠠᠰᠬᠠᠪᠠ︾ ᠠᠯᠠᠱᠠ ᠠᠶᠢᠮᠠᠭ ᠤᠨ ᠤᠰᠤᠨ ᠤ ᠶᠠᠪᠤᠳᠠᠯ ᠤᠨ ᠲᠣᠪᠴᠢᠶᠠᠨ ᠤ ᠳᠠᠷᠤᠭ᠎ᠠ ᠯᠦᠸᠧ ᠰᠢᠶᠤᠤ ᠴᠦᠨ ᠲᠠᠨᠢᠯᠴᠠᠭᠤᠯᠪᠠ᠃  ᠠᠯᠠᠱᠠ ᠠᠶᠢᠮᠠᠭ ᠲᠠᠷᠢᠶᠠᠯᠠᠩ ᠤᠨ ᠤᠰᠤ ᠠᠷᠪᠢᠯᠠᠵᠤ ᠦᠷ᠎ᠡ ᠠᠰᠢᠭ ᠢ ᠨᠡᠮᠡᠭᠳᠡᠭᠦᠯᠬᠦ ᠠᠵᠢᠯ ᠢ ᠰᠠᠶᠢᠲᠤᠷ ᠬᠢᠬᠦ ᠶᠢᠨ ᠬᠠᠮᠲᠤ ᠠᠵᠤ ᠦᠢᠯᠡᠳᠪᠦᠷᠢ ᠶᠢᠨ ᠤᠰᠤ ᠠᠷᠪᠢᠯᠠᠵᠤ ᠪᠣᠬᠢᠷᠲᠤᠯ ᠪᠣᠳᠠᠰ ᠭᠠᠳᠠᠭᠰᠢᠯᠠᠭᠤᠯᠬᠤ ᠬᠡᠮᠵᠢᠶ᠎ᠡ ᠶᠢ ᠪᠠᠭᠠᠰᠬᠠᠬᠤ ᠵᠠᠮ ᠢ ᠦᠷᠭᠦᠯᠵᠢᠯᠡᠨ ᠬᠠᠶᠢᠨ ᠰᠦᠪᠡᠭᠴᠢᠯᠡᠨ᠎ᠡ᠃ ᠠᠯᠠᠱᠠ ᠶᠢᠨ ᠳᠡᠭᠡᠳᠦ ᠰᠢᠨ᠎ᠡ ᠮᠡᠷᠭᠡᠵᠢᠯ ᠤᠨ ᠠᠵᠤ ᠦᠢᠯᠡᠰ ᠤᠨ ᠨᠡᠭᠡᠭᠡᠨ ᠬᠥᠭᠵᠢᠭᠦᠯᠦᠯᠲᠡ ᠶᠢᠨ ᠲᠣᠭᠤᠷᠢᠭ ᠲᠤ ᠬᠦᠷᠬᠦ ᠳᠤ᠂ ᠥᠪᠥᠷ ᠮᠣᠩᠭᠤᠯ ᠤᠨ ᠪᠧᠨ ᠰᠢᠩ ᠬᠢᠮᠢ ᠶᠢᠨ ᠬᠢᠵᠠᠭᠠᠷᠲᠤ ᠺᠣᠮᠫᠠᠨᠢ ᠶᠢᠨ ᠦᠢᠯᠡᠳᠪᠦᠷᠢᠯᠡᠯ ᠤᠨ ᠲᠠᠰᠤᠭ ᠲᠤ᠂ ᠠᠵᠢᠯᠲᠠᠳ ᠡᠨᠡ ᠵᠢᠯ ᠤᠨ ᠬᠠᠪᠤᠷ ᠤᠨ ᠠᠩᠬᠠᠨ ᠤ ᠵᠠᠬᠢᠶᠠᠯᠠᠭ᠎ᠠ ᠶᠢ ᠶᠠᠭᠠᠷᠠᠯᠲᠠᠢ ᠠᠵᠢᠯᠯᠠᠵᠤ ᠪᠠᠶᠢᠯ᠎ᠠ᠃ 2021 ᠣᠨ ᠳᠤ ᠲᠣᠰ ᠺᠣᠮᠫᠠᠨᠢ ᠳᠤᠮᠳᠠ ᠤᠰᠤ ᠶᠢ ᠡᠭᠡᠭᠦᠯᠦᠨ ᠬᠡᠷᠡᠭᠯᠡᠬᠦ ᠰᠢᠰᠲ᠋ᠧᠮ ᠢ ᠪᠠᠶᠢᠭᠤᠯᠵᠤ᠂ ︽ᠣᠳᠣᠬᠠᠨ ᠳᠤ ᠡᠳᠦᠷ ᠪᠦᠷᠢ ᠶᠢᠨ ᠰᠢᠢᠳᠪᠦᠷᠢᠯᠡᠬᠦ ᠤᠰᠤᠨ ᠤ ᠬᠡᠮᠵᠢᠶ᠎ᠡ 1000 ᠲᠣᠨ ᠠᠴᠠ ᠳᠡᠭᠡᠭᠰᠢ ᠪᠠᠶᠢᠨ᠎ᠠ᠂ ᠤᠰᠤ ᠠᠷᠪᠢᠯᠠᠬᠤ ᠪᠠᠷ ᠪᠠᠷᠠᠬᠤ ᠥᠬᠡᠶ᠂ ᠪᠠᠰᠠ ᠤᠰᠤ ᠬᠡᠷᠡᠭᠯᠡᠬᠦ ᠥᠪᠡᠷ ᠤᠨ ᠥᠷᠲᠡᠭ ᠢ ᠪᠠᠭᠤᠷᠠᠭᠤᠯᠪᠠ︾᠃ ᠶᠡᠷᠦᠩᠬᠡᠢ ᠵᠠᠬᠢᠷᠤᠯ ᠯᠢᠶᠠᠨ ᠵᠢᠶᠠᠨ ᠵᠢᠶᠦ᠋ᠨ ᠬᠡᠯᠡᠪᠡ᠃  ᠣᠶᠢᠷ᠎ᠠ ᠶᠢᠨ ᠵᠢᠯ ᠤᠨ ᠲᠤᠷᠰᠢ᠂ ᠠᠯᠠᠱᠠ ᠶᠢᠨ ᠳᠡᠭᠡᠳᠦ ᠰᠢᠨ᠎ᠡ ᠮᠡᠷᠭᠡᠵᠢᠯ ᠤᠨ ᠠᠵᠤ ᠦᠢᠯᠡᠰ ᠤᠨ ᠨᠡᠭᠡᠭᠡᠯᠲᠡ ᠶᠢᠨ ᠲᠣᠭᠤᠷᠢᠭ ᠨᠢ ᠤᠰᠤ ᠬᠡᠷᠡᠭᠯᠡᠬᠦ ᠬᠡᠮᠵᠢᠶ᠎ᠡ ᠶᠢ ᠦᠨᠳᠦᠰᠦᠯᠡᠨ ᠠᠵᠤ ᠦᠢᠯᠡᠳᠪᠦᠷᠢ ᠶᠢᠨ ᠬᠥᠭᠵᠢᠯᠲᠡ ᠶᠢᠨ ᠪᠠᠶᠢᠷᠢᠯᠠᠭᠤᠯᠤᠯᠲᠠ ᠶᠢ ᠵᠦᠶ ᠵᠣᠬᠢᠰᠲᠠᠶ ᠲᠥᠯᠥᠪᠵᠢᠭᠦᠯᠵᠦ᠂ ᠬᠠᠶᠠᠭᠳᠠᠮᠠᠯ ᠪᠣᠬᠢᠷᠲᠤᠯ ᠢ ᠶᠡᠷᠦᠩᠬᠡᠶᠢᠯᠡᠨ ᠵᠠᠰᠠᠬᠤ᠂ ᠳᠠᠬᠢᠯᠲᠠ ᠤᠰᠤ ᠶᠢ ᠭᠦᠨᠵᠡᠭᠡᠶ ᠰᠢᠢᠳᠪᠦᠷᠢᠯᠡᠬᠦ᠂ ᠤᠰᠤ ᠶᠢ ᠬᠥᠷᠥᠭᠡᠬᠦ ᠰᠢᠰᠲ᠋ᠧᠮ ᠤᠨ ᠤᠰᠤ ᠠᠷᠪᠢᠯᠠᠬᠤ ᠥᠭᠡᠷᠡᠴᠢᠯᠡᠯᠲᠡ ᠵᠡᠷᠭᠡ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠵᠤ᠂ ᠦᠢᠯᠡᠳᠪᠦᠷᠢᠯᠡᠯ ᠤᠨ ᠶᠠᠪᠤᠴᠠ ᠳᠠᠬᠢ ᠤᠰᠤᠨ ᠤ ᠡᠬᠢ ᠪᠠᠶᠠᠯᠢᠭ ᠤᠨ ᠬᠤᠷᠣᠭᠳᠠᠯ ᠢ ᠪᠦᠲᠦᠮᠵᠢᠲᠡᠶ ᠪᠠᠭᠤᠷᠠᠭᠤᠯᠵᠤ᠂ ᠪᠣᠬᠢᠷᠲᠤᠯ ᠪᠣᠳᠠᠰ ᠤᠨ ᠭᠠᠳᠠᠭᠰᠢᠯᠠᠭᠤᠯᠤᠯᠲᠠ ᠶᠢ ᠪᠠᠭᠠᠰᠬᠠᠪᠠ᠃  ᠰᠤᠷᠪᠤᠯᠵᠢᠯᠠᠭᠴᠢ ᠶᠢᠨ ᠣᠶᠢᠯᠠᠭᠠᠭᠰᠠᠨ ᠢᠶᠠᠷ᠂ ᠠᠯᠠᠱᠠ ᠠᠶᠢᠮᠠᠭ ᠣᠲᠣ ᠨᠢᠭᠡᠨᠲᠡ ᠥᠪᠡᠷᠲᠡᠭᠡᠨ ᠵᠠᠰᠠᠬᠤ ᠣᠷᠣᠨ ᠤ ᠲᠠᠰ ᠤᠨ ᠤᠰᠤ ᠠᠷᠪᠢᠯᠠᠬᠤ ᠬᠡᠯᠪᠡᠷᠢ ᠶᠢᠨ ᠠᠵᠤ ᠠᠬᠤᠶᠢᠯᠠᠯ 1᠂ 5 ᠬᠡᠦᠷᠰᠢᠭᠦᠯᠬᠦ ᠲᠥᠷᠥᠯ ᠵᠦᠢᠯ ᠳᠤ ᠤᠰᠤ ᠠᠷᠪᠢᠯᠠᠬᠤ ᠥᠭᠡᠷᠡᠴᠢᠯᠡᠯᠲᠡ ᠶᠢ ᠥᠷᠨᠢᠭᠦᠯᠵᠦ ᠪᠠᠶᠢᠨ᠎ᠠ᠂ ᠪᠠᠶᠢᠭᠤᠯᠵᠤ ᠳᠠᠭᠤᠰᠬᠠᠭᠠᠳ ᠠᠰᠢᠭᠯᠠᠯᠲᠠ ᠳᠤ ᠣᠷᠣᠭᠤᠯᠤᠭᠰᠠᠨ ᠤ ᠳᠠᠷᠠᠭ᠎ᠠ ᠵᠢᠱᠢᠯᠲᠡ ᠪᠠᠷ 255 ᠲᠦᠮᠡᠨ ᠪᠣᠰᠤᠭ᠎ᠠ ᠳᠥᠷᠪᠡᠯᠵᠢᠨ ᠮᠧᠲᠷ ᠤᠰᠤ ᠠᠷᠪᠢᠯᠠᠬᠤ ᠪᠣᠯᠤᠨ᠎ᠠ᠃  ᠳᠤᠰᠤᠯ ᠤᠰᠤ ᠪᠦᠷᠢ ᠶᠢ ᠰᠠᠶᠢᠲᠤᠷ ᠬᠡᠷᠡᠭᠯᠡᠨ ︽ᠬᠠᠮᠠᠭᠠᠯᠠᠭᠴᠢ︾ ᠪᠣᠯᠬᠤ ᠪᠠᠷ ᠴᠢᠷᠮᠠᠶᠢᠶ᠎ᠠ  ᠤᠶᠢᠷ᠎ᠡ ᠳᠤ ᠳᠤᠯᠠᠭᠠᠨ ᠤ ᠬᠡᠮᠵᠢᠶ᠎ᠡ ᠳᠡᠭᠡᠭᠰᠢᠯᠡᠵᠦ᠂ ᠠᠯᠠᠱᠠ ᠵᠡᠭᠦᠨ ᠬᠤᠰᠢᠭᠤᠨ ᠳᠤ ᠬᠡᠳᠦᠨ ᠠᠷᠪᠠᠨ ᠤᠯᠠᠭᠠᠨ ᠠᠯᠠᠭ ᠨᠤᠭᠤᠰᠤ ᠲᠤᠩᠭᠠᠯᠠᠭ ᠤᠰᠤᠨ ᠤ ᠳᠡᠭᠡᠷ᠎ᠡ ᠤᠮᠪᠠᠵᠤ᠂ ᠭᠤᠪᠢ ᠭᠤᠣᠯ ᠤᠨ ᠳᠠᠩ ᠳᠡᠭᠡᠷᠡᠬᠢ ᠨᠢᠭᠡᠨ ᠭᠤᠶᠣ ᠦᠵᠡᠮᠵᠢ ᠪᠣᠯᠤᠭᠰᠠᠨ ᠪᠠᠶᠢᠨ᠎ᠠ᠃ ᠡᠨᠡ ᠬᠦ ᠬᠠᠳᠠᠭᠠᠯᠠᠯᠲᠠ ᠶᠢᠨ ᠴᠢᠳᠠᠪᠤᠷᠢ ᠨᠢ 200 ᠲᠦᠮᠡᠨ ᠪᠣᠰᠤᠭ᠎ᠠ ᠳᠥᠷᠪᠡᠯᠵᠢᠨ ᠮᠧᠲᠷ ᠳᠤᠮᠳᠠ ᠤᠰᠤ ᠶᠢ ᠲᠣᠬᠢᠷᠠᠭᠤᠯᠤᠨ ᠬᠠᠳᠠᠭᠠᠯᠠᠬᠤ ᠴᠥᠭᠦᠷᠥᠮ ᠨᠢ ᠠᠯᠠᠱᠠ ᠵᠡᠭᠦᠨ ᠬᠤᠰᠢᠭᠤᠨ ᠤ ᠬᠤᠲᠠ ᠶᠢᠨ ᠨᠣᠭᠤᠭᠠᠷᠠᠭᠤᠯᠤᠯᠲᠠ ᠵᠢᠴᠢ ᠳᠤᠯᠠᠭᠠᠯᠠᠭ᠎ᠠ ᠬᠠᠩᠭᠠᠬᠤ ᠳᠤ ᠬᠡᠷᠡᠭᠯᠡᠬᠦ ᠤᠰᠤ ᠶᠢ ᠡᠭᠦᠷᠭᠡᠯᠡᠵᠦ ᠪᠣᠶ᠃  3 ᠳ᠋ᠤᠭᠠᠷ ᠰᠠᠷ᠎ᠠ ᠶᠢᠨ 20 ᠤ ᠡᠳᠦᠷ᠂ ᠤᠯᠠᠭᠠᠨ ᠠᠯᠠᠭ ᠨᠤᠭᠤᠰᠤ ᠠᠯᠠᠱᠠ ᠵᠡᠭᠦᠨ ᠬᠤᠰᠢᠭᠤᠨ ᠤ ᠪᠠᠶᠠᠨᠬᠤᠲᠠ ᠪᠠᠯᠭᠠᠰᠤᠨ ᠤ ᠳᠤᠮᠳᠠᠬᠢ ᠤᠰᠤ ᠶᠢ ᠰᠢᠯᠵᠢᠭᠦᠯᠦᠨ ᠬᠠᠳᠠᠭᠠᠯᠠᠬᠤ ᠴᠥᠭᠦᠷᠥᠮ ᠳᠤ ᠤᠮᠪᠠᠵᠤ ᠪᠠᠶᠢᠪᠠ᠃ ᠰᠢᠠᠬᠤᠧᠠ ᠬᠤᠷᠢᠶᠠᠨ ᠤ ᠰᠣᠷᠪᠤᠯᠵᠢᠯᠠᠬᠴᠢ ᠯᠢᠶᠠᠩ ᠸᠠᠨ ᠱᠠᠨ ᠰᠠᠭᠦᠲᠠᠷᠯᠠᠪᠠ  ᠬᠤᠲᠠ ᠶᠢᠨ ᠣᠷᠣᠰᠢᠨ ᠰᠠᠭᠤᠬᠤ ᠣᠷᠴᠢᠨ ᠲᠣᠭᠤᠷᠢᠨ ᠤ ᠲᠠᠰᠤᠷᠠᠯᠲᠠ ᠦᠭᠡᠢ ᠰᠠᠶᠢᠵᠢᠷᠠᠬᠤ ᠶᠢ       ᠳᠠᠭᠠᠯᠳᠤᠨ᠂ ︽ᠨᠣᠭᠤᠭᠠᠷᠠᠭᠤᠯᠤᠯᠲᠠ ᠪᠠ ᠬᠥᠮᠦᠨ ᠤᠰᠤ ᠪᠤᠯᠢᠶᠠᠯᠳᠤᠬᠤ︾ ᠠᠰᠠᠭᠤᠳᠠᠯ ᠨᠢ ᠲᠤᠬᠠᠶ ᠶᠢᠨ ᠭᠠᠵᠠᠷ ᠲᠤ ᠲᠤᠯᠭᠠᠷᠠᠵᠤ ᠪᠠᠶᠢᠭ᠎ᠠ ᠬᠦᠴᠢᠷ ᠠᠰᠠᠭᠤᠳᠠᠯ ᠪᠣᠯᠤᠭᠰᠠᠨ ᠪᠠᠶᠢᠨ᠎ᠠ᠃ ᠪᠠᠶᠠᠨᠬᠤᠲᠠ ᠪᠠᠯᠭᠠᠰᠤᠨ ᠤ ᠲᠣᠭᠤᠷᠢᠭ ᠤᠨ ᠬᠤᠲᠠ ᠶᠢᠨ ᠳᠤᠮᠳᠠᠬᠢ ᠤᠰᠤ ᠶᠢ ᠡᠭᠡᠭᠦᠯᠦᠨ ᠬᠡᠷᠡᠭᠯᠡᠬᠦ ᠰᠢᠯᠵᠢᠭᠦᠯᠦᠨ ᠬᠠᠳᠠᠭᠠᠯᠠᠬᠤ ᠢᠨᠵᠧᠨᠧᠷᠢᠩ ᠢ ᠬᠡᠷᠡᠭᠵᠢᠭᠦᠯᠦᠭᠰᠡᠨ ᠤ ᠳᠠᠷᠠᠭ᠎ᠠ᠂ ᠡᠪᠦᠯ ᠤᠨ ᠤᠯᠠᠷᠢᠯ ᠤᠨ ᠳᠤᠮᠳᠠ ᠤᠰᠤ ᠶᠢ ᠰᠢᠯᠵᠢᠭᠦᠯᠦᠨ ᠬᠠᠳᠠᠭᠠᠯᠠᠬᠤ ᠴᠥᠭᠦᠷᠥᠮ ᠳᠣᠲᠣᠷ᠎ᠠ ᠴᠤᠭᠯᠠᠭᠤᠯᠵᠤ᠂ ᠵᠣᠨ ᠤ ᠤᠯᠠᠷᠢᠯ ᠳᠤ ᠨᠣᠭᠤᠭᠠᠷᠠᠭᠤᠯᠤᠯᠲᠠ ᠳᠤ ᠬᠡᠷᠡᠭᠯᠡᠬᠦ ᠤᠰᠤ ᠪᠣᠯᠭᠠᠵᠤ᠂ ᠰᠢᠨ᠎ᠡ ᠤᠰᠤᠨ ᠤ ᠬᠡᠮᠵᠢᠶ᠎ᠡ ᠶᠢ ᠶᠡᠭᠡ ᠪᠠᠷ ᠪᠠᠭᠠᠰᠬᠠᠪᠠ᠃  ︽ᠡᠨᠡ ᠵᠢᠯ ᠪᠢᠳᠡ ᠪᠠᠰᠠ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠲᠠᠢ ᠬᠠᠮᠵᠢᠯᠴᠠᠨ ᠬᠤᠲᠠ ᠶᠢᠨ ᠲᠣᠭᠤᠷᠢᠭ ᠤᠨ ᠳᠣᠲᠣᠷᠠᠬᠢ ᠪᠠᠷᠤᠭ 37 ᠺᠢᠯᠤᠮᠧᠲᠷ ᠪᠣᠬᠢᠷ ᠤᠰᠤᠨ ᠤ ᠬᠤᠭᠤᠯᠠᠶ ᠶᠢᠨ ᠲᠣᠤᠷ ᠢ ᠥᠭᠡᠷᠡᠴᠢᠯᠡᠵᠦ᠂ ᠪᠣᠷᠣᠭᠠᠨ ᠤ ᠤᠰᠤ ᠪᠠ ᠪᠣᠬᠢᠷ ᠤᠰᠤ ᠶᠢ ᠰᠠᠯᠭᠠᠬᠤ ᠠᠰᠠᠭᠤᠳᠠᠯ ᠢ ᠰᠢᠢᠳᠪᠦᠷᠢᠯᠡᠬᠦ ᠶᠢᠨ ᠬᠠᠮᠲᠤ᠂ ᠪᠠᠶᠠᠨᠬᠤᠲᠠ ᠪᠠᠯᠭᠠᠰᠤᠨ ᠤ ᠪᠣᠬᠢᠷ ᠤᠰᠤ ᠴᠤᠭᠯᠠᠭᠤᠯᠬᠤ ᠴᠢᠳᠠᠪᠤᠷᠢ ᠶᠢ ᠳᠡᠭᠡᠭᠰᠢᠯᠡᠭᠦᠯᠵᠦ᠂ ᠳᠤᠮᠳᠠᠬᠢ ᠤᠰᠤᠨ ᠤ ᠭᠠᠷᠤᠯᠲᠠ ᠶᠢᠨ ᠬᠡᠮᠵᠢᠶ᠎ᠡ ᠶᠢ ᠬᠤᠲᠠ ᠶᠢᠨ ᠨᠣᠭᠤᠭᠠᠷᠠᠭᠤᠯᠤᠯᠲᠠ ᠶᠢᠨ ᠤᠰᠤᠯᠠᠯᠲᠠ ᠵᠢᠴᠢ ᠬᠠᠮᠢᠶ᠎ᠠ ᠪᠥᠬᠦᠶ ᠠᠵᠤ ᠦᠢᠯᠡᠳᠪᠦᠷᠢ ᠶᠢᠨ ᠦᠢᠯᠡᠳᠪᠦᠷᠢᠯᠡᠯ ᠳᠤ ᠬᠡᠷᠡᠭᠯᠡᠬᠦ ᠤᠰᠤ ᠶᠢ ᠨᠡᠮᠡᠭᠳᠡᠭᠦᠯᠵᠦ᠂ ᠬᠤᠲᠠ ᠶᠢᠨ ᠣᠷᠴᠢᠨ ᠲᠣᠭᠤᠷᠢᠨ ᠢ ᠰᠠᠶᠢᠵᠢᠷᠠᠭᠤᠯᠤᠨ᠎ᠠ᠃ ᠠᠯᠠᠱᠠ ᠵᠡᠭᠦᠨ ᠬᠤᠰᠢᠭᠤᠨ ᠤ ᠬᠤᠲᠠ ᠬᠥᠳᠡᠭᠡ ᠶᠢᠨ ᠤᠰᠤᠨ ᠤ ᠶᠠᠪᠤᠳᠠᠯ ᠤᠨ ᠬᠢᠵᠠᠭᠠᠷᠲᠤ ᠺᠣᠮᠫᠠᠨᠢ ᠶᠢᠨ ᠦᠢᠯᠡᠳᠪᠦᠷᠢᠯᠡᠯ ᠤᠨ ᠠᠵᠢᠯᠯᠠᠭᠠᠨ ᠤ ᠬᠡᠯᠲᠡᠰ ᠤᠨ ᠳᠠᠷᠤᠭ᠎ᠠ ᠮᠠ ᠵᠢᠶᠠᠨ ᠭᠦᠸᠧ ᠲᠠᠨᠢᠯᠴᠠᠭᠤᠯᠵᠠᠶ᠃  ᠳᠤᠰᠤᠯ ᠤᠰᠤ ᠶᠢ ᠬᠡᠷᠡᠭᠯᠡᠬᠦ ᠳᠤ ᠮᠡᠳᠡᠭᠳᠡᠬᠦ ᠦᠭᠡᠢ᠂ ᠠᠯᠳᠠᠪᠠᠯ ᠬᠤᠷᠢᠶᠠᠬᠤ ᠳᠤ ᠪᠡᠷᠬᠡ᠃ ᠣᠳᠣᠬᠠᠨ ᠳᠤ ᠬᠥᠮᠦᠨ ᠤᠰᠤ ᠡᠶ᠎ᠡ ᠵᠣᠬᠢᠴᠠᠩᠭᠤᠶ᠂ ᠰᠢᠨᠵᠢᠯᠡᠬᠦ ᠤᠬᠠᠭᠠᠨᠴᠢ ᠬᠥᠭᠵᠢᠯᠲᠡ ᠶᠢᠨ ᠣᠶᠢᠯᠠᠭᠠᠭᠳᠠᠬᠤᠨ ᠠᠯᠠᠱᠠ ᠳᠤ ᠨᠢᠭᠡᠨᠲᠡ ᠬᠥᠮᠦᠰ ᠤᠨ ᠰᠡᠳᠬᠢᠯ ᠳᠤ ᠬᠠᠳᠠᠩᠰᠢᠵᠤ᠂ ᠪᠠᠭ᠎ᠠ ᠠᠴᠠ ᠬᠤᠪᠢ ᠬᠥᠮᠦᠨ ᠤ ᠬᠡᠷ ᠪᠦᠯᠢ᠂ ᠲᠣᠮᠣ ᠠᠴᠠ ᠨᠢᠬᠡᠴᠢ ᠰᠤᠷᠭᠠᠭᠤᠯᠢ ᠬᠦᠷᠲᠡᠯ᠎ᠡ᠂ ᠣᠯᠠᠨ ᠢᠶᠠᠷ ᠢᠶᠠᠨ ᠥᠪᠡᠷ ᠤᠨ ᠠᠵᠢᠯᠯᠠᠭ᠎ᠠ ᠪᠠᠷ ᠢᠶᠠᠨ ᠠᠯᠠᠱᠠ ᠶᠢᠨ ᠤᠰᠤᠨ ᠤ ᠡᠬᠢ ᠪᠠᠶᠠᠯᠢᠭ ᠢ ᠠᠷᠪᠢᠯᠠᠨ ᠡᠷᠴᠢᠮᠵᠢᠭᠦᠯᠦᠨ ᠠᠰᠢᠭᠯᠠᠬᠤ ᠳᠤ ᠬᠤᠪᠢ ᠨᠡᠮᠡᠷᠢ ᠦᠵᠡᠭᠦᠯᠵᠦ᠂ ᠤᠰᠤ ᠠᠷᠪᠢᠯᠠᠬᠤ᠂ ᠤᠰᠤ ᠶᠢ ᠨᠠᠨᠳᠢᠩᠨᠠᠬᠤ ᠲᠠᠯ᠎ᠠ ᠪᠠᠷ ᠬᠥᠮᠦᠰ ᠤᠨ ᠬᠠᠮᠲᠤ ᠶᠢᠨ ᠲᠠᠨᠢᠯᠲᠠ ᠲᠠᠢ ᠪᠣᠯᠵᠠᠶ᠃  ︽ᠨᠣᠭᠤᠭ᠎ᠠ ᠤᠭᠢᠶᠠᠭᠰᠠᠨ ᠤᠰᠤ᠂ ᠪᠤᠳᠠᠭ᠎ᠠ ᠤᠬᠢᠶᠠᠭᠰᠠᠨ ᠤᠰᠤ ᠢᠶᠠᠨ ᠬᠤᠷᠠᠮᠳᠤᠭᠤᠯᠵᠤ ᠪᠠᠶᠢᠭᠠᠳ ᠬᠤᠸᠠᠷ ᠤᠰᠣᠯᠠᠬᠤ᠂ ᠨᠢᠭᠤᠷ ᠭᠠᠷ ᠢᠶᠠᠨ ᠤᠭᠢᠶᠠᠬᠤ᠂ ᠳᠠᠷᠠᠭ᠎ᠠ ᠨᠢ ᠱᠠᠯᠠ ᠶᠢᠨ ᠵᠦᠯᠭᠦᠭᠦᠷ ᠢᠶᠠᠨ ᠤᠬᠢᠶᠠᠵᠤ ᠪᠤᠯᠤᠨ᠎ᠠ︾᠃ ᠡᠨᠡ ᠵᠢᠯ 68 ᠨᠠᠰᠤᠲᠠᠶ ᠪᠠᠶᠠᠨᠬᠤᠲᠠ ᠪᠠᠯᠭᠠᠰᠤᠨ ᠤ ᠰᠠᠭᠤᠭᠠᠯᠢ ᠠᠷᠠᠳ ᠶᠤᠸᠠᠨ ᠹᠧᠩ ᠰᠢᠶᠠ ᠰᠤᠷᠪᠤᠯᠵᠢᠯᠠᠭᠴᠢ ᠳᠤ ᠥᠪᠡᠷ ᠤᠨ ᠠᠮᠢᠳᠤᠷᠠᠯ ᠳᠤᠮᠳᠠᠬᠢ ᠤᠰᠤ ᠠᠷᠪᠢᠯᠠᠬᠤ ᠠᠷᠭ᠎ᠠ ᠮᠠᠶ᠋ᠢᠭ ᠢᠶᠠᠨ ᠬᠤᠪᠢᠶᠠᠯᠴᠠᠵᠤ᠂ ᠲᠡᠭᠦᠨ ᠤ ᠰᠠᠭᠤᠵᠤ ᠪᠠᠶᠢᠭ᠎ᠠ ᠰᠠᠭᠤᠭᠠᠯᠢ ᠲᠣᠭᠤᠷᠢᠭ ᠨᠢ ᠴᠦ ᠠᠯᠢ ᠡᠷᠲᠡ ᠨᠣᠭᠤᠭᠠᠷᠠᠭᠤᠯᠤᠯᠲᠠ ᠶᠢᠨ ᠪᠦᠰᠡ ᠶᠢᠨ ᠤᠰᠤ ᠬᠠᠩᠭᠠᠬᠤ ᠲᠥᠬᠦᠭᠡᠷᠦᠮᠵᠢ ᠶᠢ ᠰᠦᠷᠴᠢᠨ ᠤᠰᠤᠯᠠᠬᠤ ᠬᠡᠯᠪᠡᠷᠢ ᠶᠢᠨ ᠤᠰᠤ ᠠᠷᠪᠢᠯᠠᠬᠤ ᠲᠥᠬᠦᠭᠡᠷᠦᠮᠵᠢ ᠪᠣᠯᠭᠠᠨ ᠥᠭᠡᠷᠡᠴᠢᠯᠡᠭᠰᠡᠨ ᠪᠠᠶᠢᠨ᠎ᠠ᠃  ᠠᠯᠠᠱᠠ ᠪᠠᠷᠠᠭᠤᠨ ᠬᠤᠰᠢᠭᠤᠨ ᠳᠤ᠂ ᠰᠠᠭᠤᠭᠠᠯᠢ ᠠᠷᠠᠳ ᠤᠨ ᠲᠣᠭᠤᠷᠢᠭ᠂ ᠣᠯᠠᠨ ᠨᠡᠶᠢᠲᠡ ᠶᠢᠨ ᠲᠠᠯᠠᠪᠤᠷ ᠪᠣᠯᠤᠨ ᠪᠠᠶᠢᠭᠤᠯᠭ᠎ᠠ ᠨᠢᠭᠡᠴᠢ ᠤᠰᠤ ᠠᠷᠪᠢᠯᠠᠬᠤ ᠪᠠᠭᠠᠵᠢ ᠬᠡᠷᠡᠭᠰᠡᠯ ᠢ ᠪᠦᠬᠦᠨ ᠢ ᠰᠣᠯᠢᠵᠤ᠂ ᠨᠢᠳᠤᠨᠤᠨ ᠵᠢᠯ ᠤᠨ ᠡᠴᠦᠰ ᠪᠣᠯᠲᠠᠯ᠎ᠠ᠂ ᠬᠤᠰᠢᠭᠤᠨ ᠤ ᠳᠣᠲᠣᠷ᠎ᠠ ᠨᠢᠭᠡᠨᠲᠡ ᠤᠰᠤ ᠠᠷᠪᠢᠯᠠᠬᠤ ᠬᠡᠯᠪᠡᠷᠢ ᠶᠢᠨ ᠨᠢᠭᠡᠴᠢ 76 ᠪᠣᠯᠵᠣ᠂ ᠤᠰᠤ ᠠᠷᠪᠢᠯᠠᠬᠤ ᠬᠡᠯᠪᠡᠷᠢ ᠶᠢᠨ ᠰᠠᠭᠤᠭᠠᠯᠢ ᠠᠷᠠᠳ ᠤᠨ ᠲᠣᠭᠤᠷᠢᠭ 5 ᠪᠠᠶᠢᠵᠤ᠂ ᠤᠰᠤ ᠠᠷᠪᠢᠯᠠᠬᠤ ᠬᠡᠯᠪᠡᠷᠢ ᠶᠢᠨ ᠠᠵᠤ ᠠᠬᠤᠶᠢᠯᠠᠯ 5 ᠪᠣᠯᠵᠣ᠂ ᠨᠢᠳᠤᠨᠤᠨ ᠠᠯᠠᠱᠠ ᠪᠠᠷᠠᠭᠤᠨ ᠬᠤᠰᠢᠭᠤ ᠴᠤ ᠪᠥᠬᠦ ᠤᠯᠤᠰ ᠤᠨ ᠤᠰᠤ ᠠᠷᠪᠢᠯᠠᠬᠤ ᠬᠡᠯᠪᠡᠷᠢ ᠶᠢᠨ ᠨᠡᠶᠢᠭᠡᠮ ᠤᠨ ᠪᠠᠶᠢᠭᠤᠯᠤᠯᠲᠠ ᠶᠢᠨ ᠪᠠᠷᠢᠮᠵᠢᠶ᠎ᠠ ᠳᠤ ᠬᠦᠷᠦᠭᠰᠡᠨ ᠰᠢᠶᠠᠨ ᠤ ᠡᠩᠨᠡᠭᠡᠨ ᠳᠤ ᠣᠷᠣᠪᠠ᠃  ᠤᠰᠤ ᠶᠢ ᠵᠠᠰᠠᠬᠤ ᠬᠢᠭᠡᠳ ᠤᠰᠤ ᠶᠢ ᠬᠠᠮᠠᠭᠠᠯᠠᠬᠤ ᠶᠢ ᠤᠶᠠᠯᠳᠤᠭᠤᠯᠤᠨ ᠤᠰᠤᠨ ᠤ ᠠᠮᠢ ᠠᠬᠤᠢ ᠶᠢ ᠬᠠᠮᠠᠭᠠᠯᠠᠨ᠎ᠠ  ᠭᠤᠷᠪᠠᠳᠤᠭᠠᠷ ᠰᠠᠷ᠎ᠠ ᠶᠢᠨ ᠡᠬᠢ ᠪᠠᠷ ᠬᠠᠲᠤᠨ ᠭᠤᠣᠯ ᠤᠨ ᠠᠯᠠᠱᠠᠨ ᠤ ᠬᠡᠰᠡᠭ ᠲᠤ 80 ᠺᠢᠯᠣᠮᠧᠲᠷ ᠵᠠᠶᠢᠲᠠᠢ ᠭᠤᠣᠯ ᠨᠡᠭᠡᠭᠡᠪᠡ᠃ ᠮᠠᠨ ᠤ ᠤᠯᠤᠰ ᠤᠨ ᠤᠮᠠᠷᠠᠲᠤ ᠶᠢᠨ ᠠᠮᠢ ᠠᠬᠤᠶ ᠶᠢᠨ ᠠᠮᠤᠷ ᠲᠦᠪᠰᠢᠨ ᠤ ᠬᠠᠯᠬᠠᠪᠴᠢ ᠶᠢᠨ ᠴᠢᠬᠤᠯᠠ ᠪᠦᠷᠢᠯᠳᠦᠬᠦᠨ ᠬᠡᠰᠡᠭ ᠪᠣᠯᠤᠭᠰᠠᠨ ᠤ ᠬᠤᠪᠢ ᠳᠤ᠂ ᠠᠯᠠᠱᠠ ᠠᠶᠢᠮᠠᠭ ᠨᠢ ᠬᠠᠲᠤᠨ ᠭᠤᠤᠯ ᠠᠴᠠ ᠨᠢᠩᠰᠢᠶᠠ ᠳᠤ ᠣᠷᠣᠵᠤ ᠥᠪᠥᠷ ᠮᠣᠩᠭᠤᠯ ᠳᠤ ᠤᠷᠤᠭᠰᠠᠨ ᠴᠢᠬᠤᠯᠠ ᠵᠠᠩᠭᠢᠯᠠᠭ᠎ᠠ ᠶᠢᠨ ᠴᠡᠭ ᠲᠤ ᠪᠠᠶᠢᠷᠢᠯᠠᠵᠤ᠂ ᠬᠠᠲᠤᠨ ᠭᠤᠤᠯ ᠤᠨ ᠤᠰᠤᠨ ᠤ ᠠᠮᠢ ᠠᠬᠤᠶ ᠶᠢᠨ ᠠᠮᠤᠷ ᠲᠦᠪᠰᠢᠨ ᠢ ᠬᠠᠮᠠᠭᠠᠯᠠᠬᠤ ᠡᠭᠦᠷᠭᠡ ᠶᠢ ᠡᠭᠦᠷᠭᠡᠯᠡᠵᠦ ᠪᠣᠶ᠃  ᠤᠯᠠᠭᠠᠨᠪᠦ᠋ᠬᠡ ᠡᠯᠡᠰᠦᠨ ᠴᠦᠯ ᠤᠨ ᠵᠡᠭᠦᠨ ᠢᠷᠮᠡᠭ ᠲᠠᠬᠢ ᠡᠯᠡᠰᠦ ᠲᠣᠭᠲᠠᠪᠤᠷᠢᠵᠢᠭᠤᠯᠬᠤ ᠪᠦᠰᠡ᠃ ᠰᠢᠨᠬᠤᠸᠠ ᠬᠤᠷᠢᠶ᠎ᠠ ᠲᠠᠷᠬᠠᠭᠠᠪᠠ  ᠬᠡᠳᠦᠶᠢᠪᠡᠷ ᠬᠠᠪᠤᠷ ᠤᠨ ᠡᠳᠦᠷ ᠤᠨ ᠡᠯᠡᠰᠦᠨ ᠴᠦᠯ ᠤᠨ ᠰᠠᠯᠬᠢ ᠮᠥᠨ ᠯᠡ ᠠᠶᠢᠮᠠᠷ ᠪᠠᠶᠢᠭᠰᠠᠨ ᠪᠣᠯᠪᠠᠴᠤ᠂ ᠤᠯᠠᠭᠠᠨᠪᠦ᠋ᠬᠡ ᠶᠢᠨ ᠡᠯᠡᠰᠦᠨ ᠴᠦᠯ ᠤᠨ ᠵᠡᠭᠦᠨ ᠬᠥᠪᠡᠭᠡ᠂ ᠬᠠᠲᠤᠨ ᠭᠤᠣᠯ ᠤᠨ ᠪᠠᠷᠠᠭᠤᠨ ᠬᠥᠪᠡᠭᠡᠨ ᠳᠤ᠂ 60 ᠭᠠᠷᠤᠢ ᠲᠦᠮᠡᠨ ᠮᠦ ᠬᠢᠯᠢ ᠶᠢᠨ ᠣᠢ ᠮᠣᠳᠣ ᠡᠪᠡᠰᠦᠨ ᠤ ᠬᠠᠮᠠᠭᠠᠯᠠᠯᠲᠠ ᠶᠢᠨ ᠪᠦᠰᠡ ᠨᠢ ᠶᠠᠭ ᠯᠠ ᠲᠣᠮᠣ ᠲᠣᠣᠷ ᠮᠡᠲᠦ ᠪᠠᠶᠢᠵᠤ᠂ ᠡᠯᠡᠰᠦ ᠶᠢ ᠪᠠᠲᠤ ᠪᠠᠬᠢ ᠪᠣᠯᠭᠠᠪᠠ᠃  ᠥᠩᠭᠡᠷᠡᠭᠰᠡᠨ ᠳᠤ ᠠᠳᠡ 5.7 ᠺᠢᠯᠤᠮᠧᠲᠷ ᠤᠷᠲᠤ ᠱᠠ ᠾᠧ ᠭᠤᠣᠯ ᠤᠨ ︽ᠭᠠᠷ ᠠᠳᠬᠤᠬᠤ︾ ᠭᠠᠵᠠᠷ ᠪᠠᠶᠢᠪᠠ᠂ ᠶᠡᠭᠡ ᠬᠡᠮᠵᠢᠶᠡᠨ ᠤ ᠬᠠᠲᠤᠨ ᠭᠤᠣᠯ ᠤᠨ ᠡᠯᠡᠰᠦ ᠰᠠᠯᠬᠢᠨ ᠤ ᠬᠦᠴᠦᠨ ᠤ ᠦᠢᠯᠡᠳᠦᠯ ᠳᠣᠣᠷ᠎ᠠ ᠲᠠᠰᠤᠷᠠᠯᠲᠠ ᠦᠭᠡᠢ ᠬᠠᠲᠤᠨ ᠭᠤᠣᠯ ᠵᠦᠭ ᠲᠦᠷᠢᠨ ᠣᠷᠣᠵᠤ᠂ ᠡᠷᠭᠢ ᠶᠢᠨ ᠲᠠᠷᠢᠶᠠᠯᠠᠩ ᠤᠨ ᠲᠠᠷᠢᠶ᠎ᠠ ᠪᠤᠯᠠᠭᠳᠠᠬᠤ᠂ ᠭᠤᠣᠯ ᠳᠤ ᠡᠯᠡᠰᠦ ᠰᠢᠪᠠᠷ ᠬᠤᠷᠠᠵᠤ᠂ ᠠᠮᠢ ᠠᠬᠤᠢ ᠶᠢᠨ ᠣᠷᠴᠢᠨ ᠲᠣᠭᠤᠷᠢᠨ ᠲᠦᠢᠯ ᠤᠨ ᠮᠠᠭᠤ ᠪᠠᠶᠢᠵᠤ᠂ ᠲᠤᠬᠠᠢ ᠶᠢᠨ ᠭᠠᠵᠠᠷ ᠤᠨ ᠬᠥᠮᠦᠰ ᠠᠳᠡ ︽ᠡᠷᠯᠢᠭ ᠤᠨ ᠬᠠᠮᠠᠷ︾ ᠭᠡᠵᠦ ᠬᠡᠯᠡᠵᠦ ᠪᠠᠶᠢᠪᠠ᠃  ᠣᠳᠣ ᠶᠢᠨ ︽ ᠡᠷᠯᠢᠭ ᠤᠨ ᠬᠠᠮᠠᠷ︾ ᠨᠢ ᠨᠢᠭᠡᠨᠲᠡ ᠵᠠᠯᠭᠠᠯᠳᠤᠭᠰᠠᠨ ᠡᠪᠡᠰᠦᠨ ᠳᠥᠷᠪᠡᠯᠵᠢ ᠪᠣᠯᠤᠨ ᠡᠯᠡᠰᠦ ᠶᠢ ᠲᠣᠭᠲᠠᠪᠤᠷᠢᠵᠢᠭᠤᠯᠬᠤ ᠤᠷᠭᠤᠮᠠᠯ ᠢᠶᠠᠷ ᠪᠦᠷᠭᠦᠭᠳᠡᠵᠡᠢ᠃ ︽ᠣᠶᠢᠷ᠎ᠠ ᠶᠢᠨ ᠵᠢᠯ ᠤᠳ ᠲᠤ᠂ ᠪᠢᠳᠡ ᠡᠯ᠎ᠡ ᠲᠥᠷᠥᠯ ᠤᠨ ᠣᠶ ᠰᠢᠭᠤᠶ ᠡᠪᠡᠰᠦ ᠪᠡᠯᠴᠢᠭᠡᠷ ᠤᠨ ᠠᠮᠢ ᠠᠬᠤᠶ ᠶᠢᠨ ᠲᠥᠷᠥᠯ ᠵᠦᠢᠯ ᠢ ᠬᠡᠷᠡᠭᠵᠢᠭᠦᠯᠬᠦ ᠪᠠᠷ ᠳᠠᠮᠵᠢᠭᠤᠯᠤᠨ᠂ ᠤᠯᠠᠭᠠᠨᠪᠦ᠋ᠬᠡ ᠶᠢᠨ ᠡᠯᠡᠰᠦᠨ ᠴᠥᠯ ᠳᠤ ᠬᠠᠲᠤᠨ ᠭᠤᠤᠯ ᠳᠤ ᠬᠠᠯᠳᠠᠨ ᠣᠷᠣᠬᠤ ᠶᠢ ᠪᠦᠲᠦᠮᠵᠢᠲᠡᠶ ᠬᠤᠷᠢᠭᠯᠠᠵᠤ᠂ ᠬᠠᠲᠤᠨ ᠭᠤᠤᠯ ᠤᠨ ᠤᠰᠤᠨ ᠤ ᠠᠮᠢ ᠠᠬᠤᠶ ᠶᠢᠨ ᠠᠮᠤᠷ ᠲᠦᠪᠰᠢᠨ ᠢ ᠬᠠᠮᠠᠭᠠᠯᠠᠭᠰᠠᠨ ᠮᠥᠷᠲᠡᠭᠡᠨ ᠲᠤᠬᠠᠶ ᠶᠢᠨ ᠭᠠᠵᠠᠷ ᠤᠨ ᠪᠠᠶᠢᠭᠠᠯᠢ ᠶᠢᠨ ᠣᠷᠴᠢᠨ ᠲᠣᠭᠤᠷᠢᠨ ᠢ ᠴᠤ ᠰᠠᠶᠢᠵᠢᠷᠠᠭᠤᠯᠵᠠᠶ᠃ ᠠᠯᠠᠱᠠ ᠶᠢᠨ ᠳᠡᠭᠡᠳᠦ ᠰᠢᠨ᠎ᠡ ᠮᠡᠷᠭᠡᠵᠢᠯ ᠤᠨ ᠠᠵᠦ ᠦᠢᠯᠡᠰ ᠤᠨ ᠨᠡᠭᠡᠭᠡᠯᠳᠡ ᠶᠢᠨ ᠣᠷᠣᠨ ᠤ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠠᠯᠪᠠᠨ ᠭᠡᠷ ᠤᠨ ᠡᠷᠬᠢᠯᠡᠭᠴᠢ ᠵᠢᠶᠠᠩ ᠮᠢᠩ ᠵᠢᠢ ᠬᠡᠯᠡᠪᠡ᠃  ᠡᠯᠡᠰᠦᠨ ᠰᠢᠭᠤᠷᠭ᠎ᠠ ᠬᠠᠲᠤᠨ ᠭᠤᠤᠯ ᠳᠤ ᠢᠳᠡᠭᠳᠡᠬᠦ ᠶᠢ ᠰᠡᠷᠭᠡᠶᠢᠯᠡᠬᠦ ᠶᠢᠨ ᠲᠥᠯᠥᠭᠡ᠂ ᠠᠯᠠᠱᠠ ᠠᠶᠢᠮᠠᠭ ᠬᠠᠲᠤᠨ ᠭᠤᠤᠯ ᠤᠨ ᠳᠡᠭᠡᠳᠦ ᠳᠤᠮᠳᠠᠳᠤ ᠤᠷᠤᠰᠬᠠᠯ ᠤᠨ ᠤᠯᠠᠭᠠᠨᠪᠦ᠋ᠬᠡ ᠶᠢᠨ ᠬᠡᠰᠡᠭ ᠤᠨ ᠡᠯᠡᠰᠦ ᠶᠢ ᠬᠠᠰᠢᠵᠤ ᠠᠮᠢ ᠠᠬᠤᠶ ᠶᠢ ᠰᠡᠷᠭᠦᠭᠡᠬᠦ ᠢᠨᠵᠧᠨᠧᠷᠢᠩ ᠢ ᠬᠡᠷᠡᠭᠵᠢᠭᠦᠯᠵᠦ᠂ ᠤᠯᠠᠭᠠᠨᠪᠦ᠋ᠬᠡ ᠶᠢᠨ ᠡᠯᠡᠰᠦᠨ ᠴᠥᠯ ᠤᠨ 1.1 ᠲᠦᠮᠡᠨ ᠮᠥ ᠣᠷᠣᠨ ᠪᠦᠰᠡ ᠳᠤ ᠡᠯᠡᠰᠦ ᠮᠠᠩᠬ᠎ᠠ ᠶᠢ ᠨᠢᠭᠡ ᠴᠤᠭᠴᠠᠵᠢᠭᠤᠯᠤᠨ ᠵᠠᠰᠠᠵᠤ᠂ ᠶᠡᠷᠦᠩᠬᠡᠶ ᠪᠠᠯᠠ ᠣᠷᠣᠭᠤᠯᠤᠯᠲᠠ ᠨᠢ 2 ᠳ᠋ᠦᠩᠰᠢᠭᠤᠷ ᠲᠥᠭᠦᠷᠢᠭ ᠲᠤ ᠬᠦᠷᠴᠦ᠂ ᠣᠳᠣᠬᠠᠨ ᠳᠤ ᠭᠤᠤᠯ ᠴᠣᠭᠴᠠ ᠶᠢᠨ ᠢᠨᠵᠧᠨᠧᠷᠢᠩ ᠢ ᠨᠢᠭᠡᠨᠲᠡ ᠪᠦᠬᠦᠨ ᠢ ᠪᠡᠶᠡᠯᠡᠭᠦᠯᠪᠡ᠃ ︽ᠲᠥᠷᠥᠯ ᠵᠦᠢᠯ ᠪᠠᠶᠢᠭᠤᠯᠤᠭᠳᠠᠭᠰᠠᠨ ᠤ ᠳᠠᠷᠠᠭ᠎ᠠ᠂ ᠤᠷᠭᠤᠮᠠᠯ ᠤᠨ ᠪᠦᠷᠬᠦᠴᠡ ᠶᠢᠨ ᠨᠣᠷᠮ᠎ᠠ 84.5% ᠠᠴᠠ ᠳᠡᠭᠡᠭᠰᠢ ᠳᠤ ᠬᠦᠷᠴᠦ᠂ ᠵᠢᠯ ᠪᠦᠷᠢ ᠪᠠᠷᠤᠭ 150 ᠲᠦᠮᠡᠨ ᠲᠣᠨ ᠨᠡᠭᠦᠳᠡᠯ ᠡᠯᠡᠰᠦ ᠬᠠᠲᠤᠨ ᠭᠤᠤᠯ ᠳᠤ ᠣᠷᠣᠬᠤ ᠶᠢ ᠬᠤᠷᠢᠭᠯᠠᠨ᠎ᠠ︾ ᠬᠡᠵᠡᠢ᠃ ᠠᠯᠠᠱᠠ ᠶᠢᠨ ᠪᠢᠨ ᠾᠧ ᠶᠢᠨ ᠶᠢᠨ ᠱᠠ ᠬᠥᠭᠵᠢᠯᠲᠡ ᠶᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ ᠶᠡᠷᠦᠩᠬᠡᠢ ᠢᠨᠵᠧᠨᠧᠷ ᠸᠠᠩ ᠳ᠋ᠦᠩ ᠬᠤᠤ ᠲᠠᠨᠢᠯᠴᠠᠭᠤᠯᠪᠠ᠃  ᠠᠳᠠᠯᠢᠬᠠᠨ ᠬᠠᠲᠤᠨ ᠭᠤᠣᠯ ᠤᠨ ᠰᠠᠪᠠ ᠭᠠᠵᠠᠷ ᠲᠤ ᠪᠠᠶᠢᠷᠢᠯᠠᠵᠤ ᠪᠠᠶᠢᠭ᠎ᠠ ᠪᠠᠶᠠᠨᠮᠥ᠋ᠷᠡᠨ ᠰᠤᠮᠤ ᠳᠤ᠂ ᠨᠢᠳᠤᠨᠤᠨ 3000 ᠮᠦ ᠪᠣᠬᠢᠷᠲᠤᠯ ᠦᠭᠡᠢ ᠰᠡᠷᠭᠡᠶᠢᠯᠡᠨ ᠡᠵᠡᠮᠳᠡᠬᠦ ᠵᠢᠱᠢᠶ᠎ᠡ ᠦᠵᠡᠭᠦᠯᠬᠦ ᠲᠥᠷᠥᠯ ᠵᠦᠢᠯ ᠢ ᠬᠡᠷᠡᠭᠵᠢᠭᠦᠯᠵᠦ᠂ ᠡᠮ ᠢ ᠬᠢᠵᠠᠭᠠᠷᠯᠠᠨ ᠬᠤᠣᠷ ᠬᠥᠨᠥᠭᠡᠯ ᠢ ᠪᠠᠭᠠᠰᠬᠠᠬᠤ᠂ ᠪᠣᠷᠳᠣᠭᠤᠷ ᠢ ᠬᠢᠵᠠᠭᠠᠷᠯᠠᠨ ᠦᠷ᠎ᠡ ᠠᠰᠢᠭ ᠢ ᠨᠡᠮᠡᠭᠳᠡᠭᠦᠯᠬᠦ᠂ ᠤᠰᠤ ᠶᠢ ᠬᠢᠵᠠᠭᠠᠷᠯᠠᠨ ᠬᠤᠷᠣᠭᠳᠠᠯ ᠢ ᠪᠠᠭᠠᠰᠬᠠᠬᠤ ᠪᠠ ᠪᠦᠷᠬᠦᠪᠴᠢ ᠶᠢ ᠬᠢᠵᠠᠭᠠᠷᠯᠠᠨ ᠦᠷ᠎ᠡ ᠪᠦᠲᠦᠮᠵᠢ ᠶᠢ ᠳᠡᠭᠡᠭᠰᠢᠯᠡᠭᠦᠯᠬᠦ ︽ᠲᠦᠷᠪᠡ ᠶᠢ ᠬᠢᠵᠠᠭᠠᠷᠯᠠᠬᠤ︾ ᠠᠵᠢᠯᠯᠠᠭ᠎ᠠ ᠪᠠᠷ ᠳᠠᠮᠵᠢᠭᠤᠯᠤᠨ᠂ ᠲᠠᠷᠢᠶᠠᠯᠠᠩ ᠤᠨ ᠦᠢᠯᠡᠳᠪᠦᠷᠢᠯᠡᠯ ᠤᠨ ᠪᠣᠬᠢᠷᠲᠤᠯ ᠦᠭᠡᠢ ᠬᠡᠯᠪᠡᠷᠢ ᠶᠢ ᠬᠤᠪᠢᠷᠠᠭᠤᠯᠬᠤ ᠶᠢ ᠰᠦᠪᠡᠭᠴᠢᠯᠡᠵᠦ᠂ ᠬᠠᠳᠤᠨ ᠭᠤᠣᠯ ᠤᠨ ᠰᠠᠪᠠ ᠭᠠᠵᠠᠷ ᠤᠨ ᠠᠮᠢ ᠠᠬᠤᠢ ᠶᠢᠨ ᠣᠷᠴᠢᠨ ᠲᠣᠭᠤᠷᠢᠨ ᠢ ᠬᠠᠮᠠᠭᠠᠯᠠᠪᠠ᠃  ︽ᠮᠠᠨ ᠤ ᠬᠡᠷᠡᠭᠯᠡᠵᠦ ᠪᠠᠶᠢᠭ᠎ᠠ ᠲᠠᠷᠢᠶᠠᠨ ᠡᠮ᠂ ᠬᠢᠮᠢ ᠶᠢᠨ ᠪᠣᠷᠳᠣᠭᠤᠷ ᠪᠠᠭ᠎ᠠ ᠪᠣᠯᠤᠭᠰᠠᠨ ᠪᠣᠯᠪᠠᠴᠤ ᠲᠠᠷᠢᠶ᠎ᠠ ᠮᠠᠰᠢ ᠰᠠᠶᠢᠨ ᠤᠷᠭᠤᠵᠤ᠂ ᠨᠢᠳᠤᠨᠤᠨ ᠤ ᠬᠤᠷᠢᠶᠠᠯᠲᠠ ᠥᠩᠭᠡᠷᠡᠭᠰᠡᠨ ᠵᠢᠯ ᠤᠳ ᠠᠴᠠ 20% ᠪᠠᠷ ᠨᠡᠮᠡᠭᠳᠡᠪᠡ︾᠃ ᠪᠠᠶᠠᠨᠮᠥ᠋ᠷᠡᠨ ᠰᠤᠮᠤ ᠶᠢᠨ ᠰᠠᠭᠤᠭᠠᠯᠢ ᠠᠷᠠᠳ ᠯᠢᠦ ᠵᠢᠶᠠᠨ ᠰᠢᠩ ᠬᠡᠯᠡᠬᠦ ᠳᠡᠭᠡᠨ᠂ ︽ᠠᠮᠢ ᠠᠬᠤᠶ ᠣᠷᠴᠢᠨ ᠲᠣᠭᠤᠷᠢᠨ ᠰᠠᠶᠢᠵᠢᠷᠠᠵᠤ᠂ ᠣᠷᠣᠯᠭ᠎ᠠ ᠴᠦ ᠨᠡᠮᠡᠭᠳᠡᠵᠦ᠂ ᠠᠮᠢᠳᠤᠷᠠᠯ ᠶᠠᠪᠤᠬᠤ ᠲᠤᠲᠤᠮ ᠰᠠᠶᠢᠵᠢᠷᠠᠵᠤ ᠪᠠᠶᠢᠨ᠎ᠠ︾ ᠭᠡᠵᠡᠶ᠃    ︽ᠰᠢᠨᠬᠤᠸᠠ ᠬᠤᠷᠢᠶ᠎ᠡ︾ ᠠᠴᠠ ᠰᠢᠯᠵᠢᠭᠦᠯᠪᠡ 
 
ᠢᠷᠡᠯᠲᠡ᠄ ᠰᠢᠨᠬᠤᠸᠠ ᠬᠤᠷᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号