ᠲᠥᠷᠥ ᠶᠢᠨ ᠶᠠᠪᠤᠳᠠᠯ ᠤᠨ ᠬᠤᠷᠢᠶᠠᠨ ᠤ ᠰᠣᠨᠢᠨ ᠮᠡᠳᠡᠭᠡᠨ ᠤ ᠠᠯᠪᠠᠨ ᠬᠡᠷ 2024 ᠣᠨ ᠤ 3 ᠳ᠋ᠤᠭᠠᠷ | ᠰᠠᠷ᠎ᠠ ᠶᠢᠨ 28 ᠤ ᠡᠳᠦᠷ ︵ᠭᠠᠷᠠᠭ ᠤᠨ ᠳᠥᠷᠪᠡᠨ︶ ᠤᠨ ᠦᠳᠡ ᠶᠢᠨ ᠬᠤᠶᠢᠨᠠᠬᠢ 3 ᠴᠠᠭ ᠲᠤ ᠲᠥᠷᠥ ᠶᠢᠨ | ᠶᠠᠪᠤᠳᠠᠯ ᠤᠨ ᠬᠤᠷᠢᠶᠠᠨ ᠤ ᠲᠥᠷᠥ ᠶᠢᠨ ᠪᠣᠳᠣᠯᠭ᠎ᠠ ᠶᠢᠨ ᠵᠤᠷᠰᠢᠯᠲᠤ ᠪᠠᠶᠢᠳᠠᠯ ᠢ ᠮᠡᠳᠡᠭᠳᠡᠬᠦ ᠬᠤᠷᠠᠯ | ᠬᠤᠷᠠᠯᠳᠤᠭᠤᠯᠵᠤ᠂ ᠤᠰᠤᠨ ᠠᠰᠢᠭᠯᠠᠯᠲᠠ ᠶᠢᠨ ᠶᠠᠮᠤᠨ ᠤ ᠳᠡᠳ᠋ ᠰᠠᠶᠢᠳ ᠯᠢ ᠯᠢᠶᠠᠩ ᠱᠧᠩ ᠪᠣᠯᠤᠨ ᠤᠯᠤᠰ ᠤᠨ | ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠤᠨ ᠡᠬᠢ ᠪᠠᠶᠠᠯᠢᠭ ᠢ ᠠᠷᠪᠢᠯᠠᠬᠤ ᠪᠠ ᠣᠷᠴᠢᠨ ᠲᠣᠭᠤᠷᠢᠨ ᠢ | ᠬᠠᠮᠠᠭᠠᠯᠠᠬᠤ ᠵᠤᠷᠭᠠᠨ ᠤ ᠬᠠᠷᠢᠭᠤᠴᠠᠯᠭᠠᠲᠠᠨ ᠨᠢᠤ ᠪᠥᠸᠧ᠂ ᠬᠠᠤᠯᠢ ᠴᠠᠭᠠᠵᠠ ᠶᠢᠨ ᠶᠠᠮᠤᠨ ᠤ ᠬᠠᠤᠯᠢ ᠲᠣᠭᠲᠠᠭᠠᠬᠤ | ᠳᠥᠷᠪᠡᠳᠦᠭᠡᠷ ᠲᠣᠪᠴᠢᠶ᠎ᠠ ᠶᠢᠨ ᠳᠠᠷᠤᠭ᠎ᠠ ᠵᠠᠩ ᠶᠤᠤ ᠪᠥᠸᠧ᠂ ᠣᠷᠣᠨ ᠰᠠᠭᠤᠴᠠ ᠪᠠ ᠬᠤᠲᠠ ᠬᠥᠳᠡᠭᠡ ᠶᠢᠨ | ᠪᠥᠲᠥᠭᠡᠨ ᠪᠠᠶᠢᠭᠤᠯᠤᠯᠲᠠ ᠶᠢᠨ ᠶᠠᠮᠤᠨ ᠤ ᠬᠤᠲᠠ ᠶᠢᠨ ᠪᠥᠲᠥᠭᠡᠨ ᠪᠠᠶᠢᠭᠤᠯᠤᠯᠲᠠ ᠶᠢᠨ ᠵᠤᠷᠭᠠᠨ ᠤ ᠳᠠᠷᠤᠭ᠎ᠠ ᠬᠤ᠋ | ᠽᠢ ᠵᠢᠶᠠᠨ᠂ ᠤᠰᠤᠨ ᠠᠰᠢᠭᠯᠠᠯᠲᠠ ᠶᠢᠨ ᠶᠠᠮᠤᠨ ᠤ ᠲᠥᠷᠥ ᠶᠢᠨ ᠪᠣᠳᠣᠯᠭ᠎ᠠ ᠬᠠᠤᠯᠢ ᠲᠣᠭᠲᠠᠭᠠᠯ ᠤᠨ ᠵᠤᠷᠭᠠᠨ ᠤ | ᠳᠠᠷᠤᠭ᠎ᠠ ᠴᠧᠨ ᠳ᠋ᠡ ᠶᠦᠩ ︽ᠤᠰᠤ ᠶᠢ ᠠᠷᠪᠢᠯᠠᠨ ᠬᠡᠷᠡᠭᠯᠡᠬᠦ ᠲᠦᠷᠢᠮ︾ ᠤᠨ ᠬᠤᠯᠪᠣᠭᠳᠠᠯ ᠪᠥᠬᠦᠶ ᠪᠠᠶᠢᠳᠠᠯ ᠢ | ᠲᠠᠨᠢᠯᠴᠠᠭᠤᠯᠬᠤ ᠶᠢᠨ ᠬᠠᠮᠲᠤ ᠰᠤᠷᠪᠤᠯᠵᠢᠯᠠᠭᠴᠢ ᠶᠢᠨ ᠠᠰᠠᠭᠤᠯᠲᠠ ᠶᠢ ᠬᠠᠷᠢᠭᠤᠯᠪᠠ᠃ | | | | | | | | | ᠰᠢᠩ ᠾᠦᠢ ᠨᠠ | | | ᠲᠥᠷᠥ ᠶᠢᠨ ᠶᠠᠪᠤᠳᠠᠯ ᠤᠨ ᠬᠤᠷᠢᠶᠠᠨ ᠤ ᠰᠣᠨᠢᠨ ᠮᠡᠳᠡᠭᠡᠨ ᠤ ᠠᠯᠪᠠᠨ ᠭᠡᠷ ᠤᠨ ᠰᠣᠨᠢᠨ ᠮᠡᠳᠡᠭᠡᠨ ᠤ | ᠲᠣᠪᠴᠢᠶᠠᠨ ᠤ ᠳᠡᠳ᠋ ᠳᠠᠷᠤᠭ᠎ᠠ᠂ ᠰᠣᠨᠢᠨ ᠮᠡᠳᠡᠭᠡᠨ ᠤ ᠥᠭᠦᠯᠡᠭᠴᠢ ᠰᠢᠩ ᠾᠦᠢ ᠨᠠ᠄ | ᠠᠪᠠᠭ᠋ᠠᠢ ᠨᠠᠷ᠂ ᠠᠪᠤᠭᠠᠢ ᠨᠠᠷ ᠡ᠂ ᠤᠯᠠᠨ ᠢᠶᠠᠷ ᠢᠶᠠᠨ ᠰᠠᠶᠢᠨ ᠪᠠᠶᠢᠨᠤ︕ ᠲᠥᠷᠥ ᠶᠢᠨ ᠶᠠᠪᠤᠳᠠᠯ ᠤᠨ | ᠬᠤᠷᠢᠶᠠᠨ ᠤ ᠲᠥᠷᠥ ᠶᠢᠨ ᠪᠣᠳᠣᠯᠭ᠎ᠠ ᠶᠢᠨ ᠵᠤᠷᠰᠢᠯ ᠢᠶᠠᠷ ᠰᠣᠨᠢᠨ ᠮᠡᠳᠡᠭᠡ ᠨᠡᠶᠢᠲᠡᠯᠡᠬᠦ ᠬᠤᠷᠠᠯ ᠳᠤ ᠣᠷᠣᠯᠴᠠᠬᠤ ᠶᠢ | ᠪᠠᠶᠠᠷᠯᠠᠨ ᠤᠭᠲᠤᠨ᠎ᠠ᠃ ᠣᠶᠢᠷ᠎ᠠ ᠳᠤ᠂ ︽ᠤᠰᠤ ᠶᠢ ᠠᠷᠪᠢᠯᠠᠨ ᠭᠠᠮᠨᠠᠬᠤ ᠲᠦᠷᠢᠮ︾ ᠢ ᠨᠢᠭᠡᠨᠲᠡ ᠢᠯᠡ ᠪᠠᠷ | ᠨᠡᠶᠢᠲᠡᠯᠡᠵᠦ᠂ ᠣᠯᠠᠨ ᠢ ᠬᠠᠪᠰᠤᠷᠤᠨ ᠬᠤᠯᠪᠣᠭᠳᠠᠯ ᠪᠥᠬᠦᠶ ᠪᠠᠶᠢᠳᠠᠯ ᠢ ᠨᠠᠩ ᠰᠠᠶᠢᠲᠤᠷ ᠣᠶᠢᠯᠠᠭᠠᠭᠤᠯᠬᠤ ᠶᠢᠨ | ᠲᠥᠯᠥᠭᠡ᠂ ᠪᠢᠳᠡ ᠤᠰᠤᠨ ᠠᠰᠢᠭᠯᠠᠯᠲᠠ ᠶᠢᠨ ᠶᠠᠮᠤᠨ ᠤ ᠳᠡᠳ᠋ ᠰᠠᠶᠢᠳ ᠯᠢ ᠯᠢᠶᠠᠩ ᠱᠧᠩ ᠠᠪᠤᠭᠠᠶ ᠶᠢ ᠤᠷᠢᠵᠤ᠂ | ᠲᠡᠭᠦᠨ ᠢ ᠣᠯᠠᠨ ᠳᠤ ︽ᠲᠦᠷᠢᠮ︾ ᠤᠨ ᠬᠤᠯᠪᠣᠭᠳᠠᠯ ᠪᠥᠬᠦᠶ ᠪᠠᠶᠢᠳᠠᠯ ᠢ ᠲᠠᠨᠢᠯᠴᠠᠭᠤᠯᠬᠤ ᠶᠢᠨ ᠬᠠᠮᠲᠤ ᠣᠯᠠᠨ ᠤ | ᠠᠩᠬᠠᠷᠴᠤ ᠪᠠᠶᠢᠭ᠎ᠠ ᠠᠰᠠᠭᠤᠯᠲᠠ ᠶᠢ ᠬᠠᠷᠢᠭᠤᠯᠵᠠᠶ᠃ ᠥᠨᠥᠳᠦᠷ ᠤᠨ ᠪᠠᠶᠢᠳᠠᠯ ᠢ ᠮᠡᠳᠡᠭᠳᠡᠬᠦ ᠬᠤᠷᠠᠯ ᠳᠤ ᠪᠠᠰᠠ | ᠤᠯᠤᠰ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠤᠨ ᠡᠬᠢ ᠪᠠᠶᠠᠯᠢᠭ ᠢ ᠠᠷᠪᠢᠯᠠᠬᠤ ᠪᠠ ᠣᠷᠴᠢᠨ | ᠲᠣᠭᠤᠷᠢᠨ ᠢ ᠬᠠᠮᠠᠭᠠᠯᠠᠬᠤ ᠵᠤᠷᠭᠠᠨ ᠤ ᠬᠠᠷᠢᠭᠤᠴᠠᠯᠭᠠᠲᠠᠨ ᠨᠢᠦ ᠪᠥᠸᠧ ᠠᠪᠤᠭᠠᠶ᠂ ᠬᠠᠤᠯᠢ ᠴᠠᠭᠠᠵᠠ ᠶᠢᠨ ᠶᠠᠮᠤᠨ ᠤ | ᠬᠠᠤᠯᠢ ᠲᠣᠭᠲᠠᠭᠠᠬᠤ ᠳᠥᠷᠪᠡᠳᠦᠭᠡᠷ ᠲᠣᠪᠴᠢᠶ᠎ᠠ ᠶᠢᠨ ᠳᠠᠷᠤᠭ᠎ᠠ ᠵᠠᠩ ᠶᠤᠤ ᠪᠥᠸᠧ ᠠᠪᠤᠭᠠᠶ᠂ ᠣᠷᠣᠨ ᠰᠠᠭᠤᠴᠠ | ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠶᠠᠮᠤᠨ ᠤ ᠬᠤᠲᠠ ᠶᠢᠨ ᠪᠥᠲᠥᠭᠡᠨ ᠪᠠᠶᠢᠭᠤᠯᠤᠯᠲᠠ ᠶᠢᠨ | ᠵᠤᠷᠭᠠᠨ ᠤ ᠳᠠᠷᠤᠭ᠎ᠠ ᠬᠤ᠋ ᠽᠢ ᠵᠢᠶᠠᠨ ᠠᠪᠤᠭᠠᠶ᠂ ᠤᠰᠤᠨ ᠠᠰᠢᠭᠯᠠᠯᠲᠠ ᠶᠢᠨ ᠶᠠᠮᠤᠨ ᠤ ᠲᠥᠷᠥ ᠶᠢᠨ ᠪᠣᠳᠣᠯᠭ᠎ᠠ | ᠬᠠᠤᠯᠢ ᠲᠣᠭᠲᠠᠭᠠᠯ ᠤᠨ ᠵᠤᠷᠭᠠᠨ ᠤ ᠳᠠᠷᠤᠭ᠎ᠠ ᠴᠧᠨ ᠳ᠋ᠡ ᠶᠦᠩ ᠠᠪᠤᠭᠠᠶ ᠪᠠᠶᠢᠨ᠎ᠠ᠃ | ᠣᠳᠣ᠂ ᠤᠷᠢᠳᠠᠪᠠᠷ ᠯᠢ ᠯᠢᠶᠠᠩ ᠱᠧᠩ ᠠᠪᠤᠭᠠᠢ ᠶᠢ ᠲᠠᠨᠢᠯᠴᠠᠭᠤᠯᠤᠶ᠎ᠠ᠃ | | | | | ᠯᠢ ᠯᠢᠶᠠᠩ ᠱᠧᠩ | | | ᠤᠰᠤᠨ ᠠᠰᠢᠭᠯᠠᠯᠲᠠ ᠶᠢᠨ ᠶᠠᠮᠤᠨ ᠤ ᠳᠡᠳ᠋ ᠰᠠᠶᠢᠳ ᠯᠢ ᠯᠢᠶᠠᠩ ᠱᠧᠩ᠄ | ᠠᠪᠠᠭ᠋ᠠᠢ ᠨᠠᠷ᠂ ᠠᠪᠤᠭᠠᠢ ᠨᠠᠷ᠂ ᠰᠤᠷᠪᠤᠯᠵᠢᠯᠠᠭᠴᠢ ᠨᠠᠶᠢᠵᠠ ᠨᠠᠷ ᠡ᠂ ᠤᠯᠠᠨ ᠢᠶᠠᠷ ᠢᠶᠠᠨ ᠰᠠᠶᠢᠨ ᠪᠠᠶᠢᠨᠤ︕ | ᠤᠯᠠᠨ ᠢᠶᠠᠷ ᠢᠶᠠᠨ ᠤᠷᠳᠤ ᠬᠤᠭᠤᠴᠠᠭᠠᠨ ᠤ ᠲᠤᠷᠰᠢ ᠤᠰᠤᠨ ᠠᠰᠢᠭᠯᠠᠯᠲᠠ ᠶᠢᠨ ᠠᠵᠢᠯ ᠪᠣᠯᠤᠨ ᠤᠰᠤ ᠠᠷᠪᠢᠯᠠᠬᠤ | ᠠᠵᠢᠯ ᠢ ᠬᠠᠯᠠᠮᠵᠢᠯᠠᠨ ᠳᠡᠮᠵᠢᠭᠰᠡᠨ ᠳᠤ ᠴᠢᠩ ᠰᠡᠳᠬᠢᠯ ᠠᠴᠠ ᠪᠠᠨ ᠲᠠᠯᠠᠷᠬᠠᠵᠤ ᠪᠠᠶᠢᠨ᠎ᠠ᠃ | ᠤᠰᠤ ᠪᠣᠯ ᠤᠯᠤᠰ ᠤᠨ ᠠᠵᠤ ᠠᠬᠤᠶ ᠠᠷᠠᠳ ᠤᠨ ᠠᠮᠢᠳᠤᠷᠠᠯ ᠳᠤ ᠬᠤᠯᠪᠣᠭᠳᠠᠬᠤ ᠰᠠᠭᠤᠷᠢ ᠴᠢᠨᠠᠷᠲᠠᠶ | ᠪᠠᠶᠢᠭᠠᠯᠢ ᠶᠢᠨ ᠡᠬᠢ ᠪᠠᠶᠠᠯᠢᠭ ᠪᠠ ᠪᠠᠶᠢᠯᠳᠤᠬᠤ ᠪᠣᠳᠣᠯᠭ᠎ᠠ ᠶᠢᠨ ᠴᠢᠨᠠᠷᠲᠠᠶ ᠠᠵᠤ ᠠᠬᠤᠶ ᠶᠢᠨ ᠡᠬᠢ ᠪᠠᠶᠠᠯᠢᠭ ᠮᠥᠨ᠃ | ᠬᠥᠮᠦᠨ ᠣᠯᠠᠨ ᠤᠰᠤ ᠪᠠᠭ᠎ᠠ᠂ ᠤᠰᠤᠨ ᠤ ᠡᠬᠢ ᠪᠠᠶᠠᠯᠢᠭ ᠤᠨ ᠬᠤᠭᠤᠴᠠᠭ᠎ᠠ ᠣᠷᠣᠨ ᠵᠠᠢ ᠶᠢᠨ ᠲᠠᠷᠬᠠᠯᠲᠠ ᠨᠢ | ᠪᠦᠷ ᠮᠠᠨ ᠤ ᠤᠯᠤᠰ ᠤᠨ ᠦᠨᠳᠦᠰᠦᠨ ᠤᠰᠤᠨ ᠤ ᠪᠠᠶᠢᠳᠠᠯ ᠪᠤᠯᠤᠨ᠎ᠠ᠃ ᠮᠠᠨ ᠤ ᠤᠯᠤᠰ ᠤᠨ ᠤᠰᠤᠨ ᠤ ᠡᠬᠢ | ᠪᠠᠶᠠᠯᠢᠭ ᠤᠨ ᠶᠡᠷᠦᠩᠬᠡᠶ ᠬᠡᠮᠵᠢᠶ᠎ᠡ ᠬᠡᠳᠦ᠋ᠢᠪᠡᠷ ᠳᠡᠯᠡᠬᠡᠶ ᠶᠢᠨ ᠵᠢᠷᠭᠤᠳᠤᠭᠠᠷ ᠲᠤ ᠣᠷᠣᠵᠤ ᠪᠠᠶᠢᠭ᠎ᠠ ᠪᠣᠯᠪᠠᠴᠤ ᠬᠥᠮᠦᠨ | ᠪᠦᠷᠢ ᠶᠢᠨ ᠳᠤᠮᠳᠠᠴᠢ ᠤᠰᠤᠨ ᠤ ᠡᠬᠢ ᠪᠠᠶᠠᠯᠢᠭ ᠤᠨ ᠬᠡᠮᠵᠢᠶ᠎ᠡ ᠵᠥᠪᠬᠡᠨ ᠳᠡᠯᠡᠬᠡᠶ ᠶᠢᠨ ᠳᠤᠮᠳᠠᠴᠢ ᠬᠢᠷᠢ ᠬᠡᠮᠵᠢᠶᠡᠨ ᠤ | 35% ᠳᠤ ᠬᠦᠷᠴᠦ᠂ ᠪᠦᠬᠦ ᠤᠯᠤᠰ ᠤᠨ ᠪᠠᠷᠤᠭ ᠭᠤᠷᠪᠠᠨ ᠤ ᠬᠤᠶᠠᠷ ᠬᠤᠪᠢ ᠶᠢᠨ ᠬᠤᠲᠠ ᠳᠤ ᠠᠳᠠᠯᠢ ᠪᠤᠰᠤ | ᠬᠡᠮᠵᠢᠶ᠎ᠡ ᠪᠠᠷ ᠤᠰᠤ ᠳᠤᠲᠠᠭᠳᠠᠵᠤ ᠪᠠᠶᠢᠨ᠎ᠠ᠃ ᠤᠰᠤᠨ ᠤ ᠡᠬᠢ ᠪᠠᠶᠠᠯᠢᠭ ᠳᠤᠲᠠᠭᠳᠠᠬᠤ ᠠᠰᠠᠭᠤᠳᠠᠯ ᠢ | ᠰᠢᠢᠳᠪᠦᠷᠢᠯᠡᠬᠦ ᠳᠤ ᠤᠰᠤ ᠠᠷᠪᠢᠯᠠᠬᠤ ᠪᠣᠯ ᠦᠨᠳᠦᠰᠦᠨ ᠭᠠᠷᠬᠤ ᠵᠠᠮ ᠮᠥᠨ᠃ | ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠤᠰᠤ ᠠᠷᠪᠢᠯᠠᠬᠤ ᠠᠵᠢᠯ ᠢ ᠳᠡᠭᠡᠳᠦ | ᠬᠡᠮᠵᠢᠶ᠎ᠡ ᠪᠠᠷ ᠴᠢᠬᠤᠯᠠᠴᠢᠯᠠᠨ ᠦᠵᠡᠵᠦ ᠪᠤᠢ᠃ ᠶᠡᠷᠦᠩᠬᠡᠶ ᠱᠦᠵᠢ ᠰᠢ ᠶᠢᠨ ᠫᠢᠩ ᠡᠭᠦᠳᠦᠯᠲᠡ ᠶᠢᠨ ᠴᠢᠨᠠᠷᠲᠠᠶ ᠪᠠᠷ | ︽ᠤᠰᠤ ᠠᠷᠪᠢᠯᠠᠬᠤ ᠶᠢ ᠲᠡᠷᠢᠭᠦᠨ ᠳᠤ ᠲᠠᠯᠪᠢᠬᠤ᠂ ᠣᠷᠣᠨ ᠵᠠᠶ ᠶᠢ ᠲᠡᠩᠴᠡᠭᠦᠷᠢᠲᠡᠶ ᠪᠠᠶᠢᠯᠭᠠᠬᠤ᠂ ᠰᠢᠰᠲ᠋ᠧᠮ ᠲᠠᠢ | ᠵᠠᠰᠠᠬᠤ᠂ ᠬᠤᠶᠠᠷ ᠲᠠᠯ᠎ᠠ ᠪᠠᠷ ᠬᠦᠴᠦᠯᠡᠬᠦ︾ ᠤᠰᠤ ᠵᠠᠰᠠᠬᠤ ᠰᠡᠳᠬᠢᠮᠵᠢ ᠶᠢ ᠳᠤᠷᠠᠳᠤᠨ ᠭᠠᠷᠭᠠᠵᠤ᠂ ᠤᠰᠤ | ᠠᠷᠪᠢᠯᠠᠬᠤ ᠶᠢ ᠡᠩ ᠲᠡᠷᠢᠭᠦᠨ ᠪᠠᠶᠢᠷᠢᠨ ᠳᠤ ᠲᠠᠯᠪᠢᠪᠠ᠃ ᠶᠡᠷᠦᠩᠬᠡᠢ ᠱᠦᠵᠢ ᠰᠢ ᠶᠢᠨ ᠫᠢᠩ ᠵᠢᠭᠠᠵᠤ | ᠭᠠᠷᠭᠠᠬᠤ ᠳᠤ ᠪᠠᠨ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢ ᠠᠬᠢᠭᠤᠯᠬᠤ ᠳᠤ ᠤᠰᠤᠨ ᠤ ᠡᠬᠢ | ᠪᠠᠶᠠᠯᠢᠭ ᠤᠨ ᠠᠰᠠᠭᠤᠳᠠᠯ ᠢ ᠪᠣᠳᠣᠯᠬᠢᠯᠠᠨ ᠣᠷᠣᠭᠤᠯᠬᠤ ᠬᠡᠷᠡᠭᠲᠡᠢ︔ ᠦᠵᠡᠯᠲᠡ᠂ ᠤᠬᠠᠮᠰᠠᠷ᠂ ᠠᠷᠭ᠎ᠠ ᠬᠡᠮᠵᠢᠶ᠎ᠡ | ᠵᠡᠷᠭᠡ ᠡᠯ᠎ᠡ ᠲᠠᠯ᠎ᠠ ᠠᠴᠠ ᠴᠥᠮ ᠤᠰᠤ ᠠᠷᠪᠢᠯᠠᠬᠤ ᠶᠢ ᠲᠡᠷᠢᠭᠦᠨ ᠪᠠᠶᠢᠷᠢᠨ ᠳᠤ ᠲᠠᠯᠪᠢᠬᠤ ᠬᠡᠷᠡᠭᠲᠡᠢ︔ ᠤᠰᠤ ᠪᠠᠷ | ᠬᠤᠲᠠ ᠶᠢ ᠲᠣᠭᠲᠠᠭᠠᠬᠤ᠂ ᠤᠰᠤ ᠪᠠᠷ ᠭᠠᠵᠠᠷ ᠢ ᠲᠣᠭᠲᠠᠭᠠᠬᠤ᠂ ᠤᠰᠤ ᠪᠠᠷ ᠭᠠᠷᠤᠯᠲᠠ ᠶᠢ ᠲᠣᠭᠲᠠᠭᠠᠬᠤ ᠶᠢ | ᠪᠠᠷᠢᠮᠲᠠᠯᠠᠵᠤ᠂ ᠤᠰᠤᠨ ᠤ ᠡᠬᠢ ᠪᠠᠶᠠᠯᠢᠭ ᠢ ᠬᠠᠮᠤᠭ ᠤᠨ ᠶᠡᠭᠡ ᠬᠠᠲᠠᠭᠤ ᠬᠢᠵᠠᠭᠠᠷᠯᠠᠯ ᠪᠣᠯᠭᠠᠵᠤ᠂ ᠬᠥᠮᠥᠨ ᠠᠮᠠ᠂ | ᠬᠤᠲᠠ ᠪᠠ ᠠᠵᠤ ᠦᠢᠯᠡᠰ ᠤᠨ ᠬᠥᠭᠵᠢᠯᠲᠡ ᠶᠢ ᠵᠦᠢ ᠵᠣᠬᠢᠰᠲᠠᠢ ᠲᠥᠯᠥᠪᠵᠢᠭᠦᠯᠵᠦ᠂ ᠵᠦᠢ ᠵᠣᠬᠢᠰ ᠦᠭᠡᠢ ᠤᠰᠤ | ᠬᠡᠷᠡᠭᠯᠡᠬᠦ ᠬᠡᠷᠡᠭᠴᠡᠭᠡ ᠶᠢ ᠡᠷᠡᠰ ᠬᠢᠵᠠᠭᠠᠷᠯᠠᠵᠤ᠂ ᠤᠰᠤ ᠠᠷᠪᠢᠯᠠᠬᠤ ᠠᠵᠤ ᠦᠢᠯᠡᠰ ᠪᠠ ᠮᠡᠷᠭᠡᠵᠢᠯ ᠢ ᠶᠡᠭᠡ ᠪᠠᠷ | ᠬᠥᠭᠵᠢᠭᠦᠯᠵᠦ᠂ ᠲᠠᠷᠢᠶᠠᠯᠠᠩ ᠤᠨ ᠤᠰᠤ ᠠᠷᠪᠢᠯᠠᠬᠤ ᠶᠢ ᠶᠡᠭᠡ ᠪᠠᠷ ᠠᠬᠢᠭᠤᠯᠵᠤ᠂ ᠪᠥᠬᠦ ᠨᠡᠶᠢᠭᠡᠮ ᠤᠨ ᠤᠰᠤ | ᠠᠷᠪᠢᠯᠠᠬᠤ ᠠᠵᠢᠯᠯᠠᠭ᠎ᠠ ᠶᠢ ᠬᠡᠷᠡᠭᠵᠢᠭᠦᠯᠵᠦ᠂ ᠤᠰᠤ ᠬᠡᠷᠡᠭᠯᠡᠬᠦ ᠠᠷᠭ᠎ᠠ ᠮᠠᠶ᠋ᠢᠭ ᠢ ᠪᠦᠳᠦᠭᠦᠯᠢᠭ ᠪᠠᠶᠢᠭᠰᠠᠨ ᠠᠴᠠ | ᠠᠷᠪᠢᠲᠠᠢ ᠡᠷᠴᠢᠮᠯᠢᠭ ᠪᠣᠯᠭᠠᠨ ᠬᠤᠪᠢᠷᠠᠭᠤᠯᠬᠤ ᠶᠢ ᠠᠬᠢᠭᠤᠯᠬᠤ ᠬᠡᠷᠡᠭᠲᠡᠢ᠃ | ᠶᠡᠷᠦᠩᠬᠡᠢ ᠱᠦᠵᠢ ᠰᠢ ᠶᠢᠨ ᠫᠢᠩ ᠤᠨ ᠤᠰᠤ ᠶᠢ ᠵᠠᠰᠠᠬᠤ ᠰᠡᠳᠬᠢᠴᠡ ᠶᠢᠨ ᠰᠢᠨᠵᠢᠯᠡᠬᠦ ᠤᠬᠠᠭᠠᠨᠴᠢ | ᠵᠢᠯᠤᠭᠤᠳᠤᠯᠭ᠎ᠠ ᠳᠣᠣᠷ᠎ᠠ᠂ ᠨᠠᠮ ᠤᠨ ᠲᠥᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶᠠᠨ ᠤ ᠰᠢᠢᠳᠪᠦᠷᠢᠲᠦ | ᠪᠤᠳᠤᠯᠭ᠎ᠠ ᠶᠢᠨ ᠪᠠᠶᠢᠷᠢᠯᠠᠭᠤᠯᠤᠯᠲᠠ ᠶᠣᠰᠣᠭᠠᠷ᠂ ᠤᠰᠤᠨ ᠠᠰᠢᠭᠯᠠᠯᠲᠠ ᠶᠢᠨ ᠰᠠᠯᠠᠭ᠎ᠠ ᠮᠥᠴᠢᠷ ᠪᠣᠯᠤᠨ ᠡᠯ᠎ᠡ | ᠬᠤᠯᠪᠣᠭᠳᠠᠯ ᠪᠦᠬᠦᠢ ᠰᠠᠯᠠᠭ᠎ᠠ ᠮᠥᠴᠢᠷ ᠬᠠᠮᠲᠤ ᠪᠠᠷ ᠤᠯᠤᠰ ᠤᠨ ᠤᠰᠤ ᠠᠷᠪᠢᠯᠠᠬᠤ ᠠᠵᠢᠯᠯᠠᠭ᠎ᠠ ᠶᠢ ᠭᠦᠨᠵᠡᠭᠡᠢ | ᠬᠡᠷᠡᠭᠵᠢᠭᠦᠯᠵᠦ᠂ ᠤᠰᠤᠨ ᠤ ᠡᠬᠢ ᠪᠠᠶᠠᠯᠢᠭ ᠤᠨ ᠬᠠᠲᠠᠭᠤ ᠬᠢᠵᠠᠭᠠᠷᠯᠠᠯ ᠢ ᠴᠢᠩᠭᠠᠳᠬᠠᠵᠤ᠂ ᠤᠰᠤ ᠠᠷᠪᠢᠯᠠᠬᠤ | ᠲᠦᠷᠢᠮ ᠤᠨ ᠲᠦᠷᠦ ᠶᠢᠨ ᠪᠤᠳᠤᠯᠭ᠎ᠠ ᠶᠢ ᠪᠠᠶᠢᠭᠤᠯᠤᠨ ᠲᠡᠭᠦᠯᠳᠡᠷᠵᠢᠭᠦᠯᠵᠦ᠂ ᠲᠠᠷᠢᠶᠠᠯᠠᠩ ᠤᠨ ᠤᠰᠤ ᠠᠷᠪᠢᠯᠠᠵᠤ | ᠦᠷ᠎ᠡ ᠠᠰᠢᠭ ᠢ ᠨᠡᠮᠡᠭᠳᠡᠭᠦᠯᠬᠦ᠂ ᠠᠵᠤ ᠦᠢᠯᠡᠳᠪᠦᠷᠢ ᠶᠢᠨ ᠤᠰᠤ ᠠᠷᠪᠢᠯᠠᠵᠤ ᠪᠣᠬᠢᠷᠲᠤᠯ ᠢ ᠪᠠᠭᠠᠰᠬᠠᠬᠤ᠂ ᠬᠤᠳᠠ | ᠪᠠᠯᠭᠠᠰᠤᠨ ᠤ ᠤᠰᠤ ᠠᠷᠪᠢᠯᠠᠵᠤ ᠬᠤᠬᠢᠷᠠᠯ ᠢ ᠪᠠᠭᠠᠰᠬᠠᠬᠤ ᠶᠢ ᠦᠷᠭᠦᠯᠵᠢᠯᠡᠨ ᠠᠬᠢᠭᠤᠯᠵᠤ᠂ ᠤᠰᠤ ᠬᠡᠷᠡᠭᠯᠡᠬᠦ ᠦᠷ᠎ᠡ | ᠪᠦᠲᠦᠮᠵᠢ ᠶᠢ ᠶᠡᠭᠡ ᠪᠠᠷ ᠳᠡᠭᠡᠭᠰᠢᠯᠡᠭᠦᠯᠪᠡ᠃ 2014 ᠣᠨ ᠲᠠᠢ ᠬᠠᠷᠢᠴᠠᠭᠤᠯᠪᠠᠯ᠂ 2023 ᠣᠨ ᠳᠤ᠂ ᠮᠠᠨ ᠤ | ᠤᠯᠤᠰ ᠤᠨ ᠤᠯᠤᠰ ᠤᠨ ᠳᠣᠲᠣᠭᠠᠳᠤ ᠶᠢᠨ ᠦᠢᠯᠡᠳᠪᠦᠷᠢᠯᠡᠯ ᠤᠨ ᠶᠡᠷᠦᠩᠬᠡᠶ ᠥᠷᠲᠡᠭ ᠨᠢᠭᠡ ᠳᠠᠬᠢᠨ ᠰᠢᠬᠠᠮ | ᠨᠡᠮᠡᠭᠳᠡᠭᠰᠡᠨ ᠪᠠᠶᠢᠳᠠᠯ ᠳᠣᠤᠷ᠎ᠠ᠂ ᠤᠰᠤ ᠬᠡᠷᠡᠭᠯᠡᠬᠦ ᠶᠡᠷᠦᠩᠬᠡᠶ ᠬᠡᠮᠵᠢᠶ᠎ᠡ ᠶᠢ ᠶᠡᠷᠦᠩᠬᠡᠶ ᠳᠡᠭᠡᠨ 6100 ᠳ᠋ᠦᠩᠰᠢᠭᠤᠷ | ᠪᠣᠰᠤᠭ᠎ᠠ ᠳᠥᠷᠪᠡᠯᠵᠢᠨ ᠮᠧᠲᠷ ᠤᠨ ᠳᠣᠲᠣᠷ᠎ᠠ ᠲᠣᠭᠲᠠᠪᠤᠷᠢᠵᠢᠭᠤᠯᠵᠤ᠂ ᠲᠦᠮᠡᠨ ᠲᠥᠭᠦᠷᠢᠭ ᠤᠨ ᠤᠯᠤᠰ ᠤᠨ | ᠳᠣᠲᠣᠭᠠᠳᠤ ᠶᠢᠨ ᠦᠢᠯᠡᠳᠪᠦᠷᠢᠯᠡᠯ ᠤᠨ ᠶᠡᠷᠦᠩᠬᠡᠶ ᠥᠷᠲᠡᠭ ᠤᠨ ᠤᠰᠤ ᠬᠡᠷᠡᠭᠯᠡᠬᠦ ᠬᠡᠮᠵᠢᠶ᠎ᠡ᠂ ᠲᠦᠮᠡᠨ | ᠲᠥᠭᠦᠷᠢᠭ ᠤᠨ ᠠᠵᠤ ᠦᠢᠯᠡᠳᠪᠦᠷᠢ ᠶᠢᠨ ᠨᠡᠮᠡᠭᠳᠡᠯ ᠥᠷᠲᠡᠭ ᠤᠨ ᠤᠰᠤ ᠬᠡᠷᠡᠭᠯᠡᠬᠦ ᠬᠡᠮᠵᠢᠶ᠎ᠡ ᠲᠣᠰ ᠲᠣᠰ 41.7%᠂ | 55.1% ᠪᠠᠭᠤᠷᠠᠵᠤ᠂ ᠲᠠᠷᠢᠶᠠᠨ ᠭᠠᠵᠠᠷ ᠤᠨ ᠤᠰᠤᠯᠠᠯᠲᠠ ᠶᠢᠨ ᠤᠰᠤᠨ ᠤ ᠪᠦᠲᠦᠮᠵᠢᠲᠡᠶ ᠠᠰᠢᠭᠯᠠᠯᠲᠠ ᠶᠢᠨ | ᠢᠯᠡᠳᠬᠡᠮᠵᠢ ᠲᠤᠭ᠎ᠠ 0.530 ᠪᠠᠶᠢᠭᠰᠠᠨ ᠠᠴᠠ ᠪᠠᠨ 0.576 ᠳ᠋ᠦᠩᠰᠢᠭᠤᠷ ᠪᠣᠰᠤᠭ᠎ᠠ ᠳᠥᠷᠪᠡᠯᠵᠢᠨ ᠮᠧᠲᠷ | ᠪᠣᠯᠵᠣ᠂ ᠡᠩ ᠤᠨ ᠪᠤᠰᠤ ᠤᠰᠤᠨ ᠠᠰᠢᠭᠯᠠᠯᠲᠠ ᠶᠢᠨ ᠬᠡᠷᠡᠭᠯᠡᠬᠦ ᠬᠡᠮᠵᠢᠶ᠎ᠡ ᠲᠠᠰᠤᠷᠠᠯᠲᠠ ᠥᠬᠡᠶ ᠥᠷᠭᠡᠳᠴᠦ᠂ ᠪᠥᠬᠦ | ᠨᠡᠶᠢᠭᠡᠮ ᠤᠨ ᠤᠰᠤ ᠠᠷᠪᠢᠯᠠᠬᠤ ᠤᠬᠠᠮᠰᠠᠷ ᠲᠠᠰᠤᠷᠠᠯᠲᠠ ᠥᠬᠡᠶ ᠴᠢᠩᠭᠠᠷᠠᠪᠠ᠃ | ᠡᠭᠦᠨ ᠤ ᠬᠠᠮᠲᠤ᠂ ᠮᠠᠨ ᠤ ᠤᠯᠤᠰ ᠤᠨ ᠤᠰᠤᠨ ᠤ ᠡᠬᠢ ᠪᠠᠶᠠᠯᠢᠭ ᠳᠤᠲᠠᠭᠳᠠᠵᠤ ᠪᠠᠶᠢᠭ᠎ᠠ ᠪᠠᠶᠢᠳᠠᠯ ᠮᠥᠨ ᠬᠦ | ᠬᠦᠨᠳᠦ ᠬᠡᠴᠡᠭᠦᠦ ᠪᠠᠶᠢᠵᠤ᠂ ᠤᠰᠤ ᠬᠡᠷᠡᠭᠯᠡᠬᠦ ᠶᠢ ᠪᠦᠳᠦᠭᠦᠯᠢᠭ᠂ ᠪᠦᠷᠢᠯᠭᠡᠵᠦ ᠪᠠᠶᠢᠭ᠎ᠠ ᠠᠰᠠᠭᠤᠳᠠᠯ ᠢ ᠬᠠᠷᠠᠬᠠᠨ | ᠦᠨᠳᠦᠰᠦᠨ ᠠᠴᠠ ᠨᠢ ᠰᠢᠢᠳᠪᠦᠷᠢᠯᠡᠭᠡᠳᠦᠢ ᠪᠠᠶᠢᠵᠤ᠂ ᠤᠰᠤ ᠬᠡᠷᠡᠭᠯᠡᠬᠦ ᠬᠠᠮᠢᠶᠠᠷᠤᠯᠲᠠ ᠶᠢ ᠴᠢᠩᠭᠠᠳᠬᠠᠬᠤ | ᠴᠢᠬᠤᠯᠠᠲᠠᠢ ᠪᠠᠶᠢᠵᠤ᠂ ᠤᠰᠤ ᠠᠷᠪᠢᠯᠠᠬᠤ ᠠᠷᠭ᠎ᠠ ᠬᠡᠮᠵᠢᠶ᠎ᠡ ᠶᠢ ᠲᠡᠭᠦᠯᠳᠡᠷᠵᠢᠭᠦᠯᠬᠦ ᠴᠢᠬᠤᠯᠠᠲᠠᠢ ᠪᠠᠶᠢᠵᠤ᠂ | ᠤᠷᠮᠠᠰᠢᠭᠤᠯᠬᠤ ᠲᠦᠷᠦ ᠶᠢᠨ ᠪᠤᠳᠤᠯᠭ᠎ᠠ ᠶᠢ ᠲᠡᠭᠦᠯᠳᠡᠷᠵᠢᠭᠦᠯᠬᠦ ᠴᠢᠬᠤᠯᠠᠲᠠᠢ ᠪᠠᠶᠢᠵᠤ᠂ ᠬᠢᠨᠠᠯᠲᠠ ᠲᠠᠯᠪᠢᠬᠤ | ᠡᠷᠴᠢᠮ ᠢ ᠮᠥᠨ ᠬᠦ ᠴᠢᠩᠭᠠᠳᠬᠠᠬᠤ ᠴᠢᠬᠤᠯᠠᠲᠠᠢ ᠪᠠᠶᠢᠬᠤ ᠶᠢ ᠣᠯᠵᠤ ᠬᠠᠷᠠᠬᠤ ᠬᠡᠷᠡᠭᠲᠡᠢ᠃ ︽ᠤᠰᠤ ᠶᠢ ᠠᠷᠪᠢᠯᠠᠨ | ᠬᠡᠷᠡᠭᠯᠡᠬᠦ ᠲᠦᠷᠢᠮ︾ ︵ᠳᠣᠷᠣᠭᠰᠢ ︽ᠲᠦᠷᠢᠮ︾ ᠭᠡᠵᠦ ᠲᠣᠪᠴᠢᠯᠠᠨ᠎ᠠ︶ ᠢ ᠲᠣᠭᠲᠠᠭᠠᠬᠤ ᠪᠣᠯ ᠶᠡᠷᠦᠩᠬᠡᠶ ᠱᠦᠵᠢ | ᠰᠢ ᠶᠢᠨ ᠫᠢᠩ ᠤᠨ ᠤᠰᠤ ᠶᠢ ᠵᠠᠰᠠᠬᠤ ᠲᠤᠬᠠᠶ ᠴᠢᠬᠤᠯᠠ ᠥᠭᠦᠯᠡᠯᠲᠡ ᠶᠢᠨ ᠵᠣᠷᠢᠭ ᠰᠠᠨᠠᠭ᠎ᠠ ᠪᠠ ᠨᠠᠮ ᠤᠨ ᠲᠥᠪ | ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶᠠᠨ ᠤ ᠰᠢᠢᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠶᠢ | ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠴᠢᠬᠤᠯᠠ ᠠᠷᠭ᠎ᠠ ᠬᠡᠮᠵᠢᠶ᠎ᠡ ᠮᠥᠨ᠂ ᠤᠰᠤ ᠠᠷᠪᠢᠯᠠᠬᠤ ᠬᠡᠯᠪᠡᠷᠢ ᠶᠢᠨ | ᠨᠡᠶᠢᠭᠡᠮ ᠢ ᠪᠥᠬᠦ ᠲᠠᠯ᠎ᠠ ᠪᠠᠷ ᠪᠥᠲᠥᠭᠡᠨ ᠪᠠᠶᠢᠭᠤᠯᠬᠤ᠂ ᠤᠯᠤᠰ ᠤᠨ ᠤᠰᠤᠨ ᠤ ᠠᠮᠤᠷ ᠲᠦᠪᠰᠢᠨ ᠢ ᠪᠠᠲᠤᠯᠠᠬᠤ᠂ | ᠠᠮᠢ ᠠᠬᠤᠶ ᠶᠢᠨ ᠪᠣᠯᠪᠠᠰᠤᠨ ᠤ ᠪᠠᠶᠢᠭᠤᠯᠤᠯᠲᠠ ᠶᠢ ᠠᠬᠢᠭᠤᠯᠬᠤ᠂ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠬᠤ | ᠪᠤᠰᠤᠳᠴᠢ ᠱᠠᠭᠠᠷᠳᠠᠯᠭ᠎ᠠ ᠮᠥᠨ᠃ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠠᠮᠲᠤ ᠶᠢᠨ ᠴᠢᠷᠮᠠᠶᠢᠯᠭ᠎ᠠ ᠪᠠᠷ᠂ ︽ | ᠳᠦᠷᠢᠮ︾ ᠢ ᠲᠥᠷᠥ ᠶᠢᠨ ᠶᠠᠪᠤᠳᠠᠯ ᠤᠨ ᠬᠤᠷᠢᠶᠠᠨ ᠤ ᠪᠠᠶᠢᠩᠭᠤ ᠶᠢᠨ ᠬᠤᠷᠠᠯ ᠠᠴᠠ ᠬᠢᠨᠠᠨ ᠵᠥᠪᠯᠡᠵᠦ ᠪᠠᠲᠤᠯᠠᠨ᠂ | 3 ᠳ᠋ᠤᠭᠠᠷ ᠰᠠᠷ᠎ᠠ ᠶᠢᠨ 20 ᠤ ᠡᠳᠦᠷ ᠠᠴᠠ ᠵᠢᠩᠬᠢᠨᠢ ᠪᠠᠷ ᠨᠡᠶᠢᠲᠡᠯᠡᠵᠦ᠂ ᠡᠨᠡ ᠵᠢᠯ ᠤᠨ 5 ᠳ᠋ᠤᠭᠠᠷ ᠰᠠᠷ᠎ᠠ ᠶᠢᠨ | 1 ᠤ ᠡᠳᠦᠷ ᠠᠴᠠ ᠡᠬᠢᠯᠡᠵᠦ ᠬᠡᠷᠡᠭᠵᠢᠭᠦᠯᠦᠨ᠎ᠡ᠃ | ︽ᠲᠦᠷᠢᠮ︾ ᠨᠡᠶᠢᠲᠡ ᠵᠢᠷᠭᠤᠭᠠᠨ ᠪᠦᠯᠦᠭ ᠲᠠᠪᠢᠨ ᠬᠤᠶᠠᠷ ᠵᠦᠢᠯ ᠂ ᠭᠤᠤᠯᠳᠠᠭᠤ ᠳᠣᠤᠷᠠᠬᠢ ᠠᠭᠤᠯᠭ᠎ᠠ ᠶᠢ | ᠲᠣᠭᠲᠠᠭᠠᠪᠠ᠄ ᠨᠢᠭᠡ ᠳᠤ᠂ ᠤᠰᠤ ᠠᠷᠪᠢᠯᠠᠬᠤ ᠠᠵᠢᠯ ᠳᠤ ᠳᠤᠮᠳᠠᠳᠤ ᠤᠯᠤᠰ ᠤᠨ ᠡᠪ ᠬᠠᠮᠲᠤ ᠨᠠᠮ ᠤᠨ | ᠤᠳᠤᠷᠢᠳᠤᠯᠭ᠎ᠠ ᠶᠢ ᠪᠠᠷᠢᠮᠲᠠᠯᠠᠵᠤ᠂ ᠬᠥᠭᠵᠢᠯᠲᠡ ᠪᠠ ᠠᠮᠤᠷ ᠲᠦᠪᠰᠢᠨ ᠢ ᠨᠢᠭᠡᠳᠦᠯᠲᠡᠶ ᠲᠥᠯᠥᠪᠯᠡᠨ᠂ ᠤᠰᠤ | ᠠᠷᠪᠢᠯᠠᠬᠤ ᠶᠢ ᠤᠷᠢᠳᠠᠪᠠᠷ ᠬᠡᠷᠡᠭᠵᠢᠭᠦᠯᠬᠦ ᠴᠢᠭᠯᠡᠯᠲᠡ ᠶᠢ ᠪᠠᠷᠢᠮᠲᠠᠯᠠᠨ ᠨᠠᠶᠢᠳᠠᠪᠤᠷᠢᠵᠢᠭᠤᠯᠵᠤ᠂ ᠤᠰᠤᠨ ᠤ ᠡᠬᠢ | ᠪᠠᠶᠠᠯᠢᠭ ᠤᠨ ᠬᠠᠲᠠᠭᠤ ᠬᠢᠵᠠᠭᠠᠷᠯᠠᠯ ᠤᠨ ᠲᠦᠷᠢᠮ ᠢ ᠪᠠᠶᠢᠭᠤᠯᠤᠨ᠂ ᠵᠠᠰᠠᠭ ᠤᠨ ᠣᠷᠳᠣᠨ ᠢᠶᠠᠷ ᠭᠤᠤᠯᠯᠠᠭᠤᠯᠤᠭᠰᠠᠨ᠂ | ᠡᠯ᠎ᠡ ᠲᠠᠯ᠎ᠠ ᠶᠢᠨ ᠬᠢᠨ ᠬᠠᠮᠵᠢᠯᠴᠠᠭᠰᠠᠨ᠂ ᠵᠠᠬ᠎ᠠ ᠳᠡᠯᠭᠡᠭᠦᠷ ᠢᠶᠠᠷ ᠵᠣᠬᠢᠴᠠᠭᠤᠯᠤᠭᠰᠠᠨ᠂ ᠣᠯᠠᠨ ᠨᠡᠶᠢᠲᠡ ᠪᠠᠷ ᠢᠶᠠᠨ | ᠣᠷᠣᠯᠴᠠᠭᠰᠠᠨ ᠤᠰᠤ ᠠᠷᠪᠢᠯᠠᠬᠤ ᠲᠣᠭᠲᠠᠴᠠ ᠶᠢ ᠪᠠᠶᠢᠭᠤᠯᠤᠨ᠎ᠠ᠃ ᠬᠤᠶᠠᠷ ᠲᠤ᠂ ᠤᠰᠤ ᠬᠡᠷᠡᠭᠯᠡᠬᠦ | ᠬᠠᠮᠢᠶᠠᠷᠤᠯᠲᠠ ᠶᠢ ᠴᠢᠩᠭᠠᠳᠬᠠᠪᠠ᠃ ᠤᠰᠤ ᠠᠷᠪᠢᠯᠠᠬᠤ ᠲᠥᠯᠥᠪᠵᠢᠭᠦᠯᠭᠡ ᠶᠢ ᠨᠠᠶᠢᠷᠠᠭᠤᠯᠤᠨ ᠵᠣᠬᠢᠶᠠᠵᠤ᠂ ᠤᠰᠤ | ᠬᠡᠷᠡᠭᠯᠡᠬᠦ ᠲᠣᠭᠲᠠᠭᠰᠠᠨ ᠨᠣᠷᠮ᠎ᠠ ᠶᠢ ᠲᠣᠭᠲᠠᠭᠠᠨ᠂ ᠣᠨ ᠤ ᠤᠰᠤ ᠬᠡᠷᠡᠭᠯᠡᠬᠦ ᠶᠡᠷᠦᠩᠬᠡᠶ ᠬᠡᠮᠵᠢᠶ᠎ᠡ ᠶᠢ | ᠬᠢᠵᠠᠭᠠᠷᠯᠠᠬᠤ ᠶᠢ ᠬᠡᠷᠡᠭᠵᠢᠭᠦᠯᠵᠦ᠂ ᠭᠤᠤᠯᠳᠠᠯᠭ᠎ᠠ ᠲᠠᠢ ᠤᠰᠤ ᠬᠡᠷᠡᠭᠯᠡᠬᠦ ᠨᠢᠭᠡᠴᠢ ᠳᠤ ᠤᠰᠤ ᠶᠢ ᠲᠥᠯᠥᠪᠯᠡᠭᠡᠲᠡᠶ ᠪᠠᠷ | ᠬᠡᠷᠡᠭᠯᠡᠬᠦ ᠬᠠᠮᠢᠶᠠᠷᠤᠯᠲᠠ ᠶᠢᠨ ᠠᠷᠭ᠎ᠠ ᠶᠢ ᠬᠡᠷᠡᠭᠵᠢᠭᠦᠯᠵᠦ᠂ ᠤᠰᠤ ᠬᠡᠷᠡᠭᠯᠡᠬᠦ ᠳᠤ ᠬᠡᠮᠵᠢᠶ᠎ᠡ ᠪᠠᠷ ᠨᠢ ᠪᠣᠳᠣᠵᠤ | ᠰᠦᠢᠳᠬᠡᠯ ᠬᠤᠷᠢᠶᠠᠬᠤ ᠵᠡᠷᠭᠡ ᠶᠢ ᠬᠡᠷᠡᠭᠵᠢᠭᠦᠯᠬᠦ ᠬᠡᠷᠡᠭᠲᠡᠶ᠃ ᠭᠤᠷᠪᠠ ᠳᠤ᠂ ᠤᠰᠤ ᠠᠷᠪᠢᠯᠠᠬᠤ ᠠᠷᠭ᠎ᠠ ᠬᠡᠮᠵᠢᠶ᠎ᠡ ᠶᠢ | ᠲᠡᠭᠦᠯᠳᠡᠷᠵᠢᠭᠦᠯᠦᠨ᠎ᠡ᠃ ᠡᠭᠦᠨ ᠳᠤ ᠤᠰᠤ ᠠᠷᠪᠢᠯᠠᠬᠤ ᠬᠡᠯᠪᠡᠷᠢ ᠶᠢᠨ ᠲᠠᠷᠢᠶᠠᠯᠠᠩ ᠢ ᠢᠳᠡᠪᠬᠢᠲᠡᠶ ᠬᠥᠭᠵᠢᠭᠦᠯᠵᠦ᠂ | ᠤᠰᠤ ᠠᠷᠪᠢᠯᠠᠬᠤ ᠤᠰᠤᠯᠠᠯᠲᠠ ᠶᠢ ᠬᠥᠭᠵᠢᠭᠦᠯᠬᠦ ᠵᠡᠷᠭᠡ ᠶᠢ ᠪᠠᠭᠲᠠᠭᠠᠨ᠎ᠠ︔ ᠠᠵᠤ ᠦᠢᠯᠡᠳᠪᠦᠷᠢ ᠶᠢᠨ ᠠᠵᠤ | ᠠᠬᠤᠶᠢᠯᠠᠯ ᠢ ᠳᠠᠪᠰᠢᠩᠭᠤᠶ᠂ ᠤᠰᠤ ᠠᠷᠪᠢᠯᠠᠬᠤ ᠮᠡᠷᠭᠡᠵᠢᠯ᠂ ᠤᠷ᠎ᠠ ᠮᠡᠷᠭᠡᠰᠢᠯ ᠪᠠ ᠲᠥᠬᠦᠭᠡᠷᠦᠮᠵᠢ ᠶᠢ ᠬᠡᠷᠡᠭᠯᠡᠬᠦ ᠶᠢ | ᠱᠠᠭᠠᠷᠳᠠᠪᠠ︔ ᠤᠰᠤ ᠠᠷᠪᠢᠯᠠᠬᠤ ᠬᠡᠯᠪᠡᠷᠢ ᠶᠢᠨ ᠬᠤᠲᠠ ᠶᠢᠨ ᠪᠦᠲᠦᠭᠡᠨ ᠪᠠᠶᠢᠭᠤᠯᠤᠯᠲᠠ ᠶᠢ ᠠᠬᠢᠭᠤᠯᠤᠨ᠎ᠠ︔ | ᠬᠡᠪ ᠤᠨ ᠪᠤᠰᠤ ᠤᠰᠤ ᠶᠢ ᠤᠰᠤᠨ ᠤ ᠡᠬᠢ ᠪᠠᠶᠠᠯᠢᠭ ᠢ ᠨᠢᠭᠡᠳᠦᠯᠲᠡᠶ ᠲᠣᠬᠢᠷᠠᠭᠤᠯᠬᠤ ᠵᠡᠷᠭᠡ ᠳᠤ ᠣᠷᠣᠭᠤᠯᠤᠨ᠎ᠠ᠃ | ᠲᠦᠷᠪᠡ ᠳᠤ᠂ ᠪᠠᠲᠤᠯᠠᠭ᠎ᠠ ᠪᠠ ᠬᠢᠨᠠᠯᠲᠠ ᠶᠢ ᠴᠢᠩᠭᠠᠳᠬᠠᠪᠠ᠃ ᠡᠭᠦᠨ ᠳᠤ ᠲᠠᠷᠢᠶᠠᠯᠠᠩ ᠤᠨ ᠤᠰᠤ ᠬᠡᠷᠡᠭᠯᠡᠬᠦ ᠳᠤ | ᠨᠠᠷᠢᠯᠢᠭ ᠣᠨᠣᠴᠠᠲᠠᠶ ᠨᠥᠬᠦᠪᠥᠷᠢ ᠥᠭᠬᠦ ᠲᠣᠭᠲᠠᠴᠠ ᠪᠠ ᠤᠰᠤ ᠠᠷᠪᠢᠯᠠᠬᠤ ᠶᠢᠨ ᠱᠠᠩᠨᠠᠯ ᠤᠨ ᠲᠣᠭᠲᠠᠴᠠ ᠶᠢ | ᠪᠦᠷᠢᠨᠰᠢᠭᠦᠯᠬᠦ᠂ ᠮᠥᠩᠭᠦᠨ ᠭᠦᠢᠯᠭᠡᠭᠡᠨ ᠤ ᠪᠠᠶᠢᠭᠤᠯᠤᠮᠵᠢ ᠶᠢᠨ ᠤᠰᠤ ᠠᠷᠪᠢᠯᠠᠬᠤ ᠲᠥᠷᠥᠯ ᠵᠦᠢᠯ ᠳᠤ ᠪᠡᠯᠡ | ᠲᠣᠬᠢᠷᠠᠭᠤᠯᠬᠤ ᠳᠡᠮᠵᠢᠯᠭᠡ ᠶᠢᠨ ᠡᠷᠴᠢᠮ ᠢᠶᠠᠨ ᠴᠢᠩᠭᠠᠷᠠᠭᠤᠯᠬᠤ ᠶᠢ ᠵᠣᠷᠢᠭᠵᠢᠭᠤᠯᠵᠤ᠂ ᠤᠰᠤ ᠠᠷᠪᠢᠯᠠᠬᠤ | ᠦᠢᠯᠡᠴᠢᠯᠡᠭᠡᠨ ᠤ ᠠᠵᠤ ᠦᠢᠯᠡᠰ ᠢ ᠵᠣᠷᠢᠭᠵᠢᠭᠤᠯᠤᠨ ᠬᠥᠭᠵᠢᠭᠦᠯᠵᠦ᠂ ᠤᠰᠤᠨ ᠤ ᠡᠷᠬᠡ ᠶᠢᠨ ᠠᠷᠠᠯᠵᠢᠶ᠎ᠠ | ᠥᠷᠨᠢᠭᠦᠯᠬᠦ ᠶᠢ ᠳᠡᠮᠵᠢᠵᠦ᠂ ᠤᠰᠤ ᠠᠷᠪᠢᠯᠠᠬᠤ ᠬᠠᠷᠢᠭᠤᠴᠠᠯᠭ᠎ᠠ ᠶᠢᠨ ᠳᠦᠷᠢᠮ ᠪᠠ ᠤᠰᠤ ᠠᠷᠪᠢᠯᠠᠬᠤ ᠶᠢ ᠰᠢᠯᠭᠠᠨ | ᠬᠢᠨᠠᠵᠤ ᠦᠨᠡᠯᠡᠬᠦ ᠳᠦᠷᠢᠮ ᠵᠡᠷᠭᠡ ᠶᠢ ᠬᠡᠷᠡᠭᠵᠢᠭᠦᠯᠬᠦ ᠵᠡᠷᠭᠡ ᠶᠢ ᠪᠠᠭᠲᠠᠭᠠᠨ᠎ᠠ᠃ ᠲᠠᠪᠤ ᠳᠤ᠂ ᠬᠠᠤᠯᠢ ᠶᠢ ᠵᠥᠷᠢᠴᠡᠭᠰᠡᠨ | ᠠᠵᠢᠯᠯᠠᠭ᠎ᠠ ᠳᠤ ᠬᠠᠤᠯᠢ ᠶᠢ ᠴᠢᠩᠭ᠎ᠠ ᠵᠢᠷᠤᠮᠯᠠᠬᠤ ᠬᠠᠤᠯᠢ ᠴᠠᠭᠠᠵᠠ ᠶᠢᠨ ᠬᠠᠷᠢᠭᠤᠴᠠᠯᠭ᠎ᠠ ᠲᠣᠭᠲᠠᠭᠠᠪᠠ᠃ | ᠳᠠᠷᠠᠭᠠᠴᠢ ᠶᠢᠨ ᠠᠯᠬᠤᠮ ᠳᠤ᠂ ᠪᠢᠳᠡ ᠶᠡᠷᠦᠩᠬᠡᠢ ᠱᠦᠵᠢ ᠰᠢ ᠶᠢᠨ ᠫᠢᠩ ᠤᠨ ᠤᠰᠤ ᠵᠠᠰᠠᠬᠤ ᠰᠡᠳᠬᠢᠴᠡ | ᠪᠣᠯᠤᠨ ᠤᠰᠤ ᠶᠢ ᠵᠠᠰᠠᠬᠤ ᠲᠤᠬᠠᠢ ᠴᠢᠬᠤᠯᠠ ᠥᠭᠦᠯᠡᠯᠲᠡ ᠶᠢᠨ ᠵᠣᠷᠢᠭ ᠰᠠᠨᠠᠭ᠎ᠠ ᠶᠢ ᠭᠦᠨᠵᠡᠭᠡᠢ ᠲᠤᠭᠤᠰᠢᠯᠠᠭᠤᠯᠵᠤ᠂ | ︽ᠳᠦᠷᠢᠮ︾ ᠢ ᠰᠤᠷᠤᠯᠴᠠᠨ ᠤᠬᠠᠭᠤᠯᠬᠤ ᠶᠢ ᠰᠠᠶᠢᠲᠤᠷ ᠵᠣᠬᠢᠶᠠᠨ ᠪᠠᠶᠢᠭᠤᠯᠵᠤ᠂ ᠢᠵᠢ ᠪᠦᠷᠢᠳᠦᠭᠰᠡᠨ | ᠲᠣᠭᠲᠠᠭᠠᠯ ᠢ ᠲᠡᠭᠦᠯᠳᠡᠷᠵᠢᠭᠦᠯᠵᠦ᠂ ᠬᠠᠮᠵᠢᠯᠴᠠᠬᠤ ᠶᠢ ᠴᠢᠩᠭᠠᠳᠬᠠᠵᠤ᠂ ᠤᠰᠤ ᠬᠡᠷᠡᠭᠯᠡᠬᠦ ᠬᠢᠨᠠᠯᠲᠠ | ᠬᠠᠮᠢᠶᠠᠷᠤᠯᠲᠠ ᠶᠢ ᠴᠢᠩᠭᠠᠳᠬᠠᠵᠤ᠂ ᠤᠰᠤ ᠠᠷᠪᠢᠯᠠᠬᠤ ᠠᠵᠤ ᠦᠢᠯᠡᠰ ᠤᠨ ᠬᠥᠭᠵᠢᠯᠲᠡ ᠶᠢ ᠵᠣᠷᠢᠭᠵᠢᠭᠤᠯᠤᠨ | ᠳᠡᠮᠵᠢᠵᠦ᠂ ᠤᠰᠤᠨ ᠤ ᠡᠬᠢ ᠪᠠᠶᠠᠯᠢᠭ ᠢ ᠠᠷᠪᠢᠯᠠᠨ ᠡᠷᠴᠢᠮᠵᠢᠭᠦᠯᠦᠨ ᠠᠰᠢᠭᠯᠠᠬᠤ ᠲᠦᠪᠰᠢᠨ ᠢ ᠳᠡᠭᠡᠭᠰᠢᠯᠡᠭᠦᠯᠵᠦ᠂ | ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢ ᠠᠬᠢᠭᠤᠯᠬᠤ ᠳᠤ ᠬᠦᠴᠦᠲᠡᠢ ᠤᠰᠤᠨ ᠤ ᠠᠮᠤᠷ | ᠲᠦᠪᠰᠢᠨ ᠤ ᠪᠠᠲᠤᠯᠠᠭ᠎ᠠ ᠬᠠᠩᠭᠠᠨ᠎ᠠ᠃ | ᠪᠢ ᠤᠷᠢᠳᠠᠪᠠᠷ ᠡᠳᠡᠭᠡᠷ ᠢ ᠲᠠᠨᠢᠯᠴᠠᠭᠤᠯᠤᠶ᠎ᠠ᠂ ᠣᠯᠠᠨ ᠳᠤ ᠪᠠᠶᠠᠷᠯᠠᠯ᠎ᠠ︕ | | ᠰᠢᠩ ᠾᠦᠢ ᠨᠠ᠄ | ᠳᠡᠳ᠋ ᠳᠠᠷᠤᠭ᠎ᠠ ᠯᠢ ᠯᠢᠶᠠᠩ ᠱᠧᠨ ᠤ ᠲᠠᠨᠢᠯᠴᠠᠭᠤᠯᠭ᠎ᠠ ᠳᠤ ᠲᠠᠯᠠᠷᠬᠠᠯ᠎ᠠ᠃ ᠣᠳᠣ ᠲᠠ ᠪᠦᠬᠦᠨ ᠤ | ᠠᠰᠠᠭᠤᠯᠲᠠ ᠠᠰᠠᠭᠤᠬᠤ ᠶᠢ ᠪᠠᠶᠠᠷᠯᠠᠨ ᠤᠭᠲᠤᠵᠤ ᠪᠠᠶᠢᠨ᠎ᠠ᠂ ᠠᠰᠠᠭᠤᠯᠲᠠ ᠠᠰᠠᠭᠤᠬᠤ ᠠᠴᠠ ᠡᠮᠦᠨ᠎ᠡ ᠪᠠᠶᠢᠭ᠎ᠠ | ᠰᠣᠨᠢᠨ ᠮᠡᠳᠡᠭᠡᠨ ᠤ ᠪᠠᠶᠢᠭᠤᠯᠤᠮᠵᠢ ᠪᠠᠨ ᠮᠡᠳᠡᠭᠳᠡᠭᠡᠷᠡᠢ᠃ | | | | | ᠲᠥᠪ ᠤᠨ ᠷᠠᠳᠢᠣ᠋ ᠲᠧᠯᠸᠢᠰ ᠤᠨ ᠶᠡᠷᠦᠩᠬᠡᠢ ᠬᠤᠷᠢᠶᠠᠨ ᠤ ᠰᠤᠷᠪᠤᠯᠵᠢᠯᠠᠭᠴᠢ ᠶᠢᠨ ᠠᠰᠠᠭᠤᠯᠲᠠ | | | ᠠᠰᠠᠭᠤᠬᠤ ᠨᠢ᠄ ︽ᠤᠯᠤᠰ ᠤᠨ ᠤᠰᠤ ᠠᠷᠪᠢᠯᠠᠬᠤ ᠠᠵᠢᠯᠯᠠᠭᠠᠨ ᠤ ᠲᠥᠰᠦᠯ︾ ᠢ 2019 ᠣᠨ ᠤ 4 | ᠳ᠋ᠦ᠋ᠭᠡᠷ ᠰᠠᠷ᠎ᠠ ᠳᠤ ᠳᠠᠷᠤᠮᠠᠯᠯᠠᠨ ᠲᠠᠷᠬᠠᠭᠠᠵᠤ ᠬᠡᠷᠡᠭᠵᠢᠭᠦᠯᠪᠡ᠂ ᠲᠡᠭᠡᠪᠡᠯ 5 ᠵᠢᠯ ᠤᠨ ᠲᠤᠷᠰᠢ᠂ ᠤᠯᠤᠰ ᠤᠨ ᠤᠰᠤ | ᠠᠷᠪᠢᠯᠠᠬᠤ ᠠᠵᠢᠯᠯᠠᠭ᠎ᠠ ᠶᠢᠨ ᠶᠠᠮᠠᠷ ᠶᠠᠮᠠᠷ ᠦᠷ᠎ᠡ ᠪᠦᠲᠦᠮᠵᠢ ᠣᠯᠤᠭᠰᠠᠨ ᠪᠣᠶ︖ ᠪᠠᠶᠠᠷᠯᠠᠯ᠎ᠠ᠃ | ᠯᠢ ᠯᠢᠶᠠᠩ ᠱᠧᠩ ᠬᠠᠷᠢᠭᠤᠯᠬᠤ ᠨᠢ᠄ | ᠲᠠᠨ ᠤ ᠠᠰᠠᠭᠤᠭᠰᠠᠨ ᠳᠤ ᠪᠠᠶᠠᠷᠯᠠᠯ᠎ᠠ᠂ ᠡᠨᠡ ᠠᠰᠠᠭᠤᠳᠠᠯ ᠢ ᠪᠢ ᠬᠠᠷᠢᠭᠤᠯᠤᠶ᠎ᠠ᠃ ᠤᠯᠤᠰ ᠤᠨ ᠤᠰᠤ | ᠠᠷᠪᠢᠯᠠᠬᠤ ᠠᠵᠢᠯᠯᠠᠭ᠎ᠠ ᠶᠢ ᠬᠡᠷᠡᠭᠵᠢᠭᠦᠯᠬᠦ ᠪᠣᠯ ᠨᠠᠮ ᠤᠨ ᠲᠥᠪ ᠬᠤᠷᠢᠶᠠᠨ ᠠᠴᠠ ᠭᠠᠷᠭᠠᠭᠰᠠᠨ ᠴᠢᠬᠤᠯᠠ ᠶᠡᠭᠡ | ᠰᠢᠢᠳᠪᠦᠷᠢᠲᠦ ᠪᠤᠳᠤᠯᠭ᠎ᠠ ᠪᠠᠶᠢᠷᠢᠯᠠᠭᠤᠯᠤᠯᠲᠠ ᠪᠣᠯᠤᠨ᠎ᠠ᠃ 2019 ᠣᠨ ᠳᠤ᠂ ᠲᠥᠪ ᠤᠨ ᠥᠭᠡᠷᠡᠴᠢᠯᠡᠯᠲᠡ ᠶᠢ | ᠪᠦᠬᠦ ᠲᠠᠯ᠎ᠠ ᠪᠠᠷ ᠭᠦᠨᠵᠡᠭᠡᠶᠢᠷᠡᠭᠦᠯᠬᠦ ᠵᠥᠪᠯᠡᠯ ᠠᠴᠠ ᠬᠢᠨᠠᠨ ᠵᠥᠪᠯᠡᠵᠦ᠂ ᠤᠯᠤᠰ ᠤᠨ ᠬᠥᠭᠵᠢᠭᠦᠯᠦᠯᠲᠡ ᠪᠠ | ᠥᠭᠡᠷᠡᠴᠢᠯᠡᠯᠲᠡ ᠶᠢᠨ ᠵᠥᠪᠯᠡᠯ᠂ ᠤᠰᠤᠨ ᠠᠰᠢᠭᠯᠠᠯᠲᠠ ᠶᠢᠨ ᠶᠠᠮᠤᠨ ᠬᠠᠮᠲᠤᠷᠠᠨ ︽ᠤᠯᠤᠰ ᠤᠨ ᠤᠰᠤ ᠠᠷᠪᠢᠯᠠᠬᠤ | ᠠᠵᠢᠯᠯᠠᠭ᠎ᠠ ᠶᠢᠨ ᠲᠥᠰᠥᠯ︾ ︵ᠳᠣᠷᠣᠭᠰᠢ ︽ᠲᠥᠰᠥᠯ︾ ᠭᠡᠵᠦ ᠲᠣᠪᠴᠢᠯᠠᠨ᠎ᠠ︶ ᠢ ᠳᠠᠷᠤᠮᠠᠯᠯᠠᠨ ᠲᠠᠷᠬᠠᠭᠠᠪᠠ᠃ | ︽ᠲᠥᠰᠦᠯ︾ ᠢ ᠳᠠᠷᠤᠮᠠᠯᠯᠠᠨ ᠲᠠᠷᠬᠠᠭᠠᠭᠰᠠᠨ ᠠᠴᠠ ᠨᠠᠭᠠᠰᠢ᠂ ᠬᠤᠯᠪᠣᠭᠳᠠᠯ ᠪᠥᠬᠦᠶ ᠰᠠᠯᠠᠭ᠎ᠠ ᠮᠥᠴᠢᠷ ᠤᠳ | ᠵᠡᠷᠭᠡ ᠪᠠᠷ ᠠᠳᠬᠤᠨ ᠬᠠᠮᠲᠤ ᠪᠠᠷ ᠬᠠᠮᠢᠶᠠᠷᠴᠤ᠂ ᠯᠠᠪᠳᠠᠭᠤᠨ ᠪᠠᠲᠤᠲᠠᠶ ᠠᠵᠢᠯᠯᠠᠨ᠂ ᠡᠯ᠎ᠡ ᠵᠦᠢᠯ ᠤᠨ ᠬᠠᠷᠠᠯᠲᠠ | ᠡᠭᠦᠷᠭᠡ ᠢᠯᠡᠳᠲᠡ ᠦᠷ᠎ᠡ ᠪᠦᠲᠦᠮᠵᠢ ᠣᠯᠵᠤ᠂ 4 ᠲᠠᠯ᠎ᠠ ᠳᠤ ᠢᠯᠡᠷᠡᠵᠦ ᠪᠠᠶᠢᠨ᠎ᠠ᠃ | ᠨᠢᠭᠡᠳᠦᠭᠡᠷ ᠲᠠᠯ᠎ᠠ ᠪᠠᠷ᠂ ᠡᠵᠡᠮᠳᠡᠬᠦ ᠬᠠᠷᠠᠯᠲᠠ ᠶᠢ ᠪᠦᠬᠦ ᠲᠠᠯ᠎ᠠ ᠪᠠᠷ ᠪᠡᠶᠡᠯᠡᠭᠦᠯᠪᠡ᠃ ︽ᠲᠥᠰᠦᠯ︾ ᠳᠤ | ᠪᠥᠬᠦ ᠤᠯᠤᠰ ᠤᠨ ᠤᠰᠤ ᠬᠡᠷᠡᠭᠯᠡᠬᠦ ᠶᠡᠷᠦᠩᠬᠡᠶ ᠬᠡᠮᠵᠢᠶ᠎ᠡ᠂ ᠤᠯᠤᠰ ᠤᠨ ᠳᠣᠲᠣᠭᠠᠳᠤ ᠶᠢᠨ ᠲᠦᠮᠡᠨ ᠲᠥᠭᠦᠷᠢᠭ ᠤᠨ | ᠦᠢᠯᠡᠳᠪᠦᠷᠢᠯᠡᠯ ᠤᠨ ᠶᠡᠷᠦᠩᠬᠡᠶ ᠥᠷᠲᠡᠭ ᠤᠨ ᠤᠰᠤ ᠬᠡᠷᠡᠭᠯᠡᠬᠦ ᠬᠡᠮᠵᠢᠶ᠎ᠡ᠂ ᠲᠦᠮᠡᠨ ᠲᠥᠭᠦᠷᠢᠭ ᠤᠨ ᠠᠵᠤ | ᠦᠢᠯᠡᠳᠪᠦᠷᠢ ᠶᠢᠨ ᠨᠡᠮᠡᠭᠳᠡᠯ ᠥᠷᠲᠡᠭ ᠤᠨ ᠤᠰᠤ ᠬᠡᠷᠡᠭᠯᠡᠬᠦ ᠬᠡᠮᠵᠢᠶ᠎ᠡ ᠵᠡᠷᠭᠡ ᠭᠦᠢᠴᠡᠳᠬᠡᠯ ᠲᠤᠭ᠎ᠠ ᠶᠢᠨ 2022 | ᠣᠨ ᠤ ᠬᠢᠵᠠᠭᠠᠷᠯᠠᠬᠤ ᠬᠠᠷᠠᠯᠲᠠ ᠶᠢ ᠲᠣᠳᠣᠷᠬᠠᠶᠢᠯᠠᠵᠤ᠂ 2035 ᠣᠨ ᠤ ᠠᠯᠤᠰ ᠤᠨ ᠬᠠᠷᠠᠯᠲᠠ ᠶᠢ ᠳᠤᠷᠠᠳᠪᠠ᠃ | ᠴᠢᠷᠮᠠᠶᠢᠯᠭ᠎ᠠ ᠪᠠᠷ ᠳᠡᠮᠵᠢᠨ᠂ 2022 ᠣᠨ ᠤ ᠬᠠᠷᠠᠯᠲᠠ ᠶᠢ ᠪᠥᠬᠦ ᠲᠠᠯ᠎ᠠ ᠪᠠᠷ ᠪᠡᠶᠡᠯᠡᠭᠦᠯᠵᠦ᠂ ᠤᠰᠤ ᠠᠷᠪᠢᠯᠠᠬᠤ | ᠲᠥᠷᠥ ᠶᠢᠨ ᠪᠣᠳᠣᠯᠭ᠎ᠠ ᠬᠠᠤᠯᠢ ᠲᠣᠭᠲᠠᠭᠠᠯ᠂ ᠵᠠᠬ᠎ᠠ ᠳᠡᠯᠭᠡᠭᠦᠷ ᠤᠨ ᠲᠣᠭᠲᠠᠴᠠ᠂ ᠪᠠᠷᠢᠮᠵᠢᠶ᠎ᠠ ᠶᠢᠨ | ᠲᠣᠭᠲᠠᠯᠴᠠᠭ᠎ᠠ ᠶᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ᠮᠡᠷᠭᠡᠵᠢᠯ ᠤᠨ ᠲᠤᠯᠭᠠᠭᠤᠷᠢᠯᠠᠬᠤ ᠴᠢᠳᠠᠪᠤᠷᠢ ᠶᠢ | ᠦᠷᠭᠦᠯᠵᠢᠯᠡᠨ ᠳᠡᠭᠡᠭᠰᠢᠯᠡᠭᠦᠯᠵᠦ᠂ ᠤᠰᠤ ᠠᠷᠪᠢᠯᠠᠬᠤ ᠠᠵᠤ ᠦᠢᠯᠡᠰ ᠢ ᠲᠠᠰᠤᠷᠠᠯᠲᠠ ᠥᠬᠡᠶ ᠪᠤᠵᠠᠭᠠᠶᠢᠷᠠᠭᠤᠯᠵᠤ᠂ | ᠤᠰᠤ ᠠᠷᠪᠢᠯᠠᠬᠤ ᠬᠡᠯᠪᠡᠷᠢ ᠶᠢᠨ ᠦᠢᠯᠡᠳᠪᠦᠷᠢᠯᠡᠯ ᠪᠠ ᠠᠮᠢᠳᠤᠷᠠᠯ ᠤᠨ ᠠᠷᠭ᠎ᠠ ᠮᠠᠶ᠋ᠢᠭ ᠢ ᠠᠯᠬᠤᠮ ᠠᠯᠬᠤᠮ ᠢᠶᠠᠷ | ᠪᠠᠶᠢᠭᠤᠯᠵᠤ᠂ ᠠᠵᠤ ᠠᠬᠤᠶ᠂ ᠨᠡᠶᠢᠭᠡᠮ ᠪᠠ ᠠᠮᠢ ᠠᠬᠤᠶ ᠶᠢᠨ ᠢᠯᠡᠳᠲᠡ ᠦᠷ᠎ᠡ ᠠᠰᠢᠭ ᠢ ᠣᠯᠤᠭᠰᠠᠨ ᠪᠠᠶᠢᠨ᠎ᠠ᠃ | ᠬᠤᠶᠠᠳᠤᠭᠠᠷ ᠲᠠᠯ᠎ᠠ ᠪᠠᠷ᠂ ᠭᠤᠣᠯᠳᠠᠯᠭ᠎ᠠ ᠲᠠᠢ ᠠᠵᠢᠯᠯᠠᠭ᠎ᠠ ᠶᠢ ᠯᠠᠪᠳᠠᠭᠤᠨ ᠪᠠᠲᠤᠲᠠᠢ ᠠᠬᠢᠭᠤᠯᠪᠠ᠃ ᠤᠰᠤ | ᠬᠡᠷᠡᠭᠯᠡᠬᠦ ᠶᠡᠷᠦᠩᠬᠡᠶ ᠬᠡᠮᠵᠢᠶ᠎ᠡ ᠪᠠ ᠬᠦᠴᠦᠯᠡᠴᠡ ᠶᠢᠨ ᠬᠤᠤᠰ ᠡᠵᠡᠮᠳᠡᠯ ᠢ ᠲᠠᠰᠤᠷᠠᠯᠲᠠ ᠥᠬᠡᠶ ᠴᠢᠩᠭᠠᠳᠬᠠᠵᠤ᠂ | 80 % ᠠᠴᠠ ᠳᠡᠭᠡᠭᠰᠢᠬᠢ ᠤᠰᠤ ᠬᠡᠷᠡᠭᠯᠡᠬᠦ ᠬᠡᠮᠵᠢᠶ᠎ᠡ ᠶᠢ ᠬᠠᠮᠤᠷᠤᠭᠰᠠᠨ ᠤᠯᠤᠰ ᠤᠨ ᠤᠰᠤ ᠬᠡᠷᠡᠭᠯᠡᠬᠦ ᠲᠣᠭᠲᠠᠭᠰᠠᠨ | ᠨᠣᠷᠮ᠎ᠠ ᠶᠢᠨ ᠰᠢᠰᠲ᠋ᠧᠮ ᠢ ᠪᠠᠶᠢᠭᠤᠯᠵᠤ᠂ ᠨᠢᠭᠡᠴᠢ ᠭᠠᠵᠠᠷ ᠣᠷᠣᠨ ᠤ ᠦᠢᠯᠡᠳᠪᠦᠷᠢᠯᠡᠯ ᠤᠨ ᠶᠡᠷᠦᠩᠬᠡᠶ ᠥᠷᠲᠡᠭ ᠤᠨ | ᠤᠰᠤ ᠬᠡᠷᠡᠭᠯᠡᠬᠦ ᠬᠡᠮᠵᠢᠶ᠎ᠡ ᠶᠢ ᠤᠯᠤᠰ ᠤᠨ ᠴᠢᠨᠠᠷ ᠰᠠᠶᠢᠲᠠᠶ ᠬᠥᠭᠵᠢᠯᠲᠡ ᠶᠢᠨ ᠶᠡᠷᠦᠩᠬᠡᠶᠢᠯᠡᠭᠰᠡᠨ ᠠᠮᠵᠢᠯᠲᠠ | ᠪᠦᠲᠦᠮᠵᠢ ᠶᠢ ᠦᠨᠡᠯᠡᠬᠦ ᠰᠢᠰᠲ᠋ᠧᠮ ᠳᠤ ᠣᠷᠣᠭᠤᠯᠤᠨ᠎ᠠ᠃ ᠲᠠᠷᠢᠶᠠᠯᠠᠩ ᠤᠨ ᠤᠰᠤ ᠠᠷᠪᠢᠯᠠᠨ ᠦᠷ᠎ᠡ ᠠᠰᠢᠭ ᠢ | ᠨᠡᠮᠡᠭᠳᠡᠭᠦᠯᠬᠦ ᠶᠢ ᠲᠦᠷᠭᠡᠳᠬᠡᠨ ᠠᠬᠢᠭᠤᠯᠵᠤ᠂ 234 ᠲᠣᠮᠣ ᠬᠡᠯᠪᠡᠷᠢ ᠶᠢᠨ ᠤᠰᠤᠯᠠᠯᠲᠠ ᠶᠢᠨ ᠣᠷᠣᠨ᠂ 1172 | ᠳᠤᠮᠳᠠ ᠬᠡᠯᠪᠡᠷᠢ ᠶᠢᠨ ᠤᠰᠤᠯᠠᠯᠲᠠ ᠶᠢᠨ ᠣᠷᠣᠨ ᠤ ᠦᠷᠭᠦᠯᠵᠢᠯᠡᠨ ᠪᠠᠶᠢᠭᠤᠯᠵᠤ ᠢᠵᠢ ᠪᠦᠷᠢᠳᠦᠭᠦᠯᠬᠦ ᠪᠠ | ᠣᠳᠣᠬᠢᠴᠢᠯᠠᠭᠰᠠᠨ ᠥᠭᠡᠷᠡᠴᠢᠯᠡᠯᠲᠡ ᠶᠢ ᠬᠡᠷᠡᠭᠵᠢᠭᠦᠯᠵᠦ᠂ ᠤᠰᠤ ᠠᠷᠪᠢᠯᠠᠬᠤ ᠬᠡᠯᠪᠡᠷᠢ ᠶᠢᠨ 182 ᠤᠰᠤᠯᠠᠯᠲᠠ ᠶᠢᠨ | ᠣᠷᠣᠨ ᠢ ᠪᠠᠶᠢᠭᠤᠯᠤᠨ᠎ᠠ᠃ ᠠᠵᠤ ᠦᠢᠯᠡᠳᠪᠦᠷᠢ ᠶᠢᠨ ᠤᠰᠤ ᠠᠷᠪᠢᠯᠠᠵᠤ ᠪᠣᠬᠢᠷᠲᠤᠯ ᠭᠠᠳᠠᠭᠰᠢᠯᠠᠭᠤᠯᠬᠤ ᠬᠡᠮᠵᠢᠶ᠎ᠡ ᠶᠢ | ᠪᠠᠭᠠᠰᠬᠠᠬᠤ ᠶᠢ ᠦᠷᠭᠦᠯᠵᠢᠯᠡᠨ ᠴᠢᠩᠭᠠᠳᠬᠠᠵᠤ᠂ ᠪᠦᠬᠦ ᠤᠯᠤᠰ ᠤᠨ ᠬᠡᠪᠴᠢᠶ᠎ᠡ ᠠᠴᠠ ᠳᠡᠭᠡᠭᠰᠢᠬᠢ ᠠᠵᠤ | ᠦᠢᠯᠡᠳᠪᠦᠷᠢ ᠶᠢᠨ ᠬᠡᠷᠡᠭᠯᠡᠬᠦ ᠤᠰᠤ ᠶᠢ ᠳᠠᠬᠢᠨ ᠳᠠᠪᠲᠠᠨ ᠠᠰᠢᠭᠯᠠᠬᠤ ᠨᠣᠷᠮ᠎ᠠ ᠶᠢ 93% ᠠᠴᠠ ᠳᠡᠭᠡᠭᠰᠢ ᠳᠤ | ᠬᠦᠷᠦᠭᠦᠯᠦᠨ᠎ᠡ᠃ ᠬᠤᠲᠠ ᠪᠠᠯᠭᠠᠰᠤ ᠶᠢᠨ ᠤᠰᠤ ᠠᠷᠪᠢᠯᠠᠬᠤ ᠬᠤᠬᠢᠷᠠᠯ ᠢ ᠪᠦᠲᠦᠮᠵᠢᠲᠡᠶ ᠥᠷᠨᠢᠭᠦᠯᠵᠦ᠂ ᠪᠦᠬᠦ | ᠤᠯᠤᠰ ᠤᠨ ᠬᠤᠲᠠ ᠶᠢᠨ ᠣᠯᠠᠨ ᠨᠡᠶᠢᠲᠡ ᠶᠢᠨ ᠤᠰᠤ ᠬᠠᠩᠭᠠᠬᠤ ᠬᠤᠭᠤᠯᠠᠶ ᠶᠢᠨ ᠲᠣᠤᠷ ᠤᠨ ᠭᠤᠭᠤᠵᠢᠵᠤ | ᠬᠤᠬᠢᠷᠠᠬᠤ ᠨᠣᠷᠮ᠎ᠡ ᠶᠢ 10% ᠳᠤ ᠬᠦᠷᠲᠡᠯ᠎ᠡ ᠪᠠᠭᠤᠷᠠᠭᠤᠯᠤᠨ᠎ᠠ᠃ ᠪᠦᠬᠦ ᠤᠯᠤᠰ ᠤᠨ 60% ᠠᠴᠠ ᠳᠡᠭᠡᠭᠰᠢᠬᠢ | ᠰᠢᠶᠠᠨ ᠤ ᠱᠠᠲᠤᠨ ᠤ ᠵᠠᠰᠠᠭ ᠵᠠᠬᠢᠷᠭᠠᠨ ᠤ ᠣᠷᠣᠨ ᠤᠰᠤ ᠠᠷᠪᠢᠯᠠᠬᠤ ᠬᠡᠯᠪᠡᠷᠢ ᠶᠢᠨ ᠨᠡᠶᠢᠭᠡᠮ ᠤᠨ ᠪᠠᠷᠢᠮᠵᠢᠶ᠎ᠠ ᠳᠤ | ᠬᠦᠷᠴᠦ᠂ ᠡᠩ ᠤᠨ ᠪᠤᠰᠤ ᠤᠰᠤᠨ ᠠᠰᠢᠭᠯᠠᠯᠲᠠ ᠶᠢᠨ ᠬᠡᠷᠡᠭᠯᠡᠬᠦ ᠬᠡᠮᠵᠢᠶ᠎ᠡ 211 ᠳ᠋ᠦᠩᠰᠢᠭᠤᠷ ᠪᠣᠰᠤᠭ᠎ᠠ | ᠳᠥᠷᠪᠡᠯᠵᠢᠨ ᠮᠧᠲᠷ ᠲᠤ ᠬᠦᠷᠪᠡ᠃ | ᠭᠤᠷᠪᠠᠳᠤᠭᠠᠷ ᠲᠠᠯ᠎ᠠ ᠪᠠᠷ᠂ ᠪᠠᠶᠢᠭᠤᠯᠤᠯ ᠲᠣᠭᠲᠠᠴᠠ ᠶᠢᠨ ᠥᠭᠡᠷᠡᠴᠢᠯᠡᠯᠲᠡ ᠦᠷᠭᠦᠯᠵᠢᠯᠡᠨ ᠭᠦᠨᠵᠡᠭᠡᠶᠢᠷᠡᠪᠡ᠃ | ᠤᠰᠤᠨ ᠤ ᠦᠨ᠎ᠡ ᠶᠢᠨ ᠥᠭᠡᠷᠡᠴᠢᠯᠡᠯᠲᠡ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠵᠦ᠂ ᠲᠠᠷᠢᠶᠠᠯᠠᠩ ᠤᠨ ᠤᠰᠤᠨ ᠤ | ᠦᠨ᠎ᠡ ᠶᠢᠨ ᠶᠡᠷᠦᠩᠬᠡᠶᠢᠯᠡᠭᠰᠡᠨ ᠥᠭᠡᠷᠡᠴᠢᠯᠡᠯᠲᠡ ᠶᠢ ᠬᠡᠷᠡᠭᠵᠢᠭᠦᠯᠵᠦ ᠪᠠᠶᠢᠭ᠎ᠠ ᠲᠠᠷᠢᠶᠠᠨ ᠭᠠᠵᠠᠷ ᠤᠨ ᠲᠠᠯᠠᠪᠠᠶ ᠶᠢ 9 | ᠳ᠋ᠦᠩᠰᠢᠭᠤᠷ ᠮᠦ ᠳᠤ ᠬᠦᠷᠦᠭᠦᠯᠵᠦ᠂ ᠬᠤᠲᠠ ᠪᠠᠯᠭᠠᠰᠤ ᠶᠢᠨ ᠤᠰᠤ ᠬᠠᠩᠭᠠᠬᠤ ᠪᠠ ᠤᠰᠤᠨ ᠠᠰᠢᠭᠯᠠᠯᠲᠠ ᠶᠢᠨ | ᠢᠨᠵᠧᠨᠧᠷᠢᠩ ᠤᠨ ᠤᠰᠤ ᠬᠠᠩᠭᠠᠬᠤ ᠦᠨ᠎ᠡ ᠬᠠᠩᠰᠢ ᠶᠢᠨ ᠪᠣᠶ ᠪᠣᠯᠬᠤ ᠲᠣᠭᠲᠠᠴᠠ ᠶᠢ ᠲᠡᠭᠦᠯᠳᠡᠷᠵᠢᠭᠦᠯᠦᠨ᠎ᠡ᠃ | ᠤᠰᠤᠨ ᠤ ᠡᠬᠢ ᠪᠠᠶᠠᠯᠢᠭ ᠤᠨ ᠭᠠᠶᠢᠯᠢ ᠶᠢᠨ ᠥᠭᠡᠷᠡᠴᠢᠯᠡᠯᠲᠡ ᠶᠢ ᠠᠬᠢᠭᠤᠯᠵᠤ᠂ 10 ᠮᠤᠵᠢ ᠣᠷᠣᠨ ᠳᠤ ᠤᠰᠤᠨ ᠤ | ᠡᠬᠢ ᠪᠠᠶᠠᠯᠢᠭ ᠤᠨ ᠭᠠᠶᠢᠯᠢ ᠶᠢᠨ ᠥᠭᠡᠷᠡᠴᠢᠯᠡᠯᠲᠡ ᠶᠢᠨ ᠲᠤᠷᠰᠢᠯᠲᠠ ᠶᠢ ᠥᠷᠨᠢᠭᠦᠯᠦᠨ᠎ᠡ᠃ ᠭᠡᠷ᠎ᠡ ᠶᠢᠨ ᠤᠰᠤ | ᠠᠷᠪᠢᠯᠠᠬᠤ ᠬᠠᠮᠢᠶᠠᠷᠤᠯᠲᠠ ᠶᠢ ᠳᠡᠯᠭᠡᠷᠡᠭᠦᠯᠵᠦ᠂ ᠨᠡᠶᠢᠭᠡᠮ ᠤᠨ ᠬᠥᠷᠥᠩᠭᠡ ᠶᠢ ᠲᠠᠲᠠᠵᠤ ᠤᠰᠤ ᠠᠷᠪᠢᠯᠠᠬᠤ ᠳᠤ | ᠣᠷᠣᠭᠤᠯᠤᠨ᠎ᠠ᠃ ᠤᠰᠤ ᠠᠷᠪᠢᠯᠠᠬᠤ ᠪᠠᠷᠢᠮᠵᠢᠶ᠎ᠠ ᠶᠢᠨ ᠰᠢᠰᠲ᠋ᠧᠮᠵᠢ ᠶᠢ ᠪᠦᠷᠢᠨᠰᠢᠭᠦᠯᠵᠦ᠂ ᠤᠰᠤ ᠠᠷᠪᠢᠯᠠᠬᠤ | ᠤᠯᠤᠰ ᠤᠨ ᠪᠠᠷᠢᠮᠵᠢᠶ᠎ᠠ ᠶᠢ 300 ᠲᠤ ᠬᠦᠷᠦᠭᠦᠯᠦᠨ᠎ᠡ᠃ ᠤᠰᠤᠨ ᠤ ᠡᠬᠢ ᠪᠠᠶᠠᠯᠢᠭ ᠤᠨ ᠬᠠᠮᠤᠭ ᠤᠨ ᠴᠢᠩᠭ᠎ᠠ | ᠬᠠᠮᠢᠶᠠᠷᠤᠯᠲᠠ ᠶᠢᠨ ᠳᠦᠷᠢᠮ ᠤᠨ ᠬᠢᠨᠠᠨ ᠰᠢᠯᠭᠠᠬᠤ ᠶᠢ ᠬᠡᠷᠡᠭᠵᠢᠭᠦᠯᠵᠦ᠂ ᠤᠰᠤ ᠠᠷᠪᠢᠯᠠᠬᠤ ᠬᠠᠷᠠᠯᠲᠠ ᠶᠢ | ᠪᠡᠶᠡᠯᠡᠭᠦᠯᠦᠭᠰᠡᠨ ᠪᠠᠶᠢᠳᠠᠯ ᠢ ᠣᠷᠣᠨ ᠨᠤᠲᠤᠭ ᠤᠨ ᠵᠠᠰᠠᠭ ᠤᠨ ᠣᠷᠳᠣᠨ ᠤ ᠠᠵᠢᠯ ᠤᠨ ᠠᠮᠵᠢᠯᠲᠠ ᠶᠢ ᠬᠢᠨᠠᠨ | ᠰᠢᠯᠭᠠᠬᠤ ᠳᠤ ᠣᠷᠣᠭᠤᠯᠬᠤ ᠬᠡᠷᠡᠭᠲᠡᠶ᠃ | ᠳᠥᠷᠪᠡᠳᠦᠭᠡᠷ ᠲᠠᠯ᠎ᠠ ᠪᠠᠷ᠂ ᠲᠥᠷᠥ ᠶᠢᠨ ᠪᠣᠳᠣᠯᠭ᠎ᠠ ᠶᠢᠨ ᠪᠠᠲᠤᠯᠠᠭ᠎ᠠ ᠲᠠᠰᠤᠷᠠᠯᠲᠠ ᠤᠢᠭᠡᠢ ᠴᠢᠩᠭᠠᠷᠠᠪᠠ᠃ | ᠤᠰᠤᠨ ᠠᠰᠢᠭᠯᠠᠯᠲᠠ ᠶᠢᠨ ᠶᠠᠮᠤᠨ ᠲᠦᠷᠦᠭᠦᠯᠡᠨ 20 ᠰᠠᠯᠠᠭ᠎ᠠ ᠮᠥᠴᠢᠷ ᠤᠰᠤ ᠠᠷᠪᠢᠯᠠᠵᠤ ᠬᠡᠷᠡᠭᠯᠡᠬᠦ ᠠᠵᠢᠯ ᠤᠨ | ᠶᠠᠮᠤᠨ ᠤ ᠬᠤᠭᠤᠷᠣᠨᠳᠣᠬᠢ ᠵᠣᠬᠢᠴᠠᠭᠤᠯᠬᠤ ᠲᠣᠭᠲᠠᠴᠠ ᠶᠢ ᠪᠠᠶᠢᠭᠤᠯᠵᠤ᠂ ᠡᠯ᠎ᠡ ᠰᠠᠯᠠᠭ᠎ᠠ ᠮᠥᠴᠢᠷ ᠤᠨ ᠤᠰᠤ | ᠠᠷᠪᠢᠯᠠᠬᠤ ᠨᠡᠶᠢᠯᠡᠮᠡᠯ ᠬᠦᠴᠦᠨ ᠢ ᠪᠤᠢ ᠪᠣᠯᠭᠠᠨ᠎ᠠ᠃ ᠤᠰᠤ ᠠᠷᠪᠢᠯᠠᠬᠤ ᠭᠠᠶᠢᠯᠢ ᠲᠠᠲᠠᠪᠤᠷᠢ ᠶᠢᠨ ᠬᠠᠷᠠᠭᠠᠯᠵᠠᠯ ᠤᠨ | ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠤᠨ ᠲᠡᠭᠦᠯᠳᠡᠷᠵᠢᠭᠦᠯᠵᠦ᠂ ᠮᠥᠩᠭᠦᠨ ᠭᠦᠢᠯᠭᠡᠭᠡᠨ ᠤ | ᠪᠠᠶᠢᠭᠤᠯᠤᠮᠵᠢ ᠶᠢᠨ ᠤᠰᠤ ᠠᠷᠪᠢᠯᠠᠬᠤ ᠲᠥᠷᠥᠯ ᠵᠦᠢᠯ ᠳᠤ ᠪᠡᠯᠡ ᠲᠣᠬᠢᠷᠠᠭᠤᠯᠬᠤ ᠶᠢ ᠳᠡᠮᠵᠢᠬᠦ ᠡᠷᠴᠢᠮ ᠢᠶᠠᠨ | ᠴᠢᠩᠭᠠᠷᠠᠭᠤᠯᠬᠤ ᠶᠢ ᠵᠣᠷᠢᠭᠵᠢᠭᠤᠯᠤᠨ᠎ᠠ᠃ ᠠᠷᠠᠳ ᠢᠷᠭᠡᠳ ᠤᠨ ᠤᠰᠤ ᠠᠷᠪᠢᠯᠠᠬᠤ ᠦᠢᠯᠡ ᠠᠵᠢᠯᠯᠠᠭ᠎ᠠ ᠶᠢᠨ | ᠵᠢᠷᠤᠮᠵᠢᠯ ᠢ ᠨᠡᠶᠢᠲᠡᠯᠡᠵᠦ᠂ ᠤᠰᠤ ᠠᠷᠪᠢᠯᠠᠬᠤ ᠰᠤᠷᠭᠠᠨ ᠬᠥᠮᠦᠵᠢᠯ ᠤᠨ ᠨᠡᠶᠢᠭᠡᠮ ᠤᠨ ᠦᠢᠯᠡᠳᠦᠯᠭᠡ ᠶᠢᠨ ᠰᠠᠭᠤᠷᠢᠨ | ᠭᠠᠵᠠᠷ ᠪᠠ ᠤᠰᠤ ᠠᠷᠪᠢᠯᠠᠬᠤ ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠨᠢᠭᠡ ᠪᠦᠯᠦᠭ ᠲᠠᠯᠠᠪᠠᠶ ᠣᠷᠳᠣᠨ ᠢ | ᠪᠠᠶᠢᠭᠤᠯᠵᠤ᠂ ᠠᠷᠠᠳ ᠢᠷᠭᠡᠳ ᠤᠨ ᠤᠰᠤ ᠠᠷᠪᠢᠯᠠᠬᠤ ᠬᠡᠪ ᠪᠣᠯᠪᠠᠰᠤᠷᠠᠯ ᠢ ᠬᠦᠴᠦᠯᠡᠨ ᠳᠡᠭᠡᠭᠰᠢᠯᠡᠭᠦᠯᠦᠨ᠎ᠡ᠃ | ᠲᠠᠷᠠᠭᠠᠴᠢ ᠶᠢᠨ ᠠᠯᠬᠤᠮ ᠳᠤ᠂ ᠤᠰᠤᠨ ᠠᠰᠢᠭᠯᠠᠯᠲᠠ ᠶᠢᠨ ᠶᠠᠮᠤᠨ ᠬᠤᠯᠪᠣᠭᠳᠠᠯ ᠪᠥᠬᠦᠶ ᠰᠠᠯᠠᠭ᠎ᠠ | ᠮᠥᠴᠢᠷ ᠲᠠᠢ ᠬᠠᠮᠲᠤᠷᠠᠨ ᠤᠰᠤ ᠠᠷᠪᠢᠯᠠᠬᠤ ᠶᠢ ᠲᠡᠷᠢᠭᠦᠨ ᠳᠤ ᠲᠠᠯᠪᠢᠬᠤ ᠴᠢᠭᠯᠡᠯᠲᠡ ᠶᠢ ᠭᠦᠨᠵᠡᠭᠡᠶ | ᠨᠠᠶᠢᠳᠠᠪᠤᠷᠢᠵᠢᠭᠤᠯᠵᠤ᠂ ᠤᠯᠤᠰ ᠤᠨ ᠤᠰᠤ ᠠᠷᠪᠢᠯᠠᠬᠤ ᠠᠵᠢᠯᠯᠠᠭ᠎ᠠ ᠶᠢ ᠶᠡᠬᠡᠪᠡᠷ ᠬᠡᠷᠡᠭᠵᠢᠭᠦᠯᠦᠨ᠂ ᠤᠰᠤ | ᠠᠷᠪᠢᠯᠠᠬᠤ ᠲᠦᠷᠢᠮ ᠲᠥᠷᠥ ᠶᠢᠨ ᠪᠣᠳᠣᠯᠭ᠎ᠠ ᠶᠢ ᠪᠠᠶᠢᠭᠤᠯᠤᠨ ᠪᠦᠷᠢᠨᠰᠢᠬᠦᠯᠵᠦ᠂ ᠤᠰᠤᠨ ᠤ ᠡᠬᠢ ᠪᠠᠶᠠᠯᠢᠭ ᠤᠨ | ᠬᠠᠲᠠᠭᠤ ᠬᠢᠵᠠᠭᠠᠷᠯᠠᠯ ᠢ ᠴᠢᠩᠭᠠᠳᠬᠠᠨ᠂ ᠤᠰᠤ ᠠᠷᠪᠢᠯᠠᠬᠤ ᠠᠵᠤ ᠦᠢᠯᠡᠰ ᠪᠠ ᠰᠢᠨᠵᠢᠯᠡᠬᠦ ᠤᠬᠠᠭᠠᠨ ᠮᠡᠷᠭᠡᠵᠢᠯ ᠢ | ᠬᠦᠴᠦᠯᠡᠨ ᠬᠥᠭᠵᠢᠭᠦᠯᠵᠦ᠂ ᠡᠯ᠎ᠡ ᠠᠵᠢᠯ ᠲᠥᠷᠥᠯ ᠤᠨ ᠤᠰᠤ ᠠᠷᠪᠢᠯᠠᠬᠤ ᠶᠢ ᠪᠥᠬᠦ ᠲᠠᠯ᠎ᠠ ᠪᠠᠷ ᠠᠬᠢᠭᠤᠯᠤᠨ᠂ | ᠤᠰᠤ ᠠᠷᠪᠢᠯᠠᠬᠤ ᠬᠡᠯᠪᠡᠷᠢ ᠶᠢᠨ ᠨᠡᠶᠢᠭᠡᠮ ᠢ ᠲᠦᠷᠭᠡᠳᠬᠡᠨ ᠪᠠᠶᠢᠭᠤᠯᠵᠤ᠂ ᠤᠰᠤᠨ ᠤ ᠡᠬᠢ ᠪᠠᠶᠠᠯᠢᠭ ᠢ ᠠᠷᠪᠢᠯᠠᠵᠤ | ᠡᠷᠴᠢᠮᠵᠢᠭᠦᠯᠦᠨ ᠠᠰᠢᠭᠯᠠᠬᠤ ᠬᠢᠷᠢ ᠲᠦᠪᠰᠢᠨ ᠢ ᠦᠷᠭᠦᠯᠵᠢᠯᠡᠨ ᠳᠡᠭᠡᠭᠰᠢᠯᠡᠭᠦᠯᠦᠨ᠎ᠡ᠃ ᠪᠠᠶᠠᠷᠯᠠᠯ᠎ᠠ᠃ | | | | | | ᠠᠵᠤ ᠠᠬᠤᠢ ᠶᠢᠨ ᠡᠳᠦᠷ ᠤᠨ ᠰᠣᠨᠢᠨ ᠤ ᠰᠤᠷᠪᠤᠯᠵᠢᠯᠠᠭᠴᠢ ᠶᠢᠨ ᠠᠰᠠᠭᠤᠯᠲᠠ | ᠠᠰᠠᠭᠤᠬᠤ ᠨᠢ᠄ ︽ᠤᠰᠤ ᠶᠢ ᠠᠷᠪᠢᠯᠠᠨ ᠭᠠᠮᠨᠠᠬᠤ ᠲᠦᠷᠢᠮ︾ ᠢ ᠨᠢᠭᠡᠨᠲᠡ ᠨᠡᠶᠢᠲᠡᠯᠡᠭᠰᠡᠨ ᠪᠣᠯᠬᠤᠷ᠂ | ᠤᠰᠤᠨ ᠠᠰᠢᠭᠯᠠᠯᠲᠠ ᠶᠢᠨ ᠶᠠᠮᠤᠨ ᠠᠯᠢ ᠬᠡᠳᠦᠨ ᠲᠠᠯ᠎ᠠ ᠠᠴᠠ ᠠᠷᠭ᠎ᠠ ᠬᠡᠮᠵᠢᠶ᠎ᠡ ᠠᠪᠴᠤ᠂ ᠡᠯ᠎ᠡ ᠵᠦᠢᠯ ᠤᠨ ᠲᠦᠷᠢᠮ | ᠲᠣᠭᠲᠠᠭᠠᠯ ᠢ ᠨᠠᠶᠢᠳᠠᠪᠤᠷᠢᠵᠢᠭᠤᠯᠤᠨ ᠦᠷ᠎ᠡ ᠪᠦᠲᠦᠮᠵᠢ ᠭᠠᠷᠭᠠᠬᠤ ᠶᠢ ᠠᠬᠢᠭᠤᠯᠬᠤ ᠪᠣᠶ︖ ᠪᠠᠶᠠᠷᠯᠠᠯ᠎ᠠ᠃ | ᠤᠰᠤᠨ ᠠᠰᠢᠭᠯᠠᠯᠲᠠ ᠶᠢᠨ ᠶᠠᠮᠤᠨ ᠤ ᠲᠥᠷᠥ ᠶᠢᠨ ᠪᠣᠳᠣᠯᠭ᠎ᠠ ᠬᠠᠤᠯᠢ ᠲᠣᠭᠲᠠᠭᠠᠯ ᠤᠨ ᠵᠤᠷᠭᠠᠨ ᠤ ᠳᠠᠷᠤᠭ᠎ᠠ | ᠴᠧᠨ ᠳ᠋ᠠ ᠶᠦᠩ ᠬᠠᠷᠢᠭᠤᠯᠬᠤ ᠨᠢ᠄ | ᠬᠠᠤᠯᠢ ᠴᠠᠭᠠᠵᠠ ᠶᠢᠨ ᠠᠮᠢᠵᠢᠷᠠᠯ ᠤᠨ ᠬᠦᠴᠦᠨ ᠪᠣᠯ ᠬᠡᠷᠡᠭᠵᠢᠭᠦᠯᠬᠦ ᠳᠤ ᠪᠤᠢ᠂ ᠬᠠᠤᠯᠢ ᠴᠠᠭᠠᠵᠠ ᠶᠢᠨ ᠡᠷᠬᠡ | ᠰᠦᠷ ᠨᠢ ᠴᠦ ᠬᠡᠷᠡᠭᠵᠢᠭᠦᠯᠬᠦ ᠳᠤ ᠪᠤᠢ᠃ ᠲᠠᠷᠠᠭᠠᠴᠢ ᠶᠢᠨ ᠠᠯᠬᠤᠮ ᠳᠤ᠂ ᠤᠰᠤᠨ ᠠᠰᠢᠭᠯᠠᠯᠲᠠ ᠶᠢᠨ ᠶᠠᠮᠤᠨ ᠤᠰᠤ | ᠠᠷᠪᠢᠯᠠᠬᠤ ᠬᠠᠮᠢᠶᠠᠷᠤᠯᠲᠠ ᠶᠢᠨ ᠡᠭᠦᠷᠭᠡ ᠬᠠᠷᠢᠭᠤᠴᠠᠯᠭ᠎ᠠ ᠪᠠᠨ ᠪᠥᠬᠦ ᠲᠠᠯ᠎ᠠ ᠪᠠᠷ ᠭᠦᠢᠴᠡᠳᠭᠡᠵᠦ᠂ ᠤᠰᠤ ᠶᠢ | ᠠᠷᠪᠢᠯᠠᠨ ᠬᠡᠷᠡᠭᠯᠡᠬᠦ ᠠᠵᠢᠯ ᠤᠨ ᠶᠠᠮᠤᠨ ᠤ ᠬᠤᠭᠤᠷᠣᠨᠳᠣᠬᠢ ᠵᠣᠬᠢᠴᠠᠭᠤᠯᠬᠤ ᠲᠣᠭᠲᠠᠴᠠ ᠶᠢᠨ ᠦᠢᠯᠡᠳᠦᠯ ᠢ | ᠭᠦᠢᠴᠡᠳ ᠪᠠᠳᠠᠷᠠᠭᠤᠯᠵᠤ᠂ ᠬᠤᠯᠪᠣᠭᠳᠠᠯ ᠪᠥᠬᠦᠶ ᠰᠠᠯᠠᠭ᠎ᠠ ᠮᠥᠴᠢᠷ ᠲᠠᠢ ᠬᠠᠮᠲᠤᠷᠠᠨ ᠬᠦᠴᠦᠲᠡᠶ ᠠᠷᠭ᠎ᠠ ᠬᠡᠮᠵᠢᠶ᠎ᠡ | ᠠᠪᠴᠤ᠂ ︽ᠲᠦᠷᠢᠮ︾ ᠢ ᠨᠠᠶᠢᠳᠠᠪᠤᠷᠢᠵᠢᠭᠤᠯᠤᠨ ᠦᠷ᠎ᠡ ᠪᠦᠲᠦᠮᠵᠢ ᠭᠠᠷᠭᠠᠵᠤ᠂ ᠪᠦᠲᠦᠮᠵᠢᠲᠡᠶ ᠬᠡᠷᠡᠭᠵᠢᠭᠦᠯᠬᠦ ᠶᠢ | ᠦᠨᠡᠨ ᠬᠦ ᠪᠠᠲᠤᠯᠠᠨ᠎ᠠ᠃ | ᠨᠢᠭᠡ ᠳᠤ᠂ ᠤᠬᠠᠭᠤᠯᠤᠨ ᠲᠤᠭᠤᠰᠢᠯᠠᠭᠤᠯᠬᠤ ᠶᠢ ᠦᠷᠭᠦᠯᠵᠢᠯᠡᠨ ᠰᠠᠶᠢᠲᠤᠷ ᠠᠳᠬᠤᠨ᠎ᠠ᠃ ︽ᠲᠦᠷᠢᠮ︾ ᠢ | ᠤᠬᠠᠭᠤᠯᠤᠨ ᠲᠤᠭᠤᠰᠢᠯᠠᠭᠤᠯᠬᠤ ᠶᠢ ᠤᠰᠤᠨ ᠠᠰᠢᠭᠯᠠᠯᠲᠠ ᠶᠢᠨ ︽ᠨᠠᠢᠮᠠᠳᠤᠭᠠᠷ ᠲᠠᠪᠤᠨ ᠵᠢᠯ︾ ᠤᠨ ᠬᠠᠤᠯᠢ | ᠲᠦᠭᠡᠮᠡᠯᠵᠢᠭᠦᠯᠬᠦ ᠠᠵᠢᠯ ᠳᠤ ᠣᠷᠣᠭᠤᠯᠵᠤ᠂ ᠰᠤᠷᠤᠯᠴᠠᠨ ᠪᠣᠯᠪᠠᠰᠤᠷᠠᠭᠤᠯᠬᠤ ᠶᠢ ᠵᠣᠬᠢᠶᠠᠨ ᠪᠠᠶᠢᠭᠤᠯᠵᠤ᠂ ᠥᠷᠭᠡᠨ | ᠣᠯᠠᠨ ᠺᠠᠳ᠋ᠷ ᠠᠵᠢᠯᠲᠠᠨ ᠠᠵᠢᠯᠴᠢᠨ ᠤ ︽ᠲᠦᠷᠢᠮ︾ ᠢ ᠲᠤᠭᠤᠰᠢᠯᠠᠭᠤᠯᠤᠨ ᠬᠡᠷᠡᠭᠵᠢᠭᠦᠯᠬᠦ ᠴᠢᠳᠠᠪᠤᠷᠢ ᠪᠠ ᠬᠢᠷᠢ | ᠬᠡᠮᠵᠢᠶ᠎ᠡ ᠶᠢ ᠳᠡᠭᠡᠭᠰᠢᠯᠡᠭᠦᠯᠦᠨ᠎ᠡ᠃ ᠣᠯᠠᠨ ᠵᠦᠢᠯ ᠤᠨ ᠬᠡᠯᠪᠡᠷᠢ ᠪᠠᠷ ᠤᠬᠠᠭᠤᠯᠬᠤ ᠡᠷᠴᠢᠮ ᠢᠶᠠᠨ ᠴᠢᠩᠭᠠᠷᠠᠭᠤᠯᠵᠤ᠂ | ᠳᠡᠯᠡᠬᠡᠢ ᠶᠢᠨ ᠤᠰᠤᠨ ᠤ ᠡᠳᠦᠷ᠂ ᠳᠤᠮᠳᠠᠳᠤ ᠤᠯᠤᠰ ᠤᠨ ᠤᠰᠤᠨ ᠭᠠᠷᠠᠭ ᠵᠡᠷᠭᠡ ᠴᠢᠬᠤᠯᠠ ᠵᠠᠩᠭᠢᠯᠠᠭ᠎ᠠ ᠶᠢᠨ | ᠴᠡᠭ ᠲᠠᠢ ᠤᠶᠠᠯᠳᠤᠭᠤᠯᠤᠨ ᠤᠰᠤ ᠠᠷᠪᠢᠯᠠᠬᠤ ᠤᠬᠠᠭᠤᠯᠭ᠎ᠠ ᠶᠢ ᠴᠢᠩᠭᠠᠳᠭᠠᠨ᠎ᠠ᠂ 3 ᠳ᠋ᠤᠭᠠᠷ ᠰᠠᠷ᠎ᠠ ᠶᠢᠨ 22 ᠤ | ᠡᠳᠦᠷ ᠪᠣᠯ ᠳᠡᠯᠡᠬᠡᠢ ᠶᠢᠨ ᠤᠰᠤᠨ ᠤ ᠡᠳᠦᠷ᠂ ᠥᠨᠥᠳᠥᠷ ᠪᠠᠰᠠ ᠳᠤᠮᠳᠠᠳᠤ ᠤᠯᠤᠰ ᠤᠨ ᠤᠰᠤᠨ ᠭᠠᠷᠠᠭ ᠤᠨ | ᠬᠤᠭᠤᠴᠠᠭ᠎ᠠ ᠪᠤᠯᠤᠨ᠎ᠠ᠃ ᠪᠦᠬᠦ ᠤᠯᠤᠰ ᠤᠨ ᠤᠰᠤ ᠠᠷᠪᠢᠯᠠᠬᠤ ᠮᠡᠳᠡᠯᠭᠡ ᠶᠢᠨ ᠤᠷᠤᠯᠳᠤᠭᠠᠨ᠂ ᠤᠰᠤ ᠠᠷᠪᠢᠯᠠᠬᠤ | ᠰᠢᠨᠵᠢᠯᠡᠬᠦ ᠤᠬᠠᠭᠠᠨ ᠢ ᠲᠦᠭᠡᠮᠡᠯᠵᠢᠭᠦᠯᠬᠦ ᠦᠢᠯᠡᠳᠦᠯ ᠴᠢᠳᠠᠪᠤᠷᠢ ᠶᠢ ᠳᠡᠭᠡᠭᠰᠢᠯᠡᠭᠦᠯᠬᠦ ᠠᠵᠢᠯᠯᠠᠭ᠎ᠠ᠂ ︽ᠤᠰᠤ | ᠠᠷᠪᠢᠯᠠᠬᠤ ᠳᠤᠮᠳᠠᠳᠤ ᠤᠯᠤᠰ ᠤᠨ ᠠᠶᠠᠯᠠᠯ︾ ᠵᠡᠷᠭᠡ ᠭᠤᠣᠯ ᠰᠡᠳᠦᠪᠲᠦ ᠠᠵᠢᠯᠯᠠᠭ᠎ᠠ ᠶᠢ ᠥᠷᠨᠢᠭᠦᠯᠵᠦ᠂ ︽ᠤᠰᠤ | ᠠᠷᠪᠢᠯᠠᠬᠤ ᠡᠯᠴᠢᠨ ᠰᠠᠶᠢᠳ︾ ᠤᠨ ᠦᠢᠯᠡᠳᠦᠯ ᠢ ᠰᠠᠶᠢᠲᠤᠷ ᠪᠠᠳᠠᠷᠠᠭᠤᠯᠤᠨ᠂ ᠣᠯᠠᠨ ᠲᠦᠮᠡᠨ ᠤ ᠦᠵᠡᠵᠦ | ᠰᠣᠨᠢᠷᠬᠠᠬᠤ ᠳᠤᠷᠠᠲᠠᠶ ᠠᠷᠭ᠎ᠠ ᠮᠠᠶ᠋ᠢᠭ ᠢᠶᠠᠷ ᠤᠰᠤ ᠠᠷᠪᠢᠯᠠᠬᠤ ᠶᠢ ᠤᠬᠠᠭᠤᠯᠵᠤ᠂ ᠨᠡᠶᠢᠭᠡᠮ ᠨᠡᠶᠢᠲᠡ ᠶᠢ ᠬᠥᠲᠥᠯᠥᠨ | ᠵᠢᠯᠣᠭᠤᠳᠴᠤ ᠪᠠᠶᠢᠭᠠᠳ ᠤᠰᠤ ᠠᠷᠪᠢᠯᠠᠬᠤ ᠳᠤ ᠣᠷᠣᠯᠴᠠᠭᠤᠯᠵᠤ᠂ ᠤᠰᠤ ᠠᠷᠪᠢᠯᠠᠬᠤ ᠦᠵᠡᠯ ᠤᠬᠠᠮᠰᠠᠷ ᠪᠠ | ᠮᠡᠷᠭᠡᠵᠢᠯ ᠴᠢᠳᠠᠪᠤᠷᠢ ᠶᠢ ᠨᠢ ᠨᠡᠮᠡᠭᠳᠡᠭᠦᠯᠦᠨ᠂ ᠪᠦᠬᠦ ᠨᠡᠶᠢᠭᠡᠮ ᠤᠨ ᠤᠰᠤ ᠠᠷᠪᠢᠯᠠᠵᠤ ᠤᠰᠤ ᠶᠢ ᠬᠠᠮᠠᠭᠠᠯᠠᠬᠤ ᠰᠠᠶᠢᠨ | ᠰᠠᠶᠢᠬᠠᠨ ᠠᠭᠤᠷ ᠠᠮᠢᠰᠬᠤᠯ ᠢ ᠦᠷᠭᠦᠯᠵᠢᠯᠡᠨ ᠪᠤᠢ ᠪᠣᠯᠭᠠᠬᠤ ᠬᠡᠷᠡᠭᠲᠡᠶ᠃ | ᠬᠤᠶᠠᠷ ᠲᠤ᠂ ᠢᠵᠢ ᠪᠦᠷᠢᠳᠦᠭᠦᠯᠬᠦ ᠲᠦᠷᠢᠮ ᠤᠨ ᠪᠠᠶᠢᠭᠤᠯᠤᠯᠲᠠ ᠶᠢ ᠴᠢᠩᠭᠠᠳᠬᠠᠪᠠ᠃ ᠠᠵᠢᠯ ᠤᠨ | ᠪᠣᠳᠠᠲᠠᠶ ᠲᠠᠢ ᠪᠠᠨ ᠤᠶᠠᠯᠳᠤᠭᠤᠯᠤᠨ᠂ ︽ᠲᠦᠷᠢᠮ︾ ᠤᠨ ᠢᠵᠢ ᠪᠥᠷᠢᠳᠦᠭᠦᠯᠬᠦ ᠲᠦᠷᠢᠮ ᠤᠨ ᠪᠠᠶᠢᠭᠤᠯᠤᠯᠲᠠ ᠶᠢᠨ | ᠬᠡᠷᠡᠭᠴᠡᠭᠡ ᠱᠠᠭᠠᠷᠳᠠᠯᠭ᠎ᠠ ᠶᠢ ᠪᠥᠬᠦ ᠲᠠᠯ᠎ᠠ ᠪᠠᠷ ᠡᠮᠬᠢᠯᠡᠵᠦ᠂ ᠬᠠᠮᠢᠶ᠎ᠠ ᠪᠥᠬᠦᠶ ᠰᠠᠯᠠᠭ᠎ᠠ ᠮᠥᠴᠢᠷ ᠲᠠᠢ ᠬᠠᠮᠵᠢᠯᠴᠠᠨ | ᠤᠰᠤᠨ ᠤ ᠡᠬᠢ ᠪᠠᠶᠠᠯᠢᠭ ᠤᠨ ᠬᠠᠲᠠᠭᠤ ᠬᠢᠵᠠᠭᠠᠷᠯᠠᠯ᠂ ᠪᠥᠬᠦ ᠤᠯᠤᠰ ᠤᠨ ᠤᠰᠤ ᠠᠷᠪᠢᠯᠠᠬᠤ ᠲᠥᠯᠥᠪᠵᠢᠭᠦᠯᠭᠡ᠂ | ᠤᠰᠤ ᠬᠡᠷᠡᠭᠯᠡᠬᠦ ᠨᠣᠷᠮ᠎ᠠ᠂ ᠤᠰᠤ ᠠᠷᠪᠢᠯᠠᠬᠤ ᠲᠤᠭ᠎ᠠ ᠪᠦᠷᠢᠳᠬᠡᠯ ᠤᠨ ᠪᠠᠶᠢᠴᠠᠭᠠᠯᠲᠠ᠂ ᠤᠰᠤ ᠠᠷᠪᠢᠯᠠᠬᠤ ᠠᠵᠤ | ᠦᠢᠯᠡᠰ ᠢ ᠬᠥᠭᠵᠢᠭᠦᠯᠬᠦ᠂ ᠮᠥᠩᠭᠦᠨ ᠭᠦᠢᠯᠭᠡᠭᠡᠨ ᠢᠶᠠᠷ ᠤᠰᠤ ᠠᠷᠪᠢᠯᠠᠬᠤ ᠶᠢ ᠳᠡᠮᠵᠢᠬᠦ ᠵᠡᠷᠭᠡ ᠲᠥᠬᠦᠷ ᠲᠦᠷᠢᠮ ᠤᠨ | ᠪᠠᠶᠢᠭᠤᠯᠤᠯᠲᠠ ᠶᠢ ᠡᠮᠬᠢ ᠵᠢᠷᠤᠮ ᠲᠠᠢ ᠪᠠᠷ ᠠᠬᠢᠭᠤᠯᠵᠤ᠂ ᠣᠷᠣᠨ ᠨᠤᠲᠤᠭ ᠢ ᠵᠢᠯᠣᠭᠤᠳᠤᠨ ᠢᠵᠢ ᠪᠥᠷᠢᠳᠦᠭᠦᠯᠬᠦ | ᠲᠦᠷᠢᠮ ᠲᠣᠭᠲᠠᠭᠠᠯ᠂ ᠵᠢᠷᠤᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ ᠢ ᠲᠣᠭᠲᠠᠭᠠᠵᠤ ᠵᠠᠰᠠᠪᠤᠷᠢ ᠣᠷᠣᠭᠤᠯᠵᠤ᠂ | ᠬᠠᠮᠢᠶ᠎ᠠ ᠪᠥᠬᠦᠶ ᠢᠵᠢ ᠪᠥᠷᠢᠳᠦᠭᠦᠯᠬᠦ ᠲᠦᠷᠢᠮ ᠢ ᠠᠯᠬᠤᠮ ᠠᠯᠬᠤᠮ ᠢᠶᠠᠷ ᠲᠡᠭᠦᠯᠳᠡᠷᠵᠢᠭᠦᠯᠬᠦ ᠶᠢ ᠠᠬᠢᠭᠤᠯᠤᠨ᠎ᠠ᠃ | ᠭᠤᠷᠪᠠ ᠳᠤ᠂ ᠪᠦᠬᠦ ᠨᠡᠶᠢᠭᠡᠮ ᠤᠨ ᠬᠢᠨ ᠤ ᠤᠰᠤ ᠠᠷᠪᠢᠯᠠᠬᠤ ᠶᠢ ᠲᠦᠯᠬᠢᠨ ᠠᠬᠢᠭᠤᠯᠤᠨ᠎ᠠ᠃ ︽ᠲᠦᠷᠢᠮ︾ | ᠤᠨ ᠲᠣᠭᠲᠠᠭᠠᠯ ᠤᠨ ᠱᠠᠭᠠᠷᠳᠠᠯᠭ᠎ᠠ ᠶᠢ ᠪᠥᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠲᠠᠷᠢᠶᠠᠯᠠᠩ ᠤᠨ ᠤᠰᠤ | ᠠᠷᠪᠢᠯᠠᠵᠤ ᠦᠷ᠎ᠡ ᠠᠰᠢᠭ ᠢ ᠨᠡᠮᠡᠭᠳᠡᠭᠦᠯᠬᠦ᠂ ᠠᠵᠤ ᠦᠢᠯᠡᠳᠪᠦᠷᠢ ᠶᠢᠨ ᠤᠰᠤ ᠠᠷᠪᠢᠯᠠᠵᠤ ᠪᠣᠬᠢᠷᠲᠤᠯ | ᠭᠠᠳᠠᠭᠰᠢᠯᠠᠭᠤᠯᠬᠤ ᠶᠢ ᠪᠠᠭᠠᠰᠬᠠᠬᠤ᠂ ᠬᠤᠲᠠ ᠪᠠᠯᠭᠠᠰᠤ ᠶᠢᠨ ᠤᠰᠤ ᠠᠷᠪᠢᠯᠠᠵᠤ ᠬᠤᠬᠢᠷᠠᠯ ᠢ ᠪᠠᠭᠠᠰᠬᠠᠬᠤ ᠪᠠᠷ | ᠭᠤᠤᠯᠳᠠᠯᠭ᠎ᠠ ᠪᠣᠯᠭᠠᠨ᠂ ᠪᠥᠬᠦ ᠨᠡᠶᠢᠭᠡᠮ ᠤᠨ ᠡᠯ᠎ᠡ ᠠᠵᠢᠯ ᠲᠥᠷᠥᠯ ᠤᠨ ᠤᠰᠤ ᠠᠷᠪᠢᠯᠠᠬᠤ ᠶᠢ ᠦᠷᠭᠦᠯᠵᠢᠯᠡᠨ | ᠠᠬᠢᠭᠤᠯᠤᠨ᠎ᠠ᠃ ᠤᠰᠤᠨ ᠤ ᠡᠬᠢ ᠪᠠᠶᠠᠯᠢᠭ ᠤᠨ ᠬᠠᠲᠠᠭᠤ ᠬᠢᠵᠠᠭᠠᠷᠯᠠᠯ ᠢ ᠴᠢᠩᠭᠠᠳᠬᠠᠵᠤ᠂ ᠵᠦᠢ ᠵᠣᠬᠢᠰᠲᠠᠢ | ᠲᠤᠬᠢᠷᠠᠭᠤᠯᠵᠤ᠂ ᠠᠮᠢᠳᠤᠷᠠᠯ᠂ ᠦᠢᠯᠡᠳᠪᠦᠷᠢᠯᠡᠯ ᠪᠣᠯᠤᠨ ᠠᠮᠢ ᠠᠬᠤᠢ ᠣᠷᠴᠢᠨ ᠲᠣᠭᠤᠷᠢᠨ ᠤ ᠬᠡᠷᠡᠭᠯᠡᠬᠦ ᠤᠰᠤ ᠶᠢ | ᠨᠢᠭᠡᠳᠦᠯᠲᠡᠢ ᠲᠥᠯᠥᠪᠵᠢᠭᠦᠯᠦᠨ ᠵᠣᠬᠢᠴᠠᠭᠤᠯᠵᠤ᠂ ᠤᠰᠤᠨ ᠤ ᠡᠬᠢ ᠪᠠᠶᠠᠯᠢᠭ ᠢ ᠨᠠᠷᠢᠨ ᠨᠢᠮᠪᠠᠢ ᠪᠤᠳᠤᠵᠤ ᠰᠠᠶᠢᠲᠤᠷ | ᠬᠡᠷᠡᠭᠯᠡᠵᠦ᠂ ᠤᠰᠤᠨ ᠤ ᠡᠬᠢ ᠪᠠᠶᠠᠯᠢᠭ ᠢ ᠴᠢᠩᠭ᠎ᠠ ᠨᠢᠮᠪᠠᠢ ᠰᠠᠶᠢᠲᠤᠷ ᠬᠠᠮᠢᠶᠠᠷᠴᠤ᠂ ᠤᠰᠤ ᠠᠪᠬᠤ᠂ ᠬᠠᠩᠭᠠᠬᠤ᠂ | ᠬᠡᠷᠡᠭᠯᠡᠬᠦ᠂ ᠭᠠᠳᠠᠭᠰᠢᠯᠠᠭᠤᠯᠬᠤ ᠪᠦᠬᠦ ᠶᠠᠪᠤᠴᠠ᠂ ᠡᠯ᠎ᠡ ᠭᠤᠭᠴᠤᠭ᠎ᠠ ᠠᠴᠠ ᠤᠰᠤᠨ ᠤ ᠡᠬᠢ ᠪᠠᠶᠠᠯᠢᠭ ᠢ ᠠᠷᠪᠢᠯᠠᠵᠤ | ᠡᠷᠴᠢᠮᠵᠢᠭᠦᠯᠦᠨ ᠠᠰᠢᠭᠯᠠᠬᠤ ᠶᠢ ᠴᠢᠩᠭᠠᠳᠬᠠᠬᠤ ᠬᠡᠷᠡᠭᠲᠡᠢ᠃ | ᠳᠥᠷᠪᠡ ᠳᠤ᠂ ᠬᠢᠨᠠᠯᠲᠠ ᠲᠠᠯᠪᠢᠵᠤ ᠪᠠᠶᠢᠴᠠᠭᠠᠬᠤ ᠶᠢ ᠴᠢᠩᠭᠠᠳᠬᠠᠨ᠎ᠠ᠃ ᠤᠰᠤ ᠬᠡᠷᠡᠭᠯᠡᠬᠦ ᠠᠵᠢᠯᠯᠠᠭ᠎ᠠ ᠳᠤ | ᠬᠢᠨᠠᠯᠲᠠ ᠲᠠᠯᠪᠢᠵᠤ ᠪᠠᠶᠢᠴᠠᠭᠠᠬᠤ ᠶᠢ ᠬᠠᠤᠯᠢ ᠶᠣᠰᠣᠭᠠᠷ ᠴᠢᠩᠭᠠᠳᠬᠠᠵᠤ᠂ ︽ᠳᠦᠷᠢᠮ︾ ᠳᠠᠬᠢ ᠡᠯ᠎ᠡ ᠲᠥᠷᠥᠯ ᠤᠨ | ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠳᠤ ᠠᠩᠬᠠᠷᠤᠯ ᠢᠶᠠᠨ ᠲᠥᠪᠯᠡᠷᠡᠭᠦᠯᠵᠦ᠂ ᠬᠠᠤᠯᠢ ᠬᠡᠷᠡᠭᠵᠢᠭᠦᠯᠬᠦ | ᠡᠷᠴᠢᠮ ᠢᠶᠠᠨ ᠴᠢᠩᠭᠠᠷᠠᠭᠤᠯᠤᠨ᠂ ᠬᠠᠤᠯᠢ ᠶᠣᠰᠣᠭᠠᠷ ᠴᠢᠩᠭ᠎ᠠ ᠪᠠᠶᠢᠴᠠᠭᠠᠨ ᠰᠢᠢᠳᠪᠦᠷᠢᠯᠡᠬᠦ ᠬᠡᠷᠡᠭᠲᠡᠶ᠃ ᠨᠡᠶᠢᠲᠡᠯᠢᠭ | ᠬᠡᠷᠡᠭ ᠤᠨ ᠵᠢᠱᠢᠶ᠎ᠡ ᠶᠢ ᠨᠡᠶᠢᠲᠡᠯᠡᠵᠦ᠂ ᠬᠡᠷᠡᠭ ᠢᠶᠠᠷ ᠬᠠᠤᠯᠢ ᠲᠠᠶᠢᠯᠪᠤᠷᠢᠯᠠᠬᠤ ᠶᠢ ᠴᠢᠩᠭᠠᠳᠬᠠᠨ᠂ ᠰᠡᠷᠡᠮᠵᠢᠯᠡᠭᠦᠯᠬᠦ | ᠦᠢᠯᠡᠳᠦᠯ ᠢ ᠪᠠᠳᠠᠷᠠᠭᠤᠯᠤᠨ᠎ᠠ᠃ ᠬᠠᠤᠯᠢ ᠬᠡᠷᠡᠭᠵᠢᠭᠦᠯᠬᠦ ᠴᠢᠳᠠᠪᠤᠷᠢ ᠶᠢᠨ ᠪᠠᠶᠢᠭᠤᠯᠤᠯᠲᠠ ᠶᠢ ᠴᠢᠩᠭᠠᠳᠬᠠᠵᠤ᠂ | ᠬᠠᠤᠯᠢ ᠬᠡᠷᠡᠭᠵᠢᠭᠦᠯᠬᠦ ᠶᠠᠰᠤ ᠴᠢᠨᠠᠷ ᠪᠠ ᠬᠦᠴᠦᠨ ᠴᠢᠳᠠᠪᠤᠷᠢ ᠶᠢ ᠳᠡᠭᠡᠭᠰᠢᠯᠡᠭᠦᠯᠦᠨ᠎ᠡ᠃ ᠤᠰᠤᠨ ᠠᠰᠢᠭᠯᠠᠯᠲᠠ ᠶᠢᠨ | ᠶᠠᠮᠤᠨ ᠤ 12314 ᠬᠢᠨᠠᠯᠲᠠ ᠲᠠᠯᠪᠢᠵᠤ ᠢᠯᠡᠴᠢᠯᠡᠨ ᠮᠡᠳᠡᠭᠦᠯᠬᠦ ᠦᠢᠯᠡᠴᠢᠯᠡᠭᠡᠨ ᠤ ᠲᠠᠪᠴᠠᠩ ᠵᠡᠷᠭᠡ ᠳᠤ | ᠲᠦᠰᠢᠭᠯᠡᠨ᠂ ᠰᠣᠨᠢᠨ ᠮᠡᠳᠡᠭᠡᠨ ᠤ ᠵᠠᠭᠤᠴᠢᠯᠠᠭᠤᠷ ᠪᠠ ᠣᠯᠠᠨ ᠨᠡᠶᠢᠲᠡ ᠶᠢᠨ ᠦᠢᠯᠡᠳᠦᠯ ᠢ ᠪᠠᠳᠠᠷᠠᠭᠤᠯᠵᠤ᠂ | ᠤᠰᠤᠨ ᠤ ᠡᠬᠢ ᠪᠠᠶᠠᠯᠢᠭ ᠢ ᠪᠦᠷᠢᠯᠭᠡᠨ ᠰᠦᠢᠳᠬᠡᠬᠦ ᠦᠢᠯᠡ ᠠᠵᠢᠯᠯᠠᠭ᠎ᠠ ᠳᠤ ᠬᠢᠨᠠᠯᠲᠠ ᠲᠠᠯᠪᠢᠬᠤ ᠪᠠᠨ | ᠴᠢᠩᠭᠠᠳᠬᠠᠪᠠ᠃ ᠪᠠᠶᠠᠷᠯᠠᠯ᠎ᠠ᠃ | | | | | | ᠴᠧᠨ ᠳ᠋ᠠ ᠶᠦᠩ | | | | | | ᠰᠢᠨ ᠵᠢᠩ ᠰᠣᠨᠢᠨ ᠤ ᠰᠤᠷᠪᠤᠯᠵᠢᠯᠠᠭᠴᠢ ᠶᠢᠨ ᠠᠰᠠᠭᠤᠯᠲᠠ | | | ᠠᠰᠠᠭᠤᠬᠤ ᠨᠢ᠄ ᠬᠤᠲᠠ ᠶᠢᠨ ᠤᠰᠤ ᠠᠷᠪᠢᠯᠠᠬᠤ ᠪᠣᠯ ᠤᠰᠤ ᠠᠷᠪᠢᠯᠠᠬᠤ ᠠᠵᠢᠯ ᠤᠨ ᠴᠢᠬᠤᠯᠠ ᠬᠦᠷᠢᠶ᠎ᠡ | ᠪᠣᠯᠤᠨ᠎ᠠ᠂ ᠬᠤᠲᠠ ᠶᠢᠨ ᠤᠰᠤ ᠠᠷᠪᠢᠯᠠᠬᠤ ᠶᠢ ᠠᠬᠢᠭᠤᠯᠬᠤ ᠲᠠᠯ᠎ᠠ ᠪᠠᠷ ᠶᠠᠮᠠᠷ ᠶᠠᠮᠠᠷ ᠠᠵᠢᠯᠯᠠᠭ᠎ᠠ ᠥᠷᠨᠢᠭᠦᠯᠦᠭᠰᠡᠨ | ᠪᠤᠢ︖ ᠶᠠᠮᠠᠷ ᠶᠠᠮᠠᠷ ᠦᠷ᠎ᠡ ᠪᠦᠲᠦᠮᠵᠢ ᠣᠯᠤᠭᠰᠠᠨ ᠪᠤᠢ︖ ᠪᠠᠶᠠᠷᠯᠠᠯ᠎ᠠ᠃ | ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ ᠪᠠᠶᠢᠭᠤᠯᠤᠯᠲᠠ ᠶᠢᠨ ᠶᠠᠮᠤᠨ ᠤ ᠬᠤᠲᠠ ᠶᠢᠨ | ᠪᠦᠲᠦᠭᠡᠨ ᠪᠠᠶᠢᠭᠤᠯᠤᠯᠲᠠ ᠶᠢᠨ ᠵᠤᠷᠭᠠᠨ ᠤ ᠳᠠᠷᠤᠭ᠎ᠠ ᠬᠤ᠋ ᠽᠢ ᠵᠢᠶᠠᠨ ᠬᠠᠷᠢᠭᠤᠯᠬᠤ ᠨᠢ᠄ | ᠲᠠᠨ ᠤ ᠠᠰᠠᠭᠤᠭᠰᠠᠨ ᠳᠤ ᠪᠠᠶᠠᠷᠯᠠᠯ᠎ᠠ᠃ ᠶᠡᠷᠦᠩᠬᠡᠶ ᠱᠦᠵᠢ ᠰᠢ ᠶᠢᠨ ᠫᠢᠩ ᠴᠢᠬᠤᠯᠠᠴᠢᠯᠠᠭᠰᠠᠨ ᠨᠢ᠂ ︽ | ᠤᠰᠤ ᠪᠠᠷ ᠬᠤᠲᠠ ᠶᠢ ᠲᠣᠭᠲᠠᠭᠠᠵᠤ᠂ ᠤᠰᠤ ᠪᠠᠷ ᠭᠠᠵᠠᠷ ᠢ ᠲᠣᠭᠲᠠᠭᠠᠵᠤ᠂ ᠤᠰᠤ ᠪᠠᠷ ᠬᠥᠮᠦᠨ ᠢ ᠲᠣᠭᠲᠠᠭᠠᠵᠤ᠂ | ᠤᠰᠤ ᠪᠠᠷ ᠭᠠᠷᠤᠯᠲᠠ ᠶᠢ ᠲᠣᠭᠲᠠᠭᠠᠬᠤ︾ ᠬᠡᠷᠡᠭᠲᠡᠶ᠃ ᠣᠷᠣᠨ ᠰᠠᠭᠤᠴᠠ ᠪᠠ ᠬᠤᠲᠠ ᠬᠥᠳᠡᠭᠡ ᠶᠢᠨ ᠪᠦᠲᠦᠭᠡᠨ | ᠪᠠᠶᠢᠭᠤᠯᠤᠯᠲᠠ ᠶᠢᠨ ᠶᠠᠮᠤᠨ ᠬᠤᠲᠠ ᠶᠢᠨ ᠤᠰᠤ ᠠᠷᠪᠢᠯᠠᠬᠤ ᠠᠵᠢᠯ ᠢ ᠭᠦᠨᠵᠡᠭᠡᠶ ᠲᠦᠯᠬᠢᠨ ᠠᠬᠢᠭᠤᠯᠵᠤ᠂ ᠤᠰᠤ | ᠠᠷᠪᠢᠯᠠᠬᠤ ᠱᠠᠭᠠᠷᠳᠠᠯᠭ᠎ᠠ ᠶᠢ ᠬᠤᠲᠠ ᠶᠢᠨ ᠲᠥᠯᠥᠪᠵᠢᠭᠦᠯᠭᠡ᠂ ᠪᠦᠲᠦᠭᠡᠨ ᠪᠠᠶᠢᠭᠤᠯᠤᠯᠲᠠ᠂ ᠵᠠᠰᠠᠯᠲᠠ ᠶᠢᠨ ᠪᠦᠬᠦ | ᠶᠠᠪᠤᠴᠠ ᠳᠤ ᠲᠤᠭᠤᠰᠢᠯᠠᠭᠤᠯᠤᠨ᠂ ᠤᠰᠤ ᠠᠷᠪᠢᠯᠠᠬᠤ ᠮᠠᠶ᠋ᠢᠭ ᠤᠨ ᠬᠤᠲᠠ ᠶᠢᠨ ᠪᠦᠲᠦᠭᠡᠨ ᠪᠠᠶᠢᠭᠤᠯᠤᠯᠲᠠ ᠶᠢ ᠪᠦᠬᠦ | ᠲᠠᠯ᠎ᠠ ᠪᠠᠷ ᠲᠦᠯᠬᠢᠨ ᠠᠬᠢᠭᠤᠯᠵᠤ᠂ ᠬᠤᠲᠠ ᠶᠢᠨ ᠤᠰᠤ ᠬᠡᠷᠡᠭᠯᠡᠬᠦ ᠦᠷ᠎ᠡ ᠪᠦᠲᠦᠮᠵᠢ ᠶᠢ ᠳᠡᠭᠡᠭᠰᠢᠯᠡᠭᠦᠯᠦᠨ᠂ | ᠵᠣᠬᠢᠬᠤ ᠠᠮᠵᠢᠯᠲᠠ ᠣᠯᠤᠭᠰᠠᠨ ᠪᠠᠶᠢᠨ᠎ᠠ᠃ | ᠨᠢᠭᠡ ᠳᠤ᠂ ᠬᠤᠲᠠ ᠶᠢᠨ ᠤᠰᠤ ᠠᠷᠪᠢᠯᠠᠬᠤ ᠳᠦᠷᠢᠮ ᠢ ᠲᠡᠭᠦᠯᠳᠡᠷᠵᠢᠭᠦᠯᠵᠦ᠂ ᠤᠷᠲᠤ ᠬᠤᠭᠤᠴᠠᠭᠠᠨ ᠤ | ᠪᠦᠲᠦᠮᠵᠢᠲᠡᠶ ᠲᠣᠭᠲᠠᠴᠠ ᠶᠢ ᠪᠠᠶᠢᠭᠤᠯᠬᠤ ᠬᠡᠷᠡᠭᠲᠡᠶ᠃ ᠬᠤᠲᠠ ᠶᠢᠨ ᠤᠰᠤ ᠠᠷᠪᠢᠯᠠᠬᠤ ᠲᠥᠯᠥᠪᠵᠢᠭᠦᠯᠭᠡ᠂ | ᠲᠥᠯᠥᠪᠯᠡᠭᠡ ᠪᠠᠷ ᠤᠰᠤ ᠬᠡᠷᠡᠭᠯᠡᠬᠦ ᠬᠢᠭᠡᠳ ᠨᠣᠷᠮ᠎ᠠ ᠲᠣᠭᠲᠠᠭᠠᠨ ᠬᠠᠮᠢᠶᠠᠷᠬᠤ᠂ ᠤᠰᠤ ᠠᠷᠪᠢᠯᠠᠬᠤ ᠪᠦᠷᠢᠳᠬᠡᠯ ᠵᠡᠷᠭᠡ | ᠠᠯᠢ ᠣᠯᠠᠨ ᠳᠦᠷᠢᠮ ᠢ ᠪᠠᠶᠢᠭᠤᠯᠤᠨ ᠲᠡᠭᠦᠯᠳᠡᠷᠵᠢᠭᠦᠯᠵᠦ᠂ ᠡᠯ᠎ᠡ ᠲᠥᠷᠥᠯ ᠤᠨ ᠪᠦᠲᠦᠭᠡᠨ ᠪᠠᠶᠢᠭᠤᠯᠤᠯᠲᠠ ᠶᠢᠨ | ᠲᠥᠷᠥᠯ ᠵᠦᠢᠯ ᠳᠤ ᠤᠰᠤ ᠠᠷᠪᠢᠯᠠᠬᠤ ︽ᠭᠤᠷᠪᠠ ᠶᠢ ᠵᠡᠷᠭᠡ ᠳᠤᠨᠢ ᠬᠢᠬᠦ︾ ᠱᠠᠭᠠᠷᠳᠠᠯᠭ᠎ᠠ ᠶᠢ | ᠨᠠᠶᠢᠳᠠᠪᠤᠷᠢᠵᠢᠭᠤᠯᠬᠤ ᠨᠢ ᠳᠠᠷᠤᠶ ᠤᠰᠤ ᠠᠷᠪᠢᠯᠠᠬᠤ ᠪᠡᠯᠡᠳᠬᠡᠮᠵᠢ ᠶᠢ ᠭᠤᠤᠯ ᠴᠣᠭᠴᠠ ᠪᠠᠷᠢᠯᠭ᠎ᠠ ᠯᠤᠭ᠎ᠠ ᠵᠡᠷᠭᠡ ᠳᠤᠨᠢ | ᠵᠢᠷᠤᠭᠯᠠᠨ ᠲᠥᠯᠥᠪᠯᠡᠵᠦ᠂ ᠵᠡᠷᠭᠡ ᠳᠤᠨᠢ ᠪᠠᠷᠢᠵᠤ᠂ ᠵᠡᠷᠭᠡ ᠳᠤᠨᠢ ᠠᠰᠢᠭᠯᠠᠯᠲᠠ ᠳᠤ ᠣᠷᠣᠭᠤᠯᠤᠨ ᠬᠡᠷᠡᠭᠯᠡᠬᠦ ᠶᠠᠪᠤᠳᠠᠯ | ᠪᠣᠯᠤᠨ᠎ᠠ᠃ ᠬᠤᠲᠠ ᠶᠢᠨ ᠤᠰᠤ ᠠᠷᠪᠢᠯᠠᠬᠤ ᠵᠢᠯᠣᠭᠤᠳᠬᠤ ᠰᠠᠨᠠᠯ᠂ ᠠᠵᠢᠯ ᠤᠨ ᠵᠦᠭᠯᠡᠭᠦᠷ ᠢ ᠤᠷᠢᠳ ᠬᠤᠵᠢᠳ | ᠨᠡᠶᠢᠲᠡᠯᠡᠵᠦ᠂ ᠡᠯ᠎ᠡ ᠭᠠᠵᠠᠷ ᠤᠨ ᠬᠤᠲᠠ ᠶᠢᠨ ᠤᠰᠤ ᠠᠷᠪᠢᠯᠠᠬᠤ ᠠᠵᠢᠯ ᠢ ᠰᠢᠰᠲ᠋ᠧᠮᠵᠢᠭᠦᠯᠬᠦ᠂ ᠵᠢᠷᠤᠮᠵᠢᠭᠤᠯᠤᠨ | ᠠᠬᠢᠭᠤᠯᠬᠤ ᠶᠢ ᠵᠢᠯᠣᠭᠤᠳᠪᠠ᠃ | ᠬᠤᠶᠠᠷ ᠲᠤ᠂ ᠪᠠᠷᠢᠮᠵᠢᠶ᠎ᠠ ᠵᠢᠷᠤᠮᠵᠢᠭᠰᠠᠨ ᠰᠢᠰᠲ᠋ᠧᠮ ᠢ ᠪᠠᠶᠢᠭᠤᠯᠵᠤ᠂ ᠰᠢᠨᠵᠢᠯᠡᠬᠦ ᠤᠬᠠᠭᠠᠨ ᠲᠧᠭᠨᠢᠭ | ᠮᠡᠷᠭᠡᠵᠢᠯ ᠤᠨ ᠰᠢᠨ᠎ᠡ ᠶᠢ ᠡᠭᠦᠳᠬᠦ ᠶᠢ ᠠᠬᠢᠭᠤᠯᠬᠤ ᠬᠡᠷᠡᠭᠲᠡᠢ᠃ ᠠᠮᠢᠳᠤᠷᠠᠯ ᠤᠨ ᠤᠰᠤ ᠬᠡᠷᠡᠭᠯᠡᠬᠦ ᠪᠠᠭᠠᠵᠢ ᠬᠡᠷᠡᠭᠰᠡᠯ᠂ | ᠠᠷᠠᠳ ᠤᠨ ᠬᠡᠷᠡᠭᠯᠡᠭᠡᠨ ᠤ ᠪᠠᠷᠢᠯᠭ᠎ᠠ ᠶᠢᠨ ᠤᠰᠤ ᠠᠷᠪᠢᠯᠠᠬᠤ᠂ ᠪᠣᠬᠢᠷ ᠤᠰᠤ ᠶᠢ ᠳᠠᠬᠢᠨ ᠠᠰᠢᠭᠯᠠᠬᠤ᠂ ᠤᠰᠤ | ᠬᠠᠩᠭᠠᠬᠤ ᠬᠤᠭᠤᠯᠠᠶ ᠶᠢᠨ ᠲᠣᠤᠷ ᠤᠨ ᠭᠤᠭᠤᠵᠢᠭᠳᠠᠬᠤ ᠶᠢ ᠡᠵᠡᠮᠳᠡᠬᠦ᠂ ᠪᠣᠬᠢᠷᠲᠤᠯ ᠥᠬᠡᠶ ᠪᠠᠷᠢᠯᠭ᠎ᠠ ᠵᠡᠷᠭᠡ ᠰᠢᠷᠢᠰ | ᠪᠠᠷᠢᠮᠵᠢᠶ᠎ᠠ ᠶᠢᠨ ᠵᠢᠷᠤᠮᠵᠢᠯ ᠢ ᠲᠣᠭᠲᠠᠭᠠᠵᠤ᠂ ᠪᠠᠷᠢᠮᠵᠢᠶ᠎ᠠ ᠶᠢ ᠵᠢᠷᠤᠮᠵᠢᠭᠤᠯᠤᠨ ᠬᠢᠵᠠᠭᠠᠷᠯᠠᠬᠤ ᠪᠠᠷ ᠳᠠᠮᠵᠢᠭᠤᠯᠤᠨ᠂ | ᠮᠡᠷᠭᠡᠵᠢᠯ ᠤᠨ ᠰᠢᠨ᠎ᠡ ᠶᠢ ᠡᠭᠦᠳᠬᠦ ᠪᠠ ᠲᠥᠬᠦᠭᠡᠷᠦᠮᠵᠢ ᠶᠢ ᠰᠤᠳᠤᠯᠤᠨ ᠨᠡᠭᠡᠭᠡᠬᠦ ᠶᠢ ᠠᠬᠢᠭᠤᠯᠪᠠ᠃ ᠮᠠᠨ ᠤ | ᠬᠠᠵᠠᠭᠤ ᠳᠠᠬᠢ ᠵᠢᠱᠢᠶ᠎ᠡ ᠲᠠᠲᠠᠬᠤ ᠳᠤ᠂ ᠪᠢᠳᠡ ᠤᠰᠤ ᠠᠷᠪᠢᠯᠠᠬᠤ ᠬᠡᠯᠪᠡᠷᠢ ᠶᠢᠨ ᠭᠤᠭᠤᠵᠢᠭᠤᠷ ᠢ ᠳᠡᠯᠭᠡᠷᠡᠭᠦᠯᠬᠦ ᠶᠢ | ᠱᠠᠭᠠᠷᠳᠠᠵᠤ᠂ ᠤᠰᠤ ᠬᠡᠷᠡᠭᠯᠡᠬᠦ ᠬᠡᠮᠵᠢᠶ᠎ᠡ ᠶᠢ ᠪᠠᠭᠠᠰᠬᠠᠬᠤ ᠪᠠᠷ ᠪᠠᠷᠠᠬᠤ ᠦᠭᠡᠢ ᠪᠠᠰᠠ ᠤᠰᠤ ᠬᠡᠷᠡᠭᠯᠡᠬᠦ ᠶᠢᠨ | ᠲᠠᠭᠠᠯᠠᠮᠵᠢᠲᠠᠢ ᠬᠡᠮᠵᠢᠶ᠎ᠡ ᠶᠢ ᠳᠡᠭᠡᠭᠰᠢᠯᠡᠭᠦᠯᠬᠦ ᠬᠡᠷᠡᠭᠲᠡᠢ᠂ ᠡᠨᠡ ᠲᠠᠯ᠎ᠠ ᠪᠠᠷ ᠠᠷᠠᠳ ᠤᠯᠠᠨ ᠮᠠᠰᠢ ᠪᠠᠶᠠᠷᠯᠠᠨ ᠤᠭᠲᠤᠵᠤ | ᠪᠠᠶᠢᠨ᠎ᠠ᠃ | ᠭᠤᠷᠪᠠ ᠳᠤ᠂ ᠤᠰᠤ ᠠᠷᠪᠢᠯᠠᠬᠤ ᠮᠠᠶ᠋ᠢᠭ ᠤᠨ ᠬᠤᠲᠠ ᠶᠢᠨ ᠪᠦᠲᠦᠭᠡᠨ ᠪᠠᠶᠢᠭᠤᠯᠤᠯᠲᠠ ᠶᠢ ᠪᠦᠬᠦ ᠲᠠᠯ᠎ᠠ ᠪᠠᠷ | ᠲᠦᠯᠬᠢᠨ ᠠᠬᠢᠭᠤᠯᠵᠤ᠂ ᠤᠰᠤ ᠬᠡᠷᠡᠭᠯᠡᠬᠦ ᠬᠦᠴᠦᠨ ᠴᠢᠳᠠᠪᠤᠷᠢ ᠶᠢ ᠨᠢ ᠳᠡᠭᠡᠭᠰᠢᠯᠡᠭᠦᠯᠬᠦ ᠬᠡᠷᠡᠭᠲᠡᠶ᠃ 2022 | ᠣᠨ ᠳᠤ᠂ ᠤᠯᠤᠰ ᠤᠨ ᠤᠰᠤ ᠠᠷᠪᠢᠯᠠᠬᠤ ᠬᠡᠯᠪᠡᠷᠢ ᠶᠢᠨ ᠰᠢᠨ᠎ᠡ ᠨᠢᠭᠡ ᠨᠢᠭᠤᠷ ᠤᠨ ᠬᠤᠳᠠ ᠶᠢᠨ ᠦᠨᠡᠯᠡᠯᠲᠡ ᠶᠢᠨ | ᠪᠠᠷᠢᠮᠵᠢᠶ᠎ᠠ ᠶᠢ ᠨᠡᠶᠢᠲᠡᠯᠡᠵᠦ᠂ ᠡᠯ᠎ᠡ ᠭᠠᠵᠠᠷ ᠢ ᠬᠦᠳᠦᠯᠦᠨ ᠳᠠᠭᠠᠭᠤᠯᠵᠤ ᠪᠠᠶᠢᠭᠠᠳ ᠬᠤᠳᠠ ᠶᠢᠨ ᠤᠰᠤ | ᠠᠷᠪᠢᠯᠠᠬᠤ ᠶᠢ ᠠᠬᠢᠭᠤᠯᠵᠤ᠂ ᠲᠥᠬᠦᠭᠡᠷᠦᠮᠵᠢ ᠶᠢᠨ ᠪᠦᠳᠦᠭᠡᠨ ᠪᠠᠶᠢᠭᠤᠯᠤᠯᠲᠠ ᠪᠣᠯᠤᠨ ᠡᠯ᠎ᠡ ᠵᠦᠢᠯ ᠤᠨ | ᠲᠦᠷᠢᠮ ᠤᠨ ᠨᠠᠶᠢᠳᠠᠪᠤᠷᠢᠵᠢᠭᠤᠯᠤᠯᠲᠠ ᠶᠢ ᠴᠢᠩᠭᠠᠳᠬᠠᠪᠠ᠃ 32 ᠵᠢᠯ ᠳᠠᠷᠠᠭᠠᠯᠠᠨ ︽ᠪᠥᠬᠦ ᠤᠯᠤᠰ ᠤᠨ | ᠬᠤᠲᠠ ᠶᠢᠨ ᠤᠰᠤ ᠶᠢ ᠠᠷᠪᠢᠯᠠᠵᠤ ᠬᠡᠷᠡᠭᠯᠡᠬᠦ ᠤᠬᠠᠭᠤᠯᠭ᠎ᠠ ᠶᠢᠨ ᠭᠠᠷᠠᠭ︾ ᠤᠨ ᠠᠵᠢᠯᠯᠠᠭ᠎ᠠ ᠶᠢ ᠡᠷᠭᠢᠯᠡᠵᠦ᠂ ᠤᠰᠤ | ᠠᠷᠪᠢᠯᠠᠬᠤ ᠬᠡᠯᠪᠡᠷᠢ ᠶᠢᠨ ᠨᠢᠭᠡᠴᠢ᠂ ᠤᠰᠤ ᠠᠷᠪᠢᠯᠠᠬᠤ ᠬᠡᠯᠪᠡᠷᠢ ᠶᠢᠨ ᠠᠵᠤ ᠠᠬᠤᠶᠢᠯᠠᠯ᠂ ᠤᠰᠤ ᠠᠷᠪᠢᠯᠠᠬᠤ | ᠬᠡᠯᠪᠡᠷᠢ ᠶᠢᠨ ᠵᠢᠵᠢᠭ ᠲᠣᠭᠤᠷᠢᠭ ᠢ ᠪᠠᠶᠢᠭᠤᠯᠬᠤ ᠪᠠᠷ ᠳᠠᠮᠵᠢᠭᠤᠯᠤᠨ᠂ ᠤᠰᠤ ᠠᠷᠪᠢᠯᠠᠬᠤ ᠬᠡᠯᠪᠡᠷᠢ ᠶᠢᠨ ᠬᠤᠲᠠ ᠶᠢᠨ | ᠪᠥᠲᠥᠭᠡᠨ ᠪᠠᠶᠢᠭᠤᠯᠤᠯᠲᠠ ᠶᠢᠨ ᠨᠡᠶᠢᠭᠡᠮ ᠤᠨ ᠰᠠᠭᠤᠷᠢ ᠶᠢ ᠲᠠᠰᠤᠷᠠᠯᠲᠠ ᠥᠬᠡᠶ ᠪᠠᠬᠢᠵᠢᠭᠦᠯᠪᠡ᠃ ᠪᠥᠬᠦ ᠤᠯᠤᠰ ᠲᠤ | ᠨᠡᠶᠢᠲᠡ 11 ᠪᠦᠯᠦᠭ ᠤᠯᠤᠰ ᠤᠨ ᠤᠰᠤ ᠠᠷᠪᠢᠯᠠᠬᠤ ᠬᠡᠯᠪᠡᠷᠢ ᠶᠢᠨ 145 ᠬᠤᠲᠠ ᠶᠢ ᠪᠠᠶᠢᠭᠤᠯᠪᠠ᠃ ᠡᠭᠦᠨ ᠤ | ᠬᠠᠮᠲᠤ᠂ ᠪᠢᠳᠡ ᠬᠤᠲᠠ ᠪᠠᠯᠭᠠᠰᠤᠨ ᠤ ᠪᠣᠬᠢᠷ ᠤᠰᠤ ᠶᠢ ᠳᠠᠬᠢᠨ ᠠᠰᠢᠭᠯᠠᠬᠤ ᠶᠢ ᠦᠷᠭᠦᠯᠵᠢᠯᠡᠨ ᠠᠬᠢᠭᠤᠯᠵᠤ᠂ | ᠳᠠᠬᠢᠯᠲᠠ ᠤᠰᠤᠨ ᠤ ᠦᠢᠯᠡᠳᠪᠦᠷᠢᠯᠡᠯ᠂ ᠳᠠᠮᠵᠢᠭᠤᠯᠬᠤ ᠴᠢᠳᠠᠪᠤᠷᠢ ᠶᠢ ᠳᠡᠭᠡᠭᠰᠢᠯᠡᠭᠦᠯᠦᠨ᠂ ᠬᠤᠯᠪᠣᠭᠳᠠᠯ ᠪᠦᠬᠦᠢ | ᠰᠠᠯᠠᠭ᠎ᠠ ᠮᠥᠴᠢᠷ ᠯᠦᠭᠡ 116 ᠬᠤᠲᠠ ᠯᠤᠭ᠎ᠠ ᠳᠠᠬᠢᠯᠲᠠ ᠤᠰᠤ ᠶᠢ ᠠᠰᠢᠭᠯᠠᠬᠤ ᠬᠠᠮᠢᠶ᠎ᠠ ᠪᠦᠬᠦᠢ ᠲᠤᠷᠰᠢᠯᠲᠠ ᠶᠢ | ᠥᠷᠨᠢᠭᠦᠯᠵᠦ᠂ ᠪᠦᠬᠦ ᠤᠯᠤᠰ ᠤᠨ ᠬᠤᠲᠠ ᠯᠤᠭ᠎ᠠ ᠵᠢᠯ ᠪᠦᠷᠢ ᠶᠢᠨ ᠳᠠᠬᠢᠯᠲᠠ ᠤᠰᠤᠨ ᠠᠰᠢᠭᠯᠠᠯᠲᠠ ᠶᠢᠨ ᠬᠡᠷᠡᠭᠯᠡᠬᠦ | ᠬᠡᠮᠵᠢᠶ᠎ᠡ ᠶᠢ ᠪᠠᠷᠤᠭ 180 ᠳ᠋ᠦᠩᠰᠢᠭᠤᠷ ᠪᠣᠰᠤᠭ᠎ᠠ ᠳᠥᠷᠪᠡᠯᠵᠢᠨ ᠮᠧᠲᠷ ᠣᠷᠴᠢᠮ ᠶᠠᠪᠤᠭᠳᠠᠭᠤᠯᠵᠤ᠂ ᠳᠠᠬᠢᠯᠲᠠ | ᠤᠰᠤᠨ ᠤ ᠠᠰᠢᠭᠯᠠᠯᠲᠠ ᠶᠢᠨ ᠨᠣᠷᠮ᠎ᠠ ᠶᠢ 29% ᠳᠤ ᠬᠦᠷᠭᠡᠨ᠎ᠡ᠃ 2015 ᠣᠨ ᠠᠴᠠ ᠨᠠᠭᠠᠰᠢ᠂ ᠪᠢᠳᠡ | ᠬᠠᠶᠢᠮᠢᠶᠠᠨ ᠬᠤᠲᠠ ᠶᠢᠨ ᠪᠦᠲᠦᠭᠡᠨ ᠪᠠᠶᠢᠭᠤᠯᠤᠯᠲᠠ ᠶᠢ ᠭᠦᠨᠵᠡᠭᠡᠶ ᠠᠬᠢᠭᠤᠯᠵᠤ᠂ ᠪᠦᠬᠦ ᠤᠯᠤᠰ ᠤᠨ 90 | ᠬᠤᠲᠠ ᠳᠤ ᠲᠤᠷᠰᠢᠯᠲᠠ ᠶᠢᠨ ᠴᠡᠭ ᠢᠶᠠᠷ ᠵᠢᠱᠢᠶ᠎ᠡ ᠦᠵᠡᠭᠦᠯᠵᠦ᠂ ᠪᠣᠷᠣᠭᠠᠨ ᠤ ᠤᠰᠤ ᠶᠢ ᠠᠶᠠᠨᠳᠠᠭᠠᠨ ᠬᠠᠳᠠᠭᠠᠯᠠᠬᠤ᠂ | ᠠᠶᠠᠨᠳᠠᠭᠠᠨ ᠨᠡᠪᠴᠢᠬᠦ᠂ ᠠᠶᠠᠨᠳᠠᠭᠠᠨ ᠴᠡᠪᠡᠷᠰᠢᠭᠦᠯᠬᠦ ᠶᠢ ᠪᠡᠶᠡᠯᠡᠭᠦᠯᠵᠦ᠂ ᠪᠣᠷᠣᠭᠠᠨ ᠤ ᠤᠰᠤᠨ ᠤ ᠡᠬᠢ ᠪᠠᠶᠠᠯᠢᠭ ᠢ | ᠲᠤᠬᠠᠶ ᠶᠢᠨ ᠭᠠᠵᠠᠷ ᠲᠤᠨᠢ ᠰᠢᠩᠭᠡᠭᠡᠬᠦ᠂ ᠲᠤᠬᠠᠶ ᠶᠢᠨ ᠭᠠᠵᠠᠷ ᠲᠤᠨᠢ ᠠᠰᠢᠭᠯᠠᠬᠤ ᠬᠢᠷᠢ ᠲᠦᠪᠰᠢᠨ ᠢ | ᠳᠡᠭᠡᠭᠰᠢᠯᠡᠭᠦᠯᠪᠡ᠃ | ᠲᠠᠷᠠᠭᠠᠴᠢ ᠶᠢᠨ ᠠᠯᠬᠤᠮ ᠳᠤ᠂ ᠪᠢᠳᠡ ᠡᠭᠦᠷᠭᠡ ᠬᠠᠷᠢᠭᠤᠴᠠᠯᠭ᠎ᠠ ᠶᠢᠨ ᠶᠣᠰᠣᠭᠠᠷ ᠡᠯ᠎ᠡ ᠭᠠᠵᠠᠷ ᠢ | ᠵᠢᠯᠣᠭᠤᠳᠤᠨ ︽ᠤᠰᠤ ᠶᠢ ᠠᠷᠪᠢᠯᠠᠨ ᠬᠡᠷᠡᠭᠯᠡᠬᠦ ᠲᠦᠷᠢᠮ︾ ᠤᠨ ᠨᠠᠶᠢᠳᠠᠪᠤᠷᠢᠵᠢᠭᠤᠯᠤᠯᠲᠠ ᠶᠢ ᠰᠠᠶᠢᠲᠤᠷ | ᠠᠳᠬᠤᠵᠤ᠂ ᠤᠰᠤᠨ ᠤ ᠡᠬᠢ ᠪᠠᠶᠠᠯᠢᠭ ᠤᠨ ᠠᠰᠢᠭᠯᠠᠯᠲᠠ ᠶᠢᠨ ᠦᠷ᠎ᠡ ᠪᠦᠲᠦᠮᠵᠢ ᠶᠢ ᠤᠯᠠᠮ ᠨᠢᠭᠡ ᠠᠯᠬᠤᠮ | ᠳᠡᠭᠡᠭᠰᠢᠯᠡᠭᠦᠯᠦᠨ᠂ ᠬᠤᠲᠠ ᠶᠢᠨ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠤᠨ᠎ᠠ᠃ ᠪᠠᠶᠠᠷᠯᠠᠯ᠎ᠠ᠃ | | | | | | ᠬᠤ᠋ ᠽᠢ ᠵᠢᠶᠠᠨ | | | | | | ᠬᠤᠩ ᠰᠢᠩ ᠰᠣᠨᠢᠨ ᠮᠡᠳᠡᠭᠡᠨ ᠤ ᠰᠤᠷᠪᠤᠯᠵᠢᠯᠠᠭᠴᠢ ᠶᠢᠨ ᠠᠰᠠᠭᠤᠯᠲᠠ | | | ᠠᠰᠠᠭᠤᠬᠤ ᠨᠢ᠄ ᠪᠢᠳᠠ ︽ᠤᠯᠤᠰ ᠤᠨ ᠤᠰᠤ ᠠᠷᠪᠢᠯᠠᠬᠤ ᠠᠵᠢᠯᠯᠠᠭ᠎ᠠ ᠶᠢᠨ ᠲᠦᠰᠦᠯ︾᠂ ︽ᠤᠰᠤ ᠶᠢ | ᠠᠷᠪᠢᠯᠠᠨ ᠭᠠᠮᠨᠠᠬᠤ ᠲᠦᠷᠢᠮ︾ ᠳᠤ ᠴᠦᠮ ᠤᠰᠤᠨ ᠤ ᠠᠰᠢᠭᠯᠠᠮᠵᠢ ᠶᠢᠨ ᠲᠡᠮᠳᠡᠭ ᠤᠨ ᠬᠠᠮᠢᠶᠠᠷᠤᠯᠳᠠ ᠶᠢ | ᠲᠤᠷᠠᠳᠴᠤ᠂ ︽ᠤᠰᠤᠨ ᠤ ᠠᠰᠢᠭᠯᠠᠮᠵᠢ ᠶᠢᠨ ᠲᠡᠮᠳᠡᠭ︾ ᠤᠨ ᠨᠢᠭᠡᠨᠳᠡ ᠦᠷᠨᠢᠬᠦᠯᠵᠦ ᠪᠠᠶᠢᠭ᠎ᠠ ᠠᠵᠢᠯ ᠪᠤᠯᠤᠨ | ᠦᠷ᠎ᠡ ᠪᠦᠳᠦᠮᠵᠢ ᠶᠢ ᠲᠠᠨᠢᠯᠴᠠᠭᠤᠯᠵᠦ ᠴᠢᠳᠠᠨ᠎ᠠ ᠤᠤ︖ ᠪᠠᠶᠠᠷᠯᠠᠯ᠎ᠠ᠃ | ᠤᠯᠤᠰ ᠤᠨ ᠬᠦᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠤᠨ ᠡᠬᠢ ᠪᠠᠶᠠᠯᠢᠭ ᠢ ᠠᠷᠪᠢᠯᠠᠬᠤ ᠪᠠ | ᠣᠷᠴᠢᠨ ᠲᠣᠭᠤᠷᠢᠨ ᠢ ᠬᠠᠮᠠᠭᠠᠯᠠᠬᠤ ᠵᠤᠷᠭᠠᠨ ᠤ ᠬᠠᠷᠢᠭᠤᠴᠠᠯᠭᠠᠲᠠᠨ ᠨᠢᠦ ᠪᠥᠸᠧ ᠬᠠᠷᠢᠭᠤᠯᠬᠤ ᠨᠢ᠄ | ᠰᠤᠷᠪᠤᠯᠵᠢᠯᠠᠭᠴᠢ ᠶᠢᠨ ᠠᠰᠠᠭᠤᠯᠲᠠ ᠳᠤ ᠲᠠᠯᠠᠷᠬᠠᠵᠤ ᠪᠠᠶᠢᠨ᠎ᠠ᠃ ᠤᠰᠤᠨ ᠤ ᠠᠰᠢᠭᠯᠠᠮᠵᠢ ᠶᠢᠨ ᠲᠡᠮᠳᠡᠭ ᠤᠨ | ᠳᠦᠷᠢᠮ ᠪᠣᠯ ᠮᠠᠨ ᠤ ᠤᠯᠤᠰ ᠤᠨ ᠤᠰᠤ ᠠᠷᠪᠢᠯᠠᠬᠤ ᠬᠠᠮᠢᠶᠠᠷᠤᠯᠲᠠ ᠶᠢᠨ ᠠᠷᠭ᠎ᠠ ᠮᠠᠶ᠋ᠢᠭ ᠤᠨ ᠴᠢᠬᠤᠯᠠ ᠰᠢᠨ᠎ᠡ | ᠡᠭᠦᠳᠦᠯᠲᠡ ᠮᠥᠨ᠂ ᠵᠠᠬ᠎ᠠ ᠳᠡᠯᠭᠡᠭᠦᠷ ᠤᠨ ᠠᠵᠤ ᠠᠬᠤᠶ ᠶᠢᠨ ᠨᠥᠬᠦᠴᠡᠯ ᠳᠣᠤᠷᠠᠬᠢ ᠵᠠᠰᠠᠭ ᠤᠨ ᠣᠷᠳᠣᠨ ᠤ ᠤᠰᠤ | ᠬᠡᠷᠡᠭᠯᠡᠬᠦ ᠦᠢᠯᠡᠳᠬᠦᠨ ᠤ ᠬᠠᠮᠢᠶᠠᠷᠤᠯᠲᠠ ᠳᠠᠬᠢ ᠪᠦᠲᠦᠮᠵᠢᠲᠡᠶ ᠠᠷᠭ᠎ᠠ ᠬᠡᠮᠵᠢᠶ᠎ᠡ ᠮᠥᠨ᠂ ᠪᠠᠰᠠ ᠴᠤ ᠤᠰᠤ ᠬᠡᠷᠡᠭᠯᠡᠬᠦ | ᠪᠦᠲᠦᠭᠡᠭᠳᠡᠬᠦᠨ ᠤ ᠵᠠᠬ᠎ᠠ ᠳᠡᠯᠭᠡᠭᠦᠷ ᠢ ᠵᠢᠷᠤᠮᠵᠢᠭᠤᠯᠵᠤ᠂ ᠮᠠᠨ ᠤ ᠤᠯᠤᠰ ᠤᠨ ᠤᠰᠤ ᠬᠡᠷᠡᠭᠯᠡᠬᠦ ᠪᠦᠲᠦᠭᠡᠭᠳᠡᠬᠦᠨ ᠤ | ᠦᠢᠯᠡᠳᠪᠦᠷᠢᠯᠡᠯ ᠤᠨ ᠠᠵᠤ ᠠᠬᠤᠶᠢᠯᠠᠯ ᠤᠨ ᠣᠯᠠᠨ ᠤᠯᠤᠰ ᠤᠨ ᠥᠷᠢᠰᠥᠯᠳᠦᠬᠦ ᠬᠦᠴᠦᠨ ᠢ ᠳᠡᠭᠡᠭᠰᠢᠯᠡᠭᠦᠯᠵᠦ | ᠣᠯᠠᠨ ᠤᠯᠤᠰ ᠤᠨ ᠬᠠᠷᠢᠯᠴᠠᠨ ᠮᠡᠳᠡᠷᠡᠬᠦ ᠶᠢ ᠴᠢᠩᠭᠠᠳᠬᠠᠬᠤ ᠴᠢᠬᠤᠯᠠ ᠭᠠᠷᠳᠠᠴᠠ ᠮᠥᠨ᠃ 2017 ᠣᠨ ᠳᠤ᠂ | ᠤᠯᠤᠰ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠤᠰᠤᠨ ᠠᠰᠢᠭᠯᠠᠯᠲᠠ ᠶᠢᠨ ᠶᠠᠮᠤᠨ ᠵᠡᠷᠭᠡ | ᠰᠠᠯᠠᠭ᠎ᠠ ᠮᠥᠴᠢᠷ ᠲᠠᠢ ᠬᠠᠮᠲᠤᠷᠠᠨ ︽ᠤᠰᠤᠨ ᠤ ᠠᠰᠢᠭᠯᠠᠮᠵᠢ ᠶᠢᠨ ᠲᠡᠮᠳᠡᠭ ᠤᠨ ᠬᠠᠮᠢᠶᠠᠷᠤᠯᠲᠠ ᠶᠢᠨ ᠠᠷᠭ᠎ᠠ︾ ᠶᠢ | ᠨᠡᠶᠢᠲᠡᠯᠡᠵᠦ᠂ ᠮᠠᠨ ᠤ ᠤᠯᠤᠰ ᠤᠰᠤᠨ ᠤ ᠠᠰᠢᠭᠯᠠᠮᠵᠢ ᠶᠢᠨ ᠲᠡᠮᠳᠡᠭ ᠤᠨ ᠳᠦᠷᠢᠮ ᠢ ᠵᠢᠩᠬᠢᠨᠢ ᠪᠠᠷ | ᠪᠠᠶᠢᠭᠤᠯᠤᠭᠰᠠᠨ ᠢ ᠬᠠᠷᠠᠭᠤᠯᠵᠤ ᠪᠠᠶᠢᠨ᠎ᠠ᠃ ᠬᠡᠷᠡᠭᠵᠢᠭᠦᠯᠦᠭᠰᠡᠨ ᠠᠴᠠ ᠨᠠᠭᠠᠰᠢ᠂ ᠵᠠᠷᠢᠮ ᠦᠷ᠎ᠡ ᠪᠦᠲᠦᠮᠵᠢ ᠤᠯᠵᠠᠢ᠃ | | ᠨᠢᠭᠡ ᠳᠤ᠂ ᠳᠥᠷᠪᠡᠨ ᠪᠦᠯᠦᠭ ᠬᠡᠷᠡᠭᠵᠢᠭᠦᠯᠬᠦ ᠭᠠᠷᠴᠠᠭ ᠢ ᠨᠡᠶᠢᠲᠡᠯᠡᠪᠡ᠃ 2018 ᠣᠨ ᠠᠴᠠ ᠨᠠᠭᠠᠰᠢ᠂ | ᠤᠯᠤᠰ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠠᠴᠠ ᠬᠠᠮᠢᠶ᠎ᠠ ᠪᠦᠬᠦᠢ ᠰᠠᠯᠠᠭ᠎ᠠ ᠮᠥᠴᠢᠷ ᠲᠠᠢ | ᠬᠠᠮᠲᠤᠷᠠᠨ ᠳᠥᠷᠪᠡᠨ ᠪᠦᠯᠦᠭ ᠤᠰᠤᠨ ᠤ ᠠᠰᠢᠭᠯᠠᠮᠵᠢ ᠶᠢᠨ ᠢᠯᠡᠳᠬᠡᠮᠵᠢ ᠶᠢᠨ ᠬᠡᠷᠡᠭᠵᠢᠭᠦᠯᠬᠦ ᠭᠠᠷᠴᠠᠭ ᠢ | ᠵᠠᠯᠭᠠᠭ᠎ᠠ ᠪᠠᠷ ᠨᠡᠶᠢᠲᠡᠯᠡᠵᠦ᠂ ᠳᠥᠭᠦᠮ ᠳᠥᠲᠡ᠂ ᠰᠦᠷᠴᠢᠭᠦᠷ᠂ ᠤᠰᠤ ᠴᠡᠪᠡᠷᠰᠢᠭᠦᠯᠬᠦ ᠮᠠᠰᠢᠨ᠂ ᠤᠶᠤᠨᠲᠤ | ᠰᠠᠭᠤᠯᠳᠠᠭᠤᠷ᠂ ᠠᠶᠠᠭ᠎ᠠ ᠤᠬᠢᠶᠠᠬᠤ ᠮᠠᠰᠢᠨ᠂ ᠤᠰᠤᠨ ᠠᠮᠠ ᠵᠡᠷᠭᠡ 6 ᠲᠥᠷᠥᠯ ᠤᠨ ᠠᠮᠢᠳᠤᠷᠠᠯ ᠳᠤ ᠬᠡᠷᠡᠭᠯᠡᠬᠦ | ᠤᠰᠤᠨ ᠤ ᠦᠢᠯᠡᠳᠭᠦᠨ ᠢ ᠤᠰᠤᠨ ᠤ ᠠᠰᠢᠭᠯᠠᠮᠵᠢ ᠶᠢᠨ ᠲᠡᠮᠳᠡᠭ ᠤᠨ ᠬᠠᠮᠢᠶᠠᠷᠤᠯᠲᠠ ᠳᠤ ᠣᠷᠣᠭᠤᠯᠪᠠ᠃ | ᠬᠤᠶᠠᠷ ᠲᠤ᠂ ᠤᠰᠤᠨ ᠤ ᠠᠰᠢᠭᠯᠠᠮᠵᠢ ᠶᠢᠨ ᠢᠯᠭᠠᠬᠤ ᠲᠥᠬᠦᠭᠡᠷᠦᠮᠵᠢ ᠶᠢᠨ ᠳᠠᠩᠰᠠᠯᠠᠯᠲᠠ ᠶᠢ ᠠᠬᠢᠭᠤᠯᠤᠨ᠎ᠠ᠃ | ᠤᠰᠤᠨ ᠤ ᠠᠰᠢᠭᠯᠠᠮᠵᠢ ᠶᠢᠨ ᠲᠡᠮᠳᠡᠭ ᠤᠨ ᠲᠥᠬᠦᠭᠡᠷᠦᠮᠵᠢ ᠶᠢᠨ ᠠᠵᠤ ᠠᠬᠤᠶᠢᠯᠠᠯ ᠣᠳᠣᠬᠠᠨ ᠳᠤ 1.1 ᠲᠦᠮᠡ ᠶᠢ | ᠳᠠᠪᠠᠵᠤ᠂ ᠳᠠᠩᠰᠠᠯᠠᠭᠤᠯᠤᠭᠰᠠᠨ ᠦᠢᠯᠡᠳᠬᠦᠨ ᠤ ᠬᠡᠯᠪᠡᠷᠢ ᠮᠠᠶ᠋ᠢᠭ ᠨᠢ 11 ᠲᠦᠮᠡ ᠭᠠᠷᠤᠶ ᠬᠤᠪᠢ ᠬᠦᠷᠴᠦ᠂ ᠤᠰᠤ | ᠠᠷᠪᠢᠯᠠᠬᠤ ᠬᠡᠯᠪᠡᠷᠢ ᠶᠢᠨ ᠦᠢᠯᠡᠳᠬᠦᠨ ᠤ ᠵᠠᠬ᠎ᠠ ᠳᠡᠯᠭᠡᠭᠦᠷ ᠤᠨ ᠡᠵᠡᠯᠡᠬᠦ ᠨᠣᠷᠮ᠎ᠠ ᠠᠯᠬᠤᠮ ᠠᠯᠬᠤᠮ ᠢᠶᠠᠷ | ᠳᠡᠭᠡᠭᠰᠢᠯᠡᠪᠡ᠃ ᠭᠤᠷᠪᠠ ᠳᠤ᠂ ᠤᠰᠤᠨ ᠤ ᠠᠰᠢᠭᠯᠠᠮᠵᠢ ᠶᠢᠨ ᠳᠠᠭᠠᠭᠤᠯᠤᠭᠴᠢ ᠶᠢᠨ ᠬᠥᠲᠥᠯᠥᠨ ᠳᠠᠭᠠᠭᠤᠯᠬᠤ | ᠠᠵᠢᠯᠯᠠᠭ᠎ᠠ ᠶᠢ ᠬᠡᠷᠡᠭᠵᠢᠭᠦᠯᠦᠨ᠎ᠡ᠃ ᠤᠰᠤᠨ ᠤ ᠠᠰᠢᠭᠯᠠᠮᠵᠢ ᠶᠢᠨ ᠢᠯᠡᠳᠬᠡᠮᠵᠢ ᠶᠢᠨ ᠰᠠᠭᠤᠷᠢᠨ ᠳᠡᠭᠡᠷ᠎ᠡ᠂ 2016 | ᠣᠨ ᠠᠴᠠ ᠡᠬᠢᠯᠡᠨ᠂ ᠤᠯᠤᠰ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠠᠴᠠ ᠬᠠᠮᠢᠶ᠎ᠠ ᠪᠥᠬᠦᠶ | ᠰᠠᠯᠠᠭ᠎ᠠ ᠮᠥᠴᠢᠷ ᠲᠠᠢ ᠬᠠᠮᠲᠤᠷᠠᠨ ᠤᠰᠤᠨ ᠤ ᠠᠰᠢᠭᠯᠠᠮᠵᠢ ᠶᠢᠨ ᠳᠠᠭᠠᠭᠤᠯᠤᠭᠴᠢ ᠶᠢ ᠰᠢᠯᠢᠨ ᠰᠣᠩᠭᠤᠬᠤ ᠠᠵᠢᠯ ᠢ | ᠵᠣᠬᠢᠶᠠᠨ ᠪᠠᠶᠢᠭᠤᠯᠤᠨ ᠥᠷᠨᠢᠭᠦᠯᠵᠦ᠂ ᠨᠢᠭᠡ ᠪᠦᠯᠦᠭ ᠤᠰᠤ ᠬᠡᠷᠡᠭᠯᠡᠬᠦ ᠦᠢᠯᠡᠳᠬᠦᠨ᠂ ᠤᠰᠤᠯᠠᠯᠲᠠ ᠶᠢᠨ ᠣᠷᠣᠨ᠂ | ᠣᠯᠠᠨ ᠨᠡᠶᠢᠲᠡ ᠶᠢᠨ ᠪᠠᠶᠢᠭᠤᠯᠤᠮᠵᠢ ᠶᠢᠨ ᠤᠰᠤᠨ ᠤ ᠠᠰᠢᠭᠯᠠᠮᠵᠢ ᠶᠢᠨ ᠳᠠᠭᠠᠭᠤᠯᠤᠭᠴᠢ ᠶᠢ ᠨᠡᠶᠢᠲᠡᠯᠡᠵᠦ᠂ ᠬᠡᠪ | ᠳᠠᠭᠤᠷᠢᠶᠠᠯ᠂ ᠪᠠᠷᠢᠮᠵᠢᠶ᠎ᠠ ᠪᠠᠷ ᠬᠥᠲᠥᠯᠦᠨ ᠳᠠᠭᠠᠭᠤᠯᠬᠤ᠂ ᠲᠥᠷᠥ ᠶᠢᠨ ᠪᠣᠳᠣᠯᠭ᠎ᠠ ᠶᠢᠨ ᠵᠣᠷᠢᠭᠵᠢᠭᠤᠯᠤᠯ ᠢ ᠪᠣᠶ | ᠪᠣᠯᠭᠠᠬᠤ ᠪᠠᠷ ᠳᠠᠮᠵᠢᠭᠤᠯᠤᠨ᠂ ᠤᠰᠤ ᠠᠷᠪᠢᠯᠠᠬᠤ ᠦᠢᠯᠡᠳᠬᠦᠨ᠂ ᠮᠡᠷᠭᠡᠵᠢᠯ᠂ ᠬᠠᠮᠢᠶᠠᠷᠤᠯᠲᠠ ᠵᠡᠷᠭᠡ ᠵᠢᠱᠢᠶ᠎ᠡ | ᠦᠵᠡᠭᠦᠯᠵᠦ ᠬᠥᠲᠥᠯᠦᠨ ᠳᠠᠭᠠᠭᠤᠯᠬᠤ ᠦᠢᠯᠡᠳᠦᠯ ᠢ ᠪᠠᠳᠠᠷᠠᠭᠤᠯᠪᠠ᠃ | ᠤᠰᠤᠨ ᠤ ᠠᠰᠢᠭᠯᠠᠮᠵᠢ ᠶᠢᠨ ᠲᠡᠮᠳᠡᠭ ᠤᠨ ᠳᠦᠷᠢᠮ ᠢ ᠪᠠᠶᠢᠭᠤᠯᠤᠭᠰᠠᠨ ᠢ ᠬᠠᠩᠭᠠᠯᠭ᠎ᠠ ᠶᠢᠨ ᠲᠠᠯ᠎ᠠ ᠠᠴᠠ | ᠦᠵᠡᠪᠡᠯ᠂ ᠤᠰᠤ ᠠᠷᠪᠢᠯᠠᠬᠤ ᠮᠡᠷᠭᠡᠵᠢᠯ ᠤᠨ ᠳᠡᠰ ᠳᠡᠪᠰᠢᠬᠦ ᠶᠢ ᠠᠬᠢᠭᠤᠯᠬᠤ᠂ ᠤᠰᠤ ᠠᠷᠪᠢᠯᠠᠬᠤ ᠦᠢᠯᠡᠳᠬᠦᠨ ᠤ | ᠤᠰᠤᠨ ᠤ ᠠᠰᠢᠭᠯᠠᠮᠵᠢ ᠶᠢ ᠳᠡᠭᠡᠭᠰᠢᠯᠡᠭᠦᠯᠬᠦ ᠦᠷ᠎ᠡ ᠪᠦᠲᠦᠮᠵᠢ ᠪᠠᠷ ᠢᠯᠡᠷᠬᠡᠶ ᠪᠠᠶᠢᠬᠤ ᠬᠡᠷᠡᠭᠲᠡᠶ᠃ ᠬᠡᠷᠡᠭᠯᠡᠭᠡᠨ ᠤ | ᠲᠠᠯ᠎ᠠ ᠠᠴᠠ ᠠᠪᠴᠤ ᠦᠵᠡᠪᠡᠯ᠂ ᠬᠡᠷᠡᠭᠯᠡᠭᠴᠢᠳ ᠤᠨ ᠤᠰᠤ ᠠᠷᠪᠢᠯᠠᠬᠤ ᠤᠬᠠᠮᠰᠠᠷ ᠢ ᠳᠡᠭᠡᠭᠰᠢᠯᠡᠭᠦᠯᠵᠦ᠂ ᠪᠦᠬᠦ | ᠨᠡᠶᠢᠭᠡᠮ ᠤᠨ ᠤᠰᠤ ᠠᠷᠪᠢᠯᠠᠬᠤ ᠠᠭᠤᠷ ᠠᠮᠢᠰᠬᠤᠯ ᠢ ᠪᠤᠢ ᠪᠣᠯᠭᠠᠬᠤ ᠶᠢ ᠠᠬᠢᠭᠤᠯᠵᠤ᠂ ᠮᠠᠨ ᠤ ᠤᠯᠤᠰ ᠤᠨ ᠤᠰᠤ | ᠠᠷᠪᠢᠯᠠᠬᠤ ᠬᠡᠯᠪᠡᠷᠢ ᠶᠢᠨ ᠨᠡᠶᠢᠭᠡᠮ ᠤᠨ ᠪᠠᠶᠢᠭᠤᠯᠤᠯᠲᠠ ᠶᠢ ᠠᠬᠢᠭᠤᠯᠵᠤ ᠴᠢᠳᠠᠨ᠎ᠠ᠃ ᠣᠳᠣᠬᠠᠨ ᠳᠤ᠂ ᠤᠰᠤᠨ ᠤ | ᠠᠰᠢᠭᠯᠠᠮᠵᠢ ᠶᠢᠨ ᠲᠡᠮᠳᠡᠭ ᠪᠣᠯ ᠪᠠᠰᠠ ᠴᠤ ᠤᠰᠤ ᠠᠷᠪᠢᠯᠠᠬᠤ ᠬᠦᠷᠢᠶᠡᠨ ᠤ ᠲᠥᠬᠦᠭᠡᠷᠦᠮᠵᠢ ᠶᠢ ᠰᠢᠨᠡᠳᠬᠡᠨ | ᠥᠭᠡᠷᠡᠴᠢᠯᠡᠬᠦ ᠪᠠ ᠭᠤᠣᠯᠳᠠᠯᠭ᠎ᠠ ᠲᠠᠢ ᠦᠢᠯᠡᠳᠬᠦᠨ ᠤ ᠬᠠᠭᠤᠴᠢᠨ ᠢᠶᠠᠷ ᠰᠢᠨ᠎ᠡ ᠶᠢ ᠰᠣᠯᠢᠬᠤ ᠴᠢᠬᠤᠯᠠ | ᠦᠨᠳᠦᠰᠦᠯᠡᠯ ᠪᠠ ᠭᠠᠷᠳᠠᠴᠠ ᠮᠥᠨ᠃ ᠪᠢᠳᠡ ᠤᠰᠤᠨ ᠤ ᠠᠰᠢᠭᠯᠠᠮᠵᠢ ᠶᠢᠨ ᠲᠡᠮᠳᠡᠭ ᠤᠨ ᠳᠦᠷᠢᠮ ᠤᠨ ᠡᠯ᠎ᠡ | ᠵᠦᠢᠯ ᠤᠨ ᠠᠵᠢᠯ ᠢ ᠦᠷᠭᠦᠯᠵᠢᠯᠡᠨ ᠰᠠᠶᠢᠲᠤᠷ ᠬᠢᠵᠦ᠂ ᠡᠨᠡ ᠬᠦ ᠳᠦᠷᠢᠮ ᠤᠨ ᠤᠰᠤ ᠠᠷᠪᠢᠯᠠᠬᠤ ᠠᠵᠢᠯ ᠳᠤ | ᠦᠵᠡᠭᠦᠯᠬᠦ ᠴᠢᠬᠤᠯᠠ ᠲᠤᠯᠭᠠᠭᠤᠷᠢᠯᠠᠬᠤ ᠦᠢᠯᠡᠳᠦᠯ ᠢ ᠦᠨᠡᠨ ᠬᠦ ᠪᠠᠳᠠᠷᠠᠭᠤᠯᠤᠨ᠎ᠠ᠃ ᠪᠠᠶᠠᠷᠯᠠᠯ᠎ᠠ᠃ | | | | | | ᠨᠢᠦ ᠪᠦᠸᠧ | | | | | | ᠵᠠᠷ ᠮᠡᠳᠡᠭᠡᠨ ᠤ ᠰᠤᠷᠪᠤᠯᠵᠢᠯᠠᠭᠴᠢ ᠶᠢᠨ ᠠᠰᠠᠭᠤᠯᠲᠠ | | | ᠠᠰᠠᠭᠤᠬᠤ ᠨᠢ᠄ ︽ᠤᠰᠤ ᠶᠢ ᠠᠷᠪᠢᠯᠠᠨ ᠭᠠᠮᠨᠠᠬᠤ ᠲᠦᠷᠢᠮ︾ ᠢ ᠲᠥᠷᠥ ᠶᠢᠨ ᠶᠠᠪᠤᠳᠠᠯ ᠤᠨ ᠬᠤᠷᠢᠶ᠎ᠠ ᠠᠴᠠ | ᠬᠢᠨᠠᠨ ᠵᠥᠪᠯᠡᠵᠦ ᠪᠠᠲᠤᠯᠠᠨ᠂ ᠵᠠᠰᠠᠭ ᠵᠠᠬᠢᠷᠭᠠᠨ ᠤ ᠬᠠᠤᠯᠢ ᠲᠣᠭᠲᠠᠭᠠᠯ ᠤᠨ ᠬᠡᠯᠪᠡᠷᠢ ᠪᠠᠷ ᠨᠡᠶᠢᠲᠡᠯᠡᠭᠰᠡᠨ ᠶᠤᠮ᠃ ︽ | ᠳᠦᠷᠢᠮ︾ ᠢ ᠲᠤᠭᠲᠠᠭᠠᠭᠰᠠᠨ ᠶᠡᠷᠦᠩᠬᠡᠶ ᠰᠡᠳᠬᠢᠴᠡ ᠶᠢ ᠲᠠᠨᠢᠯᠴᠠᠭᠤᠯᠵᠤ ᠪᠤᠯᠬᠤ ᠤᠤ︖᠃ ᠪᠠᠶᠠᠷᠯᠠᠯ᠎ᠠ᠃ | ᠬᠠᠤᠯᠢ ᠴᠠᠭᠠᠵᠠ ᠶᠢᠨ ᠶᠠᠮᠤᠨ ᠤ ᠬᠠᠤᠯᠢ ᠲᠣᠭᠲᠠᠭᠠᠬᠤ ᠳᠥᠷᠪᠡᠳᠦᠭᠡᠷ ᠲᠣᠪᠴᠢᠶᠠᠨ ᠤ ᠳᠠᠷᠤᠭ᠎ᠠ ᠵᠠᠩ ᠶᠣᠣ | ᠪᠥᠸᠧ ᠬᠠᠷᠢᠭᠤᠯᠬᠤ ᠨᠢ᠄ | ᠲᠠᠨ ᠤ ᠠᠰᠠᠭᠤᠭᠰᠠᠨ ᠳᠤ ᠪᠠᠶᠠᠷᠯᠠᠯ᠎ᠠ᠃ ︽ᠲᠦᠷᠢᠮ︾ ᠤᠨ ᠶᠡᠷᠦᠩᠬᠡᠶ ᠰᠡᠳᠬᠢᠮᠵᠢ ᠶᠢ ᠡᠷᠬᠡᠪᠰᠢ ︽ | ᠲᠦᠷᠢᠮ︾ ᠤᠨ ᠬᠠᠤᠯᠢ ᠲᠣᠭᠲᠠᠭᠠᠬᠤ ᠵᠣᠷᠢᠯᠭ᠎ᠠ ᠲᠠᠢ ᠬᠤᠯᠪᠣᠵᠤ᠂ ᠬᠠᠤᠯᠢ ᠲᠣᠭᠲᠠᠭᠠᠬᠤ ᠰᠡᠳᠬᠢᠮᠵᠢ ᠨᠢ ᠬᠠᠤᠯᠢ | ᠲᠣᠭᠲᠠᠭᠠᠬᠤ ᠵᠣᠷᠢᠯᠭ᠎ᠠ ᠳᠤ ᠬᠤᠯᠪᠣᠭᠳᠠᠬᠤ ᠪᠥᠭᠡᠳ ᠲᠡᠭᠦᠨ ᠳᠤ ᠦᠢᠯᠡᠴᠢᠯᠡᠬᠦ ᠬᠡᠷᠡᠭᠲᠡᠶ᠃ ︽ᠲᠦᠷᠢᠮ︾ ᠢ | ᠲᠣᠭᠲᠠᠭᠠᠬᠤ ᠶᠢᠨ ᠵᠣᠷᠢᠯᠭ᠎ᠠ ᠪᠣᠯ ᠪᠥᠬᠦ ᠨᠡᠶᠢᠭᠡᠮ ᠢᠶᠠᠷ ᠢᠶᠠᠨ ᠤᠰᠤ ᠶᠢ ᠠᠷᠪᠢᠯᠠᠵᠤ ᠬᠡᠷᠡᠭᠯᠡᠬᠦ ᠶᠢ ᠠᠬᠢᠭᠤᠯᠵᠤ᠂ | ᠤᠯᠤᠰ ᠤᠨ ᠤᠰᠤᠨ ᠤ ᠠᠮᠤᠷ ᠲᠦᠪᠰᠢᠨ ᠢ ᠪᠠᠲᠤᠯᠠᠨ᠂ ᠠᠮᠢ ᠠᠬᠤᠶ ᠶᠢᠨ ᠪᠣᠯᠪᠠᠰᠤᠨ ᠤ ᠪᠠᠶᠢᠭᠤᠯᠤᠯᠲᠠ ᠶᠢ | ᠠᠬᠢᠭᠤᠯᠵᠤ᠂ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠬᠤ ᠶᠢᠨ ᠲᠥᠯᠥᠭᠡ ᠶᠤᠮ᠃ ᠡᠨᠡ ᠬᠦ ᠬᠠᠤᠯᠢ ᠲᠣᠭᠲᠠᠭᠠᠬᠤ | ᠵᠣᠷᠢᠯᠭ᠎ᠠ ᠶᠢᠨ ᠲᠣᠭᠤᠷᠢᠨ ᠳᠤ᠂ ︽ᠲᠦᠷᠢᠮ︾ ᠨᠢ ᠶᠡᠷᠦᠩᠬᠡᠶ ᠰᠡᠳᠬᠢᠴᠡ ᠶᠢᠨ ᠲᠠᠯ᠎ᠠ ᠪᠠᠷ ᠭᠤᠤᠯᠳᠠᠭᠤ ᠳᠥᠷᠪᠡᠨ | ᠲᠠᠯ᠎ᠠ ᠶᠢ ᠡᠵᠡᠮᠰᠢᠪᠡ᠃ | ᠶᠠᠭᠤᠨ ᠤ ᠡᠮᠦᠨ᠎ᠡ᠂ ᠦᠨᠳᠦᠰᠦᠨ ᠤᠰᠤᠨ ᠤ ᠪᠠᠶᠢᠳᠠᠯ ᠳᠤ ᠰᠠᠭᠤᠷᠢᠯᠠᠨ᠎ᠠ᠃ ᠬᠥᠮᠦᠨ ᠠᠷᠪᠢᠨ ᠤᠰᠤ | ᠪᠠᠭ᠎ᠠ᠂ ᠤᠰᠤᠨ ᠤ ᠡᠬᠢ ᠪᠠᠶᠠᠯᠢᠭ ᠤᠨ ᠲᠠᠷᠬᠠᠯᠲᠠ ᠶᠢᠨ ᠲᠡᠩᠴᠡᠭᠦᠷᠢ ᠦᠭᠡᠢ ᠪᠣᠯ ᠮᠠᠨ ᠤ ᠤᠯᠤᠰ ᠤᠨ ᠦᠨᠳᠦᠰᠦᠨ | ᠤᠰᠤᠨ ᠤ ᠪᠠᠶᠢᠳᠠᠯ ᠪᠣᠯᠤᠨ᠎ᠠ᠃ ᠬᠥᠮᠦᠨ ᠳᠤᠮᠳᠠᠴᠢ ᠶᠢᠨ ᠤᠰᠤᠨ ᠤ ᠡᠬᠢ ᠪᠠᠶᠠᠯᠢᠭ ᠤᠨ ᠡᠵᠡᠯᠡᠬᠦ ᠬᠡᠮᠵᠢᠶ᠎ᠡ ᠠᠴᠠ | ᠠᠪᠴᠤ ᠬᠡᠯᠡᠪᠡᠯ᠂ ᠮᠠᠨ ᠤ ᠤᠯᠤᠰ ᠵᠥᠪᠬᠡᠨ ᠳᠡᠯᠡᠬᠡᠶ ᠶᠢᠨ ᠳᠤᠮᠳᠠᠴᠢ ᠬᠢᠷᠢ ᠲᠦᠪᠰᠢᠨ ᠤ 35% ᠯᠡ ᠪᠠᠶᠢᠳᠠᠭ᠂ | ᠡᠨᠡ ᠬᠦ ᠦᠨᠳᠦᠰᠦᠨ ᠤᠰᠤᠨ ᠤ ᠪᠠᠶᠢᠳᠠᠯ ᠳᠤ ᠰᠠᠭᠤᠷᠢᠯᠠᠪᠠᠯ᠂ ︽ᠲᠦᠷᠢᠮ︾ ᠢ ᠲᠣᠭᠲᠠᠭᠠᠬᠤ ᠳᠤᠮᠳᠠ ᠲᠦᠢᠯ ᠤᠨ | ᠭᠤᠤᠯ ᠨᠢᠭᠡ ᠵᠦᠢᠯ ᠮᠥᠨ᠂ ᠳᠠᠷᠤᠶ ᠤᠰᠤᠨ ᠤ ᠡᠬᠢ ᠪᠠᠶᠠᠯᠢᠭ ᠤᠨ ᠬᠠᠲᠠᠭᠤ ᠬᠢᠵᠠᠭᠠᠷᠯᠠᠯ ᠢ ᠤᠯᠠᠮ ᠨᠢᠭᠡ ᠠᠯᠬᠤᠮ | ᠴᠢᠩᠭᠠᠳᠬᠠᠵᠤ᠂ ᠬᠥᠮᠦᠨ ᠠᠮᠠ᠂ ᠬᠤᠲᠠ᠂ ᠠᠵᠤ ᠦᠢᠯᠡᠰ ᠤᠨ ᠬᠥᠭᠵᠢᠯᠲᠡ ᠪᠠ ᠤᠰᠤᠨ ᠤ ᠡᠬᠢ ᠪᠠᠶᠠᠯᠢᠭ ᠤᠨ | ᠳᠠᠭᠠᠭᠠᠴᠠ ᠶᠢᠨ ᠴᠢᠳᠠᠪᠤᠷᠢ ᠶᠢ ᠬᠠᠷᠢᠯᠴᠠᠨ ᠵᠣᠬᠢᠴᠠᠭᠤᠯᠬᠤ ᠶᠢ ᠦᠨᠡᠨ ᠬᠦ ᠪᠠᠲᠤᠯᠠᠬᠤ ᠶᠠᠪᠤᠳᠠᠯ ᠪᠣᠯᠤᠨ᠎ᠠ᠃ ᠡᠨᠡ | ᠰᠡᠳᠬᠢᠴᠡ ᠨᠢ ︽ᠳᠦᠷᠢᠮ︾ ᠤᠨ ᠡᠯ᠎ᠡ ᠪᠦᠯᠦᠭ ᠤᠨ ᠠᠭᠤᠯᠭ᠎ᠠ ᠳᠤ ᠪᠦᠷ ᠲᠤᠳᠣᠷᠬᠠᠶ ᠢᠯᠡᠷᠡᠯ ᠲᠠᠢ᠃ | ᠬᠤᠶᠠᠳᠤᠭᠠᠷ ᠲᠤ᠂ ᠪᠦᠬᠦ ᠲᠠᠯ᠎ᠠ ᠪᠠᠷ ᠰᠢᠰᠲ᠋ᠧᠮ ᠲᠠᠢ ᠪᠣᠯᠭᠠᠬᠤ ᠪᠠᠷ ᠴᠢᠷᠮᠠᠶᠢᠨ᠎ᠠ᠃ ᠤᠰᠤ ᠠᠷᠪᠢᠯᠠᠬᠤ ᠪᠣᠯ | ᠰᠢᠰᠲ᠋ᠧᠮᠲᠦ ᠢᠨᠵᠧᠨᠧᠷᠢᠩ ᠮᠥᠨ᠂ ︽ᠲᠦᠷᠢᠮ︾ ᠨᠢ ᠤᠰᠤ ᠠᠷᠪᠢᠯᠠᠬᠤ ᠲᠠᠯ᠎ᠠ ᠶᠢᠨ ᠲᠤᠰᠬᠠᠶ ᠵᠠᠰᠠᠭ ᠵᠠᠬᠢᠷᠭᠠᠨ ᠤ | ᠬᠠᠤᠯᠢ ᠲᠣᠭᠲᠠᠭᠠᠯ ᠪᠣᠯᠤᠭᠰᠠᠨ ᠤ ᠬᠤᠪᠢ ᠳᠤ᠂ ᠤᠰᠤ ᠠᠷᠪᠢᠯᠠᠬᠤ ᠠᠵᠢᠯ ᠢ ᠪᠥᠬᠦ ᠲᠠᠯ᠎ᠠ ᠪᠠᠷ ᠵᠢᠷᠤᠮᠵᠢᠭᠤᠯᠵᠤ᠂ | ᠰᠢᠨᠵᠢᠯᠡᠬᠦ ᠤᠬᠠᠭᠠᠨᠴᠢ ᠵᠦᠶ ᠵᠣᠬᠢᠰᠲᠠᠶ᠂ ᠪᠥᠬᠦ ᠲᠠᠯ᠎ᠠ ᠪᠠᠷ ᠰᠢᠰᠲ᠋ᠧᠮ ᠲᠠᠢ ᠤᠰᠤ ᠠᠷᠪᠢᠯᠠᠬᠤ ᠲᠦᠷᠢᠮ ᠤᠨ | ᠰᠢᠰᠲ᠋ᠧᠮ ᠢ ᠬᠦᠴᠦᠯᠡᠨ ᠪᠠᠶᠢᠭᠤᠯᠵᠤ᠂ ᠤᠯᠤᠰ ᠤᠨ ᠤᠰᠤᠨ ᠤ ᠠᠮᠤᠷ ᠲᠦᠪᠰᠢᠨ ᠤ ᠲᠦᠷᠢᠮ ᠤᠨ ᠰᠠᠭᠤᠷᠢ ᠶᠢ | ᠤᠯᠠᠮ ᠨᠢᠭᠡ ᠠᠯᠬᠤᠮ ᠪᠠᠬᠢᠵᠢᠭᠦᠯᠬᠦ ᠴᠢᠬᠤᠯᠠᠲᠠᠶ ᠪᠠᠶᠢᠨ᠎ᠠ᠃ ᠣᠯᠠᠨ ᠢᠶᠠᠷ ᠢᠶᠠᠨ ︽ᠳᠦᠷᠢᠮ︾ ᠨᠢ | ᠦᠢᠯᠡᠳᠪᠦᠷᠢᠯᠡᠯ ᠤᠨ ᠤᠰᠤ ᠬᠡᠷᠡᠭᠯᠡᠬᠦ ᠶᠢ ᠬᠠᠮᠢᠶᠠᠷᠬᠤ ᠪᠠᠷ ᠪᠠᠷᠠᠬᠤ ᠦᠭᠡᠢ ᠪᠠᠰᠠ ᠠᠮᠢᠳᠤᠷᠠᠯ ᠪᠠ ᠠᠮᠢ ᠠᠬᠤᠢ ᠶᠢᠨ | ᠤᠰᠤ ᠬᠡᠷᠡᠭᠯᠡᠬᠦ ᠶᠢ ᠴᠤ ᠬᠠᠮᠢᠶᠠᠷᠴᠤ ᠪᠠᠶᠢᠨ᠎ᠠ︔ ᠲᠠᠷᠢᠶᠠᠯᠠᠩ ᠤᠨ ᠤᠰᠤ ᠠᠷᠪᠢᠯᠠᠬᠤ᠂ ᠠᠵᠤ ᠦᠢᠯᠡᠳᠪᠦᠷᠢ ᠶᠢᠨ | ᠤᠰᠤ ᠠᠷᠪᠢᠯᠠᠬᠤ ᠶᠢ ᠬᠠᠮᠤᠷᠤᠭᠰᠠᠨ ᠮᠥᠷᠲᠡᠭᠡᠨ ᠬᠤᠲᠠ ᠶᠢᠨ ᠤᠰᠤ ᠠᠷᠪᠢᠯᠠᠬᠤ ᠶᠢ ᠬᠠᠮᠤᠷᠪᠠ︔ ᠤᠰᠤ ᠬᠡᠷᠡᠭᠯᠡᠬᠦ | ᠬᠠᠮᠢᠶᠠᠷᠤᠯᠲᠠ ᠶᠢ ᠴᠢᠩᠭᠠᠳᠬᠠᠵᠤ᠂ ᠤᠰᠤ ᠠᠷᠪᠢᠯᠠᠬᠤ ᠠᠷᠭ᠎ᠠ ᠬᠡᠮᠵᠢᠶ᠎ᠡ ᠶᠢ ᠲᠡᠭᠦᠯᠳᠡᠷᠵᠢᠭᠦᠯᠦᠭᠰᠡᠨ ᠮᠥᠷᠲᠡᠭᠡᠨ | ᠪᠠᠰᠠ ᠤᠰᠤ ᠠᠷᠪᠢᠯᠠᠬᠤ ᠶᠢᠨ ᠬᠢᠨᠠᠯᠲᠠ ᠪᠠ ᠪᠠᠲᠤᠯᠠᠭ᠎ᠠ ᠶᠢ ᠴᠢᠩᠭᠠᠳᠬᠠᠨ᠎ᠠ︔ ᠤᠷᠤᠰᠬᠠᠯ ᠢ ᠠᠷᠪᠢᠯᠠᠬᠤ ᠶᠢ | ᠴᠢᠬᠤᠯᠠᠴᠢᠯᠠᠬᠤ ᠮᠥᠷᠲᠡᠭᠡᠨ ᠪᠠᠰᠠ ᠡᠬᠢ ᠰᠤᠷᠪᠤᠯᠵᠢ ᠶᠢ ᠨᠡᠭᠡᠭᠡᠬᠦ ᠶᠢ ᠴᠢᠬᠤᠯᠠᠴᠢᠯᠠᠵᠤ᠂ ᠬᠡᠪ ᠤᠨ ᠤᠰᠤ ᠶᠢ | ᠠᠷᠪᠢᠯᠠᠬᠤ ᠶᠢᠨ ᠬᠠᠮᠲᠤ ᠬᠡᠪ ᠤᠨ ᠤᠰᠤᠨ ᠤ ᠠᠰᠢᠭᠯᠠᠯᠲᠠ ᠶᠢ ᠠᠬᠢᠭᠤᠯᠤᠨ᠎ᠠ᠃ ᠡᠶᠢᠮᠦ ᠠᠴᠠ ᠪᠦᠬᠦ ᠲᠠᠯ᠎ᠠ ᠶᠢᠨ | ᠰᠢᠰᠲ᠋ᠤᠮᠳᠦ ᠰᠡᠳᠬᠢᠮᠵᠢ ᠶᠢ ᠨᠡᠩ ᠰᠠᠶᠢᠨ ᠢᠯᠡᠷᠡᠭᠦᠯᠬᠦ ᠪᠠᠷ ᠴᠢᠷᠮᠠᠶᠢᠨ᠎ᠠ ᠭᠡᠵᠦ ᠬᠡᠯᠡᠵᠦ ᠪᠣᠯᠣᠨ᠎ᠠ᠃ | ᠭᠤᠷᠪᠠᠳᠤᠭᠠᠷ ᠲᠤ᠂ ᠦᠨᠡᠨ ᠬᠦ ᠬᠡᠷᠡᠭᠵᠢᠭᠦᠯᠵᠦ ᠪᠣᠯᠬᠤᠶᠢᠴᠠ ᠪᠠᠶᠢᠬᠤ ᠶᠢ ᠦᠨᠡᠨ ᠬᠦ ᠪᠠᠲᠤᠯᠠᠬᠤ ᠬᠡᠷᠡᠭᠲᠡᠢ᠃ | ᠬᠠᠤᠯᠢ ᠴᠠᠭᠠᠵᠠ ᠬᠠᠤᠯᠢ ᠲᠣᠭᠲᠠᠭᠠᠯ ᠢ ᠦᠨᠡᠨ ᠬᠦ ᠨᠠᠶᠢᠳᠠᠪᠤᠷᠢᠵᠢᠭᠤᠯᠤᠨ ᠬᠡᠷᠡᠭᠵᠢᠭᠦᠯᠬᠦ ᠶᠢᠨ ᠮᠠᠰᠢ ᠴᠢᠬᠤᠯᠠ ᠨᠢᠭᠡ | ᠵᠦᠢᠯ ᠪᠣᠯ ᠳᠠᠷᠤᠢ ᠪᠣᠳᠠᠲᠤ ᠪᠠᠶᠢᠳᠠᠯ ᠲᠠᠢ ᠨᠡᠶᠢᠴᠡᠵᠦ᠂ ᠬᠥᠭᠵᠢᠯᠲᠡ ᠶᠢᠨ ᠱᠠᠳᠤ ᠦᠶ᠎ᠡ ᠠᠴᠠ ᠳᠠᠪᠠᠭᠤᠯᠬᠤ ᠦᠭᠡᠢ | ᠪᠠᠶᠢᠬᠤ ᠬᠡᠷᠡᠭᠲᠡᠢ᠃ ᠦᠢᠯᠡᠳᠦᠯᠭᠡ ᠳᠤ᠂ ᠤᠰᠤ ᠠᠷᠪᠢᠯᠠᠬᠤ ᠠᠵᠢᠯ ᠨᠢ ᠮᠠᠰᠢ ᠣᠯᠠᠨ ᠬᠦᠴᠦᠨ ᠵᠦᠢᠯ ᠤᠨ | ᠨᠥᠯᠥᠭᠡ ᠪᠠ ᠬᠢᠵᠠᠭᠠᠷᠯᠠᠯ ᠳᠤ ᠤᠴᠠᠷᠠᠪᠠ᠃ ︽ᠳᠦᠷᠢᠮ︾ ᠢ ᠲᠣᠭᠲᠠᠭᠠᠬᠤ ᠳᠤᠮᠳᠠ ᠬᠡᠮᠵᠢᠶ᠎ᠡ ᠶᠢ ᠰᠠᠶᠢᠲᠤᠷ | ᠡᠵᠡᠮᠳᠡᠵᠦ᠂ ᠬᠡᠮᠵᠢᠶ᠎ᠡ ᠶᠢ ᠰᠠᠶᠢᠲᠤᠷ ᠡᠵᠡᠮᠰᠢᠬᠦ ᠶᠢ ᠪᠠᠷᠢᠮᠲᠠᠯᠠᠵᠤ᠂ ᠬᠢᠵᠦ ᠳᠡᠶᠢᠯᠬᠦ ᠶᠢ ᠨᠢ ᠲᠣᠳᠣᠷᠬᠠᠢ ᠱᠠᠭᠠᠷᠳᠠᠯᠭ᠎ᠠ | ᠳᠤᠷᠠᠳᠤᠨ᠎ᠠ︔ ᠪᠦᠷᠢᠮᠦᠰᠦᠨ ᠭᠦᠢᠴᠡᠳᠬᠡᠬᠦ ᠳᠤ ᠬᠦᠴᠢᠷᠲᠡᠶ ᠪᠠᠶᠢᠪᠠᠯ᠂ ᠬᠢᠵᠦ ᠳᠡᠶᠢᠯᠬᠦ ᠦᠭᠡᠢ ᠪᠤᠶᠤ ᠤᠷᠢᠳᠠᠪᠠᠷ | ᠬᠢᠬᠦ ᠶᠢ ᠵᠣᠷᠢᠭᠵᠢᠭᠤᠯᠤᠨ᠎ᠠ︔ ᠬᠢᠵᠦ ᠳᠡᠶᠢᠯᠬᠦ ᠦᠭᠡᠢ ᠪᠣᠯ ᠲᠦᠷ ᠲᠣᠭᠲᠠᠭᠠᠯ ᠭᠠᠷᠭᠠᠬᠤ ᠦᠭᠡᠢ᠃ ᠡᠭᠦᠨ ᠤ | ᠵᠣᠷᠢᠯᠭ᠎ᠠ ᠨᠢ ᠳᠠᠷᠤᠢ ᠴᠢᠩᠭ᠎ᠠ ᠵᠢᠷᠤᠮᠵᠢᠭᠤᠨ ᠪᠠᠶᠢᠬᠤ ᠪᠠᠷ ᠪᠠᠷᠠᠬᠤ ᠦᠭᠡᠢ ᠪᠠᠰᠠ ᠦᠨᠡᠨ ᠬᠦ ᠬᠡᠷᠡᠭᠵᠢᠭᠦᠯᠦᠭᠦᠰᠢᠲᠡᠢ | ᠪᠠᠶᠢᠬᠤ ᠶᠢ ᠪᠠᠲᠤᠯᠠᠵᠤ᠂ ᠬᠡᠷᠡᠭᠵᠢᠭᠦᠯᠵᠦ ᠪᠣᠯᠬᠤᠶᠢᠴᠠ ᠬᠡᠷᠡᠭᠵᠢᠭᠦᠯᠵᠦ ᠪᠣᠯᠬᠤ ᠶᠢ ᠪᠠᠲᠤᠯᠠᠬᠤ ᠬᠡᠷᠡᠭᠲᠡᠢ᠃ | ᠬᠠᠮᠤᠭ ᠤᠨ ᠰᠡᠭᠦᠯ ᠳᠤ᠂ ᠲᠦᠷᠢᠮ ᠤᠨ ᠵᠣᠯᠭᠠᠯᠴᠠᠭ᠎ᠠ ᠶᠢ ᠰᠠᠶᠢᠲᠤᠷ ᠬᠢᠨ᠎ᠠ᠃ ᠣᠳᠣ ᠶᠢᠨ ᠬᠡᠷᠡᠭᠵᠢᠭᠦᠯᠵᠦ | ᠪᠠᠶᠢᠭ᠎ᠠ ᠬᠤᠯᠪᠣᠭᠳᠠᠯ ᠪᠦᠬᠦᠢ ᠬᠠᠤᠯᠢ ᠴᠠᠭᠠᠵᠠ ᠬᠠᠤᠯᠢ ᠲᠣᠭᠲᠠᠭᠠᠯ᠂ ᠵᠢᠱᠢᠶᠡᠯᠡᠪᠡᠯ ᠤᠰᠤᠨ ᠤ ᠬᠠᠤᠯᠢ᠂ | ᠬᠥᠬᠡᠮᠥ᠋ᠷᠡᠨ ᠤ ᠬᠠᠮᠠᠭᠠᠯᠠᠯᠲᠠ ᠶᠢᠨ ᠬᠠᠤᠯᠢ᠂ ᠬᠠᠳᠤᠨ ᠭᠤᠣᠯ ᠤᠨ ᠬᠠᠮᠠᠭᠠᠯᠠᠯᠲᠠ ᠶᠢᠨ ᠬᠠᠤᠯᠢ᠂ ᠣᠷᠴᠢᠯ ᠠᠵᠤ | ᠠᠬᠤᠢ ᠶᠢ ᠠᠬᠢᠭᠤᠯᠬᠤ ᠬᠠᠤᠯᠢ᠂ ᠠᠷᠢᠭᠤᠨ ᠴᠡᠪᠡᠷ ᠦᠢᠯᠡᠳᠪᠦᠷᠢᠯᠡᠯ ᠢ ᠠᠬᠢᠭᠤᠯᠬᠤ ᠠᠷᠭ᠎ᠠ᠂ ᠤᠰᠤ ᠲᠠᠲᠠᠬᠤ | ᠵᠥᠪᠰᠢᠶᠡᠷᠡᠯ ᠪᠠ ᠤᠰᠤᠨ ᠤ ᠡᠬᠢ ᠪᠠᠶᠠᠯᠢᠭ ᠤᠨ ᠵᠠᠷᠤᠳᠠᠯ ᠲᠠᠲᠠᠪᠤᠷᠢᠯᠠᠬᠤ ᠬᠠᠮᠢᠶᠠᠷᠤᠯᠲᠠ ᠶᠢᠨ ᠳᠦᠷᠢᠮ᠂ ᠭᠠᠵᠠᠷ | ᠳᠣᠣᠷᠠᠬᠢ ᠤᠰᠤᠨ ᠤ ᠬᠠᠮᠢᠶᠠᠷᠤᠯᠲᠠ ᠶᠢᠨ ᠳᠦᠷᠢᠮ ᠵᠡᠷᠭᠡ ᠲᠠᠯ᠎ᠠ ᠪᠠᠷ ᠴᠥᠮ ᠠᠳᠠᠯᠢ ᠪᠤᠰᠤ ᠲᠠᠯ᠎ᠠ ᠠᠴᠠ ᠤᠰᠤ | ᠠᠷᠪᠢᠯᠠᠬᠤ ᠳᠤ ᠵᠣᠬᠢᠴᠠᠩᠭᠤᠢ ᠲᠣᠭᠲᠠᠭᠠᠯ ᠭᠠᠷᠭᠠᠭᠰᠠᠨ ᠪᠠᠶᠢᠨ᠎ᠠ᠃ | ︽ᠲᠦᠷᠢᠮ︾ ᠢ ᠲᠣᠭᠲᠠᠭᠠᠬᠤ ᠳᠠᠭᠠᠨ ᠪᠢᠳᠡ ᠬᠤᠯᠪᠣᠭᠳᠠᠯ ᠪᠥᠬᠦᠶ ᠬᠠᠤᠯᠢ ᠴᠠᠭᠠᠵᠠ ᠬᠠᠤᠯᠢ | ᠲᠣᠭᠲᠠᠭᠠᠯ ᠤᠨ ᠲᠣᠭᠲᠠᠭᠠᠯ ᠲᠠᠢ ᠰᠠᠶᠢᠲᠤᠷ ᠵᠣᠯᠭᠠᠯᠳᠤᠭᠤᠯᠬᠤ ᠶᠢ ᠰᠠᠶᠢᠲᠤᠷ ᠬᠢᠵᠦ᠂ ᠲᠦᠷᠢᠮ ᠤᠨ ᠨᠡᠶᠢᠯᠡᠮᠡᠯ | ᠬᠦᠴᠦᠨ ᠢ ᠪᠦᠷᠢᠯᠳᠦᠭᠦᠯᠬᠦ ᠶᠢ ᠠᠬᠢᠭᠤᠯᠪᠠ᠃ ᠤᠰᠤ ᠠᠷᠪᠢᠯᠠᠬᠤ ᠠᠵᠢᠯ ᠤᠨ ᠦᠢᠯᠡᠳᠦᠯᠭᠡ ᠶᠢᠨ ᠳᠤᠮᠳᠠ᠂ ︽ | ᠳᠦᠷᠢᠮ︾ ᠤᠨ ᠲᠣᠭᠲᠠᠭᠠᠯ ᠢ ᠬᠡᠷᠡᠭᠵᠢᠭᠦᠯᠬᠦ ᠮᠥᠷᠲᠡᠭᠡᠨ ᠪᠠᠰᠠ ᠣᠳᠣ ᠶᠢᠨ ᠬᠡᠷᠡᠭᠵᠢᠭᠦᠯᠵᠦ ᠪᠠᠶᠢᠭ᠎ᠠ ᠬᠤᠯᠪᠣᠭᠳᠠᠯ | ᠪᠦᠬᠦᠢ ᠬᠠᠤᠯᠢ ᠴᠠᠭᠠᠵᠠ ᠬᠠᠤᠯᠢ ᠲᠣᠭᠲᠠᠭᠠᠯ ᠤᠨ ᠪᠤᠰᠤᠳ ᠲᠣᠭᠲᠠᠭᠠᠯ ᠢ ᠬᠡᠷᠡᠭᠵᠢᠭᠦᠯᠬᠦ ᠬᠡᠷᠡᠭᠲᠡᠶ᠃ ᠪᠠᠶᠠᠷᠯᠠᠯ᠎ᠠ᠃ | | | | | | ᠵᠠᠩ ᠶᠤᠤ ᠪᠦᠸᠧ | | | | | | ᠰᠢᠨ᠎ᠡ ᠬᠠᠲᠤᠨ ᠭᠤᠣᠯ ᠤᠨ ᠬᠡᠷᠡᠭᠯᠡᠭᠴᠢ ᠶᠢᠨ ᠦᠵᠦᠭᠦᠷ ᠤᠨ ᠰᠤᠷᠪᠤᠯᠵᠢᠯᠠᠭᠴᠢ ᠶᠢᠨ ᠠᠰᠠᠭᠤᠯᠲᠠ | | | ᠠᠰᠠᠭᠤᠬᠤ ᠨᠢ᠄ ᠲᠠᠷᠢᠶᠠᠯᠠᠩ ᠪᠣᠯ ᠤᠰᠤ ᠬᠡᠷᠡᠭᠯᠡᠬᠦ ᠲᠣᠮᠣ ᠡᠷᠦᠬᠡ ᠮᠥᠨ᠂ ᠪᠠᠰᠠ ᠴᠤ ᠤᠰᠤ ᠠᠷᠪᠢᠯᠠᠬᠤ | ᠳᠠᠯᠳᠠ ᠬᠦᠴᠦᠨ ᠮᠥᠨ᠂ ᠬᠥᠳᠡᠭᠡ ᠲᠣᠰᠬᠤᠨ ᠤ ᠤᠤᠭᠤᠬᠤ ᠤᠰᠤᠨ ᠤ ᠠᠮᠤᠷ ᠲᠦᠪᠰᠢᠨ ᠨᠢ ᠲᠠᠷᠢᠶᠠᠴᠢᠳ ᠤᠨ | ᠠᠵᠠ ᠵᠢᠷᠭᠠᠯ ᠲᠠᠢ ᠬᠤᠯᠪᠣᠭᠳᠠᠵᠤ᠂ ᠲᠠᠷᠢᠶᠠᠯᠠᠩ ᠤᠨ ᠤᠰᠤ ᠠᠷᠪᠢᠯᠠᠬᠤ ᠵᠢᠴᠢ ᠠᠮᠤ ᠪᠤᠳᠠᠭᠠᠨ ᠤ ᠠᠮᠤᠷ | ᠲᠦᠪᠰᠢᠨ ᠢ ᠪᠠᠲᠤᠯᠠᠵᠤ ᠴᠢᠳᠠᠬᠤ ᠡᠰᠡᠬᠦ ᠵᠢᠴᠢ ᠬᠥᠳᠡᠭᠡ ᠲᠣᠰᠬᠤᠨ ᠤ ᠤᠰᠤ ᠬᠠᠩᠭᠠᠬᠤ ᠬᠤᠯᠪᠣᠭᠳᠠᠯ ᠪᠦᠬᠦᠢ | ᠪᠠᠶᠢᠳᠠᠯ ᠢ ᠲᠠᠨᠢᠯᠴᠠᠭᠤᠯᠤᠭᠠᠳ ᠦᠭᠭᠦᠨ᠎ᠡ ᠦᠦ︖᠃ ᠪᠠᠶᠠᠷᠯᠠᠯ᠎ᠠ᠃ | ᠯᠢ ᠯᠢᠶᠠᠩ ᠱᠧᠩ ᠬᠠᠷᠢᠭᠤᠯᠬᠤ ᠨᠢ᠄ | ᠲᠠᠨ ᠤ ᠠᠰᠠᠭᠤᠭᠰᠠᠨ ᠳᠤ ᠪᠠᠶᠠᠷᠯᠠᠯ᠎ᠠ᠂ ᠡᠨᠡ ᠠᠰᠠᠭᠤᠳᠠᠯ ᠢ ᠪᠢ ᠬᠠᠷᠢᠭᠤᠯᠤᠶ᠎ᠠ᠃ ᠶᠠᠭ ᠡᠨᠡ ᠬᠦ | ᠰᠤᠷᠪᠤᠯᠵᠢᠯᠠᠭᠴᠢ ᠨᠠᠶᠢᠵᠠ ᠶᠢᠨ ᠬᠡᠯᠡᠬᠦ ᠪᠠᠷ᠂ ᠲᠠᠷᠢᠶᠠᠯᠠᠩ ᠪᠣᠯ ᠤᠰᠤ ᠬᠡᠷᠡᠭᠯᠡᠬᠦ ᠲᠣᠮᠣ ᠡᠷᠦᠬᠡ ᠪᠣᠯᠤᠨ᠎ᠠ᠂ | ᠠᠮᠢᠳᠤᠷᠠᠯ᠂ ᠦᠢᠯᠡᠳᠪᠦᠷᠢᠯᠡᠯ ᠵᠢᠴᠢ ᠠᠮᠢ ᠠᠬᠤᠢ ᠶᠢᠨ ᠬᠡᠷᠡᠭᠯᠡᠬᠦ ᠤᠰᠤᠨ ᠤ ᠳᠣᠲᠣᠷ᠎ᠠ᠂ ᠲᠠᠷᠢᠶᠠᠯᠠᠩ ᠤᠨ ᠤᠰᠤ | ᠬᠡᠷᠡᠭᠯᠡᠬᠦ ᠬᠡᠮᠵᠢᠶ᠎ᠡ ᠨᠢ ᠶᠡᠷᠦᠩᠬᠡᠢ ᠤᠰᠤ ᠬᠡᠷᠡᠭᠯᠡᠬᠦ ᠬᠡᠮᠵᠢᠶ᠎ᠡ ᠶᠢᠨ 60% ᠶᠢ ᠡᠵᠡᠯᠡᠵᠦ ᠪᠠᠶᠢᠨ᠎ᠠ᠂ ᠢᠢᠮᠦ ᠠᠴᠠ | ᠲᠠᠷᠢᠶᠠᠯᠠᠩ ᠤᠨ ᠤᠰᠤ ᠠᠷᠪᠢᠯᠠᠬᠤ ᠠᠵᠢᠯ ᠢ ᠰᠠᠢᠲᠤᠷ ᠬᠢᠬᠦ ᠨᠢ ᠮᠠᠨ ᠤ ᠤᠯᠤᠰ ᠤᠨ ᠤᠰᠤᠨ ᠤ ᠠᠮᠤᠷ | ᠲᠦᠪᠰᠢᠨ ᠲᠠᠢ ᠬᠤᠯᠪᠣᠭᠳᠠᠬᠤ ᠪᠠᠷ ᠪᠠᠷᠠᠬᠤ ᠦᠭᠡᠢ᠂ ᠪᠠᠰᠠ ᠮᠠᠨ ᠤ ᠤᠯᠤᠰ ᠤᠨ ᠠᠮᠤ ᠪᠤᠳᠠᠭᠠᠨ ᠤ ᠠᠮᠤᠷ | ᠲᠦᠪᠰᠢᠨ ᠳᠤ ᠬᠤᠯᠪᠣᠭᠳᠠᠬᠤ ᠪᠣᠯᠬᠤᠷ ᠮᠠᠰᠢ ᠴᠢᠬᠤᠯᠠ ᠶᠤᠮ᠃ | ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ ᠬᠤᠷᠢᠶ᠎ᠠ ᠲᠠᠷᠢᠶᠠᠨ ᠭᠠᠵᠠᠷ ᠤᠨ ᠤᠰᠤᠨ | ᠠᠰᠢᠭᠯᠠᠯᠲᠠ ᠶᠢᠨ ᠪᠦᠲᠦᠭᠡᠨ ᠪᠠᠶᠢᠭᠤᠯᠤᠯᠲᠠ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠪᠡ᠃ ᠮᠠᠨ ᠤ ᠤᠯᠤᠰ | ᠨᠢᠭᠡᠨᠲᠡ 10.55 ᠳ᠋ᠦᠩᠰᠢᠭᠤᠷ ᠮᠦ ᠲᠠᠷᠢᠶᠠᠨ ᠭᠠᠵᠠᠷ ᠤᠨ ᠤᠰᠤᠯᠠᠯᠲᠠ ᠶᠢᠨ ᠲᠠᠯᠠᠪᠠᠢ ᠪᠠᠶᠢᠭᠤᠯᠵᠤ᠂ ᠪᠦᠬᠦ | ᠤᠯᠤᠰ ᠤᠨ 55% ᠶᠢ ᠡᠵᠡᠯᠡᠵᠦ ᠪᠠᠶᠢᠭ᠎ᠠ ᠲᠠᠷᠢᠶᠠᠨ ᠭᠠᠵᠠᠷ ᠤᠨ 77% ᠪᠠ 90% ᠠᠴᠠ ᠳᠡᠭᠡᠭᠰᠢᠬᠢ ᠠᠵᠤ | ᠠᠬᠤᠢ ᠶᠢᠨ ᠲᠠᠷᠢᠮᠠᠯ ᠦᠢᠯᠡᠳᠪᠦᠷᠢᠯᠡᠵᠦ᠂ ᠤᠯᠤᠰ ᠤᠨ ᠠᠮᠤ ᠪᠤᠳᠠᠭᠠᠨ ᠤ ᠦᠢᠯᠡᠳᠪᠦᠷᠢᠯᠡᠯ ᠤᠨ ᠨᠡᠮᠡᠭᠳᠡᠬᠦ ᠶᠢ | ᠪᠡᠶᠡᠯᠡᠭᠦᠯᠬᠦ ᠶᠢ ᠪᠦᠲᠦᠮᠵᠢᠲᠡᠢ ᠲᠤᠯᠭᠠᠭᠤᠷᠢᠯᠠᠨ ᠪᠠᠲᠤᠯᠠᠵᠤ᠂ ᠤᠰᠤᠯᠠᠯᠲᠠ ᠳᠤ ᠬᠡᠷᠡᠭᠯᠡᠬᠦ ᠤᠰᠤᠨ ᠤ ᠶᠡᠷᠦᠩᠬᠡᠢ | ᠬᠡᠮᠵᠢᠶ᠎ᠡ ᠨᠢ ᠨᠡᠮᠡᠭᠳᠡᠯ ᠦᠭᠡᠢ ᠪᠠᠶᠢᠬᠤ ᠶᠢ ᠪᠡᠶᠡᠯᠡᠭᠦᠯᠪᠡ᠃ ᠭᠤᠣᠯᠳᠠᠭᠤ ᠳᠣᠣᠷᠠᠬᠢ ᠮᠡᠲᠦ ᠠᠷᠭ᠎ᠠ ᠬᠡᠮᠵᠢᠶ᠎ᠡ ᠶᠢ | ᠠᠪᠴᠠᠢ᠄ | ᠨᠢᠭᠡ ᠳᠤ᠂ ᠲᠠᠷᠢᠶᠠᠯᠠᠩ ᠤᠨ ᠤᠰᠤ ᠠᠷᠪᠢᠯᠠᠬᠤ ᠤᠰᠤᠯᠠᠯᠲᠠ ᠶᠢ ᠬᠥᠭᠵᠢᠭᠦᠯᠦᠨ᠎ᠡ᠃ ᠤᠷᠢᠳ ᠬᠤᠵᠢᠳ | ᠵᠡᠭᠦᠨ ᠬᠤᠶᠢᠲᠤ ᠣᠷᠣᠨ ᠤ ᠤᠰᠤ ᠠᠷᠪᠢᠯᠠᠵᠤ ᠠᠮᠤ ᠪᠤᠳᠠᠭ᠎ᠠ ᠨᠡᠮᠡᠭᠳᠡᠭᠦᠯᠬᠦ᠂ ᠤᠮᠠᠷᠠᠲᠤ ᠣᠷᠣᠨ ᠤ ᠤᠰᠤ | ᠠᠷᠪᠢᠯᠠᠬᠤ ᠳᠠᠷᠤᠯᠲᠠ ᠠᠪᠬᠤ᠂ ᠪᠠᠷᠠᠭᠤᠨ ᠬᠤᠶᠢᠲᠤ ᠶᠢᠨ ᠤᠰᠤ ᠠᠷᠪᠢᠯᠠᠵᠤ ᠦᠷ᠎ᠡ ᠠᠰᠢᠭ ᠢ ᠨᠡᠮᠡᠭᠳᠡᠭᠦᠯᠬᠦ᠂ | ᠡᠮᠦᠨᠡᠲᠦ ᠣᠷᠣᠨ ᠤ ᠤᠰᠤ ᠠᠷᠪᠢᠯᠠᠵᠤ ᠪᠣᠬᠢᠷᠲᠤᠯ ᠭᠠᠳᠠᠭᠰᠢᠯᠠᠭᠤᠯᠬᠤ ᠬᠡᠮᠵᠢᠶ᠎ᠡ ᠶᠢ ᠪᠠᠭᠠᠰᠬᠠᠬᠤ ᠵᠡᠷᠭᠡ ᠣᠷᠣᠨ | ᠪᠦᠰᠡ ᠶᠢᠨ ᠬᠡᠪᠴᠢᠶᠡᠵᠢᠭᠰᠡᠨ ᠤᠰᠤ ᠠᠷᠪᠢᠯᠠᠵᠤ ᠤᠰᠤᠯᠠᠬᠤ ᠠᠵᠢᠯᠯᠠᠭ᠎ᠠ ᠶᠢ ᠬᠡᠷᠡᠭᠵᠢᠭᠦᠯᠵᠦ᠂ ᠲᠣᠮᠣ ᠳᠤᠮᠳᠠ | ᠬᠡᠯᠪᠡᠷᠢ ᠶᠢᠨ ᠤᠰᠤᠯᠠᠯᠲᠠ ᠶᠢᠨ ᠣᠷᠣᠨ ᠤ ᠤᠰᠤ ᠠᠷᠪᠢᠯᠠᠬᠤ ᠥᠭᠡᠷᠡᠴᠢᠯᠡᠯᠲᠡ ᠶᠢ ᠶᠡᠬᠡᠪᠡᠷ ᠲᠦᠯᠬᠢᠨ ᠠᠬᠢᠭᠤᠯᠵᠤ᠂ | ᠤᠰᠤᠯᠠᠬᠤ ᠤᠰᠤ ᠵᠠᠯᠠᠬᠤ ᠢᠨᠵᠧᠨᠧᠷᠢᠩ ᠤᠨ ᠰᠢᠰᠲ᠋ᠧᠮ ᠢ ᠲᠠᠰᠤᠷᠠᠯᠲᠠ ᠤᠢᠭᠡᠢ ᠲᠡᠭᠦᠯᠳᠡᠷᠵᠢᠭᠦᠯᠦᠨ᠂ ᠤᠰᠤ | ᠳᠠᠮᠵᠢᠭᠤᠯᠵᠤ ᠲᠦᠭᠡᠭᠡᠬᠦ ᠦᠷ᠎ᠡ ᠪᠦᠲᠦᠮᠵᠢ ᠶᠢ ᠳᠡᠭᠡᠭᠰᠢᠯᠡᠭᠦᠯᠪᠡ᠃ ᠤᠰᠤᠯᠠᠯᠲᠠ ᠶᠢᠨ ᠮᠦ ᠪᠦᠷᠢ ᠶᠢᠨ ᠳᠤᠮᠳᠠᠴᠢ | ᠤᠰᠤ ᠬᠡᠷᠡᠭᠯᠡᠬᠦ ᠬᠡᠮᠵᠢᠶ᠎ᠡ 2014 ᠣᠨ ᠳᠤ 402 ᠺᠦᠪ ᠮᠧᠲᠷ ᠪᠠᠶᠢᠭᠰᠠᠨ ᠠᠴᠠ ᠪᠠᠨ ᠪᠠᠭᠤᠷᠠᠭᠠᠳ ᠣᠳᠣᠬᠠᠨ ᠤ | 364 ᠺᠦᠪ ᠮᠧᠲᠷ ᠪᠣᠯᠵᠤ᠂ 9.5 ᠵᠠᠭᠤᠨ ᠤ ᠴᠡᠭ ᠪᠠᠭᠤᠷᠠᠪᠠ᠃ | ᠬᠤᠶᠠᠷ ᠲᠤ᠂ ᠲᠠᠷᠢᠶᠠᠯᠠᠩ ᠤᠨ ᠤᠰᠤ ᠬᠡᠷᠡᠭᠯᠡᠬᠦ ᠬᠠᠮᠢᠶᠠᠷᠤᠯᠲᠠ ᠶᠢ ᠴᠢᠩᠭᠠᠳᠬᠠᠪᠠ᠃ ᠲᠠᠷᠢᠶᠠᠯᠠᠩ ᠤᠨ ᠤᠰᠤ | ᠲᠠᠲᠠᠵᠤ ᠬᠡᠷᠡᠭᠯᠡᠬᠦ ᠶᠡᠷᠦᠩᠬᠡᠶ ᠬᠡᠮᠵᠢᠶ᠎ᠡ ᠶᠢ ᠡᠵᠡᠮᠳᠡᠵᠦ᠂ 5 ᠲᠦᠮᠡᠨ ᠮᠦ ᠠᠴᠠ ᠳᠡᠭᠡᠭᠰᠢᠬᠢ ᠲᠣᠮᠣ ᠳᠤᠮᠳᠠ | ᠬᠡᠯᠪᠡᠷᠢ ᠶᠢᠨ ᠤᠰᠤᠯᠠᠯᠲᠠ ᠶᠢᠨ ᠣᠷᠣᠨ ᠤ ᠰᠤᠪᠠᠭ ᠤᠨ ᠡᠬᠢᠨ ᠤ ᠪᠠᠷᠢᠯᠭ᠎ᠠ ᠶᠢᠨ ᠤᠰᠤ ᠠᠪᠬᠤ ᠰᠤᠪᠠᠭ ᠤᠨ | ᠰᠦᠯᠵᠢᠶᠡᠨ ᠳᠡᠭᠡᠷᠡᠬᠢ ᠬᠡᠮᠵᠢᠯᠲᠡ ᠶᠢ ᠪᠡᠶᠡᠯᠡᠭᠦᠯᠦᠨ᠎ᠡ᠃ ᠲᠠᠷᠢᠶᠠᠯᠠᠩ ᠳᠤ ᠬᠡᠷᠡᠭᠯᠡᠬᠦ ᠤᠰᠤ ᠶᠢ ᠨᠣᠷᠮ᠎ᠠ ᠲᠣᠭᠲᠠᠭᠠᠨ | ᠬᠠᠮᠢᠶᠠᠷᠬᠤ ᠶᠢ ᠨᠠᠶᠢᠳᠠᠪᠤᠷᠢᠵᠢᠭᠤᠯᠵᠤ᠂ ᠤᠯᠤᠰ ᠤᠨ ᠲᠠᠯ᠎ᠠ ᠠᠴᠠ 14 ᠵᠦᠢᠯ ᠤᠨ ᠭᠤᠤᠯ ᠪᠣᠯᠬᠤ ᠲᠠᠷᠢᠮᠠᠯ ᠤᠨ | ᠤᠰᠤᠯᠠᠯᠲᠠ ᠳᠤ ᠬᠡᠷᠡᠭᠯᠡᠬᠦ ᠤᠰᠤᠨ ᠤ ᠨᠣᠷᠮ᠎ᠠ ᠲᠣᠭᠲᠠᠭᠠᠨ ᠨᠡᠶᠢᠲᠡᠯᠡᠪᠡ᠃ | ᠭᠤᠷᠪᠠ ᠳᠤ᠂ ᠲᠠᠷᠢᠶᠠᠯᠠᠩ ᠤᠨ ᠤᠰᠤᠨ ᠤ ᠦᠨ᠎ᠡ ᠶᠢᠨ ᠶᠡᠷᠦᠩᠬᠡᠶᠢᠯᠡᠭᠰᠡᠨ ᠥᠭᠡᠷᠡᠴᠢᠯᠡᠯᠲᠡ ᠶᠢ | ᠭᠦᠨᠵᠡᠭᠡᠶᠢᠷᠡᠭᠦᠯᠦᠨ᠎ᠡ᠃ 2016 ᠣᠨ ᠳᠤ ᠮᠠᠨ ᠤ ᠤᠯᠤᠰ ᠲᠠᠷᠢᠶᠠᠯᠠᠩ ᠤᠨ ᠤᠰᠤᠨ ᠤ ᠦᠨ᠎ᠡ ᠶᠢᠨ | ᠶᠡᠷᠦᠩᠬᠡᠶᠢᠯᠡᠭᠰᠡᠨ ᠥᠭᠡᠷᠡᠴᠢᠯᠡᠯᠲᠡ ᠶᠢ ᠡᠬᠢᠯᠡᠭᠦᠯᠵᠦ᠂ ᠦᠨ᠎ᠡ ᠬᠠᠩᠰᠢ ᠪᠠ ᠨᠥᠬᠦᠪᠥᠷᠢ ᠥᠭᠬᠦ ᠲᠣᠭᠲᠠᠴᠠ ᠪᠠᠷ | ᠳᠠᠮᠵᠢᠭᠤᠯᠤᠨ ᠲᠠᠷᠢᠶᠠᠯᠠᠩ ᠤᠨ ᠤᠰᠤ ᠠᠷᠪᠢᠯᠠᠬᠤ ᠶᠢ ᠠᠬᠢᠭᠤᠯᠵᠤ᠂ ᠲᠠᠷᠢᠶᠠᠨ ᠭᠠᠵᠠᠷ ᠤᠨ ᠤᠰᠤᠨ | ᠠᠰᠢᠭᠯᠠᠯᠲᠠ ᠶᠢᠨ ᠪᠡᠯᠡᠳᠬᠡᠮᠵᠢ ᠶᠢᠨ ᠰᠠᠶᠢᠨ ᠠᠵᠢᠯᠯᠠᠭᠠᠨ ᠢ ᠪᠠᠲᠤᠯᠠᠨ᠎ᠠ᠃ ᠨᠢᠳᠤᠨᠤᠨ᠂ ᠤᠰᠤᠨ ᠠᠰᠢᠭᠯᠠᠯᠲᠠ ᠶᠢᠨ | ᠶᠠᠮᠤᠨ ᠪᠠᠰᠠ ᠲᠠᠷᠢᠶᠠᠯᠠᠩ ᠤᠨ ᠤᠰᠤᠨ ᠤ ᠦᠨ᠎ᠡ ᠶᠢᠨ ᠶᠡᠷᠦᠩᠬᠡᠶᠢᠯᠡᠭᠰᠡᠨ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ | ᠣᠳᠣᠬᠢᠴᠢᠯᠠᠭᠰᠠᠨ ᠤᠰᠤᠯᠠᠯᠲᠠ ᠶᠢᠨ ᠣᠷᠣᠨ ᠤ ᠪᠦᠲᠦᠭᠡᠨ ᠪᠠᠶᠢᠭᠤᠯᠤᠯᠲᠠ ᠶᠢᠨ ᠲᠤᠷᠰᠢᠯᠲᠠ ᠶᠢ ᠡᠬᠢᠯᠡᠭᠦᠯᠵᠦ᠂ | ᠲᠠᠷᠢᠶᠠᠯᠠᠩ ᠤᠨ ᠤᠰᠤᠨ ᠤ ᠦᠨ᠎ᠡ ᠶᠢᠨ ᠶᠡᠷᠦᠩᠬᠡᠶᠢᠯᠡᠭᠰᠡᠨ ᠥᠭᠡᠷᠡᠴᠢᠯᠡᠯᠲᠡ ᠪᠠᠷ ᠭᠠᠷᠳᠠᠴᠠ ᠪᠣᠯᠭᠠᠵᠤ᠂ ᠪᠡᠯᠡ | ᠣᠷᠣᠭᠤᠯᠵᠤ ᠪᠡᠯᠡ ᠲᠣᠬᠢᠷᠠᠭᠤᠯᠬᠤ ᠲᠣᠭᠲᠠᠴᠠ ᠶᠢᠨ ᠰᠢᠨ᠎ᠡ ᠶᠢ ᠡᠭᠦᠳᠴᠦ᠂ ᠣᠳᠣᠬᠢᠴᠢᠯᠠᠭᠰᠠᠨ ᠤᠰᠤᠯᠠᠯᠲᠠ ᠶᠢᠨ | ᠣᠷᠣᠨ ᠤ ᠪᠦᠲᠦᠭᠡᠨ ᠪᠠᠶᠢᠭᠤᠯᠤᠯᠲᠠ ᠶᠢᠨ ᠬᠠᠮᠢᠶᠠᠷᠤᠯᠲᠠ ᠬᠠᠮᠠᠭᠠᠯᠠᠯᠲᠠ ᠶᠢ ᠠᠬᠢᠭᠤᠯᠪᠠ᠃ | ᠳᠥᠷᠪᠡ ᠳᠤ᠂ ᠲᠤᠭ᠎ᠠ ᠪᠠᠷᠢᠮᠲᠠ ᠪᠠᠷ ᠡᠨᠧᠷᠭᠢ ᠣᠯᠭᠤᠵᠤ ᠤᠰᠤ ᠬᠡᠷᠡᠭᠯᠡᠬᠦ ᠦᠷ᠎ᠡ ᠪᠦᠲᠦᠮᠵᠢ ᠶᠢ | ᠳᠡᠭᠡᠭᠰᠢᠯᠡᠭᠦᠯᠪᠡ᠃ ᠲᠣᠭᠠᠴᠢᠯᠠᠭᠰᠠᠨ ᠢᠬᠡᠷ᠎ᠡ ᠤᠰᠤᠯᠠᠯᠲᠠ ᠶᠢᠨ ᠣᠷᠣᠨ ᠤ ᠪᠦᠲᠦᠭᠡᠨ ᠪᠠᠶᠢᠭᠤᠯᠤᠯᠲᠠ ᠳᠤ | ᠲᠦᠰᠢᠭᠯᠡᠨ᠂ ᠤᠰᠤᠨ ᠤ ᠡᠬᠢ ᠪᠠᠶᠠᠯᠢᠭ ᠢ ᠠᠷᠪᠢᠲᠠᠶ ᠡᠷᠴᠢᠮᠯᠢᠭ ᠠᠰᠢᠭᠯᠠᠬᠤ ᠬᠢᠷᠢ ᠬᠡᠮᠵᠢᠶ᠎ᠡ ᠶᠢ ᠪᠦᠲᠦᠮᠵᠢᠲᠡᠶ | ᠳᠡᠭᠡᠭᠰᠢᠯᠡᠭᠦᠯᠦᠨ᠎ᠡ᠃ ᠵᠢᠱᠢᠶᠡᠯᠡᠪᠡᠯ᠂ ᠱᠠᠨᠳᠦ᠋ᠩ ᠤᠨ ᠸᠧᠢ ᠱᠠᠨ ᠤᠰᠤᠯᠠᠯᠲᠠ ᠶᠢᠨ ᠣᠷᠣᠨ ᠲᠣᠭᠠᠴᠢᠯᠠᠭᠰᠠᠨ | ᠢᠬᠡᠷ᠎ᠡ ᠤᠰᠤᠯᠠᠯᠲᠠ ᠶᠢᠨ ᠣᠷᠣᠨ ᠤ ᠪᠦᠲᠦᠭᠡᠨ ᠪᠠᠶᠢᠭᠤᠯᠤᠯᠲᠠ ᠪᠠᠷ ᠳᠠᠮᠵᠢᠨ᠂ ᠡᠨᠡ ᠵᠢᠯ ᠤᠨ ᠬᠠᠪᠤᠷ ᠤᠨ | ᠤᠰᠤᠯᠠᠯᠲᠠ ᠶᠢᠨ ᠲᠠᠷᠢᠶᠠᠨ ᠭᠠᠵᠠᠷ ᠤᠨ ᠮᠦ ᠪᠦᠷᠢ ᠶᠢᠨ ᠤᠰᠤ ᠬᠡᠷᠡᠭᠯᠡᠬᠦ ᠬᠡᠮᠵᠢᠶ᠎ᠡ ᠶᠢ ᠪᠠᠷᠤᠭ 10 ᠪᠣᠰᠤᠭ᠎ᠠ | ᠳᠥᠷᠪᠡᠯᠵᠢᠨ ᠮᠧᠲᠷ ᠣᠷᠴᠢᠮ ᠪᠠᠭᠤᠷᠠᠭᠤᠯᠪᠠ᠃ | ᠬᠥᠳᠡᠭᠡ ᠲᠣᠰᠬᠤᠨ ᠤ ᠤᠰᠤ ᠬᠠᠩᠭᠠᠬᠤ ᠲᠠᠯ᠎ᠠ ᠪᠠᠷ᠂ ᠬᠥᠳᠡᠭᠡ ᠲᠣᠰᠬᠤᠨ ᠤ ᠤᠤᠭᠤᠬᠤ ᠤᠰᠤᠨ ᠤ ᠠᠮᠤᠷ | ᠲᠦᠪᠰᠢᠨ ᠨᠢ ᠲᠠᠷᠢᠶᠠᠴᠢᠳ ᠤᠨ ᠠᠵᠠ ᠵᠢᠷᠭᠠᠯ ᠲᠠᠢ ᠬᠤᠯᠪᠣᠭᠳᠠᠬᠤ ᠪᠥᠭᠡᠳ ᠲᠡᠦᠬᠡᠲᠦ ᠴᠢᠨᠠᠷᠲᠠᠢ ᠠᠮᠵᠢᠯᠲᠠ | ᠣᠯᠵᠠᠢ᠃ ᠨᠢᠭᠡ ᠳᠤ᠂ ᠬᠥᠳᠡᠭᠡ ᠲᠣᠰᠬᠤᠨ ᠤ ᠤᠤᠭᠤᠬᠤ ᠤᠰᠤᠨ ᠤ ᠠᠮᠤᠷ ᠲᠦᠪᠰᠢᠨ ᠤ ᠶᠠᠳᠠᠭᠤ ᠠᠴᠠ | ᠠᠩᠭᠢᠵᠢᠷᠠᠭᠤᠯᠬᠤ ᠪᠣᠭᠤᠮᠲᠠ ᠰᠢᠪᠲᠤᠯᠬᠤ ᠳᠠᠶᠢᠯᠠᠯᠳᠤᠭᠠᠨ ᠤ ᠢᠯᠠᠯᠲᠠ ᠶᠢ ᠣᠯᠵᠤ᠂ 2020 ᠣᠨ ᠤ ᠰᠡᠭᠦᠯᠴᠢ | ᠪᠣᠯᠬᠤ ᠳᠤ ᠶᠠᠳᠠᠭᠤ ᠬᠦᠴᠢᠷᠳᠡᠯᠲᠡᠢ ᠬᠥᠮᠦᠨ ᠠᠮᠠ ᠶᠢᠨ ᠤᠤᠭᠤᠬᠤ ᠤᠰᠤᠨ ᠤ ᠠᠮᠤᠷ ᠲᠦᠪᠰᠢᠨ ᠤ ᠠᠰᠠᠭᠤᠳᠠᠯ ᠢ | ᠪᠦᠬᠦ ᠲᠠᠯ᠎ᠠ ᠪᠠᠷ ᠰᠢᠢᠳᠪᠦᠷᠢᠯᠡᠪᠡ᠃ ᠬᠤᠶᠠᠷ ᠲᠤ᠂ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ | ᠦᠷ᠎ᠡ ᠪᠦᠲᠦᠭᠡᠯ ᠢ ᠪᠠᠬᠢᠵᠢᠭᠦᠯᠦᠨ ᠥᠷᠭᠡᠳᠬᠡᠬᠦ ᠶᠢ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠯᠤᠭ᠎ᠠ | ᠪᠦᠲᠦᠮᠵᠢᠲᠡᠢ ᠵᠣᠯᠭᠠᠭᠤᠯᠬᠤ ᠶᠢ ᠠᠬᠢᠭᠤᠯᠵᠤ᠂ ᠬᠥᠳᠡᠭᠡ ᠲᠣᠰᠬᠤᠨ ᠤ ᠤᠰᠤ ᠬᠠᠩᠭᠠᠬᠤ ᠢᠨᠵᠧᠨᠧᠷᠢᠩ ᠤᠨ | ᠪᠦᠳᠦᠭᠡᠨ ᠪᠠᠶᠢᠭᠤᠯᠤᠯᠲᠠ ᠶᠢ ᠦᠷᠭᠦᠯᠵᠢᠯᠡᠨ ᠠᠬᠢᠭᠤᠯᠬᠤ ᠬᠡᠷᠡᠭᠲᠡᠢ᠃ 2023 ᠣᠨ ᠤ ᠰᠡᠭᠦᠯᠴᠢ ᠪᠣᠯᠬᠤ ᠳᠤ᠂ | ᠪᠥᠬᠦ ᠤᠯᠤᠰ ᠲᠤ ᠬᠥᠳᠡᠭᠡ ᠲᠣᠰᠬᠤᠨ ᠤ ᠤᠰᠤ ᠬᠠᠩᠭᠠᠬᠤ ᠢᠨᠵᠧᠨᠧᠷᠢᠩ ᠢ ᠨᠡᠶᠢᠲᠡ 563 ᠲᠦᠮᠡᠨ ᠭᠠᠵᠠᠷ | ᠪᠠᠶᠢᠭᠤᠯᠵᠤ᠂ ᠦᠢᠯᠡᠴᠢᠯᠡᠵᠦ ᠪᠣᠯᠬᠤ ᠬᠥᠮᠦᠨ ᠠᠮᠠ ᠶᠢ 8.7 ᠳ᠋ᠦᠩᠰᠢᠭᠤᠷ ᠬᠥᠮᠦᠨ ᠳᠤ ᠬᠦᠷᠦᠭᠦᠯᠪᠡ︔ ᠬᠥᠳᠡᠭᠡ | ᠲᠣᠰᠬᠤᠨ ᠤ ᠲᠦᠭᠡᠭᠡᠯ ᠤᠰᠤ ᠶᠢ ᠲᠦᠭᠡᠮᠡᠯᠵᠢᠭᠦᠯᠬᠦ ᠨᠣᠷᠮ᠎ᠠ ᠶᠢ 90% ᠳᠤ ᠬᠦᠷᠦᠭᠦᠯᠵᠦ᠂ ᠬᠡᠪᠴᠢᠶᠡᠵᠢᠭᠰᠡᠨ | ᠤᠰᠤ ᠬᠠᠩᠭᠠᠬᠤ ᠢᠨᠵᠧᠨᠧᠷᠢᠩ ᠢ ᠬᠥᠳᠡᠭᠡ ᠲᠣᠰᠬᠤᠨ ᠤ ᠬᠥᠮᠦᠨ ᠠᠮᠠ ᠶᠢ ᠬᠠᠮᠤᠷᠬᠤ ᠬᠠᠷᠢᠴᠠᠯ ᠢ 60% ᠳᠤ | ᠬᠦᠷᠦᠭᠦᠯᠦᠨ᠎ᠡ᠃ ᠭᠤᠷᠪᠠ ᠳᠤ᠂ ᠰᠢᠶᠠᠨ ᠤ ᠬᠡᠪᠴᠢᠶ᠎ᠡ ᠪᠠᠷ ᠨᠢᠭᠡᠴᠢ ᠪᠣᠯᠭᠠᠵᠤ᠂ ᠬᠥᠳᠡᠭᠡ ᠲᠣᠰᠬᠤᠨ ᠤ ᠤᠰᠤ | ᠬᠠᠩᠭᠠᠬᠤ ᠶᠢ ᠪᠠᠷᠢᠮᠵᠢᠶᠠᠵᠢᠭᠤᠯᠤᠨ ᠪᠦᠲᠦᠭᠡᠨ ᠪᠠᠶᠢᠭᠤᠯᠬᠤ ᠪᠠ ᠬᠠᠮᠢᠶᠠᠷᠴᠤ ᠬᠠᠮᠠᠭᠠᠯᠠᠬᠤ ᠵᠠᠭᠪᠤᠷ ᠢ | ᠬᠡᠷᠡᠭᠵᠢᠭᠦᠯᠵᠦ᠂ ᠬᠤᠲᠠ ᠬᠥᠳᠡᠭᠡ ᠶᠢᠨ ᠤᠰᠤ ᠬᠠᠩᠭᠠᠬᠤ ᠶᠢ ᠠᠳᠠᠯᠢ ᠰᠤᠷᠪᠤᠯᠵᠢ᠂ ᠠᠳᠠᠯᠢ ᠲᠣᠣᠷ᠂ ᠠᠳᠠᠯᠢ | ᠴᠢᠨᠠᠷ ᠲᠠᠢ᠂ ᠠᠳᠠᠯᠢ ᠬᠢᠨᠠᠨ ᠬᠠᠮᠢᠶᠠᠷᠬᠤ᠂ ᠠᠳᠠᠯᠢ ᠦᠢᠯᠡᠴᠢᠯᠡᠭᠡ ᠲᠠᠢ ᠪᠠᠶᠢᠯᠭᠠᠬᠤ ᠶᠢ ᠬᠠᠮᠤᠭ ᠤᠨ ᠶᠡᠭᠡ | ᠬᠡᠮᠵᠢᠶ᠎ᠡ ᠪᠠᠷ ᠪᠡᠶᠡᠯᠡᠭᠦᠯᠦᠨ᠎ᠡ᠃ | ᠲᠠᠷᠠᠭᠠᠴᠢ ᠶᠢᠨ ᠠᠯᠬᠤᠮ ᠳᠤ᠂ ᠤᠰᠤᠨ ᠠᠰᠢᠭᠯᠠᠯᠲᠠ ᠶᠢᠨ ᠶᠠᠮᠤᠨ ᠡᠯ᠎ᠡ ᠭᠠᠵᠠᠷ ᠢ ᠵᠢᠯᠣᠭᠤᠳᠤᠨ | ︽ᠲᠦᠷᠢᠮ︾ ᠢ ᠪᠥᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠤᠰᠤᠯᠠᠬᠤ ᠤᠰᠤ ᠵᠠᠯᠠᠬᠤ ᠢᠨᠵᠧᠨᠧᠷᠢᠩ ᠤᠨ | ᠰᠢᠰᠲ᠋ᠧᠮᠵᠢ ᠶᠢ ᠲᠠᠰᠤᠷᠠᠯᠲᠠ ᠥᠬᠡᠶ ᠲᠡᠭᠦᠯᠳᠡᠷᠵᠢᠭᠦᠯᠦᠨ᠂ ᠲᠠᠷᠢᠶᠠᠯᠠᠩ ᠤᠨ ᠤᠰᠤ ᠬᠡᠷᠡᠭᠯᠡᠬᠦ ᠬᠡᠮᠵᠢᠯᠲᠡ ᠶᠢᠨ | ᠪᠡᠯᠡᠳᠬᠡᠮᠵᠢ ᠶᠢᠨ ᠪᠥᠲᠥᠭᠡᠨ ᠪᠠᠶᠢᠭᠤᠯᠤᠯᠲᠠ ᠶᠢ ᠴᠢᠩᠭᠠᠳᠬᠠᠵᠤ᠂ ᠤᠰᠤ ᠠᠷᠪᠢᠯᠠᠬᠤ ᠤᠰᠤᠯᠠᠯᠲᠠ ᠶᠢᠨ ᠮᠡᠷᠭᠡᠵᠢᠯ ᠢ | ᠳᠡᠯᠭᠡᠷᠡᠭᠦᠯᠦᠨ᠂ ᠲᠠᠷᠢᠶᠠᠯᠠᠩ ᠤᠨ ᠤᠰᠤᠨ ᠤ ᠦᠨ᠎ᠡ ᠶᠢᠨ ᠶᠡᠷᠦᠩᠬᠡᠶᠢᠯᠡᠭᠰᠡᠨ ᠥᠭᠡᠷᠡᠴᠢᠯᠡᠯᠲᠡ ᠶᠢ | ᠭᠦᠨᠵᠡᠭᠡᠶᠢᠷᠡᠭᠦᠯᠵᠦ᠂ ᠬᠥᠳᠡᠭᠡ ᠲᠣᠰᠬᠤᠨ ᠤ ᠤᠰᠤ ᠬᠠᠩᠭᠠᠬᠤ ᠢᠨᠵᠧᠨᠧᠷᠢᠩ ᠤᠨ ᠪᠥᠲᠥᠭᠡᠨ ᠪᠠᠶᠢᠭᠤᠯᠤᠯᠲᠠ ᠪᠠ | ᠬᠠᠮᠢᠶᠠᠷᠤᠯᠲᠠ ᠶᠢ ᠠᠬᠢᠭᠤᠯᠵᠤ᠂ ᠤᠯᠤᠰ ᠤᠨ ᠠᠮᠤ ᠪᠤᠳᠠᠭᠠᠨ ᠤ ᠠᠮᠤᠷ ᠲᠦᠪᠰᠢᠨ ᠪᠠ ᠬᠥᠳᠡᠭᠡ ᠲᠣᠰᠬᠤᠨ ᠤ | ᠤᠤᠭᠤᠬᠤ ᠤᠰᠤᠨ ᠤ ᠠᠮᠤᠷ ᠲᠦᠪᠰᠢᠨ ᠢ ᠪᠠᠲᠤᠯᠠᠬᠤ ᠳᠤ ᠬᠦᠴᠦᠲᠡᠶ ᠲᠤᠯᠭᠠᠭᠤᠷᠢᠯᠠᠯ ᠬᠠᠩᠭᠠᠨ᠎ᠠ᠃ ᠪᠠᠶᠠᠷᠯᠠᠯ᠎ᠠ᠃ | | | | | | ᠡᠮᠦᠨᠡᠲᠦ ᠣᠷᠣᠨ ᠤ ᠬᠤᠲᠠ ᠶᠢᠨ ᠰᠣᠨᠢᠨ N ᠬᠠᠷᠠᠭᠠᠨ ᠳᠠᠪᠲᠠᠮᠵᠢ ᠶᠢᠨ ᠰᠤᠷᠪᠤᠯᠵᠢᠯᠠᠭᠴᠢ | | | ᠠᠰᠠᠭᠤᠬᠤ ᠨᠢ᠄ ᠳᠠᠬᠢᠯᠲᠠ ᠤᠰᠤ ᠶᠢ ᠬᠤᠲᠠ ᠶᠢᠨ ᠬᠤᠶᠠᠳᠤᠭᠠᠷ ᠤᠰᠤᠨ ᠤ ᠡᠬᠢ ᠰᠤᠷᠪᠤᠯᠵᠢ ᠭᠡᠳᠡᠭ᠂ | ᠲᠠᠨᠢᠯᠴᠠᠭᠤᠯᠤᠭᠠᠳ ᠥᠭᠭᠦᠨ᠎ᠡ ᠦᠦ︖ ᠣᠶᠢᠷ᠎ᠠ ᠶᠢᠨ ᠵᠢᠯ ᠤᠨ ᠲᠤᠷᠰᠢᠬᠢ ᠬᠤᠲᠠ ᠶᠢᠨ ᠪᠣᠬᠢᠷ ᠤᠰᠤ ᠶᠢ ᠳᠠᠬᠢᠨ | ᠠᠰᠢᠭᠯᠠᠭᠰᠠᠨ ᠪᠣᠳᠠᠲᠠᠶ ᠪᠠᠶᠢᠳᠠᠯ ᠢ ᠲᠠᠨᠢᠯᠴᠠᠭᠤᠯᠤᠭᠠᠷᠠᠢ᠃ ᠪᠠᠶᠠᠷᠯᠠᠯ᠎ᠠ᠃ | ᠬᠤ᠋ ᠽᠢ ᠵᠢᠶᠠᠨ ᠬᠠᠷᠢᠭᠤᠯᠬᠤ ᠨᠢ᠄ | ᠲᠠᠨ ᠤ ᠠᠰᠠᠭᠤᠭᠰᠠᠨ ᠳᠤ ᠪᠠᠶᠠᠷᠯᠠᠯ᠎ᠠ᠃ ᠶᠠᠭ ᠲᠠᠨ ᠤ ᠬᠡᠯᠡᠭᠰᠡᠨ ᠢᠶᠠᠷ᠂ ᠣᠳᠣ ᠴᠥᠭᠡᠨ ᠪᠤᠰᠤ ᠤᠰᠤ | ᠳᠤᠲᠠᠭᠳᠠᠵᠤ ᠪᠠᠶᠢᠭ᠎ᠠ ᠬᠤᠲᠠ ᠨᠢᠭᠡᠨᠲᠡ ᠳᠠᠬᠢᠯᠲᠠ ᠤᠰᠤ ᠶᠢ ᠨᠢᠭᠡᠨᠲᠡ ᠴᠢᠬᠤᠯᠠ ᠬᠤᠶᠠᠳᠤᠭᠠᠷ ᠤᠰᠤᠨ ᠤ ᠡᠬᠢ | ᠪᠣᠯᠭᠠᠪᠠ᠂ ᠵᠢᠱᠢᠶᠡᠯᠡᠪᠡᠯ᠂ ᠮᠠᠨ ᠤ ᠠᠮᠢᠳᠤᠷᠠᠵᠤ ᠪᠠᠶᠢᠭ᠎ᠠ ᠡᠨᠡ ᠬᠦ ᠬᠤᠲᠠ᠂ ᠬᠤᠲᠠ ᠶᠢᠨ ᠲᠣᠭᠤᠷᠢᠭ ᠤᠨ ᠮᠠᠰᠢ | ᠣᠯᠠᠨ ᠭᠤᠣᠯ ᠨᠠᠭᠤᠷ ᠲᠤ ᠴᠥᠮ ᠶᠡᠭᠡ ᠬᠡᠮᠵᠢᠶᠡᠨ ᠤ ᠳᠠᠬᠢᠯᠲᠠ ᠤᠰᠤ ᠬᠡᠷᠡᠭᠯᠡᠭᠰᠡᠨ ᠪᠠᠶᠢᠨ᠎ᠠ᠂ ︽ᠠᠷᠪᠠᠨ | ᠨᠢᠭᠡᠳᠦᠭᠡᠷ ᠲᠠᠪᠤᠨ ᠵᠢᠯ︾ ᠠᠴᠠ ᠨᠠᠭᠠᠰᠢ᠂ ᠣᠷᠣᠨ ᠰᠠᠭᠤᠴᠠ ᠬᠤᠲᠠ ᠬᠥᠳᠡᠭᠡ ᠶᠢᠨ ᠪᠦᠲᠦᠭᠡᠨ | ᠪᠠᠶᠢᠭᠤᠯᠤᠯᠲᠠ ᠶᠢᠨ ᠶᠠᠮᠤᠨ ᠠᠴᠠ ᠬᠤᠲᠠ ᠶᠢᠨ ᠳᠠᠬᠢᠯᠲᠠ ᠤᠰᠤᠨ ᠤ ᠠᠰᠢᠭᠯᠠᠯᠲᠠ ᠶᠢ ᠦᠷᠭᠦᠯᠵᠢᠯᠡᠨ ᠠᠬᠢᠭᠤᠯᠵᠤ᠂ | ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠦᠪᠯᠡᠯ ᠲᠠᠢ ᠲᠠᠪᠤᠨ ᠵᠢᠯ ᠠᠯᠤᠰᠯᠠᠬᠤ ᠪᠦᠷᠢ ᠨᠢᠭᠡ ᠤᠳᠠᠭ᠎ᠠ ︽ᠪᠦᠬᠦ | ᠤᠯᠤᠰ ᠤᠨ ᠬᠤᠲᠠ ᠪᠠᠯᠭᠠᠰᠤᠨ ᠤ ᠪᠣᠬᠢᠷ ᠤᠰᠤ ᠶᠢ ᠰᠢᠢᠳᠪᠦᠷᠢᠯᠡᠬᠦ ᠵᠢᠴᠢ ᠳᠠᠬᠢᠨ ᠠᠰᠢᠭᠯᠠᠬᠤ ᠲᠥᠯᠥᠪᠵᠢᠭᠦᠯᠭᠡ︾ | ᠶᠢ ᠲᠣᠭᠲᠠᠭᠠᠵᠤ᠂ ᠲᠠᠬᠢᠯᠲᠠ ᠤᠰᠤ ᠶᠢ ᠠᠰᠢᠭᠯᠠᠬᠤ ᠲᠥᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠪᠠ | ᠥᠭᠡᠷᠡᠴᠢᠯᠡᠯᠲᠡ ᠶᠢ ᠲᠦᠯᠬᠢᠨ ᠠᠬᠢᠭᠤᠯᠤᠨ᠎ᠠ᠃ 2013 ᠣᠨ ᠳᠤ᠂ ᠪᠢᠳᠡ ︽ᠬᠤᠲᠠ ᠪᠠᠯᠭᠠᠰᠤᠨ ᠤ ᠤᠰᠤ | ᠵᠠᠯᠠᠬᠤ ᠪᠠ ᠪᠣᠬᠢᠷ ᠤᠰᠤ ᠰᠢᠢᠳᠪᠦᠷᠢᠯᠡᠬᠦ ᠳᠦᠷᠢᠮ︾ ᠢ ᠨᠡᠶᠢᠲᠡᠯᠡᠬᠦ ᠶᠢ ᠲᠦᠯᠬᠢᠨ ᠠᠬᠢᠭᠤᠯᠵᠤ᠂ ᠲᠥᠯᠥᠪᠵᠢᠭᠦᠯᠦᠨ | ᠪᠦᠲᠦᠭᠡᠨ ᠪᠠᠶᠢᠭᠤᠯᠬᠤ᠂ ᠠᠵᠢᠯᠯᠠᠭᠠᠨ ᠤ ᠬᠠᠮᠠᠭᠠᠯᠠᠯᠲᠠ᠂ ᠪᠠᠷᠢᠮᠵᠢᠶ᠎ᠠ ᠶᠢᠨ ᠵᠢᠷᠤᠮᠵᠢᠯ ᠵᠡᠷᠭᠡ ᠲᠠᠯ᠎ᠠ ᠪᠠᠷ ᠪᠣᠬᠢᠷ | ᠤᠰᠤ ᠶᠢ ᠳᠠᠬᠢᠨ ᠠᠰᠢᠭᠯᠠᠬᠤ ᠳᠦᠷᠢᠮ ᠢ ᠪᠠᠶᠢᠭᠤᠯᠪᠠ᠃ ︽ᠤᠰᠤ ᠶᠢ ᠠᠷᠪᠢᠯᠠᠨ ᠭᠠᠮᠨᠠᠬᠤ ᠲᠦᠷᠢᠮ︾ ᠳᠤ ᠡᠨᠡ | ᠲᠠᠯ᠎ᠠ ᠪᠠᠷ ᠪᠠᠰᠠ ᠲᠣᠭᠲᠠᠭᠠᠯ ᠭᠠᠷᠭᠠᠵᠤ᠂ ᠪᠣᠬᠢᠷ ᠤᠰᠤ ᠶᠢ ᠳᠠᠬᠢᠨ ᠠᠰᠢᠭᠯᠠᠬᠤ ᠦᠢᠯᠡᠰ ᠤᠨ ᠬᠥᠭᠵᠢᠯᠲᠡ ᠶᠢ | ᠠᠬᠢᠭᠤᠯᠬᠤ ᠳᠤ ᠬᠠᠤᠯᠢ ᠴᠠᠭᠠᠵᠠ ᠶᠢᠨ ᠪᠠᠲᠤᠯᠠᠭ᠎ᠠ ᠬᠠᠩᠭᠠᠭᠰᠠᠨ ᠪᠠᠶᠢᠨ᠎ᠠ᠃ | ᠣᠯᠠᠨ ᠵᠢᠯ ᠤᠨ ᠲᠤᠷᠰᠢ᠂ ᠪᠢᠳᠡ ᠭᠤᠤᠯᠳᠠᠭᠤ ᠬᠤᠲᠠ ᠶᠢᠨ ᠳᠠᠬᠢᠯᠲᠠ ᠤᠰᠤ ᠶᠢ ᠠᠰᠢᠭᠯᠠᠬᠤ ᠠᠵᠢᠯ ᠢ | ᠭᠤᠷᠪᠠᠨ ᠲᠠᠯ᠎ᠠ ᠠᠴᠠ ᠲᠦᠯᠬᠢᠨ ᠠᠬᠢᠭᠤᠯᠤᠨ᠎ᠠ᠃ | ᠨᠢᠭᠡ ᠳᠤ᠂ ᠳᠠᠬᠢᠯᠲᠠ ᠤᠰᠤ ᠶᠢ ᠠᠰᠢᠭᠯᠠᠬᠤ ᠲᠥᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢ | ᠴᠢᠩᠭᠠᠳᠬᠠᠨ᠎ᠠ᠃ ᠡᠯ᠎ᠡ ᠭᠠᠵᠠᠷ ᠤᠨ ᠪᠣᠬᠢᠷ ᠤᠰᠤ ᠰᠢᠢᠳᠪᠦᠷᠢᠯᠡᠬᠦ ᠦᠢᠯᠡᠳᠪᠦᠷᠢ ᠪᠠᠷ ᠰᠠᠭᠤᠷᠢ ᠪᠣᠯᠭᠠᠬᠤ ᠶᠢ | ᠵᠢᠯᠣᠭᠤᠳᠴᠤ᠂ ᠳᠠᠬᠢᠯᠲᠠ ᠤᠰᠤᠨ ᠤ ᠠᠰᠢᠭᠯᠠᠯᠲᠠ ᠶᠢᠨ ᠰᠠᠭᠤᠷᠢ ᠪᠡᠯᠡᠳᠬᠡᠮᠵᠢ ᠶᠢ ᠵᠦᠢ ᠵᠣᠬᠢᠰᠲᠠᠶ | ᠪᠠᠶᠢᠷᠢᠯᠠᠭᠤᠯᠬᠤ ᠬᠡᠷᠡᠭᠲᠡᠶ᠃ 2022 ᠣᠨ ᠳᠤ᠂ ᠬᠤᠲᠠ ᠶᠢᠨ ᠳᠠᠬᠢᠯᠲᠠ ᠤᠰᠤᠨ ᠤ ᠦᠢᠯᠡᠳᠪᠦᠷᠢᠯᠡᠯ ᠤᠨ | ᠴᠢᠳᠠᠪᠤᠷᠢ ᠨᠢ ᠡᠳᠦᠷ ᠪᠦᠷᠢ ᠪᠠᠷᠤᠭ 8000 ᠲᠦᠮᠡᠨ ᠪᠣᠰᠤᠭ᠎ᠠ ᠳᠥᠷᠪᠡᠯᠵᠢᠨ ᠮᠧᠲᠷ ᠪᠠᠶᠢᠵᠤ᠂ ᠳᠠᠬᠢᠯᠲᠠ | ᠤᠰᠤᠨ ᠤ ᠬᠤᠭᠤᠯᠠᠶ ᠶᠢᠨ ᠲᠣᠤᠷ ᠤᠨ ᠣᠷᠳᠣ ᠨᠢ ᠪᠠᠷᠤᠭ 1.6 ᠲᠦᠮᠡᠨ ᠺᠢᠯᠤᠮᠧᠲᠷ ᠪᠣᠯᠤᠨ᠎ᠠ᠃ | ᠬᠤᠶᠠᠷ ᠲᠤ᠂ ᠪᠠᠷᠢᠮᠵᠢᠶ᠎ᠠ ᠵᠢᠷᠤᠮᠵᠢᠯ ᠤᠨ ᠰᠢᠰᠲ᠋ᠧᠮ ᠢ ᠲᠡᠭᠦᠯᠳᠡᠷᠵᠢᠭᠦᠯᠦᠨ᠎ᠡ᠃ ᠤᠷᠢᠳ ᠬᠤᠵᠢᠳ ᠳᠠᠬᠢᠯᠲᠠ | ᠤᠰᠤᠨ ᠤ ᠢᠨᠵᠧᠨᠧᠷᠢᠩ ᠤᠨ ᠵᠢᠷᠤᠭ ᠲᠥᠯᠥᠪᠯᠡᠭᠡ ᠶᠢᠨ ᠵᠢᠷᠤᠮᠵᠢᠯ᠂ ᠳᠠᠬᠢᠯᠲᠠ ᠤᠰᠤ ᠶᠢ ᠠᠰᠢᠭᠯᠠᠬᠤ | ᠮᠡᠷᠭᠡᠵᠢᠯ ᠤᠨ ᠵᠦᠭᠯᠡᠭᠦᠷ ᠵᠢᠴᠢ ᠳᠠᠬᠢᠯᠲᠠ ᠤᠰᠤ ᠶᠢ ᠠᠵᠤ ᠦᠢᠯᠡᠳᠪᠦᠷᠢ ᠶᠢᠨ ᠦᠢᠯᠡᠳᠪᠦᠷᠢᠯᠡᠯ᠂ ᠴᠡᠴᠡᠷᠯᠢᠭ ᠤᠨ | ᠨᠣᠭᠤᠭᠠᠷᠠᠭᠤᠯᠤᠯᠲᠠ᠂ ᠬᠤᠳᠠ ᠶᠢᠨ ᠶᠠᠪᠤᠳᠠᠯ ᠤᠨ ᠬᠤᠯᠢᠯᠳᠤᠨ ᠬᠡᠷᠡᠭᠯᠡᠬᠦ᠂ ᠦᠵᠡᠮᠵᠢ ᠳᠤ ᠬᠡᠷᠡᠭᠯᠡᠬᠦ ᠤᠰᠤ ᠵᠡᠷᠭᠡ | ᠪᠠᠷᠢᠮᠵᠢᠶ᠎ᠠ ᠶᠢ ᠲᠣᠭᠲᠠᠭᠠᠵᠤ᠂ ᠨᠡᠯᠢᠶᠡᠳ ᠪᠦᠷᠢᠨ ᠲᠡᠭᠦᠯᠳᠡᠷ ᠳᠠᠬᠢᠯᠲᠠ ᠤᠰᠤ ᠶᠢ ᠠᠰᠢᠭᠯᠠᠬᠤ ᠪᠠᠷᠢᠮᠵᠢᠶ᠎ᠠ ᠶᠢᠨ | ᠰᠢᠰᠲ᠋ᠧᠮ ᠢ ᠪᠠᠶᠢᠭᠤᠯᠪᠠ᠃ | ᠭᠤᠷᠪᠠ ᠳᠤ᠂ ᠲᠤᠷᠰᠢᠯᠲᠠ ᠶᠢᠨ ᠴᠡᠭ ᠤᠨ ᠵᠢᠱᠢᠶ᠎ᠡ ᠦᠵᠡᠭᠦᠯᠵᠦ ᠬᠥᠲᠥᠯᠥᠨ ᠳᠠᠭᠠᠭᠤᠯᠬᠤ ᠶᠢ ᠰᠠᠶᠢᠲᠤᠷ | ᠠᠳᠬᠤᠨ᠎ᠠ᠃ ᠡᠮᠦᠨ᠎ᠡ ᠨᠢᠭᠡᠨᠲᠡ ᠳᠤᠷᠠᠳᠤᠭᠰᠠᠨ ᠪᠣᠯᠬᠤᠷ᠂ ᠪᠢᠳᠡ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ | 116 ᠬᠤᠲᠠ ᠳᠤ ᠳᠠᠬᠢᠯᠲᠠ ᠤᠰᠤ ᠶᠢ ᠠᠰᠢᠭᠯᠠᠬᠤ ᠲᠤᠷᠰᠢᠯᠲᠠ ᠶᠢᠨ ᠠᠵᠢᠯ ᠢ ᠥᠷᠨᠢᠭᠦᠯᠵᠡᠢ᠃ ᠣᠶᠢᠷ᠎ᠠ ᠶᠢᠨ | ᠬᠤᠭᠤᠴᠠᠭᠠᠨ ᠳᠤ᠂ ᠪᠢᠳᠡ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠬᠠᠮᠲᠤ ᠪᠠᠷ ᠭᠤᠤᠯᠳᠠᠯᠭ᠎ᠠ ᠲᠠᠢ | ᠬᠤᠲᠠ ᠶᠢᠨ ᠳᠠᠬᠢᠯᠲᠠ ᠤᠰᠤ ᠶᠢ ᠠᠰᠢᠭᠯᠠᠬᠤ ᠭᠤᠷᠪᠠᠨ ᠵᠢᠯ ᠤᠨ ᠠᠵᠢᠯᠯᠠᠭ᠎ᠠ ᠶᠢ ᠪᠠᠶᠢᠷᠢᠯᠠᠭᠤᠯᠤᠨ ᠥᠷᠨᠢᠭᠦᠯᠵᠦ᠂ | ᠳᠠᠬᠢᠨ 50 ᠬᠤᠲᠠ ᠶᠢ ᠰᠢᠯᠢᠨ ᠰᠣᠩᠭᠤᠵᠤ ᠭᠤᠤᠯᠳᠠᠯᠭ᠎ᠠ ᠲᠠᠢ ᠠᠬᠢᠭᠤᠯᠵᠤ᠂ ᠴᠡᠭ ᠢᠶᠠᠷ ᠨᠡᠶᠢᠳᠡᠮ ᠢ ᠳᠠᠶᠢᠴᠢᠯᠠᠨ᠂ | ᠪᠥᠬᠦ ᠨᠡᠶᠢᠭᠡᠮ ᠤᠨ ᠳᠠᠬᠢᠯᠲᠠ ᠤᠰᠤ ᠶᠢ ᠠᠰᠢᠭᠯᠠᠬᠤ ᠠᠵᠢᠯ ᠢ ᠳᠠᠶᠢᠴᠢᠯᠠᠬᠤ ᠪᠠᠷ ᠲᠥᠯᠥᠪᠯᠡᠵᠦ ᠪᠠᠶᠢᠨ᠎ᠠ᠃ | ᠲᠠᠷᠠᠭᠠᠴᠢ ᠶᠢᠨ ᠠᠯᠬᠤᠮ ᠳᠤ᠂ ᠪᠢᠳᠡ ᠳᠠᠬᠢᠯᠲᠠ ᠤᠰᠤ ᠶᠢ ᠠᠰᠢᠭᠯᠠᠬᠤ ᠲᠥᠬᠦᠭᠡᠷᠦᠮᠵᠢ ᠶᠢᠨ ᠪᠥᠲᠥᠭᠡᠨ | ᠪᠠᠶᠢᠭᠤᠯᠤᠯᠲᠠ ᠶᠢ ᠦᠷᠭᠦᠯᠵᠢᠯᠡᠨ ᠠᠬᠢᠭᠤᠯᠵᠤ᠂ ᠲᠥᠬᠦᠭᠡᠷᠦᠮᠵᠢ ᠶᠢ ᠰᠢᠨᠡᠳᠬᠡᠬᠦ ᠪᠠ ᠭᠠᠵᠠᠷ ᠳᠣᠤᠷᠠᠬᠢ | ᠬᠤᠭᠤᠯᠠᠶ ᠶᠢᠨ ᠲᠣᠤᠷ ᠢ ᠥᠭᠡᠷᠡᠴᠢᠯᠡᠬᠦ ᠵᠡᠷᠭᠡ ᠠᠵᠢᠯ ᠲᠠᠢ ᠤᠶᠠᠯᠳᠤᠭᠤᠯᠤᠨ᠂ ᠳᠠᠬᠢᠯᠲᠠ ᠤᠰᠤ ᠶᠢ ᠠᠰᠢᠭᠯᠠᠬᠤ | ᠬᠢᠷᠢ ᠲᠦᠪᠰᠢᠨ ᠢ ᠤᠯᠠᠮ ᠨᠢᠭᠡ ᠠᠯᠬᠤᠮ ᠳᠡᠭᠡᠭᠰᠢᠯᠡᠭᠦᠯᠦᠨ᠎ᠡ᠃ ᠪᠠᠶᠠᠷᠯᠠᠯ᠎ᠠ᠃ | | | | | ᠲᠥᠪ ᠤᠨ ᠷᠠᠳᠢᠣ᠋ ᠲᠧᠯᠸᠢᠰ ᠤᠨ ᠶᠡᠷᠦᠩᠬᠡᠶ ᠬᠤᠷᠢᠶ᠎ᠠ ᠲᠥᠪ ᠤᠨ ᠷᠠᠳᠢᠣ᠋ ᠲᠧᠯᠸᠢᠰ ᠤᠨ | ᠰᠤᠷᠪᠤᠯᠵᠢᠯᠠᠭᠴᠢ ᠶᠢᠨ ᠠᠰᠠᠭᠤᠯᠲᠠ | | | ᠠᠰᠠᠭᠤᠬᠤ ᠨᠢ᠄ ︽ᠤᠰᠤ ᠶᠢ ᠠᠷᠪᠢᠯᠠᠨ ᠭᠠᠮᠨᠠᠬᠤ ᠲᠦᠷᠢᠮ︾ ᠢ ᠨᠡᠶᠢᠲᠡᠯᠡᠬᠦ ᠶᠢ ᠳᠠᠭᠠᠯᠳᠤᠨ᠂ ᠡᠯ᠎ᠡ | ᠬᠦᠷᠢᠶᠡᠨ ᠤ ᠤᠰᠤ ᠠᠷᠪᠢᠯᠠᠬᠤ ᠠᠵᠢᠯ ᠤᠨ ᠡᠷᠴᠢᠮ ᠢ ᠴᠥᠮ ᠤᠯᠠᠮ ᠨᠢᠭᠡ ᠠᠯᠬᠤᠮ ᠴᠢᠩᠭᠠᠷᠠᠭᠤᠯᠬᠤ ᠬᠡᠷᠡᠭᠲᠡᠶ᠃ | ᠤᠯᠤᠰ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠤᠰᠤᠨ ᠤ ᠡᠬᠢ ᠪᠠᠶᠠᠯᠢᠭ ᠢ ᠠᠷᠪᠢᠯᠠᠬᠤ | ᠲᠠᠯ᠎ᠠ ᠪᠠᠷ ᠶᠠᠮᠠᠷ ᠰᠢᠨ᠎ᠡ ᠠᠷᠭ᠎ᠠ ᠬᠡᠮᠵᠢᠶ᠎ᠡ ᠠᠪᠬᠤ ᠪᠤᠢ︖ ᠪᠠᠶᠠᠷᠯᠠᠯ᠎ᠠ᠃ | ᠨᠢᠦ ᠪᠦᠸᠧ ᠬᠠᠷᠢᠭᠤᠯᠬᠤ ᠨᠢ᠄ | ᠲᠠᠨ ᠤ ᠠᠰᠠᠭᠤᠭᠰᠠᠨ ᠳᠤ ᠪᠠᠶᠠᠷᠯᠠᠯ᠎ᠠ᠃ ᠤᠯᠤᠰ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ | ᠤᠷᠲᠤ ᠬᠤᠭᠤᠴᠠᠭᠠᠨ ᠤ ᠲᠤᠷᠰᠢ ᠤᠰᠤᠨ ᠤ ᠡᠬᠢ ᠪᠠᠶᠠᠯᠢᠭ ᠢ ᠠᠷᠪᠢᠯᠠᠬᠤ ᠠᠵᠢᠯ ᠢ ᠳᠡᠭᠡᠳᠦ ᠬᠡᠮᠵᠢᠶ᠎ᠡ ᠪᠠᠷ | ᠴᠢᠬᠤᠯᠠᠴᠢᠯᠠᠵᠤ᠂ ᠬᠤᠷᠸ᠎ᠠ ᠲᠥᠷᠥ ᠶᠢᠨ ᠪᠣᠳᠣᠯᠭ᠎ᠠ ᠶᠢᠨ ᠲᠠᠯ᠎ᠠ ᠠᠴᠠ ᠤᠰᠤ ᠠᠷᠪᠢᠯᠠᠬᠤ ᠠᠵᠢᠯ ᠤᠨ ᠳᠡᠭᠡᠳᠦ | ᠳᠠᠪᠬᠤᠷᠭ᠎ᠠ ᠶᠢᠨ ᠵᠢᠷᠤᠭ ᠲᠥᠯᠥᠪᠯᠡᠭᠡ ᠶᠢ ᠴᠢᠩᠭᠠᠳᠬᠠᠵᠤ᠂ ᠠᠯᠢ ᠣᠯᠠᠨ ᠲᠥᠷᠥ ᠶᠢᠨ ᠪᠣᠳᠣᠯᠭ᠎ᠠ᠂ ᠪᠢᠴᠢᠭ | ᠮᠠᠲ᠋ᠧᠷᠢᠶᠠᠯ᠂ ᠲᠥᠯᠥᠪᠵᠢᠭᠦᠯᠭᠡ ᠶᠢ ᠨᠡᠶᠢᠲᠡᠯᠡᠭᠰᠡᠨ ᠪᠥᠭᠡᠳ ᠶᠡᠭᠡ ᠬᠡᠮᠵᠢᠶᠡᠨ ᠤ ᠪᠦᠲᠦᠮᠵᠢᠲᠡᠶ ᠠᠵᠢᠯ ᠢ | ᠥᠷᠨᠢᠭᠦᠯᠦᠭᠰᠡᠨ ᠪᠠᠶᠢᠨ᠎ᠠ᠃ ︽ᠤᠰᠤ ᠶᠢ ᠠᠷᠪᠢᠯᠠᠨ ᠭᠠᠮᠨᠠᠬᠤ ᠲᠦᠷᠢᠮ︾ ᠢ ᠨᠡᠶᠢᠲᠡᠯᠡᠭᠰᠡᠨ ᠶᠠᠪᠤᠳᠠᠯ ᠨᠢ ᠮᠠᠨ ᠤ | ᠠᠵᠢᠯ ᠳᠤ ᠨᠠᠩ ᠥᠨᠳᠥᠷ ᠱᠠᠭᠠᠷᠳᠠᠯᠭ᠎ᠠ ᠳᠤᠷᠠᠳᠪᠠ᠂ ᠪᠢᠳᠡ ︽ᠲᠦᠷᠢᠮ︾ ᠢ ᠨᠡᠶᠢᠲᠡᠯᠡᠬᠦ ᠪᠠᠷ ᠠᠵᠠ ᠲᠣᠬᠢᠶᠠᠯ | ᠪᠣᠯᠭᠠᠵᠤ᠂ ᠳᠣᠤᠷᠠᠬᠢ ᠬᠡᠳᠦᠨ ᠲᠠᠯ᠎ᠠ ᠠᠴᠠ ᠤᠰᠤ ᠠᠷᠪᠢᠯᠠᠬᠤ ᠠᠵᠢᠯ ᠢ ᠳᠥᠯᠭᠢᠨ ᠠᠬᠢᠭᠤᠯᠬᠤ ᠪᠣᠯᠤᠨ᠎ᠠ᠃ | ᠨᠢᠭᠡ ᠳᠤ᠂ ᠤᠰᠤᠨ ᠤ ᠡᠬᠢ ᠪᠠᠶᠠᠯᠢᠭ ᠢ ᠠᠷᠪᠢᠯᠠᠵᠤ ᠡᠷᠴᠢᠮᠵᠢᠭᠦᠯᠦᠨ ᠠᠰᠢᠭᠯᠠᠬᠤ ᠶᠢ ᠴᠢᠩᠭᠠᠳᠬᠠᠪᠠ᠃ | 2023 ᠣᠨ ᠤ 9 ᠳ᠋ᠦ᠋ᠭᠡᠷ ᠰᠠᠷ᠎ᠠ ᠳᠤ᠂ ᠤᠯᠤᠰ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠠᠴᠠ | ᠣᠯᠠᠨ ᠰᠠᠯᠠᠭ᠎ᠠ ᠮᠥᠴᠢᠷ ᠲᠠᠢ ᠬᠠᠮᠲᠤᠷᠠᠨ ︽ᠤᠰᠤᠨ ᠤ ᠡᠬᠢ ᠪᠠᠶᠠᠯᠢᠭ ᠢ ᠠᠷᠪᠢᠯᠠᠵᠤ ᠡᠷᠴᠢᠮᠵᠢᠭᠦᠯᠦᠨ | ᠠᠰᠢᠭᠯᠠᠬᠤ ᠶᠢ ᠤᠯᠠᠮ ᠨᠢᠭᠡ ᠠᠯᠬᠤᠮ ᠴᠢᠩᠭᠠᠳᠬᠠᠬᠤ ᠲᠤᠬᠠᠶ ᠰᠠᠨᠠᠯ︾ ᠢ ᠳᠠᠷᠤᠮᠠᠯᠯᠠᠨ ᠲᠠᠷᠬᠠᠭᠠᠵᠤ᠂ ᠤᠰᠤᠨ ᠤ | ᠡᠬᠢ ᠪᠠᠶᠠᠯᠢᠭ ᠤᠨ ᠬᠠᠮᠤᠭ ᠤᠨ ᠴᠢᠩᠭ᠎ᠠ ᠬᠠᠮᠢᠶᠠᠷᠤᠯᠲᠠ ᠶᠢᠨ ᠲᠦᠷᠢᠮ ᠢ ᠨᠠᠶᠢᠳᠠᠪᠤᠷᠢᠵᠢᠭᠤᠯᠤᠨ᠂ ᠲᠠᠷᠢᠶᠠᠯᠠᠩ᠂ | ᠠᠵᠤ ᠦᠢᠯᠡᠳᠪᠦᠷᠢ᠂ ᠬᠤᠲᠠ ᠪᠠᠯᠭᠠᠰᠤ᠂ ᠠᠮᠢ ᠠᠬᠤᠶ ᠶᠢᠨ ᠦᠵᠡᠮᠵᠢ ᠶᠢᠨ ᠤᠰᠤ ᠠᠷᠪᠢᠯᠠᠬᠤ ᠶᠢ ᠴᠢᠩᠭᠠᠳᠬᠠᠵᠤ᠂ | ᠬᠡᠪ ᠤᠨ ᠪᠤᠰᠤ ᠤᠰᠤᠨ ᠤ ᠡᠬᠢ ᠰᠤᠷᠪᠤᠯᠵᠢ ᠶᠢ ᠠᠰᠢᠭᠯᠠᠬᠤ ᠶᠢ ᠳᠡᠯᠭᠡᠷᠡᠭᠦᠯᠦᠨ᠂ ᠤᠰᠤ ᠠᠷᠪᠢᠯᠠᠬᠤ ᠠᠵᠤ | ᠦᠢᠯᠡᠰ ᠢ ᠬᠥᠭᠵᠢᠭᠦᠯᠬᠦ ᠵᠡᠷᠭᠡ ᠲᠠᠯ᠎ᠠ ᠪᠠᠷ ᠤᠰᠤᠨ ᠤ ᠡᠬᠢ ᠪᠠᠶᠠᠯᠢᠭ ᠢ ᠠᠷᠪᠢᠯᠠᠵᠤ ᠡᠷᠴᠢᠮᠵᠢᠭᠦᠯᠦᠨ ᠠᠰᠢᠭᠯᠠᠬᠤ | ᠲᠠᠯ᠎ᠠ ᠪᠠᠷ ᠪᠥᠬᠦ ᠲᠠᠯ᠎ᠠ ᠶᠢᠨ ᠪᠠᠶᠢᠷᠢᠯᠠᠭᠤᠯᠤᠯᠲᠠ ᠬᠢᠪᠠ᠃ ︽ᠰᠠᠨᠠᠯ︾ ᠬᠢᠭᠡᠳ ︽ᠳᠦᠷᠢᠮ︾ ᠤᠨ ᠶᠡᠷᠦᠩᠬᠡᠢ | ᠰᠡᠳᠬᠢᠴᠡ᠂ ᠭᠤᠣᠯᠳᠠᠯᠭ᠎ᠠ ᠲᠠᠢ ᠠᠷᠭ᠎ᠠ ᠬᠡᠮᠵᠢᠶ᠎ᠡ ᠵᠡᠷᠭᠡ ᠲᠠᠯ᠎ᠠ ᠪᠠᠷ ᠢᠮᠠᠭᠲᠠ ᠲᠤᠭᠤᠰᠢᠯᠠᠭᠤᠯᠵᠤ᠂ ᠪᠢᠳᠡ ︽ | ᠳᠦᠷᠢᠮ︾ ᠢᠶᠠᠷ ᠪᠠᠲᠤᠯᠠᠭ᠎ᠠ ᠪᠣᠯᠭᠠᠵᠤ᠂ ᠦᠷᠭᠦᠯᠵᠢᠯᠡᠨ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠬᠠᠮᠲᠤᠷᠠᠨ ︽ | ᠰᠠᠨᠠᠯ︾ ᠤᠨ ᠡᠯ᠎ᠡ ᠵᠦᠢᠯ ᠤᠨ ᠡᠭᠦᠷᠭᠡ ᠶᠢᠨ ᠨᠠᠶᠢᠳᠠᠪᠤᠷᠢᠵᠢᠭᠤᠯᠤᠯᠲᠠ ᠶᠢ ᠲᠦᠯᠬᠢᠨ ᠠᠬᠢᠭᠤᠯᠵᠤ᠂ ᠪᠣᠳᠠᠲᠠᠢ ᠶᠢ | ᠡᠷᠬᠢᠮᠯᠡᠭᠰᠡᠨ ᠦᠷ᠎ᠡ ᠪᠦᠲᠦᠮᠵᠢ ᠣᠯᠬᠤ ᠪᠣᠯᠣᠨ᠎ᠠ᠃ | ᠬᠤᠶᠠᠷ ᠲᠤ᠂ ᠤᠰᠤ ᠠᠷᠪᠢᠯᠠᠬᠤ ᠠᠵᠤ ᠦᠢᠯᠡᠰ ᠢ ᠶᠡᠬᠡᠪᠡᠷ ᠬᠥᠭᠵᠢᠭᠦᠯᠦᠨ᠎ᠡ᠃ ᠣᠳᠣᠬᠠᠨ ᠳᠤ ᠤᠰᠤ | ᠠᠷᠪᠢᠯᠠᠬᠤ ᠦᠢᠯᠡᠳᠬᠦᠨ ᠦᠢᠯᠡᠳᠬᠦ᠂ ᠤᠰᠤ ᠠᠷᠪᠢᠯᠠᠬᠤ ᠮᠡᠷᠭᠡᠵᠢᠯ ᠢ ᠰᠤᠳᠤᠯᠤᠨ ᠨᠡᠭᠡᠭᠡᠬᠦ᠂ ᠤᠰᠤ ᠠᠷᠪᠢᠯᠠᠬᠤ | ᠤᠷ᠎ᠠ ᠮᠡᠷᠭᠡᠵᠢᠯ ᠢ ᠥᠭᠡᠷᠡᠴᠢᠯᠡᠬᠦ᠂ ᠤᠰᠤ ᠠᠷᠪᠢᠯᠠᠬᠤ ᠦᠢᠯᠡᠴᠢᠯᠡᠭᠡᠨ ᠤ ᠵᠥᠪᠯᠡᠯᠭᠡ ᠥᠭᠬᠦ ᠵᠡᠷᠭᠡ ᠨᠢ ᠤᠰᠤ | ᠠᠷᠪᠢᠯᠠᠬᠤ ᠠᠵᠤ ᠦᠢᠯᠡᠰ ᠤᠨ ᠭᠤᠣᠯ ᠠᠭᠤᠯᠭ᠎ᠠ ᠪᠣᠯᠵᠤ᠂ ᠬᠡᠪᠴᠢᠶ᠎ᠡ ᠨᠢ ᠲᠠᠰᠤᠷᠠᠯᠲᠠ ᠦᠭᠡᠢ ᠥᠷᠭᠡᠳᠴᠦ᠂ | ᠨᠢᠭᠡᠨᠲᠡ ᠰᠢᠨ᠎ᠡ ᠴᠢᠨᠠᠷ ᠤᠨ ᠦᠢᠯᠡᠳᠪᠦᠷᠢᠯᠡᠯ ᠤᠨ ᠬᠦᠴᠦᠨ ᠪᠠ ᠪᠣᠬᠢᠷᠲᠤᠯ ᠦᠭᠡᠢ ᠠᠵᠤ ᠠᠬᠤᠢ ᠶᠢᠨ ᠴᠢᠬᠤᠯᠠ | ᠪᠦᠷᠢᠯᠳᠦᠬᠦᠨ ᠬᠡᠰᠡᠭ ᠪᠣᠯᠤᠭᠰᠠᠨ ᠪᠠᠶᠢᠨ᠎ᠠ᠃ ᠤᠰᠤ ᠠᠷᠪᠢᠯᠠᠬᠤ ᠠᠵᠤ ᠦᠢᠯᠡᠰ ᠤᠨ ᠬᠥᠭᠵᠢᠯᠲᠡ ᠶᠢ | ᠲᠦᠷᠭᠡᠳᠭᠡᠬᠦ ᠨᠢ ᠤᠰᠤ ᠠᠷᠪᠢᠯᠠᠬᠤ ᠬᠡᠯᠪᠡᠷᠢ ᠶᠢᠨ ᠨᠡᠶᠢᠭᠡᠮ ᠤᠨ ᠠᠮᠢᠳᠤᠷᠠᠯ ᠤᠨ ᠠᠷᠭ᠎ᠠ ᠮᠠᠶ᠋ᠢᠭ ᠢ ᠪᠣᠢ ᠪᠣᠯᠭᠠᠵᠤ᠂ | ᠤᠰᠤᠨ ᠤ ᠡᠬᠢ ᠪᠠᠶᠠᠯᠢᠭ ᠢ ᠠᠷᠪᠢᠲᠠᠢ ᠡᠷᠴᠢᠮᠯᠢᠭ ᠠᠰᠢᠭᠯᠠᠬᠤ ᠬᠢᠷᠢ ᠲᠦᠪᠰᠢᠨ ᠢ ᠳᠡᠭᠡᠭᠰᠢᠯᠡᠭᠦᠯᠦᠨ᠂ ᠪᠣᠬᠢᠷᠳᠤᠯ | ᠦᠭᠡᠢ ᠦᠢᠯᠡᠳᠬᠦ ᠦᠢᠯᠡᠰ ᠤᠨ ᠰᠢᠨ᠎ᠡ ᠶᠢ ᠡᠭᠦᠳᠬᠦ ᠴᠢᠳᠠᠪᠤᠷᠢ ᠶᠢ ᠳᠡᠭᠡᠭᠰᠢᠯᠡᠭᠦᠯᠵᠦ᠂ ᠠᠵᠤ ᠠᠬᠤᠢ ᠨᠡᠶᠢᠭᠡᠮ ᠤᠨ | ᠪᠣᠬᠢᠷᠳᠤᠯ ᠦᠭᠡᠢ ᠲᠡᠰᠢ ᠬᠡᠯᠪᠡᠷᠢ ᠪᠠᠨ ᠬᠤᠪᠢᠷᠠᠭᠤᠯᠬᠤ ᠶᠢ ᠠᠬᠢᠭᠤᠯᠬᠤ ᠳᠤ ᠴᠢᠬᠤᠯᠠ ᠠᠴᠢ ᠬᠤᠯᠪᠣᠭᠳᠠᠯ ᠲᠠᠢ | ᠶᠤᠮ᠃ ᠤᠶᠢᠷ᠎ᠠ ᠶᠢᠨ ᠬᠤᠭᠤᠴᠠᠭᠠᠨ ᠳᠤ᠂ ᠪᠢᠳᠡ ᠶᠠᠭ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠬᠠᠮᠲᠤᠷᠠᠨ | ᠤᠰᠤ ᠠᠷᠪᠢᠯᠠᠬᠤ ᠠᠵᠤ ᠦᠢᠯᠡᠰ ᠢ ᠲᠦᠷᠭᠡᠳᠬᠡᠨ ᠬᠥᠭᠵᠢᠭᠦᠯᠬᠦ ᠲᠤᠬᠠᠶ ᠵᠢᠯᠣᠭᠤᠳᠬᠤ ᠰᠠᠨᠠᠯ ᠢ ᠰᠤᠳᠤᠯᠤᠨ | ᠲᠣᠭᠲᠠᠭᠠᠵᠤ᠂ ᠤᠰᠤ ᠠᠷᠪᠢᠯᠠᠬᠤ ᠠᠵᠤ ᠦᠢᠯᠡᠰ ᠤᠨ ᠬᠡᠪᠴᠢᠶ᠎ᠡ ᠶᠢ ᠪᠤᠶᠢᠵᠢᠭᠤᠯᠤᠨ ᠪᠤᠵᠠᠭᠠᠶᠢᠷᠠᠭᠤᠯᠬᠤ᠂ ᠤᠰᠤ | ᠠᠷᠪᠢᠯᠠᠬᠤ ᠮᠡᠷᠭᠡᠵᠢᠯ ᠤᠨ ᠰᠢᠨ᠎ᠡ ᠶᠢ ᠡᠭᠦᠳᠬᠦ ᠶᠢ ᠠᠬᠢᠭᠤᠯᠬᠤ᠂ ᠭᠤᠤᠯᠳᠠᠯᠭ᠎ᠠ ᠲᠠᠢ ᠬᠦᠷᠢᠶᠡᠨ ᠤ ᠤᠰᠤ ᠠᠷᠪᠢᠯᠠᠬᠤ | ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢ ᠲᠦᠷᠭᠡᠳᠬᠡᠬᠦ ᠵᠡᠷᠭᠡ ᠲᠠᠯ᠎ᠠ ᠶᠢᠨ ᠲᠣᠭᠤᠷᠢᠨ ᠳᠤ ᠪᠣᠳᠠᠲᠠᠶ ᠠᠷᠭ᠎ᠠ | ᠬᠡᠮᠵᠢᠶ᠎ᠡ ᠳᠤᠷᠠᠳᠴᠤ᠂ ᠤᠰᠤ ᠠᠷᠪᠢᠯᠠᠬᠤ ᠠᠵᠤ ᠦᠢᠯᠡᠰ ᠤᠨ ᠡᠷᠡᠭᠦᠯ ᠢᠶᠠᠷ ᠬᠥᠭᠵᠢᠬᠦ ᠶᠢ ᠲᠦᠯᠬᠢᠨ ᠠᠬᠢᠭᠤᠯᠵᠤ | ᠪᠠᠶᠢᠨ᠎ᠠ᠃ | ᠭᠤᠷᠪᠠ ᠳᠤ᠂ ᠡᠩ ᠤᠨ ᠪᠤᠰᠤ ᠤᠰᠤᠨ ᠰᠤᠷᠪᠤᠯᠵᠢ ᠶᠢᠨ ᠠᠰᠢᠭᠯᠠᠯᠲᠠ ᠶᠢ ᠦᠷᠭᠦᠯᠵᠢᠯᠡᠨ ᠠᠬᠢᠭᠤᠯᠤᠨ᠎ᠠ᠃ | ᠤᠯᠤᠰ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ ᠬᠡᠪ ᠤᠨ ᠪᠤᠰᠤ ᠤᠰᠤᠨ ᠰᠤᠷᠪᠤᠯᠵᠢ ᠶᠢ | ᠠᠰᠢᠭᠯᠠᠬᠤ ᠶᠢ ᠤᠰᠤᠨ ᠤ ᠡᠬᠢ ᠪᠠᠶᠠᠯᠢᠭ ᠢ ᠠᠷᠪᠢᠯᠠᠬᠤ ᠪᠠ ᠨᠡᠭᠡᠭᠡᠨ ᠠᠰᠢᠭᠯᠠᠬᠤ ᠶᠢ ᠵᠡᠷᠭᠡ ᠳᠤᠨᠢ ᠴᠢᠬᠤᠯᠠᠴᠢᠯᠠᠬᠤ | ᠴᠢᠬᠤᠯᠠ ᠠᠷᠭ᠎ᠠ ᠬᠡᠮᠵᠢᠶ᠎ᠡ ᠪᠣᠯᠭᠠᠵᠤ᠂ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠬᠠᠮᠲᠤᠷᠠᠨ ᠪᠣᠬᠢᠷ ᠤᠰᠤ ᠶᠢ | ᠡᠬᠢ ᠪᠠᠶᠠᠯᠢᠭᠵᠢᠭᠤᠯᠤᠨ ᠠᠰᠢᠭᠯᠠᠬᠤ᠂ ᠳᠠᠯᠠᠶ ᠶᠢᠨ ᠤᠰᠤ ᠶᠢ ᠴᠡᠩᠭᠡᠭᠵᠢᠭᠦᠯᠦᠭᠰᠡᠨ ᠤᠰᠤ ᠶᠢ ᠠᠰᠢᠭᠯᠠᠬᠤ᠂ | ᠠᠭᠤᠷᠬᠠᠶ ᠶᠢᠨ ᠬᠤᠳᠳᠤᠭ ᠤᠨ ᠤᠰᠤ ᠶᠢ ᠬᠠᠮᠠᠭᠠᠯᠠᠬᠤ ᠪᠠ ᠠᠰᠢᠭᠯᠠᠬᠤ ᠶᠢ ᠲᠦᠯᠬᠢᠨ ᠠᠬᠢᠭᠤᠯᠬᠤ ᠬᠠᠮᠢᠶ᠎ᠠ ᠪᠦᠬᠦᠢ | ᠪᠢᠴᠢᠭ ᠮᠠᠲ᠋ᠧᠷᠢᠶᠠᠯ ᠪᠠ ᠲᠥᠷᠥ ᠶᠢᠨ ᠪᠣᠳᠣᠯᠭ᠎ᠠ ᠶᠢ ᠤᠷᠢᠳ ᠬᠤᠵᠢᠳ ᠲᠣᠭᠲᠠᠭᠠᠵᠤ᠂ ᠬᠡᠪ ᠤᠨ ᠪᠤᠰᠤ ᠤᠰᠤ ᠶᠢ | ᠠᠰᠢᠭᠯᠠᠬᠤ ᠶᠢ ᠲᠦᠯᠬᠢᠨ ᠠᠬᠢᠭᠤᠯᠬᠤ ᠲᠠᠯ᠎ᠠ ᠪᠠᠷ ᠮᠡᠳᠡᠭᠳᠡᠬᠦ᠋ᠢᠴᠡ ᠦᠷ᠎ᠡ ᠪᠦᠲᠦᠮᠵᠢ ᠣᠯᠤᠭᠰᠠᠨ ᠪᠠᠶᠢᠨ᠎ᠠ᠃ | ᠣᠳᠣᠬᠠᠨ ᠳᠤ᠂ ᠪᠢᠳᠡ ᠶᠠᠭ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠶᠠᠮᠤᠨ᠂ | ᠤᠰᠤᠨ ᠠᠰᠢᠭᠯᠠᠯᠲᠠ ᠶᠢᠨ ᠶᠠᠮᠤᠨ ᠲᠠᠢ ᠬᠠᠮᠲᠤ ᠪᠠᠷ ᠭᠤᠤᠯᠳᠠᠯᠭ᠎ᠠ ᠲᠠᠢ ᠬᠤᠲᠠ ᠶᠢᠨ ᠳᠠᠬᠢᠯᠲᠠ ᠤᠰᠤᠨ ᠤ | ᠭᠤᠷᠪᠠᠨ ᠵᠢᠯ ᠤᠨ ᠠᠵᠢᠯᠯᠠᠭ᠎ᠠ ᠶᠢ ᠵᠣᠬᠢᠶᠠᠨ ᠪᠠᠶᠢᠭᠤᠯᠤᠨ ᠥᠷᠨᠢᠭᠦᠯᠵᠦ᠂ ᠬᠤᠲᠠ ᠪᠠᠷ ᠰᠠᠭᠤᠷᠢ ᠪᠣᠯᠭᠠᠵᠤ᠂ | ᠳᠠᠬᠢᠯᠲᠠ ᠤᠰᠤᠨ ᠤ ᠠᠰᠢᠭᠯᠠᠯᠲᠠ ᠶᠢᠨ ᠨᠣᠷᠮ᠎ᠠ ᠶᠢᠨ ᠵᠢᠯ ᠳᠠᠷᠠᠭᠠᠯᠠᠨ ᠳᠡᠭᠡᠭᠰᠢᠯᠡᠭᠦᠯᠬᠦ ᠶᠢ ᠠᠬᠢᠭᠤᠯᠵᠤ ᠪᠠᠶᠢᠨ᠎ᠠ᠃ | ᠳᠥᠷᠪᠡ ᠳᠤ᠂ ᠤᠰᠤ ᠠᠷᠪᠢᠯᠠᠬᠤ ᠬᠦᠷᠢᠶᠡᠨ ᠳᠠᠬᠢ ᠲᠥᠬᠦᠭᠡᠷᠦᠮᠵᠢ ᠶᠢ ᠰᠢᠨᠡᠳᠬᠡᠨ ᠥᠭᠡᠷᠡᠴᠢᠯᠡᠬᠦ ᠠᠵᠢᠯ ᠢ | ᠥᠷᠨᠢᠭᠦᠯᠪᠡ᠃ ᠪᠢᠳᠡ ᠣᠳᠣᠬᠠᠨ ᠳᠤ ᠶᠠᠭ ᠥᠷᠨᠢᠭᠦᠯᠵᠦ ᠪᠠᠶᠢᠭ᠎ᠠ ᠶᠡᠭᠡ ᠬᠡᠪᠴᠢᠶᠡᠨ ᠤ ᠲᠥᠬᠦᠭᠡᠷᠦᠮᠵᠢ ᠶᠢ | ᠰᠢᠨᠡᠳᠬᠡᠬᠦ ᠪᠠ ᠬᠡᠷᠡᠭᠯᠡᠭᠡᠨ ᠤ ᠵᠦᠢᠯᠡᠰ ᠢ ᠬᠠᠭᠤᠴᠢᠨ ᠢᠶᠠᠷ ᠰᠢᠨ᠎ᠡ ᠶᠢ ᠰᠣᠯᠢᠬᠤ ᠠᠵᠢᠯ ᠲᠠᠢ ᠬᠠᠮᠵᠢᠯᠴᠠᠨ᠂ ᠤᠰᠤ | ᠠᠷᠪᠢᠯᠠᠬᠤ᠂ ᠤᠰᠤ ᠰᠢᠢᠳᠪᠦᠷᠢᠯᠡᠬᠦ ᠬᠦᠷᠢᠶᠡᠨ ᠳᠠᠬᠢ ᠲᠥᠬᠦᠭᠡᠷᠦᠮᠵᠢ ᠶᠢ ᠰᠢᠨᠡᠳᠬᠡᠬᠦ ᠶᠢ ᠵᠣᠷᠢᠭᠵᠢᠭᠤᠯᠤᠨ | ᠠᠬᠢᠭᠤᠯᠵᠤ᠂ ᠭᠤᠤᠯᠳᠠᠯᠭ᠎ᠠ ᠲᠠᠢ ᠤᠰᠤ ᠬᠡᠷᠡᠭᠯᠡᠬᠦ ᠪᠦᠲᠦᠭᠡᠭᠳᠡᠬᠦᠨ ᠢ ᠬᠠᠭᠤᠴᠢᠨ ᠢᠶᠠᠷ ᠰᠢᠨ᠎ᠡ ᠶᠢ ᠰᠣᠯᠢᠵᠤ᠂ ᠠᠵᠤ | ᠦᠢᠯᠡᠳᠪᠦᠷᠢ᠂ ᠲᠠᠷᠢᠶᠠᠯᠠᠩ ᠪᠣᠯᠤᠨ ᠬᠤᠲᠠ ᠪᠠᠯᠭᠠᠰᠤᠨ ᠤ ᠠᠮᠢᠳᠤᠷᠠᠯ ᠤᠨ ᠡᠯ᠎ᠡ ᠬᠦᠷᠢᠶᠡᠨ ᠤ ᠤᠰᠤ ᠬᠡᠷᠡᠭᠯᠡᠬᠦ | ᠦᠷ᠎ᠡ ᠪᠦᠲᠦᠮᠵᠢ ᠶᠢ ᠦᠷᠭᠦᠯᠵᠢᠯᠡᠨ ᠳᠡᠭᠡᠭᠰᠢᠯᠡᠭᠦᠯᠦᠨ᠎ᠡ᠃ ᠪᠠᠶᠠᠷᠯᠠᠯ᠎ᠠ᠃ | | | | | | ᠰᠢᠶᠠᠩᠭᠠᠩ ᠤᠨ ᠽᠢ ᠵᠢᠩ ᠰᠡᠳᠬᠦᠯ ᠤᠨ ᠰᠤᠷᠪᠤᠯᠵᠢᠯᠠᠭᠴᠢ ᠶᠢᠨ ᠠᠰᠠᠭᠤᠯᠲᠠ | ᠠᠰᠠᠭᠤᠬᠤ ᠨᠢ᠄ ︽ᠤᠰᠤ ᠶᠢ ᠠᠷᠪᠢᠯᠠᠨ ᠭᠠᠮᠨᠠᠬᠤ ᠲᠦᠷᠢᠮ︾ ᠳᠤ ᠵᠠᠰᠠᠭ ᠤᠨ ᠣᠷᠳᠣᠨ ᠢᠶᠠᠷ | ᠭᠤᠤᠯᠯᠠᠭᠤᠯᠤᠭᠰᠠᠨ᠂ ᠡᠯ᠎ᠡ ᠲᠠᠯ᠎ᠠ ᠶᠢᠨ ᠬᠢᠨ ᠬᠠᠮᠵᠢᠯᠴᠠᠭᠰᠠᠨ᠂ ᠵᠠᠬ᠎ᠠ ᠳᠡᠯᠭᠡᠭᠦᠷ ᠢᠶᠠᠷ ᠵᠣᠬᠢᠴᠠᠭᠤᠯᠤᠭᠰᠠᠨ᠂ ᠤᠯᠠᠨ | ᠨᠡᠶᠢᠲᠡ ᠪᠠᠷ ᠢᠶᠠᠨ ᠣᠷᠣᠯᠴᠠᠭᠰᠠᠨ ᠤᠰᠤ ᠠᠷᠪᠢᠯᠠᠬᠤ ᠲᠣᠭᠲᠠᠴᠠ ᠶᠢ ᠪᠠᠶᠢᠭᠤᠯᠤᠨ᠎ᠠ ᠭᠡᠵᠦ ᠲᠣᠭᠲᠠᠭᠠᠪᠠ᠃ | ᠪᠦᠲᠦᠮᠵᠢᠲᠡᠢ ᠵᠠᠬ᠎ᠠ ᠳᠡᠯᠭᠡᠭᠦᠷ ᠪᠠ ᠪᠦᠲᠦᠮᠵᠢᠲᠡᠢ ᠵᠠᠰᠠᠭ ᠤᠨ ᠣᠷᠳᠣᠨ ᠢ ᠨᠡᠩ ᠰᠠᠶᠢᠲᠤᠷ ᠤᠶᠠᠯᠳᠤᠭᠤᠯᠬᠤ | ᠲᠠᠯ᠎ᠠ ᠪᠠᠷ ᠶᠠᠮᠠᠷ ᠠᠷᠭ᠎ᠠ ᠬᠡᠮᠵᠢᠶ᠎ᠡ ᠠᠪᠬᠤ ᠪᠤᠢ︖ ᠠᠬᠢᠴᠠ ᠨᠢ ᠶᠠᠮᠠᠷ ᠵᠡᠷᠭᠡ ᠪᠤᠢ︖ ᠪᠠᠶᠠᠷᠯᠠᠯ᠎ᠠ᠃ | ᠴᠧᠨ ᠳ᠋ᠠ ᠶᠦᠩ ᠬᠠᠷᠢᠭᠤᠯᠬᠤ ᠨᠢ᠄ | ᠤᠰᠤ ᠠᠷᠪᠢᠯᠠᠬᠤ ᠠᠵᠢᠯ ᠤᠨ ᠳᠤᠮᠳᠠ ︽ᠬᠤᠶᠠᠷ ᠲᠠᠯ᠎ᠠ ᠪᠠᠷ ᠬᠦᠴᠦᠯᠡᠬᠦ︾ ᠶᠢ ᠪᠠᠷᠢᠮᠲᠠᠯᠠᠵᠤ᠂ ᠵᠠᠬ᠎ᠠ | ᠳᠡᠯᠭᠡᠭᠦᠷ ᠤᠨ ᠲᠣᠭᠲᠠᠴᠠ ᠶᠢᠨ ᠦᠢᠯᠡᠳᠦᠯ ᠢ ᠭᠦᠢᠴᠡᠳ ᠪᠠᠳᠠᠷᠠᠭᠤᠯᠤᠨ᠂ ᠵᠠᠰᠠᠭ ᠤᠨ ᠣᠷᠳᠣᠨ ᠤ ᠦᠢᠯᠡᠳᠦᠯ ᠢ | ᠨᠡᠩ ᠰᠠᠶᠢᠲᠤᠷ ᠪᠠᠳᠠᠷᠠᠭᠤᠯᠵᠤ᠂ ᠪᠦᠬᠦ ᠨᠡᠶᠢᠭᠡᠮ ᠤᠨ ᠤᠰᠤ ᠶᠢ ᠠᠷᠪᠢᠯᠠᠵᠤ ᠬᠡᠷᠡᠭᠯᠡᠬᠦ ᠳᠣᠲᠣᠭᠠᠳᠤ ᠬᠥᠳᠡᠯᠭᠡᠬᠦ | ᠬᠦᠴᠦᠨ ᠢ ᠬᠥᠭᠵᠢᠭᠡᠭᠰᠡᠨ ᠨᠢ ᠲᠦᠢᠯ ᠤᠨ ᠴᠢᠬᠤᠯᠠ ᠶᠤᠮ᠃ | ︽ᠳᠦᠷᠢᠮ︾ ᠨᠢ ᠵᠠᠬ᠎ᠠ ᠳᠡᠯᠭᠡᠭᠦᠷ ᠤᠨ ᠲᠣᠭᠲᠠᠴᠠ ᠶᠢᠨ ᠦᠢᠯᠡᠳᠦᠯ ᠢ ᠪᠠᠳᠠᠷᠠᠭᠤᠯᠬᠤ ᠲᠠᠯ᠎ᠠ ᠪᠠᠷ ᠰᠢᠷᠢᠰ | ᠲᠣᠭᠲᠠᠭᠠᠯ ᠭᠠᠷᠭᠠᠵᠠᠢ᠃ ᠨᠢᠭᠡ ᠳᠤ᠂ ᠤᠰᠤ ᠠᠷᠪᠢᠯᠠᠬᠤ ᠶᠢ ᠠᠬᠢᠭᠤᠯᠬᠤ ᠤᠰᠤᠨ ᠤ ᠦᠨ᠎ᠡ ᠶᠢᠨ ᠰᠢᠰᠲ᠋ᠧᠮ ᠢ | ᠪᠠᠶᠢᠭᠤᠯᠵᠤ᠂ ᠰᠠᠭᠤᠭᠠᠯᠢ ᠠᠷᠠᠳ ᠤᠨ ᠠᠮᠢᠳᠤᠷᠠᠯ ᠳᠤ ᠬᠡᠷᠡᠭᠯᠡᠬᠦ ᠤᠰᠤᠨ ᠳᠤ ᠤᠰᠤᠨ ᠤ ᠱᠠᠲᠤᠯᠢᠭ ᠦᠨ᠎ᠡ ᠶᠢ | ᠬᠡᠷᠡᠭᠵᠢᠭᠦᠯᠵᠦ᠂ ᠰᠠᠭᠤᠭᠠᠯᠢ ᠠᠷᠠᠳ ᠤᠨ ᠪᠤᠰᠤ ᠬᠡᠷᠡᠭᠯᠡᠬᠦ ᠤᠰᠤᠨ ᠳᠤ ᠲᠣᠭᠲᠠᠭᠰᠠᠨ ᠨᠤᠷᠮ᠎ᠠ ᠠᠴᠠ ᠬᠡᠲᠦᠷᠡᠭᠦᠯᠦᠨ | ᠠᠬᠢᠭᠤᠯᠤᠨ ᠪᠤᠳᠤᠵᠤ ᠦᠨ᠎ᠡ ᠨᠡᠮᠡᠬᠦ ᠶᠢ ᠬᠡᠷᠡᠭᠵᠢᠭᠦᠯᠵᠦ᠂ ᠲᠠᠷᠢᠶᠠᠯᠠᠩ ᠤᠨ ᠤᠰᠤᠨ ᠤ ᠦᠨ᠎ᠡ ᠶᠢ ᠬᠠᠤᠯᠢ | ᠶᠣᠰᠣᠭᠠᠷ ᠡᠯ᠎ᠡ ᠲᠥᠷᠥᠯ ᠤᠨ ᠬᠦᠴᠦᠨ ᠵᠦᠢᠯ ᠢ ᠨᠢᠭᠡᠳᠦᠯᠲᠡᠶ ᠲᠥᠯᠥᠪᠯᠡᠨ ᠵᠦᠶ ᠵᠣᠬᠢᠰᠲᠠᠶ ᠲᠣᠭᠲᠠᠭᠠᠵᠤ᠂ | ᠳᠠᠬᠢᠯᠲᠠ ᠤᠰᠤ᠂ ᠲᠠᠯᠠᠢ ᠶᠢᠨ ᠤᠰᠤ ᠶᠢ ᠴᠡᠩᠭᠡᠭᠵᠢᠭᠦᠯᠦᠭᠰᠡᠨ ᠤᠰᠤᠨ ᠤ ᠦᠨ᠎ᠡ ᠶᠢ ᠣᠷᠣᠨ ᠨᠤᠲᠤᠭ ᠤᠨ | ᠠᠷᠠᠳ ᠤᠨ ᠵᠠᠰᠠᠭ ᠤᠨ ᠣᠷᠳᠣᠨ ᠤ ᠨᠢᠭᠡᠳᠦᠯᠲᠡᠶ ᠲᠥᠯᠥᠪᠯᠡᠨ ᠵᠣᠬᠢᠴᠠᠭᠤᠯᠤᠭᠰᠠᠨ ᠳᠣᠤᠷ᠎ᠠ ᠬᠠᠩᠭᠠᠯᠭ᠎ᠠ | ᠬᠡᠷᠡᠭᠴᠡᠭᠡᠨ ᠤ ᠬᠤᠶᠠᠷ ᠲᠠᠯ᠎ᠠ ᠪᠠᠷ ᠢᠶᠠᠨ ᠵᠥᠪᠳᠡᠯᠴᠡᠨ ᠲᠣᠭᠲᠠᠭᠠᠨ᠎ᠠ᠃ ᠬᠤᠶᠠᠷ ᠲᠤ᠂ ᠤᠰᠤᠨ ᠤ ᠡᠷᠬᠡ ᠶᠢᠨ ᠵᠠᠬ᠎ᠠ | ᠳᠡᠯᠭᠡᠭᠦᠷ ᠢ ᠪᠤᠶᠢᠵᠢᠭᠤᠯᠤᠨ ᠵᠢᠷᠤᠮᠵᠢᠭᠤᠯᠤᠨ᠎ᠠ᠃ ᠣᠯᠠᠨ ᠵᠦᠢᠯ ᠤᠨ ᠬᠡᠯᠪᠡᠷᠢ ᠶᠢᠨ ᠤᠰᠤᠨ ᠤ ᠡᠷᠬᠡ ᠶᠢᠨ | ᠠᠷᠠᠯᠵᠢᠶ᠎ᠠ ᠥᠷᠨᠢᠭᠦᠯᠬᠦ ᠶᠢ ᠳᠡᠮᠵᠢᠨ᠎ᠡ᠃ ᠭᠤᠷᠪᠠ ᠳᠤ᠂ ᠮᠥᠩᠭᠦᠨ ᠭᠦᠢᠯᠭᠡᠭᠡᠨ ᠤ ᠪᠠᠶᠢᠭᠤᠯᠤᠮᠵᠢ ᠶᠢ ᠬᠥᠲᠥᠯᠥᠨ | ᠵᠢᠯᠣᠭᠤᠳᠴᠤ ᠪᠠᠶᠢᠭᠠᠳ ᠤᠰᠤ ᠠᠷᠪᠢᠯᠠᠬᠤ ᠲᠥᠷᠥᠯ ᠵᠦᠢᠯ ᠤᠨ ᠪᠡᠯᠡ ᠲᠤᠬᠢᠷᠠᠭᠤᠯᠭ᠎ᠠ ᠶᠢ ᠳᠡᠮᠵᠢᠬᠦ ᠡᠷᠴᠢᠮ ᠢᠶᠠᠨ | ᠨᠡᠮᠡᠭᠳᠡᠭᠦᠯᠬᠦ ᠬᠡᠷᠡᠭᠲᠡᠶ᠃ ᠳᠥᠷᠪᠡ ᠳᠤ᠂ ᠨᠡᠶᠢᠭᠡᠮᠴᠢᠯᠡᠭᠰᠡᠨ᠂ ᠲᠤᠰᠬᠠᠶᠢᠵᠢᠭᠰᠠᠨ᠂ ᠵᠢᠷᠤᠮᠵᠢᠭᠰᠠᠨ ᠤᠰᠤ ᠠᠷᠪᠢᠯᠠᠬᠤ | ᠦᠢᠯᠡᠴᠢᠯᠡᠭᠡᠨ ᠤ ᠠᠵᠤ ᠦᠢᠯᠡᠰ ᠵᠡᠷᠭᠡ ᠶᠢ ᠵᠣᠷᠢᠭᠵᠢᠭᠤᠯᠤᠨ ᠬᠥᠭᠵᠢᠭᠦᠯᠦᠨ᠎ᠡ᠃ | ᠵᠠᠰᠠᠭ ᠤᠨ ᠣᠷᠳᠣᠨ ᠤ ᠦᠢᠯᠡᠳᠦᠯ ᠢ ᠪᠠᠳᠠᠷᠠᠭᠤᠯᠬᠤ ᠲᠠᠯ᠎ᠠ ᠪᠠᠷ᠂ ︽ᠳᠦᠷᠢᠮ︾ ᠳᠤ ᠭᠤᠣᠯᠳᠠᠭᠤ᠄ | ᠨᠢᠭᠡ ᠳᠤ᠂ ᠤᠰᠤ ᠬᠡᠷᠡᠭᠯᠡᠬᠦ ᠲᠣᠭᠲᠠᠭᠰᠠᠨ ᠨᠣᠷᠮ᠎ᠠ ᠶᠢᠨ ᠬᠠᠮᠢᠶᠠᠷᠤᠯᠲᠠ ᠶᠢ ᠴᠢᠩᠭᠠᠳᠬᠠᠨ᠎ᠠ᠃ ᠭᠤᠣᠯ ᠪᠣᠯᠬᠤ | ᠲᠠᠷᠢᠮᠠᠯ᠂ ᠭᠤᠣᠯᠳᠠᠯᠭ᠎ᠠ ᠲᠠᠢ ᠠᠵᠤ ᠦᠢᠯᠡᠳᠪᠦᠷᠢ ᠶᠢᠨ ᠦᠢᠯᠡᠳᠬᠦᠨ ᠪᠠ ᠦᠢᠯᠡᠴᠢᠯᠡᠭᠡᠨ ᠤ ᠦᠢᠯᠡᠰ ᠲᠤ | ᠤᠯᠤᠰ ᠤᠨ ᠤᠰᠤ ᠬᠡᠷᠡᠭᠯᠡᠬᠦ ᠲᠣᠭᠲᠠᠭᠰᠠᠨ ᠨᠣᠷᠮ᠎ᠠ ᠶᠢ ᠲᠣᠭᠲᠠᠭᠠᠬᠤ ᠪᠠᠷ ᠲᠣᠭᠲᠠᠭᠠᠪᠠ︔ ᠮᠤᠵᠢ ᠶᠢᠨ | ᠱᠠᠲᠤᠨ ᠠᠴᠠ ᠬᠡᠷᠡᠭᠴᠡᠭᠡ ᠪᠠᠨ ᠦᠨᠳᠦᠰᠦᠯᠡᠨ᠂ ᠣᠷᠣᠨ ᠨᠤᠲᠤᠭ ᠤᠨ ᠤᠰᠤ ᠬᠡᠷᠡᠭᠯᠡᠬᠦ ᠲᠣᠭᠲᠠᠭᠰᠠᠨ ᠨᠣᠷᠮ᠎ᠠ ᠶᠢ | ᠲᠣᠭᠲᠠᠭᠠᠨ᠎ᠠ᠃ ᠬᠤᠶᠠᠷ ᠲᠤ᠂ ᠤᠰᠤ ᠬᠡᠷᠡᠭᠯᠡᠬᠦ ᠶᠡᠷᠦᠩᠬᠡᠶ ᠬᠡᠮᠵᠢᠶ᠎ᠡ ᠶᠢ ᠬᠢᠵᠠᠭᠠᠷᠯᠠᠬᠤ ᠪᠠ ᠤᠰᠤ ᠶᠢ | ᠲᠥᠯᠥᠪᠯᠡᠭᠡ ᠲᠠᠢ ᠪᠠᠷ ᠬᠡᠷᠡᠭᠯᠡᠬᠦ ᠬᠠᠮᠢᠶᠠᠷᠤᠯᠲᠠ ᠶᠢ ᠴᠢᠩᠭᠠᠳᠬᠠᠨ᠎ᠠ᠃ ᠤᠰᠤ ᠬᠡᠷᠡᠭᠯᠡᠬᠦ ᠲᠣᠭᠲᠠᠭᠰᠠᠨ ᠨᠣᠷᠮ᠎ᠠ᠂ | ᠤᠰᠤᠨ ᠤ ᠬᠡᠮᠵᠢᠶ᠎ᠡ ᠶᠢᠨ ᠬᠤᠪᠢᠶᠠᠷᠢᠯᠠᠯᠲᠠ ᠶᠢᠨ ᠲᠥᠰᠦᠯ ᠵᠡᠷᠭᠡ ᠶᠢ ᠦᠨᠳᠦᠰᠦᠯᠡᠨ᠂ ᠣᠷᠣᠨ ᠪᠦᠰᠡ ᠶᠢᠨ ᠣᠨ ᠤ | ᠤᠰᠤ ᠬᠡᠷᠡᠭᠯᠡᠬᠦ ᠲᠥᠯᠥᠪᠯᠡᠭᠡ ᠶᠢ ᠲᠣᠭᠲᠠᠭᠠᠵᠤ᠂ ᠤᠰᠤ ᠬᠡᠷᠡᠭᠯᠡᠬᠦ ᠶᠡᠷᠦᠩᠬᠡᠶ ᠬᠡᠮᠵᠢᠶ᠎ᠡ ᠶᠢ ᠬᠢᠵᠠᠭᠠᠷᠯᠠᠬᠤ ᠶᠢ | ᠬᠡᠷᠡᠭᠵᠢᠭᠦᠯᠦᠨ᠎ᠡ︔ ᠤᠰᠤ ᠬᠡᠷᠡᠭᠯᠡᠬᠦ ᠨᠢ ᠵᠣᠬᠢᠬᠤ ᠬᠡᠪᠴᠢᠶᠡᠨ ᠳᠤ ᠬᠦᠷᠦᠭᠰᠡᠨ ᠨᠢᠭᠡᠴᠢ ᠳᠤ ᠲᠥᠯᠥᠪᠯᠡᠭᠡ ᠲᠠᠢ ᠪᠠᠷ | ᠤᠰᠤ ᠬᠡᠷᠡᠭᠯᠡᠬᠦ ᠬᠠᠮᠢᠶᠠᠷᠤᠯᠲᠠ ᠶᠢ ᠬᠡᠷᠡᠭᠵᠢᠭᠦᠯᠦᠨ᠎ᠡ᠃ ᠭᠤᠷᠪᠠ ᠳᠤ᠂ ᠤᠰᠤ ᠶᠡᠭᠡ ᠬᠤᠷᠤᠭᠳᠠᠭᠤᠯᠬᠤ ᠠᠵᠤ | ᠦᠢᠯᠡᠰ ᠤᠨ ᠵᠦᠢᠯᠡᠰ ᠤᠨ ᠪᠦᠲᠦᠭᠡᠨ ᠪᠠᠶᠢᠭᠤᠯᠤᠯᠲᠠ ᠶᠢ ᠬᠢᠵᠠᠭᠠᠷᠯᠠᠨ᠎ᠠ᠃ ᠤᠰᠤᠨ ᠤ ᠡᠬᠢ ᠪᠠᠶᠠᠯᠢᠭ ᠬᠦᠨᠳᠦ | ᠨᠣᠴᠢᠲᠠᠶ ᠳᠤᠲᠠᠭᠳᠠᠵᠤ ᠪᠠᠶᠢᠭ᠎ᠠ ᠭᠠᠵᠠᠷ ᠣᠷᠣᠨ᠂ ᠭᠠᠵᠠᠷ ᠳᠣᠤᠷᠠᠬᠢ ᠤᠰᠤ ᠶᠢ ᠬᠡᠲᠦᠷᠡᠲᠡᠯ᠎ᠡ ᠲᠠᠲᠠᠭᠰᠠᠨ ᠭᠠᠵᠠᠷ | ᠣᠷᠣᠨ ᠳᠤ ᠤᠰᠤ ᠶᠡᠭᠡ ᠬᠤᠷᠣᠭᠳᠠᠭᠤᠯᠬᠤ ᠠᠵᠤ ᠦᠢᠯᠡᠰ ᠤᠨ ᠲᠥᠷᠥᠯ ᠵᠦᠢᠯ ᠤᠨ ᠪᠥᠲᠥᠭᠡᠨ ᠪᠠᠶᠢᠭᠤᠯᠤᠯᠲᠠ | ᠵᠡᠷᠭᠡ ᠶᠢ ᠴᠢᠩᠭ᠎ᠠ ᠬᠢᠵᠠᠭᠠᠷᠯᠠᠬᠤ ᠬᠡᠷᠡᠭᠲᠡᠶ ᠭᠡᠵᠦ ᠲᠣᠭᠲᠠᠭᠠᠵᠠᠶ᠃ | ︽ᠲᠦᠷᠢᠮ︾ ᠤᠨ ᠳᠡᠭᠡᠷᠡᠬᠢ ᠲᠣᠭᠲᠠᠭᠠᠯ ᠨᠢ ᠵᠠᠰᠠᠭ ᠤᠨ ᠣᠷᠳᠣᠨ ᠪᠠ ᠵᠠᠬ᠎ᠠ ᠳᠡᠯᠭᠡᠭᠦᠷ ᠤᠨ ︽ᠬᠤᠶᠠᠷ | ᠲᠠᠯ᠎ᠠ ᠪᠠᠷ ᠬᠦᠴᠦᠯᠡᠬᠦ︾ ᠱᠠᠭᠠᠷᠳᠠᠯᠭ᠎ᠠ ᠶᠢ ᠭᠦᠢᠴᠡᠳ ᠢᠯᠡᠷᠡᠭᠦᠯᠦᠭᠰᠡᠨ ᠪᠥᠭᠡᠳ ᠣᠶᠢᠷ᠎ᠠ ᠶᠢᠨ ᠵᠢᠯ ᠤᠨ ᠤᠰᠤ | ᠠᠷᠪᠢᠯᠠᠬᠤ ᠠᠵᠢᠯ ᠤᠨ ᠦᠢᠯᠡᠳᠦᠯᠭᠡ ᠶᠢᠨ ᠦᠷ᠎ᠡ ᠪᠦᠲᠦᠭᠡᠯ ᠤᠨ ᠳ᠋ᠦᠩᠨᠡᠯᠲᠡ ᠪᠣᠯᠤᠭᠰᠠᠨ ᠪᠠᠶᠢᠨ᠎ᠠ᠃ ᠵᠢᠱᠢᠶᠡᠯᠡᠪᠡᠯ᠂ | ᠤᠰᠤᠨ ᠤ ᠦᠨ᠎ᠡ ᠶᠢᠨ ᠲᠠᠯ᠎ᠠ ᠪᠠᠷ᠂ ᠤᠰᠤᠨ ᠠᠰᠢᠭᠯᠠᠯᠲᠠ ᠶᠢᠨ ᠶᠠᠮᠤᠨ ᠤᠯᠤᠰ ᠤᠨ ᠬᠥᠭᠵᠢᠭᠦᠯᠦᠯᠲᠡ ᠪᠠ | ᠥᠭᠡᠷᠡᠴᠢᠯᠡᠯᠲᠡ ᠶᠢᠨ ᠵᠥᠪᠯᠡᠯ ᠲᠠᠢ ᠬᠠᠮᠵᠢᠯᠴᠠᠨ ︽ᠤᠰᠤᠨ ᠠᠰᠢᠭᠯᠠᠯᠲᠠ ᠶᠢᠨ ᠢᠨᠵᠧᠨᠧᠷᠢᠩ ᠤᠨ ᠤᠰᠤ | ᠬᠠᠩᠭᠠᠬᠤ ᠦᠨ᠎ᠡ ᠬᠠᠩᠰᠢ ᠶᠢᠨ ᠬᠠᠮᠢᠶᠠᠷᠤᠯᠲᠠ ᠶᠢᠨ ᠠᠷᠭ᠎ᠠ︾᠂ ︽ᠤᠰᠤᠨ ᠠᠰᠢᠭᠯᠠᠯᠲᠠ ᠶᠢᠨ ᠢᠨᠵᠧᠨᠧᠷᠢᠩ ᠤᠨ | ᠤᠰᠤ ᠬᠠᠩᠭᠠᠬᠤ ᠦᠨ᠎ᠡ ᠲᠣᠭᠲᠠᠭᠠᠬᠤ ᠥᠪᠡᠷ ᠤᠨ ᠥᠷᠲᠡᠭ ᠢ ᠬᠢᠨᠠᠨ ᠰᠢᠯᠭᠠᠬᠤ ᠠᠷᠭ᠎ᠠ︾ ᠶᠢ ᠳᠠᠷᠤᠮᠠᠯᠯᠠᠨ | ᠲᠠᠷᠬᠠᠭᠠᠵᠤ᠂ ᠤᠰᠤᠨ ᠠᠰᠢᠭᠯᠠᠯᠲᠠ ᠶᠢᠨ ᠢᠨᠵᠧᠨᠧᠷᠢᠩ ᠤᠨ ᠤᠰᠤ ᠬᠠᠩᠭᠠᠬᠤ ᠦᠨ᠎ᠡ ᠲᠣᠭᠲᠠᠭᠠᠬᠤ | ᠲᠣᠭᠲᠠᠴᠠ ᠶᠢ ᠤᠯᠠᠮ ᠨᠢᠭᠡ ᠠᠯᠬᠤᠮ ᠲᠡᠭᠦᠯᠳᠡᠷᠵᠢᠭᠦᠯᠪᠡ᠃ ᠤᠰᠤᠨ ᠤ ᠡᠷᠬᠡ ᠶᠢᠨ ᠠᠷᠠᠯᠵᠢᠶᠠᠨ ᠤ ᠲᠠᠯ᠎ᠠ ᠪᠠᠷ᠂ | ᠤᠰᠤᠨ ᠠᠰᠢᠭᠯᠠᠯᠲᠠ ᠶᠢᠨ ᠶᠠᠮᠤᠨ ᠤᠯᠤᠰ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ᠂ ᠡᠳ᠋ ᠤᠨ | ᠵᠠᠰᠠᠭ ᠤᠨ ᠶᠠᠮᠤᠨ ᠲᠠᠢ ᠬᠠᠮᠲᠤᠷᠠᠨ ︽ᠤᠰᠤ ᠬᠡᠷᠡᠭᠯᠡᠬᠦ ᠡᠷᠬᠡ ᠶᠢᠨ ᠥᠭᠡᠷᠡᠴᠢᠯᠡᠯᠲᠡ ᠶᠢ ᠠᠬᠢᠭᠤᠯᠬᠤ ᠲᠤᠬᠠᠶ | ᠵᠢᠯᠣᠭᠤᠳᠬᠤ ᠰᠠᠨᠠᠯ︾ ᠢ ᠳᠠᠷᠤᠮᠠᠯᠯᠠᠨ ᠲᠠᠷᠬᠠᠭᠠᠵᠤ᠂ ᠪᠥᠬᠦ ᠤᠯᠤᠰ ᠤᠨ ᠨᠢᠭᠡᠳᠦᠯᠲᠡᠶ ᠤᠰᠤ ᠬᠡᠷᠡᠭᠯᠡᠬᠦ ᠡᠷᠬᠡ ᠶᠢᠨ | ᠠᠷᠠᠯᠵᠢᠶᠠᠨ ᠤ ᠲᠦᠷᠢᠮ᠂ ᠮᠡᠷᠭᠡᠵᠢᠯ ᠤᠨ ᠪᠠᠷᠢᠮᠵᠢᠶ᠎ᠠ ᠪᠠ ᠲᠤᠭ᠎ᠠ ᠪᠠᠷᠢᠮᠲᠠ ᠶᠢᠨ ᠵᠢᠷᠤᠮᠵᠢᠯ ᠢ ᠪᠠᠶᠢᠭᠤᠯᠤᠨ᠂ ᠪᠥᠬᠦ | ᠤᠯᠤᠰ ᠤᠨ ᠤᠰᠤᠨ ᠤ ᠡᠷᠬᠡ ᠶᠢᠨ ᠠᠷᠠᠯᠵᠢᠶᠠᠨ ᠤ ᠨᠢᠭᠡᠳᠦᠯᠲᠡᠶ ᠰᠢᠰᠲ᠋ᠧᠮ ᠢ ᠵᠣᠬᠢᠶᠠᠨ ᠪᠠᠶᠢᠭᠤᠯᠤᠨ ᠪᠠᠶᠢᠭᠤᠯᠵᠤ᠂ | ᠠᠷᠠᠯᠵᠢᠶᠠᠨ ᠤ ᠥᠪᠡᠷ ᠤᠨ ᠥᠷᠲᠡᠭ ᠢ ᠪᠠᠭᠤᠷᠠᠭᠤᠯᠤᠨ᠂ ᠠᠷᠠᠯᠵᠢᠶᠠᠨ ᠤ ᠦᠷ᠎ᠡ ᠪᠦᠲᠦᠮᠵᠢ ᠶᠢ ᠳᠡᠭᠡᠭᠰᠢᠯᠡᠭᠦᠯᠪᠡ᠃ | ᠣᠲᠣ ᠪᠣᠯᠲᠠᠯ᠎ᠠ᠂ ᠳᠤᠮᠳᠠᠳᠤ ᠤᠯᠤᠰ ᠤᠨ ᠤᠰᠤᠨ ᠤ ᠡᠷᠬᠡ ᠶᠢᠨ ᠠᠷᠠᠯᠵᠢᠶᠠᠨ ᠤ ᠭᠠᠵᠠᠷ ᠨᠡᠶᠢᠲᠡ 11439 | ᠠᠷᠠᠯᠵᠢᠶ᠎ᠠ ᠪᠦᠲᠦᠵᠦ᠂ ᠠᠷᠠᠯᠵᠢᠶᠠᠯᠠᠭᠰᠠᠨ ᠤᠰᠤᠨ ᠤ ᠬᠡᠮᠵᠢᠶ᠎ᠡ 43.07 ᠳ᠋ᠦᠩᠰᠢᠭᠤᠷ ᠪᠣᠰᠤᠭ᠎ᠠ ᠳᠥᠷᠪᠡᠯᠵᠢᠨ | ᠮᠧᠲᠷ ᠲᠤ ᠬᠦᠷᠴᠡᠢ᠃ ᠮᠥᠩᠭᠦᠨ ᠭᠦᠢᠯᠭᠡᠭᠡᠨ ᠤ ᠳᠡᠮᠵᠢᠯᠭᠡ ᠶᠢᠨ ᠲᠠᠯ᠎ᠠ ᠪᠠᠷ᠂ 23 ᠮᠤᠵᠢ ᠶᠢ ᠵᠢᠯᠣᠭᠤᠳᠴᠤ | ᠪᠠᠶᠢᠭᠠᠳ ︽ᠤᠰᠤ ᠠᠷᠪᠢᠯᠠᠬᠤ ᠵᠢᠭᠡᠯᠡᠯᠭᠡ︾ ᠶᠢᠨ ᠦᠢᠯᠡᠳᠭᠦᠨ ᠢ ᠨᠡᠶᠢᠲᠡᠯᠡᠵᠦ᠂ ᠵᠢᠭᠡᠯᠡᠯᠭᠡ ᠶᠢᠨ ᠦᠯᠡᠳᠡᠪᠦᠷᠢ | 2172 ᠳ᠋ᠦᠩᠰᠢᠭᠤᠷ ᠲᠥᠭᠦᠷᠢᠭ ᠲᠤ ᠬᠥᠷᠪᠡ᠃ ᠤᠰᠤ ᠠᠷᠪᠢᠯᠠᠬᠤ ᠦᠢᠯᠡᠴᠢᠯᠡᠭᠡᠨ ᠤ ᠲᠠᠯ᠎ᠠ ᠪᠠᠷ᠂ ᠨᠡᠶᠢᠭᠡᠮ ᠤᠨ | ᠬᠥᠷᠥᠩᠭᠡ ᠶᠢ ᠬᠥᠲᠥᠯᠦᠨ ᠵᠢᠯᠣᠭᠤᠳᠴᠤ ᠪᠠᠶᠢᠭᠠᠳ ᠵᠠᠬ᠎ᠠ ᠳᠡᠯᠭᠡᠭᠦᠷᠴᠢᠯᠡᠬᠦ ᠵᠠᠷᠴᠢᠮ ᠶᠣᠰᠣᠭᠠᠷ ᠤᠰᠤ ᠠᠷᠪᠢᠯᠠᠬᠤ | ᠲᠥᠷᠥᠯ ᠵᠦᠢᠯ ᠤᠨ ᠪᠥᠲᠥᠭᠡᠨ ᠪᠠᠶᠢᠭᠤᠯᠤᠯᠲᠠ ᠪᠠ ᠡᠵᠡᠩᠨᠡᠯᠲᠡ ᠳᠤ ᠬᠠᠤᠯᠢ ᠶᠣᠰᠣᠭᠠᠷ ᠣᠷᠣᠯᠴᠠᠭᠤᠯᠵᠤ᠂ | ᠭᠡᠷ᠎ᠡ ᠶᠢᠨ ᠤᠰᠤ ᠠᠷᠪᠢᠯᠠᠬᠤ ᠬᠠᠮᠢᠶᠠᠷᠤᠯᠲᠠ ᠶᠢ ᠳᠡᠯᠭᠡᠷᠡᠭᠦᠯᠦᠨ᠂ 2019 ᠣᠨ ᠠᠴᠠ ᠨᠠᠭᠠᠰᠢ ᠲᠥᠷᠥᠯ ᠵᠦᠢᠯ ᠳᠤ | ᠨᠡᠶᠢᠲᠡ 86 ᠳ᠋ᠦᠩᠰᠢᠭᠤᠷ ᠲᠥᠭᠦᠷᠢᠭ ᠤᠨ ᠭᠡᠷ᠎ᠡ ᠲᠣᠭᠲᠠᠪᠠ᠃ ᠤᠰᠤ ᠬᠡᠷᠡᠭᠯᠡᠬᠦ ᠲᠠᠯ᠎ᠠ ᠪᠠᠷ᠂ ᠬᠥᠬᠡᠮᠥ᠋ᠷᠡᠨ ᠤ | ᠠᠵᠤ ᠠᠬᠤᠶ ᠶᠢᠨ ᠪᠦᠰᠡ᠂ ᠬᠠᠲᠤᠨ ᠭᠤᠤᠯ ᠤᠨ ᠰᠠᠪᠠ ᠭᠠᠵᠠᠷ᠂ ᠪᠡᠭᠡᠵᠢᠩ ᠲᠢᠶᠠᠨᠵᠢᠨ ᠾᠧᠪᠧᠶ ᠣᠷᠣᠨ ᠤ | ᠣᠨ ᠤ ᠤᠰᠤ ᠬᠡᠷᠡᠭᠯᠡᠬᠦ ᠬᠡᠮᠵᠢᠶ᠎ᠡ ᠨᠢ 1 ᠲᠦᠮᠡᠨ ᠪᠣᠰᠤᠭ᠎ᠠ ᠳᠥᠷᠪᠡᠯᠵᠢᠨ ᠮᠧᠲᠷ ᠠᠴᠠ ᠳᠡᠭᠡᠭᠰᠢ ᠠᠵᠤ | ᠦᠢᠯᠡᠳᠪᠦᠷᠢ ᠶᠢᠨ ᠦᠢᠯᠡᠴᠢᠯᠡᠭᠡᠨ ᠤ ᠦᠢᠯᠡᠰ ᠤᠨ ᠨᠢᠭᠡᠴᠢ ᠳᠤ ᠤᠰᠤ ᠬᠡᠷᠡᠭᠯᠡᠬᠦ ᠲᠥᠯᠥᠪᠯᠡᠭᠡ ᠪᠠᠷ ᠪᠦᠬᠦᠨ ᠢ | ᠬᠠᠮᠤᠷᠬᠤ ᠶᠢ ᠪᠡᠶᠡᠯᠡᠭᠦᠯᠦᠨ᠎ᠡ᠃ | ᠲᠠᠷᠠᠭᠠᠴᠢ ᠶᠢᠨ ᠠᠯᠬᠤᠮ ᠳᠤ᠂ ᠤᠰᠤᠨ ᠠᠰᠢᠭᠯᠠᠯᠲᠠ ᠶᠢᠨ ᠶᠠᠮᠤᠨ ᠵᠠᠰᠠᠭ ᠤᠨ ᠣᠷᠳᠣᠨ ᠪᠠ ᠵᠠᠬ᠎ᠠ | ᠳᠡᠯᠭᠡᠭᠦᠷ ᠤᠨ ᠲᠣᠭᠲᠠᠴᠠ ᠶᠢᠨ ᠬᠠᠮᠵᠢᠯᠴᠠᠨ ᠬᠦᠴᠦᠯᠡᠬᠦ ᠶᠢ ᠤᠯᠠᠮ ᠨᠢᠭᠡ ᠠᠯᠬᠤᠮ ᠴᠢᠩᠭᠠᠳᠬᠠᠵᠤ᠂ ᠤᠰᠤ | ᠠᠷᠪᠢᠯᠠᠬᠤ ᠶᠡᠷᠦᠩᠬᠡᠶᠢᠯᠡᠭᠰᠡᠨ ᠰᠢᠰᠲ᠋ᠧᠮ ᠢ ᠪᠠᠶᠢᠭᠤᠯᠵᠤ᠂ ᠤᠰᠤ ᠠᠷᠪᠢᠯᠠᠬᠤ ᠠᠵᠤ ᠦᠢᠯᠡᠰ ᠤᠨ ᠬᠥᠭᠵᠢᠯᠲᠡ ᠶᠢ | ᠳᠡᠮᠵᠢᠬᠦ ᠲᠥᠷᠥ ᠶᠢᠨ ᠪᠣᠳᠣᠯᠭ᠎ᠠ ᠶᠢ ᠲᠡᠭᠦᠯᠳᠡᠷᠵᠢᠭᠦᠯᠵᠦ᠂ ᠤᠰᠤ ᠠᠷᠪᠢᠯᠠᠬᠤ ᠠᠵᠢᠯ ᠤᠨ ᠲᠠᠰᠤᠷᠠᠯᠲᠠ ᠥᠬᠡᠶ | ᠰᠢᠨ᠎ᠡ ᠦᠷ᠎ᠡ ᠪᠦᠲᠦᠮᠵᠢ ᠤᠯᠬᠤ ᠶᠢ ᠠᠬᠢᠭᠤᠯᠤᠨ᠎ᠠ᠃ ᠪᠠᠶᠠᠷᠯᠠᠯ᠎ᠠ᠃ | ᠰᠢᠩ ᠾᠦᠢ ᠨᠠ᠄ | ᠡᠨᠡ ᠡᠳᠦᠷ ᠤᠨ ᠰᠣᠨᠢᠨ ᠮᠡᠳᠡᠭᠡ ᠨᠡᠶᠢᠲᠡᠯᠡᠬᠦ ᠬᠤᠷᠠᠯ ᠠᠳᠡ ᠬᠦᠷᠴᠦ᠂ ᠬᠡᠳᠦᠨ ᠨᠡᠶᠢᠲᠡᠯᠡᠭᠴᠢ ᠳᠤ | ᠲᠠᠯᠠᠷᠬᠠᠵᠤ ᠪᠠᠶᠢᠨ᠎ᠠ᠂ ᠵᠠᠭᠤᠴᠢᠯᠠᠭᠤᠷ ᠤᠨ ᠨᠠᠶᠢᠵᠠ ᠨᠠᠷ ᠲᠤ ᠲᠠᠯᠠᠷᠬᠠᠵᠤ ᠪᠠᠶᠢᠨ᠎ᠠ᠂ ᠣᠯᠠᠨ ᠢᠶᠠᠷ ᠢᠶᠠᠨ ᠪᠠᠶᠠᠷᠲᠠᠶ︕ | | | | | | | |