ᠶᠡᠷᠦᠩᠬᠡᠢ ᠱᠦᠵᠢ ᠰᠢ ᠶᠢᠨ ᠫᠢᠩ᠄ ︽ᠳᠤᠮᠳᠠᠳᠤ ᠶᠢᠨ ᠦᠨᠳᠦᠰᠦᠲᠡᠨ ᠶᠡᠷᠦ ᠠᠴᠠ ᠪᠠᠶᠢᠭᠠᠯᠢ ᠶᠢ | ᠬᠦᠨᠳᠦᠳᠬᠡᠵᠦ᠂ ᠪᠠᠶᠢᠭᠠᠯᠢ ᠶᠢ ᠬᠠᠶᠢᠷᠠᠯᠠᠵᠤ᠂ 5000 ᠭᠠᠷᠤᠢ ᠵᠢᠯ ᠦᠷᠭᠦᠯᠵᠢᠯᠡᠭᠰᠡᠨ ᠳᠤᠮᠳᠠᠳᠤ ᠶᠢᠨ | ᠪᠣᠯᠪᠠᠰᠤᠨ ᠨᠢ ᠡᠯᠪᠡᠭ ᠪᠠᠶᠠᠯᠢᠭ ᠠᠮᠢ ᠠᠬᠤᠢ ᠶᠢᠨ ᠰᠣᠶᠣᠯ ᠢ ᠪᠤᠢ ᠪᠣᠯᠭᠠᠵᠤ ᠪᠠᠶᠢᠨ᠎ᠠ︾᠃ ᠳᠤᠮᠳᠠᠳᠤ ᠶᠢᠨ | ᠦᠨᠳᠦᠰᠦᠲᠡᠨ ᠥᠨᠢ ᠤᠳᠠᠭᠠᠨ ᠤᠰᠤ ᠵᠠᠰᠠᠭᠰᠠᠨ ᠲᠡᠦᠬᠡ ᠲᠠᠢ ᠪᠠᠶᠢᠵᠤ᠂ ᠤᠷᠳᠤ ᠬᠤᠭᠤᠴᠠᠭᠠᠨ ᠤ ᠤᠰᠤ ᠵᠠᠰᠠᠬᠤ | ᠶᠠᠪᠤᠴᠠ ᠨᠢ ᠪᠣᠷᠣᠭᠵᠢᠭᠤᠨ ᠠᠮᠢ ᠠᠬᠤᠢ ᠶᠢᠨ ᠪᠣᠯᠪᠠᠰᠤᠨ ᠤ ᠣᠶᠢᠯᠠᠭᠠᠭᠳᠠᠬᠤᠨ ᠢ ᠲᠤᠭᠤᠰᠢᠯᠠᠭᠤᠯᠵᠤ ᠪᠠᠶᠢᠨ᠎ᠠ᠃ | ᠳᠤᠮᠳᠠᠳᠤ ᠶᠢᠨ ᠤᠯᠠᠮᠵᠢᠯᠠᠯᠲᠤ ᠤᠰᠤ ᠶᠢ ᠵᠠᠰᠠᠬᠤ ᠰᠣᠶᠣᠯ ᠢ ᠢᠳᠡᠪᠬᠢᠲᠡᠶ ᠪᠠᠳᠠᠷᠠᠭᠤᠯᠵᠤ᠂ ᠲᠡᠭᠦᠨ ᠳᠤ | ᠠᠭᠤᠯᠤᠭᠳᠠᠵᠤ ᠪᠠᠶᠢᠭ᠎ᠠ ᠠᠮᠢ ᠠᠬᠤᠶ ᠶᠢᠨ ᠣᠶᠤᠨ ᠤᠬᠠᠭᠠᠨ ᠢ ᠰᠢᠩᠭᠡᠭᠡᠨ ᠠᠪᠴᠤ᠂ ᠰᠢᠨ᠎ᠡ ᠴᠠᠭ ᠦᠶ᠎ᠡ ᠶᠢᠨ | ᠠᠮᠢ ᠠᠬᠤᠶ ᠶᠢᠨ ᠪᠣᠯᠪᠠᠰᠤᠨ ᠤ ᠪᠠᠶᠢᠭᠤᠯᠤᠯᠲᠠ ᠶᠢ ᠠᠬᠢᠭᠤᠯᠬᠤ᠂ ᠬᠥᠮᠦᠨ ᠬᠢᠭᠡᠳ ᠪᠠᠶᠢᠭᠠᠯᠢ ᠶᠢᠨ ᠡᠶ᠎ᠡ | ᠵᠣᠬᠢᠴᠠᠯ ᠲᠠᠢ ᠪᠠᠷ ᠬᠠᠮᠲᠤ ᠣᠷᠣᠰᠢᠬᠤ ᠶᠢ ᠠᠬᠢᠭᠤᠯᠬᠤ ᠳᠤ ᠴᠢᠬᠤᠯᠠ ᠠᠴᠢ ᠬᠤᠯᠪᠣᠭᠳᠠᠯ ᠲᠠᠢ ᠭᠡᠵᠦ ᠵᠢᠭᠠᠵᠤ | ᠭᠠᠷᠭᠠᠵᠠᠢ᠃ | ᠮᠠᠨ ᠤ ᠤᠯᠤᠰ ᠤᠨ ᠡᠷᠲᠡᠨ ᠤ ᠤᠰᠤ ᠶᠢ ᠵᠠᠰᠠᠬᠤ ᠦᠢᠯᠡᠳᠦᠯᠭᠡ ᠳᠤ ᠠᠭᠤᠯᠤᠭᠳᠠᠵᠤ ᠪᠠᠶᠢᠭ᠎ᠠ ᠠᠮᠢ | ᠠᠬᠤᠢ ᠶᠢᠨ ᠤᠶᠤᠨ ᠤᠬᠠᠭᠠᠨ ᠮᠠᠰᠢ ᠪᠠᠶᠠᠯᠢᠭ ᠪᠠᠶᠢᠵᠤ᠂ ᠡᠷᠲᠡᠨ ᠤ ᠬᠦᠮᠦᠰ ᠬᠢᠭᠡᠳ ᠤᠰᠤ᠂ ᠬᠥᠮᠦᠨ ᠬᠢᠭᠡᠳ | ᠪᠠᠶᠢᠭᠠᠯᠢ ᠶᠢᠨ ᠬᠠᠷᠢᠴᠠᠭᠠᠨ ᠤ ᠲᠤᠬᠠᠶ ᠭᠦᠨᠵᠡᠭᠡᠶ ᠪᠣᠳᠣᠯᠬᠢᠯᠠᠭᠰᠠᠨ ᠢ ᠬᠠᠷᠠᠭᠤᠯᠵᠤ ᠪᠠᠶᠢᠨ᠎ᠠ᠃ ᠴᠠᠭ | ᠬᠠᠨᠳᠤᠰᠢ ᠳᠤᠨᠢ ᠲᠣᠬᠢᠷᠠᠭᠤᠯᠤᠨ ᠬᠥᠲᠥᠯᠥᠨ ᠵᠢᠯᠣᠭᠤᠳᠴᠤ᠂ ᠪᠠᠶᠢᠭᠠᠯᠢ ᠶᠢᠨ ᠵᠢᠮ᠎ᠡ ᠶᠣᠰᠣ ᠶᠢ ᠵᠢᠷᠤᠮᠯᠠᠨ ᠤᠰᠤᠨ | ᠠᠰᠢᠭᠯᠠᠯᠲᠠ ᠶᠢᠨ ᠢᠨᠵᠧᠨᠧᠷᠢᠩ ᠢ ᠪᠦᠲᠦᠭᠡᠨ ᠪᠠᠶᠢᠭᠤᠯᠬᠤ ᠨᠢ ᠳᠠᠷᠤᠶ ᠲᠡᠭᠦᠨ ᠤ ᠳᠣᠲᠣᠷᠠᠬᠢ ᠨᠡᠶᠢᠲᠡᠯᠢᠭ | ᠲᠥᠯᠥᠭᠡᠯᠡᠭᠴᠢ ᠪᠣᠯᠤᠨ᠎ᠠ᠃ ᠶᠡᠷᠦᠩᠬᠡᠢ ᠱᠦᠵᠢ ᠰᠢ ᠶᠢᠨ ᠫᠢᠩ ᠪᠦᠬᠦ ᠤᠯᠤᠰ ᠤᠨ ᠠᠮᠢ ᠠᠬᠤᠢ ᠣᠷᠴᠢᠨ | ᠲᠣᠭᠤᠷᠢᠨ ᠤ ᠬᠠᠮᠠᠭᠠᠯᠠᠯᠲᠠ ᠶᠢᠨ ᠶᠡᠭᠡ ᠬᠤᠷᠠᠯ ᠳᠡᠭᠡᠷ᠎ᠡ᠄ ︽ᠪᠠᠶᠢᠯᠳᠤᠭᠠᠨᠳᠤ ᠤᠯᠤᠰ ᠤᠨ ᠦᠶ᠎ᠡ ᠳᠤ | ᠪᠠᠶᠢᠭᠤᠯᠤᠭᠰᠠᠨ ᠳ᠋ᠦ᠋ ᠵᠢᠶᠠᠩ ᠶᠠᠨ ᠪᠣᠯ ᠣᠳᠣ ᠠᠴᠠ 2000 ᠭᠠᠷᠤᠢ ᠵᠢᠯ ᠤᠨ ᠲᠡᠦᠬᠡ ᠲᠠᠢ᠂ ᠳᠠᠷᠤᠢ ᠮᠢᠨ | ᠵᠢᠶᠠᠩ ᠤᠨ ᠦᠶᠡᠷ ᠤᠰᠤᠲᠤᠯ ᠤᠨ ᠵᠢᠮ᠎ᠡ ᠶᠣᠰᠣ ᠪᠣᠯᠣᠨ ᠴᠧᠩᠳᠦ᠋ ᠶᠢᠨ ᠲᠠᠯ᠎ᠠ ᠭᠠᠵᠠᠷ ᠤᠨ ᠬᠦᠪᠡᠭᠡ ᠮᠥᠷᠡᠨ ᠤ | ᠭᠠᠵᠠᠷ ᠤᠨ ᠪᠠᠶᠢᠴᠠ ᠶᠢᠨ ᠣᠨᠴᠠᠯᠢᠭ ᠢ ᠦᠨᠳᠦᠰᠦᠯᠡᠨ᠂ ᠪᠠᠶᠢᠳᠠᠯ ᠳᠤᠨᠢ ᠲᠤᠬᠢᠷᠠᠭᠤᠯᠤᠨ ᠪᠦᠲᠦᠭᠡᠨ ᠪᠠᠶᠢᠭᠤᠯᠵᠤ | ᠪᠠᠶᠢᠭ᠎ᠠ ᠠᠮᠢ ᠠᠬᠤᠢ ᠶᠢᠨ ᠤᠰᠤᠨ ᠠᠰᠢᠭᠯᠠᠯᠲᠠ ᠶᠢᠨ ᠲᠤᠮᠤ ᠬᠡᠯᠪᠡᠷᠢ ᠶᠢᠨ ᠢᠨᠵᠧᠨᠧᠷᠢᠩ ᠨᠢ ᠲᠤᠬᠠᠢ ᠶᠢᠨ | ᠦᠶ᠎ᠡ ᠳᠤ ᠪᠤᠶᠠᠨ ᠦᠢᠯᠡᠳᠦᠭᠰᠡᠨ ᠢᠶᠠᠷ ᠪᠠᠷᠠᠬᠤ ᠦᠭᠡᠢ᠂ ᠬᠤᠶᠢᠴᠢ ᠦᠶ᠎ᠡ ᠳᠤ ᠪᠠᠨ ᠴᠤ ᠪᠤᠶᠠᠨ ᠦᠢᠯᠡᠳᠦᠵᠡᠢ᠃ | ᠳ᠋ᠦ᠋ ᠵᠢᠶᠠᠩ ᠶᠠᠨ ᠪᠣᠯ ᠮᠠᠨ ᠤ ᠤᠯᠤᠰ ᠤᠨ ᠡᠷᠲᠡᠨ ᠤ ᠦᠶ᠎ᠡ ᠶᠢᠨ ᠲᠥᠯᠥᠭᠡᠯᠡᠬᠦ ᠴᠢᠨᠠᠷᠲᠠᠢ ᠤᠰᠤᠨ | ᠠᠰᠢᠭᠯᠠᠯᠲᠠ ᠶᠢᠨ ᠢᠨᠵᠧᠨᠧᠷᠢᠩ ᠪᠣᠯᠤᠨ᠎ᠠ᠂ ᠲᠡᠷᠡ ᠮᠢᠩᠭᠠᠨ ᠵᠢᠯ ᠤᠨ ᠪᠤᠶᠠᠨ ᠦᠢᠯᠡᠳᠦᠭᠰᠡᠨ ᠤ ᠤᠴᠢᠷ᠂ ᠶᠠᠭ | ᠪᠠᠶᠢᠭᠠᠯᠢ ᠶᠢᠨ ᠠᠮᠢ ᠠᠬᠤᠢ ᠶᠢᠨ ᠵᠢᠮ᠎ᠡ ᠶᠣᠰᠣ ᠶᠢ ᠭᠦᠨᠵᠡᠭᠡᠢ ᠲᠠᠨᠢᠵᠤ ᠡᠵᠡᠮᠰᠢᠬᠦ ᠳᠤ ᠰᠠᠭᠤᠷᠢᠯᠠᠭᠰᠠᠨ ᠶᠤᠮ᠃ ᠳ᠋ᠦ᠋ | ᠵᠢᠶᠠᠩ ᠶᠠᠨ ᠳᠠᠬᠢ ᠠᠭᠤᠯᠠᠨ ᠠᠮᠠᠨ ᠤ ᠪᠠᠶᠢᠴᠠ ᠪᠠ ᠤᠰᠤᠨ ᠤ ᠪᠠᠶᠢᠴᠠ ᠶᠢ ᠠᠰᠢᠭᠯᠠᠨ᠂ ᠵᠢᠭᠠᠰᠤᠨ ᠤ ᠠᠮᠠ ᠪᠠᠷ | ᠤᠰᠤ ᠬᠤᠪᠢᠶᠠᠬᠤ ᠪᠠᠷ ᠳᠠᠮᠵᠢᠨ᠂ ᠬᠠᠰᠢᠯᠭ᠎ᠠ ᠶᠢᠨ ᠠᠮᠠᠰᠠᠷ ᠤᠨ ᠤᠷᠤᠰᠬᠠᠯ ᠤᠨ ᠬᠡᠮᠵᠢᠶ᠎ᠡ ᠶᠢ ᠡᠵᠡᠮᠳᠡᠵᠦ᠂ | ᠬᠠᠰᠢᠯᠭ᠎ᠠ ᠦᠭᠡᠶ ᠤᠰᠤ ᠶᠢ ᠴᠧᠩᠳᠦ᠋ ᠶᠢᠨ ᠲᠠᠯ᠎ᠠ ᠭᠠᠵᠠᠷ ᠤᠷᠤᠭᠤ ᠲᠠᠲᠠᠨ ᠣᠷᠣᠭᠤᠯᠬᠤ ᠶᠢ ᠪᠡᠶᠡᠯᠡᠭᠦᠯᠵᠦ᠂ | ᠤᠰᠤ᠂ ᠦᠶᠡᠷ ᠢ ᠰᠡᠷᠭᠡᠶᠢᠯᠡᠬᠦ᠂ ᠡᠯᠡᠰᠦ ᠶᠢ ᠵᠠᠯᠠᠬᠤ ᠵᠡᠷᠭᠡ ᠠᠰᠠᠭᠤᠳᠠᠯ ᠢ ᠨᠢᠭᠡᠳᠦᠯᠲᠡᠶ ᠰᠢᠢᠳᠪᠦᠷᠢᠯᠡᠵᠡᠢ᠃ | ᠢᠨᠵᠧᠨᠧᠷᠢᠩ ᠤᠨ ᠠᠵᠢᠯᠯᠠᠭ᠎ᠠ ︽ᠳᠥᠷᠪᠡ ᠵᠢᠷᠭᠤᠭ᠎ᠠ ᠪᠠᠷ ᠤᠰᠤ ᠬᠤᠪᠢᠶᠠᠬᠤ︾ ᠵᠠᠷᠴᠢᠮ ᠢ ᠪᠠᠷᠢᠮᠲᠠᠯᠠᠨ᠎ᠠ᠂ | ᠲᠤᠬᠠᠶᠢᠯᠠᠪᠠᠯ ᠤᠰᠤ ᠡᠯᠪᠡᠭ ᠬᠤᠭᠤᠴᠠᠭᠠᠨ ᠳᠤ ᠳᠣᠲᠣᠭᠠᠳᠤ ᠮᠥᠷᠡᠨ ᠤ ᠤᠰᠤ ᠣᠷᠣᠭᠤᠯᠤᠭᠰᠠᠨ ᠬᠡᠮᠵᠢᠶ᠎ᠡ ᠨᠢ | ᠪᠠᠷᠤᠭ ᠳᠥᠷᠪᠡᠨ ᠬᠤᠪᠢ ᠣᠷᠴᠢᠮ ᠪᠠᠶᠢᠵᠤ᠂ ᠭᠠᠳᠠᠷ ᠮᠥᠷᠡᠨ ᠤ ᠤᠰᠤ ᠣᠷᠣᠭᠤᠯᠤᠭᠰᠠᠨ ᠬᠡᠮᠵᠢᠶ᠎ᠡ ᠨᠢ ᠪᠠᠷᠤᠭ | ᠵᠢᠷᠭᠤᠭᠠᠨ ᠬᠤᠪᠢ ᠣᠷᠴᠢᠮ ᠪᠣᠯᠤᠨ᠎ᠠ︔ ᠤᠰᠤ ᠰᠢᠷᠬᠢᠬᠦ ᠬᠤᠭᠤᠴᠠᠭᠠᠨ ᠳᠤ ᠤᠰᠤ ᠬᠤᠪᠢᠶᠠᠬᠤ ᠬᠠᠷᠢᠴᠠᠯ ᠢ | ᠲᠣᠬᠢᠷᠠᠭᠤᠯᠪᠠᠯ ᠳᠠᠷᠤᠶ ᠡᠯᠪᠡᠭ ᠬᠤᠷᠢᠶᠠᠯᠲᠠ ᠤᠯᠬᠤ ᠬᠤᠭᠤᠴᠠᠭᠠᠨ ᠳᠠᠬᠢ ᠳᠣᠲᠣᠭᠠᠳᠤ ᠭᠠᠳᠠᠭᠠᠳᠤ ᠶᠢᠨ ᠮᠥᠷᠡᠨ ᠤ | ᠤᠰᠤᠨ ᠤ ᠬᠡᠮᠵᠢᠶ᠎ᠡ ᠴᠥᠮ 40% ᠠᠴᠠ ᠳᠤᠲᠠᠭᠤ ᠥᠬᠡᠶ ᠪᠠᠶᠢᠬᠤ ᠶᠢ ᠪᠠᠲᠤᠯᠠᠵᠤ᠂ ᠡᠭᠦᠨ ᠤ ᠤᠯᠠᠮ ᠠᠴᠠ ᠮᠢᠨ | ᠵᠢᠶᠠᠩ ᠮᠥᠷᠡᠨ ᠤ ᠭᠤᠤᠯ ᠤᠷᠤᠰᠬᠠᠯ ᠤᠨ ᠠᠮᠢ ᠠᠬᠤᠶ ᠶᠢᠨ ᠤᠷᠤᠰᠬᠠᠯ ᠤᠨ ᠬᠡᠮᠵᠢᠶ᠎ᠡ ᠶᠢ ᠪᠦᠲᠦᠮᠵᠢᠲᠡᠶ | ᠪᠠᠲᠤᠯᠠᠭᠰᠠᠨ ᠪᠠᠶᠢᠨ᠎ᠠ᠃ | ᠪᠠᠰᠠ ᠵᠢᠱᠢᠶᠡᠯᠡᠪᠡᠯ᠂ ᠹᠦᠵᠢᠶᠠᠨ ᠤ ᠫᠦ᠋ ᠲᠢᠶᠠᠨ ᠳᠤ ᠪᠠᠶᠢᠭ᠎ᠠ ᠮᠦ ᠯᠠᠨ ᠫᠦᠸᠧ ᠢᠨᠵᠧᠨᠧᠷᠢᠩ ᠂ ᠡᠷᠲᠡᠨ ᠤ | ᠦᠶ᠎ᠡ ᠶᠢᠨ ᠠᠷᠠᠳ ᠤᠨ ᠪᠠᠶᠢᠳᠠᠯ ᠢ ᠦᠨᠳᠦᠰᠦᠯᠡᠨ᠂ ᠪᠠᠶᠢᠭᠠᠯᠢ ᠶᠢᠨ ᠭᠠᠮᠰᠢᠭ ᠲᠠᠢ ᠲᠡᠮᠡᠴᠡᠬᠦ ᠣᠶᠤᠨ ᠤᠬᠠᠭᠠᠨ ᠢ | ᠬᠠᠷᠠᠭᠤᠯᠵᠠᠢ᠃ ᠮᠦ ᠯᠠᠨ ᠫᠦᠸᠧ ᠶᠢᠨ ᠵᠡᠷᠭᠡᠯᠡᠳᠡᠭᠡ ᠮᠦ ᠯᠠᠨ ᠰᠢ ᠳᠠᠯᠠᠢ ᠳᠤ ᠣᠷᠣᠬᠤ ᠭᠠᠵᠠᠷ᠃ ᠲᠡᠦᠬᠡᠨ | ᠳᠡᠭᠡᠷ᠎ᠡ᠂ ᠡᠨᠡ ᠬᠦ ᠭᠠᠵᠠᠷ ᠣᠷᠣᠨ ᠳᠤ ᠦᠷᠭᠦᠯᠵᠢ ᠦᠶᠡᠷ ᠤᠨ ᠤᠰᠤ ᠲᠠᠲᠠᠷᠠᠨ᠂ ᠬᠡᠷᠪᠡ ᠳᠠᠯᠠᠶ ᠶᠢᠨ ᠤᠷᠤᠰᠬᠠᠯ | ᠲᠣᠬᠢᠶᠠᠯᠳᠤᠪᠠᠯ᠂ ᠳᠠᠯᠠᠶ ᠶᠢᠨ ᠤᠰᠤ ᠴᠢᠳᠬᠤᠨ ᠢᠳᠡᠭᠳᠡᠵᠦ᠂ ᠭᠠᠵᠠᠷ ᠰᠢᠷᠣᠶ ᠬᠤᠵᠢᠷᠰᠢᠨ᠂ ᠬᠤᠶᠠᠷ ᠡᠷᠭᠢ ᠳᠤ | ᠯᠣᠲᠣ ᠶᠡᠭᠡ ᠭᠠᠮᠰᠢᠭ ᠤᠴᠠᠷᠠᠭᠤᠯᠳᠠᠭ᠃ ᠡᠭᠦᠨ ᠤ ᠲᠤᠯᠠ ᠤᠷᠢᠳᠠᠪᠠᠷ ᠮᠦ ᠯᠠᠨ ᠫᠦᠸᠧ ᠢ ᠪᠠᠶᠢᠭᠤᠯᠤᠨ᠎ᠠ᠃ ᠡᠨᠡ | ᠬᠦ ᠢᠨᠵᠧᠨᠧᠷᠢᠩ ᠠᠮᠵᠢᠯᠲᠠ ᠣᠯᠣᠭᠰᠠᠨ ᠨᠢ ᠤᠰᠤᠨ ᠵᠦᠢ ᠶᠢᠨ ᠵᠢᠮ᠎ᠡ ᠶᠣᠰᠣ ᠵᠢᠴᠢ ᠡᠷᠬᠢᠨ ᠲᠣᠭᠤᠷᠢᠨ ᠤ | ᠭᠠᠵᠠᠷ ᠤᠨ ᠪᠠᠶᠢᠴᠠ ᠶᠢ ᠰᠢᠨᠵᠢᠯᠡᠬᠦ ᠤᠬᠠᠭᠠᠨᠴᠢ ᠪᠠᠷ ᠡᠵᠡᠮᠳᠡᠭᠰᠡᠨ ᠶᠠᠪᠤᠳᠠᠯ ᠪᠣᠯᠤᠨ᠎ᠠ᠂ ᠬᠠᠰᠢᠯᠭ᠎ᠠ ᠶᠢᠨ ᠪᠠᠶᠢᠷᠢ ᠶᠢ | ᠳᠡᠭᠡᠳᠦ ᠤᠷᠤᠰᠬᠠᠯ ᠤᠨ ᠦᠶᠡᠷ ᠤᠨ ᠤᠰᠤ ᠪᠣᠯᠤᠨ ᠤᠷᠤᠰᠬᠠᠯ ᠤᠨ ᠦᠵᠦᠭᠦᠷ ᠤᠨ ᠠᠭᠤᠯᠵᠠᠷ ᠲᠤ ᠰᠣᠩᠭᠤᠭᠰᠠᠨ | ︵ᠠᠳᠡᠬᠢ ᠬᠤᠶᠠᠷ ᠤᠰᠤᠨ ᠤ ᠬᠦᠴᠦᠨ ᠢ ᠬᠠᠮᠤᠭ ᠤᠨ ᠳᠣᠣᠷ᠎ᠠ ᠬᠡᠮᠵᠢᠶᠡᠨ ᠳᠤ ᠬᠦᠷᠲᠡᠯ᠎ᠡ ᠪᠠᠭᠠᠰᠬᠠᠬᠤ︶᠂ ᠭᠠᠵᠠᠷ | ᠣᠷᠣᠨ ᠤ ᠪᠠᠶᠢᠳᠠᠯ ᠳᠠᠭᠠᠨ ᠲᠤᠬᠢᠷᠠᠭᠤᠯᠤᠨ ᠲᠤᠬᠠᠢ ᠶᠢᠨ ᠭᠠᠵᠠᠷ ᠤᠨ ᠣᠨᠴᠠᠯᠢᠭ ᠲᠠᠢ ᠬᠠᠰᠢᠯᠭ᠎ᠠ ᠶᠢᠨ ᠬᠡᠯᠪᠡᠷᠢ ᠶᠢ | ᠬᠡᠷᠡᠭᠯᠡᠭᠰᠡᠨ ᠤ ᠳᠠᠷᠠᠭ᠎ᠠ ᠰᠠᠶ᠋ᠢ ᠮᠦ ᠯᠠᠨ ᠫᠦᠸᠧ ᠤᠳᠤ ᠪᠣᠯᠲᠠᠯ᠎ᠠ ᠰᠦᠨᠳᠡᠷᠯᠡᠭᠰᠡᠨ ᠪᠠᠶᠢᠨ᠎ᠠ᠃ ᠮᠦ ᠯᠠᠨ ᠫᠦᠸᠧ | ᠡᠮᠦᠨ᠎ᠡ ᠤᠮᠠᠷ᠎ᠠ ᠳᠠᠯᠠᠶ ᠶᠢᠨ ᠲᠠᠯ᠎ᠠ ᠭᠠᠵᠠᠷ ᠤᠨ ᠭᠠᠩ ᠤᠰᠤᠳᠤᠯ᠂ ᠤᠰᠤᠲᠤᠯ᠂ ᠳᠦᠯᠭᠢᠭᠡᠨ ᠤ ᠭᠠᠮᠰᠢᠭ ᠤᠨ | ᠰᠦᠷᠳᠡᠭᠦᠯᠦᠯ ᠢ ᠶᠡᠭᠡ ᠪᠠᠷ ᠪᠠᠭᠠᠰᠬᠠᠵᠤ᠂ ᠮᠢᠩᠭᠠᠨ ᠵᠢᠯ ᠢ ᠥᠩᠭᠡᠷᠡᠭᠡᠭᠡᠳ᠂ ᠦᠢᠯᠡᠳᠦᠯ ᠴᠢᠳᠠᠯ ᠨᠢ ᠦᠨᠢ | ᠤᠳᠠᠭᠠᠨ ᠪᠠᠭᠤᠷᠠᠯ ᠦᠭᠡᠢ ᠪᠠᠳᠠᠷᠠᠭᠰᠠᠨ ᠪᠠᠶᠢᠨ᠎ᠠ᠃ | ᠶᠡᠷᠦᠩᠬᠡᠢ ᠱᠦᠵᠢ ᠰᠢ ᠶᠢᠨ ᠫᠢᠩ᠄ ︽ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠲᠠᠯ᠎ᠠ ᠪᠠᠷ ᠪᠢᠳᠡ ︿ | ᠲᠠᠪᠤ ᠶᠢ ᠨᠢᠭᠡᠳᠦᠯᠲᠡᠢ ᠲᠥᠯᠥᠪᠵᠢᠭᠦᠯᠬᠦ﹀ ᠶᠢ ᠳᠤᠷᠠᠳᠪᠠ᠂ ᠤᠰᠤ ᠶᠢ ᠵᠠᠰᠠᠬᠤ ᠳᠠᠭᠠᠨ ᠪᠠᠶᠢᠭᠠᠯᠢ ᠶᠢᠨ ᠠᠮᠢ | ᠠᠬᠤᠢ ᠶᠢᠨ ᠡᠯ᠎ᠡ ᠡᠯᠧᠮᠧᠨ᠋ᠲ ᠢ ᠨᠢᠭᠡᠳᠦᠯᠲᠡᠢ ᠲᠥᠯᠥᠪᠵᠢᠭᠦᠯᠬᠦ ᠬᠡᠷᠡᠭᠲᠡᠢ᠃ ᠰᠢᠰᠲ᠋ᠧᠮᠳᠦ ᠤᠨᠤᠯ ᠤᠨ ᠦᠵᠡᠯ | ᠰᠠᠨᠠᠭᠠᠨ ᠤ ᠠᠷᠭ᠎ᠠ ᠪᠠᠷ ᠠᠰᠠᠭᠤᠳᠠᠯ ᠢ ᠦᠵᠡᠵᠦ᠂ ᠠᠮᠢ ᠠᠬᠤᠢ ᠶᠢᠨ ᠰᠢᠰᠲ᠋ᠧᠮ ᠪᠣᠯ ᠣᠷᠭᠠᠨᠢᠭ ᠠᠮᠢ ᠪᠡᠶ᠎ᠡ ᠮᠥᠨ᠂ | ᠤᠰᠤ ᠶᠢ ᠵᠠᠰᠠᠬᠤ ᠪᠠ ᠠᠭᠤᠯᠠ ᠶᠢ ᠵᠠᠰᠠᠬᠤ᠂ ᠤᠰᠤ ᠶᠢ ᠵᠠᠰᠠᠬᠤ ᠪᠠ ᠤᠢ ᠰᠢᠭᠤᠢ ᠶᠢ ᠵᠠᠰᠠᠬᠤ᠂ ᠤᠰᠤ ᠶᠢ | ᠵᠠᠰᠠᠬᠤ ᠪᠠ ᠲᠠᠷᠢᠶ᠎ᠠ ᠶᠢ ᠵᠠᠰᠠᠬᠤ᠂ ᠠᠭᠤᠯᠠ ᠶᠢ ᠵᠠᠰᠠᠬᠤ ᠪᠠ ᠤᠢ ᠰᠢᠭᠤᠢ ᠶᠢ ᠵᠠᠰᠠᠬᠤ ᠵᠡᠷᠭᠡ ᠶᠢ ᠨᠢᠭᠡᠳᠦᠯᠲᠡᠢ | ᠲᠥᠯᠥᠪᠵᠢᠭᠦᠯᠪᠡᠯ ᠵᠣᠬᠢᠨ᠎ᠠ︾᠃ ᠰᠢᠰᠲ᠋ᠧᠮ ᠲᠠᠢ ᠵᠠᠰᠠᠬᠤ ᠶᠢ ᠴᠢᠬᠤᠯᠠᠴᠢᠯᠠᠵᠤ᠂ ᠤᠰᠤᠨ ᠤ ᠡᠯᠧᠮᠧᠨ᠋ᠲ ᠪᠣᠯᠤᠨ | ᠠᠮᠢ ᠠᠬᠤᠢ ᠶᠢᠨ ᠰᠢᠰᠲ᠋ᠧᠮ ᠤᠨ ᠪᠦᠬᠦᠯᠢ ᠴᠣᠭᠴᠠ ᠶᠢᠨ ᠬᠠᠷᠢᠴᠠᠭ᠎ᠠ ᠶᠢ ᠰᠢᠨᠵᠢᠯᠡᠬᠦ ᠤᠬᠠᠭᠠᠨᠴᠢ ᠪᠠᠷ ᠡᠵᠡᠮᠳᠡᠬᠦ ᠪᠣᠯ | ᠪᠠᠰᠠ ᠴᠤ ᠮᠠᠨ ᠤ ᠤᠯᠤᠰ ᠤᠨ ᠡᠷᠲᠡᠨ ᠤ ᠤᠰᠤ ᠶᠢ ᠵᠠᠰᠠᠬᠤ ᠦᠢᠯᠡᠳᠦᠯᠭᠡ ᠳᠤ ᠠᠭᠤᠯᠤᠭᠳᠠᠵᠤ ᠪᠠᠶᠢᠭ᠎ᠠ | ᠨᠡᠶᠢᠲᠡᠯᠢᠭ ᠠᠮᠢ ᠠᠬᠤᠢ ᠶᠢᠨ ᠤᠶᠤᠨ ᠤᠬᠠᠭᠠᠨ ᠪᠣᠯᠤᠨ᠎ᠠ᠃ ᠡᠭᠦᠨ ᠤ ᠳᠣᠲᠣᠷ᠎ᠠ ᠶᠦᠨᠨᠠᠨ ᠤ ᠶᠤᠸᠠᠨ ᠶᠠᠩ ᠤᠨ | ᠱᠠᠲᠤᠨ ᠲᠠᠷᠢᠶ᠎ᠠ᠂ ᠭᠤᠸᠠᠩᠰᠢ ᠶᠢᠨ ᠯᠦᠩ ᠵᠢᠢ ᠱᠠᠲᠤᠨ ᠲᠠᠷᠢᠶ᠎ᠠ᠂ ᠬᠤᠨᠠᠨ ᠤ ᠽᠢ ᠴᠢᠤᠸᠢ ᠶᠢᠨ ᠱᠠᠲᠤᠨ ᠲᠠᠷᠢᠶ᠎ᠠ | ᠵᠡᠷᠭᠡ ᠡᠷᠲᠡᠨ ᠤ ᠱᠠᠲᠤᠨ ᠲᠠᠷᠢᠶᠠᠨ ᠤ ᠪᠦᠲᠦᠭᠡᠨ ᠪᠠᠶᠢᠭᠤᠯᠤᠯᠲᠠ ᠪᠣᠯ ᠡᠨᠡ ᠲᠠᠯ᠎ᠠ ᠶᠢᠨ ᠨᠡᠶᠢᠲᠡᠯᠢᠭ ᠲᠥᠯᠥᠭᠡᠯᠡᠭᠴᠢ | ᠪᠣᠯᠤᠨ᠎ᠠ᠃ ᠱᠠᠲᠤᠨ ᠲᠠᠷᠢᠶ᠎ᠠ ᠪᠣᠯ ᠤᠢ ᠰᠢᠭᠤᠶ᠂ ᠤᠰᠤᠨ ᠰᠢᠰᠲ᠋ᠧᠮ᠂ ᠲᠠᠷᠢᠶᠠᠨ ᠭᠠᠵᠠᠷ ᠤᠨ ᠬᠠᠮᠲᠤ ᠶᠢᠨ | ᠦᠢᠯᠡᠳᠦᠯ ᠦᠵᠡᠭᠦᠯᠦᠭᠰᠡᠨ ᠤ ᠦᠷ᠎ᠡ ᠳ᠋ᠦᠩ ᠮᠥᠨ᠂ ᠠᠭᠤᠯᠠᠨ ᠣᠷᠣᠢ ᠨᠢ ᠤᠰᠤᠨ ᠠᠭᠤᠷ ᠡᠯᠪᠡᠭ ᠪᠠᠶᠢᠵᠤ᠂ | ᠤᠢ ᠰᠢᠭᠤᠶ ᠶᠢ ᠰᠢᠮᠡᠵᠢᠭᠦᠯᠦᠨ ᠪᠤᠶᠢᠵᠢᠭᠤᠯᠵᠤ᠂ ᠤᠢ ᠰᠢᠭᠤᠶ ᠶᠢ ᠭᠠᠵᠠᠷ ᠰᠢᠷᠣᠶ ᠳᠤ ᠨᠡᠪᠴᠢᠭᠦᠯᠦᠨ | ᠭᠠᠳᠠᠭᠰᠢᠯᠠᠭᠤᠯᠵᠤ᠂ ᠭᠤᠤᠯ ᠭᠤᠷᠤᠬ᠎ᠠ ᠪᠠ ᠭᠠᠵᠠᠷ ᠳᠣᠤᠷᠠᠬᠢ ᠳᠠᠯᠳᠠ ᠣᠷᠣᠰᠬᠠᠯ ᠢ ᠪᠤᠢ ᠪᠣᠯᠭᠠᠵᠤ᠂ ᠠᠭᠤᠯᠠᠨ | ᠪᠡᠯ ᠳᠤ ᠱᠠᠲᠤ ᠳᠠᠷᠠᠭᠠᠯᠠᠨ ᠬᠠᠰᠢᠵᠤ᠂ ᠱᠠᠲᠤᠨ ᠲᠠᠷᠢᠶ᠎ᠠ ᠶᠢ ᠬᠠᠩᠭᠠᠵᠤ ᠥᠭᠪᠡ᠃ ᠰᠠᠶᠢᠨ ᠰᠠᠶᠢᠬᠠᠨ ᠱᠠᠲᠤᠨ | ᠲᠠᠷᠢᠶᠠᠨ ᠤ ᠰᠢᠰᠲ᠋ᠧᠮ ᠪᠣᠯ ᠡᠷᠲᠡᠨ ᠤ ᠬᠥᠳᠡᠯᠮᠦᠷᠢᠴᠢᠳ ᠠᠭᠤᠯᠠ ᠤᠰᠤ ᠤᠢ ᠮᠣᠳᠣ ᠭᠠᠵᠠᠷ ᠲᠠᠷᠢᠶᠠᠨ ᠤ | ᠪᠠᠶᠢᠭᠠᠯᠢ ᠶᠢᠨ ᠡᠯᠧᠮᠧᠨ᠋ᠲ ᠢ ᠨᠢᠭᠡᠳᠦᠯᠲᠡᠢ ᠲᠥᠯᠥᠪᠵᠢᠭᠦᠯᠦᠨ ᠲᠠᠷᠢᠶᠠᠯᠠᠩ ᠤᠨ ᠦᠢᠯᠡᠳᠪᠦᠷᠢᠯᠡᠯ ᠢ ᠠᠬᠢᠭᠤᠯᠬᠤ ᠠᠮᠢ | ᠠᠬᠤᠢ ᠶᠢᠨ ᠤᠶᠤᠨ ᠤᠬᠠᠭᠠᠨ ᠢ ᠬᠠᠷᠠᠭᠤᠯᠵᠤ ᠪᠠᠶᠢᠨ᠎ᠠ᠃ ᠮᠠᠨ ᠤ ᠤᠯᠤᠰ ᠤᠨ ᠡᠷᠲᠡᠨ ᠤ ᠱᠠᠳᠤᠨ ᠲᠠᠷᠢᠶᠠᠨ ᠤ | ᠪᠦᠲᠦᠭᠡᠨ ᠪᠠᠶᠢᠭᠤᠯᠤᠯᠲᠠ ᠶᠢᠨ ᠦᠢᠯᠡᠳᠦᠯᠭᠡ ᠭᠡᠷᠡᠴᠢᠯᠡᠭᠰᠡᠨ ᠨᠢ᠂ ᠵᠢᠮ᠎ᠡ ᠶᠣᠰᠤ ᠶᠢ ᠡᠵᠡᠮᠰᠢᠵᠦ᠂ ᠠᠷᠭ᠎ᠠ | ᠠᠪᠴᠠᠯ ᠨᠢ ᠲᠣᠬᠢᠷᠠᠮᠵᠢᠲᠠᠢ ᠯᠠ ᠶᠤᠮ ᠪᠣᠯ ᠳᠠᠷᠤᠢ ᠬᠥᠮᠥᠨ ᠤᠰᠤᠨ ᠤ ᠡᠶ᠎ᠡ ᠵᠣᠬᠢᠴᠠᠯ ᠢ ᠪᠡᠶᠡᠯᠡᠭᠦᠯᠵᠦ᠂ ᠲᠡᠭᠷᠢ | ᠬᠥᠮᠥᠨ ᠬᠠᠷᠢᠯᠴᠠᠨ ᠠᠰᠢᠭᠲᠠᠢ ᠪᠠᠶᠢᠬᠤ ᠶᠢ ᠪᠡᠶᠡᠯᠡᠭᠦᠯᠵᠦ ᠴᠢᠳᠠᠨ᠎ᠠ ᠭᠡᠵᠦ ᠴᠢᠬᠤᠯᠠᠴᠢᠯᠠᠵᠠᠢ᠃ | ᠡᠭᠦᠨ ᠠᠴᠠ ᠭᠠᠳᠠᠨ᠎ᠠ᠂ ᠬᠥᠮᠦᠨ ᠤ ᠪᠡᠶᠡᠴᠢ ᠴᠢᠳᠠᠮᠠᠭᠠᠶ ᠴᠢᠨᠠᠷ ᠢ ᠪᠠᠳᠠᠷᠠᠭᠤᠯᠬᠤ ᠶᠢ ᠴᠢᠬᠤᠯᠠᠴᠢᠯᠠᠵᠤ᠂ | ᠤᠰᠤᠨ ᠠᠰᠢᠭᠯᠠᠯᠲᠠ ᠶᠢᠨ ᠪᠦᠲᠦᠭᠡᠨ ᠪᠠᠶᠢᠭᠤᠯᠤᠯᠲᠠ ᠪᠠᠷ ᠠᠮᠢ ᠠᠬᠤᠶ ᠶᠢᠨ ᠰᠢᠰᠲ᠋ᠧᠮ ᠢ ᠵᠣᠬᠢᠴᠠᠭᠤᠯᠤᠨ | ᠬᠠᠮᠠᠭᠠᠯᠠᠬᠤ ᠪᠣᠯ ᠪᠠᠰᠠ ᠴᠤ ᠮᠠᠨ ᠤ ᠤᠯᠤᠰ ᠤᠨ ᠡᠷᠲᠡᠨ ᠤ ᠤᠰᠤ ᠶᠢ ᠵᠠᠰᠠᠬᠤ ᠦᠢᠯᠡᠳᠦᠯᠭᠡ ᠳᠤ ᠠᠭᠤᠯᠤᠭᠳᠠᠵᠤ | ᠪᠠᠶᠢᠭ᠎ᠠ ᠠᠮᠢ ᠠᠬᠤᠶ ᠶᠢᠨ ᠴᠢᠬᠤᠯᠠ ᠣᠶᠤᠨ ᠤᠬᠠᠭᠠᠨ ᠪᠣᠯᠤᠨ᠎ᠠ᠃ ᠠᠵᠤ ᠠᠬᠤᠢ ᠶᠢᠨ ᠬᠦᠭᠵᠢᠯᠲᠠ ᠨᠢ ᠡᠬᠢ | ᠪᠠᠶᠠᠯᠢᠭ ᠪᠤᠯᠤᠨ ᠠᠮᠢ ᠠᠬᠤᠢ ᠶᠢᠨ ᠤᠷᠴᠢᠨ ᠲᠤᠭᠤᠷᠢᠨ ᠢ ᠰᠢᠪᠬᠠᠵᠤ ᠪᠠᠶᠢᠭ᠎ᠠ ᠶᠠᠪᠤᠳᠠᠯ ᠪᠢᠰᠢ᠂ ᠠᠮᠢ ᠠᠬᠤᠢ ᠶᠢᠨ | ᠤᠷᠴᠢᠨ ᠲᠤᠭᠤᠷᠢᠨ ᠤ ᠬᠠᠮᠠᠭᠠᠯᠠᠯᠲᠠ ᠨᠢ ᠴᠦ ᠠᠵᠤ ᠠᠬᠤᠢ ᠶᠢᠨ ᠬᠦᠭᠵᠢᠯᠲᠠ ᠪᠠᠨ ᠮᠤᠳᠤᠨ ᠳᠤ ᠠᠪᠠᠷᠢᠵᠤ | ᠵᠢᠭᠠᠰᠦ ᠡᠷᠢᠵᠦ ᠪᠤᠯᠬᠤ ᠦᠭᠡᠢ ᠭᠡᠵᠦ ᠴᠢᠬᠤᠯᠠᠴᠢᠯᠠᠪᠠ᠃ ᠤᠰᠤ ᠵᠠᠰᠠᠬᠤ ᠵᠣᠷᠢᠯᠭ᠎ᠠ ᠨᠢ ᠬᠥᠮᠦᠨ ᠤ | ᠬᠥᠭᠵᠢᠯᠲᠡ ᠶᠢᠨ ᠬᠡᠷᠡᠭᠴᠡᠭᠡ ᠶᠢ ᠬᠠᠩᠭᠠᠬᠤ ᠶᠢᠨ ᠲᠥᠯᠥᠭᠡ ᠶᠤᠮ᠂ ᠬᠠᠷᠢᠨ ᠭᠠᠮᠰᠢᠭ ᠠᠴᠠ ᠠᠪᠤᠷᠠᠬᠤ ᠳᠤ ᠯᠠ | ᠬᠢᠵᠠᠭᠠᠷᠯᠠᠭᠳᠠᠬᠤ ᠪᠢᠰᠢ᠃ ᠣᠶᠢᠯᠠᠭᠠᠭᠳᠠᠬᠤᠨ ᠨᠢ ᠰᠢᠨᠵᠢᠯᠡᠬᠦ ᠤᠬᠠᠭᠠᠨᠴᠢ᠂ ᠠᠷᠭ᠎ᠠ ᠨᠢ ᠲᠣᠬᠢᠷᠠᠮᠵᠢᠲᠠᠢ ᠯᠠ ᠶᠤᠮ | ᠪᠣᠯ ᠤᠰᠤᠨ ᠠᠰᠢᠭᠯᠠᠯᠲᠠ ᠶᠢᠨ ᠪᠦᠲᠦᠭᠡᠨ ᠪᠠᠶᠢᠭᠤᠯᠤᠯᠲᠠ ᠳᠤ ᠲᠣᠬᠢᠷᠠᠭᠤᠯᠤᠯᠲᠠ ᠬᠢᠬᠦ᠂ ᠪᠠᠶᠢᠭᠠᠯᠢ ᠶᠢᠨ ᠠᠮᠢ | ᠠᠬᠤᠢ ᠶᠢᠨ ᠰᠢᠰᠲ᠋ᠧᠮ ᠤᠨ ᠴᠢᠳᠠᠮᠵᠢ ᠶᠢ ᠰᠠᠶᠢᠵᠢᠷᠠᠭᠤᠯᠤᠨ ᠰᠢᠯᠢᠳᠡᠭᠵᠢᠭᠦᠯᠵᠤ ᠪᠣᠯᠣᠨ᠎ᠠ᠃ ᠡᠨᠡ ᠲᠠᠯ᠎ᠠ ᠪᠠᠷ᠂ | ᠮᠠᠨ ᠤ ᠤᠯᠤᠰ ᠤᠨ ᠡᠷᠲᠡᠨ ᠤ ᠦᠶ᠎ᠡ ᠶᠢᠨ ᠤᠰᠤ ᠵᠠᠰᠠᠬᠤ ᠦᠢᠯᠡᠳᠦᠯᠭᠡ ᠶᠢᠨ ᠳᠤᠮᠳᠠ ᠪᠠᠰᠠ ᠴᠥᠭᠡᠨ ᠪᠤᠰᠤ | ᠠᠮᠢᠳᠤᠯᠢᠭ ᠬᠡᠷᠡᠭ ᠤᠨ ᠵᠢᠱᠢᠶ᠎ᠡ ᠪᠤᠢ᠂ ᠵᠦᠵᠢᠶᠠᠩ ᠮᠥᠷᠡᠨ ᠤ ᠭᠤᠷᠪᠠᠯᠵᠢᠨ ᠬᠤᠶᠢᠭ ᠤᠨ ᠭᠠᠵᠠᠷ ᠣᠷᠣᠨ ᠤ ︽ | ᠢᠯᠠᠮ᠎ᠠ ᠶᠢᠨ ᠵᠢᠭᠠᠰᠤᠨ ᠴᠥᠭᠦᠷᠥᠮ︾ ᠪᠣᠯ ᠳᠠᠷᠤᠢ ᠲᠡᠭᠦᠨ ᠤ ᠳᠣᠲᠣᠷᠠᠬᠢ ᠨᠡᠶᠢᠲᠡᠯᠢᠭ ᠲᠥᠯᠥᠭᠡᠯᠡᠭᠴᠢ ᠪᠣᠯᠣᠨ᠎ᠠ᠃ | ᠵᠦᠵᠢᠶᠠᠩ ᠮᠥᠷᠡᠨ ᠤ ᠭᠤᠷᠪᠠᠯᠵᠢᠨ ᠬᠤᠶᠢᠭ ᠤᠨ ᠭᠠᠵᠠᠷ ᠣᠷᠣᠨ ᠨᠢ ᠲᠡᠦᠬᠡᠨ ᠳᠡᠭᠡᠷ᠎ᠡ ᠭᠠᠵᠠᠷ ᠤᠨ ᠪᠠᠶᠢᠴᠠ ᠨᠢ | ᠨᠠᠮ ᠳᠣᠣᠷ᠎ᠠ ᠪᠠᠶᠢᠳᠠᠭ ᠠᠴᠠ ᠤᠰᠤ ᠨᠢ ᠵᠠᠯᠭᠠᠭ᠎ᠠ ᠪᠠᠷ ᠦᠷᠭᠦᠯᠵᠢᠯᠡᠵᠦ᠂ ᠵᠢᠯ ᠲᠤᠷᠰᠢ ᠦᠶᠡᠷ ᠤᠰᠤᠲᠤᠯ | ᠲᠠᠰᠤᠷᠠᠭ᠎ᠠ ᠦᠭᠡᠢ ᠦᠷᠭᠦᠯᠵᠢᠯᠡᠵᠦ ᠪᠠᠶᠢᠪᠠ᠃ ᠲᠠᠷᠬᠠᠯᠲᠠ ᠶᠢᠨ ᠠᠶᠤᠯ ᠢ ᠬᠠᠰᠢᠷᠠᠲᠠᠯ᠎ᠠ ᠠᠮᠰᠠᠭᠰᠠᠨ ᠲᠤᠬᠠᠢ ᠶᠢᠨ | ᠭᠠᠵᠠᠷ ᠤᠨ ᠡᠪᠦᠭᠡ ᠳᠡᠭᠡᠳᠦᠰ ᠪᠡᠶᠡᠴᠢ ᠴᠢᠳᠠᠮᠠᠭᠠᠢ ᠴᠢᠨᠠᠷ ᠢᠶᠠᠨ ᠭᠦᠢᠴᠡᠳ ᠪᠠᠳᠠᠷᠠᠭᠤᠯᠤᠨ᠂ ᠵᠠᠷᠢᠮ ᠬᠤᠲᠣᠭᠤᠷ | ᠭᠠᠵᠠᠷ ᠲᠤ ᠨᠠᠭᠤᠷ ᠮᠠᠯᠲᠠᠵᠤ᠂ ᠮᠠᠯᠲᠠᠵᠤ ᠭᠠᠷᠭᠠᠭᠰᠠᠨ ᠰᠢᠪᠠᠷ ᠢᠶᠠᠨ ᠭᠠᠵᠠᠷ ᠤᠨ ᠭᠠᠳᠠᠷᠭᠤ ᠶᠢ ᠳᠦᠭᠦᠷᠭᠡᠨ | ᠰᠠᠭᠤᠷᠢ ᠪᠣᠯᠭᠠᠵᠤ᠂ ᠰᠠᠭᠤᠷᠢ ᠳᠡᠭᠡᠷ᠎ᠡ ᠢᠯᠠᠮ᠎ᠠ ᠲᠠᠷᠢᠵᠦ᠂ ᠨᠠᠭᠤᠷ ᠳᠣᠲᠣᠷ᠎ᠠ ᠵᠢᠭᠠᠰᠤ ᠲᠡᠵᠢᠭᠡᠵᠦ᠂ ᠢᠯᠠᠮ᠎ᠠ ᠶᠢᠨ | ᠨᠠᠪᠴᠢ ᠪᠠᠷ ᠬᠦᠷᠢ ᠪᠣᠶᠢᠵᠢᠭᠤᠯᠵᠤ᠂ ᠬᠦᠷᠢ ᠶᠢᠨ ᠡᠯᠡᠰᠦ ᠪᠠᠷ ᠵᠢᠭᠠᠰᠤ ᠲᠡᠵᠢᠭᠡᠵᠦ᠂ ᠨᠠᠭᠤᠷ ᠤᠨ ᠰᠢᠪᠠᠷ ᠢᠶᠠᠷ | ᠢᠯᠠᠮ᠎ᠠ ᠶᠢ ᠪᠣᠷᠳᠣᠵᠤ᠂ ᠠᠭᠠᠵᠢᠮ ᠢᠶᠠᠷ ᠬᠤᠲᠣᠭᠤᠷ ᠭᠠᠵᠠᠷ ᠢ ᠥᠭᠡᠷᠡᠴᠢᠯᠡᠭᠡᠳ ᠨᠠᠷᠠᠲᠠᠢ ᠢᠯᠠᠮ᠎ᠠ ᠶᠢᠨ ᠰᠠᠭᠤᠷᠢ | ᠵᠢᠭᠠᠰᠤᠨ ᠴᠥᠭᠦᠷᠥᠮ ᠪᠣᠯᠭᠠᠪᠠ᠃ ᠡᠨᠡ ᠬᠦ ᠠᠷᠭ᠎ᠠ ᠮᠠᠶ᠋ᠢᠭ ᠨᠢ ᠤᠰᠤᠲᠤᠯ ᠢ ᠠᠷᠢᠯᠭᠠᠬᠤ᠂ ᠤᠰᠤᠨ ᠤ ᠴᠢᠨᠠᠷ ᠢ | ᠠᠶᠠᠨᠳᠠᠭᠠᠨ ᠴᠡᠪᠡᠷᠰᠢᠭᠦᠯᠬᠦ᠂ ᠠᠮᠢ ᠠᠬᠤᠶ ᠶᠢᠨ ᠰᠢᠰᠲ᠋ᠧᠮ ᠢ ᠲᠣᠬᠢᠷᠠᠭᠤᠯᠬᠤ ᠵᠡᠷᠭᠡ ᠶᠢ ᠤᠶᠠᠯᠳᠤᠭᠤᠯᠵᠤ᠂ | ᠤᠰᠤ ᠶᠢ ᠵᠠᠰᠠᠬᠤ ᠠᠷᠭ᠎ᠠ ᠬᠡᠮᠵᠢᠶ᠎ᠡ ᠶᠢ ᠠᠮᠢ ᠠᠬᠤᠶ ᠶᠢᠨ ᠰᠢᠰᠲ᠋ᠧᠮ ᠳᠤ ᠣᠷᠭᠠᠨᠢᠭ ᠢᠶᠠᠷ ᠠᠭᠤᠰᠤᠯᠴᠠᠭᠤᠯᠵᠤ᠂ | ᠦᠢᠯᠡᠳᠪᠦᠷᠢᠯᠡᠯ ᠠᠮᠢᠳᠤᠷᠠᠯ ᠳᠤ ᠠᠭᠤᠰᠤᠯᠴᠠᠭᠤᠯᠵᠤ᠂ ᠪᠠᠶᠢᠭᠠᠯᠢ ᠶᠢ ᠠᠰᠢᠭᠯᠠᠬᠤ ᠪᠠ ᠠᠮᠢ ᠠᠬᠤᠶ ᠶᠢ | ᠵᠣᠬᠢᠴᠠᠭᠤᠯᠤᠨ ᠬᠠᠮᠠᠭᠠᠯᠠᠬᠤ ᠶᠢ ᠣᠷᠭᠠᠨᠢᠭ ᠢᠶᠠᠷ ᠤᠶᠠᠯᠳᠤᠭᠤᠯᠵᠤ᠂ ᠲᠤᠬᠠᠶ ᠶᠢᠨ ᠭᠠᠵᠠᠷ ᠤᠨ ᠠᠵᠤ ᠠᠬᠤᠶ | ᠨᠡᠶᠢᠭᠡᠮ ᠤᠨ ᠬᠥᠭᠵᠢᠯᠲᠡ ᠶᠢ ᠪᠦᠲᠦᠮᠵᠢᠲᠡᠶ ᠠᠬᠢᠭᠤᠯᠪᠠ᠃ | |