ᠬᠡᠯᠬᠢᠶᠡᠰᠦᠨ ᠨᠣᠮᠧᠷ᠄ 000014348/2024 — 04710 | ᠭᠤᠣᠯ ᠰᠡᠳᠦᠪ ᠤᠨ ᠠᠩᠭᠢᠯᠠᠯ᠄ ᠤᠰᠤᠨ ᠠᠰᠢᠭᠯᠠᠯᠲᠠ | ᠨᠡᠶᠢᠲᠡᠯᠡᠭᠰᠡᠨ ᠪᠠᠶᠢᠭᠤᠯᠤᠮᠵᠢ᠄ ᠥᠪᠡᠷᠲᠡᠭᠡᠨ ᠵᠠᠰᠠᠬᠤ ᠣᠷᠣᠨ ᠤ ᠤᠰᠤᠨ ᠠᠰᠢᠭᠯᠠᠯᠲᠠ ᠶᠢᠨ ᠲᠢᠩᠬᠢᠮ | ᠪᠢᠴᠢᠭ ᠤᠨ ᠳ᠋ᠤᠭᠠᠷ᠄ ᠦᠪᠦᠷ ᠤᠰᠤᠨ ᠬᠠᠮᠠᠭᠠᠯᠠᠬᠤ ᠵᠦᠪᠰᠢᠶᠡᠷᠡᠯ ᠲᠤᠭᠲᠠᠭᠠᠯ ﹇2024﹈ 48 ᠳ᠋ᠤᠭᠠᠷ | ᠲᠣᠭᠠᠲᠤ | ᠪᠢᠴᠢᠭᠳᠡᠭᠰᠡᠨ ᠡᠳᠦᠷ ᠬᠤᠭᠤᠴᠠᠭ᠎ᠠ᠄ 2024 ᠣᠨ ᠤ 8 ᠳ᠋ᠤᠭᠠᠷ ᠰᠠᠷ᠎ᠠ ᠶᠢᠨ 11 ᠤ ᠡᠳᠦᠷ | ᠠᠯᠪᠠᠨ ᠪᠢᠴᠢᠭ ᠤᠨ ᠬᠦᠴᠦᠨ ᠲᠠᠢ ᠬᠤᠭᠤᠴᠠᠭ᠎ᠠ᠄ ᠬᠦᠴᠦᠨ ᠲᠠᠢ | | ᠥᠪᠥᠷ ᠮᠣᠩᠭᠤᠯ ᠤᠨ ᠴᠠᠬᠢᠯᠭᠠᠨ ᠬᠦᠴᠦᠨ ︵ᠪᠦᠯᠦᠭᠯᠡᠯ︶ ᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠶᠢᠨ | ᠠᠯᠠᠱᠠ ᠶᠢᠨ ᠴᠠᠬᠢᠯᠭᠠᠨ ᠬᠠᠩᠭᠠᠬᠤ ᠬᠤᠪᠢᠶᠠᠷᠢ ᠺᠣᠮᠫᠠᠨᠢ᠄ | ᠮᠠᠨ ᠤ ᠲᠢᠩᠬᠢᠮ ᠨᠢ 2024 ᠣᠨ ᠤ 5 ᠳ᠋ᠤᠭᠠᠷ ᠰᠠᠷ᠎ᠠ ᠶᠢᠨ 27 ᠤ ᠡᠳᠦᠷ ᠲᠠᠨ ᠤ ᠺᠣᠮᠫᠠᠨᠢ ᠶᠢᠨ | ᠳᠤᠷᠠᠳᠤᠭᠰᠠᠨ ᠥᠪᠥᠷ ᠮᠣᠩᠭᠤᠯ ᠤᠨ ᠠᠯᠠᠱᠠ ᠳᠡᠭᠡᠳᠦ ᠰᠢᠨ᠎ᠡ ᠮᠡᠷᠭᠡᠵᠢᠯ ᠤᠨ ᠠᠵᠤ ᠦᠢᠯᠡᠰ ᠤᠨ ᠨᠡᠭᠡᠭᠡᠯᠲᠡ ᠶᠢᠨ | ᠣᠷᠣᠨ ᠤ 100 ᠲᠦᠮᠡᠨ ᠺᠢᠯᠣᠸᠠᠲ ᠤᠨ ᠬᠡᠷᠡᠯ ᠴᠡᠨᠡᠭ ᠤᠨ ᠲᠦᠰᠦᠯ ᠤᠨ 220 ᠺᠢᠯᠣᠸᠠᠲ ᠤᠨ ᠲᠣᠤᠷ ᠵᠠᠯᠭᠠᠬᠤ | ᠢᠨᠵᠧᠨᠧᠷᠢᠩ ᠤᠨ ᠤᠰᠤ ᠰᠢᠷᠣᠶ ᠶᠢ ᠬᠠᠮᠠᠭᠠᠯᠠᠬᠤ ᠲᠥᠰᠦᠯ ᠤᠨ ᠮᠡᠳᠡᠭᠦᠯᠦᠯᠲᠡ ᠶᠢᠨ ᠪᠢᠴᠢᠭ ᠢ ᠭᠥᠯᠢᠶᠡᠨ ᠠᠪᠴᠤ | ᠰᠢᠢᠳᠪᠦᠷᠢᠯᠡᠨ᠎ᠡ᠃ ᠬᠢᠨᠠᠨ ᠪᠠᠶᠢᠴᠠᠭᠠᠭᠠᠳ᠂ ᠲᠤᠰ ᠭᠤᠶᠤᠴᠢᠯᠠᠯ ᠨᠢ ᠬᠠᠤᠯᠢ ᠪᠠᠷ ᠲᠣᠭᠲᠠᠭᠠᠭᠰᠠᠨ ᠨᠥᠬᠦᠴᠡᠯ ᠳᠤ | ᠨᠡᠶᠢᠴᠡᠵᠦ᠂ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠠᠰᠠᠭ ᠵᠠᠬᠢᠷᠭᠠᠨ ᠤ ᠵᠥᠪᠰᠢᠶᠡᠷᠡᠯ ᠤᠨ | ᠬᠠᠤᠯᠢ︾ ᠶᠢᠨ ᠭᠤᠴᠢᠨ ᠨᠠᠢᠮᠠᠳᠤᠭᠠᠷ ᠵᠦᠢᠯ ᠤᠨ ᠨᠢᠭᠡᠳᠦᠭᠡᠷ ᠵᠤᠷᠪᠤᠰ᠂ ︽ᠤᠰᠤᠨ ᠤ ᠵᠠᠰᠠᠭ ᠵᠠᠬᠢᠷᠭᠠᠨ ᠤ | ᠵᠥᠪᠰᠢᠶᠡᠷᠡᠯ ᠤᠨ ᠬᠡᠷᠡᠭᠵᠢᠭᠦᠯᠬᠦ ᠠᠷᠭ᠎ᠠ︾ ᠶᠢᠨ ᠭᠤᠴᠢᠨ ᠬᠤᠶᠠᠳᠤᠭᠠᠷ ᠵᠦᠢᠯ ᠤᠨ ᠨᠢᠭᠡᠳᠦᠭᠡᠷ ᠵᠤᠷᠪᠤᠰ ᠢ | ᠦᠨᠳᠦᠰᠦᠯᠡᠨ᠂ ᠵᠠᠰᠠᠭ ᠵᠠᠬᠢᠷᠭᠠᠨ ᠤ ᠵᠥᠪᠰᠢᠶᠡᠷᠡᠯ ᠣᠯᠭᠤᠬᠤ ᠶᠢ ᠵᠥᠪᠰᠢᠶᠡᠷᠡᠬᠦ ᠪᠠᠷ ᠲᠣᠭᠲᠠᠪᠠ᠃ | ᠥᠪᠥᠷ ᠮᠣᠩᠭᠤᠯ ᠤᠨ ᠠᠯᠠᠱᠠ ᠶᠢᠨ ᠳᠡᠭᠡᠳᠦ ᠰᠢᠨ᠎ᠡ ᠮᠡᠷᠭᠡᠵᠢᠯ ᠤᠨ ᠠᠵᠤ ᠦᠢᠯᠡᠰ ᠤᠨ ᠨᠡᠭᠡᠭᠡᠯᠲᠡ ᠶᠢᠨ | ᠣᠷᠣᠨ ᠤ 100 ᠲᠦᠮᠡᠨ ᠺᠢᠯᠣᠸᠠᠲ ᠤᠨ ᠬᠡᠷᠡᠯ ᠴᠡᠨᠡᠭ ᠤᠨ ᠲᠦᠰᠦᠯ ᠤᠨ ᠢᠵᠢ ᠪᠥᠷᠢᠳᠦᠭᠦᠯᠬᠦ 220 | ᠺᠢᠯᠣᠸᠠᠲ ᠤᠨ ᠲᠣᠤᠷ ᠵᠠᠯᠭᠠᠬᠤ ᠢᠨᠵᠧᠨᠧᠷᠢᠩ ᠨᠢ ᠠᠯᠠᠱᠠ ᠠᠶᠢᠮᠠᠭ ᠤᠨ ᠠᠯᠠᠱᠠ ᠵᠡᠭᠦᠨ ᠬᠤᠰᠢᠭᠤ ᠪᠠ ᠦᠬᠠᠶ | ᠬᠤᠲᠠ ᠶᠢᠨ ᠤᠳᠠ ᠲᠣᠭᠤᠷᠢᠭ ᠤᠨ ᠬᠢᠯᠢ ᠳᠣᠲᠣᠷ᠎ᠠ ᠪᠠᠶᠢᠷᠢᠯᠠᠵᠤ᠂ ᠢᠨᠵᠧᠨᠧᠷᠢᠩ ᠤᠨ ᠰᠢᠨ᠎ᠡ ᠪᠠᠷ ᠪᠠᠶᠢᠭᠤᠯᠤᠭᠰᠠᠨ | ᠴᠠᠬᠢᠯᠭᠠᠨ ᠬᠦᠷᠭᠡᠬᠦ ᠱᠤᠭᠤᠮ 40.3 ᠺᠢᠯᠤᠮᠧᠲᠷ ᠪᠠᠶᠢᠵᠤ᠂ ᠬᠦᠴᠦᠳᠡᠯ ᠥᠭᠡᠷᠡᠴᠢᠯᠡᠬᠦ ᠥᠷᠲᠡᠭᠡ ᠶᠢᠨ ᠵᠠᠮ ᠠᠴᠠ | 1 ᠶᠢ ᠥᠷᠭᠡᠳᠬᠡᠨ ᠪᠠᠶᠢᠭᠤᠯᠤᠨ᠎ᠠ᠃ ᠢᠨᠵᠧᠨᠧᠷᠢᠩ ᠤᠨ ᠶᠡᠷᠦᠩᠭᠡᠢ ᠳᠠᠳᠠᠪᠤᠷᠢᠯᠠᠭᠰᠠᠨ ᠳᠠᠯᠠᠪᠠᠢ ᠨᠢ 21.04 | ᠾᠧᠺᠲ᠋ᠠᠷ᠂ ᠬᠦᠳᠡᠯᠦᠩᠬᠦᠢ ᠰᠢᠷᠣᠢ ᠶᠢᠨ ᠶᠡᠷᠦᠩᠬᠡᠢ ᠬᠡᠮᠵᠢᠶ᠎ᠡ ᠨᠢ 7.66 ᠲᠦᠮᠡᠨ ᠪᠤᠰᠤᠭ᠎ᠠ ᠲᠦᠷᠪᠡᠯᠵᠢᠨ ᠮᠧᠲᠷ᠂ | ᠶᠡᠷᠦᠩᠭᠡᠢ ᠪᠡᠯᠡ ᠤᠷᠤᠭᠤᠯᠤᠯᠳᠠ ᠨᠢ 16232 ᠲᠦᠮᠡᠨ ᠲᠦᠭᠦᠷᠢᠭ᠃ ᠢᠨᠵᠧᠨᠧᠷᠢᠩ ᠨᠢ 2024 ᠣᠨ ᠤ 7 | ᠳ᠋ᠤᠭᠠᠷ ᠰᠠᠷ᠎ᠠ ᠳᠤ ᠠᠵᠢᠯ ᠢᠶᠠᠨ ᠡᠬᠢᠯᠡᠭᠦᠯᠵᠦ᠂ 2024 ᠣᠨ ᠤ 12 ᠳ᠋ᠤᠭᠠᠷ ᠰᠠᠷ᠎ᠠ ᠳᠤ ᠠᠵᠢᠯ ᠢᠶᠠᠨ | ᠳᠠᠭᠤᠰᠬᠠᠵᠤ᠂ ᠶᠡᠷᠦᠩᠬᠡᠶ ᠢᠨᠵᠧᠨᠧᠷᠢᠩ ᠤᠨ ᠬᠤᠭᠤᠴᠠᠭ᠎ᠠ ᠨᠢ 6 ᠰᠠᠷ᠎ᠠ ᠪᠣᠯᠤᠨ᠎ᠠ᠃ | ᠨᠢᠭᠡ᠂ ᠤᠰᠤ ᠰᠢᠷᠣᠶ ᠶᠢ ᠬᠠᠮᠠᠭᠠᠯᠠᠬᠤ ᠲᠥᠰᠦᠯ ᠤᠨ ᠶᠡᠷᠦᠩᠬᠡᠶ ᠰᠠᠨᠠᠯ | ︵ᠨᠢᠭᠡ︶ ᠪᠦᠲᠦᠭᠡᠨ ᠪᠠᠶᠢᠭᠤᠯᠬᠤ ᠬᠤᠭᠤᠴᠠᠭᠠᠨ ᠳᠠᠬᠢ ᠤᠰᠤ ᠰᠢᠷᠣᠶ ᠶᠢᠨ ᠢᠳᠡᠭᠳᠡᠯ ᠢ ᠰᠡᠷᠭᠡᠶᠢᠯᠡᠨ | ᠵᠠᠰᠠᠬᠤ ᠬᠠᠷᠢᠭᠤᠴᠠᠯᠭ᠎ᠠ ᠶᠢᠨ ᠬᠡᠪᠴᠢᠶ᠎ᠡ ᠨᠢ 21.04 ᠾᠧᠺᠲ᠋ᠠᠷ ᠪᠣᠯᠤᠨ᠎ᠠ᠃ | ︵ᠬᠤᠶᠠᠷ︶ ᠤᠰᠤ ᠰᠢᠷᠤᠢ ᠶᠢᠨ ᠢᠳᠡᠭᠳᠡᠯ ᠢ ᠰᠡᠷᠭᠡᠶᠢᠯᠡᠨ ᠵᠠᠰᠠᠬᠤ ᠠᠵᠢᠯ ᠳᠤ ᠪᠠᠷᠠᠭᠤᠨ ᠬᠤᠶᠢᠲᠦ ᠶᠢᠨ | ᠰᠢᠷ᠎ᠠ ᠬᠥᠷᠥᠰᠥᠲᠦ ᠥᠨᠳᠦᠷᠯᠢᠭ ᠤᠨ ᠣᠷᠣᠨ ᠤ ᠨᠢᠭᠡᠳᠦᠭᠡᠷ ᠳᠡᠰ ᠤᠨ ᠪᠠᠷᠢᠮᠵᠢᠶ᠎ᠠ ᠶᠢ ᠬᠡᠷᠡᠭᠵᠢᠭᠦᠯᠬᠦ ᠶᠢ | ᠵᠦᠪᠰᠢᠶᠡᠷᠡᠨ᠎ᠡ᠃ | ︵ᠭᠤᠷᠪᠠ︶ ᠦᠨᠳᠦᠰᠦᠨ ᠳᠡᠭᠡᠨ ᠵᠥᠪᠰᠢᠶᠡᠷᠡᠭᠰᠡᠨ ᠤᠰᠤ ᠰᠢᠷᠣᠶ ᠶᠢᠨ ᠢᠳᠡᠭᠳᠡᠯ ᠢ ᠰᠡᠷᠭᠡᠶᠢᠯᠡᠨ ᠵᠠᠰᠠᠬᠤ | ᠬᠠᠷᠠᠯᠲᠠ ᠪᠣᠯ᠄ ᠤᠰᠤ ᠰᠢᠷᠣᠶ ᠶᠢᠨ ᠢᠳᠡᠭᠳᠡᠯ ᠢ ᠵᠠᠰᠠᠬᠤ ᠬᠡᠮᠵᠢᠶ᠎ᠡ 88%᠂ ᠤᠰᠤ ᠰᠢᠷᠣᠶ ᠶᠢᠨ ᠢᠳᠡᠭᠳᠡᠯ ᠢ | ᠬᠢᠵᠠᠭᠠᠷᠯᠠᠬᠤ ᠨᠣᠷᠮ᠎ᠠ 0.7%᠂ ᠬᠤᠭ ᠰᠢᠷᠣᠶ ᠶᠢᠨ ᠰᠡᠷᠭᠡᠶᠢᠯᠡᠨ ᠬᠠᠮᠠᠭᠠᠯᠠᠬᠤ ᠨᠣᠷᠮ᠎ᠠ 89%᠂ ᠤᠰᠤ | ᠰᠢᠷᠣᠶ ᠶᠢᠨ ᠬᠠᠮᠠᠭᠠᠯᠠᠯᠲᠠ ᠶᠢᠨ ᠨᠣᠷᠮ᠎ᠠ 90% ᠪᠠᠶᠢᠵᠤ᠂ ᠣᠶ ᠰᠢᠭᠤᠶ ᠡᠪᠡᠰᠦ ᠪᠡᠯᠴᠢᠭᠡᠷ ᠤᠨ ᠤᠷᠭᠤᠮᠠᠯ ᠤᠨ | ᠬᠤᠴᠢᠯᠭ᠎ᠠ ᠶᠢ ᠰᠡᠷᠭᠦᠭᠡᠬᠦ ᠨᠣᠷᠮ᠎ᠠ 92%᠂ ᠣᠶ ᠰᠢᠭᠤᠶ ᠡᠪᠡᠰᠦ ᠶᠢᠨ ᠪᠦᠷᠬᠦᠴᠡ ᠶᠢᠨ ᠨᠣᠷᠮ᠎ᠠ 15% | ᠪᠣᠯᠤᠨ᠎ᠠ᠃ | ︵ᠲᠦᠷᠪᠡ︶ ᠤᠰᠤ ᠰᠢᠷᠣᠶ ᠶᠢᠨ ᠢᠳᠡᠭᠳᠡᠯ ᠢ ᠰᠡᠷᠭᠡᠶᠢᠯᠡᠨ ᠵᠠᠰᠠᠬᠤ ᠣᠷᠣᠨ ᠲᠣᠭᠤᠷᠢᠭ ᠵᠢᠴᠢ ᠣᠷᠣᠨ | ᠬᠤᠪᠢᠶᠠᠨ ᠰᠡᠷᠭᠡᠶᠢᠯᠡᠨ ᠵᠠᠰᠠᠬᠤ ᠠᠷᠭ᠎ᠠ ᠬᠡᠮᠵᠢᠶ᠎ᠡ ᠶᠢᠨ ᠲᠣᠬᠢᠷᠠᠭᠤᠯᠤᠯᠲᠠ ᠶᠢ ᠦᠨᠳᠦᠰᠦᠨ ᠳᠡᠭᠡᠨ ᠵᠥᠪᠰᠢᠶᠡᠷᠡᠨ᠎ᠡ᠃ | ︵ᠲᠠᠪᠤ︶ ᠪᠦᠲᠦᠭᠡᠨ ᠪᠠᠶᠢᠭᠤᠯᠤᠯᠲᠠ ᠶᠢᠨ ᠬᠤᠭᠤᠴᠠᠭᠠᠨ ᠳᠤ ᠤᠰᠤ ᠰᠢᠷᠣᠢ ᠶᠢ ᠬᠠᠮᠠᠭᠠᠯᠠᠬᠤ ᠨᠥᠬᠦᠪᠥᠷᠢ | ᠮᠥᠩᠭᠦ 35.768 ᠲᠦᠮᠡᠨ ᠲᠥᠭᠦᠷᠢᠭ ︵ᠠᠯᠠᠱᠠ ᠠᠶᠢᠮᠠᠭ ᠤᠨ ᠳᠡᠭᠡᠳᠦ ᠰᠢᠨ᠎ᠡ ᠮᠡᠷᠭᠡᠵᠢᠯ ᠤᠨ ᠲᠣᠭᠤᠷᠢᠭ ᠤᠨ | ᠤᠰᠤ ᠰᠢᠷᠣᠢ ᠶᠢ ᠬᠠᠮᠠᠭᠠᠯᠠᠬᠤ ᠨᠥᠬᠦᠪᠥᠷᠢ ᠮᠥᠩᠭᠦ 33.133 ᠲᠦᠮᠡᠨ ᠲᠥᠭᠦᠷᠢᠭ᠂ ᠦᠬᠠᠢ ᠬᠤᠳᠠ ᠶᠢᠨ ᠤᠳᠠ | ᠲᠣᠭᠤᠷᠢᠭ ᠤᠨ ᠤᠰᠤ ᠰᠢᠷᠣᠢ ᠶᠢ ᠬᠠᠮᠠᠭᠠᠯᠠᠬᠤ ᠨᠥᠬᠦᠪᠥᠷᠢ ᠮᠥᠩᠭᠦ 2.635 ᠲᠦᠮᠡᠨ ᠲᠥᠭᠦᠷᠢᠭ︶ ᠢ | ᠦᠨᠳᠦᠰᠦᠨ ᠳᠡᠭᠡᠨ ᠵᠥᠪᠰᠢᠶᠡᠷᠡᠪᠡ᠃ | ᠬᠤᠶᠠᠷ᠂ ᠦᠢᠯᠡᠳᠪᠦᠷᠢᠯᠡᠯ ᠪᠦᠲᠦᠭᠡᠨ ᠪᠠᠶᠢᠭᠤᠯᠤᠯᠲᠠ ᠶᠢᠨ ᠨᠢᠭᠡᠴᠢ ︽ᠪᠥᠬᠦᠳᠡ ᠨᠠᠶᠢᠷᠠᠮᠳᠠᠬᠤ ᠳᠤᠮᠳᠠᠳᠤ | ᠠᠷᠠᠳ ᠤᠯᠤᠰ ᠤᠨ ᠤᠰᠤ ᠰᠢᠷᠣᠶ ᠶᠢ ᠬᠠᠮᠠᠭᠠᠯᠠᠬᠤ ᠬᠠᠤᠯᠢ︾ ᠶᠢᠨ ᠡᠯ᠎ᠡ ᠵᠦᠢᠯ ᠤᠨ ᠱᠠᠭᠠᠷᠳᠠᠯᠭ᠎ᠠ ᠶᠢ ᠪᠥᠬᠦ | ᠲᠠᠯ᠎ᠠ ᠪᠠᠷ ᠨᠠᠶᠢᠳᠠᠪᠤᠷᠢᠵᠢᠭᠤᠯᠬᠤ ᠶᠢᠨ ᠬᠠᠮᠲᠤ ᠳᠣᠤᠷᠠᠬᠢ ᠠᠵᠢᠯ ᠢ ᠭᠤᠤᠯᠳᠠᠯᠭ᠎ᠠ ᠲᠠᠢ ᠰᠠᠶᠢᠲᠤᠷ ᠬᠢᠬᠦ ᠬᠡᠷᠡᠭᠲᠡᠶ᠄ | ︵ᠨᠢᠭᠡ︶ ᠵᠥᠪᠰᠢᠶᠡᠷᠡᠭᠰᠡᠨ ᠤᠰᠤ ᠰᠢᠷᠣᠶ ᠶᠢ ᠬᠠᠮᠠᠭᠠᠯᠠᠬᠤ ᠲᠥᠰᠦᠯ ᠤᠨ ᠶᠣᠰᠣᠭᠠᠷ᠂ ᠤᠰᠤ ᠰᠢᠷᠣᠶ ᠶᠢ | ᠬᠠᠮᠠᠭᠠᠯᠠᠬᠤ ᠠᠩᠬ᠎ᠠ ᠠᠯᠬᠤᠮ ᠤᠨ ᠵᠢᠷᠤᠭ ᠲᠥᠯᠥᠪᠯᠡᠭᠡ ᠵᠡᠷᠭᠡ ᠵᠠᠯᠭᠠᠮᠵᠢ ᠵᠢᠷᠤᠭ ᠲᠥᠯᠥᠪᠯᠡᠭᠡ ᠶᠢ ᠰᠠᠶᠢᠲᠤᠷ | ᠬᠢᠵᠦ᠂ ᠪᠠᠷᠢᠯᠭ᠎ᠠ ᠪᠠᠷᠢᠬᠤ ᠵᠣᠬᠢᠶᠠᠨ ᠪᠠᠶᠢᠭᠤᠯᠤᠯᠲᠠ ᠶᠢᠨ ᠬᠠᠮᠢᠶᠠᠷᠤᠯᠲᠠ ᠶᠢᠨ ᠠᠵᠢᠯ ᠢ ᠴᠢᠩᠭᠠᠳᠬᠠᠨ᠂ ︽ | ᠭᠤᠷᠪᠠ ᠶᠢ ᠵᠡᠷᠭᠡ ᠳᠤᠨᠢ ᠬᠢᠬᠦ︾ ᠳᠦᠷᠢᠮ ᠢ ᠦᠨᠡᠨ ᠬᠦ ᠨᠠᠶᠢᠳᠠᠪᠤᠷᠢᠵᠢᠭᠤᠯᠬᠤ ᠬᠡᠷᠡᠭᠲᠡᠶ᠃ | ︵ᠬᠤᠶᠠᠷ︶ ᠲᠥᠰᠦᠯ ᠤᠨ ᠱᠠᠭᠠᠷᠳᠠᠯᠭ᠎ᠠ ᠶᠢ ᠴᠢᠩᠭ᠎ᠠ ᠵᠢᠷᠤᠮᠯᠠᠨ ᠤᠰᠤ ᠰᠢᠷᠤᠢ ᠶᠢ ᠬᠠᠮᠠᠭᠠᠯᠠᠬᠤ ᠡᠯ᠎ᠡ | ᠵᠦᠢᠯ ᠤᠨ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠬᠤ ᠬᠡᠷᠡᠭᠲᠡᠶ᠃ ᠡᠯ᠎ᠡ ᠲᠥᠷᠥᠯ ᠤᠨ ᠪᠠᠷᠢᠯᠭ᠎ᠠ ᠪᠠᠷᠢᠬᠤ | ᠠᠵᠢᠯᠯᠠᠭ᠎ᠠ ᠶᠢ ᠭᠠᠵᠠᠷ ᠬᠡᠷᠡᠭᠯᠡᠬᠦ ᠬᠡᠪᠴᠢᠶᠡᠨ ᠳᠣᠲᠣᠷ᠎ᠠ ᠴᠢᠩᠭ᠎ᠠ ᠬᠢᠵᠠᠭᠠᠷᠯᠠᠵᠤ᠂ ᠳᠤᠷ᠎ᠠ ᠪᠠᠷ ᠢᠶᠠᠨ ᠳᠠᠷᠤᠬᠤ᠂ | ᠦᠢᠮᠡᠭᠦᠯᠬᠦ ᠪᠠ ᠭᠠᠵᠠᠷ ᠤᠨ ᠭᠠᠳᠠᠷᠭᠤ ᠶᠢᠨ ᠤᠷᠭᠤᠮᠠᠯ ᠤᠨ ᠬᠤᠴᠢᠯᠭ᠎ᠠ ᠶᠢ ᠡᠪᠳᠡᠬᠦ ᠶᠢ ᠴᠢᠩᠭ᠎ᠠ ᠴᠠᠭᠠᠵᠠᠯᠠᠵᠤ᠂ | ᠲᠦᠰᠦᠯ ᠤᠨ ᠦᠯᠡᠳᠡᠭᠰᠡᠨ ᠲᠠᠯ᠎ᠠ ᠶᠢ ᠰᠢᠢᠳᠪᠦᠷᠢᠯᠡᠬᠦ ᠶᠢ ᠰᠠᠶᠢᠲᠤᠷ ᠨᠠᠶᠢᠳᠠᠪᠤᠷᠢᠵᠢᠭᠤᠯᠵᠤ᠂ ᠤᠰᠤ ᠰᠢᠷᠤᠢ ᠶᠢ | ᠰᠠᠯᠭᠠᠬᠤ᠂ ᠬᠠᠳᠠᠭᠠᠯᠠᠬᠤ ᠪᠠ ᠠᠰᠢᠭᠯᠠᠬᠤ ᠶᠢ ᠰᠠᠶᠢᠲᠤᠷ ᠬᠢᠬᠦ ᠬᠡᠷᠡᠭᠲᠡᠶ᠃ ᠲᠦᠷ ᠴᠠᠭ ᠤᠨ ᠰᠢᠷᠣᠶ ᠣᠪᠣᠭᠠᠯᠠᠬᠤ | ᠲᠠᠯᠠᠪᠠᠶ ᠶᠢᠨ ᠬᠠᠮᠢᠶᠠᠷᠤᠯᠲᠠ ᠶᠢ ᠴᠢᠩᠭᠠᠳᠬᠠᠵᠤ᠂ ᠡᠯ᠎ᠡ ᠵᠦᠢᠯ ᠤᠨ ᠰᠡᠷᠭᠡᠶᠢᠯᠡᠨ ᠬᠠᠮᠠᠭᠠᠯᠠᠬᠤ ᠠᠷᠭ᠎ᠠ ᠬᠡᠮᠵᠢᠶ᠎ᠡ ᠶᠢ | ᠦᠨᠡᠨ ᠬᠦ ᠨᠠᠶᠢᠳᠠᠪᠤᠷᠢᠵᠢᠭᠤᠯᠬᠤ ᠬᠡᠷᠡᠭᠲᠡᠶ᠃ ᠲᠥᠰᠦᠯ ᠤᠨ ᠱᠠᠭᠠᠷᠳᠠᠯᠭ᠎ᠠ ᠶᠢ ᠦᠨᠳᠦᠰᠦᠯᠡᠨ ᠪᠠᠷᠢᠯᠭ᠎ᠠ ᠪᠠᠷᠢᠬᠤ | ᠤᠷ᠎ᠠ ᠮᠡᠷᠭᠡᠰᠢᠯ ᠢ ᠰᠢᠯᠢᠳᠡᠭᠵᠢᠭᠦᠯᠵᠦ᠂ ᠪᠠᠷᠢᠯᠭ᠎ᠠ ᠪᠠᠷᠢᠬᠤ ᠴᠠᠭ ᠤᠨ ᠳᠡᠰ ᠳᠠᠷᠠᠭᠠᠯᠠᠯ ᠪᠠ ᠤᠰᠤ ᠰᠢᠷᠤᠢ ᠶᠢ | ᠬᠠᠮᠠᠭᠠᠯᠠᠬᠤ ᠠᠷᠭ᠎ᠠ ᠬᠡᠮᠵᠢᠶ᠎ᠡ ᠶᠢ ᠬᠡᠷᠡᠭᠵᠢᠭᠦᠯᠬᠦ ᠠᠬᠢᠴᠠ ᠶᠢ ᠵᠦᠶ ᠵᠣᠬᠢᠰᠲᠠᠶ ᠲᠣᠬᠢᠷᠠᠭᠤᠯᠵᠤ᠂ ᠪᠠᠷᠢᠯᠭ᠎ᠠ ᠪᠠᠷᠢᠬᠤ | ᠬᠤᠭᠤᠴᠠᠭᠠᠨ ᠳᠠᠬᠢ ᠤᠰᠤ ᠰᠢᠷᠤᠢ ᠶᠢᠨ ᠢᠳᠡᠭᠳᠡᠯ ᠢ ᠴᠢᠩᠭ᠎ᠠ ᠬᠢᠵᠠᠭᠠᠷᠯᠠᠬᠤ ᠬᠡᠷᠡᠭᠲᠡᠶ᠃ | ︵ᠭᠤᠷᠪᠠ︶ ᠤᠰᠤ ᠰᠢᠷᠤᠢ ᠶᠢ ᠬᠠᠮᠠᠭᠠᠯᠠᠬᠤ ᠬᠢᠨᠠᠨ ᠰᠢᠨᠵᠢᠬᠦ ᠠᠵᠢᠯ ᠢ ᠦᠨᠡᠨ ᠬᠦ ᠰᠠᠶᠢᠲᠤᠷ ᠬᠢᠵᠦ᠂ ᠤᠰᠤ | ᠰᠢᠷᠤᠢ ᠶᠢᠨ ᠢᠳᠡᠭᠳᠡᠯ ᠤᠨ ᠪᠠᠶᠢᠳᠠᠯ ᠢ ᠬᠢᠨᠠᠨ ᠡᠵᠡᠮᠳᠡᠬᠦ ᠶᠢ ᠴᠢᠩᠭᠠᠳᠬᠠᠬᠤ ᠶᠢᠨ ᠬᠠᠮᠲᠤ ᠲᠣᠭᠲᠠᠭᠠᠯ ᠶᠣᠰᠣᠭᠠᠷ | ᠮᠠᠨ ᠤ ᠲᠢᠩᠬᠢᠮ ᠵᠢᠴᠢ ᠠᠯᠠᠱᠠ ᠠᠶᠢᠮᠠᠭ ᠤᠨ ᠤᠰᠤᠨ ᠤ ᠶᠠᠪᠤᠳᠠᠯ ᠤᠨ ᠲᠣᠪᠴᠢᠶ᠎ᠠ᠂ ᠦᠬᠠᠶ ᠬᠤᠲᠠ ᠶᠢᠨ | ᠤᠰᠤᠨ ᠤ ᠶᠠᠪᠤᠳᠠᠯ ᠤᠨ ᠲᠣᠪᠴᠢᠶ᠎ᠠ ᠳᠤ ᠬᠢᠨᠠᠨ ᠰᠢᠨᠵᠢᠬᠦ ᠤᠯᠠᠷᠢᠯ ᠤᠨ ᠮᠡᠳᠡᠭᠦᠯᠦᠯᠲᠡ ᠵᠢᠴᠢ ᠳ᠋ᠦᠩᠨᠡᠯᠲᠡ ᠶᠢᠨ | ᠮᠡᠳᠡᠭᠦᠯᠦᠯᠲᠡ ᠶᠢ ᠲᠤᠰᠢᠶᠠᠨ᠎ᠠ᠃ | ︵ᠲᠦᠷᠪᠡ︶ ᠤᠰᠤ ᠰᠢᠷᠤᠢ ᠶᠢ ᠬᠠᠮᠠᠭᠠᠯᠠᠬᠤ ᠬᠢᠨᠠᠯᠲᠠ ᠬᠠᠮᠢᠶᠠᠷᠤᠯᠲᠠ ᠶᠢᠨ ᠠᠵᠢᠯ ᠢ | ᠨᠠᠶᠢᠳᠠᠪᠤᠷᠢᠵᠢᠭᠤᠯᠬᠤ ᠶᠢᠨ ᠬᠠᠮᠲᠤ ᠰᠠᠶᠢᠲᠤᠷ ᠬᠢᠵᠦ᠂ ᠤᠰᠤ ᠰᠢᠷᠤᠢ ᠶᠢ ᠬᠠᠮᠠᠭᠠᠯᠠᠬᠤ ᠢᠨᠵᠧᠨᠧᠷᠢᠩ ᠤᠨ ᠪᠦᠲᠦᠭᠡᠨ | ᠪᠠᠶᠢᠭᠤᠯᠤᠯᠲᠠ ᠶᠢᠨ ᠶᠠᠰᠤ ᠴᠢᠨᠠᠷ ᠪᠣᠯᠤᠨ ᠠᠬᠢᠴᠠ ᠶᠢ ᠦᠨᠡᠨ ᠬᠦ ᠪᠠᠲᠤᠯᠠᠬᠤ ᠬᠡᠷᠡᠭᠲᠡᠶ᠃ | ︵ᠲᠠᠪᠤ︶ ᠤᠰᠤ ᠰᠢᠷᠤᠢ ᠶᠢ ᠬᠠᠮᠠᠭᠠᠯᠠᠬᠤ ᠨᠥᠬᠦᠪᠥᠷᠢ ᠵᠠᠷᠤᠳᠠᠯ ᠢ ᠬᠠᠤᠯᠢ ᠲᠣᠭᠲᠠᠭᠠᠯ ᠶᠣᠰᠣᠭᠠᠷ ᠭᠦᠢᠴᠡᠳ | ᠲᠤᠭ᠎ᠠ ᠪᠠᠷ ᠲᠤᠰᠢᠶᠠᠨ᠎ᠠ᠃ | ᠭᠤᠷᠪᠠ᠂ ᠲᠤᠰ ᠵᠦᠢᠯ ᠤᠨ ᠭᠠᠵᠠᠷ ᠣᠷᠣᠨ᠂ ᠬᠡᠪᠴᠢᠶ᠎ᠡ ᠨᠢ ᠴᠢᠬᠤᠯᠠ ᠶᠡᠭᠡ ᠬᠤᠪᠢᠷᠠᠯᠲᠠ ᠭᠠᠷᠤᠭᠰᠠᠨ | ᠪᠤᠶᠤ ᠤᠰᠤ ᠰᠢᠷᠤᠢ ᠶᠢ ᠬᠠᠮᠠᠭᠠᠯᠠᠬᠤ ᠲᠥᠰᠦᠯ ᠢ ᠬᠡᠷᠡᠭᠵᠢᠭᠦᠯᠬᠦ ᠶᠠᠪᠤᠴᠠ ᠳᠤ ᠤᠰᠤ ᠰᠢᠷᠤᠢ ᠶᠢ ᠬᠠᠮᠠᠭᠠᠯᠠᠬᠤ | ᠠᠷᠭ᠎ᠠ ᠬᠡᠮᠵᠢᠶ᠎ᠡ ᠳᠤ ᠴᠢᠬᠤᠯᠠ ᠶᠡᠭᠡ ᠬᠤᠪᠢᠷᠠᠯᠲᠠ ᠭᠠᠷᠤᠭᠰᠠᠨ ᠪᠣᠯ ᠤᠰᠤ ᠰᠢᠷᠤᠢ ᠶᠢ ᠬᠠᠮᠠᠭᠠᠯᠠᠬᠤ ᠲᠥᠰᠦᠯ ᠳᠤ | ᠨᠥᠬᠦᠪᠥᠷᠢᠯᠡᠬᠦ ᠪᠤᠶᠤ ᠵᠠᠰᠠᠪᠤᠷᠢ ᠣᠷᠣᠭᠤᠯᠵᠤ᠂ ᠮᠠᠨ ᠤ ᠲᠢᠩᠬᠢᠮ ᠳᠤ ᠮᠡᠳᠡᠭᠦᠯᠦᠨ ᠬᠢᠨᠠᠨ ᠵᠥᠪᠰᠢᠶᠡᠷᠡᠭᠦᠯᠬᠦ | ᠬᠡᠷᠡᠭᠲᠡᠶ︔ ᠰᠢᠭᠠᠷᠤ ᠬᠠᠶᠠᠬᠤ ᠳᠠᠯᠠᠪᠤᠷ ᠰᠢᠨ᠎ᠡ ᠪᠠᠷ ᠭᠠᠷᠭᠠᠬᠤ ᠴᠢᠬᠤᠯᠠ ᠲᠠᠢ ᠪᠣᠯ ᠦᠢᠯᠡᠳᠪᠦᠷᠢᠯᠡᠯ ᠪᠦᠲᠦᠭᠡᠨ | ᠪᠠᠶᠢᠭᠤᠯᠤᠯᠲᠠ ᠶᠢᠨ ᠨᠢᠭᠡᠴᠢ ᠨᠢ ᠰᠢᠭᠠᠷᠤ ᠬᠠᠶᠠᠬᠤ ᠶᠢ ᠬᠡᠮᠵᠢᠶᠡᠵᠢᠭᠦᠯᠬᠦ᠂ ᠡᠬᠢ ᠪᠠᠶᠠᠯᠢᠭᠵᠢᠭᠤᠯᠬᠤ ᠨᠤᠲᠠᠯᠠᠯᠲᠠ | ᠬᠢᠬᠦ ᠶᠢᠨ ᠬᠠᠮᠲᠤ ᠰᠢᠭᠠᠷᠤ ᠶᠢ ᠲᠠᠶᠠᠭᠳᠠᠬᠤ ᠠᠴᠠ ᠡᠮᠦᠨ᠎ᠡ ᠤᠰᠤ ᠰᠢᠷᠤᠢ ᠶᠢ ᠬᠠᠮᠠᠭᠠᠯᠠᠬᠤ ᠲᠥᠰᠦᠯ ᠤᠨ ᠨᠥᠬᠦᠪᠥᠷᠢ | ᠮᠡᠳᠡᠭᠦᠯᠦᠯᠲᠡ ᠬᠢᠵᠦ᠂ ᠮᠠᠨ ᠤ ᠲᠢᠩᠬᠢᠮ ᠳᠤ ᠮᠡᠳᠡᠭᠦᠯᠦᠨ ᠬᠢᠨᠠᠨ ᠵᠥᠪᠰᠢᠶᠡᠷᠡᠭᠦᠯᠬᠦ ᠬᠡᠷᠡᠭᠲᠡᠶ᠃ | ᠳᠥᠷᠪᠡ᠂ ᠲᠠᠨ ᠤ ᠨᠢᠭᠡᠴᠢ ᠪᠣᠯ ᠲᠤᠰ ᠲᠦᠰᠦᠯ ᠤᠨ ᠤᠰᠤ ᠰᠢᠷᠤᠢ ᠶᠢ ᠬᠠᠮᠠᠭᠠᠯᠠᠬᠤ ᠪᠡᠯᠡᠳᠬᠡᠮᠵᠢ ᠶᠢ | ᠰᠢᠯᠭᠠᠨ ᠠᠪᠬᠤ ᠬᠠᠷᠢᠭᠤᠴᠠᠯᠭ᠎ᠠ ᠶᠢᠨ ᠭᠤᠤᠯ ᠴᠣᠭᠴᠠ ᠪᠣᠯᠬᠤ ᠲᠤᠯᠠ᠂ ᠲᠤᠰ ᠲᠦᠰᠦᠯ ᠢ ᠠᠰᠢᠭᠯᠠᠯᠲᠠ ᠳᠤ | ᠣᠷᠣᠭᠤᠯᠬᠤ ᠠᠴᠠ ᠡᠮᠦᠨ᠎ᠡ᠂ ᠤᠰᠤ ᠰᠢᠷᠤᠢ ᠶᠢ ᠬᠠᠮᠠᠭᠠᠯᠠᠬᠤ ᠪᠡᠯᠡᠳᠬᠡᠮᠵᠢ ᠶᠢ ᠡᠵᠡᠨ ᠮᠡᠳᠡᠵᠦ ᠰᠢᠯᠭᠠᠨ ᠠᠪᠬᠤ ᠶᠢ | ᠥᠩᠭᠡᠷᠡᠭᠡᠬᠦ ᠬᠡᠷᠡᠭᠲᠡᠶ᠃ ᠡᠵᠡᠨ ᠮᠡᠳᠡᠨ ᠰᠢᠯᠭᠠᠨ ᠠᠪᠬᠤ ᠳᠤ ᠤᠰᠤ ᠰᠢᠷᠤᠢ ᠶᠢ ᠬᠠᠮᠠᠭᠠᠯᠠᠬᠤ ᠬᠠᠤᠯᠢ ᠴᠠᠭᠠᠵᠠ | ᠬᠠᠤᠯᠢ ᠲᠣᠭᠲᠠᠭᠠᠯ᠂ ᠪᠠᠷᠢᠮᠵᠢᠶ᠎ᠠ ᠶᠢᠨ ᠵᠢᠷᠤᠮᠵᠢᠯ᠂ ᠤᠰᠤ ᠰᠢᠷᠤᠢ ᠶᠢ ᠬᠠᠮᠠᠭᠠᠯᠠᠬᠤ ᠲᠥᠰᠦᠯ ᠬᠢᠭᠡᠳ ᠲᠤᠰ ᠬᠢᠨᠠᠨ | ᠵᠥᠪᠰᠢᠶᠡᠷᠡᠭᠰᠡᠨ ᠲᠣᠭᠲᠠᠭᠠᠯ᠂ ᠤᠰᠤ ᠰᠢᠷᠤᠢ ᠶᠢ ᠬᠠᠮᠠᠭᠠᠯᠠᠬᠤ ᠵᠠᠯᠭᠠᠮᠵᠢ ᠵᠢᠷᠤᠭ ᠲᠥᠯᠥᠪᠯᠡᠭᠡ ᠵᠡᠷᠭᠡ ᠶᠢ | ᠦᠨᠳᠦᠰᠦᠯᠡᠨ ᠶᠠᠪᠤᠭᠳᠠᠭᠤᠯᠵᠤ᠂ ᠤᠰᠤ ᠰᠢᠷᠤᠢ ᠶᠢ ᠬᠠᠮᠠᠭᠠᠯᠠᠬᠤ ᠪᠡᠯᠡᠳᠬᠡᠮᠵᠢ ᠶᠢ ᠰᠢᠯᠭᠠᠨ ᠠᠪᠬᠤ ᠪᠠᠷᠢᠮᠵᠢᠶ᠎ᠠ | ᠪᠣᠯᠤᠨ ᠨᠥᠬᠦᠴᠡᠯ ᠢ ᠴᠢᠩᠭ᠎ᠠ ᠬᠡᠷᠡᠭᠵᠢᠭᠦᠯᠬᠦ ᠬᠡᠷᠡᠭᠲᠡᠶ᠃ ᠤᠰᠤ ᠰᠢᠷᠤᠢ ᠶᠢ ᠬᠠᠮᠠᠭᠠᠯᠠᠬᠤ ᠪᠡᠯᠡᠳᠬᠡᠮᠵᠢ ᠶᠢ ᠡᠵᠡᠨ | ᠮᠡᠳᠡᠵᠦ ᠰᠢᠯᠭᠠᠨ ᠠᠪᠬᠤ ᠳᠤ ᠬᠢᠷᠢ ᠲᠡᠩᠴᠡᠭᠰᠡᠨ ᠤ ᠳᠠᠷᠠᠭ᠎ᠠ᠂ ᠠᠯᠪᠠᠨ ᠤ ᠰᠦᠯᠵᠢᠶᠡᠨ ᠥᠷᠲᠡᠭᠡ ᠪᠤᠶᠤ ᠪᠤᠰᠤᠳ | ᠣᠯᠠᠨ ᠨᠡᠶᠢᠲᠡ ᠶᠢᠨ ᠣᠯᠵᠤ ᠮᠡᠳᠡᠭᠰᠡᠨ ᠨᠧᠲ ᠲᠤ ᠤᠰᠤ ᠰᠢᠷᠤᠢ ᠶᠢ ᠬᠠᠮᠠᠭᠠᠯᠠᠬᠤ ᠪᠡᠯᠡᠳᠬᠡᠮᠵᠢ ᠶᠢᠨ ᠰᠢᠯᠭᠠᠨ | ᠠᠪᠬᠤ ᠮᠠᠲ᠋ᠧᠷᠢᠶᠠᠯ ᠢ ᠴᠠᠭ ᠲᠤᠬᠠᠶ ᠳᠤᠨᠢ ᠨᠡᠶᠢᠲᠡᠯᠡᠵᠦ᠂ ᠢᠯᠡ ᠨᠡᠶᠢᠲᠡᠯᠡᠬᠦ ᠴᠠᠭ ᠬᠤᠭᠤᠴᠠᠭ᠎ᠠ ᠶᠢ ᠨᠢ 20 | ᠠᠵᠢᠯᠯᠠᠬᠤ ᠡᠳᠦᠷ ᠠᠴᠠ ᠳᠤᠲᠠᠭᠤ ᠪᠠᠶᠢᠯᠭᠠᠵᠤ ᠪᠣᠯᠬᠤ ᠦᠭᠡᠶ︔ ᠤᠰᠤ ᠰᠢᠷᠤᠢ ᠶᠢ ᠬᠠᠮᠠᠭᠠᠯᠠᠬᠤ ᠪᠡᠯᠡᠳᠬᠡᠮᠵᠢ ᠶᠢ | ᠡᠵᠡᠨ ᠮᠡᠳᠡᠨ ᠰᠢᠯᠭᠠᠨ ᠠᠪᠴᠤ ᠥᠩᠭᠡᠷᠡᠭᠰᠡᠨ ᠤ ᠳᠠᠷᠠᠭ᠎ᠠ 3 ᠰᠠᠷ᠎ᠠ ᠶᠢᠨ ᠳᠣᠲᠣᠷ᠎ᠠ ᠮᠠᠨ ᠤ ᠲᠢᠩᠬᠢᠮ ᠳᠤ ᠤᠰᠤ | ᠰᠢᠷᠤᠢ ᠶᠢ ᠬᠠᠮᠠᠭᠠᠯᠠᠬᠤ ᠪᠡᠯᠡᠳᠬᠡᠮᠵᠢ ᠶᠢᠨ ᠰᠢᠯᠭᠠᠨ ᠠᠪᠬᠤ ᠮᠠᠲ᠋ᠧᠷᠢᠶᠠᠯ ᠢᠶᠠᠨ ᠮᠡᠳᠡᠭᠦᠯᠦᠨ ᠳᠠᠩᠰᠠᠯᠠᠭᠤᠯᠬᠤ | ᠬᠡᠷᠡᠭᠲᠡᠶ︔ ᠤᠰᠤ ᠰᠢᠷᠤᠢ ᠶᠢ ᠬᠠᠮᠠᠭᠠᠯᠠᠬᠤ ᠪᠡᠯᠡᠳᠬᠡᠮᠵᠢ ᠨᠢ ᠰᠢᠯᠭᠠᠨ ᠠᠪᠬᠤ ᠶᠢ ᠳᠠᠮᠵᠢᠭᠰᠠᠨ ᠦᠭᠡᠶ ᠪᠤᠶᠤ | ᠰᠢᠯᠭᠠᠨ ᠠᠪᠬᠤ ᠳᠤ ᠬᠢᠷᠢ ᠲᠡᠩᠴᠡᠭᠰᠡᠨ ᠦᠭᠡᠶ ᠪᠣᠯ ᠠᠰᠢᠭᠯᠠᠯᠲᠠ ᠳᠤ ᠣᠷᠣᠭᠤᠯᠤᠨ ᠬᠡᠷᠡᠭᠯᠡᠵᠦ ᠪᠣᠯᠬᠤ ᠦᠭᠡᠶ᠃ | ᠲᠠᠪᠤ᠂ ᠲᠤᠰ ᠵᠥᠪᠰᠢᠶᠡᠷᠡᠯ ᠤᠨ ᠪᠢᠴᠢᠭ ᠮᠠᠲ᠋ᠧᠷᠢᠶᠠᠯ ᠢ ᠵᠥᠪᠰᠢᠶᠡᠷᠡᠭᠰᠡᠨ ᠡᠳᠦᠷ ᠠᠴᠠ ᠡᠬᠢᠯᠡᠨ ᠬᠦᠴᠦᠨ | ᠪᠦᠬᠦᠢ ᠬᠤᠭᠤᠴᠠᠭ᠎ᠠ ᠨᠢ 3 ᠵᠢᠯ ᠪᠣᠯᠤᠨ᠎ᠠ᠃ ᠵᠥᠪᠰᠢᠶᠡᠷᠡᠭᠰᠡᠨ ᠪᠢᠴᠢᠭ ᠮᠠᠲ᠋ᠧᠷᠢᠶᠠᠯ ᠤᠨ ᠬᠦᠴᠦᠨ ᠲᠠᠢ | ᠬᠤᠭᠤᠴᠠᠭᠠᠨ ᠳᠣᠲᠣᠷ᠎ᠠ ᠠᠵᠢᠯ ᠡᠬᠢᠯᠡᠭᠦᠯᠦᠨ ᠪᠦᠲᠦᠭᠡᠨ ᠪᠠᠶᠢᠭᠤᠯᠤᠭᠰᠠᠨ ᠦᠭᠡᠶ ᠪᠣᠯ ᠦᠢᠯᠡᠳᠪᠦᠷᠢᠯᠡᠵᠦ | ᠪᠦᠲᠦᠭᠡᠨ ᠪᠠᠶᠢᠭᠤᠯᠬᠤ ᠨᠢᠭᠡᠴᠢ ᠨᠢ ᠵᠥᠪᠰᠢᠶᠡᠷᠡᠭᠰᠡᠨ ᠪᠢᠴᠢᠭ ᠮᠠᠲ᠋ᠧᠷᠢᠶᠠᠯ ᠤᠨ ᠬᠦᠴᠦᠨ ᠲᠠᠢ ᠬᠤᠭᠤᠴᠠᠭ᠎ᠠ ᠨᠢ | ᠳᠦᠭᠦᠷᠬᠦ ᠠᠴᠠ 30 ᠠᠵᠢᠯᠯᠠᠬᠤ ᠡᠳᠦᠷ ᠤᠨ ᠡᠮᠦᠨ᠎ᠡ ᠮᠠᠨ ᠤ ᠲᠢᠩᠬᠢᠮ ᠳᠤ ᠳᠠᠬᠢᠨ ᠬᠢᠨᠠᠭᠤᠯᠬᠤ ᠪᠠᠷ ᠭᠤᠶᠤᠴᠢᠯᠠᠬᠤ | ᠬᠡᠷᠡᠭᠲᠡᠶ᠃ ᠲᠦᠰᠦᠯ ᠢ ᠵᠥᠪᠰᠢᠶᠡᠷᠡᠭᠰᠡᠨ ᠪᠢᠴᠢᠭ ᠮᠠᠲ᠋ᠧᠷᠢᠶᠠᠯ ᠤᠨ ᠬᠦᠴᠦᠨ ᠲᠠᠢ ᠬᠤᠭᠤᠴᠠᠭᠠᠨ ᠳᠣᠲᠣᠷ᠎ᠠ ᠠᠵᠢᠯ | ᠡᠬᠢᠯᠡᠭᠦᠯᠦᠨ ᠪᠦᠲᠦᠭᠡᠨ ᠪᠠᠶᠢᠭᠤᠯᠤᠭᠰᠠᠨ ᠦᠭᠡᠶ ᠮᠥᠷᠲᠡᠭᠡᠨ ᠳᠠᠬᠢᠵᠤ ᠬᠢᠨᠠᠨ ᠬᠠᠷᠭᠤᠭᠤᠯᠬᠤ ᠪᠠᠷ ᠭᠤᠶᠤᠴᠢᠯᠠᠭᠰᠠᠨ | ᠦᠭᠡᠶ ᠪᠤᠶᠤ ᠭᠤᠶᠤᠴᠢᠯᠠᠯ ᠢ ᠳᠠᠬᠢᠵᠤ ᠬᠢᠨᠠᠨ ᠬᠠᠷᠭᠤᠭᠤᠯᠬᠤ ᠪᠠᠷ ᠳᠤᠷᠠᠳᠤᠭᠰᠠᠨ ᠪᠣᠯᠪᠠᠴᠤ ᠵᠥᠪᠰᠢᠶᠡᠷᠡᠭᠳᠡᠭᠰᠡᠨ | ᠦᠭᠡᠶ ᠪᠣᠯ᠂ ᠲᠤᠰ ᠵᠥᠪᠰᠢᠶᠡᠷᠡᠭᠰᠡᠨ ᠪᠢᠴᠢᠭ ᠮᠠᠲ᠋ᠧᠷᠢᠶᠠᠯ ᠨᠢ ᠠᠶᠠᠨᠳᠠᠭᠠᠨ ᠬᠦᠴᠦᠨ ᠦᠭᠡᠶ ᠪᠣᠯᠤᠨ᠎ᠠ᠃ | | 2024 ᠣᠨ ᠤ 7 ᠳ᠋ᠤᠭᠠᠷ ᠰᠠᠷ᠎ᠠ ᠶᠢᠨ 11 ᠤ ᠡᠳᠦᠷ | | ᠳᠠᠭᠠᠯᠳᠤᠭᠤᠯᠤᠯ᠄ | ︽ᠥᠪᠥᠷ ᠮᠣᠩᠭᠤᠯ ᠤᠨ ᠠᠯᠠᠱᠠ ᠶᠢᠨ ᠳᠡᠭᠡᠳᠦ ᠰᠢᠨ᠎ᠡ ᠮᠡᠷᠭᠡᠵᠢᠯ ᠤᠨ ᠠᠵᠤ ᠦᠢᠯᠡᠰ ᠤᠨ ᠨᠡᠭᠡᠭᠡᠯᠲᠡ ᠶᠢᠨ | ᠣᠷᠣᠨ ᠤ 100 ᠲᠦᠮᠡᠨ ᠺᠢᠯᠣᠸᠠᠲ ᠤᠨ ᠬᠡᠷᠡᠯ ᠴᠡᠨᠡᠭ ᠤᠨ ᠲᠦᠰᠦᠯ ᠳᠤ 220 ᠺᠢᠯᠣᠸᠠᠲ ᠤᠨ ᠲᠣᠤᠷ ᠵᠠᠯᠭᠠᠬᠤ | ᠢᠨᠵᠧᠨᠧᠷᠢᠩ ᠤᠨ ᠤᠰᠤ ᠰᠢᠷᠤᠢ ᠶᠢ ᠬᠠᠮᠠᠭᠠᠯᠠᠬᠤ ᠲᠥᠰᠦᠯ ᠤᠨ ᠲᠤᠬᠠᠶ ᠮᠡᠳᠡᠭᠦᠯᠦᠯᠲᠡ ᠶᠢᠨ ᠪᠢᠴᠢᠭ︾ ᠢ | ᠮᠡᠳᠡᠭᠦᠯᠦᠨ ᠬᠦᠷᠭᠡᠬᠦ ᠮᠡᠷᠭᠡᠵᠢᠯ ᠤᠨ ᠬᠢᠨᠠᠨ ᠪᠠᠶᠢᠴᠠᠭᠠᠯᠲᠠ ᠶᠢᠨ ᠰᠠᠨᠠᠯ ᠤᠨ ᠲᠤᠬᠠᠢ ᠮᠡᠳᠡᠭᠦᠯᠦᠯᠲᠡ ᠦᠪᠦᠷ | ᠮᠤᠩᠭᠤᠯ ᠤᠨ ᠤᠰᠤᠨ ᠠᠰᠢᠭᠯᠠᠯᠲᠠ ᠶᠢᠨ ᠲᠦᠪ ᠤᠨ ᠮᠡᠷᠭᠡᠵᠢᠯ ᠤᠨ ᠬᠢᠨᠠᠯᠲᠠ ﹇2024﹈ 239 ᠳ᠋ᠤᠭᠠᠷ | ᠲᠤᠭᠠᠲᠦ .pdf | ᠮᠡᠳᠡᠭᠦᠯᠦᠯᠲᠡ ᠶᠢᠨ ᠭᠤᠣᠯ ᠠᠭᠤᠯᠭ᠎ᠠ .pdf | | |