ᠣᠳᠣᠬᠠᠨ᠎ᠳᠤ ᠲᠠᠪᠤᠳᠤᠭᠠᠷ ᠬᠤᠭᠤᠴᠠᠭᠠᠨ᠎ᠤ ᠳᠤᠮᠳᠠᠳᠤ ᠤᠯᠤᠰ — ᠮᠣᠩᠭᠤᠯ ᠤᠯᠤᠰ᠎ᠤᠨ ᠦᠵᠡᠰᠭᠦᠯᠡᠩ᠎ᠤᠨ ᠴᠤᠭ᠍ᠯᠠᠭᠠᠨ ᠡᠬᠢᠯᠡᠬᠦ᠌᠎ᠠᠴᠠ ᠪᠠᠰᠠ 20 ᠡᠳᠦᠷ ᠪᠠᠢᠨ᠎ᠠ᠃ ᠲᠠᠪᠤᠳᠤᠭᠠᠷ ᠬᠤᠭᠤᠴᠠᠭᠠᠨ᠎ᠤ ᠳᠤᠮᠳᠠᠳᠤ ᠮᠣᠩᠭᠤᠯ᠎ᠤᠨ ᠦᠵᠡᠰᠭᠦᠯᠡᠩ᠎ᠤᠨ ᠴᠤᠭ᠍ᠯᠠᠭᠠᠨ᠎ᠤ ᠦᠵᠡᠭᠦᠯᠭᠡ᠎ᠶ᠋ᠢᠨ ᠪᠣᠭᠤᠮᠲᠠ᠎ᠪᠠᠷ ᠥᠩᠭᠡᠷᠡᠬᠦ᠌ ᠬᠡᠯᠲᠡᠰ᠎ᠤᠨ ᠮᠡᠳᠡᠭᠡ᠎ᠶ᠋ᠢ ᠦᠨᠳᠦᠰᠦᠯᠡᠪᠡᠯ᠂ ᠦᠵᠡᠰᠭᠦᠯᠡᠩ᠎ᠤᠨ ᠴᠤᠭ᠍ᠯᠠᠭᠠᠨ᠎ᠤ ᠭᠤᠣᠯ ᠬᠢᠯᠠᠰ ᠴᠡᠭ᠎ᠤᠨ ᠦᠵᠡᠭᠦᠯᠭᠡ᠎ᠶ᠋ᠢᠨ ᠭᠤᠭ᠍ᠴᠤᠭ᠎ᠠ ᠪᠣᠯᠤᠭ᠍ᠰᠠᠨ᠎ᠤ ᠬᠤᠪᠢ᠎ᠳᠤ᠂ ᠥᠨᠥᠳᠦᠷ 《ᠨᠡᠪᠲᠡᠷᠬᠡᠢ ᠴᠢᠨᠠᠷᠲᠠᠢ》 — ᠥᠪᠥᠷ ᠮᠣᠩᠭᠤᠯ᠎ᠤᠨ ᠱᠢᠨ᠎ᠡ᠎ᠶ᠋ᠢ ᠡᠭᠦᠳᠬᠦ᠌ ᠠᠮᠢᠵᠢᠷᠠᠯ᠎ᠤᠨ ᠬᠦᠴᠦᠨ᠎ᠠᠴᠠ ᠪᠦᠬᠦ᠌ ᠪᠥᠮᠪᠥᠷᠴᠡᠭ᠎ᠤᠨ ᠤᠨᠴᠠᠯᠢᠬ᠍ᠳᠤ ᠬᠡᠪ ᠨᠠᠮᠪᠠ ᠬᠦᠷᠲᠡᠯ᠎ᠡ᠂ ᠴᠥᠮ᠎ᠡ᠎ᠶ᠋ᠢᠨ ᠱᠢᠨᠵᠢᠯᠡᠬᠦ᠌ ᠤᠬᠠᠭᠠᠨ ᠲᠸᠭ᠌ᠨᠢᠭ ᠮᠡᠷᠭᠡᠵᠢᠯ᠎ᠤᠨ ᠴᠡᠴᠡᠷᠬᠢᠯᠡᠯᠲᠡᠠᠴᠠ ᠬᠡᠯᠡᠨ᠎ᠤ ᠦᠵᠦᠭᠦᠷ᠎ᠲᠠᠬᠢ ᠠᠮᠲᠠᠲᠤ ᠢᠳᠡᠭᠡᠨ᠎ᠤ ᠥᠳᠥᠭᠡᠯᠭᠡ ᠱᠢᠷᠦᠭᠦᠨ ᠳᠠᠭᠠᠷᠢᠯᠲᠠ᠎ᠳᠤ ᠤᠴᠠᠷᠠᠵᠤ᠂ ᠡᠨᠡ ᠤᠳᠠᠭ᠎ᠠ᠎ᠶ᠋ᠢᠨ 《ᠱᠢᠨᠵᠢᠯᠡᠬᠦ᠌ ᠤᠬᠠᠭᠠᠨ ᠲᠸᠭ᠌ᠨᠢᠭ ᠮᠡᠷᠭᠡᠵᠢᠯ᠎ᠤᠨ ᠮᠡᠳᠡᠷᠡᠮᠵᠢ᠂ ᠤᠲᠤᠭᠠᠨᠤ ᠭᠠᠯ᠂ ᠤᠯᠠᠨ ᠤᠯᠤᠰ᠎ᠤᠨ ᠦᠯᠢᠭᠡᠷ ᠳᠠᠭᠤᠷᠢᠶᠠᠯ》᠎ᠢ ᠨᠢᠭᠡ ᠴᠤᠬ᠍ᠴᠠᠵᠢᠭᠤᠯᠤᠬ᠍ᠰᠠᠨ ᠦᠵᠡᠰᠭᠦᠯᠡᠩᠳᠤ ᠳᠡᠯᠭᠡᠨ ᠦᠵᠡᠭᠦᠯᠵᠦ᠍᠂ ᠤᠳᠤ ᠶᠠᠭ ᠲᠠᠨ᠎ᠤ ᠤᠯᠤᠰ ᠬᠢᠯᠢ ᠠᠯᠤᠰᠯᠠᠭ᠍ᠰᠠᠨ ᠭᠤᠢᠳᠠ ᠰᠠᠢᠬᠠᠨ ᠥᠩᠭᠡᠷᠡᠯᠲᠡ᠎ᠶ᠋ᠢ ᠡᠬᠢᠯᠡᠭᠦᠯᠬᠦ᠌᠎ᠪᠠᠷ ᠬᠦᠯᠢᠶᠡᠵᠦ᠍ ᠪᠠᠢᠨ᠎ᠠ᠃
ᠥᠪᠥᠷ ᠮᠣᠩᠭᠤᠯ᠎ᠤᠨ ᠳᠦᠷᠢ ᠲᠥᠷᠬᠦ᠌᠎ᠶ᠋ᠢᠨ ᠣᠷᠳᠣᠨ᠄ 《ᠤᠮᠠᠷᠠᠲᠤ ᠬᠢᠯᠢ᠎ᠶ᠋ᠢᠨ ᠱᠢᠨ᠎ᠡ ᠷᠢᠳᠢ ᠱᠢᠳᠢ》᠎ᠶ᠋ᠢᠨ ᠨᠤᠮᠸᠷ ᠲᠠᠢᠯᠬᠤ
ᠥᠪᠥᠷ ᠮᠣᠩᠭᠤᠯ᠎ᠤᠨ ᠳᠦᠷᠢ ᠲᠥᠷᠬᠦ᠌᠎ᠶ᠋ᠢᠨ ᠣᠷᠳᠣᠨ ᠬᠥᠭ᠌ᠵᠢᠯᠲᠡ᠂ ᠨᠡᠭᠡᠭᠡᠯᠲᠡᠲᠦ᠍᠂ ᠪᠣᠬᠢᠷᠲᠤᠯ ᠦᠭᠡᠢ᠂ ᠰᠣᠶᠣᠯ ᠵᠡᠷᠭᠡ ᠬᠠᠷᠠᠭᠠᠰᠤ᠎ᠠᠴᠠ 《ᠤᠮᠠᠷᠠᠲᠤ ᠬᠢᠯᠢ᠎ᠶ᠋ᠢᠨ ᠱᠢᠨ᠎ᠡ ᠷᠢᠳᠢ ᠱᠢᠳᠢ》᠎ᠶ᠋ᠢ ᠢᠯᠡᠷᠡᠭᠦᠯᠪᠡ᠃ ᠡᠭᠦᠨ᠎ᠳᠤ᠂ 《ᠥᠪᠥᠷ ᠮᠣᠩᠭᠤᠯ᠎ᠢ ᠬᠥᠭ᠌ᠵᠢᠭᠦᠯᠬᠦ᠌》 ᠠᠵᠢᠯᠯᠠᠭ᠎ᠠ᠎ᠨᠢ ᠥᠪᠥᠷ ᠮᠣᠩᠭᠤᠯ᠎ᠤᠨ ᠱᠢᠨ᠎ᠡ᠎ᠶ᠋ᠢ ᠡᠭᠦᠳᠬᠦ᠌ ᠦᠢᠯᠡᠳᠦᠯᠭᠡ᠎ᠶ᠋ᠢ ᠪᠥᠬᠦ᠌ ᠲᠠᠯ᠎ᠠ᠎ᠪᠠᠷ ᠢᠯᠡᠷᠡᠭᠦᠯᠬᠦ᠌ ᠪᠣᠯᠤᠨ᠎ᠠ᠃ ᠲᠤᠬᠠᠶ᠎ᠶ᠋ᠢᠨ ᠲᠠᠯᠠᠪᠠᠶ᠎ᠳᠤ ᠰᠠᠯᠬᠢᠨ ᠬᠦᠴᠦᠨ᠎ᠤ ᠴᠠᠬᠢᠯᠭᠠᠨ ᠭᠡᠷᠡᠯ ᠴᠡᠨᠡᠭ᠎ᠤᠨ ᠣᠶᠤᠨᠴᠢ ᠪᠣᠳᠣᠯᠭ᠎ᠠ᠎ᠶ᠋ᠢᠨ ᠬᠦᠴᠦᠨ᠎ᠤ ᠦᠵᠦᠭᠦᠷᠯᠢᠭ ᠲᠥᠬᠦᠭᠡᠷᠦᠮᠵᠢ᠎ᠶ᠋ᠢ ᠳᠡᠯᠭᠡᠨ ᠦᠵᠡᠭᠦᠯᠵᠦ᠍᠂ ᠬᠥᠳᠡᠯᠦᠩᠭᠦᠶ ᠦᠵᠡᠭᠦᠯᠭᠡ᠎ᠶ᠋ᠢᠨ ᠱᠢᠰᠲ᠋ᠧᠮ᠎ᠢᠶᠠᠷ ᠳᠠᠮᠵᠢᠭᠤᠯᠤᠨ ᠡᠨᠧᠷᠭᠢ᠎ᠶ᠋ᠢᠨ ᠲᠣᠬᠢᠷᠠᠭᠤᠯᠤᠯᠲᠠ᠎ᠶ᠋ᠢᠨ ᠪᠤᠳᠤᠬᠤ ᠠᠷᠭ᠎ᠠ᠎ᠶ᠋ᠢ ᠱᠢᠭᠤᠳ ᠢᠯᠡᠷᠡᠭᠦᠯᠬᠦ᠌ ᠨᠠᠷᠢᠯᠢᠭ ᠣᠨᠣᠴᠠᠲᠠᠶ ᠠᠵᠢᠯᠯᠠᠭᠠᠨ᠎ᠤ ᠲᠣᠭ᠍ᠲᠠᠴᠠ᠎ᠪᠠᠷ ᠳᠠᠮᠵᠢᠭᠤᠯᠤᠨ᠂ ᠱᠢᠨ᠎ᠡ ᠡᠨᠧᠷᠭᠢ᠎ᠶ᠋ᠢᠨ ᠠᠵᠤ ᠦᠢᠯᠡᠰ᠎ᠲᠤ 《ᠤᠶᠤᠨᠲᠤ ᠶᠡᠭᠡ ᠲᠠᠷᠢᠬᠢ》 ᠤᠭ᠍ᠰᠠᠷᠠᠭ᠍ᠰᠠᠨ ᠮᠡᠲᠦ ; ᠬᠢᠯᠢ ᠠᠯᠤᠰᠯᠠᠭ᠍ᠰᠠᠨ ᠴᠠᠬᠢᠯᠭᠠᠨ ᠬᠦᠴᠦᠨ᠎ᠤ ᠲᠡᠭᠡᠭᠡᠪᠦᠷᠢ᠎ᠶ᠋ᠢᠨ ᠲᠣᠭᠠᠴᠢᠯᠠᠭ᠍ᠰᠠᠨ ᠬᠠᠮᠢᠶᠠᠷᠤᠨ ᠡᠵᠡᠮᠳᠡᠬᠦ᠌ ᠲᠠᠪᠴᠠᠩ᠎ᠤᠨ ᠪᠣᠳᠠᠲᠤ ᠪᠣᠳᠠᠰ᠎ᠤᠨ ᠵᠠᠭ᠍ᠪᠤᠷ᠎ᠢ ᠤᠭ᠍ᠰᠠᠷᠠᠵᠤ᠂ ᠴᠠᠭ ᠲᠤᠬᠠᠶ᠎ᠳᠤᠨᠢ ᠲᠤᠭ᠎ᠠ ᠪᠠᠷᠢᠮᠲᠠ᠎ᠶ᠋ᠢᠨ ᠳᠠᠮᠵᠢᠭᠤᠯᠭ᠎ᠠ᠎ᠶ᠋ᠢᠨ ᠳᠠᠭᠤᠷᠢᠶᠠᠮᠠᠯ ᠦᠵᠡᠭᠦᠯᠭᠡ᠎ᠲᠠᠢ ᠬᠠᠮᠵᠢᠯᠴᠠᠨ᠂ ᠤᠯᠤᠰ ᠠᠯᠤᠰᠯᠠᠭ᠍ᠰᠠᠨ ᠡᠨᠧᠷᠭᠢ᠎ᠶ᠋ᠢᠨ ᠳᠠᠮᠵᠢᠭᠤᠯᠭ᠎ᠠ᠎ᠶ᠋ᠢᠨ ᠥᠨᠳᠥᠷ ᠪᠦᠲᠦᠮᠵᠢᠲᠡᠶ ᠪᠥᠭᠡᠳ ᠯᠠᠪᠳᠠᠭᠤᠨ ᠪᠠᠲᠤᠲᠠᠶ ᠪᠠᠢᠬᠤ᠎ᠶ᠋ᠢ ᠠᠮᠢᠳᠤᠯᠢᠭ᠎ᠢᠶᠠᠷ ᠲᠠᠢᠯᠪᠤᠷᠢᠯᠠᠪᠠ; ᠡᠯᠡᠰᠦ᠎ᠶ᠋ᠢ ᠵᠠᠰᠠᠬᠤ ᠲᠤᠰᠭᠠᠶ ᠲᠤᠭ᠎ᠠ ᠪᠠᠷᠢᠮᠲᠠ᠎ᠶ᠋ᠢᠨ ᠵᠠᠳᠠᠯᠤᠯᠲᠠ᠎ᠶ᠋ᠢᠨ ᠲᠠᠪᠴᠠᠩ᠎ᠤᠨ ᠠᠴᠢᠶᠠᠯᠠᠭ᠍ᠰᠠᠨ ᠠᠯᠤᠰ ᠰᠡᠷᠡᠯ᠎ᠢ ᠬᠢᠨᠠᠨ ᠬᠡᠮᠵᠢᠬᠦ᠌ ᠲᠥᠬᠦᠭᠡᠷᠦᠮᠵᠢ ᠪᠠ ᠬᠥᠷᠥᠰᠥ᠍ ᠱᠢᠷᠣᠶ᠎ᠶ᠋ᠢᠨ ᠥᠯᠢᠭᠡᠷ ᠡᠳ᠋᠎ᠤᠨ ᠦᠵᠡᠭᠦᠯᠭᠡ᠎ᠶ᠋ᠢᠨ ᠲᠣᠭᠤᠷᠢᠭ᠎ᠲᠤ ᠱᠢᠨᠵᠢᠯᠡᠬᠦ᠌ ᠤᠬᠠᠭᠠᠨ ᠲᠸᠭ᠌ᠨᠢᠭ ᠮᠡᠷᠭᠡᠵᠢᠯ᠎ᠢᠶᠠᠷ ᠡᠯᠡᠰᠦ᠎ᠶ᠋ᠢ ᠵᠠᠰᠠᠬᠤ ᠮᠡᠷᠭᠡᠵᠢᠯ᠎ᠤᠨ ᠠᠷᠭ᠎ᠠ ᠵᠠᠮ᠎ᠢ ᠢᠯᠡᠷᠡᠭᠦᠯᠵᠦ᠍᠂ ᠱᠢᠨ᠎ᠡ᠎ᠶ᠋ᠢ ᠡᠭᠦᠳᠬᠦ᠌ ᠬᠥᠳᠡᠯᠭᠡᠬᠦ᠌ ᠡᠨᠧᠷᠭᠢ᠎ᠶ᠋ᠢ ᠰᠡᠷᠡᠵᠦ᠍ ᠮᠡᠳᠡᠬᠦ᠌ ᠬᠥᠭ᠌ᠵᠢᠯᠲᠡ᠎ᠶ᠋ᠢᠨ ᠦᠷ᠎ᠡ ᠪᠦᠲᠦᠭᠡᠯ ᠪᠣᠯᠭᠠᠨ ᠬᠤᠪᠢᠷᠠᠭᠤᠯᠪᠠ᠃
《 ᠨᠡᠬᠡᠬᠡᠯᠳᠡᠳᠦ ᠥᠪᠥᠷ ᠮᠣᠩᠭᠣᠯ 》 ᠨᠢ ᠥᠪᠥᠷ ᠮᠣᠩᠭᠣᠯ᠎ᠤ᠋ᠨ ᠣᠶᠤᠨᠤ᠋ ᠲᠠᠯ᠎ᠠ᠎ᠪᠠᠷ ᠪᠦᠬᠦ᠌ ᠪᠥᠮᠪᠥᠷᠴᠡᠭᠦ᠋ᠨ ᠥᠷᠢᠰᠦᠯᠳᠦᠬᠦ᠌ ᠬᠦᠴᠦᠨ᠎ᠢ᠋ ᠳᠡᠯᠭᠡᠨ ᠦᠵᠡᠭᠦᠯᠦᠨ᠎ᠡ᠃ ᠠᠵᠤ ᠦᠢᠯᠡᠳᠪᠦᠷᠢ᠎ᠶ᠋ᠢᠨ ᠬᠦᠷᠢᠶ᠎ᠡ ᠴᠠᠷᠠᠭ᠎ᠠ᠎ᠶ᠋ᠢ ᠭᠤᠣᠯᠳᠠᠯᠭ᠎ᠠ᠎ᠲᠠᠢ ᠳᠡᠯᠭᠡᠨ ᠦᠵᠡᠭᠦᠯᠵᠦ᠍ ᠴᠠᠬᠢᠮ ᠢᠯᠲᠠᠰᠤ᠎ᠶ᠋ᠢ ᠦᠢᠯᠡᠳᠬᠦ᠌᠎ᠳᠤ ᠬᠦᠴᠦᠨ ᠨᠡᠮᠡᠷᠢᠯᠡᠬᠦ᠌ ᠳᠡᠭᠡᠳᠦ ᠴᠢᠳᠠᠪᠬᠢᠲᠤ ᠬᠤᠪᠣᠷ ᠱᠢᠷᠣᠢ᠎ᠶ᠋ᠢᠨ ᠱᠢᠨ᠎ᠡ ᠮᠠᠲ᠋ᠧᠷᠢᠶᠠᠯ᠎ᠤᠨ ᠵᠠᠭ᠍ᠪᠤᠷ ᠵᠢᠴᠢ ᠬᠡᠷᠡᠭ᠌ᠯᠡᠭᠡᠨ᠎ᠤ ᠦᠷ᠎ᠡ ᠪᠦᠲᠦᠭᠡᠯ᠎ᠤᠨ ᠵᠢᠷᠤᠭ᠎ᠤᠨ ᠵᠢᠭ᠍ᠰᠠᠯ᠂ ᠠᠵᠤ ᠦᠢᠯᠡᠰ᠎ᠤᠨ ᠬᠠᠲᠠᠭᠤ ᠪᠣᠳᠠᠲᠤ ᠬᠦᠴᠦᠨ᠎ᠢ ᠢᠯᠡᠷᠡᠭᠦᠯᠪᠡ; ᠠᠷᠠᠳ᠎ᠤᠨ ᠠᠮᠢᠳᠤᠷᠠᠯ᠎ᠤᠨ ᠬᠦᠷᠢᠶ᠎ᠡ ᠴᠠᠷᠠᠭ᠎ᠠ᠎ᠳᠤ᠂ ᠴᠠᠭᠠᠨ ᠢᠳᠡᠭᠡᠨ᠎ᠤ ᠪᠦᠬᠦ᠌ ᠠᠵᠤ ᠦᠢᠯᠡᠰ᠎ᠤᠨ ᠬᠡᠯᠬᠢᠶ᠎ᠡ᠎ᠶ᠋ᠢᠨ ᠪᠣᠳᠠᠲᠤ ᠪᠣᠳᠠᠰ᠎ᠤᠨ ᠦᠵᠡᠭᠦᠯᠭᠡ᠎ᠶ᠋ᠢᠨ ᠲᠠᠪᠴᠠᠩ ᠭᠠᠷᠭᠠᠵᠤ᠂ ᠲᠦᠭᠦᠬᠡᠶ ᠰᠦ᠎ᠶ᠋ᠢᠨ ᠦᠵᠡᠭᠦᠯᠭᠡ᠎ᠶ᠋ᠢᠨ ᠮᠠᠱᠢᠨ᠎ᠠᠴᠠ 30 ᠭᠠᠷᠤᠢ ᠤᠯᠤᠰ᠎ᠤᠨ ᠳᠡᠭᠡᠳᠦ ᠲᠡᠰ᠎ᠤᠨ ᠴᠠᠭᠠᠨ ᠢᠳᠡᠭᠡᠨ᠎ᠤ ᠱᠢᠷᠢᠰ ᠲᠠᠰ ᠳᠠᠷᠠᠭᠠᠯᠠᠨ ᠢᠯᠡᠷᠡᠪᠡ; ᠢᠮᠠᠭᠠᠨ ᠨᠤᠤᠯᠤᠭᠤᠷ᠎ᠤᠨ ᠪᠦᠲᠦᠭᠡᠭ᠌ᠳᠡᠬᠦᠨ᠎ᠤ ᠦᠵᠡᠭᠦᠯᠭᠡ᠎ᠶ᠋ᠢᠨ ᠲᠣᠭᠤᠷᠢᠭ᠎ᠨᠢ ᠲᠦᠭᠦᠬᠡᠢ ᠮᠠᠲ᠋ᠧᠷᠢᠶᠠᠯ᠎ᠤᠨ ᠵᠠᠭ᠍ᠪᠤᠷ᠂ ᠭᠠᠷ ᠤᠷᠠᠯᠠᠯ᠎ᠤᠨ ᠴᠤᠪᠤᠷᠠᠯ ᠵᠢᠷᠤᠭ᠎ᠢᠶᠠᠷ ᠳᠠᠮᠵᠢᠭᠤᠯᠤᠨ ᠤᠯᠠᠨ ᠤᠯᠤᠰ᠎ᠤᠨ ᠵᠠᠬᠢᠶᠠᠯᠠᠭ᠎ᠠ᠎ᠶ᠋ᠢᠨ ᠭᠡᠷᠡᠴᠢ᠎ᠪᠠᠷ ᠳᠠᠮᠵᠢᠭᠤᠯᠵᠤ᠂ ᠲᠠᠯ᠎ᠠ ᠨᠤᠲᠤᠭ᠎ᠤᠨ ᠮᠠᠯᠵᠢᠯ᠎ᠤᠨ ᠲᠠᠯᠠᠪᠠᠢ᠎ᠠᠴᠠ ᠪᠦᠬᠦ᠌ ᠪᠥᠮᠪᠥᠷᠴᠡᠭ᠎ᠤᠨ ᠵᠠᠬ᠎ᠠ ᠳᠡᠯᠭᠡᠭᠦᠷ᠎ᠤᠨ ᠠᠵᠤ ᠦᠢᠯᠡᠰ᠎ᠤᠨ ᠬᠡᠯᠬᠢᠶ᠎ᠡ᠎ᠶ᠋ᠢ ᠪᠦᠷᠢᠨ ᠪᠦᠲᠦᠨ ᠳᠡᠯᠭᠡᠨ ᠦᠵᠡᠭᠦᠯᠵᠦ᠍᠂ ᠳᠡᠯᠭᠡᠨ ᠦᠵᠡᠭᠦᠯᠬᠦ᠌ ᠵᠦᠢᠯᠡᠰ ᠨᠢᠭᠡᠪᠦᠷᠢ᠎ᠶ᠋ᠢ ᠴᠥᠮ ᠨᠡᠭᠡᠭᠡᠯᠲᠡ᠎ᠲᠠᠢ ᠬᠠᠮᠲᠤᠷᠠᠯᠴᠠᠭᠠᠨ᠎ᠤ ᠠᠮᠢᠳᠤᠯᠢᠭ ᠲᠠᠢᠯᠪᠤᠷᠢ ᠪᠣᠯᠭᠠᠭ᠍ᠰᠠᠨ ᠪᠠᠢᠨ᠎ᠠ᠃
《ᠪᠣᠬᠢᠷᠲᠤᠯ ᠥᠬᠡᠢ ᠥᠪᠥᠷ ᠮᠣᠩᠭᠣᠯ》 ᠨᠢ ᠡᠯᠡᠰᠦᠨ ᠴᠦᠯᠢ᠋ ᠵᠠᠰᠠᠬᠤ 《 ᠠᠷᠠᠳᠢ᠋ ᠪᠠᠶᠠᠵᠢᠭᠤᠯᠬᠤ ᠲᠡᠭ᠌ᠱᠢᠳᠭᠡᠯ》 ᠪᠣᠯᠤᠨ᠎ᠠ᠃ ᠡᠯᠡᠰᠦᠷᠬᠡᠭ᠌ᠵᠢᠭ᠌ᠰᠡᠨ ᠭᠠᠵᠠᠷ ᠣᠷᠣᠨ᠎ᠳᠤ ᠣᠶᠤᠨᠴᠢ ᠤᠰᠤᠯᠠᠯᠲᠠ᠎ᠶ᠋ᠢᠨ ᠲᠥᠬᠦᠭᠡᠷᠦᠮᠵᠢ᠂ ᠠᠮᠢᠳᠤ ᠪᠣᠳᠠᠰ᠎ᠤᠨ ᠡᠯᠡᠰᠦ᠎ᠶ᠋ᠢ ᠲᠣᠭ᠍ᠲᠠᠪᠤᠷᠢᠵᠢᠭᠤᠯᠬᠤ ᠮᠠᠲ᠋ᠧᠷᠢᠶᠠᠯ ᠵᠡᠷᠭᠡ ᠮᠡᠷᠭᠡᠵᠢᠯ᠎ᠤᠨ ᠪᠣᠳᠠᠲᠤ ᠪᠣᠳᠠᠰ᠎ᠢ ᠲᠥᠪᠯᠡᠷᠡᠭᠦᠯᠦᠨ ᠳᠡᠯᠭᠡᠨ ᠦᠵᠡᠭᠦᠯᠵᠦ᠍᠂ ᠡᠯᠡᠰᠦ᠎ᠶ᠋ᠢ ᠵᠠᠰᠠᠬᠤ᠎ᠶ᠋ᠢᠨ ᠡᠮᠦᠨ᠎ᠡ ᠬᠤᠢᠨᠠᠬᠢ ᠡᠯᠡᠰᠦᠨ᠎ᠤ ᠠᠵᠤ ᠦᠢᠯᠡᠰ᠎ᠤᠨ ᠦᠵᠡᠭᠦᠯᠭᠡ᠎ᠶ᠋ᠢᠨ ᠲᠠᠪᠴᠠᠩ᠎ᠳᠤ ᠴᠢᠴᠠᠷᠭᠠᠨ᠎ᠠ᠎ᠶ᠋ᠢᠨ ᠤᠮᠳᠠᠭᠠᠨ᠂ ᠴᠠᠭᠠᠨ ᠭᠤᠶᠣᠣ᠎ᠶ᠋ᠢᠨ ᠡᠷᠡᠭᠦᠯᠵᠢᠯ᠎ᠤᠨ ᠪᠦᠲᠦᠭᠡᠭ᠌ᠳᠡᠬᠦᠨ ᠵᠡᠷᠭᠡ ᠨᠠᠷᠢᠯᠢᠭ ᠡᠳ᠋ᠱᠢᠭᠦᠯᠦᠭ᠌ᠰᠡᠨ ᠪᠦᠲᠦᠭᠡᠭ᠌ᠳᠡᠬᠦᠨ᠎ᠤ ᠱᠢᠯᠭᠠᠨ ᠪᠠᠢᠴᠠᠭᠠᠯᠲᠠ ᠪᠠ ᠪᠦᠷᠢᠯᠳᠦᠭᠦᠨ᠎ᠤ ᠱᠢᠯᠭᠠᠨ ᠪᠠᠢᠴᠠᠭᠠᠯᠲᠠ᠎ᠶ᠋ᠢᠨ ᠮᠡᠳᠡᠭᠦᠯᠦᠯᠲᠡ ᠬᠠᠩᠭᠠᠵᠤ᠂ ᠠᠮᠢ ᠠᠬᠤᠢ᠎ᠶ᠋ᠢᠨ ᠦᠨ᠎ᠡ ᠦᠷᠳᠡᠭ᠎ᠢ ᠠᠵᠤ ᠠᠬᠤᠢ᠎ᠶ᠋ᠢᠨ ᠦᠷᠳᠡᠭ ᠲᠡᠢᠰᠢ ᠬᠤᠪᠢᠷᠠᠭᠤᠯᠬᠤ ᠠᠷᠭ᠎ᠠ ᠵᠠᠮ᠎ᠢ ᠱᠢᠭᠤᠳ ᠢᠯᠡᠷᠡᠭᠦᠯᠪᠡ; ᠤᠳᠤ ᠦᠶ᠎ᠡ᠎ᠶ᠋ᠢᠨ ᠲᠠᠷᠢᠶᠠᠯᠠᠩ᠎ᠤᠨ ᠵᠢᠱ᠌ᠢᠶ᠎ᠡ ᠦᠵᠡᠭᠦᠯᠬᠦ᠌ ᠣᠷᠣᠨ᠎ᠳᠤ ᠣᠷᠭᠠᠨᠢᠭ ᠮᠠᠯ᠎ᠤᠨ ᠠᠱᠢᠭ ᠱᠢᠮ᠎ᠡ᠎ᠶ᠋ᠢᠨ ᠭᠡᠷᠡᠴᠢᠯᠡᠯ᠎ᠤᠨ ᠱᠢᠰᠲ᠋ᠧᠮ ᠲᠣᠬᠢᠷᠠᠭᠤᠯᠤᠨ ᠬᠡᠷᠡᠮ ᠪᠠᠢᠭᠤᠯᠵᠤ᠂ ᠲᠤᠬᠠᠢ᠎ᠶ᠋ᠢᠨ ᠲᠠᠯᠠᠪᠤᠷ᠎ᠲᠤ ᠲᠤᠷᠱᠢᠨ ᠢᠳᠡᠬᠦ᠌ ᠣᠷᠭᠠᠨᠢᠭ ᠦᠬᠡᠷ ᠬᠤᠨᠢᠨ ᠮᠢᠬ᠎ᠠ᠂ ᠡᠯᠳᠡᠪ ᠠᠮᠤ ᠵᠡᠷᠭᠡ ᠪᠦᠲᠦᠭᠡᠭ᠌ᠳᠡᠬᠦᠨ᠎ᠢ ᠲᠤᠬᠢᠷᠠᠭᠤᠯᠵᠤ ᠲᠠᠯ᠎ᠠ ᠨᠤᠲᠤᠭ᠎ᠤᠨ ᠴᠡᠪᠡᠷ ᠲᠤᠰ ᠠᠮᠲᠠ᠎ᠶ᠋ᠢ ᠮᠡᠳᠡᠷᠡᠭᠦᠯᠦᠨ᠎ᠡ᠃
《ᠰᠣᠶᠣᠯ᠎ᠤ᠋ᠨ ᠥᠪᠥᠷ ᠮᠣᠩᠭᠣᠯ》 ᠨᠢ ᠪᠡᠶᠡᠲᠦ ᠤᠯᠠᠮᠵᠢᠯᠠᠯ ᠪᠠ ᠤᠷᠤᠰᠭᠠᠯ᠎ᠤ᠋ᠨ ᠮᠥᠷᠭᠥᠯᠳᠦᠭᠡᠨ ᠭᠠᠷᠴᠤ᠌ ᠬᠠᠮᠲᠤ ᠣᠷᠣᠱᠢᠬᠤ ᠪᠣᠯᠤᠨ᠎ᠠ᠃ ᠮᠣᠩᠭᠣᠯ ᠲᠡᠷᠯᠢᠭ ᠢ᠋ ᠥᠭᠡᠷᠡᠴᠢᠯᠡᠨ ᠰᠠᠢᠵᠢᠷᠠᠭᠤᠯᠵᠤ᠂ ᠣᠲᠣ᠌ ᠦᠶ᠎ᠡ ᠶ᠋ᠢᠨ ᠵᠢᠷᠤᠭ ᠲᠥᠯᠥᠪᠯᠡᠭᠡ᠎ᠳᠦ ᠠᠭᠤᠰᠬᠠᠨ᠂ ᠤᠯᠠᠮᠵᠢᠯᠠᠯᠲᠤ ᠬᠡ ᠤᠭᠠᠯᠵᠠ ᠶ᠋ᠢ ᠴᠠᠭ᠎ᠤᠨ ᠥᠩᠭᠡ ᠶ᠋ᠢᠨ ᠲᠡᠮᠳᠡᠭ ᠪᠣᠯᠭᠠᠨ ᠬᠤᠪᠢᠷᠠᠭᠤᠯᠪᠠ ; ᠵᠠᠬᠢᠶᠠᠯᠠᠭ᠎ᠠ᠎ᠶᠢᠨ ᠵᠢᠭᠤᠯᠴᠢᠯᠠᠯ᠎ᠤᠨ ᠵᠠᠮ ᠱᠤᠭᠤᠮ ᠨᠢ ᠲᠠᠯ᠎ᠠ ᠨᠤᠲᠤᠭ᠎ᠠᠴᠠ ᠡᠯᠡᠰᠦᠨ ᠴᠥᠯ ᠬᠦᠷᠲᠡᠯ᠎ᠡ ᠦᠷᠭᠦᠯᠵᠢᠯᠡᠵᠦ᠂ ᠵᠢᠭᠤᠯᠴᠢᠯᠠᠯ᠎ᠤᠨ ᠰᠡᠭᠦᠳᠡᠷᠯᠡᠬᠦ ᠦᠢᠯᠡᠴᠢᠯᠡᠭᠡ᠎ᠲᠠᠢ ᠲᠣᠬᠢᠷᠠᠭᠤᠯᠤᠨ᠂ ᠲᠠᠷᠠᠭᠠᠴᠢ᠎ᠶᠢᠨ ᠤᠳᠠᠭᠠᠨ᠎ᠤ ᠵᠢᠭᠤᠯᠴᠢᠯᠠᠯ᠎ᠢᠶᠠᠨ ᠤᠷᠢᠳᠴᠢᠯᠠᠨ 《ᠣᠨᠢᠰᠤᠯᠠᠵᠤ》᠂ ᠥᠪᠥᠷ ᠮᠣᠩᠭᠣᠯ᠎ᠤᠨ ᠰᠢᠯᠦᠭ᠎ᠢ ᠠᠯᠤᠰ᠎ᠤᠨ ᠬᠢ᠎ᠡᠴᠡ ᠭᠠᠷ᠎ᠲᠤ ᠪᠠᠷᠢᠭ᠍ᠳᠠᠮ᠎ᠠ ᠪᠣᠯᠭᠠᠪᠠ ᠃
ᠠᠢᠮᠠᠭ ᠬᠣᠲᠠ᠎ᠶᠢᠨ ᠣᠨᠴᠠᠯᠢᠭ᠍ᠲᠤ ᠦᠵᠡᠭᠦᠯᠭᠡ ᠄ 12 ᠠᠢᠮᠠᠭ ᠬᠣᠲᠠ᠎ᠶᠢᠨ ᠬᠢᠨ 《ᠠᠪᠳᠠᠷ᠎ᠠ᠎ᠶᠢᠨ ᠢᠷᠤᠭᠠᠷᠢ ᠳᠠᠷᠤᠬᠤ》 ᠰᠠᠢᠨ ᠶᠠᠭᠤᠮ᠎ᠠ᠎ᠪᠠᠨ ᠠᠪᠴᠢᠷᠠᠨ ᠨᠡᠷ᠎ᠡ ᠮᠡᠳᠡᠭᠦᠯᠬᠦ᠎ᠪᠡᠷ ᠢᠷᠡᠪᠡ
ᠥᠪᠥᠷ ᠮᠣᠩᠭᠤᠯ᠎ᠤᠨ 12 ᠠᠢᠮᠠᠭ ᠬᠤᠲᠠ᠎ᠶ᠋ᠢᠨ᠎ᠬᠢᠨ ᠪᠦᠯᠬᠦᠮ ᠵᠣᠬᠢᠶᠠᠨ ᠪᠠᠢᠭᠤᠯᠵᠤ ᠰᠠᠢᠬᠠᠨ ᠪᠣᠳᠠᠰ᠎ᠢᠶᠠᠨ ᠳᠠᠭᠠᠭᠤᠯᠤᠨ ᠦᠵᠡᠰᠭᠦᠯᠡᠩᠳᠤ ᠣᠷᠣᠯᠴᠠᠵᠤ᠂ ᠳᠡᠯᠭᠡᠨ ᠦᠵᠡᠭᠦᠯᠬᠦ᠌ ᠪᠣᠳᠠᠰ ᠨᠢᠭᠡᠪᠦᠷᠢ ᠴᠥᠮ ᠭᠠᠵᠠᠷ ᠣᠷᠣᠨ᠎ᠤ ᠢᠮ ᠲᠠᠮᠠᠭ᠎ᠠ᠎ᠲᠠᠢ ᠪᠣᠯᠪᠠ᠃ ᠬᠥᠯᠥᠨ ᠪᠤᠢᠷ᠎ᠤᠨ ᠣᠷᠭᠠᠨᠢᠭ ᠦᠬᠡᠷ ᠬᠤᠨᠢᠨ ᠮᠢᠬ᠎ᠠ᠎ᠨᠢ ᠲᠠᠯ᠎ᠠ ᠨᠤᠲᠤᠭ᠎ᠤᠨ ᠱᠢᠨ᠎ᠡ ᠰᠣᠷᠭᠤᠭ᠎ᠢᠶᠠᠷ ᠪᠢᠯᠬᠠᠵᠤ᠂ ᠲᠦᠩᠯᠢᠶᠣᠣ᠎ᠶᠢᠨ ᠡᠯᠡᠰᠦᠷᠬᠡᠭ ᠭᠠᠵᠠᠷ᠎ᠤᠨ ᠦᠵᠦᠮ ᠰᠡᠳᠬᠢᠯ᠎ᠳᠦ ᠬᠠᠳᠠᠩᠰᠢᠲᠠᠯ᠎ᠠ ᠠᠮᠲᠠᠲᠠᠶ ᠪᠠᠢᠵᠤ᠂ ᠦᠬᠠᠢ᠎ᠶᠢᠨ ᠦᠵᠦᠮ᠎ᠦᠨ ᠠᠷᠢᠬᠢ ᠨᠢ ᠨᠠᠷᠠᠨ᠎ᠤ ᠭᠡᠷᠡᠯ ᠠᠮᠲᠠᠭ᠍ᠳᠠᠵᠤ᠂ ᠠᠯᠠᠱᠠ᠎ᠶᠢᠨ ᠬᠠᠴᠢᠨ ᠴᠢᠯᠠᠭᠤᠨ᠎ᠤ ᠰᠣᠶᠣᠯ᠎ᠤᠨ ᠡᠭᠦᠳᠦᠭᠴᠢ ᠡᠯᠡᠰᠦᠨ ᠴᠦᠯ᠎ᠦᠨ ᠵᠠᠩ ᠦᠢᠯᠡ᠎ᠶᠢ ᠪᠡᠶ᠎ᠡ᠎ᠳᠡᠭᠡᠨ ᠵᠡᠭᠦᠪᠡ ᠁ ᠤᠤᠯ ᠠᠮᠢ ᠠᠬᠤᠢ᠎ᠶᠢᠨ ᠢᠳᠡᠭᠡᠨ᠎ᠦ ᠮᠠᠲᠧᠷᠢᠶᠠᠯ᠎ᠠᠴᠠ ᠰᠣᠳᠣᠨ ᠪᠦᠲᠦᠭᠡᠭᠳᠡᠬᠦᠨ᠎ᠢ ᠨᠠᠷᠢᠯᠢᠭ᠋ ᠡᠳ᠋ᠰᠢᠭᠦᠯᠦᠭᠰᠡᠨ ᠬᠦᠷᠲᠡᠯ᠎ᠡ᠂ ᠨᠢᠭᠡ ᠯᠡ ᠥᠷᠲᠡᠭᠡᠨ᠎ᠦ ᠮᠠᠶᠢᠭ᠋᠎ᠤᠨ ᠺᠠᠷᠲ᠎ᠤᠨ ᠤᠮᠠᠷᠠᠲᠤ ᠬᠢᠯᠢ᠎ᠶᠢᠨ ᠵᠠᠩ ᠦᠢᠯᠡ᠎ᠶᠢᠨ ᠦᠵᠡᠭᠦᠯᠭᠡ᠎ᠶᠢᠨ ᠪᠠᠢᠷᠢ ᠨᠢᠭᠡᠪᠦᠷᠢ ᠨᠢ ᠴᠥᠮ 《ᠰᠣᠴᠢᠨ ᠪᠠᠶᠠᠷᠯᠠᠬᠤ ᠮᠤᠬᠤᠷ ᠬᠠᠢᠷᠴᠠᠭ》 ᠪᠣᠯᠤᠨ᠎ᠠ᠃
ᠠᠵᠢᠯ ᠲᠥᠷᠥᠯ᠎ᠤᠨ ᠦᠵᠡᠭᠦᠯᠭᠡ᠎ᠶ᠋ᠢᠨ ᠲᠣᠭᠤᠷᠢᠭ᠄ ᠱᠢᠨᠵᠢᠯᠡᠬᠦ᠌ ᠤᠬᠠᠭᠠᠨ ᠲᠸᠭ᠌ᠨᠢᠭ ᠮᠡᠷᠭᠡᠵᠢᠯ ᠬᠢᠭᠡᠳ ᠠᠮᠢᠳᠤᠷᠠᠯ᠎ᠤᠨ ᠬᠤᠣᠰ ᠴᠢᠭ᠌ᠯᠡᠯ᠎ᠢᠶᠠᠷ ᠤᠷᠤᠭ᠍ᠰᠢᠯᠠᠬᠤ
ᠠᠵᠢᠯ ᠲᠥᠷᠥᠯ᠎ᠤᠨ ᠦᠵᠡᠭᠦᠯᠭᠡ᠎ᠶ᠋ᠢᠨ ᠲᠣᠭᠤᠷᠢᠭ᠎ᠲᠤ ᠣᠷᠴᠢᠨ ᠲᠣᠭᠤᠷᠢᠨ᠎ᠤ ᠰᠡᠷᠡᠨ ᠮᠡᠳᠡᠷᠡᠬᠦ᠌ ᠱᠢᠰᠲ᠋ᠧᠮ᠎ᠢ ᠠᠴᠢᠶᠠᠯᠠᠭ᠍ᠰᠠᠨ ᠮᠠᠱᠢᠨ ᠨᠣᠬᠠᠢ ᠪᠣᠳᠠᠰ᠂ ᠲᠤᠬᠠᠶ᠎ᠶ᠋ᠢᠨ ᠲᠠᠯᠠᠪᠤᠷ᠎ᠲᠤ ᠨᠠᠷᠢᠨ ᠪᠤᠳᠤᠯᠢᠶᠠᠨᠲᠠᠶ ᠭᠠᠵᠠᠷ᠎ᠤᠨ ᠪᠠᠢᠴᠠ᠎ᠪᠠᠷ ᠰᠦᠯᠵᠢᠯᠳᠦᠬᠦ᠂ ᠰᠠᠭᠠᠳ ᠲᠣᠳᠭᠠᠷᠢ ᠵᠠᠢᠯᠬᠤ ᠵᠡᠷᠭᠡ ᠴᠢᠳᠠᠮᠵᠢ᠎ᠶ᠋ᠢ ᠦᠵᠡᠭᠦᠯᠵᠦ᠍ ᠪᠣᠯᠤᠨ᠎ᠠ; ᠮᠧᠬᠠᠨᠢᠭ ᠭᠠᠷ ᠦᠢᠯᠡᠳᠪᠦᠷᠢᠯᠡᠯ᠎ᠤᠨ ᠱᠤᠭᠤᠮ᠎ᠤᠨ ᠳᠠᠭᠤᠷᠢᠶᠠᠮᠠᠯ ᠡᠯᠡᠰᠦᠨ ᠴᠠᠷᠠᠭ᠎ᠠ᠎ᠶ᠋ᠢ ᠬᠠᠮᠵᠢᠯᠴᠠᠵᠤ᠂ 《ᠢᠷᠡᠭᠡᠳᠦᠶ᠎ᠶ᠋ᠢᠨ ᠦᠢᠯᠡᠳᠪᠦᠷᠢ》 ᠶ᠋ᠢᠨ ᠠᠦ᠋ᠲ᠋ᠣᠴᠢᠯᠠᠭ᠍ᠰᠠᠨ ᠠᠵᠢᠯᠯᠠᠬᠤ ᠶᠠᠪᠤᠴᠠ᠎ᠶ᠋ᠢ ᠱᠢᠭᠤᠳ ᠠᠵᠢᠭ᠍ᠯᠠᠵᠤ ᠪᠣᠯᠤᠨ᠎ᠠ᠃ ᠬᠡᠷᠡᠯ ᠴᠡᠨᠡᠭ᠎ᠤᠨ ᠰᠠᠮᠪᠠᠷ᠎ᠠ᠂ ᠰᠠᠯᠬᠢᠨ ᠬᠦᠴᠦᠨ᠎ᠤ ᠴᠠᠬᠢᠯᠭᠠᠨ᠎ᠤ ᠲᠥᠬᠦᠭᠡᠷᠦᠮᠵᠢ ᠵᠡᠷᠭᠡ ᠪᠣᠳᠠᠲᠤ ᠪᠣᠳᠠᠰ᠎ᠤᠨ ᠲᠣᠨᠣᠭ᠍ᠯᠠᠯ᠎ᠢ 《 ᠪᠠᠷᠠᠭᠤᠨ᠎ᠤ ᠲᠣᠭ᠎ᠠ᠎ᠶ᠋ᠢ ᠵᠡᠭᠦᠨ᠎ᠳᠦ ᠪᠤᠳᠤᠬᠤ》ᠥᠪᠥᠷ ᠮᠣᠩᠭᠤᠯ᠎ᠤᠨ ᠵᠠᠩᠭᠢᠯᠠᠭ᠎ᠠ᠎ᠶ᠋ᠢᠨ ᠴᠡᠭ᠎ᠤᠨ ᠪᠤᠳᠤᠬᠤ ᠬᠦᠴᠦᠨ᠎ᠤ ᠲᠣᠬᠢᠷᠠᠭᠤᠯᠤᠯᠲᠠ᠎ᠶ᠋ᠢᠨ ᠴᠤᠪᠤᠷᠠᠯ ᠵᠢᠷᠤᠭ᠎ᠲᠠᠢ ᠤᠶᠠᠯᠳᠤᠭᠤᠯᠤᠨ᠂ ᠴᠡᠪᠡᠷ ᠡᠨᠧᠷᠭᠢ᠎ᠨᠢ ᠲᠣᠭᠠᠴᠢᠯᠠᠭ᠍ᠰᠠᠨ ᠠᠵᠤ ᠠᠬᠤᠶ᠎ᠶ᠋ᠢᠨ 《ᠴᠠᠬᠢᠯᠭᠠᠨ ᠴᠡᠨᠡᠭ᠌ᠯᠡᠬᠦ᠌》 ᠮᠡᠷᠭᠡᠵᠢᠯ᠎ᠤᠨ ᠠᠷᠭ᠎ᠠ ᠵᠠᠮ᠎ᠢ ᠲᠣᠳᠣᠷᠬᠠᠢᠯᠠᠨ ᠥᠭᠦᠯᠡᠪᠡ; ᠵᠣᠬᠢᠶᠠᠮᠠᠯ ᠣᠶᠤᠨ ᠬᠢᠭᠡᠳ ᠲᠣᠮᠣ ᠳ᠋ᠠᠢᠲ᠋ᠠ᠎ᠶ᠋ᠢᠨ ᠦᠵᠡᠭᠦᠯᠭᠡ᠎ᠶ᠋ᠢᠨ ᠲᠣᠭᠤᠷᠢᠭ᠎ᠨᠢ ᠬᠠᠷᠢᠯᠴᠠᠬᠤ ᠦᠵᠦᠭᠦᠷ᠎ᠢ ᠳᠣᠭᠢᠷᠠᠭᠤᠯᠵᠤ᠂ ᠲᠣᠭᠤᠷᠢᠨ ᠦᠵᠡᠭ᠌ᠴᠢ ᠤᠶᠤᠨᠲᠤ ᠵᠠᠮ ᠬᠠᠷᠢᠯᠴᠠᠭ᠎ᠠ᠂ ᠤᠶᠤᠨᠲᠤ ᠡᠮᠴᠢᠯᠡᠭᠡ ᠵᠡᠷᠭᠡ ᠬᠦᠷᠢᠶᠡᠨ᠎ᠳᠠᠬᠢ ᠪᠤᠳᠤᠬᠤ ᠠᠷᠭ᠎ᠠ᠎ᠶ᠋ᠢᠨ ᠬᠡᠷᠡᠭ᠌ᠯᠡᠭᠡᠨ᠎ᠤ ᠪᠠᠢᠳᠠᠯ᠎ᠢ ᠪᠡᠶᠡᠴᠢᠯᠡᠨ ᠣᠢᠯᠠᠭᠠᠵᠤ ᠪᠣᠯᠤᠨ᠎ᠠ; ᠬᠢᠯᠢ ᠠᠯᠤᠰᠯᠠᠭ᠍ᠰᠠᠨ ᠴᠠᠬᠢᠯᠭᠠᠨ ᠬᠦᠴᠦᠨ᠎ᠤ ᠱᠢᠰᠲ᠋ᠧᠮ᠎ᠨᠢ ᠤᠯᠤᠰ ᠠᠯᠤᠰᠯᠠᠭ᠍ᠰᠠᠨ ᠡᠨᠧᠷᠭᠢ᠎ᠶ᠋ᠢᠨ ᠬᠤᠯᠪᠣᠯᠳᠤᠨ ᠨᠡᠪᠲᠡᠷᠡᠯᠴᠡᠬᠦ᠌ ᠮᠡᠷᠭᠡᠵᠢᠯ᠎ᠤᠨ ᠱᠢᠰᠲ᠋ᠧᠮ᠎ᠢ ᠳᠡᠯᠭᠡᠨ ᠦᠵᠡᠭᠦᠯᠦᠨ᠎ᠡ; ᠤᠶᠤᠨᠲᠤ ᠴᠠᠬᠢᠯᠭᠠᠨ ᠲᠣᠤᠷ᠎ᠤᠨ ᠲᠥᠬᠦᠭᠡᠷᠦᠮᠵᠢ᠎ᠶ᠋ᠢᠨ ᠲᠤᠰᠭᠠᠶ ᠣᠷᠣᠨ᠎ᠳᠤ ᠡᠨᠧᠷᠭᠢ ᠬᠦᠷᠭᠡᠬᠦ᠌ ᠬᠦᠷᠢᠶᠡᠨ᠎ᠳᠠᠬᠢ 《ᠳᠤᠮᠳᠠᠳᠤ ᠤᠯᠤᠰ᠎ᠤᠨ ᠤᠶᠤᠨ》 ᠬᠢᠭᠡᠳ ᠤᠯᠤᠰ᠎ᠤᠨ ᠡᠨᠧᠷᠭᠢ᠎ᠶ᠋ᠢᠨ ᠠᠮᠤᠷ ᠲᠦᠪᠱᠢᠨ᠎ᠤ ᠪᠠᠲᠤ ᠪᠠᠬᠢ ᠰᠠᠭᠤᠷᠢ᠎ᠶ᠋ᠢ ᠪᠥᠬᠦ᠌ ᠲᠠᠯ᠎ᠠ᠎ᠪᠠᠷ ᠢᠯᠡᠷᠡᠭᠦᠯᠪᠡ᠃
ᠬᠡᠷᠡᠭ᠌ᠯᠡᠭᠡᠨ᠎ᠤ ᠨᠠᠷᠭᠢᠶᠠᠨᠲᠤ ᠣᠷᠣᠨ᠄ ᠬᠡᠯᠡᠨ᠎ᠤ ᠦᠵᠦᠭᠦᠷ ᠬᠢᠭᠡᠳ ᠪᠠᠷᠠᠭ᠎ᠠ ᠬᠤᠳᠠᠯᠳᠤᠨ ᠠᠪᠬᠤ ᠲᠡᠷᠭᠡ᠎ᠶ᠋ᠢᠨ ᠳᠠᠪᠬᠤᠷ ᠬᠠᠩᠭᠠᠯᠲᠠ
ᠰᠦ᠎ᠶ᠋ᠢᠨ ᠦᠢᠯᠡᠰ᠎ᠤᠨ ᠣᠷᠣᠨ ᠪᠦᠰᠡ᠎ᠳᠤ ᠥᠪᠥᠷ ᠮᠣᠩᠭᠤᠯ᠎ᠤᠨ ᠡᠯ᠎ᠡ ᠲᠣᠮᠣ ᠴᠠᠭᠠᠨ ᠢᠳᠡᠭᠡᠨ᠎ᠤ ᠠᠵᠤ ᠠᠬᠤᠢᠯᠠᠯ ᠬᠤᠷᠠᠨ ᠴᠤᠭ᠍ᠯᠠᠷᠠᠵᠤ᠂ ᠴᠢᠳᠠᠮᠵᠢᠳᠤ ᠰᠦᠨ ᠲᠠᠯᠬ᠎ᠠ᠂ ᠱᠢᠨ᠎ᠡ᠎ᠶ᠋ᠢ ᠡᠭᠦᠳᠦᠭ᠌ᠰᠡᠨ ᠪᠢᠱᠢᠯᠠᠭ᠂ ᠣᠨᠴᠠᠯᠢᠭ᠍ᠲᠤ ᠡᠭᠡᠳᠡᠭ᠌ᠰᠡᠨ ᠰᠦ ᠵᠡᠷᠭᠡ ᠱᠢᠷᠢᠰ ᠱᠢᠨ᠎ᠡ ᠪᠦᠲᠦᠭᠡᠭ᠌ᠳᠡᠬᠦᠨ ᠲᠠᠢᠰᠠᠨ᠎ᠳᠤ ᠭᠠᠷᠴᠤ᠌᠂ ᠲᠠᠯ᠎ᠠ ᠨᠤᠲᠤᠭ᠎ᠤᠨ ᠰᠦ᠎ᠶ᠋ᠢᠨ ᠦᠢᠯᠡᠰ᠎ᠤᠨ ᠤᠷᠠᠨ ᠳᠠᠷᠬ᠎ᠠ ᠪᠠ ᠱᠢᠨ᠎ᠡ᠎ᠶ᠋ᠢ ᠡᠭᠦᠳᠬᠦ᠌᠎ᠶ᠋ᠢ ᠨᠢᠭ᠍ᠲᠠᠷᠠᠭᠤᠯᠵᠤ ᠪᠠᠢᠨ᠎ᠠ᠃
ᠣᠬᠢ ᠪᠠᠷᠠᠭᠠᠨ᠎ᠤ᠋ ᠴᠤᠭ᠍ᠯᠠᠷᠠᠯ᠎ᠤᠨ ᠣᠷᠣᠨ᠎ᠳ᠋ᠤ ᠠᠷᠪᠠ ᠭᠠᠷᠤᠢ ᠮᠣᠵᠢ᠎ᠶᠢᠨ ᠣᠨᠴᠠᠯᠢᠭ᠎ᠲᠠᠢ ᠰᠠᠢᠨ ᠪᠣᠳᠠᠰ ᠢᠯᠡᠷᠡᠨ᠎ᠡ᠃ ᠶᠦᠨᠨᠠᠨᠤ᠋ ᠵᠡᠷᠯᠢᠭ ᠮᠥᠭᠥ᠌ᠶ᠋ᠢᠨ ᠵᠢᠶᠠᠩ ᠪᠣᠯᠤᠨ ᠡᠷᠲᠡᠨ᠎ᠦ᠌ ᠮᠣᠳᠣᠨᠤ᠋ ᠫᠦ᠋ ᠡᠯ ᠴᠠᠢ᠂ ᠱᠠᠨ ᠱ᠋ᠢᠶᠢᠨ ᠬᠠᠭᠤᠴᠢᠨ ᠼᠤᠤ ᠪᠤᠯᠤᠨ ᠫᠢᠩ ᠶᠣᠣ᠎ᠶ᠋ᠢᠨ ᠱᠢᠷᠢ ᠲᠦᠯᠬᠢᠬᠦ᠌ ᠪᠠᠭᠠᠵᠢ᠂ ᠪᠡᠭᠡᠵᠢᠩ᠎ᠦ᠋ᠨ ᠣᠶᠤᠨᠴᠢ ᠳᠠᠭᠤᠨᠤ᠋ ᠬᠠᠢᠷᠴᠠᠭ ᠪᠣᠯᠤᠨ ᠡᠷᠡᠭᠦᠯ ᠮᠡᠨᠳᠦ᠍᠎ᠶᠢᠨ ᠡᠮᠦᠰᠬᠡᠯ᠎ᠶᠢᠨ ᠲᠣᠨᠣᠭ ᠲᠥᠬᠥᠭᠡᠷᠦᠮᠵᠢ᠂ ᠰᠢᠶᠠᠩᠭᠠᠩ᠎ᠤᠨ ᠰᠢᠶᠠᠩᠭᠠᠩ ᠮᠠᠶᠢᠭ᠋᠎ᠤᠨ ᠰᠦ᠎ᠲᠠᠢ ᠴᠠᠢ᠎ᠶᠢᠨ ᠲᠦᠷᠭᠡᠨ ᠠᠭᠤᠰᠬᠤ ᠪᠠᠭ᠍ᠴᠠ᠂ ᠭᠢᠷᠢᠨ᠎ᠦ ᠴᠠᠩ ᠪᠠᠢ ᠱᠠᠨ᠎ᠤ ᠲᠣᠮᠣ᠌ ᠮᠣᠳᠣᠨ᠎ᠤ ᠪᠠᠯ ᠪᠣᠯᠣᠨ ᠶᠠᠨᠪᠢᠶᠠᠨᠤ ᠭᠤᠱᠤᠭᠤᠨ ᠴᠠᠭᠠᠨ ᠨᠣᠭᠣᠭ᠎ᠠ᠂ ᠯᠢᠶᠣᠤᠨᠢᠩ᠎ᠤᠨ ᠴᠡᠷᠢᠭ᠎ᠦᠨ ᠠᠵᠤ ᠦᠢᠯᠡᠳᠪᠦᠷᠢ᠎ᠶᠢᠨ ᠳᠤᠯᠠᠭᠠᠨ ᠴᠣᠮᠣ᠌ ᠪᠣᠯᠣᠨ ᠨᠠᠷᠢᠯᠢᠭ᠋ ᠰᠠᠤᠷᠢ ᠮᠠᠰᠢᠨ᠎ᠤ ᠵᠢᠵᠢᠭ ᠪᠠᠭᠠᠵᠢ᠂ ᠵᠧᠵᠢᠶᠠᠩ᠎ᠤᠨ ᠭᠠᠵᠠᠷ ᠱᠦᠭᠦᠷᠳᠡᠬᠦ ᠮᠠᠰᠢᠨ ᠬᠥᠮᠥᠨ ᠪᠣᠯᠣᠨ ᠣᠶᠤᠨᠲᠤ ᠴᠠᠬᠢᠯᠭᠠᠨ ᠲᠣᠭᠣᠭ᠎ᠠ᠂ ᠨᠢᠩᠰᠢᠶᠠ᠎ᠶᠢᠨ ᠴᠢᠨᠦ᠎ᠠ᠎ᠶᠢᠨ ᠬᠠᠷᠮᠠᠭ ᠪᠣᠯᠣᠨ ᠲᠠᠩ᠎ᠤᠨ ᠬᠤᠨᠢᠨ᠎ᠤ ᠳᠠᠪᠤᠰᠤᠯᠠᠭᠰᠠᠨ ᠮᠢᠬ᠎ᠠ᠂ ᠱᠠᠨᠰᠢ᠎ᠶᠢᠨ ᠴᠡᠷᠢᠭ ᠮᠣᠷᠢᠨ᠎ᠤ ᠬᠡᠦᠬᠡᠯᠳᠡᠢ᠎ᠶᠢᠨ ᠰᠣᠶᠣᠯ᠎ᠤᠨ ᠡᠭᠦᠳᠦᠯᠲᠡ᠎ᠶᠢᠨ ᠪᠦᠲᠦᠭᠡᠭᠳᠡᠬᠦᠨ ᠪᠣᠯᠣᠨ ᠮᠢᠬ᠎ᠠ ᠬᠠᠪᠴᠢᠭᠤᠯᠤᠭᠰᠠᠨ ᠮᠠᠨᠲᠠᠤ᠎ᠶ᠋ᠢᠨ ᠲᠦᠷᠭᠡᠨ ᠬᠣᠭᠣᠯᠠ᠂ ᠭᠣᠸᠠᠩᠳᠦ᠋ᠩᠦᠨ ᠤᠲᠠᠰᠤ ᠦᠭᠡᠢ ᠯᠠᠨᠶᠠ ᠴᠢᠩᠨᠠᠭᠤᠷ᠂ ᠰᠸᠴᠤᠸᠠᠨ᠎ᠤ ᠫᠢ ᠰᠢᠶᠠᠨ᠎ᠤ ᠪᠤᠷᠴᠠᠭ᠎ᠤᠨ ᠬᠡᠯᠲᠡᠰ ᠪᠣᠯᠣᠨ ᠲᠠᠤᠯᠠᠢ᠎ᠶᠢ ᠬᠦᠢᠲᠡᠨ᠎ᠢᠶᠡᠷ ᠢᠳᠡᠬᠦ᠌᠂ ᠣᠨᠴᠠᠯᠢᠭ᠍ᠲᠤ ᠰᠢᠯᠢᠳᠡᠭ ᠪᠠᠷᠠᠭ᠎ᠠ᠎ᠶᠢ ᠠᠮᠲᠠᠲᠤ ᠢᠳᠡᠭᠡᠨ᠎ᠡᠴᠡ ᠠᠮᠢᠳᠤᠷᠠᠯ᠎ᠤᠨ ᠬᠡᠷᠡᠭᠰᠡᠯ ᠬᠦᠷᠲᠡᠯ᠎ᠡ ᠪᠦᠬᠦ ᠲᠠᠯ᠎ᠠ᠎ᠪᠠᠷ ᠪᠦᠷᠬᠦᠵᠦ᠂ ᠮᠤᠵᠢ ᠠᠯᠤᠰᠯᠠᠨ ᠭᠦᠶᠦᠬᠦ ᠴᠢᠬᠤᠯᠠ ᠦᠭᠡᠢ᠂ ᠨᠢᠭᠡ ᠯᠡ ᠥᠷᠲᠡᠭᠡᠨ᠎ᠦ ᠬᠡᠯᠪᠡᠷᠢ᠎ᠪᠡᠷ ᠶᠡᠬᠡ ᠮᠥᠷᠡᠨ᠎ᠦ ᠡᠮᠦᠨ᠎ᠡ ᠤᠮᠠᠷ᠎ᠠ᠎ᠶᠢᠨ ᠣᠨᠴᠠᠯᠢᠭ᠍ᠲᠤ ᠰᠠᠢᠨ ᠪᠠᠷᠠᠭ᠎ᠠ᠎ᠶᠢ ᠬᠤᠳᠠᠯᠳᠤᠨ ᠠᠪᠤᠨ᠎ᠠ᠃
ᠵᠧᠨ ᠫᠢᠨ ᠱᠤᠤᠮᠠᠢ᠎ᠶ᠋ᠢᠨ ᠪᠠᠶᠠᠷ᠎ᠤᠨ ᠣᠷᠣᠨ ᠪᠦᠰᠡ᠎ᠳᠤ᠂ ᠥᠪᠥᠷ ᠮᠣᠩᠭᠣᠯ᠎ᠤᠨ 《ᠨᠡᠭᠦᠷᠡᠰᠦ ᠣᠰᠤᠨ᠎ᠤ ᠳᠡᠭᠡᠳᠦ ᠤᠷᠤᠰᠬᠠᠯ》 ᠤᠨ ᠠᠮᠲᠠᠲᠤ ᠢᠳᠡᠭᠡᠨ ᠨᠢ 《C ᠪᠠᠢᠷᠢᠨ᠎ᠳᠤ ᠭᠠᠷᠬᠤ》 ᠪᠣᠯᠣᠨ᠎ᠠ᠃ ᠡᠨᠡ ᠬᠦ᠌ ᠦᠪᠡᠳᠡᠭ᠌ᠱᠢ ᠶᠡᠬᠡ ᠠᠮᠲᠠᠲᠤ ᠢᠳᠡᠭᠡᠨ᠎ᠦ᠌ ᠦᠪᠡᠳᠡᠭ᠌ᠱᠢ ᠳᠠᠢᠯᠠᠯᠭ᠎ᠠ ᠳᠤᠮᠳᠠ᠂ ᠥᠪᠥᠷ ᠮᠣᠩᠭᠣᠯ᠎ᠤ᠋ᠨ 12 ᠠᠢᠮᠠᠭ ᠬᠣᠲᠠ᠎ᠠ᠋ᠴᠠ ᠢᠷᠡᠭ᠌ᠰᠡᠨ ᠱᠣᠣᠮᠠᠢ᠎ᠶᠢᠨ ᠶᠡᠬᠡ ᠲᠣᠭᠣᠭᠠᠴᠢ ᠨᠠᠷ ᠨᠢᠭᠡ ᠤᠳᠠᠭᠠᠨ᠎ᠤ᠋ ᠱᠢᠷᠦᠭᠦᠨ ᠮᠥᠷᠥᠢᠴᠡᠭᠡᠨ ᠥᠷᠨᠢᠭᠦᠯᠬᠦ᠌ ᠪᠣᠯᠤᠨ᠎ᠠ᠃ ᠬᠣᠨᠢᠨ ᠮᠢᠬᠠᠨ᠎ᠤ ᠱᠢᠲᠠᠭᠠᠭ᠍ᠰᠠᠨ ᠱᠣᠣᠮᠠᠢ ᠨᠢ ᠱᠢᠨ᠎ᠡ ᠰᠡᠪᠡᠭᠦᠨ ᠠᠮᠲᠠᠲᠠᠢ᠂ ᠱᠣᠣᠮᠠᠢ ᠨᠢᠭᠡ ᠪᠦᠷᠢ ᠨᠢ ᠲᠠᠯ᠎ᠠ ᠨᠤᠲᠤᠭ᠎ᠤᠨ ᠥᠪᠡᠷᠮᠢᠴᠡ ᠣᠨᠴᠠᠯᠢᠭ᠎ᠲᠠᠢ ᠪᠠᠢᠳᠠᠭ᠃ ᠨᠢᠭᠡ ᠯᠡ ᠡᠮᠬᠦᠪᠡᠯ᠂ ᠲᠠᠯ᠎ᠠ ᠨᠤᠲᠤᠭ᠎ᠤᠨ ᠭᠠᠯ ᠤᠲᠤᠭ᠎ᠠ᠎ᠶ᠋ᠢᠨ ᠦᠨᠦᠷ ᠬᠠᠩᠬᠤᠯᠵᠤ ᠪᠠᠢᠬᠤ ᠰᠢᠭ᠋ ᠰᠠᠨᠠᠭᠳᠠᠵᠤ᠂ ᠬᠥᠮᠥᠰ᠎ᠲᠦ ᠲᠤᠢᠯ᠎ᠤᠨ ᠭᠦᠨ ᠰᠠᠭᠤᠭᠳᠠᠯ ᠥᠭᠭᠦᠨ᠎ᠡ᠃ ᠠᠮᠲᠠᠲᠤ ᠢᠳᠡᠭᠡᠨ ᠢᠳᠡᠬᠦ᠌ ᠳᠤᠷᠠᠲᠠᠢ ᠬᠦᠮᠦᠰ᠎ᠲᠦ ᠠᠪᠴᠤ᠌ ᠬᠡᠯᠡᠪᠡᠯ᠂ ᠡᠨᠡ ᠪᠣᠯ ᠯᠠᠪᠲᠠᠢ ᠨᠢᠭᠡ ᠤᠳᠠᠭᠠᠨ᠎ᠤ᠋ ᠠᠯᠳᠠᠵᠤ ᠪᠤᠯᠤᠰᠢ ᠦᠭᠡᠢ ᠠᠮᠲᠠᠲᠤ ᠢᠳᠡᠭᠡᠨ᠎ᠦ᠌ ᠦᠪᠡᠳᠡᠭ᠌ᠱᠢ ᠳᠠᠢᠯᠠᠯᠭ᠎ᠠ ᠪᠣᠯᠤᠨ᠎ᠠ ᠃
ᠡᠯᠧᠺᠲᠷᠣᠨ ᠬᠤᠳᠠᠯᠳᠤᠭᠠᠨ᠎ᠤ ᠦᠵᠡᠭᠦᠯᠭᠡ᠎ᠶ᠋ᠢᠨ ᠲᠣᠭᠤᠷᠢᠭ᠎ᠲᠤ᠌᠂ ᠲᠢᠶᠠᠨ ᠮᠤᠤ᠂ ᠵᠢᠩ ᠳ᠋ᠦᠩ᠂ ᠲᠦᠷᠭᠡᠨ ᠭᠠᠷ ᠭᠤᠷᠪᠠᠨ ᠶᠡᠭᠡ ᠲᠠᠪᠴᠠᠩ ᠱᠢᠯᠢᠳᠡᠭ ᠰᠠᠢᠨ ᠪᠠᠷᠠᠭ᠎ᠠ ᠪᠣᠯᠣᠨ ᠡᠯᠪᠡᠭ ᠳᠡᠯᠪᠡᠭ ᠠᠰᠠᠷᠠᠮᠵᠢ᠎ᠶ᠋ᠢ ᠠᠪᠴᠤ᠌ ᠲᠤᠬᠠᠢ᠎ᠶ᠋ᠢᠨ ᠲᠠᠯᠠᠪᠠᠢ᠎ᠳᠤ ᠪᠠᠷᠠᠭ᠎ᠠ ᠬᠤᠳᠠᠯᠳᠤᠨ ᠠᠪᠬᠤ ᠬᠠᠯᠠᠭᠤᠨ ᠥᠷᠨᠢᠯᠲᠡ ᠭᠠᠷᠭᠠᠪᠠ᠃ ᠵᠠᠭᠤᠨ ᠲᠦᠮᠡᠨ ᠰᠢᠳᠦᠨ ᠪᠢᠰᠢᠷᠡᠭᠴᠢ᠎ᠲᠠᠢ ᠲᠣᠮᠣ᠌ V ᠨᠢ ᠰᠢᠭᠤᠳ ᠨᠡᠪᠲᠡᠷᠡᠭᠦᠯᠭᠡ᠎ᠶᠢᠨ ᠪᠦᠯᠬᠦᠮ ᠳᠠᠭᠠᠭᠤᠯᠬᠤ ᠵᠠᠭᠪᠤᠷ᠎ᠢ ᠨᠡᠭᠡᠭᠡᠵᠦ᠂ ᠬᠡᠷᠡᠭᠯᠡᠭᠴᠢᠳ᠎ᠲᠦ ᠪᠣᠳᠠᠲᠠᠢ ᠠᠰᠢᠭ᠋ ᠬᠦᠷᠲᠡᠭᠡᠬᠦ᠎ᠶᠢ ᠪᠥᠬᠥ ᠰᠡᠳᠬᠢᠯ᠎ᠢᠶᠡᠷ᠎ᠢᠶᠡᠨ ᠵᠢᠯᠣᠭᠣᠳᠤᠨ᠎ᠠ — ᠨᠠᠷᠠᠲᠤ ᠲᠥᠷᠥᠯ ᠲᠡᠮᠳᠡᠭᠲᠦ᠎ᠶᠢᠨ ᠦᠨ᠎ᠡ᠎ᠶᠢ ᠰᠢᠭᠤᠳ ᠪᠠᠭᠤᠷᠠᠭᠤᠯᠵᠤ᠂ ᠲᠤᠢᠯ᠎ᠤᠨ ᠲᠦᠷᠭᠡᠨ᠎ᠢᠶᠡᠷ ᠪᠠᠷᠠᠭ᠎ᠠ ᠶᠠᠪᠤᠭᠤᠯᠵᠤ᠂ ᠲᠤᠰᠬᠠᠢ ᠨᠥᠬᠥᠪᠦᠷᠢ ᠥᠭᠬᠦ᠎ᠶᠢ ᠪᠥᠬᠥ ᠲᠠᠯ᠎ᠠ᠎ᠪᠠᠷ ᠬᠠᠮᠤᠷᠤᠨ᠂ ᠲᠠᠸᠠᠷ᠎ᠤᠨ ᠬᠡᠪᠴᠢᠶ᠎ᠡ᠎ᠶᠢ ᠲᠣᠭᠠᠨ᠎ᠤ ᠭᠣᠶᠣᠯᠠᠯ᠎ᠤᠨ ᠡᠳ᠋ᠡᠴᠡ ᠬᠢᠯᠢ ᠠᠯᠤᠰᠯᠠᠭᠰᠠᠨ ᠣᠨᠴᠠ ᠭᠠᠷᠤᠯᠲᠠ ᠪᠣᠯᠭᠠᠨ ᠥᠷᠭᠡᠳᠬᠡᠪᠡ᠃ ᠲᠤᠬᠠᠢ᠎ᠶᠢᠨ ᠲᠠᠯᠠᠪᠤᠷ᠎ᠲᠤ ᠴᠠᠭ ᠲᠤᠬᠠᠢ ᠳ᠋ᠤᠨᠢ ᠦᠨ᠎ᠡ ᠪᠠᠭᠤᠷᠠᠭᠤᠯᠬᠤ᠂ ᠴᠠᠭ ᠲᠤᠬᠠᠢ ᠳ᠋ᠤᠨᠢ ᠱᠠᠩᠨᠠᠯ ᠰᠤᠭᠤᠯᠬᠤ ᠵᠡᠷᠭᠡ ᠠᠵᠢᠯᠯᠠᠭ᠎ᠠ᠎ᠶᠢ ᠥᠷᠨᠢᠭᠦᠯᠵᠦ᠂ ᠬᠡᠷᠡᠭᠯᠡᠭᠴᠢᠳ ᠰᠥᠨᠢᠵᠢᠨ ᠰᠠᠭᠤᠬᠤ ᠦᠭᠡᠢ᠎ᠪᠡᠷ ᠴᠠᠬᠢᠯᠭᠠᠨ ᠬᠤᠳᠠᠯᠳᠤᠭᠠᠨ᠎ᠤ ᠦᠵᠡᠭᠦᠯᠭᠡ᠎ᠶᠢᠨ ᠲᠣᠭᠣᠷᠢᠭ᠋᠎ᠲᠤ ᠬᠦᠷᠴᠦ ᠢᠷᠡᠭᠡᠳ 《 ᠰᠡᠳᠭᠢᠯ ᠬᠠᠨᠤᠮᠵᠢᠲᠠᠢ ᠬᠤᠳᠠᠯᠳᠤᠨ ᠠᠪᠤᠭᠰᠠᠨ᠂ ᠲᠦᠷᠭᠡᠨ ᠬᠦᠷᠭᠡᠭᠰᠡᠨ ᠂ ᠲᠠᠪᠠᠲᠠᠢ ᠨᠠᠭᠠᠳᠤᠭᠰᠠᠨ 》 ᠣᠨᠢᠰᠤ᠎ᠶᠢ ᠨᠢ ᠲᠠᠢᠯᠵᠤ ᠪᠣᠯᠣᠨ᠎ᠠ ᠃
ᠣᠯᠠᠨ ᠤᠯᠤᠰ᠎ᠤᠨ ᠦᠵᠡᠭᠦᠯᠭᠡ᠎ᠶᠢᠨ ᠲᠣᠭᠣᠷᠢᠭ᠋᠄ ᠭᠡᠷ᠎ᠦᠨ ᠡᠭᠦᠳᠡᠨ᠎ᠳᠦ᠎ᠪᠡᠨ 《 ᠵᠢᠵᠢᠭ ᠶᠢᠷᠲᠢᠨᠴᠦ 》᠎ᠶᠢ ᠪᠦᠬᠦᠨ᠎ᠢ ᠲᠣᠭᠣᠷᠢᠨ᠎ᠠ
ᠲᠣᠬᠠᠢ᠎ᠶ᠋ᠢᠨ ᠴᠠᠭ᠎ᠲᠤ᠂ ᠪᠥᠬᠥ ᠪᠥᠮᠪᠥᠷᠴᠡᠭ᠎ᠦᠨ ᠨᠠᠢᠵᠠ᠎ᠶᠢᠨ ᠲᠣᠭᠣᠷᠢᠭ᠋᠎ᠤᠨ 《 ᠪᠥᠬᠥ ᠪᠥᠮᠪᠥᠷᠴᠡᠭ᠎ᠦᠨ ᠰᠠᠢᠨ ᠪᠡᠯᠡᠭ 》 ᠣᠯᠠᠨ᠎ᠤ ᠡᠮᠦᠨ᠎ᠡ ᠲᠥᠪᠯᠡᠷᠡᠨ ᠢᠯᠡᠷᠡᠬᠦ ᠪᠣᠯᠣᠨ᠎ᠠ᠃ ᠰᠢᠨ᠎ᠡ ᠽᠢᠯᠠᠨᠳ᠋᠎ᠤᠨ ᠰᠦᠨ ᠲᠠᠯᠬ᠎ᠠ᠂ 《ᠵᠥᠭᠡᠢ᠎ᠶᠢᠨ ᠨᠢᠭᠤᠷ᠎ᠤᠨ ᠵᠤᠯᠤᠮ᠎ᠠ》 ᠪᠣᠯᠣᠨ ᠢᠮᠠᠭᠠᠨ ᠨᠤᠤᠯᠤᠭᠤᠷ᠎ᠤᠨ ᠪᠦᠲᠦᠭᠡᠭᠳᠡᠬᠦᠨ᠂ ᠰᠸᠷᠪᠢᠶ᠎ᠠ ᠵᠢᠨ ᠦᠵᠦᠮ᠎ᠦᠨ ᠠᠷᠢᠬᠢ᠂ ᠰᠠᠷᠭᠠᠢ᠎ᠶᠢᠨ ᠤᠰᠤ᠂ ᠠᠦ᠋ᠰᠲᠷᠠᠯᠢᠶ᠎ᠠ᠎ᠶᠢᠨ ᠰᠦᠨ ᠪᠦᠲᠦᠭᠡᠭᠳᠡᠬᠦᠨ ᠪᠣᠯᠣᠨ ᠬᠠᠲᠠᠭᠤ ᠵᠢᠮᠢᠰ᠂ ᠢᠲ᠋ᠠᠯᠢ᠎ᠶᠢᠨ ᠭᠤᠯᠢᠷ᠂ ᠦᠵᠦᠮ᠎ᠦᠨ ᠠᠷᠢᠬᠢ᠂ ᠢᠷᠠᠨ᠎ᠤ ᠲᠥᠪᠡᠳ ᠤᠯᠠᠭᠠᠨ ᠴᠡᠴᠡᠭ᠂ ᠺᠣᠷᠢᠶᠠ᠎ᠶᠢᠨ ᠭᠣᠶᠣᠯᠠᠯ᠂ ᠸᠢᠶᠸᠲᠨᠠᠮ᠎ᠤᠨ ᠲᠦᠷᠭᠡᠨ ᠠᠭᠤᠰᠬᠤ ᠺᠣᠹᠧ᠂ ᠮᠠᠯᠠᠢᠰᠢᠶ᠎ᠠ ᠵᠢᠨ ᠴᠢᠦᠢ ᠴᠢ ᠁ ᠬᠡᠯᠡᠨᠦ᠌ ᠦᠵᠦᠭᠦᠷᠦ᠋ᠨ ᠦᠨᠦᠷ ᠡᠴᠡ ᠠᠮᠢᠳᠤᠷᠠᠯ᠎ᠤᠨ ᠰᠠᠢᠨ ᠪᠣᠳᠠᠰ ᠬᠦᠷᠲᠡᠯ᠎ᠡ᠂ ᠡᠯ᠎ᠡ ᠤᠯᠤᠰ᠎ᠤ᠋ᠨ ᠣᠨᠴᠠᠯᠢᠭ᠍ᠲᠤ ᠣᠬᠢ ᠱᠢᠯᠢᠳᠡᠭ ᠪᠠᠷᠠᠭ᠎ᠠ ᠴᠤᠭ᠍ᠯᠠᠷᠠᠵᠤ᠂ ᠬᠣᠯᠠ ᠶᠠᠪᠤᠬᠤ ᠴᠢᠬᠤᠯᠠ ᠦᠭᠡᠢ᠂ ᠳᠠᠷᠤᠢ ᠨᠢᠭᠡ ᠥᠷᠲᠡᠭᠡ ᠮᠠᠶᠢᠭ᠎ᠤ᠋ᠨ ᠪᠦᠬᠦ᠌ ᠪᠥᠮᠪᠥᠷᠴᠡᠭᠦ᠋ᠨ ᠰᠠᠢᠨ ᠪᠣᠳᠠᠰᠢ᠋ ᠣᠢᠯᠠᠭᠠᠬᠤ ᠪᠠ ᠬᠤᠳᠠᠯᠳᠤᠨ ᠠᠪᠬᠤ᠎ᠶᠢ ᠪᠡᠶᠡᠯᠡᠭᠦᠯᠵᠦ᠍ ᠪᠣᠯᠤᠨ᠎ᠠ᠃
ᠲᠤᠬᠠᠢ᠎ᠶᠢᠨ ᠴᠠᠭ ᠦᠶ᠎ᠡ᠎ᠳᠦ᠂ ᠡᠨᠡᠬᠦ ᠰᠢᠨᠵᠢᠯᠡᠬᠦ ᠤᠬᠠᠭᠠᠨ ᠲᠸᠭ᠌ᠨᠢᠭ ᠮᠡᠷᠭᠡᠵᠢᠯ᠎ᠦᠨ ᠡᠮᠦᠨ᠎ᠡ ᠵᠠᠬ᠎ᠠ᠂ ᠬᠥᠮᠥᠨ᠎ᠦ ᠣᠷᠴᠢᠯᠠᠩ᠎ᠤᠨ ᠫᠤᠤᠵᠢᠩ᠂ ᠨᠤᠲᠤᠭ᠎ᠤᠨ ᠵᠠᠩ ᠠᠭᠠᠯᠢ ᠪᠣᠯᠣᠨ ᠪᠦᠬᠦ ᠪᠥᠮᠪᠥᠷᠴᠡᠭ᠎ᠦᠨ ᠣᠨᠴᠠᠯᠢᠭ᠋᠎ᠢ ᠲᠥᠪᠯᠡᠷᠡᠭᠦᠯᠦᠭᠰᠡᠨ ᠦᠵᠡᠰᠬᠦᠯᠡᠩ ᠵᠢᠩᠬᠢᠨᠢ᠎ᠪᠡᠷ ᠡᠬᠢᠯᠡᠬᠦ ᠪᠣᠯᠣᠨ᠎ᠠ᠃ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠳᠤ ᠱᠢᠨᠤᠯ᠎ᠲᠠᠢ ᠨᠠᠢᠵᠠ ᠨᠠᠷ᠂ ᠢᠳᠡᠭᠡᠨ᠎ᠳᠦ ᠳᠤᠷᠠᠲᠠᠢ ᠬᠦᠮᠦᠰ᠂ ᠡᠰᠡᠬᠦᠯ᠎ᠡ ᠪᠠᠷᠠᠭ᠎ᠠ ᠬᠤᠳᠠᠯᠳᠤᠨ ᠠᠪᠤᠭ᠍ᠴᠢ᠂ ᠰᠣᠶᠣᠯ᠎ᠤᠨ ᠬᠠᠢᠨ ᠰᠢᠨᠵᠢᠯᠡᠭᠴᠢ ᠭᠡᠰᠡᠨ ᠦᠭᠡᠢ᠂ ᠡᠨᠳᠡ ᠴᠥᠮ ᠴᠢᠨᠦ 《ᠰᠡᠳᠭᠢᠯ ᠬᠦᠳᠡᠯᠦᠭ᠌ᠰᠡᠨ ᠰᠣᠩᠭᠣᠯᠲᠠ 》 ᠪᠠᠢᠳᠠᠭ ᠃