ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠰᠣᠨᠢᠨ ᠮᠡᠳᠡᠭᠡ   -   ᠳᠤᠰᠬᠠᠢ ᠮᠡᠳᠡᠭᠡᠯᠡᠯ
ᠮᠠᠨ᠎ᠤ ᠣᠷᠣᠨ᠎ᠤ 11 ᠳ᠋ᠦ᠍ᠭᠡᠷ ᠰᠠᠷ᠎ᠠ ᠵᠢᠨ 7᠎ᠤ ᠡᠳᠦᠷ᠎ᠤᠨ 24 ᠴᠠᠭ ᠪᠣᠯᠲᠠᠯᠠᠬᠢ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ
ᠨᠡᠶ᠋ᠢᠲᠡᠯᠡᠭᠰᠡᠨ ᠴᠠᠭ᠄ 2022-11-08

    11 ᠰᠠᠷ᠎ᠠ ᠵᠢᠨ 7᠎ᠤ ᠡᠳᠦᠷ᠎ᠤᠨ 0 ᠴᠠᠭ᠎ᠠᠴᠠ 24 ᠴᠠᠭ ᠪᠣᠯᠲᠠᠯ᠎ᠠ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠳᠤ ᠲᠤᠬᠠᠢ ᠵᠢᠨ ᠭᠠᠵᠠᠷ᠎ᠤᠨ ᠲᠣᠳᠣᠯᠠᠭᠰᠠᠨ ᠡᠪᠡᠳᠴᠢᠨ᠎ᠤ ᠵᠢᠱ᠌ᠢᠶ᠎ᠡ 159 ᠨᠡᠮᠡᠭᠳᠡᠵᠦ᠂ ᠡᠭᠦᠨ᠎ᠳᠤ ᠭᠦᠭᠡᠬᠤᠳᠠ᠎ᠳᠤ 156᠂ ᠪᠤᠭᠤᠲᠤ ᠬᠤᠲᠠ᠎ᠳᠤ 2 (ᠬᠥᠨᠳᠡᠯᠡᠨ ᠲᠣᠭᠤᠷᠢᠭ᠎ᠲᠤ 1᠂ ᠵᠢᠤᠶᠤᠸᠠᠨ ᠲᠣᠭᠤᠷᠢᠭ᠎ᠲᠤ 1)᠂ ᠣᠷᠳᠣᠰ ᠬᠤᠲᠠ᠎ᠳᠤ 1 (ᠵᠡᠭᠦᠨᠭ᠋ᠠᠷ ᠬᠤᠰᠢᠭᠤᠨ᠎ᠳᠤ ᠪᠤᠢ) ᠪᠠᠶ᠋ᠢᠨ᠎ᠠ᠃ ᠲᠤᠬᠠᠢ ᠵᠢᠨ ᠡᠳᠦᠷ ᠨᠡᠮᠡᠭᠳᠡᠭᠰᠡᠨ ᠢᠯᠠᠷᠢᠰᠢᠵᠤ ᠡᠮᠨᠡᠯᠭᠡ᠎ᠠᠴᠠ ᠭᠠᠷᠤᠭᠰᠠᠨ ᠲᠤᠬᠠᠢ ᠵᠢᠨ ᠭᠠᠵᠠᠷ᠎ᠤᠨ ᠲᠣᠳᠣᠯᠠᠭᠰᠠᠨ ᠡᠪᠡᠳᠴᠢᠨ᠎ᠤ ᠵᠢᠱ᠌ᠢᠶ᠎ᠡ 58 ᠪᠠᠶ᠋ᠢᠵᠤ᠂ ᠡᠭᠦᠨ᠎ᠳᠤ ᠭᠦᠭᠡᠬᠤᠳᠠ᠎ᠳᠤ 35᠂ ᠪᠤᠭᠤᠲᠤ ᠬᠤᠳᠠ᠎ᠳᠤ 13 (ᠴᠢᠩᠱ᠌ᠠᠨ ᠲᠣᠭᠤᠷᠢᠭ᠎ᠲᠤ 2᠂ ᠵᠢᠤᠶᠤᠸᠠᠨ ᠲᠣᠭᠤᠷᠢᠭ᠎ᠲᠤ 11)᠂ ᠰᠢᠯᠢ ᠵᠢᠨ ᠭᠤᠣᠯ ᠠᠶ᠋ᠢᠮᠠᠭ᠎ᠲᠤ 1 (ᠰᠢᠯᠢᠩᠬᠤᠲᠠ᠎ᠳᠤ ᠪᠤᠢ)᠂ ᠣᠷᠳᠣᠰ ᠬᠤᠲᠠ᠎ᠳᠤ 9 (ᠡᠵᠡᠨ ᠬᠤᠷᠤᠭ᠎ᠠ ᠬᠤᠰᠢᠭᠤᠨ᠎ᠳᠤ 3᠂ ᠬᠠᠩᠭᠢᠨ ᠬᠤᠰᠢᠭᠤᠨ᠎ᠳᠤ 6) ᠪᠠᠶ᠋ᠢᠨ᠎ᠠ᠃ 11 ᠰᠠᠷ᠎ᠠ ᠵᠢᠨ 7᠎ᠤ ᠡᠳᠦᠷ᠎ᠤᠨ 24 ᠴᠠᠭ ᠪᠤᠯᠲᠠᠯ᠎ᠠ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠳᠤ ᠣᠲᠣ ᠪᠠᠶ᠋ᠢᠭ᠎ᠠ ᠲᠤᠬᠠᠢ ᠵᠢᠨ ᠭᠠᠵᠠᠷ᠎ᠤᠨ ᠲᠣᠳᠣᠯᠠᠭᠰᠠᠨ ᠡᠪᠡᠳᠴᠢᠨ᠎ᠤ ᠵᠢᠱ᠌ᠢᠶ᠎ᠡ 929 ᠪᠠᠶ᠋ᠢᠵᠤ᠂ ᠡᠭᠦᠨ᠎ᠳᠤ ᠭᠦᠭᠡᠬᠤᠳᠠ᠎ᠳᠤ 850᠂ ᠪᠤᠭᠤᠲᠤ ᠬᠤᠳᠠ᠎ᠳᠤ 7 (ᠬᠥᠨᠳᠡᠯᠡᠨ ᠲᠣᠭᠤᠷᠢᠭ᠎ᠲᠤ 2᠂ ᠴᠢᠩᠱ᠌ᠠᠨ ᠲᠣᠭᠤᠷᠢᠭ᠎ᠲᠤ 1᠂ ᠳ᠋ᠦᠩ ᠾᠧ ᠲᠣᠭᠤᠷᠢᠭ᠎ᠲᠤ 1᠂ ᠵᠢᠤᠶᠤᠸᠠᠨ ᠲᠣᠭᠤᠷᠢᠭ᠎ᠲᠤ 3)᠂ ᠲᠦᠩᠯᠢᠶᠣᠣ ᠬᠤᠲᠠ᠎ᠳᠤ 3 (ᠴᠥᠮ ᠬᠤᠷᠴᠢᠨ ᠲᠣᠭᠤᠷᠢᠭ᠎ᠲᠤ ᠪᠤᠢ)᠂ ᠤᠯᠠᠭ᠋ᠠᠨᠬᠠᠳᠠ ᠬᠤᠲᠠ᠎ᠳᠤ 25 (ᠬᠤᠩᠱ᠌ᠠᠨ ᠲᠣᠭᠤᠷᠢᠭ᠎ᠲᠤ 6᠂ ᠠᠷᠤ ᠬᠤᠷᠴᠢᠨ ᠬᠤᠰᠢᠭᠤᠨ᠎ᠳᠤ 19)᠂ ᠰᠢᠯᠢ ᠵᠢᠨ ᠭᠤᠣᠯ ᠠᠶ᠋ᠢᠮᠠᠭ᠎ᠲᠤ 6 (ᠰᠢᠯᠢᠩᠬᠤᠲᠠ᠎ᠳᠤ 5᠂ ᠠᠪᠠᠭ᠎ᠠ ᠬᠤᠰᠢᠭᠤᠨ᠎ᠳᠤ 1)᠂ ᠣᠷᠳᠣᠰ ᠬᠤᠲᠠ᠎ᠳᠤ 34 (ᠳᠠᠯᠠᠳ ᠬᠤᠰᠢᠭᠤᠨ᠎ᠳᠤ 5᠂ ᠵᠡᠭᠦᠨᠭ᠋ᠠᠷ ᠬᠤᠰᠢᠭᠤᠨ᠎ᠳᠤ 3᠂ ᠡᠵᠡᠨ ᠬᠤᠷᠤᠭ᠎ᠠ ᠬᠤᠰᠢᠭᠤᠨ᠎ᠳᠤ 11᠂ ᠬᠠᠩᠭᠢᠨ ᠬᠤᠰᠢᠭᠤᠨ᠎ᠳᠤ 14᠂ ᠤᠳᠤᠭ᠎ᠤᠨ ᠡᠮᠦᠨᠡᠲᠦ ᠬᠤᠰᠢᠭᠤᠨ᠎ᠳᠤ 1)᠂ ᠪᠠᠶᠠᠨᠨᠠᠭᠤᠷ ᠬᠤᠲᠠ᠎ᠳᠤ 1 (ᠤᠷᠠᠳ᠎ᠤᠨ ᠡᠮᠦᠨᠡᠲᠦ ᠬᠤᠰᠢᠭᠤᠨ᠎ᠳᠤ ᠪᠤᠢ)᠂ ᠦᠬᠠᠢ ᠬᠤᠲᠠ᠎ᠳᠤ 2 (ᠴᠥᠮ ᠬᠠᠶ᠋ᠢᠷᠤᠪ᠎ᠤᠨ ᠲᠣᠬᠤᠢ ᠲᠣᠭᠤᠷᠢᠭ᠎ᠲᠤ ᠪᠤᠢ)᠂ ᠠᠯᠠᠱ᠌ᠠ ᠠᠶ᠋ᠢᠮᠠᠭ᠎ᠲᠤ 1 (ᠴᠡᠭᠡ ᠪᠣᠭᠤᠮᠲᠠ᠎ᠳᠤ ᠪᠤᠢ) ᠪᠠᠶ᠋ᠢᠨ᠎ᠠ᠃ ᠲᠤᠬᠠᠢ ᠵᠢᠨ ᠡᠳᠦᠷ ᠬᠢᠯᠢ ᠵᠢᠨ ᠭᠠᠳᠠᠨ᠎ᠠ᠎ᠠᠴᠠ ᠣᠷᠣᠵᠤ ᠢᠷᠡᠭᠰᠡᠨ ᠲᠣᠳᠣᠯᠠᠭᠰᠠᠨ ᠡᠪᠡᠳᠴᠢᠨ᠎ᠤ ᠵᠢᠱ᠌ᠢᠶ᠎ᠡ ᠨᠡᠮᠡᠭᠳᠡᠭᠰᠡᠨ ᠦᠭᠡᠢ᠂ ᠬᠢᠯᠢ ᠵᠢᠨ ᠭᠠᠳᠠᠨ᠎ᠠ᠎ᠠᠴᠠ ᠣᠷᠣᠵᠤ ᠢᠷᠡᠭᠰᠡᠨ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠭᠴᠢ 1 ᠨᠡᠮᠡᠭᠳᠡᠵᠦ᠂ ᠢᠯᠠᠷᠢᠰᠢᠵᠤ ᠡᠮᠨᠡᠯᠭᠡ᠎ᠠᠴᠠ ᠭᠠᠷᠤᠭᠰᠠᠨ ᠬᠢᠯᠢ ᠵᠢᠨ ᠭᠠᠳᠠᠨ᠎ᠠ᠎ᠠᠴᠠ ᠣᠷᠣᠵᠤ ᠢᠷᠡᠭᠰᠡᠨ ᠲᠣᠳᠣᠯᠠᠭᠰᠠᠨ ᠡᠪᠡᠳᠴᠢᠨ᠎ᠤ ᠵᠢᠱ᠌ᠢᠶ᠎ᠡ 3᠂ ᠠᠨᠠᠭ᠋ᠠᠬᠤ ᠤᠬᠠᠭ᠋ᠠᠨ᠎ᠤ ᠠᠵᠢᠭᠯᠠᠯᠲᠠ᠎ᠠᠴᠠ ᠭᠠᠷᠭ᠋ᠠᠭᠰᠠᠨ ᠬᠢᠯᠢ ᠵᠢᠨ ᠭᠠᠳᠠᠨ᠎ᠠ᠎ᠠᠴᠠ ᠣᠷᠣᠵᠤ ᠢᠷᠡᠭᠰᠡᠨ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠭᠴᠢ 1 ᠪᠠᠶ᠋ᠢᠨ᠎ᠠ᠂ ᠴᠥᠮ ᠨᠡᠶ᠋ᠢᠰᠯᠡᠯ᠎ᠤᠨ ᠨᠢᠰᠬᠡᠯ᠎ᠤᠨ ᠪᠠᠭᠤᠳᠠᠯ᠎ᠤᠨ ᠣᠯᠠᠨ ᠤᠯᠤᠰ᠎ᠤᠨ ᠡᠭᠡᠯᠵᠢ ᠵᠢᠨ ᠨᠢᠰᠬᠡᠯ᠎ᠤᠨ ᠬᠤᠪᠢᠶᠠᠷᠢᠯᠠᠯᠲᠠ᠎ᠪᠠᠷ ᠬᠦᠬᠡᠬᠤᠲᠠ ᠵᠢᠨ ᠴᠠᠭ᠋ᠠᠨ ᠰᠤᠪᠤᠷᠭ᠎ᠠ ᠣᠯᠠᠨ ᠤᠯᠤᠰ᠎ᠤᠨ ᠨᠢᠰᠬᠡᠯ᠎ᠤᠨ ᠪᠠᠭᠤᠳᠠᠯ᠎ᠳᠤ ᠪᠠᠭᠤᠯᠭ᠋ᠠᠭᠰᠠᠨ᠎ᠳᠤ ᠪᠠᠶ᠋ᠢᠵᠠᠢ᠃ ᠣᠳᠣ ᠪᠠᠶ᠋ᠢᠭ᠎ᠠ ᠬᠢᠯᠢ ᠵᠢᠨ ᠭᠠᠳᠠᠨ᠎ᠠ᠎ᠠᠴᠠ ᠣᠷᠣᠵᠤ ᠢᠷᠡᠭᠰᠡᠨ ᠲᠣᠳᠣᠯᠠᠭᠰᠠᠨ ᠡᠪᠡᠳᠴᠢᠨ᠎ᠤ ᠵᠢᠱ᠌ᠢᠶ᠎ᠡ 11᠂ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠭᠴᠢ 5 ᠪᠤᠢ᠃ ᠲᠤᠬᠠᠢ ᠵᠢᠨ ᠡᠳᠦᠷ ᠨᠡᠮᠡᠭᠳᠡᠭᠰᠡᠨ ᠲᠤᠬᠠᠢ ᠵᠢᠨ ᠭᠠᠵᠠᠷ᠎ᠤᠨ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠭᠴᠢ 1635 ᠪᠠᠶ᠋ᠢᠵᠤ᠂ ᠡᠭᠦᠨ᠎ᠳᠤ ᠭᠦᠭᠡᠬᠤᠳᠠ ᠎ᠳᠤ 1604᠂ ᠪᠤᠭᠤᠲᠤ᠎ᠳᠤ 3 (ᠬᠥᠨᠳᠡᠯᠡᠨ ᠲᠣᠭᠤᠷᠢᠭ᠎ᠲᠤ 1᠂ ᠵᠢᠤᠶᠤᠸᠠᠨ ᠲᠣᠭᠤᠷᠢᠭ᠎ᠲᠤ 2)᠂ ᠤᠯᠠᠭ᠋ᠠᠨᠴᠠᠪ ᠬᠤᠲᠠ᠎ᠳᠤ 8 (ᠴᠥᠮ ᠵᠢᠨᠢᠩ ᠲᠣᠭᠤᠷᠢᠭ᠎ᠲᠤ ᠪᠣᠢ)᠂ ᠪᠠᠶᠠᠨᠨᠠᠭᠤᠷ ᠬᠤᠲᠠ᠎ᠳᠤ 14 (ᠯᠢᠨᠾᠧ ᠲᠣᠭᠤᠷᠢᠭ᠎ᠲᠤ 1᠂ ᠦᠶᠤᠸᠠᠨ ᠰᠢᠶᠠᠨ᠎ᠳᠤ 1᠂ ᠤᠷᠠᠳ᠎ᠤᠨ ᠡᠮᠦᠨᠡᠲᠦ ᠬᠤᠰᠢᠭᠤᠨ᠎ᠳᠤ 7᠂ ᠤᠷᠠᠳ᠎ᠤᠨ ᠬᠤᠶ᠋ᠢᠲᠤ ᠬᠤᠰᠢᠭᠤᠨ᠎ᠳᠤ 2᠂ ᠬᠠᠩᠭᠢᠨ ᠬᠤᠶ᠋ᠢᠲᠤ ᠬᠤᠰᠢᠭᠤᠨ᠎ᠳᠤ 3)᠂ ᠠᠯᠠᠱ᠌ᠠ ᠠᠶ᠋ᠢᠮᠠᠭ᠎ᠲᠤ 6 (ᠴᠥᠮ ᠠᠯᠠᠱ᠌ᠠ ᠪᠠᠷᠠᠭᠤᠨ ᠬᠤᠰᠢᠭᠤᠨ᠎ᠳᠤ ᠪᠣᠶ) ᠪᠠᠶ᠋ᠢᠨ᠎ᠠ᠃ ᠲᠤᠬᠠᠢ ᠵᠢᠨ ᠡᠳᠦᠷ ᠠᠨᠠᠭ᠋ᠠᠬᠤ ᠤᠬᠠᠭ᠋ᠠᠨ᠎ᠤ ᠠᠵᠢᠭᠯᠠᠯᠲᠠ᠎ᠠᠴᠠ ᠭᠠᠷᠭ᠋ᠠᠭᠰᠠᠨ ᠲᠤᠬᠠᠢ ᠵᠢᠨ ᠭᠠᠵᠠᠷ᠎ᠤᠨ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠭᠴᠢ 230 ᠪᠠᠶ᠋ᠢᠵᠤ᠂ ᠡᠭᠦᠨ᠎ᠳᠤ ᠭᠦᠭᠡᠬᠤᠳᠠ᠎ᠳᠤ 188᠂ ᠪᠤᠭᠤᠲᠤ ᠬᠤᠲᠠ᠎ᠳᠤ 19 (ᠬᠥᠨᠳᠡᠯᠡᠨ ᠲᠣᠭᠤᠷᠢᠭ᠎ᠲᠤ 2᠂ ᠴᠢᠩᠱ᠌ᠠᠨ ᠲᠣᠭᠤᠷᠢᠭ᠎ᠲᠤ 5᠂ ᠳ᠋ᠦᠩ ᠾᠧ ᠲᠣᠭᠤᠷᠢᠭ᠎ᠲᠤ 1᠂ ᠵᠢᠤᠶᠤᠸᠠᠨ ᠲᠣᠭᠤᠷᠢᠭ᠎ᠲᠤ 10᠂ ᠬᠤᠪᠣᠷ ᠰᠢᠷᠣᠢ ᠵᠢᠨ ᠳᠡᠭᠡᠳᠦ ᠰᠢᠨ᠎ᠡ ᠮᠡᠷᠭᠡᠵᠢᠯ᠎ᠤᠨ ᠨᠡᠭᠡᠭᠡᠯᠲᠡ ᠵᠢᠨ ᠣᠷᠣᠨ᠎ᠳᠤ 1)᠂ ᠤᠯᠠᠭ᠋ᠠᠨᠬᠠᠳᠠ ᠬᠤᠲᠠ᠎ᠳᠤ 5 (ᠬᠤᠩᠱ᠌ᠠᠨ ᠲᠣᠭᠤᠷᠢᠭ᠎ᠲᠤ 3᠂ ᠨᠢᠩᠴᠧᠩ ᠰᠢᠶᠠᠨ᠎ᠳᠤ 1᠂ ᠠᠷᠤ ᠬᠤᠷᠴᠢᠨ ᠬᠤᠰᠢᠭᠤᠨ᠎ᠳᠤ 1)᠂ ᠣᠷᠳᠣᠰ ᠬᠤᠲᠠ᠎ᠳᠤ 9 (ᠴᠥᠮ ᠬᠠᠩᠭᠢᠨ ᠬᠤᠰᠢᠭᠤᠨ᠎ᠳᠤ ᠪᠣᠶ)᠂ ᠪᠠᠶᠠᠨᠨᠠᠭᠤᠷ ᠬᠤᠲᠠ᠎ᠳᠤ 9 (ᠯᠢᠨ ᠾᠧ ᠲᠣᠭᠤᠷᠢᠭ᠎ᠲᠤ 8᠂ ᠤᠷᠠᠳ᠎ᠤᠨ ᠡᠮᠦᠨᠡᠲᠦ ᠬᠤᠰᠢᠭᠤᠨ᠎ᠳᠤ 1) ᠪᠠᠶ᠋ᠢᠨ᠎ᠠ᠃

    11 ᠰᠠᠷ᠎ᠠ ᠵᠢᠨ 7᠎ᠤ ᠡᠳᠦᠷ᠎ᠤᠨ 24 ᠴᠠᠭ ᠪᠤᠯᠲᠠᠯ᠎ᠠ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠳᠤ ᠣᠳᠣ ᠪᠠᠶ᠋ᠢᠭ᠎ᠠ ᠲᠤᠬᠠᠢ ᠵᠢᠨ ᠭᠠᠵᠠᠷ᠎ᠤᠨ ᠡᠪᠡᠳᠴᠢᠨ᠎ᠤ ᠢᠯᠡᠷᠡᠯ ᠦᠭᠡᠢ ᠬᠠᠯᠳᠠᠪᠤᠷᠢᠯᠠᠭᠳᠠᠭᠴᠢ 6829 ᠪᠠᠶ᠋ᠢᠵᠤ᠂ ᠡᠭᠦᠨ᠎ᠳᠤ ᠭᠦᠭᠡᠬᠤᠳᠠ᠎ᠳᠤ 6534᠂ ᠪᠤᠭᠤᠲᠤ ᠬᠤᠳᠠ᠎ᠳᠤ 6 (ᠬᠥᠨᠳᠡᠯᠡᠨ ᠲᠣᠭᠤᠷᠢᠭ᠎ᠲᠤ 1᠂ ᠴᠢᠩᠱ᠌ᠠᠨ ᠲᠣᠭᠤᠷᠢᠭ᠎ᠲᠤ 2᠂ ᠳ᠋ᠦᠩ ᠾᠧ ᠲᠣᠭᠤᠷᠢᠭ᠎ᠲᠤ 1᠂ ᠵᠢᠤᠶᠤᠸᠠᠨ ᠲᠣᠭᠤᠷᠢᠭ᠎ᠲᠤ 2)᠂ ᠬᠢᠩᠭ᠋ᠠᠨ ᠠᠶ᠋ᠢᠮᠠᠭ᠎ᠲᠤ 1 (ᠵᠠᠯᠠᠶ᠋ᠢᠳ ᠬᠤᠰᠢᠭᠤᠨ᠎ᠳᠤ ᠪᠤᠢ)᠂ ᠲᠦᠩᠯᠢᠶᠣᠣ ᠬᠤᠲᠠ᠎ᠳᠤ 2 (ᠴᠥᠮ ᠬᠤᠷᠴᠢᠨ ᠲᠣᠭᠤᠷᠢᠭ᠎ᠲᠤ ᠪᠤᠢ)᠂ ᠤᠯᠠᠭ᠋ᠠᠨᠬᠠᠳᠠ ᠬᠤᠲᠠ᠎ᠳᠤ 70 (ᠬᠤᠩᠱ᠌ᠠᠨ ᠲᠣᠭᠤᠷᠢᠭ᠎ᠲᠤ 52᠂ ᠠᠷᠤ ᠬᠤᠷᠴᠢᠨ ᠬᠤᠰᠢᠭᠤᠨ᠎ᠳᠤ 18)᠂ ᠰᠢᠯᠢ ᠵᠢᠨ ᠭᠤᠣᠯ ᠠᠶ᠋ᠢᠮᠠᠭ᠎ᠲᠤ 11 (ᠰᠢᠯᠢᠩᠬᠤᠲᠠ᠎ᠳᠤ 7᠂ ᠰᠥᠨᠢᠳ ᠵᠡᠭᠦᠨ ᠬᠤᠰᠢᠭᠤᠨ᠎ᠳᠤ 2᠂ ᠰᠥᠨᠢᠳ ᠪᠠᠷᠠᠭᠤᠨ ᠬᠤᠰᠢᠭᠤᠨ᠎ᠳᠤ 2)᠂ ᠤᠯᠠᠭ᠋ᠠᠨᠴᠠᠪ ᠬᠤᠳᠠ᠎ᠳᠤ 53 (ᠵᠢᠨᠢᠩ ᠲᠣᠭᠤᠷᠢᠭ᠎ᠲᠤ 51᠂ ᠴᠠᠬᠠᠷ ᠪᠠᠷᠠᠭᠤᠨ ᠭᠠᠷᠤᠨ ᠡᠮᠦᠨᠡᠲᠦ ᠬᠤᠰᠢᠭᠤᠨ᠎ᠳᠤ 1᠂ ᠴᠠᠬᠠᠷ ᠪᠠᠷᠠᠭᠤᠨ ᠭᠠᠷᠤᠨ ᠳᠤᠮᠳᠠᠳᠤ ᠬᠤᠰᠢᠭᠤᠨ᠎ᠳᠤ 1)᠂ ᠣᠷᠳᠣᠰ ᠬᠤᠳᠠ᠎ᠳᠤ 37 (ᠴᠥᠮ ᠬᠠᠩᠭᠢᠨ ᠬᠤᠰᠢᠭᠤᠨ᠎ᠳᠤ ᠪᠤᠢ)᠂ ᠪᠠᠶᠠᠨᠨᠠᠭᠤᠷ ᠬᠤᠲᠠ᠎ᠳᠤ 92 (ᠯᠢᠨᠾᠧ ᠲᠣᠭᠤᠷᠢᠭ᠎ᠲᠤ 34᠂ ᠦᠶᠤᠸᠠᠨ ᠰᠢᠶᠠᠨ᠎ᠳᠤ 32᠂ ᠤᠷᠠᠳ᠎ᠤᠨ ᠡᠮᠦᠨᠡᠲᠦ ᠬᠤᠰᠢᠭᠤᠨ᠎ᠳᠤ 15᠂ ᠤᠷᠠᠳ᠎ᠤᠨ ᠬᠤᠶ᠋ᠢᠲᠤ ᠬᠤᠰᠢᠭᠤᠨ᠎ᠳᠤ 5᠂ ᠬᠠᠩᠭᠢᠨ ᠬᠤᠶ᠋ᠢᠲᠤ ᠬᠤᠰᠢᠭᠤᠨ᠎ᠳᠤ 6)᠂ ᠦᠬᠠᠢ ᠬᠤᠳᠠ᠎ᠳᠤ 1 (ᠬᠠᠶ᠋ᠢᠷᠤᠪ᠎ᠤᠨ ᠲᠣᠬᠤᠢ ᠲᠣᠭᠤᠷᠢᠭ᠎ᠲᠤ ᠪᠣᠢ)᠂ ᠠᠯᠠᠱ᠌ᠠ ᠠᠶ᠋ᠢᠮᠠᠭ᠎ᠲᠤ 22 (ᠠᠯᠠᠱ᠌ᠠ ᠵᠡᠭᠦᠨ ᠬᠤᠰᠢᠭᠤᠨ᠎ᠳᠤ 4᠂ ᠠᠯᠠᠱ᠌ᠠ ᠪᠠᠷᠠᠭᠤᠨ ᠬᠤᠰᠢᠭᠤᠨ᠎ᠳᠤ 11᠂ ᠴᠡᠭᠡ ᠪᠣᠭᠤᠮᠲᠠ᠎ᠳᠤ 7) ᠪᠠᠶ᠋ᠢᠨ᠎ᠠ᠃ ᠳᠡᠭᠡᠷ᠎ᠡ ᠳᠤᠷᠠᠳᠤᠭᠰᠠᠨ ᠬᠥᠮᠥᠰ᠎ᠢ ᠪᠦᠭᠦᠨ᠎ᠢ ᠲᠣᠭᠲᠠᠭᠰᠠᠨ ᠡᠮᠨᠡᠯᠭᠡ ᠵᠢᠨ ᠬᠤᠷᠢᠶ᠎ᠠ᠎ᠳᠤ ᠲᠤᠰᠠᠭ᠋ᠠᠷᠯᠠᠨ ᠡᠮᠴᠢᠯᠡᠬᠦ ᠪᠤᠶᠤ ᠴᠢᠩᠭᠢᠯᠢᠭ ᠡᠮᠨᠡᠯᠭᠡ ᠵᠢᠨ ᠬᠤᠷᠢᠶ᠎ᠠ᠎ᠳᠤ ᠠᠨᠠᠭ᠋ᠠᠬᠤ ᠤᠬᠠᠭ᠋ᠠᠨ᠎ᠤ ᠠᠵᠢᠭᠯᠠᠯᠲᠠ ᠬᠢᠵᠦ᠂ ᠨᠢᠭᠲᠠ ᠣᠶ᠋ᠢᠷᠠᠲᠤᠭᠰᠠᠳ᠎ᠢ᠎ᠨᠢ ᠴᠥᠮ ᠲᠣᠭᠲᠠᠭᠰᠠᠨ ᠭᠠᠵᠠᠷ ᠲᠥᠪᠯᠡᠷᠡᠭᠦᠯᠦᠨ ᠠᠨᠠᠭ᠋ᠠᠬᠤ ᠤᠬᠠᠭ᠋ᠠᠨ᠎ᠤ ᠠᠵᠢᠭᠯᠠᠯᠲᠠ ᠬᠢᠵᠦ᠂ ᠬᠢᠵᠢᠭ ᠲᠠᠷᠬᠠᠬᠤ ᠵᠢ ᠴᠢᠩᠭ᠎ᠠ ᠰᠡᠷᠭᠡᠶ᠋ᠢᠯᠡᠵᠦ ᠪᠤᠶ᠃

 

ᠢᠷᠡᠯᠲᠡ᠄ ᠥᠪᠥᠷ ᠮᠣᠩᠭᠤᠯ᠎ᠤᠨ ᠵᠠᠰᠠᠭ᠎ᠤᠨ ᠣᠷᠳᠣᠨ
          
ᠬᠠᠮᠢᠶ᠎ᠡ ᠪᠦᠬᠦᠢ ᠰᠣᠨᠢᠨ
ᠮᠠᠨ᠎ᠤ ᠣᠷᠣᠨ᠎ᠤ 11 ᠳ᠋ᠦ᠍ᠭᠡᠷ ᠰᠠᠷ᠎ᠠ ᠵᠢᠨ 7᠎ᠤ ᠡᠳᠦᠷ᠎ᠤᠨ 24 ᠴᠠᠭ ᠪᠣᠯᠲᠠᠯᠠᠬᠢ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ
2022 ᠣᠨ᠎ᠤ 11 ᠳ᠋ᠦ᠍ᠭᠡᠷ ᠰᠠᠷ᠎ᠠ ᠵᠢᠨ 15᠎ᠤ ᠡᠳᠦᠷ᠎ᠤᠨ 0 ᠴᠠᠭ᠎ᠠᠴᠠ 24 ᠴᠠᠭ ᠪᠤᠯᠲᠠᠯᠠᠭᠢ ᠥᠪᠥᠷ ᠮᠣᠩᠭᠤᠯ ᠣᠷᠣᠨ᠎ᠳᠠᠬᠢ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ
2022 ᠣᠨ᠎ᠤ 11 ᠳ᠋ᠦ᠍ᠭᠡᠷ ᠰᠠᠷ᠎ᠠ ᠵᠢᠨ 13᠎ᠤ ᠡᠳᠦᠷ᠎ᠤᠨ 0 ᠴᠠᠭ᠎ᠠᠴᠠ 24 ᠴᠠᠭ ᠪᠤᠯᠲᠠᠯᠠᠭᠢ ᠥᠪᠥᠷ ᠮᠣᠩᠭᠤᠯ ᠣᠷᠣᠨ᠎ᠳᠠᠬᠢ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ
2022 ᠣᠨ᠎ᠤ 11 ᠰᠠᠷ᠎ᠠ ᠵᠢᠨ 14᠎ᠤ ᠡᠳᠦᠷ᠎ᠤᠨ 0 ᠴᠠᠭ᠎ᠠᠴᠠ 24 ᠴᠠᠭ ᠪᠤᠯᠲᠠᠯᠠᠭᠢ ᠥᠪᠥᠷ ᠮᠣᠩᠭᠤᠯ ᠣᠷᠣᠨ᠎ᠳᠠᠬᠢ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ
2022 ᠣᠨ᠎ᠤ 11 ᠳ᠋ᠦ᠍ᠭᠡᠷ ᠰᠠᠷ᠎ᠠ ᠵᠢᠨ 16᠎ᠤ ᠡᠳᠦᠷ᠎ᠤᠨ 0 ᠴᠠᠭ᠎ᠠᠴᠠ 24 ᠴᠠᠭ ᠪᠤᠯᠲᠠᠯᠠᠭᠢ ᠥᠪᠥᠷ ᠮᠣᠩᠭᠤᠯ ᠣᠷᠣᠨ᠎ᠳᠠᠬᠢ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ
 
            