ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠰᠣᠨᠢᠨ ᠮᠡᠳᠡᠭᠡ   -   ᠰᠣᠨᠢᠨ ᠮᠡᠳᠡᠭᠡ ᠨᠡᠶ᠋ᠢᠲᠡᠯᠡᠬᠦ᠌ ᠬᠤᠷᠠᠯ
ᠨᠡᠷᠡᠲᠦ ᠲᠥᠷᠥᠯ ᠲᠡᠮᠳᠡᠭ᠎ᠤᠨ ᠪᠠᠶ᠋ᠢᠯᠳᠤᠬᠤ ᠪᠣᠳᠣᠯᠭ᠎ᠠ ᠵᠢ ᠬᠡᠷᠡᠭᠵᠢᠭᠦᠯᠵᠤ ᠠᠵᠢᠯ ᠲᠥᠷᠥᠯ᠎ᠤᠨ ᠬᠢᠨᠠᠯᠲᠠ ᠬᠠᠮᠢᠶᠠᠷᠤᠯᠲᠠ ᠵᠢ ᠴᠢᠨᠭ᠌ᠭ᠋ᠠᠳᠬᠠᠨ᠂ ᠤᠯᠠᠭ᠋ᠠᠨᠬᠠᠳᠠ ᠵᠢᠨ ᠵᠢᠭᠤᠯᠴᠢᠯᠠᠯ᠎ᠤᠨ ᠦᠢ᠍ᠯᠡᠰ᠎ᠤᠨ ᠳᠠᠪᠠᠯᠳᠠᠳᠤ ᠮᠠᠶᠢᠭ᠎ᠤᠨ ᠬᠥᠭᠵᠢᠯᠲᠡ ᠵᠢ ᠳᠥᠯᠭᠢᠨ ᠠᠬᠢᠭᠤᠯᠤᠶ᠎ᠠ
ᠨᠡᠶ᠋ᠢᠲᠡᠯᠡᠭᠰᠡᠨ ᠴᠠᠭ᠄ 2015-07-22

      ᠰᠤᠷᠪᠤᠯᠵᠢᠯᠠᠨ ᠶᠠᠷᠢᠯᠴᠠᠭᠰᠠᠨ ᠴᠠᠭ᠄ 2015 ᠤᠨ᠎ᠤ 7 ᠳ᠋ᠤᠭ᠋ᠠᠷ ᠰᠠᠷ᠎ᠠ ᠵᠢᠨ 15᠎ᠤ ᠡᠳᠦᠷ᠎ᠤᠨ ᠦᠳᠡ ᠵᠢᠨ ᠡᠮᠦᠨᠡᠬᠢ 10 ᠴᠠᠭ
      ᠰᠤᠷᠪᠤᠯᠵᠢᠯᠠᠨ ᠶᠠᠷᠢᠯᠴᠠᠭᠰᠠᠨ ᠵᠣᠴᠢᠨ᠄ ᠤᠯᠠᠭ᠋ᠠᠨᠬᠠᠳᠠ ᠬᠣᠲᠠ ᠵᠢᠨ ᠵᠢᠭᠤᠯᠴᠢᠯᠠᠯ᠎ᠤᠨ ᠲᠣᠪᠴᠢᠶ᠎ᠠ ᠵᠢᠨ ᠳᠠᠷᠤᠭ᠎ᠠ   ᠶᠠᠨ ᠬᠤᠢ
      ᠰᠤᠷᠪᠤᠯᠵᠢᠯᠠᠨ ᠶᠠᠷᠢᠯᠴᠠᠭᠰᠠᠨ ᠲᠣᠪᠴᠢ᠄
      ᠤᠯᠠᠭ᠋ᠠᠨᠬᠠᠳᠠ ᠬᠣᠲᠠ ᠪᠤᠯ ᠡᠯᠪᠡᠭ ᠳᠡᠯᠪᠡᠭ ᠵᠢᠭᠤᠯᠴᠢᠯᠠᠯ᠎ᠤᠨ ᠡᠬᠢ ᠪᠠᠶᠠᠯᠢᠭ᠎ᠲᠠᠢ᠂ 2015 ᠣᠨ᠎ᠳᠤ᠂ ᠤᠯᠠᠭ᠋ᠠᠨᠬᠠᠳᠠ ᠬᠣᠲᠠ ᠵᠢᠨ ᠵᠢᠭᠤᠯᠴᠢᠯᠠᠯ᠎ᠤᠨ ᠲᠣᠪᠴᠢᠶ᠎ᠠ ᠨᠡᠷᠡᠲᠦ ᠲᠡᠮᠳᠡᠭᠲᠦ ᠦᠵᠡᠮᠵᠢᠲᠦ ᠣᠷᠣᠨ᠎ᠢ ᠡᠭᠦᠳᠦᠨ ᠪᠠᠶ᠋ᠢᠭᠤᠯᠬᠤ ᠠᠵᠢᠯ᠎ᠢ ᠢᠳᠡᠪᠬᠢᠲᠡᠶ᠎ᠪᠠᠷ ᠳᠥᠯᠭᠢᠨ ᠠᠬᠢᠭᠤᠯᠵᠤ᠂ ᠤᠯᠠᠭ᠋ᠠᠨᠬᠠᠳᠠ ᠵᠢᠨ ᠵᠢᠭᠤᠯᠴᠢᠯᠠᠯ᠎ᠤᠨ ᠦᠢ᠍ᠯᠡᠰ᠎ᠤᠨ ᠳᠠᠪᠠᠯᠳᠠᠳᠤ ᠮᠠᠶᠢᠭ᠎ᠤᠨ ᠬᠥᠭᠵᠢᠯᠲᠡ ᠵᠢ ᠴᠢᠷᠮᠠᠶ᠋ᠢᠨ ᠠᠬᠢᠭᠤᠯᠪᠠ᠃ ᠬᠣᠯᠪᠣᠭᠳᠠᠯ ᠪᠦᠬᠦᠢ ᠪᠠᠶ᠋ᠢᠳᠠᠯ᠎ᠢ ᠨᠠᠷᠢᠨ ᠣᠶ᠋ᠢᠯᠠᠭ᠋ᠠᠬᠤ ᠵᠢᠨ ᠲᠤᠯᠠᠳᠠ᠂ ᠣᠶ᠋ᠢᠷ᠎ᠠ᠎ᠳᠤ ᠪᠢᠳᠡ ᠤᠯᠠᠭ᠋ᠠᠨᠬᠠᠳᠠ ᠬᠣᠲᠠ ᠵᠢᠨ ᠵᠢᠭᠤᠯᠴᠢᠯᠠᠯ᠎ᠤᠨ ᠲᠣᠪᠴᠢᠶ᠎ᠠ ᠵᠢᠨ ᠳᠠᠷᠤᠭ᠎ᠠ ᠶᠠᠨ ᠬᠤᠢ ᠵᠢ 《ᠳᠤᠮᠳᠠᠳᠤ ᠤᠯᠤᠰ ᠥᠪᠥᠷ ᠮᠣᠩᠭᠣᠯ》 ᠰᠦᠯᠵᠢᠶ᠎ᠡ᠎ᠳᠤ ᠤᠷᠢᠵᠤ᠂ ᠲᠠ ᠨᠡᠷ᠎ᠲᠠᠢ ᠶᠠᠷᠢᠯᠴᠠᠬᠤ ᠪᠤᠯᠤᠨ᠎ᠠ᠃ ᠲᠤᠬᠠᠢ ᠵᠢᠨ ᠴᠠᠭ᠎ᠲᠤ᠂ ᠥᠷᠭᠡᠨ ᠣᠯᠠᠨ ᠰᠦᠯᠵᠢᠶᠡᠨ ᠠᠨᠳᠠ ᠨᠡᠷ ᠮᠢᠨᠢ ᠢᠳᠡᠪᠬᠢᠲᠡᠶ ᠣᠷᠣᠯᠴᠠᠬᠤ ᠵᠢ ᠪᠠᠶᠠᠷᠯᠠᠨ ᠤᠭᠲᠤᠵᠤ ᠪᠠᠶ᠋ᠢᠨ᠎ᠠ!
[ᠬᠥᠲᠥᠯᠥᠭᠴᠢ]
      ᠰᠦᠯᠵᠢᠶᠡᠨ ᠠᠨᠳᠠ ᠨᠡᠷ᠂ ᠰᠠᠶ᠋ᠢᠨ ᠪᠠᠢ᠌ᠵᠠᠭ᠋ᠠᠨᠠᠤ!   ᠲᠠ ᠪᠦᠬᠦᠨ ᠲᠤᠰ ᠬᠤᠭᠤᠴᠠᠭ᠋ᠠᠨ᠎ᠤ 《ᠳᠤᠮᠳᠠᠳᠤ ᠤᠯᠤᠰ ᠥᠪᠥᠷ ᠮᠣᠩᠭᠣᠯ》 ᠰᠦᠯᠵᠢᠶᠡᠨ ᠳᠡᠭᠡᠷᠡᠬᠢ ᠰᠤᠷᠪᠤᠯᠵᠢᠯᠠᠭ᠎ᠠ ᠵᠢ ᠬᠦᠯᠢᠶᠡᠨ ᠦᠵᠡᠬᠦ ᠵᠢ ᠪᠠᠶᠠᠷᠯᠠᠨ ᠤᠭᠲᠤᠵᠤ ᠪᠠᠶ᠋ᠢᠨ᠎ᠠ᠃ ᠬᠠᠯᠠᠭᠤᠨ ᠵᠤᠨ ᠮᠤᠷᠢᠯᠠᠨ ᠰᠠᠭ᠋ᠠᠲᠤᠬᠤ᠎ᠳᠤ᠂ ᠮᠠᠨ᠎ᠤ ᠣᠷᠣᠨ᠎ᠤ ᠵᠢᠭᠤᠯᠴᠢᠯᠠᠯ᠎ᠤᠨ ᠬᠦᠭᠵᠢᠶᠡᠨᠲᠦ ᠤᠯᠠᠷᠢᠯ᠎ᠢ ᠤᠭᠲᠤᠨ ᠠᠪᠤᠪᠠ᠃ ᠥᠨᠥᠳᠦᠷ ᠪᠢᠳᠡ ᠵᠢᠭᠤᠯᠴᠢᠯᠠᠯ᠎ᠤᠨ ᠲᠤᠬᠠᠶ ᠶᠠᠷᠢᠯᠴᠠᠶ᠎ᠠ᠃ ᠲᠤᠰ ᠬᠤᠭᠤᠴᠠᠭ᠋ᠠᠨ᠎ᠳᠤ ᠪᠢᠳᠡ ᠠᠵᠠ᠎ᠲᠠᠢ᠎ᠪᠠᠷ ᠤᠯᠠᠭ᠋ᠠᠨᠬᠠᠳᠠ ᠬᠣᠲᠠ ᠵᠢᠨ ᠵᠢᠭᠤᠯᠴᠢᠯᠠᠯ᠎ᠤᠨ ᠲᠤᠪᠴᠢᠶ᠎ᠠ ᠵᠢᠨ ᠳᠠᠷᠤᠭ᠎ᠠ ᠶᠠᠨ ᠬᠤᠢ ᠵᠢ ᠤᠷᠢᠨ᠂ ᠰᠦᠯᠵᠢᠶᠡᠨ ᠠᠨᠳᠠ ᠨᠡᠷ᠎ᠲᠠᠢ ᠤᠯᠠᠭ᠋ᠠᠨᠬᠠᠳᠠ ᠵᠢᠨ ᠵᠢᠭᠤᠯᠴᠢᠯᠠᠯ᠎ᠤᠨ ᠬᠥᠭᠵᠢᠯᠲᠡ ᠵᠢᠨ ᠬᠣᠯᠪᠣᠭᠳᠠᠯ ᠪᠦᠬᠦᠢ ᠪᠠᠶ᠋ᠢᠳᠠᠯ᠎ᠢ ᠶᠠᠷᠢᠯᠴᠠᠭᠤᠯᠬᠤ᠎ᠪᠠᠷ ᠪᠤᠯᠪᠠ᠃ ᠶᠠᠨ ᠲᠣᠪᠴᠢᠶᠠᠨ ᠳᠠᠷᠤᠭ᠎ᠠ ᠡ᠂ ᠲᠠᠨ᠎ᠢ ᠪᠠᠶᠠᠷᠯᠠᠨ ᠤᠭᠲᠤᠵᠤ ᠪᠠᠢ᠌ᠨ᠎ᠠ!
[ᠶᠠᠨ ᠬᠤᠢ]
      ᠬᠦᠲᠦᠯᠦᠭᠴᠢ ᠰᠠᠶ᠋ᠢᠨ ᠤᠤ! ᠰᠦᠯᠵᠢᠶᠡᠨ ᠠᠨᠳᠠ ᠨᠠᠷ ᠰᠠᠢ᠌ᠨ ᠪᠠᠢ᠌ᠵᠠᠭ᠋ᠠᠨᠠᠤ!
[ᠬᠥᠲᠥᠯᠥᠭᠴᠢ]
      ᠲᠠᠨ᠎ᠢ ᠤᠭᠲᠤᠵᠤ ᠪᠠᠶ᠋ᠢᠨ᠎ᠠ᠂ ᠲᠠ ᠤᠳᠤ ᠣᠯᠠᠨ᠎ᠳᠤ ᠦᠵᠡᠰᠬᠦᠯᠡᠩᠲᠦ ᠰᠠᠶ᠋ᠢᠬᠠᠨ ᠰᠤᠨᠢᠨ ᠭᠠᠢ᠌ᠬᠠᠮᠰᠢᠭ ᠤᠯᠠᠭ᠋ᠠᠨᠬᠠᠳᠠ ᠵᠢ ᠤᠢ᠌ᠯᠠᠭ᠋ᠠᠭᠤᠯᠬᠤ ᠵᠢᠨ ᠲᠤᠯᠠᠳᠠ᠂ ᠲᠠ ᠤᠷᠢᠳ ᠵᠶ᠋ᠠᠷ ᠤᠯᠠᠭ᠋ᠠᠨᠬᠠᠳᠠ ᠬᠣᠲᠠ ᠵᠢᠨ ᠵᠢᠭᠤᠯᠴᠢᠯᠠᠯ᠎ᠤᠨ ᠡᠬᠢ ᠪᠠᠶᠠᠯᠢᠭ᠎ᠤᠨ ᠦᠨᠳᠦᠰᠦᠨ ᠲᠣᠶ᠋ᠢᠮᠣ ᠪᠠᠶ᠋ᠢᠳᠠᠯ᠎ᠢ ᠲᠠᠨᠢᠯᠴᠠᠭᠤᠯᠤᠭ᠋ᠠᠳ ᠦᠭᠭᠦᠨ᠎ᠡ ᠤᠤ?
[ᠶᠠᠨ ᠬᠤᠢ]
      ᠵᠠ ᠲᠡᠭᠡᠶ᠎ᠡ᠃ ᠤᠯᠠᠭ᠋ᠠᠨᠬᠠᠳᠠ ᠪᠣᠯ ᠳᠤᠮᠳᠠᠳᠤ ᠤᠯᠤᠰ᠎ᠤᠨ ᠤᠮᠠᠷᠠᠲᠤ ᠣᠷᠣᠨ᠎ᠤ ᠲᠠᠯ᠎ᠠ ᠨᠤᠲᠤᠭ᠎ᠤᠨ ᠰᠣᠶᠣᠯ᠎ᠤᠨ ᠵᠢᠭᠤᠯᠴᠢᠯᠠᠯ᠎ᠤᠨ ᠦᠵᠡᠮᠵᠢᠲᠦ ᠰᠠᠶ᠋ᠢᠬᠠᠨ ᠳᠠᠷᠬᠠᠨ ᠣᠷᠣᠨ ᠶᠤᠮ᠂ ᠡᠨᠳᠡᠬᠢ ᠵᠢᠨ ᠦᠨᠭᠭᠡ ᠦᠵᠡᠮᠵᠢ ᠰᠦᠷᠯᠢᠭ ᠰᠠᠶ᠋ᠢᠬᠠᠨ᠂ ᠤᠷᠲᠤ ᠤᠳᠠᠭ᠋ᠠᠨ ᠲᠡᠦᠬᠡ ᠰᠣᠶᠣᠯ᠎ᠤᠨ ᠤᠯᠠ ᠮᠦᠷ᠎ᠲᠠᠢ᠃ ᠡ᠊ᠨᠡ ᠬᠦ᠌ ᠡᠯᠪᠡᠭ ᠪᠠᠶᠠᠯᠢᠭ ᠰᠤᠨᠢᠨ ᠭᠠᠢ᠌ᠬᠠᠮᠰᠢᠭ ᠨᠤᠲᠤᠭ ᠤᠰᠤᠨ᠎ᠳᠤ᠂ ᠠᠭᠤᠯᠠᠨ ᠬᠠᠢ᠌ᠷᠬᠠᠨ᠂ ᠡᠯᠡᠰᠦ ᠮᠠᠨᠭ᠌ᠬ᠎ᠠ᠂ ᠨᠤᠲᠤᠭ ᠪᠡᠯᠴᠢᠭᠡᠷ᠂ ᠣᠶ ᠰᠢᠭᠤᠶ᠂ ᠬᠠᠯᠠᠭᠤᠨ ᠷᠠᠰᠢᠶᠠᠨ᠂ ᠮᠥᠰᠥ ᠴᠠᠰᠤ᠂ ᠨᠠᠭᠤᠷ ᠪᠦᠷᠢᠲᠦ᠂ ᠮᠥᠰᠥᠨ ᠵᠢᠤ᠂ ᠪᠣᠷᠵᠢᠨ ᠴᠢᠯᠠᠭᠤᠨ ᠣᠶ ᠵᠡᠷᠭᠡ ᠪᠠᠶ᠋ᠢᠭ᠋ᠠᠯᠢ ᠵᠢᠨ ᠦᠵᠡᠮᠵᠢ᠂ ᠬᠣᠪᠣᠷ ᠴᠤᠬᠠᠭ ᠠᠮᠢᠲᠠᠨ ᠤᠷᠭᠤᠮᠠᠯ᠂ ᠮᠣᠩᠭᠣᠯ ᠦᠨᠳᠦᠰᠦᠲᠡᠨ᠎ᠤ ᠵᠠᠩ ᠦᠢ᠍ᠯᠡ᠂ ᠲᠡᠦᠬᠡ ᠵᠢᠨ ᠳᠤᠷᠠᠰᠬᠠᠯᠲᠤ ᠵᠦᠢ᠍ᠯ ᠡᠷᠲᠡᠨ᠎ᠤ ᠦᠯᠡᠳᠡᠭᠳᠡᠯ ᠵᠡᠷᠭᠡ ᠠᠯᠢ ᠣᠯᠠᠨ ᠵᠢᠭᠤᠯᠴᠢᠯᠠᠯ᠎ᠤᠨ ᠡᠬᠢ ᠪᠠᠶᠠᠯᠢᠭ᠎ᠤᠨ ᠲᠥᠷᠥᠯ ᠵᠦᠢ᠍ᠯ ᠴᠥᠮ ᠪᠠᠶ᠋ᠢᠨ᠎ᠠ᠃ ᠤᠯᠠᠭ᠋ᠠᠨᠬᠠᠳᠠ 10000 ᠵᠢᠯ᠎ᠤᠨ ᠥᠨᠢ ᠤᠳᠠᠭ᠋ᠠᠨ ᠲᠡᠦᠬᠡ᠎ᠲᠠᠢ ᠮᠦᠷᠲᠡᠭᠡᠨ 8000 ᠵᠢᠯ᠎ᠤᠨ ᠭᠡᠷᠡᠯ ᠰᠠᠴᠤᠷᠠᠩᠭᠤᠶ ᠪᠣᠯᠪᠠᠰᠤᠨ᠎ᠲᠠᠢ ᠪᠠᠢ᠌ᠵᠤ᠂ ᠤᠯᠠᠭ᠋ᠠᠨᠬᠠᠳᠠ ᠰᠤᠶᠤᠯ᠂ ᠲᠠᠯ᠎ᠠ ᠨᠤᠲᠤᠭ᠎ᠤᠨ ᠬᠦᠷᠡᠯ ᠵᠡᠪᠰᠡᠭ᠎ᠤᠨ ᠰᠣᠶᠣᠯ᠂ ᠬᠢᠳᠠᠨ᠎ᠤ ᠯᠢᠶᠣᠤ ᠰᠣᠶᠣᠯ᠎ᠤᠨ ᠡᠭᠦᠰᠦᠭᠰᠡᠨ ᠭᠠᠵᠠᠷ ᠮᠥᠨ᠃ ᠪᠦᠬᠦ ᠬᠣᠲᠠ᠎ᠳᠤ ᠣᠳᠣ ᠪᠠᠶ᠋ᠢᠭ᠎ᠠ ᠡᠯ᠎ᠡ ᠴᠠᠭ ᠦᠶ᠎ᠡ ᠵᠢᠨ ᠲᠡᠦᠬᠡ ᠰᠣᠶᠣᠯ᠎ᠤᠨ ᠪᠠᠭᠤᠷᠢ 7300 ᠭᠠᠷᠤᠢ ᠪᠠᠢ᠌ᠵᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠠᠭ᠋ᠠᠰ᠎ᠢ ᠡᠵᠡᠯᠡᠵᠦ ᠪᠠᠶ᠋ᠢᠨ᠎ᠠ᠃ ᠡᠭᠦᠨ᠎ᠳᠤ ᠪᠦᠬᠦ ᠤᠯᠤᠰ᠎ᠤᠨ ᠭᠣᠣᠯᠳᠠᠯᠭ᠎ᠠ᠎ᠲᠠᠢ ᠲᠡᠤᠬᠡ ᠵᠢᠨ ᠳᠤᠷᠠᠰᠬᠠᠯᠲᠤ ᠵᠦᠢ᠍ᠯ᠎ᠤᠨ ᠬᠠᠮᠠᠭ᠋ᠠᠯᠠᠯᠲᠠ ᠵᠢᠨ ᠨᠢᠭᠡᠴᠡ 50᠂ ᠦᠪᠡᠷᠳᠡᠭᠡᠨ ᠵᠠᠰᠠᠬᠤ ᠤᠷᠤᠨ᠎ᠤ ᠭᠤᠤᠯᠳᠠᠯᠭ᠎ᠠ᠎ᠲᠠᠢ ᠲᠡᠤᠬᠡ ᠵᠢᠨ ᠳᠤᠷᠠᠰᠬᠠᠯᠲᠤ ᠵᠦᠢ᠍ᠯ᠎ᠤᠨ ᠬᠠᠮᠠᠭ᠋ᠠᠯᠠᠯᠲᠠ ᠵᠢᠨ ᠨᠢᠭᠡᠴᠡ 47 ᠪᠠᠢ᠌ᠵᠤ᠂ ᠬᠣᠲᠠ ᠵᠢᠨ ᠳᠡᠰ᠎ᠤᠨ ᠭᠣᠣᠯᠳᠠᠯᠭ᠎ᠠ᠎ᠲᠠᠢ ᠲᠡᠤᠬᠡ ᠵᠢᠨ ᠳᠤᠷᠠᠰᠬᠠᠯᠲᠤ ᠵᠦᠢ᠍ᠯ᠎ᠤᠨ ᠬᠠᠮᠠᠭ᠋ᠠᠯᠠᠯᠲᠠ ᠵᠢᠨ ᠨᠢᠭᠡᠴᠡ 42᠂ ᠤᠯᠤᠰ᠎ᠤᠨ ᠣᠶ ᠰᠢᠭᠤᠶ ᠵᠢᠨ ᠴᠡᠴᠡᠷᠯᠢᠭ 6᠂ ᠤᠯᠤᠰ᠎ᠤᠨ ᠳᠡᠰ᠎ᠤᠨ ᠪᠠᠶ᠋ᠢᠭ᠋ᠠᠯᠢ ᠵᠢᠨ ᠬᠠᠮᠠᠭ᠋ᠠᠯᠠᠯᠲᠠ ᠵᠢᠨ ᠣᠷᠣᠨ 8᠂ ᠤᠯᠤᠰ᠎ᠤᠨ ᠳᠡᠰ᠎ᠤᠨ ᠤᠰᠤᠨ ᠠᠰᠢᠭᠯᠠᠯᠲᠠ ᠵᠢᠨ ᠦᠵᠡᠮᠵᠢ ᠵᠢᠨ ᠣᠷᠣᠨ 7᠂ ᠭᠠᠵᠠᠷ᠎ᠤᠨ ᠢᠯᠴᠢ ᠵᠢᠨ ᠬᠠᠯᠠᠭᠤᠨ ᠷᠠᠰᠢᠶᠠᠨ 3 ᠪᠤᠢ᠃ ᠳᠡᠯᠡᠬᠡᠶ ᠵᠢᠨ ᠳᠡᠰ᠎ᠤᠨ ᠤᠯᠤᠰ᠎ᠤᠨ ᠰᠣᠶᠣᠯ᠎ᠤᠨ ᠵᠢᠭᠤᠯᠴᠢᠯᠠᠯ᠎ᠤᠨ ᠨᠡᠷᠡᠲᠦ ᠭᠠᠵᠠᠷ 4 ᠪᠤᠢ᠃ ᠪᠦᠬᠦ ᠬᠣᠲᠠ᠎ᠳᠤ ᠰᠢᠯᠢᠳᠡᠭ ᠳᠡᠰ᠎ᠤᠨ ᠵᠢᠭᠤᠯᠴᠢᠯᠠᠯ᠎ᠤᠨ ᠡᠬᠢ ᠪᠠᠶᠠᠯᠢᠭ 109 ᠪᠠᠢ᠌ᠵᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠳᠠᠭᠠᠨ ᠲᠡᠷᠢᠭᠦᠨ᠎ᠳᠤ ᠪᠠᠢ᠌ᠷᠢᠯᠠᠵᠤ᠂ 《ᠥᠪᠡᠷᠲᠡᠭᠡᠨ ᠵᠠᠰᠠᠬᠤ ᠣᠷᠣᠨ᠎ᠤ ᠬᠤᠷᠢᠶᠠᠩᠭᠤᠶ ᠳᠦᠷᠢ》 ᠬᠡᠵᠤ ᠨᠡᠷᠡᠯᠡᠭᠳᠡᠪᠡ᠃
[ᠬᠥᠲᠥᠯᠥᠭᠴᠢ]
      ᠪᠢᠳᠡᠨ᠎ᠤ ᠤᠢ᠌ᠯᠠᠭ᠋ᠠᠭᠰᠠᠨ ᠵᠶ᠋ᠠᠷ ᠡᠨᠡ ᠵᠢᠯ ᠤᠯᠠᠭ᠋ᠠᠨᠬᠠᠳᠠ ᠬᠣᠲᠠ ᠵᠢᠨ ᠵᠢᠭᠤᠯᠴᠢᠯᠠᠯ᠎ᠤᠨ ᠲᠣᠪᠴᠢᠶ᠎ᠠ ᠤᠳᠤ ᠶᠠᠭ ᠨᠡᠷᠡᠲᠦ ᠲᠡᠮᠳᠡᠭᠲᠦ ᠦᠵᠡᠮᠵᠢᠲᠦ ᠣᠷᠣᠨ᠎ᠢ ᠡᠭᠦᠳᠦᠨ ᠪᠠᠶ᠋ᠢᠭᠤᠯᠬᠤ ᠠᠵᠢᠯ᠎ᠢ ᠳᠥᠯᠭᠢᠨ ᠠᠬᠢᠭᠤᠯᠵᠤ ᠪᠠᠢ᠌ᠨ᠎ᠠ᠂ ᠲᠠ ᠪᠢᠳᠡᠨ᠎ᠳᠤ ᠨᠠᠷᠢᠨ ᠲᠠᠨᠢᠯᠴᠠᠭᠤᠯᠤᠭ᠋ᠠᠳ ᠦᠭᠭᠦᠨ᠎ᠡ ᠤᠤ?
[ᠶᠠᠨ ᠬᠤᠢ]
     2015 ᠤᠨ᠎ᠤ ᠤᠯᠠᠭ᠋ᠠᠨᠬᠠᠳᠠ ᠬᠣᠲᠠ ᠵᠢᠨ ᠵᠢᠭᠤᠯᠴᠢᠯᠠᠯ᠎ᠤᠨ ᠨᠡᠷᠡᠲᠦ ᠲᠡᠮᠳᠡᠭᠲᠦ ᠦᠵᠡᠮᠵᠢᠲᠦ ᠣᠷᠣᠨ᠎ᠢ ᠡᠭᠦᠳᠦᠨ ᠪᠠᠶ᠋ᠢᠭᠤᠯᠬᠤ ᠠᠵᠢᠯ᠎ᠤᠨ ᠭᠣᠣᠯ ᠠᠭᠤᠯᠭ᠎ᠠ ᠪᠤᠯ ᠳᠠᠷᠤᠢ ᠬᠡᠰᠢᠭᠲᠡᠨ ᠬᠤᠰᠢᠭᠤᠨ᠎ᠤ 5A ᠳᠡᠰ᠎ᠤᠨ ᠦᠵᠡᠮᠵᠢᠲᠦ ᠤᠷᠤᠨ᠎ᠢ ᠪᠠᠶ᠋ᠢᠭᠤᠯᠬᠤ ᠠᠵᠢᠯ ᠪᠤᠯᠤᠨ᠎ᠠ᠃ ᠥᠪᠡᠷᠲᠡᠭᠡᠨ ᠵᠠᠰᠠᠬᠤ ᠣᠷᠣᠨ᠎ᠤ ᠵᠢᠭᠤᠯᠴᠢᠯᠠᠯ᠎ᠤᠨ ᠲᠣᠪᠴᠢᠶ᠎ᠠ ᠵᠢᠨ 《ᠥᠪᠡᠷᠲᠡᠭᠡᠨ ᠵᠠᠰᠠᠬᠤ ᠣᠷᠣᠨ᠎ᠤ ᠨᠡᠷᠡᠲᠦ ᠲᠡᠮᠳᠡᠭᠲᠦ ᠵᠢᠭᠤᠯᠴᠢᠯᠠᠯ᠎ᠤᠨ ᠦᠵᠡᠮᠵᠢᠲᠦ ᠣᠷᠣᠨ᠎ᠢ ᠡᠭᠦᠳᠦᠨ ᠪᠠᠶ᠋ᠢᠭᠤᠯᠬᠤ ᠭᠤᠷᠪᠠᠨ ᠵᠢᠯ᠎ᠤᠨ ᠠᠵᠢᠯᠯᠠᠭ᠋ᠠᠨ᠎ᠤ ᠲᠥᠰᠦᠯ》᠎ᠲᠠᠢ ᠤᠶᠠᠯᠳᠤᠭᠤᠯᠤᠨ᠂ ᠤᠯᠠᠭ᠋ᠠᠨᠬᠠᠳᠠ ᠬᠣᠲᠠ ᠵᠢᠨ ᠵᠢᠭᠤᠯᠴᠢᠯᠠᠯ᠎ᠤᠨ ᠦᠢ᠍ᠯᠡᠰ᠎ᠤᠨ ᠬᠥᠭᠵᠢᠯᠲᠡ ᠵᠢᠨ ᠪᠣᠳᠠᠲᠠᠶ ᠪᠠᠶ᠋ᠢᠳᠠᠯ᠂ ᠠᠵᠤ ᠦᠢ᠍ᠯᠡᠰ᠎ᠤᠨ ᠰᠠᠭᠤᠷᠢ ᠪᠤᠯᠤᠨ ᠵᠠᠬ᠎ᠠ ᠳᠡᠯᠭᠡᠭᠦᠷ᠎ᠤᠨ ᠨᠦᠯᠦᠭᠡᠨ᠎ᠳᠤ ᠰᠠᠭᠤᠷᠢᠯᠠᠨ᠂ ᠪᠢᠳᠡ ᠬᠡᠰᠢᠭᠲᠡᠨ᠎ᠤ ᠳᠡᠯᠡᠬᠡᠶ ᠵᠢᠨ ᠭᠠᠵᠠᠷ ᠰᠢᠨᠵᠢᠯᠡᠭᠡᠨ᠎ᠤ ᠴᠡᠴᠡᠷᠯᠢᠭ᠎ᠤᠨ ᠳᠤᠲᠤᠷᠠᠬᠢ ᠴᠢᠯᠠᠭᠤᠨ ᠣᠶ᠂ ᠳᠠᠯᠠᠢ ᠨᠠᠭᠤᠷ᠂ ᠬᠤᠸᠠᠨᠭ᠌ ᠭᠠᠨᠭ᠌ ᠯᠢᠶᠠᠨᠭ᠌᠂ ᠪᠠᠶᠠᠨ ᠣᠪᠣᠭ᠎ᠠ ᠵᠡᠷᠭᠡ ᠳᠥᠷᠪᠡᠨ ᠦᠵᠡᠮᠵᠢᠲᠦ ᠣᠷᠣᠨ᠎ᠢ ᠪᠦᠬᠦᠯᠢ ᠴᠣᠭᠴᠠ᠎ᠪᠠᠷ᠎ᠨᠢ ᠤᠯᠤᠰ᠎ᠤᠨ 5A ᠳᠡᠰ᠎ᠤᠨ ᠦᠵᠡᠮᠵᠢᠲᠦ ᠤᠷᠤᠨ ᠪᠤᠯᠭ᠋ᠠᠨ ᠪᠠᠢ᠌ᠭᠤᠯᠤᠨ᠎ᠠ᠂ ᠣᠳᠣ ᠨᠢᠭᠡᠨᠲᠡ ᠤᠯᠠᠭ᠋ᠠᠨᠬᠠᠳᠠ ᠬᠣᠲᠠ ᠵᠢᠨ ᠳᠠᠷᠤᠭ᠎ᠠ ᠪᠢᠯᠢᠭᠬᠦᠦ᠎ᠪᠠᠷ ᠲᠦᠷᠦᠭᠦᠯᠡᠭᠦᠯᠦᠭᠰᠡᠨ ᠨᠡᠷᠡᠲᠦ ᠲᠡᠮᠳᠡᠭᠲᠦ ᠦᠵᠡᠮᠵᠢᠲᠦ ᠣᠷᠣᠨ᠎ᠢ ᠪᠠᠶ᠋ᠢᠭᠤᠯᠬᠤ ᠠᠵᠢᠯ᠎ᠤᠨ ᠤᠳᠤᠷᠢᠳᠬᠤ ᠳᠤᠭᠤᠶ᠋ᠢᠯᠠᠩ᠎ᠢ ᠪᠠᠢ᠌ᠭᠤᠯᠤᠭᠰᠠᠨ ᠮᠦᠷᠲᠡᠭᠡᠨ ᠦᠵᠡᠮᠵᠢᠲᠦ ᠣᠷᠣᠨ᠎ᠢ ᠡᠭᠦᠳᠦᠨ ᠪᠠᠶ᠋ᠢᠭᠤᠯᠬᠤ ᠪᠠᠶ᠋ᠢᠴᠠᠭ᠋ᠠᠨ ᠰᠤᠳᠤᠯᠤᠯᠲᠠ ᠬᠢᠬᠦ᠂ ᠬᠠᠮᠲᠤᠷᠠᠨ ᠰᠤᠳᠤᠯᠬᠤ᠂ ᠳᠡᠰ ᠦᠰᠬᠡᠬᠦ ᠲᠥᠰᠦᠯ᠎ᠢ ᠲᠣᠭᠲᠠᠭ᠋ᠠᠬᠤ ᠠᠵᠢᠯ᠎ᠢ ᠪᠡᠶᠡᠯᠡᠭᠦᠯᠪᠡ᠃ ᠡᠭᠦᠨ᠎ᠤ ᠬᠠᠮᠲᠤ᠂ ᠤᠯᠠᠭ᠋ᠠᠨ ᠪᠣᠳᠣᠩ ᠤᠯᠤᠰ᠎ᠤᠨ ᠵᠢᠭᠤᠯᠴᠢᠯᠠᠯ᠎ᠤᠨ ᠦᠵᠡᠮᠵᠢᠲᠦ ᠣᠷᠣᠨ᠎ᠳᠤ ᠤᠯᠤᠰ᠎ᠤᠨ ᠵᠢᠭᠤᠯᠴᠢᠯᠠᠯ᠎ᠤᠨ ᠵᠤᠰᠠᠯᠠᠩ᠎ᠢ ᠪᠠᠢ᠌ᠭᠤᠯᠬᠤ᠎ᠪᠠᠷ ᠳᠤᠷᠠᠳᠪᠠ᠃   ᠪᠦᠬᠦ ᠬᠣᠲᠠ᠎ᠳᠤ ᠤᠯᠠᠭ᠋ᠠᠨᠬᠠᠳᠠ ᠬᠣᠲᠠ ᠵᠢᠨ ᠣᠨᠴᠠᠯᠢᠭ ᠪᠦᠬᠦᠢ ᠨᠡᠶ᠋ᠢᠲᠡ 12 ᠵᠢᠭᠤᠯᠴᠢᠯᠠᠯ᠎ᠤᠨ ᠦᠵᠡᠮᠵᠢᠲᠦ ᠣᠷᠣᠨ᠎ᠢ ᠲᠣᠭᠲᠠᠭ᠋ᠠᠵᠤ᠂ 3 ᠵᠢᠯ᠎ᠤᠨ ᠳᠣᠲᠣᠷ᠎ᠠ 5A ᠳᠡᠰ᠎ᠤᠨ ᠪᠤᠶᠤ ᠥᠨᠳᠥᠷ A ᠳᠡᠰ᠎ᠤᠨ ᠵᠢᠭᠤᠯᠴᠢᠯᠠᠯ᠎ᠤᠨ ᠦᠵᠡᠮᠵᠢᠲᠦ ᠣᠷᠣᠨ᠂ ᠤᠯᠤᠰ᠎ᠤᠨ ᠳᠡᠰ᠎ᠤᠨ ᠪᠤᠶᠤ ᠥᠪᠡᠷᠲᠡᠭᠡᠨ ᠵᠠᠰᠠᠬᠤ ᠣᠷᠣᠨ᠎ᠤ ᠳᠡᠰ᠎ᠤᠨ ᠵᠢᠭᠤᠯᠴᠢᠯᠠᠯ ᠵᠤᠰᠠᠯᠠᠨᠭ᠌᠎ᠢ ᠦᠨᠳᠦᠰᠦᠨ᠎ᠳᠡᠭᠡᠨ ᠪᠦᠲᠦᠭᠡᠨ ᠪᠠᠢ᠌ᠭᠤᠯᠵᠤ᠂ ᠰᠣᠶᠣᠯ ᠪᠤᠯᠤᠨ ᠵᠢᠭᠤᠯᠴᠢᠯᠠᠯ᠎ᠢ ᠤᠶᠠᠯᠳᠤᠭᠤᠯᠤᠭᠰᠠᠨ ᠨᠢᠭᠡ ᠪᠦᠯᠦᠭ ᠦᠯᠢᠭᠡᠷ ᠵᠢᠱ᠌ᠢᠶ᠎ᠡ ᠦᠵᠡᠭᠦᠯᠬᠦ ᠲᠦᠷᠦᠯ ᠵᠦᠢ᠍ᠯ᠎ᠢ ᠬᠦᠭᠵᠢᠭᠦᠯᠦᠨ᠎ᠡ᠃ ᠨᠥᠬᠥᠴᠡᠯ᠎ᠲᠠᠢ ᠬᠣᠰᠢᠭᠤ ᠰᠢᠶᠠᠨ ᠎ᠤ ᠣᠯᠠᠨ ᠨᠡᠷᠡᠲᠦ ᠵᠢᠭᠤᠯᠴᠢᠯᠠᠯ᠎ᠤᠨ ᠦᠵᠡᠮᠵᠢ ᠵᠢᠨ ᠣᠷᠣᠨ ᠪᠠᠢ᠌ᠭᠤᠯᠬᠤ ᠵᠢ᠎ᠨᠢ ᠵᠤᠷᠢᠭᠵᠢᠭᠤᠯᠤᠨ᠎ᠠ᠃
[ᠬᠦᠲᠦᠯᠦᠭᠴᠢ]
      ᠮᠢᠨᠤ ᠤᠢ᠌ᠯᠠᠭ᠋ᠠᠭᠰᠠᠨ ᠵᠶ᠋ᠠᠷ᠂ ᠡᠨᠡ ᠵᠢᠯ᠎ᠤᠨ ᠲᠠᠪᠤᠨ ᠰᠠᠷ᠎ᠠ ᠵᠢᠨ ᠨᠢᠭᠡᠨ ᠪᠤᠯᠤᠭ᠋ᠠᠳᠤᠢ᠎ᠪᠠᠷ᠂ ᠤᠯᠠᠭ᠋ᠠᠨᠬᠠᠳᠠ ᠬᠣᠲᠠ ᠵᠢᠨ ᠵᠢᠭᠤᠯᠴᠢᠯᠠᠯ᠎ᠳᠤ ᠵᠠᠷᠢᠮ ᠥᠩᠭᠡᠷᠡᠭᠰᠡᠨ᠎ᠳᠤ ᠭᠠᠷᠤᠭ᠋ᠠᠳᠤᠢ ᠪᠠᠶᠠᠷᠯᠠᠭᠤᠰᠢᠲᠠᠶ ᠦᠵᠡᠭᠳᠡᠯ ᠲᠤᠬᠠᠢ᠌ᠯᠠᠪᠠᠯ᠂ ᠦᠵᠡᠮᠵᠢ ᠵᠢᠨ ᠤᠷᠤᠨ᠎ᠤ ᠬᠠᠯᠠᠮᠰᠢᠯ᠂ ᠲᠤᠰᠬᠠᠶ ᠭᠠᠯᠲᠤ ᠲᠡᠷᠭᠡᠨ᠎ᠤ ᠬᠠᠯᠠᠮᠰᠢᠯ᠂ ᠰᠢᠭᠤᠳ ᠨᠡᠪᠲᠡᠷᠡᠬᠦ ᠲᠡᠷᠭᠡᠨ᠎ᠤ ᠬᠠᠯᠠᠮᠰᠢᠯ᠂ ᠨᠢᠰᠭᠡᠯ ᠬᠦᠯᠦᠰᠦᠯᠡᠬᠦ ᠬᠠᠯᠠᠮᠰᠢᠯ ᠵᠡᠷᠭᠡ ᠪᠠᠢ᠌ᠳᠠᠯ ᠢᠯᠡᠷᠡᠯ᠎ᠡ ᠬᠡᠰᠡᠨ᠂ ᠡᠨᠡ᠎ᠨᠢ ᠤᠯᠠᠭ᠋ᠠᠨᠬᠠᠳᠠ ᠬᠣᠲᠠ ᠵᠢᠨ ᠵᠢᠭᠤᠯᠴᠢᠯᠠᠯ᠎ᠤᠨ ᠡᠬᠢ ᠪᠠᠶᠠᠯᠢᠭ ᠪᠤᠯᠤᠨ ᠵᠢᠭᠤᠯᠴᠢᠯᠠᠯ᠎ᠤᠨ ᠦᠢ᠍ᠯᠡᠳᠬᠦᠨ᠎ᠨᠢ ᠤᠯᠠᠮ᠎ᠠᠴᠠ ᠤᠯᠠᠮ ᠮᠡᠳᠡᠷᠡᠭᠳᠡᠵᠤ ᠪᠠᠢ᠌ᠭ᠎ᠠ ᠵᠢ ᠬᠠᠷᠠᠭᠤᠯᠵᠤ ᠪᠠᠢ᠌ᠨ᠎ᠠ᠂ ᠡᠨᠡ ᠵᠢᠯ᠎ᠤᠨ ᠬᠦᠯᠢᠶᠡᠨ ᠠᠪᠬᠤ ᠬᠥᠮᠦᠨ᠎ᠤ ᠲᠣᠭ᠎ᠠ ᠶᠡᠬᠡ ᠬᠡᠮᠵᠢᠶ᠎ᠡ᠎ᠪᠠᠷ ᠳᠡᠭᠡᠭᠰᠢᠯᠡᠬᠦ᠎ᠨᠢ ᠯᠠᠪᠲᠠᠶ ᠪᠠᠢ᠌ᠭ᠎ᠠ᠃ ᠲᠠ ᠤᠬᠠᠭᠤᠯᠬᠤ ᠬᠠᠷᠠᠭ᠋ᠠᠰᠤ᠎ᠠᠴᠠ᠂ ᠡᠨᠡ ᠵᠢᠯ ᠤᠯᠠᠭ᠋ᠠᠨᠬᠠᠳᠠ ᠬᠣᠲᠠ ᠵᠢᠨ ᠵᠢᠭᠤᠯᠴᠢᠯᠠᠯ᠎ᠳᠤ ᠶᠠᠮᠠᠷ ᠶᠠᠮᠠᠷ ᠭᠢᠯᠠᠰ ᠴᠢᠭ᠋᠎ᠲᠠᠢ ᠪᠠᠢ᠌ᠬᠤ ᠵᠢ ᠲᠠᠨᠢᠯᠴᠠᠭᠤᠯᠤᠭ᠋ᠠᠳ ᠦᠭᠭᠦᠨ᠎ᠡ ᠤᠤ?  
[ᠶᠠᠨ ᠬᠤᠢ]
      ᠡᠨᠡ ᠵᠢᠯ᠂ ᠤᠯᠠᠭ᠋ᠠᠨᠬᠠᠳᠠ ᠬᠣᠲᠠ ᠵᠢᠨ ᠵᠢᠭᠤᠯᠴᠢᠯᠠᠯ ᠦᠷᠭᠦᠯᠵᠢᠯᠡᠨ ᠤᠬᠠᠭᠤᠯᠭ᠎ᠠ ᠪᠣᠷᠣᠯᠠᠭᠤᠯᠭ᠎ᠠ ᠵᠢᠨ 《ᠬᠠᠮ ᠨᠢᠳᠤᠷᠭ᠎ᠠ》 ᠵᠢᠨ ᠠᠷᠭ᠎ᠠ ᠠᠪᠴᠤ᠂ ᠵᠠᠬ᠎ᠠ ᠳᠡᠯᠭᠡᠭᠦᠷ᠎ᠤᠨ ᠤᠬᠠᠭᠤᠯᠬᠤ ᠡᠷᠴᠢᠮ ᠵᠶ᠋ᠠᠨ ᠴᠢᠩᠭ᠋ᠠᠷᠠᠭᠤᠯᠤᠨ᠎ᠠ᠃
      ᠨᠢᠭᠡ᠎ᠳᠤ ᠵᠠᠭᠤᠴᠢᠯᠠᠭᠤᠷ᠎ᠤᠨ ᠤᠬᠠᠭᠤᠯᠭ᠎ᠠ᠎ᠪᠠᠨ ᠦᠷᠭᠦᠯᠵᠢᠯᠡᠨ ᠰᠠᠶ᠋ᠢᠲᠤᠷ ᠬᠢᠨ᠎ᠡ᠃ ᠥᠪᠡᠷᠲᠡᠭᠡᠨ ᠵᠠᠰᠠᠬᠤ ᠣᠷᠣᠨ᠎ᠤ ᠵᠢᠭᠤᠯᠴᠢᠯᠠᠯ᠎ᠤᠨ ᠲᠣᠪᠴᠢᠶ᠎ᠠ᠎ᠠᠴᠠ ᠲᠥᠪ ᠲᠧᠯᠸᠢᠰ᠎ᠤᠨ 《ᠳᠡᠯᠡᠬᠡᠢ ᠳ᠋ᠠᠬᠢᠨ᠎ᠤ ᠦᠷᠯᠦᠭᠡ ᠵᠢᠨ ᠰᠤᠨᠢᠨ》 ᠪᠤᠯᠤᠩ᠎ᠳᠤ ᠨᠢᠭᠡᠳᠦᠯᠲᠠᠢ ᠲᠠᠯᠪᠢᠵᠤ ᠪᠦᠬᠦᠢ ᠵᠢᠭᠤᠯᠴᠢᠯᠠᠯ᠎ᠤᠨ ᠳᠦᠷᠢ ᠲᠥᠷᠬᠦ ᠵᠢᠨ ᠵᠠᠷ ᠮᠡᠳᠡᠭᠡ ᠵᠢᠨ ᠤᠬᠠᠭᠤᠯᠭ᠎ᠠ᠎ᠳᠤ ᠤᠷᠤᠯᠴᠠᠨ᠎ᠠ; ᠳᠤᠮᠳᠠᠳᠤ ᠤᠯᠤᠰ᠎ᠤᠨ ᠵᠢᠭᠤᠯᠴᠢᠯᠠᠯ᠎ᠤᠨ ᠰᠣᠨᠢᠨ᠂ ᠵᠢᠭᠤᠯᠴᠢᠯᠠᠯ᠎ᠤᠨ ᠨᠢᠭᠡᠳᠦᠭᠡᠷ ᠰᠦᠯᠵᠢᠶ᠎ᠡ ᠵᠡᠷᠭᠡ ᠲᠤᠰᠬᠠᠶ ᠮᠡᠷᠭᠡᠵᠢᠯ᠎ᠤᠨ ᠵᠠᠭᠤᠴᠢ ᠪᠤᠯᠤᠨ ᠤᠯᠠᠭ᠋ᠠᠨᠬᠠᠳᠠ ᠵᠢᠨ ᠡᠳᠦᠷ᠎ᠤᠨ ᠰᠣᠨᠢᠨ᠂ ᠤᠯᠠᠭ᠋ᠠᠨᠬᠠᠳᠠ ᠵᠢᠨ ᠣᠷᠣᠶ ᠵᠢᠨ ᠰᠣᠨᠢᠨ ᠵᠡᠷᠭᠡ ᠵᠠᠭᠤᠴᠢᠯᠠᠭᠤᠷ᠎ᠢ ᠭᠦᠢ᠍ᠴᠡᠳ ᠠᠰᠢᠭᠯᠠᠨ ᠤᠯᠠᠭ᠋ᠠᠨᠬᠠᠳᠠ ᠵᠢᠨ ᠵᠢᠭᠤᠯᠴᠢᠯᠠᠯ᠎ᠢ ᠪᠦᠬᠦ ᠲᠠᠯ᠎ᠠ᠎ᠪᠠᠷ ᠤᠬᠠᠭᠤᠯᠤᠨ᠂ 2015 ᠣᠨ᠎ᠳᠤ 《  ᠤᠯᠠᠭ᠋ᠠᠨᠬᠠᠳᠠ ᠵᠢᠨ ᠰᠠᠭᠤᠭᠳᠠᠯ》 ᠪᠤᠯᠤᠩ᠂ ᠤᠯᠠᠭ᠋ᠠᠨᠬᠠᠳᠠ ᠵᠢᠨ ᠡᠳᠦᠷ᠎ᠤᠨ ᠰᠣᠨᠢᠨ ᠪᠤᠯᠤᠨ ᠤᠯᠠᠭ᠋ᠠᠨᠬᠠᠳᠠ ᠣᠷᠣᠶ ᠵᠢᠨ ᠰᠣᠨᠢᠨ᠎ᠳᠤ ᠵᠢᠭᠤᠯᠴᠢᠯᠠᠯ᠎ᠤᠨ ᠲᠤᠰᠬᠠᠶ ᠪᠤᠯᠤᠩ ᠨᠡᠭᠡᠭᠡᠵᠤ ᠤᠯᠠᠭ᠋ᠠᠨᠬᠠᠳᠠ ᠵᠢᠨ ᠵᠢᠭᠤᠯᠴᠢᠯᠠᠯ᠎ᠤᠨ ᠡᠬᠢ ᠪᠠᠶᠠᠯᠢᠭ᠎ᠢ ᠤᠬᠠᠭᠤᠯᠵᠤ᠂ ᠤᠯᠠᠭ᠋ᠠᠨᠬᠠᠳᠠ ᠵᠢᠨ ᠵᠢᠭᠤᠯᠴᠢᠯᠠᠯ᠎ᠤᠨ ᠦᠢ᠍ᠯᠡᠳᠬᠦᠨ᠎ᠢ ᠲᠠᠨᠢᠯᠴᠠᠭᠤᠯᠵᠤ᠂ ᠤᠯᠠᠭ᠋ᠠᠨᠬᠠᠳᠠ ᠵᠢᠨ ᠬᠥᠮᠦᠨ ᠤᠯᠠᠭ᠋ᠠᠨᠬᠠᠳᠠ᠎ᠳᠤ᠎ᠪᠠᠨ ᠵᠢᠭᠤᠯᠴᠢᠯᠠᠬᠤ ᠰᠠᠶ᠋ᠢᠨ ᠰᠠᠶ᠋ᠢᠬᠠᠨ ᠵᠢᠭᠤᠯᠴᠢᠯᠠᠯ᠎ᠤᠨ ᠤᠷᠴᠢᠨ ᠪᠠᠢ᠌ᠳᠠᠯ᠎ᠢ ᠪᠤᠶ ᠪᠣᠯᠭ᠋ᠠᠬᠤ; 《ᠤᠯᠠᠭ᠋ᠠᠨᠬᠠᠳᠠ ᠰᠤᠶᠤᠯ᠎ᠤᠨ ᠣᠯᠠᠨ ᠤᠯᠤᠰ᠎ᠤᠨ ᠵᠢᠭᠤᠯᠴᠢᠯᠠᠯ᠎ᠤᠨ ᠡᠳᠦᠷ》 ᠵᠶ᠋ᠠᠷ ᠭᠣᠣᠯ ᠰᠡᠳᠦᠪ ᠪᠤᠯᠭ᠋ᠠᠨ᠂   ᠲᠤᠬᠠᠢ ᠵᠢᠨ ᠴᠠᠭ᠎ᠲᠤ ᠳᠤᠮᠳᠠᠳᠤ ᠤᠯᠤᠰ᠎ᠤᠨ ᠵᠢᠭᠤᠯᠴᠢᠯᠠᠯ᠎ᠤᠨ ᠰᠣᠨᠢᠨ᠎ᠤ ᠬᠣᠷᠢᠶ᠎ᠠ᠎ᠲᠠᠢ ᠬᠠᠮᠲᠤᠷᠠᠨ 《ᠦᠵᠡᠰᠬᠦᠯᠡᠩᠲᠦ ᠰᠠᠶ᠋ᠢᠬᠠᠨ ᠳᠤᠮᠳᠠᠳᠤ ᠤᠯᠤᠰ · ᠲᠠᠯ᠎ᠠ ᠨᠤᠲᠤᠭ᠎ᠤᠨ ᠲᠣᠷᠭ᠋ᠠᠨ ᠵᠠᠮ᠎ᠤᠨ ᠤᠯᠠᠭ᠋ᠠᠨᠬᠠᠳᠠ᠎ᠳᠠᠬᠢ ᠠᠶᠠᠯᠠᠯ》 ᠲᠣᠮᠣ ᠶᠠᠷᠢᠶᠠᠨ᠎ᠤ ᠲᠠᠪᠴᠠᠩ᠂ ᠤᠨᠴᠠᠯᠢᠭᠲᠦ ᠠᠵᠢᠯᠯᠠᠭ᠎ᠠ ᠦᠷᠨᠢᠬᠦᠯᠬᠦ᠎ᠪᠠᠷ ᠲᠦᠯᠦᠪᠯᠡᠵᠤ ᠪᠠᠢ᠌ᠨ᠎ᠠ᠃ ᠲᠢᠶᠠᠨᠵᠢᠨ᠎ᠤ ᠠᠭ᠋ᠠᠷ᠎ᠤᠨ ᠠᠶᠠᠯᠠᠯ᠎ᠤᠨ᠎ᠬᠢᠨ᠎ᠲᠠᠢ ᠬᠠᠮᠲᠤᠷᠠᠨ᠂ 《ᠳᠤᠮᠳᠠᠳᠤ ᠤᠯᠤᠰ᠎ᠤᠨ ᠨᠢᠭᠤᠭᠳᠠᠮᠠᠯ ᠭᠤᠸ᠎ᠠ ᠰᠠᠶ᠋ᠢᠬᠠᠨ᠎ᠢ ᠡᠷᠢᠬᠦ》 ᠠᠵᠢᠯᠯᠠᠭ᠎ᠠ ᠥᠷᠨᠢᠭᠦᠯᠵᠦ᠂ ᠵᠢᠭᠤᠯᠴᠢᠯᠠᠯ᠎ᠳᠤ ᠨᠡᠪᠲᠡᠷᠡᠭᠰᠡᠨ ᠬᠥᠮᠦᠨ᠎ᠢ ᠤᠷᠢᠵᠤ ᠮᠠᠨ᠎ᠤ ᠬᠣᠲᠠ ᠵᠢᠨ ᠭᠣᠣᠯᠳᠠᠯᠭ᠎ᠠ᠎ᠲᠠᠢ ᠦᠵᠡᠮᠵᠢ ᠵᠢᠨ ᠣᠷᠣᠨ᠎ᠳᠤ ᠬᠦᠨᠵᠡᠭᠡᠢ᠌ᠷᠡᠨ᠂ ᠠᠯᠪᠠᠨ᠎ᠤ ᠪᠢᠴᠢᠯ ᠪᠦᠷᠭᠡ᠂ ᠸᠢᠴᠠᠲ ᠪᠤᠯᠤᠨ ᠬᠠᠮᠲᠤᠷᠠᠨ ᠠᠵᠢᠯᠯᠠᠬᠤ ᠵᠢᠭᠤᠯᠴᠢᠯᠠᠯ᠎ᠤᠨ ᠰᠦᠯᠵᠢᠶ᠎ᠡ᠎ᠳᠤ ᠬᠠᠮᠲᠤᠪᠡᠷ ᠬᠦᠳᠡᠯᠦᠯᠴᠡᠬᠦ   ᠠᠵᠢᠯᠯᠠᠭ᠎ᠠ ᠵᠢ ᠦᠷᠨᠢᠭᠦᠯᠦᠨ᠎ᠡ᠃
      ᠬᠣᠶᠠᠷ᠎ᠲᠤ ᠰᠢᠨ᠎ᠡ ᠵᠠᠭᠤᠴᠢᠯᠠᠭᠤᠷ᠎ᠤᠨ ᠤᠯᠠᠮᠵᠢᠯᠠᠬᠤ᠎ᠨᠢ ᠲᠦᠷᠭᠡᠨ᠂ ᠴᠢᠭ᠋᠎ᠠᠴᠠ ᠴᠢᠭ᠋᠎ᠲᠤ ᠬᠦᠷᠬᠦ᠂   ᠥᠨᠳᠥᠷ ᠦᠷ᠎ᠡ ᠪᠦᠲᠦᠮᠵᠢᠲᠠᠢ ᠪᠠᠢ᠌ᠳᠠᠭ ᠣᠨᠴᠠᠯᠢᠭ᠎ᠢ ᠭᠦᠢ᠍ᠴᠡᠳ ᠠᠰᠢᠭᠯᠠᠵᠤ᠂ ᠡᠯ᠎ᠡ ᠶᠡᠬᠡ ᠵᠢᠭᠤᠯᠴᠢᠯᠠᠯ᠎ᠤᠨ ᠰᠦᠯᠵᠢᠶ᠎ᠡ ᠪᠤᠯᠤᠨ   ᠡᠯᠸᠺᠲᠷᠤᠨ ᠬᠤᠳᠠᠯᠳᠤᠭ᠋ᠠᠨ᠎ᠤ ᠲᠠᠪᠴᠠᠩ᠎ᠲᠠᠢ ᠬᠠᠮᠲᠤᠷᠠᠨ ᠠᠵᠢᠯᠯᠠᠬᠤ᠎ᠪᠠᠨ ᠴᠢᠨᠭ᠌ᠭ᠋ᠠᠳᠬᠠᠵᠤ᠂ ᠬᠣᠲᠠ ᠵᠢᠨ ᠵᠢᠭᠤᠯᠴᠢᠯᠠᠯ᠎ᠤᠨ ᠲᠣᠪᠴᠢᠶ᠎ᠠ ᠵᠢᠨ 《ᠭᠤᠷᠪᠠᠨ ᠪᠢᠴᠢᠯ ᠨᠢᠭᠡ ᠰᠦᠯᠵᠢᠶ᠎ᠡ》 ᠵᠢᠨ ᠠᠯᠪᠠᠨ ᠰᠦᠯᠵᠢᠶᠡᠨ ᠲᠠᠪᠴᠠᠩ᠎ᠢ ᠰᠠᠶ᠋ᠢᠲᠤᠷ ᠡᠷᠬᠢᠯᠡᠵᠦ᠂ ᠰᠢᠨ᠎ᠡ ᠵᠠᠭᠤᠴᠢᠯᠠᠭᠤᠷ᠎ᠲᠤ ᠵᠢᠭᠤᠯᠴᠢᠯᠠᠭᠴᠢᠳ᠎ᠲᠤ ᠨᠡᠩ ᠪᠦᠷᠢᠨ ᠨᠡᠩ ᠰᠠᠶ᠋ᠢᠨ ᠨᠡᠩ ᠤᠢ᠌ᠷᠠᠲᠤᠭᠰᠠᠨ ᠤᠬᠠᠭᠤᠯᠭ᠎ᠠ ᠵᠢᠨ ᠠᠭᠤᠯᠭ᠎ᠠ ᠬᠠᠨᠭ᠌ᠭ᠋ᠠᠨ᠎ᠠ᠃
      ᠭᠤᠷᠪᠠ᠎ᠳᠤ ᠤᠯᠤᠰ᠎ᠤᠨ ᠵᠢᠭᠤᠯᠴᠢᠯᠠᠯ᠎ᠤᠨ ᠲᠣᠪᠴᠢᠶ᠎ᠠ᠂ ᠥᠪᠡᠷᠲᠡᠭᠡᠨ ᠵᠠᠰᠠᠬᠤ ᠣᠷᠣᠨ᠎ᠤ ᠵᠢᠭᠤᠯᠴᠢᠯᠠᠯ᠎ᠤᠨ ᠲᠣᠪᠴᠢᠶ᠎ᠠ ᠵᠢᠴᠢ ᠵᠢᠭᠤᠯᠴᠢᠯᠠᠭᠴᠢᠳ ᠤᠯᠠᠨᠲᠠᠢ ᠴᠢᠬᠤᠯᠠ ᠬᠣᠲᠠ ᠵᠢᠨ ᠡᠷᠬᠢᠯᠡᠬᠦ ᠨᠥᠯᠥᠭᠡ ᠶᠡᠭᠡᠲᠠᠢ ᠵᠢᠭᠤᠯᠴᠢᠯᠠᠯ᠎ᠤᠨ ᠠᠷᠠᠯᠵᠢᠶᠠᠨ᠎ᠤ ᠴᠤᠭᠯᠠᠭ᠋ᠠᠨ᠂ ᠦᠵᠡᠰᠬᠦᠯᠡᠩ᠎ᠳᠤ ᠢᠳᠡᠪᠬᠢᠲᠡᠶ ᠤᠷᠤᠯᠴᠠᠨ᠎ᠠ᠃ ᠤᠯᠠᠭ᠋ᠠᠨᠬᠠᠳᠠ ᠵᠢᠨ ᠵᠢᠭᠤᠯᠴᠢᠯᠠᠯ᠎ᠤᠨ ᠲᠤᠰᠬᠠᠶ ᠲᠠᠨᠢᠯᠴᠠᠭᠤᠯᠬᠤ ᠬᠤᠷᠠᠯ᠎ᠢ ᠨᠡᠩ ᠶᠡᠬᠡ ᠬᠡᠪᠴᠢᠶᠡᠨ᠎ᠡ ᠡᠷᠬᠢᠯᠡᠵᠤ᠂ ᠪᠡᠭᠡᠵᠢᠩ᠂ ᠲᠢᠶᠠᠨᠵᠢᠨ᠂ ᠡᠾᠸᠪᠸᠢ᠂ ᠯᠢᠶᠤᠤᠨᠢᠨᠭ᠌᠂ ᠱᠠᠨᠳᠦ᠋ᠨᠭ ᠵᠡᠷᠭᠡ ᠵᠢᠭᠤᠯᠴᠢᠯᠠᠭᠴᠢᠳ ᠤᠯᠠᠨᠲᠠᠢ ᠴᠢᠬᠤᠯᠠ ᠵᠢᠭᠤᠯᠴᠢᠯᠠᠯ᠎ᠤᠨ ᠤᠷᠤᠨ᠎ᠢ ᠪᠠᠲᠤᠳᠬᠠᠵᠤ᠂ ᠵᠦᠵᠢᠶᠠᠩ ᠮᠥᠷᠡᠨ᠎ᠤ ᠭᠤᠷᠪᠠᠯᠵᠢᠨ ᠬᠣᠶ᠋ᠢᠭ᠂ ᠬᠥᠬᠡᠮᠥ᠋ᠷᠡᠨ᠎ᠤ ᠭᠤᠷᠪᠠᠯᠵᠢᠨ ᠬᠣᠶ᠋ᠢᠭ᠂ ᠪᠠᠷᠠᠭᠤᠨ ᠡᠮᠦᠨᠡᠲᠦ ᠵᠡᠷᠭᠡ ᠵᠢᠨ ᠵᠢᠭᠤᠯᠴᠢᠯᠠᠭᠴᠢᠳ ᠤᠯᠠᠨᠲᠠᠢ ᠤᠷᠤᠨ᠎ᠢ ᠦᠷᠭᠡᠳᠭᠡᠨ᠂ ᠰᠢᠨ᠎ᠡ ᠬᠠᠭᠤᠴᠢᠨ ᠵᠢᠭᠤᠯᠴᠢᠯᠠᠭᠴᠢᠳ ᠤᠯᠠᠨᠲᠠᠢ ᠤᠷᠤᠨ᠎ᠤ ᠱᠠᠲᠤᠯᠵᠢᠨ ᠬᠡᠯᠪᠡᠷᠢ ᠵᠢᠨ ᠬᠥᠭᠵᠢᠯᠲᠡ ᠵᠢ ᠠᠬᠢᠭᠤᠯᠤᠨ᠎ᠠ᠃ ᠪᠡᠭᠡᠵᠢᠩ ᠲᠢᠶᠠᠨᠵᠢᠨ ᠾᠧᠪᠧᠶ᠂ ᠱᠠᠨᠳᠦ᠋ᠩ ᠬᠤᠢ᠌ᠭ᠂ ᠯᠢᠶᠤᠤᠨᠢᠨᠭ᠌᠎ᠤᠨ ᠪᠠᠷᠠᠭᠤᠨ ᠬᠡᠰᠡᠭ᠎ᠤᠨ ᠲᠤᠭᠤᠷᠢᠨ᠎ᠳᠤ᠂ ᠵᠢᠭᠤᠯᠴᠢᠯᠠᠬᠤ ᠬᠠᠮ ᠲᠡᠷᠭᠡ ᠵᠢᠨ ᠠᠷᠭ᠎ᠠ᠎ᠪᠠᠷ ᠲᠣᠭᠣᠷᠢᠨ ᠶᠠᠪᠤᠵᠤ ᠤᠬᠠᠭᠤᠯᠤᠨ ᠲᠠᠨᠢᠯᠴᠠᠭᠤᠯᠤᠨ᠎ᠠ;   ᠵᠢᠭᠤᠯᠴᠢᠯᠠᠯ᠎ᠤᠨ ᠦᠵᠡᠮᠵᠢᠲᠦ ᠣᠷᠣᠨ᠎ᠤ ᠤᠮᠠᠷᠠᠲᠤ ᠱᠤᠭᠤᠮ᠎ᠤᠨ ᠬᠣᠯᠪᠣᠭ᠎ᠠ ᠪᠠᠢ᠌ᠭᠤᠯᠬᠤ ᠵᠢ ᠵᠤᠷᠢᠭᠵᠢᠭᠤᠯᠤᠨ ᠣᠯᠠᠨ ᠵᠦᠢ᠍ᠯ᠎ᠤᠨ ᠤᠬᠠᠭᠤᠯᠭ᠎ᠠ ᠲᠠᠨᠢᠯᠴᠠᠭᠤᠯᠭ᠎ᠠ ᠪᠤᠯᠤᠨ ᠪᠣᠷᠣᠯᠠᠭᠤᠯᠭ᠎ᠠ ᠵᠢᠨ ᠠᠵᠢᠯᠯᠠᠭ᠎ᠠ ᠦᠷᠨᠢᠬᠦᠯᠦᠨ᠎ᠡ᠃ ᠵᠢᠯ᠎ᠤᠨ ᠳᠤᠲᠤᠷ᠎ᠠ᠂ ᠤᠯᠤᠰ᠎ᠤᠨ ᠳᠣᠲᠣᠭ᠋ᠠᠳᠤ ᠭᠠᠳᠠᠭ᠋ᠠᠳᠤ ᠵᠢᠨ 35 ᠬᠣᠲᠠ᠎ᠳᠤ ᠤᠯᠠᠭ᠋ᠠᠨᠬᠠᠳᠠ ᠵᠢᠨ ᠵᠢᠭᠤᠯᠴᠢᠯᠠᠯ᠎ᠤᠨ ᠲᠤᠰᠬᠠᠶ ᠲᠠᠨᠢᠯᠴᠠᠭᠤᠯᠭ᠎ᠠ ᠵᠢᠨ ᠬᠤᠷᠠᠯ ᠬᠤᠷᠠᠯᠳᠤᠭᠤᠯᠤᠨ᠎ᠠ᠃ ᠲᠠᠶ᠋ᠢᠸᠠᠨ᠂ ᠺᠤᠷᠢᠶᠠ᠂ ᠶᠠᠫᠣᠨ᠂ ᠮᠣᠩᠭᠣᠯ᠂ ᠣᠷᠣᠰ ᠵᠡᠷᠭᠡ ᠬᠢᠯᠢ ᠵᠢᠨ ᠭᠠᠳᠠᠨᠠᠬᠢ ᠵᠠᠬ᠎ᠠ ᠳᠡᠯᠭᠡᠭᠦᠷ᠎ᠲᠠᠬᠢ ᠤᠬᠠᠭᠤᠯᠭ᠎ᠠ ᠵᠢ ᠢᠳᠡᠪᠬᠢᠲᠡᠶ ᠬᠢᠵᠤ᠂ ᠲᠠᠶ᠋ᠢᠸᠠᠨ᠎ᠤ ᠠᠶᠠᠯᠠᠯ ᠵᠢᠭᠤᠯᠴᠢᠯᠠᠯ᠎ᠤᠨ ᠨᠡᠢ᠌ᠭᠡᠮᠯᠢᠭ ᠮᠠᠨ᠎ᠤ ᠬᠣᠲᠠ᠎ᠳᠤ ᠢᠷᠡᠵᠤ ᠦᠵᠡᠮᠵᠢ ᠰᠤᠨᠢᠷᠬᠠᠬᠤ ᠪᠠ ᠪᠦᠯᠬᠦᠮ ᠪᠠᠢ᠌ᠭᠤᠯᠤᠨ ᠰᠠᠭᠤᠬᠤ ᠠᠵᠢᠯᠯᠠᠭ᠎ᠠ ᠵᠢ ᠰᠠᠶ᠋ᠢᠲᠤᠷ ᠵᠣᠬᠢᠶᠠᠨ ᠪᠠᠢ᠌ᠬᠭᠤᠯᠵᠤ᠂   ᠺᠤᠷᠢᠶᠠ᠂ ᠶᠠᠫᠣᠨ᠎ᠳᠤ ᠲᠠᠨᠢᠯᠴᠠᠭᠤᠯᠭ᠎ᠠ ᠵᠢᠨ ᠬᠤᠷᠠᠯ ᠬᠤᠷᠠᠯᠳᠤᠭᠤᠯᠵᠤ᠂ ᠵᠢᠭᠤᠯᠴᠢᠯᠠᠯ᠎ᠤᠨ ᠦᠢ᠍ᠯᠡᠳᠬᠦᠨ᠎ᠢ ᠴᠢᠭᠯᠡᠭᠦᠯᠬᠦ ᠬᠠᠨᠳᠤᠯᠭ᠋ᠠᠲᠤ ᠴᠢᠨᠠᠷ᠎ᠲᠠᠢ ᠪᠤᠷᠤᠯᠠᠭᠤᠯᠤᠨ ᠡᠳᠡᠭᠡᠷ ᠤᠯᠤᠰ ᠪᠤᠯᠤᠨ ᠭᠠᠵᠠᠷ ᠣᠷᠣᠨ᠎ᠤ ᠵᠢᠭᠤᠯᠴᠢᠯᠠᠭᠴᠢᠳ᠎ᠢ ᠲᠠᠲᠠᠨ ᠤᠯᠠᠭ᠋ᠠᠨᠬᠠᠳᠠ᠎ᠳᠤ ᠢᠷᠡᠵᠤ ᠵᠢᠭᠤᠯᠴᠢᠯᠠᠨ ᠲᠤᠭᠤᠷᠢᠬᠤ ᠪᠠ ᠵᠢᠭᠤᠯᠴᠢᠯᠠᠨ ᠠᠮᠠᠷᠠᠯᠲᠠ ᠬᠢᠯᠭᠡᠨ᠎ᠡ᠃
      ᠳᠥᠷᠪᠡ᠎ᠳᠤ ᠵᠢᠭᠤᠯᠴᠢᠯᠠᠯ᠎ᠤᠨ ᠤᠬᠠᠭᠤᠯᠭ᠎ᠠ ᠪᠣᠷᠣᠯᠠᠭᠤᠯᠭ᠎ᠠ ᠵᠢᠨ ᠰᠢᠨ᠎ᠡ ᠵᠠᠭᠪᠤᠷ᠎ᠢ ᠨᠡᠭᠡᠭᠡᠵᠤ᠂ ᠵᠢᠭᠤᠯᠴᠢᠯᠠᠭᠴᠢᠳ ᠤᠯᠠᠨᠲᠠᠢ ᠵᠠᠬ᠎ᠠ ᠳᠡᠯᠭᠡᠭᠦᠷ᠎ᠢ ᠨᠡᠭᠡᠭᠡᠨ ᠠᠰᠢᠭᠯᠠᠬᠤ ᠪᠠ ᠬᠠᠮᠠᠭ᠋ᠠᠯᠠᠬᠤ ᠠᠵᠢᠯ᠎ᠢ ᠰᠠᠶ᠋ᠢᠲᠤᠷ ᠠᠳᠬᠤᠨ᠎ᠠ᠃ ᠠᠶᠠᠯᠠᠯ ᠵᠢᠭᠤᠯᠴᠢᠯᠠᠯ᠎ᠤᠨ ᠺᠣᠮᠫᠠᠨᠢ ᠵᠢᠭᠤᠯᠴᠢᠯᠠᠯ᠎ᠤᠨ ᠬᠦᠯᠦᠰᠦᠨ ᠨᠢᠰᠬᠡᠯ ᠪᠤᠯᠤᠨ ᠭᠦᠭ ᠤᠯᠠᠷᠢᠯ᠎ᠠᠴᠠ ᠭᠠᠳᠠᠨᠠᠬᠢ ᠵᠢᠭᠤᠯᠴᠢᠯᠠᠯ᠎ᠤᠨ ᠲᠤᠰᠬᠠᠶ ᠭᠠᠯᠲᠤ ᠲᠡᠷᠭᠡ ᠵᠢ ᠤᠯᠠᠨᠲᠠ ᠵᠣᠬᠢᠶᠠᠨ ᠪᠠᠢ᠌ᠭᠤᠯᠬᠤ ᠵᠢ᠎ᠨᠢ ᠬᠥᠲᠥᠯᠥᠨ ᠵᠢᠯᠣᠭᠣᠳᠬᠤ ᠪᠠ ᠵᠣᠷᠢᠭᠵᠢᠭᠤᠯᠵᠤ᠂ 2014 ᠣᠨ᠎ᠳᠤ ᠨᠡᠪᠲᠡᠷᠡᠭᠦᠯᠦᠭᠰᠡᠨ ᠱᠠᠨᠳᠦ᠋ᠩ᠎ᠤᠨ ᠵᠢᠨᠠᠨ᠂ ᠴᠢᠩᠳᠣᠤ ᠵᠢᠨ ᠵᠢᠭᠤᠯᠴᠢᠯᠠᠯ᠎ᠤᠨ ᠬᠦᠯᠦᠰᠦᠨ ᠨᠢᠰᠬᠡᠯ᠎ᠤᠨ ᠰᠠᠭᠤᠷᠢᠨ ᠳᠡᠭᠡᠷ᠎ᠡ ᠶᠠᠨᠲ᠋ᠠᠢ᠂ ᠬᠠᠩᠵᠧᠦ ᠵᠢᠨ ᠵᠢᠭᠤᠯᠴᠢᠯᠠᠯ᠎ᠤᠨ ᠬᠦᠯᠦᠰᠦᠨ ᠨᠢᠰᠬᠡᠯ᠂ ᠲᠠᠶ᠋ᠢᠸᠠᠨ᠂ ᠺᠤᠷᠢᠶᠠ᠎ᠠᠴᠠ ᠤᠯᠠᠭ᠋ᠠᠨᠬᠠᠳᠠ ᠬᠦᠷᠬᠦ ᠵᠢᠭᠤᠯᠴᠢᠯᠠᠯ᠎ᠤᠨ ᠬᠦᠯᠦᠰᠦᠨ ᠨᠢᠰᠬᠡᠯ (ᠪᠡᠭᠡᠵᠢᠩ᠎ᠳᠤ ᠬᠢᠯᠢ᠎ᠪᠠᠷ ᠤᠷᠤᠬᠤ ᠭᠠᠷᠳᠠᠮ ᠬᠦᠢ᠍ᠴᠡᠳᠭᠡᠨ᠎ᠡ)᠎ᠢ ᠰᠢᠨ᠎ᠡ᠎ᠪᠠᠷ ᠨᠡᠭᠡᠭᠡᠬᠦ᠎ᠪᠠᠷ ᠲᠦᠯᠦᠪᠯᠡᠵᠤ ᠪᠠᠢ᠌ᠨ᠎ᠠ᠃ ᠤᠯᠠᠭ᠋ᠠᠨᠬᠠᠳᠠ ᠵᠢᠨ ᠤᠯᠤᠰ᠎ᠤᠨ ᠵᠢᠭᠤᠯᠴᠢᠯᠠᠯ᠂ ᠠᠭ᠋ᠠᠷ᠎ᠤᠨ ᠠᠶᠠᠯᠠᠯ ᠎ᠤᠨ ᠤᠯᠤᠰ᠎ᠤᠨ ᠵᠢᠭᠤᠯᠴᠢᠯᠠᠯ᠂ ᠣᠷᠴᠢᠨ ᠲᠣᠭᠣᠷᠢᠨ᠎ᠤ ᠤᠯᠤᠰ᠎ᠤᠨ ᠵᠢᠭᠤᠯᠴᠢᠯᠠᠯ᠂ ᠺᠡᠢ᠍ᠢ᠍ᠯᠸᠢ ᠠᠶᠠᠯᠠᠯ ᠵᠢᠭᠤᠯᠴᠢᠯᠠᠯ᠎ᠤᠨ ᠺᠣᠮᠫᠠᠨᠢ ᠵᠡᠷᠭᠡ ᠵᠢᠭᠤᠯᠴᠢᠯᠠᠯ᠎ᠤᠨ ᠲᠤᠰᠬᠠᠶ ᠭᠠᠯᠲᠤ ᠲᠡᠷᠭᠡ ᠵᠢ ᠵᠣᠬᠢᠶᠠᠨ ᠪᠠᠢ᠌ᠭᠤᠯᠤᠨ ᠰᠠᠶ᠋ᠢᠲᠤᠷ ᠵᠤᠬᠢᠴᠠᠭᠤᠯᠤᠨ᠎ᠠ᠃   ᠱᠸᠨ᠋ᠶᠠᠨᠭ᠌᠂ ᠱᠠᠨ ᠬᠠᠢ ᠭᠤᠸᠠᠨ᠎ᠠᠴᠠ ᠤᠯᠠᠭ᠋ᠠᠨᠬᠠᠳᠠ ᠬᠦᠷᠬᠦ᠂ ᠬᠦᠬᠡᠬᠤᠲᠠ᠎ᠠᠴᠠ ᠬᠡᠰᠢᠭᠲᠡᠨ ᠬᠤᠰᠢᠭᠤ ᠬᠦᠷᠬᠦ ᠲᠤᠰᠬᠠᠶ ᠭᠠᠯᠲᠤ ᠲᠡᠷᠭᠡ ᠨᠡᠪᠲᠡᠷᠡᠭᠦᠯᠵᠤ᠂ ᠡᠭᠦᠨ᠎ᠳᠤ   ᠱᠸᠨ᠋ᠶᠠᠨᠭ᠌᠎ᠠᠴᠠ ᠤᠯᠠᠭ᠋ᠠᠨᠬᠠᠳᠠ ᠬᠦᠷᠬᠦ ᠵᠢᠭᠤᠯᠴᠢᠯᠠᠯ᠎ᠤᠨ ᠲᠤᠰᠬᠠᠶ ᠭᠠᠯᠲᠤ ᠲᠡᠷᠭᠡ 20 ᠴᠤᠪᠤᠭ᠎ᠠ ᠲᠤᠬᠢᠷᠠᠭᠤᠯᠵᠤ᠂ ᠴᠤᠪᠤᠭ᠎ᠠ ᠪᠦᠷᠢ ᠪᠠᠷᠤᠭ 430 ᠬᠥᠮᠦᠨ ᠠᠴᠢᠶᠠᠯᠠᠨ᠎ᠠ; ᠵᠢᠨᠢᠨᠭ ᠲᠦᠨᠭᠯᠢᠶᠤᠤ ᠵᠢᠨ ᠲᠡᠮᠦᠷ ᠵᠠᠮ᠎ᠤᠨ᠎ᠬᠢᠨ᠎ᠲᠠᠢ ᠬᠠᠮᠲᠤᠷᠠᠨ ᠠᠵᠢᠯᠯᠠᠵᠤ᠂ 《ᠮᠠᠤ ᠽᠸ ᠳ᠋ᠦᠩ ᠨᠡᠷᠡᠮᠵᠢᠲᠦ》 ᠭᠠᠯᠲᠤ ᠲᠡᠷᠭᠡ ᠵᠢ ᠠᠰᠢᠭᠯᠠᠨ᠂ ᠬᠦᠬᠡᠬᠤᠲᠠ᠎ᠠᠴᠠ ᠬᠡᠰᠢᠭᠲᠠᠨ ᠬᠣᠰᠢᠭᠤ ᠬᠦᠷᠬᠦ ᠵᠢᠭᠤᠯᠴᠢᠯᠠᠯ᠎ᠤᠨ ᠲᠤᠰᠬᠠᠶ ᠭᠠᠯᠲᠤ ᠲᠡᠷᠭᠡ 10 ᠴᠤᠪᠤᠭ᠎ᠠ ᠨᠡᠪᠲᠡᠷᠡᠭᠦᠯᠦᠨ᠎ᠡ᠃ ᠪᠡᠭᠡᠵᠢᠩ ᠲᠢᠶᠠᠨᠵᠢᠨ ᠡᠾᠸᠪᠸᠢ ᠣᠷᠣᠨ᠎ᠤ ᠵᠢᠭᠤᠯᠴᠢᠯᠠᠯ᠎ᠤᠨ ᠬᠠᠮᠲᠤᠷᠠᠨ ᠠᠵᠢᠯᠯᠠᠬᠤ ᠵᠢ ᠰᠢᠨ᠎ᠡ ᠰᠢᠪᠲᠤᠯᠤᠯᠲᠠ᠎ᠲᠠᠢ ᠪᠣᠯᠭ᠋ᠠᠵᠤ᠂ ᠪᠡᠭᠡᠵᠢᠩ ᠲᠢᠶᠠᠨᠵᠢᠨ ᠡᠾᠸᠪᠸᠢ ᠵᠢᠨ ᠵᠢᠭᠤᠯᠴᠢᠯᠠᠯ᠎ᠢ ᠨᠢᠭᠡ ᠴᠤᠭᠴᠠᠵᠢᠭᠤᠯᠤᠨ ᠬᠠᠮᠲᠤᠷᠠᠯᠴᠠᠬᠤ ᠲᠠᠪᠴᠠᠩ᠂ 《ᠦᠪᠦᠷ ᠮᠣᠩᠭᠣᠯ᠎ᠤᠨ ᠵᠡᠭᠦᠨ ᠬᠡᠰᠡᠭ᠂ ᠡᠾᠸᠪᠸᠢ ᠵᠢᠨ ᠬᠣᠶ᠋ᠢᠲᠤ ᠬᠡᠰᠡᠭ᠂ ᠯᠢᠶᠤᠤᠨᠢᠨᠭ᠌᠎ᠤᠨ ᠪᠠᠷᠠᠭᠤᠨ ᠬᠡᠰᠡᠭ》᠎ᠤᠨ ᠬᠠᠮᠲᠤᠷᠠᠯᠴᠠᠬᠤ ᠴᠸᠨᠭᠳ᠋ᠸ᠂ ᠴᠢᠨ ᠬᠤᠸᠠᠨᠭ᠌ ᠳ᠋ᠤᠤ᠂ ᠲᠠᠨᠭ᠌ᠱ᠌ᠠᠨ᠂ ᠤᠯᠠᠭ᠋ᠠᠨᠬᠠᠳᠠ ᠵᠢᠨ 《3 + 1》 ᠬᠠᠮᠲᠤᠷᠠᠨ ᠠᠵᠢᠯᠯᠠᠬᠤ ᠲᠠᠪᠴᠠᠩ᠎ᠢ ᠰᠠᠶ᠋ᠢᠲᠤᠷ ᠠᠰᠢᠭᠯᠠᠨ᠎ᠠ᠃ ᠵᠠᠰᠠᠭ᠎ᠤᠨ ᠣᠷᠳᠣᠨ ᠲᠦᠷᠦᠭᠦᠯᠡᠨ᠂ ᠠᠵᠤ ᠠᠬᠤᠶ᠋ᠢᠯᠠᠯ ᠠᠵᠢᠯᠯᠠᠴᠠᠭ᠋ᠠᠬᠤ ᠬᠡᠯᠪᠡᠷᠢ᠎ᠪᠠᠷ᠂ ᠪᠡᠭᠡᠵᠢᠩ ᠲᠢᠶᠠᠨᠵᠢᠨ ᠡᠾᠸᠪᠸᠢ ᠵᠡᠷᠭᠡ 5 ᠬᠣᠲᠠ᠎ᠳᠤ ᠤᠯᠠᠭ᠋ᠠᠨᠬᠠᠳᠠ᠎ᠳᠤ ᠬᠦᠷᠬᠦ ᠵᠢᠭᠤᠯᠴᠢᠯᠠᠯ᠎ᠤᠨ ᠰᠢᠭᠤᠳ ᠨᠡᠪᠲᠡᠷᠡᠬᠦ ᠲᠡᠷᠭᠡ ᠵᠢ ᠨᠡᠪᠲᠡᠷᠡᠭᠦᠯᠪᠡ᠃ 5 ᠳ᠋ᠤᠭ᠋ᠠᠷ ᠰᠠᠷ᠎ᠠ ᠵᠢᠨ 23᠎ᠤ ᠡᠳᠦᠷ᠂ ᠪᠢᠳᠡ ᠢᠦᠢ ᠯᠦᠨᠭ ᠱᠠ ᠨᠠᠭᠤᠷ᠎ᠲᠤ 《ᠪᠡᠭᠡᠵᠢᠩ ᠲᠢᠶᠠᠨᠵᠢᠨ ᠡᠾᠸᠪᠸᠢ ᠵᠢᠨ ᠵᠢᠭᠤᠯᠴᠢᠯᠠᠯ᠎ᠤᠨ ᠰᠢᠭᠤᠳ ᠨᠡᠪᠲᠡᠷᠡᠬᠦ ᠲᠡᠷᠭᠡ ᠤᠯᠠᠭ᠋ᠠᠨᠬᠠᠳᠠ᠎ᠳᠤ ᠤᠷᠤᠬᠤ ᠭᠠᠷ᠎ᠤᠨ ᠦᠰᠦᠭ ᠵᠢᠷᠤᠬᠤ ᠶᠣᠰᠣᠯᠠᠯ ᠵᠢᠴᠢ ᠣᠷᠣᠨ ᠪᠦᠰᠡ ᠵᠢᠨ ᠵᠢᠭᠤᠯᠴᠢᠯᠠᠯ᠎ᠤᠨ ᠬᠠᠮᠳᠤᠷᠠᠯᠴᠠᠭ᠋ᠠᠨ᠎ᠤ ᠶᠠᠷᠢᠶᠠᠨ᠎ᠤ ᠲᠠᠪᠴᠠᠩ》᠎ᠢ ᠡᠷᠬᠢᠯᠡᠵᠤ᠂ 318 ᠰᠢᠭᠤᠳ ᠨᠡᠪᠲᠡᠷᠡᠬᠦ ᠲᠡᠷᠭᠡ᠂ 30 ᠲᠤᠰᠬᠠᠶ ᠭᠠᠯᠲᠤ ᠲᠡᠷᠭᠡ ᠤᠯᠠᠭ᠋ᠠᠨᠬᠠᠳᠠ᠎ᠳᠤ ᠤᠷᠤᠪᠠ᠃ ᠰᠢᠭᠤᠳ ᠨᠡᠪᠲᠡᠷᠡᠬᠦ ᠲᠡᠷᠭᠡ᠎ᠪᠠᠷ ᠵᠢᠯᠤᠭᠤᠳᠤᠯᠭ᠎ᠠ ᠪᠤᠯᠭ᠋ᠠᠵᠤ᠂   ᠬᠤᠪᠢ ᠵᠢᠨ ᠮᠠᠰᠢᠨ ᠵᠶ᠋ᠠᠷ ᠵᠢᠭᠤᠯᠴᠢᠯᠠᠬᠤ ᠵᠠᠬ᠎ᠠ ᠳᠡᠯᠭᠡᠭᠦᠷ᠎ᠢ ᠨᠡᠭᠡᠭᠡᠵᠦ᠂ ᠪᠡᠭᠡᠵᠢᠩ ᠲᠢᠶᠠᠨᠵᠢᠨ ᠡᠾᠸᠪᠸᠢ ᠵᠢᠨ ᠵᠢᠭᠤᠯᠴᠢᠯᠠᠭᠴᠢᠳ᠎ᠢ ᠰᠢᠨ᠎ᠡ᠎ᠪᠠᠷ 100 ᠲᠦᠮᠡ ᠨᠡᠮᠡᠭᠳᠡᠭᠦᠯᠬᠦ ᠬᠠᠷᠠᠯᠲᠠ ᠵᠢ ᠪᠡᠶᠡᠯᠡᠭᠦᠯᠪᠡ᠃ ᠡᠨᠡ᠎ᠨᠢ ᠤᠯᠠᠭ᠋ᠠᠨᠬᠠᠳᠠ᠎ᠨᠢ ᠲᠤᠰ ᠣᠷᠣᠨ ᠪᠦᠰᠡ ᠵᠢᠨ ᠵᠢᠭᠤᠯᠴᠢᠯᠠᠯ᠎ᠤᠨ ᠬᠠᠷᠠᠯᠲᠠᠲᠤ ᠤᠷᠤᠨ ᠪᠤᠯᠤᠭᠰᠠᠨ᠎ᠤ ᠬᠤᠪᠢ᠎ᠳᠤ ᠡᠳᠦᠷ ᠢᠷᠡᠬᠦᠶ᠎ᠡ ᠪᠣᠯᠪᠠᠰᠤᠷᠠᠩᠭᠤᠶ ᠪᠤᠯᠵᠤ ᠪᠠᠢ᠌ᠬᠤ ᠵᠢ ᠬᠠᠷᠠᠭᠤᠯᠵᠤ ᠪᠠᠶ᠋ᠢᠨ᠎ᠠ᠃
[ᠬᠦᠲᠦᠯᠦᠭᠴᠢ]
      ᠣᠶ᠋ᠢᠷ᠎ᠠ ᠵᠢᠨ ᠬᠤᠭᠤᠴᠠᠭ᠋ᠠᠨ᠎ᠳᠤ ᠤᠯᠤᠰ᠎ᠤᠨ ᠵᠢᠭᠤᠯᠴᠢᠯᠠᠯ᠎ᠤᠨ ᠲᠣᠪᠴᠢᠶ᠎ᠠ᠎ᠠᠴᠠ ᠵᠢᠭᠤᠯᠴᠢᠯᠠᠯ᠎ᠤᠨ ᠪᠣᠯᠪᠠᠰᠤᠨ ᠪᠤᠰᠤ ᠬᠡᠷᠡᠭ᠎ᠢ ᠳᠠᠬᠢᠨ ᠨᠢᠭᠡ ᠤᠳᠠᠭ᠎ᠠ ᠨᠡᠪᠲᠡᠷᠡᠭᠦᠯᠪᠡ᠂ ᠮᠠᠨ᠎ᠤ ᠤᠯᠠᠭ᠋ᠠᠨᠬᠠᠳᠠ ᠬᠣᠲᠠ ᠵᠢᠨ   ᠵᠢᠭᠤᠴᠢᠯᠠᠯ᠎ᠤᠨ ᠲᠣᠪᠴᠢᠶ᠎ᠠ ᠪᠣᠯᠪᠠᠰᠤᠨ ᠵᠢᠭᠤᠯᠴᠢᠯᠠᠯ᠎ᠤᠨ ᠲᠠᠯ᠎ᠠ᠎ᠪᠠᠷ ᠶᠠᠮᠠᠷ ᠶᠠᠮᠠᠷ ᠠᠷᠭ᠎ᠠ ᠪᠠᠷᠢᠯ ᠪᠠᠶ᠋ᠢᠬᠤ

ᠪᠤᠶ?
[ᠶᠠᠨ ᠬᠤᠢ]
      ᠪᠢᠳᠠᠨ ᠬᠣᠲᠠ ᠵᠢᠨ ᠨᠠᠮ᠎ᠤᠨ ᠬᠣᠷᠢᠶ᠎ᠠ ᠵᠢᠨ ᠪᠣᠯᠪᠠᠰᠤᠨ᠎ᠤ ᠠᠯᠪᠠᠨ ᠭᠡᠷ᠎ᠤᠨ ᠬᠠᠮᠲᠤ 《ᠪᠣᠯᠪᠠᠰᠤᠨ ᠵᠢᠭᠤᠯᠴᠢᠯᠠᠯ᠎ᠤᠨ ᠠᠵᠢᠯᠯᠠᠭ᠎ᠠ ᠵᠢᠨ ᠬᠡᠷᠡᠭᠵᠢᠭᠦᠯᠬᠦ ᠲᠥᠰᠦᠯ》᠎ᠢ ᠲᠣᠭᠲᠠᠭ᠋ᠠᠵᠤ᠂ ᠠᠯᠢ ᠣᠯᠠᠨ ᠲᠤᠰᠬᠠᠶ ᠠᠵᠢᠯᠯᠠᠭ᠎ᠠ ᠪᠠ ᠪᠣᠯᠪᠠᠰᠤᠨ ᠵᠢᠭᠤᠴᠢᠯᠠᠯ᠎ᠳᠤ ᠬᠢᠨᠠᠯᠲᠠ ᠲᠠᠯᠪᠢᠬᠤ ᠠᠵᠢᠯ᠎ᠢ ᠥᠷᠨᠢᠭᠦᠯᠬᠦ᠎ᠪᠠᠷ ᠳᠠᠮᠵᠢᠭᠤᠯᠤᠨ᠂   ᠥᠷᠭᠡᠨ ᠣᠯᠠᠨ ᠬᠣᠲᠠ ᠵᠢᠨ ᠠᠷᠠᠳ ᠪᠣᠯᠪᠠᠰᠤᠨ ᠵᠶ᠋ᠠᠷ ᠵᠢᠭᠤᠯᠴᠢᠯᠠᠬᠤ ᠵᠢ ᠬᠥᠲᠥᠯᠥᠨ ᠵᠢᠯᠣᠭᠣᠳᠴᠤ᠂ ᠵᠢᠭᠤᠯᠴᠢᠯᠠᠯ᠎ᠤᠨ ᠠᠵᠢᠯ ᠬᠢᠵᠦ ᠪᠠᠶ᠋ᠢᠭ᠎ᠠ ᠬᠥᠮᠦᠰ᠎ᠤᠨ ᠡᠷᠬᠢᠯᠡᠭᠰᠡᠨ ᠠᠵᠢᠯ᠎ᠤᠨ ᠶᠣᠰᠣ ᠮᠣᠷᠠᠯ᠎ᠤᠨ ᠬᠥᠮᠦᠵᠢᠯ᠎ᠢ ᠴᠢᠩᠭ᠋ᠠᠳᠬᠠᠵᠤ᠂ ᠵᠢᠭᠤᠯᠴᠢᠯᠠᠯ᠎ᠤᠨ ᠠᠵᠤ ᠠᠬᠤᠶ᠋ᠢᠯᠠᠯ᠎ᠤᠨ ᠦᠨᠡᠨᠴᠢ ᠢᠲᠡᠭᠡᠮᠵᠢᠲᠡᠶ᠎ᠪᠠᠷ ᠡᠵᠡᠩᠨᠡᠬᠦ ᠦᠢ᠍ᠯᠡ ᠠᠵᠢᠯᠯᠠᠭ᠎ᠠ ᠵᠢ ᠳᠦᠷᠢᠮᠵᠢᠭᠦᠯᠪᠡ᠃
      ᠡᠩ ᠲᠡᠷᠢᠭᠦᠨ᠎ᠳᠤ᠂ ᠤᠬᠠᠭᠤᠯᠭ᠎ᠠ ᠬᠥᠮᠦᠵᠢᠯ᠎ᠢ ᠴᠢᠩᠭ᠋ᠠᠳᠬᠠᠵᠤ᠂ ᠰᠠᠶ᠋ᠢᠨ ᠰᠠᠶ᠋ᠢᠬᠠᠨ ᠪᠣᠯᠪᠠᠰᠤᠨ   ᠵᠢᠭᠤᠯᠴᠢᠯᠠᠯ᠎ᠤᠨ ᠣᠷᠴᠢᠨ ᠪᠠᠢ᠌ᠳᠠᠯ᠎ᠢ ᠪᠤᠶ ᠪᠣᠯᠭ᠋ᠠᠪᠠ᠃ ᠪᠣᠯᠪᠠᠰᠤᠨ ᠵᠢᠭᠤᠯᠴᠢᠯᠠᠯ᠎ᠳᠤ ᠤᠬᠠᠭᠤᠯᠭ᠎ᠠ   ᠬᠥᠮᠦᠵᠢᠯ ᠪᠣᠯ ᠴᠢᠬᠤᠯᠠ ᠶᠤᠮ᠃ ᠰᠣᠨᠢᠨ ᠮᠡᠳᠡᠭᠡ ᠵᠢᠨ ᠵᠠᠭᠤᠴᠢ᠂ ᠦᠵᠡᠭᠦᠯᠦᠯᠭᠡ ᠵᠢᠨ ᠰᠠᠮᠪᠠᠷ᠎ᠠ ᠡᠯᠭᠦᠮᠡᠯ ᠵᠢᠷᠤᠭ᠂ ᠡᠯᠧᠺᠲᠷᠣᠨ ᠳᠡᠯᠭᠡᠴᠡ᠂ ᠷᠠᠳᠢᠣ᠋ ᠲᠧᠯᠸᠢᠰ ᠵᠡᠷᠭᠡ᠎ᠪᠠᠷ ᠳᠠᠮᠵᠢᠭᠤᠯᠤᠨ᠂ 《ᠵᠢᠭᠤᠯᠴᠢᠯᠠᠯ᠎ᠤᠨ ᠬᠠᠤᠯᠢ》᠎ᠳᠠᠬᠢ ᠪᠣᠯᠪᠠᠰᠤᠨ ᠵᠢᠭᠤᠯᠴᠢᠯᠠᠯ᠎ᠤᠨ ᠲᠠᠯ᠎ᠠ᠎ᠪᠠᠷ᠎ᠬᠢ ᠬᠣᠯᠪᠣᠭᠳᠠᠯ ᠪᠦᠬᠦᠢ ᠱᠠᠭ᠋ᠠᠷᠳᠠᠯᠭ᠎ᠠ ᠵᠢ ᠶᠡᠬᠡᠪᠡᠷ ᠤᠬᠠᠭᠤᠯᠤᠨ ᠲᠥᠭᠡᠮᠡᠯᠵᠢᠭᠦᠯᠦᠨ᠎ᠡ᠃ ᠭᠣᠣᠯᠳᠠᠯᠭ᠎ᠠ᠎ᠲᠠᠢ ᠬᠥᠮᠦᠰ᠂ ᠭᠣᠣᠯᠳᠠᠯᠭ᠎ᠠ᠎ᠲᠠᠢ ᠵᠠᠩᠭᠢᠯᠠᠭ᠎ᠠ ᠪᠠ ᠭᠣᠣᠯᠳᠠᠯᠭ᠎ᠠ᠎ᠲᠠᠢ ᠴᠠᠭ ᠬᠤᠭᠤᠴᠠᠭ᠋ᠠᠨ᠎ᠤ ᠪᠣᠯᠪᠠᠰᠣᠨ ᠵᠢᠭᠤᠯᠴᠢᠯᠠᠯ᠎ᠤᠨ ᠠᠵᠢᠯ᠎ᠢ ᠰᠠᠢ᠌ᠲᠤᠷ ᠠᠳᠬᠤᠵᠤ᠂ ᠠᠶᠠᠯᠠᠯ ᠵᠢᠭᠤᠯᠴᠢᠯᠠᠯ᠎ᠤᠨ ᠺᠣᠮᠫᠠᠨᠢ ᠪᠣᠯᠣᠨ ᠵᠠᠮᠴᠢᠯᠠᠭᠴᠢᠳ ᠪᠦᠯᠬᠥᠮ   ᠳᠠᠭ᠋ᠠᠭᠤᠯᠵᠤ ᠪᠣᠯᠪᠠᠰᠤᠨ ᠵᠢᠭᠤᠯᠴᠢᠯᠠᠬᠤ ᠬᠠᠷᠢᠭᠤᠴᠠᠯᠭ᠎ᠠ ᠵᠢ ᠴᠢᠩᠭ᠋ᠠᠳᠬᠠᠪᠠ᠃
      ᠳᠠᠷᠠᠭ᠎ᠠ᠎ᠳᠤᠨᠢ᠂ ᠵᠢᠭᠤᠯᠴᠢᠯᠠᠯ᠎ᠤᠨ ᠠᠵᠢᠯ ᠲᠥᠷᠥᠯ᠎ᠤᠨ ᠦᠢ᠍ᠯᠡᠴᠢᠯᠡᠭᠡᠨ᠎ᠤ ᠬᠢᠨᠠᠯᠲᠠ ᠬᠠᠮᠢᠶᠠᠷᠤᠯᠲᠠ ᠵᠢᠨ ᠠᠵᠢᠯ᠎ᠢ ᠴᠢᠩᠭ᠋ᠠᠳᠬᠠᠪᠠ᠃ ᠪᠣᠯᠪᠠᠰᠤᠨ ᠵᠢᠭᠤᠯᠴᠢᠯᠠᠯ᠎ᠤᠨ ᠠᠵᠢᠯ᠎ᠨᠢ ᠠᠵᠢᠯ ᠲᠥᠷᠥᠯ᠎ᠤᠨ ᠦᠢ᠍ᠯᠡᠴᠢᠯᠡᠭᠡᠨ᠎ᠤ ᠬᠢᠨᠠᠯᠲᠠ ᠬᠠᠮᠢᠶᠠᠷᠤᠯᠲᠠ ᠵᠢᠨ ᠠᠵᠢᠯ᠎ᠲᠠᠢ ᠨᠢᠭᠲᠠ ᠬᠣᠯᠪᠣᠭᠳᠠᠯ᠎ᠲᠠᠢ   ᠪᠠᠢ᠌ᠳᠠᠭ ᠪᠣᠯᠬᠤᠷ᠂ ᠵᠢᠭᠤᠯᠴᠢᠯᠠᠯ᠎ᠤᠨ ᠵᠠᠬ᠎ᠠ ᠳᠡᠯᠭᠡᠭᠦᠷ᠎ᠤᠨ ᠭᠣᠣᠯ ᠴᠣᠭᠴᠠ ᠵᠢᠨ ᠠᠵᠢᠯᠯᠠᠭ᠎ᠠ ᠵᠢᠨ ᠶᠠᠪᠤᠳᠠᠯ᠎ᠤᠨ ᠳᠤᠮᠳᠠ ᠶᠠᠪᠤᠳᠠᠯ᠎ᠤᠨ ᠳᠠᠷᠠᠭ᠋ᠠᠬᠢ ᠬᠢᠨᠠᠯᠲᠠ ᠬᠠᠮᠢᠶᠠᠷᠤᠯᠲᠠ ᠵᠢ ᠴᠢᠩᠭ᠋ᠠᠳᠬᠠᠵᠤ᠂ ᠪᠣᠯᠪᠠᠰᠤᠨ ᠵᠢᠭᠤᠯᠴᠢᠯᠠᠯ᠎ᠤᠨ ᠠᠵᠢᠯ᠎ᠢ ᠠᠵᠢᠯ ᠲᠥᠷᠥᠯ᠎ᠤᠨ ᠦᠢ᠍ᠯᠡᠴᠢᠯᠡᠭᠡᠨ᠎ᠤ ᠬᠢᠨᠠᠯᠲᠠ ᠬᠠᠮᠢᠶᠠᠷᠤᠯᠲᠠ ᠵᠢᠨ ᠠᠵᠢᠯ᠎ᠳᠤ   ᠠᠭᠤᠰᠬᠠᠨ ᠨᠡᠪᠴᠢᠭᠦᠯᠪᠡ᠃ ᠬᠠᠮᠵᠢᠯᠴᠠᠨ ᠭᠦᠳᠡᠯᠦᠯᠴᠬᠦ ᠠᠵᠢᠯ᠎ᠤᠨ ᠲᠣᠭᠲᠠᠴᠠ ᠵᠢ ᠪᠠᠢ᠌ᠭᠤᠯᠤᠨ   ᠪᠦᠷᠢᠨᠰᠢᠭᠦᠯᠪᠡ᠃ ᠪᠣᠯᠪᠠᠰᠤᠨ ᠵᠢᠭᠤᠯᠴᠢᠯᠠᠯ᠎ᠤᠨ ᠠᠵᠢᠯ᠎ᠤᠨ ᠬᠣᠯᠪᠣᠭᠳᠠᠬᠤ ᠬᠡᠪᠴᠢᠶ᠎ᠡ᠎ᠨᠢ ᠥᠷᠭᠡᠨ᠂ ᠡᠯ᠎ᠡ ᠲᠠᠯ᠎ᠠ ᠵᠢᠨ ᠬᠦᠴᠦᠨ᠎ᠢ ᠵᠣᠬᠢᠴᠠᠭᠤᠯᠬᠤ ᠴᠢᠬᠤᠯᠠ᠎ᠲᠠᠢ ᠲᠤᠯᠠ᠂ ᠬᠠᠮᠲᠤ᠎ᠪᠠᠷ ᠠᠳᠬᠤᠵᠤ ᠴᠤᠭ ᠵᠶ᠋ᠡᠷ ᠬᠠᠮᠢᠶᠠᠷᠬᠤ ᠠᠵᠢᠯ᠎ᠤᠨ ᠬᠡᠪ ᠪᠠᠢ᠌ᠳᠠᠯ ᠪᠣᠯᠣᠨ ᠪᠦᠬᠦ ᠨᠡᠶ᠋ᠢᠭᠡᠮ ᠵᠶ᠋ᠠᠷ ᠵᠶ᠋ᠠᠨ ᠬᠠᠮᠲᠤ᠎ᠪᠠᠷ ᠣᠷᠣᠯᠴᠠᠬᠤ ᠤᠷᠲᠤ ᠬᠤᠭᠤᠴᠠᠭ᠋ᠠᠨ᠎ᠤ ᠪᠦᠲᠦᠮᠵᠢᠲᠠᠢ ᠲᠣᠭᠲᠠᠴᠠ ᠵᠢ ᠪᠠᠢ᠌ᠭᠤᠯᠤᠨ᠎ᠠ᠃ ᠨᠥᠯᠥᠭᠡ ᠮᠠᠭᠤᠲᠠᠢ ᠪᠣᠯᠪᠠᠰᠤᠨ ᠪᠤᠰᠤ ᠦᠢ᠍ᠯᠡ ᠠᠵᠢᠯᠯᠠᠭ᠎ᠠ ᠡᠭᠦᠰᠬᠦ᠎ᠳᠤ ᠬᠦᠷᠪᠡᠯ᠂ ᠶᠠᠪᠤᠳᠠᠯ ᠎ᠳᠤ ᠬᠣᠯᠪᠣᠭᠳᠠᠬᠤ ᠵᠢᠭᠤᠯᠴᠢᠯᠠᠯ᠎ᠤᠨ ᠠᠵᠤ ᠠᠬᠤᠶ᠋ᠢᠯᠠᠯ ᠪᠣᠯᠣᠨ ᠠᠵᠢᠯ ᠡᠷᠬᠢᠯᠡᠵᠦ ᠪᠠᠶ᠋ᠢᠭ᠎ᠠ ᠬᠥᠮᠦᠰ᠎ᠠᠴᠠ ᠬᠠᠤᠯᠢ ᠶᠣᠰᠣᠭ᠋ᠠᠷ ᠬᠠᠷᠢᠭᠤᠴᠠᠯᠭ᠎ᠠ   ᠨᠡᠬᠡᠮᠵᠢᠯᠡᠵᠦ᠂ ᠪᠣᠯᠪᠠᠰᠤᠨ ᠵᠢᠭᠤᠯᠴᠢᠯᠠᠯ᠎ᠤᠨ ᠠᠵᠢᠯ᠎ᠢ ᠦᠨᠡᠨ ᠬᠦ᠌ ᠪᠣᠳᠠᠲᠠᠶ᠎ᠳᠤ ᠨᠠᠢ᠌ᠳᠠᠪᠤᠷᠢᠵᠢᠭᠤᠯᠪᠠ᠃
      ᠭᠤᠷᠪᠠᠳᠤᠭ᠋ᠠᠷ᠎ᠲᠤ᠂ ᠵᠢᠭᠤᠯᠴᠢᠯᠠᠭᠴᠢᠳ᠎ᠤᠨ ᠪᠣᠯᠪᠠᠰᠤᠨ ᠪᠣᠰᠤ ᠵᠢᠭᠤᠯᠴᠢᠯᠠᠯ᠎ᠤᠨ ᠳᠠᠩᠰᠠ ᠡᠪᠬᠡᠮᠡᠯ᠎ᠢ   ᠪᠠᠢ᠌ᠭᠤᠯᠪᠠ᠃ 《ᠵᠢᠭᠤᠯᠴᠢᠯᠠᠭᠴᠢᠳ᠎ᠤᠨ ᠪᠣᠯᠪᠠᠰᠤᠨ ᠪᠣᠰᠤ ᠵᠢᠭᠤᠯᠴᠢᠯᠠᠯ᠎ᠤᠨ ᠲᠡᠮᠳᠡᠭᠯᠡᠯ᠎ᠤᠨ ᠬᠠᠮᠢᠶᠠᠷᠤᠯᠲᠠ ᠵᠢᠨ ᠠᠷᠭ᠎ᠠ》 ᠵᠢ ᠦᠨᠳᠦᠰᠦᠯᠡᠨ᠂ ᠵᠢᠭᠤᠯᠴᠢᠯᠠᠯ᠎ᠤᠨ ᠦᠵᠡᠮᠵᠢᠲᠦ ᠣᠷᠣᠨ (ᠴᠢᠭ᠋)᠂   ᠵᠢᠭᠤᠯᠴᠢᠯᠠᠯ᠎ᠤᠨ ᠺᠣᠮᠫᠠᠨᠢ᠂ ᠵᠢᠭᠤᠯᠴᠢᠯᠠᠯ᠎ᠤᠨ ᠪᠠᠭᠤᠳᠠᠯ ᠵᠡᠷᠭᠡ ᠵᠢᠭᠤᠯᠴᠢᠯᠠᠯ᠎ᠳᠤ ᠬᠣᠯᠪᠤᠭᠳᠠᠬᠤ ᠠᠵᠤ ᠠᠬᠤᠶ᠋ᠢᠯᠠᠯ᠎ᠯᠤᠭ᠎ᠠ ᠬᠣᠯᠪᠣᠭ᠋ᠠᠯᠠᠨ ᠬᠦᠳᠡᠯᠦᠯᠴᠡᠵᠦ᠂ ᠵᠢᠭᠤᠯᠴᠢᠯᠠᠭᠴᠢᠳ᠎ᠤᠨ ᠪᠣᠯᠪᠠᠰᠤᠨ ᠪᠤᠰᠤ ᠵᠢᠭᠤᠯᠴᠢᠯᠠᠯ᠎ᠤᠨ ᠮᠡᠳᠡᠭᠡ ᠵᠠᠩᠭᠢ ᠵᠢ ᠮᠡᠳᠡᠭᠳᠡᠬᠦ ᠲᠣᠭᠲᠠᠴᠠ ᠵᠢ ᠪᠤᠶ ᠪᠣᠯᠭ᠋ᠠᠪᠠ᠃ 《ᠤᠯᠠᠭ᠋ᠠᠨ ᠬᠠᠷ᠎ᠠ ᠢᠯᠡᠴᠢᠯᠡᠯ᠎ᠤᠨ ᠪᠤᠯᠤᠩ》 ᠳᠡᠭᠡᠷ᠎ᠡ ᠵᠢᠭᠤᠯᠴᠢᠯᠠᠭᠴᠢᠳ᠎ᠤᠨ ᠪᠣᠯᠪᠠᠰᠤᠨ ᠪᠤᠰᠤ ᠵᠢᠭᠤᠯᠴᠢᠯᠠᠯ᠎ᠤᠨ ᠠᠵᠢᠯᠯᠠᠭ᠎ᠠ ᠵᠢ ᠨᠡᠢ᠌ᠲᠡᠯᠡᠵᠦ᠂ ᠤᠯᠠᠭ᠋ᠠᠨᠬᠠᠳᠠ ᠵᠢᠨ ᠵᠢᠭᠤᠯᠴᠢᠯᠠᠯ᠎ᠤᠨ ᠰᠦᠯᠵᠢᠶ᠎ᠡ ᠵᠢᠴᠢ ᠬᠣᠲᠠ ᠵᠢᠨ ᠳᠡᠰ᠎ᠤᠨ ᠰᠣᠨᠢᠨ ᠮᠡᠳᠡᠭᠡᠨ᠎ᠤ ᠵᠠᠭᠤᠴᠢᠯᠠᠭᠤᠷ ᠳᠡᠭᠡᠷ᠎ᠡ ᠢᠯᠡᠴᠢᠯᠡᠪᠡ᠃ ᠬᠢᠨᠠᠯᠲᠠ ᠲᠠᠯᠪᠢᠬᠤ ᠪᠠ ᠵᠠᠯᠬᠠᠭ᠋ᠠᠨ ᠰᠢᠳᠬᠡᠬᠦ᠎ᠪᠠᠷ ᠳᠠᠮᠵᠢᠭᠤᠯᠤᠨ ᠵᠢᠭᠤᠯᠴᠢᠯᠠᠯ᠎ᠤᠨ ᠪᠣᠯᠪᠠᠰᠤᠨ ᠪᠤᠰᠤ ᠠᠵᠢᠯᠯᠠᠭ᠎ᠠ ᠵᠢ ᠬᠢᠯᠢᠩᠨᠡᠨ   ᠪᠤᠷᠤᠭᠤᠰᠢᠶᠠᠬᠤ ᠭᠦᠨ ᠵᠤᠵᠠᠭ᠋ᠠᠨ ᠠᠭᠤᠷ ᠠᠮᠢᠰᠬᠤᠯ᠎ᠢ ᠪᠤᠶ ᠪᠣᠯᠭ᠋ᠠᠵᠤ᠂ ᠪᠣᠯᠪᠠᠰᠤᠨ ᠵᠢᠭᠤᠯᠴᠢᠯᠠᠯ᠎ᠢ ᠳᠡᠯᠭᠡᠷᠡᠭᠦᠯᠬᠦ ᠵᠣᠷᠢᠯᠭ᠎ᠠ᠎ᠳᠠᠭᠠᠨ ᠬᠦᠷᠦᠭᠦᠯᠪᠡ᠃
[ᠬᠦᠲᠦᠯᠦᠭᠴᠢ]
      ᠶᠠᠨ ᠲᠣᠪᠴᠢᠶᠠᠨ ᠳᠠᠷᠤᠭ᠎ᠠ ᠡ᠂ ᠣᠳᠣᠬᠠᠨ᠎ᠳᠤ ᠨᠡᠩ ᠶᠡᠬᠡ ᠲᠣᠬᠢᠷᠠᠭᠰᠠᠨ ᠬᠡᠪᠴᠢᠶᠡᠨ᠎ᠤ ᠠᠷᠠᠳ᠎ᠲᠤ ᠠᠰᠢᠭ ᠬᠦᠷᠲᠡᠭᠡᠬᠦ ᠲᠥᠷᠥ ᠵᠢᠨ ᠪᠣᠳᠣᠯᠭ᠎ᠠ ᠪᠠᠢ᠌ᠨ᠎ᠠ ᠤᠤ?   ᠡᠢ᠌ᠮᠦ ᠪᠣᠯ ᠨᠡᠩ ᠣᠯᠠᠨ ᠬᠦᠮᠦᠰ ᠤᠯᠠᠭ᠋ᠠᠨᠬᠠᠳᠠ ᠵᠢ ᠰᠡᠳᠬᠢᠯ ᠬᠠᠨᠤᠲᠠᠯ᠎ᠠ ᠵᠣᠭ᠋ᠠᠴᠠᠨ ᠲᠣᠭᠤᠷᠢᠭᠤᠯᠬᠤ᠎ᠳᠤ ᠰᠠᠢ᠌ᠨ ᠪᠢᠰᠢᠤ᠃
[ᠶᠠᠨ ᠬᠤᠢ]
      ᠪᠠᠢ᠌ᠨ᠎ᠠ᠂ ᠣᠳᠣᠬᠠᠨ᠎ᠳᠤ ᠶᠠᠭ ᠬᠡᠰᠢᠭᠲᠡᠨ ᠬᠣᠰᠢᠭᠤᠨ᠎ᠤ ᠵᠢᠭᠤᠯᠴᠢᠯᠠᠯ᠎ᠤᠨ ᠵᠢᠯ᠎ᠤᠨ ᠺᠠᠷᠲ᠎ᠢ ᠭᠦᠢ᠍ᠴᠡᠳᠬᠡᠵᠦ ᠪᠤᠢ᠂ ᠬᠡᠰᠢᠭᠲᠡᠨ ᠬᠣᠰᠢᠭᠤ ᠪᠣᠯ ᠤᠯᠠᠭ᠋ᠠᠨᠬᠠᠳᠠ ᠬᠣᠲᠠ ᠵᠢᠨ ᠵᠢᠭᠤᠯᠴᠢᠯᠠᠯ᠎ᠤᠨ ᠲᠣᠮᠤ ᠬᠣᠰᠢᠭᠤ ᠪᠣᠯᠣᠨ᠎ᠠ᠂ ᠦᠵᠡᠮᠵᠢᠲᠦ ᠣᠷᠣᠨ ᠣᠯᠠᠨ ᠪᠦᠭᠡᠳ ᠤᠯᠤᠰ᠎ᠤᠨ ᠳᠣᠲᠣᠭ᠋ᠠᠳᠤ᠎ᠳᠤ ᠵᠣᠬᠢᠬᠤ   ᠨᠡᠷ᠎ᠡ ᠠᠯᠳᠠᠷ᠎ᠲᠠᠢ ᠶᠤᠮ᠃ ᠤᠯᠠᠭ᠋ᠠᠨᠬᠠᠳᠠ ᠬᠣᠲᠠ ᠵᠢᠨ ᠵᠢᠭᠤᠯᠴᠢᠯᠠᠯ᠎ᠤᠨ ᠲᠣᠪᠴᠢᠶ᠎ᠠ᠂ ᠬᠡᠰᠢᠭᠲᠡᠨ ᠬᠣᠰᠢᠭᠤᠨ᠎ᠤ ᠵᠠᠰᠠᠭ᠎ᠤᠨ ᠣᠷᠳᠣᠨ ᠬᠠᠮᠲᠤᠷᠠᠨ 《ᠬᠡᠰᠢᠭᠲᠡᠨ ᠬᠣᠰᠢᠭᠤᠨ᠎ᠤ ᠦᠵᠡᠮᠵᠢᠲᠦ ᠣᠷᠣᠨ᠎ᠤ ᠵᠢᠭᠤᠯᠴᠢᠯᠠᠯ ᠵᠶ᠋ᠡᠷ ᠠᠷᠠᠳ᠎ᠲᠤ ᠠᠰᠢᠭ ᠬᠦᠷᠲᠡᠭᠡᠬᠦ ᠢᠨᠵᠧᠨᠧᠷᠢᠩ》᠎ᠢ ᠳᠤᠷᠠᠳᠴᠤ᠂ ᠪᠦᠬᠦ ᠬᠣᠲᠠ ᠵᠢᠨ ᠬᠡᠪᠴᠢᠶᠡᠨ ᠳᠣᠲᠣᠷ᠎ᠠ ᠬᠡᠰᠢᠭᠲᠡᠨ ᠬᠣᠰᠢᠭᠤᠨ᠎ᠤ ᠵᠢᠭᠤᠯᠴᠢᠯᠠᠯ᠎ᠤᠨ ᠵᠢᠯ᠎ᠤᠨ ᠺᠠᠷᠲ ᠲᠠᠷᠬᠠᠭ᠋ᠠᠵᠤ ᠪᠠᠢ᠌ᠨ᠎ᠠ᠃ ᠡᠨᠡ ᠬᠦ᠌ ᠵᠢᠭᠤᠯᠴᠢᠯᠠᠯ᠎ᠤᠨ ᠵᠢᠯ᠎ᠤᠨ ᠺᠠᠷᠲ᠎ᠨᠢ ᠣᠳᠣᠬᠠᠨ᠎ᠳᠤ ᠬᠡᠷᠡᠭᠯᠡᠭᠳᠡᠬᠦ ᠬᠡᠪᠴᠢᠶ᠎ᠡ᠎ᠨᠢ ᠵᠥᠪᠬᠡᠨ ᠤᠯᠠᠭ᠋ᠠᠨᠬᠠᠳᠠ᠎ᠪᠠᠷ ᠬᠢᠵᠠᠭ᠋ᠠᠷᠯᠠᠭᠳᠠᠵᠤ ᠪᠠᠢ᠌ᠬᠤ ᠪᠠ ᠭᠠᠳᠠᠷ ᠣᠷᠣᠨ᠎ᠳᠤ ᠠᠵᠢᠯᠯᠠᠵᠤ ᠪᠠᠢ᠌ᠭ᠎ᠠ ᠤᠯᠠᠭ᠋ᠠᠨᠬᠠᠳᠠ ᠵᠢᠨ ᠬᠥᠮᠦᠨ ᠵᠢᠴᠢ ᠤᠯᠠᠭ᠋ᠠᠨᠬᠠᠳᠠ ᠵᠢᠨ ᠰᠤᠷᠭ᠋ᠠᠭᠤᠯᠢ᠎ᠳᠤ ᠪᠠᠶ᠋ᠢᠭ᠎ᠠ ᠣᠶᠣᠲᠠᠳ ᠵᠶ᠋ᠡᠷ ᠬᠢᠵᠠᠭ᠋ᠠᠷᠯᠠᠭᠳᠠᠵᠤ ᠪᠠᠢ᠌ᠨ᠎ᠠ᠃
      ᠬᠣᠲᠠ ᠵᠢᠨ ᠠᠷᠠᠳ ᠬᠠᠮᠤᠭ᠎ᠤᠨ ᠳᠣᠣᠷ᠎ᠠ ᠥᠪᠡᠷ᠎ᠤᠨ ᠥᠷᠲᠡᠭ ᠵᠶ᠋ᠠᠷ ᠬᠡᠰᠢᠭᠲᠡᠨ ᠬᠣᠰᠢᠭᠤ᠎ᠪᠠᠷ ᠵᠣᠭ᠋ᠠᠴᠠᠵᠤ ᠪᠣᠯᠤᠨ᠎ᠠ᠃ ᠴᠢᠯᠠᠭᠤᠨ ᠣᠶ᠂ ᠳᠠᠯᠠᠢ ᠨᠠᠭᠤᠷ ᠵᠡᠷᠭᠡ 7   ᠭᠣᠣᠯ ᠦᠵᠡᠮᠵᠢᠲᠦ ᠣᠷᠣᠨ᠎ᠤ ᠡᠭᠦᠳᠡᠨ ᠪᠢᠯᠧᠲ᠎ᠤᠨ ᠪᠦᠬᠦ ᠦᠨ᠎ᠡ᠎ᠨᠢ 650 ᠲᠥᠭᠥᠷᠢᠭ ᠪᠠᠢ᠌ᠵᠤ᠂ ᠺᠠᠷᠲ᠎ᠲᠠᠢ ᠪᠣᠯᠪᠠᠯ ᠵᠥᠪᠬᠡᠨ 168 ᠲᠥᠭᠥᠷᠢᠭ᠂ ᠪᠦᠬᠦ ᠵᠢᠯ᠎ᠤᠨ ᠳᠣᠲᠣᠷ᠎ᠠ ᠬᠦᠴᠦᠨ᠎ᠲᠠᠢ ᠪᠠᠢ᠌ᠵᠤ  ᠂ ᠤᠳᠠᠭ᠎ᠠ ᠲᠣᠭ᠎ᠠ ᠭᠡᠵᠦ ᠬᠢᠵᠠᠭ᠋ᠠᠷᠯᠠᠬᠤ ᠦᠭᠡᠢ᠃ ᠬᠤᠶᠠᠷᠳᠠᠬᠢ ᠵᠢᠯ᠎ᠤᠨ ᠣᠨ᠎ᠤ ᠬᠢᠨᠠᠨ ᠪᠠᠢ᠌ᠴᠠᠭ᠋ᠠᠯᠲᠠ᠎ᠨᠢ᠂ ᠵᠥᠪᠬᠡᠨ 158 ᠲᠥᠭᠥᠷᠢᠭ ᠪᠣᠯᠣᠨ᠎ᠠ᠃ ᠡᠨᠡ᠎ᠨᠢ ᠨᠡᠩ ᠣᠯᠠᠨ ᠬᠣᠲᠠ ᠵᠢᠨ ᠠᠷᠠᠳ᠎ᠲᠤ ᠤᠯᠠᠭ᠋ᠠᠨᠬᠠᠳᠠ ᠪᠣᠯᠣᠨ ᠬᠡᠰᠢᠭᠲᠡᠨ ᠬᠣᠰᠢᠭᠤᠨ᠎ᠤ ᠵᠢᠭᠤᠯᠴᠢᠯᠠᠯ᠎ᠤᠨ ᠬᠥᠭᠵᠢᠯᠲᠡ ᠵᠢᠨ ᠣᠳᠣᠬᠢ ᠪᠠᠶ᠋ᠢᠳᠠᠯ᠎ᠢ ᠣᠢ᠌ᠯᠠᠭ᠋ᠠᠭᠤᠯᠵᠤ᠂ ᠨᠡᠩ ᠣᠯᠠᠨ   ᠬᠥᠮᠥᠰ ᠵᠢᠭᠤᠯᠴᠢᠯᠠᠯ᠎ᠳᠤ ᠰᠡᠳᠬᠢᠯ ᠲᠠᠯᠪᠢᠭᠤᠯᠵᠤ᠂ ᠬᠣᠲᠠ ᠵᠢᠨ ᠠᠷᠠᠳ᠎ᠤᠨ ᠠᠮᠠ᠎ᠪᠠᠷ ᠳᠠᠮᠵᠢᠭᠤᠯᠤᠨ᠂   ᠵᠢᠭᠤᠯᠴᠢᠯᠠᠯ᠎ᠢ ᠤᠬᠠᠭᠤᠯᠬᠤ ᠪᠣᠯᠣᠨ᠎ᠠ᠃
      ᠤᠯᠠᠭ᠋ᠠᠨᠬᠠᠳᠠ ᠵᠢᠨ ᠵᠢᠭᠤᠯᠴᠢᠯᠠᠯ᠎ᠤᠨ ᠦᠢ᠍ᠯᠡᠰ᠎ᠤᠨ ᠬᠥᠭᠵᠢᠯᠲᠡ ᠵᠢᠨ ᠴᠢᠭᠯᠡᠯ᠎ᠨᠢ ᠵᠣᠷᠢᠭᠰᠠᠨ ᠭᠠᠵᠠᠷ᠎ᠲᠤᠨᠢ ᠵᠢᠭᠤᠯᠴᠢᠯᠠᠭᠤᠯᠵᠤ᠂ ᠭᠦᠨ ᠭᠦᠨᠵᠡᠭᠡᠶ ᠣᠢ᠌ᠯᠠᠭ᠋ᠠᠬᠤ ᠵᠠᠩᠭᠢᠯᠠᠭ᠎ᠠ᠎ᠠᠴᠠ ᠦᠷ᠎ᠡ ᠠᠰᠢᠭ ᠣᠯᠵᠤ᠂ ᠡᠭᠦᠳᠡᠨ ᠪᠢᠯᠧᠲ᠎ᠤᠨ ᠠᠵᠤ ᠠᠬᠤᠢ ᠵᠢ ᠢᠳᠡᠭ ᠢᠳᠡᠭ ᠵᠶ᠋ᠡᠷ ᠰᠤᠯᠠᠷᠠᠭᠤᠯᠤᠨ᠎ᠠ᠃ ᠤᠯᠠᠭ᠋ᠠᠨᠬᠠᠳᠠ ᠬᠣᠲᠠ ᠵᠢᠨ ᠵᠢᠭᠤᠯᠴᠢᠯᠠᠯ᠎ᠤᠨ ᠲᠣᠪᠴᠢᠶ᠎ᠠ᠎ᠨᠢ ᠭᠤᠷᠪᠠᠨ ᠵᠢᠯ᠎ᠤᠨ ᠬᠤᠭᠤᠴᠠᠭ᠎ᠠ ᠬᠡᠷᠡᠭᠯᠡᠨ ᠪᠦᠬᠦ ᠬᠣᠲᠠ᠎ᠳᠤ ᠵᠢᠯ᠎ᠤᠨ ᠺᠠᠷᠲ᠎ᠤᠨ ᠠᠵᠢᠯ᠎ᠢ ᠪᠦᠬᠦ ᠲᠠᠯ᠎ᠠ᠎ᠪᠠᠷ ᠲᠦᠭᠡᠮᠡᠯᠵᠢᠭᠦᠯᠵᠦ᠂ ᠬᠣᠲᠠ ᠵᠢᠨ ᠠᠷᠠᠳ ᠺᠠᠷᠲ ᠵᠶ᠋ᠠᠷ ᠵᠶ᠋ᠠᠨ   ᠪᠦᠬᠦ ᠬᠣᠲᠠ ᠵᠢᠨ ᠦᠵᠡᠮᠵᠢᠲᠦ ᠣᠷᠣᠨ ᠵᠶ᠋ᠡᠷ ᠵᠤᠭ᠋ᠠᠴᠠᠵᠤ   ᠪᠣᠯᠬᠤ ᠪᠣᠯᠭ᠋ᠠᠨ᠎ᠠ᠃
[ᠬᠦᠲᠦᠯᠦᠭᠴᠢ]
      ᠤᠯᠤᠰ᠎ᠤᠨ ᠵᠢᠭᠤᠯᠴᠢᠯᠠᠯ᠎ᠤᠨ ᠲᠣᠪᠴᠢᠶ᠎ᠠ᠎ᠠᠴᠠ ᠪᠦᠬᠦ ᠤᠯᠤᠰ᠎ᠤᠨ ᠬᠡᠪᠴᠢᠶᠡᠨ᠎ᠳᠤ ᠵᠢᠭᠤᠯᠴᠢᠯᠠᠯ᠎ᠤᠨ ᠭᠠᠵᠠᠷ᠎ᠤᠨ ᠵᠣᠷᠯᠦᠩ᠎ᠤᠨ ᠪᠦᠲᠦᠭᠡᠨ ᠪᠠᠶ᠋ᠢᠭᠤᠯᠤᠯᠲᠠ ᠪᠣᠯᠣᠨ ᠬᠠᠮᠢᠶᠠᠷᠤᠯᠲᠠ ᠵᠢ ᠶᠡᠬᠡ᠎ᠪᠠᠷ ᠲᠦᠯᠬᠢᠨ ᠠᠬᠢᠭᠤᠯᠬᠤ ᠵᠢ ᠱᠠᠭ᠋ᠠᠷᠳᠠᠵᠤ᠂ ᠣᠳᠣ ᠪᠦᠬᠦ ᠤᠯᠤᠰ᠎ᠤᠨ ᠦᠵᠡᠮᠵᠢᠲᠦ ᠣᠷᠣᠨ ᠦᠵᠡᠮᠵᠢ ᠵᠢᠨ ᠴᠢᠭ᠋ ᠪᠣᠯᠭ᠋ᠠᠨ ᠴᠥᠮ ᠵᠢᠭᠤᠯᠴᠢᠯᠠᠯ᠎ᠤᠨ ᠲᠣᠪᠴᠢᠶ᠎ᠠ ᠵᠢᠨ ᠳᠠᠭ᠋ᠠᠭᠤᠯᠭ᠎ᠠ ᠳᠣᠣᠷ᠎ᠠ ᠵᠣᠷᠯᠣᠩ᠎ᠤᠨ ᠪᠦᠲᠦᠭᠡᠨ ᠪᠠᠶ᠋ᠢᠭᠤᠯᠤᠯᠲᠠ   ᠪᠣᠯᠣᠨ ᠬᠠᠮᠢᠶᠠᠷᠤᠯᠲᠠ ᠵᠢ ᠨᠠᠢ᠌ᠳᠠᠪᠤᠷᠢᠵᠢᠭᠤᠯᠵᠤ ᠪᠤᠢ᠂ ᠮᠠᠨ᠎ᠤ ᠤᠯᠠᠭ᠋ᠠᠨᠬᠠᠳᠠ ᠬᠣᠲᠠ ᠵᠢᠭᠤᠯᠴᠢᠯᠠᠯ᠎ᠤᠨ ᠵᠣᠷᠯᠣᠩ᠎ᠳᠤ ᠴᠢᠭᠯᠡᠭᠦᠯᠦᠭᠰᠡᠨ ᠦᠭᠡᠷᠡᠴᠢᠯᠡᠨ ᠪᠠᠶ᠋ᠢᠭᠤᠯᠬᠤ ᠲᠠᠯ᠎ᠠ᠎ᠪᠠᠷ ᠶᠠᠮᠠᠷ ᠶᠠᠮᠠᠷ ᠪᠣᠳᠠᠲᠠᠶ ᠠᠵᠢᠯᠯᠠᠭ᠎ᠠ ᠠᠪᠴᠤ ᠪᠠᠢ᠌ᠬᠤ

ᠪᠤᠶ?
[ᠶᠠᠨ ᠬᠤᠢ]
      ᠵᠣᠷᠯᠣᠩ ᠪᠣᠯ ᠪᠣᠯᠪᠠᠰᠤᠨ᠎ᠤ ᠴᠢᠬᠤᠯᠠ ᠴᠣᠩᠬᠣ ᠮᠥᠨ᠂ ᠵᠢᠭᠤᠯᠴᠢᠯᠠᠯ᠎ᠤᠨ ᠶᠠᠪᠤᠴᠠ᠎ᠳᠤ ᠳᠤᠲᠠᠭᠳᠠᠵᠤ ᠪᠣᠯᠤᠰᠢ ᠦᠭᠡᠶ ᠦᠨᠳᠦᠰᠦᠨ ᠡᠯᠧᠮᠧᠨ᠋ᠲ ᠮᠦᠨ᠂ ᠨᠢᠭᠡ ᠤᠯᠤᠰ ᠪᠣᠯᠣᠨ ᠭᠠᠵᠠᠷ ᠣᠷᠣᠨ᠎ᠤ ᠪᠣᠯᠪᠠᠰᠤᠨ᠎ᠤ ᠬᠡᠮᠵᠢᠶᠡᠨ᠎ᠤ ᠴᠢᠬᠤᠯᠠ ᠢᠯᠡᠷᠡᠯ ᠪᠣᠯᠣᠨ᠎ᠠ᠃ ᠣᠳᠣᠬᠠᠨ᠎ᠳᠤ᠂ ᠵᠢᠭᠤᠯᠴᠢᠯᠠᠯ᠎ᠤᠨ ᠭᠠᠵᠠᠷ᠎ᠤᠨ ᠵᠣᠷᠯᠣᠩ᠎ᠤᠨ ᠪᠤᠵᠠᠷ᠂ ᠡᠷᠦᠶ ᠬᠤᠷᠤᠶ ᠦᠭᠡᠶ᠂ ᠨᠥᠬᠥᠴᠡᠯ ᠵᠶ᠋ᠡᠷ ᠠᠨᠠᠢ᠂ ᠴᠦᠬᠡᠨ᠂ ᠬᠤᠯᠠ ᠪᠠᠢ᠌ᠬᠤ᠎ᠨᠢ ᠠᠷᠠᠳ ᠣᠯᠠᠨ ᠪᠣᠯᠣᠨ ᠥᠷᠭᠡᠨ ᠣᠯᠠᠨ ᠵᠢᠭᠤᠯᠴᠢᠯᠠᠭᠴᠢᠳ ᠴᠢᠩᠭ᠎ᠠ ᠲᠤᠰᠬᠠᠯ᠎ᠲᠠᠢ ᠪᠠᠢ᠌ᠬᠤ ᠠᠰᠠᠭᠤᠳᠠᠯ ᠪᠣᠯᠣᠨ ᠨᠡᠶ᠋ᠢᠭᠡᠮ᠎ᠤᠨ ᠣᠯᠠᠨ ᠨᠡᠶ᠋ᠢᠲᠡ ᠵᠢᠨ ᠦᠢ᠍ᠯᠡᠴᠢᠯᠡᠭᠡᠨ᠎ᠤ ᠰᠢᠰᠲᠸᠮᠵᠢ ᠪᠣᠯᠣᠨ ᠵᠢᠭᠤᠯᠴᠢᠯᠠᠯ᠎ᠤᠨ ᠶᠠᠪᠤᠴᠠ ᠵᠢᠨ ᠬᠠᠮᠤᠭ᠎ᠤᠨ ᠪᠠᠭᠤᠷᠠᠶ ᠲᠠᠯ᠎ᠠ ᠪᠣᠯᠵᠤ ᠪᠠᠶ᠋ᠢᠨ᠎ᠠ᠃
      ᠥᠪᠡᠷᠲᠡᠭᠡᠨ ᠵᠠᠰᠠᠬᠤ ᠣᠷᠣᠨ᠎ᠤ ᠵᠢᠭᠤᠯᠴᠢᠯᠠᠯ᠎ᠤᠨ ᠲᠣᠪᠴᠢᠶ᠎ᠠ 4 ᠳ᠋ᠦ᠍ᠭᠡᠷ ᠰᠠᠷ᠎ᠠ ᠵᠢᠨ 13᠎ᠤ ᠡᠳᠦᠷ ᠥᠪᠥᠷ ᠮᠣᠩᠭᠣᠯ᠎ᠤᠨ ᠵᠢᠭᠤᠯᠴᠢᠯᠠᠯ᠎ᠤᠨ ᠭᠠᠵᠠᠷ᠎ᠤᠨ ᠵᠣᠷᠯᠣᠩ᠎ᠤᠨ ᠬᠣᠪᠢᠰᠬᠠᠯᠲᠤ ᠠᠵᠢᠯ᠎ᠢ ᠳᠥᠯᠭᠢᠨ   ᠠᠬᠢᠭᠤᠯᠬᠤ ᠬᠤᠷᠠᠯ ᠬᠤᠷᠠᠯᠳᠤᠭᠤᠯᠵᠤ᠂ ᠵᠢᠭᠤᠯᠴᠢᠯᠠᠯ᠎ᠤᠨ ᠭᠠᠵᠠᠷ᠎ᠤᠨ ᠵᠣᠷᠯᠣᠩ᠎ᠤᠨ ᠪᠦᠲᠦᠭᠡᠨ ᠪᠠᠶ᠋ᠢᠭᠤᠯᠤᠯᠲᠠ ᠵᠢᠨ ᠬᠠᠷᠢᠭᠤᠴᠠᠯᠭ᠎ᠠ ᠵᠢᠨ ᠪᠢᠴᠢᠭ᠎ᠲᠤ ᠭᠠᠷ᠎ᠤᠨ ᠦᠰᠦᠭ ᠵᠢᠷᠤᠨ᠂ ᠪᠦᠲᠦᠭᠡᠨ ᠪᠠᠶ᠋ᠢᠭᠤᠯᠤᠯᠲᠠ ᠵᠢᠨ ᠡᠭᠦᠷᠭᠡ᠎ᠪᠠᠨ ᠪᠡᠶᠡᠯᠡᠭᠦᠯᠵᠦ ᠴᠢᠳᠠᠬᠤ ᠦᠭᠡᠶ ᠭᠠᠵᠠᠷ ᠣᠷᠣᠨ᠎ᠲᠠᠢ ᠬᠠᠷᠢᠭᠤᠴᠠᠯᠭ᠎ᠠ   ᠬᠡᠯᠡᠯᠴᠡᠬᠦ᠎ᠪᠠᠷ ᠪᠣᠯᠪᠠ᠃ 2015 ᠣᠨ᠎ᠳᠤ᠂ ᠤᠯᠠᠭ᠋ᠠᠨᠬᠠᠳᠠ ᠬᠣᠲᠠ ᠨᠡᠢ᠌ᠲᠡ 5270 ᠲᠡᠭᠰᠢ ᠳᠥᠷᠪᠡᠯᠵᠢᠨ ᠮᠧᠲᠷ ᠲᠠᠯᠠᠪᠠᠢ ᠪᠦᠬᠦᠢ ᠵᠢᠭᠤᠯᠴᠢᠯᠠᠯ ᠭᠠᠵᠠᠷ᠎ᠤᠨ ᠵᠣᠷᠯᠦᠩ 61 ᠵᠢ ᠰᠢᠨ᠎ᠡ᠎ᠪᠠᠷ ᠪᠠᠢ᠌ᠭᠤᠯᠬᠤ ᠪᠠ ᠨᠡᠢ᠌ᠲᠡ 540 ᠲᠡᠭᠰᠢ ᠳᠥᠷᠪᠡᠯᠵᠢᠨ ᠮᠧᠲᠷ ᠲᠠᠯᠠᠪᠠᠢ ᠪᠦᠬᠦᠢ ᠵᠢᠭᠤᠯᠴᠢᠯᠠᠯ᠎ᠤᠨ ᠭᠠᠵᠠᠷ᠎ᠤᠨ ᠵᠣᠷᠯᠣᠩ ᠵᠢ ᠦᠭᠡᠷᠡᠴᠢᠯᠡᠨ ᠪᠠᠢ᠌ᠭᠤᠯᠬᠤ᠎ᠪᠠᠷ ᠲᠥᠯᠥᠪᠯᠡᠵᠦ ᠪᠤᠢ᠂ ᠡᠨᠡ᠎ᠨᠢ ᠥᠪᠡᠷᠲᠡᠭᠡᠨ ᠵᠠᠰᠠᠬᠤ ᠣᠷᠣᠨ᠎ᠤ 2015 ᠣᠨ᠎ᠳᠤ ᠰᠢᠨ᠎ᠡ᠎ᠪᠠᠷ ᠪᠠᠢ᠌ᠭᠤᠯᠬᠤ᠂ ᠥᠭᠡᠷᠡᠴᠢᠯᠡᠨ ᠪᠠᠶ᠋ᠢᠭᠤᠯᠬᠤ ᠵᠢᠭᠤᠯᠴᠢᠯᠠᠯ᠎ᠤᠨ ᠭᠠᠵᠠᠷ᠎ᠤᠨ ᠵᠣᠷᠯᠣᠩ᠎ᠤᠨ ᠶᠡᠷᠦᠩᠬᠡᠶ ᠡᠭᠦᠷᠭᠡ ᠵᠢᠨ1/5᠎ᠠᠴᠠ ᠢᠯᠡᠭᠦᠦ ᠵᠢ ᠡᠵᠡᠯᠡᠵᠦ᠂ ᠴᠠᠭ ᠪᠠᠴᠢᠮ᠂ ᠲᠣᠭ᠎ᠠ ᠬᠡᠮᠵᠢᠶ᠎ᠡ ᠣᠯᠠᠨ᠂ ᠡᠭᠦᠷᠭᠡ ᠬᠦᠨᠳᠦ ᠪᠣᠯᠬᠣᠷ ᠳᠡᠭᠡᠳᠦ ᠳᠣᠣᠷᠠᠳᠤ ᠱᠠᠲᠤ᠎ᠪᠠᠷ ᠵᠶ᠋ᠠᠨ ᠰᠠᠨᠠᠭ᠎ᠠ ᠰᠡᠳᠬᠢᠯ ᠨᠢᠭᠡᠳᠴᠦ᠂ ᠬᠠᠮᠲᠤ᠎ᠪᠠᠷ ᠴᠢᠷᠮᠠᠢ᠌ᠵᠤ᠂ ᠡᠨᠡ ᠬᠦ᠌ ᠠᠵᠢᠯ᠎ᠢ ᠪᠦᠬᠦ ᠬᠣᠲᠠ ᠵᠢᠨ ᠵᠢᠭᠤᠯᠴᠢᠯᠠᠯ᠎ᠤᠨ 《ᠵᠥᠭᠡᠯᠡᠨ ᠣᠷᠴᠢᠨ ᠲᠣᠭᠤᠷᠢᠨ》᠂ ᠬᠣᠲᠠ ᠵᠢᠨ ᠠᠷᠠᠳ᠎ᠲᠤ ᠲᠦᠬᠡᠮᠡᠯ ᠠᠰᠢᠭ ᠬᠦᠷᠲᠡᠭᠡᠬᠦ ᠪᠠ ᠪᠣᠯᠪᠠᠰᠤᠨ ᠵᠢᠭᠤᠯᠴᠢᠯᠠᠯ᠎ᠤᠨ ᠰᠢᠨ᠎ᠡ ᠬᠡᠪ ᠰᠤᠷᠲᠠᠯ᠎ᠢ ᠳᠠᠢ᠌ᠴᠢᠯᠠᠬᠤ ᠨᠢᠭᠡᠨ ᠰᠢᠨ᠎ᠡ ᠲᠥᠷᠥ ᠵᠢᠨ ᠪᠣᠳᠣᠯᠭ᠎ᠠ ᠪᠣᠯᠭ᠋ᠠᠨ ᠳᠥᠯᠭᠢᠨ ᠠᠬᠢᠭᠤᠯᠤᠨ᠎ᠠ᠃ ᠥᠪᠡᠷᠲᠡᠭᠡᠨ ᠵᠠᠰᠠᠬᠤ ᠣᠷᠣᠨ᠎ᠤ ᠵᠢᠭᠤᠯᠴᠢᠯᠠᠯ᠎ᠤᠨ ᠲᠣᠪᠴᠢᠶ᠎ᠠ᠎ᠠᠴᠠ 6 ᠳ᠋ᠤᠭ᠋ᠠᠷ ᠰᠠᠷ᠎ᠠ ᠵᠢᠨ 15᠎ᠤ ᠡᠳᠦᠷ᠎ᠠᠴᠠ ᠡᠮᠦᠨ᠎ᠡ   ᠪᠦᠲᠦᠭᠡᠨ ᠪᠠᠢ᠌ᠭᠤᠯᠤᠯᠲᠠ ᠵᠢᠨ ᠡᠭᠦᠷᠭᠡ᠎ᠪᠠᠨ ᠪᠡᠶᠡᠯᠡᠭᠦᠯᠬᠦ ᠵᠢ   ᠱᠠᠭ᠋ᠠᠷᠳᠠᠪᠠ᠂ ᠵᠣᠷᠯᠣᠩ᠎ᠤᠨ ᠬᠤᠪᠢᠰᠬᠠᠯ᠎ᠤᠨ ᠪᠦᠲᠦᠭᠡᠨ ᠪᠠᠢ᠌ᠭᠤᠯᠬᠤ ᠥᠭᠡᠷᠡᠴᠢᠯᠡᠬᠦ ᠡᠭᠦᠷᠭᠡ ᠵᠢ ᠪᠦᠬᠦ ᠲᠠᠯ᠎ᠠ᠎ᠪᠠᠷ ᠪᠡᠶᠡᠯᠡᠭᠦᠯᠬᠦ ᠵᠢᠨ ᠲᠥᠯᠥᠭᠡ᠂ ᠬᠣᠲᠠ ᠵᠢᠨ ᠵᠠᠰᠠᠭ᠎ᠤᠨ ᠣᠷᠳᠣᠨ ᠲᠤᠰᠬᠠᠶ ᠪᠡᠯᠡ ᠮᠥᠩᠭᠥ ᠭᠠᠷᠭ᠋ᠠᠨ ᠡᠯ᠎ᠡ ᠭᠠᠵᠠᠷ᠎ᠤᠨ᠎ᠬᠢᠨ᠎ᠤ ᠵᠣᠷᠯᠣᠩ᠎ᠤᠨ ᠪᠦᠲᠦᠭᠡᠨ ᠪᠠᠶ᠋ᠢᠭᠤᠯᠤᠯᠲᠠ ᠵᠢᠨ ᠱᠠᠩᠨᠠᠯ᠎ᠤᠨ ᠨᠥᠬᠥᠪᠥᠷᠢ᠎ᠳᠤ ᠬᠡᠷᠡᠭᠯᠡᠵᠦ᠂ ᠱᠠᠩᠨᠠᠯ ᠵᠶ᠋ᠠᠷ ᠨᠥᠬᠥᠪᠥᠷᠢ ᠵᠢ ᠣᠷᠣᠯᠠᠭᠤᠯᠬᠤ ᠠᠷᠭ᠎ᠠ᠎ᠪᠠᠷ ᠱᠠᠭ᠋ᠠᠷᠳᠠᠯᠭ᠎ᠠ ᠶᠣᠰᠣᠭ᠋ᠠᠷ ᠵᠢᠭᠤᠯᠴᠢᠯᠠᠯ᠎ᠤᠨ ᠭᠠᠵᠠᠷ᠎ᠤᠨ ᠵᠣᠷᠯᠣᠩ᠎ᠤᠨ ᠪᠦᠲᠦᠭᠡᠨ ᠪᠠᠶ᠋ᠢᠭᠤᠯᠤᠯᠲᠠ ᠵᠢᠨ ᠡᠭᠦᠷᠭᠡ᠎ᠪᠠᠨ ᠪᠡᠶᠡᠯᠡᠭᠦᠯᠦᠭᠰᠡᠨ ᠭᠠᠵᠠᠷ ᠣᠷᠣᠨ᠎ᠢ ᠱᠠᠩᠨᠠᠨ ᠬᠦᠬᠢᠭᠦᠯᠵᠦ᠂ ᠡᠭᠦᠷᠭᠡ᠎ᠪᠠᠨ ᠪᠡᠶᠡᠯᠡᠭᠦᠯᠵᠦ ᠴᠢᠳᠠᠭ᠎ᠠ ᠦᠭᠡᠶ ᠭᠠᠵᠠᠷ ᠣᠷᠣᠨ᠎ᠲᠠᠢ ᠴᠢᠩᠭ᠎ᠠ᠎ᠪᠠᠷ ᠬᠠᠷᠢᠭᠤᠴᠠᠯᠭ᠎ᠠ ᠬᠡᠯᠡᠯᠴᠡᠨ᠎ᠡ᠃ ᠪᠦᠲᠦᠭᠡᠨ ᠪᠠᠶ᠋ᠢᠭᠤᠯᠤᠯᠲᠠ ᠵᠢᠨ ᠡᠭᠦᠷᠭᠡ᠎ᠪᠠᠨ ᠦᠨᠡᠨ ᠬᠦ᠌ ᠪᠠᠲᠤᠯᠠᠨ ᠪᠡᠶᠡᠯᠡᠭᠦᠯᠬᠦ ᠵᠢ ᠡᠯ᠎ᠡ ᠭᠠᠵᠠᠷ᠎ᠤᠨ᠎ᠬᠢᠨ ᠳᠡᠭᠡᠳᠦ ᠬᠡᠮᠵᠢᠶ᠎ᠡ᠎ᠪᠠᠷ ᠬᠦᠨᠳᠦᠳᠬᠡᠨ ᠦᠵᠡᠬᠦ ᠬᠡᠷᠡᠭ᠎ᠲᠠᠢ ᠪᠠᠢ᠌ᠨ᠎ᠠ᠃ ᠪᠢᠳᠡ ᠵᠣᠷᠯᠣᠩ᠎ᠤᠨ ᠬᠣᠪᠢᠰᠬᠠᠯ᠎ᠤᠨ ᠭᠤᠷᠪᠠᠨ ᠵᠢᠯ᠎ᠤᠨ ᠠᠵᠢᠯᠯᠠᠭ᠋ᠠᠨ᠎ᠤ ᠲᠥᠯᠥᠪᠯᠡᠭᠡ ᠲᠣᠭᠲᠠᠭ᠋ᠠᠵᠤ᠂ 2017 ᠣᠨ ᠪᠣᠯᠬᠤ᠎ᠳᠤ᠂ ᠪᠦᠬᠦ ᠬᠣᠲᠠ ᠵᠢᠨ ᠵᠢᠭᠤᠯᠴᠢᠯᠠᠯ᠎ᠤᠨ ᠭᠠᠵᠠᠷ᠎ᠤᠨ ᠵᠣᠷᠯᠣᠩ᠎ᠤᠨ ᠨᠥᠬᠥᠴᠡᠯ᠎ᠢ ᠲᠤᠶ᠋ᠢᠯᠪᠤᠷᠢᠲᠠᠶ

ᠰᠠᠢ᠌ᠵᠢᠷᠠᠭᠤᠯᠤᠨ᠎ᠠ᠃
[ᠬᠦᠲᠦᠯᠦᠭᠴᠢ]
      ᠶᠠᠨ ᠲᠣᠪᠴᠢᠶᠠᠨ ᠳᠠᠷᠤᠭ᠎ᠠ ᠡ᠂ ᠣᠳᠣᠬᠠᠨ᠎ᠤ ᠪᠠᠶ᠋ᠢᠳᠠᠯ᠎ᠠᠴᠠ ᠦᠵᠡᠪᠡᠯ᠂ ᠲᠠᠨ᠎ᠤ ᠵᠢᠱ᠌ᠢᠬᠦ᠎ᠪᠠᠷ ᠡᠨᠡ ᠨᠢᠭᠡ ᠵᠢᠯ᠎ᠳᠤ ᠤᠯᠠᠭ᠋ᠠᠨᠬᠠᠳᠠ ᠬᠣᠲᠠ ᠵᠢᠨ ᠪᠦᠬᠦ ᠵᠢᠯ᠎ᠤᠨ ᠵᠢᠭᠤᠯᠴᠢᠯᠠᠯ᠎ᠤᠨ ᠬᠦᠯᠢᠶᠡᠨ ᠠᠪᠬᠤ ᠬᠥᠮᠦᠨ᠎ᠤ ᠲᠣᠭ᠎ᠠ᠂ ᠵᠢᠭᠤᠯᠴᠢᠯᠠᠯ᠎ᠤᠨ ᠶᠡᠷᠦᠩᠬᠡᠶ ᠣᠷᠣᠯᠭ᠎ᠠ᠎ᠳᠤ ᠶᠠᠮᠠᠷ ᠬᠤᠪᠢᠷᠠᠯᠲᠠ ᠭᠠᠷᠬᠤ ᠪᠣᠯ?
[ᠶᠠᠨ ᠬᠤᠢ]
      ᠡᠨᠡ ᠵᠢᠯ᠎ᠤᠨ ᠲᠠᠪᠤᠨ ᠰᠠᠷ᠎ᠠ ᠵᠢᠨ ᠨᠢᠭᠡᠨ᠎ᠤ ᠰᠢᠵᠢᠷ ᠠᠯᠲᠠᠨ ᠠᠮᠠᠷᠠᠯᠲᠠ ᠵᠢᠨ ᠭᠠᠷᠠᠭ᠎ᠲᠤ ᠤᠯᠠᠭ᠋ᠠᠨᠬᠠᠳᠠ ᠬᠣᠲᠠ ᠵᠢᠭᠤᠯᠴᠢᠯᠠᠭᠴᠢᠳ᠎ᠢ 48.5 ᠲᠦᠮᠡᠨ ᠬᠥᠮᠦᠨ ᠤᠳᠠᠭ᠎ᠠ ᠬᠦᠯᠢᠶᠡᠨ ᠠᠪᠴᠤ᠂ ᠵᠢᠭᠤᠯᠴᠢᠯᠠᠯ᠎ᠤᠨ ᠣᠷᠣᠯᠭ᠎ᠠ᠎ᠨᠢ 2.5 ᠳ᠋ᠦᠩᠰᠢᠭᠤᠷ ᠲᠥᠭᠥᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 19% ᠪᠠ 14.4%᠎ᠪᠠᠷ ᠨᠡᠮᠡᠭᠳᠡᠵᠡᠶ᠃ ᠡᠭᠦᠨ᠎ᠳᠤ ᠨᠢᠭᠡ ᠡᠳᠦᠷ᠎ᠤᠨ   ᠵᠤᠭ᠋ᠠᠴᠠᠯ ᠎ᠳᠤ 38.6 ᠲᠦᠮᠡᠨ ᠬᠥᠮᠦᠨ ᠤᠳᠠᠭ᠎ᠠ᠂ ᠵᠢᠭᠤᠯᠴᠢᠯᠠᠯ᠎ᠤᠨ ᠣᠷᠣᠯᠭ᠎ᠠ 1.16 ᠳ᠋ᠦᠩᠰᠢᠭᠤᠷ ᠲᠥᠭᠥᠷᠢᠭ ᠂ ᠬᠤᠨᠤᠭᠤᠳᠠ ᠵᠤᠭ᠋ᠠᠴᠠᠯ᠎ᠳᠤ 9. 9 ᠲᠦᠮᠡᠨ ᠬᠥᠮᠦᠨ ᠤᠳᠠᠭ᠎ᠠ᠂ ᠵᠢᠭᠤᠯᠴᠢᠯᠠᠯ᠎ᠤᠨ ᠣᠷᠣᠯᠭ᠎ᠠ 1.4 ᠳ᠋ᠦᠩᠰᠢᠭᠤᠷ ᠲᠥᠭᠥᠷᠢᠭ᠎ᠲᠤ ᠬᠦᠷᠪᠡ ᠃
     2014 ᠣᠨ᠎ᠳᠤ ᠤᠯᠠᠭ᠋ᠠᠨᠬᠠᠳᠠ ᠬᠣᠲᠠ ᠵᠢᠨ ᠪᠦᠬᠦ ᠵᠢᠯ᠎ᠳᠤ ᠵᠢᠭᠤᠯᠴᠢᠯᠠᠭᠴᠢᠳ᠎ᠢ 1139 ᠲᠦᠮᠡᠨ ᠬᠥᠮᠦᠨ ᠤᠳᠠᠭ᠎ᠠ ᠬᠦᠯᠢᠶᠡᠨ ᠠᠪᠴᠤ᠂ ᠠᠳᠠᠯᠢ ᠬᠤᠭᠤᠴᠠᠭ᠋ᠠᠨ᠎ᠤ᠎ᠬᠢ᠎ᠠᠴᠠ 20.9%᠎ᠪᠠᠷ ᠨᠡᠮᠡᠭᠳᠡᠨ᠂ ᠵᠢᠭᠤᠯᠴᠢᠯᠠᠯ᠎ᠤᠨ ᠣᠷᠣᠯᠭ᠎ᠠ 180 ᠳ᠋ᠦᠩᠰᠢᠭᠤᠷ ᠲᠥᠭᠥᠷᠢᠭ᠎ᠢ ᠡᠭᠦᠳᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 9%᠎ᠪᠠᠷ ᠨᠡᠮᠡᠭᠳᠡᠵᠦ᠂ ᠵᠢᠭᠤᠯᠴᠢᠯᠠᠯ᠎ᠤᠨ ᠣᠷᠣᠯᠭ᠎ᠠ ᠵᠢᠨ ᠨᠡᠮᠡᠭᠳᠡᠯ᠎ᠤᠨ ᠬᠠᠷᠢᠴᠠᠯ᠎ᠨᠢ ᠵᠢᠭᠤᠯᠴᠢᠯᠠᠯ᠎ᠤᠨ ᠬᠥᠮᠦᠨ ᠤᠳᠠᠭ᠎ᠠ ᠵᠢᠨ ᠨᠡᠮᠡᠭᠳᠡᠯ᠎ᠤᠨ ᠬᠠᠷᠢᠴᠠᠯ᠎ᠠᠴᠠ ᠦᠨᠳᠦᠷ ᠪᠣᠯᠪᠠ᠃
     2015 ᠣᠨ᠎ᠳᠤ ᠪᠦᠬᠦ ᠵᠢᠯ᠎ᠳᠤ ᠵᠢᠭᠤᠯᠴᠢᠯᠠᠭᠴᠢᠳ᠎ᠢ ᠪᠠᠷᠤᠭ 1200 ᠲᠦᠮᠡᠨ ᠬᠥᠮᠦᠨ ᠤᠳᠠᠭ᠎ᠠ ᠬᠦᠯᠢᠶᠡᠨ ᠠᠪᠴᠤ᠂ ᠵᠢᠭᠤᠯᠴᠢᠯᠠᠯ᠎ᠤᠨ ᠣᠷᠣᠯᠭ᠎ᠠ 190 ᠳ᠋ᠦᠩᠰᠢᠭᠤᠷ ᠲᠥᠭᠥᠷᠢᠭ᠎ᠢ ᠳᠠᠪᠠᠬᠤ ᠪᠣᠯᠣᠨ᠎ᠠ᠃
[ᠬᠦᠲᠦᠯᠦᠭᠴᠢ]
      ᠶᠠᠨ ᠳᠠᠷᠤᠭ᠎ᠠ ᠵᠢᠨ ᠲᠠᠨᠢᠯᠴᠠᠭᠤᠯᠭ᠎ᠠ ᠵᠢ ᠰᠤᠨᠤᠰᠤᠭ᠋ᠠᠳ᠂ ᠪᠢᠳᠡ ᠤᠯᠠᠭ᠋ᠠᠨᠬᠠᠳᠠ ᠵᠢᠨ ᠵᠢᠭᠤᠯᠴᠢᠯᠠᠯ᠎ᠤᠨ ᠠᠵᠢᠯ᠎ᠳᠤ ᠨᠡᠩ ᠭᠦᠨ ᠣᠶ᠋ᠢᠯᠠᠭ᠋ᠠᠯᠲᠠ᠎ᠲᠠᠢ ᠪᠣᠯᠤᠯ᠎ᠠ᠂ ᠮᠦᠨᠴᠦ ᠨᠡᠩ ᠣᠯᠠᠨ ᠰᠦᠯᠵᠢᠶᠡᠨ ᠨᠠᠶ᠋ᠢᠵᠠ ᠨᠡᠷ ᠤᠯᠠᠭ᠋ᠠᠨᠬᠠᠳᠠ᠎ᠳᠤ ᠬᠦᠷᠴᠦ ᠲᠣᠭᠤᠷᠢᠨ ᠦᠵᠡᠬᠦ ᠰᠠᠨᠠᠭ᠎ᠠ ᠪᠣᠳᠣᠯ᠎ᠢ᠎ᠨᠢ ᠬᠦᠭᠵᠢᠭᠡᠭᠰᠡᠨ ᠪᠠᠢ᠌ᠬ᠎ᠠ᠃ ᠡᠨᠳᠡ ᠶᠠᠨ ᠲᠣᠪᠴᠢᠶᠠᠨ ᠳᠠᠷᠤᠭ᠎ᠠ ᠲᠠᠢ᠌ᠯᠪᠤᠷᠢᠯᠠᠭᠰᠠᠨ᠎ᠳᠤ ᠲᠠᠯᠠᠷᠬᠠᠵᠤ ᠪᠠᠢ᠌ᠨ᠎ᠠ᠂ ᠮᠥᠨ ᠴᠦ᠍ ᠰᠦᠯᠵᠢᠶᠡᠨ᠎ᠤ ᠨᠠᠶ᠋ᠢᠵᠠ ᠨᠡᠷ᠎ᠤᠨ ᠣᠷᠣᠯᠴᠠᠭᠰᠠᠨ᠎ᠳᠤ ᠲᠠᠯᠠᠷᠬᠠᠵᠤ ᠪᠠᠶ᠋ᠢᠨ᠎ᠠ! ᠥᠨᠥᠳᠦᠷ᠎ᠤᠨ ᠰᠤᠷᠪᠤᠯᠵᠢᠯᠠᠭ᠎ᠠ ᠡᠨᠳᠡ ᠬᠦᠷᠦᠭᠡᠳ ᠲᠡᠭᠦᠰᠦᠯ᠎ᠡ᠂ ᠳᠠᠷᠠᠭ᠋ᠠᠴᠢ ᠵᠢᠨ ᠫᠷᠤᠭ᠌ᠷᠠᠮ᠎ᠳᠤ ᠪᠠᠶᠠᠷᠲᠠᠢ ᠵᠣᠯᠭ᠋ᠠᠶ᠎ᠠ!

ᠢᠷᠡᠯᠲᠡ᠄ ᠦᠪᠦᠷ ᠮᠣᠩᠭᠣᠯ᠎ᠤᠨ ᠵᠠᠰᠠᠭ᠎ᠤᠨ ᠣᠷᠳᠤᠨ
          
ᠬᠠᠮᠢᠶ᠎ᠡ ᠪᠦᠬᠦᠢ ᠰᠣᠨᠢᠨ
《ᠨᠡᠭᠦᠷᠡᠰᠦ ᠵᠢ ᠤᠯᠠᠷᠢᠭᠤᠯᠬᠤ ᠠᠵᠤ ᠠᠬᠤᠢ᠌ᠯᠠᠯ ᠬᠢᠭᠡᠳ ᠨᠡᠭᠦᠷᠡᠰᠦ ᠦᠢ᠍ᠯᠡᠳᠪᠦᠷᠢᠯᠡᠬᠦ ᠠᠵᠤ ᠠᠬᠤᠢ᠌ᠯᠠᠯ᠎ᠤᠨ ᠳᠠᠬᠢᠨ ᠵᠣᠬᠢᠶᠠᠨ ᠪᠠᠢ᠌ᠭᠤᠯᠬᠤ ᠵᠢ ᠳᠡᠮᠵᠢᠬᠦ ᠬᠣᠯᠪᠣᠭᠳᠠᠯ ᠪᠦᠬᠦᠢ ᠤᠴᠢᠷ᠎ᠤᠨ ᠲᠤᠬᠠᠢ ᠮᠡᠳᠡᠭᠳᠡᠯ》᠎ᠤᠨ ᠲᠠᠢ᠌ᠯᠤᠮᠵᠢ
《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠢ᠍ᠯᠡᠳᠪᠦᠷᠢᠯᠡᠯ ᠡᠵᠡᠩᠨᠡᠯᠲᠡ ᠵᠢᠨ ᠨᠢᠭᠡᠴᠡ ᠵᠢᠨ ᠠᠶᠤᠯ ᠥᠭᠡᠢ ᠦᠢ᠍ᠯᠡᠳᠪᠦᠷᠢᠯᠡᠯ᠎ᠤᠨ ᠭᠣᠣᠯ ᠴᠣᠭᠴᠠ ᠵᠢᠨ ᠬᠠᠷᠢᠭᠤᠴᠠᠯᠭ᠎ᠠ ᠵᠢ ᠨᠠᠶ᠋ᠢᠳᠠᠪᠤᠷᠢᠵᠢᠭᠤᠯᠬᠤ ᠲᠣᠭᠲᠠᠭ᠋ᠠᠯ》᠎ᠤᠨ ᠲᠠᠢ᠌ᠯᠤᠮᠵᠢ
ᠰᠠᠭᠤᠷᠢ᠎ᠪᠠᠨ ᠪᠠᠬᠢᠵᠢᠬᠦᠯᠵᠤ᠂ ᠭᠤᠤᠯᠳᠠᠯᠭ᠎ᠠ᠎ᠲᠠᠢ ᠰᠢᠪᠳᠤᠯᠵᠤ᠂ 《ᠢᠳᠡᠭᠡᠮᠵᠢᠳᠤ ᠦᠪᠦᠷ ᠮᠤᠩᠭᠤᠯ》᠎ᠤᠨ ᠪᠠᠢ᠌ᠭᠤᠯᠤᠯᠳᠠ ᠵᠢ ᠪᠦᠬᠦ ᠭᠦᠴᠦᠨ ᠵᠶ᠋ᠠᠷ ᠲᠦᠯᠬᠢᠨ ᠠᠬᠢᠭᠤᠯᠤᠶ᠎ᠠ
ᠳᠤᠮᠳᠠᠳᠤ ᠮᠣᠩᠭᠣᠯ ᠬᠣᠶᠠᠷ ᠤᠯᠤᠰ᠎ᠤᠨ ᠳᠡᠯᠭᠡᠨ ᠦᠵᠡᠭᠦᠯᠦᠯᠭᠡ ᠵᠢᠨ ᠴᠤᠭᠯᠠᠭ᠋ᠠᠨ᠎ᠤ 《ᠪᠡᠯᠡ ᠣᠷᠣᠭᠤᠯᠤᠯᠲᠠ ᠵᠢᠨ ᠠᠷᠠᠯᠵᠢᠶ᠎ᠠ ᠵᠢᠨ ᠵᠦᠪᠳᠡᠯᠴᠡᠭᠡᠷ》᠎ᠤᠨ ᠬᠡᠰᠡᠭ᠎ᠤᠨ ᠠᠬᠢᠴᠠ ᠵᠢᠨ ᠪᠠᠢ᠌ᠳᠠᠯ᠎ᠤᠨ ᠲᠤᠬᠠᠢ ᠲᠠᠢ᠌ᠯᠤᠮᠵᠢ
ᠠᠵᠤ ᠠᠬᠤᠶ ᠵᠢᠨ ᠠᠵᠢᠯᠯᠠᠭ᠋ᠠᠨ ᠠᠯᠭᠤᠷᠯᠠᠬᠤ ᠵᠢᠨ ᠳᠠᠭ᠋ᠠᠤ ᠲᠣᠭᠲᠠᠭᠤᠨ ᠵᠶ᠋ᠡᠷ ᠬᠥᠭᠵᠢᠵᠦ ᠬᠥᠭᠵᠢᠯᠲᠡ ᠵᠢᠨ ᠳᠠᠯᠳᠠ ᠴᠢᠳᠠᠪᠤᠷᠢ ᠤᠯᠠᠮ ᠵᠶ᠋ᠡᠷ ᠭᠠᠷᠪᠠ —— 2015 ᠣᠨ᠎ᠤ ᠳᠡᠭᠡᠳᠦ ᠬᠠᠭ᠋ᠠᠰ ᠵᠢᠯ᠎ᠤᠨ ᠥᠪᠥᠷ ᠮᠣᠩᠭᠣᠯ᠎ᠤᠨ ᠠᠵᠤ ᠠᠬᠤᠶ ᠵᠢᠨ ᠪᠠᠶ᠋ᠢᠳᠠᠯ᠎ᠤᠨ ᠵᠠᠳᠠᠯᠤᠯᠲᠠ ᠪᠠ ᠳᠣᠣᠷᠠᠳᠤ ᠬᠠᠭ᠋ᠠᠰ ᠵᠢᠯ᠎ᠤᠨ ᠮᠠᠭ᠋ᠠᠳᠯᠠᠯᠲᠠ
 
            