
ᠰᠤᠷᠪᠣᠯᠵᠢᠯᠠᠭᠰᠠᠨ ᠴᠠᠭ᠄
2017 ᠣᠨ᠎ᠤ 2 ᠳ᠋ᠤᠭ᠋ᠠᠷ ᠰᠠᠷ᠎ᠠ ᠵᠢᠨ 15᠎ᠤ ᠡᠳᠦᠷ᠎ᠤᠨ ᠦᠳᠡ ᠵᠢᠨ ᠡᠮᠦᠨᠡᠬᠢ10 ᠴᠠᠭ
ᠰᠤᠷᠪᠤᠯᠵᠢᠯᠠᠭᠰᠠᠨ ᠵᠣᠴᠢᠨ᠄
ᠥᠪᠡᠷᠲᠡᠭᠡᠨ ᠵᠠᠰᠠᠬᠣ ᠣᠷᠣᠨ᠎ᠤ ᠡᠷᠡᠭᠦᠯ ᠬᠠᠮᠠᠭ᠋ᠠᠯᠠᠯ ᠲᠥᠯᠥᠪᠯᠡᠭᠡᠲᠦ ᠦᠷᠡᠵᠢᠯ᠎ᠤᠨ ᠵᠥᠪᠯᠡᠯ᠎ᠤᠨ ᠳᠡᠳ᠋ ᠡᠷᠬᠢᠯᠡᠭᠴᠢ᠂ ᠥᠪᠡᠷᠲᠡᠭᠡᠨ ᠵᠠᠰᠠᠬᠣ ᠣᠷᠣᠨ᠎ᠤ ᠡᠮ ᠡᠮᠨᠡᠯᠭᠡ ᠵᠢᠨ ᠪᠠᠢ᠌ᠭᠤᠯᠤᠯ᠎ᠤᠨ ᠥᠭᠡᠷᠡᠴᠢᠯᠡᠯᠲᠡ ᠵᠢᠨ ᠠᠵᠢᠯ᠎ᠤᠨ ᠠᠯᠪᠠᠨ ᠭᠡᠷ᠎ᠤᠨ ᠡᠷᠬᠢᠯᠡᠭᠴᠢ ᠸᠠᠩ ᠵᠠᠨ ᠭᠦᠸᠸ
ᠰᠤᠷᠪᠣᠯᠵᠢᠯᠠᠭ᠎ᠠ ᠵᠢᠨ ᠲᠣᠪᠴᠢ ᠲᠠᠨᠢᠯᠴᠠᠭᠤᠯᠭ᠎ᠠ᠄
ᠲᠥᠷᠥ ᠵᠢᠨ ᠶᠠᠪᠤᠳᠠᠯ᠎ᠤᠨ ᠬᠤᠷᠢᠶ᠎ᠠ ᠵᠢᠨ ᠡᠮ ᠡᠮᠨᠡᠯᠭᠡ ᠵᠢᠨ ᠪᠠᠶ᠋ᠢᠭᠤᠯᠤᠯ᠎ᠤᠨ ᠥᠭᠡᠷᠡᠴᠢᠯᠡᠯᠲᠡ ᠵᠢᠨ ᠠᠵᠢᠯ᠎ᠤᠨ ᠠᠯᠪᠠᠨ ᠭᠡᠷ ᠵᠡᠷᠭᠡ ᠲᠤᠯᠦᠭ᠋ᠠᠠ ᠶᠠᠮᠤᠨ ᠵᠥᠪᠯᠡᠯ᠎ᠤᠨ ᠬᠠᠮᠲᠤᠷᠠᠨ ᠳᠠᠷᠤᠮᠠᠯᠯᠠᠨ ᠲᠠᠷᠬᠠᠭ᠋ᠠᠭᠰᠠᠨ 《ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡ ᠵᠢ ᠠᠬᠢᠭᠤᠯᠬᠤ ᠲᠤᠬᠠᠶ ᠵᠢᠯᠣᠭᠤᠳᠬᠤ ᠰᠠᠨᠠᠯ》 (ᠲᠥᠷᠥ ᠡᠮ ᠡᠮᠨᠡᠯᠭᠡ ᠥᠭᠡᠷᠡᠴᠢᠯᠡᠯᠲᠡ ᠠᠯᠪᠠᠨ ᠲᠠᠷᠬᠠᠭ᠋ᠠᠭᠰᠠᠨ [2016] 1 ᠳ᠋ᠦ᠍ᠭᠡᠷ ᠲᠣᠭ᠋ᠠᠲᠤ)᠎ᠤᠨ ᠵᠣᠷᠢᠭ ᠰᠠᠨᠠᠭ᠎ᠠ ᠪᠣᠯᠣᠨ ᠠᠵᠢᠯ᠎ᠤᠨ ᠪᠣᠳᠠᠲᠤ ᠪᠠᠶ᠋ᠢᠳᠠᠯ᠎ᠲᠠᠢ ᠤᠶᠠᠯᠳᠤᠭᠤᠯᠤᠨ᠂ ᠥᠪᠡᠷᠲᠡᠭᠡᠨ ᠵᠠᠰᠠᠬᠤ ᠣᠷᠣᠨ 《ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡ ᠵᠢ ᠠᠬᠢᠭᠤᠯᠬᠤ ᠲᠤᠬᠠᠢ ᠬᠡᠷᠡᠭᠵᠢᠭᠦᠯᠬᠦ ᠰᠠᠨᠠᠯ》 (ᠥᠪᠥᠷ ᠡᠷᠡᠭᠦᠯ ᠦᠷᠡᠵᠢᠯ ᠳᠦᠷᠢᠮ᠎ᠵᠢ ᠦᠰᠦᠭ [2016] 6 ᠳ᠋ᠤᠭ᠋ᠠᠷ ᠲᠣᠭ᠋ᠠᠲᠤ)᠎ᠢ ᠲᠣᠭᠲᠠᠭ᠋ᠠᠨ ᠳᠠᠷᠤᠮᠠᠯᠯᠠᠨ ᠲᠠᠷᠬᠠᠭ᠋ᠠᠵᠤ᠂ ᠤᠯᠤᠰ᠎ᠤᠨ ᠶᠡᠷᠦᠩᠬᠡᠶ ᠲᠦᠷᠦ ᠵᠢᠨ ᠪᠤᠳᠤᠯᠭ᠎ᠠ ᠵᠢᠨ ᠪᠣᠷᠣ ᠲᠥᠯᠥᠪ᠎ᠤᠨ ᠰᠠᠭᠤᠷᠢᠨ ᠳᠡᠭᠡᠷ᠎ᠡ᠂ ᠭᠡᠷᠡᠲᠦ ᠦᠢ᠍ᠯᠡᠴᠢᠯᠡᠭᠡᠨ᠎ᠤ ᠬᠡᠯᠪᠡᠷᠢ᠂ ᠡᠮᠴᠢ ᠵᠢᠨ ᠲᠤᠰᠢᠶᠠᠯ᠎ᠤᠨ ᠴᠣᠯᠠ ᠵᠢ ᠳᠡᠪᠰᠢᠭᠦᠯᠬᠦ᠂ ᠮᠣᠩᠭᠤᠯ ᠬᠢᠲᠠᠳ ᠡᠮ ᠡᠮᠨᠡᠯᠭᠡ ᠵᠢ ᠬᠠᠩᠭ᠋ᠠᠬᠤ ᠵᠡᠷᠭᠡ ᠲᠠᠯ᠎ᠠ᠎ᠪᠠᠷ ᠥᠪᠡᠷᠲᠡᠭᠡᠨ ᠵᠠᠰᠠᠬᠤ ᠣᠷᠣᠨ᠎ᠤ ᠪᠣᠳᠠᠲᠠᠶ᠎ᠲᠠᠢ ᠨᠡᠶ᠋ᠢᠴᠡᠬᠦ ᠲᠦᠷᠦ ᠵᠢᠨ ᠪᠤᠳᠤᠯᠭ᠎ᠠ ᠵᠢᠨ ᠠᠷᠭ᠎ᠠ ᠬᠡᠮᠵᠢᠶ᠎ᠡ ᠵᠢ ᠳᠤᠷᠠᠳᠤᠨ ᠭᠠᠷᠭ᠋ᠠᠵᠠᠶ᠃
ᠰᠤᠷᠪᠣᠯᠵᠢᠯᠠᠭ᠎ᠠ ᠵᠢᠨ ᠪᠤᠳᠠᠳᠤ ᠲᠡᠮᠳᠡᠭᠯᠡᠯ᠄
ᠬᠥᠲᠥᠯᠥᠭᠴᠢ᠄
ᠰᠦᠯᠵᠢᠶᠡᠨ᠎ᠤ ᠠᠨᠳᠠ ᠨᠠᠷ ᠲᠠ ᠪᠦᠬᠦᠨ ᠰᠠᠶ᠋ᠢᠨ ᠪᠠᠢ᠌ᠵᠠᠭ᠋ᠠᠨ᠎ᠠ ᠤᠤ᠂ ᠲᠠᠨ ᠪᠦᠬᠦᠨ ᠲᠣᠰ ᠬᠤᠭᠤᠴᠠᠭ᠋ᠠᠨ᠎ᠤ 《ᠳᠤᠮᠳᠠᠳᠤ ᠤᠯᠤᠰ · ᠥᠪᠥᠷ ᠮᠣᠩᠭᠣᠯ》 ᠰᠦᠯᠵᠢᠶᠡᠨ ᠳᠡᠭᠡᠷᠡᠬᠢ ᠰᠤᠷᠪᠤᠯᠵᠢᠯᠠᠭ᠎ᠠ ᠵᠢᠨ ᠪᠤᠯᠤᠩ᠎ᠢ ᠬᠦᠯᠢᠶᠡᠨ ᠠᠪᠴᠤ ᠦᠵᠡᠬᠦ ᠵᠢ ᠪᠠᠶᠠᠷᠯᠠᠨ ᠤᠭᠲᠤᠵᠤ ᠪᠠᠢ᠌ᠨ᠎ᠠ᠃ ᠥᠨᠥᠳᠦᠷ ᠪᠢᠳᠡ ᠠᠵᠠ᠎ᠲᠠᠢ᠎ᠪᠠᠷ ᠥᠪᠡᠷᠲᠡᠭᠡᠨ ᠵᠠᠰᠠᠬᠤ ᠣᠷᠣᠨ᠎ᠤ ᠡᠷᠡᠭᠦᠯ ᠬᠠᠮᠠᠭ᠋ᠠᠯᠠᠯ ᠲᠥᠯᠥᠪᠯᠡᠭᠡᠲᠦ ᠦᠷᠡᠵᠢᠯ᠎ᠤᠨ ᠵᠥᠪᠯᠡᠯ᠎ᠤᠨ ᠳᠡᠳ᠋ ᠡᠷᠬᠢᠯᠡᠭᠴᠢ ᠸᠠᠩ ᠵᠠᠨ ᠭᠦᠸᠸᠢ ᠤᠷᠢᠵᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 《ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡ ᠵᠢ ᠲᠦᠯᠬᠢᠨ ᠠᠬᠢᠭᠤᠯᠬᠤ ᠲᠤᠬᠠᠶ ᠬᠡᠷᠡᠭᠵᠢᠭᠦᠯᠬᠦ ᠰᠠᠨᠠᠯ》᠎ᠤᠨ ᠲᠣᠬᠠᠢ ᠤᠯᠠᠨ᠎ᠳᠤ ᠨᠠᠷᠢᠨ ᠲᠣᠳᠣᠷᠬᠠᠶ ᠲᠠᠢ᠌ᠯᠪᠤᠷᠢ ᠬᠢᠯᠭᠡᠬᠦ᠎ᠪᠠᠷ ᠪᠠᠢ᠌ᠨ᠎ᠠ᠃ ᠸᠠᠩ ᠡᠷᠬᠢᠯᠡᠭᠴᠢ ᠡ᠂ ᠲᠠᠨ᠎ᠢ ᠪᠠᠶᠠᠷᠯᠠᠨ ᠤᠭᠲᠤᠵᠤ
ᠪᠠᠶ᠋ᠢᠨ᠎ᠠ!
ᠸᠠᠩ ᠵᠠᠨ ᠭᠦᠸᠸ᠄
ᠬᠥᠲᠥᠯᠥᠭᠴᠢ ᠰᠠᠶ᠋ᠢᠨ ᠤᠤ! ᠰᠦᠯᠵᠢᠶᠡᠨ᠎ᠤ ᠠᠨᠳᠠ ᠨᠠᠷ ᠲᠠ ᠪᠦᠬᠦᠨ ᠰᠠᠶ᠋ᠢᠨ ᠪᠠᠢ᠌ᠵᠠᠭ᠋ᠠᠨ᠎ᠠ ᠤᠤ! 《ᠳᠤᠮᠳᠠᠳᠤ ᠤᠯᠤᠰ · ᠥᠪᠥᠷ ᠮᠣᠩᠭᠣᠯ》 ᠰᠦᠯᠵᠢᠶᠡᠨ ᠳᠡᠭᠡᠷ᠎ᠡ ᠲᠠ ᠪᠦᠬᠦᠨ᠎ᠲᠠᠢ ᠰᠠᠨᠠᠯ ᠵᠶ᠋ᠠᠨ ᠰᠣᠯᠢᠯᠴᠠᠬᠤ ᠪᠣᠯᠣᠭᠰᠠᠨ᠎ᠳᠠᠭᠠᠨ ᠲᠤᠩ ᠪᠠᠶᠠᠷᠲᠠᠢ ᠪᠠᠢ᠌ᠨ᠎ᠠ᠃
ᠬᠦᠲᠦᠯᠦᠭᠴᠢ᠄
ᠶᠠᠭᠤ ᠵᠢ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡ ᠭᠡᠬᠦ ᠪᠤᠢ?
ᠸᠠᠩ ᠵᠠᠨ ᠭᠦᠸᠸ᠄
ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡ ᠪᠣᠯ ᠶᠡᠷᠦᠩᠬᠡᠶ ᠰᠠᠯᠠᠭ᠋ᠠᠨ᠎ᠤ ᠡᠮᠴᠢ᠎ᠪᠠᠷ ᠭᠤᠣᠯ ᠪᠣᠯᠭ᠋ᠠᠭᠰᠠᠨ᠂ ᠭᠡᠷ ᠪᠦᠯᠢ ᠵᠢᠨ ᠡᠮᠴᠢ ᠵᠢᠨ ᠦᠢ᠍ᠯᠡᠴᠢᠯᠡᠭᠡᠨ᠎ᠤ ᠪᠦᠯᠬᠦᠮ ᠵᠶ᠋ᠠᠷ ᠲᠦᠰᠢᠭ ᠲᠤᠯᠭ᠋ᠠᠭᠤᠷᠢ ᠪᠣᠯᠭ᠋ᠠᠭᠰᠠᠨ᠂ ᠭᠡᠷ᠎ᠡ ᠲᠣᠭᠲᠠᠬᠤ ᠠᠷᠭ᠎ᠠ ᠮᠠᠶᠢᠭ ᠵᠶ᠋ᠠᠷ ᠳᠠᠮᠵᠢᠭᠤᠯᠤᠨ᠂ ᠭᠡᠷ᠎ᠡ ᠲᠣᠭᠲᠠᠭᠰᠠᠨ ᠭᠡᠷ ᠪᠦᠯᠢ ᠵᠢᠴᠢ ᠲᠡᠭᠦᠨ᠎ᠤ ᠪᠦᠷᠢᠯᠳᠦᠬᠦᠨᠯᠦᠭᠡ ᠤᠷᠳᠦ ᠬᠤᠭᠤᠴᠠᠭ᠎ᠠ ᠪᠦᠬᠦᠢ᠂ ᠲᠣᠭᠲᠠᠪᠤᠷᠢᠲᠠᠶ ᠦᠢ᠍ᠯᠡᠴᠢᠯᠡᠭᠡᠨ᠎ᠤ ᠬᠠᠷᠢᠴᠠᠭ᠎ᠠ ᠵᠢ ᠪᠠᠶ᠋ᠢᠭᠤᠯᠵᠤ᠂ ᠭᠡᠷ᠎ᠡ ᠲᠣᠭᠲᠠᠨ ᠦᠢ᠍ᠯᠡᠴᠢᠯᠡᠭᠦᠯᠬᠦ ᠬᠥᠮᠥᠨ᠎ᠤ ᠡᠷᠡᠭᠦᠯ ᠮᠡᠨᠳᠦ ᠵᠢᠨ ᠪᠦᠬᠦ ᠶᠠᠪᠤᠴᠠ᠎ᠪᠠᠷ ᠬᠠᠮᠠᠭ᠋ᠠᠯᠠᠵᠤ᠂ ᠭᠡᠷ᠎ᠡ ᠲᠣᠭᠲᠠᠭᠰᠠᠨ ᠭᠡᠷ ᠪᠦᠯᠢ ᠪᠣᠯᠣᠨ ᠬᠤᠪᠢ ᠬᠥᠮᠦᠨ᠎ᠲᠤ ᠠᠮᠤᠷ ᠲᠦᠪᠰᠢᠨ᠂ ᠳᠥᠭᠦᠮ ᠳᠥᠲᠡ᠂ ᠪᠦᠲᠦᠮᠵᠢᠲᠡᠶ᠂ ᠦᠷᠭᠦᠯᠵᠢᠯᠡᠭᠰᠡᠨ᠂ ᠠᠷᠪᠢᠲᠠᠢ ᠦᠨᠳᠦᠰᠦᠨ ᠡᠮ ᠡᠮᠨᠡᠯᠭᠡ ᠵᠢᠨ ᠦᠢ᠍ᠯᠡᠴᠢᠯᠡᠭᠡ ᠪᠠ ᠤᠯᠠᠨ ᠨᠡᠶ᠋ᠢᠲᠡ ᠵᠢᠨ ᠡᠷᠡᠭᠦᠯ ᠬᠠᠮᠠᠭ᠋ᠠᠯᠠᠯ᠎ᠤᠨ ᠦᠨᠳᠦᠰᠦᠨ ᠦᠢ᠍ᠯᠡᠴᠢᠯᠡᠭᠡ ᠬᠠᠩᠭ᠋ᠠᠬᠤ ᠶᠠᠪᠤᠳᠠᠯ ᠪᠤᠯᠤᠨ᠎ᠠ᠃
ᠬᠦᠲᠦᠯᠦᠭᠴᠢ᠄
ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡᠨ᠎ᠢ ᠶᠠᠮᠠᠷ ᠬᠡᠷᠡᠭᠴᠡᠭᠡᠲᠦ ᠴᠢᠨᠠᠷ ᠪᠠ ᠴᠢᠬᠤᠯᠠ ᠴᠢᠨᠠᠷᠲᠠᠢ ᠪᠣᠢ?
ᠸᠠᠩ ᠵᠠᠨ ᠭᠦᠸᠸ᠄
ᠣᠳᠣᠬᠠᠨ᠎ᠳᠤ᠂ ᠮᠠᠨ᠎ᠤ ᠣᠷᠣᠨ᠎ᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠦᠢ᠍ᠯᠡᠰ᠎ᠨᠢ ᠪᠦᠬᠦ ᠤᠯᠤᠰ᠎ᠲᠠᠢ ᠠᠳᠠᠯᠢ᠎ᠪᠠᠷ ᠬᠥᠮᠦᠨ ᠠᠮᠠ ᠵᠢᠨ ᠨᠠᠰᠤᠵᠢᠯᠲᠠ᠂ ᠬᠤᠳᠠ ᠪᠠᠯᠭ᠋ᠠᠰᠤᠴᠢᠯᠠᠬᠤ ᠪᠠ ᠤᠵᠢᠭ ᠡᠪᠡᠳᠴᠢᠨ ᠣᠯᠠᠨ ᠭᠠᠷᠬᠤ ᠵᠡᠷᠭᠡ ᠮᠠᠰᠢ ᠤᠯᠠᠨ ᠰᠢᠨ᠎ᠡ ᠰᠢᠯᠭ᠋ᠠᠯᠲᠠ ᠲᠤᠯᠭ᠋ᠠᠷᠠᠵᠤ ᠪᠤᠢ᠂ ᠡᠮᠨᠡᠯᠭᠡ ᠵᠢᠨ ᠬᠤᠷᠢᠶ᠎ᠠ ᠪᠣᠯᠣᠨ ᠡᠪᠡᠳᠴᠢᠨ ᠡᠮᠭᠡᠭ ᠵᠶ᠋ᠠᠷ ᠭᠤᠣᠯ ᠪᠣᠯᠭ᠋ᠠᠭᠰᠠᠨ ᠡᠮ ᠡᠮᠨᠡᠯᠭᠡ ᠡᠷᠡᠭᠦᠯ ᠮᠡᠨᠳᠦ ᠵᠢᠨ ᠦᠢ᠍ᠯᠡᠴᠢᠯᠡᠭᠡ ᠵᠢᠨ ᠵᠠᠭᠪᠤᠷ᠎ᠨᠢ ᠨᠢᠭᠡᠨᠲᠡ ᠤᠯᠠᠨ ᠲᠦᠮᠡᠨ᠎ᠤ ᠣᠷᠳᠣ ᠬᠤᠭᠤᠴᠠᠭ᠋ᠠᠨ᠎ᠤ᠂ ᠦᠷᠭᠦᠯᠵᠢᠯᠡᠭᠰᠡᠨ ᠡᠷᠡᠭᠦᠯ ᠬᠠᠮᠠᠭ᠋ᠠᠯᠠᠯ᠎ᠤᠨ ᠬᠠᠷᠠᠭ᠋ᠠᠯᠵᠠᠯ᠎ᠤᠨ ᠬᠡᠷᠡᠭᠴᠡᠭᠡ ᠵᠢ ᠬᠠᠩᠭ᠋ᠠᠵᠤ ᠳᠡᠶ᠋ᠢᠯᠬᠦ ᠦᠭᠡᠢ ᠪᠣᠯᠪᠠ᠃ ᠡᠭᠦᠨ᠎ᠤ ᠵᠡᠷᠭᠡᠴᠡᠭᠡᠪᠡᠷ᠂ ᠰᠠᠭᠤᠭ᠋ᠠᠯᠢ ᠠᠷᠠᠳ ᠡᠪᠡᠳᠴᠢᠨ ᠦᠵᠡᠭᠦᠯᠬᠦ᠎ᠳᠤ ᠶᠡᠭᠡ ᠡᠮᠨᠡᠯᠭᠡ ᠵᠢᠨ ᠬᠤᠷᠢᠶ᠎ᠠ᠎ᠳᠤ ᠲᠥᠪᠯᠡᠷᠡᠬᠦ᠎ᠨᠢ ᠪᠠᠰᠠ ᠡᠪᠡᠳᠴᠢᠨ ᠡᠮᠨᠡᠭᠦᠯᠬᠦ ᠣᠷᠴᠢᠨ ᠲᠣᠭᠤᠷᠢᠨ᠂ ᠡᠮᠴᠢᠯᠡᠭᠡᠨ᠎ᠤ ᠡᠬᠢ ᠪᠠᠶᠠᠯᠢᠭ ᠲᠡᠩᠴᠡᠭᠦᠯᠬᠦ᠂ ᠡᠮᠴᠢᠯᠡᠭᠡᠨ᠎ᠤ ᠵᠠᠷᠤᠳᠠᠯ᠎ᠢ ᠵᠦᠢ ᠵᠣᠬᠢᠰᠲᠠᠶ ᠡᠵᠡᠮᠳᠡᠬᠦ ᠵᠡᠷᠭᠡ᠎ᠳᠤ ᠠᠰᠢᠭ ᠦᠭᠡᠢ ᠪᠠᠶ᠋ᠢᠨ᠎ᠠ᠃ ᠡᠶ᠋ᠢᠮᠦ᠎ᠠᠴᠠ ᠦᠨᠳᠦᠰᠦᠨ ᠱᠠᠲᠤᠨ᠎ᠳᠤ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡ ᠵᠢ ᠲᠦᠯᠬᠢᠨ ᠠᠬᠢᠭᠤᠯᠬᠤ᠎ᠨᠢ ᠵᠠᠪᠠᠯ ᠬᠢᠬᠦ ᠶᠠᠪᠤᠳᠠᠯ ᠪᠣᠯᠪᠠ᠃ ᠭᠡᠷ ᠪᠦᠯᠢ ᠵᠢᠨ ᠡᠮᠴᠢ᠎ᠨᠢ ᠬᠥᠮᠦᠨ ᠵᠶ᠋ᠠᠷ ᠭᠤᠣᠯ ᠪᠣᠯᠭ᠋ᠠᠨ᠂ ᠭᠡᠷ ᠪᠦᠯᠢ᠎ᠪᠠᠷ ᠬᠤᠯᠪᠣᠭ᠋ᠠᠰᠤ ᠪᠣᠯᠭ᠋ᠠᠨ᠂ ᠨᠡᠶ᠋ᠢᠭᠡᠮ ᠲᠣᠭᠤᠷᠢᠭ ᠵᠶ᠋ᠠᠷ ᠰᠠᠭᠤᠷᠢ ᠪᠣᠯᠭ᠋ᠠᠨ᠂ ᠪᠦᠬᠦᠯᠢ ᠴᠣᠭᠴᠠ ᠵᠢᠨ ᠡᠷᠡᠭᠦᠯ ᠮᠡᠨᠳᠦ ᠵᠢ ᠬᠠᠮᠠᠭ᠋ᠠᠯᠠᠵᠤ ᠠᠬᠢᠭᠤᠯᠬᠤ᠎ᠪᠠᠷ ᠴᠢᠭᠯᠡᠯ ᠪᠣᠯᠭ᠋ᠠᠨ᠂ ᠤᠯᠠᠨ ᠲᠦᠮᠡᠨ᠎ᠳᠤ ᠤᠷᠳᠤ ᠬᠤᠭᠤᠴᠠᠭ᠋ᠠᠨ᠎ᠤ ᠭᠡᠷᠡᠲᠦ ᠦᠢ᠍ᠯᠡᠴᠢᠯᠡᠭᠡ ᠬᠠᠩᠭ᠋ᠠᠬᠤ᠎ᠨᠢ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡ ᠵᠢᠨ ᠵᠠᠭᠪᠤᠷ᠎ᠢ ᠬᠤᠪᠢᠷᠠᠭᠤᠯᠬᠤ᠎ᠳᠤ ᠠᠰᠢᠭᠲᠠᠶ ᠪᠥᠭᠡᠳ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠠᠵᠢᠯ᠎ᠤᠨ ᠭᠤᠣᠯᠳᠠᠯᠭ᠎ᠠ᠎ᠪᠠᠨ ᠦᠨᠳᠦᠰᠦᠨ ᠱᠠᠲᠤᠨ᠎ᠳᠤ ᠰᠢᠯᠵᠢᠭᠦᠯᠬᠦ᠂ ᠡᠬᠢ ᠪᠠᠶᠠᠯᠢᠭ᠎ᠢ ᠳᠣᠷᠣᠭᠰᠢ ᠪᠠᠭᠤᠯᠭ᠋ᠠᠵᠤ᠂ ᠤᠯᠠᠨ ᠲᠦᠮᠡᠨ᠎ᠳᠤ ᠡᠷᠡᠭᠦᠯ ᠬᠠᠮᠠᠭ᠋ᠠᠯᠠᠯ᠎ᠤᠨ ᠡᠭᠦᠳᠡ ᠰᠠᠬᠢᠭᠴᠢ᠎ᠲᠠᠢ ᠪᠣᠯᠭ᠋ᠠᠨ᠂ ᠤᠯᠠᠨ ᠲᠦᠮᠡᠨ᠎ᠤ ᠥᠭᠡᠷᠡᠴᠢᠯᠡᠯᠲᠡ ᠵᠢᠨ ᠬᠦᠷᠲᠡᠭᠡᠯ᠎ᠤᠨ ᠲᠥᠷᠥᠭᠳᠡᠯ᠎ᠢ ᠴᠢᠩᠭ᠋ᠠᠷᠠᠭᠤᠯᠵᠤ᠂ ᠦᠨᠳᠦᠰᠦᠨ ᠱᠠᠲᠤᠨ᠎ᠳᠤ ᠠᠩᠬ᠎ᠠ ᠡᠮᠴᠢᠯᠡᠭᠦᠯᠬᠦ᠂ ᠱᠠᠳᠤ ᠬᠤᠪᠢᠶᠠᠨ ᠣᠨᠣᠰᠢᠯᠠᠨ ᠡᠮᠨᠡᠬᠦ ᠵᠢ ᠪᠡᠶᠡᠯᠡᠭᠦᠯᠬᠦ᠎ᠳᠤ ᠰᠠᠭᠤᠷᠢ ᠲᠠᠯᠪᠢᠵᠤ ᠥᠭᠬᠦ ᠪᠣᠯᠣᠨ᠎ᠠ᠃
ᠬᠦᠲᠦᠯᠦᠭᠴᠢ᠄
ᠣᠳᠣᠬᠠᠨ᠎ᠳᠤ ᠮᠠᠨ᠎ᠤ ᠣᠷᠣᠨ᠎ᠤ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡ ᠵᠢ ᠥᠷᠨᠢᠭᠦᠯᠵᠦ ᠪᠠᠶ᠋ᠢᠭ᠎ᠠ ᠪᠠᠶ᠋ᠢᠳᠠᠯ᠎ᠨᠢ ᠶᠠᠮᠠᠷ ᠪᠠᠶ᠋ᠢᠭ᠎ᠠ ᠪᠤᠢ?
ᠸᠠᠩ ᠵᠠᠨ ᠭᠦᠸᠸ᠄
ᠮᠠᠨ᠎ᠤ ᠣᠷᠣᠨ 2011 ᠣᠨ᠎ᠠᠴᠠ ᠡᠬᠢᠯᠡᠨ᠂ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡᠨ᠎ᠤ ᠲᠤᠷᠰᠢᠯᠲᠠ ᠬᠢᠵᠦ᠂ ᠦᠢ᠍ᠯᠡᠴᠢᠯᠡᠬᠦ ᠠᠭᠤᠯᠭ᠎ᠠ᠂ ᠪᠡᠯᠡ ᠮᠥᠩᠭᠦ ᠴᠤᠭᠯᠠᠭᠤᠯᠬᠤ ᠪᠠᠷᠢᠮᠵᠢᠶ᠎ᠠ᠂ ᠬᠢᠨᠠᠨ ᠰᠢᠯᠭ᠋ᠠᠬᠤ᠎ᠪᠠᠷ ᠤᠷᠮᠠᠰᠢᠭᠤᠯᠬᠤ ᠵᠡᠷᠭᠡ ᠲᠠᠯ᠎ᠠ᠎ᠪᠠᠷ ᠢᠳᠡᠪᠬᠢᠲᠡᠶ ᠬᠠᠶ᠋ᠢᠨ ᠰᠦᠪᠡᠭᠴᠢᠯᠡᠯᠲᠡ ᠬᠢᠵᠦ᠂ ᠥᠭᠡᠷᠡᠴᠢᠯᠡᠯᠲᠡ᠎ᠳᠤ ᠡᠷᠬᠢᠮ ᠨᠠᠨᠳᠢᠨ ᠲᠤᠷᠰᠢᠯᠭ᠎ᠠ ᠪᠠ ᠥᠷᠭᠡᠨ ᠳᠡᠯᠭᠡᠷ ᠤᠯᠠᠨ ᠲᠦᠮᠡᠨᠴᠢ ᠰᠠᠭᠤᠷᠢ ᠵᠢ ᠬᠤᠷᠠᠮᠳᠤᠭᠤᠯᠪᠠ᠃ ᠭᠡᠪᠡᠴᠦ ᠪᠢᠳᠡ ᠮᠠᠨ᠎ᠤ ᠣᠷᠣᠨ᠎ᠤ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡ᠎ᠳᠤ ᠭᠡᠷᠡᠲᠦ ᠦᠢ᠍ᠯᠡᠴᠢᠯᠡᠭᠡᠨ᠎ᠤ ᠠᠭᠤᠯᠤᠭᠳᠠᠬᠤᠨ᠎ᠨᠢ ᠨᠡᠯᠢᠶᠡᠳ ᠢᠪᠴᠤᠤ ᠮᠥᠷᠲᠡᠭᠡᠨ ᠪᠠᠰᠠ ᠵᠢᠷᠤᠮᠵᠢᠯ ᠦᠭᠡᠢ ᠪᠠᠶ᠋ᠢᠬᠤ᠂ ᠭᠡᠷᠡᠲᠦ ᠦᠢ᠍ᠯᠡᠴᠢᠯᠡᠭᠡᠨ᠎ᠤ ᠪᠡᠯᠡ ᠮᠥᠩᠭᠦ ᠴᠤᠭᠯᠠᠭᠤᠯᠬᠤ ᠲᠣᠭᠲᠠᠴᠠ ᠬᠠᠷᠠᠬᠠᠨ ᠲᠡᠭᠦᠯᠳᠡᠷᠵᠢᠭᠡᠳᠦᠶ᠂ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡ ᠥᠷᠨᠢᠭᠦᠯᠬᠦ᠎ᠳᠤ ᠤᠷᠮ᠎ᠠ ᠦᠭᠡᠶ ᠪᠠᠶ᠋ᠢᠬᠤ ᠵᠡᠷᠭᠡ ᠠᠰᠠᠭᠤᠳᠠᠯ ᠣᠷᠣᠰᠢᠵᠤ᠂ ᠢᠯᠠᠩᠭᠤᠶ᠎ᠠ ᠮᠠᠨ᠎ᠤ ᠣᠷᠣᠨ᠎ᠳᠤ ᠬᠢᠷᠢ ᠲᠡᠩᠴᠡᠭᠰᠡᠨ ᠭᠡᠷ ᠪᠦᠯᠢ ᠵᠢᠨ ᠡᠮᠴᠢ ᠴᠥᠬᠡᠨ᠂ ᠠᠵᠢᠯ᠎ᠤᠨ ᠬᠥᠭᠵᠢᠯᠲᠡ ᠪᠠ ᠣᠯᠠᠨ ᠲᠦᠮᠡᠨ᠎ᠤ ᠬᠡᠷᠡᠭᠴᠡᠭᠡ ᠱᠠᠭ᠋ᠠᠷᠳᠠᠯᠭ᠎ᠠ ᠨᠡᠯᠢᠶᠡᠳ ᠶᠡᠭᠡ ᠵᠦᠷᠢᠶ᠎ᠡ᠎ᠲᠠᠢ; ᠦᠨᠳᠦᠰᠦᠨ ᠱᠠᠲᠤᠨ᠎ᠳᠤ ᠦᠢ᠍ᠯᠡᠴᠢᠯᠡᠬᠦ ᠭᠡᠷ ᠪᠦᠯᠢ ᠵᠢᠨ ᠡᠮᠴᠢ ᠬᠢᠭᠡᠳ ᠳᠡᠭᠡᠳᠦ ᠱᠠᠲᠤᠨ᠎ᠤ ᠡᠮᠴᠢᠯᠡᠭᠡᠨ᠎ᠤ ᠪᠠᠶ᠋ᠢᠭᠤᠯᠤᠮᠵᠢ ᠵᠢᠨ ᠡᠮᠨᠡᠯᠭᠡ ᠵᠢᠨ ᠠᠵᠢᠯᠲᠠᠳ᠎ᠤᠨ ᠴᠠᠯᠢᠩ ᠬᠥᠯᠥᠰᠥ᠂ ᠠᠵᠢᠯ ᠮᠡᠷᠭᠡᠵᠢᠯ᠎ᠤᠨ ᠬᠥᠭᠵᠢᠯᠲᠡ ᠵᠢᠨ ᠣᠷᠣᠨ ᠵᠠᠶ ᠵᠡᠷᠭᠡ ᠲᠠᠯ᠎ᠠ᠎ᠪᠠᠷ ᠨᠡᠯᠢᠶᠡᠳ ᠶᠡᠭᠡ ᠵᠥᠷᠢᠶ᠎ᠡ᠎ᠲᠠᠢ ᠪᠠᠶ᠋ᠢᠵᠤ᠂ ᠰᠢᠯᠢᠳᠡᠭ ᠴᠢᠳᠠᠪᠤᠷᠢᠲᠠᠨ᠎ᠢ ᠲᠠᠲᠠᠬᠤ ᠪᠠ ᠦᠯᠡᠳᠡᠭᠡᠬᠦ᠎ᠳᠤ ᠬᠦᠴᠢᠷᠲᠡᠢ ᠪᠠᠶ᠋ᠢᠬᠤ ᠵᠢ ᠡᠷᠬᠡᠪᠰᠢ ᠲᠣᠳᠣᠷᠬᠠᠢ ᠣᠯᠵᠤ ᠦᠵᠡᠬᠦ ᠬᠡᠷᠡᠭᠲᠡᠢ᠂ ᠡᠳᠡᠭᠡᠷ ᠠᠰᠠᠭᠤᠳᠠᠯ᠎ᠨᠢ ᠴᠥᠮ ᠮᠠᠨ᠎ᠤ ᠣᠷᠣᠨ᠎ᠤ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡᠨ᠎ᠤ ᠠᠵᠢᠯ᠎ᠢ ᠥᠷᠨᠢᠭᠦᠯᠬᠦ ᠵᠢ ᠬᠦᠨᠳᠦ ᠨᠣᠴᠢᠲᠠᠶ ᠬᠢᠵᠠᠭ᠋ᠠᠷᠯᠠᠵᠤ᠂ ᠮᠥᠨ ᠴᠦ᠍ ᠥᠭᠡᠷᠡᠴᠢᠯᠡᠯᠲᠡ ᠵᠢ ᠲᠠᠰᠤᠷᠠᠯᠲᠠ ᠦᠭᠡᠶ ᠭᠦᠨᠵᠡᠭᠡᠶ᠋ᠢᠷᠡᠭᠦᠯᠬᠦ᠎ᠪᠠᠷ ᠳᠠᠮᠵᠢᠨ ᠠᠯᠬᠤᠮ ᠠᠯᠬᠤᠮ ᠵᠶ᠋ᠠᠷ ᠰᠢᠢ᠍ᠳᠪᠦᠷᠢᠯᠡᠬᠦ ᠴᠢᠬᠤᠯᠠᠲᠠᠢ ᠪᠠᠶ᠋ᠢᠨ᠎ᠠ᠃
ᠬᠦᠲᠦᠯᠦᠭᠴᠢ᠄
ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡᠨ᠎ᠤ ᠶᠡᠷᠦᠩᠬᠡᠶ ᠰᠡᠳᠬᠢᠮᠵᠢ᠎ᠨᠢ ᠶᠠᠭᠤ ᠪᠤᠶ?
ᠸᠠᠩ ᠵᠠᠨ ᠭᠦᠸᠸ᠄
ᠮᠠᠨ᠎ᠤ ᠣᠷᠣᠨ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡ ᠵᠢ ᠲᠥᠯᠬᠢᠨ ᠠᠬᠢᠭᠤᠯᠬᠤ ᠶᠡᠷᠦᠩᠬᠡᠶ ᠰᠡᠳᠬᠢᠮᠵᠢ ᠪᠣᠯ ᠥᠪᠡᠷᠲᠡᠭᠡᠨ ᠵᠠᠰᠠᠬᠤ ᠣᠷᠣᠨ᠎ᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠯ᠎ᠤᠨ ᠥᠭᠡᠷᠡᠴᠢᠯᠡᠯᠲᠡ ᠵᠢ ᠭᠦᠨᠵᠡᠭᠡᠶ᠋ᠢᠷᠡᠭᠦᠯᠬᠦ ᠶᠡᠷᠦᠩᠬᠡᠶ ᠪᠠᠶ᠋ᠢᠷᠢᠯᠠᠭᠤᠯᠤᠯᠲᠠ ᠪᠣᠯᠤᠨ ᠱᠠᠭ᠋ᠠᠷᠳᠠᠯᠭ᠎ᠠ ᠵᠢ ᠦᠨᠳᠦᠰᠦᠯᠡᠨ᠂ ᠡᠷᠡᠭᠦᠯ ᠮᠡᠨᠳᠦ ᠥᠪᠥᠷ ᠮᠣᠩᠭᠤᠯ᠎ᠤᠨ ᠪᠦᠲᠦᠭᠡᠨ ᠪᠠᠶ᠋ᠢᠭᠤᠯᠤᠯᠲᠠ ᠵᠢ ᠲᠦᠯᠬᠢᠨ ᠠᠬᠢᠭᠤᠯᠬᠤ ᠲᠣᠭᠤᠷᠢᠨ᠎ᠳᠤ᠂ ᠬᠥᠮᠦᠨ ᠪᠣᠯᠭ᠋ᠠᠨ᠎ᠳᠤ ᠦᠨᠳᠦᠰᠦᠨ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡ ᠭᠦᠷᠳᠡᠭᠡᠭᠦ ᠬᠠᠷᠠᠯᠲᠠ ᠵᠢ ᠪᠡᠶᠡᠯᠡᠭᠦᠯᠵᠦ᠂ ᠠᠷᠠᠳ ᠤᠯᠠᠨ᠎ᠤ ᠡᠷᠡᠭᠦᠯ ᠮᠡᠨᠳᠦ ᠵᠢ ᠬᠠᠮᠠᠭ᠋ᠠᠯᠠᠬᠤ᠎ᠪᠠᠷ ᠭᠤᠣᠯ ᠪᠣᠯᠭ᠋ᠠᠨ᠂ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠠᠵᠢᠯ᠎ᠤᠨ ᠭᠤᠣᠯᠳᠠᠯᠭ᠎ᠠ᠎ᠪᠠᠨ ᠬᠥᠳᠡᠭᠡ ᠲᠣᠰᠬᠤᠨ᠎ᠳᠤ ᠰᠢᠯᠵᠢᠭᠦᠯᠬᠦ᠂ ᠡᠬᠢ ᠪᠠᠶᠠᠯᠢᠭ᠎ᠢ ᠳᠣᠷᠣᠭᠰᠢ ᠪᠠᠭᠤᠯᠭ᠋ᠠᠬᠤ ᠵᠢ ᠠᠬᠢᠭᠤᠯᠵᠤ᠂ ᠦᠨᠳᠦᠰᠦᠨ ᠱᠠᠲᠤᠨ᠎ᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ ᠵᠢᠨ ᠥᠭᠡᠷᠡᠴᠢᠯᠡᠯᠲᠡ ᠪᠠ ᠶᠡᠷᠦᠩᠬᠡᠶ ᠰᠠᠯᠠᠭ᠋ᠠᠨ᠎ᠤ ᠡᠮᠴᠢ ᠵᠢᠨ ᠲᠦᠷᠢᠮ᠎ᠤᠨ ᠪᠠᠶ᠋ᠢᠭᠤᠯᠤᠯᠲᠠ᠎ᠲᠠᠢ ᠤᠶᠠᠯᠳᠤᠭᠤᠯᠤᠨ᠂ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡ ᠵᠢ ᠲᠦᠷᠭᠡᠨ ᠠᠬᠢᠭᠤᠯᠵᠤ᠂ ᠭᠡᠷᠡᠲᠦ ᠦᠢ᠍ᠯᠡᠴᠢᠯᠡᠭᠡᠨ᠎ᠤ ᠠᠭᠤᠯᠤᠭᠳᠠᠬᠤᠨ᠎ᠢ ᠲᠠᠰᠤᠷᠠᠯᠲᠠ ᠦᠭᠡᠢ ᠪᠦᠷᠢᠨᠰᠢᠭᠦᠯᠵᠦ᠂ ᠮᠣᠩᠭᠤᠯ ᠬᠢᠲᠠᠳ ᠧᠦ᠋ᠷᠣᠫᠠ ᠡᠮᠨᠡᠯᠭᠡ ᠵᠢ ᠤᠶᠠᠯᠳᠤᠭᠤᠯᠬᠤ ᠵᠢ ᠳᠣᠪᠣᠶ᠋ᠢᠯᠭ᠋ᠠᠵᠤ᠂ ᠤᠯᠠᠨ ᠲᠦᠮᠡᠨ᠎ᠤ ᠰᠠᠨᠠᠭ᠋ᠠᠴᠢᠯᠠᠭ᠎ᠠ᠎ᠠᠴᠠ᠎ᠪᠠᠨ ᠭᠡᠷ᠎ᠡ ᠲᠣᠭᠲᠠᠬᠤ ᠬᠦᠰᠡᠯ ᠵᠣᠷᠢᠭ᠎ᠢ ᠬᠥᠪᠴᠢᠯᠡᠨ᠎ᠡ; ᠭᠡᠷᠡᠲᠦ ᠦᠢ᠍ᠯᠡᠴᠢᠯᠡᠭᠡᠨ᠎ᠤ ᠳᠣᠲᠣᠭ᠋ᠠᠳᠤ ᠤᠷᠮᠠᠰᠢᠭᠤᠯᠭᠠ ᠪᠣᠯᠣᠨ ᠭᠠᠳᠠᠭ᠋ᠠᠳᠤ ᠲᠦᠰᠢᠭᠢ ᠪᠠᠶ᠋ᠢᠭᠤᠯᠤᠨ ᠲᠡᠭᠦᠯᠳᠡᠷᠵᠢᠭᠦᠯᠵᠦ᠂ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡ ᠵᠢ ᠥᠷᠨᠢᠭᠦᠯᠬᠦ ᠢᠳᠡᠪᠬᠢᠵᠢᠯ᠎ᠢ᠎ᠨᠢ ᠪᠠᠳᠠᠷᠠᠭᠤᠯᠬᠤ ᠬᠡᠷᠡᠭᠲᠡᠶ; ᠬᠤᠶᠠᠳᠤᠭ᠋ᠠᠷ ᠳᠡᠰ᠎ᠠᠴᠠ ᠳᠡᠭᠡᠭᠰᠢᠬᠢ ᠡᠮᠨᠡᠯᠭᠡ ᠵᠢᠨ ᠬᠤᠷᠢᠶ᠎ᠠ ᠪᠣᠯᠣᠨ ᠵᠠᠰᠠᠭ᠎ᠤᠨ ᠣᠷᠳᠣᠨ᠎ᠤ ᠡᠷᠬᠢᠯᠡᠭᠰᠡᠨ ᠪᠤᠰᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ ᠵᠢᠨ ᠣᠷᠣᠯᠴᠠᠬᠤ ᠵᠢ ᠵᠣᠷᠢᠭᠵᠢᠭᠤᠯᠤᠨ ᠵᠢᠯᠣᠭᠤᠳᠴᠤ᠂ ᠭᠡᠷᠡᠲᠦ ᠦᠢ᠍ᠯᠡᠴᠢᠯᠡᠭᠡᠨ᠎ᠤ ᠪᠦᠷᠬᠦᠬᠦ ᠬᠡᠪᠴᠢᠶ᠎ᠡ ᠪᠣᠯᠤᠨ ᠬᠢᠷᠢ ᠬᠡᠮᠵᠢᠶ᠎ᠡ ᠵᠢ ᠳᠡᠭᠡᠭᠰᠢᠯᠡᠭᠦᠯᠵᠦ᠂ ᠦᠨᠳᠦᠰᠦᠨ ᠱᠠᠲᠤᠨ᠎ᠳᠤ ᠠᠩᠬ᠎ᠠ ᠡᠮᠴᠢᠯᠡᠬᠦ᠂ ᠱᠠᠳᠤ ᠬᠤᠪᠢᠶᠠᠨ ᠣᠨᠣᠰᠢᠯᠠᠨ ᠡᠮᠨᠡᠬᠦ ᠵᠢ ᠠᠬᠢᠭᠤᠯᠵᠤ᠂ ᠣᠯᠠᠨ ᠲᠦᠮᠡᠨ᠎ᠳᠤ ᠶᠡᠷᠦᠩᠬᠡᠶ᠋ᠢᠯᠡᠭᠰᠡᠨ᠂ ᠦᠷᠭᠦᠯᠵᠢᠯᠡᠭᠰᠡᠨ᠂ ᠬᠠᠮᠵᠢᠯᠴᠠᠭᠰᠠᠨ ᠦᠨᠳᠦᠰᠦᠨ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡ ᠬᠠᠩᠭ᠋ᠠᠵᠤ᠂ ᠠᠷᠠᠳ ᠤᠯᠠᠨ᠎ᠤ ᠬᠦᠷᠲᠡᠭᠡᠯ᠎ᠤᠨ ᠲᠥᠷᠥᠭᠳᠡᠯ᠎ᠢ ᠴᠢᠩᠭ᠋ᠠᠷᠠᠭᠤᠯᠤᠨ᠎ᠠ᠃
ᠬ᠋᠊ ᠊ᠦ᠋ᠲᠦᠯᠦᠭᠴᠢ᠄
ᠭᠡᠷ ᠪᠦᠯᠢ ᠵᠢᠨ ᠡᠮᠴᠢ ᠵᠢᠨ ᠬᠡᠷᠡᠲᠦ ᠦᠢ᠍ᠯᠡᠴᠢᠯᠡᠭᠡ ᠵᠢ ᠦᠷᠨᠢᠬᠦᠯᠬᠦ᠎ᠨᠢ ᠶᠠᠮᠠᠷ ᠭᠤᠣᠯ
ᠬᠠᠷᠠᠯᠲᠠ᠎ᠲᠠᠢ ᠪᠤᠶ?
ᠸᠠᠩ ᠵᠠᠨ ᠭᠦᠸᠸ᠄
ᠭᠡᠷ ᠪᠦᠯᠢ ᠵᠢᠨ ᠡᠮᠴᠢ ᠵᠢᠨ ᠬᠡᠷᠡᠲᠦ ᠦᠢ᠍ᠯᠡᠴᠢᠯᠡᠭᠡᠨ᠎ᠢ ᠠᠬᠢᠭᠤᠯᠬᠤ ᠭᠤᠣᠯ ᠬᠠᠷᠠᠯᠲᠠ ᠪᠣᠯ 2016 ᠣᠨ᠎ᠳᠤ᠂ 8 ᠠᠯᠪᠠᠨ᠎ᠠᠴᠠ ᠪᠠᠶ᠋ᠢᠭᠤᠯᠤᠭᠰᠠᠨ ᠡᠮᠨᠡᠯᠭᠡ ᠵᠢᠨ ᠬᠤᠷᠢᠶᠠᠨ᠎ᠤ ᠶᠡᠷᠦᠩᠬᠡᠶ᠋ᠢᠯᠡᠭᠰᠡᠨ ᠥᠭᠡᠷᠡᠴᠢᠯᠡᠯᠲᠡ ᠵᠢᠨ ᠲᠤᠷᠰᠢᠯᠲᠠ ᠵᠢᠨ ᠬᠤᠳᠠ ᠪᠤᠯᠤᠨ ᠱᠠᠳᠤ ᠬᠤᠪᠢᠶᠠᠨ ᠣᠨᠣᠰᠢᠯᠠᠨ ᠡᠮᠨᠡᠬᠦ ᠲᠤᠷᠰᠢᠯᠲᠠ ᠵᠢᠨ ᠭᠠᠵᠠᠷ ᠣᠷᠣᠨ᠎ᠳᠤ ᠭᠡᠷ ᠪᠦᠯᠢ ᠵᠢᠨ ᠡᠮᠴᠢ ᠵᠢᠨ ᠬᠡᠷᠡᠲᠦ ᠦᠢ᠍ᠯᠡᠴᠢᠯᠡᠭᠡ ᠵᠢ ᠥᠷᠨᠢᠭᠦᠯᠵᠦ᠂ ᠪᠤᠰᠤᠳ ᠨᠥᠬᠦᠴᠡᠯ᠎ᠲᠠᠢ ᠭᠠᠵᠠᠷ ᠣᠷᠣᠨ᠎ᠢ ᠵᠣᠷᠢᠭᠵᠢᠭᠤᠯᠵᠤ ᠪᠠᠶ᠋ᠢᠭ᠋ᠠᠳ ᠲᠤᠷᠰᠢᠯᠲᠠ ᠵᠢᠨ ᠠᠵᠢᠯ᠎ᠢ ᠢᠳᠡᠪᠬᠢᠲᠡᠶ ᠦᠷᠨᠢᠬᠦᠯᠦᠨ᠎ᠡ᠃ ᠭᠤᠤᠯ᠎ᠨᠢ ᠬᠡᠷᠡᠲᠦ ᠦᠢ᠍ᠯᠡᠴᠢᠯᠡᠭᠡᠨ᠎ᠤ ᠠᠷᠭ᠎ᠠ ᠬᠡᠯᠪᠡᠷᠢ᠂ ᠠᠭᠤᠯᠭ᠎ᠠ᠂ ᠰᠦᠢ᠍ᠳᠭᠡᠯ ᠬᠤᠷᠢᠶᠠᠬᠤ ᠲᠤᠰᠢᠶᠠᠬᠤ᠂ ᠬᠢᠨᠠᠨ ᠰᠢᠯᠭ᠋ᠠᠬᠤ᠂ ᠤᠷᠮᠠᠰᠢᠭᠤᠯᠬᠤ ᠲᠣᠭᠲᠠᠴᠠ ᠵᠡᠷᠭᠡ ᠲᠠᠯ᠎ᠠ᠎ᠪᠠᠷ ᠰᠢᠪᠲᠤᠯᠤᠯᠲᠠ ᠭᠠᠷᠭ᠋ᠠᠵᠤ᠂ ᠨᠠᠰᠤᠲᠠᠶ᠋ᠢᠴᠤᠳ᠂ ᠵᠢᠷᠮᠦᠰᠦᠨ ᠪᠠ ᠬᠥᠩᠭᠡᠵᠢᠬᠦ ᠡᠮᠡᠭᠲᠡᠶ᠂ ᠬᠡᠦᠬᠡᠳ᠂ ᠵᠡᠮᠳᠡᠭᠴᠤᠳ᠂ ᠲᠠᠩᠰᠠ ᠡᠪᠬᠡᠮᠡᠯ ᠪᠠᠶ᠋ᠢᠭᠤᠯᠤᠨ ᠺᠠᠷᠲ ᠠᠪᠤᠭᠰᠠᠨ ᠶᠠᠳᠠᠭᠤ ᠬᠦᠴᠢᠷᠳᠡᠯᠲᠡᠶ ᠬᠥᠮᠦᠨ ᠠᠮᠠ ᠪᠤᠯᠤᠨ ᠲᠥᠯᠥᠪᠯᠡᠭᠡ᠎ᠲᠠᠢ᠎ᠪᠠᠷ ᠬᠡᠦᠬᠡᠳ ᠠᠪᠬᠤ ᠣᠨᠴᠠᠭ᠋ᠠᠶ ᠭᠡᠷ ᠪᠦᠯᠢ ᠵᠡᠷᠭᠡ ᠵᠢᠨ ᠠᠷᠠᠳ ᠣᠯᠠᠨ ᠵᠢᠴᠢ ᠴᠢᠰᠤᠨ ᠳᠠᠷᠤᠯᠲᠠ ᠥᠨᠳᠥᠷ ᠡᠪᠡᠳᠴᠢᠲᠡᠨ᠂ ᠰᠢᠬᠢᠷ ᠰᠢᠵᠢᠩ ᠡᠪᠡᠳᠴᠢᠲᠡᠨ᠂ ᠰᠦᠷᠢᠶ᠎ᠡ ᠡᠪᠡᠳᠴᠢᠲᠡᠨ ᠵᠡᠷᠭᠡ ᠤᠵᠢᠭ ᠡᠪᠡᠳᠴᠢᠲᠡᠨ ᠪᠤᠯᠤᠨ ᠬᠦᠨᠳᠦ ᠨᠣᠴᠢᠲᠠᠶ ᠣᠶᠣᠨ ᠮᠡᠳᠡᠷᠡᠯ᠎ᠤᠨ ᠰᠠᠭ᠋ᠠᠳ᠎ᠲᠠᠢ ᠡᠪᠡᠳᠴᠢᠲᠡᠨ ᠵᠡᠷᠭᠡ᠎ᠳᠤ ᠤᠷᠢᠳᠠᠪᠠᠷ ᠪᠦᠷᠬᠦᠬᠦᠯᠦᠨ᠎ᠡ᠃ 2016 ᠣᠨ᠎ᠤ ᠵᠢᠯ᠎ᠤᠨ ᠡᠴᠦᠰ᠎ᠠᠴᠠ ᠡᠮᠦᠨ᠎ᠡ᠂ ᠬᠤᠳᠠ ᠵᠢᠨ ᠭᠡᠷ ᠪᠦᠯᠢ ᠵᠢᠨ ᠡᠮᠴᠢ ᠵᠢᠨ ᠬᠡᠷᠡᠲᠦ ᠦᠢ᠍ᠯᠡᠴᠢᠯᠡᠭᠡᠨ᠎ᠤ ᠪᠦᠷᠬᠦᠴᠡ ᠵᠢᠨ ᠨᠤᠷᠮ᠎ᠠ ᠵᠢ 15%᠎ᠠᠴᠠ ᠳᠡᠭᠡᠭᠰᠢ᠎ᠳᠤ ᠬᠦᠷᠦᠭᠦᠯᠵᠦ᠂ ᠭᠤᠣᠯᠳᠠᠯᠭ᠎ᠠ᠎ᠲᠠᠢ ᠬᠥᠮᠦᠰ᠎ᠲᠤ ᠦᠵᠡᠭᠦᠯᠬᠦ ᠬᠡᠷᠡᠲᠦ ᠦᠢ᠍ᠯᠡᠴᠢᠯᠡᠭᠡᠨ᠎ᠤ ᠪᠦᠷᠬᠦᠴᠡ ᠵᠢᠨ ᠨᠤᠷᠮ᠎ᠠ ᠵᠢ 30%᠎ᠠᠴᠠ ᠳᠡᠭᠡᠭᠰᠢ᠎ᠳᠤ ᠬᠦᠷᠦᠭᠦᠯᠦᠨ᠎ᠡ᠃ 2017 ᠣᠨ ᠪᠣᠯᠬᠤ᠎ᠳᠤ᠂ ᠭᠡᠷ ᠪᠦᠯᠢ ᠵᠢᠨ ᠡᠮᠴᠢ ᠵᠢᠨ ᠬᠡᠷᠡᠲᠦ ᠦᠢ᠍ᠯᠡᠴᠢᠯᠡᠭᠡᠨ᠎ᠤ ᠪᠦᠷᠬᠦᠴᠡ ᠵᠢᠨ ᠨᠤᠷᠮ᠎ᠠ ᠵᠢ 30%᠎ᠠᠴᠠ ᠳᠡᠭᠡᠭᠰᠢ᠎ᠳᠤ ᠬᠦᠷᠦᠬᠦᠯᠵᠤ᠂ ᠭᠤᠣᠯᠳᠠᠯᠭ᠎ᠠ᠎ᠲᠠᠢ ᠬᠥᠮᠦᠰ᠎ᠲᠤ ᠦᠵᠡᠭᠦᠯᠬᠦ ᠬᠡᠷᠡᠲᠦ ᠦᠢ᠍ᠯᠡᠴᠢᠯᠡᠭᠡᠨ᠎ᠤ ᠪᠦᠷᠬᠦᠴᠡ ᠵᠢᠨ ᠨᠤᠷᠮ᠎ᠠ ᠵᠢ 60%᠎ᠠᠴᠠ ᠳᠡᠭᠡᠭᠰᠢ᠎ᠳᠤ ᠬᠦᠷᠦᠭᠦᠯᠵᠦ᠂ ᠲᠠᠩᠰᠠ ᠡᠪᠬᠡᠮᠡᠯ ᠪᠠᠶ᠋ᠢᠭᠤᠯᠤᠨ ᠺᠠᠷᠲ ᠠᠪᠤᠭᠰᠠᠨ ᠶᠠᠳᠠᠭᠤ ᠬᠦᠴᠢᠷᠳᠡᠯᠲᠡᠶ ᠬᠥᠮᠦᠨ ᠠᠮᠠ ᠪᠤᠯᠤᠨ ᠲᠥᠯᠥᠪᠯᠡᠭᠡ᠎ᠲᠠᠢ᠎ᠪᠠᠷ ᠬᠡᠦᠬᠡᠳ ᠠᠪᠬᠤ ᠣᠨᠴᠠᠭ᠋ᠠᠶ ᠭᠡᠷ ᠪᠦᠯᠢ᠎ᠳᠤ ᠦᠵᠡᠬᠦᠯᠬᠦ ᠬᠡᠷᠡᠲᠦ ᠦᠢ᠍ᠯᠡᠴᠢᠯᠡᠭᠡᠨ᠎ᠤ ᠨᠤᠷᠮ᠎ᠠ ᠵᠢ 70%᠎ᠠᠴᠠ ᠳᠡᠭᠡᠭᠰᠢ᠎ᠳᠤ ᠬᠦᠷᠦᠬᠦᠯᠦᠨ᠎ᠡ᠃ 2020 ᠣᠨ ᠪᠣᠯᠬᠤ᠎ᠳᠤ᠂ ᠬᠡᠷᠡᠲᠦ ᠦᠢ᠍ᠯᠡᠴᠢᠯᠡᠭᠡ ᠵᠢ ᠪᠦᠬᠦ ᠬᠥᠮᠦᠰ᠎ᠲᠤ ᠬᠦᠷᠲᠡᠯ᠎ᠡ ᠦᠷᠭᠡᠳᠭᠡᠬᠦ᠎ᠪᠠᠷ ᠴᠢᠷᠮᠠᠶ᠋ᠢᠵᠤ᠂ ᠭᠡᠷ ᠪᠦᠯᠢ ᠨᠢᠭᠡᠪᠦᠷᠢ᠎ᠳᠤ 1 ᠬᠡᠷᠡᠲᠦ ᠡᠮᠴᠢ᠎ᠲᠠᠢ᠂ ᠰᠠᠭᠤᠭ᠋ᠠᠯᠢ ᠠᠷᠠᠳ ᠨᠢᠭᠡᠪᠦᠷᠢ᠎ᠳᠤ 1 ᠬᠤᠪᠢ ᠡᠯᠧᠺᠳ᠋ᠷᠣᠨ ᠡᠷᠡᠭᠦᠯ ᠮᠡᠨᠳᠦ ᠵᠢᠨ ᠲᠠᠩᠰᠠ ᠡᠪᠬᠡᠮᠡᠯ᠎ᠲᠠᠢ ᠪᠠᠶ᠋ᠢᠬᠤ ᠵᠢ ᠪᠡᠶᠡᠯᠡᠭᠦᠯᠵᠤ᠂ ᠭᠡᠷ ᠪᠦᠯᠢ ᠵᠢᠨ ᠡᠮᠴᠢ ᠵᠢᠨ ᠬᠡᠷᠡᠲᠦ ᠦᠢ᠍ᠯᠡᠴᠢᠯᠡᠭᠡᠨ᠎ᠤ ᠲᠥᠷᠢᠮ᠎ᠢ ᠦᠨᠳᠦᠰᠦᠨ᠎ᠳᠡᠭᠡᠨ ᠪᠦᠷᠢᠨ ᠪᠦᠷᠬᠦᠬᠦᠯᠦᠨ᠎ᠡ᠃
ᠬᠦᠲᠦᠯᠦᠭᠴᠢ᠄
ᠭᠡᠷ ᠪᠦᠯᠢ ᠵᠢᠨ ᠡᠮᠴᠢ ᠵᠢᠨ ᠬᠡᠷᠡᠲᠦ ᠦᠢ᠍ᠯᠡᠴᠢᠯᠡᠭᠡ ᠵᠢ ᠬᠠᠩᠭ᠋ᠠᠬᠤ ᠭᠤᠤᠯ ᠴᠣᠭᠴᠠ᠎ᠨᠢ ᠬᠡᠨ ᠪᠤᠢ?
ᠸᠠᠩ ᠵᠠᠨ ᠭᠦᠸᠸ᠄
ᠬᠡᠷ ᠪᠦᠯᠢ ᠵᠢᠨ ᠡᠮᠴᠢ ᠪᠣᠯ ᠤᠯᠠᠨ ᠲᠦᠮᠡᠨ᠎ᠳᠤ ᠬᠡᠷᠡᠲᠦ ᠦᠢ᠍ᠯᠡᠴᠢᠯᠡᠭᠡ ᠵᠢ ᠬᠠᠨᠭ᠌ᠭ᠋ᠠᠬᠤ ᠨᠢᠭᠡᠳᠦᠭᠡᠷ ᠬᠠᠷᠢᠭᠤᠴᠠᠯᠭ᠎ᠠ ᠡᠭᠦᠷᠭᠡᠯᠡᠭᠴᠢ ᠮᠥᠨ᠃ ᠣᠳᠣᠬᠢ ᠱᠠᠲᠤᠨ᠎ᠳᠤ ᠭᠡᠷ ᠪᠦᠯᠢ ᠵᠢᠨ ᠡᠮᠴᠢ ᠵᠢ ᠭᠤᠤᠯ᠎ᠨᠢ ᠳᠣᠣᠷᠠᠬᠢ ᠬᠥᠮᠦᠰ᠎ᠠᠴᠠ ᠡᠭᠦᠷᠭᠡᠯᠡᠨ᠎ᠡ᠄ ᠨᠢᠭᠡ᠎ᠳᠤ ᠦᠨᠳᠦᠰᠦᠨ ᠱᠠᠲᠤᠨ᠎ᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ᠎ᠳᠤ ᠳᠠᠩᠰᠠᠯᠠᠭᠤᠯᠤᠭᠰᠠᠨ ᠶᠡᠷᠦᠩᠬᠡᠶ ᠰᠠᠯᠠᠭ᠋ᠠᠨ᠎ᠤ ᠡᠮᠴᠢ (ᠶᠡᠷᠦᠩᠬᠡᠶ ᠰᠠᠯᠠᠭ᠋ᠠᠨ᠎ᠤ ᠬᠠᠪᠰᠤᠷᠤᠭᠴᠢ ᠡᠮᠴᠢ ᠪᠤᠯᠤᠨ ᠬᠢᠲᠠᠳ ᠡᠮᠨᠡᠯᠭᠡ ᠵᠢᠨ ᠲᠦᠷᠦᠯ᠎ᠤᠨ ᠶᠡᠷᠦᠩᠬᠡᠶ ᠰᠠᠯᠠᠭ᠋ᠠᠨ᠎ᠤ ᠡᠮᠴᠢ ᠪᠠᠭᠲᠠᠨ᠎ᠠ)᠃ ᠬᠤᠶᠠᠷ᠎ᠲᠤ ᠮᠡᠷᠭᠡᠵᠢᠯ ᠴᠢᠳᠠᠪᠤᠷᠢ ᠵᠢ ᠪᠦᠷᠢᠳᠦᠬᠦᠯᠦᠭᠰᠡᠨ ᠰᠤᠮᠤ ᠰᠢᠶᠠᠩ ᠪᠠᠯᠭ᠋ᠠᠰᠤ ᠵᠢᠨ ᠡᠷᠡᠭᠦᠯ ᠬᠠᠮᠠᠭ᠋ᠠᠯᠠᠯ᠎ᠤᠨ ᠬᠤᠷᠢᠶᠠᠨ᠎ᠤ ᠶᠡᠭᠡ ᠡᠮᠴᠢ ᠪᠤᠯᠤᠨ ᠬᠥᠳᠡᠭᠡ ᠲᠣᠰᠬᠤᠨ᠎ᠤ ᠡᠮᠴᠢ᠃ ᠭᠤᠷᠪᠠ᠎ᠳᠤ ᠨᠥᠬᠦᠴᠡᠯ᠎ᠳᠤ ᠨᠡᠶ᠋ᠢᠴᠡᠬᠦ ᠠᠯᠪᠠᠨ᠎ᠠᠴᠠ ᠪᠠᠶ᠋ᠢᠭᠤᠯᠤᠭᠰᠠᠨ ᠡᠮᠨᠡᠯᠭᠡ ᠵᠢᠨ ᠬᠤᠷᠢᠶᠠᠨ᠎ᠤ ᠶᠡᠭᠡ ᠡᠮᠴᠢ ᠪᠣᠯᠤᠨ ᠳᠤᠮᠳᠠ ᠵᠡᠷᠭᠡ᠎ᠠᠴᠠ ᠳᠡᠭᠡᠭᠰᠢᠬᠢ ᠮᠡᠷᠭᠡᠵᠢᠯ᠎ᠤᠨ ᠴᠣᠯᠠ᠎ᠲᠠᠢ ᠠᠵᠢᠯ᠎ᠠᠴᠠ᠎ᠪᠠᠨ ᠪᠠᠭᠤᠵᠤ ᠠᠮᠠᠷᠠᠭᠰᠠᠨ ᠡᠮᠴᠢᠯᠡᠭᠡ ᠵᠢᠨ ᠡᠮᠴᠢ᠂ ᠢᠯᠠᠩᠭᠤᠶ᠎ᠠ ᠳᠣᠲᠣᠷ ᠰᠠᠯᠠᠭ᠎ᠠ᠂ ᠡᠮᠡᠭᠲᠡᠶ᠋ᠢᠴᠦᠳ᠎ᠤᠨ ᠰᠠᠯᠠᠭ᠎ᠠ᠂ ᠬᠡᠦᠬᠡᠳ᠎ᠤᠨ ᠰᠠᠯᠠᠭ᠎ᠠ᠂ ᠮᠣᠩᠭᠤᠯ ᠬᠢᠲᠠᠳ ᠡᠮᠨᠡᠯᠭᠡ ᠵᠢᠨ ᠶᠡᠭᠡ ᠡᠮᠴᠢ ᠵᠡᠷᠭᠡ ᠪᠤᠯᠤᠨ᠎ᠠ᠃ ᠡᠭᠦᠨ᠎ᠤ ᠬᠠᠮᠲᠤ ᠪᠠᠰᠠ ᠨᠥᠬᠦᠴᠡᠯ᠎ᠳᠤ ᠨᠡᠶ᠋ᠢᠴᠡᠭᠰᠡᠨ ᠵᠠᠰᠠᠭ᠎ᠤᠨ ᠣᠷᠳᠣᠨ᠎ᠤ ᠡᠷᠬᠢᠯᠡᠭᠰᠡᠨ ᠪᠤᠰᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ (ᠬᠤᠪᠢ ᠵᠢᠨ ᠡᠮᠴᠢᠯᠡᠬᠦ ᠭᠠᠵᠠᠷ ᠪᠠᠭᠲᠠᠨ᠎ᠠ) ᠵᠢ ᠵᠤᠷᠢᠭᠵᠢᠭᠤᠯᠵᠤ ᠪᠠᠶ᠋ᠢᠭ᠋ᠠᠳ ᠭᠡᠷᠡᠲᠦ ᠦᠢ᠍ᠯᠡᠴᠢᠯᠡᠭᠡ ᠬᠢᠯᠬᠡᠬᠦ ᠵᠢᠨ ᠬᠠᠮᠲᠤ᠂ ᠠᠳᠠᠯᠢᠬᠠᠨ ᠰᠦᠢ᠍ᠳᠭᠡᠯ ᠬᠤᠷᠢᠶᠠᠬᠤ ᠪᠠ ᠲᠤᠰᠢᠶᠠᠬᠤ ᠲᠦᠷᠦ ᠵᠢᠨ ᠪᠤᠳᠤᠯᠭ᠎ᠠ ᠵᠢ ᠬᠦᠷᠲᠡᠭᠡᠨ᠎ᠡ᠃ ᠬᠤᠶ᠋ᠢᠰᠢᠳᠠ ᠶᠡᠷᠦᠩᠬᠡᠶ ᠰᠠᠯᠠᠭ᠋ᠠᠨ᠎ᠤ ᠡᠮᠴᠢ ᠵᠢᠨ ᠴᠢᠳᠠᠪᠤᠷᠢᠲᠠᠨ᠎ᠤ ᠡᠩᠨᠡᠭᠡᠨ᠎ᠤ ᠬᠥᠭᠵᠢᠯᠲᠡ ᠵᠢ ᠳᠠᠭ᠋ᠠᠯᠳᠤᠨ᠂ ᠶᠡᠷᠦᠩᠬᠡᠶ ᠰᠠᠯᠠᠭ᠋ᠠᠨ᠎ᠤ ᠡᠮᠴᠢ᠎ᠪᠠᠷ ᠭᠤᠣᠯ ᠪᠣᠯᠭ᠋ᠠᠭᠰᠠᠨ ᠬᠡᠷᠡᠲᠦ ᠦᠢ᠍ᠯᠡᠴᠢᠯᠡᠭᠡᠨ᠎ᠤ ᠡᠩᠨᠡᠭᠡ ᠵᠢ ᠠᠯᠬᠤᠮ ᠠᠯᠬᠤᠮ ᠵᠶ᠋ᠠᠷ ᠪᠤᠢ ᠪᠣᠯᠭ᠋ᠠᠨ᠎ᠠ᠃
ᠬᠦᠲᠦᠯᠦᠭᠴᠢ᠄
ᠭᠡᠷ ᠪᠦᠯᠢ ᠵᠢᠨ ᠡᠮᠴᠢ ᠵᠢᠨ ᠬᠡᠷᠡᠲᠦ ᠦᠢ᠍ᠯᠡᠴᠢᠯᠡᠭᠡᠨ᠎ᠢ ᠶᠠᠮᠠᠷ ᠬᠦ᠌ ᠦᠢ᠍ᠯᠡᠴᠢᠯᠡᠭᠡᠨ᠎ᠤ ᠬᠡᠯᠪᠡᠷᠢ ᠵᠢ ᠠᠪᠬᠤ
ᠪᠤᠢ?
ᠸᠠᠩ ᠵᠠᠨ ᠭᠦᠸᠸ᠄
ᠭᠡᠷ ᠪᠦᠯᠢ ᠵᠢᠨ ᠡᠮᠴᠢ ᠵᠢᠨ ᠬᠡᠷᠡᠲᠦ ᠦᠢ᠍ᠯᠡᠴᠢᠯᠡᠭᠡᠨ᠎ᠢ ᠵᠠᠷᠴᠢᠮ ᠳᠡᠭᠡᠷ᠎ᠡ᠎ᠪᠠᠨ ᠪᠦᠯᠬᠦᠮ ᠨᠡᠶ᠋ᠢᠲᠡ ᠵᠢᠨ ᠦᠢ᠍ᠯᠡᠴᠢᠯᠡᠭᠡ ᠵᠢᠨ ᠬᠡᠯᠪᠡᠷᠢ ᠵᠢ ᠠᠪᠤᠨ᠎ᠠ᠃ ᠦᠨᠳᠦᠰᠦᠨ ᠱᠠᠲᠤᠨ᠎ᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ᠎ᠨᠢ ᠭᠡᠷ᠎ᠡ ᠲᠤᠭᠲᠠᠬᠤ ᠪᠦᠯᠬᠦᠮ ᠨᠡᠶ᠋ᠢᠲᠡ ᠵᠢᠨ ᠠᠵᠢᠯ᠎ᠤᠨ ᠡᠭᠦᠷᠭᠡ᠂ ᠠᠵᠢᠯ᠎ᠤᠨ ᠴᠤᠪᠤᠷᠠᠯ᠂ ᠲᠦᠷᠢᠮ ᠲᠣᠭᠲᠠᠭ᠋ᠠᠯ᠎ᠤᠨ ᠵᠢᠷᠤᠮᠵᠢᠯ ᠵᠢᠴᠢ ᠪᠦᠷᠢᠯᠳᠦᠬᠦᠨ᠎ᠤ ᠡᠭᠦᠷᠭᠡ ᠬᠠᠷᠢᠭᠤᠴᠠᠯᠭ᠎ᠠ ᠵᠢᠨ ᠬᠤᠪᠢᠶᠠᠷᠢᠯᠠᠯ᠎ᠢ ᠲᠤᠲᠤᠷᠬᠠᠶ᠋ᠢᠯᠠᠬᠤ ᠡᠭᠦᠷᠭᠡ ᠬᠠᠷᠢᠭᠤᠴᠠᠯᠭ᠎ᠠ᠎ᠲᠠᠢ ᠪᠦᠭᠡᠳ ᠲᠣᠭᠲᠠᠮᠠᠯ ᠬᠤᠭᠤᠴᠠᠭ᠎ᠠ᠎ᠲᠠᠢ᠎ᠪᠠᠷ ᠠᠵᠢᠯ᠎ᠤᠨ ᠠᠮᠵᠢᠯᠲᠠ ᠪᠦᠲᠦᠮᠵᠢ ᠵᠢ ᠬᠢᠨᠠᠨ ᠰᠢᠯᠭ᠋ᠠᠨ᠎ᠠ᠃ ᠨᠢᠭᠡ᠎ᠳᠤ ᠬᠤᠳᠠ ᠪᠤᠯᠤᠨ ᠬᠤᠰᠢᠭᠤ ᠰᠢᠶᠠᠨ᠎ᠤ ᠪᠠᠶ᠋ᠢᠭ᠎ᠠ ᠭᠠᠵᠠᠷ᠎ᠲᠤ ᠨᠡᠶ᠋ᠢᠭᠡᠮ ᠲᠣᠭᠤᠷᠢᠭ᠎ᠤᠨ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡᠨ᠎ᠤ ᠪᠠᠶ᠋ᠢᠭᠤᠯᠤᠮᠵᠢ ᠵᠢᠨ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ᠎ᠨᠢ ᠭᠤᠤᠯᠳᠠᠭᠤ ᠡᠮᠴᠢ᠂ ᠰᠤᠪᠢᠯᠠᠭᠴᠢ᠂ ᠤᠯᠠᠨ ᠨᠡᠶ᠋ᠢᠲᠡ ᠵᠢᠨ ᠡᠷᠡᠭᠦᠯ ᠬᠠᠮᠠᠭ᠋ᠠᠯᠠᠯ᠎ᠤᠨ ᠶᠡᠭᠡ ᠡᠮᠴᠢ (ᠤᠯᠠᠨ ᠨᠡᠶ᠋ᠢᠲᠡ ᠵᠢᠨ ᠡᠷᠡᠭᠦᠯ ᠬᠠᠮᠠᠭ᠋ᠠᠯᠠᠯ᠎ᠤᠨ ᠲᠤᠰᠠᠯᠠᠭᠴᠢ ᠡᠮᠴᠢ ᠪᠠᠭᠲᠠᠨ᠎ᠠ) ᠵᠡᠷᠭᠡ᠎ᠪᠠᠷ ᠪᠦᠷᠢᠯᠳᠦᠵᠤ᠂ ᠬᠤᠶᠠᠳᠤᠭ᠋ᠠᠷ ᠳᠡᠰ᠎ᠠᠴᠠ ᠳᠡᠭᠡᠭᠰᠢᠬᠢ ᠡᠮᠨᠡᠯᠭᠡ ᠵᠢᠨ ᠬᠤᠷᠢᠶ᠎ᠠ᠎ᠨᠢ ᠨᠡᠶ᠋ᠢᠭᠡᠮ ᠲᠣᠭᠤᠷᠢᠭ᠎ᠲᠤ 《ᠡᠮᠴᠢ ᠵᠢᠨ ᠠᠵᠢᠯ᠎ᠤᠨ ᠦᠷᠦᠭᠡ》 ᠪᠠᠶ᠋ᠢᠭᠤᠯᠬᠤ ᠵᠡᠷᠭᠡ ᠬᠡᠯᠪᠡᠷᠢ᠎ᠪᠠᠷ ᠮᠡᠷᠭᠡᠵᠢᠯ᠎ᠤᠨ ᠳᠡᠮᠵᠢᠯᠭᠡ ᠪᠤᠯᠤᠨ ᠲᠤᠬᠠᠶ᠋ᠢᠯᠠᠭᠰᠠᠨ ᠠᠵᠢᠯ᠎ᠤᠨ ᠵᠢᠯᠤᠭᠤᠳᠤᠯᠭ᠎ᠠ ᠬᠠᠨᠭ᠌ᠭ᠋ᠠᠨ᠎ᠠ᠃ ᠬᠤᠶᠠᠷ᠎ᠲᠤ ᠮᠠᠯᠵᠢᠬᠤ ᠲᠠᠷᠢᠶᠠᠯᠠᠬᠤ ᠣᠷᠣᠨ᠎ᠳᠤ᠂ ᠰᠢᠶᠠᠩ ᠲᠤᠰᠬᠤᠨ᠎ᠢ ᠨᠢᠭᠡ ᠴᠤᠭᠴᠠᠵᠢᠭᠤᠯᠤᠭᠰᠠᠨ ᠬᠠᠮᠢᠶᠠᠷᠤᠯᠲᠠ ᠪᠤᠯᠤᠨ ᠲᠣᠭᠲᠠᠮᠠᠯ ᠬᠢᠭᠡᠳ ᠨᠡᠭᠦᠳᠡᠯ᠎ᠢ ᠬᠠᠷᠢᠯᠴᠠᠨ ᠤᠶᠠᠯᠳᠤᠭᠤᠯᠤᠭᠰᠠᠨ ᠦᠢ᠍ᠯᠡᠴᠢᠯᠡᠭᠡᠨ᠎ᠤ ᠵᠠᠭᠪᠤᠷᠰᠢᠯ᠎ᠤᠨ ᠦᠢ᠍ᠯᠡᠳᠦᠯ᠎ᠢ ᠤᠯᠠᠮ ᠨᠢᠭᠡ ᠠᠯᠬᠤᠮ ᠪᠠᠳᠠᠷᠠᠭᠤᠯᠵᠤ᠂ ᠭᠠᠴᠠᠭ᠎ᠠ ᠲᠣᠰᠬᠤᠨ᠎ᠳᠤ ᠲᠣᠭᠲᠠᠮᠠᠯ ᠡᠷᠡᠭᠦᠯ ᠬᠠᠮᠠᠭ᠋ᠠᠯᠠᠯ᠎ᠤᠨ ᠦᠷᠦᠭᠡ᠎ᠲᠠᠢ ᠪᠤᠯ᠂ ᠰᠤᠮᠤ ᠰᠢᠶᠠᠩ ᠪᠠᠯᠭ᠋ᠠᠰᠤ ᠵᠢᠨ ᠡᠷᠡᠭᠦᠯ ᠬᠠᠮᠠᠭ᠋ᠠᠯᠠᠯ᠎ᠤᠨ ᠬᠤᠷᠢᠶᠠᠨ᠎ᠤ ᠪᠦᠯᠬᠦᠮ ᠨᠡᠶ᠋ᠢᠲᠡ᠎ᠪᠠᠷ ᠮᠡᠷᠭᠡᠵᠢᠯ᠎ᠤᠨ ᠲᠦᠰᠢᠭ ᠪᠣᠯᠭ᠋ᠠᠨ᠂ ᠬᠥᠳᠡᠭᠡ ᠲᠣᠰᠬᠤᠨ᠎ᠤ ᠡᠮᠴᠢ᠎ᠪᠠᠷ ᠭᠡᠷ᠎ᠡ ᠲᠤᠭᠲᠠᠬᠤ ᠭᠤᠤᠯ ᠴᠣᠭᠴᠠ ᠪᠤᠯᠭ᠋ᠠᠨ᠂ ᠪᠦᠯᠬᠦᠮ ᠨᠡᠶ᠋ᠢᠲᠡ ᠵᠢᠨ ᠬᠡᠷᠡᠲᠦ ᠦᠢ᠍ᠯᠡᠴᠢᠯᠡᠭᠡ ᠬᠠᠨᠭ᠌ᠭ᠋ᠠᠨ᠎ᠠ; ᠲᠣᠭᠲᠠᠮᠠᠯ ᠬᠢᠭᠡᠳ ᠨᠡᠭᠦᠳᠡᠯ᠎ᠢ ᠬᠠᠷᠢᠯᠴᠠᠨ ᠤᠶᠠᠯᠳᠤᠭᠤᠯᠬᠤ ᠠᠷᠭ᠎ᠠ᠎ᠪᠠᠷ ᠦᠢ᠍ᠯᠡᠴᠢᠯᠡᠭᠡ ᠬᠠᠨᠭ᠌ᠭ᠋ᠠᠵᠤ ᠪᠠᠶ᠋ᠢᠭ᠎ᠠ ᠭᠠᠵᠠᠷ ᠣᠷᠣᠨ᠎ᠨᠢ ᠨᠡᠭᠦᠳᠡᠯ ᠡᠮ ᠡᠮᠨᠡᠯᠭᠡ ᠵᠢᠨ ᠦᠢ᠍ᠯᠡᠴᠢᠯᠡᠭᠡᠨ᠎ᠤ ᠤᠢ᠌ᠷᠳᠡᠭᠡᠳᠤ ᠲᠦᠰᠢᠭᠯᠡᠨ᠂ ᠪᠦᠯᠬᠦᠮ ᠨᠡᠶ᠋ᠢᠲᠡ ᠵᠢᠨ ᠬᠡᠷᠡᠲᠦ ᠦᠢ᠍ᠯᠡᠴᠢᠯᠡᠭᠡ ᠬᠠᠨᠭ᠌ᠭ᠋ᠠᠨ᠎ᠠ᠃ ᠭᠤᠷᠪᠠ᠎ᠳᠤ ᠬᠤᠶᠠᠳᠤᠭ᠋ᠠᠷ ᠳᠡᠰ᠎ᠠᠴᠠ ᠳᠡᠭᠡᠭᠰᠢᠬᠢ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ ᠵᠢᠨ ᠰᠤᠮᠤ ᠰᠢᠶᠠᠩ ᠪᠠᠯᠭ᠋ᠠᠰᠤ ᠵᠢᠨ ᠡᠷᠡᠭᠦᠯ ᠬᠠᠮᠠᠭ᠋ᠠᠯᠠᠯ᠎ᠤᠨ ᠬᠤᠷᠢᠶ᠎ᠠ᠂ ᠨᠡᠶ᠋ᠢᠭᠡᠮ ᠲᠣᠭᠤᠷᠢᠭ᠎ᠤᠨ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡᠨ᠎ᠤ ᠪᠠᠶ᠋ᠢᠭᠤᠯᠤᠮᠵᠢ ᠵᠢ ᠳᠡᠮᠵᠢᠵᠤ ᠪᠠᠶ᠋ᠢᠭ᠎ᠠ ᠡᠮᠴᠢ ᠵᠢ ᠬᠡᠷᠡᠲᠦ ᠪᠦᠯᠬᠦᠮ ᠨᠡᠶ᠋ᠢᠲᠡ᠎ᠳᠤ ᠤᠷᠤᠯᠴᠠᠭᠤᠯᠵᠤ᠂ ᠲᠤᠬᠠᠶ᠋ᠢᠯᠠᠭᠰᠠᠨ ᠠᠵᠢᠯ᠎ᠤᠨ ᠵᠢᠯᠤᠭᠤᠳᠤᠯᠭ᠎ᠠ ᠪᠤᠯᠤᠨ ᠬᠡᠷᠡᠲᠦ ᠦᠢ᠍ᠯᠡᠴᠢᠯᠡᠭᠡ ᠬᠢᠯᠬᠡᠨ᠎ᠡ᠃
ᠬᠦᠲᠦᠯᠦᠭᠴᠢ᠄
ᠰᠠᠭᠤᠭ᠋ᠠᠯᠢ ᠠᠷᠠᠳ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡᠯᠦᠭᠡ ᠬᠡᠷᠬᠢᠨ ᠭᠡᠷ᠎ᠡ ᠲᠤᠭᠲᠠᠬᠤ
ᠪᠤᠢ?
ᠸᠠᠩ ᠵᠠᠨ ᠭᠦᠸᠸ᠄
ᠰᠠᠭᠤᠭ᠋ᠠᠯᠢ ᠠᠷᠠᠳ ᠪᠤᠶᠤ ᠭᠡᠷ ᠪᠦᠯᠢ᠎ᠨᠢ ᠰᠠᠶ᠋ᠢᠨ ᠳᠤᠷ᠎ᠠ᠎ᠠᠴᠠ᠎ᠪᠠᠨ 1 ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ ᠵᠢ ᠰᠤᠩᠭᠤᠨ ᠦᠢ᠍ᠯᠡᠴᠢᠯᠡᠭᠡᠨ᠎ᠤ ᠵᠦᠪᠳᠡᠯᠴᠡᠭᠡᠷ ᠲᠤᠭᠲᠠᠵᠤ ᠪᠣᠯᠤᠨ᠎ᠠ᠃ ᠦᠢ᠍ᠯᠡᠴᠢᠯᠡᠭᠡᠨ᠎ᠤ ᠵᠦᠪᠳᠡᠯᠴᠡᠭᠡᠷ᠎ᠲᠤ ᠬᠡᠷᠡᠲᠦ ᠦᠢ᠍ᠯᠡᠴᠢᠯᠡᠭᠡᠨ᠎ᠤ ᠠᠭᠤᠯᠭ᠎ᠠ᠂ ᠬᠡᠯᠪᠡᠷᠢ᠂ ᠬᠤᠭᠤᠴᠠᠭ᠎ᠠ ᠪᠤᠯᠤᠨ ᠬᠤᠶᠠᠷ ᠲᠠᠯ᠎ᠠ ᠵᠢᠨ ᠬᠠᠷᠢᠭᠤᠴᠠᠯᠭ᠎ᠠ᠂ ᠡᠷᠬᠡ ᠠᠰᠢᠭ᠂ ᠡᠭᠦᠷᠭᠡ ᠵᠢᠴᠢ ᠪᠤᠰᠤᠳ ᠬᠤᠯᠪᠣᠭᠳᠠᠯ ᠪᠦᠬᠦᠢ ᠵᠦᠢ᠍ᠯᠡᠰ᠎ᠢ ᠲᠤᠲᠤᠷᠬᠠᠶ᠋ᠢᠯᠠᠬᠤ ᠬᠡᠷᠡᠭᠲᠡᠶ᠃ ᠤᠳᠠᠭ᠎ᠠ ᠪᠦᠷᠢ ᠭᠡᠷ᠎ᠡ ᠲᠣᠭᠲᠠᠬᠤ ᠦᠢ᠍ᠯᠡᠴᠢᠯᠡᠭᠡᠨ᠎ᠤ ᠦᠶᠡᠯᠡᠯ᠎ᠨᠢ ᠵᠠᠷᠴᠢᠮ ᠳᠡᠭᠡᠷ᠎ᠡ᠎ᠪᠠᠨ ᠨᠢᠭᠡ ᠵᠢᠯ᠎ᠤᠨ ᠬᠤᠭᠤᠴᠠᠭ᠎ᠠ᠎ᠲᠠᠢ᠂ ᠬᠤᠭᠤᠴᠠᠭ᠎ᠠ ᠳᠦᠭᠦᠷᠦᠭᠰᠡᠨ᠎ᠤ ᠲᠠᠷᠠᠭ᠎ᠠ ᠰᠠᠭᠤᠭ᠋ᠠᠯᠢ ᠠᠷᠠᠳ ᠦᠢ᠍ᠯᠡᠴᠢᠯᠡᠭᠡᠨ᠎ᠤ ᠪᠠᠶ᠋ᠢᠳᠠᠯ᠎ᠢ ᠦᠨᠳᠦᠰᠦᠯᠡᠨ ᠦᠷᠭᠦᠯᠵᠢᠯᠡᠨ ᠭᠡᠷ᠎ᠡ ᠲᠤᠭᠲᠠᠵᠤ ᠪᠣᠯᠤᠨ᠎ᠠ᠂ ᠡᠰᠡᠬᠦᠯ᠎ᠡ ᠪᠤᠰᠤᠳ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ ᠵᠢ ᠰᠤᠩᠭᠤᠨ ᠭᠡᠷ᠎ᠡ ᠲᠤᠭᠲᠠᠵᠤ ᠪᠤᠯᠤᠨ᠎ᠠ᠃ ᠰᠠᠭᠤᠭ᠋ᠠᠯᠢ ᠠᠷᠠᠳ ᠤᠢ᠌ᠢ᠍ᠷᠠ ᠬᠠᠪᠢ᠎ᠳᠠᠭᠠᠨ ᠭᠡᠷ᠎ᠡ ᠲᠤᠭᠲᠠᠬᠤ ᠵᠢ ᠵᠤᠷᠢᠭᠵᠢᠭᠤᠯᠤᠨ ᠵᠢᠯᠤᠭᠤᠳᠤᠨ᠎ᠠ᠂ ᠣᠷᠣᠨ ᠪᠦᠰᠡ ᠠᠯᠤᠰᠯᠠᠭᠰᠠᠨ ᠭᠡᠷ᠎ᠡ ᠲᠣᠭᠲᠠᠭᠰᠠᠨ ᠴᠤ᠌ ᠪᠣᠯᠤᠨ᠎ᠠ᠂ ᠬᠡᠬᠦ᠎ᠳᠡᠭᠡᠨ ᠡᠮᠬᠢ ᠵᠢᠷᠤᠮ᠎ᠲᠠᠢ᠎ᠪᠠᠷ ᠥᠷᠢᠰᠥᠯᠳᠦᠬᠦ ᠲᠣᠭᠲᠠᠴᠠ ᠵᠢ ᠪᠠᠶ᠋ᠢᠭᠤᠯᠤᠨ᠎ᠠ᠃ ᠰᠠᠭᠤᠭ᠋ᠠᠯᠢ ᠠᠷᠠᠳ ᠪᠤᠶᠤ ᠭᠡᠷ ᠪᠦᠯᠢ᠎ᠨᠢ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡᠯᠤᠭᠠ ᠭᠡᠷ᠎ᠡ ᠲᠣᠭᠲᠠᠬᠤ᠎ᠳᠠᠭᠠᠨ ᠪᠠᠰᠠ᠂ ᠬᠤᠶᠠᠳᠤᠭ᠋ᠠᠷ ᠳᠡᠰ᠎ᠤᠨ ᠡᠮᠨᠡᠯᠭᠡ ᠵᠢᠨ ᠬᠤᠷᠢᠶ᠎ᠠ᠂ ᠭᠤᠷᠪᠠᠳᠤᠭ᠋ᠠᠷ ᠳᠡᠰ᠎ᠤᠨ ᠡᠮᠨᠡᠯᠭᠡ ᠵᠢᠨ ᠬᠤᠷᠢᠶ᠎ᠠ ᠵᠢ ᠲᠤᠰ ᠲᠤᠰ ᠨᠢᠭᠡ ᠵᠢ ᠰᠠᠶ᠋ᠢᠨ ᠳᠤᠷ᠎ᠠ᠎ᠠᠴᠠ᠎ᠪᠠᠨ ᠰᠣᠩᠭᠤᠵᠤ᠂ 《1 + 1 + 1》 ᠵᠢᠨ ᠨᠡᠶ᠋ᠢᠯᠡᠯ ᠭᠡᠷ᠎ᠡ ᠲᠣᠭᠲᠠᠬᠤ ᠦᠢ᠍ᠯᠡᠴᠢᠯᠡᠭᠡᠨ᠎ᠤ ᠵᠠᠭᠪᠤᠷ᠎ᠢ ᠪᠠᠶ᠋ᠢᠭᠤᠯᠵᠤ᠂ ᠨᠡᠶ᠋ᠢᠯᠡᠯ ᠳᠣᠲᠣᠷ᠎ᠠ᠎ᠪᠠᠨ ᠬᠡᠷᠡᠭᠴᠡᠭᠡ ᠱᠠᠭ᠋ᠠᠷᠳᠠᠯᠭ᠎ᠠ ᠵᠢ ᠦᠨᠳᠦᠰᠦᠯᠡᠨ ᠡᠮᠴᠢᠯᠡᠭᠡᠨ᠎ᠤ ᠪᠠᠶ᠋ᠢᠭᠤᠯᠤᠮᠵᠢ ᠵᠢ ᠥᠪᠡᠰᠦᠪᠡᠨ ᠰᠣᠩᠭᠤᠵᠤ ᠪᠣᠯᠬᠤ ᠪᠦᠭᠡᠳ ᠦᠨᠳᠦᠰᠦᠨ ᠱᠠᠲᠤᠨ᠎ᠳᠤ ᠠᠩᠬ᠎ᠠ ᠡᠮᠴᠢᠯᠡᠭᠦᠯᠬᠦ᠎ᠳᠤ ᠠᠯᠬᠤᠮ ᠠᠯᠬᠤᠮ ᠵᠶ᠋ᠠᠷ ᠰᠢᠯᠵᠢᠭᠦᠯᠦᠨ᠎ᠡ; ᠨᠡᠶ᠋ᠢᠯᠡᠯᠠᠴᠠᠪᠠᠨ ᠭᠠᠳᠠᠨ᠎ᠠ ᠡᠮᠴᠢᠯᠡᠭᠦᠯᠬᠦ᠎ᠳᠤ ᠭᠡᠷ ᠪᠦᠯᠢ ᠵᠢᠨ ᠡᠮᠴᠢ ᠵᠢᠨ ᠡᠮᠨᠡᠯᠭᠡ ᠰᠢᠯᠵᠢᠭᠦᠯᠦᠨ ᠡᠮᠴᠢᠯᠡᠭᠦᠯᠬᠦ ᠵᠥᠪᠰᠢᠶᠡᠷᠡᠯ ᠵᠶ᠋ᠠᠷ ᠳᠠᠮᠵᠢᠨ᠂ ᠡᠮᠬᠢ ᠵᠢᠷᠤᠮ᠎ᠲᠠᠢ ᠡᠮᠴᠢᠯᠡᠭᠦᠯᠬᠦ ᠪᠠᠶ᠋ᠢᠷᠢᠰᠢᠯ᠎ᠢ ᠪᠤᠢ ᠪᠣᠯᠭ᠋ᠠᠨ᠎ᠠ᠃
ᠬᠦᠲᠦᠯᠦᠭᠴᠢ᠄
ᠰᠠᠭᠤᠭ᠋ᠠᠯᠢ ᠠᠷᠠᠳ ᠭᠡᠷ᠎ᠡ ᠲᠣᠭᠲᠠᠭᠰᠠᠨ᠎ᠤ ᠳᠠᠷᠠᠭ᠎ᠠ ᠶᠠᠮᠠᠷ ᠶᠠᠮᠠᠷ ᠦᠢ᠍ᠯᠡᠴᠢᠯᠡᠭᠡ ᠪᠠ ᠬᠠᠷᠠᠭ᠋ᠠᠯᠵᠠᠯ ᠬᠦᠷᠲᠡᠵᠦ ᠪᠣᠯᠬᠤ ᠪᠤᠢ?
ᠸᠠᠩ ᠵᠠᠨ ᠭᠦᠸᠸ᠄
ᠰᠠᠭᠤᠭ᠋ᠠᠯᠢ ᠠᠷᠠᠳ ᠭᠡᠷ᠎ᠡ ᠲᠣᠭᠲᠠᠭᠰᠠᠨ᠎ᠤ ᠲᠠᠷᠠᠭ᠎ᠠ᠂ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ ᠵᠢᠨ ᠬᠠᠩᠭ᠋ᠠᠭᠰᠠᠨ ᠦᠨᠳᠦᠰᠦᠨ ᠡᠮ ᠡᠮᠨᠡᠯᠭᠡ᠂ ᠤᠯᠠᠨ ᠨᠡᠶ᠋ᠢᠲᠡ ᠵᠢᠨ ᠡᠷᠡᠭᠦᠯ ᠬᠠᠮᠠᠭ᠋ᠠᠯᠠᠯ ᠪᠠ ᠪᠣᠯᠵᠣᠨ ᠲᠣᠭᠲᠠᠭᠰᠠᠨ ᠡᠷᠡᠭᠦᠯ ᠮᠡᠨᠳᠦ ᠵᠢᠨ ᠬᠠᠮᠢᠶᠠᠷᠤᠯᠲᠠ ᠵᠢᠨ ᠦᠢ᠍ᠯᠡᠴᠢᠯᠡᠭᠡ ᠵᠢ ᠣᠯᠵᠤ ᠬᠦᠷᠲᠡᠨ᠎ᠡ᠃ ᠦᠨᠳᠦᠰᠦᠨ ᠡᠮ ᠡᠮᠨᠡᠯᠭᠡ ᠵᠢᠨ ᠦᠢ᠍ᠯᠡᠴᠢᠯᠡᠭᠡᠨ᠎ᠢ ᠪᠠᠶ᠋ᠢᠩᠭᠤ ᠲᠣᠬᠢᠶᠠᠯᠳᠤᠳᠠᠭ ᠡᠪᠡᠳᠴᠢᠨ ᠪᠠ ᠤᠯᠡᠠ ᠡᠭᠦᠰᠳᠡᠭ ᠡᠪᠡᠳᠴᠢᠨ᠎ᠤ ᠮᠣᠩᠭᠤᠯ ᠬᠢᠲᠠᠳ ᠡᠮ ᠡᠮᠨᠡᠯᠭᠡ ᠪᠠ ᠧᠦ᠋ᠷᠣᠫᠠ ᠡᠮᠨᠡᠯᠭᠡ ᠵᠢᠨ ᠡᠮᠴᠢᠯᠡᠭᠡ᠂ ᠵᠦᠢ ᠵᠣᠬᠢᠰᠲᠠᠶ᠎ᠪᠠᠷ ᠡᠮ ᠬᠡᠷᠡᠭᠯᠡᠬᠦ᠂ ᠡᠮᠨᠡᠭᠦᠯᠬᠦ ᠵᠠᠮ ᠮᠥᠷ᠎ᠢ ᠵᠢᠯᠣᠭᠤᠳᠬᠤ ᠪᠠ ᠰᠢᠯᠵᠢᠭᠦᠯᠦᠨ ᠡᠮᠨᠡᠭᠦᠯᠬᠦ᠎ᠪᠠᠷ ᠤᠷᠢᠳᠴᠢᠯᠠᠨ ᠪᠣᠯᠵᠣᠬᠤ ᠵᠡᠷᠭᠡ ᠵᠢ ᠬᠠᠮᠤᠷᠤᠨ᠎ᠠ; ᠤᠯᠠᠨ ᠨᠡᠶ᠋ᠢᠲᠡ ᠵᠢᠨ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡᠨ᠎ᠢ ᠤᠯᠤᠰ᠎ᠤᠨ ᠦᠨᠳᠦᠰᠦᠨ ᠤᠯᠠᠨ ᠨᠡᠶ᠋ᠢᠲᠡ ᠵᠢᠨ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡ ᠵᠢᠨ ᠲᠥᠷᠥᠯ ᠵᠦᠢ᠍ᠯ ᠪᠠ ᠲᠣᠭᠲᠠᠭ᠋ᠠᠭᠰᠠᠨ ᠪᠤᠰᠤᠳ ᠤᠯᠠᠨ ᠨᠡᠶ᠋ᠢᠲᠡ ᠵᠢᠨ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡ ᠵᠢ ᠬᠠᠮᠤᠷᠤᠨ᠎ᠠ; ᠡᠷᠡᠭᠦᠯ ᠮᠡᠨᠳᠦ ᠵᠢᠨ ᠬᠠᠮᠢᠶᠠᠷᠤᠯᠲᠠ ᠵᠢᠨ ᠦᠢ᠍ᠯᠡᠴᠢᠯᠡᠭᠡ᠎ᠳᠤ ᠭᠤᠣᠯᠳᠠᠭᠤ ᠰᠠᠭᠤᠭ᠋ᠠᠯᠢ ᠠᠷᠠᠳ᠎ᠤᠨ ᠡᠷᠡᠭᠦᠯ ᠮᠡᠨᠳᠦ ᠵᠢᠨ ᠪᠠᠶ᠋ᠢᠳᠠᠯ ᠪᠠ ᠬᠡᠷᠡᠭᠴᠡᠭᠡ ᠱᠠᠭ᠋ᠠᠷᠳᠠᠯᠭ᠎ᠠ᠎ᠳᠤ ᠬᠠᠨᠳᠤᠭᠤᠯᠤᠨ ᠠᠳᠠᠯᠢ ᠪᠤᠰᠤ ᠲᠦᠷᠦᠯ ᠬᠡᠯᠪᠡᠷᠢ ᠵᠢᠨ ᠣᠨᠴᠠᠯᠢᠭᠵᠢᠭᠰᠠᠨ ᠭᠡᠷᠡᠲᠦ ᠦᠢ᠍ᠯᠡᠴᠢᠯᠡᠭᠡᠨ᠎ᠤ ᠠᠭᠤᠯᠭ᠎ᠠ ᠵᠢ ᠲᠣᠭᠲᠠᠭ᠋ᠠᠨ᠎ᠠ᠂ ᠡᠭᠦᠨ᠎ᠳᠤ ᠡᠷᠡᠭᠦᠯ ᠮᠡᠨᠳᠦ ᠵᠢᠨ ᠦᠨᠡᠯᠡᠯᠲᠡ᠂ ᠡᠷᠡᠭᠦᠯᠵᠢᠭᠦᠯᠬᠦ ᠵᠢᠯᠣᠭᠤᠳᠤᠯᠭ᠎ᠠ᠂ ᠭᠡᠷ ᠪᠦᠯᠢ ᠵᠢᠨ ᠡᠪᠡᠳᠴᠢᠲᠡᠨ᠎ᠤ ᠣᠷᠣ᠂ ᠭᠡᠷ ᠪᠦᠯᠢ ᠵᠢᠨ ᠰᠤᠪᠢᠯᠠᠯᠲᠠ᠂ ᠮᠣᠩᠭᠤᠯ ᠬᠢᠲᠠᠳ ᠡᠮ ᠡᠮᠨᠡᠯᠭᠡ ᠵᠢᠨ 《ᠡᠪᠡᠳᠴᠢᠨ ᠦᠭᠡᠢ ᠵᠢ ᠵᠠᠰᠠᠬᠤ》 ᠦᠢ᠍ᠯᠡᠴᠢᠯᠡᠭᠡ᠂ ᠠᠯᠤᠰ ᠡᠵᠡᠮᠰᠢᠯᠲᠦ ᠡᠷᠡᠭᠦᠯ ᠮᠡᠨᠳᠦ ᠵᠢᠨ ᠲᠤᠬᠠᠶ ᠪᠠᠶ᠋ᠢᠴᠠᠭ᠋ᠠᠯᠲᠠ ᠵᠡᠷᠭᠡ ᠵᠢ ᠪᠠᠭᠲᠠᠭ᠋ᠠᠵᠤ ᠪᠣᠯᠣᠨ᠎ᠠ᠃ ᠡᠭᠦᠨ᠎ᠤ ᠵᠡᠷᠭᠡᠴᠡᠭᠡᠪᠡᠷ᠂ ᠪᠢᠳᠡ ᠭᠡᠷᠡᠲᠦ ᠦᠢ᠍ᠯᠡᠴᠢᠯᠡᠭᠡᠨ᠎ᠤ ᠠᠭᠤᠯᠤᠭᠳᠠᠬᠤᠨ᠎ᠢ ᠲᠠᠰᠤᠷᠠᠯᠲᠠ ᠦᠭᠡᠢ ᠰᠢᠯᠢᠳᠡᠭᠵᠢᠭᠦᠯᠬᠦ᠎ᠪᠠᠷ ᠳᠠᠮᠵᠢᠭᠤᠯᠵᠤ ᠰᠠᠭᠤᠭ᠋ᠠᠯᠢ ᠠᠷᠠᠳ᠎ᠤᠨ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡᠨ᠎ᠤ ᠤᠯᠠᠨ ᠶᠠᠩᠵᠤᠴᠢᠯᠠᠭᠰᠠᠨ ᠬᠡᠷᠡᠭᠴᠡᠭᠡ ᠱᠠᠭ᠋ᠠᠷᠳᠠᠯᠭ᠎ᠠ ᠵᠢ ᠬᠠᠩᠭ᠋ᠠᠨ᠎ᠠ᠃ ᠰᠠᠭᠤᠭ᠋ᠠᠯᠢ ᠠᠷᠠᠳ ᠭᠡᠷ᠎ᠡ ᠲᠣᠭᠲᠠᠭᠰᠠᠨ᠎ᠤ ᠲᠠᠷᠠᠭ᠎ᠠ᠂ ᠡᠮᠨᠡᠭᠦᠯᠬᠦ᠂ ᠡᠮᠨᠡᠯᠭᠡ ᠰᠢᠯᠵᠢᠨ ᠡᠮᠨᠡᠭᠦᠯᠬᠦ᠂ ᠡᠮ ᠬᠡᠷᠡᠭᠯᠡᠬᠦ᠂ ᠡᠮ ᠡᠮᠨᠡᠯᠭᠡ ᠵᠢᠨ ᠳᠠᠭ᠋ᠠᠳᠬᠠᠯ ᠵᠡᠷᠭᠡ ᠲᠠᠯ᠎ᠠ᠎ᠪᠠᠷ ᠵᠥᠷᠢᠶ᠎ᠡ᠎ᠲᠠᠢ ᠬᠡᠯᠪᠡᠶ᠋ᠢᠯᠭᠡᠬᠦ ᠲᠦᠷᠦ ᠵᠢᠨ ᠪᠤᠳᠦᠯᠭ᠎ᠠ ᠵᠢᠨ ᠬᠠᠷᠠᠭ᠋ᠠᠯᠵᠠᠯ᠎ᠢ ᠬᠦᠷᠲᠡᠨ᠎ᠡ᠂ ᠨᠢᠭᠡ᠎ᠳᠤ ᠡᠮᠨᠡᠭᠦᠯᠬᠦ ᠲᠠᠯ᠎ᠠ᠎ᠪᠠᠷ᠂ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ᠎ᠨᠢ ᠰᠠᠨᠠᠭ᠋ᠠᠴᠢᠯᠠᠭ᠎ᠠ᠎ᠠᠴᠠ᠎ᠪᠠᠨ ᠦᠢ᠍ᠯᠡᠴᠢᠯᠡᠭᠡᠨ᠎ᠤ ᠵᠠᠭᠪᠤᠷ᠎ᠪᠠᠨ ᠪᠦᠷᠢᠨᠰᠢᠭᠦᠯᠵᠦ᠂ ᠬᠡᠯᠡᠯᠴᠡᠭᠡᠷ ᠶᠣᠰᠣᠭ᠋ᠠᠷ ᠭᠡᠷ᠎ᠡ ᠲᠣᠭᠲᠠᠭᠰᠠᠨ ᠰᠠᠭᠤᠭ᠋ᠠᠯᠢ ᠠᠷᠠᠳ᠎ᠲᠤ ᠪᠦᠬᠦ ᠶᠠᠪᠤᠴᠠ᠎ᠪᠠᠷ ᠦᠢ᠍ᠯᠡᠴᠢᠯᠡᠬᠦ᠂ ᠭᠡᠷ᠎ᠲᠤ᠎ᠨᠢ ᠬᠦᠷᠴᠦ ᠦᠢ᠍ᠯᠡᠴᠢᠯᠡᠬᠦ᠂ ᠴᠠᠭ ᠵᠥᠷᠢᠭᠦᠯᠦᠨ ᠦᠢ᠍ᠯᠡᠴᠢᠯᠡᠬᠦ᠂ ᠪᠣᠯᠵᠤᠭ᠎ᠠ ᠲᠣᠭᠲᠠᠨ ᠦᠢ᠍ᠯᠡᠴᠢᠯᠡᠬᠦ ᠵᠡᠷᠭᠡ ᠤᠯᠠᠨ ᠵᠦᠢ᠍ᠯ᠎ᠤᠨ ᠬᠡᠯᠪᠡᠷᠢ ᠵᠢᠨ ᠦᠢ᠍ᠯᠡᠴᠢᠯᠡᠭᠡ ᠬᠠᠩᠭ᠋ᠠᠨ᠎ᠠ᠃ ᠬᠤᠶᠠᠷ᠎ᠲᠤ ᠡᠮᠨᠡᠯᠭᠡ ᠰᠢᠯᠵᠢᠭᠦᠯᠦᠨ ᠡᠮᠨᠡᠭᠦᠯᠬᠦ ᠲᠠᠯ᠎ᠠ᠎ᠪᠠᠷ᠂ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ᠎ᠨᠢ ᠵᠣᠬᠢᠬᠤ ᠬᠠᠷᠢᠴᠠᠯ ᠪᠦᠬᠦᠢ ᠡᠮᠨᠡᠯᠭᠡ ᠵᠢᠨ ᠬᠤᠷᠢᠶᠠᠨ᠎ᠤ ᠲᠤᠰᠬᠠᠶ ᠮᠡᠷᠭᠡᠵᠢᠯᠲᠡᠨ᠎ᠢ ᠳ᠋ᠤᠭ᠋ᠠᠷᠯᠠᠬᠤ᠂ ᠤᠷᠢᠳᠴᠢᠯᠠᠨ ᠪᠣᠯᠵᠣᠵᠤ ᠳ᠋ᠤᠭ᠋ᠠᠷᠯᠠᠬᠤ᠂ ᠡᠪᠡᠳᠴᠢᠲᠡᠨ᠎ᠤ ᠣᠷᠣ ᠤᠷᠢᠳᠴᠢᠯᠠᠨ ᠦᠯᠡᠳᠡᠭᠡᠬᠦ ᠵᠡᠷᠭᠡ ᠡᠬᠢ ᠪᠠᠶᠠᠯᠢᠭ᠎ᠲᠠᠢ ᠪᠠᠶ᠋ᠢᠵᠤ᠂ ᠭᠡᠷ᠎ᠡ ᠲᠣᠭᠲᠠᠭᠰᠠᠨ ᠰᠠᠭᠤᠭ᠋ᠠᠯᠢ ᠠᠷᠠᠳ᠎ᠤᠨ ᠤᠷᠢᠳᠠᠪᠠᠷ ᠡᠮᠴᠢᠯᠡᠭᠦᠯᠬᠦ ᠪᠠ ᠡᠮᠨᠡᠯᠭᠡ᠎ᠳᠤ ᠰᠠᠭᠤᠬᠤ᠎ᠳᠤ ᠳᠥᠭᠦᠮ ᠦᠵᠡᠭᠦᠯᠦᠨ᠎ᠡ᠃ ᠬᠤᠶᠠᠳᠤᠭ᠋ᠠᠷ ᠳᠡᠰ᠎ᠠᠴᠠ ᠳᠡᠭᠡᠭᠰᠢᠬᠢ ᠡᠮᠨᠡᠯᠭᠡ ᠵᠢᠨ ᠬᠤᠷᠢᠶᠠᠨ᠎ᠤ ᠶᠡᠷᠦᠩᠬᠡᠶ ᠰᠠᠯᠠᠭ᠋ᠠᠨ᠎ᠤ ᠠᠨᠠᠭ᠋ᠠᠬᠤ ᠤᠬᠠᠭ᠋ᠠᠨ᠎ᠤ ᠰᠠᠯᠠᠭ᠎ᠠ ᠪᠤᠶᠤ ᠵᠢᠭ᠋ᠠᠨ ᠲᠣᠭᠲᠠᠭ᠋ᠠᠭᠰᠠᠨ ᠰᠠᠯᠠᠭ᠎ᠠ ᠲᠠᠰᠤᠭ᠎ᠨᠢ ᠭᠡᠷ ᠪᠦᠯᠢ ᠵᠢᠨ ᠡᠮᠴᠢ ᠵᠢᠨ ᠡᠮᠨᠡᠯᠭᠡ ᠰᠢᠯᠵᠢᠭᠦᠯᠦᠨ ᠡᠮᠴᠢᠯᠡᠭᠦᠯᠬᠦ ᠦᠢ᠍ᠯᠡᠴᠢᠯᠡᠭᠡ᠎ᠲᠠᠢ ᠵᠠᠯᠭ᠋ᠠᠯᠳᠤᠵᠤ᠂ ᠡᠮᠨᠡᠯᠭᠡ ᠰᠢᠯᠵᠢᠭᠦᠯᠦᠨ ᠡᠮᠴᠢᠯᠡᠭᠦᠯᠬᠦ ᠡᠪᠡᠳᠴᠢᠲᠡᠨ᠎ᠳᠤ ᠰᠠᠭ᠋ᠠᠳ ᠦᠭᠡᠢ ᠨᠡᠪᠲᠡᠷᠡᠬᠦ ᠵᠠᠮ ᠭᠠᠷᠭ᠋ᠠᠵᠤ ᠥᠭᠭᠦᠨ᠎ᠡ᠃ ᠭᠤᠷᠪᠠ᠎ᠳᠤ ᠡᠮ ᠬᠡᠷᠡᠭᠯᠡᠬᠦ ᠲᠠᠯ᠎ᠠ᠎ᠪᠠᠷ᠂ ᠭᠡᠷ᠎ᠡ ᠲᠣᠭᠲᠠᠭᠰᠠᠨ ᠤᠵᠢᠭ ᠴᠢᠨᠠᠷᠲᠠᠢ ᠡᠪᠡᠳᠴᠢᠲᠡᠨ᠎ᠳᠤ ᠭᠡᠷ ᠪᠦᠯᠢ ᠵᠢᠨ ᠡᠮᠴᠢ ᠪᠠᠶ᠋ᠢᠳᠠᠯ᠎ᠢ᠎ᠨᠢ ᠦᠵᠡᠵᠦ ᠪᠠᠶ᠋ᠢᠭ᠋ᠠᠳ ᠡᠮ ᠥᠭᠬᠦ ᠤᠳᠠᠭ᠎ᠠ᠎ᠪᠠᠨ ᠤᠷᠲᠤᠳᠬᠠᠨ ᠡᠮ ᠨᠠᠶ᠋ᠢᠷᠠᠭᠤᠯᠤᠨ ᠥᠭᠴᠦ᠂ ᠡᠪᠡᠳᠴᠢᠲᠡᠨ᠎ᠤ ᠥᠭᠡᠳᠡ ᠤᠷᠤᠭᠤ ᠡᠮ ᠠᠪᠬᠤ᠎ᠪᠠᠷ ᠶᠠᠪᠤᠬᠤ ᠤᠳᠠᠭ᠎ᠠ ᠳᠠᠷᠠᠭ᠎ᠠ ᠵᠢ ᠴᠥᠭᠡᠳᠬᠡᠨ᠎ᠡ᠃ ᠳᠣᠷᠣᠭᠰᠢ ᠰᠢᠯᠵᠢᠭᠦᠯᠦᠭᠰᠡᠨ ᠡᠪᠡᠳᠴᠢᠲᠡᠨ᠎ᠳᠤ᠂ ᠡᠪᠡᠳᠴᠢᠨ᠎ᠤ ᠬᠢᠨᠢ ᠪᠠᠶ᠋ᠢᠳᠠᠯ ᠪᠠ ᠳᠡᠭᠡᠳᠦ ᠱᠠᠲᠤᠨ᠎ᠤ ᠡᠮ ᠡᠮᠨᠡᠯᠭᠡ ᠵᠢᠨ ᠪᠠᠶ᠋ᠢᠭᠤᠯᠤᠮᠵᠢ ᠵᠢᠨ ᠵᠠᠬᠢᠶ᠎ᠠ ᠵᠢ ᠦᠨᠳᠦᠰᠦᠯᠡᠨ ᠲᠣᠭᠲᠠᠭ᠋ᠠᠯ ᠶᠣᠰᠣᠭ᠋ᠠᠷ ᠡᠮ ᠥᠭᠭᠦᠨ᠎ᠡ᠃ ᠲᠦᠷᠪᠡ᠎ᠳᠤ ᠡᠮ ᠡᠮᠨᠡᠯᠭᠡ ᠵᠢᠨ ᠳᠠᠭ᠋ᠠᠳᠬᠠᠯ᠎ᠤᠨ ᠲᠠᠯ᠎ᠠ᠎ᠪᠠᠷ᠂ ᠲᠣᠭᠲᠠᠭ᠋ᠠᠯ᠎ᠳᠤ ᠨᠡᠶ᠋ᠢᠴᠡᠬᠦ ᠡᠮᠨᠡᠯᠭᠡ ᠰᠢᠯᠵᠢᠭᠦᠯᠦᠨ ᠡᠮᠨᠡᠯᠭᠡ᠎ᠳᠤ ᠰᠠᠭᠤᠵᠤ ᠡᠮᠨᠡᠭᠦᠯᠬᠦ ᠡᠪᠡᠳᠴᠢᠲᠡᠨ᠎ᠳᠤ ᠡᠬᠢᠯᠡᠵᠦ ᠲᠤᠰᠢᠶᠠᠬᠤ ᠬᠢᠵᠠᠭ᠋ᠠᠷ᠎ᠢ ᠦᠷᠭᠦᠯᠵᠢᠯᠡᠨ ᠪᠣᠳᠣᠵᠣ ᠪᠣᠯᠤᠨ᠎ᠠ᠂ ᠭᠡᠷ᠎ᠡ ᠲᠣᠭᠲᠠᠭᠰᠠᠨ ᠰᠠᠭᠤᠭ᠋ᠠᠯᠢ ᠠᠷᠠᠳ ᠦᠨᠳᠦᠰᠦᠨ ᠱᠠᠲᠤᠨ᠎ᠳᠤ ᠡᠮᠨᠡᠭᠦᠯᠪᠡᠯ ᠨᠡᠩ ᠥᠨᠳᠥᠷ ᠬᠠᠷᠢᠴᠠᠯ ᠪᠦᠬᠦᠢ ᠡᠮ ᠡᠮᠨᠡᠯᠭᠡ ᠵᠢᠨ ᠳᠠᠭ᠋ᠠᠳᠬᠠᠯ᠎ᠤᠨ ᠳᠠᠩᠰᠠ ᠲᠠᠶ᠋ᠢᠯᠠᠯᠲᠠ ᠵᠢ ᠣᠯᠵᠤ ᠬᠦᠷᠲᠡᠨ᠎ᠡ᠃
ᠬᠦᠲᠦᠯᠦᠭᠴᠢ᠄
ᠭᠡᠷᠡᠲᠦ ᠦᠢ᠍ᠯᠡᠴᠢᠯᠡᠭᠡᠨ᠎ᠤ ᠰᠦᠢ᠍ᠳᠬᠡᠯ ᠬᠠᠮᠢᠭ᠎ᠠ᠎ᠠᠴᠠ ᠢᠷᠡᠬᠦ ᠪᠤᠢ? ᠭᠡᠷ ᠪᠦᠯᠢ ᠵᠢᠨ ᠡᠮᠴᠢ ᠵᠢᠨ ᠵᠠᠷᠤᠳᠠᠯ᠎ᠢ ᠵᠦᠢ ᠵᠣᠬᠢᠰᠲᠠᠶ ᠬᠢᠵᠠᠭ᠋ᠠᠷᠯᠠᠬᠤ ᠲᠠᠯ᠎ᠠ᠎ᠪᠠᠷ᠎ᠬᠢ ᠦᠢ᠍ᠯᠡᠳᠦᠯ᠎ᠢ᠎ᠨᠢ ᠬᠡᠷᠬᠢᠨ ᠪᠠᠳᠠᠷᠠᠭᠤᠯᠬᠤ ᠪᠤᠢ?
ᠸᠠᠩ ᠵᠠᠨ ᠭᠦᠸᠸ᠄
ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ ᠰᠠᠭᠤᠭ᠋ᠠᠯᠢ ᠠᠷᠠᠳ᠎ᠲᠤ ᠪᠣᠯᠵᠣᠨ ᠲᠣᠭᠲᠠᠭᠰᠠᠨ ᠭᠡᠷᠡᠲᠦ ᠦᠢ᠍ᠯᠡᠴᠢᠯᠡᠭᠡ ᠬᠠᠩᠭ᠋ᠠᠬᠤ᠎ᠳᠤ᠂ ᠭᠡᠷ᠎ᠡ ᠲᠣᠭᠲᠠᠭᠰᠠᠨ ᠦᠢ᠍ᠯᠡᠴᠢᠯᠡᠬᠦ ᠬᠥᠮᠦᠨ᠎ᠤ ᠲᠤᠭ᠎ᠠ ᠵᠢ ᠦᠨᠳᠦᠰᠦᠯᠡᠨ ᠭᠡᠷᠡᠲᠦ ᠦᠢ᠍ᠯᠡᠴᠢᠯᠡᠭᠡᠨ᠎ᠤ ᠰᠦᠢ᠍ᠳᠬᠡᠯ᠎ᠢ ᠵᠢᠯ ᠵᠶ᠋ᠠᠷ ᠬᠤᠷᠢᠶᠠᠵᠤ᠂ ᠡᠨᠡ ᠬᠦ᠌ ᠡᠮ ᠡᠮᠨᠡᠯᠭᠡ ᠵᠢᠨ ᠳᠠᠭ᠋ᠠᠳᠬᠠᠯ᠎ᠤᠨ ᠰᠠᠭᠤᠷᠢ ᠮᠥᠩᠭᠦ᠂ ᠦᠨᠳᠦᠰᠦᠨ ᠤᠯᠠᠨ ᠨᠡᠶ᠋ᠢᠲᠡ ᠵᠢᠨ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡᠨ᠎ᠤ ᠵᠠᠷᠤᠳᠠᠯ ᠪᠠ ᠭᠡᠷ᠎ᠡ ᠲᠣᠭᠲᠠᠭᠰᠠᠨ ᠰᠠᠭᠤᠭ᠋ᠠᠯᠢ ᠠᠷᠠᠳ᠎ᠤᠨ ᠲᠤᠰᠢᠶᠠᠬᠤ ᠵᠠᠷᠤᠳᠠᠯ ᠵᠡᠷᠭᠡ᠎ᠠᠴᠠ ᠬᠤᠪᠢᠶᠠᠨ ᠡᠭᠦᠷᠭᠡᠯᠡᠨ᠎ᠡ᠃ ᠡᠮ ᠡᠮᠨᠡᠯᠭᠡ ᠵᠢᠨ ᠳᠠᠭ᠋ᠠᠳᠬᠠᠯ᠎ᠤᠨ ᠰᠠᠭᠤᠷᠢ ᠮᠥᠩᠭᠦ ᠪᠠ ᠭᠡᠷ᠎ᠡ ᠲᠣᠭᠲᠠᠭᠰᠠᠨ ᠰᠠᠭᠤᠭ᠋ᠠᠯᠢ ᠠᠷᠠᠳ᠎ᠤᠨ ᠲᠤᠰᠢᠶᠠᠬᠤ ᠵᠠᠷᠤᠳᠠᠯ᠎ᠤᠨ ᠬᠤᠪᠢᠶᠠᠯᠴᠠᠨ ᠡᠭᠦᠷᠭᠡᠯᠡᠬᠦ ᠬᠠᠷᠢᠴᠠᠯ᠎ᠢ ᠡᠯ᠎ᠡ ᠠᠶ᠋ᠢᠮᠠᠭ ᠬᠤᠲᠠ ᠥᠪᠡᠰᠦᠪᠡᠨ ᠲᠣᠭᠲᠠᠭ᠋ᠠᠨ᠎ᠠ᠃ ᠦᠨᠳᠦᠰᠦᠨ ᠤᠯᠠᠨ ᠨᠡᠶ᠋ᠢᠲᠡ ᠵᠢᠨ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡᠨ᠎ᠤ ᠲᠥᠷᠥᠯ ᠵᠦᠢ᠍ᠯ᠎ᠤᠨ ᠵᠠᠷᠤᠳᠠᠯ᠎ᠢ ᠤᠯᠠᠨ ᠨᠡᠶ᠋ᠢᠲᠡ ᠵᠢᠨ ᠦᠨᠳᠦᠰᠦᠨ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡᠨ᠎ᠤ ᠲᠤᠰᠬᠠᠶ ᠵᠦᠢ᠍ᠯ᠎ᠤᠨ ᠵᠠᠷᠤᠳᠠᠯ᠎ᠤᠨ ᠳᠣᠲᠣᠷ᠎ᠠ᠎ᠠᠴᠠ ᠭᠠᠷᠭ᠋ᠠᠨ᠎ᠠ᠃ ᠡᠮ ᠡᠮᠨᠡᠯᠭᠡ ᠵᠢᠨ ᠠᠪᠤᠷᠠᠨ ᠲᠤᠰᠠᠯᠠᠬᠤ ᠲᠦᠷᠦ ᠵᠢᠨ ᠪᠤᠳᠤᠯᠭ᠎ᠠ᠎ᠳᠤ ᠨᠡᠶ᠋ᠢᠴᠡᠭᠰᠡᠨᠢᠨᠢ ᠲᠣᠭᠲᠠᠭ᠋ᠠᠯ ᠶᠣᠰᠣᠭ᠋ᠠᠷ ᠲᠡᠮᠵᠢᠨ ᠲᠤᠰᠠᠯᠠᠨ᠎ᠠ᠃ ᠰᠠᠭᠤᠭ᠋ᠠᠯᠢ ᠠᠷᠠᠳ᠎ᠤᠨ ᠭᠡᠷ᠎ᠡ ᠲᠣᠭᠲᠠᠬᠤ ᠵᠠᠷᠤᠳᠠᠯ᠎ᠤᠨ ᠪᠠᠷᠢᠮᠵᠢᠶ᠎ᠠ ᠵᠢ ᠠᠶ᠋ᠢᠮᠠᠭ ᠬᠤᠲᠠ ᠵᠢᠨ ᠦᠨ᠎ᠡ ᠬᠠᠩᠰᠢ ᠵᠢᠨ ᠭᠤᠣᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠨᠢ ᠲᠣᠭᠲᠠᠭ᠋ᠠᠨ᠎ᠠ᠃ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ᠎ᠨᠢ ᠭᠡᠷᠡᠲᠦ ᠦᠢ᠍ᠯᠡᠴᠢᠯᠡᠭᠡ᠎ᠪᠠᠷ ᠳᠠᠮᠵᠢᠭᠤᠯᠤᠨ ᠭᠡᠷ᠎ᠡ ᠲᠣᠭᠲᠠᠭᠰᠠᠨ ᠰᠠᠭᠤᠭ᠋ᠠᠯᠢ ᠠᠷᠠᠳ᠎ᠤᠨ ᠡᠷᠡᠭᠦᠯ ᠮᠡᠨᠳᠤ ᠵᠢ ᠰᠠᠶ᠋ᠢᠲᠤᠷ ᠬᠠᠮᠠᠭ᠋ᠠᠯᠠᠵᠦ᠂ ᠡᠮᠴᠢᠯᠡᠭᠡᠨ᠎ᠤ ᠵᠠᠷᠤᠳᠠᠯ᠎ᠤᠨ ᠨᠡᠮᠡᠭᠳᠡᠯ᠎ᠢ ᠡᠬᠢ ᠡᠭᠦᠰᠦᠯ᠎ᠠᠴᠠ᠎ᠨᠢ ᠬᠢᠵᠠᠭ᠋ᠠᠷᠯᠠᠬᠤ ᠪᠣᠯᠤᠨ᠎ᠠ᠃ ᠡᠭᠦᠨ᠎ᠤ ᠵᠡᠷᠭᠡᠴᠡᠭᠡᠪᠡᠷ᠂ ᠨᠥᠬᠦᠴᠡᠯ᠎ᠲᠠᠢ ᠭᠠᠵᠠᠷ ᠣᠷᠣᠨ ᠭᠡᠷ᠎ᠡ ᠲᠣᠭᠲᠠᠭᠰᠠᠨ ᠰᠠᠭᠤᠭ᠋ᠠᠯᠢ ᠠᠷᠠᠳ᠎ᠤᠨ ᠡᠭᠦᠳᠡᠨ ᠡᠮᠨᠡᠯᠭᠡ ᠵᠢᠨ ᠰᠠᠭᠤᠷᠢ ᠮᠥᠩᠬᠦ ᠵᠢ ᠦᠨᠳᠦᠰᠦᠨ ᠱᠠᠲᠤᠨ᠎ᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ ᠪᠤᠶᠤ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ᠎ᠳᠤ ᠬᠥᠮᠥᠨ᠎ᠤ ᠲᠤᠭ᠎ᠠ᠎ᠪᠠᠷ ᠥᠭᠬᠦ ᠵᠢ ᠰᠦᠪᠡᠭᠴᠢᠯᠠᠨ ᠬᠡᠷᠡᠭᠵᠢᠭᠦᠯᠬᠦ ᠵᠢ᠎ᠨᠢ ᠵᠣᠷᠢᠭᠵᠢᠭᠤᠯᠤᠨ᠎ᠠ᠃ ᠭᠤᠯᠳᠤ᠎ᠪᠠᠷ ᠬᠠᠮᠲᠤᠷᠠᠨ ᠠᠵᠢᠯᠯᠠᠬᠤ ᠡᠮ ᠡᠮᠨᠡᠯᠭᠡ ᠵᠢᠨ ᠬᠤᠯᠪᠣᠭ᠋ᠠᠲᠤ ᠴᠣᠭᠴᠠ ᠵᠡᠷᠭᠡ ᠠᠵᠢᠯ ᠬᠤᠪᠢᠶᠠᠨ ᠬᠠᠮᠵᠢᠯᠴᠠᠬᠤ ᠵᠠᠭᠪᠤᠷ᠎ᠲᠤ ᠡᠮ ᠡᠮᠨᠡᠯᠭᠡ ᠵᠢᠨ ᠳᠠᠭ᠋ᠠᠳᠬᠠᠯ᠎ᠤᠨ ᠶᠡᠷᠦᠩᠬᠡᠶ ᠲᠤᠭ᠎ᠠ᠎ᠪᠠᠷ ᠵᠠᠷᠤᠳᠠᠯ ᠳᠥᠯᠥᠬᠦ ᠵᠢ ᠬᠡᠷᠡᠭᠵᠢᠭᠦᠯᠬᠦ ᠵᠢ ᠰᠦᠪᠡᠭᠴᠢᠯᠡᠵᠦ᠂ ᠡᠮ ᠡᠮᠨᠡᠯᠭᠡ ᠵᠢᠨ ᠳᠠᠭ᠋ᠠᠳᠬᠠᠯ᠎ᠤᠨ ᠵᠠᠷᠤᠳᠠᠯ ᠳᠥᠯᠥᠬᠦ ᠵᠢ ᠬᠢᠵᠠᠭ᠋ᠠᠷᠯᠠᠬᠤ ᠶᠠᠪᠤᠴᠠ᠎ᠳᠠᠬᠢ ᠭᠡᠷ ᠪᠦᠯᠢ ᠵᠢᠨ ᠡᠮᠴᠢ ᠵᠢᠨ ᠦᠢ᠍ᠯᠡᠳᠦᠯ᠎ᠢ᠎ᠨᠢ ᠪᠠᠳᠠᠷᠠᠭᠤᠯᠵᠤ᠂ ᠬᠤᠣᠰ ᠴᠢᠭᠯᠡᠯ ᠵᠶ᠋ᠠᠷ ᠰᠢᠯᠵᠢᠭᠦᠯᠦᠨ ᠡᠮᠨᠡᠭᠦᠯᠬᠦ ᠵᠢ ᠵᠦᠢ ᠵᠣᠬᠢᠰᠲᠠᠶ᠎ᠪᠠᠷ ᠬᠥᠲᠥᠯᠥᠨ ᠵᠢᠯᠣᠭᠤᠳᠤᠨ᠎ᠠ᠃
ᠬᠦᠲᠦᠯᠦᠭᠴᠢ᠄
ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ ᠵᠢᠨ ᠨᠡᠩ ᠰᠠᠶ᠋ᠢᠨ ᠭᠡᠷᠡᠲᠦ ᠦᠢ᠍ᠯᠡᠴᠢᠯᠡᠭᠡ ᠬᠠᠩᠭ᠋ᠠᠬᠤ ᠵᠢ ᠬᠡᠷᠬᠢᠨ ᠤᠷᠮᠠᠰᠢᠭᠤᠯᠤᠨ ᠵᠣᠷᠢᠭᠵᠢᠭᠤᠯᠬᠤ ᠪᠤᠢ?
ᠸᠠᠩ ᠵᠠᠨ ᠭᠦᠸᠸ᠄
ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ ᠵᠢᠨ ᠦᠢ᠍ᠯᠡᠴᠢᠯᠡᠬᠦ ᠢᠳᠡᠪᠬᠢᠵᠢᠯ᠎ᠢ ᠳᠠᠶ᠋ᠢᠴᠢᠯᠠᠬᠤ᠎ᠳᠤ ᠤᠯᠠᠨ ᠲᠠᠯ᠎ᠠ ᠵᠢᠨ ᠤᠷᠮᠠᠰᠢᠭᠤᠯᠤᠨ ᠵᠣᠷᠢᠭᠵᠢᠭᠤᠯᠬᠤ ᠠᠷᠭ᠎ᠠ ᠬᠡᠮᠵᠢᠶ᠎ᠡ ᠠᠪᠬᠤ ᠴᠢᠬᠤᠯᠠᠲᠠᠶ ᠶᠤᠮ᠃ ᠣᠷᠣᠯᠭ᠎ᠠ ᠵᠢᠨ ᠬᠤᠪᠢᠶᠠᠷᠢᠯᠠᠯᠲᠠ ᠵᠢᠨ ᠲᠠᠯ᠎ᠠ᠎ᠪᠠᠷ᠂ ᠨᠢᠭᠡ᠎ᠳᠤ ᠨᠡᠶ᠋ᠢᠭᠡᠮ ᠨᠡᠶ᠋ᠢᠲᠡ ᠵᠢᠨ ᠠᠰᠠᠷᠠᠮᠵᠢ ᠵᠢᠨ ᠬᠠᠷᠠᠯᠲᠠᠲᠤ ᠡᠭᠦᠷᠭᠡ ᠵᠢ ᠪᠡᠶᠡᠯᠡᠭᠦᠯᠦᠭᠰᠡᠨ ᠪᠠᠶ᠋ᠢᠳᠠᠯ᠂ ᠭᠡᠷᠡᠲᠦ ᠦᠢ᠍ᠯᠡᠴᠢᠯᠡᠭᠡᠨ᠎ᠢ ᠪᠠᠭᠲᠠᠭ᠋ᠠᠭᠰᠠᠨ ᠠᠵᠢᠯ᠎ᠤᠨ ᠠᠮᠵᠢᠯᠲᠠ ᠪᠦᠲᠦᠮᠵᠢ ᠵᠢ ᠬᠢᠨᠠᠨ ᠰᠢᠯᠭ᠋ᠠᠬᠤ ᠪᠠᠶ᠋ᠢᠳᠠᠯ᠂ ᠠᠵᠢᠯ ᠦᠢ᠍ᠯᠡᠰ᠎ᠤᠨ ᠬᠥᠭᠵᠢᠯᠲᠡ ᠵᠡᠷᠭᠡ ᠬᠦᠴᠦᠨ ᠵᠦᠢ᠍ᠯ᠎ᠢ ᠶᠡᠷᠦᠩᠬᠡᠶ᠋ᠢᠯᠡᠨ ᠪᠣᠳᠣᠯᠬᠢᠯᠠᠵᠤ᠂ ᠦᠨᠳᠦᠰᠦᠨ ᠱᠠᠲᠤᠨ᠎ᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ ᠵᠢᠨ ᠠᠮᠵᠢᠯᠲᠠ ᠪᠦᠲᠦᠮᠵᠢ ᠵᠢᠨ ᠴᠠᠯᠢᠩ᠎ᠤᠨ ᠶᠡᠷᠦᠩᠬᠡᠶ ᠬᠡᠮᠵᠢᠶ᠎ᠡ ᠵᠢ ᠵᠦᠢ ᠵᠣᠬᠢᠰᠲᠠᠶ ᠲᠣᠭᠲᠠᠭ᠋ᠠᠨ᠂ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ᠎ᠨᠢ ᠴᠢᠨᠠᠷ ᠰᠠᠶ᠋ᠢᠲᠠᠶ ᠭᠡᠷᠡᠲᠦ ᠦᠢ᠍ᠯᠡᠴᠢᠯᠡᠭᠡᠨ ᠵᠡᠷᠭᠡ ᠵᠢ ᠬᠠᠩᠭ᠋ᠠᠯᠭ᠋ᠠᠬᠤ᠎ᠪᠠᠷ ᠳᠠᠮᠵᠢᠭᠤᠯᠤᠨ᠂ ᠣᠷᠣᠯᠭ᠎ᠠ ᠵᠢᠨ ᠬᠢᠷᠢ ᠬᠡᠮᠵᠢᠶ᠎ᠡ ᠵᠢ᠎ᠨᠢ ᠵᠦᠢ ᠵᠣᠬᠢᠰᠲᠠᠶ᠎ᠪᠠᠷ ᠳᠡᠭᠡᠭᠰᠢᠯᠡᠭᠦᠯᠦᠨ᠎ᠡ᠃ ᠬᠤᠶᠠᠷ᠎ᠲᠤ ᠦᠨᠳᠦᠰᠦᠨ ᠱᠠᠲᠤᠨ᠎ᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ ᠵᠢᠨ ᠳᠣᠲᠤᠭ᠋ᠠᠳᠤ᠎ᠳᠠᠬᠢ ᠠᠮᠵᠢᠯᠲᠠ ᠪᠦᠲᠦᠮᠵᠢ ᠵᠢᠨ ᠴᠠᠯᠢᠩ᠎ᠤᠨ ᠬᠤᠪᠢᠶᠠᠷᠢᠯᠠᠯᠲᠠ᠎ᠳᠤ ᠶᠡᠷᠦᠩᠬᠡᠶ ᠰᠠᠯᠠᠭ᠋ᠠᠨ᠎ᠤ ᠡᠮᠴᠢ ᠵᠢᠨ ᠨᠡᠮᠡᠭᠦᠷᠢ ᠮᠦᠩᠭᠦ ᠵᠡᠷᠭᠡ ᠠᠷᠭ᠎ᠠ ᠵᠢ ᠠᠪᠴᠤ᠂ ᠭᠡᠷᠡᠲᠦ ᠦᠢ᠍ᠯᠡᠴᠢᠯᠡᠭᠡᠨ ᠵᠡᠷᠭᠡ ᠡᠮᠴᠢᠯᠡᠭᠡᠨ᠎ᠤ ᠨᠢᠭᠡᠳᠦᠭᠡᠷ ᠹᠷᠣᠨᠲ᠎ᠤᠨ ᠡᠭᠦᠷᠭᠡ ᠵᠢ ᠡᠭᠦᠷᠭᠡᠯᠡᠵᠦ ᠪᠠᠶ᠋ᠢᠭ᠎ᠠ ᠬᠦᠮᠦᠰ᠎ᠲᠤ ᠬᠠᠷᠠᠭ᠋ᠠᠯᠵᠠᠯ ᠦᠵᠡᠭᠦᠯᠬᠦ ᠵᠢ᠎ᠨᠢ ᠵᠦᠪᠰᠢᠶᠡᠷᠡᠨ᠎ᠡ᠃ ᠦᠨᠳᠦᠰᠦᠨ ᠱᠠᠲᠤᠨ᠎ᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ᠎ᠨᠢ ᠣᠷᠣᠯᠭ᠎ᠠ ᠵᠠᠷᠤᠯᠭ᠎ᠠ ᠵᠢᠨ ᠦᠯᠡᠳᠡᠪᠦᠷᠢ ᠬᠡᠰᠡᠭ᠎ᠠᠴᠠ ᠲᠣᠭᠲᠠᠭ᠋ᠠᠯ ᠶᠣᠰᠣᠭ᠋ᠠᠷ ᠱᠠᠩᠨᠠᠯ᠎ᠤᠨ ᠰᠠᠭᠤᠷᠢ ᠮᠥᠩᠭᠦ ᠭᠠᠷᠭ᠋ᠠᠨ ᠠᠪᠴᠤ ᠪᠣᠯᠣᠨ᠎ᠠ᠃ ᠭᠤᠷᠪᠠ᠎ᠳᠤ ᠬᠤᠶᠠᠳᠤᠭ᠋ᠠᠷ ᠳᠡᠰ᠎ᠠᠴᠠ ᠳᠡᠭᠡᠭᠰᠢᠬᠢ ᠡᠮᠨᠡᠯᠭᠡ ᠵᠢᠨ ᠬᠤᠷᠢᠶ᠎ᠠ᠎ᠨᠢ ᠠᠮᠵᠢᠯᠲᠠ ᠪᠦᠲᠦᠮᠵᠢ ᠵᠢᠨ ᠴᠠᠯᠢᠩ᠎ᠤᠨ ᠬᠤᠪᠢᠶᠠᠷᠢᠯᠠᠯᠲᠠ᠎ᠳᠤ ᠭᠡᠷᠡᠲᠦ ᠦᠢ᠍ᠯᠡᠴᠢᠯᠡᠭᠡᠨ᠎ᠳᠤ ᠣᠷᠣᠯᠴᠠᠭᠰᠠᠨ ᠡᠮᠴᠢ᠎ᠳᠤ ᠬᠠᠷᠠᠭ᠋ᠠᠯᠵᠠᠯ ᠦᠵᠡᠭᠦᠯᠵᠦ ᠪᠣᠯᠣᠨ᠎ᠠ᠃ ᠨᠥᠬᠦᠴᠡᠯ᠎ᠲᠠᠢ ᠭᠠᠵᠠᠷ ᠣᠷᠣᠨ᠎ᠨᠢ ᠪᠠᠰᠠ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ ᠵᠢᠴᠢ ᠭᠡᠷᠡᠲᠦ ᠦᠢ᠍ᠯᠡᠴᠢᠯᠡᠭᠡᠨ᠎ᠳᠤ ᠤᠷᠤᠯᠴᠠᠭᠰᠠᠨ ᠬᠤᠶᠠᠳᠤᠭ᠋ᠠᠷ ᠳᠡᠰ᠎ᠠᠴᠠ ᠳᠡᠭᠡᠭᠰᠢᠬᠢ ᠡᠮᠨᠡᠯᠭᠡ ᠵᠢᠨ ᠬᠤᠷᠢᠶ᠎ᠠ ᠵᠢᠨ ᠶᠡᠭᠡ ᠡᠮᠴᠢ᠎ᠳᠤ ᠪᠡᠯᠡ ᠮᠥᠩᠭᠦ ᠵᠢᠨ ᠳᠡᠮᠵᠢᠯᠭᠡ ᠣᠯᠭᠤᠨ ᠵᠢᠯᠤᠭᠤᠳᠴᠦ ᠪᠣᠯᠣᠨ᠎ᠠ᠃ ᠡᠭᠦᠨ᠎ᠤ ᠬᠠᠮᠲᠤ ᠪᠠᠰᠠ ᠣᠷᠣᠨ ᠲᠤᠭ᠎ᠠ᠂ ᠠᠵᠢᠯᠲᠠᠨ ᠤᠷᠢᠵᠤ ᠬᠡᠷᠡᠭᠯᠡᠬᠦ᠂ ᠲᠤᠰᠢᠶᠠᠯ᠎ᠤᠨ ᠴᠣᠯᠠ ᠵᠢ ᠳᠡᠪᠰᠢᠭᠦᠯᠬᠦ᠂ ᠠᠵᠢᠯ᠎ᠤᠨ ᠪᠠᠶ᠋ᠢᠷᠢᠨ᠎ᠳᠤ ᠳᠠᠪᠲᠠᠨ ᠪᠣᠯᠪᠠᠰᠤᠷᠠᠭᠤᠯᠬᠤ᠂ ᠠᠳᠠᠯᠢᠳᠬᠠᠨ ᠰᠢᠯᠭ᠋ᠠᠷᠠᠭᠤᠯᠬᠤ ᠰᠢᠯᠢᠳᠡᠭ᠎ᠢ ᠲᠠᠨᠢᠯᠴᠠᠭᠤᠯᠬᠤ ᠲᠠᠯ᠎ᠠ᠎ᠪᠠᠷ ᠶᠡᠷᠦᠩᠬᠡᠶ ᠰᠠᠯᠠᠭ᠋ᠠᠨ᠎ᠤ ᠡᠮᠴᠢ᠎ᠳᠤ ᠬᠡᠯᠪᠡᠶ᠋ᠢᠬᠦ ᠬᠡᠷᠡᠭᠲᠡᠢ ᠭᠡᠵᠦ ᠲᠣᠭᠲᠠᠭ᠋ᠠᠵᠠᠢ᠃ ᠨᠢᠭᠡ᠎ᠳᠤ ᠰᠢᠯᠢᠳᠡᠭ ᠠᠵᠢᠯᠲᠠᠨ᠎ᠢ ᠡᠯ᠎ᠡ ᠱᠠᠲᠤᠨ᠎ᠤ ᠵᠠᠰᠠᠭ᠎ᠤᠨ ᠣᠷᠳᠣᠨ᠎ᠤ ᠴᠢᠳᠠᠪᠤᠷᠢᠲᠠᠨ ᠤᠷᠤᠭᠤᠯᠬᠤ ᠬᠠᠷᠠᠭ᠋ᠠᠯᠵᠠᠯᠲᠤ ᠲᠥᠷᠥ ᠵᠢᠨ ᠪᠤᠳᠤᠯᠭ᠎ᠠ ᠵᠢᠨ ᠬᠡᠪᠴᠢᠶᠡᠨ᠎ᠳᠤ ᠤᠷᠤᠭᠤᠯᠤᠨ᠂ ᠶᠡᠷᠦᠩᠬᠡᠶ ᠰᠠᠯᠠᠭ᠋ᠠᠨ᠎ᠤ ᠡᠮᠴᠢ ᠵᠢᠨ ᠠᠵᠢᠯ ᠮᠡᠷᠭᠡᠵᠢᠯ᠎ᠤᠨ ᠲᠠᠲᠠᠬᠤ ᠬᠦᠴᠦᠨ᠎ᠢ ᠨᠡᠮᠡᠭᠳᠡᠭᠦᠯᠬᠦ ᠬᠡᠷᠡᠭᠲᠡᠢ᠃ ᠬᠤᠶᠠᠷ᠎ᠲᠤ ᠦᠨᠳᠦᠰᠦᠨ ᠱᠠᠲᠤᠨ᠎ᠤ ᠡᠷᠡᠭᠦᠯ ᠬᠠᠮᠠᠭ᠋ᠠᠯᠠᠯ᠎ᠤᠨ ᠲᠤᠰᠬᠠᠶ ᠮᠡᠷᠭᠡᠵᠢᠯ᠎ᠤᠨ ᠠᠵᠢᠯᠲᠠᠨ᠎ᠤ ᠮᠡᠷᠭᠡᠵᠢᠯ᠎ᠤᠨ ᠴᠣᠯᠠ ᠵᠢ ᠬᠢᠨᠠᠨ ᠲᠣᠭᠲᠠᠭ᠋ᠠᠬᠤ ᠲᠤᠬᠠᠶ ᠤᠯᠤᠰ ᠪᠣᠯᠤᠨ ᠥᠪᠡᠷᠲᠡᠭᠡᠨ ᠵᠠᠰᠠᠬᠤ ᠣᠷᠣᠨ᠎ᠤ ᠲᠦᠷᠦ ᠵᠢᠨ ᠪᠤᠳᠤᠯᠭ᠎ᠠ ᠵᠢ ᠨᠠᠶ᠋ᠢᠳᠠᠪᠤᠷᠢᠵᠢᠭᠤᠯᠵᠤ᠂ ᠦᠨᠳᠦᠰᠦᠨ ᠱᠠᠲᠤᠨ᠎ᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ ᠵᠢᠨ ᠶᠡᠷᠦᠩᠬᠡᠶ ᠰᠠᠯᠠᠭ᠋ᠠᠨ᠎ᠤ ᠡᠮᠴᠢ ᠵᠢᠨ ᠥᠨᠳᠥᠷ᠂ ᠳᠤᠮᠳᠠ ᠵᠡᠷᠭᠡ ᠵᠢᠨ ᠠᠵᠢᠯ᠎ᠤᠨ ᠪᠠᠶ᠋ᠢᠷᠢ ᠵᠢᠨ ᠬᠠᠷᠢᠴᠠᠯ᠎ᠢ ᠵᠦᠢ ᠵᠣᠬᠢᠰᠲᠠᠶ ᠲᠣᠬᠢᠷᠠᠭᠤᠯᠵᠤ᠂ ᠮᠡᠷᠭᠡᠵᠢᠯ᠎ᠤᠨ ᠴᠣᠯᠠ ᠵᠢᠨ ᠳᠡᠪᠰᠢᠬᠦ ᠣᠷᠣᠨ ᠵᠠᠢ ᠵᠢ ᠥᠷᠭᠡᠳᠬᠡᠨ᠂ ᠭᠤᠣᠯᠳᠠᠭᠤ ᠭᠡᠷᠡᠲᠦ ᠦᠢ᠍ᠯᠡᠴᠢᠯᠡᠭᠡᠨ᠎ᠤ ᠰᠢᠯᠢᠳᠡᠭ ᠬᠢᠨᠠᠨ ᠰᠢᠯᠭ᠋ᠠᠷᠠᠭᠤᠯᠤᠭᠰᠠᠳᠲᠤ ᠬᠡᠯᠪᠡᠶ᠋ᠢᠬᠦ ᠬᠡᠷᠡᠭᠲᠡᠢ᠃ ᠭᠡᠷᠡᠲᠦ ᠦᠢ᠍ᠯᠡᠴᠢᠯᠡᠭᠡᠨ᠎ᠤ ᠬᠢᠨᠠᠨ ᠰᠢᠯᠭ᠋ᠠᠬᠤ ᠦᠷ᠎ᠡ ᠳ᠋ᠦᠩ᠎ᠢ ᠮᠡᠷᠭᠡᠵᠢᠯ᠎ᠤᠨ ᠴᠣᠯᠠ ᠳᠡᠪᠰᠢᠬᠦ ᠵᠢᠨ ᠴᠢᠬᠤᠯᠠ ᠬᠦᠴᠦᠨ ᠵᠦᠢ᠍ᠯ ᠪᠣᠯᠭ᠋ᠠᠬᠤ ᠬᠡᠷᠡᠭᠲᠡᠢ᠃ ᠭᠤᠷᠪᠠ᠎ᠳᠤ ᠬᠤᠳᠠ ᠵᠢᠨ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠮᠡᠷᠭᠡᠵᠢᠯᠲᠡᠳ᠎ᠤᠨ ᠮᠡᠷᠭᠡᠵᠢᠯ᠎ᠤᠨ ᠴᠣᠯᠠ ᠳᠡᠪᠰᠢᠬᠦ᠎ᠠᠴᠠ ᠡᠮᠦᠨ᠎ᠡ ᠦᠨᠳᠦᠰᠦᠨ ᠱᠠᠲᠤᠨ᠎ᠳᠤ ᠣᠴᠢᠵᠤ ᠦᠢ᠍ᠯᠡᠴᠢᠯᠡᠬᠦ ᠲᠦᠷᠦ ᠵᠢᠨ ᠪᠤᠳᠤᠯᠭ᠎ᠠ ᠵᠢ ᠴᠢᠩᠭ᠎ᠠ ᠨᠠᠶ᠋ᠢᠳᠠᠪᠤᠷᠢᠵᠢᠭᠤᠯᠵᠤ᠂ ᠦᠨᠳᠦᠰᠦᠨ ᠱᠠᠳᠤ ᠵᠢ ᠬᠠᠪᠰᠤᠷᠴᠤ ᠪᠠᠶ᠋ᠢᠭ᠋ᠠᠳ ᠦᠢ᠍ᠯᠡᠴᠢᠯᠡᠭᠡᠨ᠎ᠤ ᠴᠢᠳᠠᠪᠤᠷᠢ ᠵᠢ᠎ᠨᠢ ᠳᠡᠭᠡᠭᠰᠢᠯᠡᠭᠦᠯᠬᠦ ᠬᠡᠷᠡᠭᠲᠡᠢ᠃ ᠲᠦᠷᠪᠡ᠎ᠳᠤ ᠭᠡᠷ ᠪᠦᠯᠢ ᠵᠢᠨ ᠡᠮᠴᠢ ᠵᠢᠴᠢ ᠲᠡᠭᠦᠨ᠎ᠤ ᠪᠦᠯᠬᠦᠮ ᠨᠡᠶ᠋ᠢᠲᠡ ᠵᠢᠨ ᠪᠦᠷᠢᠯᠳᠦᠬᠦᠨ᠎ᠤ ᠦᠷᠭᠦᠯᠵᠢᠯᠡᠨ ᠠᠨᠠᠭ᠋ᠠᠬᠤ ᠤᠬᠠᠭ᠋ᠠᠨ᠎ᠤ ᠰᠤᠷᠭ᠋ᠠᠨ ᠬᠥᠮᠦᠵᠢᠯ ᠬᠦᠷᠲᠡᠬᠦ ᠵᠢ ᠴᠢᠩᠭ᠋ᠠᠷᠠᠭᠤᠯᠵᠤ᠂ ᠬᠤᠶᠠᠳᠤᠭ᠋ᠠᠷ ᠳᠡᠰ᠎ᠠᠴᠠ ᠳᠡᠭᠡᠭᠰᠢᠬᠢ ᠡᠮᠨᠡᠯᠭᠡ ᠵᠢᠨ ᠬᠤᠷᠢᠶ᠎ᠠ ᠵᠢᠨ ᠡᠮᠴᠢ ᠨᠠᠷ᠎ᠤᠨ ᠲᠣᠭᠲᠠᠭᠰᠠᠨ ᠬᠤᠭᠤᠴᠠᠭ᠎ᠠ᠎ᠲᠠᠢ᠎ᠪᠠᠷ ᠦᠨᠳᠦᠰᠦᠨ ᠱᠠᠲᠤᠨ᠎ᠳᠤ ᠣᠴᠢᠵᠤ ᠲᠤᠬᠠᠶ᠋ᠢᠯᠠᠭᠰᠠᠨ ᠠᠵᠢᠯ᠎ᠤᠨ ᠵᠢᠯᠤᠭᠤᠳᠤᠯᠭ᠎ᠠ ᠥᠷᠨᠢᠭᠦᠯᠬᠦ ᠵᠢᠴᠢ ᠭᠡᠷ ᠪᠦᠯᠢ ᠵᠢᠨ ᠡᠮᠴᠢ ᠵᠢᠨ ᠲᠣᠭᠲᠠᠮᠠᠯ ᠬᠤᠭᠤᠴᠠᠭ᠎ᠠ᠎ᠲᠠᠢ᠎ᠪᠠᠷ ᠳᠠᠪᠲᠠᠨ ᠪᠣᠯᠪᠠᠰᠤᠷᠠᠬᠤ ᠳᠦᠷᠢᠮ᠎ᠢ ᠪᠠᠶ᠋ᠢᠭᠤᠯᠤᠨ ᠲᠡᠭᠦᠯᠳᠡᠷᠵᠢᠭᠦᠯᠬᠦ ᠬᠡᠷᠡᠭᠲᠡᠢ᠃ ᠭᠡᠷᠡᠲᠦ ᠦᠢ᠍ᠯᠡᠴᠢᠯᠡᠭᠡᠨ᠎ᠤ ᠶᠠᠰᠤ ᠴᠢᠨᠠᠷ᠎ᠢ ᠳᠡᠭᠡᠭᠰᠢᠯᠡᠭᠦᠯᠬᠦ ᠬᠡᠷᠡᠭᠲᠡᠶ᠃ ᠲᠠᠪᠤ᠎ᠳᠤ ᠳᠣᠪᠤᠶ᠋ᠢᠮ᠎ᠠ ᠠᠮᠵᠢᠯᠲᠠ ᠪᠦᠲᠦᠭᠡᠯ ᠭᠠᠷᠭ᠋ᠠᠭᠰᠠᠨ ᠭᠡᠷ ᠪᠦᠯᠢ ᠵᠢᠨ ᠡᠮᠴᠢ ᠵᠢᠴᠢ ᠲᠡᠭᠦᠨ᠎ᠤ ᠪᠦᠯᠬᠦᠮ ᠨᠡᠶ᠋ᠢᠲᠡ ᠵᠢ ᠤᠯᠤᠰ᠎ᠤᠨ ᠲᠣᠭᠲᠠᠭ᠋ᠠᠯ ᠶᠣᠰᠣᠭ᠋ᠠᠷ ᠬᠥᠬᠢᠭᠦᠯᠦᠨ ᠰᠠᠶ᠋ᠢᠰᠢᠶᠠᠵᠤ᠂ ᠲᠡᠷᠢᠭᠦᠨ᠎ᠤ ᠨᠡᠶ᠋ᠢᠲᠡᠯᠢᠭ ᠵᠢᠱ᠌ᠢᠶ᠎ᠡ ᠵᠢ ᠶᠡᠬᠡᠪᠡᠷ ᠤᠬᠠᠭᠤᠯᠬᠤ ᠬᠡᠷᠡᠭᠲᠡᠢ᠃
ᠬᠦᠲᠦᠯᠦᠭᠴᠢ᠄
ᠭᠡᠷᠡᠲᠦ ᠦᠢ᠍ᠯᠡᠴᠢᠯᠡᠭᠡᠨ᠎ᠤ ᠠᠵᠢᠯ᠎ᠤᠨ ᠠᠮᠵᠢᠯᠲᠠ ᠪᠦᠲᠦᠮᠵᠢ ᠵᠢ ᠬᠢᠨᠠᠨ ᠰᠢᠯᠭ᠋ᠠᠬᠤ ᠵᠢ ᠬᠡᠷᠬᠢᠨ ᠴᠢᠩᠭ᠋ᠠᠳᠬᠠᠬᠤ ᠪᠤᠢ?
ᠸᠠᠩ ᠵᠠᠨ ᠭᠦᠸᠸ᠄
ᠠᠵᠢᠯ᠎ᠤᠨ ᠠᠮᠵᠢᠯᠲᠠ ᠪᠦᠲᠦᠮᠵᠢ ᠵᠢ ᠬᠢᠨᠠᠨ ᠰᠢᠯᠭ᠋ᠠᠬᠤ ᠰᠢᠨᠵᠢᠯᠡᠬᠦ ᠤᠬᠠᠭ᠋ᠠᠨᠴᠢ ᠲᠣᠭᠲᠠᠴᠠ ᠵᠢ ᠪᠠᠶ᠋ᠢᠭᠤᠯᠬᠤ ᠪᠣᠯ ᠭᠡᠷ ᠪᠦᠯᠢ ᠵᠢᠨ ᠡᠮᠴᠢ ᠵᠢᠨ ᠴᠢᠨᠠᠷ ᠰᠠᠶ᠋ᠢᠲᠠᠶ ᠦᠢ᠍ᠯᠡᠴᠢᠯᠡᠭᠡ ᠬᠠᠩᠭ᠋ᠠᠬᠤ ᠵᠢ ᠠᠬᠢᠭᠤᠯᠬᠤ ᠵᠢᠨ ᠵᠠᠩᠭᠢᠯᠠᠭ᠎ᠠ ᠮᠥᠨ᠃ ᠨᠢᠭᠡ᠎ᠳᠤ ᠠᠵᠢᠯ᠎ᠤᠨ ᠠᠮᠵᠢᠯᠲᠠ ᠪᠦᠲᠦᠮᠵᠢ ᠵᠢ ᠬᠢᠨᠠᠨ ᠰᠢᠯᠭ᠋ᠠᠬᠤ ᠪᠠᠷᠢᠮᠵᠢᠶ᠎ᠠ ᠵᠢ ᠪᠦᠷᠢᠨᠰᠢᠭᠦᠯᠬᠦ ᠬᠡᠷᠡᠭᠲᠡᠢ᠃ ᠡᠯ᠎ᠡ ᠠᠶ᠋ᠢᠮᠠᠭ ᠬᠤᠳᠠ ᠵᠢᠨ ᠡᠷᠡᠭᠦᠯ ᠬᠠᠮᠠᠭ᠋ᠠᠯᠠᠯ ᠲᠥᠯᠥᠪᠯᠡᠭᠡᠲᠦ ᠦᠷᠡᠵᠢᠯ᠂ ᠬᠥᠮᠦᠨ᠎ᠤ ᠬᠦᠴᠦᠨ᠎ᠤ ᠡᠬᠢ ᠪᠠᠶᠠᠯᠢᠭ ᠨᠡᠶ᠋ᠢᠭᠡᠮ᠎ᠤᠨ ᠪᠠᠲᠤᠯᠠᠭ᠎ᠠ᠂ ᠡᠳ᠋᠎ᠤᠨ ᠵᠠᠰᠠᠭ ᠵᠡᠷᠭᠡ ᠰᠠᠯᠠᠭ᠎ᠠ ᠮᠦᠴᠢᠷ᠎ᠤᠳ ᠭᠡᠷᠡᠲᠦ ᠦᠢ᠍ᠯᠡᠴᠢᠯᠡᠭᠡᠨ᠎ᠢ ᠬᠢᠨᠠᠨ ᠰᠢᠯᠭ᠋ᠠᠵᠤ ᠦᠨᠡᠯᠡᠬᠦ ᠲᠥᠷᠢᠮ᠎ᠢ ᠪᠠᠶ᠋ᠢᠭᠤᠯᠵᠤ᠂ ᠭᠡᠷ᠎ᠡ ᠲᠣᠭᠲᠠᠭᠰᠠᠳᠤᠨ ᠲᠤᠭ᠎ᠠ ᠬᠢᠭᠡᠳ ᠪᠦᠷᠢᠯᠳᠦᠯ᠂ ᠦᠢ᠍ᠯᠡᠴᠢᠯᠡᠭᠡᠨ᠎ᠤ ᠶᠠᠰᠤ ᠴᠢᠨᠠᠷ᠂ ᠡᠷᠡᠭᠦᠯ ᠮᠡᠨᠳᠦ ᠵᠢᠨ ᠬᠠᠮᠢᠶᠠᠷᠤᠯᠲᠠ ᠵᠢᠨ ᠦᠷ᠎ᠡ ᠪᠦᠲᠦᠮᠵᠢ᠂ ᠰᠠᠭᠤᠭ᠋ᠠᠯᠢ ᠠᠷᠠᠳ᠎ᠤᠨ ᠲᠠᠭ᠋ᠠᠯᠠᠮᠵᠢ ᠵᠢᠨ ᠬᠡᠮᠵᠢᠶ᠎ᠡ᠂ ᠡᠮ ᠡᠮᠨᠡᠯᠭᠡ ᠵᠢᠨ ᠰᠦᠢ᠍ᠳᠬᠡᠯ᠎ᠢ ᠡᠵᠡᠮᠳᠡᠯ᠂ ᠭᠡᠷ᠎ᠡ ᠲᠣᠭᠲᠠᠭᠰᠠᠨ ᠰᠠᠭᠤᠭ᠋ᠠᠯᠢ ᠠᠷᠠᠳ᠎ᠤᠨ ᠦᠨᠳᠦᠰᠦᠨ ᠱᠠᠲᠤᠨ᠎ᠳᠤ ᠡᠮᠨᠡᠭᠦᠯᠦᠭᠰᠡᠨ ᠬᠠᠷᠢᠴᠠᠯ ᠵᠡᠷᠭᠡ᠎ᠪᠠᠷ ᠭᠤᠣᠯ ᠪᠣᠯᠭ᠋ᠠᠭᠰᠠᠨ ᠭᠡᠷᠡᠲᠦ ᠦᠢ᠍ᠯᠡᠴᠢᠯᠡᠭᠡᠨ᠎ᠢ ᠬᠢᠨᠠᠨ ᠰᠢᠯᠭ᠋ᠠᠵᠤ ᠦᠨᠡᠯᠡᠬᠦ ᠭᠦᠢ᠍ᠴᠡᠳᠬᠡᠯ ᠲᠣᠭ᠋ᠠᠨ᠎ᠤ ᠰᠢᠰᠲ᠋ᠧᠮᠵᠢ ᠵᠢ ᠠᠯᠬᠤᠮ ᠠᠯᠬᠤᠮ ᠵᠶ᠋ᠠᠷ ᠪᠠᠶ᠋ᠢᠭᠤᠯᠬᠤ ᠬᠡᠷᠡᠭᠲᠡᠢ᠃ ᠬᠤᠶᠠᠷ᠎ᠲᠤ ᠲᠣᠭᠲᠠᠮᠠᠯ ᠬᠤᠭᠤᠴᠠᠭ᠎ᠠ᠎ᠲᠠᠢ᠎ᠪᠠᠷ ᠬᠢᠨᠠᠨ ᠰᠢᠯᠭ᠋ᠠᠬᠤ ᠬᠡᠷᠡᠭᠲᠡᠶ᠃ ᠭᠡᠷ ᠪᠦᠯᠢ ᠵᠢᠨ ᠡᠮᠴᠢ ᠵᠢᠨ ᠲᠥᠯᠥᠭᠡᠯᠡᠭᠴᠢ᠂ ᠭᠡᠷ᠎ᠡ ᠲᠣᠭᠲᠠᠭᠰᠠᠨ ᠰᠠᠭᠤᠭ᠋ᠠᠯᠢ ᠠᠷᠠᠳ᠎ᠤᠨ ᠲᠥᠯᠥᠭᠡᠯᠡᠭᠴᠢ ᠵᠢᠴᠢ ᠨᠡᠶ᠋ᠢᠭᠡᠮ᠎ᠤᠨ ᠲᠦᠯᠦᠭᠡᠯᠡᠭᠴᠢ ᠨᠠᠷ ᠬᠢᠨᠠᠨ ᠰᠢᠯᠭ᠋ᠠᠯᠲᠠ᠎ᠳᠤ ᠤᠷᠤᠯᠴᠠᠬᠤ ᠵᠢ ᠵᠣᠷᠢᠭᠵᠢᠭᠤᠯᠬᠤ ᠪᠦᠭᠡᠳ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ ᠵᠢᠨ ᠬᠢᠨᠠᠨ ᠦᠨᠡᠯᠡᠭᠰᠡᠨ ᠪᠣᠳᠠᠲᠠᠶ ᠪᠠᠶ᠋ᠢᠳᠠᠯ ᠪᠣᠯᠣᠨ ᠬᠢᠨᠠᠨ ᠰᠢᠯᠭ᠋ᠠᠭᠰᠠᠨ ᠦᠷ᠎ᠡ ᠳ᠋ᠦᠩ᠎ᠢ ᠴᠠᠭ ᠲᠤᠬᠠᠶ᠎ᠳᠤᠨᠢ ᠨᠡᠶ᠋ᠢᠭᠡᠮ ᠨᠡᠶ᠋ᠢᠲᠡᠯᠡᠬᠦ ᠬᠡᠷᠡᠭᠲᠡᠢ᠃ ᠭᠤᠷᠪᠠ᠎ᠳᠤ ᠬᠤᠯᠪᠣᠭᠳᠠᠭᠤᠯᠬᠤ ᠲᠣᠭᠲᠠᠴᠠ ᠵᠢ ᠪᠠᠶ᠋ᠢᠭᠤᠯᠬᠤ ᠬᠡᠷᠡᠭᠲᠡᠶ᠃ ᠠᠵᠢᠯ᠎ᠤᠨ ᠠᠮᠵᠢᠯᠲᠠ ᠪᠦᠲᠦᠮᠵᠢ ᠵᠢ ᠬᠢᠨᠠᠨ ᠰᠢᠯᠭ᠋ᠠᠭᠰᠠᠨ ᠦᠷ᠎ᠡ ᠳ᠋ᠦᠩ᠎ᠢ ᠡᠮᠨᠡᠯᠭᠡ ᠵᠢᠨ ᠳᠠᠭ᠋ᠠᠳᠬᠠᠯ ᠥᠭᠬᠦ᠂ ᠤᠯᠠᠨ ᠨᠡᠶ᠋ᠢᠲᠡ ᠵᠢᠨ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡᠨ᠎ᠤ ᠵᠠᠷᠤᠳᠠᠯ ᠰᠠᠯᠭ᠋ᠠᠨ ᠥᠭᠬᠦ ᠵᠢᠴᠢ ᠪᠦᠯᠬᠦᠮ ᠨᠡᠶ᠋ᠢᠲᠡ ᠪᠣᠯᠣᠨ ᠬᠤᠪᠢ ᠬᠥᠮᠦᠨ᠎ᠤ ᠠᠵᠢᠯ᠎ᠤᠨ ᠠᠮᠵᠢᠯᠲᠠ ᠪᠦᠲᠦᠮᠵᠢ ᠵᠢᠨ ᠬᠤᠪᠢᠶᠠᠷᠢᠯᠠᠯᠲᠠᠯᠤᠭᠠ ᠬᠤᠯᠪᠤᠭᠳᠠᠭᠤᠯᠬᠤ ᠬᠡᠷᠡᠭᠲᠡᠢ᠃ ᠬᠢᠨᠠᠨ ᠰᠢᠯᠭ᠋ᠠᠭᠰᠠᠨ ᠦᠷ᠎ᠡ ᠳ᠋ᠦᠩ᠎ᠨᠢ ᠬᠢᠷᠢ ᠲᠡᠩᠴᠡᠭᠰᠡᠨ ᠦᠭᠡᠢ᠂ ᠤᠯᠠᠨ ᠲᠦᠮᠡᠨ᠎ᠤ ᠳᠤᠰᠬᠠᠭᠰᠠᠨ ᠠᠰᠠᠭᠤᠳᠠᠯ ᠲᠦᠪᠯᠡᠷᠡᠵᠦ ᠪᠠᠶ᠋ᠢᠭ᠎ᠠ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ᠎ᠳᠤ ᠵᠣᠬᠢᠴᠠᠩᠭᠤᠶ ᠰᠢᠳᠬᠡᠬᠦ ᠲᠣᠭᠲᠠᠴᠠ ᠵᠢ ᠪᠠᠶ᠋ᠢᠭᠤᠯᠬᠤ ᠬᠡᠷᠡᠭᠲᠡᠶ᠃ ᠲᠦᠷᠪᠡ᠎ᠳᠤ ᠨᠡᠶ᠋ᠢᠭᠡᠮ᠎ᠤᠨ ᠬᠢᠨᠠᠯᠲᠠ ᠲᠠᠯᠪᠢᠬᠤ ᠦᠢ᠍ᠯᠡᠳᠦᠯ᠎ᠢ ᠪᠠᠳᠠᠷᠠᠭᠤᠯᠬᠤ ᠬᠡᠷᠡᠭᠲᠡᠶ᠃ ᠭᠡᠷ᠎ᠡ ᠲᠣᠭᠲᠠᠭᠰᠠᠨ ᠰᠠᠭᠤᠭ᠋ᠠᠯᠢ ᠠᠷᠠᠳ ᠵᠶ᠋ᠠᠷ ᠭᠤᠣᠯ ᠴᠣᠭᠴᠠ ᠪᠣᠯᠭ᠋ᠠᠭᠰᠠᠨ ᠦᠨᠡᠯᠡᠯᠲᠡ ᠵᠢ ᠬᠠᠷᠢᠭᠤ ᠲᠤᠰᠬᠠᠬᠤ ᠰᠢᠰᠲ᠋ᠧᠮᠵᠢ ᠵᠢ ᠪᠠᠶ᠋ᠢᠭᠤᠯᠤᠨ᠂ ᠤᠯᠠᠨ ᠲᠦᠮᠡᠨ᠎ᠤ ᠬᠢᠨᠠᠯᠲᠠ ᠲᠠᠯᠪᠢᠬᠤ ᠠᠷᠭ᠎ᠠ ᠵᠠᠮ᠎ᠢ ᠰᠠᠭ᠋ᠠᠳ ᠦᠭᠡᠢ ᠨᠡᠪᠲᠡᠷᠡᠭᠦᠯᠵᠦ᠂ ᠬᠠᠷᠢᠭᠤ ᠲᠤᠰᠬᠠᠭᠰᠠᠨ ᠦᠨᠡᠯᠡᠯᠲᠡ ᠵᠢᠨ ᠪᠠᠶ᠋ᠢᠳᠠᠯ ᠵᠶ᠋ᠠᠨ ᠴᠠᠭ ᠲᠤᠬᠠᠶ᠎ᠳᠤᠨᠢ ᠨᠡᠶ᠋ᠢᠭᠡᠮ᠎ᠳᠤ ᠨᠡᠶ᠋ᠢᠲᠡᠯᠡᠨ᠂ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ ᠵᠢᠨ ᠠᠵᠢᠯ᠎ᠤᠨ ᠠᠮᠵᠢᠯᠲᠠ ᠪᠦᠲᠦᠮᠵᠢ ᠵᠢ ᠬᠢᠨᠠᠨ ᠰᠢᠯᠭ᠋ᠠᠬᠤ ᠴᠢᠬᠤᠯᠠ ᠦᠨᠳᠦᠰᠦᠯᠡᠯ ᠪᠣᠯᠣᠨ ᠰᠠᠭᠤᠭ᠋ᠠᠯᠢ ᠠᠷᠠᠳ᠎ᠤᠨ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ ᠵᠢ ᠰᠣᠩᠭᠤᠬᠤ ᠴᠢᠬᠤᠯᠠ ᠯᠠᠪᠯᠠᠯᠲᠠ ᠪᠣᠯᠭ᠋ᠠᠬᠤ ᠬᠡᠷᠡᠭᠲᠡᠢ᠃
ᠬᠦᠲᠦᠯᠦᠭᠴᠢ᠄
ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡᠨ᠎ᠳᠤ ᠬᠡᠷᠬᠢᠨ ᠮᠡᠷᠭᠡᠵᠢᠯ᠎ᠤᠨ ᠲᠤᠯᠭ᠋ᠠᠭᠤᠷᠢᠯᠠᠯ ᠪᠠ ᠪᠠᠲᠤᠯᠠᠭ᠎ᠠ ᠬᠠᠩᠭ᠋ᠠᠬᠤ ᠪᠤᠢ?
ᠸᠠᠩ ᠵᠠᠨ ᠭᠦᠸᠸ᠄
ᠭᠡᠷᠡᠲᠦ ᠦᠢ᠍ᠯᠡᠴᠢᠯᠡᠭᠡᠨ᠎ᠤ ᠤᠷᠤᠭᠰᠢᠲᠠᠶ ᠠᠬᠢᠬᠤ᠂ ᠭᠡᠷ᠎ᠡ ᠲᠣᠭᠲᠠᠭᠴᠢ ᠬᠤᠶᠠᠷ ᠲᠠᠯ᠎ᠠ ᠵᠢᠨ ᠰᠠᠶ᠋ᠢᠨ ᠨᠥᠬᠦᠴᠡᠯᠳᠦᠨ ᠬᠥᠳᠡᠯᠦᠯᠴᠡᠬᠦ᠎ᠨᠢ ᠡᠬᠢ ᠪᠠᠶᠠᠯᠢᠭ᠎ᠢ ᠵᠤᠬᠢᠴᠠᠯᠳᠤᠭᠤᠯᠤᠨ ᠬᠠᠮᠲᠤ᠎ᠪᠠᠷ ᠬᠦᠷᠲᠡᠬᠦ ᠪᠠ ᠲᠧᠭᠨᠢᠭ ᠮᠡᠷᠭᠡᠵᠢᠯ᠎ᠤᠨ ᠬᠦᠴᠦᠲᠡᠶ ᠳᠡᠮᠵᠢᠯᠭᠡ᠎ᠠᠴᠠ ᠰᠠᠯᠵᠤ ᠴᠢᠳᠠᠬᠤ ᠦᠭᠡᠢ ᠶᠤᠮ᠃ ᠨᠢᠭᠡ᠎ᠳᠤ ᠬᠤᠶᠠᠳᠤᠭ᠋ᠠᠷ ᠳᠡᠰ᠎ᠠᠴᠠ ᠳᠡᠭᠡᠭᠰᠢᠬᠢ ᠡᠮᠨᠡᠯᠭᠡ ᠵᠢᠨ ᠬᠤᠷᠢᠶᠠᠨ᠎ᠤ ᠤᠳᠤ ᠪᠠᠶ᠋ᠢᠭ᠎ᠠ ᠪᠠᠶ᠋ᠢᠴᠠᠭ᠋ᠠᠬᠤ ᠰᠢᠯᠭ᠋ᠠᠨ ᠪᠠᠶ᠋ᠢᠴᠠᠭ᠋ᠠᠬᠤ᠂ ᠠᠷᠢᠭᠤᠳᠬᠠᠬᠤ ᠬᠠᠩᠭ᠋ᠠᠬᠤ ᠲᠥᠪ ᠵᠡᠷᠭᠡ ᠡᠬᠢ ᠪᠠᠶᠠᠯᠢᠭ᠎ᠢ ᠡᠮᠬᠢᠯᠡᠨ ᠨᠡᠶ᠋ᠢᠯᠡᠭᠦᠯᠵᠦ᠂ ᠦᠨᠳᠦᠰᠦᠨ ᠱᠠᠲᠤᠨ᠎ᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ᠎ᠳᠤ ᠴᠢᠯᠥᠭᠡᠲᠡᠶ ᠲᠠᠯᠪᠢᠬᠤ ᠬᠡᠷᠡᠭᠲᠡᠢ; ᠪᠡᠶ᠎ᠡ᠎ᠪᠠᠨ ᠳᠠᠭ᠋ᠠᠭ᠋ᠠᠭᠰᠠᠨ ᠣᠷᠣᠨ ᠪᠦᠰᠡ ᠵᠢᠨ ᠠᠨᠠᠭ᠋ᠠᠬᠤ ᠤᠬᠠᠭ᠋ᠠᠨ᠎ᠤ ᠰᠢᠯᠭ᠋ᠠᠨ ᠪᠠᠶ᠋ᠢᠴᠠᠭ᠋ᠠᠬᠤ ᠪᠠᠶ᠋ᠢᠭᠤᠯᠤᠮᠵᠢ᠂ ᠡᠪᠡᠳᠴᠢᠨ᠎ᠤ ᠵᠦᠢ ᠵᠢ ᠣᠨᠣᠰᠢᠯᠠᠬᠤ ᠪᠠᠶ᠋ᠢᠭᠤᠯᠤᠮᠵᠢ᠂ ᠠᠨᠠᠭ᠋ᠠᠬᠤ ᠤᠬᠠᠭ᠋ᠠᠨ᠎ᠤ ᠵᠢᠷᠤᠭ ᠳᠦᠷᠰᠦ᠎ᠪᠠᠷ ᠪᠠᠶ᠋ᠢᠴᠠᠭ᠋ᠠᠬᠤ ᠪᠠᠶ᠋ᠢᠭᠤᠯᠤᠮᠵᠢ ᠵᠡᠷᠭᠡ ᠵᠢ ᠪᠠᠶ᠋ᠢᠭᠤᠯᠬᠤ ᠵᠢ ᠬᠠᠶ᠋ᠢᠨ ᠰᠦᠪᠡᠭᠴᠢᠯᠡᠵᠦ᠂ ᠤᠷᠤᠨ ᠪᠦᠰᠡ ᠵᠢᠨ ᠡᠬᠢ ᠪᠠᠶᠠᠯᠢᠭ᠎ᠢ ᠬᠠᠮᠲᠤ᠎ᠪᠠᠷ ᠬᠦᠷᠲᠡᠬᠦ ᠵᠢ ᠪᠡᠶᠡᠯᠡᠭᠦᠯᠵᠦ᠂ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ᠎ᠳᠤ ᠡᠮ ᠡᠮᠨᠡᠯᠭᠡ ᠵᠢᠨ ᠡᠬᠢ ᠪᠠᠶᠠᠯᠢᠭ᠎ᠤᠨ ᠳᠡᠮᠵᠢᠯᠭᠡ ᠦᠵᠡᠭᠦᠯᠬᠦ ᠬᠡᠷᠡᠭᠲᠡᠢ᠃ ᠬᠤᠶᠠᠷ᠎ᠲᠤ ᠪᠦᠷᠢᠨ ᠲᠡᠭᠦᠯᠳᠡᠷ ᠣᠷᠣᠨ ᠪᠦᠰᠡ ᠵᠢᠨ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠮᠡᠳᠡᠭᠡ ᠵᠠᠩᠭᠢ ᠵᠢᠨ ᠲᠠᠪᠴᠠᠩ᠎ᠢ ᠪᠠᠶ᠋ᠢᠭᠤᠯᠵᠤ᠂ ᠭᠡᠷ᠎ᠡ ᠲᠣᠭᠲᠠᠭᠰᠠᠨ ᠰᠠᠭᠤᠭ᠋ᠠᠯᠢ ᠠᠷᠠᠳ᠎ᠤᠨ ᠡᠷᠡᠭᠦᠯ ᠮᠡᠨᠳᠤ ᠵᠢᠨ ᠳᠠᠩᠰᠠ ᠡᠪᠬᠡᠮᠡᠯ᠂ ᠡᠯᠧᠺᠳ᠋ᠷᠣᠨ ᠡᠪᠡᠳᠴᠢᠨ᠎ᠤ ᠲᠡᠮᠳᠡᠭᠯᠡᠯ᠂ ᠰᠢᠯᠭ᠋ᠠᠨ ᠪᠠᠶ᠋ᠢᠴᠠᠭ᠋ᠠᠭᠰᠠᠨ ᠮᠡᠳᠡᠭᠦᠯᠦᠯᠲᠡ ᠵᠡᠷᠭᠡ ᠮᠡᠳᠡᠭᠡ ᠵᠠᠩᠭᠢ ᠵᠢ ᠬᠠᠮᠲᠤ᠎ᠪᠠᠷ ᠬᠦᠷᠲᠡᠬᠦ ᠪᠠ ᠲᠤᠬᠠᠶ᠋ᠢᠯᠠᠭᠰᠠᠨ ᠠᠵᠢᠯ᠎ᠤᠨ ᠲᠠᠯ᠎ᠠ᠎ᠪᠠᠷ ᠬᠠᠮᠲᠤᠷᠠᠯᠴᠠᠬᠤ ᠵᠢ ᠪᠡᠶᠡᠯᠡᠭᠦᠯᠬᠦ ᠬᠡᠷᠡᠭᠲᠡᠢ᠃ ᠭᠤᠷᠪᠠ᠎ᠳᠤ ᠠᠯᠤᠰ᠎ᠠᠴᠠ ᠡᠮᠴᠢᠯᠡᠬᠦ᠂ ᠳᠠᠷᠤᠶ ᠲᠦᠷᠭᠡᠨ ᠮᠡᠳᠡᠭᠡᠯᠡᠬᠦ ᠵᠡᠷᠭᠡ ᠠᠷᠭ᠎ᠠ ᠬᠡᠯᠪᠡᠷᠢ᠎ᠪᠠᠷ ᠳᠠᠮᠵᠢᠭᠤᠯᠤᠨ ᠬᠤᠶᠠᠳᠤᠭ᠋ᠠᠷ ᠳᠡᠰ᠎ᠠᠴᠠ ᠳᠡᠭᠡᠭᠰᠢᠬᠢ ᠡᠮᠨᠡᠯᠭᠡ ᠵᠢᠨ ᠬᠤᠷᠢᠶᠠᠨ᠎ᠤ ᠶᠡᠭᠡ ᠡᠮᠴᠢ ᠬᠢᠭᠡᠳ ᠭᠡᠷ ᠪᠦᠯᠢ ᠵᠢᠨ ᠡᠮᠴᠢ ᠵᠢᠨ ᠮᠡᠷᠭᠡᠵᠢᠯ᠎ᠤᠨ ᠰᠣᠯᠢᠯᠴᠠᠭ᠎ᠠ ᠵᠢ ᠴᠢᠩᠭ᠋ᠠᠳᠬᠠᠬᠤ ᠬᠡᠷᠡᠭᠲᠡᠢ᠃ ᠲᠦᠷᠪᠡ᠎ᠳᠤ ᠰᠢᠯᠵᠢᠮᠡᠯ ᠬᠤᠯᠪᠤᠭ᠎ᠠ ᠵᠢᠨ ᠬᠡᠷᠡᠭᠯᠡᠭᠴᠢ ᠦᠵᠦᠭᠦᠷᠯᠢᠭ ᠵᠡᠷᠭᠡ ᠤᠯᠠᠨ ᠵᠦᠢ᠍ᠯ᠎ᠤᠨ ᠠᠷᠭ᠎ᠠ ᠬᠡᠯᠪᠡᠷᠢ᠎ᠪᠠᠷ ᠳᠠᠮᠵᠢᠭᠤᠯᠤᠨ ᠭᠡᠷ ᠪᠦᠯᠢ ᠵᠢᠨ ᠡᠮᠴᠢ ᠪᠠ ᠭᠡᠷ᠎ᠡ ᠲᠣᠭᠲᠠᠭᠰᠠᠨ ᠰᠠᠭᠤᠭ᠋ᠠᠯᠢ ᠠᠷᠠᠳ᠎ᠤᠨ ᠰᠣᠯᠢᠯᠴᠠᠭ᠋ᠠᠨ᠎ᠤ ᠲᠠᠪᠴᠠᠩ᠎ᠢ ᠪᠠᠶ᠋ᠢᠭᠤᠯᠵᠤ᠂ ᠮᠡᠳᠡᠭᠡ ᠵᠠᠩᠭᠢ ᠵᠢᠨ ᠵᠥᠪᠯᠡᠯᠭᠡ ᠥᠭᠬᠦ᠂ ᠰᠠᠨᠠᠯ ᠵᠶ᠋ᠠᠨ ᠰᠤᠯᠢᠯᠴᠠᠬᠤ᠂ ᠡᠪᠡᠳᠴᠢᠲᠡᠨ ᠬᠠᠷᠢᠭᠤ ᠲᠤᠰᠬᠠᠬᠤ᠂ ᠡᠷᠡᠭᠦᠯ ᠮᠡᠨᠳᠤ ᠵᠢᠨ ᠬᠠᠮᠢᠶᠠᠷᠤᠯᠲᠠ ᠵᠡᠷᠭᠡ ᠶᠠᠪᠤᠳᠠᠯ᠎ᠳᠤ ᠳᠥᠭᠦᠮ ᠦᠵᠡᠭᠦᠯᠬᠦ ᠬᠡᠷᠡᠭᠲᠡᠢ᠃ ᠲᠠᠪᠤ᠎ᠳᠤ ᠰᠢᠯᠵᠢᠮᠡᠯ ᠢᠨᠲ᠋ᠧᠷ ᠰᠦᠯᠵᠢᠶ᠎ᠡ᠂ ᠡᠮᠦᠰᠴᠦ ᠵᠡᠭᠦᠵᠦ ᠪᠤᠯᠬᠤ ᠲᠥᠬᠦᠭᠡᠷᠦᠮᠵᠢ ᠵᠡᠷᠭᠡ ᠵᠢ ᠢᠳᠡᠪᠬᠢᠲᠡᠶ ᠠᠰᠢᠭᠯᠠᠨ ᠭᠡᠷ᠎ᠡ ᠲᠣᠭᠲᠠᠭᠰᠠᠨ ᠰᠠᠭᠤᠭ᠋ᠠᠯᠢ ᠠᠷᠠᠳ᠎ᠲᠤ ᠰᠦᠯᠵᠢᠶᠡᠨ ᠳᠡᠭᠡᠷ᠎ᠡ ᠤᠷᠢᠳᠴᠢᠯᠠᠨ ᠪᠣᠯᠵᠣᠵᠤ ᠡᠮᠴᠢᠯᠡᠭᠦᠯᠬᠦ᠂ ᠡᠮᠨᠡᠭᠦᠯᠬᠦ᠎ᠪᠠᠷ ᠬᠦᠯᠢᠶᠡᠬᠦ ᠰᠠᠨᠠᠭᠤᠯᠤᠮᠵᠢ᠂ ᠦᠨ᠎ᠡ ᠪᠤᠳᠤᠵᠤ ᠰᠦᠢ᠍ᠳᠬᠡᠯ ᠲᠤᠰᠢᠶᠠᠬᠤ᠂ ᠣᠨᠣᠰᠢᠯᠠᠨ ᠡᠮᠨᠡᠬᠦ ᠮᠡᠳᠡᠭᠦᠯᠦᠯᠲᠡ ᠵᠢ ᠪᠠᠶ᠋ᠢᠴᠠᠭ᠋ᠠᠨ ᠯᠠᠪᠯᠠᠬᠤ᠂ ᠡᠮ ᠲᠣᠬᠢᠷᠠᠭᠤᠯᠤᠨ ᠬᠦᠷᠭᠡᠬᠦ ᠪᠠ ᠡᠷᠡᠭᠦᠯ ᠮᠡᠨᠳᠤ ᠵᠢᠨ ᠮᠡᠳᠡᠭᠡ ᠵᠠᠩᠭᠢ ᠵᠢ ᠬᠤᠷᠢᠶᠠᠨ ᠴᠤᠭᠯᠠᠭᠤᠯᠬᠤ ᠵᠡᠷᠭᠡ ᠦᠢ᠍ᠯᠡᠴᠢᠯᠡᠭᠡ ᠵᠢ ᠬᠠᠩᠭ᠋ᠠᠵᠤ᠂ ᠤᠯᠠᠨ ᠲᠦᠮᠡᠨ᠎ᠤ ᠭᠡᠷᠡᠲᠦ ᠦᠢ᠍ᠯᠡᠴᠢᠯᠡᠭᠡ᠎ᠠᠴᠠ ᠤᠯᠤᠭᠰᠠᠨ ᠲᠦᠷᠦᠭᠳᠡᠯ᠎ᠲᠦ ᠰᠡᠳᠬᠢᠯᠭᠡ ᠵᠢ᠎ᠨᠢ ᠨᠡᠮᠡᠭᠳᠡᠭᠦᠯᠬᠦ ᠬᠡᠷᠡᠭᠲᠡᠢ᠃ ᠵᠢᠷᠭᠤᠭ᠎ᠠ᠎ᠳᠤ ᠮᠣᠩᠭᠤᠯ ᠬᠢᠲᠠᠳ ᠡᠮ ᠡᠮᠨᠡᠯᠭᠡ ᠵᠢᠨ ᠭᠡᠷᠡᠲᠦ ᠦᠢ᠍ᠯᠡᠴᠢᠯᠡᠭᠡᠨ᠎ᠳᠠᠬᠢ ᠤᠨᠴᠠᠯᠢᠭᠲᠤ ᠳᠠᠪᠠᠭᠤᠯᠢᠭ᠎ᠢ᠎ᠨᠢ ᠪᠠᠳᠠᠷᠠᠭᠤᠯᠬᠤ ᠬᠡᠷᠡᠭᠲᠡᠢ᠃ ᠮᠤᠩᠭᠤᠯ ᠬᠢᠲᠠᠳ ᠡᠮ ᠡᠮᠨᠡᠯᠭᠡ ᠵᠢᠨ ᠢᠯᠡ ᠲᠤᠳᠤ ᠣᠨᠴᠠᠯᠢᠭ ᠪᠠ ᠳᠠᠪᠠᠭᠤᠯᠢᠭ᠎ᠲᠠᠢ ᠨᠢᠭᠡ ᠪᠦᠯᠦᠭ ᠦᠨᠳᠦᠰᠦᠨ ᠱᠠᠲᠤᠨ᠎ᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ ᠵᠢ ᠢᠳᠡᠭ ᠢᠳᠡᠭ ᠵᠶ᠋ᠠᠷ ᠪᠠᠶ᠋ᠢᠭᠤᠯᠬᠤ ᠬᠡᠷᠡᠭᠲᠡᠢ᠃ ᠮᠣᠩᠭᠤᠯ ᠡᠮ ᠡᠮᠨᠡᠯᠭᠡ ᠬᠢᠲᠠᠳ ᠡᠮ ᠡᠮᠨᠡᠯᠭᠡ ᠵᠢᠨ ᠲᠤᠰᠬᠠᠶ ᠮᠡᠷᠭᠡᠵᠢᠯ᠎ᠤᠨ ᠠᠵᠢᠯᠲᠠᠨ᠎ᠢ ᠵᠦᠢ ᠵᠣᠬᠢᠰᠲᠠᠶ ᠲᠣᠬᠢᠷᠠᠭᠤᠯᠵᠤ᠂ ᠭᠡᠷ ᠪᠦᠯᠢ ᠵᠢᠨ ᠡᠮᠴᠢ ᠵᠢᠨ ᠪᠦᠯᠬᠦᠮ ᠨᠡᠶ᠋ᠢᠲᠡ ᠨᠢᠭᠡᠪᠦᠷᠢ ᠴᠥᠮ ᠮᠣᠩᠭᠤᠯ ᠡᠮ ᠡᠮᠨᠡᠯᠭᠡ ᠬᠢᠲᠠᠳ ᠡᠮ ᠡᠮᠨᠡᠯᠭᠡ ᠵᠢᠨ ᠦᠢ᠍ᠯᠡᠴᠢᠯᠡᠭᠡ ᠬᠠᠩᠭ᠋ᠠᠵᠤ ᠳᠡᠶ᠋ᠢᠯᠬᠦ ᠡᠮᠴᠢ᠎ᠲᠠᠢ ᠪᠠᠶ᠋ᠢᠯᠭ᠋ᠠᠬᠤ ᠵᠢ ᠢᠳᠡᠭ ᠢᠳᠡᠭ ᠵᠶ᠋ᠠᠷ ᠪᠡᠶᠡᠯᠡᠭᠦᠯᠬᠦ ᠬᠡᠷᠡᠭᠲᠡᠢ᠃ ᠮᠣᠩᠭᠤᠯ ᠡᠮ ᠡᠮᠨᠡᠯᠭᠡ ᠬᠢᠲᠠᠳ ᠡᠮ ᠡᠮᠨᠡᠯᠭᠡ ᠵᠢᠨ ᠦᠢ᠍ᠯᠡᠴᠢᠯᠡᠭᠡ ᠵᠢ ᠴᠢᠩᠭ᠋ᠠᠳᠬᠠᠵᠤ᠂ ᠮᠣᠩᠭᠤᠯ ᠡᠮ ᠡᠮᠨᠡᠯᠭᠡ ᠬᠢᠲᠠᠳ ᠡᠮ ᠡᠮᠨᠡᠯᠭᠡ ᠵᠢᠨ ᠤᠷᠢᠳᠴᠢᠯᠠᠨ ᠰᠡᠷᠭᠡᠶ᠋ᠢᠯᠡᠬᠦ᠂ ᠡᠷᠡᠭᠦᠯ ᠮᠡᠡᠳᠦ ᠵᠢ ᠬᠠᠮᠠᠭ᠋ᠠᠯᠠᠬᠤ᠂ ᠡᠮᠨᠡᠨ ᠵᠠᠰᠠᠬᠤ᠂ ᠡᠷᠡᠭᠦᠯᠵᠢᠭᠦᠯᠬᠦ᠂ ᠡᠷᠡᠭᠦᠯ ᠮᠡᠨᠳᠤ ᠵᠢᠨ ᠬᠥᠮᠦᠵᠢᠯ ᠵᠡᠷᠭᠡ ᠲᠠᠯ᠎ᠠ ᠵᠢᠨ ᠴᠢᠬᠤᠯᠠ ᠦᠢ᠍ᠯᠡᠳᠦᠯ᠎ᠢ᠎ᠨᠢ ᠭᠦᠢ᠍ᠴᠡᠳ ᠪᠠᠳᠠᠷᠠᠭᠤᠯᠵᠤ᠂ ᠰᠠᠭᠤᠭ᠋ᠠᠯᠢ ᠠᠷᠠᠳ᠎ᠤᠨ ᠤᠯᠠᠨ ᠶᠠᠰᠤᠵᠢᠯᠠᠭᠰᠠᠨ ᠡᠷᠡᠭᠦᠯ ᠮᠠᠨᠳᠤ ᠵᠢᠨ ᠬᠡᠷᠡᠭᠴᠡᠭᠡ ᠱᠠᠭ᠋ᠠᠷᠳᠠᠯᠭ᠎ᠠ ᠵᠢ ᠬᠠᠩᠭ᠋ᠠᠬᠤ ᠬᠡᠷᠡᠭᠲᠡᠢ᠃ ᠲᠤᠯᠤᠭ᠎ᠠ᠎ᠳᠤ ᠡᠯ᠎ᠡ ᠭᠠᠵᠠᠷ᠎ᠢ ᠰᠢᠮᠳᠠᠭᠤᠯᠤᠨ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡᠨ᠎ᠤ ᠬᠡᠷᠡᠭᠴᠡᠭᠡ ᠪᠦᠬᠦᠢ ᠡᠮᠴᠢᠯᠡᠬᠦ ᠲᠣᠨᠤᠭ ᠲᠥᠬᠦᠭᠡᠷᠦᠮᠵᠢ᠂ ᠵᠠᠮ ᠬᠠᠷᠢᠯᠴᠠᠭ᠋ᠠᠨ᠎ᠤ ᠪᠠᠭ᠋ᠠᠵᠢ ᠵᠡᠷᠭᠡ ᠪᠡᠯᠡᠳᠬᠡᠮᠵᠢ ᠲᠦᠬᠦᠭᠡᠷᠦᠮᠵᠢ ᠵᠢᠨ ᠲᠤᠬᠢᠷᠠᠭᠤᠯᠤᠯᠲᠠ ᠵᠢ ᠴᠢᠩᠭ᠋ᠠᠳᠬᠠᠬᠤ ᠬᠡᠷᠡᠭᠲᠡᠢ᠃ ᠨᠠᠢ᠌ᠮᠠ᠎ᠳᠤ ᠤᠯᠠᠨ ᠨᠡᠶ᠋ᠢᠲᠡ ᠵᠢᠨ ᠦᠨᠳᠦᠰᠦᠨ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡᠨ᠎ᠤ ᠨᠥᠬᠦᠪᠥᠷᠢ ᠪᠡᠯᠡ ᠮᠥᠩᠭᠦ ᠵᠢ ᠬᠡᠷᠡᠭᠯᠡᠬᠦ ᠪᠠ ᠥᠭᠬᠦ ᠠᠷᠭ᠎ᠠ ᠬᠡᠯᠪᠡᠷᠢ ᠵᠢ ᠪᠦᠷᠢᠨᠰᠢᠭᠦᠯᠵᠦ᠂ ᠤᠯᠠᠨ ᠨᠡᠶ᠋ᠢᠲᠡ ᠵᠢᠨ ᠡᠷᠡᠭᠦᠯ ᠬᠠᠮᠠᠭ᠋ᠠᠯᠠᠯ᠎ᠤᠨ ᠦᠨᠳᠦᠰᠦᠨ ᠦᠢ᠍ᠯᠡᠴᠢᠯᠡᠭᠡ ᠵᠢ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡᠨᠯᠦᠭᠡ ᠵᠤᠯᠭ᠋ᠠᠭᠤᠯᠤᠨ ᠨᠡᠶ᠋ᠢᠯᠡᠭᠦᠯᠬᠦ ᠵᠢ ᠲᠦᠯᠬᠢᠨ ᠠᠬᠢᠭᠤᠯᠬᠤ ᠬᠡᠷᠡᠭᠲᠡᠢ᠃ ᠭᠡᠷ᠎ᠡ ᠲᠣᠭᠲᠠᠭᠰᠠᠨ ᠰᠠᠭᠤᠭ᠋ᠠᠯᠢ ᠠᠷᠠᠳ᠎ᠤᠨ ᠵᠠᠷᠤᠳᠠᠯ ᠲᠤᠰᠢᠶᠠᠬᠤ ᠵᠢ ᠬᠤᠷᠢᠶᠠᠬᠤ ᠠᠵᠢᠯ᠎ᠢ ᠵᠢᠷᠤᠮᠵᠢᠭᠤᠯᠵᠤ᠂ ᠦᠨᠳᠦᠰᠦᠨ ᠱᠠᠲᠤᠨ᠎ᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ ᠵᠢᠨ ᠬᠤᠷᠢᠶᠠᠭᠰᠠᠨ ᠭᠡᠷᠡᠲᠦ ᠦᠢ᠍ᠯᠡᠴᠢᠯᠡᠭᠡᠨ᠎ᠤ ᠰᠦᠢ᠍ᠳᠬᠡᠯ᠎ᠢ ᠨᠢᠭᠡᠴᠡ ᠵᠢᠨ ᠨᠢᠭᠡᠳᠦᠯᠲᠡᠢ ᠬᠠᠮᠢᠶᠠᠷᠤᠯᠲᠠ᠎ᠳᠤ ᠤᠷᠤᠭᠤᠯᠤᠨ᠂ ᠨᠢᠭᠡᠳᠦᠯᠲᠡᠶ ᠲᠥᠯᠥᠪᠯᠡᠨ ᠬᠡᠷᠡᠭᠯᠡᠬᠦ ᠬᠡᠷᠡᠭᠲᠡᠶ᠃ ᠪᠡᠯᠡ ᠮᠥᠩᠭᠦ ᠵᠢᠨ ᠬᠢᠨᠠᠯᠲᠠ ᠬᠠᠮᠢᠶᠠᠷᠤᠯᠲᠠ ᠵᠢ ᠴᠢᠩᠭ᠋ᠠᠳᠬᠠᠵᠤ᠂ ᠡᠳ᠋᠎ᠤᠨ ᠵᠠᠰᠠᠭ᠎ᠤᠨ ᠪᠡᠯᠡ ᠮᠥᠩᠭᠦ ᠵᠢᠨ ᠬᠡᠷᠡᠭᠯᠡᠯᠲᠡ ᠵᠢᠨ ᠦᠷ᠎ᠡ ᠠᠰᠢᠭ᠎ᠢ ᠳᠡᠭᠡᠭᠰᠢᠯᠡᠭᠦᠯᠬᠦ ᠬᠡᠷᠡᠭᠲᠡᠶ᠃
ᠬᠦᠲᠦᠯᠦᠭᠴᠢ᠄
ᠭᠡᠷᠡᠲᠦ ᠦᠢ᠍ᠯᠡᠴᠢᠯᠡᠭᠡᠨ᠎ᠳᠠᠬᠢ ᠵᠣᠬᠢᠶᠠᠨ ᠪᠠᠶ᠋ᠢᠭᠤᠯᠤᠯᠲᠠ ᠵᠢᠨ ᠤᠳᠤᠷᠢᠳᠤᠯᠭ᠎ᠠ ᠵᠢ ᠬᠡᠷᠬᠢᠨ ᠴᠢᠩᠭ᠋ᠠᠳᠬᠠᠬᠤ ᠪᠤᠢ?
ᠸᠠᠩ ᠵᠠᠨ ᠭᠦᠸᠸ᠄
ᠵᠣᠬᠢᠶᠠᠨ ᠪᠠᠶ᠋ᠢᠭᠤᠯᠤᠯᠲᠠ ᠵᠢᠨ ᠤᠳᠤᠷᠢᠳᠤᠯᠭ᠎ᠠ᠎ᠪᠠᠨ ᠴᠢᠩᠭ᠋ᠠᠳᠬᠠᠬᠤ ᠪᠣᠯ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡᠨ᠎ᠤ ᠨᠠᠶ᠋ᠢᠳᠠᠪᠤᠷᠢᠵᠢᠭᠤᠯᠤᠯᠲᠠ ᠵᠢ ᠠᠬᠢᠭᠤᠯᠬᠤ ᠴᠢᠬᠤᠯᠠ ᠪᠠᠲᠤᠯᠠᠭ᠎ᠠ ᠮᠥᠨ᠃ ᠨᠢᠭᠡ᠎ᠳᠤ ᠲᠦᠷᠦ ᠵᠢᠨ ᠪᠤᠳᠤᠯᠭ᠎ᠠ ᠠᠷᠭ᠎ᠠ ᠬᠡᠮᠵᠢᠶ᠎ᠡ ᠵᠢ ᠲᠡᠭᠦᠯᠳᠡᠷᠵᠢᠭᠦᠯᠬᠦ ᠬᠡᠷᠡᠭᠲᠡᠢ᠃ ᠥᠪᠡᠷᠲᠡᠭᠡᠨ ᠵᠠᠰᠠᠬᠤ ᠣᠷᠣᠨ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡᠨ᠎ᠤ ᠵᠢᠯᠣᠭᠤᠳᠬᠤ ᠰᠠᠨᠠᠯ᠎ᠢ ᠲᠤᠭᠲᠠᠭ᠋ᠠᠨ᠎ᠠ᠂ ᠡᠯ᠎ᠡ ᠠᠶ᠋ᠢᠮᠠᠭ ᠬᠤᠳᠠ ᠲᠤᠰ ᠭᠠᠵᠠᠷ ᠣᠷᠣᠨ᠎ᠤ᠎ᠪᠠᠨ ᠪᠣᠳᠠᠲᠤ ᠪᠠᠶ᠋ᠢᠳᠠᠯ᠎ᠲᠠᠢ ᠤᠶᠠᠯᠳᠤᠭᠤᠯᠵᠤ᠂ ᠪᠣᠳᠠᠲᠠᠶ ᠲᠥᠰᠦᠯ ᠪᠣᠯᠤᠨ ᠢᠵᠢ ᠪᠦᠷᠢᠯᠳᠦᠭᠦᠯᠦᠭᠰᠡᠨ ᠲᠦᠷᠦ ᠵᠢᠨ ᠪᠤᠳᠤᠯᠭ᠎ᠠ ᠵᠢ ᠴᠠᠭ ᠲᠤᠬᠠᠶ᠎ᠳᠤᠨᠢ ᠲᠣᠭᠲᠠᠭ᠋ᠠᠨ ᠨᠡᠶ᠋ᠢᠲᠡᠯᠡᠵᠦ᠂ ᠭᠡᠷ ᠪᠦᠯᠢ ᠵᠢᠨ ᠡᠮᠴᠢ ᠵᠢᠨ ᠭᠡᠷ᠎ᠡ ᠲᠣᠭᠲᠠᠬᠤ ᠪᠣᠳᠠᠲᠠᠶ ᠠᠭᠤᠯᠭ᠎ᠠ᠂ ᠮᠡᠷᠭᠡᠵᠢᠯ᠎ᠤᠨ ᠳᠦᠷᠢᠮᠵᠢᠯ ᠵᠡᠷᠭᠡ ᠵᠢ ᠲᠤᠳᠤᠷᠬᠠᠶ᠋ᠢᠯᠠᠬᠤ ᠬᠡᠷᠡᠭᠲᠡᠢ᠃ ᠬᠤᠶᠠᠷ᠎ᠲᠤ ᠨᠢᠭᠡᠳᠦᠯᠲᠡᠶ ᠲᠥᠯᠥᠪᠯᠡᠨ ᠵᠣᠬᠢᠴᠠᠭᠤᠯᠬᠤ ᠵᠢ ᠴᠢᠩᠭ᠋ᠠᠳᠬᠠᠬᠤ ᠬᠡᠷᠡᠭᠲᠡᠢ᠃ ᠵᠠᠰᠠᠭ᠎ᠤᠨ ᠣᠷᠳᠣᠨ ᠵᠶ᠋ᠠᠷ ᠭᠤᠤᠯᠯᠠᠭᠤᠯᠤᠬᠤ᠂ ᠰᠠᠯᠠᠭ᠎ᠠ ᠮᠥᠴᠢᠷ ᠬᠠᠮᠵᠢᠯᠴᠠᠬᠤ᠂ ᠨᠡᠶ᠋ᠢᠭᠡᠮ ᠳᠠᠶᠠᠭ᠋ᠠᠷ ᠤᠷᠤᠯᠴᠠᠬᠤ ᠠᠵᠢᠯ᠎ᠤᠨ ᠲᠣᠭᠲᠠᠴᠠ ᠵᠢ ᠪᠠᠶ᠋ᠢᠭᠤᠯᠤᠨ ᠲᠡᠭᠦᠯᠳᠡᠷᠵᠢᠭᠦᠯᠬᠦ ᠬᠡᠷᠡᠭᠲᠡᠢ᠃ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡᠨ᠎ᠤ ᠠᠵᠢᠯ᠎ᠢ ᠡᠯ᠎ᠡ ᠱᠠᠲᠤᠨ᠎ᠤ ᠵᠠᠰᠠᠭ᠎ᠤᠨ ᠣᠷᠳᠣᠨ᠎ᠤ ᠪᠣᠳᠠᠲᠤ ᠠᠮᠵᠢᠯᠲᠠ ᠵᠢᠨ ᠬᠢᠨᠠᠨ ᠰᠢᠯᠭ᠋ᠠᠯᠲᠠ᠎ᠳᠤ ᠤᠷᠤᠭᠤᠯᠬᠤ ᠬᠡᠷᠡᠭᠲᠡᠢ᠃ ᠲᠣᠭᠲᠠᠮᠠᠯ ᠬᠤᠭᠤᠴᠠᠭ᠎ᠠ᠎ᠲᠠᠢ᠎ᠪᠠᠷ ᠪᠠᠶ᠋ᠢᠴᠠᠭ᠋ᠠᠨ ᠰᠤᠳᠤᠯᠠᠵᠤ ᠵᠢᠯᠣᠭᠤᠳᠬᠤ ᠲᠣᠭᠲᠠᠴᠠ ᠵᠢ ᠪᠠᠶ᠋ᠢᠭᠤᠯᠵᠤ᠂ ᠢᠯᠡᠷᠡᠭᠰᠡᠨ ᠠᠰᠠᠭᠤᠳᠠᠯ ᠪᠠ ᠬᠦᠴᠢᠷᠳᠡᠯ᠎ᠢ ᠴᠠᠭ ᠲᠤᠬᠠᠶ᠎ᠳᠤᠨᠢ ᠰᠤᠳᠤᠯᠤᠨ ᠰᠢᠢ᠍ᠳᠪᠦᠷᠢᠯᠡᠬᠦ ᠬᠡᠷᠡᠭᠲᠡᠶ᠃ ᠬᠢᠨᠠᠯᠲᠠ ᠬᠡᠮᠵᠢᠯᠲᠡ᠂ ᠬᠢᠨᠠᠨ ᠵᠢᠯᠣᠭᠤᠳᠬᠤ ᠪᠠ ᠦᠨᠡᠯᠡᠨ ᠵᠢᠱ᠌ᠢᠬᠦ ᠠᠵᠢᠯ᠎ᠢ ᠴᠢᠩᠭ᠋ᠠᠳᠬᠠᠵᠤ᠂ ᠬᠠᠷᠠᠯᠳᠠᠲᠤ ᠡᠭᠦᠷᠭᠡ ᠵᠢᠨ ᠨᠠᠶ᠋ᠢᠳᠠᠪᠤᠷᠢᠵᠢᠭᠤᠯᠤᠯᠲᠠ ᠵᠢ ᠦᠨᠡᠨᠬᠦ ᠪᠠᠲᠤᠯᠠᠬᠤ ᠬᠡᠷᠡᠭᠲᠡᠶ᠃ ᠭᠤᠷᠪᠠ᠎ᠳᠤ ᠠᠵᠢᠯ ᠬᠤᠪᠢᠶᠠᠨ ᠬᠠᠮᠵᠢᠯᠴᠠᠬᠤ ᠵᠢ ᠴᠢᠩᠭ᠋ᠠᠳᠬᠠᠬᠤ ᠬᠡᠷᠡᠭᠲᠡᠶ᠃ ᠬᠥᠭᠵᠢᠭᠦᠯᠦᠯᠲᠡ ᠥᠭᠡᠷᠡᠴᠢᠯᠡᠯᠲᠡ ᠵᠢᠨ ᠰᠠᠯᠠᠭ᠎ᠠ ᠮᠥᠴᠢᠷ᠎ᠤᠳ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡᠨ᠎ᠳᠤ ᠬᠡᠷᠡᠭᠰᠡᠭᠡ ᠪᠦᠬᠦᠢ ᠪᠡᠯᠡᠳᠬᠡᠮᠵᠢ ᠲᠥᠬᠦᠭᠡᠷᠦᠮᠵᠢ ᠲᠣᠬᠢᠷᠠᠭᠤᠯᠬᠤ ᠪᠠ ᠭᠡᠷᠡᠲᠦ ᠦᠢ᠍ᠯᠡᠴᠢᠯᠡᠭᠡᠨ᠎ᠤ ᠦᠨ᠎ᠡ ᠬᠠᠩᠰᠢ ᠵᠢᠨ ᠬᠤᠯᠪᠣᠭᠳᠠᠯ ᠪᠦᠬᠦᠢ ᠠᠵᠢᠯ᠎ᠢ ᠰᠠᠶ᠋ᠢᠲᠤᠷ ᠬᠢᠬᠦ ᠬᠡᠷᠡᠭᠲᠡᠢ᠃ ᠡᠳ᠋᠎ᠤᠨ ᠵᠠᠰᠠᠭ᠎ᠤᠨ ᠰᠠᠯᠠᠭ᠎ᠠ ᠮᠥᠴᠢᠷ᠎ᠤᠳ ᠦᠨᠳᠦᠰᠦᠨ ᠱᠠᠲᠤᠨ᠎ᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ ᠵᠢᠨ ᠡᠯ᠎ᠡ ᠵᠦᠢ᠍ᠯ᠎ᠤᠨ ᠨᠥᠬᠦᠪᠥᠷᠢ ᠵᠢᠨ ᠪᠡᠯᠡ ᠮᠦᠩᠭᠦ ᠵᠢ ᠨᠢᠭᠡᠳᠦᠯᠲᠡᠶ ᠬᠢᠨᠠᠨ ᠲᠤᠭᠲᠠᠭ᠋ᠠᠬᠤ ᠵᠢᠨ ᠬᠠᠮᠲᠤ ᠭᠡᠷᠡᠲᠦ ᠦᠢ᠍ᠯᠡᠴᠢᠯᠡᠭᠡᠨ᠎ᠤ ᠲᠤᠭ᠎ᠠ ᠬᠡᠮᠵᠢᠶ᠎ᠡ ᠪᠠ ᠶᠠᠰᠤ ᠴᠢᠨᠠᠷᠲᠠᠢ ᠬᠠᠷᠢᠯᠴᠠᠨ ᠬᠤᠯᠪᠣᠭᠳᠠᠭᠤᠯᠬᠤ ᠲᠣᠭᠲᠠᠴᠠ ᠵᠢ ᠪᠠᠶ᠋ᠢᠭᠤᠯᠬᠤ ᠬᠡᠷᠡᠭᠲᠡᠢ᠃ ᠬᠥᠮᠦᠨ᠎ᠤ ᠬᠦᠴᠦᠨ᠎ᠤ ᠡᠬᠢ ᠪᠠᠶᠠᠯᠢᠭ ᠨᠡᠶ᠋ᠢᠭᠡᠮ᠎ᠤᠨ ᠪᠠᠲᠤᠯᠠᠭ᠎ᠠ᠂ ᠡᠷᠡᠭᠦᠯ ᠬᠠᠮᠠᠭ᠋ᠠᠯᠠᠯ ᠲᠥᠯᠥᠪᠯᠡᠭᠡᠲᠦ ᠦᠷᠡᠵᠢᠯ᠎ᠤᠨ ᠰᠠᠯᠠᠭ᠎ᠠ ᠮᠥᠴᠢᠷ᠎ᠤᠳ ᠱᠠᠲᠤ ᠬᠤᠪᠢᠶᠠᠨ ᠣᠨᠣᠰᠢᠯᠠᠨ ᠡᠮᠨᠡᠬᠦ ᠪᠠ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡᠨ᠎ᠤ ᠦᠨᠳᠦᠰᠦᠨ ᠡᠮ ᠡᠮᠨᠡᠯᠭᠡ ᠵᠢᠨ ᠳᠠᠭ᠋ᠠᠳᠬᠠᠯ ᠥᠭᠬᠦ᠂ ᠠᠵᠢᠯᠲᠠᠨ᠎ᠤ ᠶᠠᠪᠤᠳᠠᠯ᠎ᠤᠨ ᠬᠠᠮᠢᠶᠠᠷᠤᠯᠲᠠ᠂ ᠲᠤᠰᠢᠶᠠᠯ᠎ᠤᠨ ᠴᠣᠯᠠ ᠳᠡᠪᠰᠢᠬᠦ ᠵᠡᠷᠭᠡ᠎ᠳᠤ ᠠᠰᠢᠭᠲᠠᠢ ᠲᠦᠷᠦ ᠵᠢᠨ ᠪᠤᠳᠤᠯᠭ᠎ᠠ ᠵᠢ ᠪᠠᠶ᠋ᠢᠭᠤᠯᠤᠨ ᠲᠡᠭᠦᠯᠳᠡᠷᠵᠢᠭᠦᠯᠬᠦ ᠬᠡᠷᠡᠭᠲᠡᠢ᠃ ᠡᠷᠡᠭᠦᠯ ᠬᠠᠮᠠᠭ᠋ᠠᠯᠠᠯ ᠲᠥᠯᠥᠪᠯᠡᠭᠡᠲᠦ ᠦᠷᠡᠵᠢᠯ᠎ᠤᠨ ᠰᠠᠯᠠᠭ᠎ᠠ ᠮᠥᠴᠢᠷ᠎ᠤᠳ ᠭᠡᠷ ᠪᠦᠯᠢ ᠵᠢᠨ ᠡᠮᠴᠢ ᠵᠢᠨ ᠭᠡᠷᠡᠲᠦ ᠦᠢ᠍ᠯᠡᠴᠢᠯᠡᠭᠡᠨ᠎ᠤ ᠠᠵᠢᠯ᠎ᠢ ᠵᠣᠬᠢᠶᠠᠨ ᠪᠠᠶ᠋ᠢᠭᠤᠯᠬᠤ᠂ ᠵᠣᠬᠢᠴᠠᠭᠤᠯᠬᠤ ᠡᠭᠦᠷᠭᠡ ᠬᠠᠷᠢᠭᠤᠴᠠᠯᠭ᠎ᠠ ᠵᠢ ᠦᠨᠡᠨ ᠬᠦ᠌ ᠡᠭᠦᠷᠭᠡᠯᠡᠵᠦ᠂ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠡᠬᠢ ᠪᠠᠶᠠᠯᠢᠭ᠎ᠢ ᠨᠢᠭᠡᠳᠦᠯᠲᠡᠶ ᠲᠣᠬᠢᠷᠠᠭᠤᠯᠤᠨ᠂ ᠭᠡᠷᠡᠲᠦ ᠦᠢ᠍ᠯᠡᠴᠢᠯᠡᠭᠡᠨ᠎ᠤ ᠠᠵᠢᠯᠯᠠᠭ᠎ᠠ᠎ᠳᠠᠬᠢ ᠬᠢᠨᠠᠯᠲᠠ ᠬᠠᠮᠢᠶᠠᠷᠤᠯᠲᠠ᠎ᠪᠠᠨ ᠴᠢᠩᠭ᠋ᠠᠳᠬᠠᠬᠤ ᠬᠡᠷᠡᠭᠲᠡᠶ᠃