6 ᠳ᠋ᠤᠭ᠋ᠠᠷ ᠰᠠᠷ᠎ᠠ ᠵᠢᠨ 12᠎ᠤᠨ ᠡᠳᠦᠷ᠂ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ᠎ᠠᠴᠠ ᠭᠣᠤᠯᠯᠠᠨ ᠡᠷᠭᠢᠯᠡᠭᠰᠡᠨ 《ᠬᠦᠯᠦᠭ᠎ᠤᠨ ᠨᠢᠷᠣᠭᠣᠨ᠎ᠳᠤ ᠮᠣᠷᠳᠠᠵᠣ ᠦᠪᠣᠷ ᠮᠣᠩᠭᠣᠯ ᠵᠶ᠋ᠠᠷ ᠵᠢᠭᠣᠯᠴᠢᠯᠠᠬᠣ》 ᠥᠪᠥᠷ ᠮᠣᠩᠭᠣᠯ᠎ᠤᠨ ᠠᠳᠤᠭᠤᠨ ᠰᠣᠶᠣᠯ ᠵᠢᠭᠤᠯᠴᠢᠯᠠᠯ᠎ᠤᠨ ᠨᠠᠷᠠᠳᠬᠦᠨᠤ ᠰᠣᠨᠢᠨ ᠮᠡᠳᠡᠭᠡ ᠨᠡᠢ᠌ᠲᠡᠯᠡᠬᠦ ᠬᠤᠷᠠᠯ ᠬᠦᠬᠡᠬᠣᠳᠠᠳᠤ ᠶᠠᠪᠤᠭᠳᠠᠵᠤ᠂ ᠬᠤᠷᠠᠯ ᠳᠡᠭᠡᠷ᠎ᠡ 2019 ᠣᠨ᠎ᠤ 《ᠬᠦᠯᠦᠭ᠎ᠤᠨ ᠨᠢᠷᠣᠭᠣᠨ᠎ᠳᠤ ᠮᠣᠷᠳᠠᠵᠣ ᠦᠪᠣᠷ ᠮᠣᠩᠭᠣᠯ ᠵᠶ᠋ᠠᠷ ᠵᠢᠭᠣᠯᠴᠢᠯᠠᠬᠣ》 ᠠᠷᠪᠠᠨ ᠶᠡᠬᠡ ᠭᠣᠤᠯ ᠰᠡᠳᠦᠪᠲᠦ ᠨᠠᠷᠠᠳᠬᠦᠨᠢ ᠨᠡᠢ᠌ᠲᠡᠯᠡᠪᠡ᠃
《ᠬᠦᠯᠦᠭ᠎ᠤᠨ ᠨᠢᠷᠣᠭᠣᠨ᠎ᠳᠤ ᠮᠣᠷᠳᠠᠵᠣ ᠦᠪᠣᠷ ᠮᠣᠩᠭᠣᠯ ᠵᠶ᠋ᠠᠷ ᠵᠢᠭᠣᠯᠴᠢᠯᠠᠬᠣ》 ᠠᠷᠪᠠᠨ ᠶᠡᠬᠡ ᠭᠣᠤᠯ ᠰᠡᠳᠦᠪᠲᠦ ᠨᠠᠷᠠᠳᠬᠦᠨ ᠪᠣᠯ ᠵᠢᠩᠴᠢᠳ ᠮᠠᠶᠢᠭ᠎ᠤᠨ ᠵᠢᠭᠤᠯᠴᠢᠯᠠᠯ᠎ᠤᠨ ᠪᠡᠶᠡᠴᠢ ᠣᠢ᠌ᠯᠠᠭ᠋ᠠᠯᠳᠠ ᠵᠢᠨ ᠬᠡᠯᠪᠡᠷᠢ᠎ᠪᠠᠷ ᠳᠠᠮᠵᠢᠨ᠂ ᠮᠣᠷᠢ᠎ᠪᠠᠷ ᠠᠴᠢᠶᠠᠯᠠᠪᠣᠷᠢ ᠪᠣᠯᠭ᠋ᠠᠵᠣ᠂ ᠥᠪᠥᠷ ᠮᠣᠩᠭᠣᠯ᠎ᠤᠨ ᠣᠯᠠᠨ ᠡᠰᠢᠲᠦ ᠲᠡᠦᠬᠡ ᠰᠣᠶᠣᠯ ᠵᠢᠴᠢ ᠪᠠᠢ᠌ᠭ᠋ᠠᠯᠢᠯᠢᠭ ᠠᠮᠢ ᠠᠬᠤᠶ ᠵᠢᠨ ᠮᠠᠯᠴᠢᠨ ᠠᠢ᠌ᠯ ᠡᠷᠦᠬᠡ᠂ ᠬᠤᠷᠢᠮ ᠨᠠᠢ᠌ᠷ᠂ ᠳᠠᠭᠤᠤ ᠬᠥᠭᠵᠢᠮ ᠵᠡᠷᠭᠡ ᠦᠨᠳᠦᠰᠦᠲᠡᠨ᠎ᠤ ᠣᠨᠴᠠᠯᠢᠭ ᠪᠦᠬᠦᠢ ᠠᠮᠢᠳᠤᠷᠠᠯ᠎ᠤᠨ ᠠᠷᠭ᠎ᠠ ᠬᠡᠯᠪᠡᠷᠢ ᠵᠢ ᠠᠭᠣᠰᠣᠯᠴᠠᠭᠣᠯᠣᠨ ᠬᠤᠯᠪᠣᠵᠣ᠂ ᠵᠢᠭᠤᠯᠴᠢᠯᠠᠭᠴᠢᠳ᠎ᠢ ᠪᠡᠶᠡᠳᠡᠨ ᠣᠷᠣᠯᠴᠠᠭᠣᠯᠣᠨ᠎ᠠ᠃ ᠡᠨᠡ ᠬᠦ᠌ ᠠᠷᠪᠠᠨ ᠶᠡᠬᠡ ᠭᠣᠤᠯ ᠰᠡᠳᠦᠪᠲᠦ ᠨᠠᠷᠠᠳᠬᠦᠨ ᠪᠣᠯ᠄ ᠮᠣᠷᠢᠨ ᠨᠢᠷᠤᠭᠤᠨ ᠳᠡᠭᠡᠷᠡᠬᠢ ᠥᠪᠥᠷ ᠮᠣᠩᠭᠣᠯ · ᠬᠥᠯᠥᠨ ᠪᠤᠢ᠌ᠷ᠎ᠤᠨ ᠨᠡᠭᠦᠳᠡᠯ ᠮᠠᠯᠵᠢᠯ᠎ᠤᠨ ᠰᠣᠯᠢᠭᠳᠠᠯ᠎ᠤᠨ ᠬᠦᠨᠵᠡᠬᠡᠢ ᠬᠠᠢ᠌ᠯᠳᠠ ᠵᠠᠮ᠂ ᠣᠯᠠᠭ᠋ᠠᠨᠪᠣᠳᠣᠩᠤᠨ ᠨᠢᠭᠣᠴᠠᠭ᠋ᠠᠢ ᠣᠷᠴᠢᠨ᠎ᠢ ᠬᠠᠶ᠋ᠢᠨ ᠰᠦᠪᠡᠭᠴᠢᠯᠡᠬᠦ ᠠᠶᠠᠯᠠᠯ᠂ ᠬᠦᠬᠡᠬᠣᠳᠠ ᠵᠢᠨ ᠮᠣᠷᠢᠨ ᠮᠡᠷᠭᠡᠵᠢᠯ᠎ᠤᠨ ᠦᠵᠡᠭᠦᠯᠦᠯᠭᠡ ᠵᠢᠨ ᠤᠷᠤᠯᠳᠤᠭ᠋ᠠᠨ᠎ᠤ ᠪᠡᠶᠡᠴᠢ ᠣᠢ᠌ᠯᠠᠭ᠋ᠠᠯᠳᠠ ᠵᠢᠨ ᠠᠶᠠᠯᠠᠯ᠂ ᠳᠤᠮᠳᠠᠳᠤ ᠤᠯᠤᠰ᠎ᠤᠨ ᠠᠳᠣᠭᠣᠳᠣ ᠨᠣᠳᠣᠭ ᠰᠢᠯᠢ ᠵᠢᠨ ᠭᠣᠣᠯ᠎ᠤᠨ ᠲᠠᠯ᠎ᠠ ᠨᠤᠲᠤᠭ ᠵᠶ᠋ᠠᠷ ᠵᠢᠭᠣᠯᠴᠢᠯᠠᠨ ᠰᠡᠬᠦᠳᠡᠷᠯᠡᠬᠦ ᠪᠡᠶᠡᠴᠢ ᠣᠢ᠌ᠯᠠᠭ᠋ᠠᠯᠳᠠ ᠵᠢᠨ ᠠᠶᠠᠯᠠᠯ᠂ ᠰᠢᠯᠢ ᠵᠢᠨ ᠭᠣᠣᠯ᠎ᠤᠨ ᠲᠠᠯ᠎ᠠ ᠨᠤᠲᠤᠭ᠎ᠤᠨ ᠠᠳᠤᠭᠤᠨ ᠵᠠᠮ᠎ᠤᠨ ᠰᠣᠶᠣᠯ᠎ᠤᠨ ᠪᠡᠶᠡᠴᠢ ᠣᠢ᠌ᠯᠠᠭ᠋ᠠᠯᠳᠠ ᠵᠢᠨ ᠠᠶᠠᠯᠠᠯ᠂ ᠲᠦᠩᠯᠢᠶᠣᠤ ᠬᠢᠩᠭ᠋ᠠᠨ᠎ᠤ ᠠᠳᠤᠭᠤᠨ ᠰᠣᠶᠣᠯ᠎ᠢ ᠰᠤᠳᠤᠯᠤᠨ ᠰᠤᠷᠤᠯᠴᠠᠬᠤ ᠠᠶᠠᠯᠠᠯ᠂ ᠤᠯᠠᠭ᠋ᠠᠨᠴᠠᠪ᠎ᠤᠨ ᠤᠤᠭ᠋ᠠᠯ ᠰᠤᠶᠤᠯ᠎ᠤᠨ ᠪᠡᠶᠡᠴᠢ ᠣᠢ᠌ᠯᠠᠭ᠋ᠠᠯᠳᠠ ᠵᠢᠨ ᠠᠶᠠᠯᠠᠯ᠂ ᠬᠥᠯᠥᠨ ᠪᠤᠢ᠌ᠷ᠎ᠤᠨ ᠮᠣᠩᠭᠣᠯ᠎ᠤᠨ ᠭᠠᠷᠤᠯ ᠤᠭᠰᠠᠭ᠋ᠠᠨ᠎ᠤ ᠰᠣᠶᠣᠯ᠎ᠢ ᠬᠠᠶ᠋ᠢᠨ ᠰᠦᠪᠡᠭᠴᠢᠯᠡᠬᠦ ᠠᠶᠠᠯᠠᠯ᠂ ᠣᠷᠳᠣᠰ᠎ᠤᠨ ᠠᠳᠣᠭᠣᠨ ᠰᠣᠶᠣᠯ᠎ᠢ ᠮᠦᠷᠳᠡᠨ ᠰᠣᠷᠣᠯᠴᠠᠬᠣ ᠭᠡᠷ ᠪᠦᠯᠢ ᠵᠢᠨ ᠠᠶᠠᠯᠠᠯ᠂ ᠬᠦᠬᠡᠬᠣᠳᠠ ᠣᠷᠳᠣᠰ᠎ᠤᠨ ᠪᠣᠳᠠᠰ᠎ᠤᠨ ᠪᠣᠰᠤ ᠰᠤᠶᠤᠯ᠎ᠤᠨ ᠦᠪ᠎ᠤᠨ ᠬᠠᠶ᠋ᠢᠨ ᠰᠢᠨᠵᠢᠯᠡᠬᠦ ᠠᠶᠠᠯᠠᠯ ᠵᠡᠷᠭᠡ ᠪᠣᠯᠤᠨ᠎ᠠ᠃
《ᠡᠨᠡ ᠪᠣᠯ ᠮᠠᠨ᠎ᠤ ᠣᠷᠣᠨ᠎ᠤ ᠰᠣᠶᠣᠯ ᠵᠢᠭᠣᠯᠴᠢᠯᠠᠯ᠎ᠤᠨ ᠰᠠᠯᠠᠭ᠎ᠠ ᠮᠥᠴᠢᠷ ᠠᠮᠢ ᠠᠬᠤᠢ ᠵᠢ ᠣᠷᠢᠳ ᠵᠶ᠋ᠠᠷ ᠪᠣᠳᠣᠯᠬᠢᠯᠠᠵᠣ ᠪᠣᠬᠢᠷᠲᠤᠯ ᠦᠭᠡᠢ ᠬᠦᠭᠵᠢᠯᠲᠡ᠎ᠪᠠᠷ ᠤᠳᠤᠷᠢᠳᠤᠮᠵᠢ ᠪᠣᠯᠭ᠋ᠠᠭᠰᠠᠨ ᠴᠢᠨᠠᠷ ᠰᠠᠢ᠌ᠲᠠᠢ ᠬᠥᠭᠵᠢᠯᠲᠡ ᠵᠢᠨ ᠰᠢᠨ᠎ᠡ ᠵᠠᠮ ᠵᠶ᠋ᠠᠷ ᠡᠷᠡᠰ ᠭᠤᠢ᠌ᠪᠢᠰᠢ ᠦᠭᠡᠢ ᠵᠠᠮᠨᠠᠵᠤ᠂ ᠦᠵᠡᠰᠬᠦᠯᠡᠩᠲᠦ ᠰᠠᠢ᠌ᠬᠠᠨ ᠥᠪᠥᠷ ᠮᠣᠩᠭᠣᠯ ᠵᠶ᠋ᠠᠨ ᠪᠦᠲᠦᠭᠡᠨ ᠪᠠᠢ᠌ᠭᠣᠯᠬᠣ᠂ ᠪᠦᠬᠦ ᠣᠷᠣᠨ ᠪᠦᠰᠡ ᠵᠢᠨ ᠵᠢᠭᠣᠯᠴᠢᠯᠠᠯ ᠪᠠ ᠳᠥᠷᠪᠡᠨ ᠤᠯᠠᠷᠢᠯ᠎ᠤᠨ ᠵᠢᠭᠣᠯᠴᠢᠯᠠᠯ᠎ᠤᠨ ᠬᠥᠭᠵᠢᠯᠲᠡ ᠵᠢ ᠠᠬᠢᠭᠤᠯᠬᠤ ᠴᠢᠬᠤᠯᠠ ᠠᠷᠭ᠎ᠠ ᠪᠠᠷᠢᠯ ᠪᠣᠯᠤᠨ᠎ᠠ᠃》 ᠭᠡᠵᠦ ᠥᠪᠥᠷ ᠮᠣᠩᠭᠣᠯ᠎ᠤᠨ ᠰᠣᠶᠣᠯ ᠪᠠ ᠵᠢᠭᠣᠯᠴᠢᠯᠠᠯ᠎ᠤᠨ ᠲᠢᠩᠬᠢᠮ᠎ᠤᠨ ᠳᠠᠷᠤᠭ᠎ᠠ ᠾᠧ ᡁᠢ ᠯᠢᠶᠠᠩ ᠬᠡᠯᠡᠪᠡ᠃
ᠮᠠᠨ᠎ᠤ ᠣᠷᠣᠨ᠎ᠳᠤ ᠠᠳᠤᠭᠤᠨ ᠰᠣᠶᠣᠯ᠎ᠤᠨ ᠵᠢᠭᠣᠯᠴᠢᠯᠠᠯ᠎ᠤᠨ ᠨᠠᠷᠠᠲᠤ ᠲᠡᠮᠳᠡᠭ᠎ᠢ ᠡᠭᠦᠳᠬᠦ ᠥᠪᠡᠷᠮᠢᠴᠡ ᠳᠠᠪᠠᠭᠤᠯᠢᠭ᠎ᠲᠠᠢ ᠪᠠᠢ᠌ᠳᠠᠭ᠃ ᠡᠬᠦᠨ᠎ᠳᠤ᠂ ᠠᠳᠣᠭᠣᠨ ᠰᠣᠶᠣᠯ᠎ᠤᠨ ᠡᠬᠢ ᠪᠠᠶᠠᠯᠢᠭ ᠡᠯᠪᠡᠭ ᠪᠠᠶᠠᠯᠢᠭ ᠪᠠᠢ᠌ᠵᠣ᠂ ᠳᠤᠮᠳᠠᠳᠤ ᠤᠯᠤᠰ᠎ᠤᠨ ᠠᠳᠣᠭᠣᠨ ᠰᠣᠶᠣᠯ᠎ᠤᠨ ᠪᠦᠬᠦ ᠦᠵᠡᠮᠵᠢ ᠵᠢᠨ ᠮᠠᠶᠢᠭ᠎ᠤᠨ ᠲᠣᠭᠯᠠᠯᠲᠠ 《ᠮᠢᠩᠭ᠋ᠠᠨ ᠣᠨ᠎ᠤ ᠮᠣᠷᠢᠨ᠎ᠤ ᠮᠠᠭᠲᠠᠭ᠋ᠠᠯ》᠂ ᠲᠡᠤᠬᠡᠨ ᠮᠣᠷᠢᠨ ᠮᠡᠷᠭᠡᠵᠢᠯ᠎ᠤᠨ ᠪᠣᠳᠠᠲᠤ ᠦᠵᠡᠭᠳᠡᠯᠲᠦ ᠵᠦᠴᠦᠭᠡ 《ᠭᠣᠪᠢ ᠵᠢᠨ ᠡᠮᠦᠨᠡᠬᠢ ᠳᠣᠮᠣᠭ》᠂ ᠪᠠᠷᠭᠤ ᠮᠣᠩᠭᠣᠯ ᠠᠢ᠌ᠮᠠᠭ᠎ᠤᠨ 《ᠮᠣᠷᠢᠨ ᠪᠥᠵᠢᠭ》 ᠮᠣᠷᠢᠨ ᠮᠡᠷᠭᠡᠵᠢᠯ᠎ᠤᠨ ᠲᠣᠭᠯᠠᠯᠲᠠ᠂ ᠪᠣᠳᠠᠲᠤ ᠦᠵᠡᠭᠳᠡᠯᠲᠦ ᠵᠦᠴᠦᠭᠡ 《ᠮᠣᠩᠭᠣᠯ ᠮᠣᠷᠢ》 ᠵᠡᠷᠭᠡ ᠲᠣᠮᠣ ᠬᠡᠯᠪᠡᠷᠢ ᠵᠢᠨ ᠠᠳᠣᠭᠣᠨ ᠰᠣᠶᠣᠯ᠎ᠤᠨ ᠲᠣᠭᠯᠠᠯᠲᠠ᠎ᠨᠢ ᠥᠪᠥᠷ ᠮᠣᠩᠭᠣᠯ᠎ᠳᠤ ᠵᠠᠯᠭ᠋ᠠᠭ᠎ᠠ᠎ᠪᠠᠷ ᠶᠠᠪᠤᠭᠳᠠᠪᠠ᠃ ᠪᠠᠰᠠ᠂ ᠠᠳᠤᠭᠤᠨ᠎ᠤ ᠭᠣᠣᠯ ᠰᠡᠳᠦᠪᠲᠦ ᠵᠢᠭᠤᠯᠴᠢᠯᠠᠯ᠎ᠤᠨ ᠨᠠᠷᠠᠳᠬᠦᠨᠤ ᠣᠨᠴᠠᠯᠢᠭ ᠢᠯᠡᠷᠬᠡᠢ ᠪᠠᠢ᠌ᠵᠤ᠂ ᠠᠳᠤᠭᠤᠨ ᠰᠣᠶᠣᠯ᠎ᠤᠨ ᠪᠠᠶᠠᠷ ᠳᠤᠷᠠᠰᠬᠠᠯ᠎ᠤᠨ ᠤᠷᠤᠯᠳᠤᠭ᠋ᠠᠨ ᠲᠠᠰᠤᠷᠠᠯᠲᠠ ᠦᠭᠡᠢ ᠤᠨᠳᠣᠷᠣᠨ ᠭᠠᠷᠴᠤ ᠪᠠᠢ᠌ᠨ᠎ᠠ᠃ ᠡᠳᠡᠭᠡᠷ 《ᠮᠣᠩᠭᠣᠯ ᠮᠣᠷᠢᠨ᠎ᠤ ᠵᠣᠷᠢᠭ ᠰᠠᠨᠠᠭ᠎ᠠ》 ᠵᠢ ᠪᠠᠳᠠᠷᠠᠭᠤᠯᠬᠤ᠎ᠪᠠᠷ ᠭᠣᠣᠯ ᠰᠡᠳᠦᠪ ᠪᠣᠯᠭ᠋ᠠᠭᠰᠠᠨ ᠰᠢᠷᠢᠰ ᠠᠵᠢᠯᠯᠠᠭ᠎ᠠ᠎ᠨᠢ ᠤᠳᠬ᠎ᠠ ᠭᠦᠨᠵᠡᠭᠡᠢ᠂ ᠤᠷᠠᠯᠢᠭ ᠲᠡᠭᠦᠯᠳᠡᠷ᠂ ᠵᠣᠬᠢᠶᠠᠮᠵᠢ ᠨᠠᠷᠢᠯᠢᠭ ᠪᠦᠬᠦᠢ ᠲᠠᠯ᠎ᠠ ᠨᠤᠲᠤᠭ᠎ᠤᠨ ᠤᠷᠠᠯᠢᠭ᠎ᠤᠨ ᠪᠦᠲᠦᠭᠡᠯ ᠪᠣᠯᠤᠨ ᠦᠨᠳᠦᠰᠦᠲᠡᠨ᠎ᠤ ᠰᠣᠶᠣᠯ᠎ᠤᠨ ᠰᠣᠳᠣᠨ ᠪᠦᠲᠦᠭᠡᠯ ᠪᠤᠯᠵᠤ᠂ ᠵᠢᠭᠣᠯᠴᠢᠯᠠᠭᠴᠢᠳᠲᠤ ᠡᠯᠪᠡᠭ ᠪᠠᠶᠠᠯᠢᠭ ᠣᠶᠣᠨ ᠰᠠᠨᠠᠭ᠋ᠠᠨ᠎ᠤ ᠬᠦᠷᠲᠡᠬᠡᠯ ᠬᠠᠩᠭ᠋ᠠᠵᠤ ᠪᠠᠢ᠌ᠨ᠎ᠠ᠃