3 ᠰᠠᠷ᠎ᠠ ᠵᠢᠨ 12᠎ᠤᠨ ᠡᠳᠦᠷ᠂ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠣᠷᠳᠣᠨ᠎ᠤ ᠰᠣᠨᠢᠨ ᠮᠡᠳᠡᠭᠡᠨ᠎ᠤ ᠠᠯᠪᠠᠨ ᠬᠡᠷ 2021 ᠣᠨ᠎ᠤ ᠥᠪᠥᠷ ᠮᠣᠩᠭᠣᠯ᠎ᠤᠨ ᠬᠠᠪᠤᠷ᠎ᠤᠨ ᠤᠯᠠᠷᠢᠯ᠎ᠤᠨ ᠲᠠᠷᠢᠶᠠᠯᠠᠩ ᠮᠠᠯ ᠠᠵᠤ ᠠᠬᠤᠶ ᠵᠢᠨ ᠦᠢ᠍ᠯᠡᠳᠪᠦᠷᠢᠯᠡᠯ᠎ᠤᠨ ᠴᠠᠭ ᠠᠭᠤᠷ᠎ᠤᠨ ᠨᠦᠬᠦᠴᠡᠯ᠎ᠤᠨ ᠰᠣᠨᠢᠨ ᠮᠡᠳᠡᠭᠡ ᠨᠡᠢ᠌ᠳᠡᠯᠡᠬᠦ ᠬᠤᠷᠠᠯ ᠬᠤᠷᠠᠯᠳᠣᠭᠣᠯᠪᠠ᠃ ᠥᠪᠡᠷᠲᠡᠭᠡᠨ ᠵᠠᠰᠠᠬᠤ ᠣᠷᠣᠨ᠎ᠤ ᠴᠠᠭ ᠠᠭᠤᠷ᠎ᠤᠨ ᠲᠤᠪᠴᠢᠶᠠᠨ᠎ᠤ ᠳᠡᠳ᠋ ᠳᠠᠷᠤᠭ᠎ᠠ᠂ ᠰᠣᠨᠢᠨ ᠮᠡᠳᠡᠭᠡᠨ᠎ᠤ ᠥᠭᠦᠯᠡᠭᠴᠢ ᠯᠢᠦ ᠬᠠᠶ ᠪᠥᠸᠧ ᠭᠣᠤᠯ ᠰᠡᠳᠦᠪᠲᠦ ᠨᠡᠶ᠋ᠢᠲᠡᠯᠡᠯ ᠬᠢᠵᠦ᠂ ᠥᠪᠡᠷᠲᠡᠭᠡᠨ ᠵᠠᠰᠠᠬᠤ ᠣᠷᠣᠨ᠎ᠤ ᠴᠠᠭ ᠠᠭᠤᠷ᠎ᠤᠨ ᠲᠤᠪᠴᠢᠶᠠᠨ᠎ᠤ ᠪᠠᠴᠢᠮ ᠪᠠᠶ᠋ᠢᠳᠠᠯ᠎ᠢ ᠠᠷᠭ᠋ᠠᠴᠠᠭ᠋ᠠᠬᠤ ᠪᠠ ᠭᠠᠮᠰᠢᠭ᠎ᠢ ᠪᠠᠭ᠋ᠠᠰᠬᠠᠬᠤ ᠭᠠᠵᠠᠷ᠎ᠤᠨ ᠳᠠᠷᠤᠭ᠎ᠠ ᠨᠢᠦ ᠪᠦᠦ ᠯᠢᠶᠠᠩ᠂ ᠥᠪᠡᠷᠲᠡᠭᠡᠨ ᠵᠠᠰᠠᠬᠤ ᠣᠷᠣᠨ᠎ᠤ ᠠᠭᠤᠷ ᠠᠮᠢᠰᠬᠤᠯ᠎ᠤᠨ ᠲᠥᠪ᠎ᠤᠨ ᠳᠡᠭᠡᠳᠦ ᠵᠡᠷᠭᠡ ᠵᠢᠨ ᠢᠨᠵᠧᠨᠧᠷ ᠶᠠᠩ ᠵᠢᠩ᠂ ᠥᠪᠡᠷᠲᠡᠭᠡᠨ ᠵᠠᠰᠠᠬᠤ ᠣᠷᠣᠨ᠎ᠤ ᠠᠮᠢ ᠠᠬᠤᠶ ᠬᠢᠭᠡᠳ ᠲᠠᠷᠢᠶᠠᠯᠠᠩ᠎ᠤᠨ ᠴᠠᠭ ᠠᠭᠤᠷ᠎ᠤᠨ ᠲᠥᠪ᠎ᠤᠨ ᠳᠡᠭᠡᠳᠦ ᠵᠡᠷᠭᠡ ᠵᠢᠨ ᠢᠨᠵᠧᠨᠧᠷ ᠦ᠋ ᠿᠦᠩ ᠱᠧᠩ ᠰᠣᠨᠢᠨ ᠮᠡᠳᠡᠭᠡ ᠨᠡᠶ᠋ᠢᠲᠡᠯᠡᠬᠦ ᠬᠤᠷᠠᠯ᠎ᠳᠤ ᠣᠷᠣᠯᠴᠠᠭᠰᠠᠨ ᠪᠥᠭᠡᠳ ᠰᠣᠷᠪᠣᠯᠵᠢᠯᠠᠭᠴᠢᠳ᠎ᠤᠨ ᠠᠰᠠᠭᠤᠯᠲᠠ ᠵᠢ ᠬᠠᠷᠢᠭᠤᠯᠪᠠ᠃
2021 ᠣᠨ᠎ᠤ ᠥᠪᠥᠷ ᠮᠣᠩᠭᠣᠯ᠎ᠤᠨ ᠬᠠᠪᠤᠷ᠎ᠤᠨ ᠤᠯᠠᠷᠢᠯ᠎ᠤᠨ ᠲᠠᠷᠢᠶᠠᠯᠠᠩ ᠮᠠᠯ ᠠᠵᠤ ᠠᠬᠤᠶ ᠵᠢᠨ ᠦᠢ᠍ᠯᠡᠳᠪᠦᠷᠢᠯᠡᠯ᠎ᠤᠨ ᠴᠠᠭ ᠠᠭᠤᠷ᠎ᠤᠨ ᠨᠦᠬᠦᠴᠡᠯ᠎ᠤᠨ ᠰᠣᠨᠢᠨ ᠮᠡᠳᠡᠭᠡ ᠨᠡᠢ᠌ᠳᠡᠯᠡᠬᠦ ᠬᠤᠷᠠᠯ᠎ᠤᠨ ᠨᠡᠢ᠌ᠳᠡᠯᠡᠬᠦ ᠦᠬᠡ
ᠥᠪᠡᠷᠲᠡᠭᠡᠨ ᠵᠠᠰᠠᠬᠤ ᠣᠷᠣᠨ᠎ᠤ ᠴᠠᠭ ᠠᠭᠤᠷ᠎ᠤᠨ ᠲᠤᠪᠴᠢᠶᠠᠨ᠎ᠤ ᠳᠡᠳ᠋ ᠳᠠᠷᠤᠭ᠎ᠠ᠂ ᠰᠣᠨᠢᠨ ᠮᠡᠳᠡᠭᠡᠨ᠎ᠤ ᠥᠭᠦᠯᠡᠭᠴᠢ ᠯᠢᠦ ᠬᠠᠶ ᠪᠥᠸᠧ
ᠬᠠᠪᠤᠷ᠎ᠤᠨ ᠤᠯᠠᠷᠢᠯ ᠪᠣᠯ ᠮᠠᠨ᠎ᠤ ᠣᠷᠣᠨ᠎ᠤ ᠭᠠᠩ ᠬᠠᠭᠤᠷᠠᠶ᠂ ᠬᠦᠢ᠍ᠳᠡᠨ ᠤᠷᠤᠰᠬᠠᠯ᠂ ᠬᠢᠷᠠᠭᠤ ᠬᠥᠯᠳᠡᠭᠦᠦ᠂ ᠶᠡᠬᠡ ᠰᠠᠯᠬᠢ᠂ ᠡᠯᠡᠰᠦ ᠲᠣᠭᠣᠰᠣ ᠵᠡᠷᠭᠡ ᠴᠠᠭ ᠠᠭᠤᠷ᠎ᠤᠨ ᠭᠠᠮᠰᠢᠭ ᠵᠢᠴᠢ ᠬᠠᠳᠤᠨ ᠭᠣᠣᠯ᠎ᠤᠨ ᠬᠠᠯᠢᠶ᠎ᠠ ᠦᠶᠡᠷ᠂ ᠤᠢ ᠰᠢᠭᠤᠶ ᠨᠤᠲᠤᠭ ᠪᠡᠯᠴᠢᠭᠡᠷ᠎ᠤᠨ ᠭᠠᠯ᠎ᠤᠨ ᠠᠶᠤᠯ ᠵᠡᠷᠭᠡ᠎ᠠᠴᠠ ᠡᠭᠦᠰᠦᠭᠰᠡᠨ ᠭᠠᠮᠰᠢᠭ ᠤᠯᠠᠨ ᠭᠠᠷᠬᠤ᠂ ᠣᠯᠠᠨᠲᠠ ᠡᠭᠦᠰᠬᠦ ᠤᠯᠠᠷᠢᠯ ᠪᠣᠯᠤᠨ᠎ᠠ᠃ ᠣᠳᠣᠬᠠᠨ᠎ᠳᠤ᠂ ᠲᠠᠷᠢᠶᠠᠯᠠᠬᠤ ᠣᠷᠣᠨ ᠪᠠᠷᠠᠭᠤᠨ᠎ᠠᠴᠠ ᠵᠡᠭᠦᠨᠰᠢ᠎ᠪᠠᠨ ᠬᠠᠪᠤᠷ᠎ᠤᠨ ᠲᠠᠷᠢᠶᠠᠯᠠᠭ᠎ᠠ ᠵᠢᠨ ᠬᠤᠭᠤᠴᠠᠭ᠋ᠠᠨ᠎ᠳᠤ ᠣᠷᠣᠵᠤ᠂ ᠮᠠᠯᠵᠢᠬᠤ ᠣᠷᠣᠨ ᠲᠥᠯ ᠲᠤᠰᠴᠤ ᠪᠣᠶ᠋ᠢᠵᠢᠭᠤᠯᠬᠤ ᠵᠠᠩᠭᠢᠯᠠᠭ᠎ᠠ ᠵᠢᠨ ᠬᠤᠭᠤᠴᠠᠭ᠋ᠠᠨ᠎ᠳᠤ ᠣᠷᠣᠵᠤ᠂ ᠬᠠᠪᠤᠷ᠎ᠤᠨ ᠤᠯᠠᠷᠢᠯ᠎ᠤᠨ ᠴᠠᠭ ᠠᠭᠤᠷ᠎ᠤᠨ ᠦᠢ᠍ᠯᠡᠴᠢᠯᠡᠭᠡ ᠵᠢ ᠰᠠᠶ᠋ᠢᠲᠤᠷ ᠬᠢᠬᠦ᠎ᠨᠢ ᠠᠷᠠᠳ ᠣᠯᠠᠨ᠎ᠤ ᠦᠢ᠍ᠯᠡᠳᠪᠦᠷᠢᠯᠡᠯ ᠠᠮᠢᠳᠤᠷᠠᠯ᠎ᠳᠤ ᠴᠢᠬᠤᠯᠠ ᠠᠴᠢ ᠬᠣᠯᠪᠣᠭᠳᠠᠯ᠎ᠲᠠᠢ ᠶᠤᠮ᠃
ᠡᠳᠦᠭᠡ 2020 ᠣᠨ᠎ᠤ ᠪᠥᠬᠥ ᠣᠷᠣᠨ᠎ᠤ ᠭᠣᠤᠯ ᠪᠣᠯᠬᠤ ᠴᠠᠭ ᠠᠭᠤᠷ᠎ᠤᠨ ᠭᠠᠮᠰᠢᠭ᠂ ᠴᠠᠭ ᠠᠭᠤᠷ᠎ᠤᠨ ᠦᠢ᠍ᠯᠡᠴᠢᠯᠡᠭᠡᠨ᠎ᠤ ᠪᠠᠶ᠋ᠢᠳᠠᠯ ᠵᠢᠴᠢ ᠡᠨᠡ ᠵᠢᠯ᠎ᠤᠨ ᠬᠠᠪᠤᠷ᠎ᠤᠨ ᠤᠯᠠᠷᠢᠯ᠎ᠤᠨ ᠲᠠᠷᠢᠶᠠᠯᠠᠩ ᠮᠠᠯ ᠠᠵᠤ ᠠᠬᠤᠶ ᠵᠢᠨ ᠦᠢ᠍ᠯᠡᠳᠪᠦᠷᠢᠯᠡᠯ᠎ᠤᠨ ᠴᠠᠭ ᠠᠭᠤᠷ᠎ᠤᠨ ᠨᠥᠬᠥᠴᠡᠯ ᠵᠢᠴᠢ ᠭᠣᠤᠯ ᠪᠣᠯᠬᠤ ᠴᠠᠭ ᠠᠭᠤᠷ᠎ᠤᠨ ᠭᠠᠮᠰᠢᠭ᠎ᠢ ᠰᠡᠷᠭᠡᠶ᠋ᠢᠯᠡᠬᠦ ᠰᠠᠨᠠᠭᠤᠯᠭ᠎ᠠ ᠵᠢ ᠳᠣᠤᠷᠠᠬᠢ ᠮᠡᠲᠦ ᠵᠠᠷᠯᠠᠶ᠎ᠠ᠄
ᠨᠢᠭᠡ᠂ 2020 ᠣᠨ᠎ᠤ ᠥᠪᠥᠷ ᠮᠣᠩᠭᠣᠯ᠎ᠤᠨ ᠭᠣᠤᠯ ᠪᠣᠯᠬᠤ ᠴᠠᠭ ᠠᠭᠤᠷ᠎ᠤᠨ ᠭᠠᠮᠰᠢᠭ ᠵᠢᠴᠢ ᠴᠠᠭ ᠠᠭᠤᠷ᠎ᠤᠨ ᠦᠢ᠍ᠯᠡᠴᠢᠯᠡᠭᠡᠨ᠎ᠤ ᠠᠵᠢᠯ᠎ᠤᠨ ᠪᠠᠶ᠋ᠢᠳᠠᠯ
(ᠨᠢᠭᠡ) 2020 ᠣᠨ᠎ᠤ ᠥᠪᠥᠷ ᠮᠣᠩᠭᠣᠯ᠎ᠤᠨ ᠭᠣᠤᠯ ᠪᠣᠯᠬᠤ ᠴᠠᠭ ᠠᠭᠤᠷ᠎ᠤᠨ ᠭᠠᠮᠰᠢᠭ
2020 ᠣᠨ᠎ᠳᠤ᠂ ᠪᠥᠬᠥ ᠣᠷᠣᠨ᠎ᠤ ᠣᠯᠠᠨ ᠭᠠᠵᠠᠷ᠎ᠲᠤ ᠭᠠᠩ ᠬᠠᠭᠰᠠᠷᠠᠭ᠋ᠠᠨ᠂ ᠰᠢᠷᠦᠭᠦᠨ ᠪᠣᠷᠣᠭ᠋ᠠᠨ ᠦᠶᠡᠷ ᠤᠰᠤᠲᠤᠯ᠂ ᠮᠥᠨᠳᠥᠷ᠂ ᠶᠡᠬᠡ ᠰᠠᠯᠬᠢ ᠵᠡᠷᠭᠡ ᠴᠠᠭ ᠠᠭᠤᠷ᠎ᠤᠨ ᠭᠠᠮᠰᠢᠭ ᠵᠢᠴᠢ ᠣᠯᠠᠷᠢᠮᠠᠯ ᠪᠤᠶᠤ ᠡᠭᠦᠰᠦᠮᠡᠯ ᠭᠠᠮᠰᠢᠭ ᠭᠠᠷᠴᠤ᠂ 415.96 ᠲᠦᠮᠡᠨ ᠬᠥᠮᠦᠨ ᠭᠠᠮᠰᠢᠭᠳᠠᠨ᠂ 7 ᠬᠥᠮᠦᠨ ᠡᠨᠳᠡᠵᠦ᠂ ᠲᠠᠷᠢᠮᠠᠯ᠎ᠤᠨ ᠭᠠᠮᠰᠢᠭᠳᠠᠭᠰᠠᠨ ᠲᠠᠯᠠᠪᠠᠶ᠎ᠨᠢ 235.7 ᠲᠦᠮᠡᠨ ᠾᠧᠺᠲ᠋ᠠᠷ᠂ ᠬᠤᠷᠢᠶᠠᠯᠲᠠ ᠠᠯᠳᠠᠭᠰᠠᠨ ᠲᠠᠯᠠᠪᠠᠶ 23.9 ᠲᠦᠮᠡᠨ ᠾᠧᠺᠲ᠋ᠠᠷ᠂ 111.04 ᠳ᠋ᠦᠩᠰᠢᠭᠤᠷ ᠲᠥᠭᠥᠷᠢᠭ᠎ᠤᠨ ᠠᠵᠤ ᠠᠬᠤᠶ ᠵᠢᠨ ᠬᠣᠬᠢᠷᠠᠯ ᠤᠴᠠᠷᠠᠭᠤᠯᠤᠭᠰᠠᠨ ᠪᠠᠶ᠋ᠢᠨ᠎ᠠ᠃ ᠴᠠᠭ ᠠᠭᠤᠷ᠎ᠤᠨ ᠭᠠᠮᠰᠢᠭ᠎ᠠᠴᠠ ᠪᠣᠯᠵᠣ ᠡᠨᠳᠡᠭᠰᠡᠨ ᠬᠥᠮᠦᠨ᠎ᠤ ᠲᠣᠭ᠎ᠠ 2019 ᠣᠨ᠎ᠤ᠎ᠬᠢ᠎ᠲᠠᠢ ᠠᠳᠠᠯᠢ ᠪᠠᠶ᠋ᠢᠵᠤ᠂ ᠭᠠᠮᠰᠢᠭᠳᠠᠭᠰᠠᠨ ᠬᠥᠮᠦᠨ ᠠᠮᠠ᠂ ᠲᠠᠷᠢᠮᠠᠯ᠎ᠤᠨ ᠭᠠᠮᠰᠢᠭᠳᠠᠭᠰᠠᠨ ᠲᠠᠯᠠᠪᠠᠶ᠂ ᠬᠤᠷᠢᠶᠠᠯᠲᠠ ᠠᠯᠳᠠᠭᠰᠠᠨ ᠲᠠᠯᠠᠪᠠᠶ ᠵᠢᠴᠢ ᠠᠵᠤ ᠠᠬᠤᠶ ᠵᠢᠨ ᠬᠣᠬᠢᠷᠠᠯ᠎ᠨᠢ ᠲᠣᠰ ᠲᠣᠰ 2019 ᠣᠨ᠎ᠤ᠎ᠬᠢ᠎ᠠᠴᠠ 88.5%᠂ 59.5%᠂ 117.8%᠂ 137.8%᠎ᠪᠠᠷ ᠨᠡᠮᠡᠭᠳᠡᠵᠡᠶ᠃
2020 ᠣᠨ᠎ᠳᠤ᠂ ᠪᠦᠬᠦ ᠣᠷᠣᠨ᠎ᠳᠤ ᠭᠠᠩ ᠬᠠᠭᠰᠠᠷᠠᠭ᠋ᠠᠨ᠎ᠠᠴᠠ ᠪᠤᠯᠵᠤ 210.6 ᠲᠦᠮᠡᠨ ᠬᠥᠮᠦᠨ ᠭᠠᠮᠰᠢᠭᠳᠠᠪᠠ᠃ ᠡᠭᠦᠨ᠎ᠳᠤ᠂ ᠮᠠᠯᠵᠢᠬᠤ ᠣᠷᠣᠨ᠎ᠨᠢ ᠬᠦᠨᠳᠦ ᠭᠠᠩ ᠬᠠᠭᠰᠠᠷᠠᠭ᠋ᠠᠨ ᠵᠶ᠋ᠠᠷ ᠭᠣᠤᠯᠯᠠᠵᠤ᠂ ᠭᠣᠤᠯᠳᠠᠭᠤ 6 ᠳ᠋ᠤᠭ᠋ᠠᠷ ᠰᠠᠷ᠎ᠠ ᠵᠢᠨ ᠳᠤᠮᠳᠠᠴᠢ᠎ᠠᠴᠠ 7 ᠳ᠋ᠤᠭ᠋ᠠᠷ ᠰᠠᠷ᠎ᠠ ᠵᠢᠨ ᠳᠤᠮᠳᠠᠴᠢ ᠪᠣᠯᠲᠠᠯ᠎ᠠ ᠡᠭᠦᠰᠴᠦ᠂ ᠬᠥᠯᠥᠨ ᠪᠣᠶ᠋ᠢᠷ᠎ᠤᠨ ᠪᠠᠷᠠᠭᠤᠨ ᠬᠡᠰᠡᠭ᠂ ᠰᠢᠯᠢ ᠵᠢᠨ ᠭᠣᠤᠯ ᠠᠶ᠋ᠢᠮᠠᠭ᠎ᠤᠨ ᠪᠠᠷᠠᠭᠤᠨ ᠬᠣᠶ᠋ᠢᠲᠤ ᠬᠡᠰᠡᠭ᠂ ᠤᠯᠠᠭ᠋ᠠᠨᠴᠠᠪ᠎ᠤᠨ ᠳᠤᠮᠳᠠ ᠬᠡᠰᠡᠭ᠂ ᠬᠥᠬᠡᠬᠣᠲᠠ᠂ ᠪᠠᠶᠠᠨᠨᠠᠭᠤᠷ᠎ᠤᠨ ᠶᠡᠬᠡᠩᠬᠢ ᠬᠡᠰᠡᠭ᠂ ᠣᠷᠳᠣᠰ᠎ᠤᠨ ᠡᠮᠦᠨᠡᠲᠦ ᠬᠡᠰᠡᠭ ᠵᠢᠴᠢ ᠠᠯᠠᠱ᠌ᠠ ᠠᠶ᠋ᠢᠮᠠᠭ᠎ᠤᠨ ᠶᠡᠬᠡᠩᠬᠢ ᠬᠡᠰᠡᠭ ᠭᠠᠵᠠᠷ ᠣᠷᠣᠨ᠎ᠳᠤ ᠢᠯᠡᠷᠡᠪᠡ; ᠲᠠᠷᠢᠶᠠᠯᠠᠬᠤ ᠣᠷᠣᠨ᠎ᠨᠢ ᠳᠤᠮᠳᠠ ᠵᠡᠷᠭᠡ ᠵᠢᠨ ᠭᠠᠩ ᠬᠠᠭᠰᠠᠷᠠᠭ᠋ᠠᠨ ᠵᠶ᠋ᠠᠷ ᠭᠣᠤᠯᠯᠠᠵᠤ᠂ ᠭᠣᠤᠯᠳᠠᠭᠤ 5 ᠳ᠋ᠤᠭ᠋ᠠᠷ ᠰᠠᠷ᠎ᠠ᠂ 6 ᠳ᠋ᠤᠭ᠋ᠠᠷ ᠰᠠᠷ᠎ᠠ ᠵᠢᠨ ᠳᠤᠮᠳᠠᠴᠢ ᠪᠠ 7 ᠳ᠋ᠤᠭ᠋ᠠᠷ ᠰᠠᠷ᠎ᠠ ᠵᠢᠨ ᠰᠡᠭᠦᠯᠴᠢ᠎ᠪᠠᠷ ᠡᠭᠦᠰᠴᠦ᠂ ᠲᠦᠩᠯᠢᠶᠣᠤ ᠵᠢᠨ ᠵᠡᠭᠦᠨ ᠡᠮᠦᠨᠡᠲᠦ ᠬᠡᠰᠡᠭ᠂ ᠤᠯᠠᠭ᠋ᠠᠨᠬᠠᠳᠠ ᠵᠢᠨ ᠳᠤᠮᠳᠠ ᠬᠡᠰᠡᠭ᠂ ᠤᠯᠠᠭ᠋ᠠᠨᠴᠠᠪ᠎ᠤᠨ ᠶᠡᠬᠡᠩᠬᠢ ᠬᠡᠰᠡᠭ᠂ ᠬᠥᠬᠡᠬᠣᠲᠠ ᠵᠢᠨ ᠳᠤᠮᠳᠠ ᠬᠡᠰᠡᠭ᠂ ᠪᠤᠭᠤᠲᠤ ᠵᠢᠨ ᠬᠣᠶ᠋ᠢᠲᠤ ᠬᠡᠰᠡᠭ ᠵᠶ᠋ᠠᠷ ᠢᠯᠡᠷᠡᠪᠡ᠃
ᠪᠥᠬᠥ ᠣᠷᠣᠨ᠎ᠳᠤ ᠰᠢᠷᠦᠭᠦᠨ ᠪᠣᠷᠣᠭ᠋ᠠᠨ ᠦᠶᠡᠷ ᠤᠰᠤᠲᠤᠯ 73 ᠬᠣᠰᠢᠭᠤ ᠰᠢᠶᠠᠨ ᠤᠳᠠᠭ᠎ᠠ ᠡᠬᠦᠰᠴᠦ᠂ ᠮᠤᠷᠢᠨᠳᠠᠪᠠᠭ᠎ᠠ ᠵᠢᠨ ᠳᠠᠭᠤᠷ ᠦᠨᠳᠦᠰᠦᠲᠡᠨ᠎ᠤ ᠥᠪᠡᠷᠲᠡᠭᠡᠨ ᠵᠠᠰᠠᠬᠤ ᠬᠣᠰᠢᠭᠤ᠂ ᠣᠷᠴᠣᠨ᠎ᠤ ᠥᠪᠡᠷᠲᠡᠭᠡᠨ ᠵᠠᠰᠠᠬᠤ ᠬᠣᠰᠢᠭᠤ᠂ ᠦᠶᠤᠸᠠᠨ ᠰᠢᠶᠠᠨ᠂ ᠠᠷᠤᠨ ᠬᠣᠰᠢᠭᠤ᠂ ᠳᠥᠷᠪᠡᠳ ᠬᠣᠰᠢᠭᠤ ᠵᠡᠷᠭᠡ 49 ᠬᠣᠰᠢᠭᠤ ᠰᠢᠶᠠᠨ᠎ᠳᠤ ᠬᠣᠯᠪᠣᠭᠳᠠᠵᠤ᠂ 47.2 ᠲᠦᠮᠡᠨ ᠬᠥᠮᠦᠨ ᠠᠮᠠ ᠭᠠᠮᠰᠢᠭᠳᠠᠵᠤ᠂ 44.7 ᠲᠦᠮᠡᠨ ᠾᠧᠺᠲ᠋ᠠᠷ ᠲᠠᠷᠢᠶᠠᠨ ᠭᠠᠵᠠᠷ ᠭᠠᠮᠰᠢᠭᠳᠠᠵᠠᠶ᠃
ᠪᠥᠬᠥ ᠣᠷᠣᠨ᠎ᠳᠤ ᠮᠥᠨᠳᠥᠷ᠎ᠤᠨ ᠭᠠᠮᠰᠢᠭ 106 ᠬᠣᠰᠢᠭᠤ ᠰᠢᠶᠠᠨ ᠤᠳᠠᠭ᠎ᠠ ᠡᠭᠦᠰᠴᠦ᠂ ᠯᠢᠨᠾᠸ ᠲᠣᠭᠣᠷᠢᠭ᠂ ᠤᠯᠠᠭ᠋ᠠᠨᠬᠣᠲᠠ᠂ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤ᠂ ᠨᠢᠩᠴᠧᠩ ᠰᠢᠶᠠᠨ᠂ ᠤᠷᠠᠳ᠎ᠤᠨ ᠡᠮᠦᠨᠡᠲᠦ ᠬᠣᠰᠢᠭᠤ ᠵᠡᠷᠭᠡ 47 ᠬᠣᠰᠢᠭᠤ ᠰᠢᠶᠠᠨ᠎ᠳᠤ ᠬᠣᠯᠪᠣᠭᠳᠠᠵᠤ᠂ ᠭᠠᠮᠰᠢᠭᠳᠠᠭᠰᠠᠨ ᠬᠥᠮᠦᠨ ᠠᠮᠠ 51.5 ᠲᠦᠮᠡ᠂ ᠲᠠᠷᠢᠶᠠᠨ ᠭᠠᠵᠠᠷ 28.0 ᠲᠦᠮᠡᠨ ᠾᠧᠺᠲ᠋ᠠᠷ᠎ᠲᠤ ᠬᠦᠷᠴᠦ᠂ ᠡᠭᠦᠨ᠎ᠳᠤ ᠭᠠᠮᠰᠢᠭᠳᠠᠭᠰᠠᠨ ᠲᠠᠯᠠᠪᠠᠶ 13.7 ᠲᠦᠮᠡᠨ ᠾᠧᠺᠲ᠋ᠠᠷ᠎ᠲᠤ ᠬᠦᠷᠪᠡ᠃ ᠪᠥᠬᠥ ᠣᠷᠣᠨ᠎ᠳᠤ ᠶᠡᠬᠡ ᠰᠠᠯᠬᠢᠨ᠎ᠤ ᠭᠠᠮᠰᠢᠭ 32 ᠬᠣᠰᠢᠭᠤ ᠰᠢᠶᠠᠨ ᠤᠳᠠᠭ᠎ᠠ ᠡᠭᠦᠰᠴᠦ᠂ ᠺᠠᠶ᠋ᠢᠯᠦ ᠰᠢᠶᠠᠨ᠂ ᠳᠠᠯᠠᠳ ᠬᠣᠰᠢᠭᠤ᠂ ᠣᠲᠣᠭ ᠬᠣᠰᠢᠭᠤ᠂ ᠦᠶᠤᠸᠠᠨ ᠰᠢᠶᠠᠨ᠂ ᠣᠲᠣᠭ᠎ᠤᠨ ᠡᠮᠦᠨᠡᠲᠦ ᠬᠣᠰᠢᠭᠤ ᠵᠡᠷᠭᠡ 19 ᠬᠣᠰᠢᠭᠤ ᠰᠢᠶᠠᠨ᠎ᠳᠤ ᠬᠣᠯᠪᠣᠭᠳᠠᠵᠤ᠂ ᠭᠠᠮᠰᠢᠭᠳᠠᠭᠰᠠᠨ ᠬᠥᠮᠦᠨ ᠠᠮᠠ 36.3 ᠲᠦᠮᠡ᠂ ᠲᠠᠷᠢᠶᠠᠨ ᠭᠠᠵᠠᠷ 16.8 ᠲᠦᠮᠡᠨ ᠾᠧᠺᠲ᠋ᠠᠷ ᠬᠦᠷᠴᠡᠢ᠃ ᠪᠥᠬᠥ ᠣᠷᠣᠨ᠎ᠳᠤ ᠶᠡᠬᠡ ᠴᠠᠰᠤᠨ᠎ᠤ ᠭᠠᠮᠰᠢᠭ 23 ᠬᠣᠰᠢᠭᠤ ᠰᠢᠶᠠᠨ ᠤᠳᠠᠭ᠎ᠠ ᠡᠭᠦᠰᠴᠦ᠂ ᠠᠤᠬᠠᠨ ᠬᠣᠰᠢᠭᠤ᠂ ᠰᠦᠩᠱ᠌ᠠᠨ ᠲᠣᠭᠣᠷᠢᠭ᠂ ᠠᠷᠤ ᠬᠣᠷᠴᠢᠨ ᠬᠣᠰᠢᠭᠤ᠂ ᠣᠩᠨᠢᠭᠤᠳ ᠬᠣᠰᠢᠭᠤ᠂ ᠺᠠᠶ᠋ᠢᠯᠦ ᠰᠢᠶᠠᠨ ᠵᠡᠷᠭᠡ 22 ᠬᠣᠰᠢᠭᠤ ᠰᠢᠶᠠᠨ᠎ᠳᠤ ᠬᠣᠯᠪᠣᠭᠳᠠᠵᠤ᠂ ᠵᠠᠮ᠎ᠤᠨ ᠭᠠᠳᠠᠷᠭᠤ᠎ᠳᠤ ᠴᠠᠰᠤ ᠬᠤᠷᠠᠵᠤ᠂ ᠴᠠᠬᠢᠯᠭ᠋ᠠᠨ ᠬᠠᠩᠭ᠋ᠠᠬᠤ ᠱᠤᠭᠤᠮ᠂ ᠰᠠᠭᠤᠭ᠋ᠠᠯᠢ ᠠᠷᠠᠳ᠎ᠤᠨ ᠣᠷᠣᠨ ᠰᠠᠭᠤᠴᠠ᠂ ᠪᠡᠯᠡᠳᠭᠡᠮᠵᠢᠳᠤ ᠲᠠᠷᠢᠶᠠᠯᠠᠩ ᠪᠠ ᠲᠡᠵᠢᠭᠡᠨ ᠦᠷᠡᠵᠢᠭᠦᠯᠬᠦ ᠦᠢ᠍ᠯᠡᠰ ᠠᠳᠠᠯᠢ ᠪᠤᠰᠤ ᠬᠡᠮᠵᠢᠶ᠎ᠡ᠎ᠪᠠᠷ ᠡᠪᠳᠡᠭᠳᠡᠵᠦ᠂ 3.5 ᠲᠦᠮᠡᠨ ᠬᠥᠮᠦᠨ ᠭᠠᠮᠰᠢᠭᠳᠠᠵᠤ᠂ 251 ᠾᠧᠺᠲ᠋ᠠᠷ ᠲᠠᠷᠢᠶᠠᠨ ᠭᠠᠵᠠᠷ᠂ 4312 ᠲᠠᠰᠤᠯᠭ᠎ᠠ ᠲᠣᠮᠣ ᠬᠦᠯᠦᠮᠵᠢ ᠬᠣᠬᠢᠷᠠᠵᠠᠶ᠃ ᠪᠥᠬᠥ ᠣᠷᠣᠨ᠎ᠳᠤ ᠬᠦᠯᠳᠡᠬᠦᠦ ᠵᠢᠨ ᠭᠠᠮᠰᠢᠭ 7 ᠬᠣᠰᠢᠭᠤ ᠰᠢᠶᠠᠨ ᠤᠳᠠᠭ᠎ᠠ ᠡᠭᠦᠰᠴᠦ᠂ ᠬᠠᠩᠭᠢᠨ ᠬᠣᠶ᠋ᠢᠲᠤ ᠬᠣᠰᠢᠭᠤ᠂ ᠳ᠋ᠸᠩᠺᠸᠣ ᠰᠢᠶᠠᠨ᠂ ᠦᠶᠤᠸᠠᠨ ᠰᠢᠶᠠᠨ᠂ ᠯᠢᠨᠾᠸ ᠲᠣᠭᠣᠷᠢᠭ᠂ ᠳᠠᠯᠠᠳ ᠬᠣᠰᠢᠭᠤ ᠵᠡᠷᠭᠡ 7 ᠬᠣᠰᠢᠭᠤ ᠰᠢᠶᠠᠨ᠎ᠳᠤ ᠬᠣᠯᠪᠣᠭᠳᠠᠵᠤ᠂ ᠭᠠᠮᠰᠢᠭᠳᠠᠭᠰᠠᠨ ᠬᠥᠮᠦᠨ ᠠᠮᠠ 1.5 ᠲᠦᠮᠡ᠂ ᠲᠠᠷᠢᠶᠠᠨ ᠭᠠᠵᠠᠷ 1876 ᠾᠧᠺᠲ᠋ᠠᠷ᠎ᠲᠤ ᠬᠦᠷᠪᠡ᠃
(ᠬᠣᠶᠠᠷ) 2020 ᠣᠨ᠎ᠤ ᠪᠥᠬᠥ ᠣᠷᠣᠨ᠎ᠤ ᠴᠠᠭ ᠠᠭᠤᠷ᠎ᠤᠨ ᠭᠠᠮᠰᠢᠭ᠎ᠢ ᠰᠡᠷᠭᠡᠶ᠋ᠢᠯᠡᠨ ᠭᠠᠮᠰᠢᠭ᠎ᠢ ᠪᠠᠭ᠋ᠠᠰᠬᠠᠭᠰᠠᠨ ᠦᠢ᠍ᠯᠡᠴᠢᠯᠡᠭᠡᠨ᠎ᠤ ᠪᠠᠶ᠋ᠢᠳᠠᠯ
ᠨᠢᠭᠡ᠎ᠳᠤ᠂ ᠵᠣᠬᠢᠶᠠᠨ ᠪᠠᠶ᠋ᠢᠭᠤᠯᠤᠯᠲᠠ ᠵᠢᠨ ᠤᠳᠤᠷᠢᠳᠤᠯᠭ᠎ᠠ᠎ᠪᠠᠨ ᠲᠠᠰᠤᠷᠠᠯᠲᠠ ᠦᠭᠡᠢ ᠴᠢᠩᠭ᠋ᠠᠷᠠᠪᠠ᠃ ᠥᠪᠥᠷ ᠮᠣᠩᠭᠣᠯ᠎ᠤᠨ ᠴᠠᠭ ᠠᠭᠤᠷ᠎ᠤᠨ ᠲᠤᠪᠴᠢᠶ᠎ᠠ ᠰᠢ ᠵᠢᠨ ᠫᠢᠩ ᠶᠡᠷᠦᠩᠬᠡᠢ ᠱᠦᠵᠢ ᠵᠢᠨ ᠭᠠᠮᠰᠢᠭ᠎ᠢ ᠰᠡᠷᠭᠡᠶ᠋ᠢᠯᠡᠬᠦ ᠭᠠᠮᠰᠢᠭ᠎ᠢ ᠪᠠᠭ᠋ᠠᠰᠬᠠᠬᠤ ᠭᠠᠮᠰᠢᠭ᠎ᠠᠴᠠ ᠠᠪᠤᠷᠠᠬᠤ ᠲᠤᠬᠠᠢ ᠰᠢᠷᠢᠰ ᠶᠠᠷᠢᠶ᠎ᠠ ᠪᠣᠯᠤᠨ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠭᠦᠨᠵᠡᠭᠡᠢ ᠰᠤᠷᠤᠯᠴᠠᠨ ᠲᠤᠤᠱᠯᠠᠭᠤᠯᠵᠤ᠂ ᠨᠠᠮ᠎ᠤᠨ ᠲᠥᠪ ᠬᠣᠷᠢᠶ᠎ᠠ ᠲᠦᠷᠦ ᠵᠢᠨ ᠶᠠᠪᠤᠳᠠᠯ᠎ᠤᠨ ᠬᠤᠷᠢᠶ᠎ᠠ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠠᠰᠠᠭ᠎ᠤᠨ ᠣᠷᠳᠣᠨ ᠪᠣᠯᠤᠨ ᠳᠤᠮᠳᠠᠳᠤ ᠤᠯᠤᠰ᠎ᠤᠨ ᠴᠠᠭ ᠠᠭᠤᠷ᠎ᠤᠨ ᠲᠤᠪᠴᠢᠶᠠᠨ᠎ᠤ ᠬᠣᠯᠪᠣᠭᠳᠠᠯ ᠪᠦᠬᠦᠢ ᠰᠢᠢ᠍ᠳᠪᠦᠷᠢᠲᠦ ᠪᠤᠳᠤᠯᠭ᠎ᠠ ᠪᠠᠶ᠋ᠢᠷᠢᠯᠠᠭᠤᠯᠤᠯᠲᠠ ᠵᠢ ᠭᠦᠨᠵᠡᠭᠡᠢ ᠲᠤᠤᠱᠯᠠᠭᠤᠯᠪᠠ᠃ ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠬᠤᠷᠠᠯ᠂ ᠴᠠᠭ ᠠᠭᠤᠷ᠎ᠤᠨ ᠦᠢ᠍ᠯᠡᠴᠢᠯᠡᠭᠡᠨ᠎ᠤ ᠤᠳᠤᠷᠢᠳᠬᠤ ᠳᠤᠭᠤᠶ᠋ᠢᠯᠠᠩ᠎ᠤᠨ ᠬᠤᠷᠠᠯ᠂ ᠦᠶᠡᠷ᠎ᠤᠨ ᠬᠤᠭᠤᠴᠠᠭ᠋ᠠᠨ᠎ᠤ ᠲᠠᠢ᠍ᠢ᠍ᠴᠢᠯᠠᠯᠳᠠ ᠵᠢᠨ ᠬᠤᠷᠠᠯ᠂ ᠲᠣᠪᠴᠢᠶᠠᠨ ᠳᠠᠷᠤᠭ᠎ᠠ ᠵᠢᠨ ᠠᠯᠪᠠᠨ ᠠᠵᠢᠯ᠎ᠤᠨ ᠬᠤᠷᠠᠯ ᠵᠡᠷᠭᠡ ᠬᠤᠷᠠᠯ᠎ᠢ ᠬᠤᠷᠠᠯᠳᠤᠭᠤᠯᠬᠤ᠎ᠪᠠᠷ ᠳᠠᠮᠵᠢᠭᠤᠯᠤᠨ᠂ ᠴᠠᠭ ᠠᠭᠤᠷ᠎ᠤᠨ ᠦᠢ᠍ᠯᠡᠴᠢᠯᠡᠭᠡᠨ᠎ᠳᠤ ᠪᠣᠳᠠᠲᠠᠢ ᠲᠤᠬᠢᠷᠠᠭᠤᠯᠤᠯᠳᠠ ᠪᠠᠶ᠋ᠢᠷᠢᠯᠠᠭᠤᠯᠤᠯᠲᠠ ᠬᠢᠵᠦ᠂ ᠬᠠᠷᠢᠭᠤᠴᠠᠯᠭ᠎ᠠ ᠵᠢ ᠱᠠᠳᠤ ᠱᠠᠳᠤ᠎ᠪᠠᠷ ᠪᠣᠳᠠᠲᠠᠶ᠋ᠢᠵᠢᠭᠤᠯᠵᠤ᠂ ᠪᠠᠭᠤᠷᠠᠢ ᠭᠣᠭᠴᠣᠭ᠎ᠠ ᠵᠢ ᠨᠠᠷᠢᠨ ᠬᠢᠨᠠᠮᠠᠭ᠋ᠠᠢ ᠡᠷᠢᠵᠦ ᠴᠡᠭᠴᠡᠯᠡᠨ ᠰᠠᠶ᠋ᠢᠵᠢᠷᠠᠭᠤᠯᠪᠡ᠃
ᠬᠣᠶᠠᠷ᠎ᠲᠤ᠂ ᠴᠠᠭ ᠠᠭᠤᠷ᠎ᠤᠨ ᠭᠠᠮᠰᠢᠭ᠎ᠢ ᠰᠡᠷᠭᠡᠶ᠋ᠢᠯᠡᠨ ᠭᠠᠮᠰᠢᠭ᠎ᠢ ᠪᠠᠭ᠋ᠠᠰᠬᠠᠬᠤ ᠠᠵᠢᠯ᠎ᠤᠨ ᠲᠣᠭᠲᠠᠴᠠ᠎ᠪᠠᠨ ᠲᠠᠰᠤᠷᠠᠯᠲᠠ ᠦᠭᠡᠢ ᠲᠡᠭᠦᠯᠳᠡᠷᠵᠢᠭᠦᠯᠪᠡ᠃ ᠤᠢ᠍ᠢ᠍ᠷ᠎ᠠ ᠵᠢᠨ ᠵᠢᠯ᠎ᠠᠴᠠ ᠨᠠᠰᠢ᠂ ᠥᠪᠥᠷ ᠮᠣᠩᠭᠣᠯ᠎ᠤᠨ ᠴᠠᠭ ᠠᠭᠤᠷ᠎ᠤᠨ ᠲᠤᠪᠴᠢᠶ᠎ᠠ ᠤᠷᠢᠳ ᠬᠣᠵᠢᠳ ᠲᠠᠷᠢᠶᠠᠯᠠᠩ ᠮᠠᠯ ᠠᠵᠤ ᠠᠬᠤᠢ᠂ ᠤᠰᠤᠨ ᠠᠰᠢᠭᠯᠠᠯᠲᠠ᠂ ᠠᠮᠢ ᠠᠬᠤᠢ ᠵᠢᠨ ᠣᠷᠴᠢᠨ ᠲᠣᠭᠣᠷᠢᠨ᠂ ᠪᠠᠶ᠋ᠢᠭ᠋ᠠᠯᠢ ᠵᠢᠨ ᠡᠬᠢ ᠪᠠᠶᠠᠯᠢᠭ᠂ ᠪᠠᠴᠢᠮ ᠪᠠᠶ᠋ᠢᠳᠠᠯ᠎ᠢ ᠠᠷᠭ᠋ᠠᠴᠠᠭ᠋ᠠᠬᠤ ᠬᠠᠮᠢᠶᠠᠷᠤᠯᠲᠠ᠂ ᠷᠠᠳᠢᠣ᠋ ᠲᠧᠯᠸᠢᠰ ᠵᠡᠷᠭᠡ ᠰᠠᠯᠠᠭ᠎ᠠ ᠮᠥᠴᠢᠷ ᠯᠦᠭᠡ ᠬᠠᠮᠲᠤᠷᠠᠯᠴᠠᠭ᠋ᠠᠨ᠎ᠤ ᠵᠥᠪᠯᠡᠯᠴᠡᠭᠡᠷ ᠲᠣᠭᠲᠠᠵᠤ᠂ ᠭᠠᠮᠰᠢᠭ᠎ᠢ ᠰᠡᠷᠭᠡᠶ᠋ᠢᠯᠡᠬᠦ ᠭᠠᠮᠰᠢᠭ᠎ᠢ ᠪᠠᠭ᠋ᠠᠰᠬᠠᠬᠤ ᠭᠠᠮᠰᠢᠭ᠎ᠠᠴᠠ ᠠᠪᠤᠷᠠᠬᠤ ᠬᠠᠮᠲᠤᠷᠠᠯᠴᠠᠭ᠋ᠠᠨ᠎ᠤ ᠲᠣᠭᠲᠠᠴᠠ ᠵᠢ ᠭᠦᠨᠵᠡᠭᠡᠶ᠋ᠢᠷᠡᠭᠦᠯᠪᠡ᠃ ᠪᠠᠶ᠋ᠢᠭ᠋ᠠᠯᠢ ᠵᠢᠨ ᠡᠬᠢ ᠪᠠᠶᠠᠯᠢᠭ᠎ᠤᠨ ᠲᠢᠩᠬᠢᠮ᠎ᠯᠦᠭᠡ ᠦᠶᠡᠷ᠎ᠤᠨ ᠬᠤᠭᠤᠴᠠᠭ᠋ᠠᠨ᠎ᠤ ᠭᠠᠵᠠᠷ ᠰᠢᠨᠵᠢᠯᠡᠭᠡᠨ᠎ᠤ ᠭᠠᠶ ᠭᠠᠮᠰᠢᠭ᠎ᠤᠨ ᠴᠠᠭ ᠠᠭᠤᠷ᠎ᠤᠨ ᠠᠶᠤᠯ᠎ᠤᠨ ᠤᠷᠢᠳᠴᠢᠯᠠᠨ ᠰᠡᠷᠡᠮᠵᠢᠯᠡᠭᠦᠯᠬᠦ ᠵᠢ ᠤᠯᠠᠮ ᠨᠢᠭᠡ ᠠᠯᠬᠤᠮ ᠴᠢᠩᠭ᠋ᠠᠳᠬᠠᠵᠤ᠂ ᠲᠠᠷᠢᠶᠠᠯᠠᠩ ᠮᠠᠯ ᠠᠵᠤ ᠠᠬᠤᠶ ᠵᠢᠨ ᠲᠢᠩᠬᠢᠮ᠎ᠯᠦᠭᠡ ᠬᠠᠮᠵᠢᠯᠴᠠᠨ ᠮᠠᠯᠵᠢᠬᠤ ᠲᠠᠷᠢᠶᠠᠯᠠᠬᠤ ᠣᠷᠣᠨ᠎ᠤ ᠴᠠᠭ ᠠᠭᠤᠷ᠎ᠤᠨ ᠭᠠᠮᠰᠢᠭ᠎ᠢ ᠰᠡᠷᠭᠡᠶ᠋ᠢᠯᠡᠨ ᠭᠠᠮᠰᠢᠭ᠎ᠢ ᠪᠠᠭ᠋ᠠᠰᠬᠠᠬᠤ ᠵᠢ ᠠᠬᠢᠭᠤᠯᠵᠤ᠂ ᠪᠠᠴᠢᠮ ᠪᠠᠶ᠋ᠢᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠢᠩᠬᠢᠮ᠎ᠯᠦᠭᠡ ᠪᠠᠶ᠋ᠢᠭ᠋ᠠᠯᠢ ᠵᠢᠨ ᠭᠠᠮᠰᠢᠭ᠎ᠤᠨ ᠲᠦᠭᠰᠢᠭᠦᠷᠢ ᠵᠢᠨ ᠨᠡᠶ᠋ᠢᠳᠡᠮ ᠪᠠᠶ᠋ᠢᠴᠠᠭ᠋ᠠᠯᠲᠠ ᠵᠢ ᠠᠬᠢᠭᠤᠯᠵᠤ᠂ ᠪᠥᠬᠥ ᠣᠷᠣᠨ᠎ᠤ ᠴᠠᠭ ᠠᠭᠤᠷ᠎ᠤᠨ ᠭᠠᠮᠰᠢᠭ᠎ᠤᠨ ᠶᠡᠷᠦᠩᠬᠡᠶ᠋ᠢᠯᠡᠭᠰᠡᠨ ᠲᠦᠭᠰᠢᠭᠦᠷᠢ ᠵᠢᠨ ᠨᠡᠶ᠋ᠢᠳᠡᠮ ᠪᠠᠶ᠋ᠢᠴᠠᠭ᠋ᠠᠯᠲᠠ ᠵᠢᠨ ᠠᠵᠢᠯ᠎ᠤᠨ ᠤᠳᠤᠷᠢᠳᠬᠤ ᠳᠤᠭᠤᠶ᠋ᠢᠯᠠᠩ᠎ᠢ ᠪᠠᠶ᠋ᠢᠭᠤᠯᠵᠤ᠂ ᠬᠡᠷᠡᠭᠵᠢᠭᠦᠯᠬᠦ ᠲᠥᠰᠦᠯ᠎ᠢ ᠳᠠᠷᠤᠮᠠᠯᠯᠠᠨ ᠲᠠᠷᠬᠠᠭ᠋ᠠᠵᠤ᠂ ᠮᠡᠷᠭᠡᠵᠢᠯ᠎ᠤᠨ ᠳᠤᠭᠤᠶ᠋ᠢᠯᠠᠩ᠎ᠢ ᠵᠣᠬᠢᠶᠠᠨ ᠪᠠᠶ᠋ᠢᠭᠤᠯᠵᠤ᠂ 8 ᠵᠦᠢ᠍ᠯ᠎ᠤᠨ ᠴᠠᠭ ᠠᠭᠤᠷ᠎ᠤᠨ ᠭᠠᠮᠰᠢᠭ᠎ᠤᠨ ᠲᠦᠭᠰᠢᠭᠦᠷᠢ ᠵᠢᠨ ᠨᠡᠶ᠋ᠢᠳᠡᠮ ᠪᠠᠶ᠋ᠢᠴᠠᠭ᠋ᠠᠯᠲᠠ ᠵᠢᠨ ᠮᠡᠷᠭᠡᠵᠢᠯ᠎ᠤᠨ ᠨᠠᠷᠢᠨ ᠲᠦᠷᠢᠮ᠎ᠢ ᠨᠠᠶ᠋ᠢᠷᠠᠭᠤᠯᠤᠨ ᠵᠣᠬᠢᠶᠠᠵᠤ ᠳᠠᠷᠤᠮᠠᠯᠯᠠᠨ ᠲᠠᠷᠬᠠᠭ᠋ᠠᠪᠠ᠃ ᠴᠠᠭ ᠠᠭᠤᠷ᠎ᠤᠨ ᠭᠠᠮᠰᠢᠭ᠎ᠢ ᠰᠡᠷᠭᠡᠶ᠋ᠢᠯᠡᠨ ᠬᠣᠷᠢᠭᠯᠠᠬᠤ ᠠᠵᠢᠯ᠎ᠤᠨ ᠰᠠᠯᠠᠭ᠎ᠠ ᠮᠥᠴᠢᠷ᠎ᠤᠨ ᠬᠠᠮᠲᠤᠷᠠᠭᠰᠠᠨ ᠬᠤᠷᠠᠯ᠎ᠢ ᠬᠤᠷᠠᠯᠳᠤᠭᠤᠯᠵᠤ᠂ 30 ᠰᠠᠯᠠᠭ᠎ᠠ ᠮᠥᠴᠢᠷ᠎ᠲᠠᠢ ᠶᠠᠷᠢᠯᠴᠠᠨ ᠰᠣᠯᠢᠯᠴᠠᠵᠤ᠂ ᠪᠥᠬᠥ ᠣᠷᠣᠨ᠎ᠤ ᠴᠠᠭ ᠠᠭᠤᠷ᠎ᠤᠨ ᠭᠠᠮᠰᠢᠭ᠎ᠢ ᠰᠡᠷᠭᠡᠶ᠋ᠢᠯᠡᠨ ᠬᠣᠷᠢᠭᠯᠠᠬᠤ ᠡᠯ᠎ᠡ ᠵᠦᠢ᠍ᠯ᠎ᠤᠨ ᠠᠵᠢᠯ᠎ᠢ ᠲᠥᠯᠬᠢᠨ ᠠᠬᠢᠭᠤᠯᠬᠤ ᠵᠢ ᠬᠠᠮᠲᠤ᠎ᠪᠠᠷ ᠵᠥᠪᠳᠡᠯᠴᠡᠵᠦ᠂ ᠵᠣᠬᠢᠶᠠᠨ ᠪᠠᠶ᠋ᠢᠭᠤᠯᠤᠯᠲᠠ ᠵᠢᠨ ᠰᠢᠰᠲᠸᠮᠵᠢ᠂ ᠬᠢᠨᠠᠨ ᠰᠢᠯᠭ᠋ᠠᠬᠤ ᠰᠢᠰᠲᠸᠮᠵᠢ᠂ ᠪᠡᠯᠡᠳᠬᠡᠯ ᠲᠥᠰᠦᠯ᠎ᠤᠨ ᠰᠢᠰᠲᠸᠮᠵᠢ ᠪᠣᠯᠤᠨ ᠲᠦᠭᠰᠢᠭᠦᠷᠢ ᠵᠢᠨ ᠬᠠᠮᠢᠶᠠᠷᠤᠯᠲᠠ ᠵᠢᠨ ᠰᠢᠰᠲᠸᠮᠵᠢ ᠵᠢ ᠤᠯᠠᠮ ᠨᠢᠭᠡ ᠠᠯᠬᠤᠮ ᠲᠡᠭᠦᠯᠳᠡᠷᠵᠢᠭᠦᠯᠪᠡ᠃
ᠭᠤᠷᠪᠠ᠎ᠳᠤ᠂ ᠴᠠᠭ ᠠᠭᠤᠷ᠎ᠤᠨ ᠭᠠᠶ ᠭᠠᠮᠰᠢᠭ᠎ᠢ ᠬᠢᠨᠠᠨ ᠬᠡᠮᠵᠢᠵᠦ ᠤᠷᠢᠳᠴᠢᠯᠠᠨ ᠮᠡᠳᠡᠭᠡᠯᠡᠬᠦ ᠪᠠ ᠤᠷᠢᠳᠴᠢᠯᠠᠨ ᠰᠡᠷᠡᠮᠵᠢᠯᠡᠭᠦᠯᠬᠦ ᠬᠢᠷᠢ ᠲᠦᠪᠰᠢᠨ ᠵᠶ᠋ᠠᠨ ᠲᠠᠰᠤᠷᠠᠯᠲᠠ ᠥᠬᠡᠶ ᠳᠡᠭᠡᠭᠰᠢᠯᠡᠭᠦᠯᠪᠡ᠃ 2020 ᠣᠨ᠎ᠳᠤ᠂ ᠪᠥᠬᠥ ᠣᠷᠣᠨ᠎ᠳᠤ ᠰᠢᠨ᠎ᠡ ᠨᠢᠭᠡ ᠦᠶ᠎ᠡ ᠵᠢᠨ ᠴᠠᠭ ᠠᠭᠤᠷ᠎ᠤᠨ 5 ᠷᠠᠳᠠᠷ᠎ᠢ ᠲᠠᠰ ᠳᠡᠪᠰᠢᠭᠦᠯᠦᠨ ᠥᠭᠡᠷᠡᠴᠢᠯᠡᠵᠦ᠂ ᠪᠥᠬᠥ ᠤᠯᠤᠰ᠎ᠤᠨ ᠠᠩᠬᠠᠨ᠎ᠤ ᠪᠦᠯᠦᠭ᠎ᠤᠨ ᠳᠣᠬᠢᠭᠤᠷ ᠲᠤᠯᠤᠭ᠋ᠠᠨ ᠣᠲᠣ ᠠᠦ᠋ᠲ᠋ᠣ᠋ ᠠᠭ᠋ᠠᠷ ᠬᠠᠶ᠋ᠢᠬᠤ ᠰᠢᠰᠲ᠋ᠧᠮ᠎ᠢ ᠪᠠᠶ᠋ᠢᠭᠤᠯᠵᠦ᠂ ᠭᠠᠵᠠᠷ ᠳᠡᠭᠡᠷᠡᠬᠢ ᠴᠠᠭ ᠠᠭᠤᠷ᠎ᠤᠨ ᠠᠵᠢᠭᠯᠠᠯᠲᠠ ᠵᠢ ᠠᠦ᠋ᠲ᠋ᠣᠴᠢᠯᠠᠬᠤ ᠵᠢ ᠪᠥᠬᠥ ᠲᠠᠯ᠎ᠠ᠎ᠪᠠᠷ ᠪᠡᠶᠡᠯᠡᠭᠦᠯᠵᠦ᠂ ᠴᠠᠭ ᠠᠭᠤᠷ᠎ᠤᠨ ᠠᠵᠢᠭᠯᠠᠯᠲᠠ ᠵᠢᠨ ᠶᠠᠰᠤ ᠴᠢᠨᠠᠷ᠎ᠤᠨ ᠬᠠᠮᠢᠶᠠᠷᠤᠯᠲᠠ ᠵᠢᠨ ᠰᠢᠰᠲᠸᠮ ISO9001 ᠭᠡᠷᠡᠴᠢᠯᠡᠯᠲᠡ ᠵᠢ ᠥᠩᠭᠡᠷᠡᠭᠡᠪᠡ᠃ ᠡᠯ᠎ᠡ ᠲᠦᠷᠦᠯ᠎ᠤᠨ ᠴᠠᠭ ᠠᠭᠤᠷ᠎ᠤᠨ ᠭᠠᠮᠰᠢᠭ᠎ᠢ ᠬᠢᠨᠠᠨ ᠬᠡᠮᠵᠢᠵᠦ ᠤᠷᠢᠳᠴᠢᠯᠠᠨ ᠮᠡᠳᠡᠭᠡᠯᠡᠬᠦ ᠤᠷᠢᠳᠴᠢᠯᠠᠨ ᠰᠡᠷᠡᠮᠵᠢᠯᠡᠭᠦᠯᠬᠦ ᠴᠢᠳᠠᠪᠤᠷᠢ ᠵᠢ ᠲᠣᠭᠲᠠᠭᠤᠨ ᠵᠶ᠋ᠠᠷ ᠳᠡᠭᠡᠭᠰᠢᠯᠡᠭᠦᠯᠪᠡ᠂ ᠡᠭᠦᠨ᠎ᠳᠤ ᠰᠢᠷᠦᠭᠦᠨ ᠪᠣᠷᠣᠭ᠋ᠠᠨ᠎ᠤ ᠤᠷᠢᠳᠴᠢᠯᠠᠨ ᠰᠡᠷᠡᠮᠵᠢᠯᠡᠭᠦᠯᠬᠦ ᠣᠨᠣᠪᠴᠢ ᠵᠢᠨ ᠬᠡᠮᠵᠢᠶ᠎ᠡ 86.9%᠎ᠳᠤ ᠬᠦᠷᠴᠦ᠂ ᠴᠢᠩᠭ᠎ᠠ ᠰᠣᠯᠢᠭ ᠤᠷᠤᠰᠬᠠᠯ᠎ᠤᠨ ᠴᠠᠭ ᠠᠭᠤᠷ᠎ᠤᠨ ᠰᠡᠷᠡᠮᠵᠢ ᠵᠢᠨ ᠤᠷᠢᠳᠴᠢᠯᠠᠭᠰᠠᠨ ᠬᠡᠮᠵᠢᠶ᠎ᠡ᠎ᠨᠢ 55 ᠮᠢᠨᠦ᠋ᠲ᠎ᠲᠤ ᠬᠦᠷᠴᠡᠢ᠃ ᠦᠶᠡᠷ᠎ᠤᠨ ᠬᠤᠭᠤᠴᠠᠭ᠋ᠠᠨ᠎ᠤ 12 ᠤᠳᠠᠭ᠋ᠠᠨ᠎ᠤ ᠣᠷᠣᠨ ᠪᠦᠰᠡ ᠵᠢᠨ ᠰᠢᠷᠦᠭᠦᠨ ᠪᠣᠷᠣᠭ᠋ᠠᠨ᠎ᠤ ᠴᠠᠭ ᠠᠭᠤᠷ᠎ᠤᠨ ᠶᠠᠪᠤᠴᠠ ᠵᠢ ᠠᠮᠵᠢᠯᠲᠠ᠎ᠲᠠᠢ᠎ᠪᠠᠷ ᠤᠷᠢᠳᠴᠢᠯᠠᠨ ᠮᠡᠳᠡᠭᠡᠯᠡᠵᠦ᠂ 9 ᠳ᠋ᠣᠭᠡᠷ ᠰᠠᠷ᠎ᠠ᠎ᠳᠤ ᠵᠡᠭᠦᠨ ᠬᠣᠶ᠋ᠢᠲᠤ ᠣᠷᠣᠨ᠎ᠤ ᠬᠠᠭ᠋ᠠᠰ ᠰᠠᠷ᠎ᠠ ᠵᠢᠨ ᠳᠣᠲᠣᠷ᠎ᠠ 3 ᠲᠠᠢ᠍ᠢ᠍ᠹᠤᠩ ᠰᠠᠯᠬᠢᠨ᠎ᠤ ᠬᠠᠭᠤᠷᠠᠶ᠎ᠳᠤ ᠭᠠᠷᠬᠤ ᠨᠥᠯᠥᠭᠡ᠂ 11 ᠳ᠋ᠣᠭᠡᠷ ᠰᠠᠷ᠎ᠠ᠎ᠳᠤ ᠶᠡᠬᠡ ᠬᠡᠪᠴᠢᠶᠡᠨ᠎ᠤ ᠲᠤᠶ᠋ᠢᠯ᠎ᠤᠨ ᠶᠡᠬᠡ ᠴᠠᠰᠤ ᠤᠷᠤᠭᠰᠠᠨ ᠵᠡᠷᠭᠡ ᠲᠡᠦᠬᠡᠨ᠎ᠳᠤ ᠬᠣᠪᠣᠷ ᠲᠣᠬᠢᠶᠠᠯᠳᠤᠬᠤ ᠭᠠᠮᠰᠢᠭ᠎ᠲᠤ ᠴᠠᠭ ᠠᠭᠤᠷ᠎ᠢ ᠪᠦᠲᠦᠮᠵᠢᠲᠡᠶ ᠠᠷᠭ᠋ᠠᠴᠠᠭ᠋ᠠᠪᠠ᠃ ᠢᠯᠠᠩᠭᠤᠶ᠎ᠠ ᠲᠠᠶ᠋ᠢᠹᠤᠩ ᠰᠠᠯᠬᠢ 《ᠮᠠᠶᠢᠰᠠᠺ》 ᠵᠢᠨ ᠨᠥᠯᠥᠭᠡ᠎ᠪᠠᠷ᠂ ᠮᠠᠨ᠎ᠤ ᠣᠷᠣᠨ᠎ᠤ ᠵᠡᠭᠦᠨ ᠬᠡᠰᠡᠭ᠎ᠤᠨ ᠭᠠᠵᠠᠷ ᠣᠷᠣᠨ᠎ᠳᠤ 143.9mm᠎ᠤᠨ ᠬᠠᠮᠤᠭ᠎ᠤᠨ ᠶᠡᠬᠡ ᠪᠣᠷᠣᠭ᠋ᠠᠨ ᠣᠷᠣᠵᠤ᠂ 12 ᠲᠠᠰ᠎ᠠᠴᠠ ᠳᠡᠭᠡᠭᠰᠢᠬᠢ ᠬᠦᠴᠦᠲᠡᠶ ᠰᠠᠯᠬᠢ ᠰᠠᠯᠬᠢᠯᠠᠵᠤ᠂ ᠥᠪᠥᠷ ᠮᠣᠩᠭᠣᠯ᠎ᠤᠨ ᠴᠠᠭ ᠠᠭᠤᠷ᠎ᠤᠨ ᠲᠣᠪᠴᠢᠶ᠎ᠠ 2 ᠡᠳᠦᠷ᠎ᠤᠨ ᠡᠮᠦᠨ᠎ᠡ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ ᠵᠢᠴᠢ ᠬᠤᠯᠪᠤᠭᠳᠠᠯ ᠪᠥᠬᠥᠶ ᠰᠠᠯᠠᠭ᠎ᠠ ᠮᠥᠴᠢᠷ᠎ᠲᠤ ᠰᠢᠢ᠍ᠳᠪᠦᠷᠢᠲᠦ ᠪᠣᠳᠣᠯᠭ᠎ᠠ ᠵᠢᠨ ᠦᠢ᠍ᠯᠡᠴᠢᠯᠡᠭᠡᠨ᠎ᠤ ᠮᠠᠲ᠋ᠧᠷᠢᠶᠠᠯ ᠵᠶ᠋ᠠᠨ ᠮᠡᠳᠡᠭᠦᠯᠦᠨ ᠬᠦᠷᠭᠡᠵᠦ᠂ ᠡᠯ᠎ᠡ ᠱᠠᠲᠤᠨ᠎ᠤ ᠴᠠᠭ ᠠᠭᠤᠷ᠎ᠤᠨ ᠰᠠᠯᠠᠭ᠎ᠠ ᠮᠥᠴᠢᠷ᠎ᠤᠳ ᠳᠣᠭᠰᠢᠨ ᠪᠣᠷᠣᠭ᠋ᠠᠨ᠂ ᠶᠡᠬᠡ ᠰᠠᠯᠬᠢ᠂ ᠠᠶᠤᠩᠭ᠎ᠠ ᠴᠠᠬᠢᠯᠭ᠋ᠠᠨ ᠵᠡᠷᠭᠡ ᠰᠡᠷᠡᠮᠵᠢ ᠵᠢᠨ ᠳᠣᠬᠢᠶ᠎ᠠ ᠵᠢ ᠨᠡᠶ᠋ᠢᠲᠡ 75 ᠬᠤᠭᠤᠴᠠᠭ᠎ᠠ ᠨᠡᠶ᠋ᠢᠲᠡᠯᠡᠵᠦ᠂ ᠰᠡᠷᠡᠮᠵᠢ ᠵᠢᠨ ᠣᠨᠣᠪᠴᠢ ᠵᠢᠨ ᠬᠡᠮᠵᠢᠶ᠎ᠡ 91.3% ᠬᠦᠷᠴᠦ᠂ ᠶᠡᠷᠦᠩᠬᠡᠶ᠋ᠢᠯᠡᠭᠰᠡᠨ ᠰᠡᠷᠡᠮᠵᠢ ᠵᠢᠨ ᠤᠷᠢᠳᠴᠢᠯᠠᠭᠰᠠᠨ ᠬᠡᠮᠵᠢᠶ᠎ᠡ 2 ᠴᠠᠭ᠎ᠠᠴᠠ ᠲᠠᠪᠠᠪᠠ᠃
ᠳᠥᠷᠪᠡ᠎ᠳᠤ᠂ ᠣᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠵᠢ ᠨᠡᠢ᠌ᠳᠡᠯᠡᠭᠰᠡᠨ ᠬᠠᠮᠤᠷᠬᠤ ᠬᠡᠪᠴᠢᠶ᠎ᠡ ᠲᠠᠰᠤᠷᠠᠯᠲᠠ ᠥᠬᠡᠶ ᠳᠡᠭᠡᠭᠰᠢᠯᠡᠪᠡ᠃ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ᠎ᠯᠤᠭ᠎ᠠ ᠬᠠᠮᠲᠤᠷᠠᠨ ᠪᠠᠴᠢᠮ ᠪᠠᠶ᠋ᠢᠳᠠᠯ᠎ᠢ ᠠᠷᠭ᠋ᠠᠴᠠᠭ᠋ᠠᠬᠤ ᠷᠠᠳᠢᠣ᠋ ᠨᠡᠪᠲᠡᠷᠡᠭᠦᠯᠭᠡ ᠵᠢᠨ 《ᠲᠣᠰᠬᠣᠨ ᠪᠣᠯᠭ᠋ᠠᠨ᠎ᠳᠤ ᠨᠡᠪᠲᠡᠷᠡᠭᠦᠯᠬᠦ》 ᠰᠢᠰᠲ᠋ᠧᠮ ᠬᠢᠭᠡᠳ ᠭᠡᠨᠡᠳᠲᠡ ᠵᠢᠨ ᠬᠡᠷᠡᠭ᠎ᠤᠨ ᠰᠡᠷᠡᠮᠵᠢᠯᠡᠭᠦᠯᠬᠦ ᠮᠡᠳᠡᠭᠡ ᠵᠠᠩᠭᠢ ᠨᠡᠶ᠋ᠢᠲᠡᠯᠡᠬᠦ ᠰᠢᠰᠲ᠋ᠧᠮ᠎ᠤᠨ ᠬᠠᠷᠢᠯᠴᠠᠨ ᠬᠣᠯᠪᠣᠭ᠋ᠠᠯᠠᠵᠤ ᠬᠠᠷᠢᠯᠴᠠᠨ ᠨᠡᠪᠲᠡᠷᠡᠯᠴᠡᠬᠦ ᠵᠢ ᠠᠬᠢᠭᠤᠯᠵᠤ᠂ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠨᠡᠶ᠋ᠢᠲᠡᠯᠡᠬᠦ ᠠᠷᠭ᠎ᠠ ᠵᠠᠮ ᠵᠶ᠋ᠠᠨ ᠤᠯᠠᠮ ᠨᠢᠭᠡ ᠠᠯᠬᠤᠮ ᠥᠷᠭᠡᠳᠬᠡᠨ᠂ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠵᠢᠨ ᠬᠠᠮᠤᠷᠬᠤ ᠬᠡᠪᠴᠢᠶ᠎ᠡ ᠵᠢ ᠳᠡᠭᠡᠭᠰᠢᠯᠡᠭᠦᠯᠪᠡ᠃ ᠪᠥᠬᠥ ᠣᠷᠣᠨ᠎ᠤ ᠡᠯ᠎ᠡ ᠱᠠᠲᠤᠨ᠎ᠤ ᠴᠠᠭ ᠠᠭᠤᠷ᠎ᠤᠨ ᠰᠠᠯᠠᠭ᠎ᠠ ᠮᠥᠴᠢᠷ᠎ᠤᠳ ᠭᠡᠨᠡᠳᠲᠡ ᠵᠢᠨ ᠬᠡᠷᠡᠭ᠎ᠤᠨ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠵᠢ ᠨᠡᠶ᠋ᠢᠲᠡᠯᠡᠬᠦ ᠰᠢᠰᠲ᠋ᠧᠮ ᠵᠢᠴᠢ ᠲᠧᠯᠸᠢᠰ᠂ ᠷᠠᠳᠢᠣ᠋᠂ ᠭᠠᠷ ᠤᠲᠠᠰᠤᠨ᠎ᠤ ᠣᠬᠣᠷ ᠮᠡᠳᠡᠭᠡ ᠵᠢᠴᠢ ᠸᠢᠴᠠᠲ ᠪᠢᠴᠢᠯ ᠪᠦᠷᠭᠡ ᠵᠡᠷᠭᠡ ᠰᠢᠨ᠎ᠡ ᠵᠠᠭᠤᠴᠢᠯᠠᠭᠤᠷ᠎ᠲᠤ ᠲᠦᠰᠢᠭᠯᠡᠨ ᠡᠯ᠎ᠡ ᠱᠠᠲᠤᠨ᠎ᠤ ᠤᠷᠢᠳᠴᠢᠯᠠᠨ ᠰᠡᠷᠡᠮᠵᠢᠯᠡᠭᠦᠯᠬᠦ ᠬᠠᠷᠢᠭᠤᠴᠠᠯᠭ᠋ᠠᠲᠠᠨ ᠪᠠ ᠨᠡᠶ᠋ᠢᠭᠡᠮ ᠨᠡᠶ᠋ᠢᠲᠡ᠎ᠳᠤ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠵᠢ ᠴᠠᠭ ᠲᠤᠬᠠᠶ᠎ᠳᠤᠨᠢ ᠥᠨᠳᠥᠷ ᠪᠦᠲᠦᠮᠵᠢᠲᠡᠶ᠎ᠪᠠᠷ ᠨᠡᠶ᠋ᠢᠲᠡᠯᠡᠪᠡ᠃ ᠪᠥᠬᠥ ᠣᠷᠣᠨ᠎ᠳᠤ ᠴᠠᠭ ᠠᠭᠤᠷ᠎ᠤᠨ ᠭᠠᠮᠰᠢᠭ᠎ᠤᠨ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠵᠢ ᠨᠡᠶ᠋ᠢᠲᠡ 9190 ᠵᠤᠷᠪᠤᠰ ᠨᠡᠶ᠋ᠢᠲᠡᠯᠡᠵᠦ᠂ 12379᠎ᠪᠠᠷ ᠳᠠᠮᠵᠢᠭᠤᠯᠤᠨ ᠡᠯ᠎ᠡ ᠱᠠᠲᠤᠨ᠎ᠤ ᠬᠠᠷᠢᠭᠤᠴᠠᠯᠭ᠋ᠠᠲᠠᠨ᠎ᠳᠤ ᠤᠷᠢᠳᠴᠢᠯᠠᠨ ᠰᠡᠷᠡᠮᠵᠢᠯᠡᠭᠦᠯᠬᠦ ᠣᠬᠣᠷ ᠮᠡᠳᠡᠭᠡ ᠵᠢ 1002 ᠲᠦᠮᠡᠨ ᠬᠥᠮᠦᠨ ᠤᠳᠠᠭ᠎ᠠ ᠨᠡᠶ᠋ᠢᠲᠡᠯᠡᠪᠡ᠃
ᠲᠠᠪᠤ᠎ᠳᠤ᠂ ᠴᠠᠭ ᠠᠭᠤᠷ᠎ᠤᠨ ᠭᠠᠮᠰᠢᠭ᠎ᠢ ᠰᠡᠷᠭᠡᠶ᠋ᠢᠯᠡᠬᠦ ᠠᠵᠢᠯ ᠢᠯᠡᠳᠲᠡ ᠦᠷ᠎ᠡ ᠪᠦᠲᠦᠮᠵᠢ ᠤᠯᠪᠠ᠃ ᠰᠢᠷᠦᠭᠦᠨ ᠪᠣᠷᠣᠭ᠋ᠠᠨ ᠦᠶᠡᠷ ᠤᠰᠤᠲᠤᠯ᠂ ᠭᠠᠩ ᠬᠠᠭᠤᠷᠠᠶ᠂ ᠴᠠᠰᠤ ᠰᠢᠭᠤᠷᠭ᠎ᠠ᠂ ᠶᠡᠬᠡ ᠰᠠᠯᠬᠢ᠂ ᠬᠢᠷᠠᠭᠤ ᠬᠥᠯᠳᠡᠭᠦᠦ ᠵᠡᠷᠭᠡ ᠴᠠᠭ ᠠᠭᠤᠷ᠎ᠤᠨ ᠭᠠᠮᠰᠢᠭ ᠵᠢᠴᠢ ᠬᠠᠲᠤᠨ ᠭᠣᠣᠯ᠎ᠤᠨ ᠬᠠᠯᠢᠶ᠎ᠠ ᠦᠶᠡᠷ᠂ ᠣᠶ ᠰᠢᠭᠤᠶ ᠵᠢᠨ ᠲᠦᠢ᠍ᠮᠡᠷ᠎ᠤᠨ ᠭᠠᠮᠰᠢᠭ ᠵᠡᠷᠭᠡ᠎ᠠᠴᠠ ᠡᠭᠦᠰᠦᠭᠰᠡᠨ ᠭᠠᠮᠰᠢᠭ᠎ᠲᠤ ᠴᠢᠭᠯᠡᠭᠦᠯᠦᠨ᠂ ᠴᠠᠭ ᠠᠭᠤᠷ᠎ᠤᠨ ᠰᠠᠯᠠᠭ᠎ᠠ ᠮᠥᠴᠢᠷ᠎ᠤᠳ ᠨᠠᠷᠢᠨ ᠨᠢᠮᠪᠠᠶ ᠬᠢᠨᠠᠨ ᠬᠡᠮᠵᠢᠵᠦ᠂ ᠦᠷᠭᠦᠯᠵᠢᠯᠡᠨ ᠤᠷᠢᠳᠴᠢᠯᠠᠨ ᠮᠡᠳᠡᠭᠡᠯᠡᠵᠦ᠂ ᠬᠣᠯᠪᠣᠭ᠋ᠠᠯᠠᠨ ᠵᠥᠪᠳᠡᠯᠴᠡᠵᠦ᠂ ᠮᠥᠷᠳᠡᠨ ᠦᠢ᠍ᠯᠡᠴᠢᠯᠡᠵᠦ᠂ ᠣᠨᠣᠪᠴᠢᠲᠠᠶ᠎ᠪᠠᠷ ᠤᠷᠢᠳᠴᠢᠯᠠᠨ ᠮᠡᠳᠡᠭᠡᠯᠡᠵᠦ᠂ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠵᠢ ᠴᠠᠭ ᠲᠤᠬᠠᠶ᠎ᠳᠤᠨᠢ ᠨᠡᠶ᠋ᠢᠲᠡᠯᠡᠬᠦ ᠪᠠ ᠪᠠᠴᠢᠮ ᠪᠠᠶ᠋ᠢᠳᠠᠯ᠎ᠢ ᠠᠷᠭ᠋ᠠᠴᠠᠭ᠋ᠠᠬᠤ᠎ᠳᠤ ᠬᠠᠮᠵᠢᠯᠴᠠᠬᠤ᠎ᠪᠠᠨ ᠡᠬᠢᠯᠡᠭᠦᠯᠵᠦ᠂ ᠨᠠᠮ ᠵᠠᠰᠠᠭ᠎ᠤᠨ ᠤᠳᠤᠷᠢᠳᠤᠯᠭ᠎ᠠ ᠵᠢᠨ ᠳᠠᠭᠤᠳᠠᠯᠭ᠎ᠠ ᠵᠢᠨ ᠦᠢ᠍ᠯᠡᠴᠢᠯᠡᠭᠡ ᠵᠢ ᠥᠷᠨᠢᠭᠦᠯᠵᠦ᠂ ᠬᠤᠯᠪᠤᠭᠳᠠᠯ ᠪᠥᠬᠥᠶ ᠭᠠᠵᠠᠷ ᠣᠷᠣᠨ᠎ᠨᠤᠭᠤᠳ ᠪᠠᠴᠢᠮ ᠪᠠᠶ᠋ᠢᠳᠠᠯ᠎ᠢ ᠠᠷᠭ᠋ᠠᠴᠠᠭ᠋ᠠᠬᠤ ᠲᠥᠰᠦᠯ᠎ᠤᠨ ᠶᠣᠰᠣᠭ᠋ᠠᠷ ᠲᠡᠭᠡᠭᠡᠪᠦᠷᠢᠯᠡᠬᠦ ᠵᠢ ᠵᠣᠭᠰᠣᠭ᠋ᠠᠬᠤ᠂ ᠬᠢᠴᠢᠶᠡᠯ ᠵᠣᠭᠰᠣᠭ᠋ᠠᠬᠤ᠂ ᠠᠵᠢᠯ ᠵᠣᠭᠰᠣᠭ᠋ᠠᠬᠤ ᠲᠣᠭᠲᠠᠴᠠ ᠵᠢ ᠡᠬᠢᠯᠡᠭᠦᠯᠵᠦ᠂ ᠭᠠᠮᠰᠢᠭ᠎ᠠᠴᠠ ᠪᠣᠯᠤᠭᠰᠠᠨ ᠬᠣᠬᠢᠷᠠᠯ᠎ᠢ ᠬᠠᠮᠤᠭ᠎ᠤᠨ ᠶᠡᠬᠡ ᠬᠡᠮᠵᠢᠶ᠎ᠡ᠎ᠪᠠᠷ ᠪᠠᠭ᠋ᠠᠰᠬᠠᠪᠡ᠃ ᠡᠭᠦᠨ᠎ᠳᠤ᠂ 2020 ᠣᠨ᠎ᠤ 11 ᠰᠠᠷ᠎ᠠ ᠵᠢᠨ 17᠎ᠤ ᠡᠳᠦᠷ᠎ᠠᠴᠠ 19᠎ᠤ ᠡᠳᠦᠷ ᠪᠣᠯᠲᠠᠯᠠᠬᠢ ᠮᠠᠨ᠎ᠤ ᠣᠷᠣᠨ᠎ᠤ ᠳᠤᠮᠳᠠ ᠵᠡᠭᠦᠨ ᠬᠡᠰᠡᠭ᠎ᠤᠨ ᠣᠨᠴᠠ ᠶᠡᠬᠡ ᠴᠠᠰᠤ ᠰᠢᠭᠤᠷᠭ᠋ᠠᠨ᠎ᠤ ᠶᠠᠪᠤᠴᠠ᠎ᠳᠤ ᠴᠢᠭᠯᠡᠭᠦᠯᠦᠨ᠂ ᠡᠯ᠎ᠡ ᠱᠠᠲᠤᠨ᠎ᠤ ᠴᠠᠭ ᠠᠭᠤᠷ᠎ᠤᠨ ᠰᠠᠯᠠᠭ᠎ᠠ ᠮᠥᠴᠢᠷ᠎ᠤᠨ᠎ᠬᠢᠨ ᠬᠢᠨᠠᠨ ᠬᠡᠮᠵᠢᠵᠦ ᠤᠷᠢᠳᠴᠢᠯᠠᠨ ᠮᠡᠳᠡᠭᠡᠯᠡᠬᠦ᠎ᠪᠠᠨ ᠴᠢᠩᠭ᠋ᠠᠳᠬᠠᠵᠤ᠂ 72 ᠴᠠᠭ᠎ᠤᠨ ᠡᠮᠦᠨ᠎ᠡ ᠰᠢᠷᠦᠭᠦᠨ ᠴᠠᠰᠤ᠂ ᠶᠡᠬᠡ ᠰᠠᠯᠬᠢ ᠪᠠ ᠳᠤᠯᠠᠭ᠋ᠠᠨ᠎ᠤ ᠬᠡᠮᠵᠢᠶ᠎ᠡ ᠶᠡᠭᠡ᠎ᠪᠠᠷ ᠲᠤᠷᠤᠭᠰᠢᠯᠠᠬᠤ ᠴᠠᠭ ᠠᠭᠤᠷ᠎ᠤᠨ ᠤᠷᠢᠳᠴᠢᠯᠠᠭᠰᠠᠨ ᠮᠡᠳᠡᠭᠡ ᠵᠢ ᠨᠡᠢ᠌ᠳᠡᠯᠡᠵᠦ᠂ ᠤᠷᠢᠳᠴᠢᠯᠠᠨ ᠮᠡᠳᠡᠭᠡᠯᠡᠬᠦ᠎ᠪᠠᠨ ᠴᠠᠭ ᠲᠤᠬᠠᠶ᠎ᠳᠤᠨᠢ ᠦᠷᠭᠦᠯᠵᠢᠯᠡᠨ ᠰᠢᠨᠡᠳᠬᠡᠵᠦ᠂ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠵᠢ ᠨᠡᠶ᠋ᠢᠲᠡ 229 ᠨᠡᠶ᠋ᠢᠲᠡᠯᠡᠵᠦ᠂ ᠬᠠᠮᠤᠭ᠎ᠤᠨ ᠲᠡᠷᠢᠭᠦᠨ᠎ᠳᠤ ᠰᠢᠢ᠍ᠳᠪᠦᠷᠢᠲᠦ ᠪᠣᠳᠣᠯᠭ᠎ᠠ ᠵᠢᠨ ᠰᠠᠯᠠᠭ᠎ᠠ ᠮᠥᠴᠢᠷ᠎ᠲᠤ ᠮᠠᠲ᠋ᠧᠷᠢᠶᠠᠯ ᠵᠶ᠋ᠠᠨ ᠮᠡᠳᠡᠭᠦᠯᠦᠨ ᠬᠦᠷᠭᠡᠵᠦ᠂ ᠰᠡᠷᠭᠡᠶ᠋ᠢᠯᠡᠬᠦ ᠠᠷᠭ᠎ᠠ ᠪᠣᠳᠣᠯᠭ᠎ᠠ ᠵᠢᠨ ᠰᠠᠨᠠᠭᠤᠯᠭ᠎ᠠ ᠳᠤᠷᠠᠳᠤᠨ᠂ ᠡᠯ᠎ᠡ ᠰᠠᠯᠠᠭ᠎ᠠ ᠮᠥᠴᠢᠷ᠎ᠤᠨ ᠰᠡᠷᠭᠡᠶ᠋ᠢᠯᠡᠯᠲᠡ ᠵᠢᠨ ᠠᠵᠢᠯ᠎ᠢ ᠡᠷᠲᠡ᠎ᠠᠴᠠ ᠪᠠᠶ᠋ᠢᠷᠢᠯᠠᠭᠤᠯᠬᠤ᠂ ᠡᠷᠲᠡ᠎ᠠᠴᠠ ᠲᠣᠬᠢᠷᠠᠭᠤᠯᠬᠤ᠎ᠳᠤ ᠰᠢᠨᠵᠢᠯᠡᠬᠦ ᠤᠬᠠᠭ᠋ᠠᠨᠴᠢ ᠦᠨᠳᠦᠰᠦᠯᠡᠯ ᠬᠠᠩᠭ᠋ᠠᠪᠠ᠃ ᠡᠨᠡ ᠤᠳᠠᠭ᠋ᠠᠨ᠎ᠤ ᠴᠠᠭ ᠠᠭᠤᠷ᠎ᠤᠨ ᠶᠠᠪᠤᠴᠠ᠎ᠳᠤ ᠴᠠᠭ ᠠᠭᠤᠷ᠎ᠤᠨ ᠰᠠᠯᠠᠭ᠎ᠠ ᠮᠥᠴᠢᠷ ᠥᠪᠡᠷᠲᠡᠭᠡᠨ ᠵᠠᠰᠠᠬᠤ ᠣᠷᠣᠨ᠎ᠤ ᠭᠡᠨᠡᠳᠲᠡ ᠵᠢᠨ ᠬᠡᠷᠡᠭ᠎ᠤᠨ ᠣᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠵᠢ ᠨᠡᠶ᠋ᠢᠲᠡᠯᠡᠬᠦ ᠲᠠᠪᠴᠠᠩ ᠵᠶ᠋ᠠᠷ ᠡᠯ᠎ᠡ ᠱᠠᠲᠤᠨ᠎ᠤ ᠴᠠᠭ ᠠᠭᠤᠷ᠎ᠤᠨ ᠭᠠᠮᠰᠢᠭ᠎ᠢ ᠰᠡᠷᠭᠡᠶ᠋ᠢᠯᠡᠨ ᠭᠠᠮᠰᠢᠭ᠎ᠢ ᠪᠠᠭ᠋ᠠᠰᠬᠠᠬᠤ ᠬᠠᠷᠢᠭᠤᠴᠠᠯᠭ᠋ᠠᠲᠠᠨ᠎ᠳᠤ ᠣᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠵᠢ 30.86 ᠲᠦᠮᠡᠨ ᠬᠥᠮᠦᠨ ᠤᠳᠠᠭ᠎ᠠ ᠨᠡᠶ᠋ᠢᠲᠡᠯᠡᠵᠦ᠂ ᠡᠭᠦᠨ᠎ᠤ ᠬᠠᠮᠲᠤ᠂ ᠷᠠᠳᠢᠣ᠋ ᠨᠡᠪᠲᠡᠷᠡᠭᠦᠯᠭᠡ᠂ ᠲᠧᠯᠸᠢᠰ ᠵᠢᠴᠢ ᠸᠢᠴᠠᠲ᠎ᠤᠨ ᠣᠯᠠᠨ ᠨᠡᠶ᠋ᠢᠲᠡ ᠵᠢᠨ ᠲᠡᠪᠴᠠᠩ᠂ ᠲᠢᠺ ᠲᠤᠺ ᠵᠡᠷᠭᠡ ᠰᠢᠨ᠎ᠡ ᠵᠠᠭᠤᠴᠢᠯᠠᠭᠤᠷ᠎ᠤᠨ ᠲᠠᠪᠴᠠᠩ ᠵᠶ᠋ᠠᠷ ᠳᠠᠮᠵᠢᠭᠤᠯᠤᠨ ᠨᠡᠶ᠋ᠢᠭᠡᠮ ᠨᠡᠶ᠋ᠢᠲᠡ᠎ᠳᠤ ᠤᠷᠢᠳᠴᠢᠯᠠᠨ ᠰᠡᠷᠡᠮᠵᠢᠯᠡᠭᠦᠯᠬᠦ ᠮᠡᠳᠡᠭᠡ ᠵᠠᠩᠭᠢ ᠨᠡᠶ᠋ᠢᠲᠡᠯᠡᠵᠦ᠂ ᠣᠨᠣᠪᠴᠢᠲᠠᠶ ᠪᠥᠭᠡᠳ ᠴᠠᠭ ᠲᠤᠬᠠᠶ᠎ᠳᠤᠨᠢ ᠤᠷᠢᠳᠴᠢᠯᠠᠨ ᠮᠡᠳᠡᠭᠡᠯᠡᠵᠦ ᠤᠷᠢᠳᠴᠢᠯᠠᠨ ᠰᠡᠷᠡᠮᠵᠢᠯᠡᠭᠦᠯᠬᠦ᠎ᠨᠢ ᠡᠯ᠎ᠡ ᠱᠠᠲᠤᠨ᠎ᠤ ᠨᠠᠮ᠎ᠤᠨ ᠬᠣᠷᠢᠶ᠎ᠠ ᠵᠠᠰᠠᠭ᠎ᠤᠨ ᠣᠷᠳᠣᠨ᠎ᠤ ᠰᠢᠢ᠍ᠳᠪᠦᠷᠢᠲᠦ ᠪᠣᠳᠣᠯᠭ᠎ᠠ ᠵᠢᠨ ᠵᠢᠯᠣᠭᠣᠳᠣᠯᠭ᠎ᠠ᠎ᠳᠤ ᠰᠢᠢ᠍ᠳᠪᠦᠷᠢᠲᠦ ᠪᠣᠳᠣᠯᠭ᠎ᠠ ᠵᠢᠨ ᠦᠨᠳᠦᠰᠦᠯᠡᠯ ᠬᠠᠩᠭ᠋ᠠᠵᠤ᠂ ᠭᠠᠮᠰᠢᠭ᠎ᠤᠨ ᠬᠣᠬᠢᠷᠠᠯ᠎ᠢ ᠬᠠᠮᠤᠭ᠎ᠤᠨ ᠶᠡᠬᠡ ᠬᠡᠮᠵᠢᠶ᠎ᠡ᠎ᠪᠠᠷ ᠪᠠᠭ᠋ᠠᠰᠬᠠᠬᠤ᠎ᠳᠤ ᠪᠠᠲᠤᠯᠠᠭ᠎ᠠ ᠬᠠᠩᠭ᠋ᠠᠵᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠠᠰᠠᠭ᠎ᠤᠨ ᠣᠷᠳᠣᠨ ᠪᠣᠯᠤᠨ ᠳᠤᠮᠳᠠᠳᠤ ᠤᠯᠤᠰ᠎ᠤᠨ ᠴᠠᠭ ᠠᠭᠤᠷ᠎ᠤᠨ ᠲᠤᠪᠴᠢᠶᠠᠨ᠎ᠤ ᠬᠦᠢ᠍ᠴᠡᠳ ᠨᠤᠲᠠᠯᠠᠯᠲᠠ ᠵᠢ ᠣᠯᠤᠭᠰᠠᠨ ᠪᠠᠶ᠋ᠢᠨ᠎ᠠ᠃
ᠬᠣᠶᠠᠷ᠂ 2021 ᠣᠨ᠎ᠤ ᠬᠠᠪᠤᠷ᠎ᠤᠨ ᠤᠯᠠᠷᠢᠯ᠎ᠤᠨ ᠥᠪᠥᠷ ᠮᠣᠩᠭᠣᠯ᠎ᠤᠨ ᠲᠠᠷᠢᠶᠠᠯᠠᠩ ᠮᠠᠯ ᠠᠵᠤ ᠠᠬᠤᠶ ᠵᠢᠨ ᠦᠢ᠍ᠯᠡᠳᠪᠦᠷᠢᠯᠡᠯ᠎ᠤᠨ ᠴᠠᠭ ᠠᠭᠤᠷ᠎ᠤᠨ ᠨᠥᠬᠥᠴᠡᠯ
(ᠨᠢᠭᠡ) ᠡᠮᠦᠨᠡᠬᠢ ᠬᠤᠭᠤᠴᠠᠭ᠋ᠠᠨ᠎ᠤ ᠪᠥᠬᠥ ᠣᠷᠣᠨ᠎ᠤ ᠴᠠᠭ ᠠᠭᠤᠷ᠎ᠤᠨ ᠠᠭᠤᠷ ᠠᠮᠢᠰᠬᠤᠯ᠎ᠤᠨ ᠣᠨᠴᠠᠯᠢᠭ ᠵᠢᠴᠢ ᠲᠠᠷᠢᠶᠠᠯᠠᠩ ᠮᠠᠯ ᠠᠵᠤ ᠠᠬᠤᠶ᠎ᠳᠤ ᠦᠵᠡᠭᠦᠯᠬᠦ ᠨᠥᠯᠥᠭᠡ
ᠨᠢᠳᠤᠨᠤᠨ ᠡᠪᠦᠯ (2020 ᠣᠨ᠎ᠤ 12 ᠰᠠᠷ᠎ᠠ᠎ᠠᠴᠠ 2021 ᠣᠨ᠎ᠤ 2 ᠰᠠᠷ᠎ᠠ ᠪᠣᠯᠲᠠᠯ᠎ᠠ) ᠬᠥᠯᠥᠨ ᠪᠣᠶ᠋ᠢᠷ ᠬᠣᠲᠠ ᠵᠢᠨ ᠳᠤᠮᠳᠠ ᠪᠠᠷᠠᠭᠤᠨ ᠬᠡᠰᠡᠭ᠂ ᠤᠯᠠᠭ᠋ᠠᠨᠴᠠᠪ ᠬᠣᠲᠠ᠎ᠠᠴᠠ ᠪᠠᠷᠠᠭᠤᠨᠰᠢᠬᠢ ᠭᠠᠵᠠᠷ ᠣᠷᠣᠨ᠎ᠤ ᠠᠭ᠋ᠠᠷ᠎ᠤᠨ ᠳᠤᠯᠠᠭ᠋ᠠᠨ ᠥᠩᠭᠡᠷᠡᠭᠰᠡᠨ ᠵᠢᠯ᠎ᠤᠳ᠎ᠤᠨ ᠠᠳᠠᠯᠢ ᠬᠤᠭᠤᠴᠠᠭ᠋ᠠᠨ᠎ᠤ᠎ᠬᠢ᠎ᠠᠴᠠ 0.1~ 4.1℃ ᠥᠨᠳᠥᠷ ᠪᠠᠶ᠋ᠢᠵᠤ᠂ ᠪᠤᠰᠤᠳ ᠭᠠᠵᠠᠷ ᠣᠷᠣᠨ ᠳᠣᠤᠷ᠎ᠠ ᠰᠢᠭ᠋ ᠪᠠᠶ᠋ᠢᠨ᠎ᠠ; 2 ᠳ᠋ᠤᠭ᠋ᠠᠷ ᠰᠠᠷ᠎ᠠ᠎ᠠᠴᠠ ᠨᠠᠰᠢ ᠪᠥᠬᠥ ᠣᠷᠣᠨ᠎ᠤ ᠳᠤᠮᠳᠠᠴᠢ ᠠᠭ᠋ᠠᠷ᠎ᠤᠨ ᠳᠤᠯᠠᠭ᠋ᠠᠨ ᠡᠩ᠎ᠤᠨ ᠵᠢᠯ᠎ᠤᠨ ᠠᠳᠠᠯᠢ ᠬᠤᠭᠤᠴᠠᠭ᠋ᠠᠨ᠎ᠤ᠎ᠬᠢ᠎ᠠᠴᠠ 3.4℃ ᠥᠨᠳᠥᠷ ᠪᠣᠯᠵᠣ᠂ ᠨᠢᠳᠤᠨᠤᠨ᠎ᠤ ᠠᠳᠠᠯᠢ ᠬᠤᠭᠤᠴᠠᠭ᠋ᠠᠨ᠎ᠤ᠎ᠬᠢ᠎ᠠᠴᠠ 2.0℃ ᠥᠨᠳᠥᠷ ᠪᠣᠯᠵᠣ᠂ 1961 ᠣᠨ᠎ᠠᠴᠠ ᠨᠠᠰᠢᠬᠢ ᠠᠳᠠᠯᠢ ᠬᠤᠭᠤᠴᠠᠭ᠋ᠠᠨ᠎ᠤ 3 ᠳ᠋ᠤᠭ᠋ᠠᠷ ᠥᠨᠳᠥᠷ᠎ᠲᠤ ᠬᠦᠷᠪᠡ᠃
ᠨᠢᠳᠤᠨᠤᠨ ᠡᠪᠦᠯ᠎ᠤᠨ ᠤᠯᠠᠷᠢᠯ᠎ᠳᠤ ᠪᠥᠬᠥ ᠣᠷᠣᠨ᠎ᠤ ᠬᠤᠷ᠎ᠠ ᠲᠤᠨᠳᠠᠰᠣ ᠡᠩ᠎ᠤᠨ ᠵᠢᠯ᠎ᠤᠨ ᠠᠳᠠᠯᠢ ᠬᠤᠭᠤᠴᠠᠭ᠋ᠠᠨ᠎ᠳᠤ ᠣᠶ᠋ᠢᠷᠠᠳᠴᠤ᠂ 2 ᠳ᠋ᠤᠭ᠋ᠠᠷ ᠰᠠᠷ᠎ᠠ᠎ᠳᠤ ᠪᠥᠬᠥ ᠣᠷᠣᠨ᠎ᠤ ᠶᠡᠬᠡᠩᠬᠢ ᠭᠠᠵᠠᠷ᠎ᠤᠨ ᠬᠤᠷ᠎ᠠ ᠲᠤᠨᠳᠠᠰᠣ ᠵᠢᠨ ᠬᠡᠮᠵᠢᠶ᠎ᠡ ᠳᠤᠮᠳᠠᠴᠢ᠎ᠪᠠᠷ 2.6 ᠮᠢᠯᠢᠮᠧᠲᠷ ᠢᠯᠡᠭᠦᠤ ᠪᠣᠯᠵᠣ᠂ 1961 ᠣᠨ᠎ᠠᠴᠠ ᠨᠠᠰᠢᠬᠢ ᠠᠳᠠᠯᠢ ᠬᠤᠭᠤᠴᠠᠭ᠋ᠠᠨ᠎ᠤ 4 ᠳ᠋ᠤᠭᠡᠷ᠎ᠲᠤ ᠬᠦᠷᠴᠡᠶ᠃ ᠣᠳᠣᠬᠠᠨ᠎ᠳᠤ᠂ ᠮᠠᠨ᠎ᠤ ᠣᠷᠣᠨ᠎ᠤ ᠬᠥᠯᠥᠨ ᠪᠣᠶ᠋ᠢᠷ ᠬᠣᠲᠠ ᠵᠢᠨ ᠶᠡᠬᠡᠩᠬᠢ ᠬᠡᠰᠡᠭ᠂ ᠬᠢᠩᠭ᠋ᠠᠨ ᠠᠶ᠋ᠢᠮᠠᠭ᠎ᠤᠨ ᠬᠣᠶ᠋ᠢᠲᠤ ᠬᠡᠰᠡᠭ᠂ ᠲᠦᠩᠯᠢᠶᠣᠤ ᠬᠣᠲᠠ ᠵᠢᠨ ᠵᠡᠭᠦᠨ ᠬᠡᠰᠡᠭ᠂ ᠤᠯᠠᠭ᠋ᠠᠨᠬᠠᠳᠠ ᠬᠣᠲᠠ ᠵᠢᠨ ᠪᠠᠷᠠᠭᠤᠨ ᠬᠡᠰᠡᠭ᠂ ᠰᠢᠯᠢ ᠵᠢᠨ ᠭᠣᠤᠯ ᠠᠶ᠋ᠢᠮᠠᠭ᠂ ᠤᠯᠠᠭ᠋ᠠᠨᠴᠠᠪ ᠬᠣᠲᠠ ᠵᠢᠨ ᠬᠣᠶ᠋ᠢᠲᠤ ᠬᠡᠰᠡᠭ᠂ ᠪᠤᠭᠤᠲᠤ ᠬᠣᠲᠠ ᠵᠢᠨ ᠵᠡᠭᠦᠨ ᠬᠡᠰᠡᠭ᠂ ᠪᠠᠶᠠᠨᠨᠠᠭᠤᠷ ᠬᠣᠲᠠ ᠵᠢᠨ ᠬᠡᠰᠡᠭ ᠭᠠᠵᠠᠷ᠎ᠲᠤ ᠬᠤᠷᠠᠭᠰᠠᠨ ᠴᠠᠰᠤ᠎ᠲᠠᠢ᠂ ᠬᠤᠷᠠᠭᠰᠠᠨ ᠴᠠᠰᠤᠨ᠎ᠤ ᠲᠠᠯᠠᠪᠠᠶ᠎ᠨᠢ ᠪᠠᠷᠤᠭ 40.49 ᠲᠦᠮᠡᠨ ᠲᠡᠭᠰᠢ ᠳᠥᠷᠪᠡᠯᠵᠢᠨ ᠺᠢᠯᠣᠮᠧᠲᠷ᠂ ᠪᠥᠬᠥ ᠣᠷᠣᠨ᠎ᠤ ᠶᠡᠷᠦᠩᠬᠡᠶ ᠲᠠᠯᠠᠪᠠᠶ ᠵᠢᠨ 34.22%᠎ᠢ ᠡᠵᠡᠯᠡᠵᠦ᠂ ᠬᠤᠷᠠᠭᠰᠠᠨ ᠴᠠᠰᠤᠨ᠎ᠤ ᠬᠠᠮᠤᠭ᠎ᠤᠨ ᠭᠦᠨ᠎ᠨᠢ 30.0 ᠰᠠᠨᠲ᠋ᠢᠮᠧᠲᠷ ᠬᠦᠷᠴᠦ᠂ ᠬᠥᠯᠥᠨ ᠪᠣᠶ᠋ᠢᠷ ᠬᠣᠲᠠ ᠵᠢᠨ ᠭᠡᠭᠡᠨ ᠭᠣᠤᠯ ᠬᠣᠲᠠ᠎ᠳᠤ ᠢᠯᠡᠷᠡᠪᠡ᠃ ᠨᠢᠳᠤᠨᠤᠨ᠎ᠤ 11 ᠳ᠋ᠤᠭᠡᠷ ᠰᠠᠷ᠎ᠠ ᠵᠢᠨ ᠡᠬᠢ᠎ᠪᠠᠷ ᠬᠥᠯᠳᠡᠬᠦ᠎ᠠᠴᠠ ᠡᠮᠦᠨ᠎ᠡ᠂ ᠪᠥᠬᠥ ᠣᠷᠣᠨ᠎ᠤ ᠬᠥᠷᠥᠰᠥᠨ᠎ᠤ ᠢᠷᠣᠭ᠋ᠠᠷ᠎ᠤᠨ ᠴᠢᠬᠢᠭ ᠳᠡᠭᠡᠷ᠎ᠡ ᠵᠢᠯ᠎ᠤᠨ ᠠᠳᠠᠯᠢ ᠬᠤᠭᠤᠴᠠᠭ᠋ᠠᠨ᠎ᠤ᠎ᠬᠢ᠎ᠲᠠᠢ ᠣᠶ᠋ᠢᠷᠠᠳᠴᠤ᠂ ᠥᠩᠭᠡᠷᠡᠭᠰᠡᠨ ᠵᠢᠯ᠎ᠤᠨ ᠠᠳᠠᠯᠢ ᠬᠤᠭᠤᠴᠠᠭ᠋ᠠᠨ᠎ᠤ᠎ᠬᠢ᠎ᠠᠴᠠ ᠰᠠᠶ᠋ᠢᠨ ᠪᠣᠯᠵᠠᠶ᠃ 1 — 2 ᠳ᠋ᠤᠭ᠋ᠠᠷ ᠰᠠᠷ᠎ᠠ᠎ᠳᠤ ᠳᠤᠮᠳᠠ ᠪᠠ ᠵᠡᠭᠦᠨ ᠬᠡᠰᠡᠭ᠎ᠤᠨ ᠭᠠᠵᠠᠷ ᠣᠷᠣᠨ᠎ᠳᠤ ᠬᠤᠷ᠎ᠠ ᠲᠤᠨᠳᠠᠰᠣ ᠨᠡᠯᠢᠶᠡᠳ ᠣᠯᠠᠰᠢᠷᠠᠵᠤ᠂ ᠢᠯᠠᠩᠭᠤᠶ᠎ᠠ 2 ᠳ᠋ᠤᠭ᠋ᠠᠷ ᠰᠠᠷ᠎ᠠ᠎ᠳᠤ ᠪᠥᠬᠥ ᠣᠷᠣᠨ᠎ᠤ ᠶᠡᠬᠡᠩᠬᠢ ᠭᠠᠵᠠᠷ᠎ᠲᠤ ᠬᠤᠷ᠎ᠠ ᠲᠤᠨᠳᠠᠰᠣ ᠢᠯᠡᠷᠭᠡᠢ ᠣᠯᠠᠰᠢᠷᠠᠵᠤ᠂ ᠮᠠᠯᠵᠢᠬᠤ ᠲᠠᠷᠢᠶᠠᠯᠠᠬᠤ ᠣᠷᠣᠨ᠎ᠤ ᠬᠥᠷᠥᠰᠥ ᠰᠢᠷᠣᠶ ᠵᠢᠨ ᠴᠢᠬᠢᠭ᠎ᠢ ᠬᠠᠮᠠᠭ᠋ᠠᠯᠠᠨ ᠴᠢᠬᠢᠭ᠎ᠢ ᠨᠡᠮᠡᠭᠳᠡᠭᠦᠯᠬᠦ᠎ᠳᠤ ᠲᠤᠶ᠋ᠢᠯ᠎ᠤᠨ ᠠᠰᠢᠭᠲᠠᠶ ᠪᠤᠯᠵᠤ᠂ ᠣᠳᠣᠬᠠᠨ᠎ᠳᠤ ᠲᠠᠷᠢᠶᠠᠯᠠᠬᠤ ᠣᠷᠣᠨ᠎ᠤ ᠨᠡᠯᠢᠶᠡᠳ ᠰᠠᠶ᠋ᠢᠨ ᠴᠢᠬᠢᠭ᠎ᠤᠨ ᠪᠠᠶ᠋ᠢᠳᠠᠯ ᠠᠷᠪᠠᠨ᠎ᠤ ᠲᠤᠯᠤᠭ᠋ᠠᠨ ᠬᠤᠪᠢ ᠵᠢ ᠳᠠᠪᠠᠵᠤ᠂ ᠥᠩᠭᠡᠷᠡᠭᠰᠡᠨ ᠵᠢᠯ᠎ᠤᠳ᠎ᠤᠨ ᠠᠳᠠᠯᠢ ᠬᠤᠭᠤᠴᠠᠭ᠋ᠠᠨ᠎ᠤ᠎ᠬᠢ᠎ᠠᠴᠠ ᠢᠯᠡᠳᠲᠡ ᠰᠠᠶ᠋ᠢᠨ ᠪᠠᠶ᠋ᠢᠨ᠎ᠠ᠃ ᠭᠡᠪᠡᠴᠦ ᠠᠭ᠋ᠠᠷ᠎ᠤᠨ ᠳᠤᠯᠠᠭ᠋ᠠᠨ ᠥᠨᠳᠥᠷ᠂ ᠢᠯᠠᠩᠭᠤᠶ᠎ᠠ 2 ᠳ᠋ᠤᠭ᠋ᠠᠷ ᠰᠠᠷ᠎ᠠ᠎ᠳᠤ ᠢᠯᠡᠷᠬᠡᠶ ᠥᠨᠳᠥᠷ ᠪᠠᠶ᠋ᠢᠳᠠᠭ᠎ᠠᠴᠠ ᠬᠣᠤᠷᠲᠤ ᠬᠣᠷᠣᠬᠠᠶ ᠵᠢᠨ ᠥᠨᠳᠡᠭᠡ ᠪᠠ ᠡᠪᠡᠳᠴᠢᠨ᠎ᠤ ᠪᠠᠺᠲ᠋ᠧᠷᠢ ᠵᠢᠨ ᠡᠪᠦᠯᠵᠢᠬᠦ᠎ᠳᠤ ᠠᠰᠢᠭᠲᠠᠶ ᠨᠥᠬᠥᠴᠡᠯ᠎ᠢ ᠬᠠᠩᠭ᠋ᠠᠵᠤ᠂ ᠬᠠᠪᠤᠷ ᠵᠣᠨ᠎ᠤ ᠤᠯᠠᠷᠢᠯ᠎ᠤᠨ ᠡᠪᠡᠳᠴᠢᠨ ᠬᠣᠷᠣᠬᠠᠶ ᠵᠢᠨ ᠭᠠᠮᠰᠢᠭ ᠠᠮᠠᠷᠬᠠᠨ ᠡᠭᠦᠰᠴᠦ ᠲᠡᠯᠭᠡᠷᠡᠳᠡᠭ᠃ ᠡᠪᠦᠯ᠎ᠤᠨ ᠤᠯᠠᠷᠢᠯ᠎ᠤᠨ ᠠᠭ᠋ᠠᠷ᠎ᠤᠨ ᠳᠤᠯᠠᠭ᠋ᠠᠨ ᠥᠨᠳᠥᠷ ᠪᠠᠶ᠋ᠢᠬᠤ᠎ᠨᠢ ᠡᠪᠦᠯ ᠬᠠᠪᠤᠷ᠎ᠤᠨ ᠤᠯᠠᠷᠢᠯ᠎ᠳᠤ ᠮᠠᠯ ᠬᠠᠷᠢᠭᠤᠯᠬᠤ ᠪᠠ ᠲᠥᠯ ᠲᠤᠰᠴᠤ ᠪᠣᠶ᠋ᠢᠵᠢᠭᠤᠯᠬᠤ ᠵᠡᠷᠭᠡ ᠮᠠᠯ ᠠᠵᠤ ᠠᠬᠤᠶ ᠵᠢᠨ ᠦᠢ᠍ᠯᠡᠳᠪᠦᠷᠢᠯᠡᠯ᠎ᠳᠤ ᠲᠤᠶ᠋ᠢᠯ᠎ᠤᠨ ᠠᠰᠢᠭᠲᠠᠶ
ᠪᠠᠶ᠋ᠢᠳᠠᠭ᠃
(ᠬᠣᠶᠠᠷ) ᠬᠠᠪᠤᠷ᠎ᠤᠨ ᠤᠯᠠᠷᠢᠯ᠎ᠤᠨ ᠠᠭᠤᠷ ᠠᠮᠢᠰᠬᠤᠯ᠎ᠤᠨ ᠬᠠᠨᠳᠤᠰᠢ ᠵᠢᠨ ᠲᠦᠰᠦᠭᠡᠯᠡᠯᠳᠡ
ᠵᠢᠱ᠌ᠢᠯᠲᠡ᠎ᠪᠠᠷ 2021 ᠣᠨ᠎ᠤ ᠬᠠᠪᠤᠷ᠎ᠤᠨ ᠤᠯᠠᠷᠢᠯ᠎ᠳᠤ ᠪᠥᠬᠥ ᠣᠷᠣᠨ᠎ᠤ ᠬᠤᠷ᠎ᠠ ᠲᠤᠨᠳᠠᠰᠤᠨ᠎ᠤ ᠬᠡᠮᠵᠢᠶ᠎ᠡ 3.6 ~ 92.3 ᠮᠢᠯᠢᠮᠧᠲᠷ ᠪᠣᠯᠤᠨ᠎ᠠ᠃ ᠡᠭᠦᠨ᠎ᠳᠤ ᠬᠥᠯᠥᠨ ᠪᠣᠶ᠋ᠢᠷ ᠬᠣᠲᠠ ᠵᠢᠨ ᠡᠮᠦᠨ᠎ᠡ ᠬᠡᠰᠡᠭ᠂ ᠬᠢᠩᠭ᠋ᠠᠨ ᠠᠶ᠋ᠢᠮᠠᠭ᠎ᠤᠨ ᠬᠣᠶ᠋ᠢᠲᠤ ᠬᠡᠰᠡᠭ᠂ ᠤᠯᠠᠭ᠋ᠠᠨᠬᠠᠳᠠ ᠬᠣᠲᠠ ᠵᠢᠨ ᠪᠠᠷᠠᠭᠤᠨ ᠡᠮᠦᠨ᠎ᠡ ᠬᠡᠰᠡᠭ᠂ ᠰᠢᠯᠢ ᠵᠢᠨ ᠭᠣᠤᠯ ᠠᠶ᠋ᠢᠮᠠᠭ᠎ᠤᠨ ᠡᠮᠦᠨ᠎ᠡ ᠬᠡᠰᠡᠭ ᠪᠠ ᠪᠠᠷᠠᠭᠤᠨ ᠬᠣᠶ᠋ᠢᠲᠤ ᠬᠡᠰᠡᠭ᠂ ᠤᠯᠠᠭ᠋ᠠᠨᠴᠠᠪ ᠬᠣᠲᠠ᠂ ᠬᠥᠬᠡᠬᠣᠲᠠ᠂ ᠪᠤᠭᠤᠲᠤ ᠬᠣᠲᠠ ᠪᠠ ᠣᠷᠳᠣᠰ ᠬᠣᠲᠠ ᠵᠢᠨ ᠵᠡᠭᠦᠨ ᠬᠡᠰᠡᠭ᠎ᠤᠨ ᠬᠤᠷ᠎ᠠ ᠲᠤᠨᠳᠠᠰᠤᠨ᠎ᠤ ᠬᠡᠮᠵᠢᠶ᠎ᠡ᠎ᠨᠢ 19.0 ~ 92.3 ᠮᠢᠯᠢᠮᠧᠲᠷ᠎ᠤᠨ ᠬᠣᠭᠣᠷᠣᠨᠳᠣ ᠪᠠᠶ᠋ᠢᠵᠤ᠂ ᠡᠩ᠎ᠤᠨ ᠵᠢᠯ᠎ᠤᠨ ᠠᠳᠠᠯᠢ ᠬᠤᠭᠤᠴᠠᠭ᠋ᠠᠨ᠎ᠤ᠎ᠬᠢ᠎ᠠᠴᠠ 0 ~ 2 ᠬᠤᠪᠢ ᠢᠯᠡᠭᠦᠤ ᠪᠠᠢ᠌ᠳᠠᠭ; ᠪᠤᠰᠤᠳ ᠭᠠᠵᠠᠷ ᠣᠷᠣᠨ᠎ᠤ ᠬᠤᠷ᠎ᠠ ᠲᠤᠨᠳᠠᠰᠤᠨ᠎ᠤ ᠬᠡᠮᠵᠢᠶ᠎ᠡ᠎ᠨᠢ 3.6 ~ 75.1 ᠮᠢᠯᠢᠮᠧᠲᠷ᠎ᠤᠨ ᠬᠣᠭᠣᠷᠣᠨᠳᠣ ᠪᠠᠶ᠋ᠢᠵᠤ᠂ ᠡᠩ᠎ᠤᠨ ᠵᠢᠯ᠎ᠤᠨ ᠠᠳᠠᠯᠢ ᠬᠤᠭᠤᠴᠠᠭ᠋ᠠᠨ᠎ᠤ᠎ᠬᠢ᠎ᠠᠴᠠ 0 ~ 2 ᠬᠤᠪᠢ ᠳᠤᠲᠠᠭᠤ ᠪᠠᠢ᠌ᠳᠠᠭ᠃
ᠬᠠᠪᠤᠷ᠎ᠤᠨ ᠤᠯᠠᠷᠢᠯ᠎ᠳᠤ ᠪᠥᠬᠥ ᠣᠷᠣᠨ᠎ᠤ ᠳᠤᠮᠳᠠᠴᠢ ᠠᠭ᠋ᠠᠷ᠎ᠤᠨ ᠳᠤᠯᠠᠭ᠋ᠠᠨ᠎ᠨᠢ —1.5 ~ 13.7℃ ᠪᠠᠶ᠋ᠢᠳᠠᠭ᠃ ᠡᠭᠦᠨ᠎ᠳᠤ ᠬᠥᠯᠥᠨ ᠪᠣᠶ᠋ᠢᠷ ᠬᠣᠲᠠ ᠪᠣᠯᠤᠨ ᠬᠢᠩᠭ᠋ᠠᠨ ᠠᠶ᠋ᠢᠮᠠᠭ᠎ᠤᠨ ᠳᠤᠮᠳᠠᠴᠢ ᠠᠭ᠋ᠠᠷ᠎ᠤᠨ ᠳᠤᠯᠠᠭ᠋ᠠᠨ᠎ᠨᠢ —1.5 ~ 9.1℃ ᠪᠠᠶ᠋ᠢᠵᠤ᠂ ᠡᠩ᠎ᠤᠨ ᠵᠢᠯ᠎ᠤᠨ ᠠᠳᠠᠯᠢ ᠬᠤᠭᠤᠴᠠᠭ᠋ᠠᠨ᠎ᠤ᠎ᠬᠢ᠎ᠠᠴᠠ
0 ~1℃ ᠥᠨᠳᠥᠷ ᠪᠠᠶ᠋ᠢᠳᠠᠭ; ᠪᠤᠰᠤᠳ ᠭᠠᠵᠠᠷ ᠣᠷᠣᠨ᠎ᠤ ᠳᠤᠮᠳᠠᠴᠢ ᠠᠭ᠋ᠠᠷ᠎ᠤᠨ ᠳᠤᠯᠠᠭ᠋ᠠᠨ᠎ᠨᠢ 2.8 ~ 13.7℃ ᠪᠠᠶ᠋ᠢᠵᠤ᠂ ᠡᠩ᠎ᠤᠨ ᠵᠢᠯ᠎ᠤᠨ ᠠᠳᠠᠯᠢ ᠬᠤᠭᠤᠴᠠᠭ᠋ᠠᠨ᠎ᠤ᠎ᠬᠢ᠎ᠠᠴᠠ 1 ~ 2℃ ᠥᠨᠳᠥᠷ ᠪᠠᠶ᠋ᠢᠳᠠᠭ᠃
ᠪᠥᠬᠥ ᠣᠷᠣᠨ᠎ᠤ ᠬᠠᠪᠤᠷ᠎ᠤᠨ ᠤᠯᠠᠷᠢᠯ᠎ᠤᠨ ᠶᠡᠬᠡ ᠰᠠᠯᠬᠢᠨ᠎ᠤ ᠡᠳᠦᠷ᠎ᠤᠨ ᠲᠣᠭ᠎ᠠ᠎ᠨᠢ 5~25 ᠡᠳᠦᠷ᠎ᠤᠨ ᠬᠣᠭᠣᠷᠣᠨᠳᠣ ᠪᠠᠶ᠋ᠢᠵᠤ᠂ ᠶᠡᠬᠡᠩᠬᠢ ᠭᠠᠵᠠᠷ ᠣᠷᠣᠨ᠎ᠨᠢ ᠡᠩ᠎ᠤᠨ ᠵᠢᠯ᠎ᠤᠨ ᠠᠳᠠᠯᠢ ᠬᠤᠭᠤᠴᠠᠭ᠋ᠠᠨ᠎ᠤ᠎ᠬᠢ᠎ᠠᠴᠠ ᠪᠠᠭ᠎ᠠ ᠰᠢᠭ᠋ ᠪᠠᠶ᠋ᠢᠳᠠᠭ᠃ ᠪᠥᠬᠥ ᠣᠷᠣᠨ᠎ᠳᠤ ᠶᠡᠬᠡ ᠬᠡᠪᠴᠢᠶᠡᠨ᠎ᠤ ᠡᠯᠡᠰᠦᠨ ᠰᠢᠭᠤᠷᠭ᠎ᠠ ᠡᠭᠦᠰᠬᠦ ᠴᠠᠭ ᠠᠭᠤᠷ᠎ᠤᠨ ᠶᠠᠪᠤᠴᠠ᠎ᠨᠢ 3~4 ᠤᠳᠠᠭ᠎ᠠ ᠪᠠᠶ᠋ᠢᠵᠤ᠂ ᠡᠩ᠎ᠤᠨ ᠵᠢᠯ᠎ᠤᠨ ᠠᠳᠠᠯᠢ ᠬᠤᠭᠤᠴᠠᠭ᠋ᠠᠨ᠎ᠤ 7.6 ᠤᠳᠠᠭ᠎ᠠ᠎ᠠᠴᠠ ᠪᠠᠭ᠎ᠠ ᠰᠢᠭ᠋ ᠪᠠᠶ᠋ᠢᠳᠠᠭ᠃
ᠵᠢᠱ᠌ᠢᠯᠲᠡ᠎ᠪᠠᠷ ᠪᠥᠬᠥ ᠣᠷᠣᠨ᠎ᠳᠤ ᠡᠴᠦᠰ᠎ᠤᠨ ᠬᠢᠷᠠᠭᠤ ᠤᠨᠠᠬᠤ ᠴᠠᠭ᠎ᠨᠢ 4 ᠰᠠᠷ᠎ᠠ ᠵᠢᠨ 8᠎ᠤ ᠡᠳᠦᠷ᠎ᠠᠴᠠ 5 ᠰᠠᠷ᠎ᠠ ᠵᠢᠨ 29᠎ᠤ ᠡᠳᠦᠷ᠎ᠤᠨ ᠬᠣᠭᠣᠷᠣᠨᠳᠣ ᠢᠯᠡᠷᠡᠵᠦ᠂ ᠪᠥᠬᠥ ᠣᠷᠣᠨ᠎ᠤ ᠶᠡᠬᠡᠩᠬᠢ ᠭᠠᠵᠠᠷ ᠣᠷᠣᠨ᠎ᠳᠤ ᠡᠩ᠎ᠤᠨ ᠵᠢᠯ᠎ᠤᠨ᠎ᠬᠢ᠎ᠠᠴᠠ 10 — 15 ᠡᠳᠦᠷ ᠡᠷᠲᠡ ᠰᠢᠭ ᠪᠣᠯᠤᠨ᠎ᠠ᠃ ᠪᠥᠬᠥ ᠣᠷᠣᠨ᠎ᠤ ᠶᠡᠬᠡᠩᠬᠢ ᠭᠠᠵᠠᠷ ᠣᠷᠣᠨ᠎ᠳᠤ ᠠᠩᠬ᠎ᠠ ᠤᠳᠠᠭ᠎ᠠ ᠪᠣᠷᠣᠭ᠋ᠠᠨ ᠣᠷᠣᠬᠤ᠎ᠨᠢ ᠡᠷᠲᠡ ᠰᠢᠭ ᠪᠠᠶ᠋ᠢᠨ᠎ᠠ᠃ ᠡᠭᠦᠨ᠎ᠳᠤ᠂ ᠳᠤᠮᠳᠠ ᠪᠠᠷᠠᠭᠤᠨ ᠬᠡᠰᠡᠭ᠎ᠤᠨ ᠭᠠᠵᠠᠷ ᠣᠷᠣᠨ᠎ᠨᠢ 4 ᠰᠠᠷ᠎ᠠ ᠵᠢᠨ ᠳᠤᠮᠳᠠᠴᠢ᠎ᠠᠴᠠ ᠰᠡᠭᠦᠯᠴᠢ ᠪᠣᠯᠲᠠᠯ᠎ᠠ᠂ ᠵᠡᠭᠦᠨ ᠬᠡᠰᠡᠭ᠎ᠤᠨ ᠭᠠᠵᠠᠷ ᠣᠷᠣᠨ᠎ᠨᠢ 5 ᠰᠠᠷ᠎ᠠ ᠵᠢᠨ ᠳᠤᠮᠳᠠᠴᠢ ᠵᠢᠨ ᠣᠷᠴᠢᠮ ᠵᠶ᠋ᠠᠷ ᠲᠤᠭᠢᠶᠠᠯᠳᠣᠨᠠ᠃
ᠠᠭᠤᠷ ᠠᠮᠢᠰᠬᠤᠯ᠎ᠤᠨ ᠵᠢᠱ᠌ᠢᠯᠲᠡ ᠵᠢᠨ ᠴᠠᠭ᠎ᠨᠢ ᠨᠡᠯᠢᠶᠡᠳ ᠣᠷᠳᠣ᠂ ᠪᠠᠰᠠ ᠵᠣᠬᠢᠬᠤ ᠬᠡᠮᠵᠢᠶᠡᠨ᠎ᠤ ᠲᠣᠭᠲᠠᠪᠤᠷᠢ ᠥᠬᠡᠶ ᠴᠢᠨᠠᠷᠲᠠᠢ ᠤᠴᠢᠷ᠎ᠠᠴᠠ ᠴᠠᠭ ᠠᠭᠤᠷ᠎ᠤᠨ ᠰᠠᠯᠠᠭ᠎ᠠ ᠮᠥᠴᠢᠷ᠎ᠤᠨ᠎ᠬᠢᠨ ᠬᠠᠮᠤᠭ᠎ᠤᠨ ᠰᠢᠨ᠎ᠡ ᠴᠠᠭ ᠠᠭᠤᠷ᠎ᠤᠨ ᠮᠠᠲ᠋ᠧᠷᠢᠶᠠᠯ᠎ᠢ ᠦᠨᠳᠦᠰᠦᠯᠡᠨ ᠦᠷᠭᠦᠯᠵᠢᠯᠡᠨ ᠵᠠᠰᠠᠵᠤ᠂ ᠣᠯᠠᠨ ᠨᠡᠢ᠌ᠳᠡ᠎ᠪᠠᠷ ᠵᠶ᠋ᠠᠨ ᠴᠠᠭ ᠠᠭᠤᠷ᠎ᠤᠨ ᠰᠠᠯᠠᠭ᠎ᠠ ᠮᠥᠴᠢᠷ᠎ᠤᠨ ᠬᠠᠮᠤᠭ᠎ᠤᠨ ᠰᠢᠨ᠎ᠡ ᠤᠷᠢᠳᠴᠢᠯᠠᠨ ᠮᠡᠳᠡᠭᠡᠯᠡᠬᠦ ᠮᠡᠳᠡᠭᠡ ᠵᠠᠩᠭᠢ ᠵᠢ ᠠᠩᠬᠠᠷᠬᠤ ᠵᠢ ᠬᠦᠰᠡᠵᠦ ᠪᠠᠶ᠋ᠢᠨ᠎ᠠ᠃
ᠭᠤᠷᠪᠠ᠂ ᠬᠠᠪᠤᠷ᠎ᠤᠨ ᠤᠯᠠᠷᠢᠯ᠎ᠤᠨ ᠲᠠᠷᠢᠶᠠᠯᠠᠩ ᠮᠠᠯ ᠠᠵᠤ ᠠᠬᠤᠶ ᠵᠢᠨ ᠦᠢ᠍ᠯᠡᠳᠪᠦᠷᠢᠯᠡᠯ᠎ᠤᠨ ᠲᠤᠬᠠᠶ ᠰᠠᠨᠠᠭᠤᠯᠭ᠎ᠠ
1. ᠲᠠᠷᠢᠶᠠᠯᠠᠬᠤ ᠣᠷᠣᠨ ᠬᠠᠪᠤᠷ᠎ᠤᠨ ᠤᠯᠠᠷᠢᠯ᠎ᠤᠨ ᠭᠠᠩ ᠬᠠᠭᠰᠠᠷᠭ᠋ᠠᠨ᠂ ᠶᠡᠬᠡ ᠰᠠᠯᠬᠢᠨ ᠬᠦᠢ᠍ᠳᠡᠨ ᠤᠷᠤᠰᠬᠠᠯ᠂ ᠬᠢᠷᠠᠭᠤ ᠬᠥᠯᠳᠡᠭᠦᠦ ᠵᠡᠷᠭᠡ ᠴᠠᠭ ᠠᠭᠤᠷ᠎ᠤᠨ ᠭᠠᠮᠰᠢᠭ᠎ᠢ ᠰᠡᠷᠭᠡᠶ᠋ᠢᠯᠡᠨ ᠬᠣᠷᠢᠭᠯᠠᠬᠤ ᠠᠵᠢᠯ᠎ᠢ ᠭᠣᠣᠯᠳᠠᠯᠭ᠎ᠠ᠎ᠲᠠᠢ ᠰᠠᠶ᠋ᠢᠲᠤᠷ ᠬᠢᠬᠦ ᠬᠡᠷᠡᠭᠲᠡᠶ᠃ ᠬᠠᠪᠤᠷ᠎ᠤᠨ ᠲᠠᠷᠢᠶᠠᠯᠠᠭ᠎ᠠ ᠵᠢᠨ ᠬᠤᠭᠤᠴᠠᠭ᠋ᠠᠨ᠎ᠳᠤ᠂ ᠨᠢᠭᠡ᠎ᠳᠤ᠂ ᠱᠠᠲᠤ ᠦᠶ᠎ᠡ ᠵᠢᠨ ᠴᠢᠨᠠᠷᠲᠠᠶ ᠭᠠᠩ ᠬᠠᠭᠰᠠᠷᠠᠭ᠋ᠠᠨ᠎ᠢ ᠰᠡᠷᠭᠡᠶ᠋ᠢᠯᠡᠬᠦ ᠠᠵᠢᠯ᠎ᠢ ᠰᠠᠶ᠋ᠢᠲᠤᠷ ᠬᠢᠵᠦ᠂ ᠴᠢᠬᠢᠭ᠎ᠢ ᠬᠠᠮᠠᠭ᠋ᠠᠯᠠᠬᠤ᠂ ᠴᠢᠬᠢᠭ᠎ᠢ ᠨᠡᠮᠡᠭᠳᠡᠭᠦᠯᠬᠦ ᠠᠵᠢᠯ᠎ᠢ ᠡᠷᠲᠡᠬᠡᠨ ᠰᠠᠶ᠋ᠢᠲᠤᠷ ᠬᠢᠵᠦ᠂ ᠪᠥᠬᠥ ᠴᠢᠬᠢ ᠢᠳᠡᠷᠡᠭᠦᠨ ᠴᠢᠬᠢ ᠵᠢ ᠠᠳᠬᠤᠬᠤ᠎ᠳᠤ ᠰᠠᠭᠤᠷᠢ ᠲᠠᠯᠪᠢᠬᠤ ᠬᠡᠷᠡᠭᠲᠡᠶ᠃ ᠬᠣᠶᠠᠷ᠎ᠲᠤ᠂ ᠶᠡᠬᠡ ᠰᠠᠯᠬᠢᠨ ᠬᠦᠢ᠍ᠳᠡᠨ ᠤᠷᠤᠰᠬᠠᠯ᠎ᠢ ᠤᠷᠢᠳᠴᠢᠯᠠᠨ ᠮᠡᠳᠡᠭᠡᠯᠡᠵᠦ ᠤᠷᠢᠳᠴᠢᠯᠠᠨ ᠰᠡᠷᠡᠮᠵᠢᠯᠡᠭᠦᠯᠬᠦ ᠵᠢ ᠨᠢᠭᠲᠠ ᠠᠩᠬᠠᠷᠬᠤ ᠬᠡᠷᠡᠭᠲᠡᠶ᠃ ᠬᠦᠢ᠍ᠲᠡᠨ ᠤᠷᠤᠰᠬᠠᠯ᠎ᠤᠨ ᠶᠠᠪᠤᠴᠠ᠎ᠳᠤ ᠳᠤᠯᠠᠭ᠋ᠠᠨ᠎ᠤ ᠬᠦᠴᠦᠲᠡᠶ ᠪᠠᠭᠤᠷᠠᠯᠲᠠ ᠪᠠ ᠶᠡᠬᠡ ᠰᠠᠯᠬᠢᠨ᠎ᠤ ᠠᠭᠤᠷ ᠠᠮᠢᠰᠬᠤᠯ᠎ᠢ ᠠᠪᠴᠢᠷᠠᠳᠠᠭ᠃ ᠲᠦᠬᠦᠭᠡᠷᠦᠮᠵᠢᠲᠦ ᠲᠠᠷᠢᠶᠠᠯᠠᠩ᠎ᠤᠨ ᠲᠤᠤᠷ᠎ᠠ ᠲᠤᠯᠠᠭ᠋ᠠᠨ ᠬᠦᠢ᠍ᠳᠡᠨᠤ ᠭᠠᠮᠰᠢᠭ ᠪᠠ ᠰᠠᠯᠬᠢᠨ᠎ᠤ ᠭᠠᠮᠰᠢᠭ᠎ᠢ ᠡᠭᠦᠰᠭᠡᠵᠦ ᠮᠡᠳᠡᠨ᠎ᠠ᠂ ᠲᠤᠤᠷ᠎ᠠ ᠲᠤᠯᠠᠭ᠋ᠠᠨ ᠬᠦᠢ᠍ᠳᠡᠨᠤ ᠭᠠᠮᠰᠢᠭ᠎ᠨᠢ ᠲᠦᠬᠦᠭᠡᠷᠦᠮᠵᠢᠲᠦ ᠢᠳᠡᠰᠢᠨ ᠨᠣᠭᠣᠭ᠎ᠠ ᠵᠢᠮᠢᠰ᠎ᠤᠨ ᠬᠡᠪ᠎ᠤᠨ ᠥᠰᠥᠯᠲᠡ᠎ᠳᠤ ᠠᠰᠢᠭ ᠦᠭᠡᠢ ᠨᠥᠯᠥᠭᠡ ᠦᠵᠡᠭᠦᠯᠵᠦ᠂ ᠰᠠᠯᠬᠢᠨ᠎ᠤ ᠭᠠᠮᠰᠢᠭ᠎ᠨᠢ ᠬᠦᠯᠡᠮᠵᠢ ᠵᠢᠨ ᠪᠦᠲᠦᠴᠡ᠎ᠳᠤ ᠠᠮᠠᠷᠬᠠᠨ ᠬᠣᠬᠢᠷᠠᠯ ᠤᠴᠠᠷᠠᠭᠤᠯᠳᠠᠭ᠂ ᠡᠶ᠋ᠢᠮᠦ᠎ᠠᠴᠠ ᠲᠠᠷᠢᠶᠠᠴᠢᠨ ᠡᠷᠦᠭᠡ᠎ᠳᠤ ᠰᠥᠨᠢ ᠵᠢᠨ ᠳᠤᠯᠠᠭ᠋ᠠᠨ᠎ᠢ ᠬᠠᠮᠠᠭ᠋ᠠᠯᠠᠬᠤ ᠠᠵᠢᠯ᠎ᠢ ᠤᠷᠢᠳᠴᠢᠯᠠᠨ ᠰᠠᠶ᠋ᠢᠲᠤᠷ ᠬᠢᠵᠦ᠂ ᠡᠪᠡᠰᠦᠨ ᠪᠦᠷᠬᠦᠪᠴᠢ᠂ ᠬᠥᠪᠥᠩ ᠬᠥᠨᠵᠢᠯᠡ ᠵᠡᠷᠭᠡ ᠳᠤᠯᠠᠭ᠋ᠠᠨ᠎ᠢ ᠬᠠᠮᠠᠭ᠋ᠠᠯᠠᠬᠤ ᠮᠠᠲ᠋ᠧᠷᠢᠶᠠᠯ᠎ᠢ ᠬᠡᠷᠡᠭᠯᠡᠵᠦ᠂ ᠴᠢᠬᠤᠯᠠᠲᠠᠢ ᠦᠶ᠎ᠡ᠎ᠳᠤ ᠳᠤᠯᠠᠭ᠋ᠠᠯᠠᠬᠤ ᠠᠷᠭ᠎ᠠ ᠬᠡᠮᠵᠢᠶ᠎ᠡ ᠠᠪᠴᠤ᠂ ᠳᠣᠣᠷ᠎ᠠ ᠳᠤᠯᠠᠭ᠋ᠠᠨ᠎ᠤ ᠲᠠᠷᠢᠮᠠᠯ᠎ᠳᠤ ᠤᠴᠠᠷᠠᠭᠤᠯᠬᠤ ᠬᠣᠬᠢᠷᠠᠯ᠎ᠢ ᠰᠡᠷᠭᠡᠶ᠋ᠢᠯᠡᠬᠦ ᠵᠢ ᠰᠠᠨᠠᠭᠤᠯᠤᠶ᠎ᠠ; ᠶᠡᠬᠡ ᠰᠠᠯᠬᠢ ᠭᠠᠷᠤᠭᠰᠠᠨ ᠣᠷᠣᠨ ᠪᠦᠰᠡ᠎ᠳᠤ ᠪᠡᠯᠡᠳᠬᠡᠮᠵᠢ ᠵᠢᠨ ᠪᠦᠲᠦᠴᠡ᠎ᠪᠠᠨ ᠴᠠᠭ ᠲᠤᠬᠠᠶ᠎ᠳᠤᠨᠢ ᠪᠡᠬᠢᠵᠢᠭᠦᠯᠵᠦ᠂ ᠬᠥᠰᠢᠭᠡ ᠰᠡᠬᠦᠬᠦ ᠴᠠᠭ ᠬᠤᠭᠤᠴᠠᠭ᠎ᠠ᠎ᠪᠠᠨ ᠵᠦᠶ ᠵᠣᠬᠢᠰᠲᠠᠶ ᠳᠣᠭᠢᠷᠠᠭᠤᠯᠤᠨ᠂ ᠬᠦᠢ᠍ᠳᠡᠨ ᠰᠠᠯᠬᠢ ᠣᠷᠣᠵᠤ᠂ ᠬᠦᠯᠦᠮᠵᠢ ᠵᠢᠨ ᠳᠣᠲᠣᠷᠠᠬᠢ ᠢᠳᠡᠰᠢᠨ ᠨᠣᠭᠣᠭ᠎ᠠ ᠵᠢᠮᠢᠰ᠎ᠤᠨ ᠬᠡᠪ᠎ᠤᠨ ᠥᠰᠥᠯᠲᠡ ᠪᠣᠶ᠋ᠢᠵᠢᠯᠲᠠ ᠵᠢ ᠨᠥᠯᠥᠭᠡᠯᠡᠬᠦ ᠵᠢ ᠰᠡᠷᠭᠡᠢ᠌ᠯᠡᠬᠦ ᠬᠡᠷᠡᠭᠲᠡᠶ᠃ ᠲᠠᠷᠢᠶᠠᠨ ᠭᠠᠵᠠᠷ᠎ᠤᠨ ᠲᠠᠷᠢᠮᠠᠯ᠎ᠤᠨ ᠬᠠᠪᠤᠷ᠎ᠤᠨ ᠲᠠᠷᠢᠶᠠᠯᠠᠭ᠎ᠠ ᠵᠢᠨ ᠦᠢ᠍ᠯᠡᠳᠪᠦᠷᠢᠯᠡᠯ᠎ᠳᠤ᠂ ᠬᠦᠢ᠍ᠲᠡᠨ ᠤᠷᠤᠰᠬᠠᠯ᠎ᠤᠨ ᠠᠭᠤᠷ ᠠᠮᠢᠰᠬᠤᠯ᠎ᠠᠴᠠ ᠪᠣᠯᠤᠭᠰᠠᠨ ᠬᠦᠢ᠍ᠲᠡᠨ ᠠᠭᠤᠷ ᠠᠮᠢᠰᠬᠤᠯ ᠪᠠ ᠶᠡᠬᠡ ᠰᠠᠯᠬᠢᠨ᠎ᠢ ᠬᠠᠪᠤᠷ᠎ᠤᠨ ᠲᠠᠷᠢᠶᠠᠯᠠᠭ᠎ᠠ ᠵᠢᠨ ᠠᠵᠢᠯ᠎ᠤᠨ ᠬᠦᠴᠢᠷᠳᠡᠯ᠎ᠢ ᠨᠡᠮᠡᠭᠳᠡᠭᠦᠯᠵᠦ᠂ ᠬᠠᠪᠤᠷ᠎ᠤᠨ ᠲᠠᠷᠢᠶᠠᠯᠠᠭ᠎ᠠ ᠵᠢᠨ ᠠᠬᠢᠴᠠ ᠵᠢ ᠤᠳᠠᠭ᠋ᠠᠰᠢᠷᠠᠭᠤᠯᠵᠤ᠂ ᠨᠢᠭᠡᠨᠲᠡ ᠲᠠᠷᠢᠭᠰᠠᠨ ᠲᠠᠷᠢᠮᠠᠯ᠎ᠤᠨ ᠴᠢᠬᠢ ᠵᠢᠨ ᠤᠷᠭᠤᠯᠲᠠ᠎ᠳᠤ ᠠᠰᠢᠭ ᠦᠭᠡᠶ ᠪᠣᠯᠬᠣᠷ ᠥᠷᠭᠡᠨ ᠣᠯᠠᠨ ᠲᠠᠷᠢᠶᠠᠴᠢᠨ ᠡᠷᠦᠬᠡ᠎ᠳᠤ ᠰᠠᠨᠠᠭᠤᠯᠬᠤ᠎ᠨᠢ᠂ ᠬᠦᠢ᠍ᠲᠡᠨ ᠤᠷᠤᠰᠬᠠᠯ᠎ᠤᠨ ᠰᠡᠷᠡᠮᠵᠢ ᠵᠢᠨ ᠮᠡᠳᠡᠭᠡ ᠵᠠᠩᠭᠢ ᠵᠢ ᠨᠢᠭᠲᠠ ᠠᠩᠬᠠᠷᠴᠤ᠂ ᠬᠦᠢ᠍ᠲᠡᠨ ᠤᠷᠤᠰᠬᠠᠯ ᠬᠦᠢ᠍ᠲᠡᠨ ᠠᠭᠤᠷ ᠠᠮᠢᠰᠬᠤᠯ ᠡᠭᠦᠰᠬᠦ ᠦᠶ᠎ᠡ᠎ᠳᠤ ᠬᠠᠪᠤᠷ᠎ᠤᠨ ᠲᠠᠷᠢᠶᠠᠯᠠᠭ᠎ᠠ ᠵᠢᠨ ᠠᠵᠢᠯ᠎ᠤᠨ ᠴᠠᠭ ᠵᠶ᠋ᠠᠨ ᠵᠣᠬᠢᠰᠲᠠᠶ ᠬᠣᠶ᠋ᠢᠰᠢᠯᠠᠭᠤᠯᠵᠤ᠂ ᠬᠠᠪᠤᠷ᠎ᠤᠨ ᠲᠠᠷᠢᠶᠠᠯᠠᠭ᠎ᠠ ᠵᠢᠨ ᠦᠢ᠍ᠯᠡᠳᠪᠦᠷᠢᠯᠡᠯ᠎ᠤᠨ ᠤᠷᠤᠭᠰᠢᠲᠠᠶ ᠶᠠᠪᠤᠭᠳᠠᠬᠤ ᠵᠢ ᠪᠠᠲᠤᠯᠠᠬᠤ ᠬᠡᠷᠡᠭᠲᠡᠶ᠃ ᠭᠤᠷᠪᠠ᠎ᠳᠤ᠂ ᠬᠠᠪᠤᠷ᠎ᠤᠨ ᠤᠯᠠᠷᠢᠯ᠎ᠤᠨ ᠬᠢᠷᠠᠭᠤ ᠵᠢ ᠤᠷᠢᠳᠴᠢᠯᠠᠨ ᠮᠡᠳᠡᠭᠡᠯᠡᠵᠦ ᠤᠷᠢᠳᠴᠢᠯᠠᠨ ᠰᠡᠷᠡᠮᠵᠢᠯᠡᠭᠦᠯᠬᠦ ᠵᠢ ᠠᠩᠬᠠᠷᠴᠤ᠂ ᠰᠡᠷᠭᠡᠶ᠋ᠢᠯᠡᠬᠦ ᠠᠵᠢᠯ᠎ᠢ ᠰᠠᠶ᠋ᠢᠲᠤᠷ ᠬᠢᠬᠦ ᠬᠡᠷᠡᠭᠲᠡᠶ᠃ ᠬᠠᠪᠤᠷ᠎ᠤᠨ ᠬᠢᠷᠠᠭᠤ ᠬᠥᠯᠳᠡᠭᠦᠤ᠎ᠠᠴᠠ ᠪᠣᠯᠵᠣ ᠨᠢᠭᠡᠨᠲᠡ ᠨᠠᠬᠢᠶᠠᠯᠠᠭᠰᠠᠨ ᠲᠠᠷᠢᠮᠠᠯ᠎ᠤᠨ ᠨᠠᠪᠴᠢ ᠪᠠ ᠤᠷᠭᠤᠮᠠᠯ᠎ᠤᠨ ᠡᠰᠢ ᠠᠳᠠᠯᠢ ᠪᠤᠰᠤ ᠬᠡᠮᠵᠢᠶ᠎ᠡ᠎ᠪᠠᠷ ᠬᠥᠯᠳᠡᠳᠡᠭ᠃ ᠨᠢᠯᠬ᠎ᠠ ᠴᠢᠬᠢ ᠵᠢᠨ ᠬᠡᠪ᠎ᠤᠨ ᠥᠰᠥᠯᠲᠡ᠎ᠳᠤ ᠠᠰᠢᠭ ᠥᠬᠡᠶ ᠪᠣᠯᠬᠣᠷ ᠡᠯ᠎ᠡ ᠭᠠᠵᠠᠷ᠎ᠤᠨ᠎ᠬᠢᠨ ᠠᠭ᠋ᠠᠷ᠎ᠤᠨ ᠳᠤᠯᠠᠭ᠋ᠠᠨ᠎ᠤ ᠬᠤᠪᠢᠷᠠᠯᠲᠠ ᠪᠠ ᠬᠢᠷᠠᠭᠤ ᠵᠢᠨ ᠰᠡᠷᠡᠮᠵᠢ ᠵᠢᠨ ᠳᠣᠬᠢᠶ᠎ᠠ ᠵᠢ ᠨᠢᠭᠲᠠ ᠠᠩᠬᠠᠷᠴᠤ᠂ ᠳᠣᠤᠷ᠎ᠠ ᠳᠤᠯᠠᠭ᠋ᠠᠨ ᠪᠣᠯᠬᠤ᠎ᠠᠴᠠ ᠡᠮᠦᠨ᠎ᠡ ᠤᠰᠤᠯᠠᠬᠤ᠂ ᠤᠳᠤᠬᠤ ᠵᠡᠷᠭᠡ ᠠᠷᠭ᠎ᠠ ᠬᠡᠮᠵᠢᠶ᠎ᠡ ᠠᠪᠴᠤ ᠪᠠᠶ᠋ᠢᠭ᠋ᠠᠳ ᠭᠠᠵᠠᠷ᠎ᠤᠨ ᠳᠤᠯᠠᠭ᠋ᠠᠨ᠎ᠢ ᠳᠡᠭᠡᠭᠰᠢᠯᠡᠭᠦᠯᠵᠦ᠂ ᠬᠥᠯᠳᠡᠬᠦ ᠬᠥᠨᠥᠭᠡᠯ᠎ᠢ ᠪᠠᠭ᠋ᠠᠰᠬᠠᠨ᠂ ᠠᠭ᠋ᠠᠷ᠎ᠤᠨ ᠳᠤᠯᠠᠭ᠋ᠠᠨ ᠲᠣᠭᠲᠠᠭᠤᠨ ᠪᠣᠯᠤᠭᠰᠠᠨ᠎ᠤ ᠳᠠᠷᠠᠭ᠎ᠠ ᠲᠠᠷᠢᠶᠠᠨ ᠭᠠᠵᠠᠷ᠎ᠤᠨ ᠬᠠᠮᠢᠶᠠᠷᠤᠯᠲᠠ᠎ᠪᠠᠨ ᠴᠢᠩᠭ᠋ᠠᠳᠬᠠᠵᠤ᠂ ᠵᠣᠬᠢᠬᠤ ᠬᠡᠮᠵᠢᠶᠡᠨ᠎ᠤ ᠴᠢᠬᠢ ᠵᠢ ᠬᠠᠮᠠᠭ᠋ᠠᠯᠠᠨ ᠴᠢᠬᠢ ᠵᠢ ᠨᠥᠬᠥᠪᠥᠷᠢᠯᠡᠬᠦ ᠠᠷᠭ᠎ᠠ ᠬᠡᠮᠵᠢᠶ᠎ᠡ ᠠᠪᠬᠤ ᠪᠤᠶᠤ ᠨᠠᠪᠴᠢᠨ᠎ᠤ ᠭᠠᠳᠠᠷᠭᠤ᠎ᠳᠤ ᠤᠷᠭᠤᠯᠲᠠ ᠵᠢ ᠲᠣᠬᠢᠷᠠᠭᠤᠯᠬᠤ ᠡᠳ᠋ ᠰᠦᠷᠴᠢᠵᠦ᠂ ᠨᠢᠯᠬ᠎ᠠ ᠴᠢᠬᠢ ᠵᠢᠨ ᠲᠡᠩᠴᠡᠭᠦᠷᠢᠲᠡᠶ ᠤᠷᠭᠤᠯᠲᠠ ᠵᠢ ᠠᠬᠢᠭᠤᠯᠬᠤ ᠵᠢ ᠰᠠᠨᠠᠭᠤᠯᠵᠤ ᠪᠠᠶ᠋ᠢᠨ᠎ᠠ᠃
2. ᠮᠠᠯᠵᠢᠬᠤ ᠣᠷᠣᠨ ᠶᠡᠬᠡ ᠰᠠᠯᠬᠢ ᠬᠦᠢ᠍ᠲᠡᠨ ᠤᠷᠤᠰᠬᠠᠯ᠂ ᠰᠢᠷᠦᠭᠦᠨ ᠴᠠᠰᠤ᠂ ᠬᠥᠢ᠍ᠳᠡᠨ ᠪᠣᠷᠣᠭ᠋ᠠᠨ ᠴᠢᠭᠢᠭᠯᠢᠭ ᠴᠠᠰᠤ ᠵᠢ ᠰᠡᠷᠭᠡᠶ᠋ᠢᠯᠡᠨ ᠬᠣᠷᠢᠭᠯᠠᠬᠤ ᠠᠵᠢᠯ᠎ᠢ ᠭᠣᠣᠯᠳᠠᠯᠭ᠎ᠠ᠎ᠲᠠᠢ ᠰᠠᠶ᠋ᠢᠲᠤᠷ ᠬᠢᠬᠦ ᠬᠡᠷᠡᠭᠳᠡᠢ᠃ ᠬᠠᠪᠤᠷ᠎ᠤᠨ ᠤᠯᠠᠷᠢᠯ ᠪᠣᠯ ᠮᠠᠯ᠎ᠤᠨ ᠬᠢᠵᠢᠭ ᠡᠪᠡᠳᠴᠢᠨ ᠪᠠ ᠰᠢᠮᠡᠭᠦᠷ ᠬᠣᠷᠣᠬᠠᠶ ᠵᠢᠨ ᠡᠪᠡᠳᠴᠢᠨ ᠣᠯᠠᠨ ᠡᠭᠦᠰᠳᠡᠭ ᠬᠤᠭᠤᠴᠠᠭ᠎ᠠ ᠪᠣᠯᠬᠣᠷ 《ᠰᠡᠷᠭᠡᠶ᠋ᠢᠯᠡᠬᠦ᠎ᠪᠠᠷ ᠭᠣᠤᠯ ᠪᠣᠯᠭ᠋ᠠᠬᠤ》 《ᠰᠡᠷᠭᠡᠶ᠋ᠢᠯᠡᠬᠦ ᠵᠢ ᠵᠠᠰᠠᠬᠤ᠎ᠠᠴᠠ ᠴᠢᠬᠤᠯᠠ ᠪᠣᠯᠭ᠋ᠠᠬᠤ》 ᠪᠠ 《ᠰᠡᠷᠭᠡᠶ᠋ᠢᠯᠡᠬᠦ ᠵᠠᠰᠠᠬᠤ ᠵᠢ ᠤᠶᠠᠯᠳᠤᠭᠤᠯᠬᠤ》 ᠴᠢᠭᠯᠡᠯᠲᠡ ᠵᠢ ᠠᠪᠴᠤ᠂ ᠡᠪᠡᠰᠦ ᠪᠣᠷᠳᠣᠭ᠎ᠠ ᠵᠢ ᠨᠥᠭᠡᠴᠡᠯᠡᠬᠦ᠂ ᠬᠠᠰᠢᠶ᠎ᠠ ᠰᠠᠷᠠᠪᠴᠢ ᠵᠢ ᠳᠤᠯᠠᠭ᠋ᠠᠯᠠᠨ ᠠᠷᠢᠭᠤᠳᠬᠠᠬᠤ ᠵᠡᠷᠭᠡ ᠲᠥᠯ ᠲᠤᠰᠴᠤ ᠪᠣᠶ᠋ᠢᠵᠢᠭᠤᠯᠬᠤ ᠪᠠ ᠮᠠᠯ᠎ᠤᠨ ᠬᠢᠵᠢᠭ᠎ᠢ ᠰᠡᠷᠭᠡᠶ᠋ᠢᠯᠡᠬᠦ ᠵᠡᠷᠭᠡ ᠮᠠᠯ ᠠᠵᠤ ᠠᠬᠤᠶ ᠵᠢᠨ ᠡᠯ᠎ᠡ ᠵᠦᠢ᠍ᠯ᠎ᠤᠨ ᠠᠵᠢᠯ᠎ᠢ ᠤᠷᠢᠳᠴᠢᠯᠠᠨ ᠰᠠᠶ᠋ᠢᠲᠤᠷ ᠳᠣᠭᠢᠷᠠᠭᠤᠯᠵᠤ᠂ ᠡᠬᠡ ᠮᠠᠯ᠎ᠤᠨ ᠡᠪᠡᠳᠴᠢᠨ ᠡᠰᠡᠷᠭᠦᠴᠡᠬᠦ ᠴᠢᠳᠠᠪᠤᠷᠢ ᠪᠠ ᠲᠥᠯ ᠮᠠᠯ᠎ᠤᠨ ᠡᠳᠡᠭᠡᠷᠡᠯᠲᠡ ᠵᠢᠨ ᠨᠣᠷᠮ᠎ᠠ ᠵᠢ ᠳᠡᠭᠡᠭᠰᠢᠯᠡᠭᠦᠯᠬᠦ ᠬᠡᠷᠡᠭᠲᠡᠶ᠃ ᠣᠳᠣᠬᠠᠨ᠎ᠳᠤ ᠶᠠᠭ ᠰᠠᠶ᠋ᠢᠬᠠᠨ ᠮᠠᠯᠵᠢᠬᠤ ᠣᠷᠣᠨ᠎ᠳᠤ ᠬᠠᠪᠤᠷ᠎ᠤᠨ ᠬᠤᠷᠠᠭ᠎ᠠ ᠲᠤᠰᠴᠤ ᠪᠠᠶ᠋ᠢᠭ᠎ᠠ ᠴᠠᠭ ᠦᠶ᠎ᠡ ᠮᠥᠨ᠂ ᠶᠡᠬᠡ ᠰᠠᠯᠬᠢ ᠬᠦᠢ᠍ᠳᠡᠨ ᠤᠷᠤᠰᠬᠠᠯ ᠪᠠ ᠬᠦᠢ᠍ᠳᠡᠨ ᠪᠣᠷᠣᠭ᠋ᠠᠨ ᠴᠢᠭᠢᠭᠯᠢᠭ ᠴᠠᠰᠤ ᠵᠢᠴᠢ ᠰᠢᠷᠦᠭᠦᠨ ᠴᠠᠰᠤ ᠵᠡᠷᠭᠡ ᠭᠠᠮᠰᠢᠭ᠎ᠲᠤ ᠴᠠᠭ ᠠᠭᠤᠷ᠎ᠨᠢ ᠮᠠᠯ ᠠᠵᠤ ᠠᠬᠤᠶ ᠵᠢᠨ ᠦᠢ᠍ᠯᠡᠳᠪᠦᠷᠢᠯᠡᠯ᠎ᠳᠤ ᠨᠡᠯᠢᠶᠡᠳ ᠶᠡᠬᠡ ᠨᠥᠯᠥᠭᠡ ᠦᠵᠡᠭᠦᠯᠵᠦ ᠪᠠᠶ᠋ᠢᠨ᠎ᠠ᠂ ᠮᠠᠯᠴᠢᠨ ᠨᠥᠬᠥᠳ ᠴᠠᠭ ᠠᠭᠤᠷ᠎ᠤᠨ ᠰᠠᠯᠠᠭ᠎ᠠ ᠮᠥᠴᠢᠷ᠎ᠤᠨ ᠤᠷᠢᠳᠴᠢᠯᠠᠨ ᠮᠡᠳᠡᠭᠡᠯᠡᠬᠦ ᠪᠠ ᠤᠷᠢᠳᠴᠢᠯᠠᠨ ᠰᠡᠷᠡᠮᠵᠢᠯᠡᠭᠦᠯᠬᠦ ᠵᠢ ᠠᠩᠬᠠᠷᠴᠤ᠂ ᠴᠠᠭ ᠲᠤᠬᠠᠶ᠎ᠳᠤᠨᠢ ᠰᠡᠷᠭᠡᠶ᠋ᠢᠯᠡᠬᠦ ᠠᠷᠭ᠎ᠠ ᠬᠡᠮᠵᠢᠶ᠎ᠡ ᠠᠪᠴᠤ᠂ ᠴᠠᠭ ᠠᠭᠤᠷ᠎ᠤᠨ ᠭᠠᠮᠰᠢᠭ᠎ᠤᠨ ᠤᠴᠠᠷᠠᠭᠤᠯᠵᠤ ᠮᠡᠳᠡᠬᠦ ᠠᠵᠤ ᠠᠬᠤᠶ ᠵᠢᠨ ᠬᠣᠬᠢᠷᠠᠯ᠎ᠢ ᠬᠠᠮᠤᠭ᠎ᠤᠨ ᠶᠡᠬᠡ ᠬᠡᠮᠵᠢᠶ᠎ᠡ᠎ᠪᠠᠷ ᠪᠠᠭ᠋ᠠᠰᠬᠠᠬᠤ ᠵᠢ ᠬᠦᠰᠡᠵᠦ ᠪᠠᠶ᠋ᠢᠨ᠎ᠠ᠃
3. ᠰᠢᠭᠤᠶ᠋ᠢᠲᠤ ᠣᠷᠣᠨ᠎ᠨᠢ ᠤᠢ ᠰᠢᠭᠤᠶ ᠨᠤᠲᠤᠭ ᠪᠡᠯᠴᠢᠭᠡᠷ᠎ᠤᠨ ᠭᠠᠯ᠎ᠤᠨ ᠠᠶᠤᠯ᠎ᠢ ᠰᠡᠷᠭᠡᠶ᠋ᠢᠯᠡᠨ ᠬᠣᠷᠢᠭᠯᠠᠬᠤ ᠠᠵᠢᠯ᠎ᠢ ᠭᠣᠣᠯᠳᠠᠯᠭ᠎ᠠ᠎ᠲᠠᠢ ᠰᠠᠶ᠋ᠢᠲᠤᠷ ᠬᠢᠬᠦ ᠬᠡᠷᠡᠭᠲᠡᠶ᠃ ᠬᠠᠮᠤᠭ᠎ᠤᠨ ᠰᠢᠨ᠎ᠡ ᠴᠠᠭ ᠠᠭᠤᠷ᠎ᠤᠨ ᠮᠠᠲ᠋ᠧᠷᠢᠶᠠᠯ᠎ᠤᠨ ᠵᠠᠳᠠᠯᠤᠯᠲᠠ ᠵᠢ ᠦᠨᠳᠦᠰᠦᠯᠡᠪᠡᠯ᠂ ᠪᠦᠬᠦ ᠣᠷᠣᠨ᠎ᠤ 2021 ᠣᠨ᠎ᠤ ᠬᠠᠪᠤᠷ᠎ᠤᠨ ᠤᠯᠠᠷᠢᠯ᠎ᠤᠨ ᠤᠢ ᠰᠢᠭᠤᠢ ᠨᠤᠲᠤᠭ ᠪᠡᠯᠴᠢᠭᠡᠷ᠎ᠤᠨ ᠲᠦᠢ᠍ᠮᠡᠷ᠎ᠤᠨ ᠪᠠᠶ᠋ᠢᠳᠠᠯ ᠬᠦᠨᠳᠦ ᠨᠣᠴᠢᠲᠠᠢ ᠪᠠᠶ᠋ᠢᠵᠤ᠂ ᠲᠦᠢ᠍ᠮᠡᠷ᠎ᠢ ᠰᠡᠷᠭᠡᠶ᠋ᠢᠯᠡᠬᠦ ᠠᠵᠢᠯ᠎ᠤᠨ ᠳᠠᠷᠤᠯᠲᠠ ᠨᠡᠯᠢᠶᠡᠳ ᠶᠡᠬᠡ ᠪᠠᠶ᠋ᠢᠨ᠎ᠠ᠃ ᠵᠢᠱ᠌ᠢᠯᠲᠡ᠎ᠪᠠᠷ ᠬᠥᠯᠥᠨ ᠪᠣᠶ᠋ᠢᠷ ᠬᠣᠲᠠ ᠵᠢᠨ ᠶᠡᠬᠡᠩᠬᠢ ᠬᠡᠰᠡᠭ᠂ ᠬᠢᠩᠭ᠋ᠠᠨ ᠠᠶ᠋ᠢᠮᠠᠭ᠎ᠤᠨ ᠳᠤᠮᠳᠠ ᠪᠠᠷᠠᠭᠤᠨ ᠬᠡᠰᠡᠭ᠂ ᠰᠢᠯᠢ ᠵᠢᠨ ᠭᠣᠤᠯ ᠠᠶ᠋ᠢᠮᠠᠭ᠎ᠤᠨ ᠵᠡᠭᠦᠨ ᠬᠣᠶ᠋ᠢᠲᠤ ᠬᠡᠰᠡᠭ᠂ ᠲᠦᠩᠯᠢᠶᠣᠤ ᠬᠣᠲᠠ ᠵᠢᠨ ᠬᠣᠶ᠋ᠢᠲᠤ ᠬᠡᠰᠡᠭ᠂ ᠤᠯᠠᠭ᠋ᠠᠨᠬᠠᠳᠠ ᠵᠢᠨ ᠬᠣᠶ᠋ᠢᠲᠤ ᠬᠡᠰᠡᠭ ᠵᠢᠴᠢ ᠡᠮᠦᠨ᠎ᠡ ᠬᠡᠰᠡᠭ᠂ ᠤᠯᠠᠭ᠋ᠠᠨᠴᠠᠪ ᠬᠣᠲᠠ ᠵᠢᠨ ᠡᠮᠦᠨ᠎ᠡ ᠬᠡᠰᠡᠭ᠎ᠤᠨ ᠬᠡᠰᠡᠭ ᠭᠠᠵᠠᠷ ᠣᠷᠣᠨ᠂ ᠬᠥᠬᠡᠬᠣᠲᠠ ᠵᠢᠨ ᠳᠤᠮᠳᠠ ᠬᠡᠰᠡᠭ ᠵᠢᠴᠢ ᠪᠤᠭᠤᠲᠤ ᠬᠣᠲᠠ ᠵᠢᠨ ᠡᠮᠦᠨ᠎ᠡ ᠬᠡᠰᠡᠭ᠎ᠤᠨ ᠠᠭᠤᠯᠠᠷᠬᠠᠭ ᠣᠷᠣᠨ᠎ᠤ ᠣᠶ᠋ᠢᠲᠤ ᠣᠷᠣᠨ᠂ ᠠᠯᠠᠱ᠌ᠠᠨ ᠠᠭᠤᠯᠠ ᠵᠢᠨ ᠣᠶ᠋ᠢᠲᠤ ᠣᠷᠣᠨ᠂ ᠬᠠᠷ᠎ᠠ ᠭᠣᠤᠯ᠎ᠤᠨ ᠰᠠᠪᠠ ᠭᠠᠵᠠᠷ᠎ᠤᠨ ᠣᠶ᠋ᠢᠲᠤ ᠣᠷᠣᠨ᠎ᠤ ᠭᠠᠯ᠎ᠤᠨ ᠠᠶᠤᠯ᠎ᠤᠨ ᠲᠠᠰ᠎ᠢ ᠳᠥᠷᠪᠡᠳᠦᠭᠡᠷ ᠳᠡᠰ ᠪᠤᠶᠤ ᠳᠥᠷᠪᠡᠳᠦᠭᠡᠷ ᠳᠡᠰ᠎ᠠᠴᠠ ᠳᠡᠭᠡᠭᠰᠢ ᠪᠠᠢ᠌ᠯᠭ᠋ᠠᠬᠤ ᠬᠡᠷᠡᠭᠳᠡᠢ᠃ ᠢᠯᠠᠩᠭᠤᠶ᠎ᠠ ᠬᠥᠯᠥᠨ ᠪᠣᠶ᠋ᠢᠷ ᠬᠣᠲᠠ ᠵᠢᠨ ᠬᠣᠶ᠋ᠢᠲᠤ ᠬᠡᠰᠡᠭ ᠵᠢᠴᠢ ᠪᠠᠷᠠᠭᠤᠨ ᠬᠡᠰᠡᠭ᠎ᠤᠨ ᠬᠢᠯᠢ ᠬᠢᠵᠠᠭ᠋ᠠᠷ᠂ ᠬᠢᠩᠭ᠋ᠠᠨ ᠠᠶ᠋ᠢᠮᠠᠭ᠎ᠤᠨ ᠪᠠᠷᠠᠭᠤᠨ ᠬᠣᠶ᠋ᠢᠲᠤ ᠬᠡᠰᠡᠭ᠂ ᠰᠢᠯᠢ ᠵᠢᠨ ᠭᠣᠤᠯ ᠠᠶ᠋ᠢᠮᠠᠭ᠎ᠤᠨ ᠵᠡᠭᠦᠨ ᠬᠣᠶ᠋ᠢᠲᠤ ᠬᠡᠰᠡᠭ᠂ ᠤᠯᠠᠭ᠋ᠠᠨᠬᠠᠳᠠ ᠬᠣᠲᠠ ᠵᠢᠨ ᠡᠮᠦᠨ᠎ᠡ ᠪᠡᠶ᠎ᠡ᠂ ᠠᠯᠠᠱ᠌ᠠᠨ ᠠᠭᠤᠯᠠ ᠵᠡᠷᠭᠡ ᠭᠠᠵᠠᠷ᠎ᠤᠨ ᠭᠠᠯ᠎ᠤᠨ ᠠᠶᠤᠯ᠎ᠤᠨ ᠲᠠᠰ ᠲᠠᠪᠤᠳᠤᠭ᠋ᠠᠷ ᠳᠡᠰ᠎ᠲᠤ ᠬᠥᠷᠪᠡ᠃ ᠬᠠᠪᠤᠷ᠎ᠤᠨ ᠰᠡᠷᠭᠡᠶ᠋ᠢᠯᠡᠯᠲᠡ ᠵᠢᠨ ᠡᠮᠦᠨᠡᠬᠢ ᠬᠤᠭᠤᠴᠠᠭ᠋ᠠᠨ᠎ᠤ ᠭᠠᠯ᠎ᠤᠨ ᠠᠶᠤᠯ᠎ᠤᠨ ᠲᠠᠰ ᠵᠶ᠋ᠠᠷ ᠨᠡᠯᠢᠶᠡᠳ ᠥᠨᠳᠥᠷ ᠣᠷᠣᠨ ᠪᠦᠰᠡ᠎ᠳᠤ ᠭᠣᠤᠯᠳᠠᠭᠤ ᠬᠥᠮᠦᠨ᠎ᠤ ᠬᠦᠴᠦᠨ᠎ᠤ ᠭᠠᠯ᠎ᠤᠨ ᠢᠷᠡᠯᠲᠡ ᠵᠢ ᠡᠵᠡᠮᠳᠡᠬᠦ᠎ᠪᠠᠷ ᠭᠣᠤᠯ ᠪᠣᠯᠭ᠋ᠠᠵᠤ᠂ ᠢᠯᠠᠩᠭᠤᠶ᠎ᠠ ᠲᠠᠷᠢᠶᠠᠯᠠᠩ ᠮᠠᠯ ᠠᠵᠤ ᠠᠬᠤᠶ ᠣᠶ ᠰᠢᠭᠤᠶ ᠵᠢᠨ ᠰᠣᠯᠪᠢᠴᠠᠭᠰᠠᠨ ᠣᠷᠣᠨ᠎ᠳᠤ ᠬᠠᠩᠰᠢ ᠵᠢᠨ ᠡᠳᠦᠷ ᠪᠤᠯᠠᠰᠢᠨ᠎ᠳᠤ ᠴᠠᠭ᠋ᠠᠰᠤ ᠰᠢᠲᠠᠭ᠋ᠠᠬᠤ᠂ ᠡᠰᠢ ᠰᠦᠷᠡᠯ᠎ᠢ ᠰᠢᠲᠠᠭ᠋ᠠᠭᠰᠠᠨ᠎ᠠᠴᠠ ᠪᠣᠯᠤᠭᠰᠠᠨ ᠣᠶ ᠰᠢᠭᠤᠶ ᠨᠤᠲᠤᠭ ᠪᠡᠯᠴᠢᠭᠡᠷ᠎ᠤᠨ ᠭᠠᠯ᠎ᠤᠨ ᠭᠠᠮᠰᠢᠭ᠎ᠢ ᠭᠣᠤᠯᠳᠠᠯᠭ᠎ᠠ᠎ᠲᠠᠢ ᠰᠡᠷᠭᠡᠶ᠋ᠢᠯᠡᠬᠦ ᠬᠡᠷᠡᠭᠲᠡᠶ᠃ ᠬᠠᠪᠤᠷ᠎ᠤᠨ ᠰᠡᠷᠭᠡᠶ᠋ᠢᠯᠡᠯᠲᠡ ᠵᠢᠨ ᠰᠡᠭᠦᠯᠴᠢ ᠵᠢᠨ ᠬᠤᠭᠤᠴᠠᠭ᠋ᠠᠨ᠎ᠳᠤ ᠠᠭ᠋ᠠᠷ᠎ᠤᠨ ᠳᠤᠯᠠᠭ᠋ᠠᠨ ᠳᠡᠭᠡᠭᠰᠢᠯᠡᠬᠦ᠂ ᠬᠤᠷᠠᠭᠰᠠᠨ ᠴᠠᠰᠤᠨ᠎ᠳᠤ ᠬᠤᠴᠢᠭᠳᠠᠨ ᠬᠠᠶ᠋ᠢᠯᠬᠤ ᠵᠢ ᠳᠠᠭ᠋ᠠᠯᠳᠤᠨ᠂ ᠳᠤᠮᠳᠠ ᠪᠠ ᠵᠡᠭᠦᠨ ᠬᠡᠰᠡᠭ᠎ᠤᠨ ᠭᠠᠵᠠᠷ ᠣᠷᠣᠨ᠎ᠤ ᠭᠠᠯ᠎ᠤᠨ ᠠᠶᠤᠯ᠎ᠤᠨ ᠲᠠᠰ ᠳᠡᠭᠡᠭᠰᠢᠯᠡᠬᠦ ᠪᠣᠯᠬᠣᠷ ᠬᠠᠮᠢᠶᠠᠷᠤᠨ ᠬᠠᠮᠠᠭ᠋ᠠᠯᠠᠬᠤ ᠪᠠ ᠲᠣᠭᠣᠷᠢᠨ ᠪᠠᠶ᠋ᠢᠴᠠᠭ᠋ᠠᠬᠤ᠎ᠪᠠᠨ ᠴᠢᠩᠭ᠋ᠠᠳᠬᠠᠵᠤ᠂ ᠭᠠᠯ ᠰᠡᠷᠭᠡᠶ᠋ᠢᠯᠡᠬᠦ ᠣᠷᠣᠨ᠎ᠤ ᠲᠡᠷᠭᠡ ᠬᠥᠰᠬᠡ ᠵᠢ ᠬᠠᠮᠢᠶᠠᠷᠤᠨ ᠬᠠᠮᠠᠭ᠋ᠠᠯᠠᠬᠤ ᠵᠢᠴᠢ ᠭᠠᠯ ᠰᠡᠷᠭᠡᠶ᠋ᠢᠯᠡᠬᠦ ᠦᠵᠡᠯ ᠤᠬᠠᠮᠰᠠᠷ᠎ᠤᠨ ᠬᠥᠮᠦᠵᠢᠯ᠎ᠤᠨ ᠠᠵᠢᠯ᠎ᠢ ᠰᠠᠶ᠋ᠢᠲᠤᠷ ᠬᠢᠵᠦ᠂ ᠭᠠᠯ᠎ᠤᠨ ᠠᠶᠤᠯ᠎ᠤᠨ ᠲᠠᠰ ᠵᠶ᠋ᠠᠷ ᠨᠡᠯᠢᠶᠡᠳ ᠥᠨᠳᠥᠷ ᠣᠷᠣᠨ ᠪᠦᠰᠡ᠎ᠳᠤ ᠬᠡᠭᠡᠷ᠎ᠡ ᠭᠠᠳᠠᠨ᠎ᠠ ᠭᠠᠯ ᠬᠡᠷᠡᠭᠯᠡᠬᠦ ᠵᠢ ᠴᠢᠩᠭ᠎ᠠ ᠴᠠᠭ᠋ᠠᠵᠠᠯᠠᠬᠤ ᠬᠡᠷᠡᠭᠳᠡᠢ᠃ ᠡᠭᠦᠨ᠎ᠠᠴᠠ ᠭᠠᠳᠠᠨ᠎ᠠ᠂ ᠥᠩᠭᠡᠷᠡᠭᠰᠡᠨ ᠵᠢᠯ᠎ᠤᠳ᠎ᠲᠤ ᠮᠠᠨ᠎ᠤ ᠣᠷᠣᠨ᠎ᠤ ᠵᠡᠭᠦᠨ ᠬᠣᠶ᠋ᠢᠲᠤ ᠵᠢᠨ ᠬᠢᠯᠢ ᠬᠢᠵᠠᠭ᠋ᠠᠷ᠎ᠤᠨ ᠣᠶ ᠰᠢᠭᠤᠶ ᠵᠢᠨ ᠭᠠᠯ᠎ᠤᠨ ᠠᠶᠤᠯ ᠪᠠᠶ᠋ᠢᠨ ᠳᠠᠬᠢᠨ ᠭᠠᠷᠴᠤ ᠪᠠᠶ᠋ᠢᠭ᠎ᠠ ᠪᠣᠯᠬᠣᠷ ᠬᠢᠯᠢ ᠵᠢᠨ ᠭᠠᠳᠠᠨ᠎ᠠ ᠣᠷᠣᠵᠤ ᠢᠷᠡᠬᠦ ᠣᠶ ᠰᠢᠭᠤᠶ ᠵᠢᠨ ᠭᠠᠯ᠎ᠤᠨ ᠠᠶᠤᠯ᠎ᠢ ᠬᠢᠨᠠᠨ ᠬᠡᠮᠵᠢᠬᠦ᠂ ᠤᠷᠢᠳᠴᠢᠯᠠᠨ ᠰᠡᠷᠭᠡᠶ᠋ᠢᠯᠡᠬᠦ ᠠᠵᠢᠯ᠎ᠢ ᠴᠢᠩᠭ᠋ᠠᠳᠬᠠᠬᠤ ᠴᠢᠬᠤᠯᠠᠲᠠᠶ ᠪᠠᠶ᠋ᠢᠨ᠎ᠠ᠃
2021 ᠣᠨ᠎ᠤ ᠥᠪᠥᠷ ᠮᠣᠩᠭᠣᠯ᠎ᠤᠨ ᠬᠠᠪᠤᠷ᠎ᠤᠨ ᠤᠯᠠᠷᠢᠯ᠎ᠤᠨ ᠲᠠᠷᠢᠶᠠᠯᠠᠩ ᠮᠠᠯ ᠠᠵᠤ ᠠᠬᠤᠶ ᠵᠢᠨ ᠦᠢ᠍ᠯᠡᠳᠪᠦᠷᠢᠯᠡᠯ᠎ᠤᠨ ᠴᠠᠭ ᠠᠭᠤᠷ᠎ᠤᠨ ᠨᠥᠬᠥᠴᠡᠯ᠎ᠤᠨ ᠰᠣᠨᠢᠨ ᠮᠡᠳᠡᠭᠡ ᠨᠡᠢ᠌ᠳᠡᠯᠡᠬᠦ ᠬᠤᠷᠠᠯ᠎ᠤᠨ ᠰᠣᠷᠪᠣᠯᠵᠢᠯᠠᠭᠴᠢ ᠵᠢᠨ ᠠᠰᠠᠭᠤᠯᠳᠠ ᠵᠢ ᠬᠠᠷᠢᠭᠤᠯᠬᠤ᠎ᠨᠢ
《ᠬᠡᠷᠡᠭᠯᠡᠭᠡᠨ᠎ᠤ ᠡᠳᠦᠷ᠎ᠤᠨ ᠰᠣᠨᠢᠨ》᠎ᠤ ᠰᠤᠷᠪᠤᠯᠵᠢᠯᠠᠭᠴᠢ᠄ ᠡᠨᠡ ᠵᠢᠯ᠎ᠤᠨ ᠲᠥᠪ᠎ᠤᠨ ᠨᠢᠭᠡᠳᠦᠭᠡᠷ ᠲᠣᠭ᠋ᠠᠲᠤ ᠪᠢᠴᠢᠭ ᠮᠠᠲ᠋ᠧᠷᠢᠶᠠᠯ᠎ᠳᠤ 《ᠲᠠᠷᠢᠶᠠᠯᠠᠩ᠎ᠤᠨ ᠴᠠᠭ ᠠᠭᠤᠷ᠎ᠤᠨ ᠶᠡᠷᠦᠩᠬᠡᠶ᠋ᠢᠯᠡᠭᠰᠡᠨ ᠬᠢᠨᠠᠨ ᠬᠡᠮᠵᠢᠯᠲᠡ ᠵᠢᠨ ᠲᠤᠤᠷ ᠰᠦᠯᠵᠢᠶ᠎ᠡ᠎ᠪᠠᠨ ᠲᠡᠭᠦᠯᠳᠡᠷᠵᠢᠭᠦᠯᠵᠦ᠂ ᠲᠠᠷᠢᠶᠠᠯᠠᠩ᠎ᠤᠨ ᠴᠠᠭ ᠠᠭᠤᠷ᠎ᠤᠨ ᠭᠠᠶ ᠭᠠᠮᠰᠢᠭ᠎ᠢ ᠰᠡᠷᠭᠡᠶ᠋ᠢᠯᠡᠬᠦ ᠴᠢᠳᠠᠪᠤᠷᠢ᠎ᠪᠠᠨ ᠳᠡᠭᠡᠭᠰᠢᠯᠡᠭᠦᠯᠬᠦ ᠬᠡᠷᠡᠭᠲᠡᠶ》 ᠭᠡᠵᠦ ᠳᠤᠷᠠᠳᠴᠠᠶ᠂ ᠲᠡᠭᠡᠪᠡᠯ ᠴᠠᠭ ᠠᠭᠤᠷ᠎ᠤᠨ ᠲᠠᠯ᠎ᠠ᠎ᠪᠠᠷ ᠲᠠᠷᠢᠶᠠᠯᠠᠩ ᠮᠠᠯ ᠠᠵᠤ ᠠᠬᠤᠶ᠎ᠳᠤ ᠦᠢ᠍ᠯᠡᠴᠢᠯᠡᠬᠦ ᠲᠠᠯ᠎ᠠ᠎ᠪᠠᠷ ᠶᠠᠮᠠᠷ ᠶᠠᠮᠠᠷ ᠠᠵᠢᠯ ᠥᠷᠨᠢᠭᠦᠯᠬᠦ ᠪᠣᠶ?
ᠨᠢᠦ ᠪᠦᠦ ᠯᠢᠶᠠᠩ᠄ ᠡᠨᠡ ᠵᠢᠯ᠎ᠤᠨ ᠲᠥᠪ ᠬᠤᠷᠢᠶ᠎ᠠ ᠪᠣᠯᠤᠨ ᠥᠪᠡᠷᠲᠡᠭᠡᠨ ᠵᠠᠰᠠᠬᠤ ᠣᠷᠣᠨ᠎ᠤ ᠨᠢᠭᠡᠳᠦᠭᠡᠷ ᠲᠣᠭ᠋ᠠᠲᠤ ᠪᠢᠴᠢᠭ ᠮᠠᠲ᠋ᠧᠷᠢᠶᠠᠯ᠎ᠳᠤ ᠴᠥᠮ
《ᠲᠠᠷᠢᠶᠠᠯᠠᠩ ᠮᠠᠯ ᠠᠵᠤ ᠠᠬᠤᠶ ᠵᠢᠨ ᠴᠠᠭ ᠠᠭᠤᠷ᠎ᠤᠨ ᠶᠡᠷᠦᠩᠬᠡᠶ᠋ᠢᠯᠡᠭᠰᠡᠨ ᠬᠢᠨᠠᠨ ᠬᠡᠮᠵᠢᠯᠲᠡ ᠵᠢᠨ ᠲᠣᠤᠷ ᠰᠦᠯᠵᠢᠶ᠎ᠡ᠎ᠪᠠᠨ ᠲᠡᠭᠦᠯᠳᠡᠷᠵᠢᠭᠦᠯᠵᠦ᠂ ᠲᠠᠷᠢᠶᠠᠯᠠᠩ᠎ᠤᠨ ᠴᠠᠭ ᠠᠭᠤᠷ᠎ᠤᠨ ᠭᠠᠶ ᠭᠠᠮᠰᠢᠭ᠎ᠢ ᠰᠡᠷᠭᠡᠶ᠋ᠢᠯᠡᠬᠦ ᠴᠢᠳᠠᠪᠤᠷᠢ᠎ᠪᠠᠨ ᠳᠡᠭᠡᠭᠰᠢᠯᠡᠭᠦᠯᠬᠦ ᠬᠡᠷᠡᠭᠲᠡᠶ》 ᠭᠡᠵᠦ ᠳᠤᠷᠠᠳᠤᠨ ᠭᠠᠷᠭ᠋ᠠᠵᠠᠶ᠂ ᠡᠨᠡ ᠪᠣᠯ ᠤᠯᠤᠰ᠎ᠤᠨ ᠠᠮᠤ ᠪᠤᠳᠠᠭ᠋ᠠᠨ᠎ᠤ ᠠᠮᠤᠷ ᠲᠦᠪᠰᠢᠨ᠎ᠢ ᠪᠠᠲᠤᠯᠠᠬᠤ ᠱᠠᠭ᠋ᠠᠷᠳᠠᠯᠭ᠎ᠠ ᠮᠥᠨ ᠪᠥᠭᠡᠳ ᠪᠠᠰᠠ ᠴᠤ᠌ ᠴᠠᠭ ᠠᠭᠤᠷ᠎ᠤᠨ ᠰᠠᠯᠠᠭ᠎ᠠ ᠮᠥᠴᠢᠷ᠎ᠤᠨ ᠬᠦᠢ᠍ᠴᠡᠳᠬᠡᠪᠡᠰᠦ ᠵᠣᠬᠢᠬᠤ ᠡᠭᠦᠷᠭᠡ ᠬᠠᠷᠢᠭᠤᠴᠠᠯᠭ᠎ᠠ ᠮᠥᠨ᠃
ᠥᠪᠥᠷ ᠮᠣᠩᠭᠣᠯ᠎ᠤᠨ ᠴᠠᠭ ᠠᠭᠤᠷ᠎ᠤᠨ ᠲᠤᠪᠴᠢᠶᠠᠨ᠎ᠤ ᠨᠠᠮ᠎ᠤᠨ ᠤᠳᠤᠷᠢᠳᠬᠤ ᠳᠤᠭᠤᠶ᠋ᠢᠯᠠᠩ ᠲᠥᠪ ᠬᠤᠷᠢᠶ᠎ᠠ ᠪᠠ ᠥᠪᠡᠷᠲᠡᠭᠡᠨ ᠵᠠᠰᠠᠬᠤ ᠣᠷᠣᠨ᠎ᠤ ᠨᠢᠭᠡᠳᠦᠭᠡᠷ ᠲᠣᠭ᠋ᠠᠲᠤ ᠪᠢᠴᠢᠭ ᠮᠠᠲ᠋ᠧᠷᠢᠶᠠᠯ᠎ᠢ ᠲᠤᠤᠱᠯᠠᠭᠤᠯᠤᠨ ᠨᠠᠶ᠋ᠢᠳᠠᠪᠤᠷᠢᠵᠢᠭᠤᠯᠬᠤ ᠠᠵᠢᠯ᠎ᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠵᠤ᠂ ᠣᠯᠠᠨ ᠵᠦᠢ᠍ᠯ᠎ᠤᠨ ᠬᠡᠯᠪᠡᠷᠢ᠎ᠪᠠᠷ ᠳᠠᠮᠵᠢᠭᠤᠯᠤᠨ ᠰᠤᠷᠤᠯᠴᠠᠯᠭ᠎ᠠ ᠵᠢ ᠵᠣᠬᠢᠶᠠᠨ ᠪᠠᠶ᠋ᠢᠭᠤᠯᠵᠤ᠂ ᠪᠢᠴᠢᠭ ᠮᠠᠲ᠋ᠧᠷᠢᠶᠠᠯ᠎ᠤᠨ ᠵᠣᠷᠢᠭ ᠰᠠᠨᠠᠭ᠎ᠠ ᠵᠢ ᠣᠶ᠋ᠢᠯᠠᠭ᠋ᠠᠵᠤ᠂ ᠥᠪᠥᠷ ᠮᠣᠩᠭᠣᠯ᠎ᠤᠨ ᠴᠠᠭ ᠠᠭᠤᠷ᠎ᠤᠨ ᠲᠤᠪᠴᠢᠶᠠᠨ᠎ᠤ ᠲᠥᠪ ᠬᠤᠷᠢᠶ᠎ᠠ ᠪᠠ ᠥᠪᠡᠷᠲᠡᠭᠡᠨ ᠵᠠᠰᠠᠬᠤ ᠣᠷᠣᠨ᠎ᠤ ᠨᠢᠭᠡᠳᠦᠭᠡᠷ ᠲᠣᠭ᠋ᠠᠲᠤ ᠪᠢᠴᠢᠭ ᠮᠠᠲ᠋ᠧᠷᠢᠶᠠᠯ᠎ᠤᠨ ᠵᠣᠷᠢᠭ ᠰᠠᠨᠠᠭ᠎ᠠ ᠵᠢ ᠲᠤᠤᠱᠯᠠᠭᠤᠯᠤᠨ ᠨᠠᠶ᠋ᠢᠳᠠᠪᠤᠷᠢᠵᠢᠭᠤᠯᠬᠤ ᠠᠵᠢᠯ᠎ᠤᠨ ᠲᠥᠰᠦᠯ ᠲᠣᠭᠲᠠᠭ᠋ᠠᠵᠤ᠂ ᠠᠵᠢᠯ᠎ᠤᠨ ᠡᠭᠦᠷᠭᠡ ᠪᠠ ᠬᠠᠷᠢᠭᠤᠴᠠᠯᠭ᠎ᠠ ᠵᠢᠨ ᠠᠵᠢᠯ᠎ᠤᠨ ᠬᠤᠪᠢᠶᠠᠷᠢᠯᠠᠯ᠎ᠢ ᠲᠣᠳᠣᠷᠬᠠᠶ᠋ᠢᠯᠠᠨ᠂ ᠳᠣᠤᠷᠠᠬᠢ ᠲᠠᠪᠤᠨ ᠲᠠᠯ᠎ᠠ ᠵᠢᠨ ᠠᠵᠢᠯ᠎ᠢ ᠰᠠᠶ᠋ᠢᠲᠤᠷ ᠬᠢᠬᠦ᠎ᠪᠠᠷ ᠳᠠᠮᠵᠢᠭᠤᠯᠤᠨ᠂ ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠶ ᠵᠢᠨ ᠴᠢᠨᠠᠷ ᠰᠠᠶ᠋ᠢᠲᠠᠶ ᠬᠥᠭᠵᠢᠯᠲᠡ᠂ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠵᠢ ᠳᠥᠯᠭᠢᠨ ᠠᠬᠢᠭᠤᠯᠬᠤ ᠪᠠ ᠶᠠᠳᠠᠭᠤ᠎ᠠᠴᠠ ᠠᠩᠭᠢᠵᠢᠷᠠᠭᠤᠯᠬᠤ ᠪᠡᠷᠬᠡ ᠰᠡᠳᠦᠪ᠎ᠢ ᠰᠢᠢ᠍ᠳᠪᠦᠷᠢᠯᠡᠭᠰᠡᠨ ᠦᠷ᠎ᠡ ᠪᠦᠲᠦᠭᠡᠯ᠎ᠢ ᠪᠡᠬᠢᠵᠢᠭᠦᠯᠬᠦ᠎ᠳᠤ ᠴᠠᠭ ᠠᠭᠤᠷ᠎ᠤᠨ ᠪᠠᠲᠤᠯᠠᠭ᠎ᠠ ᠵᠢᠨ ᠦᠢ᠍ᠯᠡᠴᠢᠯᠡᠭᠡ ᠵᠢ ᠰᠠᠶ᠋ᠢᠲᠤᠷ ᠬᠢᠨ᠎ᠡ᠃
ᠨᠢᠭᠡ᠎ᠳᠤ᠂ ᠥᠪᠡᠷᠲᠡᠭᠡᠨ ᠵᠠᠰᠠᠬᠤ ᠣᠷᠣᠨ᠎ᠤ ᠮᠠᠯ ᠠᠵᠤ ᠠᠬᠤᠢ ᠲᠠᠷᠢᠶᠠᠯᠠᠩ᠎ᠤᠨ ᠴᠢᠨᠠᠷ ᠰᠠᠶ᠋ᠢᠲᠠᠢ ᠬᠥᠭᠵᠢᠯᠲᠡ᠎ᠳᠤ ᠠᠩᠬᠠᠷᠤᠯ ᠵᠶ᠋ᠠᠨ ᠲᠥᠪᠯᠡᠷᠡᠭᠦᠯᠦᠨ ᠳᠤᠷᠠᠳᠤᠭᠰᠠᠨ ᠡᠷᠳᠡᠨᠢ ᠰᠢᠰᠢ᠂ ᠪᠤᠭᠤᠳᠠᠢ᠂ ᠲᠥᠮᠥᠰᠥ᠂ ᠠᠯᠠᠰᠢᠨ ᠬᠤᠨᠢ᠂ ᠠᠯᠠᠰᠢᠨ ᠦᠬᠡᠷ ᠵᠡᠷᠭᠡ 15 ᠳᠠᠪᠠᠭᠤᠯᠢᠭ ᠤᠨᠴᠠᠯᠢᠬᠳᠤ ᠲᠠᠷᠢᠶᠠᠯᠠᠩ ᠮᠠᠯ᠎ᠤᠨ ᠠᠰᠢᠭ ᠰᠢᠮ᠎ᠡ ᠵᠢᠨ ᠪᠦᠲᠦᠭᠡᠭᠳᠡᠬᠦᠨ᠎ᠤ ᠠᠵᠤ ᠦᠢ᠍ᠯᠡᠰ᠎ᠤᠨ ᠪᠦᠰᠡ ᠵᠢ ᠪᠠᠶ᠋ᠢᠭᠤᠯᠵᠤ᠂ ᠪᠦᠬᠦ ᠣᠷᠣᠨ᠎ᠳᠤ 20 ᠣᠷᠣᠨ ᠪᠦᠰᠡ ᠵᠢᠨ ᠠᠦ᠋ᠲ᠋ᠣ᠋ ᠴᠠᠭ ᠠᠭᠤᠷ᠎ᠤᠨ ᠠᠵᠢᠭᠯᠠᠯᠲᠠ ᠵᠢᠨ ᠦᠷᠳᠡᠬᠡ ᠵᠢ ᠰᠢᠨ᠎ᠡ᠎ᠪᠠᠷ ᠪᠠᠶ᠋ᠢᠭᠤᠯᠵᠤ᠂ 69 ᠬᠥᠯᠳᠡᠭᠦᠦ ᠬᠥᠷᠥᠰᠥᠨ᠎ᠤ ᠠᠵᠢᠭᠯᠠᠯᠲᠠ ᠵᠢᠨ ᠬᠡᠮᠵᠢᠭᠦᠷᠯᠢᠭ ᠪᠣᠯᠤᠨ 82 ᠢᠵᠢ ᠬᠦᠨᠳᠦ ᠵᠢᠩᠨᠡᠬᠦ ᠮᠠᠶᠢᠭ᠎ᠤᠨ ᠬᠤᠷ᠎ᠠ ᠲᠤᠨᠳᠠᠰᠣ ᠵᠢᠨ ᠰᠡᠷᠡᠯ ᠳᠠᠮᠵᠢᠭᠤᠯᠤᠭᠴᠢ ᠵᠢᠨ ᠪᠦᠳᠦᠭᠡᠨ ᠪᠠᠶ᠋ᠢᠭᠤᠯᠤᠯᠲᠠ ᠵᠢ ᠪᠡᠶᠡᠯᠡᠭᠦᠯᠦᠨ᠎ᠡ᠃ ᠷᠠᠰᠢᠶᠠᠨ᠎ᠤ ᠰᠢᠨ᠎ᠡ ᠨᠢᠭᠡ ᠦᠶ᠎ᠡ ᠵᠢᠨ ᠴᠠᠭ ᠠᠭᠤᠷ᠎ᠤᠨ ᠷᠠᠳᠠᠷ᠎ᠤᠨ ᠪᠥᠲᠥᠭᠡᠨ ᠪᠠᠶ᠋ᠢᠭᠤᠯᠤᠯᠲᠠ ᠵᠢ ᠲᠦᠷᠭᠡᠳᠬᠡᠨ ᠠᠬᠢᠭᠤᠯᠵᠤ᠂ ᠪᠠᠭ᠋ᠠᠷᠢᠨ ᠵᠡᠭᠦᠨ ᠬᠣᠰᠢᠭᠤᠨ᠎ᠤ ᠰᠢᠨ᠎ᠡ ᠨᠢᠭᠡ ᠦᠶ᠎ᠡ ᠵᠢᠨ ᠴᠠᠭ ᠠᠭᠤᠷ᠎ᠤᠨ ᠷᠠᠳᠠᠷ᠎ᠤᠨ ᠪᠥᠲᠥᠭᠡᠨ ᠪᠠᠶ᠋ᠢᠭᠤᠯᠤᠯᠲᠠ ᠵᠢ ᠡᠬᠢᠯᠡᠭᠦᠯᠦᠨ᠂ ᠷᠠᠳᠠᠷ᠎ᠤᠨ ᠬᠠᠮᠤᠷᠬᠤ ᠬᠡᠪᠴᠢᠶ᠎ᠡ ᠵᠢ ᠦᠷᠭᠦᠯᠵᠢᠯᠡᠨ ᠥᠷᠭᠡᠳᠬᠡᠵᠦ᠂ ᠮᠠᠯᠵᠢᠬᠤ ᠲᠠᠷᠢᠶᠠᠯᠠᠬᠤ ᠣᠷᠣᠨ᠎ᠤ ᠪᠣᠶ᠋ᠢᠳᠠ ᠪᠥᠭᠯᠡᠭᠦᠤ ᠭᠠᠵᠠᠷ ᠣᠷᠣᠨ᠎ᠤ ᠤᠷᠢᠳᠴᠢᠯᠠᠨ ᠮᠡᠳᠡᠭᠡᠯᠡᠬᠦ ᠪᠠ ᠤᠷᠢᠳᠴᠢᠯᠠᠨ ᠰᠡᠷᠡᠮᠵᠢᠯᠡᠭᠦᠯᠬᠦ ᠴᠢᠳᠠᠪᠤᠷᠢ᠎ᠪᠠᠨ ᠳᠡᠭᠡᠭᠰᠢᠯᠡᠭᠦᠯᠦᠨ᠎ᠡ᠃ ᠪᠥᠬᠥ ᠣᠷᠣᠨ᠎ᠳᠤ ᠪᠠᠰᠠ ᠬᠥᠷᠥᠰᠥ ᠰᠢᠷᠣᠶ ᠵᠢᠨ ᠤᠰᠤ ᠵᠢ ᠠᠵᠢᠭᠯᠠᠨ ᠬᠡᠮᠵᠢᠬᠦ ᠠᠦ᠋ᠲ᠋ᠣ᠋ ᠥᠷᠲᠡᠭᠡ 31᠂ ᠲᠠᠷᠢᠶᠠᠨ ᠭᠠᠵᠠᠷ᠎ᠤᠨ ᠪᠠᠭ᠎ᠠ ᠠᠭᠤᠷ ᠠᠮᠢᠰᠬᠤᠯ᠎ᠢ ᠠᠵᠢᠭᠯᠠᠨ ᠬᠡᠮᠵᠢᠬᠦ ᠰᠢᠰᠲ᠋ᠧᠮ 13 ᠢᠵᠢ ᠰᠢᠨ᠎ᠡ᠎ᠪᠠᠷ ᠪᠠᠶ᠋ᠢᠭᠤᠯᠬᠤ ᠪᠣᠯᠤᠨ᠎ᠠ᠃ ᠲᠠᠷᠢᠶᠠᠯᠠᠩ᠎ᠤᠨ ᠠᠦ᠋ᠲ᠋ᠣ᠋ ᠠᠵᠢᠭᠯᠠᠯᠲᠠ ᠵᠢᠨ ᠲᠤᠷᠰᠢᠯᠲᠠ ᠵᠢᠨ ᠰᠤᠳᠤᠯᠭ᠋ᠠᠨ᠎ᠢ ᠠᠬᠢᠭᠤᠯᠵᠤ᠂ ᠴᠠᠭ ᠠᠭᠤᠷ᠎ᠤᠨ ᠶᠡᠷᠦᠩᠬᠡᠶ᠋ᠢᠯᠡᠭᠰᠡᠨ ᠬᠢᠨᠠᠨ ᠬᠡᠮᠵᠢᠬᠦ ᠴᠢᠳᠠᠪᠤᠷᠢ᠎ᠪᠠᠨ ᠲᠠᠰᠤᠷᠠᠯᠲᠠ ᠥᠬᠡᠶ ᠳᠡᠭᠡᠭᠰᠢᠯᠡᠭᠦᠯᠦᠨ᠂ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠂ ᠶᠠᠳᠠᠭᠤ᠎ᠠᠴᠠ ᠠᠩᠭᠢᠵᠢᠷᠠᠭᠤᠯᠬᠤ ᠰᠢᠪᠲᠤᠯᠤᠯᠲᠠ ᠵᠢᠨ ᠦᠷ᠎ᠡ ᠪᠦᠲᠦᠭᠡᠯ᠎ᠢ ᠪᠡᠬᠢᠵᠢᠭᠦᠯᠬᠦ᠎ᠳᠤ ᠰᠠᠭᠤᠷᠢ ᠲᠣᠭ᠎ᠠ ᠪᠠᠷᠢᠮᠲᠠ ᠵᠢᠨ ᠲᠤᠯᠭ᠋ᠠᠭᠤᠷᠢᠯᠠᠯ ᠬᠠᠩᠭ᠋ᠠᠨ᠎ᠠ᠃
ᠬᠣᠶᠠᠷ᠎ᠲᠤ᠂ ᠴᠠᠭ ᠠᠭᠤᠷ᠎ᠤᠨ ᠭᠠᠮᠰᠢᠭ᠎ᠢ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ ᠲᠤᠬᠠᠢ ᠰᠢᠨ᠎ᠡ ᠮᠠᠲ᠋ᠧᠷᠢᠶᠠᠯ᠂ ᠰᠢᠨ᠎ᠡ ᠮᠡᠷᠭᠡᠵᠢᠯ᠂ ᠰᠢᠨ᠎ᠡ ᠠᠷᠭ᠎ᠠ ᠵᠢᠨ ᠬᠡᠷᠡᠭᠯᠡᠯᠲᠡ ᠵᠢ ᠴᠢᠩᠭ᠋ᠠᠷᠠᠭᠤᠯᠵᠤ᠂ ᠭᠠᠩ ᠬᠠᠭᠤᠷᠠᠶ᠂ ᠰᠢᠷᠦᠭᠦᠨ ᠪᠣᠷᠣᠭ᠋ᠠᠨ ᠦᠶᠡᠷ ᠤᠰᠤᠲᠤᠯ᠂ ᠶᠡᠬᠡ ᠰᠠᠯᠬᠢᠨ ᠬᠦᠶᠲᠡᠨ ᠤᠷᠤᠰᠬᠠᠯ᠂ ᠬᠢᠷᠠᠭᠤ ᠬᠦᠯᠳᠡᠬᠦᠦ᠂ ᠬᠦᠢ᠍ᠳᠡᠨ ᠠᠭᠤᠷ ᠠᠮᠢᠰᠬᠤᠯ᠎ᠤᠨ ᠭᠠᠮᠰᠢᠭ᠂ ᠮᠥᠨᠳᠥᠷ ᠵᠡᠷᠭᠡ ᠲᠠᠷᠢᠶᠠᠯᠠᠩ ᠮᠠᠯ ᠠᠵᠤ ᠠᠬᠤᠶ ᠵᠢᠨ ᠴᠠᠭ ᠠᠭᠤᠷ᠎ᠤᠨ ᠭᠠᠮᠰᠢᠭ᠎ᠢ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ᠎ᠪᠠᠨ ᠤᠯᠠᠮ ᠨᠢᠭᠡ ᠠᠯᠬᠤᠮ ᠴᠢᠩᠭ᠋ᠠᠷᠠᠭᠤᠯᠤᠨ᠂ ᠴᠠᠭ ᠠᠭᠤᠷ᠎ᠤᠨ ᠭᠠᠮᠰᠢᠭ᠎ᠢ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ ᠵᠢᠨ ᠨᠠᠷᠢᠯᠢᠬ᠍ᠵᠢᠭᠤᠯᠬᠤ ᠬᠢᠷᠢ ᠬᠡᠮᠵᠢᠶ᠎ᠡ᠂ ᠣᠨᠣᠪᠴᠢ ᠵᠢᠨ ᠬᠡᠮᠵᠢᠶ᠎ᠡ ᠪᠠ ᠤᠷᠢᠳᠴᠢᠯᠠᠭᠰᠠᠨ ᠬᠡᠮᠵᠢᠶ᠎ᠡ᠎ᠪᠠᠨ ᠲᠠᠰᠤᠷᠠᠯᠲᠠ ᠥᠬᠡᠶ ᠳᠡᠭᠡᠭᠰᠢᠯᠡᠭᠦᠯᠤᠨ᠎ᠠ᠃ ᠡᠭᠦᠨ᠎ᠤ ᠬᠠᠮᠲᠤ᠂ ᠪᠠᠴᠢᠮ ᠪᠠᠶ᠋ᠢᠳᠠᠯ᠎ᠢ ᠠᠷᠭ᠋ᠠᠴᠠᠭ᠋ᠠᠬᠤ ᠷᠠᠳᠢᠣ᠋ ᠨᠡᠪᠲᠡᠷᠡᠭᠦᠯᠭᠡ ᠵᠢᠨ ᠰᠢᠰᠲ᠋ᠧᠮ ᠵᠡᠷᠭᠡ ᠨᠡᠶ᠋ᠢᠭᠡᠮ᠎ᠤᠨ ᠡᠬᠢ ᠪᠠᠶᠠᠯᠢᠭ ᠪᠣᠯᠤᠨ ᠸᠢᠴᠠᠲ᠂ ᠪᠢᠴᠢᠯ ᠪᠦᠷᠭᠡ᠂ ᠲᠢᠺ ᠲᠤᠺ᠂ ᠬᠤᠷᠲᠤᠨ ᠰᠢᠭᠤᠳ ᠨᠡᠪᠲᠡᠷᠡᠭᠦᠯᠬᠡ ᠵᠡᠷᠭᠡ ᠰᠢᠨ᠎ᠡ ᠵᠠᠭᠤᠴᠢᠯᠠᠭᠤᠷ᠎ᠢ ᠭᠦᠢ᠍ᠴᠡᠳ ᠠᠰᠢᠭᠯᠠᠵᠤ᠂ ᠭᠡᠨᠡᠳᠲᠡ ᠵᠢᠨ ᠬᠡᠷᠡᠭ᠎ᠤᠨ ᠰᠡᠷᠡᠮᠵᠢᠯᠡᠭᠦᠯᠬᠦ ᠮᠡᠳᠡᠭᠡ ᠵᠠᠩᠭᠢ ᠵᠢ ᠨᠡᠶ᠋ᠢᠲᠡᠯᠡᠬᠦ ᠰᠢᠰᠲ᠋ᠧᠮ᠎ᠲᠠᠢ ᠵᠠᠪᠰᠠᠷ ᠦᠭᠡᠶ ᠵᠣᠯᠭ᠋ᠠᠭᠤᠯᠬᠤ ᠵᠢ ᠪᠡᠶᠡᠯᠡᠭᠦᠯᠵᠦ᠂ ᠮᠠᠯᠵᠢᠬᠤ ᠲᠠᠷᠢᠶᠠᠯᠠᠬᠤ ᠣᠷᠣᠨ᠎ᠤ ᠰᠡᠷᠡᠮᠵᠢᠯᠡᠭᠦᠯᠦᠯ᠎ᠤᠨ ᠮᠡᠳᠡᠭᠡ ᠵᠠᠩᠭᠢ ᠵᠢ ᠨᠡᠶ᠋ᠢᠲᠡᠯᠡᠬᠦ ᠪᠦᠷᠬᠦᠴᠡ ᠵᠢᠨ ᠬᠡᠪᠴᠢᠶ᠎ᠡ ᠪᠠ ᠬᠤᠭᠤᠴᠠᠭ᠋ᠠᠲᠤ ᠴᠢᠨᠠᠷ᠎ᠢ ᠳᠡᠭᠡᠭᠰᠢᠯᠡᠭᠦᠯᠵᠦ᠂ ᠰᠡᠷᠡᠮᠵᠢᠯᠡᠭᠦᠯᠬᠦ ᠮᠡᠳᠡᠭᠡ ᠵᠠᠩᠭᠢ ᠵᠢ ᠴᠠᠭ ᠲᠤᠬᠠᠶ᠎ᠳᠤᠨᠢ ᠰᠢᠨ᠎ᠡ ᠬᠡᠯᠪᠡᠷᠢ ᠵᠢᠨ ᠲᠠᠷᠢᠶᠠᠯᠠᠩ ᠮᠠᠯ ᠠᠵᠤ ᠠᠬᠤᠶ ᠵᠢᠨ ᠡᠵᠡᠩᠨᠡᠯᠲᠡ ᠵᠢᠨ ᠭᠣᠣᠯ ᠴᠣᠭᠴᠠ᠂ ᠲᠠᠷᠢᠶᠠᠯᠠᠩ ᠮᠠᠯ ᠠᠵᠤ ᠠᠬᠤᠶ ᠵᠢᠨ ᠬᠣᠷᠰᠢᠶ᠎ᠠ᠂ ᠲᠤᠰᠬᠠᠶ ᠮᠡᠷᠭᠡᠵᠢᠯ᠎ᠤᠨ ᠳᠠᠷᠢᠵᠤ ᠲᠡᠵᠢᠭᠡᠨ ᠦᠷᠡᠵᠢᠭᠦᠯᠬᠦ ᠲᠣᠮᠣ ᠡᠷᠦᠬᠡ ᠪᠠ ᠣᠯᠠᠨ ᠨᠡᠶ᠋ᠢᠲᠡ ᠵᠢᠨ ᠭᠠᠷ᠎ᠲᠤ ᠤᠯᠠᠮᠵᠢᠯᠠᠨ ᠳᠠᠮᠵᠢᠭᠤᠯᠬᠤ ᠵᠢ ᠠᠬᠢᠭᠤᠯᠵᠤ᠂ ᠴᠠᠭ ᠠᠭᠤᠷ᠎ᠤᠨ ᠭᠠᠮᠰᠢᠭ᠎ᠢ ᠰᠡᠷᠭᠡᠶ᠋ᠢᠯᠡᠨ ᠭᠠᠮᠰᠢᠭ᠎ᠢ ᠪᠠᠭ᠋ᠠᠰᠬᠠᠬᠤ᠎ᠠᠴᠠ ᠪᠣᠯᠤᠭᠰᠠᠨ ᠬᠣᠬᠢᠷᠠᠯ᠎ᠢ ᠬᠠᠮᠤᠭ ᠶᠡᠬᠡ ᠬᠡᠮᠵᠢᠶ᠎ᠡ᠎ᠪᠠᠷ ᠪᠠᠭ᠋ᠠᠰᠬᠠᠵᠤ᠂ ᠥᠪᠡᠷᠲᠡᠭᠡᠨ ᠵᠠᠰᠠᠬᠤ ᠣᠷᠣᠨ᠂ ᠠᠶ᠋ᠢᠮᠠᠭ ᠬᠣᠲᠠ᠂ ᠬᠣᠰᠢᠭᠤ ᠰᠢᠶᠠᠨ᠂ ᠰᠤᠮᠤ ᠰᠢᠶᠠᠩ ᠪᠠᠯᠭ᠋ᠠᠰᠤ᠂ ᠭᠠᠴᠠᠭ᠎ᠠ ᠲᠣᠰᠬᠣᠨ ᠲᠠᠪᠤᠨ ᠱᠠᠲᠤᠨ᠎ᠤ ᠴᠠᠭ ᠠᠭᠤᠷ᠎ᠤᠨ ᠭᠠᠮᠰᠢᠭ᠎ᠢ ᠰᠡᠷᠭᠡᠶ᠋ᠢᠯᠡᠬᠦ ᠭᠠᠮᠰᠢᠭ᠎ᠢ ᠪᠠᠭ᠋ᠠᠰᠬᠠᠬᠤ ᠭᠠᠮᠰᠢᠭ᠎ᠠᠴᠠ ᠠᠪᠤᠷᠬᠠᠤ ᠵᠣᠬᠢᠶᠠᠨ ᠪᠠᠶ᠋ᠢᠭᠤᠯᠤᠯᠲᠠ ᠵᠢᠨ ᠰᠢᠰᠲ᠋ᠧᠮᠵᠢ ᠵᠢᠨ ᠦᠢ᠍ᠯᠡᠳᠦᠯ᠎ᠢ ᠬᠦᠢ᠍ᠴᠡᠳ ᠪᠠᠳᠠᠷᠠᠭᠤᠯᠵᠤ᠂ ᠳᠡᠭᠡᠳᠦ ᠳᠣᠤᠷᠠᠳᠤ ᠱᠠᠲᠤᠨ᠎ᠤ ᠬᠠᠮᠲᠤᠷᠠᠨ ᠬᠥᠳᠡᠯᠦᠯᠴᠡᠬᠦ᠂ ᠵᠡᠭᠦᠨᠰᠢ ᠪᠠᠷᠠᠭᠤᠨᠰᠢ ᠬᠠᠮᠵᠢᠯᠴᠠᠬᠤ ᠵᠢ ᠴᠢᠩᠭ᠋ᠠᠳᠬᠠᠨ᠂ ᠪᠦᠲᠦᠮᠵᠢᠲᠡᠶ ᠠᠷᠭ᠋ᠠᠴᠠᠭ᠋ᠠᠬᠤ ᠠᠷᠭ᠎ᠠ ᠬᠡᠮᠵᠢᠶ᠎ᠡ ᠠᠪᠴᠤ᠂ ᠬᠦᠨᠳᠦ ᠶᠡᠬᠡ ᠴᠠᠭ ᠠᠭᠤᠷ᠎ᠤᠨ ᠭᠠᠮᠰᠢᠭ᠎ᠢ ᠮᠡᠳᠡᠭᠦᠯᠬᠦ ᠵᠢ ᠵᠥᠪᠰᠢᠶᠡᠷᠡᠬᠦ᠂ ᠰᠡᠷᠡᠮᠵᠢᠯᠡᠭᠦᠯᠬᠦ ᠮᠡᠳᠡᠭᠡ ᠵᠠᠩᠭᠢ ᠵᠢ ᠲᠠᠷᠬᠠᠭ᠋ᠠᠬᠤ᠂ ᠣᠯᠠᠨ ᠨᠡᠶ᠋ᠢᠲᠡ᠎ᠪᠠᠷ ᠵᠶ᠋ᠠᠨ ᠬᠣᠷᠢᠶᠠᠨ ᠤᠯᠬᠤ᠂ ᠰᠠᠶ᠋ᠢᠲᠤᠷ ᠬᠡᠷᠡᠭᠯᠡᠬᠦ ᠵᠢ ᠴᠢᠷᠮᠠᠶ᠋ᠢᠨ ᠪᠡᠶᠡᠯᠡᠭᠦᠯᠵᠦ᠂ ᠦᠨᠳᠦᠰᠦᠨ ᠱᠠᠲᠤᠨ᠎ᠤ ᠭᠠᠮᠰᠢᠭ᠎ᠢ ᠰᠡᠷᠭᠡᠶ᠋ᠢᠯᠡᠬᠦ ᠭᠠᠮᠰᠢᠭ᠎ᠢ ᠪᠠᠭ᠋ᠠᠰᠬᠠᠬᠤ ᠨᠢᠭᠡᠳᠦᠭᠡᠷ ᠰᠡᠷᠭᠡᠶ᠋ᠢᠯᠡᠯᠲᠡ ᠵᠢᠨ ᠱᠤᠭᠤᠮ᠎ᠢ ᠦᠨᠡᠨᠬᠦ ᠪᠡᠬᠢᠵᠢᠭᠦᠯᠦᠨ᠎ᠡ᠃
ᠭᠤᠷᠪᠠ᠎ᠳᠤ᠂ ᠥᠪᠡᠷᠲᠡᠭᠡᠨ ᠵᠠᠰᠠᠬᠤ ᠣᠷᠣᠨ᠎ᠤ ᠤᠶᠤᠨᠲᠤ ᠲᠠᠷᠢᠶᠠᠯᠠᠩ ᠮᠠᠯ ᠠᠵᠤ ᠠᠬᠤᠶ ᠵᠢᠨ ᠴᠠᠭ ᠠᠭᠤᠷ᠎ᠤᠨ ᠦᠢ᠍ᠯᠡᠴᠢᠯᠡᠭᠡᠨ᠎ᠤ ᠲᠤᠬᠠᠶ᠋ᠢᠯᠠᠭᠰᠠᠨ ᠠᠵᠢᠯ᠎ᠤᠨ ᠰᠢᠰᠲ᠋ᠧᠮ᠎ᠤᠨ ᠭᠤᠷᠪᠠᠳᠤᠭ᠋ᠠᠷ ᠳᠡᠰ᠎ᠤᠨ ᠴᠠᠭ ᠠᠭᠤᠷ᠎ᠤᠨ ᠰᠠᠯᠠᠭ᠎ᠠ ᠮᠥᠴᠢᠷ᠎ᠲᠤ ᠲᠤᠬᠠᠶ᠋ᠢᠯᠠᠭᠰᠠᠨ ᠠᠵᠢᠯ᠎ᠤᠨ ᠬᠡᠷᠡᠭᠯᠡᠭᠡ ᠵᠢ ᠠᠬᠢᠭᠤᠯᠵᠤ᠂ ᠲᠠᠷᠢᠶᠠᠯᠠᠩ ᠮᠠᠯ ᠠᠵᠤ ᠠᠬᠤᠶ ᠵᠢᠨ ᠴᠠᠭ ᠠᠭᠤᠷ᠎ᠤᠨ ᠦᠢ᠍ᠯᠡᠴᠢᠯᠡᠭᠡᠨ᠎ᠤ ᠪᠦᠲᠦᠭᠡᠭᠳᠡᠬᠦᠨ᠎ᠢ ᠠᠦ᠋ᠲ᠋ᠣᠴᠢᠯᠠᠬᠤ᠂ ᠤᠶᠤᠨᠴᠢᠯᠠᠨ ᠦᠢ᠍ᠯᠡᠳᠬᠦ ᠬᠢᠷᠢ ᠬᠡᠮᠵᠢᠶ᠎ᠡ ᠵᠢ ᠳᠡᠭᠡᠭᠰᠢᠯᠡᠭᠦᠯᠵᠦ᠂ ᠬᠠᠪᠤᠷ᠎ᠤᠨ ᠲᠠᠷᠢᠶᠠᠯᠠᠭ᠎ᠠ᠂ ᠵᠣᠨ᠎ᠤ ᠬᠠᠮᠢᠶᠠᠷᠤᠯᠲᠠ ᠨᠠᠮᠤᠷ᠎ᠤᠨ ᠬᠤᠷᠢᠶᠠᠯᠲᠠ᠂ ᠪᠣᠷᠲᠣᠭᠣᠷ ᠣᠷᠣᠭᠤᠯᠵᠤ ᠡᠮ ᠨᠠᠶ᠋ᠢᠷᠠᠭᠤᠯᠬᠤ᠂ ᠤᠰᠤᠯᠠᠯᠲᠠ᠂ ᠮᠠᠯᠵᠢᠬᠤ ᠣᠷᠣᠨ᠎ᠤ ᠲᠥᠯ ᠲᠤᠰᠴᠤ ᠪᠣᠶ᠋ᠢᠵᠢᠭᠤᠯᠬᠤ᠂ ᠨᠠᠮᠤᠷ᠎ᠤᠨ ᠤᠯᠠᠷᠢᠯ᠎ᠤᠨ ᠡᠪᠡᠰᠦ ᠬᠠᠳᠤᠬᠤ ᠵᠡᠷᠭᠡ ᠲᠠᠷᠢᠶᠠᠯᠠᠩ ᠮᠠᠯ ᠠᠵᠤ ᠠᠬᠤᠶ ᠵᠢᠨ ᠠᠵᠢᠯᠯᠠᠭ᠎ᠠ ᠵᠢᠨ ᠲᠣᠭᠣᠷᠢᠨ᠎ᠳᠤ᠂ ᠲᠠᠷᠢᠶᠠᠯᠠᠩ ᠮᠠᠯ ᠠᠵᠤ ᠠᠬᠤᠶ᠎ᠳᠤ ᠬᠡᠷᠡᠭᠯᠡᠬᠦ ᠴᠠᠭ ᠠᠭᠤᠷ᠎ᠤᠨ ᠤᠷᠢᠳᠴᠢᠯᠠᠭᠰᠠᠨ ᠮᠡᠳᠡᠭᠡ ᠵᠢᠴᠢ ᠲᠠᠷᠢᠶᠠᠯᠠᠩ ᠮᠠᠯ ᠠᠵᠤ ᠠᠬᠤᠶ ᠵᠢᠨ ᠴᠠᠭ ᠠᠭᠤᠷ᠎ᠤᠨ ᠭᠠᠮᠰᠢᠭ᠂ ᠭᠣᠤᠯ ᠪᠣᠯᠬᠤ ᠲᠠᠷᠢᠮᠠᠯ᠎ᠤᠨ ᠡᠪᠡᠳᠴᠢᠨ ᠬᠣᠷᠣᠬᠠᠶ ᠵᠢᠨ ᠬᠥᠨᠥᠭᠡᠯ᠎ᠤᠨ ᠴᠠᠭ ᠠᠭᠤᠷ᠎ᠤᠨ ᠤᠷᠢᠳᠴᠢᠯᠠᠭᠰᠠᠨ ᠮᠡᠳᠡᠭᠡ ᠵᠢᠨ ᠤᠷᠢᠳᠴᠢᠯᠠᠨ ᠮᠡᠳᠡᠭᠡᠯᠡᠬᠦ ᠪᠠ ᠤᠷᠢᠳᠴᠢᠯᠠᠨ ᠰᠡᠷᠡᠮᠵᠢᠯᠡᠭᠦᠯᠬᠦ ᠨᠠᠷᠢᠯᠢᠭ ᠦᠢ᠍ᠯᠡᠴᠢᠯᠡᠭᠡ ᠵᠢ ᠦᠢ᠍ᠯᠡᠳᠴᠦ ᠨᠡᠶ᠋ᠢᠲᠡᠯᠡᠨ᠎ᠡ᠃ ᠣᠳᠣᠬᠠᠨ᠎ᠳᠤ᠂ ᠪᠢᠳᠡ ᠨᠢᠭᠡᠨᠲᠡ 《ᠲᠠᠷᠢᠶᠠᠯᠠᠩ᠎ᠤᠨ ᠴᠠᠭ ᠠᠭᠤᠷ᠎ᠤᠨ ᠮᠡᠳᠡᠭᠡ》 ᠵᠢᠨ ᠭᠠᠷ ᠤᠲᠠᠰᠤᠨ᠎ᠤ APP᠎ᠪᠠᠷ ᠳᠠᠮᠵᠢᠭᠤᠯᠤᠨ 5.2 ᠲᠦᠮᠡᠨ ᠲᠠᠷᠢᠶᠠᠯᠠᠩ ᠮᠠᠯ ᠠᠵᠤ ᠠᠬᠤᠶ ᠵᠢᠨ ᠡᠵᠡᠩᠨᠡᠯᠲᠡ ᠵᠢᠨ ᠭᠣᠤᠯ ᠴᠣᠭᠴᠠ ᠵᠢᠨ ᠳᠠᠩᠰᠠᠯᠠᠭᠤᠯᠤᠭᠰᠠᠨ ᠬᠡᠷᠡᠭᠯᠡᠭᠴᠢ᠎ᠳᠤ ᠣᠷᠣᠨ ᠪᠠᠶ᠋ᠢᠷᠢ᠎ᠳᠤ ᠰᠠᠭᠤᠷᠢᠯᠠᠭᠰᠠᠨ᠂ ᠣᠶᠤᠨᠴᠢ᠂ ᠥᠪᠡᠷᠮᠢᠴᠡ 《ᠰᠢᠭᠤᠳ ᠨᠡᠪᠲᠡᠷᠡᠬᠦ ᠮᠠᠶᠢᠭ》᠎ᠤᠨ ᠦᠢ᠍ᠯᠡᠴᠢᠯᠡᠭᠡ ᠬᠠᠩᠭ᠋ᠠᠵᠤ ᠪᠠᠶ᠋ᠢᠨ᠎ᠠ᠂ ᠵᠠᠯᠭ᠋ᠠᠭ᠋ᠠᠳ ᠪᠢᠳᠡ 《ᠲᠠᠷᠢᠶᠠᠯᠠᠩ᠎ᠤᠨ ᠴᠠᠭ ᠠᠭᠤᠷ᠎ᠤᠨ ᠮᠡᠳᠡᠭᠡ》 ᠵᠢᠨ ᠭᠠᠷ ᠤᠲᠠᠰᠤᠨ᠎ᠤ APP ᠵᠢ ᠦᠷᠭᠦᠯᠵᠢᠯᠡᠨ ᠳᠡᠯᠭᠡᠷᠡᠭᠦᠯᠵᠦ᠂ ᠪᠥᠬᠥ ᠣᠷᠣᠨ᠎ᠤ ᠲᠠᠷᠢᠶᠠᠯᠠᠩ ᠮᠠᠯ ᠠᠵᠤ ᠠᠬᠤᠶ ᠵᠢᠨ ᠭᠠᠷᠤᠯᠲᠠ᠎ᠪᠠᠨ ᠨᠡᠮᠡᠭᠳᠡᠭᠦᠯᠵᠦ ᠣᠷᠣᠯᠭ᠎ᠠ᠎ᠪᠠᠨ ᠨᠡᠮᠡᠭᠳᠡᠭᠦᠯᠬᠦ᠎ᠳᠤ ᠴᠠᠭ ᠠᠭᠤᠷ᠎ᠤᠨ ᠪᠠᠲᠤᠯᠠᠭ᠎ᠠ ᠵᠢᠨ ᠦᠢ᠍ᠯᠡᠴᠢᠯᠡᠭᠡ ᠬᠠᠩᠭ᠋ᠠᠨ᠎ᠠ᠃
ᠲᠦᠷᠪᠡ᠎ᠳᠤ᠂ ᠴᠢᠨᠠᠷ ᠰᠠᠶ᠋ᠢᠲᠠᠢ ᠮᠠᠯ᠎ᠤᠨ ᠠᠰᠢᠭ ᠰᠢᠮ᠎ᠡ ᠲᠠᠷᠢᠶᠠᠯᠠᠩ᠎ᠤᠨ ᠪᠦᠲᠦᠭᠡᠭᠳᠡᠬᠦᠨ᠎ᠤ 《ᠠᠭᠤᠷ ᠠᠮᠢᠰᠬᠤᠯ ᠰᠠᠢ᠍ᠢ᠍ᠨ ᠪᠦᠲᠦᠭᠡᠭᠳᠡᠬᠦᠨ》᠎ᠢ ᠭᠡᠷᠡᠴᠢᠯᠡᠵᠦ ᠦᠨᠡᠯᠡᠬᠦ ᠠᠵᠢᠯ᠎ᠢ ᠢᠳᠡᠪᠬᠢᠲᠡᠢ ᠠᠬᠢᠭᠤᠯᠵᠤ᠂ ᠣᠳᠣᠬᠠᠨ᠎ᠳᠤ ᠲᠦᠴᠢᠦᠸᠠᠨ ᠰᠢᠶᠠᠨ᠎ᠤ ᠨᠠᠷᠢᠮᠤ ᠪᠤᠳᠠᠭ᠎ᠠ᠂ ᠨᠣᠭᠣᠭ᠋ᠠᠨ ᠪᠤᠷᠴᠠᠭ ᠪᠣᠯᠤᠨ ᠪᠣᠷᠣ ᠬᠠᠯᠢᠰᠤᠲᠤ ᠰᠠᠷᠢᠮᠰᠠᠭ᠂ ᠠᠤᠬᠠᠨ ᠬᠣᠰᠢᠭᠤᠨ᠎ᠤ ᠨᠠᠷᠢᠮᠤ ᠪᠤᠳᠠᠭ᠎ᠠ᠂ ᠦᠶᠤᠸᠠᠨ ᠰᠢᠶᠠᠨ᠎ᠤ ᠨᠡᠷᠡᠨ ᠬᠤᠸᠠᠷ᠂ ᠰᠥᠨᠢᠳ ᠬᠤᠨᠢ ᠵᠡᠷᠭᠡ ᠲᠠᠷᠢᠶᠠᠯᠠᠩ᠎ᠤᠨ ᠣᠨᠴᠠ ᠭᠠᠷᠤᠯᠲᠠ ᠵᠢ 《ᠠᠭᠤᠷ ᠠᠮᠢᠰᠬᠤᠯ᠎ᠤᠨ ᠰᠠᠢ᠍ᠢ᠍ᠨ ᠪᠦᠲᠦᠭᠡᠭᠳᠡᠬᠦᠨ》 ᠵᠶ᠋ᠠᠷ ᠦᠨᠡᠯᠡᠬᠦ ᠠᠵᠢᠯ᠎ᠢ ᠥᠷᠨᠢᠭᠦᠯᠵᠦ᠂ ᠲᠠᠷᠢᠶᠠᠯᠠᠩ᠎ᠤᠨ ᠪᠦᠲᠦᠭᠡᠭᠳᠡᠬᠦᠨ᠎ᠤ ᠠᠭᠤᠷ ᠠᠮᠢᠰᠬᠤᠯ᠎ᠤᠨ ᠨᠡᠮᠡᠯᠲᠡ ᠦᠷᠳᠡᠭ᠎ᠢ ᠨᠡᠮᠡᠭᠳᠡᠭᠦᠯᠵᠡᠢ᠃ ᠡᠨᠡ ᠵᠢᠯ᠂ ᠪᠢᠳᠡ ᠡᠯ᠎ᠡ ᠭᠠᠵᠠᠷ᠎ᠤᠨ ᠳᠠᠪᠠᠭᠤᠯᠢᠭ ᠲᠠᠷᠢᠶᠠᠯᠠᠩ ᠮᠠᠯ᠎ᠤᠨ ᠠᠰᠢᠭ ᠰᠢᠮ᠎ᠡ ᠵᠢᠨ ᠪᠦᠲᠦᠭᠡᠭᠳᠡᠬᠦᠨ᠎ᠤ ᠨᠠᠷᠠᠲᠤ ᠲᠥᠷᠥᠯ ᠲᠡᠮᠳᠡᠭᠲᠦ ᠵᠢ ᠬᠥᠭᠵᠢᠭᠦᠯᠬᠦ ᠬᠡᠷᠡᠭᠴᠡᠭᠡ ᠵᠢ ᠦᠨᠳᠦᠰᠦᠯᠡᠨ᠂ 《ᠠᠭᠤᠷ ᠠᠮᠢᠰᠬᠤᠯ᠎ᠤᠨ ᠰᠠᠶ᠋ᠢᠨ ᠪᠦᠲᠦᠭᠡᠭᠳᠡᠬᠦᠨ》᠎ᠢ ᠭᠡᠷᠡᠴᠢᠯᠡᠬᠦ ᠠᠵᠢᠯ᠎ᠢ ᠦᠷᠭᠦᠯᠵᠢᠯᠡᠨ ᠥᠷᠨᠢᠭᠦᠯᠵᠦ᠂ ᠥᠪᠡᠷᠲᠡᠭᠡᠨ ᠵᠠᠰᠠᠬᠤ ᠣᠷᠣᠨ᠎ᠤ ᠳᠠᠪᠠᠭᠤᠯᠢᠭ ᠤᠨᠴᠠᠯᠢᠭᠳᠤ ᠲᠠᠷᠢᠶᠠᠯᠠᠩ ᠮᠠᠯ᠎ᠤᠨ ᠠᠰᠢᠭ ᠰᠢᠮ᠎ᠡ ᠵᠢᠨ ᠪᠦᠲᠦᠭᠡᠭᠳᠡᠬᠦᠨ᠎ᠤ ᠨᠠᠷᠠᠲᠤ ᠲᠥᠷᠥᠯ ᠲᠡᠮᠳᠡᠭᠲᠦ ᠵᠢᠨ ᠦᠢ᠍ᠯᠡᠳᠦᠯ᠎ᠢ ᠳᠡᠭᠡᠭᠰᠢᠯᠡᠭᠦᠯᠦᠨ᠎ᠡ᠃
ᠲᠠᠪᠤ᠎ᠳᠤ᠂ ᠴᠠᠭ ᠠᠭᠤᠷ᠎ᠤᠨ ᠬᠤᠪᠢᠷᠠᠯᠲᠠ ᠵᠢ ᠨᠢᠭᠲᠠ ᠠᠵᠢᠭᠯᠠᠵᠤ᠂ ᠠᠯᠢᠪᠠ ᠠᠰᠢᠭᠲᠠᠶ ᠴᠠᠭ ᠠᠭᠤᠷ᠎ᠤᠨ ᠨᠥᠬᠥᠴᠡᠯ᠎ᠢ ᠠᠳᠬᠤᠵᠤ᠂ ᠨᠢᠰᠬᠡᠯ᠂ ᠲᠡᠶ᠋ᠢᠷᠦᠯᠲᠦ ᠰᠤᠮᠤ ᠪᠣᠯᠤᠨ ᠤᠲᠤᠭ᠎ᠠ ᠵᠤᠤᠬ᠎ᠠ ᠵᠡᠷᠭᠡ ᠬᠣᠭᠣᠰᠣᠨ ᠭᠠᠵᠠᠷ᠎ᠢ ᠨᠢᠭᠡ ᠴᠤᠭᠴᠠᠵᠢᠭᠤᠯᠤᠭᠰᠠᠨ ᠬᠥᠮᠦᠨ᠎ᠤ ᠬᠦᠴᠦ᠎ᠪᠠᠷ ᠪᠣᠷᠣᠭ᠋ᠠᠨ ᠣᠷᠣᠭᠤᠯᠬᠤ ᠠᠵᠢᠯ᠎ᠢ ᠰᠢᠨᠵᠢᠯᠡᠬᠦ ᠤᠬᠠᠭ᠋ᠠᠨᠴᠢ᠎ᠪᠠᠷ ᠵᠣᠬᠢᠶᠠᠨ ᠪᠠᠶ᠋ᠢᠭᠤᠯᠤᠨ ᠥᠷᠨᠢᠭᠦᠯᠵᠦ᠂ ᠲᠠᠷᠢᠶᠠᠯᠠᠩ ᠮᠠᠯ ᠠᠵᠤ ᠠᠬᠤᠶ ᠵᠢᠨ ᠭᠠᠩ ᠬᠠᠭᠰᠠᠷᠠᠭ᠋ᠠᠨ᠎ᠤ ᠪᠠᠶ᠋ᠢᠳᠠᠯ᠎ᠢ ᠨᠠᠮᠳᠠᠭᠤᠯᠤᠨ᠂ ᠡᠪᠡᠰᠦ ᠪᠡᠯᠴᠢᠭᠡᠷ᠎ᠤᠨ ᠨᠣᠭᠣᠭ᠋ᠠᠷᠠᠬᠤ ᠵᠢ ᠠᠬᠢᠭᠤᠯᠵᠤ᠂ ᠣᠶ ᠰᠢᠭᠤᠶ ᠨᠤᠲᠤᠭ ᠪᠡᠯᠴᠢᠭᠡᠷ᠎ᠤᠨ ᠭᠠᠯ᠎ᠤᠨ ᠠᠶᠤᠯ᠎ᠤᠨ ᠲᠠᠰ᠎ᠢ ᠪᠠᠭᠤᠷᠠᠭᠤᠯᠤᠨ᠎ᠠ᠃
ᠥᠪᠥᠷ ᠮᠣᠩᠭᠣᠯ᠎ᠤᠨ ᠷᠠᠳᠢᠣ᠋ ᠲᠧᠯᠸᠢᠰ ᠬᠣᠷᠢᠶ᠎ᠠ ᠵᠢᠨ ᠲᠠᠷᠢᠶᠠᠯᠠᠩ ᠮᠠᠯ ᠠᠵᠤ ᠠᠬᠤᠶ ᠵᠢᠨ ᠰᠤᠪᠠᠭ᠎ᠤᠨ ᠰᠤᠷᠪᠤᠯᠵᠢᠯᠠᠭᠴᠢ᠄ ᠪᠢ ᠦᠪᠦᠷ ᠮᠣᠩᠭᠣᠯ᠎ᠤᠨ ᠲᠥᠮᠥᠰᠥ ᠵᠢᠨ ᠤᠨᠴᠠᠯᠢᠬᠳᠤ ᠲᠠᠷᠢᠶᠠᠯᠠᠩ᠎ᠤᠨ ᠴᠠᠭ ᠠᠭᠤᠷ᠎ᠤᠨ ᠦᠢ᠍ᠯᠡᠴᠢᠯᠡᠭᠡᠨ᠎ᠤ ᠲᠥᠪ᠎ᠤᠨ ᠦᠢ᠍ᠯᠡᠳᠦᠯ ᠵᠶ᠋ᠠᠨ ᠬᠡᠷᠬᠢᠨ ᠪᠠᠳᠠᠷᠠᠭᠤᠯᠵᠤ ᠪᠠᠢ᠌ᠬᠤ ᠵᠢ ᠣᠢ᠌ᠯᠠᠭ᠋ᠠᠶ᠎ᠠ
ᠦ᠋ ᠿᠦᠩ ᠱᠧᠩ᠄ 2020 ᠣᠨ᠎ᠤ 10 ᠰᠠᠷ᠎ᠠ᠎ᠳᠤ᠂ ᠳᠤᠮᠳᠠᠳᠤ ᠤᠯᠤᠰ᠎ᠤᠨ ᠴᠠᠭ ᠠᠭᠤᠷ᠎ᠤᠨ ᠲᠣᠪᠴᠢᠶ᠎ᠠ ᠪᠣᠯᠤᠨ ᠲᠠᠷᠢᠶᠠᠯᠠᠩ ᠬᠥᠳᠡᠭᠡ ᠲᠣᠰᠬᠣᠨ᠎ᠤ ᠶᠠᠮᠤᠨ ᠥᠪᠥᠷ ᠮᠣᠩᠭᠣᠯ᠎ᠤᠨ ᠴᠠᠭ ᠠᠭᠤᠷ᠎ᠤᠨ ᠲᠣᠪᠴᠢᠶ᠎ᠠ ᠪᠣᠯᠤᠨ ᠥᠪᠥᠷ ᠮᠣᠩᠭᠣᠯ᠎ᠤᠨ ᠲᠠᠷᠢᠶᠠᠯᠠᠩ ᠮᠠᠯ ᠠᠵᠤ ᠠᠬᠤᠶ ᠵᠢᠨ ᠲᠢᠩᠬᠢᠮ᠎ᠤᠨ ᠬᠠᠮᠲᠤᠷᠠᠨ ᠮᠡᠳᠡᠭᠦᠯᠦᠭᠰᠡᠨ ᠲᠥᠮᠥᠰᠥ ᠵᠢᠨ ᠴᠠᠭ ᠠᠭᠤᠷ᠎ᠤᠨ ᠦᠢ᠍ᠯᠡᠴᠢᠯᠡᠭᠡᠨ᠎ᠤ ᠲᠥᠪ᠎ᠢ ᠤᠨᠴᠠᠯᠢᠬᠳᠤ ᠲᠠᠷᠢᠶᠠᠯᠠᠩ᠎ᠤᠨ ᠴᠠᠭ ᠠᠭᠤᠷ᠎ᠤᠨ ᠦᠢ᠍ᠯᠡᠴᠢᠯᠡᠭᠡᠨ᠎ᠤ ᠲᠥᠪ ᠵᠶ᠋ᠠᠷ ᠲᠤᠲᠤᠯᠠᠪᠡ᠂ ᠪᠥᠬᠥ ᠤᠯᠤᠰ᠎ᠤᠨ ᠲᠥᠮᠥᠰᠥ ᠵᠢᠨ 5 ᠲᠣᠮᠣ ᠭᠣᠤᠯ ᠭᠠᠷᠤᠯᠲᠠ ᠵᠢᠨ ᠮᠤᠵᠢ ᠣᠷᠣᠨ᠎ᠤ ᠨᠢᠭᠡ ᠪᠣᠯᠤᠭᠰᠠᠨ᠎ᠤ ᠬᠤᠪᠢ᠎ᠳᠤ᠂ ᠲᠥᠮᠥᠰᠥ ᠵᠢᠨ ᠠᠵᠤ ᠦᠢ᠍ᠯᠡᠰ ᠪᠣᠯ ᠥᠪᠥᠷ ᠮᠣᠩᠭᠣᠯ᠎ᠤᠨ ᠲᠤᠯᠭ᠋ᠠᠭᠤᠷᠢ ᠠᠵᠤ ᠦᠢ᠍ᠯᠡᠰ᠎ᠤᠨ ᠨᠢᠭᠡ ᠮᠥᠨ᠂ ᠲᠥᠮᠥᠰᠥ ᠵᠢᠨ ᠴᠠᠭ ᠠᠭᠤᠷ᠎ᠤᠨ ᠦᠢ᠍ᠯᠡᠴᠢᠯᠡᠭᠡᠨ᠎ᠤ ᠲᠥᠪ᠎ᠢ ᠡᠭᠦᠳᠦᠨ ᠪᠠᠶ᠋ᠢᠭᠤᠯᠬᠤ ᠵᠢᠨ ᠵᠣᠷᠢᠯᠭ᠎ᠠ᠎ᠨᠢ ᠲᠥᠪ᠎ᠤᠨ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠪᠠᠶ᠋ᠢᠯᠳᠤᠬᠤ ᠪᠣᠳᠣᠯᠭ᠎ᠠ ᠵᠢᠨ ᠶᠡᠷᠦᠩᠬᠡᠶ ᠪᠠᠶ᠋ᠢᠷᠢᠯᠠᠭᠤᠯᠤᠯᠲᠠ ᠵᠢ ᠤᠯᠠᠮ ᠨᠢᠭᠡ ᠠᠯᠬᠤᠮ ᠲᠤᠤᠱᠯᠠᠭᠤᠯᠵᠤ᠂ ᠥᠪᠥᠷ ᠮᠣᠩᠭᠣᠯ ᠴᠢᠨᠠᠭᠰᠢᠯᠠᠪᠠᠯ ᠪᠥᠬᠥ ᠤᠯᠤᠰ᠎ᠤᠨ ᠲᠥᠮᠥᠰᠥ ᠵᠢᠨ ᠠᠵᠤ ᠦᠢ᠍ᠯᠡᠰ᠎ᠤᠨ ᠦᠢ᠍ᠯᠡᠳᠪᠦᠷᠢᠯᠡᠯ᠎ᠤᠨ ᠴᠠᠭ ᠠᠭᠤᠷ᠎ᠤᠨ ᠦᠢ᠍ᠯᠡᠴᠢᠯᠡᠭᠡᠨ᠎ᠤ ᠪᠠᠲᠤᠯᠠᠭ᠎ᠠ ᠵᠢᠨ ᠬᠡᠷᠡᠭᠴᠡᠭᠡ ᠵᠢ ᠬᠠᠩᠭ᠋ᠠᠬᠤ ᠵᠢᠨ ᠲᠥᠯᠥᠭᠡ ᠶᠤᠮ᠃
2021 ᠣᠨ᠎ᠳᠤ᠂ ᠥᠪᠥᠷ ᠮᠣᠩᠭᠣᠯ᠎ᠤᠨ ᠴᠠᠭ ᠠᠭᠤᠷ᠎ᠤᠨ ᠲᠣᠪᠴᠢᠶ᠎ᠠ ᠬᠢᠭᠡᠳ ᠥᠪᠥᠷ ᠮᠣᠩᠭᠣᠯ᠎ᠤᠨ ᠲᠠᠷᠢᠶᠠᠯᠠᠩ ᠮᠠᠯ ᠠᠵᠤ ᠠᠬᠤᠶ ᠵᠢᠨ ᠲᠢᠩᠬᠢᠮ ᠲᠣᠰ ᠲᠥᠪ᠎ᠤᠨ ᠲᠥᠮᠥᠰᠥ ᠵᠢᠨ ᠴᠠᠭ ᠠᠭᠤᠷ᠎ᠤᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠰᠤᠳᠤᠯᠭ᠋ᠠᠨ ᠬᠢᠭᠡᠳ ᠦᠢ᠍ᠯᠡᠴᠢᠯᠡᠭᠡᠨ᠎ᠤ ᠲᠠᠯ᠎ᠠ᠎ᠪᠠᠷ ᠨᠢᠭᠡᠳᠦᠯᠲᠡᠶ ᠲᠥᠯᠥᠪᠯᠡᠨ ᠵᠣᠬᠢᠴᠠᠭᠤᠯᠬᠤ ᠠᠵᠢᠯ᠎ᠢ ᠭᠠᠷ ᠬᠣᠯᠪᠣᠨ ᠠᠬᠢᠭᠤᠯᠵᠤ᠂ ᠳᠣᠤᠷᠠᠬᠢ ᠬᠡᠳᠦᠨ ᠲᠠᠯ᠎ᠠ᠎ᠪᠠᠷ ᠪᠣᠳᠠᠲᠠᠶ᠎ᠪᠠᠷ ᠠᠵᠢᠯ ᠥᠷᠨᠢᠭᠦᠯᠦᠨ᠎ᠡ᠄
ᠨᠢᠭᠡ᠎ᠳᠤ᠂ ᠶᠡᠬᠡ ᠳ᠋ᠠᠶ᠋ᠢᠲ᠋ᠠ᠎ᠪᠠᠷ ᠭᠣᠣᠯ ᠪᠣᠯᠭ᠋ᠠᠭᠰᠠᠨ᠂ ᠬᠡᠷᠡᠭᠯᠡᠭᠡ᠎ᠪᠠᠷ ᠤᠳᠤᠷᠢᠳᠤᠮᠵᠢ ᠪᠣᠯᠭ᠋ᠠᠭᠰᠠᠨ᠂ ᠬᠤᠷᠠᠭᠤᠯᠤᠨ ᠠᠭᠤᠰᠤᠯᠴᠠᠭᠤᠯᠵᠤ ᠰᠢᠨ᠎ᠡ ᠵᠢ ᠡᠭᠦᠳᠦᠭᠰᠡᠨ᠂ ᠨᠡᠭᠡᠭᠡᠯᠲᠡᠲᠡᠢ ᠬᠠᠮᠲᠤ᠎ᠪᠠᠷ ᠡᠳ᠋ᠯᠡᠭᠰᠡᠨ ᠲᠥᠮᠥᠰᠥ ᠵᠢᠨ ᠤᠨᠴᠠᠯᠢᠭᠳᠤ ᠲᠠᠷᠢᠮᠠᠯ᠎ᠤᠨ ᠴᠠᠭ ᠠᠭᠤᠷ᠎ᠤᠨ ᠶᠡᠬᠡ ᠳ᠋ᠠᠶ᠋ᠢᠲ᠋ᠠ ᠵᠢᠨ ᠲᠠᠪᠴᠠᠩ᠎ᠢ ᠪᠠᠶ᠋ᠢᠭᠤᠯᠤᠨ᠎ᠠ; ᠲᠥᠮᠥᠰᠥᠨ᠎ᠤ ᠭᠣᠤᠯ ᠭᠠᠷᠤᠯᠲᠠ ᠵᠢᠨ ᠣᠷᠣᠨ᠎ᠢ ᠬᠠᠮᠤᠷᠤᠭᠰᠠᠨ ᠡᠳ᠋ ᠪᠠᠷᠠᠭ᠋ᠠᠨ᠎ᠤ ᠮᠡᠳᠡᠭᠡ ᠵᠠᠩᠭᠢ ᠵᠢᠨ ᠰᠦᠯᠵᠢᠶ᠎ᠡ᠎ᠳᠤ ᠰᠠᠭᠤᠷᠢᠯᠠᠭᠰᠠᠨ ᠪᠣᠶ᠋ᠢᠵᠢᠯᠲᠠ ᠵᠢᠨ ᠬᠤᠭᠤᠴᠠᠭ᠎ᠠ᠂ ᠤᠷᠭᠤᠴᠠ ᠵᠢᠨ ᠪᠠᠶ᠋ᠢᠳᠠᠯ᠂ ᠴᠠᠭ ᠠᠭᠤᠷ᠎ᠤᠨ ᠭᠠᠮᠰᠢᠭ᠂ ᠡᠪᠡᠳᠴᠢᠨ ᠬᠣᠷᠣᠬᠠᠶ ᠵᠢᠨ ᠬᠥᠨᠥᠭᠡᠯ ᠵᠡᠷᠭᠡ ᠵᠢ ᠴᠠᠭ ᠲᠤᠬᠠᠶ᠎ᠳᠤᠨᠢ ᠬᠢᠨᠠᠨ ᠬᠡᠮᠵᠢᠬᠦ ᠣᠶᠤᠨᠴᠢᠯᠠᠭᠰᠠᠨ ᠬᠡᠷᠡᠭᠯᠡᠭᠡᠨ᠎ᠤ ᠦᠢ᠍ᠯᠡᠴᠢᠯᠡᠭᠡᠨ᠎ᠤ ᠲᠠᠪᠴᠠᠩ᠎ᠢ ᠪᠠᠶ᠋ᠢᠭᠤᠯᠤᠨ᠎ᠠ; ᠲᠣᠭ᠎ᠠ ᠪᠠᠷᠢᠮᠲᠠ ᠵᠢ ᠬᠢᠨᠠᠨ ᠬᠡᠮᠵᠢᠬᠦ᠂ ᠵᠠᠳᠠᠯᠬᠤ᠂ ᠨᠡᠶ᠋ᠢᠲᠡᠯᠡᠬᠦ ᠪᠠ ᠬᠡᠷᠡᠭᠯᠡᠬᠦ ᠦᠢ᠍ᠯᠡᠴᠢᠯᠡᠭᠡᠨ᠎ᠤ ᠲᠣᠭᠲᠠᠴᠠ ᠵᠢ ᠪᠠᠶ᠋ᠢᠭᠤᠯᠵᠤ᠂ ᠲᠥᠮᠥᠰᠥ ᠵᠢᠨ ᠤᠨᠴᠠᠯᠢᠭᠳᠤ ᠲᠠᠷᠢᠶᠠᠯᠠᠩ᠎ᠤᠨ ᠴᠠᠭ ᠠᠭᠤᠷ᠎ᠤᠨ ᠦᠢ᠍ᠯᠡᠴᠢᠯᠡᠭᠡᠨ᠎ᠤ ᠲᠥᠪ᠎ᠤᠨ ᠴᠢᠨᠠᠷ ᠰᠠᠶ᠋ᠢᠲᠠᠶ ᠬᠥᠭᠵᠢᠯᠲᠡ ᠵᠢᠨ ᠦᠷ᠎ᠡ ᠠᠰᠢᠭ ᠪᠠ ᠬᠢᠷᠢ ᠬᠡᠮᠵᠢᠶ᠎ᠡ ᠵᠢ ᠳᠡᠭᠡᠭᠰᠢᠯᠡᠭᠦᠯᠦᠨ᠎ᠡ᠃
ᠬᠣᠶᠠᠷ᠎ᠲᠤ᠂ ᠲᠥᠮᠥᠰᠥ ᠵᠢᠨ ᠤᠨᠴᠠᠯᠢᠭᠳᠤ ᠲᠠᠷᠢᠮᠠᠯ᠎ᠤᠨ ᠴᠠᠭ ᠠᠭᠤᠷ᠎ᠤᠨ ᠲᠤᠬᠠᠶ᠋ᠢᠯᠠᠭᠰᠠᠨ ᠠᠵᠢᠯ᠎ᠤᠨ ᠦᠢ᠍ᠯᠡᠴᠢᠯᠡᠭᠡᠨ᠎ᠤ ᠰᠢᠰᠲ᠋ᠧᠮ᠎ᠢ ᠲᠡᠭᠦᠯᠳᠡᠷᠵᠢᠭᠦᠯᠵᠦ᠂ ᠰᠠᠭᠤᠷᠢ ᠰᠤᠳᠤᠯᠭ᠋ᠠᠨ᠎ᠢ ᠴᠢᠩᠭ᠋ᠠᠳᠬᠠᠵᠤ᠂ ᠲᠥᠮᠥᠰᠥ ᠵᠢᠨ ᠲᠠᠷᠢᠶᠠᠯᠠᠩ᠎ᠤᠨ ᠴᠠᠭ ᠠᠭᠤᠷ᠎ᠤᠨ ᠬᠦᠢ᠍ᠴᠡᠳᠭᠡᠯ ᠲᠤᠭ᠋ᠠᠨ᠎ᠤ ᠰᠢᠰᠲ᠋ᠧᠮ᠎ᠢ ᠪᠠᠶ᠋ᠢᠭᠤᠯᠤᠨ ᠲᠡᠭᠦᠯᠳᠡᠷᠵᠢᠭᠦᠯᠦᠨ᠎ᠡ; ᠳᠠᠭ᠋ᠠᠭᠤᠯᠢ ᠣᠳᠣᠨ᠎ᠤ ᠠᠯᠤᠰ ᠰᠡᠷᠡᠯ᠂ ᠵᠢᠷᠤᠭ ᠳᠦᠷᠰᠦ ᠵᠢ ᠢᠯᠭ᠋ᠠᠨ ᠲᠠᠨᠢᠬᠤ᠂ ᠣᠯᠠᠨ ᠡᠬᠢᠲᠦ ᠲᠣᠭ᠎ᠠ ᠪᠠᠷᠢᠮᠲᠠ ᠵᠢ ᠠᠭᠤᠰᠤᠯᠴᠠᠭᠤᠯᠬᠤ ᠵᠡᠷᠭᠡ ᠰᠢᠨ᠎ᠡ ᠮᠡᠷᠭᠡᠵᠢᠯ᠂ ᠰᠢᠨ᠎ᠡ ᠠᠷᠭ᠎ᠠ ᠵᠢᠨ ᠳᠠᠪᠠᠭᠤᠯᠢᠭ᠎ᠢ ᠪᠠᠳᠠᠷᠠᠭᠤᠯᠵᠤ᠂ ᠨᠠᠩ ᠲᠤᠰᠬᠠᠶ ᠮᠡᠷᠭᠡᠵᠢᠯ᠎ᠤᠨ᠂ ᠨᠠᠩ ᠨᠠᠷᠢᠯᠢᠭ ᠣᠨᠣᠴᠠᠲᠠᠶ ᠥᠪᠡᠷᠮᠢᠴᠡ ᠦᠢ᠍ᠯᠡᠴᠢᠯᠡᠭᠡᠨ᠎ᠤ ᠦᠢ᠍ᠯᠡᠳᠬᠦᠨ᠎ᠢ ᠪᠣᠶ ᠪᠣᠯᠭ᠋ᠠᠨ᠎ᠠ᠃
ᠭᠤᠷᠪᠠ᠎ᠳᠤ᠂ ᠤᠯᠤᠰ᠎ᠤᠨ ᠳᠡᠰ᠂ ᠮᠤᠵᠢ (ᠶᠠᠮᠤᠨ) ᠵᠢᠨ ᠳᠡᠰ ᠵᠡᠷᠭᠡ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠲᠥᠷᠥᠯ ᠵᠦᠢ᠍ᠯ᠎ᠤᠨ ᠳᠡᠮᠵᠢᠯᠭᠡ᠎ᠳᠤ ᠲᠦᠰᠢᠭᠯᠡᠵᠦ᠂ ᠴᠠᠭ ᠠᠭᠤᠷ ᠠᠭᠤᠷ ᠠᠮᠢᠰᠬᠤᠯ᠎ᠤᠨ ᠨᠥᠬᠥᠴᠡᠯ᠎ᠤᠨ ᠲᠥᠮᠥᠰᠥ ᠵᠢᠨ ᠥᠰᠥᠯᠲᠡ ᠪᠣᠶ᠋ᠢᠵᠢᠯᠲᠠ ᠪᠠ ᠴᠢᠬᠤᠯᠠ ᠲᠠᠷᠢᠶᠠᠯᠠᠩ᠎ᠤᠨ ᠠᠵᠢᠯᠯᠠᠭ᠎ᠠ᠎ᠳᠤ ᠦᠵᠡᠭᠦᠯᠬᠦ ᠨᠥᠯᠥᠭᠡ ᠬᠢᠭᠡᠳ ᠲᠣᠭᠲᠠᠭᠰᠠᠨ ᠬᠡᠮᠵᠢᠶᠡᠨ᠎ᠤ ᠦᠨᠡᠯᠡᠯᠲᠡ᠂ ᠲᠠᠷᠢᠶᠠᠯᠠᠩ᠎ᠤᠨ ᠴᠠᠭ ᠠᠭᠤᠷ᠎ᠤᠨ ᠭᠠᠮᠰᠢᠭ᠎ᠤᠨ ᠲᠦᠭᠰᠢᠭᠦᠷᠢ ᠵᠢ ᠢᠯᠭ᠋ᠠᠨ ᠲᠠᠨᠢᠬᠤ ᠬᠢᠭᠡᠳ ᠭᠠᠮᠰᠢᠭ᠎ᠤᠨ ᠬᠣᠬᠢᠷᠠᠯ᠎ᠢ ᠦᠨᠡᠯᠡᠨ ᠵᠢᠱ᠌ᠢᠬᠦ᠂ ᠭᠠᠷᠤᠯᠲᠠ ᠬᠢᠭᠡᠳ ᠶᠠᠰᠤ ᠴᠢᠨᠠᠷ᠎ᠤᠨ ᠨᠥᠯᠥᠭᠡ ᠵᠢ ᠦᠨᠡᠯᠡᠬᠦ ᠵᠡᠷᠭᠡ ᠲᠤᠷᠰᠢᠯᠲᠠ ᠵᠢᠨ ᠰᠤᠳᠤᠯᠭ᠋ᠠᠨ᠎ᠢ ᠴᠢᠩᠭ᠋ᠠᠳᠬᠠᠵᠤ᠂ ᠲᠥᠮᠥᠰᠥ ᠵᠢᠨ ᠤᠨᠴᠠᠯᠢᠭᠳᠤ ᠲᠠᠷᠢᠮᠠᠯ᠎ᠤᠨ ᠴᠠᠭ ᠠᠭᠤᠷ᠎ᠤᠨ ᠲᠤᠷᠰᠢᠯᠲᠠ ᠵᠢᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠤᠯᠭ᠋ᠠᠭᠤᠷᠢᠯᠠᠬᠤ ᠦᠢ᠍ᠯᠡᠳᠦᠯ᠎ᠢ ᠴᠢᠩᠭ᠋ᠠᠷᠠᠭᠤᠯᠤᠨ᠂ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠥᠷᠭᠡᠴᠡ ᠪᠠ ᠭᠦᠨᠴᠡ ᠵᠢ ᠤᠯᠠᠮ ᠨᠢᠭᠡ ᠠᠯᠬᠤᠮ ᠥᠷᠭᠡᠳᠬᠡᠨ᠎ᠡ᠃
ᠬᠠᠪᠤᠷ᠎ᠤᠨ ᠤᠯᠠᠷᠢᠯ᠎ᠤᠨ ᠲᠠᠷᠢᠶᠠᠯᠠᠩ ᠮᠠᠯ ᠠᠵᠤ ᠠᠬᠤᠶ ᠵᠢᠨ ᠦᠢ᠍ᠯᠡᠳᠪᠦᠷᠢᠯᠡᠯ᠎ᠳᠤ ᠴᠢᠭᠯᠡᠭᠦᠯᠦᠨ᠂ ᠲᠥᠮᠥᠰᠥ ᠵᠡᠷᠭᠡ ᠤᠨᠴᠠᠯᠢᠭᠳᠤ ᠲᠠᠷᠢᠶᠠᠯᠠᠩ᠎ᠤᠨ ᠴᠠᠭ ᠠᠭᠤᠷ᠎ᠤᠨ ᠦᠢ᠍ᠯᠡᠴᠢᠯᠡᠭᠡᠨ᠎ᠤ ᠲᠥᠪ ᠣᠯᠠᠨ ᠵᠦᠢ᠍ᠯ᠎ᠤᠨ ᠠᠷᠭ᠎ᠠ ᠬᠡᠮᠵᠢᠶ᠎ᠡ ᠠᠪᠴᠤ᠂ ᠡᠯ᠎ᠡ ᠵᠦᠢ᠍ᠯ᠎ᠤᠨ ᠴᠠᠭ ᠠᠭᠤᠷ᠎ᠤᠨ ᠦᠢ᠍ᠯᠡᠴᠢᠯᠡᠭᠡᠨ᠎ᠤ ᠪᠠᠲᠤᠯᠠᠭ᠎ᠠ ᠵᠢᠨ ᠠᠵᠢᠯ ᠵᠶ᠋ᠠᠨ ᠰᠠᠢ᠌ᠲᠤᠷ ᠬᠢᠨ᠎ᠡ᠃ ᠨᠢᠭᠡ᠎ᠳᠤ᠂ ᠬᠠᠮᠲᠤᠷᠠᠨ ᠵᠥᠪᠳᠡᠯᠴᠡᠬᠦ ᠲᠣᠭᠲᠠᠴᠠ ᠵᠢ ᠪᠠᠶ᠋ᠢᠭᠤᠯᠵᠤ᠂ ᠲᠣᠭᠲᠠᠮᠠᠯ ᠬᠤᠭᠤᠴᠠᠭ᠎ᠠ᠎ᠲᠠᠢ᠎ᠪᠠᠷ ᠲᠠᠷᠢᠶᠠᠯᠠᠩ ᠮᠠᠯ ᠠᠵᠤ ᠠᠬᠤᠶ ᠵᠢᠨ ᠲᠢᠩᠬᠢᠮ᠂ ᠲᠠᠷᠢᠶᠠᠯᠠᠩ᠎ᠤᠨ ᠪᠠᠶ᠋ᠢᠴᠠᠭ᠋ᠠᠯᠲᠠ ᠵᠢᠨ ᠠᠩᠭᠢ ᠵᠡᠷᠭᠡ ᠲᠠᠷᠢᠶᠠᠯᠠᠩ᠎ᠳᠤ ᠬᠣᠯᠪᠣᠭᠳᠠᠬᠤ ᠰᠠᠯᠠᠭ᠎ᠠ ᠮᠥᠴᠢᠷ᠎ᠲᠠᠢ ᠬᠠᠮᠲᠤᠷᠠᠨ ᠵᠥᠪᠳᠡᠯᠴᠡᠵᠦ᠂ ᠳᠠᠷᠢᠬᠤ ᠠᠬᠢᠴᠠ᠂ ᠴᠢᠬᠢ ᠵᠢᠨ ᠪᠠᠶ᠋ᠢᠳᠠᠯ᠂ ᠬᠠᠪᠤᠷ᠎ᠤᠨ ᠤᠯᠠᠷᠢᠯ᠎ᠤᠨ ᠴᠠᠭ ᠠᠭᠤᠷ᠎ᠤᠨ ᠭᠠᠮᠰᠢᠭ᠎ᠤᠨ ᠬᠠᠮᠤᠭ᠎ᠤᠨ ᠰᠢᠨ᠎ᠡ ᠪᠠᠶ᠋ᠢᠳᠠᠯ᠎ᠢ ᠴᠠᠭ ᠲᠤᠬᠠᠶ᠎ᠳᠤᠨᠢ ᠨᠡᠪᠲᠡᠷᠡᠯᠴᠡᠵᠦ᠂ ᠬᠠᠪᠤᠷ᠎ᠤᠨ ᠲᠠᠷᠢᠶᠠᠯᠠᠭ᠎ᠠ ᠵᠢᠨ ᠦᠢ᠍ᠯᠡᠳᠪᠦᠷᠢᠯᠡᠯ᠎ᠳᠤ ᠦᠵᠡᠭᠦᠯᠬᠦ ᠴᠠᠭ ᠠᠭᠤᠷ᠎ᠤᠨ ᠨᠥᠬᠥᠴᠡᠯ᠎ᠤᠨ ᠠᠰᠢᠭ ᠬᠣᠤᠷ᠎ᠤᠨ ᠨᠥᠯᠥᠭᠡ ᠵᠢ ᠬᠠᠮᠲᠤ᠎ᠪᠠᠷ ᠰᠤᠳᠤᠯᠤᠨ ᠮᠠᠭ᠋ᠠᠳᠯᠠᠨ᠎ᠠ᠃ ᠬᠣᠶᠠᠷ᠎ᠲᠤ᠂ ᠲᠠᠷᠢᠶᠠᠯᠠᠩ᠎ᠤᠨ ᠴᠠᠭ ᠠᠭᠤᠷ᠎ᠤᠨ ᠲᠤᠬᠠᠶ᠋ᠢᠯᠠᠭᠰᠠᠨ ᠠᠵᠢᠯ᠎ᠤᠨ ᠠᠵᠢᠯᠲᠠᠨ᠎ᠢ ᠲᠣᠮᠢᠯᠠᠨ ᠲᠠᠷᠢᠶᠠᠨ᠎ᠳᠤ ᠣᠴᠢᠭᠤᠯᠵᠤ ᠪᠠᠶ᠋ᠢᠴᠠᠭ᠋ᠠᠨ ᠰᠤᠳᠤᠯᠤᠯᠲᠠ ᠪᠠ ᠵᠢᠯᠣᠭᠣᠳᠣᠯᠭ᠎ᠠ ᠬᠢᠯᠭᠡᠵᠦ᠂ ᠬᠥᠷᠥᠰᠥ ᠰᠢᠷᠣᠶ ᠵᠢᠨ ᠴᠢᠭᠢᠭ᠎ᠤᠨ ᠪᠠᠶ᠋ᠢᠳᠠᠯ᠂ ᠬᠠᠪᠤᠷ᠎ᠤᠨ ᠲᠠᠷᠢᠶᠠᠯᠠᠭ᠎ᠠ ᠵᠢᠨ ᠠᠵᠢᠯ ᠪᠠ ᠲᠠᠷᠢᠮᠠᠯ᠎ᠤᠨ ᠤᠷᠭᠤᠯᠲᠠ ᠵᠢᠨ ᠪᠠᠶ᠋ᠢᠳᠠᠯ᠎ᠢ ᠴᠠᠭ ᠲᠤᠬᠠᠶ᠎ᠳᠤᠨᠢ ᠡᠵᠡᠮᠰᠢᠬᠦ ᠵᠢᠨ ᠬᠠᠮᠲᠤ᠂ ᠡᠨᠡ ᠵᠢᠯ᠎ᠤᠨ ᠬᠠᠪᠤᠷ᠎ᠤᠨ ᠤᠯᠠᠷᠢᠯ᠎ᠤᠨ ᠴᠠᠭ ᠠᠭᠤᠷ ᠪᠠ ᠠᠭᠤᠷ ᠠᠮᠢᠰᠬᠤᠯ᠎ᠤᠨ ᠨᠥᠬᠥᠴᠡᠯ᠎ᠳᠤ ᠴᠢᠭᠯᠡᠭᠦᠯᠦᠨ᠂ ᠲᠠᠷᠢᠶᠠᠯᠠᠩ᠎ᠤᠨ ᠦᠢ᠍ᠯᠡᠳᠪᠦᠷᠢᠯᠡᠯ᠎ᠳᠤ ᠵᠢᠯᠣᠭᠣᠳᠬᠤ ᠰᠠᠨᠠᠭᠤᠯᠭ᠎ᠠ ᠳᠤᠷᠠᠳᠴᠤ᠂ ᠴᠠᠭ ᠠᠭᠤᠷ᠎ᠤᠨ ᠬᠤᠪᠢᠷᠠᠯᠲᠠ ᠪᠠ ᠲᠠᠷᠢᠶᠠᠨ ᠭᠠᠵᠠᠷ᠎ᠤᠨ ᠴᠢᠭᠢᠭ᠎ᠤᠨ ᠪᠠᠶ᠋ᠢᠳᠠᠯ᠎ᠤᠨ ᠬᠤᠪᠢᠷᠠᠯᠲᠠ ᠵᠢ ᠨᠢᠭᠲᠠ ᠠᠩᠬᠠᠷᠴᠤ᠂ ᠭᠠᠩ᠎ᠲᠠᠢ ᠲᠡᠮᠡᠴᠡᠵᠦ ᠴᠢᠬᠢᠭ᠎ᠢ ᠬᠠᠮᠠᠭ᠋ᠠᠯᠠᠬᠤ ᠠᠵᠢᠯ ᠪᠠ ᠲᠠᠷᠢᠶᠠᠨ ᠭᠠᠵᠠᠷ᠎ᠤᠨ ᠴᠢᠬᠢ ᠵᠢᠨ ᠪᠠᠶ᠋ᠢᠳᠠᠯ᠎ᠤᠨ ᠬᠠᠮᠢᠶᠠᠷᠤᠯᠲᠠ ᠵᠢ ᠴᠢᠩᠭ᠋ᠠᠳᠬᠠᠨ᠎ᠠ᠃ ᠭᠤᠷᠪᠠ᠎ᠳᠤ᠂ ᠤᠶᠤᠨᠲᠤ ᠲᠠᠷᠢᠶᠠᠯᠠᠩ᠎ᠤᠨ ᠴᠠᠭ ᠠᠭᠤᠷ᠎ᠤᠨ ᠲᠣᠭ᠎ᠠ ᠪᠠᠷᠢᠮᠲᠠ ᠵᠢᠨ ᠲᠠᠪᠴᠠᠩ ᠪᠣᠯᠤᠨ ᠲᠤᠬᠠᠶ᠋ᠢᠯᠠᠭᠰᠠᠨ ᠠᠵᠢᠯ᠎ᠤᠨ ᠰᠢᠰᠲ᠋ᠧᠮ᠎ᠢ ᠠᠰᠢᠭᠯᠠᠵᠤ᠂ ᠲᠥᠮᠥᠰᠥ ᠵᠡᠷᠭᠡ ᠲᠠᠷᠢᠮᠠᠯ᠎ᠤᠨ ᠵᠠᠩᠭᠢᠯᠠᠭ᠎ᠠ ᠵᠢᠨ ᠪᠣᠶ᠋ᠢᠵᠢᠯᠲᠠ ᠵᠢᠨ ᠬᠤᠭᠤᠴᠠᠭ᠋ᠠᠨ᠎ᠤ ᠤᠷᠢᠳᠴᠢᠯᠠᠭᠰᠠᠨ ᠮᠡᠳᠡᠭᠡ᠂ ᠬᠠᠪᠤᠷ᠎ᠤᠨ ᠲᠠᠷᠢᠶᠠᠯᠠᠭ᠎ᠠ ᠵᠢᠨ ᠴᠠᠭ ᠠᠭᠤᠷ᠎ᠤᠨ ᠳᠤᠬᠢᠷᠠᠮᠵᠢ ᠵᠢᠨ ᠬᠡᠮᠵᠢᠶᠡᠨ᠎ᠤ ᠤᠷᠢᠳᠴᠢᠯᠠᠭᠰᠠᠨ ᠮᠡᠳᠡᠭᠡ᠂ ᠥᠰᠥᠯᠲᠡ ᠪᠣᠶ᠋ᠢᠵᠢᠯᠲᠠ ᠵᠢᠨ ᠬᠢᠨᠠᠨ ᠬᠡᠮᠵᠢᠯᠲᠡ᠂ ᠬᠢᠷᠠᠭᠤ ᠬᠦᠯᠳᠡᠬᠦᠦ ᠪᠠ ᠭᠠᠩ ᠬᠠᠭᠰᠠᠷᠠᠭ᠋ᠠᠨ᠎ᠤ ᠭᠠᠮᠰᠢᠭ᠎ᠢ ᠬᠢᠨᠠᠨ ᠬᠡᠮᠵᠢᠵᠦ ᠤᠷᠢᠳᠴᠢᠯᠠᠨ ᠰᠡᠷᠡᠮᠵᠢᠯᠡᠭᠦᠯᠬᠦ ᠵᠡᠷᠭᠡ ᠰᠢᠷᠢᠰ ᠦᠢ᠍ᠯᠡᠴᠢᠯᠡᠭᠡᠨ᠎ᠤ ᠪᠦᠲᠦᠭᠡᠭᠳᠡᠬᠦᠨ᠎ᠢ ᠵᠠᠳᠠᠯᠤᠨ ᠦᠢ᠍ᠯᠡᠳᠦᠨ᠎ᠡ᠃
ᠥᠪᠥᠷ ᠮᠣᠩᠭᠣᠯ᠎ᠤᠨ ᠬᠤᠳᠠᠯᠳᠤᠭ᠋ᠠᠨ᠎ᠤ ᠰᠣᠨᠢᠨ᠎ᠤ ᠰᠤᠷᠪᠤᠯᠵᠢᠯᠠᠭᠴᠢ᠄ ᠣᠶ᠋ᠢᠯᠠᠭ᠋ᠠᠭᠰᠠᠨ ᠵᠶ᠋ᠠᠷ᠂ ᠣᠶ᠋ᠢᠷ᠎ᠠ ᠵᠢᠨ ᠬᠤᠭᠤᠴᠠᠭ᠋ᠠᠨ᠎ᠳᠤ ᠰᠥᠨᠢᠳ᠎ᠤᠨ ᠬᠣᠨᠢᠨ ᠮᠢᠬ᠎ᠠ ᠵᠢ ᠥᠪᠥᠷ ᠮᠣᠩᠭᠣᠯ᠎ᠤᠨ ᠣᠨᠴᠠ ᠰᠢᠯᠢᠳᠡᠭ ᠲᠠᠰ᠎ᠤᠨ ᠠᠭᠤᠷ ᠠᠮᠢᠰᠬᠤᠯ᠎ᠤᠨ ᠰᠠᠶ᠋ᠢᠨ ᠪᠦᠲᠦᠭᠡᠭᠳᠡᠬᠦᠨ ᠵᠶ᠋ᠠᠷ ᠮᠠᠭ᠋ᠠᠳᠯᠠᠨ ᠲᠣᠭᠲᠠᠭ᠋ᠠᠭᠰᠠᠨ ᠪᠠᠶ᠋ᠢᠨ᠎ᠠ᠂ ᠠᠭᠤᠷ ᠠᠮᠢᠰᠬᠤᠯ᠎ᠤᠨ ᠴᠢᠨᠠᠷ ᠴᠢᠨᠰᠠᠭ᠎ᠠ ᠵᠢ ᠭᠡᠷᠡᠴᠢᠯᠡᠬᠦ ᠵᠢᠨ ᠠᠴᠢ ᠬᠣᠯᠪᠣᠭᠳᠠᠯ ᠪᠠ ᠪᠣᠳᠠᠲᠠᠶ ᠪᠠᠶ᠋ᠢᠳᠠᠯ ᠵᠶ᠋ᠠᠨ ᠲᠠᠨᠢᠯᠴᠠᠭᠤᠯᠤᠭ᠋ᠠᠷᠠᠶ᠃
ᠶᠠᠩ ᠵᠢᠩ᠄ ᠣᠯᠠᠨ᠎ᠤ ᠮᠡᠳᠡᠭᠡᠵᠢ᠎ᠪᠠᠷ᠂ ᠬᠠᠮᠤᠭ᠎ᠤᠨ ᠰᠠᠶ᠋ᠢᠨ ᠺᠤᠹᠸᠨᠢ ᠡᠮᠦᠨᠡᠲᠦ ᠠᠮᠧᠷᠢᠺᠠ᠎ᠠᠴᠠ ᠭᠠᠷᠤᠯᠲᠠ᠎ᠲᠠᠢ᠂ ᠬᠠᠮᠤᠭ᠎ᠤᠨ ᠰᠠᠶ᠋ᠢᠨ ᠴᠠᠶ᠎ᠨᠢ ᠳᠤᠮᠳᠠᠳᠤ ᠤᠯᠤᠰ᠎ᠠᠴᠠ ᠭᠠᠷᠤᠯᠲᠠ᠎ᠲᠠᠢ᠂ ᠬᠠᠮᠤᠭ᠎ᠤᠨ ᠰᠠᠶ᠋ᠢᠨ ᠦᠵᠦᠮ᠎ᠤᠨ ᠠᠷᠢᠬᠢ᠎ᠨᠢ ᠧᠦ᠋ᠷᠣᠫᠠ᠎ᠠᠴᠠ ᠢᠷᠡᠯᠲᠡᠶ᠃ ᠹᠷᠠᠨᠼᠢ ᠵᠢᠨ ᠨᠡᠷᠡᠲᠡᠶ ᠤᠯᠠᠭ᠋ᠠᠨ ᠠᠷᠢᠬᠢ 《ᠯᠠᠹᠢᠲᠸ》 ᠭᠡᠳᠡᠭ᠎ᠨᠢ ᠪᠦᠷᠦ᠋ᠳ᠋ᠸᠦ᠋ᠰᠤᠨ ᠨᠡᠷᠡᠨ᠎ᠤ ᠭᠡᠷᠡᠯ ᠭᠦᠢ᠍ᠴᠡᠳ᠂ ᠬᠤᠷ᠎ᠠ ᠪᠣᠷᠣᠭ᠋ᠠᠨ ᠲᠣᠬᠢᠷᠠᠮᠵᠢᠲᠠᠶ᠂ ᠠᠭ᠋ᠠᠷ᠎ᠤᠨ ᠳᠤᠯᠠᠭ᠋ᠠᠨ᠎ᠤ ᠡᠳᠦᠷ᠎ᠤᠨ ᠵᠥᠷᠢᠶ᠎ᠡ ᠶᠡᠬᠡ ᠵᠡᠷᠭᠡ ᠣᠨᠴᠠᠭ᠋ᠠᠶ ᠠᠭᠤᠷ ᠠᠮᠢᠰᠬᠤᠯ᠎ᠤᠨ ᠣᠨᠴᠠᠯᠢᠭ᠎ᠠᠴᠠ ᠪᠣᠯᠵᠤ᠂ ᠰᠢᠯᠢᠳᠡᠭ ᠣᠯᠠᠭ᠋ᠠᠨ ᠠᠷᠢᠬᠢ ᠨᠡᠷᠡᠬᠦ ᠦᠵᠦᠮ᠎ᠢ ᠲᠠᠷᠢᠬᠤ᠎ᠳᠤ ᠲᠣᠬᠢᠷᠠᠮᠵᠢᠲᠠᠶ ᠪᠠᠶ᠋ᠢᠳᠠᠭ᠂ 1982 ᠣᠨ᠎ᠳᠤ ᠹᠷᠠᠨᠼᠢ ᠵᠢᠨ ᠪᠦᠷᠦ᠋ᠳ᠋ᠸᠦ᠋ᠰᠤᠨ ᠯᠠᠹᠢᠲᠸ ᠡᠳ᠋ᠯᠡᠩ᠎ᠤᠨ ᠬᠡᠰᠡᠭ ᠭᠠᠵᠠᠷ᠎ᠤᠨ ᠠᠭᠤᠷ ᠠᠮᠢᠰᠬᠤᠯ᠎ᠤᠨ ᠨᠥᠬᠥᠴᠡᠯ᠎ᠨᠢ ᠰᠢᠯᠢᠳᠡᠭ ᠦᠵᠦᠮ᠎ᠤᠨ ᠥᠰᠥᠯᠲᠡ᠎ᠳᠤ ᠨᠡᠩ ᠲᠣᠬᠢᠷᠠᠮᠵᠢᠲᠠᠶ ᠪᠠᠶ᠋ᠢᠵᠤ᠂ 《82 ᠯᠠᠹᠢᠲᠸ》 ᠤᠯᠠᠭ᠋ᠠᠨ ᠠᠷᠢᠬᠢᠨ᠎ᠤ ᠴᠢᠨᠠᠷ᠎ᠨᠢ ᠬᠠᠮᠤᠭ᠎ᠤᠨ ᠰᠠᠶ᠋ᠢᠨ᠂ ᠦᠨᠡᠨ᠎ᠢ ᠴᠦ᠍ ᠬᠠᠮᠤᠭ᠎ᠤᠨ ᠦᠨᠡᠲᠡᠶ ᠪᠠᠶ᠋ᠢᠳᠠᠭ᠃ ᠡᠭᠦᠨ᠎ᠠᠴᠠ ᠦᠵᠡᠬᠦ᠎ᠳᠤ᠂ ᠠᠭᠤᠷ ᠠᠮᠢᠰᠬᠤᠯ᠎ᠤᠨ ᠨᠥᠬᠥᠴᠡᠯ᠎ᠨᠢ ᠲᠠᠷᠢᠶᠠᠯᠠᠩ ᠮᠠᠯ᠎ᠤᠨ ᠠᠰᠢᠭ ᠰᠢᠮ᠎ᠡ ᠵᠢᠨ ᠪᠦᠲᠦᠭᠡᠭᠳᠡᠬᠦᠨ᠎ᠤ ᠶᠠᠰᠤ ᠴᠢᠨᠠᠷ᠎ᠤᠨ ᠪᠦᠷᠢᠯᠳᠦᠯ᠎ᠳᠤ ᠮᠠᠰᠢ ᠶᠡᠬᠡ ᠨᠥᠯᠥᠭᠡ ᠦᠵᠡᠬᠦᠯᠳᠡᠭ᠃ ᠠᠭᠤᠷ ᠠᠮᠢᠰᠬᠤᠯ᠎ᠤᠨ ᠴᠢᠨᠠᠷ ᠴᠢᠨᠰᠠᠭ᠎ᠠ ᠵᠢᠨ ᠭᠡᠷᠡᠴᠢᠯᠡᠯ ᠪᠣᠯ ᠳᠠᠷᠤᠶ ᠰᠢᠨᠵᠢᠯᠡᠬᠦ ᠤᠬᠠᠭ᠋ᠠᠨᠴᠢ ᠠᠷᠭ᠎ᠠ᠎ᠪᠠᠷ ᠴᠠᠭ ᠠᠭᠤᠷ ᠠᠭᠤᠷ ᠠᠮᠢᠰᠬᠤᠯ᠎ᠤᠨ ᠨᠥᠬᠥᠴᠡᠯ᠎ᠤᠨ ᠲᠠᠷᠢᠶᠠᠯᠠᠩ ᠮᠠᠯ᠎ᠤᠨ ᠠᠰᠢᠭ ᠰᠢᠮ᠎ᠡ ᠵᠢᠨ ᠪᠦᠲᠦᠭᠡᠭᠳᠡᠬᠦᠨ᠎ᠤ ᠴᠢᠨᠠᠷ ᠴᠢᠨᠰᠠᠭ᠎ᠠ᠎ᠳᠤ ᠦᠵᠡᠭᠦᠯᠬᠦ ᠨᠥᠯᠥᠭᠡ ᠵᠢᠨ ᠰᠠᠶ᠋ᠢᠨ ᠮᠠᠭᠤ ᠵᠡᠷᠭᠡ ᠳᠡᠰ᠎ᠢ ᠦᠨᠡᠯᠡᠨ ᠲᠣᠭᠲᠠᠭ᠋ᠠᠬᠤ ᠶᠠᠪᠤᠳᠠᠯ ᠪᠣᠯᠤᠨ᠎ᠠ᠃
ᠣᠶ᠋ᠢᠷ᠎ᠠ ᠵᠢᠨ ᠬᠤᠭᠤᠴᠠᠭ᠋ᠠᠨ᠎ᠳᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠭᠤᠷ ᠠᠮᠢᠰᠬᠤᠯ᠎ᠤᠨ ᠲᠥᠪ᠎ᠤᠨ᠎ᠬᠢᠨ ᠮᠡᠷᠭᠡᠵᠢᠯᠲᠡᠨ᠎ᠢ ᠵᠣᠬᠢᠶᠠᠨ ᠪᠠᠶ᠋ᠢᠭᠤᠯᠵᠤ ᠰᠥᠨᠢᠳ ᠬᠣᠨᠢᠨ᠎ᠤ ᠠᠭᠤᠷ ᠠᠮᠢᠰᠬᠤᠯ᠎ᠤᠨ ᠴᠢᠨᠠᠷ ᠴᠢᠨᠰᠠᠭ᠎ᠠ ᠵᠢ ᠵᠠᠳᠠᠯᠤᠨ ᠦᠨᠡᠯᠡᠬᠦ ᠠᠵᠢᠯ ᠦᠷᠨᠢᠬᠦᠯᠪᠡ᠃ ᠪᠢᠳᠡ ᠰᠥᠨᠢᠳ ᠬᠣᠨᠢᠨ᠎ᠤ ᠭᠣᠤᠯ ᠭᠠᠷᠤᠯᠲᠠ ᠵᠢᠨ ᠣᠷᠣᠨ᠎ᠤ ᠠᠮᠢ ᠠᠬᠤᠶ ᠵᠢᠨ ᠣᠷᠴᠢᠨ ᠲᠣᠭᠣᠷᠢᠨ ᠵᠢᠴᠢ ᠠᠭᠤᠷ ᠠᠮᠢᠰᠬᠤᠯ᠎ᠤᠨ ᠣᠨᠴᠠᠯᠢᠭᠲᠤ ᠰᠠᠭᠤᠷᠢᠯᠠᠨ᠂ ᠰᠥᠨᠢᠳ ᠬᠣᠨᠢᠨ᠎ᠤ ᠮᠢᠬᠠᠨ᠎ᠤ ᠶᠠᠰᠤ ᠴᠢᠨᠠᠷ᠎ᠤᠨ ᠪᠦᠷᠢᠯᠳᠦᠯ᠎ᠳᠤ ᠳᠣᠭᠢᠷᠠᠬᠤ ᠠᠭᠤᠷ ᠠᠮᠢᠰᠬᠤᠯ᠎ᠤᠨ ᠨᠥᠬᠥᠴᠡᠯ᠎ᠢ ᠵᠠᠳᠠᠯᠵᠤ᠂ ᠰᠥᠨᠢᠳ ᠬᠣᠨᠢᠨ᠎ᠤ ᠠᠭᠤᠷ ᠠᠮᠢᠰᠬᠤᠯ᠎ᠤᠨ ᠵᠣᠬᠢᠴᠠᠬᠤ ᠴᠢᠨᠠᠷ᠎ᠤᠨ ᠬᠦᠢ᠍ᠴᠡᠳᠬᠡᠯ ᠲᠣᠭ᠎ᠠ ᠵᠢᠴᠢ ᠮᠠᠯ ᠠᠵᠤ ᠠᠬᠤᠶ ᠵᠢᠨ ᠦᠢ᠍ᠯᠡᠳᠪᠦᠷᠢᠯᠡᠯ᠎ᠤᠨ ᠨᠥᠯᠥᠭᠡ᠎ᠪᠠᠷ ᠨᠡᠯᠢᠶᠡᠳ ᠶᠡᠬᠡ ᠴᠠᠭ ᠠᠭᠤᠷ᠎ᠤᠨ ᠭᠠᠶ ᠭᠠᠮᠰᠢᠭ᠎ᠤᠨ ᠬᠦᠢ᠍ᠴᠡᠳᠬᠡᠯ ᠲᠣᠭ᠎ᠠ ᠵᠢ ᠪᠠᠶ᠋ᠢᠭᠤᠯᠵᠤ᠂ ᠰᠥᠨᠢᠳ ᠬᠣᠨᠢᠨ᠎ᠤ ᠦᠰᠦᠯᠳᠡ᠎ᠳᠤ ᠲᠤᠬᠢᠷᠠᠬᠤ ᠲᠠᠷᠬᠠᠯᠲᠠ ᠵᠢᠨ ᠣᠷᠣᠨ᠎ᠢ ᠲᠤᠲᠤᠯᠠᠵᠤ ᠦᠭᠪᠡ᠃ ᠡᠭᠦᠨ᠎ᠤ ᠬᠠᠮᠲᠤ᠂ 2019 ᠣᠨ᠎ᠳᠤ ᠰᠥᠨᠢᠳ᠎ᠤᠨ ᠲᠠᠯ᠎ᠠ ᠨᠤᠲᠤᠭ᠎ᠲᠤ ᠬᠢᠭᠰᠡᠨ ᠲᠤᠷᠰᠢᠯᠲᠠ ᠵᠢᠨ ᠲᠣᠭ᠎ᠠ ᠪᠠᠷᠢᠮᠲᠠ ᠵᠢ ᠦᠨᠳᠦᠰᠦᠯᠡᠨ᠂ ᠰᠥᠨᠢᠳ᠎ᠤᠨ ᠬᠣᠨᠢᠨ ᠮᠢᠬ᠎ᠠ ᠵᠢ ᠨᠥᠯᠥᠭᠡᠯᠡᠬᠦ ᠭᠣᠤᠯ ᠪᠣᠯᠬᠤ ᠠᠭᠤᠷ ᠠᠮᠢᠰᠬᠤᠯ᠎ᠢ ᠨᠥᠯᠥᠭᠡᠯᠡᠬᠦ ᠡᠯᠧᠮᠧᠨ᠋ᠲ᠎ᠲᠤ ᠵᠠᠳᠠᠯᠤᠯᠲᠠ ᠬᠢᠵᠦ᠂ ᠰᠥᠨᠢᠳ᠎ᠤᠨ ᠬᠣᠨᠢᠨ᠎ᠤ ᠠᠭᠤᠷ ᠠᠮᠢᠰᠬᠤᠯ᠎ᠤᠨ ᠴᠢᠨᠠᠷ ᠴᠢᠨᠰᠠᠭ᠎ᠠ ᠵᠢᠨ ᠣᠨᠴᠠᠯᠢᠭ᠎ᠢ ᠶᠡᠷᠦᠩᠬᠡᠶ᠋ᠢᠯᠡᠨ ᠦᠨᠡᠯᠡᠪᠡ᠃ ᠡᠭᠦᠨ᠎ᠠᠴᠠ᠄ ᠰᠥᠨᠢᠳ ᠣᠷᠣᠨ᠎ᠤ ᠣᠨᠴᠠᠭ᠋ᠠᠶ ᠢᠯᠴᠢ ᠵᠢᠨ ᠬᠡᠮᠵᠢᠶ᠎ᠡ ᠪᠠ ᠤᠰᠤᠨ᠎ᠤ ᠨᠥᠬᠥᠴᠡᠯ ᠳᠣᠣᠷ᠎ᠠ᠂ ᠰᠥᠨᠢᠳ ᠬᠣᠨᠢᠨ᠎ᠤ ᠮᠢᠬ᠎ᠠ᠎ᠨᠢ ᠦᠨᠦᠷ ᠠᠩᠬᠢᠯᠤᠮ᠎ᠠ᠂ ᠰᠢᠩᠬᠡᠭ ᠦᠨᠦᠷ ᠪᠠᠭ᠎ᠠ᠂ ᠤᠭᠤᠷᠠᠭ᠎ᠤᠨ ᠴᠢᠨᠠᠷ ᠰᠠᠶ᠋ᠢᠨ᠂ ᠰᠢᠪᠲᠦᠷᠲᠦ ᠬᠦᠴᠢᠯ ᠪᠠ ᠺᠠᠯᠼ᠎ᠤᠨ ᠠᠭᠤᠯᠤᠭᠳᠠᠴᠠ ᠥᠨᠳᠥᠷ ᠵᠡᠷᠭᠡ ᠣᠨᠴᠠᠯᠢᠭ᠎ᠲᠠᠢ ᠭᠡᠬᠦ ᠳ᠋ᠦᠩᠨᠡᠯᠲᠡ ᠵᠢ ᠣᠯᠵᠠᠶ᠃
ᠰᠥᠨᠢᠳ᠎ᠤᠨ ᠬᠣᠨᠢᠨ ᠮᠢᠬᠠᠨ᠎ᠤ ᠠᠭᠤᠷ ᠠᠮᠢᠰᠬᠤᠯ᠎ᠤᠨ ᠴᠢᠨᠠᠷ ᠴᠢᠨᠰᠠᠭ᠎ᠠ ᠵᠢ ᠵᠠᠳᠠᠯᠤᠨ ᠦᠨᠡᠯᠡᠬᠦ᠎ᠪᠠᠷ ᠳᠡᠮᠵᠢᠨ᠂ ᠰᠥᠨᠢᠳ᠎ᠤᠨ ᠬᠣᠨᠢᠨ ᠮᠢᠬᠠᠨ᠎ᠤ ᠴᠢᠨᠠᠷ ᠴᠢᠨᠰᠠᠭ᠎ᠠ ᠵᠢ ᠨᠥᠯᠥᠭᠡᠯᠡᠬᠦ ᠠᠭᠤᠷ ᠠᠮᠢᠰᠬᠤᠯ᠎ᠤᠨ ᠨᠥᠬᠥᠴᠡᠯ ᠵᠢᠴᠢ ᠲᠣᠬᠢᠷᠠᠮᠵᠢᠲᠠᠶ ᠣᠷᠣᠨ ᠪᠦᠰᠡ ᠵᠢ ᠤᠯᠠᠮ ᠨᠢᠭᠡ ᠠᠯᠬᠤᠮ ᠲᠣᠳᠣᠷᠬᠠᠶ᠋ᠢᠯᠠᠵᠤ᠂ ᠠᠷᠠᠴᠢᠯᠠᠵᠤ ᠲᠡᠵᠢᠭᠡᠬᠦ ᠶᠠᠪᠤᠴᠠ᠎ᠳᠤ ᠠᠰᠢᠭ ᠬᠠᠷᠠᠨ ᠬᠣᠤᠷ᠎ᠠᠴᠠ ᠵᠠᠶ᠋ᠢᠯᠠᠵᠤ᠂ ᠠᠭᠤᠷ ᠠᠮᠢᠰᠬᠤᠯ᠎ᠤᠨ ᠡᠬᠢ ᠪᠠᠶᠠᠯᠢᠭ᠎ᠢ ᠬᠦᠢ᠍ᠴᠡᠳ ᠠᠰᠢᠭᠯᠠᠨ ᠴᠢᠨᠠᠷ ᠴᠢᠨᠰᠠᠭ᠎ᠠ ᠵᠢ᠎ᠨᠢ ᠳᠡᠭᠡᠭᠰᠢᠯᠡᠭᠦᠯᠦᠨ᠎ᠡ; ᠨᠥᠭᠥᠭᠡ ᠲᠠᠯ᠎ᠠ᠎ᠪᠠᠷ᠂ ᠦᠨᠡᠯᠡᠨ ᠲᠣᠭᠲᠠᠭ᠋ᠠᠭᠰᠠᠨ ᠦᠷ᠎ᠡ ᠳ᠋ᠦᠩ᠎ᠢ ᠠᠰᠢᠭᠯᠠᠨ ᠰᠥᠨᠢᠳ᠎ᠤᠨ ᠬᠣᠨᠢᠨ ᠮᠢᠬᠠᠨ᠎ᠤ ᠴᠢᠨᠠᠷ ᠴᠢᠨᠰᠠᠭ᠎ᠠ ᠪᠠ ᠭᠠᠷᠤᠯᠲᠠ ᠵᠢᠨ ᠣᠷᠣᠨ᠎ᠳᠤ ᠲᠡᠮᠳᠡᠭ ᠲᠠᠯᠪᠢᠵᠤ᠂ ᠲᠡᠳᠡᠨ᠎ᠤ ᠨᠡᠷ᠎ᠡ ᠠᠯᠳᠠᠷ ᠪᠠ ᠵᠠᠬ᠎ᠠ ᠳᠡᠯᠭᠡᠭᠦᠷ᠎ᠤᠨ ᠥᠷᠢᠰᠦᠯᠳᠦᠬᠦ ᠬᠦᠴᠦᠨ᠎ᠢ ᠳᠡᠭᠡᠭᠰᠢᠯᠡᠭᠦᠯᠦᠨ᠂ ᠲᠡᠳᠡᠨ᠎ᠳᠤ ᠥᠪᠡᠷ᠎ᠤᠨ ᠠᠭᠤᠷ ᠠᠮᠢᠰᠬᠤᠯ᠎ᠤᠨ ᠴᠢᠨᠠᠷ ᠴᠢᠨᠰᠠᠭ᠎ᠠ ᠵᠢᠨ 《ᠪᠡᠶ᠎ᠡ ᠵᠢᠨ ᠦᠨᠡᠮᠯᠡᠯ》᠎ᠲᠠᠢ ᠪᠣᠯᠭ᠋ᠠᠵᠤ᠂ ᠮᠠᠯᠴᠢᠳ ᠵᠢᠴᠢ ᠬᠤᠯᠪᠤᠭᠳᠠᠯ ᠪᠥᠬᠥᠶ ᠠᠵᠤ ᠠᠬᠤᠶ᠋ᠢᠯᠠᠯ᠎ᠤᠨ ᠠᠵᠤ ᠠᠬᠤᠶ ᠵᠢᠨ ᠦᠷ᠎ᠡ ᠠᠰᠢᠭ᠎ᠢ ᠨᠡᠮᠡᠭᠳᠡᠭᠦᠯᠦᠨ᠎ᠡ᠃
ᠣᠶ᠋ᠢᠷ᠎ᠠ ᠵᠢᠨ ᠵᠢᠯ᠎ᠤᠳ᠎ᠲᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠭᠤᠷ ᠠᠮᠢᠰᠬᠤᠯ᠎ᠤᠨ ᠲᠥᠪ᠎ᠤᠨ᠎ᠬᠢᠨ ᠰᠥᠨᠢᠳ᠎ᠤᠨ ᠬᠣᠨᠢᠨ ᠮᠢᠬ᠎ᠠ᠂ ᠨᠠᠷᠠᠨ ᠬᠤᠸᠠᠷ᠂ ᠨᠣᠭᠣᠭ᠋ᠠᠨ ᠪᠤᠷᠴᠠᠭ᠂ ᠨᠠᠷᠢᠮᠤ ᠵᠡᠷᠭᠡ ᠴᠢᠨᠠᠷ ᠰᠠᠶ᠋ᠢᠲᠠᠶ ᠲᠠᠷᠢᠶᠠᠯᠠᠩ ᠮᠠᠯ ᠠᠵᠤ ᠠᠬᠤᠶ ᠵᠢᠨ ᠪᠦᠲᠦᠭᠡᠭᠳᠡᠬᠦᠨ᠎ᠤ ᠠᠭᠤᠷ ᠠᠮᠢᠰᠬᠤᠯ᠎ᠤᠨ ᠴᠢᠨᠠᠷ ᠴᠢᠨᠰᠠᠭ᠎ᠠ ᠵᠢ ᠭᠡᠷᠡᠴᠢᠯᠡᠬᠦ ᠠᠵᠢᠯ᠎ᠢ ᠥᠷᠨᠢᠭᠦᠯᠵᠦ᠂ ᠮᠠᠨ᠎ᠤ ᠣᠷᠣᠨ᠎ᠤ ᠤᠨᠴᠠᠯᠢᠬᠳᠤ ᠲᠠᠷᠢᠶᠠᠯᠠᠩ ᠮᠠᠯ᠎ᠤᠨ ᠠᠰᠢᠭ ᠰᠢᠮ᠎ᠡ ᠵᠢᠨ ᠪᠦᠲᠦᠭᠡᠭᠳᠡᠬᠦᠨ᠎ᠤ ᠠᠯᠳᠠᠷᠰᠢᠯ᠎ᠢ ᠳᠡᠭᠡᠭᠰᠢᠯᠡᠭᠦᠯᠬᠦ᠂ ᠲᠠᠷᠢᠶᠠᠯᠠᠩ ᠮᠠᠯ ᠠᠵᠤ ᠠᠬᠤᠶ ᠵᠢᠨ ᠦᠷ᠎ᠡ ᠠᠰᠢᠭ᠎ᠢ ᠳᠡᠭᠡᠭᠰᠢᠯᠡᠭᠦᠯᠬᠦ᠂ ᠮᠠᠯᠴᠢᠨ ᠲᠠᠷᠢᠶᠠᠴᠢᠨ᠎ᠤ ᠣᠷᠣᠯᠭ᠎ᠠ ᠵᠢ ᠨᠡᠮᠡᠭᠳᠡᠭᠦᠯᠬᠦ᠎ᠳᠤ ᠢᠳᠡᠪᠬᠢᠲᠡᠶ ᠦᠢ᠍ᠯᠡᠳᠦᠯ ᠦᠵᠡᠬᠦᠯᠦᠨ᠎ᠡ᠃
ᠦᠬᠠᠢ ᠬᠣᠲᠠ ᠵᠢᠨ ᠠᠷᠠᠳ᠎ᠤᠨ ᠵᠠᠰᠠᠭ᠎ᠤᠨ ᠣᠷᠳᠤᠨ᠎ᠤ ᠮᠣᠩᠭᠤᠯ ᠬᠡᠯᠡᠨ᠎ᠤ ᠰᠦᠯᠵᠢᠶ᠎ᠡ ᠣᠷᠴᠢᠭᠤᠯᠪᠠ