ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠤᠨ ᠦᠵᠡᠯ ᠰᠠᠨᠠᠭ᠎ᠠ ᠢᠯᠠᠩᠭᠤᠶ᠎ᠠ 《ᠨᠠᠮ᠎ᠤᠨ ᠪᠠᠶ᠋ᠢᠭᠤᠯᠤᠯᠲᠠ ᠵᠢᠨ ᠬᠠᠭᠤᠳᠠᠰᠤ》 ᠵᠢ ᠨᠠᠷᠢᠨ ᠬᠢᠨᠠᠮᠠᠭ᠋ᠠᠶ ᠨᠠᠶ᠋ᠢᠳᠠᠪᠤᠷᠢᠵᠢᠭᠤᠯᠪᠠ᠂ 《ᠦᠨᠳᠦᠰᠦᠲᠡᠨ᠎ᠤ ᠪᠦᠯᠦᠭ》᠂ 《ᠥᠪᠥᠷ ᠮᠣᠩᠭᠣᠯ᠎ᠤᠨ ᠪᠦᠯᠦᠭ》᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ᠎ᠪᠠᠷ ᠭᠤᠤᠯ ᠰᠢᠵᠢᠮ ᠪᠣᠯᠭ᠋ᠠᠨ᠎ᠠ᠂ ᠤᠯᠤᠰ ᠲᠥᠷᠥ ᠵᠢᠨ ᠪᠠᠶ᠋ᠢᠭᠤᠯᠭ᠎ᠠ ᠵᠢᠨ ᠦᠵᠡᠯ ᠤᠬᠠᠮᠰᠠᠷ᠎ᠢ ᠴᠢᠩᠭ᠋ᠠᠳᠬᠠᠬᠤ ᠬᠡᠷᠡᠭᠲᠡᠶ᠂ ᠣᠷᠣᠨ᠎ᠤ ᠰᠢᠭᠤᠳ ᠬᠠᠷᠢᠶ᠎ᠠ ᠪᠠᠶ᠋ᠢᠭᠤᠯᠭ᠎ᠠ ᠵᠢᠨ ᠠᠵᠢᠯᠯᠠᠬᠤ ᠬᠣᠷᠢᠶ᠎ᠠ ᠵᠢᠨ ᠲᠣᠬᠢᠷᠠᠭᠤᠯᠤᠯᠲᠠ ᠪᠠᠶ᠋ᠢᠷᠢᠯᠠᠭᠤᠯᠤᠯᠲᠠ ᠶᠣᠰᠣᠭ᠋ᠠᠷ᠂ 《ᠭᠤᠷᠪᠠ ᠵᠢ ᠰᠤᠷᠤᠯᠴᠠᠬᠤ》 《ᠭᠤᠷᠪᠠ ᠵᠢ ᠡᠷᠬᠢᠮᠯᠡᠬᠦ》 《ᠭᠤᠷᠪᠠ ᠵᠢ ᠬᠢᠬᠦ》᠎ᠪᠠᠷ ᠠᠴᠢᠶᠠᠯᠠᠪᠤᠷᠢ ᠪᠣᠯᠭ᠋ᠠᠬᠤ᠂ 《ᠨᠠᠮ᠎ᠤᠨ ᠠᠴᠢ᠎ᠳᠤ ᠲᠠᠯᠠᠷᠬᠠᠬᠤ》 ᠵᠢ ᠯᠠᠪᠳᠠᠭᠤᠨ ᠪᠠᠲᠤᠲᠠᠶ ᠠᠬᠢᠭᠤᠯᠬᠤ ᠬᠡᠷᠡᠭᠲᠡᠶ᠂ ᠨᠠᠮ᠎ᠤᠨ ᠦᠭᠡ ᠵᠢ ᠰᠣᠨᠣᠰᠬᠤ᠂ ᠨᠠᠮ ᠵᠶ᠋ᠠᠨ ᠳᠠᠭ᠋ᠠᠵᠤ》 ᠣᠯᠠᠨ ᠲᠦᠮᠡᠨ᠎ᠤ ᠬᠥᠮᠦᠵᠢᠯ ᠦᠢ᠍ᠯᠡᠳᠦᠯᠭᠡ ᠵᠢᠨ ᠠᠵᠢᠯᠯᠠᠭ᠎ᠠ᠂ ᠥᠷᠭᠡᠨ ᠣᠯᠠᠨ ᠨᠠᠮ᠎ᠤᠨ ᠭᠡᠰᠢᠭᠦᠨ ᠺᠠᠳ᠋ᠷ ᠣᠯᠠᠨ ᠲᠦᠮᠡᠨ᠎ᠢ ᠬᠥᠲᠥᠯᠥᠨ ᠵᠢᠯᠣᠭᠣᠳᠴᠤ ᠤᠭ ᠰᠠᠨᠠᠭ᠎ᠠ᠎ᠪᠠᠨ ᠦᠯᠦ ᠮᠠᠷᠲᠠᠨ ᠨᠠᠮ᠎ᠤᠨ ᠠᠴᠢ᠎ᠳᠤ ᠲᠠᠯᠠᠷᠬᠠᠬᠤ ᠬᠡᠷᠡᠭᠲᠡᠶ᠂ ᠨᠠᠮ᠎ᠤᠨ ᠦᠭᠡ ᠵᠢ ᠡᠷᠡᠰ ᠰᠣᠨᠣᠰᠬᠤ᠂ ᠨᠠᠮ ᠵᠶ᠋ᠠᠨ ᠡᠷᠡᠰ ᠭᠤᠶ᠋ᠢᠪᠢᠰᠢ ᠦᠭᠡᠢ ᠳᠠᠭ᠋ᠠᠬᠤ ᠬᠦᠰᠡᠯᠡᠩ ᠢᠲᠡᠭᠡᠯ ᠪᠢᠰᠢᠷᠡᠯ᠎ᠢ ᠢᠯᠡᠳᠭᠡᠪᠡ᠃
ᠨᠢᠭᠡ᠎ᠳᠤ᠂ ᠨᠠᠷᠢᠯᠢᠭ ᠲᠥᠯᠥᠪᠵᠢᠭᠦᠯᠵᠦ᠂ ᠬᠠᠷᠢᠭᠤᠴᠠᠯᠭ᠎ᠠ ᠵᠢ ᠪᠣᠳᠠᠲᠠᠶ᠋ᠢᠵᠢᠭᠤᠯᠤᠨ᠎ᠠ᠃ ᠣᠯᠠᠨ ᠲᠦᠮᠡᠨ᠎ᠤ ᠬᠥᠮᠦᠵᠢᠯ ᠦᠢ᠍ᠯᠡᠳᠦᠯᠭᠡ ᠵᠢᠨ ᠠᠵᠢᠯᠯᠠᠭ᠎ᠠ ᠵᠢ ᠭᠤᠤᠯ ᠰᠡᠳᠦᠪᠲᠦ ᠬᠥᠮᠦᠵᠢᠯ᠎ᠤᠨ ᠦᠷ᠎ᠡ ᠪᠦᠲᠦᠭᠡᠯ ᠵᠢᠴᠢ ᠲᠢᠩᠬᠢᠮ ᠪᠠᠶ᠋ᠢᠭᠤᠯᠭ᠎ᠠ ᠵᠢᠨ ᠨᠠᠮ᠎ᠤᠨ ᠪᠠᠶ᠋ᠢᠭᠤᠯᠤᠯᠲᠠ ᠵᠢ ᠪᠡᠬᠢᠵᠢᠭᠦᠯᠦᠨ ᠥᠷᠭᠡᠳᠬᠡᠬᠦ ᠴᠢᠬᠤᠯᠠ ᠡᠭᠦᠷᠭᠡ ᠪᠠ ᠪᠠᠶ᠋ᠢᠩᠭᠤᠵᠢᠭᠰᠠᠨ ᠠᠵᠢᠯ ᠪᠣᠯᠭ᠋ᠠᠵᠤ᠂ ᠬᠡᠷᠡᠭᠵᠢᠭᠦᠯᠬᠦ ᠲᠥᠰᠦᠯ᠎ᠢ ᠲᠣᠭᠲᠠᠭ᠋ᠠᠵᠤ᠂ ᠲᠢᠩᠬᠢᠮ ᠪᠠᠶ᠋ᠢᠭᠤᠯᠭ᠎ᠠ ᠵᠢᠨ ᠫᠤᠷᠲ᠋ᠧᠯ ᠰᠦᠯᠵᠢᠶᠡᠨ ᠳᠡᠭᠡᠷ᠎ᠡ 《ᠨᠠᠮ᠎ᠤᠨ ᠠᠴᠢ᠎ᠳᠤ ᠲᠠᠯᠠᠷᠬᠠᠬᠤ᠂ ᠨᠠᠮ᠎ᠤᠨ ᠦᠭᠡ ᠵᠢ ᠰᠣᠨᠣᠰᠬᠤ᠂ ᠨᠠᠮ ᠵᠶ᠋ᠠᠨ ᠳᠠᠭ᠋ᠠᠬᠤ》 ᠣᠯᠠᠨ ᠲᠦᠮᠡᠨ᠎ᠤ ᠬᠥᠮᠦᠵᠢᠯ ᠦᠢ᠍ᠯᠡᠳᠦᠯᠭᠡ ᠵᠢᠨ ᠠᠵᠢᠯᠯᠠᠭ᠎ᠠ ᠵᠢᠨ ᠲᠤᠰᠬᠠᠶ ᠪᠤᠯᠤᠩ ᠭᠠᠷᠭ᠋ᠠᠪᠠ᠃

ᠬᠣᠶᠠᠷ᠎ᠲᠤ᠂ ᠠᠴᠢᠶᠠᠯᠠᠪᠤᠷᠢ ᠵᠢᠨ ᠰᠢᠨ᠎ᠡ ᠵᠢ ᠡᠭᠦᠳᠴᠦ᠂ ᠭᠦᠨᠵᠡᠭᠡᠶ ᠰᠤᠷᠤᠯᠴᠠᠨ ᠨᠠᠷᠢᠯᠢᠭ ᠤᠬᠠᠪᠠ᠃ ᠳᠡᠭᠡᠷ᠎ᠡ ᠱᠠᠲᠤ᠎ᠨᠢ ᠳᠤᠤᠷ᠎ᠠ ᠱᠠᠲᠤ᠎ᠪᠠᠨ ᠳᠠᠭ᠋ᠠᠭᠤᠯᠤᠨ 《ᠳᠠᠭ᠋ᠠᠭᠤᠯᠤᠨ ᠰᠤᠷᠤᠯᠴᠠᠬᠤ》 ᠵᠢ ᠪᠠᠷᠢᠮᠲᠠᠯᠠᠵᠤ᠂ ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠣᠨᠣᠯ ᠰᠤᠷᠤᠯᠴᠠᠬᠤ ᠭᠤᠤᠯ ᠳᠤᠭᠤᠶ᠋ᠢᠯᠠᠩ ᠤᠷᠢᠳ ᠵᠶ᠋ᠠᠷ ᠰᠤᠷᠤᠯᠴᠠᠵᠤ᠂ ᠭᠦᠨᠵᠡᠭᠡᠶ ᠰᠤᠷᠤᠯᠴᠠᠵᠤ᠂ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠤᠨ ᠦᠵᠡᠯ ᠰᠠᠨᠠᠭ᠎ᠠ ᠵᠢ ᠨᠠᠷᠢᠨ ᠬᠢᠨᠠᠮᠠᠭ᠋ᠠᠶ ᠰᠤᠷᠤᠯᠴᠠᠵᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ ᠲᠤᠰᠬᠠᠶ ᠰᠡᠳᠦᠪᠲᠦ ᠰᠤᠷᠤᠯᠴᠠᠯᠭ᠎ᠠ ᠰᠤᠳᠤᠯᠤᠨ ᠶᠠᠷᠢᠯᠴᠠᠭ᠎ᠠ ᠵᠢ ᠥᠷᠨᠢᠭᠦᠯᠪᠡ᠃ ᠠᠴᠢᠶᠠᠯᠠᠪᠤᠷᠢ ᠵᠢᠨ ᠰᠢᠨ᠎ᠡ ᠵᠢ ᠡᠭᠦᠳᠦᠨ 《ᠰᠤᠳᠤᠯᠤᠨ ᠰᠤᠷᠤᠯᠴᠠᠵᠤ》᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ ᠲᠤᠰᠬᠠᠶ ᠰᠡᠳᠦᠪᠲᠦ ᠨᠣᠮ ᠤᠩᠰᠢᠬᠤ ᠠᠩᠭᠢ ᠵᠢ 1 ᠬᠤᠭᠤᠴᠠᠭ᠎ᠠ ᠡᠷᠭᠢᠯᠡᠵᠦ᠂ ᠨᠠᠮ᠎ᠤᠨ ᠭᠡᠰᠢᠭᠦᠨ ᠺᠠᠳ᠋ᠷᠴᠤᠳ᠎ᠢ ᠵᠣᠬᠢᠶᠠᠨ ᠪᠠᠶ᠋ᠢᠭᠤᠯᠤᠨ 《ᠤᠮᠠᠷᠠᠲᠤ ᠬᠢᠯᠢ ᠵᠢᠨ ᠨᠠᠮ᠎ᠤᠨ ᠬᠢᠴᠢᠶᠡᠯ᠎ᠤᠨ ᠶᠠᠪᠤᠭᠳᠠᠬᠤ ᠴᠠᠭ》᠂ 《ᠨᠠᠮ᠎ᠤᠨ ᠠᠴᠢ᠎ᠳᠤ ᠲᠠᠯᠠᠷᠬᠠᠬᠤ᠂ ᠨᠠᠮ᠎ᠤᠨ ᠦᠭᠡ ᠵᠢ ᠰᠣᠨᠣᠰᠬᠤ᠂ ᠨᠠᠮ ᠵᠶ᠋ᠠᠨ ᠳᠠᠭ᠋ᠠᠬᠤ》 ᠰᠢᠷᠢᠰ ᠨᠠᠮ᠎ᠤᠨ ᠬᠢᠴᠢᠶᠡᠯ᠎ᠢ ᠭᠥᠯᠢᠶᠡᠨ ᠠᠪᠴᠤ ᠦᠵᠡᠵᠦ᠂ 《ᠨᠠᠮ᠎ᠤᠨ ᠠᠴᠢ᠎ᠳᠤ ᠲᠠᠯᠠᠷᠬᠠᠬᠤ᠂ ᠨᠠᠮ᠎ᠤᠨ ᠦᠭᠡ ᠵᠢ ᠰᠣᠨᠣᠰᠬᠤ᠂ ᠨᠠᠮ ᠵᠶ᠋ᠠᠨ ᠳᠠᠭ᠋ᠠᠬᠤ》 ᠭᠤᠤᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ ᠵᠢ ᠵᠣᠬᠢᠶᠠᠨ ᠪᠠᠶ᠋ᠢᠭᠤᠯᠤᠨ ᠥᠷᠨᠢᠭᠦᠯᠵᠦ᠂ ᠬᠤᠪᠢᠰᠬᠠᠯ᠎ᠤᠨ ᠡᠬᠢ ᠪᠠᠶᠠᠯᠢᠭ᠎ᠢ ᠰᠠᠶ᠋ᠢᠲᠤᠷ ᠠᠰᠢᠭᠯᠠᠨ ᠨᠠᠮᠴᠢ ᠴᠢᠨᠠᠷ᠎ᠤᠨ ᠬᠥᠮᠦᠵᠢᠯ᠎ᠢ ᠴᠢᠩᠭ᠋ᠠᠳᠬᠠᠵᠤ᠂ ᠺᠢᠨᠣ᠋ 《ᠱᠸᠨ ᠵᠢᠶ ᠯᠠᠨ》᠎ᠢ ᠲᠥᠪᠯᠡᠷᠡᠭᠦᠯᠦᠨ ᠰᠣᠨᠢᠷᠬᠠᠪᠠ; ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ ᠬᠥᠮᠦᠵᠢᠯ᠎ᠢ ᠴᠢᠩᠭ᠋ᠠᠳᠬᠠᠵᠤ᠂ 3 ᠨᠠᠮ᠎ᠤᠨ ᠡᠭᠦᠷ᠎ᠢ ᠵᠣᠬᠢᠶᠠᠨ ᠪᠠᠶ᠋ᠢᠭᠤᠯᠵᠤ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠬᠡᠷᠡᠭ ᠡᠷᠬᠢᠯᠡᠬᠦ ᠵᠥᠪᠯᠡᠯ᠎ᠤᠨ ᠣᠷᠣᠨ ᠨᠤᠲᠤᠭ᠎ᠤᠨ ᠦᠭᠡ ᠬᠡᠯᠡ ᠦᠰᠦᠭ ᠪᠢᠴᠢᠭ᠎ᠤᠨ ᠰᠤᠳᠤᠯᠭ᠋ᠠᠨ ᠬᠡᠷᠡᠭᠯᠡᠭᠡᠨ᠎ᠤ ᠲᠥᠪ᠎ᠤᠨ 《ᠠᠨᠠᠷ᠎ᠤᠨ ᠬᠡᠯᠬᠢᠶ᠎ᠡ》 ᠦᠨᠳᠦᠰᠦᠲᠡᠨ᠎ᠤ ᠠᠵᠢᠯ᠎ᠤᠨ ᠦᠵᠡᠭᠦᠯᠭᠡ ᠵᠢᠨ ᠲᠢᠩᠬᠢᠮ᠎ᠢ ᠲᠣᠭᠣᠷᠢᠨ ᠦᠵᠡᠵᠦ᠂ ᠨᠠᠮ᠎ᠤᠨ ᠭᠡᠰᠢᠭᠦᠨ ᠺᠠᠳ᠋ᠷ᠎ᠢ ᠤᠯᠠᠮ ᠨᠢᠭᠡ ᠠᠯᠬᠤᠮ ᠬᠥᠲᠥᠯᠥᠨ ᠵᠢᠯᠣᠭᠣᠳᠴᠤ ᠪᠠᠶ᠋ᠢᠭ᠋ᠠᠳ 《ᠬᠣᠶᠠᠷ᠎ᠢ ᠲᠣᠭᠲᠠᠭ᠋ᠠᠬᠤ》 ᠵᠢ ᠡᠷᠡᠰ ᠬᠦᠷᠢᠶᠡᠯᠡᠵᠦ᠂ 《ᠬᠣᠶᠠᠷ᠎ᠢ ᠬᠠᠮᠠᠭ᠋ᠠᠯᠠᠬᠤ》 ᠵᠢ ᠡᠷᠡᠰ ᠪᠡᠶᠡᠯᠡᠭᠦᠯᠦᠨ᠎ᠡ᠃ 《ᠬᠣᠯᠪᠣᠭ᠋ᠠᠯᠠᠨ ᠰᠤᠷᠤᠯᠴᠠᠬᠤ》 ᠵᠢ ᠨᠥᠯᠥᠭᠡᠯᠡᠨ ᠳᠠᠶ᠋ᠢᠴᠢᠯᠠᠵᠤ᠂ ᠠᠷᠠᠳᠴᠢᠯᠠᠭᠰᠠᠨ ᠨᠠᠮ ᠪᠦᠯᠦᠭ᠂ ᠨᠠᠮ ᠪᠦᠯᠦᠭ᠎ᠤᠨ ᠪᠤᠰᠤ ᠬᠥᠮᠦᠰ᠂ ᠵᠠᠯᠠᠭᠤ ᠺᠠᠳ᠋ᠷ᠂ ᠠᠵᠢᠯ᠎ᠠᠴᠠ᠎ᠪᠠᠨ ᠠᠮᠠᠷᠠᠭᠰᠠᠨ ᠨᠠᠮ᠎ᠤᠨ ᠭᠡᠰᠢᠭᠦᠨ᠎ᠤ ᠦᠵᠡᠯ ᠰᠠᠨᠠᠭ᠋ᠠᠨ᠎ᠤ ᠬᠥᠮᠦᠵᠢᠯ᠎ᠢ ᠰᠠᠶ᠋ᠢᠲᠤᠷ ᠠᠳᠬᠤᠵᠤ᠂ ᠨᠠᠮ᠎ᠤᠨ ᠰᠢᠨ᠎ᠡ ᠵᠢ ᠡᠭᠦᠳᠬᠦ ᠣᠨᠣᠯ᠎ᠢ ᠭᠦᠨᠵᠡᠭᠡᠶ ᠰᠤᠷᠤᠯᠴᠠᠵᠤ᠂ ᠪᠦᠯᠬᠦᠮᠳᠡᠨ ᠲᠡᠮᠡᠴᠡᠬᠦ ᠦᠵᠡᠯ ᠰᠠᠨᠠᠭ᠋ᠠᠨ᠎ᠤ ᠬᠠᠮᠲᠤ ᠵᠢᠨ ᠲᠠᠨᠢᠯᠲᠠ ᠵᠢ ᠨᠢᠭᠲᠠᠷᠠᠭᠤᠯᠤᠨ᠎ᠠ᠃

ᠭᠤᠷᠪᠠ᠎ᠳᠤ᠂ ᠤᠬᠠᠭᠤᠯᠤᠨ ᠲᠠᠶ᠋ᠢᠯᠪᠤᠷᠢᠯᠠᠵᠤ᠂ ᠰᠡᠳᠬᠢᠯ ᠵᠶ᠋ᠠᠨ ᠨᠢᠭᠡᠳᠬᠡᠨ ᠬᠦᠴᠦ᠎ᠪᠠᠨ ᠬᠠᠮᠲᠤᠳᠬᠠᠪᠠ᠃ 2023 ᠣᠨ᠎ᠤ 11 ᠳ᠋ᠦ᠍ᠭᠡᠷ ᠰᠠᠷ᠎ᠠ᠎ᠳᠤ᠂ ᠥᠪᠡᠷᠲᠡᠭᠡᠨ ᠵᠠᠰᠠᠬᠤ ᠣᠷᠣᠨ᠎ᠤ ᠤᠬᠠᠭᠤᠯᠤᠨ ᠲᠠᠶ᠋ᠢᠯᠪᠤᠷᠢᠯᠠᠬᠤ ᠪᠦᠯᠬᠦᠮ᠎ᠤᠨ ᠪᠦᠷᠢᠯᠳᠦᠬᠦᠨ᠂ ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ᠎ᠤᠨ ᠳᠠᠷᠤᠭ᠎ᠠ ᠵᠠᠩ ᠬᠣᠩ ᠹᠦ᠋ ᠪᠠᠶᠠᠨᠨᠠᠭᠤᠷ ᠬᠣᠲᠠ᠎ᠳᠤ 《ᠨᠠᠮ᠎ᠤᠨ ᠠᠴᠢ᠎ᠳᠤ ᠲᠠᠯᠠᠷᠬᠠᠵᠤ᠂ ᠨᠠᠮ᠎ᠤᠨ ᠦᠭᠡ ᠵᠢ ᠰᠣᠨᠣᠰᠴᠤ᠂ ᠨᠠᠮ ᠵᠶ᠋ᠠᠨ ᠳᠠᠭ᠋ᠠᠬᠤ》 ᠭᠤᠤᠯ ᠰᠡᠳᠦᠪᠲᠦ ᠤᠬᠠᠭᠤᠯᠤᠨ ᠲᠠᠶ᠋ᠢᠯᠪᠤᠷᠢᠯᠠᠯᠲᠠ ᠬᠢᠪᠠ; ᠥᠪᠡᠷᠲᠡᠭᠡᠨ ᠵᠠᠰᠠᠬᠤ ᠣᠷᠣᠨ᠎ᠤ ᠤᠬᠠᠭᠤᠯᠤᠨ ᠲᠠᠶ᠋ᠢᠯᠪᠤᠷᠢᠯᠠᠬᠤ ᠪᠦᠯᠬᠦᠮ᠎ᠤᠨ ᠪᠦᠷᠢᠯᠳᠦᠬᠦᠨ᠂ ᠭᠤᠸᠠᠩ ᠮᠢᠩ ᠡᠳᠦᠷ᠎ᠤᠨ ᠰᠣᠨᠢᠨ᠎ᠤ ᠥᠪᠥᠷ ᠮᠣᠩᠭᠣᠯ᠎ᠤᠨ ᠰᠤᠷᠪᠤᠯᠵᠢᠯᠠᠭᠴᠢ ᠵᠢᠨ ᠥᠷᠲᠡᠭᠡᠨ᠎ᠤ ᠳᠠᠷᠤᠭ᠎ᠠ ᠭᠤᠤ ᠫᠢᠩ 《ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠪᠣᠯᠤᠨ ᠥᠪᠥᠷ ᠮᠣᠩᠭᠣᠯ᠎ᠤᠨ ᠦᠢ᠍ᠯᠡᠳᠦᠯᠭᠡ ᠵᠢᠨ ᠠᠷᠭ᠎ᠠ ᠵᠠᠮ》 ᠭᠡᠬᠦ ᠰᠡᠳᠦᠪ ᠵᠶ᠋ᠠᠷ ᠪᠦᠬᠦ ᠲᠢᠩᠬᠢᠮ᠎ᠤᠨ ᠨᠠᠮ᠎ᠤᠨ ᠭᠡᠰᠢᠭᠦᠨ ᠺᠠᠳ᠋ᠷᠴᠤᠳ᠎ᠲᠤ ᠤᠬᠠᠭᠤᠯᠤᠨ ᠲᠠᠶ᠋ᠢᠯᠪᠤᠷᠢᠯᠠᠪᠠ᠃ ᠡᠯ᠎ᠡ ᠨᠠᠮ᠎ᠤᠨ ᠡᠭᠦᠷ᠎ᠤᠨ ᠱᠦᠵᠢ ᠭᠠᠵᠠᠷ ᠲᠠᠰᠤᠭ᠎ᠤᠨ ᠵᠶ᠋ᠠᠨ ᠲᠤᠬᠠᠶ᠋ᠢᠯᠠᠭᠰᠠᠨ ᠠᠵᠢᠯ᠎ᠲᠠᠢ ᠤᠶᠠᠯᠳᠤᠭᠤᠯᠤᠨ᠂ ᠨᠠᠮ᠎ᠤᠨ ᠡᠭᠦᠷ᠎ᠤᠨ ᠵᠶ᠋ᠠᠨ ᠨᠠᠮ᠎ᠤᠨ ᠭᠡᠰᠢᠭᠦᠨ ᠺᠠᠳ᠋ᠷᠴᠤᠳ᠎ᠲᠤ ᠨᠠᠷᠢᠨ ᠨᠢᠮᠪᠠᠶ ᠨᠢᠭᠡ ᠤᠳᠠᠭ᠎ᠠ ᠤᠬᠠᠭᠤᠯᠤᠨ ᠲᠠᠶ᠋ᠢᠯᠪᠤᠷᠢᠯᠠᠵᠤ᠂ ᠨᠠᠮ᠎ᠤᠨ ᠭᠡᠰᠢᠭᠦᠨ ᠺᠠᠳ᠋ᠷᠴᠤᠳ ᠣᠯᠤᠯᠲᠠ ᠲᠥᠷᠥᠭᠳᠡᠯ ᠵᠶ᠋ᠠᠨ ᠪᠢᠴᠢᠪᠡ᠃

ᠳᠥᠷᠪᠡ᠎ᠳᠤ᠂ ᠪᠣᠳᠠᠲᠠᠶ ᠵᠢ ᠡᠷᠬᠢᠮᠯᠡᠨ ᠪᠠᠲᠤᠲᠠᠶ ᠠᠵᠢᠯᠯᠠᠵᠤ᠂ ᠬᠥᠭᠵᠢᠯᠲᠡ ᠵᠢ ᠠᠬᠢᠭᠤᠯᠤᠨ᠎ᠠ᠃ ᠨᠠᠮ᠎ᠤᠨ ᠪᠠᠶ᠋ᠢᠭᠤᠯᠤᠯᠲᠠ᠎ᠪᠠᠷ ᠬᠥᠲᠥᠯᠥᠨ ᠳᠠᠭ᠋ᠠᠭᠤᠯᠬᠤ ᠵᠢ ᠪᠠᠷᠢᠮᠲᠠᠯᠠᠵᠤ᠂ ᠭᠤᠤᠯ ᠰᠡᠳᠦᠪᠲᠦ ᠬᠥᠮᠦᠵᠢᠯ᠎ᠤᠨ ᠦᠷ᠎ᠡ ᠪᠦᠲᠦᠭᠡᠯ᠎ᠢ ᠪᠡᠬᠢᠵᠢᠭᠦᠯᠦᠨ ᠥᠷᠭᠡᠳᠬᠡᠵᠦ᠂ 《ᠥᠪᠥᠷ ᠮᠣᠩᠭᠣᠯ᠎ᠤᠨ ᠴᠢᠨᠠᠷ ᠰᠠᠶ᠋ᠢᠲᠠᠶ ᠬᠥᠭᠵᠢᠯᠲᠡ ᠵᠢ ᠠᠬᠢᠭᠤᠯᠵᠤ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠵᠢᠨ ᠰᠢᠨ᠎ᠡ ᠬᠠᠭᠤᠳᠠᠰᠤ ᠵᠢ ᠴᠢᠷᠮᠠᠶ᠋ᠢᠨ ᠪᠢᠴᠢᠭᠯᠡᠬᠦ ᠲᠤᠬᠠᠶ ᠲᠥᠷᠥ ᠵᠢᠨ ᠶᠠᠪᠤᠳᠠᠯ᠎ᠤᠨ ᠬᠣᠷᠢᠶᠠᠨ᠎ᠤ ᠰᠠᠨᠠᠯ》᠂ 《ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶᠠᠨ᠎ᠤ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ ᠲᠠᠯ᠎ᠠ᠎ᠪᠠᠷ ᠪᠥᠲᠥᠭᠡᠨ ᠪᠠᠶ᠋ᠢᠭᠤᠯᠬᠤ ᠲᠤᠬᠠᠶ ᠲᠣᠭᠲᠠᠭ᠋ᠠᠯ》᠎ᠢ ᠨᠠᠶ᠋ᠢᠳᠠᠪᠤᠷᠢᠵᠢᠭᠤᠯᠤᠨ ᠨᠠᠷᠢᠯᠢᠭᠵᠢᠭᠤᠯᠵᠤ᠂ ᠪᠥᠬᠥ ᠬᠦᠴᠦᠨ ᠵᠶ᠋ᠠᠷ ᠵᠶ᠋ᠠᠨ ᠨᠡᠭᠡᠭᠡᠯᠲᠡ ᠵᠢ ᠥᠷᠭᠡᠳᠬᠡᠵᠦ᠂ ᠠᠷᠠᠯᠵᠢᠶᠠᠴᠢᠨ ᠤᠷᠢᠬᠤ ᠵᠢ ᠠᠳᠬᠤᠵᠤ᠂ ᠭᠠᠳᠠᠭ᠋ᠠᠳᠤ ᠠᠷᠠᠯᠵᠢᠶ᠎ᠠ ᠵᠢ ᠲᠣᠭᠲᠠᠪᠤᠷᠢᠵᠢᠭᠤᠯᠵᠤ᠂ ᠭᠠᠳᠠᠭ᠋ᠠᠳᠤ ᠪᠠᠯᠠ ᠵᠢ ᠥᠷᠭᠡᠳᠬᠡᠵᠦ᠂ ᠬᠡᠷᠡᠭᠯᠡᠭᠡ ᠵᠢ ᠠᠬᠢᠭᠤᠯᠵᠤ᠂ ᠬᠢᠯᠢ ᠵᠢᠨ ᠪᠣᠭᠣᠮᠲᠠ ᠵᠢ ᠬᠦᠴᠦᠷᠬᠡᠭᠵᠢᠭᠦᠯᠵᠦ᠂ 2023 ᠣᠨ᠎ᠳᠤ᠂ ᠪᠥᠬᠥ ᠣᠷᠣᠨ᠎ᠤ ᠠᠷᠠᠯᠵᠢᠶᠠᠴᠢᠨ ᠤᠷᠢᠵᠤ ᠪᠠᠯᠠ ᠣᠷᠣᠭᠤᠯᠬᠤ᠂ ᠭᠠᠳᠠᠭ᠋ᠠᠳᠤ ᠠᠷᠠᠯᠵᠢᠶᠠᠨ᠎ᠤ ᠭᠠᠳᠠᠭ᠋ᠠᠳᠤ᠎ᠠᠴᠠ ᠣᠷᠣᠭᠤᠯᠵᠤ ᠭᠠᠳᠠᠭ᠋ᠠᠳᠤ᠎ᠳᠤ ᠭᠠᠷᠭ᠋ᠠᠬᠤ᠂ ᠬᠢᠯᠢ ᠵᠢᠨ ᠪᠣᠭᠣᠮᠲᠠ ᠵᠢᠨ ᠪᠠᠷᠠᠭ᠋ᠠᠨ᠎ᠤ ᠲᠡᠭᠡᠭᠡᠪᠦᠷᠢ ᠵᠢᠨ ᠬᠡᠮᠵᠢᠶ᠎ᠡ ᠵᠡᠷᠭᠡ 3 ᠵᠦᠢ᠍ᠯ᠎ᠤᠨ ᠭᠦᠢ᠍ᠴᠡᠳᠭᠡᠯ ᠲᠣᠭ᠎ᠠ ᠲᠡᠦᠬᠡᠲᠦ ᠴᠢᠨᠠᠷᠲᠠᠶ ᠰᠢᠪᠲᠤᠯᠤᠯᠲᠠ᠎ᠲᠠᠢ ᠪᠣᠯᠵᠣ᠂ ᠪᠥᠬᠥ ᠵᠢᠯ᠎ᠳᠤ ᠤᠯᠤᠰ᠎ᠤᠨ ᠳᠣᠲᠣᠭ᠋ᠠᠳᠤ ᠵᠢᠨ ᠪᠣᠳᠠᠲᠠᠶ ᠪᠠᠯᠠ; ᠪᠥᠬᠥ ᠵᠢᠯ᠎ᠤᠨ ᠭᠠᠳᠠᠭ᠋ᠠᠳᠤ ᠠᠷᠠᠯᠵᠢᠶᠠᠨ᠎ᠤ ᠭᠠᠳᠠᠭ᠋ᠠᠳᠤ ᠣᠷᠣᠭᠤᠯᠤᠯᠲᠠ ᠭᠠᠷᠭ᠋ᠠᠯᠲᠠ 1965.3 ᠳ᠋ᠦᠩᠰᠢᠭᠤᠷ ᠲᠥᠭᠥᠷᠢᠭ᠎ᠲᠤ ᠬᠦᠷᠴᠦ᠂ ᠪᠥᠬᠥ ᠤᠯᠤᠰ᠎ᠲᠤ 2 ᠳ᠋ᠤᠭ᠋ᠠᠷ᠎ᠲᠤ ᠣᠷᠣᠵᠤ᠂ ᠨᠡᠮᠡᠭᠳᠡᠯ᠎ᠤᠨ ᠬᠤᠷᠳᠤᠴᠠ᠎ᠨᠢ ᠪᠥᠬᠥ ᠤᠯᠤᠰ᠎ᠲᠤ ᠭᠤᠷᠪᠠᠳᠤᠭ᠋ᠠᠷ᠎ᠲᠤ ᠣᠷᠣᠪᠠ; ᠪᠥᠬᠥ ᠵᠢᠯ᠎ᠤᠨ ᠪᠣᠭᠣᠮᠲᠠ ᠵᠢᠨ ᠪᠠᠷᠠᠭ᠋ᠠᠨ᠎ᠤ ᠲᠡᠭᠡᠭᠡᠪᠦᠷᠢ ᠵᠢᠨ ᠬᠡᠮᠵᠢᠶ᠎ᠡ 1.078 ᠳ᠋ᠦᠩᠰᠢᠭᠤᠷ ᠲᠣᠨ᠎ᠳᠤ ᠬᠦᠷᠴᠦ᠂ ᠮᠠᠨ᠎ᠤ ᠤᠯᠤᠰ᠎ᠤᠨ ᠬᠢᠯᠢ ᠳᠠᠭ᠋ᠠᠤ ᠬᠠᠭᠤᠷᠠᠶ ᠵᠠᠮ᠎ᠤᠨ ᠪᠣᠭᠣᠮᠲᠠ ᠵᠢᠨ ᠠᠩᠬᠠᠳᠠᠭᠴᠢ ᠪᠠᠷᠠᠭ᠋ᠠᠨ᠎ᠤ ᠲᠡᠭᠡᠭᠡᠪᠦᠷᠢ ᠵᠢᠨ ᠬᠡᠮᠵᠢᠶ᠎ᠡ ᠳ᠋ᠦᠩᠰᠢᠭᠤᠷ ᠲᠣᠨ᠎ᠢ ᠳᠠᠪᠠᠭᠰᠠᠨ ᠮᠤᠵᠢ ᠣᠷᠣᠨ ᠪᠣᠯᠪᠠ᠃