ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠢᠯᠡ ᠵᠠᠰᠠᠭ   -   ᠨᠠᠮ᠎ᠤᠨ ᠠᠵᠢᠯ᠎ᠢ ᠢᠯᠡ ᠪᠣᠯᠭᠠᠬᠤ
ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ ᠨᠠᠮ᠎ᠤᠨ ᠰᠠᠬᠢᠯᠭ᠎ᠠ ᠪᠠᠲᠤ ᠵᠢᠨ ᠰᠤᠷᠤᠯᠴᠠᠯᠭ᠎ᠠ ᠬᠥᠮᠦᠵᠢᠯ᠎ᠤᠨ ᠮᠡᠳᠡᠯᠭᠡ ᠵᠢᠨ ᠰᠢᠯᠭ᠋ᠠᠯᠲᠠ ᠡᠷᠬᠢᠯᠡᠪᠡ
ᠨᠡᠶ᠋ᠢᠲᠡᠯᠡᠭᠰᠡᠨ ᠴᠠᠭ᠄ 2024-05-23

   ᠥᠷᠭᠡᠨ ᠣᠯᠠᠨ ᠨᠠᠮ᠎ᠤᠨ ᠭᠡᠰᠢᠭᠦᠨ᠂ ᠺᠠᠳ᠋ᠷᠴᠤᠳ᠎ᠤᠨ ᠨᠠᠮ᠎ᠤᠨ ᠰᠠᠬᠢᠯᠭ᠎ᠠ ᠪᠠᠲᠤ ᠵᠢᠨ ᠰᠤᠷᠤᠯᠴᠠᠯᠭ᠎ᠠ ᠬᠥᠮᠦᠵᠢᠯ᠎ᠢ ᠯᠠᠪᠳᠠᠭᠤᠨ ᠪᠠᠲᠤᠲᠠᠶ ᠥᠷᠨᠢᠭᠦᠯᠬᠦ ᠵᠢ ᠵᠣᠷᠢᠭᠵᠢᠭᠤᠯᠵᠤ᠂ ᠰᠢᠨ᠎ᠡ᠎ᠪᠠᠷ ᠵᠠᠰᠠᠪᠤᠷᠢ ᠣᠷᠣᠭᠤᠯᠤᠭᠰᠠᠨ 《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠰᠠᠬᠢᠯᠭ᠎ᠠ ᠪᠠᠲᠤ ᠵᠢᠨ ᠰᠢᠢ᠍ᠳᠭᠡᠯ ᠥᠭᠬᠦ ᠲᠦᠷᠢᠮ》᠎ᠤᠨ ᠰᠤᠷᠤᠯᠴᠠᠯᠭ᠎ᠠ ᠵᠢ ᠰᠢᠮᠳᠠᠭᠤᠯᠵᠤ᠂ ᠨᠠᠮ᠎ᠤᠨ ᠰᠠᠬᠢᠯᠭ᠎ᠠ ᠪᠠᠲᠤ ᠵᠢᠨ ᠰᠤᠷᠤᠯᠴᠠᠯᠭ᠎ᠠ ᠬᠥᠮᠦᠵᠢᠯ᠎ᠠᠴᠠ ᠨᠠᠰᠢᠬᠢ ᠰᠤᠷᠤᠯᠴᠠᠯᠭ᠎ᠠ ᠵᠢᠨ ᠦᠷ᠎ᠡ ᠪᠦᠲᠦᠮᠵᠢ ᠵᠢ ᠰᠢᠯᠭ᠋ᠠᠨ ᠪᠠᠶ᠋ᠢᠴᠠᠭ᠋ᠠᠬᠤ ᠵᠢᠨ ᠲᠥᠯᠥᠭᠡ᠂ 5 ᠳ᠋ᠤᠭ᠋ᠠᠷ ᠰᠠᠷ᠎ᠠ ᠵᠢᠨ 23᠎ᠤ ᠡᠳᠦᠷ᠂ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ᠎ᠤᠨ ᠪᠠᠶ᠋ᠢᠭᠤᠯᠭ᠎ᠠ ᠵᠢᠨ ᠨᠠᠮ᠎ᠤᠨ ᠬᠤᠷᠢᠶ᠎ᠠ 《ᠨᠠᠮ᠎ᠤᠨ ᠰᠠᠬᠢᠯᠭ᠎ᠠ ᠪᠠᠲᠤ ᠵᠢᠨ ᠰᠤᠷᠤᠯᠴᠠᠯᠭ᠎ᠠ ᠬᠥᠮᠦᠵᠢᠯ᠎ᠤᠨ ᠮᠡᠳᠡᠯᠭᠡ ᠵᠢᠨ ᠰᠢᠯᠭ᠋ᠠᠯᠲᠠ》 ᠡᠷᠭᠢᠯᠡᠪᠡ᠃ ᠲᠢᠩᠬᠢᠮ᠎ᠤᠨ ᠪᠠᠶ᠋ᠢᠭᠤᠯᠭ᠎ᠠ ᠵᠢᠨ ᠡᠯ᠎ᠡ ᠭᠠᠵᠠᠷ ᠲᠠᠰᠤᠭ᠂ ᠪᠣᠭᠤᠮᠲᠠ ᠵᠢᠨ ᠠᠯᠪᠠᠨ ᠬᠡᠷ᠂ ᠬᠠᠷᠢᠶ᠎ᠠ ᠠᠵᠢᠯ ᠦᠢ᠍ᠯᠡᠰ᠎ᠤᠨ ᠨᠢᠭᠡᠴᠢ ᠵᠢᠨ ᠨᠡᠶ᠋ᠢᠲᠡ 80 ᠭᠠᠷᠤᠶ ᠬᠥᠮᠦᠨ ᠰᠢᠯᠭ᠋ᠠᠯᠲᠠ᠎ᠳᠤ ᠣᠷᠣᠯᠴᠠᠵᠠᠶ᠃


5.23-1-1.jpg


   ᠡᠨᠡ ᠤᠳᠠᠭ᠋ᠠᠨ᠎ᠤ ᠰᠢᠯᠭ᠋ᠠᠯᠲᠠ᠎ᠨᠢ ᠬᠤᠭᠤᠰᠣᠨ ᠰᠡᠳᠦᠪ᠂ ᠰᠣᠩᠭᠤᠯᠲᠠ ᠵᠢᠨ ᠰᠡᠳᠦᠪ᠂ ᠮᠠᠭ᠋ᠠᠳᠯᠠᠯᠲᠠ ᠵᠢᠨ ᠰᠡᠳᠦᠪ ᠵᠶ᠋ᠠᠷ ᠭᠤᠤᠯ ᠪᠣᠯᠭ᠋ᠠᠵᠤ᠂ ᠭᠤᠤᠯᠳᠠᠭᠤ ᠨᠠᠮ᠎ᠤᠨ ᠭᠡᠰᠢᠭᠦᠨ᠂ ᠺᠠᠳ᠋ᠷᠴᠤᠳ᠎ᠤᠨ ᠰᠢᠨ᠎ᠡ᠎ᠪᠠᠷ ᠵᠠᠰᠠᠪᠤᠷᠢ ᠣᠷᠣᠭᠤᠯᠤᠭᠰᠠᠨ 《ᠲᠦᠷᠢᠮ》᠎ᠳᠠᠬᠢ ᠤᠯᠤᠰ ᠲᠥᠷᠥ ᠵᠢᠨ ᠰᠠᠬᠢᠯᠭ᠎ᠠ ᠪᠠᠲᠤ᠂ ᠵᠣᠬᠢᠶᠠᠨ ᠪᠠᠶ᠋ᠢᠭᠤᠯᠤᠯᠲᠠ ᠵᠢᠨ ᠰᠠᠬᠢᠯᠭ᠎ᠠ ᠪᠠᠲᠤ᠂ ᠠᠷᠢᠭᠤᠨ ᠴᠢᠬᠡᠴᠢ ᠵᠢᠨ ᠰᠠᠬᠢᠯᠭ᠎ᠠ ᠪᠠᠲᠤ᠂ ᠣᠯᠠᠨ ᠲᠦᠮᠡᠨ᠎ᠤ ᠰᠠᠬᠢᠯᠭ᠎ᠠ ᠪᠠᠲᠤ᠂ ᠠᠵᠢᠯ᠎ᠤᠨ ᠰᠠᠬᠢᠯᠭ᠎ᠠ ᠪᠠᠲᠤ ᠪᠠ ᠠᠮᠢᠳᠤᠷᠠᠯ᠎ᠤᠨ ᠰᠠᠬᠢᠯᠭ᠎ᠠ ᠪᠠᠲᠤ ᠵᠡᠷᠭᠡ 《ᠵᠢᠷᠭᠤᠭ᠋ᠠᠨ ᠵᠦᠢ᠍ᠯ᠎ᠤᠨ ᠰᠠᠬᠢᠯᠭ᠎ᠠ ᠪᠠᠲᠤ》 ᠵᠢ ᠡᠵᠡᠮᠰᠢᠭᠰᠡᠨ ᠪᠠᠶ᠋ᠢᠳᠠᠯ᠂ ᠢᠯᠠᠩᠭᠤᠶ᠎ᠠ ᠰᠢᠨ᠎ᠡ᠎ᠪᠠᠷ ᠨᠡᠮᠡᠭᠳᠡᠭᠰᠡᠨ 16 ᠵᠦᠢ᠍ᠯ᠎ᠤᠨ ᠠᠭᠤᠯᠭ᠎ᠠ ᠪᠠ ᠵᠠᠰᠠᠪᠤᠷᠢ ᠣᠷᠣᠭᠤᠯᠤᠭᠰᠠᠨ 76 ᠵᠦᠢ᠍ᠯ᠎ᠤᠨ ᠠᠭᠤᠯᠭ᠎ᠠ᠎ᠳᠤ ᠬᠢᠨᠠᠨ ᠪᠠᠶ᠋ᠢᠴᠠᠭ᠋ᠠᠯᠲᠠ ᠬᠢᠪᠠ᠃

   ᠰᠢᠯᠭ᠋ᠠᠯᠲᠠ ᠳᠠᠭᠤᠰᠤᠭᠰᠠᠨ᠎ᠤ ᠳᠠᠷᠠᠭ᠎ᠠ᠂ ᠣᠯᠠᠨ ᠵᠶ᠋ᠠᠷ ᠵᠶ᠋ᠠᠨ᠂ ᠡᠯᠪᠡᠭ ᠪᠠᠶᠠᠯᠢᠭ ᠣᠯᠠᠨ ᠶᠠᠩᠵᠤ ᠵᠢᠨ ᠰᠤᠷᠤᠯᠴᠠᠬᠤ ᠬᠡᠯᠪᠡᠷᠢ᠎ᠪᠠᠷ ᠳᠠᠮᠵᠢᠭᠤᠯᠤᠨ᠂ ᠰᠤᠷᠤᠯᠴᠠᠯᠭ᠎ᠠ ᠬᠥᠮᠦᠵᠢᠯ᠎ᠢ ᠯᠠᠪᠳᠠᠭᠤᠨ ᠪᠠᠲᠤᠲᠠᠶ ᠥᠷᠨᠢᠭᠦᠯᠬᠦ᠎ᠳᠤ ᠠᠰᠢᠭᠲᠠᠶ ᠪᠠᠶ᠋ᠢᠵᠤ᠂ ᠨᠠᠮ᠎ᠤᠨ ᠰᠠᠬᠢᠯᠭ᠎ᠠ ᠪᠠᠲᠤ ᠵᠢᠨ ᠪᠠᠶ᠋ᠢᠭᠤᠯᠤᠯᠲᠠ ᠵᠢ ᠴᠢᠩᠭ᠋ᠠᠳᠬᠠᠬᠤ ᠵᠢᠨ ᠴᠢᠬᠤᠯᠠ ᠴᠢᠨᠠᠷ᠎ᠢ ᠭᠦᠨᠵᠡᠭᠡᠶ ᠤᠶ᠋ᠢᠯᠠᠭ᠋ᠠᠨ ᠡᠵᠡᠮᠰᠢᠵᠦ᠂ ᠨᠠᠮ᠎ᠤᠨ ᠰᠠᠬᠢᠯᠭ᠎ᠠ ᠪᠠᠲᠤ ᠵᠢᠨ ᠰᠤᠷᠤᠯᠴᠠᠯᠭ᠎ᠠ ᠬᠥᠮᠦᠵᠢᠯ᠎ᠢ ᠥᠷᠨᠢᠭᠦᠯᠬᠦ ᠵᠢᠨ ᠴᠢᠬᠤᠯᠠ ᠶᠡᠭᠡ ᠠᠴᠢ ᠬᠤᠯᠪᠣᠭᠳᠠᠯ᠎ᠢ ᠭᠦᠢ᠍ᠴᠡᠳ ᠲᠠᠨᠢᠬᠤ᠎ᠳᠤ ᠢᠳᠡᠪᠬᠢᠲᠡᠶ ᠦᠢ᠍ᠯᠡᠳᠦᠯ ᠦᠵᠡᠭᠦᠯᠦᠨ᠎ᠡ ᠭᠡᠵᠦ ᠢᠯᠡᠳᠬᠡᠵᠡᠭᠡᠪᠡ;  ᠡᠨᠡ ᠤᠳᠠᠭ᠎ᠠ ᠵᠢᠨ ᠰᠢᠯᠭ᠋ᠠᠯᠲᠠ᠎ᠪᠠᠷ ᠲᠠᠮᠵᠢᠨ᠂ ᠨᠠᠮ᠎ᠤᠨ ᠭᠡᠰᠢᠭᠦᠨ᠂ ᠺᠠᠳ᠋ᠷᠴᠤᠳ ᠠᠵᠢᠯ ᠠᠮᠢᠳᠤᠷᠠᠯ᠎ᠤᠨ ᠳᠤᠮᠳᠠ ᠴᠠᠭ ᠢᠮᠠᠭᠲᠠ ᠢᠲᠡᠭᠡᠯ ᠪᠢᠰᠢᠷᠡᠯ᠎ᠤᠨ 《ᠶᠡᠷᠦᠩᠬᠡᠢ ᠨᠡᠭᠡᠭᠡᠯᠭᠡ》 ᠵᠢ ᠴᠢᠩᠭ᠎ᠠ   ᠠᠳᠬᠤᠵᠤ᠂ ᠦᠵᠡᠯ ᠰᠠᠨᠠᠭ᠋ᠠᠨ᠎ᠤ 《ᠲᠤᠭᠲᠠᠭ᠋ᠠᠬᠤ ᠤᠷᠤᠨ》 ᠰᠠᠢ᠌ᠨ ᠰᠠᠢ᠌ᠬᠠᠨ ᠤᠪᠤᠷ ᠰᠤᠷᠲᠠᠯ᠎ᠤᠨ 《ᠬᠦᠯᠢᠶᠡᠰᠦᠯᠡᠬᠦ    ᠲᠠᠷᠨᠢ》 ᠵᠢ ᠪᠠᠲᠤ ᠡᠵᠡᠮᠳᠡᠵᠦ᠂ 《ᠬᠤᠶᠠᠷ᠎ᠢ ᠲᠣᠭᠲᠠᠭ᠋ᠠᠬᠤ》 ᠵᠢ ᠡᠷᠡᠰ ᠬᠦᠷᠢᠶᠡᠯᠡᠵᠦ᠂ 《ᠬᠤᠶᠠᠷ᠎ᠢ ᠬᠠᠮᠠᠭ᠋ᠠᠯᠠᠬᠤ》 ᠵᠢ ᠡᠷᠡᠰ ᠪᠡᠶᠡᠯᠡᠭᠦᠯᠵᠦ᠂ ᠤᠬᠠᠮᠰᠠᠷ᠎ᠠᠴᠠ᠎ᠪᠠᠨ ᠰᠢ ᠵᠢᠨ ᠫᠢᠩ ᠨᠥᠬᠦᠷ ᠵᠶ᠋ᠠᠷ ᠭᠤᠣᠯ ᠪᠣᠯᠭ᠋ᠠᠭᠰᠠᠨ ᠨᠠᠮ᠎ᠤᠨ ᠲᠥᠪ ᠬᠤᠷᠢᠶ᠎ᠠ᠎ᠲᠠᠢ ᠳᠡᠭᠡᠳᠦ ᠬᠡᠮᠵᠢᠶ᠎ᠡ᠎ᠪᠠᠷ ᠨᠢᠭᠡᠳᠦᠯᠲᠡᠢ ᠪᠠᠶ᠋ᠢᠵᠤ᠂ ᠦᠵᠡᠯ ᠰᠠᠨᠠᠭ᠎ᠠ᠎ᠪᠠᠨ ᠨᠢᠭᠡᠳᠬᠡᠵᠦ᠂ ᠦᠢ᠍ᠯᠡ ᠠᠵᠢᠯᠯᠠᠭ᠎ᠠ᠎ᠪᠠᠨ ᠨᠢᠭᠡᠳᠬᠡᠵᠦ᠂ ᠰᠠᠬᠢᠯᠭ᠎ᠠ ᠪᠠᠲᠤ ᠵᠢ ᠵᠢᠷᠤᠮᠯᠠᠬᠤ ᠤᠬᠠᠮᠰᠠᠷ ᠵᠶ᠋ᠠᠨ ᠴᠢᠩᠭ᠋ᠠᠳᠬᠠᠵᠤ᠂ ᠰᠠᠬᠢᠯᠭ᠎ᠠ ᠪᠠᠲᠤ ᠵᠢ ᠰᠤᠷᠤᠯᠴᠠᠬᠤ᠂ ᠰᠠᠬᠢᠯᠭ᠎ᠠ ᠪᠠᠲᠤ ᠵᠢ ᠮᠡᠳᠡᠬᠦ᠂ ᠰᠠᠬᠢᠯᠭ᠎ᠠ ᠪᠠᠲᠤ ᠵᠢ ᠤᠢ᠌ᠯᠠᠭ᠋ᠠᠬᠤ᠂ ᠰᠠᠬᠢᠯᠭ᠎ᠠ ᠪᠠᠲᠤ ᠵᠢ ᠰᠠᠬᠢᠬᠤ ᠵᠢ ᠦᠨᠡᠨᠬᠦ ᠪᠡᠶᠡᠯᠡᠭᠦᠯᠵᠦ᠂ ᠤᠯᠤᠰ ᠲᠦᠷᠦ ᠵᠢᠨ ᠲᠣᠭᠲᠠᠯ ᠬᠦᠴᠦᠨ᠂ ᠰᠠᠬᠢᠯᠭ᠎ᠠ ᠪᠠᠲᠤ ᠵᠢᠨ ᠲᠣᠭᠲᠠᠯ ᠬᠦᠴᠦᠨ᠂ ᠶᠣᠰᠣ ᠰᠤᠷᠲᠠᠬᠤᠨ᠎ᠤ ᠲᠣᠭᠲᠠᠯ ᠬᠦᠴᠦᠨ᠂ ᠢᠯᠵᠠᠷᠠᠯ᠎ᠢ ᠡᠰᠡᠷᠭᠦᠴᠡᠬᠦ ᠲᠣᠭᠲᠠᠯ ᠬᠦᠴᠦᠨ ᠵᠶ᠋ᠠᠨ ᠲᠠᠰᠤᠷᠠᠯᠲᠠ ᠦᠭᠡᠢ ᠴᠢᠩᠭ᠋ᠠᠳᠬᠠᠬᠤ ᠪᠣᠯᠤᠨ᠎ᠠ᠃

   ᠲᠠᠷᠠᠭ᠋ᠠᠴᠢ ᠵᠢᠨ ᠠᠯᠬᠤᠮ᠎ᠳᠤ᠂ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ᠎ᠤᠨ ᠪᠠᠶ᠋ᠢᠭᠤᠯᠭ᠎ᠠ ᠵᠢᠨ ᠨᠠᠮ᠎ᠤᠨ ᠬᠤᠷᠢᠶ᠎ᠠ ᠪᠠᠰᠠ 《ᠲᠦᠷᠢᠮ》᠎ᠤᠨ ᠪᠣᠳᠠᠲᠠᠶ ᠠᠭᠤᠯᠭ᠎ᠠ ᠵᠢᠨ ᠲᠣᠭᠤᠷᠢᠨ᠎ᠳᠤ᠂ ᠬᠠᠨᠳᠤᠯᠭ᠋ᠠᠲᠤ ᠴᠢᠨᠠᠷᠲᠠᠶ᠂ ᠲᠥᠷᠥᠯ ᠬᠤᠪᠢᠶᠠᠨ ᠣᠨᠳᠣᠤ ᠮᠡᠳᠡᠯᠭᠡ ᠵᠢᠨ ᠰᠢᠯᠭ᠋ᠠᠯᠲᠠ ᠡᠷᠭᠢᠯᠡᠬᠦ ᠪᠣᠯᠤᠨ᠎ᠠ᠃


5.23-1-2.jpg

 

ᠢᠷᠡᠯᠲᠡ᠄ ᠪᠠᠶ᠋ᠢᠭᠤᠯᠭ᠎ᠠ ᠵᠢᠨ ᠨᠠᠮ᠎ᠤᠨ ᠬᠤᠷᠢᠶ᠎ᠠ
          
ᠬᠠᠮᠢᠶ᠎ᠡ ᠪᠦᠬᠦᠢ ᠰᠣᠨᠢᠨ
ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ 2024 ᠣᠨ᠎ᠤ ᠪᠠᠶ᠋ᠢᠭᠤᠯᠭ᠎ᠠ ᠵᠢᠨ ᠨᠠᠮ᠎ᠤᠨ ᠪᠠᠶ᠋ᠢᠭᠤᠯᠤᠯᠲᠠ ᠵᠢᠨ ᠠᠵᠢᠯ᠎ᠤᠨ ᠲᠣᠬᠢᠷᠠᠭᠤᠯᠤᠯᠲᠠ ᠵᠢᠨ ᠬᠤᠷᠠᠯ ᠵᠢᠴᠢ ᠨᠠᠮ᠎ᠤᠨ ᠡᠭᠦᠷ᠎ᠤᠨ ᠱᠦᠵᠢ ᠵᠢᠨ ᠠᠵᠢᠯ᠎ᠤᠨ ᠬᠤᠷᠠᠯ ᠬᠤᠷᠠᠯᠳᠤᠭᠤᠯᠪᠠ
ᠦᠨᠳᠦᠰᠦᠲᠡᠨ᠎ᠤ ᠲᠦᠷᠦ ᠵᠢᠨ ᠪᠤᠳᠤᠯᠭ᠎ᠠ ᠵᠢᠨ ᠤᠬᠠᠭᠤᠯᠭ᠎ᠠ ᠵᠢᠨ ᠰᠠᠷ᠎ᠠ —   ᠬᠠᠮᠲᠤ᠎ᠪᠠᠷ ᠵᠶ᠋ᠠᠨ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢ ᠠᠬᠢᠭᠤᠯᠬᠤ ᠲᠦᠷᠢᠮ》 (ᠨᠢᠭᠡᠳᠦᠭᠡᠷ ᠪᠦᠯᠦᠭ ᠶᠡᠷᠦᠩᠬᠡᠶ ᠲᠦᠷᠢᠮ)᠎ᠢ ᠰᠤᠷᠤᠯᠴᠠᠪᠠ
ᠦᠨᠳᠦᠰᠦᠲᠡᠨ᠎ᠤ ᠲᠦᠷᠦ ᠵᠢᠨ ᠪᠤᠳᠤᠯᠭ᠎ᠠ ᠵᠢᠨ ᠤᠬᠠᠭᠤᠯᠭ᠎ᠠ ᠵᠢᠨ ᠰᠠᠷ᠎ᠠ — ᠬᠠᠮᠲᠤ᠎ᠪᠠᠷ ᠵᠶ᠋ᠠᠨ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢ ᠠᠬᠢᠭᠤᠯᠬᠤ ᠲᠦᠷᠢᠮ》 (ᠬᠤᠶᠠᠳᠤᠭ᠋ᠠᠷ ᠪᠦᠯᠦᠭ᠎ᠠᠴᠠ ᠲᠠᠪᠤᠳᠤᠭ᠋ᠠᠷ ᠪᠦᠯᠦᠭ)᠎ᠢ ᠰᠤᠷᠤᠯᠴᠠᠪᠠ
ᠦᠨᠳᠦᠰᠦᠲᠡᠨ᠎ᠤ ᠲᠦᠷᠦ ᠵᠢᠨ ᠪᠤᠳᠤᠯᠭ᠎ᠠ ᠵᠢᠨ ᠤᠬᠠᠭᠤᠯᠭ᠎ᠠ ᠵᠢᠨ ᠰᠠᠷ᠎ᠠ — ᠬᠠᠮᠲᠤ᠎ᠪᠠᠷ ᠵᠶ᠋ᠠᠨ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢ ᠠᠬᠢᠭᠤᠯᠬᠤ ᠲᠦᠷᠢᠮ》 (ᠵᠢᠷᠭᠤᠳᠤᠭ᠋ᠠᠷ ᠪᠦᠯᠦᠭ᠎ᠠᠴᠠ ᠨᠠᠢ᠍ᠮᠠᠳᠤᠭ᠋ᠠᠷ ᠪᠦᠯᠦᠭ ᠬᠦᠷᠲᠡᠯ᠎ᠡ)᠎ᠢ ᠰᠤᠷᠤᠯᠴᠠᠪᠠ
ᠨᠠᠮ᠎ᠤᠨ ᠰᠠᠬᠢᠯᠭ᠎ᠠ ᠪᠠᠲᠤ ᠵᠢᠨ ᠰᠤᠷᠤᠯᠴᠠᠯᠭ᠎ᠠ ᠬᠥᠮᠦᠵᠢᠯ ·  ᠡᠳᠦᠷ ᠪᠦᠷᠢ ᠵᠢᠨ ᠬᠢᠴᠢᠶᠡᠯ — ᠨᠠᠮ ᠪᠠ ᠨᠠᠮ᠎ᠢ ᠵᠠᠰᠠᠬᠤ ᠤᠯᠤᠰ ᠲᠥᠷᠥ ᠵᠢᠨ ᠬᠠᠷᠢᠭᠤᠴᠠᠯᠭ᠎ᠠ ᠠᠯᠳᠠᠭᠰᠠᠨ ᠶᠠᠪᠤᠳᠠᠯ᠎ᠢ ᠰᠢᠢ᠍ᠳᠭᠡᠬᠦ ᠲᠤᠬᠠᠢ ᠲᠣᠭᠲᠠᠭ᠋ᠠᠯ
 
            