ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠢᠯᠡ ᠵᠠᠰᠠᠭ   -   ᠪᠢᠴᠢᠭ ᠮᠠᠲ᠋ᠧᠷᠢᠶᠠᠯ
ᠲᠠᠪᠤᠳᠤᠭ᠋ᠠᠷ ᠪᠦᠯᠦᠭ᠎ᠤᠨ 《ᠥᠪᠥᠷ ᠮᠣᠩᠭᠣᠯ᠎ᠤᠨ ᠬᠠᠭᠤᠴᠢᠨ ᠨᠠᠷᠠᠲᠤ ᠲᠡᠮᠳᠡᠭᠲᠦ》 ᠵᠢᠨ ᠨᠠᠷᠠᠲᠤ ᠲᠥᠷᠥᠯ ᠲᠡᠮᠳᠡᠭᠲᠦ ᠵᠢᠨ ᠢᠯᠡ ᠨᠡᠢ᠌ᠳᠠᠯᠡᠯ
ᠨᠡᠶ᠋ᠢᠲᠡᠯᠡᠭᠰᠡᠨ ᠴᠠᠭ᠄ 2022-01-21

     《ᠲᠠᠪᠤᠳᠤᠭ᠋ᠠᠷ ᠪᠦᠯᠦᠭ᠎ᠤᠨ 〈ᠥᠪᠥᠷ ᠮᠣᠩᠭᠣᠯ᠎ᠤᠨ ᠬᠠᠭᠤᠴᠢᠨ ᠨᠡᠷᠡᠲᠦ ᠲᠡᠮᠳᠡᠭᠲᠦ〉 ᠵᠢ ᠮᠠᠭ᠋ᠠᠳᠯᠠᠨ ᠲᠣᠭᠲᠠᠭ᠋ᠠᠬᠤ ᠠᠵᠢᠯ᠎ᠢ ᠥᠷᠨᠢᠭᠦᠯᠬᠦ ᠲᠤᠬᠠᠶ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ᠎ᠤᠨ ᠮᠡᠳᠡᠭᠳᠡᠯ》᠎ᠤᠨ ᠱᠠᠭ᠋ᠠᠷᠳᠠᠯᠭ᠎ᠠ ᠵᠢ ᠦᠨᠳᠦᠰᠦᠯᠡᠨ᠂ ᠠᠵᠤ ᠠᠬᠤᠶ᠋ᠢᠯᠠᠯ ᠪᠡᠶ᠎ᠡ᠎ᠪᠠᠨ ᠳᠠᠭ᠋ᠠᠭ᠋ᠠᠵᠤ ᠭᠤᠶᠤᠴᠢᠯᠠᠨ ᠮᠡᠳᠡᠭᠦᠯᠬᠦ᠂ ᠠᠶ᠋ᠢᠮᠠᠭ ᠬᠣᠲᠠ ᠵᠢᠨ ᠬᠤᠳᠠᠯᠳᠤᠭ᠋ᠠᠨ᠎ᠤ ᠶᠠᠪᠤᠳᠠᠯ᠎ᠤᠨ ᠲᠣᠪᠴᠢᠶ᠎ᠠ᠎ᠠᠴᠠ ᠠᠩᠬ᠎ᠠ ᠬᠢᠨᠠᠵᠤ ᠲᠠᠨᠢᠯᠴᠠᠭᠤᠯᠬᠤ᠂ ᠲᠤᠰᠬᠠᠶ ᠮᠡᠷᠭᠡᠵᠢᠯᠲᠡᠨ᠎ᠤ ᠳᠤᠭᠤᠶ᠋ᠢᠯᠠᠩ᠎ᠠᠴᠠ ᠤᠯᠤᠰ᠎ᠤᠨ 《ᠢᠲᠡᠭᠡᠮᠵᠢ》 ᠵᠢᠨ ᠬᠠᠮᠢᠶ᠎ᠠ ᠪᠥᠬᠥᠶ ᠰᠦᠯᠵᠢᠶᠡᠨ ᠥᠷᠲᠡᠭᠡ ᠵᠢ ᠬᠢᠨᠠᠨ ᠪᠠᠶ᠋ᠢᠴᠠᠭ᠋ᠠᠬᠤ᠂   ᠪᠠᠶ᠋ᠢᠴᠠᠭ᠋ᠠᠨ ᠠᠰᠠᠭᠤᠬᠤ᠂ ᠬᠤᠪᠢ ᠲᠣᠭᠲᠠᠭ᠋ᠠᠵᠤ ᠳᠠᠬᠢᠨ ᠬᠢᠨᠠᠬᠤ ᠵᠢᠴᠢ ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ ᠲᠢᠩᠬᠢᠮ᠎ᠤᠨ ᠶᠠᠪᠤᠳᠠᠯ᠎ᠤᠨ ᠬᠤᠷᠠᠯ᠎ᠠᠴᠠ ᠬᠢᠨᠠᠨ ᠲᠣᠭᠲᠠᠭ᠋ᠠᠬᠤ ᠵᠡᠷᠭᠡ ᠲᠠᠰ ᠳᠠᠷᠠᠭ᠋ᠠᠯᠠᠯ ᠵᠶ᠋ᠠᠷ ᠳᠡᠮᠵᠢᠨ᠂ ᠪᠥᠬᠥ ᠣᠷᠣᠨ᠎ᠳᠤ ᠨᠡᠶ᠋ᠢᠲᠡ 16 《ᠬᠠᠭᠤᠴᠢᠨ ᠨᠠᠷᠠᠲᠤ ᠲᠡᠮᠳᠡᠭᠲᠦ》 ᠨᠠᠷᠠᠲᠤ ᠲᠥᠷᠥᠯ ᠲᠡᠮᠳᠡᠭᠲᠦ ᠵᠢ ᠡᠴᠦᠰ᠎ᠤᠨ ᠰᠢᠯᠭ᠋ᠠᠷᠠᠭᠤᠯᠤᠯᠲᠠ᠎ᠳᠤ ᠣᠷᠣᠭᠤᠯᠵᠤ᠂ ᠲᠠᠪᠤᠳᠤᠭ᠋ᠠᠷ ᠪᠦᠯᠦᠭ᠎ᠤᠨ 《ᠥᠪᠥᠷ ᠮᠣᠩᠭᠣᠯ᠎ᠤᠨ ᠬᠠᠭᠤᠴᠢᠨ ᠨᠠᠷᠠᠲᠤ ᠲᠡᠮᠳᠡᠭᠲᠦ》᠎ᠪᠠᠷ ᠮᠠᠭ᠋ᠠᠳᠯᠠᠨ ᠲᠣᠭᠲᠠᠭ᠋ᠠᠬᠤ᠎ᠪᠠᠷ   ᠪᠠᠢ᠌ᠨ᠎ᠠ᠃ ᠲᠤᠤᠷ᠎ᠠ ᠨᠡᠷᠡᠰ᠎ᠢ ᠵᠠᠷᠯᠠᠨ ᠨᠡᠶ᠋ᠢᠲᠡᠯᠡᠶ᠎ᠡ᠂ ᠵᠠᠷᠯᠠᠨ ᠨᠡᠶ᠋ᠢᠲᠡᠯᠡᠬᠦ ᠬᠤᠭᠤᠴᠠᠭ᠎ᠠ᠎ᠨᠢ᠄ 2021 ᠣᠨ᠎ᠤ 12 ᠰᠠᠷ᠎ᠠ ᠵᠢᠨ 10᠎ᠤ ᠡᠳᠦᠷ᠎ᠠᠴᠠ 12 ᠰᠠᠷ᠎ᠠ ᠵᠢᠨ 16᠎ᠤ ᠡᠳᠦᠷ ᠪᠤᠯᠳᠠᠯ᠎ᠠ᠂ ᠨᠡᠶ᠋ᠢᠲᠡ 7 ᠡᠳᠦᠷ ᠪᠣᠯᠤᠨ᠎ᠠ᠃
      ᠵᠠᠷᠯᠠᠨ ᠨᠡᠶ᠋ᠢᠲᠡᠯᠡᠬᠦ ᠬᠤᠭᠤᠴᠠᠭ᠋ᠠᠨ᠎ᠳᠤ᠂ ᠶᠠᠮᠠᠷᠪᠠ ᠨᠢᠭᠡᠴᠡ ᠪᠠ ᠬᠤᠪᠢ ᠬᠥᠮᠦᠨ ᠬᠡᠷᠪᠡ ᠣᠨᠳᠣᠤ ᠰᠠᠨᠠᠯ᠎ᠲᠠᠢ ᠪᠠᠶ᠋ᠢᠪᠠᠯ᠂ ᠰᠢᠭᠤᠳ ᠢᠷᠡᠵᠤ ᠲᠤᠰᠬᠠᠬᠤ᠂   ᠤᠳᠠᠰᠤᠳᠠᠬᠤ᠂ ᠵᠠᠬᠢᠳᠠᠯ   ᠶᠠᠪᠤᠭᠤᠯᠬᠤ   ᠵᠡᠷᠭᠡ ᠠᠷᠭ᠎ᠠ ᠮᠠᠶᠢᠭ ᠵᠶ᠋ᠠᠷ ᠲᠤᠰᠬᠠᠵᠤ ᠪᠣᠯᠤᠨ᠎ᠠ᠃ ᠪᠠᠶ᠋ᠢᠳᠠᠯ ᠪᠠ ᠠᠰᠠᠭᠤᠳᠠᠯ᠎ᠢ ᠲᠤᠰᠬᠠᠬᠤ᠎ᠳᠠᠭᠠᠨ ᠦᠨᠡᠨ᠎ᠠᠴᠠ ᠵᠥᠪ᠎ᠢ ᠡᠷᠢᠵᠦ᠂ ᠪᠤᠰᠤᠳᠴᠢ ᠲᠥᠪ ᠭᠣᠣᠯᠴᠢ ᠪᠠᠶ᠋ᠢᠬᠤ ᠬᠡᠷᠡᠭᠲᠡᠶ᠃ ᠬᠢᠨᠠᠨ ᠬᠠᠷᠭᠤᠭᠤᠯᠬᠤ᠎ᠳᠤ ᠲᠥᠬᠥᠮ ᠪᠣᠯᠭ᠋ᠠᠬᠤ ᠵᠢᠨ ᠲᠥᠯᠥᠭᠡ᠂ ᠲᠤᠰᠬᠠᠭᠴᠢ ᠵᠢᠨ ᠦᠨᠡᠨ ᠪᠣᠳᠠᠲᠠᠶ ᠨᠡᠷ᠎ᠡ᠂ ᠬᠠᠷᠢᠯᠴᠠᠬᠤ ᠠᠷᠭ᠎ᠠ ᠬᠡᠯᠪᠡᠷᠢ ᠪᠤᠶᠤ ᠠᠵᠢᠯᠯᠠᠬᠤ ᠨᠢᠭᠡᠴᠢ᠎ᠪᠠᠨ ᠬᠠᠩᠭ᠋ᠠᠬᠤ ᠵᠢ ᠰᠠᠨᠠᠭ᠋ᠠᠴᠢᠯᠠᠵᠤ ᠪᠠᠢ᠌ᠨ᠎ᠠ᠂ ᠪᠢᠳᠡ ᠠᠵᠢᠯ᠎ᠤᠨ ᠰᠠᠬᠢᠯᠭ᠎ᠠ ᠪᠠᠲᠤ ᠵᠢ ᠴᠢᠩᠭ᠎ᠠ ᠵᠢᠷᠤᠮᠯᠠᠨ᠂ ᠨᠢᠭᠤᠴᠠ ᠵᠢ ᠬᠠᠮᠠᠭ᠋ᠠᠯᠠᠬᠤ ᠡᠭᠦᠷᠭᠡ᠎ᠪᠠᠨ   ᠴᠢᠩᠭ᠎ᠠ ᠬᠦᠢ᠍ᠴᠡᠳᠬᠡᠨ᠎ᠠ᠃
      ᠭᠥᠯᠢᠶᠡᠨ ᠠᠪᠴᠤ ᠰᠢᠢ᠍ᠳᠪᠦᠷᠢᠯᠡᠬᠦ ᠨᠢᠭᠡᠴᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠤᠳᠠᠯᠳᠤᠭ᠋ᠠᠨ᠎ᠤ ᠶᠠᠪᠤᠳᠠᠯ᠎ᠤᠨ ᠲᠢᠩᠬᠢᠮ᠎ᠤᠨ   ᠭᠦᠢ᠍ᠯᠭᠡᠭᠡᠨ᠎ᠤ ᠦᠢ᠍ᠯᠡᠰ᠎ᠢ ᠬᠥᠭᠵᠢᠭᠦᠯᠬᠦ ᠭᠠᠵᠠᠷ
                          0471-6945209
      ᠬᠠᠷᠢᠯᠴᠠᠬᠤ ᠤᠲᠠᠰᠤ᠄ 0471-6946508

      ᠳᠠᠭ᠋ᠠᠯᠳᠤᠭᠤᠯᠤᠯ᠄ ᠲᠠᠪᠤᠳᠤᠭ᠋ᠠᠷ ᠪᠦᠯᠦᠭ᠎ᠤᠨ 《ᠥᠪᠥᠷ ᠮᠣᠩᠭᠣᠯ᠎ᠤᠨ ᠬᠠᠭᠤᠴᠢᠨ ᠨᠠᠷᠠᠲᠤ ᠲᠡᠮᠳᠡᠭᠲᠦ》 ᠵᠢᠨ ᠨᠠᠷᠠᠲᠤ ᠲᠥᠷᠥᠯ ᠲᠡᠮᠳᠡᠭᠲᠦ ᠵᠢᠨ ᠨᠡᠷᠡᠰ

                    2021 ᠣᠨ᠎ᠤ 12 ᠰᠠᠷ᠎ᠠ ᠵᠢᠨ 10᠎ᠤ ᠡᠳᠦᠷ

      ᠳᠠᠭ᠋ᠠᠯᠳᠤᠭᠤᠯᠤᠯ

      ᠲᠠᠪᠤᠳᠤᠭ᠋ᠠᠷ ᠪᠦᠯᠦᠭ᠎ᠤᠨ 《ᠥᠪᠥᠷ ᠮᠣᠩᠭᠣᠯ᠎ᠤᠨ ᠬᠠᠭᠤᠴᠢᠨ ᠨᠠᠷᠠᠲᠤ ᠲᠡᠮᠳᠡᠭᠲᠦ》 ᠵᠢᠨ ᠨᠠᠷᠠᠲᠤ ᠲᠥᠷᠥᠯ ᠲᠡᠮᠳᠡᠭᠲᠦ ᠵᠢᠨ ᠨᠡᠷᠡᠰ
              (ᠨᠡᠷᠡᠰ᠎ᠤᠨ ᠵᠢᠭᠰᠠᠭ᠋ᠠᠯᠲᠠ ᠵᠢ ᠡᠮᠦᠨ᠎ᠡ ᠬᠣᠶ᠋ᠢᠨ᠎ᠠ ᠭᠡᠵᠦ ᠬᠤᠪᠢᠶᠠᠬᠤ ᠦᠬᠡᠢ) 
1. ᠳ᠋ᠧ ᠱᠦᠨ ᠶᠤᠸᠠᠨ (ᠥᠪᠥᠷ ᠮᠣᠩᠭᠣᠯ᠎ᠤᠨ ᠳ᠋ᠧ ᠱᠦᠨ ᠶᠤᠸᠠᠨ ᠢᠳᠡᠭᠡᠨ ᠤᠮᠳᠠᠭ᠋ᠠᠨ᠎ᠤ ᠬᠠᠮᠢᠶᠠᠷᠤᠯᠲᠠ ᠵᠢᠨ ᠬᠢᠵᠠᠭ᠋ᠠᠷᠲᠤ ᠺᠣᠮᠫᠠᠨᠢ)
2. ᠵᠤᠸᠠᠨ ᠯᠦᠩ (ᠪᠤᠭᠤᠲᠤ ᠵᠢᠨ ᠵᠤᠸᠠᠨ ᠯᠦᠩ ᠠᠷᠢᠬᠢᠨ᠎ᠤ ᠦᠢ᠍ᠯᠡᠰ᠎ᠤᠨ ᠬᠢᠵᠠᠭ᠋ᠠᠷᠲᠤ ᠬᠠᠷᠢᠭᠤᠴᠠᠯᠭ᠋ᠠᠲᠤ ᠺᠣᠮᠫᠠᠨᠢ)
3. ᠶᠢᠩ ᠬᠤᠸᠠ ᠲᠡᠮᠳᠡᠭᠲᠦ (ᠪᠤᠭᠤᠲᠤ ᠵᠢᠨ ᠬᠢᠲᠠᠳ ᠡᠮ᠎ᠤᠨ ᠬᠢᠵᠠᠭ᠋ᠠᠷᠲᠤ ᠬᠠᠷᠢᠭᠤᠴᠠᠯᠭ᠋ᠠᠲᠤ ᠺᠣᠮᠫᠠᠨᠢ)
4. ᠰᠢᠨ᠎ᠡ ᠶᠡᠷᠦᠩᠬᠡᠶ ᠴᠣᠭᠴᠠ ᠵᠢᠨ ᠳ᠋ᠦᠩ ᠪᠠᠶ (ᠥᠪᠥᠷ ᠮᠣᠩᠭᠣᠯ᠎ᠤᠨ ᠳ᠋ᠦᠩ ᠪᠠᠶ ᠬᠤᠳᠠᠯᠳᠤᠭ᠋ᠠᠨ᠎ᠤ ᠬᠣᠲᠠ ᠵᠢᠨ ᠬᠤᠪᠢ ᠣᠷᠣᠭᠤᠯᠤᠭᠰᠠᠨ ᠬᠢᠵᠠᠭ᠋ᠠᠷᠲᠤ ᠺᠣᠮᠫᠠᠨᠢ)
5. ᠵᠧᠩ ᠪᠧᠶ (ᠥᠪᠥᠷ ᠮᠣᠩᠭᠣᠯ᠎ᠤᠨ ᠵᠧᠩ ᠪᠧᠶ ᠢᠳᠡᠭᠡᠨ᠎ᠤ ᠬᠢᠵᠠᠭ᠋ᠠᠷᠲᠤ ᠺᠣᠮᠫᠠᠨᠢ)
6. ᠬᠥᠯᠥᠨ ᠪᠣᠶ᠋ᠢᠷ᠎ᠤᠨ ᠠᠳᠠᠷ ᠬᠠᠭ᠋ᠠᠯᠪᠤᠷᠢᠯᠠᠯᠳᠠ (ᠬᠥᠯᠥᠨ ᠪᠣᠶ᠋ᠢᠷ᠎ᠤᠨ ᠠᠳᠠᠷ ᠬᠠᠭ᠋ᠠᠯᠪᠤᠷᠢᠯᠠᠯᠳᠠ ᠵᠢᠨ ᠪᠦᠯᠦᠭᠯᠡᠯ᠎ᠤᠨ ᠬᠢᠵᠠᠭ᠋ᠠᠷᠲᠤ ᠺᠣᠮᠫᠠᠨᠢ)
7. ᠬᠢᠩᠭ᠋ᠠᠨ ᠳᠠᠪᠠᠭ᠎ᠠ (ᠥᠪᠥᠷ ᠮᠣᠩᠭᠣᠯ᠎ᠤᠨ ᠶᠡᠬᠡ ᠬᠢᠩᠭ᠋ᠠᠨ ᠳᠠᠪᠠᠭ᠎ᠠ ᠵᠢᠨ ᠠᠷᠢᠬᠢᠨ᠎ᠤ ᠦᠢ᠍ᠯᠡᠰ᠎ᠤᠨ ᠬᠢᠵᠠᠭ᠋ᠠᠷᠲᠤ ᠺᠣᠮᠫᠠᠨᠢ)
8. ᠶᠢᠤ ᠢ (ᠬᠥᠯᠥᠨ ᠪᠣᠶ᠋ᠢᠷ᠎ᠤᠨ ᠶᠢᠤ ᠢ ᠰᠦ ᠵᠢᠨ ᠦᠢ᠍ᠯᠡᠰ (ᠪᠦᠯᠦᠭᠯᠡᠯ)᠎ᠤᠨ ᠬᠢᠵᠠᠭ᠋ᠠᠷᠲᠤ ᠬᠠᠷᠢᠭᠤᠴᠠᠯᠭ᠋ᠠᠲᠤ ᠺᠣᠮᠫᠠᠨᠢ)
9. ᠶᠢᠩ ᠴᠧᠨ (ᠬᠢᠩᠭ᠋ᠠᠨ ᠠᠶ᠋ᠢᠮᠠᠭ᠎ᠤᠨ ᠶᠢᠩ ᠴᠧᠨ ᠬᠤᠪᠴᠠᠰᠤᠨ᠎ᠤ ᠬᠢᠵᠠᠭ᠋ᠠᠷᠲᠤ ᠺᠣᠮᠫᠠᠨᠢ)
10. ᠲᠠᠯ᠎ᠠ ᠨᠤᠲᠤᠭ᠎ᠤᠨ ᠰᠠᠨ ᠾᠧ (ᠬᠢᠩᠭ᠋ᠠᠨ ᠠᠶ᠋ᠢᠮᠠᠭ᠎ᠤᠨ ᠲᠠᠯ᠎ᠠ ᠨᠤᠲᠤᠭ᠎ᠤᠨ ᠰᠠᠨ ᠾᠧ ᠣᠷᠭ᠋ᠠᠨᠢᠭ ᠲᠠᠷᠢᠶᠠᠯᠠᠩ᠎ᠤᠨ ᠨᠡᠭᠡᠭᠡᠨ ᠬᠥᠭᠵᠢᠭᠦᠯᠦᠯᠲᠡ ᠵᠢᠨ ᠬᠢᠵᠠᠭ᠋ᠠᠷᠲᠤ ᠺᠣᠮᠫᠠᠨᠢ)
11. ᠮᠸᠨ ᠳ᠋ᠤᠤ ᠯᠢᠤᠢ (ᠤᠯᠠᠭ᠋ᠠᠨᠬᠠᠳᠠ ᠵᠢᠨ ᠰᠢᠶᠤᠤ ᠴᠢᠦ ᠯᠢᠨ ᠠᠷᠠᠯᠵᠢᠶ᠎ᠠ ᠬᠤᠳᠠᠯᠳᠤᠭ᠋ᠠᠨ᠎ᠤ ᠬᠢᠵᠠᠭ᠋ᠠᠷᠲᠤ ᠬᠠᠷᠢᠭᠤᠴᠠᠯᠭ᠋ᠠᠲᠤ ᠺᠣᠮᠫᠠᠨᠢ)
12. ᠳ᠋ᠦ᠋ ᠢ ᠵᠢᠶᠠ (ᠥᠪᠥᠷ ᠮᠣᠩᠭᠣᠯ᠎ᠤᠨ ᠳ᠋ᠦ᠋ ᠢ ᠵᠢᠶᠠ ᠢᠳᠡᠭᠡᠨ᠎ᠤ ᠬᠢᠵᠠᠭ᠋ᠠᠷᠲᠤ ᠺᠣᠮᠫᠠᠨᠢ)
13. ᠬᠠᠶ   ᠫᠸᠩ (  ᠹᠸᠩᠵᠸᠠᠨ ᠬᠣᠲᠠ ᠵᠢᠨ ᠬᠠᠶ   ᠫᠸᠩ ᠢᠳᠡᠭᠡᠨ᠎ᠤ ᠬᠤᠪᠢ ᠣᠷᠣᠭᠤᠯᠤᠭᠰᠠᠨ ᠬᠢᠵᠠᠭ᠋ᠠᠷᠲᠤ ᠺᠣᠮᠫᠠᠨᠢ)
14. ᠺᠠᠩ ᠮᠧᠶ ᠰᠢᠶᠠᠩ (ᠥᠪᠥᠷ ᠮᠣᠩᠭᠣᠯ᠎ᠤᠨ ᠺᠠᠩ ᠮᠧᠶ ᠢᠳᠡᠭᠡᠨ᠎ᠤ ᠬᠢᠵᠠᠭ᠋ᠠᠷᠲᠤ ᠬᠠᠷᠢᠭᠤᠴᠠᠯᠭ᠋ᠠᠲᠤ ᠺᠣᠮᠫᠠᠨᠢ)
15. ᠣᠷᠳᠣᠰ (ᠥᠪᠥᠷ ᠮᠣᠩᠭᠣᠯ᠎ᠤᠨ ᠣᠷᠳᠣᠰ ᠡᠬᠢ ᠪᠠᠶᠠᠯᠢᠭ᠎ᠤᠨ ᠬᠤᠪᠢ ᠣᠷᠣᠭᠤᠯᠤᠭᠰᠠᠨ ᠬᠢᠵᠠᠭ᠋ᠠᠷᠲᠤ ᠺᠣᠮᠫᠠᠨᠢ)
16. ᠯᠢᠦ ᠵᠢᠨ ᠰᠢ (ᠥᠪᠥᠷ ᠮᠣᠩᠭᠣᠯ᠎ᠤᠨ ᠯᠢᠦ ᠵᠢᠨ ᠰᠢ ᠰᠢᠷᠠᠭᠰᠠᠨ ᠲᠠᠬᠢᠶ᠎ᠠ ᠵᠢᠨ ᠢᠳᠡᠭᠡᠨ᠎ᠤ ᠬᠢᠵᠠᠭ᠋ᠠᠷᠲᠤ ᠺᠣᠮᠫᠠᠨᠢ)
   

ᠢᠷᠡᠯᠲᠡ᠄ ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠬᠣᠳᠠᠯᠳᠣᠭ᠋ᠠᠨ᠎ᠤ ᠶᠠᠪᠤᠳᠠᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠥᠪᠡᠷᠲᠡᠭᠡᠨ ᠵᠠᠰᠠᠬᠤ ᠣᠷᠣᠨ᠎ᠤ ᠲᠡᠰ᠎ᠤᠨ ᠮᠢᠬ᠎ᠠ ᠨᠥᠭᠡᠴᠡᠯᠡᠬᠦ ᠵᠢ ᠡᠭᠦᠷᠭᠡᠯᠡᠬᠦ ᠬᠦᠰᠡᠯ᠎ᠲᠠᠢ ᠠᠵᠤ ᠠᠬᠤᠢ᠌ᠯᠠᠯ᠎ᠢ ᠬᠢᠨᠠᠨ ᠲᠣᠭᠲᠠᠭ᠋ᠠᠭᠰᠠᠨ ᠦᠷ᠎ᠡ ᠳ᠋ᠦᠩ ᠎ᠤᠨ ᠲᠤᠬᠠᠢ ᠢᠯᠡ ᠨᠡᠢ᠌ᠳᠠᠯᠠᠯ
 
            