ᠨᠢᠭᠡ᠂ ᠠᠷᠠᠯᠵᠢᠶ᠎ᠠ ᠬᠤᠳᠠᠯᠳᠤᠭ᠋ᠠᠨ᠎ᠤ ᠭᠦᠢ᠍ᠯᠭᠡᠭᠡᠨ
ᠳᠡᠭᠡᠷ᠎ᠡ ᠬᠠᠭ᠋ᠠᠰ ᠵᠢᠯ᠎ᠳᠤ᠂ ᠪᠥᠬᠥ ᠣᠷᠣᠨ᠎ᠤ ᠨᠡᠶ᠋ᠢᠭᠡᠮ᠎ᠤᠨ ᠬᠡᠷᠡᠭᠯᠡᠭᠡᠨ᠎ᠤ ᠵᠦᠢ᠍ᠯ᠎ᠤᠨ ᠵᠢᠵᠢᠭᠯᠡᠨ ᠬᠤᠳᠠᠯᠳᠤᠭᠰᠠᠨ ᠪᠥᠬᠥ ᠲᠣᠭ᠎ᠠ 2285.2 ᠳ᠋ᠦᠩᠰᠢᠭᠤᠷ ᠲᠥᠭᠥᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 0.2% ᠪᠠᠭᠤᠷᠠᠵᠤ᠂ ᠪᠠᠭᠤᠷᠠᠯᠲᠠ ᠵᠢᠨ ᠬᠡᠮᠵᠢᠶ᠎ᠡ᠎ᠨᠢ 1 — 5 ᠳ᠋ᠤᠭ᠋ᠠᠷ ᠰᠠᠷ᠎ᠠ ᠵᠢᠨ᠎ᠬᠢ᠎ᠠᠴᠠ 0.6 ᠵᠠᠭᠤᠨ᠎ᠤ ᠨᠢᠭᠡᠴᠢ ᠪᠠᠭ᠋ᠠᠰᠴᠤ᠂ ᠪᠥᠬᠥ ᠤᠯᠤᠰ᠎ᠤᠨ᠎ᠬᠢ᠎ᠠᠴᠠ 0.5 ᠵᠠᠭᠤᠨ᠎ᠤ ᠨᠢᠭᠡᠴᠢ ᠥᠨᠳᠥᠷ ᠪᠣᠯᠵᠠᠶ᠃
ᠠᠵᠢᠯᠯᠠᠭ᠋ᠠᠨ᠎ᠤ ᠭᠣᠣᠯ ᠣᠨᠴᠠᠯᠢᠭ ᠪᠣᠯ᠄ ᠬᠡᠷᠡᠭᠯᠡᠭᠡᠨ᠎ᠤ ᠵᠠᠬ᠎ᠠ ᠳᠡᠯᠭᠡᠭᠦᠷ᠎ᠢ ᠲᠦᠷᠭᠡᠪᠴᠢᠯᠡᠨ ᠰᠡᠷᠭᠦᠭᠡᠵᠦ᠂ ᠦᠨᠳᠦᠰᠦᠨ ᠠᠮᠢᠳᠤᠷᠠᠯ᠎ᠤᠨ ᠲᠦᠷᠦᠯ᠎ᠤᠨ ᠲᠠᠸᠠᠷ᠎ᠢ ᠨᠡᠯᠢᠶᠡᠳ ᠲᠦᠷᠭᠡᠨ ᠵᠶ᠋ᠠᠷ ᠨᠡᠮᠡᠭᠳᠡᠬᠦᠯᠪᠠ᠃ ᠣᠷᠣᠨ ᠪᠦᠰᠡ᠎ᠠᠴᠠ ᠦᠵᠡᠪᠡᠯ᠂ ᠬᠣᠲᠠ ᠪᠠᠯᠭ᠋ᠠᠰᠤᠨ᠎ᠤ ᠬᠡᠷᠡᠭᠯᠡᠭᠡᠨ᠎ᠤ ᠵᠦᠢ᠍ᠯ᠎ᠤᠨ ᠵᠢᠵᠢᠭᠯᠡᠨ ᠬᠤᠳᠠᠯᠳᠤᠭᠰᠠᠨ ᠲᠣᠭ᠎ᠠ 0.2% ᠵᠶ᠋ᠠᠷ ᠪᠠᠭᠤᠷᠠᠪᠠ; ᠬᠥᠳᠡᠭᠡ ᠲᠣᠰᠬᠣᠨ᠎ᠤ ᠬᠡᠷᠡᠭᠯᠡᠭᠡᠨ᠎ᠤ ᠵᠦᠢ᠍ᠯ᠎ᠤᠨ ᠵᠢᠵᠢᠭᠯᠡᠨ ᠬᠤᠳᠠᠯᠳᠤᠭᠰᠠᠨ ᠲᠣᠭ᠎ᠠ 0.6%᠎ᠪᠠᠷ ᠪᠠᠭᠤᠷᠠᠪᠠ᠃ ᠬᠡᠷᠡᠭᠯᠡᠭᠡᠨ᠎ᠤ ᠬᠡᠯᠪᠡᠷᠢ᠎ᠠᠴᠠ ᠦᠵᠡᠪᠡᠯ᠂ ᠪᠥᠬᠥ ᠣᠷᠣᠨ᠎ᠤ ᠢᠳᠡᠭᠡᠨ ᠤᠮᠳᠠᠭ᠋ᠠᠨ᠎ᠤ ᠣᠷᠣᠯᠭ᠎ᠠ 9.2% ᠵᠶ᠋ᠠᠷ ᠪᠠᠭᠤᠷᠠᠵᠤ᠂ ᠲᠦᠷᠦᠭᠦᠤ ᠰᠠᠷ᠎ᠠ ᠵᠢᠨ᠎ᠬᠢ᠎ᠠᠴᠠ 0.6 ᠵᠠᠭᠤᠨ᠎ᠤ ᠨᠢᠭᠡᠴᠢ ᠪᠠᠭ᠋ᠠᠰᠴᠠᠶ᠃ ᠲᠠᠸᠠᠷ᠎ᠤᠨ ᠵᠢᠵᠢᠭᠯᠡᠨ ᠬᠤᠳᠠᠯᠳᠤᠬᠤ ᠬᠡᠮᠵᠢᠶ᠎ᠡ 0.8%᠎ᠪᠠᠷ ᠨᠡᠮᠡᠭᠳᠡᠵᠦ᠂ ᠲᠦᠷᠦᠭᠦᠦ ᠰᠠᠷ᠎ᠠ ᠵᠢᠨ᠎ᠬᠢ᠎ᠠᠴᠠ 0.6 ᠵᠠᠭᠤᠨ᠎ᠤ ᠨᠢᠭᠡᠴᠢ᠎ᠪᠠᠷ ᠥᠷᠭᠡᠳᠴᠡᠶ᠃ ᠬᠢᠵᠠᠭ᠋ᠠᠷᠯᠠᠭᠰᠠᠨ ᠲᠣᠭ᠎ᠠ᠎ᠠᠴᠠ ᠳᠡᠭᠡᠭᠰᠢᠬᠢ ᠨᠢᠭᠡᠴᠡ ᠵᠢᠨ 11 ᠬᠡᠷᠡᠭᠯᠡᠭᠡᠨ᠎ᠤ ᠵᠦᠢ᠍ᠯ᠎ᠤᠨ ᠲᠥᠷᠥᠯ᠎ᠤᠨ ᠥᠷᠲᠡᠭ᠎ᠠᠴᠠ ᠦᠵᠡᠪᠡᠯ᠂ 6 ᠲᠥᠷᠥᠯ᠎ᠤᠨ ᠲᠠᠸᠠᠷ᠎ᠤᠨ ᠵᠢᠵᠢᠭᠯᠡᠨ ᠬᠤᠳᠠᠯᠳᠤᠭᠰᠠᠨ ᠲᠣᠭ᠎ᠠ ᠨᠡᠮᠡᠭᠳᠡᠯ᠎ᠢ ᠪᠠᠳᠣᠯᠠᠪᠠ᠃ ᠦᠨᠳᠦᠰᠦᠨ ᠠᠮᠢᠳᠤᠷᠠᠯ᠎ᠤᠨ ᠲᠥᠷᠥᠯ᠎ᠤᠨ ᠲᠠᠸᠠᠷ᠎ᠤᠨ ᠬᠡᠷᠡᠭᠯᠡᠭᠡ ᠨᠡᠯᠢᠶᠡᠳ ᠲᠦᠷᠭᠡᠨ ᠨᠡᠮᠡᠭᠳᠡᠵᠦ᠂ ᠠᠮᠤ ᠪᠤᠳᠠᠭ᠎ᠠ ᠲᠣᠰᠣ ᠢᠳᠡᠭᠡᠨ᠎ᠤ ᠲᠥᠷᠥᠯ᠂ ᠤᠮᠳᠠᠭ᠋ᠠᠨ᠎ᠤ ᠲᠥᠷᠥᠯ᠂ ᠠᠷᠢᠬᠢ ᠲᠠᠮᠠᠬᠢᠨ᠎ᠤ ᠲᠥᠷᠥᠯ ᠠᠳᠠᠯᠢ ᠬᠤᠭᠤᠴᠠᠭ᠋ᠠᠨ᠎ᠤ᠎ᠬᠢ᠎ᠠᠴᠠ ᠲᠣᠰ ᠲᠣᠰ 26.4%᠂ 13.7%᠂ 9.9% ᠨᠡᠮᠡᠭᠳᠡᠪᠡ᠃ ᠲᠠᠰ ᠳᠡᠪᠰᠢᠬᠦ ᠲᠥᠷᠥᠯ᠎ᠤᠨ ᠲᠠᠸᠠᠷ᠎ᠤᠨ ᠬᠡᠷᠡᠭᠯᠡᠭᠡ ᠪᠠᠭ᠎ᠠ ᠬᠡᠮᠵᠢᠶ᠎ᠡ᠎ᠪᠠᠷ ᠳᠡᠭᠡᠭᠰᠢᠯᠡᠵᠦ᠂ ᠠᠯᠲᠠ ᠮᠥᠩᠭᠥ ᠰᠤᠪᠤᠳ ᠡᠷᠳᠡᠨᠢ ᠵᠢᠨ ᠲᠥᠷᠥᠯ᠂ ᠵᠠᠰᠠᠯ ᠴᠢᠮᠡᠭ᠎ᠤᠨ ᠡᠳ᠋᠎ᠤᠨ ᠲᠥᠷᠥᠯ᠂ ᠮᠠᠰᠢᠨ ᠲᠡᠷᠭᠡᠨ᠎ᠤ ᠲᠥᠷᠥᠯ᠎ᠤᠨ ᠪᠠᠭᠤᠷᠠᠯᠲᠠ ᠵᠢᠨ ᠬᠡᠮᠵᠢᠶ᠎ᠡ ᠨᠢᠭᠡᠳᠦᠭᠡᠷ ᠤᠯᠠᠷᠢᠯ᠎ᠤᠨ᠎ᠬᠢ᠎ᠠᠴᠠ ᠲᠣᠰ ᠲᠣᠰ 0.8᠂ 0.7᠂ 1.3 ᠵᠠᠭᠤᠨ᠎ᠤ ᠨᠢᠭᠡᠴᠢ ᠪᠠᠭ᠋ᠠᠰᠴᠤ᠂ ᠬᠡᠷ᠎ᠤᠨ ᠬᠡᠷᠡᠭᠰᠡᠯ᠎ᠤᠨ ᠲᠥᠷᠥᠯ ᠠᠳᠠᠯᠢ ᠬᠤᠭᠤᠴᠠᠭ᠋ᠠᠨ᠎ᠤ᠎ᠬᠢ᠎ᠠᠴᠠ 5.7%᠎ᠪᠠᠷ ᠨᠡᠮᠡᠭᠳᠡᠪᠡ᠃ ᠴᠢᠯᠠᠭᠤᠨ ᠲᠣᠰᠣ ᠵᠢᠴᠢ ᠪᠦᠲᠦᠭᠡᠭᠳᠡᠬᠦᠨ᠎ᠤ ᠲᠥᠷᠥᠯ 28.9% ᠨᠡᠮᠡᠭᠳᠡᠵᠦ᠂ ᠨᠡᠮᠡᠭᠳᠡᠯ᠎ᠤᠨ ᠬᠡᠮᠵᠢᠶ᠎ᠡ᠎ᠨᠢ ᠨᠢᠭᠡᠳᠦᠭᠡᠷ ᠤᠯᠠᠷᠢᠯ᠎ᠤᠨ᠎ᠬᠢ᠎ᠠᠴᠠ 4.1 ᠵᠠᠭᠤᠨ᠎ᠤ ᠨᠢᠭᠡᠴᠢ ᠪᠠᠭᠤᠷᠠᠪᠠ᠃
ᠠᠶ᠋ᠢᠮᠠᠭ ᠬᠤᠳᠠ ᠵᠢᠨ ᠪᠠᠶ᠋ᠢᠳᠠᠯ᠎ᠠᠴᠠ ᠦᠵᠡᠪᠡᠯ᠂ ᠤᠷᠳᠤᠰ ᠬᠤᠳᠠ᠂ ᠠᠯᠠᠱ᠌ᠠ ᠠᠶ᠋ᠢᠮᠠᠭ᠂ ᠬᠢᠩᠭ᠋ᠠᠨ ᠠᠶ᠋ᠢᠮᠠᠭ᠂ ᠲᠦᠩᠯᠢᠶᠣᠤ ᠬᠤᠳᠠ᠂ ᠤᠯᠠᠭ᠋ᠠᠨᠬᠠᠳᠠ ᠬᠤᠳᠠ᠂ ᠬᠥᠯᠥᠨ ᠪᠤᠢ᠍ᠢ᠍ᠷ ᠬᠤᠳᠠ᠂ ᠦᠬᠠᠢ ᠬᠤᠳᠠ᠂ ᠰᠢᠯᠢ ᠵᠢᠨ ᠭᠣᠣᠯ ᠠᠶ᠋ᠢᠮᠠᠭ ᠵᠡᠷᠭᠡ 8 ᠠᠶ᠋ᠢᠮᠠᠭ ᠬᠤᠳᠠ ᠵᠢᠨ ᠨᠡᠮᠡᠭᠳᠡᠯ᠎ᠤᠨ ᠬᠤᠷᠳᠤᠴᠠ᠎ᠨᠢ ᠪᠦᠬᠦ ᠣᠷᠣᠨ᠎ᠤ ᠲᠦᠪᠰᠢᠨ᠎ᠠᠴᠠ ᠳᠠᠪᠠᠵᠤ᠂ ᠦᠯᠡᠳᠡᠭᠰᠡᠨ 4 ᠠᠶ᠋ᠢᠮᠠᠭ ᠬᠤᠳᠠ ᠵᠢᠨ ᠨᠡᠮᠡᠭᠳᠡᠯ᠎ᠤᠨ ᠬᠤᠷᠳᠤᠴᠠ᠎ᠨᠢ ᠪᠦᠬᠦ ᠣᠷᠣᠨ᠎ᠤ ᠲᠦᠪᠰᠢᠨ᠎ᠠᠴᠠ ᠳᠣᠣᠷ᠎ᠠ ᠪᠣᠯᠪᠠ᠃
ᠬᠣᠶᠠᠷ᠂ ᠭᠠᠳᠠᠭ᠋ᠠᠳᠤ ᠠᠷᠠᠯᠵᠢᠶ᠎ᠠ
ᠪᠣᠭᠣᠮᠲᠠ ᠵᠢᠨ ᠪᠦᠷᠢᠳᠬᠡᠯ᠎ᠢ ᠦᠨᠳᠦᠰᠦᠯᠡᠪᠡᠯ᠂ ᠳᠡᠭᠡᠷ᠎ᠡ ᠬᠠᠭ᠋ᠠᠰ ᠵᠢᠯ᠎ᠳᠤ᠂ ᠪᠥᠬᠥ ᠣᠷᠣᠨ᠎ᠤ ᠭᠠᠳᠠᠭ᠋ᠠᠳᠤ ᠠᠷᠠᠯᠵᠢᠶᠠᠨ᠎ᠤ ᠭᠠᠳᠠᠭ᠋ᠠᠳᠤ᠎ᠠᠴᠠ ᠣᠷᠣᠭᠤᠯᠵᠤ ᠭᠠᠳᠠᠭ᠋ᠠᠳᠤ᠎ᠳᠤ ᠭᠠᠷᠭ᠋ᠠᠭᠰᠠᠨ ᠶᠡᠷᠦᠩᠬᠡᠶ ᠥᠷᠲᠡᠭ ᠨᠡᠶ᠋ᠢᠲᠡ 680.7 ᠳ᠋ᠦᠩᠰᠢᠭᠤᠷ ᠲᠥᠭᠥᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 17.3%᠎ᠪᠠᠷ ᠨᠡᠮᠡᠭᠳᠡᠪᠡ᠃ ᠡᠭᠦᠨ᠎ᠳᠤ᠄ ᠭᠠᠳᠠᠭ᠋ᠠᠳᠤ᠎ᠠᠴᠠ ᠣᠷᠣᠭᠤᠯᠤᠭᠰᠠᠨ ᠲᠣᠭ᠎ᠠ ᠨᠡᠶ᠋ᠢᠲᠡ 388.2 ᠳ᠋ᠦᠩᠰᠢᠭᠤᠷ ᠲᠥᠭᠥᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 8.0% ᠨᠡᠮᠡᠭᠳᠡᠵᠡᠶ; ᠭᠠᠳᠠᠭ᠋ᠠᠳᠤ᠎ᠳᠤ ᠭᠠᠷᠭ᠋ᠠᠭᠰᠠᠨ ᠲᠣᠭ᠎ᠠ ᠨᠡᠶ᠋ᠢᠲᠡ 292.5 ᠳ᠋ᠦᠩᠰᠢᠭᠤᠷ ᠲᠥᠭᠥᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 32.6% ᠨᠡᠮᠡᠭᠳᠡᠵᠡᠶ᠃
ᠳ᠋ᠣᠯᠯᠠᠷ᠎ᠤᠨ ᠪᠠᠷᠢᠮᠵᠢᠶ᠎ᠠ᠎ᠪᠠᠷ ᠪᠣᠯ᠂ ᠪᠥᠬᠥ ᠣᠷᠣᠨ᠎ᠤ ᠭᠠᠳᠠᠭ᠋ᠠᠳᠤ ᠠᠷᠠᠯᠵᠢᠶ᠎ᠠ ᠵᠢᠨ ᠭᠠᠳᠠᠭ᠋ᠠᠳᠤ᠎ᠠᠴᠠ ᠣᠷᠣᠭᠤᠯᠵᠤ ᠭᠠᠳᠠᠭ᠋ᠠᠳᠤ᠎ᠳᠤ ᠭᠠᠷᠭ᠋ᠠᠭᠰᠠᠨ ᠶᠡᠷᠦᠩᠬᠡᠶ ᠥᠷᠲᠡᠭ ᠨᠡᠶ᠋ᠢᠲᠡ 105.9 ᠳ᠋ᠦᠩᠰᠢᠭᠤᠷ ᠳ᠋ᠣᠯᠯᠠᠷ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 18.3% ᠨᠡᠮᠡᠭᠳᠡᠪᠡ᠃ ᠡᠭᠦᠨ᠎ᠳᠤ᠄ ᠭᠠᠳᠠᠭ᠋ᠠᠳᠤ᠎ᠠᠴᠠ ᠣᠷᠣᠭᠤᠯᠤᠭᠰᠠᠨ ᠨᠡᠶ᠋ᠢᠲᠡ ᠲᠣᠭ᠎ᠠ 60.4 ᠳ᠋ᠦᠩᠰᠢᠭᠤᠷ ᠳ᠋ᠣᠯᠯᠠᠷ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 8.9% ᠨᠡᠮᠡᠭᠳᠡᠵᠡᠶ; ᠭᠠᠳᠠᠭ᠋ᠠᠳᠤ᠎ᠳᠤ ᠭᠠᠷᠭ᠋ᠠᠭᠰᠠᠨ ᠲᠣᠭ᠎ᠠ ᠨᠡᠶ᠋ᠢᠲᠡ 45.5 ᠳ᠋ᠦᠩᠰᠢᠭᠤᠷ ᠳ᠋ᠣᠯᠯᠠᠷ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 33.8%᠎ᠪᠠᠷ ᠨᠡᠮᠡᠭᠳᠡᠵᠡᠶ᠃
ᠠᠵᠢᠯᠯᠠᠭ᠋ᠠᠨ᠎ᠤ ᠭᠣᠣᠯ ᠣᠨᠴᠠᠯᠢᠭ ᠪᠣᠯ᠄ ᠭᠠᠳᠠᠭ᠋ᠠᠳᠤ ᠠᠷᠠᠯᠵᠢᠶᠠᠨ᠎ᠤ ᠭᠠᠳᠠᠭ᠋ᠠᠳᠤ᠎ᠠᠴᠠ ᠣᠷᠣᠭᠤᠯᠬᠤ ᠪᠠ ᠭᠠᠳᠠᠭ᠋ᠠᠳᠤ᠎ᠳᠤ ᠭᠠᠷᠭ᠋ᠠᠬᠤ ᠵᠢ ᠦᠷᠭᠦᠯᠵᠢᠯᠡᠨ ᠲᠦᠷᠭᠡᠨ ᠵᠶ᠋ᠠᠷ ᠨᠡᠮᠡᠭᠳᠡᠬᠦᠯᠪᠠ᠃ 6 ᠳ᠋ᠤᠭ᠋ᠠᠷ ᠰᠠᠷ᠎ᠠ᠎ᠳᠤ᠂ ᠪᠥᠬᠥ ᠣᠷᠣᠨ᠎ᠤ ᠭᠠᠳᠠᠭ᠋ᠠᠳᠤ᠎ᠠᠴᠠ ᠣᠷᠣᠭᠤᠯᠵᠤ ᠭᠠᠳᠠᠭ᠋ᠠᠳᠤ᠎ᠳᠤ ᠭᠠᠷᠭ᠋ᠠᠭᠰᠠᠨ ᠲᠣᠭ᠎ᠠ 133.8 ᠳ᠋ᠦᠩᠰᠢᠭᠤᠷ ᠲᠥᠭᠥᠷᠢᠭ᠎ᠲᠤ ᠬᠦᠷᠴᠦ᠂ ᠡᠨᠡ ᠵᠢᠯ᠎ᠠᠴᠠ ᠨᠠᠰᠢᠬᠢ ᠭᠠᠭᠴᠠ ᠰᠠᠷ᠎ᠠ ᠵᠢᠨ ᠬᠠᠮᠤᠭ᠎ᠤᠨ ᠥᠨᠳᠥᠷ ᠬᠡᠮᠵᠢᠶᠡᠨ᠎ᠳᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 40.3%᠎ᠪᠠᠷ ᠨᠡᠮᠡᠭᠳᠡᠪᠡ᠂ ᠡᠭᠦᠨ᠎ᠳᠤ᠄ ᠭᠠᠳᠠᠭ᠋ᠠᠳᠤ᠎ᠳᠤ ᠭᠠᠷᠭ᠋ᠠᠭᠰᠠᠨ ᠲᠣᠭ᠎ᠠ 52.4 ᠳ᠋ᠦᠩᠰᠢᠭᠤᠷ ᠲᠥᠭᠥᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 39.1%᠎ᠪᠠᠷ ᠨᠡᠮᠡᠭᠳᠡᠪᠡ; ᠭᠠᠳᠠᠭ᠋ᠠᠳᠤ᠎ᠠᠴᠠ ᠣᠷᠣᠭᠤᠯᠤᠭᠰᠠᠨ ᠲᠣᠭ᠎ᠠ 81.4 ᠳ᠋ᠦᠩᠰᠢᠭᠤᠷ ᠲᠥᠭᠥᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 41.1% ᠨᠡᠮᠡᠭᠳᠡᠵᠡᠶ᠃ ᠳᠡᠭᠡᠷ᠎ᠡ ᠬᠠᠭ᠋ᠠᠰ ᠵᠢᠯ᠎ᠳᠤ᠂ ᠮᠠᠨ᠎ᠤ ᠣᠷᠣᠨ᠎ᠤ ᠭᠠᠳᠠᠭ᠋ᠠᠳᠤ ᠠᠷᠠᠯᠵᠢᠶ᠎ᠠ ᠵᠢᠨ ᠭᠠᠳᠠᠭ᠋ᠠᠳᠤ ᠣᠷᠣᠭᠤᠯᠤᠯᠲᠠ ᠭᠠᠷᠭ᠋ᠠᠯᠲᠠ᠂ ᠭᠠᠳᠠᠭ᠋ᠠᠳᠤ ᠭᠠᠷᠭ᠋ᠠᠯᠲᠠ᠂ ᠭᠠᠳᠠᠭ᠋ᠠᠳᠤ ᠣᠷᠣᠭᠤᠯᠤᠯᠲᠠ ᠲᠣᠰ ᠲᠣᠰ 17.3%᠂ 32.6%᠂ 8.0% ᠨᠡᠮᠡᠭᠳᠡᠪᠡ᠂ ᠡᠭᠦᠨ᠎ᠳᠤ᠂ ᠭᠠᠳᠠᠭ᠋ᠠᠳᠤ ᠣᠷᠣᠭᠤᠯᠤᠯᠲᠠ ᠭᠠᠷᠭ᠋ᠠᠯᠲᠠ ᠵᠢᠨ ᠨᠡᠮᠡᠭᠳᠡᠯ᠎ᠤᠨ ᠬᠤᠷᠳᠤᠴᠠ᠎ᠨᠢ ᠪᠥᠬᠥ ᠤᠯᠤᠰ᠎ᠤᠨ᠎ᠬᠢ᠎ᠠᠴᠠ 7.9 ᠵᠠᠭᠤᠨ᠎ᠤ ᠨᠢᠭᠡᠴᠢ ᠥᠨᠳᠥᠷ ᠪᠠᠶ᠋ᠢᠵᠤ᠂ ᠳᠡᠭᠡᠷ᠎ᠡ ᠰᠠᠷ᠎ᠠ ᠵᠢᠨ᠎ᠬᠢ᠎ᠠᠴᠠ 3.6 ᠵᠠᠭᠤᠨ᠎ᠤ ᠨᠢᠭᠡᠴᠢ ᠥᠷᠭᠡᠳᠴᠦ᠂ ᠪᠥᠬᠥ ᠤᠯᠤᠰ᠎ᠤᠨ ᠠᠷᠪᠠᠨ ᠨᠢᠭᠡᠳᠦᠭᠡᠷ᠎ᠲᠤ ᠣᠷᠣᠵᠤ᠂ ᠳᠡᠭᠡᠷ᠎ᠡ ᠰᠠᠷ᠎ᠠ ᠵᠢᠨ᠎ᠬᠢ᠎ᠠᠴᠠ 5 ᠣᠷᠣᠨ ᠳᠡᠭᠡᠭᠰᠢᠯᠡᠵᠦ᠂ ᠨᠢᠭᠡᠳᠦᠭᠡᠷ ᠤᠯᠠᠷᠢᠯ᠎ᠤᠨ᠎ᠬᠢ᠎ᠠᠴᠠ 14 ᠣᠷᠣᠨ ᠳᠡᠭᠡᠭᠰᠢᠯᠡᠪᠡ; ᠭᠠᠳᠠᠭ᠋ᠠᠳᠤ ᠭᠠᠷᠭ᠋ᠠᠯᠲᠠ ᠵᠢᠨ ᠨᠡᠮᠡᠭᠳᠡᠯ᠎ᠤᠨ ᠬᠤᠷᠳᠤᠴᠠ᠎ᠨᠢ ᠪᠥᠬᠥ ᠤᠯᠤᠰ᠎ᠤᠨ᠎ᠬᠢ᠎ᠠᠴᠠ 19.4 ᠵᠠᠭᠤᠨ᠎ᠤ ᠨᠢᠭᠡᠴᠢ ᠥᠨᠳᠥᠷ ᠪᠠᠶ᠋ᠢᠵᠤ᠂ ᠪᠠᠶ᠋ᠢᠷᠢ ᠵᠢᠨ ᠳᠠᠷᠠᠭ᠋ᠠᠯᠠᠯ᠎ᠨᠢ ᠲᠦᠷᠦᠭᠦᠤ ᠰᠠᠷ᠎ᠠ ᠵᠢᠨ᠎ᠬᠢ᠎ᠲᠠᠢ ᠦᠨᠳᠦᠰᠦᠨ᠎ᠳᠡᠭᠡᠨ ᠠᠳᠠᠯᠢ ᠪᠣᠯᠪᠠ; ᠭᠠᠳᠠᠭ᠋ᠠᠳᠤ ᠣᠷᠣᠭᠤᠯᠤᠯᠲᠠ ᠵᠢᠨ ᠨᠡᠮᠡᠭᠳᠡᠯ᠎ᠤᠨ ᠬᠤᠷᠳᠤᠴᠠ᠎ᠨᠢ ᠪᠥᠬᠥ ᠤᠯᠤᠰ᠎ᠤᠨ᠎ᠬᠢ᠎ᠠᠴᠠ 3.2 ᠵᠠᠭᠤᠨ᠎ᠤ ᠨᠢᠭᠡᠴᠢ ᠥᠨᠳᠥᠷ ᠪᠠᠶ᠋ᠢᠵᠤ᠂ ᠪᠥᠬᠥ ᠤᠯᠤᠰ᠎ᠤᠨ 12 ᠳ᠋ᠤᠭ᠋ᠠᠷ᠎ᠲᠤ ᠵᠢᠭᠰᠠᠭ᠋ᠠᠭᠳᠠᠵᠤ᠂ ᠲᠦᠷᠦᠭᠦᠤ ᠰᠠᠷ᠎ᠠ ᠵᠢᠨ᠎ᠬᠢ᠎ᠠᠴᠠ 8 ᠣᠷᠣᠨ ᠳᠡᠭᠡᠭᠰᠢᠯᠡᠵᠦ᠂ ᠨᠢᠭᠡᠳᠦᠭᠡᠷ ᠤᠯᠠᠷᠢᠯ᠎ᠤᠨ᠎ᠬᠢ᠎ᠠᠴᠠ 12 ᠣᠷᠣᠨ ᠳᠡᠭᠡᠭᠰᠢᠯᠡᠵᠡᠶ᠃ ᠡᠩ᠎ᠤᠨ ᠠᠷᠠᠯᠵᠢᠶᠠᠨ᠎ᠤ ᠬᠤᠪᠢ ᠵᠢᠨ ᠵᠢᠩ ᠳᠡᠭᠡᠭᠰᠢᠯᠡᠪᠡ᠃ ᠳᠡᠭᠡᠷ᠎ᠡ ᠬᠠᠭ᠋ᠠᠰ ᠵᠢᠯ᠎ᠳᠤ᠂ ᠡᠩ᠎ᠤᠨ ᠠᠷᠠᠯᠵᠢᠶᠠᠨ᠎ᠤ ᠭᠠᠳᠠᠭ᠋ᠠᠳᠤ ᠣᠷᠣᠭᠤᠯᠤᠯᠲᠠ ᠭᠠᠷᠭ᠋ᠠᠯᠲᠠ ᠵᠢᠨ ᠶᠡᠷᠦᠩᠬᠡᠶ ᠥᠷᠲᠡᠭ 469.9 ᠳ᠋ᠦᠩᠰᠢᠭᠤᠷ ᠲᠥᠭᠥᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 21.5% ᠨᠡᠮᠡᠭᠳᠡᠵᠦ᠂ ᠪᠥᠬᠥ ᠣᠷᠣᠨ᠎ᠤ ᠭᠠᠳᠠᠭ᠋ᠠᠳᠤ ᠣᠷᠣᠭᠤᠯᠤᠯᠲᠠ ᠭᠠᠷᠭ᠋ᠠᠯᠲᠠ ᠵᠢᠨ ᠶᠡᠷᠦᠩᠬᠡᠶ ᠲᠣᠭ᠋ᠠᠨ᠎ᠤ 69.0% ᠵᠢ ᠡᠵᠡᠯᠡᠵᠦ᠂ ᠨᠢᠳᠤᠨᠤᠨ᠎ᠤ ᠠᠳᠠᠯᠢ ᠬᠤᠭᠤᠴᠠᠭ᠋ᠠᠨ᠎ᠤ᠎ᠬᠢ᠎ᠠᠴᠠ 2.9 ᠵᠠᠭᠤᠨ᠎ᠤ ᠨᠢᠭᠡᠴᠢ ᠳᠡᠭᠡᠭᠰᠢᠯᠡᠵᠡᠶ; ᠪᠥᠬᠥ ᠣᠷᠣᠨ᠎ᠤ ᠡᠳ᠋ᠰᠢᠭᠦᠯᠵᠦ ᠪᠣᠯᠪᠠᠰᠤᠷᠠᠭᠤᠯᠬᠤ ᠠᠷᠠᠯᠵᠢᠶ᠎ᠠ ᠵᠢᠨ ᠭᠠᠳᠠᠭ᠋ᠠᠳᠤ ᠣᠷᠣᠭᠤᠯᠤᠯᠲᠠ ᠭᠠᠷᠭ᠋ᠠᠯᠲᠠ ᠵᠢᠨ ᠶᠡᠷᠦᠩᠬᠡᠶ ᠥᠷᠲᠡᠭ 49.5 ᠳ᠋ᠦᠩᠰᠢᠭᠤᠷ ᠲᠥᠭᠥᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 113.1% ᠨᠡᠮᠡᠭᠳᠡᠪᠡ; ᠬᠢᠯᠢ ᠵᠢᠨ ᠪᠠᠭ᠎ᠠ ᠲᠣᠭ᠋ᠠᠨ᠎ᠤ ᠠᠷᠠᠯᠵᠢᠶᠠᠨ᠎ᠤ ᠭᠠᠳᠠᠭ᠋ᠠᠳᠤ ᠣᠷᠣᠭᠤᠯᠤᠯᠲᠠ ᠭᠠᠷᠭ᠋ᠠᠯᠲᠠ ᠵᠢᠨ ᠶᠡᠷᠦᠩᠬᠡᠢ ᠦᠷᠳᠡᠭ 92.7 ᠳ᠋ᠦᠩᠰᠢᠭᠤᠷ ᠲᠥᠭᠥᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 12.3% ᠪᠠᠭᠤᠷᠠᠪᠠ᠃ ᠪᠤᠰᠤᠳ ᠠᠷᠠᠯᠵᠢᠶᠠᠨ᠎ᠤ ᠭᠠᠳᠠᠭ᠋ᠠᠳᠤ᠎ᠠᠴᠠ ᠣᠷᠣᠭᠤᠯᠵᠤ ᠭᠠᠳᠠᠭ᠋ᠠᠳᠤ᠎ᠳᠤ ᠭᠠᠷᠭ᠋ᠠᠭᠰᠠᠨ ᠶᠡᠷᠦᠩᠬᠡᠢ ᠦᠷᠳᠡᠭ 68.7 ᠳ᠋ᠦᠩᠰᠢᠭᠤᠷ ᠲᠥᠭᠥᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 6.2% ᠵᠶ᠋ᠠᠷ ᠨᠡᠮᠡᠭᠳᠡᠵᠡᠢ᠃ ᠭᠠᠳᠠᠭ᠋ᠠᠳᠤ ᠵᠢᠨ ᠬᠤᠳᠠᠯᠳᠤᠭ᠋ᠠᠴᠢᠨ᠎ᠤ ᠪᠡᠯᠡ ᠣᠷᠣᠭᠤᠯᠤᠭᠰᠠᠨ ᠠᠵᠤ ᠠᠬᠤᠶ᠋ᠢᠯᠠᠯ᠎ᠤᠨ ᠲᠦᠷᠦᠭᠦᠤ ᠬᠠᠭ᠋ᠠᠰ ᠵᠢᠯ᠎ᠳᠤ᠂ ᠭᠠᠳᠠᠭ᠋ᠠᠳᠤ ᠵᠢᠨ ᠬᠤᠳᠠᠯᠳᠤᠭ᠋ᠠᠴᠢᠨ᠎ᠤ ᠪᠠᠯᠠ ᠣᠷᠣᠭᠤᠯᠤᠭᠰᠠᠨ ᠠᠵᠤ ᠠᠬᠤᠶ᠋ᠢᠯᠠᠯ᠎ᠤᠨ ᠭᠠᠳᠠᠭ᠋ᠠᠳᠤ ᠣᠷᠣᠭᠤᠯᠤᠯᠲᠠ ᠭᠠᠷᠭ᠋ᠠᠯᠲᠠ ᠵᠢᠨ ᠶᠡᠷᠦᠩᠬᠡᠶ ᠬᠡᠮᠵᠢᠶ᠎ᠡ 54.6 ᠳ᠋ᠦᠩᠰᠢᠭᠤᠷ ᠲᠥᠭᠥᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 48.8%᠎ᠪᠠᠷ ᠨᠡᠮᠡᠭᠳᠡᠨ᠂ ᠪᠥᠬᠥ ᠣᠷᠣᠨ᠎ᠤ ᠳᠤᠮᠳᠠᠴᠢ ᠨᠡᠮᠡᠭᠳᠡᠯ᠎ᠤᠨ ᠬᠡᠮᠵᠢᠶ᠎ᠡ᠎ᠠᠴᠠ 31.5 ᠵᠠᠭᠤᠨ᠎ᠤ ᠨᠢᠭᠡᠴᠢ ᠥᠨᠳᠥᠷ ᠪᠣᠯᠵᠠᠶ᠃ ᠪᠥᠬᠥ ᠣᠷᠣᠨ᠎ᠤ ᠠᠷᠠᠳ᠎ᠤᠨ ᠡᠵᠡᠩᠨᠡᠭᠰᠡᠨ ᠠᠵᠤ ᠠᠬᠤᠶ᠋ᠢᠯᠠᠯ᠎ᠤᠨ ᠭᠠᠳᠠᠭ᠋ᠠᠳᠤ ᠠᠷᠠᠯᠵᠢᠶ᠎ᠠ ᠵᠢᠨ ᠭᠠᠳᠠᠭ᠋ᠠᠳᠤ᠎ᠠᠴᠠ ᠣᠷᠣᠭᠤᠯᠵᠤ ᠭᠠᠳᠠᠭ᠋ᠠᠳᠤ᠎ᠳᠤ ᠭᠠᠷᠭ᠋ᠠᠭᠰᠠᠨ ᠶᠡᠷᠦᠩᠬᠡᠶ ᠥᠷᠲᠡᠭ ᠨᠡᠶ᠋ᠢᠲᠡ 454.9 ᠳ᠋ᠦᠩᠰᠢᠭᠤᠷ ᠲᠥᠭᠥᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 22.3%᠎ᠪᠠᠷ ᠨᠡᠮᠡᠭᠳᠡᠨ᠂ ᠪᠥᠬᠥ ᠣᠷᠣᠨ᠎ᠤ ᠭᠠᠳᠠᠭ᠋ᠠᠳᠤ ᠠᠷᠠᠯᠵᠢᠶ᠎ᠠ ᠵᠢᠨ ᠭᠠᠳᠠᠭ᠋ᠠᠳᠤ᠎ᠠᠴᠠ ᠣᠷᠣᠭᠤᠯᠵᠤ ᠭᠠᠳᠠᠭ᠋ᠠᠳᠤ᠎ᠳᠤ ᠭᠠᠷᠭ᠋ᠠᠭᠰᠠᠨ ᠶᠡᠷᠦᠩᠬᠡᠶ ᠥᠷᠲᠡᠭ᠎ᠤᠨ 66.8% ᠵᠢ ᠡᠵᠡᠯᠡᠵᠦ᠂ ᠮᠠᠨ᠎ᠤ ᠣᠷᠣᠨ᠎ᠤ ᠨᠢᠭᠡᠳᠦᠭᠡᠷ ᠲᠣᠮᠣ ᠭᠠᠳᠠᠭ᠋ᠠᠳᠤ ᠠᠷᠠᠯᠵᠢᠶ᠎ᠠ ᠵᠢᠨ ᠤᠯᠤᠰ᠎ᠤᠨ ᠥᠮᠴᠢᠯᠡᠯ᠎ᠤᠨ ᠠᠵᠤ ᠠᠬᠤᠶ᠋ᠢᠯᠠᠯ᠎ᠤᠨ ᠭᠠᠳᠠᠭ᠋ᠠᠳᠤ᠎ᠠᠴᠠ ᠣᠷᠣᠭᠤᠯᠵᠤ ᠭᠠᠳᠠᠭ᠋ᠠᠳᠤ᠎ᠳᠤ ᠭᠠᠷᠭ᠋ᠠᠬᠤ ᠪᠦᠬᠦ ᠲᠣᠭ᠎ᠠ ᠭᠠᠳᠠᠭ᠋ᠠᠳᠤ᠎ᠳᠤ ᠭᠠᠷᠭ᠋ᠠᠬᠤ ᠲᠠᠸᠠᠷ᠎ᠤᠨ ᠪᠦᠲᠦᠴᠡ ᠵᠢ ᠨᠡᠩ ᠰᠢᠯᠢᠳᠡᠭᠵᠢᠬᠦᠯᠵᠠᠢ᠃ ᠮᠠᠰᠢᠨ ᠴᠠᠬᠢᠯᠭ᠋ᠠᠨ᠎ᠤ ᠦᠢ᠍ᠯᠡᠳᠬᠦᠨ᠂ ᠳᠡᠭᠡᠳᠦ ᠰᠢᠨ᠎ᠡ ᠮᠡᠷᠭᠡᠵᠢᠯ᠎ᠤᠨ ᠦᠢ᠍ᠯᠡᠳᠬᠦᠨ᠎ᠤ ᠭᠠᠳᠠᠭ᠋ᠠᠳᠤ ᠭᠠᠷᠭ᠋ᠠᠯᠲᠠ ᠲᠦᠷᠭᠡᠨ ᠵᠶ᠋ᠠᠷ ᠨᠡᠮᠡᠭᠳᠡᠵᠦ᠂ ᠠᠳᠠᠯᠢ ᠬᠤᠭᠤᠴᠠᠭ᠋ᠠᠨ᠎ᠤ᠎ᠬᠢ᠎ᠠᠴᠠ ᠲᠣᠰ ᠲᠣᠰ 68.8%᠂ 61.0% ᠨᠡᠮᠡᠭᠳᠡᠵᠡᠶ᠂ ᠡᠨᠡ ᠬᠣᠶᠠᠷ᠎ᠨᠢ ᠨᠡᠶ᠋ᠢᠯᠡᠭᠡᠳ ᠭᠠᠳᠠᠭ᠋ᠠᠳᠤ ᠭᠠᠷᠭ᠋ᠠᠯᠲᠠ ᠵᠢᠨ ᠪᠥᠬᠥ ᠲᠣᠭ᠋ᠠᠨ᠎ᠤ 34.3% ᠵᠢ ᠡᠵᠡᠯᠡᠵᠦ᠂ ᠨᠢᠳᠤᠨᠤᠨ᠎ᠤ ᠠᠳᠠᠯᠢ ᠬᠤᠭᠤᠴᠠᠭ᠋ᠠᠨ᠎ᠤ᠎ᠬᠢ᠎ᠠᠴᠠ 6.2 ᠵᠠᠭᠤᠨ᠎ᠤ ᠨᠢᠭᠡᠴᠢ ᠥᠷᠭᠡᠳᠴᠡᠶ᠃ ᠲᠠᠪᠤᠨ ᠶᠡᠬᠡ ᠲᠠᠸᠠᠷ᠎ᠤᠨ ᠭᠠᠳᠠᠭ᠋ᠠᠳᠤ᠎ᠠᠴᠠ ᠣᠷᠣᠭᠤᠯᠬᠤ ᠬᠡᠮᠵᠢᠶ᠎ᠡ ᠪᠠ ᠦᠨ᠎ᠡ ᠬᠠᠩᠰᠢ ᠵᠡᠷᠭᠡ᠎ᠪᠠᠷ ᠳᠡᠭᠡᠭᠰᠢᠯᠡᠪᠡ᠃ ᠴᠢᠯᠠᠭᠤᠨ ᠲᠣᠰᠣᠨ᠎ᠤ ᠲᠦᠭᠦᠬᠡᠶ ᠴᠢᠯᠠᠭᠤᠨ ᠲᠣᠰᠣ᠂ ᠬᠤᠷᠠᠮᠠᠯ ᠴᠠᠬᠢᠯᠭ᠋ᠠᠨ ᠬᠡᠯᠬᠢᠶ᠎ᠡ᠂ ᠴᠠᠶ᠋ᠢᠷ᠎ᠤᠨ ᠬᠦᠳᠡᠷ᠎ᠤᠨ ᠡᠯᠡᠰᠦ᠂ ᠬᠠᠷ᠎ᠠ ᠲᠤᠭᠤᠯᠭ᠎ᠠ ᠵᠢᠨ ᠬᠦᠳᠡᠷ᠎ᠤᠨ ᠡᠯᠡᠰᠦ᠂ ᠰᠢᠩᠭᠡᠨ ᠵᠥᠭᠡᠬᠡᠶ ᠵᠢᠨ ᠭᠠᠳᠠᠭ᠋ᠠᠳᠤ᠎ᠠᠴᠠ ᠣᠷᠣᠭᠤᠯᠤᠭᠰᠠᠨ ᠬᠡᠮᠵᠢᠶ᠎ᠡ ᠲᠣᠰ ᠲᠣᠰ 8.5 ᠳᠠᠬᠢᠨ᠂ 1.2 ᠳᠠᠬᠢᠨ᠂ 34.1%᠂ 13.0%᠂ 1.9% ᠨᠡᠮᠡᠭᠳᠡᠵᠦ᠂ ᠭᠠᠳᠠᠭ᠋ᠠᠳᠤ᠎ᠠᠴᠠ ᠣᠷᠣᠭᠤᠯᠤᠭᠰᠠᠨ ᠬᠡᠮᠵᠢᠶ᠎ᠡ ᠲᠣᠰ ᠲᠣᠰ 14.8 ᠳᠠᠬᠢᠨ᠂ 5.6 ᠳᠠᠬᠢᠨ᠂ 65.9%᠂ 13.0%᠂ 22.0% ᠨᠡᠮᠡᠭᠳᠡᠪᠡ᠃ ᠭᠣᠣᠯ ᠪᠣᠯᠬᠤ ᠠᠷᠠᠯᠵᠢᠶᠠᠨ᠎ᠤ ᠬᠠᠨᠢᠲᠠᠨᠯᠤᠭᠠ ᠵᠢᠨ ᠭᠠᠳᠠᠭ᠋ᠠᠳᠤ ᠣᠷᠣᠭᠤᠯᠤᠯᠲᠠ ᠭᠠᠷᠭ᠋ᠠᠯᠲᠠ ᠨᠡᠯᠢᠶᠡᠳ ᠲᠦᠷᠭᠡᠨ ᠨᠡᠮᠡᠭᠳᠡᠪᠡ᠃ ᠮᠣᠩᠭᠣᠯ ᠤᠯᠤᠰ᠎ᠯᠤᠭ᠎ᠠ ᠵᠢᠨ ᠭᠠᠳᠠᠭ᠋ᠠᠳᠤ ᠣᠷᠣᠭᠤᠯᠤᠯᠲᠠ ᠭᠠᠷᠭ᠋ᠠᠯᠲᠠ ᠵᠢᠨ ᠶᠡᠷᠦᠩᠬᠡᠶ ᠥᠷᠲᠡᠭ 170.2 ᠳ᠋ᠦᠩᠰᠢᠭᠤᠷ ᠲᠥᠭᠥᠷᠢᠭ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 14.6% ᠨᠡᠮᠡᠭᠳᠡᠵᠦ᠂ ᠪᠥᠬᠥ ᠣᠷᠣᠨ᠎ᠤ ᠭᠠᠳᠠᠭ᠋ᠠᠳᠤ ᠠᠷᠠᠯᠵᠢᠶᠠᠨ᠎ᠤ ᠭᠠᠳᠠᠭ᠋ᠠᠳᠤ ᠣᠷᠣᠭᠤᠯᠤᠯᠲᠠ ᠭᠠᠷᠭ᠋ᠠᠯᠲᠠ ᠵᠢᠨ ᠥᠷᠲᠡᠭ (ᠳᠣᠷᠣᠭᠰᠢ ᠠᠳᠠᠯᠢ)᠎ᠤᠨ 25.0% ᠵᠢ ᠡᠵᠡᠯᠡᠪᠡ; ᠣᠷᠣᠰ᠎ᠯᠤᠭ᠎ᠠ ᠵᠢᠨ ᠭᠠᠳᠠᠭ᠋ᠠᠳᠤ ᠣᠷᠣᠭᠤᠯᠤᠯᠲᠠ ᠭᠠᠷᠭ᠋ᠠᠯᠲᠠ ᠵᠢᠨ ᠶᠡᠷᠦᠩᠬᠡᠶ ᠥᠷᠲᠡᠭ 87.3 ᠳ᠋ᠦᠩᠰᠢᠭᠤᠷ ᠲᠥᠭᠥᠷᠢᠭ᠎ᠲᠤ ᠬᠦᠷᠴᠦ᠂ ᠡᠨᠡ ᠵᠢᠯ᠎ᠠᠴᠠ ᠨᠠᠰᠢ ᠠᠩᠬ᠎ᠠ ᠤᠳᠠᠭ᠎ᠠ ᠡᠶᠡᠷᠭᠦ ᠨᠡᠮᠡᠭᠳᠡᠯ᠎ᠢ ᠪᠡᠶᠡᠯᠡᠭᠦᠯᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 1.9%᠎ᠪᠠᠷ ᠨᠡᠮᠡᠭᠳᠡᠨ᠂ 12.8% ᠵᠢ ᠡᠵᠡᠯᠡᠪᠡ᠃ ᠡᠨᠡ ᠬᠣᠶᠠᠷ᠎ᠢ ᠨᠡᠶ᠋ᠢᠯᠡᠭᠦᠯᠵᠦ ᠪᠤᠳᠤᠪᠠᠯ ᠭᠠᠳᠠᠭ᠋ᠠᠳᠤ᠎ᠠᠴᠠ ᠣᠷᠣᠭᠤᠯᠵᠤ ᠭᠠᠳᠠᠭ᠋ᠠᠳᠤ᠎ᠳᠤ ᠭᠠᠷᠭ᠋ᠠᠭᠰᠠᠨ ᠶᠡᠷᠦᠩᠬᠡᠶ ᠥᠷᠲᠡᠭ 257.5 ᠳ᠋ᠦᠩᠰᠢᠭᠤᠷ ᠲᠥᠭᠥᠷᠢᠭ᠎ᠲᠤ ᠬᠦᠷᠴᠦ᠂ 37.8% ᠵᠢ ᠡᠵᠡᠯᠡᠵᠡᠶ᠃ ᠲᠦᠷᠦᠭᠦᠦ ᠠᠷᠪᠠᠨ ᠶᠡᠬᠡ ᠠᠷᠠᠯᠵᠢᠶᠠᠨ᠎ᠤ ᠬᠠᠨᠢᠲᠠᠨ᠎ᠤ ᠳᠣᠲᠣᠷ᠎ᠠ᠂ ᠠᠦ᠋ᠰᠲᠷᠠᠯᠢᠶ᠎ᠠ ᠪᠣᠯᠤᠨ ᠺᠣᠷᠢᠶᠠ᠎ᠠᠴᠠ ᠪᠤᠰᠤᠳ ᠨᠠᠢ᠍ᠮᠠᠨ ᠶᠡᠬᠡ ᠠᠷᠠᠯᠵᠢᠶᠠᠨ᠎ᠤ ᠬᠠᠨᠢᠲᠠᠨᠯᠤᠭᠠ ᠵᠢᠨ ᠭᠠᠳᠠᠭ᠋ᠠᠳᠤ ᠣᠷᠣᠭᠤᠯᠤᠯᠲᠠ ᠭᠠᠷᠭ᠋ᠠᠯᠲᠠ ᠵᠢᠨ ᠨᠡᠮᠡᠭᠳᠡᠯ ᠴᠥᠮ ᠡᠶᠡᠷᠭᠦ ᠨᠡᠮᠡᠭᠳᠡᠯ᠎ᠢ ᠪᠡᠶᠡᠯᠡᠭᠦᠯᠵᠡᠶ᠃ 6 ᠠᠶ᠋ᠢᠮᠠᠭ ᠬᠣᠲᠠ ᠵᠢᠨ ᠭᠠᠳᠠᠭ᠋ᠠᠳᠤ᠎ᠠᠴᠠ ᠣᠷᠣᠭᠤᠯᠵᠤ ᠭᠠᠳᠠᠭ᠋ᠠᠳᠤ᠎ᠳᠤ ᠭᠠᠷᠭ᠋ᠠᠬᠤ ᠬᠡᠮᠵᠢᠶ᠎ᠡ ᠶᠠᠭ ᠨᠡᠮᠡᠭᠳᠡᠵᠦ ᠪᠠᠶ᠋ᠢᠨ᠎ᠠ᠃ ᠲᠦᠷᠦᠭᠦᠤ ᠬᠠᠭ᠋ᠠᠰ ᠵᠢᠯ᠎ᠳᠤ᠂ ᠪᠠᠶᠠᠨᠨᠠᠭᠤᠷ ᠬᠣᠲᠠ᠂ ᠬᠥᠬᠡᠬᠣᠲᠠ᠂ ᠣᠷᠳᠣᠰ ᠬᠣᠲᠠ᠂ ᠤᠯᠠᠭ᠋ᠠᠨᠬᠠᠳᠠ ᠬᠣᠲᠠ᠂ ᠲᠦᠩᠯᠢᠶᠣᠤ ᠬᠣᠲᠠ᠂ ᠦᠬᠠᠶ ᠬᠣᠲᠠ ᠵᠢᠨ ᠭᠠᠳᠠᠭ᠋ᠠᠳᠤ᠎ᠠᠴᠠ ᠣᠷᠣᠭᠤᠯᠵᠤ ᠭᠠᠳᠠᠭ᠋ᠠᠳᠤ᠎ᠳᠤ ᠭᠠᠷᠭ᠋ᠠᠬᠤ ᠶᠡᠷᠦᠩᠬᠡᠶ ᠥᠷᠲᠡᠭ ᠶᠠᠭ ᠨᠡᠮᠡᠭᠳᠡᠵᠦ ᠪᠠᠶ᠋ᠢᠨ᠎ᠠ᠃ ᠪᠠᠶᠠᠨᠨᠠᠭᠤᠷ ᠬᠣᠲᠠ ᠵᠢᠨ ᠭᠠᠳᠠᠭ᠋ᠠᠳᠤ᠎ᠠᠴᠠ ᠣᠷᠣᠭᠤᠯᠵᠤ ᠭᠠᠳᠠᠭ᠋ᠠᠳᠤ᠎ᠳᠤ ᠭᠠᠷᠭ᠋ᠠᠭᠰᠠᠨ ᠲᠣᠭ᠎ᠠ 153.2 ᠳ᠋ᠦᠩᠰᠢᠭᠤᠷ ᠲᠥᠭᠥᠷᠢᠭ᠎ᠲᠤ ᠬᠦᠷᠴᠦ᠂ ᠪᠥᠬᠥ ᠣᠷᠣᠨ᠎ᠤ ᠨᠢᠭᠡᠳᠦᠭᠡᠷ᠎ᠲᠤ ᠣᠷᠣᠪᠠ᠃
ᠭᠤᠷᠪᠠ᠂ ᠭᠠᠳᠠᠭ᠋ᠠᠳᠤ ᠵᠢᠨ ᠪᠡᠯᠡ ᠮᠥᠩᠭᠥ ᠵᠢ ᠰᠢᠭᠤᠳ ᠠᠰᠢᠭᠯᠠᠬᠤ
ᠳᠡᠭᠡᠷ᠎ᠡ ᠬᠠᠭ᠋ᠠᠰ ᠵᠢᠯ᠎ᠳᠤ᠂ ᠪᠥᠬᠥ ᠣᠷᠣᠨ᠎ᠤ ᠵᠢᠱ᠌ᠢᠯᠲᠡ᠎ᠪᠠᠷ ᠪᠣᠳᠠᠲᠠᠶ ᠬᠡᠷᠡᠭᠯᠡᠭᠰᠡᠨ ᠭᠠᠳᠠᠭ᠋ᠠᠳᠤ ᠪᠠᠯᠠ ᠵᠢᠨ ᠵᠣᠭᠣᠰᠣᠨ ᠲᠣᠭ᠎ᠠ 5.1 ᠳ᠋ᠦᠩᠰᠢᠭᠤᠷ ᠳ᠋ᠣᠯᠯᠠᠷ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 209.2% ᠨᠡᠮᠡᠭᠳᠡᠪᠡ; ᠪᠥᠬᠥ ᠣᠷᠣᠨ᠎ᠳᠤ ᠭᠠᠳᠠᠭ᠋ᠠᠳᠤ ᠵᠢᠨ ᠬᠤᠳᠠᠯᠳᠤᠭ᠋ᠠᠴᠢᠨ᠎ᠤ ᠪᠠᠯᠠ ᠣᠷᠣᠭᠤᠯᠤᠭᠰᠠᠨ ᠠᠵᠤ ᠠᠬᠤᠶ᠋ᠢᠯᠠᠯ᠎ᠢ ᠰᠢᠨ᠎ᠡ᠎ᠪᠠᠷ 23 ᠪᠠᠶ᠋ᠢᠭᠤᠯᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 6 ᠨᠡᠮᠡᠭᠳᠡᠵᠡᠶ᠃
ᠳᠥᠷᠪᠡ᠂ ᠭᠠᠳᠠᠭ᠋ᠠᠳᠤ᠎ᠳᠤ ᠪᠠᠯᠠ ᠣᠷᠣᠭᠤᠯᠤᠨ ᠬᠠᠮᠲᠤᠷᠠᠯᠴᠠᠬᠤ
ᠳᠡᠭᠡᠷ᠎ᠡ ᠬᠠᠭ᠋ᠠᠰ ᠵᠢᠯ᠎ᠳᠤ᠂ ᠮᠠᠨ᠎ᠤ ᠣᠷᠣᠨ᠎ᠤ ᠰᠢᠨ᠎ᠡ᠎ᠪᠠᠷ ᠨᠡᠮᠡᠭᠳᠡᠭᠰᠡᠨ ᠭᠠᠳᠠᠭ᠋ᠠᠳᠤ᠎ᠳᠠᠬᠢ ᠪᠠᠯᠠ ᠣᠷᠣᠭᠤᠯᠤᠯᠲᠠ ᠵᠢᠨ ᠲᠥᠷᠥᠯ ᠵᠦᠢ᠍ᠯ᠎ᠤᠨ ᠲᠣᠭ᠎ᠠ 11 ᠪᠠᠶ᠋ᠢᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 15 ᠬᠠᠰᠤᠭᠳᠠᠵᠤ᠂ ᠳᠤᠮᠳᠠᠳᠤ ᠵᠢᠨ ᠲᠠᠯ᠎ᠠ ᠵᠢᠨ ᠵᠥᠪᠳᠡᠯᠴᠡᠬᠡᠷ᠎ᠤᠨ ᠪᠠᠯᠠ ᠣᠷᠣᠭᠤᠯᠤᠯᠲᠠ ᠵᠢᠨ ᠲᠣᠭ᠎ᠠ 21.66 ᠳ᠋ᠦᠩᠰᠢᠭᠤᠷ ᠳ᠋ᠣᠯᠯᠠᠷ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 6.3 ᠳᠠᠬᠢᠨ ᠨᠡᠮᠡᠭᠳᠡᠪᠡ᠃ ᠭᠣᠣᠯ ᠪᠣᠯᠬᠤ ᠪᠡᠯᠡ ᠣᠷᠣᠭᠤᠯᠤᠯᠲᠠ ᠵᠢᠨ ᠠᠵᠢᠯ ᠲᠦᠷᠦᠯ ᠪᠣᠯ ᠲᠠᠷᠢᠶᠠᠯᠠᠩ᠂ ᠪᠥᠭᠡᠮ ᠵᠶ᠋ᠠᠷ ᠬᠤᠳᠠᠯᠳᠤᠬᠤ ᠦᠢ᠍ᠯᠡᠰ᠂ ᠠᠭᠤᠷᠬᠠᠶ ᠮᠠᠯᠲᠠᠬᠤ ᠦᠢ᠍ᠯᠡᠰ᠂ ᠰᠣᠨᠢᠨ ᠮᠡᠳᠡᠭᠡ ᠬᠡᠪᠯᠡᠯ᠎ᠤᠨ ᠦᠢ᠍ᠯᠡᠰ᠂ ᠦᠢ᠍ᠯᠡᠴᠢᠯᠡᠭᠡᠨ᠎ᠤ ᠦᠢ᠍ᠯᠡᠰ᠂ ᠤᠯᠠᠨ ᠤᠯᠤᠰ᠎ᠤᠨ ᠠᠷᠠᠯᠵᠢᠶ᠎ᠠ ᠵᠡᠷᠭᠡ ᠪᠣᠯᠤᠨ᠎ᠠ᠃ ᠲᠦᠷᠦᠭᠦᠤ ᠬᠠᠭ᠋ᠠᠰ ᠵᠢᠯ᠎ᠳᠤ᠂ ᠭᠠᠳᠠᠭ᠋ᠠᠳᠤ᠎ᠳᠠᠬᠢ ᠪᠣᠳᠠᠲᠠᠶ ᠪᠠᠯᠠ ᠣᠷᠣᠭᠤᠯᠤᠯᠲᠠ ᠵᠢᠨ ᠲᠣᠭ᠎ᠠ 5.49 ᠳ᠋ᠦᠩᠰᠢᠭᠤᠷ ᠳ᠋ᠣᠯᠯᠠᠷ᠎ᠲᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 4.66 ᠳᠠᠬᠢᠨ ᠨᠡᠮᠡᠭᠳᠡᠨ᠂ ᠪᠥᠬᠥ ᠤᠯᠤᠰ᠎ᠤᠨ 16 ᠳ᠋ᠤᠭ᠋ᠠᠷ᠎ᠲᠤ ᠣᠷᠣᠵᠤ᠂ ᠨᠢᠳᠤᠨᠤᠨ᠎ᠤ ᠠᠳᠠᠯᠢ ᠬᠤᠭᠤᠴᠠᠭ᠋ᠠᠨ᠎ᠤ᠎ᠬᠢ᠎ᠲᠠᠢ ᠬᠠᠷᠢᠴᠠᠭᠤᠯᠪᠠᠯ 9 ᠳ᠋ᠤᠭ᠋ᠠᠷ᠎ᠲᠤ ᠣᠷᠣᠵᠠᠶ᠃
ᠲᠠᠪᠤ᠂ ᠪᠣᠭᠣᠮᠲᠠ ᠵᠢᠨ ᠲᠡᠭᠡᠭᠡᠪᠦᠷᠢ ᠵᠢᠨ ᠬᠡᠮᠵᠢᠶ᠎ᠡ ᠵᠢᠨ ᠪᠠᠶ᠋ᠢᠳᠠᠯ
ᠲᠦᠷᠦᠭᠦᠤ ᠬᠠᠭ᠋ᠠᠰ ᠵᠢᠯ᠎ᠳᠤ᠂ ᠪᠥᠬᠥ ᠣᠷᠣᠨ᠎ᠤ ᠪᠣᠭᠣᠮᠲᠠ ᠵᠢᠨ ᠬᠢᠯᠢ᠎ᠪᠠᠷ ᠣᠷᠣᠭᠤᠯᠵᠤ ᠭᠠᠷᠭ᠋ᠠᠬᠤ ᠪᠠᠷᠠᠭ᠋ᠠᠨ᠎ᠤ ᠲᠡᠭᠡᠭᠡᠪᠦᠷᠢ ᠵᠢᠨ ᠬᠡᠮᠵᠢᠶ᠎ᠡ 1970.4 ᠲᠦᠮᠡᠨ ᠲᠣᠨ᠎ᠳᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 31.1%᠎ᠪᠠᠷ ᠪᠠᠭᠤᠷᠠᠪᠠ᠂ ᠡᠭᠦᠨ᠎ᠳᠤ᠂ ᠬᠢᠯᠢ᠎ᠪᠠᠷ ᠣᠷᠣᠭᠤᠯᠵᠤ ᠭᠠᠷᠭ᠋ᠠᠬᠤ ᠪᠠᠷᠠᠭ᠋ᠠᠨ᠎ᠤ ᠲᠡᠭᠡᠭᠡᠪᠦᠷᠢ ᠵᠢᠨ ᠬᠡᠮᠵᠢᠶ᠎ᠡ 1654.9 ᠲᠦᠮᠡᠨ ᠲᠣᠨ᠎ᠳᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 31.6%᠎ᠪᠠᠷ ᠪᠠᠭᠤᠷᠠᠪᠠ; ᠬᠢᠯᠢ᠎ᠠᠴᠠ ᠭᠠᠷᠬᠤ ᠪᠠᠷᠠᠭ᠋ᠠᠨ᠎ᠤ ᠲᠡᠭᠡᠭᠡᠪᠦᠷᠢ ᠵᠢᠨ ᠬᠡᠮᠵᠢᠶ᠎ᠡ 315.5 ᠲᠦᠮᠡᠨ ᠲᠣᠨ᠎ᠳᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 28.2% ᠵᠶ᠋ᠠᠷ ᠪᠠᠭᠤᠷᠠᠪᠠ᠃
ᠥᠪᠥᠷ ᠮᠣᠩᠭᠣᠯ᠎ᠤᠨ ᠬᠢᠯᠢ᠎ᠪᠠᠷ ᠣᠷᠣᠭᠤᠯᠵᠤ ᠭᠠᠷᠭ᠋ᠠᠬᠤ ᠪᠠᠷᠠᠭ᠋ᠠᠨ᠎ᠤ ᠲᠡᠭᠡᠭᠡᠪᠦᠷᠢ ᠵᠢᠨ ᠬᠡᠮᠵᠢᠶ᠎ᠡ 1238.6 ᠲᠦᠮᠡᠨ ᠲᠣᠨ᠎ᠳᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 32.8%᠎ᠪᠠᠷ ᠪᠠᠭᠤᠷᠠᠪᠠ᠂ ᠡᠭᠦᠨ᠎ᠳᠤ᠂ ᠬᠢᠯᠢ᠎ᠪᠠᠷ ᠣᠷᠣᠭᠤᠯᠵᠤ ᠭᠠᠷᠭ᠋ᠠᠬᠤ ᠪᠠᠷᠠᠭ᠋ᠠᠨ᠎ᠤ ᠲᠡᠭᠡᠭᠡᠪᠦᠷᠢ ᠵᠢᠨ ᠬᠡᠮᠵᠢᠶ᠎ᠡ 1056.1 ᠲᠦᠮᠡᠨ ᠲᠣᠨ᠎ᠳᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 35.1%᠎ᠪᠠᠷ ᠪᠠᠭᠤᠷᠠᠪᠠ; ᠬᠢᠯᠢ᠎ᠠᠴᠠ ᠭᠠᠷᠬᠤ ᠪᠠᠷᠠᠭ᠋ᠠᠨ᠎ᠤ ᠲᠡᠭᠡᠭᠡᠪᠦᠷᠢ ᠵᠢᠨ ᠬᠡᠮᠵᠢᠶ᠎ᠡ 182.5 ᠲᠦᠮᠡᠨ ᠲᠣᠨ᠎ᠳᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 14.9%᠎ᠪᠠᠷ ᠪᠠᠭᠤᠷᠠᠪᠠ᠃ ᠣᠷᠣᠰ᠎ᠤᠨ ᠬᠢᠯᠢ᠎ᠪᠠᠷ ᠣᠷᠣᠭᠤᠯᠵᠤ ᠭᠠᠷᠭ᠋ᠠᠬᠤ ᠪᠠᠷᠠᠭ᠋ᠠᠨ᠎ᠤ ᠲᠡᠭᠡᠭᠡᠪᠦᠷᠢ ᠵᠢᠨ ᠬᠡᠮᠵᠢᠶ᠎ᠡ 731.8 ᠲᠦᠮᠡᠨ ᠲᠣᠨ᠎ᠳᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 28.0%᠎ᠪᠠᠷ ᠪᠠᠭᠤᠷᠠᠪᠠ᠂ ᠡᠭᠦᠨ᠎ᠳᠤ᠂ ᠬᠢᠯᠢ᠎ᠪᠠᠷ ᠣᠷᠣᠭᠤᠯᠵᠤ ᠭᠠᠷᠭ᠋ᠠᠬᠤ ᠪᠠᠷᠠᠭ᠋ᠠᠨ᠎ᠤ ᠲᠡᠭᠡᠭᠡᠪᠦᠷᠢ ᠵᠢᠨ ᠬᠡᠮᠵᠢᠶ᠎ᠡ 598.8 ᠲᠦᠮᠡᠨ ᠲᠣᠨ᠎ᠳᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 24.3%᠎ᠪᠠᠷ ᠪᠠᠭᠤᠷᠠᠪᠠ; ᠬᠢᠯᠢ᠎ᠠᠴᠠ ᠭᠠᠷᠬᠤ ᠪᠠᠷᠠᠭ᠋ᠠᠨ᠎ᠤ ᠲᠡᠭᠡᠭᠡᠪᠦᠷᠢ ᠵᠢᠨ ᠬᠡᠮᠵᠢᠶ᠎ᠡ 133.0 ᠲᠦᠮᠡᠨ ᠲᠣᠨ᠎ᠳᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 40.9%᠎ᠪᠠᠷ ᠪᠠᠭᠤᠷᠠᠪᠠ᠃
ᠳᠡᠭᠡᠷ᠎ᠡ ᠬᠠᠭ᠋ᠠᠰ ᠵᠢᠯ᠎ᠳᠤ᠂ ᠪᠥᠬᠥ ᠣᠷᠣᠨ᠎ᠤ ᠪᠣᠭᠣᠮᠲᠠ ᠵᠢᠨ ᠬᠢᠯᠢ᠎ᠪᠠᠷ ᠣᠷᠣᠵᠤ ᠭᠠᠷᠬᠤ ᠵᠠᠮ ᠬᠠᠷᠢᠯᠴᠠᠭ᠋ᠠᠨ᠎ᠤ ᠪᠠᠭ᠋ᠠᠵᠢ 17.8 ᠲᠦᠮᠡᠨ ᠨᠢᠰᠬᠡᠯ ᠤᠳᠠᠭ᠎ᠠ ᠪᠠᠶ᠋ᠢᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 33.8%᠎ᠪᠠᠷ ᠪᠠᠭᠤᠷᠠᠪᠠ᠂ ᠡᠭᠦᠨ᠎ᠳᠤ᠂ ᠬᠢᠯᠢ᠎ᠪᠠᠷ ᠣᠷᠣᠵᠤ ᠢᠷᠡᠬᠦ ᠵᠠᠮ ᠬᠠᠷᠢᠯᠴᠠᠭ᠋ᠠᠨ᠎ᠤ ᠪᠠᠭ᠋ᠠᠵᠢ 8.5 ᠲᠦᠮᠡᠨ ᠨᠢᠰᠬᠡᠯ ᠤᠳᠠᠭ᠎ᠠ ᠪᠠᠶ᠋ᠢᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 34.5%᠎ᠪᠠᠷ ᠪᠠᠭᠤᠷᠠᠪᠠ; ᠬᠢᠯᠢ᠎ᠠᠴᠠ ᠭᠠᠷᠬᠤ ᠵᠠᠮ ᠬᠠᠷᠢᠯᠴᠠᠭ᠋ᠠᠨ᠎ᠤ ᠪᠠᠭ᠋ᠠᠵᠢ 9.3 ᠲᠦᠮᠡᠨ ᠴᠤᠪᠤᠭ᠎ᠠ ᠲᠡᠷᠭᠡᠨ᠎ᠤ ᠡᠭᠡᠯᠵᠢ ᠤᠳᠠᠭ᠎ᠠ ᠪᠠᠶ᠋ᠢᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 33.1%᠎ᠪᠠᠷ ᠪᠠᠭᠤᠷᠠᠪᠠ᠃
ᠳᠡᠭᠡᠷ᠎ᠡ ᠬᠠᠭ᠋ᠠᠰ ᠵᠢᠯ᠎ᠳᠤ᠂ ᠪᠥᠬᠥ ᠣᠷᠣᠨ᠎ᠤ ᠪᠣᠭᠣᠮᠲᠠ ᠵᠢᠨ ᠬᠢᠯᠢ᠎ᠪᠠᠷ ᠣᠷᠣᠭᠤᠯᠵᠤ ᠭᠠᠷᠭ᠋ᠠᠭᠰᠠᠨ ᠠᠶᠠᠨᠴᠢᠳ᠎ᠤᠨ ᠲᠡᠭᠡᠭᠡᠪᠦᠷᠢ ᠵᠢᠨ ᠬᠡᠮᠵᠢᠶ᠎ᠡ 19.8 ᠲᠦᠮᠡᠨ ᠬᠥᠮᠦᠨ ᠤᠳᠠᠭ᠎ᠠ᠎ᠳᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 34.5%᠎ᠪᠠᠷ ᠪᠠᠭᠤᠷᠠᠪᠠ᠂ ᠡᠭᠦᠨ᠎ᠳᠤ᠂ ᠬᠢᠯᠢ᠎ᠪᠠᠷ ᠣᠷᠣᠭᠤᠯᠵᠤ ᠢᠷᠡᠭᠰᠡᠨ ᠠᠶᠠᠨᠴᠢᠳ᠎ᠤᠨ ᠲᠡᠭᠡᠭᠡᠪᠦᠷᠢ ᠵᠢᠨ ᠬᠡᠮᠵᠢᠶ᠎ᠡ 9.9 ᠲᠦᠮᠡᠨ ᠬᠥᠮᠦᠨ ᠤᠳᠠᠭ᠎ᠠ᠎ᠳᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 34.7%᠎ᠪᠠᠷ ᠪᠠᠭᠤᠷᠠᠪᠠ; ᠬᠢᠯᠢ᠎ᠠᠴᠠ ᠭᠠᠷᠬᠤ ᠠᠶᠠᠨᠴᠢᠳ᠎ᠤᠨ ᠲᠡᠭᠡᠭᠡᠪᠦᠷᠢ ᠵᠢᠨ ᠬᠡᠮᠵᠢᠶ᠎ᠡ 9.9 ᠲᠦᠮᠡᠨ ᠬᠥᠮᠦᠨ ᠤᠳᠠᠭ᠎ᠠ᠎ᠳᠤ ᠬᠦᠷᠴᠦ᠂ ᠠᠳᠠᠯᠢ ᠬᠤᠭᠤᠴᠠᠭ᠋ᠠᠨ᠎ᠤ᠎ᠬᠢ᠎ᠠᠴᠠ 34.2% ᠵᠶ᠋ᠠᠷ ᠪᠠᠭᠤᠷᠠᠪᠠ᠃