ᠬᠥᠳᠡᠭᠡ ᠲᠣᠰᠬᠤᠨᠤ ᠭᠠᠵᠠᠷ ᠰᠢᠷᠤᠢ ᠳᠠᠭ᠋ᠠᠭ᠋ᠠᠴᠢᠯᠠᠬᠤ ᠬᠠᠷᠢᠴᠠᠭᠠ ᠵᠢ ᠲᠣᠭᠲᠠᠪᠤᠷᠢᠵᠢᠭᠤᠯᠤᠨ ᠲᠡᠭᠦᠯᠳᠡᠷᠵᠢᠭᠦᠯᠬᠦ ᠵᠢ ᠬᠡᠷᠬᠢᠨ ᠣᠢ᠌ᠯᠠᠭ᠋ᠠᠬᠤ ᠪᠤᠢ?
— — 《ᠬᠦᠳᠡᠭᠡ ᠳᠤᠰᠬᠤᠨᠤ ᠭᠠᠵᠠᠷ ᠰᠢᠷᠦᠢ ᠵᠢᠨ ᠡᠵᠡᠩᠨᠡᠯᠳᠡ ᠵᠢᠨ ᠡᠷᠭᠡ ᠵᠢ ᠡᠮᠬᠢ ᠲᠢᠭᠯᠢᠮᠲᠠᠢ ᠰᠢᠯᠵᠢᠬᠦᠯᠬᠦ ᠵᠢ ᠬᠦᠳᠦᠯᠦᠨ ᠵᠢᠯᠤᠭᠤᠳᠴᠤ ᠲᠠᠷᠢᠶᠠᠯᠠᠩᠤᠨ ᠵᠤᠬᠢᠬᠤ ᠭᠡᠪᠴᠢᠶᠡᠳᠦ ᠡᠵᠡᠩᠨᠡᠯᠲᠡ ᠵᠢ ᠬᠦᠭᠵᠢᠬᠦᠯᠬᠦ ᠳᠤᠬᠠᠢ ᠰᠠᠨᠠᠯ》ᠤᠨ ᠳᠠᠢ᠍ᠢ᠍ᠯᠦᠮᠵᠢ (ᠳᠥᠷᠪᠡ)
ᠲᠤᠰ ᠰᠣᠨᠢᠨᠤ ᠰᠣᠷᠪᠤᠯᠵᠢᠯᠠᠭᠴᠢ ᠬᠡᠰᠢᠭᠪᠠᠶᠠᠷ
ᠨᠠᠮ ᠤᠨ ᠲᠦᠪ ᠬᠤᠷᠢᠶᠠ ᠪᠤᠯᠤᠨ ᠲᠦᠷᠦ ᠵᠶ᠋ᠡᠨ ᠶᠠᠪᠤᠳᠠᠯ ᠤᠨ ᠬᠤᠷᠢᠶᠠ ᠵᠢᠨ ᠠᠯᠪᠠᠨ ᠲᠢᠨᠭᠭᠢᠮᠠᠴᠠ ᠤᠢ᠍ᠢ᠍ᠷᠠ ᠳᠤ ᠲᠠᠷᠤᠮᠠᠯᠯᠠᠨ ᠲᠡᠷᠬᠠᠭ᠋ᠠᠭᠰᠠᠨ 《ᠬᠦᠳᠡᠭᠡ ᠲᠤᠰᠬᠤᠨ ᠤ ᠭᠠᠵᠠᠷ ᠰᠢᠷᠤᠢ ᠵᠢᠨ ᠡᠵᠡᠨᠭᠨᠡᠯᠳᠡ ᠵᠶ᠋ᠡᠨ ᠡᠷᠭᠡ ᠵᠢ ᠡᠮᠬᠢ ᠵᠢᠷᠤᠮᠲᠠᠢ ᠰᠢᠯᠵᠢᠬᠦᠯᠬᠦ ᠵᠢ ᠬᠦᠳᠦᠯᠤᠨ ᠵᠢᠯᠤᠭᠤᠳᠴᠤ ᠲᠠᠷᠢᠶᠠᠯᠠᠩ ᠤᠨ ᠵᠤᠬᠢᠬᠤ ᠬᠡᠪᠴᠢᠶᠠᠳᠤ ᠡᠵᠡᠨᠭᠨᠡᠯᠳᠡ ᠵᠢ ᠭᠦᠭᠵᠢᠬᠦᠯᠬᠦ ᠲᠤᠬᠠᠢ ᠰᠠᠨᠠᠯ》 (ᠲᠤᠷᠤᠭᠰᠢ 《ᠰᠠᠨᠠᠯ》 ᠬᠡᠵᠦ ᠲᠦᠭᠦᠮᠴᠢᠯᠠᠨᠠ)ᠳᠤ 《ᠬᠦᠳᠡᠭᠡ ᠲᠤᠰᠬᠤᠨ ᠤ ᠭᠠᠵᠠᠷ ᠰᠢᠷᠤᠢ ᠲᠠᠭ᠋ᠠᠭ᠋ᠠᠴᠢᠯᠠᠬᠤ ᠬᠠᠷᠢᠴᠠᠭᠠ ᠵᠢ ᠲᠤᠭᠳᠠᠪᠤᠷᠢᠵᠢᠭᠤᠯᠤᠨ ᠲᠡᠭᠦᠯᠳᠡᠷᠵᠢᠬᠦᠯᠤᠨᠠ》 ᠬᠡᠵᠦ ᠲᠤᠷᠠᠳᠤᠭᠰᠠᠨ ᠪᠠᠢ᠍ᠢ᠍ᠨᠠ᠃ ᠴᠤᠬᠤᠮ ᠶᠠᠭᠤᠨᠤ ᠤᠴᠢᠷᠠᠴᠠ ᠬᠦᠳᠡᠭᠡ ᠲᠤᠰᠬᠤᠨ ᠤ ᠭᠠᠵᠠᠷ ᠰᠢᠷᠤᠢ ᠲᠠᠭ᠋ᠠᠭ᠋ᠠᠴᠢᠯᠠᠬᠤ ᠬᠠᠷᠢᠴᠠᠭᠠ ᠵᠢ ᠲᠤᠭᠳᠠᠪᠤᠷᠢᠵᠢᠭᠤᠯᠤᠨ ᠲᠡᠭᠦᠯᠳᠡᠷᠵᠢᠬᠦᠯᠬᠦ ᠴᠢᠬᠤᠯᠠᠳᠠᠢ ᠪᠤᠢ? ᠬᠦᠳᠡᠭᠡ ᠲᠤᠰᠬᠤᠨ ᠤ ᠭᠠᠵᠠᠷ ᠰᠢᠷᠤᠢ ᠲᠠᠭ᠋ᠠᠭ᠋ᠠᠴᠢᠯᠠᠬᠤ ᠬᠠᠷᠢᠴᠠᠭᠠ ᠵᠢ ᠲᠤᠭᠳᠠᠪᠤᠷᠢᠵᠢᠭᠤᠯᠤᠨ ᠲᠡᠭᠦᠯᠳᠡᠷᠵᠢᠬᠦᠯᠬᠦ ᠲᠤᠮᠳᠠ ᠶᠠᠭᠤ ᠵᠢ ᠠᠨᠭ᠌ᠬᠠᠷᠬᠤ ᠴᠢᠬᠤᠯᠠᠳᠠᠢ ᠪᠤᠢ? ᠰᠤᠷᠪᠤᠯᠵᠢᠯᠠᠭᠴᠢ ᠡᠳᠡᠭᠡᠷ ᠠᠰᠠᠭᠤᠳᠠᠯᠤᠨ ᠲᠤᠭᠤᠷᠢᠨᠲᠤ ᠦᠪᠠᠷᠳᠡᠭᠡᠨ ᠵᠠᠰᠠᠬᠤ ᠤᠷᠤᠨᠤ ᠲᠠᠷᠢᠶᠠᠯᠠᠩ ᠮᠠᠯ ᠠᠵᠤ ᠠᠬᠤᠢ ᠵᠢᠨ ᠲᠢᠨᠭᠭᠢᠮ ᠤᠨ ᠲᠠᠷᠢᠶᠠᠯᠠᠩ ᠮᠠᠯ ᠠᠵᠤ ᠠᠬᠤᠢ ᠵᠶ᠋ᠡᠨ ᠡᠵᠡᠨᠭᠨᠡᠨ ᠬᠠᠮᠢᠶᠠᠷᠤᠯᠳᠠ ᠵᠢᠨ ᠦᠷᠲᠡᠭᠡ ᠵᠢᠨ ᠲᠠᠳ᠋ ᠲᠠᠷᠤᠭᠠ ᠵᠢᠷᠭ᠋ᠠᠯ ᠭᠤᠸᠠᠢ ᠵᠢ ᠰᠤᠷᠪᠤᠯᠵᠢᠯᠠᠪᠠ᠃
ᠰᠤᠷᠪᠤᠯᠵᠢᠯᠠᠭᠴᠢ᠄ ᠶᠠᠭᠤᠨᠳᠤ ᠬᠦᠳᠡᠭᠡ ᠲᠤᠰᠬᠤᠨᠤ ᠭᠠᠵᠠᠷ ᠰᠢᠷᠤᠢ ᠲᠠᠭ᠋ᠠᠭ᠋ᠠᠴᠢᠯᠠᠬᠤ ᠬᠠᠷᠢᠴᠠᠭᠠ ᠵᠢ ᠲᠤᠭᠳᠠᠪᠤᠷᠢᠵᠢᠭᠤᠯᠤᠨ ᠲᠡᠭᠦᠯᠳᠡᠷᠵᠢᠬᠦᠯᠬᠦ ᠵᠢ ᠴᠢᠬᠤᠯᠠᠴᠢᠯᠠᠵᠦ ᠪᠠᠢ᠍ᠢ᠍ᠬᠤ ᠪᠤᠢ?
ᠵᠢᠷᠭ᠋ᠠᠯ᠄ 《ᠰᠠᠨᠠᠯ》 ᠢ ᠲᠠᠷᠤᠮᠠᠯᠯᠠᠨ ᠲᠠᠷᠬᠠᠭ᠋ᠠᠭᠰᠠᠨ ᠭᠤᠤᠯ ᠵᠤᠷᠢᠯᠭᠠ ᠪᠤᠯ ᠮᠠᠯᠴᠢᠨ ᠲᠠᠷᠢᠶᠠᠴᠢᠨ ᠤ ᠲᠠᠷᠠᠬᠠᠢ ᠪᠤᠳᠠᠷᠬᠠᠢ ᠬᠡᠷ ᠪᠦᠯᠢ ᠡᠷᠦᠭᠡ ᠵᠢᠨ ᠵᠢᠵᠢᠭ ᠬᠡᠪᠴᠢᠶᠠᠨᠤ ᠡᠵᠡᠨᠭᠨᠡᠯᠳᠡ ᠵᠢᠨ ᠡᠷᠭᠡ ᠵᠢ ᠲᠦᠷᠢᠶᠠᠰᠦᠯᠡᠬᠦᠯᠬᠦ᠂ ᠰᠢᠯᠵᠢᠬᠦᠯᠦᠨ ᠲᠠᠭ᠋ᠠᠭ᠋ᠠᠴᠢᠯᠠᠭᠤᠯᠬᠤ᠂ ᠰᠤᠯᠢᠯᠴᠠᠭᠤᠯᠬᠤ ᠪᠠ ᠬᠤᠪᠢ ᠤᠷᠤᠭᠤᠯᠬᠤ ᠵᠡᠷᠭᠡ ᠪᠤᠳᠠᠳᠤ ᠪᠠᠢ᠍ᠢ᠍ᠳᠠᠯᠲᠠᠢ ᠨᠠᠢ᠍ᠢ᠍ᠴᠡᠭᠰᠡᠨ ᠤᠯᠠᠨ ᠵᠦᠢ᠍ᠯ ᠤᠨ ᠠᠷᠭᠠ ᠬᠡᠯᠪᠡᠷᠢᠪᠠᠷ ᠬᠠᠤᠯᠢ ᠶᠤᠰᠤᠭ᠋ᠠᠷ᠂ ᠡᠮᠬᠢ ᠲᠢᠭᠯᠢᠮᠲᠠᠢ ᠰᠢᠯᠵᠢᠬᠦᠯᠬᠦ ᠵᠢ ᠬᠦᠳᠦᠯᠤᠨ ᠵᠢᠯᠤᠭᠤᠳᠴᠤ ᠪᠠᠢ᠍ᠢ᠍ᠭ᠋ᠠᠳ ᠭᠠᠵᠠᠷ ᠰᠢᠷᠤᠢ ᠵᠢ ᠵᠤᠬᠢᠬᠤ ᠬᠡᠪᠴᠢᠶᠠᠪᠠᠷ ᠲᠦᠪᠯᠡᠷᠡᠭᠦᠯᠵᠤ᠂ ᠡᠷᠴᠢᠮᠵᠢᠬᠦᠯᠤᠨ ᠡᠵᠡᠨᠭᠨᠡᠬᠦ ᠵᠢᠨ ᠲᠦᠯᠦᠬᠡ ᠶᠤᠮ᠃ ᠡᠢ᠍ᠢ᠍ᠨᠬᠦ ᠮᠠᠯᠴᠢᠨ ᠲᠠᠷᠢᠶᠠᠴᠢᠨ ᠤ ᠨᠤᠳᠤᠭ ᠪᠠᠯᠴᠢᠭᠡᠷ ᠪᠤᠶᠤ ᠲᠠᠷᠢᠶᠠᠨ ᠭᠠᠵᠠᠷ ᠤᠨ ᠡᠵᠡᠨᠭᠨᠡᠯᠳᠡ ᠵᠢᠨ ᠡᠷᠭᠡ ᠵᠢ ᠰᠢᠯᠵᠢᠬᠦᠯᠬᠦᠲᠤ ᠶᠠᠭᠤᠨᠤ ᠤᠷᠢᠳ ᠲᠠᠳᠠᠨᠤ ᠨᠤᠳᠤᠭ ᠪᠠᠯᠴᠢᠭᠡᠷ ᠪᠤᠯᠤᠨ ᠲᠠᠷᠢᠶᠠᠨ ᠭᠠᠵᠠᠷ ᠤᠨ ᠲᠠᠭ᠋ᠠᠭ᠋ᠠᠴᠢᠯᠠᠯᠳᠠ ᠵᠢᠨ ᠡᠷᠭᠡᠨᠢ ᠲᠤᠳᠤᠷᠬᠠᠢ᠂ ᠲᠠᠭ᠋ᠠᠭ᠋ᠠᠴᠢᠯᠠᠭᠰᠠᠨ ᠭᠠᠵᠠᠷ ᠰᠢᠷᠤᠢ ᠵᠢᠨ ᠲᠠᠯᠠᠪᠠᠢᠨᠢ ᠤᠨᠤᠪᠴᠢᠲᠠᠢ᠂ ᠵᠠᠭ᠋ᠠᠭ ᠱᠤᠭᠤᠮᠨᠢ ᠲᠤᠳᠤᠷᠬᠠᠢ ᠪᠠᠢ᠍ᠢ᠍ᠬᠤ ᠵᠢ ᠱᠠᠭ᠋ᠠᠷᠳᠠᠬᠤ ᠶᠤᠮ᠃ ᠲᠠᠢ᠍ᠢ᠍ᠮᠤ ᠪᠢᠰᠢ ᠪᠤᠯ ᠨᠤᠳᠤᠭ ᠪᠠᠯᠴᠢᠭᠡᠷ᠂ ᠲᠠᠷᠢᠶᠠᠨ ᠭᠠᠵᠠᠷ ᠤᠨ ᠡᠵᠡᠨᠭᠨᠡᠯᠳᠡ ᠵᠢᠨ ᠡᠷᠭᠡ ᠵᠢ ᠢᠯᠭᠤᠮ ᠤᠷᠤᠭᠰᠢᠳᠠᠢ ᠰᠢᠯᠵᠢᠬᠦᠯᠬᠦ ᠵᠢᠨ ᠠᠷᠭᠠ ᠦᠭᠡᠢ ᠪᠤᠶᠤ ᠰᠢᠯᠵᠢᠬᠦᠯᠦᠭᠰᠡᠨ ᠴᠤ᠌ ᠮᠠᠰᠢ ᠤᠯᠠᠨ ᠬᠦᠴᠢᠷ ᠲᠦᠪᠡᠭᠳᠠᠢ ᠠᠰᠠᠭᠤᠳᠠᠯᠳᠤ ᠤᠴᠠᠷᠠᠵᠤ ᠮᠡᠳᠡᠨᠠ᠃
ᠤᠳᠤᠬᠠᠨᠳᠤ ᠮᠠᠨᠤ ᠤᠷᠤᠨᠤ ᠮᠠᠯᠴᠢᠨ ᠲᠠᠷᠢᠶᠠᠴᠢᠨᠤ ᠲᠠᠭ᠋ᠠᠭ᠋ᠠᠴᠢᠯᠠᠭᠰᠠᠨ ᠨᠤᠳᠤᠭ ᠪᠠᠯᠴᠢᠭᠡᠷ ᠪᠤᠯᠤᠨ ᠭᠠᠵᠠᠷ ᠰᠢᠷᠤᠢ ᠪᠤᠯ 1996 ᠣᠨᠳᠤ ᠶᠠᠪᠤᠭᠳᠠᠭᠰᠠᠨ ᠬᠤᠶᠠᠳᠤᠭ᠋ᠠᠷ ᠡᠭᠡᠯᠵᠢ ᠵᠢᠨ ᠭᠠᠵᠠᠷ ᠰᠢᠷᠤᠢ ᠵᠢᠨ ᠲᠠᠭ᠋ᠠᠭ᠋ᠠᠴᠢᠯᠠᠯᠳᠠᠪᠠᠷ ᠲᠤᠭᠳᠠᠭ᠋ᠠᠭᠳᠠᠭᠰᠠᠨ ᠠᠵᠢ᠃ ᠬᠡᠪᠡᠴᠦ ᠵᠠᠷᠢᠮ ᠮᠠᠯᠵᠢᠬᠤ ᠲᠠᠷᠢᠶᠠᠯᠠᠬᠤ ᠡᠷᠦᠭᠡ ᠵᠢᠨ ᠲᠠᠭ᠋ᠠᠭ᠋ᠠᠴᠢᠯᠠᠭᠰᠠᠨ ᠭᠠᠵᠠᠷ ᠰᠢᠷᠤᠢ ᠵᠢᠨ ᠲᠠᠯᠠᠪᠠᠢ ᠤᠨᠤᠪᠴᠢ ᠦᠭᠡᠢ᠂ ᠵᠠᠭ᠋ᠠᠭ ᠱᠤᠭᠤᠮᠨᠢ ᠲᠤᠳᠤᠷᠬᠠᠢ ᠪᠤᠰᠤ ᠵᠡᠷᠭᠡ ᠠᠰᠠᠭᠤᠳᠠᠯ ᠤᠷᠤᠰᠢᠵᠦ᠂ ᠭᠠᠵᠠᠷ ᠰᠢᠷᠤᠢ ᠵᠢᠨ ᠡᠵᠡᠨᠭᠨᠡᠯᠳᠡ ᠵᠶ᠋ᠡᠨ ᠡᠷᠭᠡ ᠵᠢ ᠰᠢᠯᠵᠢᠬᠦᠯᠬᠦ ᠵᠢ ᠰᠠᠨᠠᠭ᠋ᠠᠴᠢᠯᠠᠨ ᠬᠦᠳᠦᠯᠬᠦ ᠳᠤ ᠪᠠᠭᠠ ᠪᠤᠰᠤ ᠬᠠᠷᠰᠢ ᠰᠠᠭ᠋ᠠᠳ ᠤᠴᠠᠷᠠᠭᠤᠯᠵᠤ ᠪᠤᠢ᠃ ᠲᠡᠷᠡ ᠮᠦᠷᠳᠡᠬᠡᠨ ᠤᠤᠯᠳᠠᠭᠠᠨ ᠮᠠᠨ ᠤ ᠮᠠᠯᠴᠢᠨ ᠲᠠᠷᠢᠶᠠᠴᠢᠨ ᠭᠠᠵᠠᠷ ᠰᠢᠷᠤᠢ ᠵᠢᠨ ᠲᠠᠭ᠋ᠠᠭ᠋ᠠᠴᠢᠯᠠᠯᠳᠠ ᠵᠢᠨ ᠡᠷᠭᠡᠪᠠᠨ ᠪᠠᠷᠢᠴᠠᠭ᠋ᠠᠯᠠᠵᠦ ᠪᠤᠯᠳᠠᠭ ᠦᠭᠡᠢ ᠪᠠᠢ᠍ᠢ᠍ᠭᠰᠠᠨ᠃ ᠤᠳᠤ ᠮᠠᠯᠴᠢᠨ ᠲᠠᠷᠢᠶᠠᠴᠢᠨᠤ ᠬᠦᠷᠦᠨᠭᠭᠡ ᠵᠢᠨ ᠴᠢᠨᠠᠷᠳᠠᠢ ᠤᠷᠤᠯᠭᠠ ᠵᠢ ᠨᠡᠮᠡᠭᠳᠡᠬᠦᠯᠬᠦ ᠵᠤᠷᠢᠯᠭᠠᠪᠠᠷ ᠮᠠᠯᠴᠢᠨ ᠲᠠᠷᠢᠶᠠᠴᠢᠨᠤ ᠭᠠᠵᠠᠷ ᠰᠢᠷᠤᠢ ᠵᠢᠨ ᠲᠠᠭ᠋ᠠᠭ᠋ᠠᠴᠢᠯᠠᠯᠳᠠ ᠵᠢᠨ ᠡᠷᠭᠡ ᠵᠢ ᠪᠠᠷᠢᠴᠠᠭ᠋ᠠᠯᠠᠵᠤ᠂ ᠬᠦᠢ᠍ᠯᠭᠡᠭᠡᠨᠲᠤ ᠤᠷᠤᠭᠤᠯᠬᠤ ᠵᠢ ᠵᠦᠪᠰᠢᠶᠡᠷᠡᠬᠦ ᠪᠤᠯᠵᠠᠢ᠃ ᠡᠢ᠍ᠢ᠍ᠮᠦ ᠪᠤᠯᠬᠤᠷ ᠤᠳᠤ ᠵᠠᠰᠠᠭ ᠤᠨ ᠲᠠᠯᠠᠠᠴᠠ ᠮᠠᠯᠴᠢᠨ ᠲᠠᠷᠢᠶᠠᠴᠢᠨ ᠤ ᠲᠠᠭ᠋ᠠᠭ᠋ᠠᠴᠢᠯᠠᠭᠰᠠᠨ ᠭᠠᠵᠠᠷ ᠰᠢᠷᠤᠢ ᠵᠢᠨ ᠬᠢᠨᠢ ᠵᠠᠭ᠋ᠠᠭ ᠱᠤᠭᠤᠮ ᠢᠨᠢ ᠲᠤᠳᠤᠷᠬᠠᠢ᠂ ᠲᠠᠯᠠᠪᠠᠢ ᠵᠢᠨᠢ ᠤᠨᠤᠪᠴᠢᠳᠠᠢ ᠪᠤᠯᠭ᠋ᠠᠵᠦ᠂ ᠮᠠᠯᠵᠢᠬᠤ ᠲᠠᠷᠢᠶᠠᠯᠠᠬᠤ ᠡᠷᠦᠭᠡ ᠵᠢᠨ ᠲᠠᠭ᠋ᠠᠭ᠋ᠠᠴᠢᠯᠠᠯᠳᠠ ᠵᠢᠨ ᠡᠷᠭᠡ ᠵᠢ ᠨᠠᠩ ᠲᠤᠳᠤ ᠲᠤᠪᠤᠭᠤᠷ ᠪᠤᠯᠭ᠋ᠠᠨ ᠲᠤᠭᠳᠠᠪᠤᠷᠢᠵᠢᠭᠤᠯᠵᠤ ᠲᠡᠭᠦᠯᠳᠡᠷᠵᠢᠬᠦᠯᠬᠦ ᠵᠢ ᠱᠠᠭ᠋ᠠᠷᠳᠠᠬᠤ ᠪᠤᠢ᠃ 《ᠰᠠᠨᠠᠯ》 ᠳᠤ ᠭᠠᠵᠠᠷ ᠰᠢᠷᠤᠢ ᠲᠠᠭ᠋ᠠᠭ᠋ᠠᠴᠢᠯᠠᠬᠤ ᠬᠠᠷᠢᠴᠠᠭᠠ ᠵᠢ ᠲᠤᠭᠳᠠᠪᠤᠷᠢᠵᠢᠭᠤᠯᠤᠨ ᠲᠡᠭᠦᠯᠳᠡᠷᠵᠢᠬᠦᠯᠬᠦ ᠵᠢ ᠴᠢᠬᠤᠯᠠᠴᠢᠯᠠᠨ ᠲᠤᠷᠠᠳᠤᠭᠰᠠᠨ ᠤ ᠤᠴᠢᠷ ᠰᠢᠯᠳᠠᠭ᠋ᠠᠨᠨᠢ ᠴᠦ᠍ ᠡᠭᠦᠨᠲᠤ ᠪᠤᠢ᠃ ᠮᠠᠯᠴᠢᠨ ᠲᠠᠷᠢᠶᠠᠴᠢᠨ ᠤ ᠭᠠᠵᠠᠷ ᠰᠢᠷᠤᠢ ᠵᠢᠨ ᠲᠠᠭ᠋ᠠᠭ᠋ᠠᠴᠢᠯᠠᠯᠳᠠ ᠵᠢᠨ ᠡᠷᠭᠡ ᠵᠢ ᠲᠤᠭᠳᠠᠪᠤᠷᠢᠵᠢᠭᠤᠯᠤᠨ ᠲᠡᠭᠦᠯᠳᠡᠷᠵᠢᠬᠦᠯᠬᠦ ᠪᠤᠯ ᠭᠠᠵᠠᠷ ᠰᠢᠷᠤᠢ ᠵᠢᠨ ᠡᠵᠡᠨᠭᠨᠡᠯᠳᠡ ᠵᠢᠨ ᠡᠷᠭᠡ ᠵᠢᠨᠢ ᠰᠢᠯᠵᠢᠬᠦᠯᠵᠤ᠂ ᠭᠠᠵᠠᠷ ᠰᠢᠷᠤᠢ ᠵᠢᠨ ᠡᠵᠡᠩᠨᠡᠯᠳᠡ ᠵᠢ ᠬᠡᠪᠴᠢᠶᠠᠵᠢᠬᠦᠯᠬᠦ ᠵᠢᠨ ᠤᠷᠢᠳᠠᠯ ᠨᠦᠬᠦᠴᠠᠯ᠂ ᠦᠨᠳᠤᠰᠤᠨ ᠰᠠᠭᠤᠷᠢᠨᠢ ᠪᠤᠯᠤᠨᠠ᠃
ᠰᠤᠷᠪᠤᠯᠵᠢᠯᠠᠭᠴᠢ᠄ ᠭᠠᠵᠠᠷ ᠰᠢᠷᠤᠢ ᠲᠠᠭ᠋ᠠᠭ᠋ᠠᠴᠢᠯᠠᠬᠤ ᠬᠠᠷᠢᠴᠠᠭᠠ ᠵᠢ ᠲᠤᠭᠳᠠᠪᠤᠷᠢᠵᠢᠭᠤᠯᠤᠨ ᠲᠡᠭᠦᠯᠳᠡᠷᠵᠢᠬᠦᠯᠬᠦ ᠲᠤᠮᠳᠠ ᠪᠤᠳᠠᠳᠠᠢ ᠠᠨᠭ᠌ᠬᠠᠷᠬᠤ ᠴᠢᠬᠤᠯᠠᠳᠠᠢ ᠵᠦᠢ᠍ᠯ ᠶᠠᠭᠤ ᠪᠠᠢ᠍ᠢ᠍ᠬᠤ ᠪᠤᠢ?
ᠵᠢᠷᠭ᠋ᠠᠯ᠄ ᠬᠦᠳᠡᠭᠡ ᠲᠤᠰᠬᠤᠨ ᠤ ᠭᠠᠵᠠᠷ ᠰᠢᠷᠤᠢ ᠵᠢᠨ ᠲᠠᠭ᠋ᠠᠭ᠋ᠠᠴᠢᠯᠠᠯᠳᠠ ᠵᠢᠨ ᠡᠷᠭᠡ ᠵᠢ ᠲᠤᠳᠤᠷᠬᠠᠢ ᠪᠤᠯᠭ᠋ᠠᠨ ᠲᠤᠭᠳᠠᠭ᠋ᠠᠵᠦ ᠲᠠᠨᠭ᠌ᠰᠠᠯᠠᠬᠤᠲᠤ ᠬᠤᠶᠠᠳᠤᠭ᠋ᠠᠷ ᠤᠳᠠᠭᠠ ᠵᠶ᠋ᠡᠨ ᠭᠠᠵᠠᠷ ᠰᠢᠷᠤᠢ ᠵᠢᠨ ᠲᠠᠭ᠋ᠠᠭ᠋ᠠᠴᠢᠯᠠᠯᠳᠠ ᠵᠢᠨ ᠡᠭᠡ ᠲᠠᠨᠭ᠌ᠰᠠ᠂ ᠬᠡᠷᠠ ᠪᠠ ᠦᠨᠠᠮᠯᠠᠯ ᠵᠶ᠋ᠡᠷ ᠦᠨᠳᠦᠰᠦᠯᠠᠯ ᠪᠤᠯᠭ᠋ᠠᠨᠠ᠃ ᠭᠠᠵᠠᠷ ᠰᠢᠷᠤᠢ ᠵᠢᠨ ᠲᠠᠯᠠᠪᠠᠢ ᠵᠢᠨ ᠲᠤᠭᠠ ᠮᠠᠳᠠᠭᠲᠠᠢ ᠪᠤᠯ ᠲᠠᠭ᠋ᠠᠭ᠋ᠠᠴᠢᠯᠠᠯᠳᠠ ᠵᠢᠨ ᠬᠡᠷᠠᠲᠤ ᠵᠢᠷᠤᠭᠰᠠᠨ ᠭᠠᠵᠠᠷ ᠰᠢᠷᠤᠢ ᠵᠢᠨ ᠲᠦᠷᠪᠠᠨ ᠵᠠᠬᠠ ᠵᠢ ᠦᠨᠳᠦᠰᠦᠯᠠᠨ ᠪᠤᠳᠠᠳᠠᠢ ᠲᠠᠯᠠᠪᠠᠢ ᠵᠢ ᠤᠨᠤᠪᠴᠢᠳᠠᠢᠪᠠᠷ ᠪᠠᠷᠢᠮᠵᠢᠶᠠ ᠵᠢᠷᠤᠮᠵᠢᠯᠳᠤ ᠨᠠᠢ᠍ᠢ᠍ᠴᠠᠬᠦᠯᠵᠤ᠂ ᠮᠠᠯᠴᠢᠨ ᠲᠠᠷᠢᠶᠠᠴᠢᠨ ᠤ ᠮᠡᠳᠡᠷᠡᠬᠦ ᠮᠡᠷᠭᠡᠵᠢᠯ ᠤᠨ ᠠᠷᠭᠠᠪᠠᠷ ᠬᠡᠮᠵᠢᠨ ᠭᠠᠷᠭ᠋ᠠᠵᠦ ᠲᠠᠬᠢᠵᠦ ᠲᠠᠨᠭ᠌ᠰᠠᠯᠠᠵᠤ ᠲᠠᠮᠳᠡᠭᠯᠡᠨᠠ᠃ ᠵᠦᠷᠢᠴᠠᠯ ᠵᠢᠭᠤᠷᠠᠭ᠋ᠠᠨᠲᠠᠢ ᠪᠤᠯ ᠲᠤᠰᠬᠤᠨ ᠤ ᠠᠷᠠᠳ ᠠᠷᠠᠳᠴᠢᠯᠠᠯ ᠵᠶ᠋ᠡᠷ ᠵᠦᠪᠯᠠᠵᠤ ᠵᠦᠪᠳᠠᠨ ᠰᠢᠢ᠍ᠳᠪᠤᠷᠢᠯᠠᠨᠠ᠃ ᠡᠨᠡᠬᠦ ᠰᠠᠭᠤᠷᠢᠨ ᠲᠠᠬᠡᠷᠠ ᠲᠠᠭ᠋ᠠᠭ᠋ᠠᠴᠢᠯᠠᠯᠳᠠ ᠵᠢᠨ ᠬᠡᠷᠠ ᠵᠢ ᠲᠡᠭᠦᠯᠳᠡᠷᠵᠢᠬᠦᠯᠵᠦ᠂ ᠲᠡᠨᠭᠰᠠᠯᠠᠯ ᠲᠠᠮᠳᠡᠭᠯᠡᠯ ᠢ ᠪᠦᠷᠢᠨᠰᠢᠬᠦᠯᠵᠦ᠂ ᠡᠷᠭᠡ ᠵᠢᠨ ᠬᠠᠷᠢᠶᠠᠯᠠᠯ ᠤᠨ ᠦᠨᠠᠮᠯᠠᠯ ᠤᠯᠭᠤᠨᠠ᠃ ᠡᠳᠡᠭᠡᠷᠨᠢ ᠮᠠᠯᠴᠢᠨ ᠲᠠᠷᠢᠶᠠᠴᠢᠨ ᠤ ᠲᠠᠭ᠋ᠠᠭ᠋ᠠᠴᠢᠯᠠᠭᠰᠠᠨ ᠭᠠᠵᠠᠷ ᠰᠢᠷᠤᠢ ᠵᠢᠨ ᠡᠵᠡᠩᠨᠡᠯᠳᠡ ᠵᠢᠨ ᠡᠷᠬᠡ ᠵᠢ ᠰᠢᠯᠵᠢᠬᠦᠯᠬᠦ᠂ ᠭᠠᠵᠠᠷ ᠰᠢᠷᠤᠢ ᠵᠢᠨ ᠵᠢᠭᠤᠷᠠᠭ᠋ᠠᠨ ᠢ ᠪᠠᠢ᠍ᠢ᠍ᠴᠠᠭ᠋ᠠᠨ ᠰᠢᠢ᠍ᠳᠪᠤᠷᠢᠯᠡᠬᠦ᠂ ᠭᠠᠵᠠᠷ ᠰᠢᠷᠤᠢ ᠲᠠᠳᠠᠪᠤᠷᠢᠯᠠᠭᠰᠠᠨ ᠨᠦᠬᠦᠪᠤᠷᠢ ᠦᠭᠭᠦ ᠪᠠ ᠪᠠᠷᠢᠴᠠᠭᠠ ᠪᠠᠳᠤᠯᠠᠪᠤᠷᠢ ᠤᠯᠭᠤᠬᠤ ᠵᠡᠷᠭᠡᠳᠤ ᠴᠦᠮ ᠴᠢᠬᠤᠯᠠ ᠦᠨᠳᠦᠰᠦᠯᠠᠯ ᠪᠤᠯᠳᠠᠭ᠃ ᠭᠠᠵᠠᠷ ᠰᠢᠷᠤᠢ ᠵᠢᠨ ᠡᠵᠡᠩᠨᠡᠯᠳᠡ ᠵᠢᠨ ᠡᠷᠭᠡ ᠵᠢ ᠲᠤᠭᠳᠠᠭ᠋ᠠᠵᠦ ᠲᠠᠨᠭ᠌ᠰᠠᠯᠠᠬᠤ ᠵᠢ ᠵᠠᠷᠴᠢᠮ ᠲᠡᠭᠡᠷᠠᠪᠠᠨ ᠡᠷᠭᠡ ᠵᠢ ᠡᠷᠦᠭᠡ ᠪᠠ ᠭᠠᠵᠠᠷᠲᠤ ᠬᠦᠷᠳᠡᠯᠠ ᠲᠤᠭᠳᠠᠭ᠋ᠠᠨᠠ᠃ ᠬᠡᠪᠡᠴᠦ ᠲᠠᠯᠠᠪᠠᠢᠨᠢ ᠬᠡᠳᠦᠷᠭᠡᠢ ᠪᠠᠭᠠ᠂ ᠬᠤᠯᠪᠤᠭᠳᠠᠬᠤ ᠡᠷᠦᠭᠡᠨᠢ ᠠᠷᠪᠢᠨ᠂ ᠭᠠᠵᠠᠷ ᠰᠢᠷᠤᠢ ᠵᠢ ᠡᠷᠦᠭᠡᠳᠤ ᠨᠠᠢ᠍ᠢ᠍ᠳᠠᠪᠤᠷᠢᠵᠢᠭᠤᠯᠤᠭᠰᠠᠨ ᠤ ᠲᠠᠷᠠᠭᠠ ᠠᠰᠢᠬᠯᠠᠬᠤᠳᠤ ᠲᠦᠭᠦᠮ ᠦᠭᠡᠢ ᠵᠡᠷᠭᠡ ᠪᠠᠢ᠍ᠢ᠍ᠳᠠᠯ ᠤᠷᠤᠰᠢᠵᠦ ᠪᠠᠢ᠍ᠢ᠍ᠪᠠᠯ ᠮᠠᠯᠴᠢᠨ ᠲᠠᠷᠢᠶᠠᠴᠢᠨ ᠤ ᠰᠠᠨᠠᠯ ᠢ ᠬᠦᠨᠳᠦᠳᠭᠡᠭᠰᠡᠨ ᠤᠷᠢᠳᠠᠯ ᠲᠤᠤᠷᠠ ᠡᠷᠭᠡ ᠪᠠ ᠬᠤᠪᠢ ᠵᠢ ᠲᠤᠭᠳᠠᠭ᠋ᠠᠵᠦ᠂ ᠭᠠᠵᠠᠷ ᠢ ᠲᠤᠭᠳᠠᠭ᠋ᠠᠬᠤ ᠦᠭᠡᠢ ᠪᠠᠢ᠍ᠢ᠍ᠵᠦ ᠪᠤᠯᠬᠤ ᠵᠢ ᠪᠠᠰᠠ 《ᠰᠠᠨᠠᠯ》ᠳᠤ ᠵᠦᠪᠰᠢᠶᠠᠷᠡᠭᠰᠡᠨ ᠶᠤᠮ᠃
ᠰᠤᠷᠪᠤᠯᠵᠢᠯᠠᠭᠴᠢ᠄ 《ᠰᠠᠨᠠᠯ》 ᠳᠤ 《ᠡᠮᠡᠭᠳᠡᠢ᠍ᠢ᠍ᠴᠤᠳᠤᠨ ᠭᠠᠵᠠᠷ ᠰᠢᠷᠤᠢ ᠲᠠᠭ᠋ᠠᠭ᠋ᠠᠴᠢᠯᠠᠬᠤ ᠡᠷᠭᠡ ᠵᠢ ᠦᠨᠡᠨᠬᠦ ᠬᠠᠮᠠᠭ᠋ᠠᠯᠠᠨᠠ》 ᠬᠡᠵᠠᠢ᠃ ᠡᠭᠦᠨ ᠢ ᠬᠡᠷᠬᠢᠨ ᠤᠢ᠍ᠢ᠍ᠯᠠᠭ᠋ᠠᠬᠤ ᠪᠤᠢ?
ᠵᠢᠷᠭ᠋ᠠᠯ᠄ ᠤᠳᠤᠬᠠᠨ ᠤ ᠮᠠᠯᠵᠢᠬᠤ ᠲᠠᠷᠢᠶᠠᠯᠠᠬᠤ ᠤᠷᠤᠨᠳᠤ ᠤᠷᠤᠰᠢᠵᠦ ᠪᠠᠢ᠍ᠢ᠍ᠭᠠ ᠨᠢᠭᠡᠨ ᠠᠰᠠᠭᠤᠳᠠᠯ ᠪᠤᠯ ᠬᠠᠷᠢᠲᠤ ᠮᠤᠷᠳᠠᠭᠰᠠᠨ ᠡᠮᠡᠭᠳᠡᠢ᠍ᠢ᠍ᠴᠤᠳᠤᠨ ᠨᠤᠳᠤᠭ ᠪᠠᠯᠴᠢᠭᠡᠷ ᠪᠤᠶᠤ ᠲᠠᠷᠢᠶᠠᠨ ᠭᠠᠵᠠᠷ ᠤᠨ ᠲᠠᠭ᠋ᠠᠭ᠋ᠠᠴᠢᠯᠠᠯᠳᠠ ᠵᠶ᠋ᠡᠨ ᠡᠷᠭᠡᠨᠢ ᠪᠠᠳᠤᠯᠠᠭᠠ ᠦᠭᠡᠢ ᠪᠤᠯᠵᠤ ᠪᠤᠢ᠃ ᠵᠢᠱ᠌ᠢᠶᠠᠯᠠᠪᠠᠯ ᠬᠠᠷᠢᠳᠤ ᠮᠤᠷᠳᠠᠬᠰᠠᠭ᠋ᠠᠷ ᠭᠠᠴᠠᠭᠠ ᠲᠤᠰᠬᠤᠨᠠᠴᠠ ᠨᠤᠳᠤᠭ ᠪᠠᠯᠴᠢᠭᠡᠷ ᠪᠤᠶᠤ ᠲᠠᠷᠢᠶᠠᠨ ᠭᠠᠵᠠᠷ ᠢᠨᠢ ᠬᠤᠷᠢᠶᠠᠵᠦ ᠠᠪᠤᠭ᠋ᠠᠳ ᠦᠭᠡᠷᠠ ᠬᠦᠮᠦᠨᠳᠤ ᠬᠤᠪᠢᠶᠠᠴᠢᠬᠠᠳᠠᠭ᠃ ᠬᠡᠳᠡᠯᠠ ᠡᠨᠡᠬᠦ ᠬᠠᠷᠢᠳᠤ ᠮᠤᠷᠳᠠᠭᠰᠠᠨ ᠡᠮᠡᠭᠳᠡᠢ ᠬᠦᠷᠬᠡᠨ ᠤ ᠭᠠᠴᠠᠭᠠ ᠲᠤᠰᠬᠤᠨᠠᠴᠠ ᠨᠤᠳᠤᠭ ᠪᠠᠯᠴᠢᠭᠡᠷ ᠪᠤᠶᠤ ᠲᠠᠷᠢᠶᠠᠨ ᠭᠠᠵᠠᠷ ᠬᠤᠪᠢᠳᠠᠵᠤ ᠤᠯᠬᠤ ᠦᠭᠡᠢ ᠦᠵᠡᠭᠳᠡᠯ ᠭᠠᠷᠴᠦ ᠪᠤᠢ᠃ ᠤᠴᠢᠷᠨᠢ ᠤᠯᠠᠩᠬᠢ ᠭᠠᠴᠠᠭᠠ ᠲᠤᠰᠬᠤᠨ ᠨᠢᠬᠡᠨᠳᠡ ᠨᠤᠳᠤᠭ ᠪᠠᠯᠴᠢᠭᠡᠷ ᠪᠤᠶᠤ ᠲᠠᠷᠢᠶᠠᠨ ᠭᠠᠵᠠᠷ ᠵᠶ᠋ᠡᠨ ᠬᠤᠪᠢᠶᠠᠭ᠋ᠠᠳ ᠪᠠᠷᠠᠴᠢᠬᠠᠭᠰᠠᠨ ᠪᠠᠢ᠍ᠢ᠍ᠵᠦ᠂ ᠦᠯᠡᠬᠦᠦ ᠨᠤᠳᠤᠭ ᠪᠠᠯᠴᠢᠭᠡᠷ ᠪᠤᠶᠤ ᠲᠠᠷᠢᠶᠠᠨ ᠭᠠᠵᠠᠷ ᠪᠠᠢ᠍ᠢ᠍ᠬᠤ ᠦᠭᠡᠢ ᠪᠤᠯᠬᠤᠷ ᠬᠤᠵᠢᠮ ᠲᠠᠬᠢᠵᠦ ᠨᠤᠳᠤᠭ ᠪᠠᠯᠴᠢᠭᠡᠷ ᠪᠤᠶᠤ ᠲᠠᠷᠢᠶᠠᠨ ᠭᠠᠵᠠᠷ ᠤᠨ ᠲᠠᠭ᠋ᠠᠭ᠋ᠠᠴᠢᠯᠠᠯᠳᠠ ᠶᠠᠪᠤᠭᠤᠯᠬᠤ ᠵᠢ ᠬᠦᠯᠢᠶᠡᠬᠦ ᠬᠡᠷᠡᠭᠳᠡᠢ ᠶᠤᠮ᠃ ᠦᠨᠡᠨᠳᠡᠬᠡᠨ ᠬᠠᠷᠢᠳᠤ ᠮᠤᠷᠳᠠᠭᠰᠠᠨ ᠡᠮᠡᠭᠳᠡᠢ ᠬᠦᠷᠬᠡᠨ ᠤᠪᠠᠨ ᠭᠠᠵᠠᠷᠠᠴᠠ ᠨᠤᠳᠤᠭ ᠪᠠᠯᠴᠢᠭᠡᠷ ᠪᠤᠶᠤ ᠲᠠᠷᠢᠶᠠᠨ ᠭᠠᠵᠠᠷ ᠬᠤᠪᠢᠶᠠᠵᠦ ᠤᠯᠤᠭ᠋ᠠᠳᠤᠢ ᠪᠤᠯ ᠲᠦᠷᠬᠦᠮᠲᠠᠬᠢ ᠨᠤᠳᠤᠭ ᠪᠠᠯᠴᠢᠭᠡᠷ ᠪᠤᠶᠤ ᠲᠠᠷᠢᠶᠠᠨ ᠭᠠᠵᠠᠷ ᠤᠨ ᠲᠠᠭ᠋ᠠᠭ᠋ᠠᠴᠢᠯᠠᠯᠳᠠ ᠵᠶ᠋ᠡᠨ ᠡᠷᠭᠡ ᠵᠢᠨᠢ ᠬᠠᠰᠤᠵᠤ ᠬᠤᠪᠢᠷᠠᠭᠤᠯᠵᠤ ᠪᠤᠯᠬᠤ ᠦᠭᠡᠢ ᠬᠡᠰᠡᠨ ᠲᠤᠰᠬᠠᠢ ᠬᠠᠤᠯᠢ ᠲᠤᠭᠳᠠᠭ᠋ᠠᠯ ᠤᠨ ᠵᠤᠷᠪᠤᠰ ᠤᠤᠯᠠᠴᠠᠪᠠᠨ ᠪᠠᠢ᠍ᠢ᠍ᠳᠠᠭ᠃ ᠵᠠᠷᠢᠮ ᠭᠠᠵᠠᠷ ᠤᠨᠬᠢᠨ ᠡᠨᠡᠬᠦ ᠵᠤᠷᠪᠤᠰ ᠬᠠᠤᠯᠢ ᠲᠤᠭᠳᠠᠭ᠋ᠠᠯ ᠢ ᠨᠠᠷᠢᠨ ᠬᠢᠨᠠᠮᠠᠭ᠋ᠠᠢ ᠬᠡᠷᠡᠭᠵᠢᠬᠦᠯᠦᠭᠰᠡᠨ ᠦᠭᠡᠢ ᠲᠡᠳᠤᠢ᠃ 《ᠰᠠᠨᠠᠯ》ᠳᠤ ᠢᠨᠭᠭᠢᠵᠦ ᠲᠤᠰᠬᠠᠢ᠍ᠢ᠍ᠯᠠᠨ ᠲᠤᠷᠠᠳᠤᠭᠰᠠᠨᠨᠢ ᠡᠯᠠ ᠭᠠᠵᠠᠷ ᠤᠨᠬᠢᠨ ᠤᠤᠯᠤᠨ ᠬᠠᠤᠯᠢ ᠲᠤᠭᠳᠠᠭ᠋ᠠᠯ ᠶᠤᠰᠤᠭ᠋ᠠᠷ ᠶᠠᠪᠤᠭᠳᠠᠭᠤᠯᠬᠤ ᠵᠢ ᠲᠠᠬᠢᠨᠳᠠ ᠴᠢᠬᠤᠯᠠᠴᠢᠯᠠᠭᠰᠠᠨ ᠶᠠᠪᠤᠳᠠᠯ ᠮᠦᠨ᠃