ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠣᠨᠴᠠᠯᠢᠭᠲᠤ᠌ ᠳᠠᠪᠴᠠᠩ
ᠦᠢᠯᠡᠴᠢᠯᠡᠭᠡ   -   ᠵᠠᠬ᠎ᠠ ᠳᠡᠯᠭᠡᠭᠦᠷ᠎ᠦᠨ ᠠᠵᠢᠯᠯᠠᠭᠠᠨ ᠎ᠤ ᠵᠠᠳᠠᠯᠤᠯᠲᠠ
ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ 2025 ᠣᠨ᠎ᠤ 2 ᠳ᠋ᠤᠭ᠋ᠠᠷ ᠰᠠᠷ᠎ᠠ᠎ᠳᠤ ᠠᠮᠢᠳᠤᠷᠠᠯ᠎ᠤᠨ ᠴᠢᠬᠤᠯᠠ ᠬᠡᠷᠡᠭᠯᠡᠭᠡᠨ᠎ᠤ ᠵᠦᠢ᠍ᠯ᠎ᠤᠨ ᠵᠠᠬ᠎ᠠ ᠳᠡᠯᠭᠡᠭᠦᠷ᠎ᠤᠨ ᠠᠵᠢᠯᠯᠠᠭ᠋ᠠᠨ᠎ᠤ ᠲᠣᠪᠴᠢ ᠵᠠᠳᠠᠯᠤᠯᠲᠠ
ᠨᠡᠶ᠋ᠢᠲᠡᠯᠡᠭᠰᠡᠨ ᠴᠠᠭ᠄ 2025-03-14

  ᠵᠣᠬᠢᠶᠠᠭᠴᠢ᠄ ᠬᠤᠳᠠᠯᠳᠤᠭ᠋ᠠᠨ᠎ᠤ ᠶᠠᠪᠤᠳᠠᠯ᠎ᠤᠨ ᠲᠢᠩᠭᠢᠮ᠎ᠤᠨ ᠵᠠᠬ᠎ᠠ ᠳᠡᠯᠭᠡᠭᠦᠷ᠎ᠤᠨ ᠠᠵᠢᠯᠯᠠᠭ᠎ᠠ ᠪᠠ ᠬᠡᠷᠡᠭᠯᠡᠭᠡ ᠵᠢ ᠠᠬᠢᠭᠤᠯᠬᠤ ᠭᠠᠵᠠᠷ

  ᠬᠤᠳᠠᠯᠳᠤᠭ᠋ᠠᠨ᠎ᠤ ᠶᠠᠪᠤᠳᠠᠯ᠎ᠤᠨ ᠶᠠᠮᠤᠨ᠎ᠤ ᠠᠮᠢᠳᠤᠷᠠᠯ᠎ᠤᠨ ᠴᠢᠬᠤᠯᠠ ᠬᠡᠷᠡᠭᠴᠡᠭᠡᠨ᠎ᠤ ᠵᠦᠢ᠍ᠯ᠎ᠤᠨ ᠵᠠᠬ᠎ᠠ ᠳᠡᠯᠭᠡᠭᠦᠷ᠎ᠤᠨ ᠬᠢᠨᠠᠨ ᠬᠡᠮᠵᠢᠬᠦ ᠰᠢᠰᠲ᠋ᠧᠮ᠎ᠤᠨ ᠲᠤᠭ᠎ᠠ ᠪᠠᠷᠢᠮᠲᠠ᠎ᠠᠴᠠ ᠦᠵᠡᠪᠡᠯ᠄ 2025 ᠣᠨ᠎ᠤ 2 ᠳ᠋ᠤᠭ᠋ᠠᠷ ᠰᠠᠷ᠎ᠠ᠎ᠳᠤ ᠪᠥᠬᠦ ᠣᠷᠣᠨ᠎ᠤ ᠠᠮᠢᠳᠤᠷᠠᠯ᠎ᠤᠨ ᠴᠢᠬᠤᠯᠠ ᠬᠡᠷᠡᠭᠴᠡᠭᠡᠨ᠎ᠤ ᠵᠦᠢ᠍ᠯ᠎ᠤᠨ ᠪᠠᠷᠠᠭ᠋ᠠᠨ᠎ᠤ ᠢᠷᠡᠯᠲᠡ ᠭᠦᠢ᠍ᠴᠡᠳ᠂ ᠵᠠᠬ᠎ᠠ ᠳᠡᠯᠭᠡᠭᠦᠷ᠎ᠤᠨ ᠠᠵᠢᠯᠯᠠᠭ᠋ᠠᠨ ᠲᠣᠭᠲᠠᠭᠤᠨ ᠪᠠᠶ᠋ᠢᠵᠤ᠂ ᠬᠢᠨᠠᠨ ᠬᠡᠮᠵᠢᠭᠰᠡᠨ ᠲᠥᠷᠥᠯ ᠵᠦᠢ᠍ᠯ᠎ᠤᠨ ᠥᠯᠢᠭᠡᠷ ᠡᠳ᠋᠎ᠤᠨ ᠦᠨ᠎ᠡ ᠬᠠᠩᠰᠢ ᠵᠢ ᠲᠦᠷᠦᠭᠦᠦ ᠨᠢᠭᠡ ᠰᠠᠷ᠎ᠠ ᠵᠢᠨ᠎ᠬᠢ᠎ᠲᠠᠢ ᠬᠠᠷᠢᠴᠠᠭᠤᠯᠪᠠᠯ (ᠳᠣᠷᠣᠭᠰᠢ ᠭᠠᠷᠠᠬᠠᠨ ᠬᠠᠷᠢᠴᠠᠯ ᠭᠡᠵᠦ ᠲᠤᠪᠴᠢᠯᠠᠨ᠎ᠠ) ᠪᠠᠭᠤᠷᠠᠬᠤ᠎ᠨᠢ ᠢᠯᠡᠭᠦᠦ ᠨᠡᠮᠡᠭᠳᠡᠬᠦ᠎ᠨᠢ ᠪᠠᠭ᠎ᠠ᠃ ᠵᠢᠵᠢᠭᠯᠡᠨ ᠬᠤᠳᠠᠯᠳᠤᠬᠤ ᠵᠠᠬ᠎ᠠ ᠳᠡᠯᠭᠡᠭᠦᠷ᠎ᠤᠨ ᠬᠢᠨᠠᠨ ᠬᠡᠮᠵᠢᠭᠰᠡᠨ 11 ᠲᠣᠮᠣ ᠲᠥᠷᠥᠯ᠎ᠤᠨ ᠲᠠᠸᠠᠷ᠎ᠤᠨ ᠵᠢᠵᠢᠭᠯᠡᠨ ᠬᠤᠳᠠᠯᠳᠤᠬᠤ ᠳᠤᠮᠳᠠᠴᠢ ᠦᠨ᠎ᠡ ᠵᠢᠨ ᠭᠠᠷᠠᠬᠠᠨ ᠬᠠᠷᠢᠴᠠᠯ᠎ᠬᠢ᠎ᠠᠴᠠ 4 ᠥᠰᠴᠦ 6᠎ᠪᠠᠷ ᠪᠠᠭᠤᠷᠠᠵᠤ᠂ 1᠎ᠨᠢ ᠲᠡᠩᠴᠡᠭᠦᠷᠢᠰᠢᠬᠦ ᠪᠠᠢ᠌ᠳᠠᠯ ᠢᠯᠡᠷᠡᠵᠡᠢ᠃ ᠡᠭᠦᠨ᠎ᠳᠤ ᠵᠢᠭᠦᠷᠲᠡᠨ᠎ᠤ ᠲᠥᠷᠥᠯ᠂ ᠠᠮᠲᠠ ᠤᠷᠤᠭᠤᠯᠬᠤ ᠡᠳ᠋᠂ ᠵᠢᠮᠢᠰ ᠪᠠ ᠤᠤᠭᠤᠬᠤ ᠤᠰᠤᠨ᠎ᠤ ᠵᠢᠵᠢᠭᠯᠡᠨ ᠬᠤᠳᠠᠯᠳᠤᠬᠤ ᠦᠨ᠎ᠡ ᠵᠢᠨ ᠭᠠᠷᠠᠬᠠᠨ ᠬᠠᠷᠢᠴᠠᠯ ᠨᠡᠮᠡᠭᠳᠡᠪᠡ; ᠢᠳᠡᠰᠢᠨ ᠲᠣᠰᠣ᠂ ᠮᠢᠬᠠᠨ᠎ᠤ ᠵᠦᠢ᠍ᠯ᠂ ᠥᠨᠳᠡᠭᠡᠨ᠎ᠤ ᠲᠥᠷᠥᠯ᠂ ᠴᠠᠭ᠋ᠠᠨ ᠢᠳᠡᠭᠡ᠂ ᠤᠰᠤᠨ ᠭᠠᠷᠤᠯᠲᠠ ᠪᠠ ᠢᠳᠡᠰᠢᠨ ᠨᠣᠭᠤᠭ᠎ᠠ ᠵᠢᠨ ᠵᠢᠵᠢᠭᠯᠡᠨ ᠬᠤᠳᠠᠯᠳᠤᠬᠤ ᠦᠨ᠎ᠡ ᠵᠢᠨ ᠭᠠᠷᠠᠬᠠᠨ ᠬᠠᠷᠢᠴᠠᠯ᠎ᠨᠢ ᠪᠠᠭᠤᠷᠠᠪᠠ; ᠠᠮᠤ ᠪᠤᠳᠠᠭ᠋ᠠᠨ᠎ᠤ ᠵᠢᠵᠢᠭᠯᠡᠨ ᠬᠤᠳᠠᠯᠳᠤᠬᠤ ᠦᠨ᠎ᠡ ᠵᠢᠨ ᠭᠠᠷᠠᠬᠠᠨ ᠬᠠᠷᠢᠴᠠᠯ᠎ᠨᠢ ᠲᠡᠩᠴᠡᠭᠦᠷᠢᠰᠢᠵᠠᠢ᠃ ᠪᠣᠳᠠᠲᠠᠶ ᠪᠠᠶ᠋ᠢᠳᠠᠯ᠎ᠤᠨ ᠵᠠᠳᠠᠯᠤᠯᠲᠠ᠎ᠨᠢ ᠳᠣᠤᠷᠠᠬᠢ ᠮᠡᠲᠦ᠄

  ᠨᠢᠭᠡ᠂ ᠠᠮᠤ ᠲᠣᠰᠣᠨ᠎ᠤ ᠦᠨ᠎ᠡ ᠵᠢᠨ ᠭᠠᠷᠠᠬᠠᠨ ᠬᠠᠷᠢᠴᠠᠯ᠎ᠬᠢ᠎ᠠᠴᠠ ᠨᠡᠮᠡᠭᠳᠡᠵᠦ ᠪᠠᠭᠤᠷᠠᠬᠤ ᠪᠠᠶ᠋ᠢᠳᠠᠯ ᠬᠠᠷᠢᠯᠴᠠᠨ ᠢᠯᠡᠷᠡᠵᠡᠢ

  ᠬᠢᠨᠠᠨ ᠬᠡᠮᠵᠢᠭᠰᠡᠨ ᠲᠥᠷᠥᠯ ᠵᠦᠢ᠍ᠯ᠎ᠤᠨ ᠥᠯᠢᠭᠡᠷ ᠡᠳ᠋᠎ᠤᠨ ᠲᠤᠭ᠎ᠠ ᠪᠠᠷᠢᠮᠲᠠ᠎ᠠᠴᠠ ᠦᠵᠡᠪᠡᠯ᠂ 2 ᠳ᠋ᠤᠭ᠋ᠠᠷ ᠰᠠᠷ᠎ᠠ᠎ᠳᠤ ᠠᠮᠤ ᠪᠤᠳᠠᠭ᠋ᠠᠨ᠎ᠤ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 5.86 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠨᠢ ᠲᠡᠩᠴᠡᠭᠦᠷᠢᠰᠢᠵᠦ᠂ ᠳᠡᠭᠡᠷ᠎ᠡ ᠵᠢᠯ᠎ᠤᠨ ᠠᠳᠠᠯᠢ ᠬᠤᠭᠤᠴᠠᠭ᠋ᠠᠨ᠎ᠤ᠎ᠬᠢ᠎ᠲᠠᠢ ᠬᠠᠷᠢᠴᠠᠭᠤᠯᠪᠠᠯ (ᠳᠣᠷᠣᠭᠰᠢ ᠠᠳᠠᠯᠢ ᠬᠤᠭᠤᠴᠠᠭ᠋ᠠᠨ᠎ᠤ᠎ᠬᠢ᠎ᠠᠴᠠ ᠲᠣᠪᠴᠢᠯᠠᠨ᠎ᠠ) 1.9%᠎ᠪᠠᠷ ᠨᠡᠮᠡᠭᠳᠡᠪᠡ᠃ ᠡᠭᠦᠨ᠎ᠳᠤ ᠲᠤᠲᠤᠷᠭ᠎ᠠ ᠵᠢᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 6.22 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.3% ᠨᠡᠮᠡᠭᠳᠡᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 2.8% ᠨᠡᠮᠡᠭᠳᠡᠪᠡ; ᠭᠤᠯᠢᠷ᠎ᠤᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 5.5 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.2% ᠪᠠᠭᠤᠷᠠᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 0.9% ᠨᠡᠮᠡᠭᠳᠡᠪᠡ᠃ ᠢᠳᠡᠰᠢᠨ ᠲᠣᠰᠣᠨ᠎ᠤ ᠳᠤᠮᠳᠠᠴᠢ ᠦᠨ᠎ᠡ᠎ᠨᠢ ᠯᠢᠲᠷ ᠪᠦᠷᠢ᠎ᠳᠡᠭᠡᠨ 18.72 ᠲᠥᠭᠦᠷᠢᠭ ᠪᠠᠢ᠌ᠵᠦ᠂ ᠭᠠᠷᠠᠬᠠᠨ ᠬᠠᠷᠢᠴᠠᠯ᠎ᠬᠢ᠎ᠠᠴᠠ 0.1% ᠪᠠᠭᠤᠷᠠᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 0.7% ᠪᠠᠭᠤᠷᠠᠪᠠ᠃ ᠡᠭᠦᠨ᠎ᠳᠤ ᠪᠤᠷᠴᠠᠭ᠎ᠤᠨ ᠲᠣᠰᠣᠨ᠎ᠤ ᠳᠤᠮᠳᠠᠴᠢ ᠦᠨ᠎ᠡ᠎ᠨᠢ ᠯᠢᠲᠷ ᠪᠦᠷᠢ᠎ᠳᠡᠭᠡᠨ 13.5 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.1% ᠨᠡᠮᠡᠭᠳᠡᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 5.6% ᠪᠠᠭᠤᠷᠠᠪᠠ; ᠨᠠᠶ᠋ᠢᠷᠠᠭᠤᠯᠤᠮᠠᠯ ᠲᠤᠰᠤᠨ᠎ᠤ ᠳᠤᠮᠳᠠᠴᠢ ᠦᠨ᠎ᠡ᠎ᠨᠢ ᠯᠢᠲᠷ ᠪᠦᠷᠢ᠎ᠳᠡᠭᠡᠨ16.09 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.3%᠎ᠪᠠᠷ ᠪᠠᠭᠤᠷᠠᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 3.1%᠎ᠪᠠᠷ ᠪᠠᠭᠤᠷᠠᠪᠠ᠃ ᠠᠮᠤ ᠲᠣᠰᠣ᠎ᠨᠢ ᠠᠷᠠᠳ᠎ᠤᠨ ᠠᠮᠢᠳᠤᠷᠠᠯ᠎ᠤᠨ ᠪᠠᠲᠤᠯᠠᠭ᠎ᠠ ᠵᠢᠨ ᠲᠥᠷᠥᠯ᠎ᠤᠨ ᠲᠠᠸᠠᠷ ᠪᠣᠯᠤᠭᠰᠠᠨ᠎ᠤ ᠬᠤᠪᠢ᠎ᠳᠤ᠂ ᠬᠠᠳᠠᠭ᠋ᠠᠯᠠᠬᠤ᠎ᠳᠤ ᠲᠥᠬᠦᠮ ᠪᠥᠭᠡᠳ ᠵᠥᠭᠡᠭᠡᠪᠦᠷᠢᠯᠡᠬᠦ᠎ᠳᠤ ᠲᠥᠬᠦᠮ ᠪᠠᠶ᠋ᠢᠳᠠᠭ᠃ ᠬᠤᠳᠠᠯᠳᠤᠭ᠋ᠠᠴᠢᠨ᠎ᠤ ᠪᠡᠯᠡᠳᠭᠡᠯ ᠪᠠᠷᠠᠭ᠎ᠠ ᠬᠠᠩᠭ᠋ᠠᠯᠲᠠᠲᠠᠢ ᠵᠠᠬ᠎ᠠ ᠳᠡᠯᠭᠡᠭᠦᠷ᠎ᠤᠨ ᠡᠷᠭᠢᠯᠲᠡ ᠲᠣᠭᠲᠠᠭᠤᠨ ᠪᠠᠢ᠌ᠨ᠎ᠠ᠃ ᠦᠨ᠎ᠡ ᠬᠠᠩᠰᠢ ᠵᠢᠨ ᠬᠡᠯᠪᠡᠯᠵᠡᠯ ᠶᠡᠬᠡ ᠪᠢᠰᠢ᠂ ᠬᠠᠩᠭ᠋ᠠᠯᠭ᠎ᠠ ᠬᠡᠷᠡᠭᠴᠡᠭᠡ ᠢᠮᠠᠭᠲᠠ ᠲᠣᠭᠲᠠᠭᠤᠨ ᠪᠣᠯᠪᠠ᠃ ᠬᠢᠨᠠᠨ ᠬᠡᠮᠵᠢᠯᠲᠡ ᠵᠢᠨ ᠰᠠᠷ᠎ᠠ᠎ᠳᠤ ᠣᠷᠣᠭᠰᠠᠨ ᠠᠮᠤ ᠪᠤᠳᠠᠭ᠋ᠠᠨ᠎ᠤ ᠪᠠᠷᠠᠭ᠎ᠠ ᠵᠢᠨ ᠢᠷᠡᠯᠲᠡ ᠭᠦᠢ᠍ᠴᠡᠳ ᠪᠠᠶ᠋ᠢᠵᠤ᠂ ᠵᠠᠬ᠎ᠠ ᠳᠡᠯᠭᠡᠭᠦᠷ᠎ᠤᠨ ᠠᠵᠢᠯᠯᠠᠭ᠋ᠠᠨ ᠲᠣᠭᠲᠠᠭᠤᠨ ᠪᠠᠶ᠋ᠢᠵᠤ᠂ ᠦᠨ᠎ᠡ ᠬᠠᠩᠰᠢ ᠵᠢᠨ ᠭᠠᠷᠠᠬᠠᠨ ᠬᠠᠷᠢᠴᠠᠯ᠎ᠨᠢ ᠲᠡᠩᠴᠡᠭᠦᠷᠢᠰᠢᠵᠠᠢ ᠃ ᠵᠢᠱ᠌ᠢᠯᠲᠡ᠎ᠪᠠᠷ ᠣᠢ᠌ᠷ᠎ᠠ ᠵᠢᠨ ᠬᠤᠭᠤᠴᠠᠭ᠋ᠠᠨ᠎ᠳᠤ ᠠᠮᠤ ᠲᠤᠰᠤᠨ᠎ᠤ ᠵᠠᠬ᠎ᠠ ᠳᠡᠯᠭᠡᠭᠦᠷ᠎ᠤᠨ ᠠᠵᠢᠯᠯᠠᠭ᠋ᠠᠨ ᠲᠣᠭᠲᠠᠭᠤᠨ ᠪᠠᠢ᠌ᠵᠤ᠂ ᠦᠨ᠎ᠡ ᠬᠠᠩᠰᠢ ᠵᠢᠨ ᠥᠰᠦᠯᠲᠡ ᠪᠠᠭᠤᠷᠠᠯᠲᠠ ᠬᠡᠯᠪᠡᠯᠵᠡᠯ᠎ᠲᠠᠢ ᠶᠠᠪᠤᠭᠳᠠᠬᠤ ᠪᠣᠯᠣᠨ᠎ᠠ᠃

  ᠬᠤᠶᠠᠷ᠂ ᠮᠢᠬᠠᠨ᠎ᠤ ᠲᠥᠷᠥᠯ᠂ ᠵᠢᠭᠦᠷᠲᠡᠨ᠎ᠤ ᠲᠥᠷᠥᠯ ᠪᠠ ᠥᠨᠳᠡᠭᠡᠨ᠎ᠤ ᠲᠥᠷᠥᠯ᠎ᠤᠨ ᠦᠨ᠎ᠡ ᠵᠢᠨ ᠭᠠᠷᠠᠬᠠᠨ ᠬᠠᠷᠢᠴᠠᠯ ᠦᠰᠴᠦ ᠪᠠᠭᠤᠷᠠᠬᠤ ᠪᠠᠢ᠌ᠳᠠᠯ ᠬᠠᠷᠢᠯᠴᠠᠨ ᠢᠯᠡᠷᠡᠵᠡᠢ

  ᠬᠢᠨᠠᠨ ᠬᠡᠮᠵᠢᠭᠰᠡᠨ ᠲᠥᠷᠥᠯ ᠵᠦᠢ᠍ᠯ᠎ᠤᠨ ᠥᠯᠢᠭᠡᠷ ᠡᠳ᠋᠎ᠤᠨ ᠲᠤᠭ᠎ᠠ ᠪᠠᠷᠢᠮᠲᠠ᠎ᠠᠴᠠ ᠦᠵᠡᠪᠡᠯ᠂ 2 ᠳ᠋ᠤᠭ᠋ᠠᠷ ᠰᠠᠷ᠎ᠠ ᠵᠢᠨ ᠮᠢᠬᠠᠨ᠎ᠤ ᠲᠥᠷᠥᠯ᠎ᠤᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 51.19 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.2% ᠪᠠᠭᠤᠷᠠᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 7.0% ᠪᠠᠭᠤᠷᠠᠪᠠ᠃ ᠡᠭᠦᠨ᠎ᠳᠤ ᠭᠠᠭ᠍ᠠᠶ ᠵᠢᠨ ᠮᠢᠬ᠎ᠠ ᠵᠢᠨ ᠬᠤᠢ᠌ᠨ᠎ᠠ ᠭᠤᠶ᠎ᠠ ᠵᠢᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 28.77 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.1% ᠨᠡᠮᠡᠭᠳᠡᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 9.6% ᠨᠡᠮᠡᠭᠳᠡᠪᠡ᠃ ᠦᠬᠡᠷ᠎ᠤᠨ ᠮᠢᠬ᠎ᠠ ᠦᠬᠡᠷ᠎ᠤᠨ ᠭᠤᠶ᠎ᠠ ᠵᠢᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 59.23 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.2% ᠪᠠᠭᠤᠷᠠᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 15.8% ᠪᠠᠭᠤᠷᠠᠪᠠ᠃ ᠬᠤᠨᠢᠨ ᠮᠢᠬ᠎ᠠ ᠬᠤᠨᠢᠨ ᠭᠤᠶ᠎ᠠ ᠵᠢᠨ ᠦᠨ᠎ᠡ᠎ᠨᠢ ᠺᠢᠯᠣᠭ᠌ᠷᠠᠮ ᠪᠦᠷᠢ᠎ᠳᠡᠭᠡᠨ ᠳᠤᠮᠳᠠᠴᠢ᠎ᠪᠠᠷ 65.57 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.4% ᠪᠠᠭᠤᠷᠠᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 4.4%᠎ᠪᠠᠷ ᠪᠠᠭᠤᠷᠠᠪᠠ᠃ ᠵᠢᠭᠦᠷᠲᠡᠨ᠎ᠤ ᠲᠥᠷᠥᠯ᠎ᠤᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 23.91 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 1.3% ᠨᠡᠮᠡᠭᠳᠡᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 5.7% ᠨᠡᠮᠡᠭᠳᠡᠪᠡ᠃ ᠥᠨᠳᠡᠭᠡᠨ᠎ᠤ ᠲᠥᠷᠥᠯ᠎ᠤᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 9.72 ᠲᠥᠭᠦᠷᠢᠭ᠂ ᠭᠠᠷᠠᠬᠠᠨ ᠬᠠᠷᠢᠴᠠᠯ᠎ᠬᠢ᠎ᠠᠴᠠ 9.6% ᠪᠠᠭᠤᠷᠠᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 5.0% ᠪᠠᠭᠤᠷᠠᠪᠠ᠃ ᠪᠦᠬᠦ ᠣᠷᠣᠨ᠎ᠤ ᠮᠢᠬ᠎ᠠ ᠵᠢᠭᠦᠷᠲᠡᠨ ᠥᠨᠳᠡᠭᠡᠨ᠎ᠤ ᠲᠥᠷᠥᠯ᠎ᠤᠨ ᠪᠠᠷᠠᠭ᠎ᠠ ᠵᠢᠨ ᠢᠷᠡᠯᠲᠡ ᠭᠦᠢ᠍ᠴᠡᠳ ᠪᠠᠶ᠋ᠢᠵᠤ᠂ ᠵᠠᠬ᠎ᠠ ᠳᠡᠯᠭᠡᠭᠦᠷ᠎ᠤᠨ ᠠᠵᠢᠯᠯᠠᠭ᠋ᠠᠨ ᠲᠣᠭᠲᠠᠭᠤᠨ ᠪᠠᠶ᠋ᠢᠨ᠎ᠠ᠃ ᠣᠶ᠋ᠢᠷ᠎ᠠ ᠵᠢᠨ ᠵᠢᠯ᠎ᠤᠳ᠎ᠲᠤ ᠲᠡᠵᠢᠭᠡᠨ ᠦᠷᠡᠵᠢᠭᠦᠯᠬᠦ ᠡᠷᠦᠬᠡ ᠴᠤ᠌ ᠬᠡᠪᠴᠢᠶ᠎ᠡ᠎ᠪᠠᠨ ᠥᠷᠭᠡᠳᠬᠡᠵᠦ᠂ ᠮᠠᠯ᠎ᠤᠨ ᠲᠤᠭ᠎ᠠ ᠲᠣᠯᠣᠭ᠋ᠠᠶ ᠪᠠ ᠪᠤᠷᠤᠯᠠᠭᠤᠯᠭ᠎ᠠ ᠵᠢᠨ ᠲᠤᠭ᠎ᠠ ᠬᠡᠮᠵᠢᠶ᠎ᠡ ᠲᠦᠷᠭᠡᠨ ᠨᠡᠮᠡᠭᠳᠡᠵᠦ᠂ ᠵᠠᠬ᠎ᠠ ᠳᠡᠯᠭᠡᠭᠦᠷ᠎ᠤᠨ ᠬᠠᠩᠭ᠋ᠠᠯᠭ᠎ᠠ ᠵᠢᠨ ᠴᠢᠳᠠᠪᠤᠷᠢ ᠴᠢᠩᠭ᠋ᠠᠷᠠᠭᠰᠠᠨ ᠪᠠᠶ᠋ᠢᠨ᠎ᠠ᠃ ᠰᠠᠭᠤᠭ᠋ᠠᠯᠢ ᠠᠷᠠᠳ᠎ᠤᠨ ᠬᠡᠷᠡᠭᠯᠡᠭᠡᠨ᠎ᠤ ᠣᠯᠠᠩᠬᠢ᠎ᠨᠢ ᠪᠠᠶᠠᠷ᠎ᠤᠨ ᠡᠳᠦᠷ᠎ᠠᠴᠠ ᠡᠮᠦᠨᠡᠬᠢ ᠬᠤᠷᠠᠮᠳᠤᠭᠤᠯᠤᠭᠰᠠᠨ ᠪᠠᠷᠠᠭ᠋ᠠᠨ᠎ᠤ ᠬᠤᠷᠣᠭᠳᠠᠯ᠎ᠤᠨ ᠱᠠᠲᠤ ᠦᠶ᠎ᠡ᠎ᠳᠤ ᠣᠷᠣᠰᠢᠵᠤ᠂ ᠬᠤᠳᠠᠯᠳᠤᠨ ᠠᠪᠬᠤ ᠢᠳᠡᠪᠬᠢᠵᠢᠯ ᠥᠨᠳᠥᠷ ᠪᠢᠰᠢ ᠪᠠᠶ᠋ᠢᠵᠤ᠂ ᠵᠠᠬ᠎ᠠ ᠳᠡᠯᠭᠡᠭᠦᠷ᠎ᠤᠨ ᠪᠣᠷᠣᠯᠠᠭᠤᠯᠤᠯᠲᠠ ᠵᠢᠨ ᠬᠡᠮᠵᠢᠶ᠎ᠡ ᠪᠠᠭᠤᠷᠠᠵᠤ᠂ ᠮᠢᠬᠠᠨ᠎ᠤ ᠲᠥᠷᠥᠯ᠎ᠤᠨ ᠦᠨ᠎ᠡ ᠬᠠᠩᠰᠢ ᠵᠢ ᠳᠠᠢ᠌ᠴᠢᠯᠠᠬᠤ ᠭᠠᠷᠠᠬᠠᠨ ᠬᠠᠷᠢᠴᠠᠯ ᠪᠠᠭᠤᠷᠠᠪᠠ᠃ ᠲᠠᠬᠢᠶᠠᠨ ᠥᠨᠳᠡᠭᠡᠨ᠎ᠤ ᠬᠡᠷᠡᠭᠯᠡᠭᠡ ᠠᠭ᠋ᠠᠵᠢᠮ ᠵᠶ᠋ᠠᠷ ᠪᠣᠷᠣᠯᠠᠭᠤᠯᠭ᠎ᠠ ᠮᠠᠭᠤᠲᠠᠶ ᠤᠯᠠᠷᠢᠯ᠎ᠳᠤ ᠣᠷᠣᠵᠤ᠂ ᠭᠦᠢ᠍ᠯᠭᠡᠭᠡᠨ᠎ᠤ ᠭᠣᠭᠴᠣᠭ᠎ᠠ᠎ᠳᠤ ᠭᠣᠤᠯᠳᠠᠭᠤ ᠬᠥᠮᠥᠷᠭᠡ ᠵᠢᠨ ᠬᠠᠳᠠᠭ᠋ᠠᠯᠠᠯᠲᠠ ᠵᠢ ᠬᠣᠷᠣᠭᠳᠠᠭᠤᠯᠬᠤ᠎ᠪᠠᠷ ᠭᠣᠤᠯ ᠪᠣᠯᠭ᠋ᠠᠵᠤ᠂ ᠡᠵᠡᠩᠨᠡᠨ ᠪᠣᠷᠣᠯᠠᠭᠤᠯᠬᠤ ᠬᠤᠳᠠᠯᠳᠤᠭ᠋ᠠᠴᠢᠨ ᠪᠠᠷᠠᠭ᠎ᠠ ᠨᠥᠬᠥᠪᠥᠷᠢᠯᠡᠬᠦ ᠣᠪᠣᠷ᠎ᠨᠢ ᠪᠣᠯᠭᠣᠮᠵᠢᠲᠠᠶ ᠪᠠᠶ᠋ᠢᠵᠤ᠂ ᠪᠠᠷᠠᠭ᠎ᠠ ᠶᠠᠪᠤᠬᠤ ᠬᠤᠷᠳᠤᠴᠠ᠎ᠨᠢ ᠤᠳᠠᠭ᠋ᠠᠰᠢᠷᠠᠵᠤ᠂ ᠥᠨᠳᠡᠭᠡᠨ᠎ᠤ ᠲᠥᠷᠥᠯ᠎ᠤᠨ ᠦᠨ᠎ᠡ ᠬᠠᠩᠰᠢ ᠵᠢ ᠳᠠᠢ᠌ᠴᠢᠯᠠᠬᠤ ᠭᠠᠷᠠᠬᠠᠨ ᠬᠠᠷᠢᠴᠠᠯ ᠪᠠᠭᠤᠷᠠᠪᠠ᠃ ᠵᠢᠱ᠌ᠢᠯᠲᠡ᠎ᠪᠠᠷ ᠣᠢ᠌ᠷ᠎ᠠ ᠵᠢᠨ ᠬᠤᠭᠤᠴᠠᠭ᠋ᠠᠨ᠎ᠳᠤ ᠮᠢᠬᠠᠨ᠎ᠤ ᠲᠥᠷᠥᠯ᠂ ᠵᠢᠭᠦᠷᠲᠡᠨ᠎ᠤ ᠲᠥᠷᠥᠯ ᠪᠠ ᠥᠨᠳᠡᠭᠡ ᠵᠢᠨ ᠲᠥᠷᠥᠯ᠎ᠤᠨ ᠵᠠᠬ᠎ᠠ ᠳᠡᠯᠭᠡᠭᠦᠷ᠎ᠤᠨ ᠠᠵᠢᠯᠯᠠᠭ᠋ᠠᠨ ᠲᠣᠭᠲᠠᠭᠤᠨ ᠪᠠᠢ᠌ᠵᠤ᠂ ᠦᠨ᠎ᠡ ᠬᠠᠩᠰᠢ ᠵᠢᠨ ᠥᠰᠦᠯᠲᠡ ᠪᠠᠭᠤᠷᠠᠯᠲᠠ ᠬᠡᠯᠪᠡᠯᠵᠡᠯ᠎ᠲᠠᠢ ᠶᠠᠪᠤᠭᠳᠠᠬᠤ ᠪᠣᠯᠣᠨ᠎ᠠ᠃

  ᠭᠤᠷᠪᠠ᠂ ᠴᠠᠭ᠋ᠠᠨ ᠢᠳᠡᠭᠡᠨ᠎ᠤ ᠦᠨ᠎ᠡ ᠵᠢᠨ ᠭᠠᠷᠠᠬᠠᠨ ᠬᠠᠷᠢᠴᠠᠯ᠎ᠨᠢ ᠪᠠᠭᠤᠷᠠᠪᠠ

  ᠬᠢᠨᠠᠨ ᠬᠡᠮᠵᠢᠭᠰᠡᠨ ᠲᠥᠷᠥᠯ ᠵᠦᠢ᠍ᠯ᠎ᠤᠨ ᠥᠯᠢᠭᠡᠷ ᠡᠳ᠋᠎ᠤᠨ ᠲᠤᠭ᠎ᠠ ᠪᠠᠷᠢᠮᠲᠠ᠎ᠠᠴᠠ ᠦᠵᠡᠪᠡᠯ᠂ 2 ᠳ᠋ᠤᠭ᠋ᠠᠷ ᠰᠠᠷ᠎ᠠ᠎ᠳᠤ ᠴᠠᠭ᠋ᠠᠨ ᠢᠳᠡᠭᠡᠨ᠎ᠤ ᠳᠤᠮᠳᠠᠴᠢ ᠦᠨ᠎ᠡ᠎ᠨᠢ 102.46 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.1% ᠪᠠᠭᠤᠷᠠᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 6.0% ᠪᠠᠭᠤᠷᠠᠪᠠ᠃ ᠡᠭᠦᠨ᠎ᠳᠤ ᠬᠡᠪ᠎ᠤᠨ ᠳᠤᠯᠠᠭ᠋ᠠᠨ ᠰᠦ ᠵᠢᠨ ᠳᠤᠮᠳᠠᠴᠢ ᠦᠨ᠎ᠡ᠎ᠨᠢ ᠯᠢᠲᠷ ᠪᠦᠷᠢ᠎ᠳᠡᠭᠡᠨ 10.69 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.2% ᠨᠡᠮᠡᠭᠳᠡᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 0.2% ᠪᠠᠭᠤᠷᠠᠪᠠ; ᠡᠭᠡᠳᠡᠭᠰᠡᠨ ᠰᠦ ᠵᠢᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 14.99 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ᠎ᠠᠴᠠ 0.2% ᠨᠡᠮᠡᠭᠳᠡᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 1.8% ᠨᠡᠮᠡᠭᠳᠡᠪᠡ; ᠤᠯᠤᠰ᠎ᠤᠨ ᠳᠣᠲᠣᠭ᠋ᠠᠳᠤ ᠵᠢᠨ ᠨᠠᠷᠠᠲᠤ ᠲᠡᠮᠳᠡᠭᠲᠦ ᠨᠢᠯᠬ᠎ᠠ ᠬᠡᠦᠬᠡᠳ᠎ᠤᠨ ᠰᠦᠨ ᠲᠠᠯᠬ᠎ᠠ ᠵᠢᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 223.52 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠨᠢ ᠲᠡᠩᠴᠡᠭᠦᠷᠢᠰᠢᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 5.4%᠎ᠪᠠᠷ ᠪᠠᠭᠤᠷᠠᠪᠠ᠃ ᠴᠠᠭ᠋ᠠᠨ ᠢᠳᠡᠭᠡᠨ᠎ᠤ ᠢᠷᠡᠯᠲᠡ ᠵᠢᠨ ᠬᠠᠩᠭ᠋ᠠᠯᠭ᠎ᠠ ᠬᠡᠷᠡᠭᠴᠡᠭᠡ ᠲᠣᠭᠲᠠᠭᠤᠨ ᠪᠠᠶ᠋ᠢᠵᠤ᠂ ᠬᠠᠷᠢᠴᠠᠩᠭᠤᠶ ᠲᠣᠭᠲᠠᠭᠤᠨ ᠠᠵᠢᠯᠯᠠᠭ᠋ᠠᠨ᠎ᠤ ᠪᠠᠶ᠋ᠢᠳᠠᠯ᠎ᠢ ᠪᠠᠲᠤᠯᠠᠭᠰᠠᠭ᠋ᠠᠷ ᠢᠷᠡᠵᠡᠶ᠃ ᠬᠢᠨᠠᠨ ᠬᠡᠮᠵᠢᠯᠲᠡ ᠵᠢᠨ ᠰᠠᠷ᠎ᠠ᠎ᠳᠤ ᠣᠷᠣᠵᠤ᠂ ᠪᠠᠶᠠᠷ᠎ᠤᠨ ᠡᠳᠦᠷ᠎ᠤᠨ ᠦᠢ᠍ᠯᠡᠳᠦᠯ ᠠᠯᠬᠤᠮ ᠠᠯᠬᠤᠮ ᠵᠶ᠋ᠠᠷ ᠠᠷᠢᠯᠵᠤ᠂ ᠰᠠᠭᠤᠭ᠋ᠠᠯᠢ ᠠᠷᠠᠳ᠎ᠤᠨ ᠬᠡᠷᠡᠭᠯᠡᠭᠡ ᠮᠠᠭᠤᠳᠠᠵᠤ᠂ ᠡᠵᠡᠩᠨᠡᠨ ᠪᠣᠷᠣᠯᠠᠭᠤᠯᠬᠤ ᠬᠤᠳᠠᠯᠳᠤᠭ᠋ᠠᠴᠢᠨ ᠪᠠᠷᠠᠭ᠎ᠠ ᠣᠷᠣᠭᠤᠯᠬᠤ ᠤᠷᠮ᠎ᠠ ᠵᠣᠷᠢᠭ ᠪᠠᠭᠤᠷᠠᠵᠤ᠂ ᠵᠠᠬ᠎ᠠ ᠳᠡᠯᠭᠡᠭᠦᠷ᠎ᠤᠨ ᠪᠣᠷᠣᠯᠠᠭᠤᠯᠭ᠎ᠠ ᠵᠢᠨ ᠬᠡᠮᠵᠢᠶ᠎ᠡ ᠪᠠᠭ᠋ᠠᠰᠴᠤ᠂ ᠦᠨ᠎ᠡ ᠬᠠᠩᠰᠢ ᠵᠢ ᠳᠠᠢ᠌ᠴᠢᠯᠠᠬᠤ ᠭᠠᠷᠠᠬᠠᠨ ᠬᠠᠷᠢᠴᠠᠯ᠎ᠨᠢ ᠪᠠᠭᠤᠷᠠᠪᠠ᠃ ᠵᠢᠱ᠌ᠢᠯᠲᠡ᠎ᠪᠠᠷ ᠣᠶ᠋ᠢᠷ᠎ᠠ ᠵᠢᠨ ᠬᠤᠭᠤᠴᠠᠭ᠋ᠠᠨ᠎ᠳᠤ ᠴᠠᠭ᠋ᠠᠨ ᠢᠳᠡᠭᠡᠨ᠎ᠤ ᠵᠠᠬ᠎ᠠ ᠳᠡᠯᠭᠡᠭᠦᠷ ᠲᠣᠭᠲᠠᠭᠤᠨ ᠠᠵᠢᠯᠯᠠᠵᠤ᠂ ᠦᠨ᠎ᠡ ᠬᠠᠩᠰᠢ ᠵᠢᠨ ᠥᠰᠦᠯᠲᠡ ᠪᠠᠭᠤᠷᠠᠯᠲᠠ ᠬᠡᠯᠪᠡᠯᠵᠡᠯ᠎ᠲᠠᠢ ᠶᠠᠪᠤᠭᠳᠠᠬᠤ ᠪᠣᠯᠣᠨ᠎ᠠ᠃

  ᠳᠥᠷᠪᠡ᠂ ᠢᠳᠡᠰᠢᠨ ᠨᠣᠭᠤᠭ᠎ᠠ ᠵᠢᠨ ᠦᠨ᠎ᠡ ᠵᠢᠨ ᠭᠠᠷᠠᠬᠠᠨ ᠬᠠᠷᠢᠴᠠᠯ ᠪᠠᠭᠤᠷᠠᠪᠠ

  ᠬᠢᠨᠠᠨ ᠬᠡᠮᠵᠢᠭᠰᠡᠨ ᠲᠥᠷᠥᠯ ᠵᠦᠢ᠍ᠯ᠎ᠤᠨ ᠥᠯᠢᠭᠡᠷ ᠡᠳ᠋᠎ᠤᠨ ᠲᠤᠭ᠎ᠠ ᠪᠠᠷᠢᠮᠲᠠ᠎ᠠᠴᠠ ᠦᠵᠡᠪᠡᠯ᠂ 2 ᠳ᠋ᠤᠭ᠋ᠠᠷ ᠰᠠᠷ᠎ᠠ᠎ᠳᠤ ᠢᠳᠡᠰᠢᠨ ᠨᠣᠭᠤᠭ᠎ᠠ ᠵᠢᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 7.69 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.8% ᠪᠠᠭᠤᠷᠠᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 14.1% ᠪᠠᠭᠤᠷᠠᠪᠠ᠃ ᠰᠢᠰᠲ᠋ᠧᠮ᠎ᠲᠠᠢ ᠬᠢᠨᠠᠨ ᠬᠡᠮᠵᠢᠭᠰᠡᠨ 30 ᠢᠳᠡᠰᠢᠨ ᠨᠣᠭᠤᠭ᠎ᠠ ᠵᠢᠨ ᠵᠠᠭᠪᠤᠷ᠎ᠲᠤ᠂ 14 ᠵᠦᠢ᠍ᠯ᠎ᠤᠨ ᠢᠳᠡᠰᠢᠨ ᠨᠣᠭᠤᠭ᠎ᠠ ᠵᠢᠨ ᠥᠯᠢᠭᠡᠷ ᠡᠳ᠋᠎ᠤᠨ ᠦᠨ᠎ᠡ ᠬᠠᠩᠰᠢ ᠵᠢᠨ ᠭᠠᠷᠠᠬᠠᠨ ᠬᠠᠷᠢᠴᠠᠯ᠎ᠨᠢ ᠪᠠᠭᠤᠷᠠᠵᠤ᠂ 46.7% ᠵᠢ ᠡᠵᠡᠯᠡᠪᠡ; 16 ᠵᠦᠢ᠍ᠯ᠎ᠤᠨ ᠢᠳᠡᠰᠢᠨ ᠨᠣᠭᠤᠭ᠎ᠠ ᠵᠢᠨ ᠥᠯᠢᠭᠡᠷ ᠡᠳ᠋᠎ᠤᠨ ᠦᠨ᠎ᠡ ᠵᠢᠨ ᠭᠠᠷᠠᠬᠠᠨ ᠬᠠᠷᠢᠴᠠᠯ᠎ᠨᠢ ᠨᠡᠮᠡᠭᠳᠡᠵᠦ᠂ 53.3% ᠵᠢ ᠡᠵᠡᠯᠡᠪᠡ᠃ ᠡᠭᠦᠨ᠎ᠳᠤ ᠬᠠᠮᠤᠭ᠎ᠤᠨ ᠶᠡᠭᠡ ᠪᠠᠭᠤᠷᠠᠯᠲᠠ ᠵᠢᠨ ᠬᠡᠮᠵᠢᠶ᠎ᠡ᠎ᠨᠢ ᠲᠤᠰ ᠲᠤᠰ 3 ᠲᠥᠷᠥᠯ ᠵᠦᠢ᠍ᠯ ᠪᠣᠯ᠄ ᠯᠠᠵᠤᠤ ᠵᠢᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 8.36 ᠲᠥᠭᠦᠷᠢᠭ ᠪᠠᠢ᠌ᠵᠦ᠂ ᠭᠠᠷᠠᠬᠠᠨ ᠬᠠᠷᠢᠴᠠᠯ᠎ᠨᠢ 10.9% ᠪᠠᠭᠤᠷᠠᠪᠠ; ᠴᠢᠨᠵᠤᠤ ᠵᠢᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 8.06 ᠲᠥᠭᠦᠷᠢᠭ ᠪᠠᠢ᠌ᠵᠦ᠂ ᠭᠠᠷᠠᠬᠠᠨ ᠬᠠᠷᠢᠴᠠᠯ᠎ᠨᠢ 10.0% ᠪᠠᠭᠤᠷᠠᠪᠠ; ᠴᠡᠴᠡᠭᠲᠦ ᠴᠠᠭ᠋ᠠᠨ ᠨᠣᠭᠤᠭ᠎ᠠ ᠵᠢᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 7.97 ᠲᠥᠭᠦᠷᠢᠭ ᠪᠠᠢ᠌ᠵᠦ᠂ ᠭᠠᠷᠠᠬᠠᠨ ᠬᠠᠷᠢᠴᠠᠯ᠎ᠨᠢ 4.1% ᠪᠠᠭᠤᠷᠠᠪᠠ᠃ ᠭᠤᠷᠪᠠᠨ ᠵᠦᠢ᠍ᠯ᠎ᠤᠨ ᠢᠳᠡᠰᠢᠨ ᠨᠣᠭᠣᠭ᠎ᠠ ᠵᠢᠨ ᠦᠨ᠎ᠡ ᠨᠢᠳᠤᠨᠤᠨ᠎ᠤ ᠠᠳᠠᠯᠢ ᠬᠤᠭᠤᠴᠠᠭ᠋ᠠᠨ᠎ᠤ᠎ᠬᠢ᠎ᠲᠠᠢ ᠬᠠᠷᠢᠴᠠᠭᠤᠯᠪᠠᠯ ᠠᠳᠠᠯᠢ ᠪᠤᠰᠤ ᠬᠡᠮᠵᠢᠶ᠎ᠡ᠎ᠪᠠᠷ ᠥᠰᠴᠦ ᠪᠠᠭᠤᠷᠠᠬᠤ ᠪᠣᠯᠤᠨ᠎ᠠ᠃ ᠢᠳᠡᠰᠢᠨ ᠨᠣᠭᠣᠭ᠎ᠠ᠎ᠨᠢ ᠰᠠᠭᠤᠭ᠋ᠠᠯᠢ ᠠᠷᠠᠳ᠎ᠤᠨ ᠠᠮᠢᠳᠤᠷᠠᠯ᠎ᠤᠨ ᠬᠡᠷᠡᠭᠯᠡᠭᠡᠨ᠎ᠤ ᠭᠣᠤᠯ ᠪᠣᠯᠬᠤ ᠬᠡᠷᠡᠭᠴᠡᠭᠡᠨ᠎ᠤ ᠵᠦᠢ᠍ᠯ ᠪᠣᠯᠤᠭᠰᠠᠨ᠎ᠤ ᠬᠤᠪᠢ᠎ᠳᠤ᠂ ᠠᠭᠤᠷ ᠠᠮᠢᠰᠬᠤᠯ᠂ ᠭᠠᠷᠤᠯᠲᠠ ᠵᠢᠨ ᠬᠡᠮᠵᠢᠶ᠎ᠡ ᠪᠣᠯᠤᠨ ᠲᠡᠭᠡᠭᠡᠪᠦᠷᠢ ᠵᠢᠨ ᠥᠪᠡᠷ᠎ᠤᠨ ᠥᠷᠲᠡᠭ ᠵᠡᠷᠭᠡ ᠬᠦᠴᠦᠨ ᠵᠦᠢ᠍ᠯ᠎ᠤᠨ ᠨᠥᠯᠥᠭᠡᠯᠡᠯ ᠵᠶ᠋ᠠᠷ ᠦᠨ᠎ᠡ ᠬᠠᠩᠰᠢ ᠶᠡᠷᠦ᠎ᠨᠢ ᠲᠠᠰᠤᠷᠠᠯᠲᠠ ᠤᠢ᠍ᠭᠡᠢ ᠬᠤᠪᠢᠷᠠᠵᠤ ᠪᠠᠶ᠋ᠢᠨ᠎ᠠ᠃ ᠬᠢᠨᠠᠨ ᠬᠡᠮᠵᠢᠯᠲᠡ ᠵᠢᠨ ᠰᠠᠷ᠎ᠠ᠎ᠳᠤ ᠣᠷᠣᠵᠤ᠂ ᠪᠠᠶᠠᠷ᠎ᠤᠨ ᠡᠳᠦᠷ᠎ᠤᠨ ᠦᠢ᠍ᠯᠡᠳᠦᠯ ᠠᠯᠬᠤᠮ ᠠᠯᠬᠤᠮ ᠵᠶ᠋ᠠᠷ ᠠᠷᠢᠯᠵᠤ᠂ ᠰᠠᠭᠤᠭ᠋ᠠᠯᠢ ᠠᠷᠠᠳ᠎ᠤᠨ ᠬᠡᠷᠡᠭᠴᠡᠭᠡ ᠱᠠᠭ᠋ᠠᠷᠳᠠᠯᠭ᠎ᠠ ᠳᠣᠤᠷ᠎ᠠ᠂ ᠵᠠᠬ᠎ᠠ ᠳᠡᠯᠭᠡᠭᠦᠷ᠎ᠤᠨ ᠪᠣᠷᠣᠯᠠᠭᠤᠯᠭ᠎ᠠ ᠵᠢᠨ ᠬᠡᠮᠵᠢᠶ᠎ᠡ ᠪᠠᠭ᠋ᠠᠰᠪᠠ᠃ ᠠᠭ᠋ᠠᠷ᠎ᠤᠨ ᠳᠤᠯᠠᠭ᠋ᠠᠨ ᠦᠷᠭᠦᠯᠵᠢᠯᠡᠨ ᠳᠡᠭᠡᠭᠰᠢᠯᠡᠵᠦ᠂ ᠨᠡᠷᠡᠨ᠎ᠤ ᠭᠡᠷᠡᠯ ᠭᠦᠢ᠍ᠴᠡᠳ ᠲᠤᠰᠴᠤ᠂ ᠢᠳᠡᠰᠢᠨ ᠨᠣᠭᠤᠭ᠎ᠠ ᠵᠢᠨ ᠤᠷᠭᠤᠬᠤ᠎ᠳᠤ ᠠᠰᠢᠭᠲᠠᠢ᠂ ᠢᠳᠡᠰᠢᠨ ᠨᠣᠭᠤᠭ᠎ᠠ ᠵᠢᠨ ᠤᠨᠠᠯᠲᠠ ᠵᠢ ᠨᠡᠮᠡᠭᠳᠡᠭᠦᠯᠬᠦ᠎ᠳᠤ ᠠᠰᠢᠭᠲᠠᠢ᠃ ᠰᠠᠢ᠌ᠨ ᠰᠠᠢ᠌ᠬᠠᠨ ᠠᠭᠤᠷ ᠠᠮᠢᠰᠭᠤᠯ᠎ᠨᠢ ᠴᠦ᠍ ᠢᠳᠡᠰᠢᠨ ᠨᠣᠭᠣᠭ᠎ᠠ ᠲᠡᠭᠦᠬᠦ᠂ ᠬᠠᠳᠠᠭ᠋ᠠᠯᠠᠬᠤ ᠪᠠ ᠲᠡᠭᠡᠭᠡᠪᠦᠷᠢᠯᠡᠬᠦ᠎ᠳᠤ ᠠᠰᠢᠭᠲᠠᠢ᠂ ᠬᠠᠳᠠᠭ᠋ᠠᠯᠠᠵᠤ ᠵᠥᠭᠡᠭᠡᠪᠦᠷᠢᠯᠡᠬᠦ ᠥᠪᠡᠷ᠎ᠤᠨ ᠥᠷᠲᠡᠭ ᠪᠠᠭ᠋ᠠᠰᠴᠤ᠂ ᠪᠠᠷᠠᠭ᠎ᠠ ᠬᠠᠩᠭ᠋ᠠᠬᠤ ᠲᠣᠭ᠎ᠠ ᠬᠡᠮᠵᠢᠶ᠎ᠡ᠎ᠨᠢ ᠠᠯᠬᠤᠮ ᠠᠯᠬᠤᠮ ᠵᠶ᠋ᠠᠷ ᠠᠭᠤᠵᠢᠭᠤ ᠪᠤᠯᠵᠦ᠂ ᠡᠵᠡᠩᠨᠡᠯᠲᠡ ᠵᠢᠨ ᠥᠪᠡᠷ᠎ᠤᠨ ᠥᠷᠲᠡᠭ᠎ᠨᠢ ᠳᠣᠣᠷ᠎ᠠ᠂ ᠢᠳᠡᠰᠢᠨ ᠨᠣᠭᠣᠭ᠎ᠠ ᠵᠢᠨ ᠦᠨ᠎ᠡ ᠵᠢ ᠳᠠᠢ᠌ᠴᠢᠯᠠᠬᠤ ᠭᠠᠷᠠᠬᠠᠨ ᠬᠠᠷᠢᠴᠠᠯ᠎ᠨᠢ ᠪᠠᠭᠤᠷᠠᠪᠠ᠃ ᠵᠢᠱ᠌ᠢᠯᠲᠡ᠎ᠪᠠᠷ ᠣᠢ᠌ᠷ᠎ᠠ ᠵᠢᠨ ᠬᠤᠭᠤᠴᠠᠭ᠋ᠠᠨ᠎ᠳᠤ ᠢᠳᠡᠰᠢᠨ ᠨᠣᠭᠣᠭ᠎ᠠ ᠵᠢᠨ ᠵᠠᠬ᠎ᠠ ᠳᠡᠯᠭᠡᠭᠦᠷ᠎ᠤᠨ ᠪᠠᠷᠠᠭ᠋ᠠᠨ᠎ᠤ ᠢᠷᠡᠯᠲᠡ ᠭᠦᠢ᠍ᠴᠡᠳ ᠪᠠᠢ᠌ᠵᠤ᠂ ᠦᠨ᠎ᠡ ᠬᠠᠩᠰᠢ ᠵᠢᠨ ᠥᠰᠦᠯᠲᠡ ᠪᠠᠭᠤᠷᠠᠯᠲᠠ ᠬᠡᠯᠪᠡᠯᠵᠡᠯ᠎ᠲᠠᠢ ᠶᠠᠪᠤᠭᠳᠠᠬᠤ ᠪᠣᠯᠣᠨ᠎ᠠ᠃

  ᠲᠠᠪᠤ᠂ ᠵᠢᠮᠢᠰ᠎ᠤᠨ ᠦᠨ᠎ᠡ ᠵᠢᠨ ᠭᠠᠷᠠᠬᠠᠨ ᠬᠠᠷᠢᠴᠠᠯ ᠨᠡᠮᠡᠭᠳᠡᠪᠡ

  ᠬᠢᠨᠠᠨ ᠬᠡᠮᠵᠢᠭᠰᠡᠨ ᠲᠥᠷᠥᠯ ᠵᠦᠢ᠍ᠯ᠎ᠤᠨ ᠥᠯᠢᠭᠡᠷ ᠡᠳ᠋᠎ᠤᠨ ᠲᠤᠭ᠎ᠠ ᠪᠠᠷᠢᠮᠲᠠ᠎ᠠᠴᠠ ᠦᠵᠡᠪᠡᠯ᠂ 2 ᠳ᠋ᠤᠭ᠋ᠠᠷ ᠰᠠᠷ᠎ᠠ᠎ᠳᠤ ᠵᠢᠮᠢᠰ᠎ᠤᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 10.25 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 4.7% ᠨᠡᠮᠡᠭᠳᠡᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 7.9% ᠪᠠᠭᠤᠷᠠᠪᠠ᠃ ᠡᠭᠦᠨ᠎ᠳᠤ ᠠᠯᠮᠤᠷᠠᠳ᠎ᠤᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 11.16 ᠲᠥᠭᠦᠷᠢᠭ ᠪᠠᠢ᠌ᠵᠦ᠂ ᠭᠠᠷᠠᠬᠠᠨ ᠬᠠᠷᠢᠴᠠᠯ᠎ᠬᠢ᠎ᠠᠴᠠ 2.3% ᠨᠡᠮᠡᠭᠳᠡᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 9.4% ᠪᠠᠭᠤᠷᠠᠪᠠ; ᠪᠠᠨᠠᠨᠠ ᠵᠢᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 8.69 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 6.4% ᠨᠡᠮᠡᠭᠳᠡᠵᠦ; ᠠᠳᠠᠯᠢ ᠬᠤᠭᠤᠴᠠᠭ᠋ᠠᠨ᠎ᠤ᠎ᠬᠢ᠎ᠠᠴᠠ 8.6% ᠨᠡᠮᠡᠭᠳᠡᠪᠡ᠂ ᠦᠵᠦᠮ᠎ᠤᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ15.18 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ᠎ᠠᠴᠠ 0.1% ᠨᠡᠮᠡᠭᠳᠡᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 20.5% ᠪᠠᠭᠤᠷᠠᠪᠠ᠃ ᠵᠢᠮᠢᠰ᠎ᠨᠢ ᠰᠠᠭᠤᠭ᠋ᠠᠯᠢ ᠠᠷᠠᠳ᠎ᠤᠨ ᠡᠳᠦᠷ ᠲᠤᠲᠤᠮ᠎ᠤᠨ ᠠᠮᠢᠳᠤᠷᠠᠯ᠎ᠤᠨ ᠭᠤᠤᠯ ᠢᠳᠡᠭᠡᠨ᠎ᠤ ᠨᠢᠭᠡ ᠪᠣᠯᠤᠭᠰᠠᠨ᠎ᠤ ᠬᠤᠪᠢ᠎ᠳᠤ᠂ ᠤᠯᠠᠷᠢᠯ᠎ᠤᠨ ᠠᠭᠤᠷ ᠠᠮᠢᠰᠬᠤᠯ ᠪᠠ ᠵᠠᠬ᠎ᠠ ᠳᠡᠯᠭᠡᠭᠦᠷ᠎ᠤᠨ ᠬᠠᠩᠭ᠋ᠠᠯᠭ᠎ᠠ ᠬᠡᠷᠡᠭᠴᠡᠭᠡ ᠵᠢᠨ ᠬᠤᠪᠢᠷᠠᠯᠲᠠ ᠵᠢᠨ ᠨᠥᠯᠥᠭᠡ᠎ᠪᠠᠷ ᠬᠡᠯᠪᠡᠯᠵᠡᠯ ᠨᠡᠯᠢᠶᠡᠳ ᠢᠯᠡᠷᠬᠡᠶ ᠪᠠᠶ᠋ᠢᠨ᠎ᠠ᠃ ᠬᠢᠨᠠᠨ ᠬᠡᠮᠵᠢᠯᠲᠡ ᠵᠢᠨ ᠰᠠᠷ᠎ᠠ᠎ᠳᠤ ᠲᠤᠬᠠᠶ ᠵᠢᠨ ᠭᠠᠵᠠᠷ᠎ᠤᠨ ᠵᠢᠮᠢᠰ᠎ᠤᠨ ᠭᠠᠷᠤᠯᠲᠠ ᠪᠠᠭ᠋ᠠᠰᠤᠭᠰᠠᠨ᠎ᠠᠴᠠ ᠵᠠᠬ᠎ᠠ ᠳᠡᠯᠭᠡᠭᠦᠷ᠎ᠤᠨ ᠬᠠᠩᠭ᠋ᠠᠯᠭ᠎ᠠ ᠵᠢᠨ ᠴᠢᠳᠠᠪᠤᠷᠢ ᠳᠣᠷᠣᠭᠰᠢᠯᠠᠪᠠ᠃ ᠭᠠᠳᠠᠷ ᠣᠷᠣᠨ᠎ᠠᠴᠠ ᠰᠢᠯᠵᠢᠭᠦᠯᠦᠨ ᠲᠡᠭᠡᠭᠡᠪᠦᠷᠢᠯᠡᠬᠦ ᠲᠤᠭ᠎ᠠ ᠬᠡᠮᠵᠢᠶ᠎ᠡ ᠨᠡᠮᠡᠭᠳᠡᠵᠦ᠂ ᠬᠠᠳᠠᠭ᠋ᠠᠯᠠᠵᠤ ᠲᠡᠭᠡᠭᠡᠪᠦᠷᠢᠯᠡᠬᠦ ᠥᠪᠡᠷ᠎ᠤᠨ ᠥᠷᠲᠡᠭ ᠨᠡᠮᠡᠭᠳᠡᠵᠦ᠂ ᠡᠵᠡᠩᠨᠡᠯᠲᠡ ᠵᠢᠨ ᠥᠪᠡᠷ᠎ᠤᠨ ᠥᠷᠲᠡᠭ ᠳᠡᠭᠡᠭᠰᠢᠯᠡᠨ᠂ ᠵᠢᠮᠢᠰ᠎ᠤᠨ ᠦᠨ᠎ᠡ ᠵᠡᠷᠭᠡᠪᠡᠷ ᠥᠰᠬᠦ ᠵᠢ ᠠᠬᠢᠭᠤᠯᠪᠠ᠃ ᠵᠢᠱ᠌ᠢᠯᠲᠡ᠎ᠪᠠᠷ ᠣᠢ᠌ᠷ᠎ᠠ ᠵᠢᠨ ᠬᠤᠭᠤᠴᠠᠭ᠋ᠠᠨ᠎ᠳᠤ ᠵᠢᠮᠢᠰ᠎ᠤᠨ ᠵᠠᠬ᠎ᠠ ᠳᠡᠯᠭᠡᠭᠦᠷ᠎ᠤᠨ ᠠᠵᠢᠯᠯᠠᠭ᠋ᠠᠨ ᠲᠣᠭᠲᠠᠭᠤᠨ ᠪᠠᠢ᠌ᠵᠤ᠂ ᠦᠨ᠎ᠡ ᠬᠠᠩᠰᠢ ᠵᠢᠨ ᠥᠰᠦᠯᠲᠡ ᠪᠠᠭᠤᠷᠠᠯᠲᠠ ᠬᠡᠯᠪᠡᠯᠵᠡᠯ᠎ᠲᠠᠢ ᠶᠠᠪᠤᠭᠳᠠᠬᠤ ᠪᠣᠯᠣᠨ᠎ᠠ᠃

  ᠵᠢᠷᠭᠤᠭ᠎ᠠ᠂ ᠤᠰᠤᠨ᠎ᠤ ᠭᠠᠷᠤᠯᠲᠠ ᠵᠢᠨ ᠦᠨ᠎ᠡ ᠵᠢᠨ ᠭᠠᠷᠠᠬᠠᠨ ᠬᠠᠷᠢᠴᠠᠯ ᠪᠠᠭᠤᠷᠠᠪᠠ

  ᠬᠢᠨᠠᠨ ᠬᠡᠮᠵᠢᠭᠰᠡᠨ ᠲᠥᠷᠥᠯ ᠵᠦᠢ᠍ᠯ᠎ᠤᠨ ᠥᠯᠢᠭᠡᠷ ᠡᠳ᠋᠎ᠤᠨ ᠲᠤᠭ᠎ᠠ ᠪᠠᠷᠢᠮᠲᠠ᠎ᠠᠴᠠ ᠦᠵᠡᠪᠡᠯ᠂ 2 ᠳ᠋ᠤᠭ᠋ᠠᠷ ᠰᠠᠷ᠎ᠠ᠎ᠳᠤ ᠤᠰᠤᠨ ᠭᠠᠷᠤᠯᠲᠠ ᠵᠢᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 28.96 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.7% ᠪᠠᠭᠤᠷᠠᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 0.6% ᠪᠠᠭᠤᠷᠠᠪᠠ᠃ ᠡᠭᠦᠨ᠎ᠳᠤ ᠮᠥᠷᠭᠦ ᠵᠢᠭ᠋ᠠᠰᠤᠨ᠎ᠤ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 18.3 ᠲᠥᠭᠦᠷᠢᠭ ᠪᠠᠢ᠌ᠵᠦ᠂ ᠭᠠᠷᠠᠬᠠᠨ ᠬᠠᠷᠢᠴᠠᠯ᠎ᠬᠢ᠎ᠠᠴᠠ 1.1% ᠪᠠᠭᠤᠷᠠᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 1.3% ᠨᠡᠮᠡᠭᠳᠡᠪᠡ; ᠠᠯᠠᠭ᠋ᠠᠨ᠎ᠠ ᠰᠣᠭᠤᠷ᠎ᠤᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 18.35 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.2% ᠪᠠᠭᠤᠷᠠᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 10.0% ᠪᠠᠭᠤᠷᠠᠪᠠ; ᠠᠮᠤᠷ ᠵᠢᠭ᠋ᠠᠰᠤᠨ᠎ᠤ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 20.27 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.3% ᠨᠡᠮᠡᠭᠳᠡᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 0.3% ᠨᠡᠮᠡᠭᠳᠡᠪᠡ᠃ ᠬᠢᠨᠠᠨ ᠬᠡᠮᠵᠢᠯᠲᠡ ᠵᠢᠨ ᠰᠠᠷ᠎ᠠ᠎ᠳᠤ ᠣᠷᠣᠵᠤ᠂ ᠪᠠᠶᠠᠷ᠎ᠤᠨ ᠡᠳᠦᠷ᠎ᠤᠨ ᠦᠢ᠍ᠯᠡᠳᠦᠯ ᠠᠯᠬᠤᠮ ᠠᠯᠬᠤᠮ ᠵᠶ᠋ᠠᠷ ᠪᠠᠭ᠋ᠠᠰᠬᠤ ᠵᠢ ᠳᠠᠭ᠋ᠠᠯᠳᠤᠨ᠂ ᠤᠰᠤᠨ ᠭᠠᠷᠤᠯᠲᠠ ᠵᠢᠨ ᠬᠡᠷᠡᠭᠯᠡᠭᠡᠨ᠎ᠤ ᠬᠡᠷᠡᠭᠴᠡᠭᠡ ᠪᠠᠭᠤᠷᠠᠵᠤ᠂ ᠵᠠᠬ᠎ᠠ ᠳᠡᠯᠭᠡᠭᠦᠷ᠎ᠤᠨ ᠪᠣᠷᠣᠯᠠᠭᠤᠯᠤᠯᠲᠠ ᠵᠢᠨ ᠬᠡᠮᠵᠢᠶ᠎ᠡ ᠪᠠᠭᠤᠷᠠᠪᠠ᠃ ᠬᠥᠮᠦᠨ᠎ᠤ ᠬᠦᠴᠦᠨ᠎ᠤ ᠰᠦᠢ᠍ᠳᠬᠡᠯ᠎ᠨᠢ ᠣᠶᠤᠨᠴᠢ ᠴᠢᠨᠠᠷ᠎ᠢ ᠰᠡᠷᠭᠦᠭᠡᠨ᠂ ᠡᠵᠡᠩᠨᠡᠯᠲᠡ ᠵᠢᠨ ᠥᠪᠡᠷ᠎ᠤᠨ ᠥᠷᠲᠡᠭ᠎ᠨᠢ ᠪᠠᠭ᠋ᠠᠰᠴᠤ᠂ ᠤᠰᠤᠨ ᠭᠠᠷᠤᠯᠲᠠ ᠵᠢᠨ ᠪᠦᠲᠦᠭᠡᠭᠳᠡᠬᠦᠨ᠎ᠤ ᠦᠨ᠎ᠡ ᠬᠠᠩᠰᠢ ᠵᠢ ᠳᠠᠢ᠌ᠴᠢᠯᠠᠬᠤ ᠭᠠᠷᠬᠠᠨ ᠬᠠᠷᠢᠴᠠᠯ᠎ᠨᠢ ᠪᠠᠭᠤᠷᠠᠪᠠ᠃ ᠵᠢᠱ᠌ᠢᠯᠲᠡ᠎ᠪᠠᠷ ᠣᠢ᠌ᠷ᠎ᠠ ᠵᠢᠨ ᠬᠤᠭᠤᠴᠠᠭ᠋ᠠᠨ᠎ᠳᠤ ᠤᠰᠤᠨ᠎ᠤ ᠭᠠᠷᠤᠯᠲᠠ ᠵᠢᠨ ᠵᠠᠬ᠎ᠠ ᠳᠡᠯᠭᠡᠭᠦᠷ᠎ᠤᠨ ᠠᠵᠢᠯᠯᠠᠭ᠋ᠠᠨ ᠲᠣᠭᠲᠠᠭᠤᠨ ᠪᠠᠢ᠌ᠵᠤ᠂ ᠦᠨ᠎ᠡ ᠬᠠᠩᠰᠢ ᠵᠢᠨ ᠥᠰᠦᠯᠲᠡ ᠪᠠᠭᠤᠷᠠᠯᠲᠠ ᠬᠡᠯᠪᠡᠯᠵᠡᠯ᠎ᠲᠠᠢ ᠶᠠᠪᠤᠭᠳᠠᠬᠤ ᠪᠣᠯᠣᠨ᠎ᠠ᠃

  ᠳᠣᠯᠤᠭ᠎ᠠ᠂ ᠠᠮᠲᠠ ᠣᠷᠣᠭᠤᠯᠬᠤ ᠡᠳ᠋ ᠪᠠ ᠤᠤᠭᠤᠬᠤ ᠤᠰᠤᠨ᠎ᠤ ᠦᠨ᠎ᠡ ᠵᠢᠨ ᠭᠠᠷᠠᠬᠠᠨ ᠬᠠᠷᠢᠴᠠᠯ ᠨᠡᠮᠡᠭᠳᠡᠪᠡ

  ᠬᠢᠨᠠᠨ ᠬᠡᠮᠵᠢᠭᠰᠡᠨ ᠲᠥᠷᠥᠯ ᠵᠦᠢ᠍ᠯ᠎ᠤᠨ ᠥᠯᠢᠭᠡᠷ ᠡᠳ᠋᠎ᠤᠨ ᠲᠤᠭ᠎ᠠ ᠪᠠᠷᠢᠮᠲᠠ᠎ᠠᠴᠠ ᠦᠵᠡᠪᠡᠯ᠂ 2 ᠳ᠋ᠤᠭ᠋ᠠᠷ ᠰᠠᠷ᠎ᠠ᠎ᠳᠤ ᠠᠮᠲᠠ ᠣᠷᠣᠭᠤᠯᠬᠤ ᠡᠳ᠋ ᠵᠢᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 7.35 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.7% ᠨᠡᠮᠡᠭᠳᠡᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 6.5% ᠨᠡᠮᠡᠭᠳᠡᠪᠡ᠃ ᠡᠭᠦᠨ᠎ᠳᠤ ᠢᠳᠡᠰᠢᠨ ᠳᠠᠪᠤᠰᠤᠨ᠎ᠤ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 4.96 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.2% ᠪᠠᠭᠤᠷᠠᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 0.8% ᠪᠠᠭᠤᠷᠠᠪᠠ; ᠢᠳᠡᠰᠢᠨ ᠰᠢᠬᠢᠷ᠎ᠤᠨ ᠳᠤᠮᠳᠠᠴᠢ ᠦᠨ᠎ᠡ᠎ᠨᠢ ᠺᠢᠯᠣᠭ᠌ᠷᠠᠮ ᠪᠦᠷᠢ᠎ᠳᠡᠭᠡᠨ 9.73 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 1.1% ᠨᠡᠮᠡᠭᠳᠡᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 10.6% ᠨᠡᠮᠡᠭᠳᠡᠪᠡ; ᠤᠤᠭᠤᠬᠤ ᠤᠰᠤᠨ᠎ᠤ ᠳᠤᠮᠳᠠᠴᠢ ᠦᠨ᠎ᠡ᠎ᠨᠢ ᠯᠢᠲᠷ ᠪᠦᠷᠢ᠎ᠳᠡᠭᠡᠨ 2.47 ᠲᠥᠭᠦᠷᠢᠭ ᠪᠠᠶ᠋ᠢᠵᠤ᠂ ᠭᠠᠷᠠᠬᠠᠨ ᠬᠠᠷᠢᠴᠠᠯ᠎ᠬᠢ᠎ᠠᠴᠠ 0.8% ᠨᠡᠮᠡᠭᠳᠡᠵᠦ᠂ ᠠᠳᠠᠯᠢ ᠬᠤᠭᠤᠴᠠᠭ᠋ᠠᠨ᠎ᠤ᠎ᠬᠢ᠎ᠠᠴᠠ 1.6% ᠨᠡᠮᠡᠭᠳᠡᠪᠡ᠃ ᠠᠮᠲᠠ ᠣᠷᠣᠭᠤᠯᠬᠤ ᠡᠳ᠋ ᠪᠠ ᠤᠤᠭᠤᠬᠤ ᠤᠰᠤᠨ᠎ᠤ ᠬᠠᠩᠭ᠋ᠠᠯᠭ᠎ᠠ ᠬᠡᠷᠡᠭᠴᠡᠭᠡ ᠲᠣᠭᠲᠠᠭᠤᠨ ᠪᠠᠢ᠌ᠵᠤ᠂ ᠡᠵᠡᠩᠨᠡᠨ ᠪᠣᠷᠣᠯᠠᠭᠤᠯᠬᠤ ᠬᠤᠳᠠᠯᠳᠤᠭ᠋ᠠᠴᠢᠨ᠎ᠤ ᠪᠠᠷᠠᠭ᠋ᠠᠨ᠎ᠤ ᠢᠷᠡᠯᠲᠡ ᠭᠦᠢ᠍ᠴᠡᠳ ᠪᠠᠢ᠌ᠨ᠎ᠠ᠃ ᠵᠠᠬ᠎ᠠ ᠳᠡᠯᠭᠡᠭᠦᠷ᠎ᠤᠨ ᠬᠠᠩᠭ᠋ᠠᠯᠭ᠎ᠠ ᠬᠡᠷᠡᠭᠴᠡᠭᠡ ᠪᠠ ᠡᠵᠡᠩᠨᠡᠯᠲᠡ ᠵᠢᠨ ᠥᠪᠡᠷ᠎ᠤᠨ ᠥᠷᠲᠡᠭ᠎ᠤᠨ ᠨᠥᠯᠥᠭᠡ᠎ᠠᠴᠠ ᠪᠣᠯᠵᠤ ᠦᠨ᠎ᠡ ᠬᠠᠩᠰᠢ ᠨᠠᠰᠢ ᠴᠠᠰᠢ ᠪᠠᠭ᠎ᠠ ᠬᠡᠮᠵᠢᠶ᠎ᠡ᠎ᠪᠠᠷ ᠬᠡᠯᠪᠡᠯᠵᠡᠵᠦ᠂ ᠥᠰᠦᠯᠲᠡ ᠪᠠᠭᠤᠷᠠᠯᠲᠠ ᠵᠢᠨ ᠬᠡᠮᠵᠢᠶ᠎ᠡ᠎ᠨᠢ ᠴᠥᠮ ᠬᠡᠪ᠎ᠤᠨ ᠬᠡᠪᠴᠢᠶᠡᠨ᠎ᠳᠤ ᠪᠠᠢ᠌ᠨ᠎ᠠ᠃

  (ᠲᠣᠳᠣᠷᠬᠠᠶ᠋ᠢᠯᠠᠬᠤ᠎ᠨᠢ᠄ ᠳᠡᠭᠡᠷᠡᠬᠢ ᠦᠨ᠎ᠡ᠎ᠨᠢ ᠴᠥᠮ ᠵᠠᠬ᠎ᠠ ᠳᠡᠯᠭᠡᠭᠦᠷ᠎ᠤᠨ ᠵᠢᠵᠢᠭᠯᠡᠨ ᠬᠤᠳᠠᠯᠳᠤᠬᠤ ᠦᠨ᠎ᠡ ᠬᠠᠩᠰᠢ)

ᠢᠷᠡᠯᠲᠡ᠄ ᠦᠪᠤᠷ ᠮᠣᠩᠭᠤᠯ᠎ᠤᠨ ᠦᠪᠡᠷᠳᠡᠭᠡᠨ ᠵᠠᠰᠠᠬᠤ ᠣᠷᠣᠨ᠎ᠤ ᠬᠤᠳᠠᠯᠳᠣᠭ᠋ᠠᠨ᠎ᠤ ᠶᠠᠪᠤᠳᠡᠯ᠎ᠤᠨ ᠳᠢᠩᠬᠢᠮ
          
ᠬᠠᠮᠢᠶ᠎ᠡ ᠪᠦᠬᠦᠢ ᠰᠣᠨᠢᠨ
 
            