1 ᠳ᠋ᠦ᠍ᠭᠡᠷ ᠰᠠᠷ᠎ᠠ᠎ᠶ᠋ᠢᠨ 5 ᠤ ᠡᠳᠦᠷ᠎ᠤᠨ ᠤᠷᠤᠢ᠂ ᠹᠦ᠋ ᠯᠢᠨ ᠨᠠᠷᠢᠯᠢᠭ ᠠᠵᠦ ᠦᠢ᠍ᠯᠡᠰ (300432) ᠠᠯᠪᠠᠨ ᠵᠠᠷ ᠨᠡᠢᠲᠡᠯᠡᠵᠦ᠍᠂ ᠳᠠᠭ᠋ᠠᠯᠲᠠ ᠺᠣᠮᠫᠠᠨᠢ᠎ᠶ᠋ᠢᠨ ᠵᠢᠶᠠᠩᠰᠢ᠎ᠶ᠋ᠢᠨ ᠱᠧᠩ ᠬᠤᠸᠠ ᠱᠢᠨ᠎ᠡ ᠮᠠᠲ᠋ᠧᠷᠢᠶᠠᠯ᠎ᠤᠨ ᠬᠢᠵᠠᠭᠠᠷᠲᠤ ᠺᠣᠮᠫᠠᠨᠢ (ᠳᠣᠷᠣᠭ᠍ᠰᠢ ᠵᠢᠶᠠᠩᠰᠢ᠎ᠶ᠋ᠢᠨ ᠱᠧᠩ ᠬᠤᠸᠠ ᠭᠡᠵᠦ᠍ ᠲᠣᠪᠴᠢᠯᠠᠨ᠎ᠠ) ᠶ᠋ᠢ ᠥᠪᠥᠷ ᠮᠣᠩᠭᠤᠯ᠎ᠤᠨ ᠣᠷᠳᠣᠰ ᠬᠤᠲᠠ᠎ᠶ᠋ᠢᠨ ᠡᠵᠡᠨ ᠬᠤᠷᠤᠭ᠎ᠠ ᠬᠤᠱᠢᠭᠤᠨ᠎ᠤ ᠮᠧᠩ ᠰᠦ᠍ ᠠᠵᠤ ᠠᠬᠤᠶ᠎ᠶ᠋ᠢᠨ ᠨᠡᠭᠡᠭᠡᠯᠲᠡ᠎ᠶ᠋ᠢᠨ ᠣᠷᠣᠨ᠎ᠳᠤ ᠵᠢᠯ᠎ᠤᠨ 50 ᠲᠦᠮᠡᠨ ᠲᠣᠨ ᠳᠡᠭᠡᠳᠦ ᠲᠡᠰ᠎ᠤᠨ ᠡᠨᠧᠷᠭᠢ ᠬᠠᠳᠠᠭᠠᠯᠠᠵᠤ ᠬᠡᠷᠡᠭ᠌ᠯᠡᠬᠦ᠌ ᠹᠣᠰᠹᠣᠷ ᠬᠦᠴᠢᠯ᠎ᠤᠨ ᠲᠡᠮᠦᠷ ᠯᠢᠲ᠋ᠢ᠎ᠶ᠋ᠢᠨ ᠲᠥᠷᠥᠯ ᠵᠦᠢᠯ᠎ᠢ ᠪᠠᠢᠭᠤᠯᠵᠤ᠂ ᠵᠢᠱ᠌ᠢᠯᠲᠡ᠎ᠪᠠᠷ ᠶᠡᠷᠦᠩᠬᠡᠢ ᠪᠡᠯᠡ ᠣᠷᠣᠭᠤᠯᠤᠯᠲᠠ᠎ᠨᠢ 60 ᠳ᠋ᠦᠩᠱᠢᠭᠤᠷ ᠲᠥᠭᠦᠷᠢᠭ ᠪᠣᠯᠤᠨ᠎ᠠ᠃
ᠲᠥᠯᠥᠪᠯᠡᠭᠡ ᠶᠣᠰᠣᠭᠠᠷ᠂ ᠡᠮᠦᠨ᠎ᠡ ᠳᠤᠷᠠᠳᠤᠭ᠍ᠰᠠᠨ ᠲᠥᠷᠥᠯ ᠵᠦᠢᠯ᠎ᠢ ᠬᠤᠶᠠᠷ ᠬᠤᠭᠤᠴᠠᠭ᠎ᠠ ᠬᠤᠪᠢᠶᠠᠨ ᠪᠥᠲᠥᠭᠡᠨ ᠪᠠᠢᠭᠤᠯᠵᠤ᠂ ᠬᠤᠶᠠᠷ ᠬᠤᠭᠤᠴᠠᠭ᠎ᠠ᠎ᠶ᠋ᠢ ᠵᠡᠷᠭᠡ᠎ᠪᠠᠷ ᠬᠡᠷᠡᠭ᠌ᠵᠢᠭᠦᠯᠦᠨ᠂ ᠬᠤᠭᠤᠴᠠᠭ᠎ᠠ ᠪᠦᠷᠢ᠎ᠶ᠋ᠢᠨ ᠲᠥᠯᠥᠪᠵᠢᠭᠦᠯᠭᠡ᠎ᠶ᠋ᠢᠨ ᠦᠢᠯᠡᠳᠪᠦᠷᠢᠯᠡᠯ᠎ᠤᠨ ᠴᠢᠳᠠᠪᠤᠷᠢ᠎ᠨᠢ ᠴᠥᠮ 25 ᠲᠦᠮᠡᠨ ᠲᠣᠨ ᠱᠢᠨ᠎ᠡ ᠬᠡᠯᠪᠡᠷᠢ᠎ᠶ᠋ᠢᠨ ᠹᠣᠰᠹᠣᠷ ᠬᠦᠴᠢᠯ᠎ᠤᠨ ᠲᠡᠮᠦᠷ ᠯᠢᠲ᠋ᠢ ᠪᠤᠯᠤᠨ᠎ᠠ᠂ ᠪᠥᠲᠥᠭᠡᠨ ᠪᠠᠢᠭᠤᠯᠤᠯᠲᠠ᠎ᠶ᠋ᠢᠨ ᠦᠶᠡᠯᠡᠯ᠎ᠤᠨ ᠬᠤᠭᠤᠴᠠᠭ᠎ᠠ᠎ᠨᠢ 12 ᠰᠠᠷ᠎ᠠ ᠪᠣᠯᠤᠨ᠎ᠠ᠃
ᠵᠢᠯ᠎ᠳᠤ 50 ᠲᠦᠮᠡᠨ ᠲᠣᠨ ᠳᠡᠰ᠎ᠦᠨ ᠡᠨᠧᠷᠭᠢ ᠬᠠᠳᠠᠭᠠᠯᠠᠵᠤ ᠬᠡᠷᠡᠭ᠌ᠯᠡᠬᠦ᠌ ᠹᠣᠰᠹᠣᠷ ᠬᠦᠴᠢᠯ᠎ᠤᠨ ᠲᠡᠮᠦᠷ ᠯᠢᠲ᠋ᠢ᠎ᠶ᠋ᠢᠨ ᠲᠥᠷᠥᠯ ᠵᠦᠢᠯ᠎ᠤᠨ ᠭᠤᠣᠯ ᠢᠵᠢ ᠪᠦᠷᠢᠳᠦᠭᠦᠯᠬᠦ᠌ ᠲᠦᠭᠦᠬᠡᠶ ᠮᠠᠲ᠋ᠧᠷᠢᠶᠠᠯ᠎ᠤᠨ ᠬᠠᠩᠭᠠᠯᠭ᠎ᠠ᠎ᠶ᠋ᠢ ᠪᠠᠲᠤᠯᠠᠬᠤ᠎ᠶ᠋ᠢᠨ ᠲᠥᠯᠥᠭᠡ᠂ ᠵᠢᠶᠠᠩᠰᠢ᠎ᠶ᠋ᠢᠨ ᠱᠧᠩ ᠬᠤᠸᠠ ᠥᠪᠥᠷ ᠮᠣᠩᠭᠤᠯ᠎ᠤᠨ ᠣᠷᠳᠣᠰ ᠬᠤᠲᠠ᠎ᠶ᠋ᠢᠨ ᠦᠤᠱᠢᠨ ᠬᠤᠱᠢᠭᠤᠨ᠎ᠳᠤ 《ᠵᠢᠯ᠎ᠳᠤ 40 ᠲᠦᠮᠡᠨ ᠲᠣᠨ ᠱᠢᠨ᠎ᠡ ᠬᠡᠯᠪᠡᠷᠢ᠎ᠶ᠋ᠢᠨ ᠹᠣᠰᠹᠣᠷ ᠬᠦᠴᠢᠯ᠎ᠤᠨ ᠲᠡᠮᠦᠷ ᠯᠢᠲ᠋ᠢ᠎ᠶ᠋ᠢᠨ ᠲᠦᠷᠦᠭᠦᠴᠢ ᠴᠣᠭᠴᠠ᠎ᠶᠢᠨ ᠡᠪᠡᠰᠦᠨ ᠬᠦᠴᠢᠯ᠎ᠤᠨ ᠲᠥᠷᠥᠯ ᠵᠦᠢᠯ》 ᠵᠢᠴᠢ 《ᠵᠢᠯ᠎ᠳᠤ 60 ᠲᠦᠮᠡᠨ ᠲᠣᠨ ᠱᠢᠨ᠎ᠡ ᠬᠡᠯᠪᠡᠷᠢ᠎ᠶ᠋ᠢᠨ ᠹᠣᠰᠹᠣᠷ ᠬᠦᠴᠢᠯ᠎ᠤᠨ ᠲᠡᠮᠦᠷ ᠯᠢᠲ᠋ᠢ᠎ᠶ᠋ᠢᠨ ᠲᠦᠷᠦᠭᠦᠴᠢ ᠴᠣᠭᠴᠠ᠎ᠶᠢᠨ ᠡᠪᠡᠰᠦᠨ ᠬᠦᠴᠢᠯ᠎ᠤᠨ ᠳᠤᠲᠠᠭᠤ ᠲᠡᠮᠦᠷ᠎ᠤᠨ ᠲᠥᠷᠥᠯ ᠵᠦᠢᠯ》 ᠢ ᠱᠢᠨ᠎ᠡ᠎ᠪᠠᠷ ᠪᠠᠢᠭᠤᠯᠬᠤ᠎ᠪᠠᠷ ᠲᠥᠯᠥᠪᠯᠡᠵᠦ᠍᠂ ᠪᠠᠯᠠ ᠣᠷᠣᠭᠤᠯᠤᠯᠲᠠ᠎ᠶ᠋ᠢᠨ ᠲᠤᠭ᠎ᠠ᠎ᠨᠢ ᠲᠣᠰ ᠲᠣᠰ 12 ᠳ᠋ᠦᠩᠱᠢᠭᠤᠷ ᠲᠥᠭᠦᠷᠢᠭ᠂ 15 ᠳ᠋ᠦᠩᠱᠢᠭᠤᠷ ᠲᠥᠭᠦᠷᠢᠭ᠎ᠲᠤ ᠬᠦᠷᠴᠦ᠍᠂ ᠪᠥᠲᠥᠭᠡᠨ ᠪᠠᠢᠭᠤᠯᠬᠤ ᠦᠶᠡᠯᠡᠯ᠎ᠤᠨ ᠬᠤᠭᠤᠴᠠᠭ᠎ᠠ᠎ᠨᠢ ᠲᠣᠰ ᠲᠣᠰ 24 ᠰᠠᠷ᠎ᠠ᠂ 14 ᠰᠠᠷ᠎ᠠ ᠪᠣᠯᠤᠨ᠎ᠠ᠃ ᠡᠭᠦᠨ᠎ᠳᠤ᠂ 《ᠵᠢᠯ᠎ᠳᠤ 40 ᠲᠦᠮᠡᠨ ᠲᠣᠨ ᠱᠢᠨ᠎ᠡ ᠬᠡᠯᠪᠡᠷᠢ᠎ᠶ᠋ᠢᠨ ᠹᠣᠰᠹᠣᠷ ᠬᠦᠴᠢᠯ᠎ᠤᠨ ᠲᠡᠮᠦᠷ ᠯᠢᠲ᠋ᠢ᠎ᠶ᠋ᠢᠨ ᠲᠦᠷᠦᠭᠦᠴᠢ ᠴᠣᠭᠴᠠ᠎ᠶᠢᠨ ᠡᠪᠡᠰᠦᠨ ᠬᠦᠴᠢᠯ᠎ᠤᠨ ᠲᠥᠷᠥᠯ ᠵᠦᠢᠯ》 ᠢ ᠵᠢᠶᠠᠩᠰᠢ᠎ᠶ᠋ᠢᠨ ᠱᠧᠩ ᠬᠤᠸᠠ ᠬᠢᠭᠡᠳ ᠥᠪᠥᠷ ᠮᠣᠩᠭᠤᠯ᠎ᠤᠨ ᠵᠦᠸᠧ ᠵᠧᠩ ᠨᠡᠭᠦᠷᠡᠰᠦ ᠬᠢᠮᠢ᠎ᠶ᠋ᠢᠨ ᠠᠵᠤ ᠦᠢᠯᠡᠳᠪᠦᠷᠢ᠎ᠶ᠋ᠢᠨ ᠬᠢᠵᠠᠭᠠᠷᠲᠤ ᠺᠣᠮᠫᠠᠨᠢ 40%᠂ 60% ᠶ᠋ᠢᠨ ᠰᠲ᠋ᠣᠺ᠎ᠤᠨ ᠡᠷᠬᠡ᠎ᠶ᠋ᠢᠨ ᠬᠠᠷᠢᠴᠠᠯ᠎ᠢᠶᠠᠷ ᠪᠡᠯᠡ ᠨᠡᠢᠯᠡᠭᠦᠯᠦᠭ᠌ᠰᠡᠨ ᠺᠣᠮᠫᠠᠨᠢ ᠪᠠᠢᠭᠤᠯᠵᠤ ᠬᠠᠷᠢᠭᠤᠴᠠᠨ ᠬᠡᠷᠡᠭ᠌ᠵᠢᠭᠦᠯᠦᠨ᠎ᠡ᠃
ᠹᠦ᠋ ᠯᠢᠨ ᠨᠠᠷᠢᠯᠢᠭ ᠠᠵᠦ ᠦᠢ᠍ᠯᠡᠰ ᠢᠯᠡᠷᠬᠡᠢ᠌ᠯᠡᠬᠦ᠎ᠳᠦ᠎ᠪᠡᠨ᠂ ᠲᠣᠰ ᠤᠳᠠᠭᠠᠨ᠎ᠤ ᠪᠠᠯᠠ ᠣᠷᠣᠭᠤᠯᠤᠯᠲᠠ ᠪᠣᠯ ᠡᠨᠧᠷᠭᠢ ᠬᠠᠳᠠᠭᠠᠯᠠᠬᠤ ᠵᠠᠬ᠎ᠠ ᠳᠡᠯᠭᠡᠭᠦᠷ᠎ᠤᠨ ᠳᠡᠭᠡᠳᠦ ᠴᠢᠳᠡᠪᠬᠢᠳᠦ ᠹᠣᠰᠹᠣᠷ ᠬᠦᠴᠢᠯ᠎ᠤᠨ ᠲᠡᠮᠦᠷ ᠯᠢᠲ᠋ᠢ ᠴᠠᠬᠢᠯᠭᠠᠨ ᠴᠡᠨᠡᠭ᠎ᠤᠨ ᠨᠡᠮᠡᠭ᠌ᠳᠡᠯ᠎ᠤᠨ ᠬᠡᠷᠡᠭ᠌ᠴᠡᠭᠡ ᠱᠠᠭᠠᠷᠳᠠᠯᠭ᠎ᠠ᠎ᠳᠤ ᠰᠠᠭᠤᠷᠢᠯᠠᠨ᠂ ᠺᠣᠮᠫᠠᠨᠢ᠎ᠶ᠋ᠢᠨ ᠹᠣᠰᠹᠣᠷ ᠬᠦᠴᠢᠯ᠎ᠤᠨ ᠲᠡᠮᠦᠷ ᠯᠢᠲ᠋ᠢ᠎ᠶ᠋ᠢᠨ ᠠᠷᠭ᠎ᠠ ᠲᠦᠢᠯ᠎ᠤᠨ ᠮᠠᠲ᠋ᠧᠷᠢᠶᠠᠯ᠎ᠤᠨ ᠦᠢᠯᠡᠳᠪᠦᠷᠢᠯᠡᠯ᠎ᠤᠨ ᠴᠢᠳᠠᠪᠤᠷᠢ᠎ᠶ᠋ᠢᠨ ᠪᠠᠢᠷᠢᠱᠢᠭᠤᠯᠤᠯᠲᠠ᠎ᠶ᠋ᠢ ᠤᠯᠠᠮ ᠨᠢᠭᠡ ᠠᠯᠬᠤᠮ ᠱᠢᠯᠢᠳᠡᠭ᠌ᠵᠢᠭᠦᠯᠵᠦ᠍᠂ ᠦᠢᠯᠡᠳᠬᠦᠨ᠎ᠤ ᠵᠠᠬ᠎ᠠ ᠳᠡᠯᠭᠡᠭᠦᠷ᠎ᠤᠨ ᠬᠡᠪᠴᠢᠶ᠎ᠡ ᠪᠠ ᠦᠢᠯᠡᠳᠪᠦᠷᠢᠯᠡᠬᠦ᠌ ᠴᠢᠳᠠᠪᠤᠷᠢ᠎ᠶ᠋ᠢᠨ ᠬᠡᠪᠴᠢᠶ᠎ᠡ᠎ᠶ᠋ᠢ ᠥᠷᠭᠡᠳᠭᠡᠨ᠂ ᠠᠵᠢᠯ ᠲᠥᠷᠥᠯ᠎ᠤᠨ ᠪᠠᠢᠷᠢ ᠰᠠᠭᠤᠷᠢ᠎ᠶ᠋ᠢ ᠪᠠᠬᠢᠵᠢᠭᠦᠯᠬᠦ᠌᠎ᠳᠤ ᠠᠱᠢᠭ᠍ᠲᠠᠶ ᠶᠤᠮ ᠭᠡᠵᠡᠶ᠃
ᠱᠢᠨ᠎ᠡ ᠡᠨᠧᠷᠭᠢ᠎ᠶ᠋ᠢᠨ ᠮᠠᠱᠢᠨ ᠲᠡᠷᠭᠡ ᠵᠢᠴᠢ ᠡᠨᠧᠷᠭᠢ ᠬᠠᠳᠠᠭᠠᠯᠠᠬᠤ ᠵᠠᠬ᠎ᠠ ᠳᠡᠯᠭᠡᠭᠦᠷ᠎ᠤᠨ ᠬᠡᠷᠡᠭ᠌ᠴᠡᠭᠡ᠎ᠶ᠋ᠢᠨ ᠨᠡᠮᠡᠭ᠌ᠳᠡᠯ᠎ᠠᠴᠠ ᠠᠱᠢᠭ ᠭᠥᠷᠳᠡᠵᠦ᠍᠂ ᠹᠣᠰᠹᠣᠷ ᠬᠦᠴᠢᠯ᠎ᠤᠨ ᠲᠡᠮᠦᠷ ᠯᠢᠲ᠋ᠢ ᠴᠡᠨᠡᠭ ᠲᠡᠭᠦᠨ᠎ᠤ ᠥᠨᠳᠥᠷ ᠠᠮᠤᠷ ᠲᠦᠪᠱᠢᠨ ᠴᠢᠨᠠᠷ᠎ᠲᠤ ᠲᠦᠱᠢᠭ᠌ᠯᠡᠨ ᠨᠢᠭᠡᠨᠲᠡ ᠬᠠᠷᠢᠴᠠᠯᠠᠰᠢ ᠦᠭᠡᠢ ᠮᠠᠱᠢᠨ ᠴᠣᠭ᠍ᠴᠠᠯᠠᠪᠤᠷᠢ᠎ᠶ᠋ᠢᠨ ᠭᠤᠣᠯ ᠤᠷᠤᠰᠭᠠᠯ ᠪᠣᠯᠤᠭ᠍ᠰᠠᠨ ᠪᠠᠢᠨ᠎ᠠ᠃ ᠬᠠᠷᠢᠨ ᠳᠣᠣᠷᠠᠳᠤ ᠤᠷᠤᠰᠭᠠᠯ᠎ᠤᠨ ᠦᠶ᠋ᠯᠡᠳᠬᠦᠨ᠎ᠤ ᠴᠢᠳᠠᠪᠬᠢ᠎ᠶ᠋ᠢᠨ ᠱᠠᠭᠠᠷᠳᠠᠯᠭ᠎ᠠ᠎ᠶ᠋ᠢᠨ ᠳᠡᠭᠡᠭ᠌ᠰᠢᠯᠡᠯᠲᠡ᠎ᠶ᠋ᠢ ᠳᠠᠭᠠᠯᠳᠤᠨ᠂ ᠥᠨᠳᠥᠷ ᠬᠦᠴᠦᠳᠡᠯᠲᠦ ᠹᠣᠰᠹᠣᠷ ᠬᠦᠴᠢᠯ᠎ᠤᠨ ᠲᠡᠮᠦᠷ ᠯᠢᠲ᠋ᠢ᠎ᠪᠠᠷ ᠲᠥᠯᠥᠭᠡᠯᠡᠭᠦᠯᠦᠭ᠌ᠰᠡᠨ ᠳᠡᠭᠡᠳᠦ ᠲᠠᠰ᠎ᠤᠨ ᠦᠶ᠋ᠯᠡᠳᠬᠦᠨ᠎ᠨᠢ 《ᠬᠤᠪᠤᠷ》 ᠪᠣᠯᠵᠣ᠂ ᠵᠠᠬ᠎ᠠ ᠳᠡᠯᠭᠡᠭᠦᠷ᠎ᠤᠨ ᠬᠡᠷᠡᠭ᠌ᠴᠡᠭᠡ ᠶᠡᠭᠡ᠎ᠪᠠᠷ ᠨᠡᠮᠡᠭ᠌ᠳᠡᠪᠡ᠃
ᠵᠢᠶᠠᠩᠰᠢ᠎ᠶ᠋ᠢᠨ ᠱᠧᠩ ᠬᠤᠸᠠ ᠥᠨᠳᠥᠷ ᠬᠦᠴᠦᠳᠡᠯᠲᠦ ᠹᠣᠰᠹᠣᠷ ᠬᠦᠴᠢᠯ᠎ᠤᠨ ᠲᠡᠮᠦᠷ ᠯᠢᠲ᠋ᠢ᠎ᠶ᠋ᠢᠨ ᠦᠢᠯᠡᠳᠬᠦᠨ᠎ᠤ ᠬᠦᠷᠢᠶᠡᠨ᠎ᠳᠠᠬᠢ ᠵᠠᠬ᠎ᠠ ᠳᠡᠯᠭᠡᠭᠦᠷ᠎ᠤᠨ ᠬᠤᠪᠢ᠎ᠶ᠋ᠢᠨ ᠲᠤᠭ᠎ᠠ ᠲᠡᠷᠢᠭᠦᠯᠡᠵᠦ᠍᠂ ᠣᠳᠣᠬᠠᠨ᠎ᠳᠤ ᠲᠣᠰ ᠦᠢᠯᠡᠳᠬᠦᠨ᠎ᠤ ᠦᠢᠯᠡᠳᠪᠦᠷᠢᠯᠡᠯ᠎ᠤᠨ ᠴᠢᠳᠠᠪᠤᠷᠢ 30 ᠲᠦᠮᠡᠨ ᠲᠣᠨ ᠪᠠᠢᠵᠤ᠂ ᠨᠢᠩᠳᠧ᠎ᠶ᠋ᠢᠨ ᠴᠠᠭ ᠦᠶ᠎ᠡ ᠵᠡᠷᠭᠡ ᠲᠣᠯᠣᠭᠠᠢ᠎ᠶᠢᠨ ᠬᠡᠰᠡᠭ᠎ᠦᠨ ᠴᠡᠨᠡᠭ᠎ᠦᠨ ᠦᠢᠯᠡᠳᠪᠦᠷᠢ᠎ᠶᠢᠨ ᠬᠤᠳᠠᠯᠳᠤᠭᠠᠴᠢᠨ᠎ᠲᠠᠢ ᠨᠢᠭ᠍ᠲᠠ ᠬᠣᠯᠪᠣᠭᠳᠠᠵᠤ᠂ 2025 ᠣᠨ᠎ᠠᠴᠠ ᠨᠠᠭ᠋ᠠᠰᠢ ᠶᠡᠬᠡ ᠬᠡᠮᠵᠢᠶᠡᠨ᠎ᠦ ᠬᠤᠷᠢᠶᠠᠯᠲᠠ᠎ᠶᠢᠨ ᠬᠠᠭᠤᠳᠠᠰᠤ ᠲᠠᠰᠤᠷᠠᠯᠳᠡ ᠦᠭᠡᠢ ᠤᠯᠤᠭᠰᠠᠨ ᠪᠠᠢ᠌ᠨ᠎ᠠ᠃
2025 ᠣᠨ᠎ᠤ 6 ᠳ᠋ᠤᠭ᠋ᠠᠷ ᠰᠠᠷ᠎ᠠ᠎ᠳᠤ᠂ ᠵᠢᠶᠠᠩᠰᠢ᠎ᠶ᠋ᠢᠨ ᠱᠧᠩ ᠬᠤᠸᠠ ᠪᠣᠯᠤᠨ ᠨᠢᠩᠳᠧ᠎ᠶ᠋ᠢᠨ ᠴᠠᠭ ᠦᠶ᠎ᠡ᠎ᠠᠴᠠ ᠡᠮᠦᠨᠡᠬᠢ ᠲᠤᠬᠠᠢᠯᠠᠭ᠍ᠰᠠᠨ ᠠᠵᠢᠯ᠎ᠤᠨ ᠬᠠᠮᠲᠤᠷᠠᠯᠴᠠᠭᠠᠨ᠎ᠤ ᠬᠡᠯᠡᠯᠴᠡᠭᠡᠷ᠎ᠲᠤ ᠵᠠᠰᠠᠪᠤᠷᠢ ᠣᠷᠣᠭᠤᠯᠵᠤ᠂ ᠪᠠᠷᠠᠭ᠎ᠠ ᠬᠠᠩᠭᠠᠬᠤ ᠬᠤᠭᠤᠴᠠᠭ᠎ᠠ᠎ᠶ᠋ᠢ 2025 ᠣᠨ᠎ᠠᠴᠠ 2027 ᠣᠨ ᠪᠣᠯᠲᠠᠯ᠎ᠠ ᠤᠷᠲᠤᠳᠭᠠᠵᠤ᠂ ᠨᠢᠩᠳᠧ᠎ᠶ᠋ᠢᠨ ᠴᠠᠭ ᠦᠶ᠎ᠡ᠎ᠶᠢᠨ ᠵᠢᠯ᠎ᠦᠨ ᠬᠤᠳᠠᠯᠳᠤᠨ ᠠᠪᠬᠤ ᠬᠡᠮᠵᠢᠶ᠎ᠡ᠎ᠶᠢ ᠵᠢᠯ᠎ᠳᠦ ᠨᠠᠭᠠᠲᠤ ᠵᠠᠬ᠎ᠠ᠎ᠳᠠᠭᠠᠨ 14 ᠲᠦᠮᠡᠨ ᠲᠣᠨ ᠪᠠᠢᠭᠰᠠᠨ᠎ᠠᠴᠠ ᠨᠢ ᠵᠢᠶᠠᠩᠰᠢ᠎ᠶᠢᠨ ᠱᠧᠩ ᠬᠤᠸᠠ᠎ᠶᠢᠨ ᠠᠮᠠᠯᠠᠭᠰᠠᠨ ᠦᠢᠯᠡᠳᠪᠦᠷᠢᠯᠡᠯ᠎ᠦᠨ ᠴᠢᠳᠠᠪᠤᠷᠢ᠎ᠶᠢᠨ 80% ᠡᠴᠡ ᠳᠣᠣᠷ᠎ᠠ ᠦᠭᠡᠢ ᠪᠣᠯᠭᠠᠨ ᠬᠤᠪᠢᠷᠠᠭᠤᠯᠤᠨ᠎ᠠ᠃ 2025 ᠣᠨ᠎ᠤ 9 ᠳ᠋ᠦ᠍ᠭᠡᠷ ᠰᠠᠷ᠎ᠠ᠎ᠳᠤ᠂ ᠨᠢᠩᠳᠧ᠎ᠶ᠋ᠢᠨ ᠴᠠᠭ ᠦᠶ᠎ᠡ᠎ᠳᠤ ᠵᠢᠶᠠᠩᠰᠢ ᠮᠤᠵᠢ᠎ᠳᠤ 15 ᠳ᠋ᠦᠩᠱᠢᠭᠤᠷ ᠲᠥᠭᠦᠷᠢᠭ᠎ᠤᠨ ᠤᠷᠢᠳᠴᠢᠯᠠᠨ ᠥᠭ᠌ᠬᠦ ᠵᠣᠭᠤᠰ ᠥᠭ᠌ᠴᠦ᠂ ᠹᠣᠰᠹᠣᠷ ᠬᠦᠴᠢᠯ᠎ᠤᠨ ᠲᠡᠮᠦᠷ ᠯᠢᠲ᠋ᠢ᠎ᠶ᠋ᠢᠨ ᠬᠠᠩᠭᠠᠯᠭ᠎ᠠ᠎ᠶ᠋ᠢᠨ ᠬᠡᠮᠵᠢᠶ᠎ᠡ᠎ᠶ᠋ᠢ ᠲᠣᠭ᠍ᠲᠠᠭᠠᠬᠤ᠎ᠳᠤ ᠬᠡᠷᠡᠭ᠌ᠯᠡᠬᠦ᠌᠎ᠶ᠋ᠢᠨ ᠬᠠᠮᠲᠤ ᠵᠢᠶᠠᠩᠰᠢ᠎ᠶ᠋ᠢᠨ ᠱᠧᠩ ᠬᠤᠸᠠ ᠲᠦᠭᠦᠬᠡᠢ ᠮᠠᠲ᠋ᠧᠷᠢᠶᠠᠯ᠎ᠤᠨ ᠪᠦᠳᠦᠭᠡᠨ ᠪᠠᠢᠭᠤᠯᠤᠯᠲᠠ᠎ᠶ᠋ᠢ ᠪᠠᠢᠷᠢᠱᠢᠭᠤᠯᠬᠤ᠎ᠶ᠋ᠢ ᠳᠡᠮᠵᠢᠪᠡ᠃
ᠠᠵᠢᠯ᠎ᠤᠨ ᠬᠠᠮᠲᠤ᠎ᠶ᠋ᠢᠨ ᠠᠵᠢᠯᠯᠠᠭ᠎ᠠ᠎ᠠᠴᠠ ᠭᠠᠳᠠᠨ᠎ᠠ᠂ ᠵᠢᠶᠠᠩᠰᠢ᠎ᠶ᠋ᠢᠨ ᠱᠧᠩ ᠬᠤᠸᠠ ᠰᠲ᠋ᠣᠺ᠎ᠤᠨ ᠡᠷᠬᠡ᠎ᠶ᠋ᠢᠨ ᠲᠠᠯ᠎ᠠ᠎ᠪᠠᠷ ᠨᠢᠩᠳᠧ᠎ᠶ᠋ᠢᠨ ᠴᠠᠭ ᠦᠶ᠎ᠡ᠎ᠲᠡᠶ ᠤᠯᠠᠮ ᠨᠢᠭᠡ ᠠᠯᠬᠤᠮ ᠬᠠᠮᠲᠤ᠎ᠶ᠋ᠢᠨ ᠠᠵᠢᠯᠯᠠᠭ᠎ᠠ ᠬᠢᠵᠡᠶ᠃ 2025 ᠣᠨ᠎ᠤ᠋ 9 ᠳ᠋ᠦ᠍ᠭᠡᠷ ᠰᠠᠷ᠎ᠠ᠎ᠶᠢᠨ ᠰᠡᠭᠦᠯᠴᠢᠳ᠋ᠦ᠍ ᠨᠢᠩᠳᠧ᠎ᠶᠢᠨ ᠴᠠᠭ ᠦᠶ᠎ᠡ ᠪᠣᠯᠤᠨ ᠹᠦ᠋ ᠯᠢᠨ ᠨᠠᠷᠢᠯᠢᠭ ᠠᠵᠦ ᠦᠢ᠍ᠯᠡᠰ ᠲᠠᠢ ᠬᠠᠮᠲᠤ᠎ᠪᠠᠷ ᠵᠢᠶᠠᠩᠰᠢ᠎ᠶᠢᠨ ᠬᠥᠭ᠌ᠵᠢᠯᠲᠡ᠎ᠳ᠋ᠦ᠍ ᠪᠡᠯᠡ ᠣᠷᠣᠭᠤᠯᠵᠤ ᠰᠲ᠋ᠣᠺ᠎ᠢᠶᠠᠨ ᠥᠷᠭᠡᠳᠭᠡᠬᠦ᠌᠎ᠪᠡᠷ ᠲᠥᠯᠥᠪᠯᠡᠵᠦ᠍ ᠪᠠᠢᠨ᠎ᠠ᠃ ᠡᠭᠦᠨ᠎ᠳᠤ ᠨᠢᠩᠳᠧ᠎ᠶ᠋ᠢᠨ ᠴᠠᠭ ᠦᠶ᠎ᠡ᠎ᠳᠤ ᠨᠡᠮᠡᠭ᠌ᠳᠡᠭ᠌ᠰᠡᠨ ᠪᠡᠯᠡ ᠮᠥᠩᠭᠦ᠌ 25.63 ᠳ᠋ᠦᠩᠱᠢᠭᠤᠷ ᠲᠥᠭᠦᠷᠢᠭ᠎ᠲᠤ ᠬᠦᠷᠴᠦ᠍᠂ ᠠᠷᠠᠯᠵᠢᠶ᠎ᠠ ᠳᠠᠭᠤᠰᠤᠭ᠍ᠰᠠᠨ᠎ᠤ ᠳᠠᠷᠠᠭ᠎ᠠ ᠵᠢᠶᠠᠩᠰᠢ᠎ᠶ᠋ᠢᠨ ᠱᠧᠩ ᠬᠤᠸᠠ 51% ᠶ᠋ᠢᠨ ᠰᠲ᠋ᠣᠺ᠎ᠤᠨ ᠡᠷᠬᠡ᠎ᠲᠠᠢ ᠪᠣᠯᠵᠤ᠂ ᠬᠤᠢᠨᠠᠬᠢ᠎ᠨᠢ ᠱᠢᠨ᠎ᠡ᠎ᠪᠠᠷ ᠬᠤᠪᠢ ᠡᠵᠡᠮᠳᠡᠭ᠌ᠰᠡᠨ ᠬᠤᠪᠢ ᠣᠷᠣᠭᠤᠯᠤᠭ᠍ᠴᠢ ᠪᠣᠯᠤᠨ᠎ᠠ᠃ ᠣᠳᠣᠬᠠᠨ᠎ᠳᠤ᠂ ᠬᠤᠯᠪᠣᠭ᠍ᠳᠠᠯ ᠪᠥᠬᠦᠶ ᠪᠦᠬᠦᠨ᠎ᠢ ᠲᠣᠬᠢᠷᠠᠭᠤᠯᠬᠤ᠂ ᠬᠢᠨᠠᠨ ᠪᠤᠳᠤᠬᠤ ᠵᠢᠴᠢ ᠦᠨᠡᠯᠡᠨ ᠵᠢᠱ᠌ᠢᠬᠦ᠌ ᠠᠵᠢᠯ᠎ᠢ ᠶᠠᠭ ᠡᠮᠬᠢ ᠵᠢᠷᠤᠮ᠎ᠲᠠᠢ ᠠᠬᠢᠭᠤᠯᠵᠤ ᠪᠠᠢᠨ᠎ᠠ᠃

ᠺᠤᠳ᠋᠎ᠢ ᠱᠢᠷᠪᠢᠵᠦ᠍ ᠭᠠᠷ ᠤᠲᠠᠰᠤᠨ ᠳᠡᠭᠡᠷ᠎ᠡ ᠣᠳᠣᠬᠢ ᠨᠢᠭᠤᠷ᠎ᠢ ᠪᠠᠢᠴᠠᠭᠠᠨ ᠦᠵᠡᠭᠡᠷᠡᠢ