ᠲᠥᠷᠥ ᠶᠢᠨ ᠶᠠᠪᠤᠳᠠᠯ ᠤᠨ ᠬᠤᠷᠢᠶᠠᠨ ᠤ ᠬᠤᠯᠪᠤᠭᠠᠯᠠᠨ ᠰᠡᠷᠭᠡᠶᠢᠯᠡᠵᠦ ᠬᠤᠯᠪᠤᠭᠠᠯᠠᠨ ᠡᠵᠡᠮᠳᠡᠬᠦ ᠲᠣᠭᠲᠠᠴᠠ ᠠᠴᠠ | 12 ᠳ᠋ᠤᠭᠠᠷ ᠰᠠᠷ᠎ᠠ ᠶᠢᠨ 13 ᠤ ᠡᠳᠦᠷ ᠰᠣᠨᠢᠨ ᠮᠡᠳᠡᠭᠡ ᠨᠡᠶᠢᠲᠡᠯᠡᠬᠦ ᠬᠤᠷᠠᠯ ᠬᠤᠷᠠᠯᠳᠤᠭᠤᠯᠵᠤ᠂ ᠭᠤᠣᠯᠳᠠᠯᠭ᠎ᠠ ᠲᠠᠢ | ᠬᠥᠮᠥᠰ ᠤᠨ ᠡᠷᠡᠭᠦᠯ ᠮᠡᠨᠳᠦ ᠶᠢᠨ ᠬᠠᠮᠢᠶᠠᠷᠤᠯᠲᠠ ᠶᠢᠨ ᠬᠤᠯᠪᠣᠭᠳᠠᠯ ᠪᠦᠬᠦᠢ ᠪᠠᠶᠢᠳᠠᠯ ᠢ ᠲᠠᠨᠢᠯᠴᠠᠭᠤᠯᠪᠠ᠃ ᠪᠢᠳᠡ | ᠬᠠᠮᠲᠤ ᠪᠠᠷ ᠣᠶᠢᠯᠠᠭᠠᠵᠠᠭᠠᠶ᠎ᠠ — — | ᠵᠢᠷᠮᠦᠰᠦᠨ ᠬᠥᠩᠭᠡᠵᠢᠭᠰᠡᠨ ᠡᠬᠡᠴᠦᠳ | ᠵᠢᠷᠮᠦᠰᠦᠨ ᠬᠥᠩᠭᠡᠵᠢᠭᠰᠡᠨ ᠡᠬᠡᠴᠦᠳ ᠬᠢᠵᠢᠭ ᠲᠤ ᠬᠠᠯᠳᠠᠪᠤᠷᠢᠯᠠᠭᠳᠠᠪᠠᠯ ᠶᠠᠮᠠᠷ ᠡᠪᠡᠳᠴᠢᠨ ᠤ ᠢᠯᠡᠷᠡᠯ ᠲᠠᠢ ᠪᠣᠢ | ︖ | ᠤᠯᠤᠰ ᠤᠨ ᠳᠣᠲᠣᠭᠠᠳᠤ ᠳᠠᠬᠢ ᠪᠦᠬᠦ ᠤᠯᠤᠰ ᠤᠨ ᠬᠥᠩᠭᠡᠵᠢᠯᠲᠡ ᠶᠢᠨ ᠰᠠᠯᠠᠭᠠᠨ ᠤ ᠶᠠᠰᠤ ᠴᠢᠨᠠᠷ ᠢ ᠡᠵᠡᠮᠳᠡᠬᠦ | ᠲᠤᠰᠬᠠᠢ ᠮᠡᠷᠭᠡᠵᠢᠯᠲᠡᠨ ᠤ ᠳᠤᠭᠤᠶᠢᠯᠠᠩ ᠤᠨ ᠬᠤᠷᠢᠶᠠᠩᠭᠤᠶᠢᠯᠠᠭᠰᠠᠨ ᠤᠯᠤᠰ ᠤᠨ ᠳᠣᠲᠣᠭᠠᠳᠤ ᠶᠢᠨ ᠪᠠᠶᠢᠳᠠᠯ ᠪᠠ | ᠣᠯᠠᠨ ᠤᠯᠤᠰ ᠤᠨ ᠮᠡᠳᠡᠭᠡᠯᠡᠯ ᠠᠴᠠ ᠦᠵᠡᠪᠡᠯ᠂ ᠵᠢᠷᠮᠦᠰᠦᠨ ᠬᠥᠩᠭᠡᠵᠢᠭᠰᠡᠨ ᠡᠬᠡᠴᠦᠳ ᠰᠢᠨ᠎ᠡ ᠲᠢᠲᠢᠮᠯᠢᠭ | ᠸᠢᠷᠦ᠋ᠰ ᠲᠤ ᠬᠠᠯᠳᠠᠪᠤᠷᠢᠯᠠᠭᠳᠠᠭᠰᠠᠨ ᠤ ᠳᠠᠷᠠᠭ᠎ᠠ ᠶᠡᠷᠦᠩᠬᠡᠢ ᠳᠤ ᠪᠠᠨ ᠡᠪᠡᠳᠴᠢᠯᠡᠬᠦ ᠨᠤᠷᠮ᠎ᠠ ᠪᠠ ᠡᠪᠡᠳᠴᠢᠨ ᠤ | ᠪᠠᠶᠢᠳᠠᠯ᠂ ᠡᠪᠡᠳᠴᠢᠨ ᠤ ᠶᠠᠪᠤᠴᠠ ᠶᠢᠨ ᠪᠠᠶᠢᠳᠠᠯ ᠨᠢ ᠪᠦᠷ ᠡᠩ ᠤᠨ ᠬᠥᠮᠥᠰ ᠲᠠᠢ ᠨᠡᠯᠢᠶᠡᠳ ᠣᠶᠢᠷᠠᠯᠴᠠᠭ᠎ᠠ | ᠪᠠᠶᠢᠳᠠᠭ᠃ ᠡᠪᠡᠳᠴᠢᠨ ᠤ ᠢᠯᠡᠷᠡᠯ ᠨᠢ ᠭᠤᠣᠯᠳᠠᠭᠤ ᠠᠮᠢᠰᠬᠤᠯ ᠤᠨ ᠳᠡᠭᠡᠳᠦ ᠵᠠᠮ ᠤᠨ ᠬᠠᠯᠳᠠᠪᠤᠷᠢᠯᠠᠯ ᠪᠣᠯᠣᠨ᠎ᠠ᠂ | ᠵᠢᠱᠢᠶᠡᠯᠡᠪᠡᠯ ᠬᠠᠨᠢᠶᠠᠯᠭᠠᠬᠤ᠂ ᠬᠤᠭᠤᠯᠠᠢ ᠡᠪᠡᠳᠬᠦ᠂ ᠨᠠᠶᠢᠲᠠᠭᠠᠬᠤ᠂ ᠬᠠᠮᠠᠷ ᠪᠢᠲᠡᠭᠦᠷᠡᠬᠦ᠂ ᠨᠢᠰᠤ ᠭᠤᠭᠤᠵᠢᠬᠤ᠂ | ᠪᠦᠬᠦ ᠪᠡᠶ᠎ᠡ ᠱᠠᠷᠬᠢᠷᠠᠨ ᠡᠪᠡᠳᠬᠦ᠂ ᠬᠠᠯᠠᠭᠤᠷᠠᠬᠤ ᠵᠡᠷᠭᠡ ᠢᠯᠡᠷᠡᠯ ᠲᠠᠢ᠂ ᠬᠦᠨᠳᠦ ᠡᠪᠡᠳᠴᠢᠨ ᠤ ᠰᠢᠨᠵᠢ ᠲᠡᠮᠳᠡᠭ | ᠲᠤᠩ ᠴᠥᠭᠡᠨ ᠪᠠᠶᠢᠳᠠᠭ᠂ ᠡᠶᠢᠮᠦ ᠠᠴᠠ ᠠᠶᠤᠨ ᠰᠠᠨᠳᠤᠷᠤᠭᠰᠠᠨ ᠤ ᠬᠡᠷᠡᠭ ᠦᠭᠡᠢ᠂ ᠡᠪᠡᠳᠴᠢᠨ ᠤ ᠶᠠᠪᠤᠴᠠ ᠨᠢ | ᠴᠦ ᠦᠨᠳᠦᠰᠦᠨ ᠳᠤ ᠪᠠᠨ 5 ᠠᠴᠠ 7 ᠡᠳᠦᠷ ᠪᠣᠯᠣᠨ᠎ᠠ᠃ ᠣᠳᠣᠬᠠᠨ ᠤ ᠪᠠᠶᠢᠳᠠᠯ ᠠᠴᠠ ᠦᠵᠡᠪᠡᠯ᠂ ᠡᠮᠦᠨᠡᠲᠦ | ᠣᠷᠣᠨ ᠪᠠ ᠤᠮᠠᠷᠠᠲᠤ ᠣᠷᠣᠨ ᠤ ᠣᠨᠳᠣᠣᠰᠢᠭᠰᠠᠨ ᠸᠢᠷᠦ᠋ᠰ ᠤᠨ ᠰᠠᠭᠤᠷᠢ ᠨᠢ ᠵᠢᠭᠠᠬᠠᠨ ᠠᠳᠠᠯᠢ ᠦᠭᠡᠢ ᠪᠠᠶᠢᠵᠤ᠂ | ᠤᠮᠠᠷᠠᠲᠤ ᠣᠷᠣᠨ ᠳᠤ ᠵᠢᠭᠠᠬᠠᠨ ᠬᠠᠭᠤᠷᠠᠢ᠂ ᠠᠭᠤᠷ ᠠᠮᠢᠰᠬᠤᠯ ᠨᠡᠯᠢᠶᠡᠳ ᠬᠦᠢᠲᠡᠨ᠂ ᠡᠪᠡᠳᠴᠢᠨ ᠤ ᠪᠠᠶᠢᠳᠠᠯ ᠨᠢ | ᠬᠠᠷᠢᠴᠠᠩᠭᠤᠢ ᠬᠦᠨᠳᠦ᠂ ᠭᠡᠪᠡᠴᠦ ᠡᠪᠡᠳᠴᠢᠨ ᠤ ᠶᠠᠪᠤᠴᠠ ᠨᠢ ᠦᠨᠳᠦᠰᠦᠨ ᠳᠤ ᠪᠠᠨ 5 ᠠᠴᠠ 7 ᠡᠳᠦᠷ ᠪᠠᠶᠢᠳᠠᠭ᠂ | ᠣᠨᠴᠠ ᠵᠠᠷᠢᠮ ᠬᠦᠨᠳᠦ ᠡᠪᠡᠳᠴᠢᠲᠡᠨ ᠨᠢ ᠭᠤᠣᠯᠳᠠᠭᠤ ᠲᠡᠭᠦᠨ ᠤ ᠰᠠᠭᠤᠷᠢ ᠡᠪᠡᠳᠴᠢᠨ ᠲᠠᠢ ᠬᠤᠯᠪᠣᠭ᠎ᠠ ᠲᠠᠢ | ᠪᠠᠶᠢᠳᠠᠭ᠂ ᠵᠢᠱᠢᠶᠡᠯᠡᠪᠡᠯ ᠤᠤᠯ ᠳᠤ ᠪᠠᠨ ᠡᠯᠢᠭᠡ ᠪᠥᠭᠡᠷᠡᠨ ᠤ ᠠᠵᠢᠯᠯᠠᠭ᠎ᠠ ᠮᠠᠭᠤᠲᠠᠢ᠂ ᠴᠢᠰᠤᠨ ᠳᠠᠷᠤᠯᠲᠠ ᠥᠨᠳᠥᠷ᠂ | ᠰᠢᠬᠢᠷ ᠰᠢᠵᠢᠩ ᠡᠪᠡᠳᠴᠢᠨ ᠲᠠᠢ ᠪᠠᠶᠢᠪᠠᠯ᠂ ᠡᠳᠡᠭᠡᠷ ᠬᠥᠮᠥᠰ ᠴᠠᠭ ᠲᠤᠬᠠᠢ ᠳᠤ ᠨᠢ ᠡᠮᠨᠡᠭᠦᠯᠬᠦ ᠬᠡᠷᠡᠭᠲᠡᠢ᠃ | | ᠵᠢᠷᠮᠦᠰᠦᠨ ᠬᠥᠩᠭᠡᠵᠢᠭᠰᠡᠨ ᠡᠬᠡᠴᠦᠳ ᠬᠢᠵᠢᠭ ᠲᠤ ᠬᠠᠯᠳᠠᠪᠤᠷᠢᠯᠠᠭᠳᠠᠪᠠᠯ ᠬᠡᠪᠡᠯᠢ ᠳᠠᠬᠢ ᠬᠡᠦᠬᠡᠳ ᠢ | ᠨᠥᠯᠥᠭᠡᠯᠡᠨ᠎ᠡ ᠤᠤ︖ | ᠵᠢᠷᠮᠦᠰᠦᠨ ᠬᠥᠩᠭᠡᠵᠢᠭᠰᠡᠨ ᠡᠬᠡᠴᠦᠳ ᠰᠢᠨ᠎ᠡ ᠲᠢᠲᠢᠮᠯᠢᠭ ᠸᠢᠷᠦ᠋ᠰ ᠲᠤ ᠨᠡᠷᠪᠡᠭᠳᠡᠭᠰᠡᠨ ᠤ ᠳᠠᠷᠠᠭ᠎ᠠ ᠬᠡᠪᠡᠯᠢ ᠳᠠᠬᠢ | ᠬᠡᠦᠬᠡᠳ ᠲᠤ ᠬᠠᠯᠳᠠᠪᠤᠷᠢᠯᠠᠬᠤ ᠦᠭᠡᠢ᠂ ᠤᠴᠢᠷ ᠨᠢ ᠡᠬᠡ ᠶᠢᠨ ᠪᠡᠶ᠎ᠡ ᠳᠤ ᠢᠬᠡᠰ ᠭᠡᠬᠦ ᠮᠠᠰᠢ ᠰᠠᠶᠢᠨ | ᠬᠠᠮᠠᠭᠠᠯᠠᠯᠲᠠ ᠶᠢᠨ ᠬᠠᠯᠬᠠᠪᠴᠢ ᠪᠠᠶᠢᠳᠠᠭ ᠠᠴᠠ ᠬᠡᠪᠡᠯᠢ ᠳᠠᠬᠢ ᠬᠡᠦᠬᠡᠳ ᠲᠤ ᠪᠠᠷᠤᠭ ᠬᠠᠯᠳᠠᠪᠤᠷᠢᠯᠠᠬᠤ ᠦᠭᠡᠢ ᠶᠤᠮ᠃ | ᠭᠡᠪᠡᠴᠦ ᠬᠥᠩᠭᠡᠵᠢᠭᠰᠡᠨ ᠤ ᠳᠠᠷᠠᠭ᠎ᠠ ᠡᠵᠢ ᠨᠢ ᠬᠡᠦᠬᠡᠳ ᠲᠠᠢ ᠪᠠᠨ ᠬᠠᠮᠲᠤ ᠪᠠᠶᠢᠪᠠᠯ ᠲᠤᠰᠠᠭᠠᠷᠯᠠᠬᠤ ᠶᠢ ᠠᠩᠬᠠᠷᠬᠤ | ᠬᠡᠷᠡᠭᠲᠡᠢ᠂ ᠡᠵᠢ ᠨᠢ ᠣᠷᠣᠨ ᠵᠠᠢ ᠶᠢᠨ ᠲᠠᠯ᠎ᠠ ᠪᠠᠷ ᠨᠢᠷᠠᠢ ᠬᠡᠦᠬᠡᠳ ᠠᠴᠠ ᠪᠠᠨ ᠵᠣᠬᠢᠬᠤ ᠬᠡᠮᠵᠢᠶ᠎ᠡ ᠪᠠᠷ ᠲᠤᠰᠠᠭᠠᠷᠯᠠᠬᠤ | ᠪᠤᠶᠤ N95 ᠠᠮᠠᠪᠴᠢ ᠵᠡᠭᠦᠪᠡᠯ ᠡᠬᠡ ᠶᠢᠨ ᠰᠦ ᠪᠠᠨ ᠬᠥᠬᠦᠭᠦᠯᠵᠦ ᠪᠣᠯᠣᠨ᠎ᠠ᠃ | ᠵᠢᠷᠮᠦᠰᠦᠨ ᠬᠥᠩᠭᠡᠵᠢᠭᠰᠡᠨ ᠡᠬᠡᠴᠦᠳ ᠬᠠᠯᠠᠭᠤᠷᠠᠬᠤ ᠪᠤᠶᠤ ᠬᠠᠭᠤᠷᠠᠢ ᠪᠠᠷ ᠬᠠᠨᠢᠶᠠᠯᠭᠠᠬᠤ ᠡᠪᠡᠳᠴᠢᠨ ᠤ | ᠢᠯᠡᠷᠡᠯ ᠭᠠᠷᠪᠠᠯ ᠶᠠᠭᠠᠬᠢᠪᠠᠯ ᠵᠣᠬᠢᠬᠤ ᠪᠣᠢ︖ | ᠵᠢᠷᠮᠦᠰᠦᠨ ᠬᠥᠩᠭᠡᠵᠢᠭᠰᠡᠨ ᠡᠬᠡᠴᠦᠳ ᠬᠠᠯᠠᠭᠤᠷᠠᠬᠤ᠂ ᠬᠠᠭᠤᠷᠠᠢ ᠪᠠᠷ ᠬᠠᠨᠢᠶᠠᠯᠭᠠᠬᠤ ᠵᠡᠷᠭᠡ ᠠᠮᠢᠰᠬᠤᠯ ᠤᠨ | ᠵᠠᠮ ᠤᠨ ᠡᠪᠡᠳᠴᠢᠨ ᠤ ᠢᠯᠡᠷᠡᠯ ᠭᠠᠷᠬᠤ ᠦᠶ᠎ᠡ ᠳᠤ᠂ ᠪᠥᠭᠡᠮ ᠬᠦᠴᠢᠯ ᠤᠨ ᠪᠠᠶᠢᠴᠠᠭᠠᠯᠲᠠ ᠪᠤᠶᠤ ᠥᠳᠥᠭᠡᠭᠴᠢ ᠶᠢᠨ | ᠪᠠᠶᠢᠴᠠᠭᠠᠯᠲᠠ ᠬᠢᠵᠦ᠂ ᠰᠢᠨ᠎ᠡ ᠲᠢᠲᠢᠮᠯᠢᠭ ᠸᠢᠷᠦ᠋ᠰ ᠤᠨ ᠬᠠᠯᠳᠠᠪᠤᠷᠢᠯᠠᠯ ᠮᠥᠨ ᠡᠰᠡᠬᠦ ᠶᠢ ᠲᠣᠳᠣᠯᠠᠵᠤ ᠪᠣᠯᠣᠨ᠎ᠠ᠂ | ᠡᠶᠢᠮᠦ ᠠᠴᠠ ᠭᠡᠷ ᠲᠤ ᠪᠠᠨ ᠥᠳᠥᠭᠡᠭᠴᠢ ᠶᠢᠨ ᠪᠠᠶᠢᠴᠠᠭᠠᠯᠲᠠ ᠬᠢᠪᠡᠯ ᠨᠡᠩ ᠲᠥᠬᠦᠮ ᠪᠠᠶᠢᠳᠠᠭ᠂ ᠭᠡᠪᠡᠴᠦ ᠰᠢᠨ᠎ᠡ | ᠲᠢᠲᠢᠮᠯᠢᠭ ᠸᠢᠷᠦ᠋ᠰ ᠤᠨ ᠬᠠᠯᠳᠠᠪᠤᠷᠢᠯᠠᠯ ᠮᠥᠨ ᠡᠰᠡᠬᠦ ᠬᠠᠮᠢᠶ᠎ᠠ ᠦᠭᠡᠢ ᠡᠪᠡᠳᠴᠢᠨ ᠤ ᠪᠠᠶᠢᠳᠠᠯ ᠳᠤ ᠨᠢ | ᠲᠠᠭᠠᠷᠠᠭᠤᠯᠤᠨ ᠠᠷᠭ᠎ᠠ ᠬᠡᠮᠵᠢᠶ᠎ᠡ ᠠᠪᠬᠤ ᠳᠤ ᠪᠠᠨ ᠢᠯᠡᠭᠦᠬᠡᠨ ᠤᠰᠤ ᠤᠤᠭᠤᠯᠭᠠᠬᠤ᠂ ᠹᠢᠽᠢᠺ ᠤᠨ ᠠᠷᠭ᠎ᠠ ᠪᠠᠷ | ᠬᠠᠯᠠᠭᠤᠨ ᠢ ᠨᠢ ᠪᠠᠭᠤᠷᠠᠭᠤᠯᠬᠤ ᠪᠠ ᠵᠢᠷᠮᠦᠰᠦᠨ ᠬᠥᠩᠭᠡᠵᠢᠭᠰᠡᠨ ᠡᠬᠡᠴᠦᠳ ᠤᠨ ᠬᠡᠷᠡᠭᠯᠡᠵᠦ ᠪᠣᠯᠬᠤ ᠬᠢᠲᠠᠳ ᠡᠮ ᠢ | ᠰᠣᠩᠭᠤᠵᠤ ᠡᠪᠡᠳᠴᠢᠨ ᠤ ᠢᠯᠡᠷᠡᠯ ᠳᠤ ᠨᠢ ᠲᠠᠭᠠᠷᠠᠭᠤᠯᠵᠤ ᠡᠮᠨᠡᠨ ᠵᠠᠰᠠᠵᠤ ᠪᠣᠯᠣᠨ᠎ᠠ᠃ | ᠬᠡᠷᠪᠡ ᠬᠠᠯᠠᠭᠤᠨ ᠢ ᠪᠠᠭᠤᠷᠠᠭᠤᠯᠬᠤ ᠡᠸᠦ᠋ᠷᠦᠫᠡ ᠡᠮ ᠢ ᠬᠡᠷᠡᠭᠯᠡᠬᠦ ᠳᠤ᠂ 38.5 ᠭᠷᠡᠳᠦ᠋ᠰ ᠠᠴᠠ ᠳᠡᠭᠡᠭᠰᠢ | ᠪᠠᠶᠢᠪᠠᠯ ᠫᠠᠷᠠᠽᠧᠲ᠋ᠠᠮᠣᠯ ᠢ ᠰᠣᠩᠭᠤᠨ ᠬᠡᠷᠡᠭᠯᠡᠵᠦ ᠪᠣᠯᠣᠨ᠎ᠠ᠂ ᠡᠨᠡ ᠨᠢ ᠵᠢᠷᠮᠦᠰᠦᠨ ᠬᠥᠩᠭᠡᠵᠢᠭᠰᠡᠨ ᠡᠬᠡᠴᠦᠳ ᠲᠤ | ᠬᠠᠷᠢᠴᠠᠩᠭᠤᠢ ᠠᠶᠤᠯ ᠦᠭᠡᠢ ᠪᠠᠶᠢᠳᠠᠭ᠂ ᠣᠨᠴᠠᠭᠠᠶᠢᠯᠠᠨ ᠠᠩᠬᠠᠷᠤᠭᠤᠰᠢᠲᠠᠢ ᠵᠦᠢᠯ ᠭᠡᠪᠡᠯ᠂ ᠬᠠᠯᠠᠭᠤᠨ ᠢ ᠨᠢ | ᠪᠠᠭᠤᠷᠠᠭᠤᠯᠬᠤ ᠡᠮ ᠢ ᠬᠡᠷᠡᠭᠯᠡᠬᠦ ᠳᠤ ᠪᠠᠨ ᠨᠢᠭᠡ ᠯᠡ ᠵᠦᠢᠯ ᠤᠨ ᠡᠮ ᠢ ᠬᠡᠷᠡᠭᠯᠡᠬᠦ ᠠᠴᠠ ᠪᠢᠰᠢ᠂ ᠳᠠᠪᠬᠤᠷᠳᠠᠭᠤᠯᠤᠨ | ᠬᠡᠷᠡᠭᠯᠡᠵᠦ ᠪᠣᠯᠬᠤ ᠦᠭᠡᠢ᠂ ᠡᠨᠡ ᠨᠢ ᠡᠯᠢᠭᠡ ᠪᠥᠭᠡᠷᠡᠨ ᠤ ᠭᠡᠮᠲᠦᠯ ᠢ ᠬᠠᠷᠢᠴᠠᠩᠭᠤᠢ ᠪᠠᠷ ᠪᠠᠭᠠᠰᠬᠠᠵᠤ ᠪᠣᠯᠣᠨ᠎ᠠ᠃ | ᠣᠨᠴᠠᠭᠠᠶᠢᠯᠠᠨ ᠵᠢᠷᠮᠦᠰᠦᠨ ᠬᠥᠩᠭᠡᠵᠢᠭᠰᠡᠨ ᠡᠬᠡᠴᠦᠳ ᠲᠤ ᠠᠪᠴᠤ ᠬᠡᠯᠡᠪᠡᠯ᠂ ᠭᠤᠷᠪᠠᠨ ᠲᠠᠯ᠎ᠠ ᠶᠢᠨ ᠬᠢᠨᠠᠨ | ᠰᠢᠨᠵᠢᠯᠡᠯᠲᠡ ᠶᠢ ᠠᠩᠬᠠᠷᠬᠤ ᠬᠡᠷᠡᠭᠲᠡᠢ᠂ ᠡᠨᠡ ᠭᠤᠷᠪᠠᠨ ᠲᠠᠯ᠎ᠠ ᠶᠢᠨ ᠬᠢᠨᠠᠨ ᠰᠢᠨᠵᠢᠯᠡᠯᠲᠡ ᠨᠢ ᠳᠠᠷᠤᠢ ᠪᠡᠶ᠎ᠡ ᠶᠢᠨ | ᠳᠤᠯᠠᠭᠠᠨ᠂ ᠵᠢᠷᠦᠬᠡᠨ ᠤ ᠴᠣᠬᠢᠯᠭ᠎ᠠ ᠪᠠ ᠴᠢᠰᠤᠨ ᠳᠠᠷᠤᠯᠲᠠ ᠪᠣᠯᠣᠨ᠎ᠠ᠃ ᠡᠶᠢᠮᠦ ᠠᠴᠠ ᠵᠢᠷᠮᠦᠰᠦᠨ ᠬᠥᠩᠭᠡᠵᠢᠭᠰᠡᠨ | ᠡᠬᠡᠴᠦᠳ ᠡᠷᠬᠡᠪᠰᠢ ᠪᠡᠶ᠎ᠡ ᠶᠢᠨ ᠳᠤᠯᠠᠭᠠᠨ ᠤ ᠬᠡᠮᠵᠢᠭᠦᠷ᠂ ᠵᠢᠷᠦᠬᠡᠨ ᠤ ᠴᠣᠬᠢᠯᠭ᠎ᠠ ᠪᠠ ᠴᠢᠰᠤᠨ ᠳᠠᠷᠤᠯᠲᠠ ᠶᠢ ᠬᠢᠨᠠᠨ | ᠰᠢᠨᠵᠢᠯᠡᠬᠦ ᠪᠠᠭᠠᠵᠢ ᠪᠡᠯᠡᠳᠬᠡᠬᠦ ᠬᠡᠷᠡᠭᠲᠡᠢ᠃ ᠪᠠᠰᠠ ᠥᠪᠡᠷ ᠤᠨ ᠦᠨᠳᠦᠰᠦᠨ ᠴᠢᠰᠤᠨ ᠳᠠᠷᠤᠯᠲᠠ ᠶᠢᠨ ᠪᠠᠶᠢᠴᠠᠭᠠᠯᠲᠠ | ᠬᠢᠬᠦ ᠬᠡᠷᠡᠭᠲᠡᠢ᠂ ᠢᠩᠭᠢᠪᠡᠯ ᠴᠢᠰᠤᠨ ᠳᠠᠷᠤᠯᠲᠠ ᠨᠢ ᠬᠡᠪ ᠤᠨ ᠪᠤᠰᠤ ᠪᠠᠶᠢᠳᠠᠯ ᠢᠯᠡᠷᠡᠪᠡᠯ ᠨᠡᠯᠢᠶᠡᠳ ᠡᠷᠲᠡ ᠰᠡᠷᠡᠵᠦ | ᠮᠡᠳᠡᠵᠦ ᠪᠣᠯᠣᠨ᠎ᠠ᠃ | ᠣᠨᠴᠠᠭᠠᠶᠢᠯᠠᠨ ᠠᠩᠬᠠᠷᠤᠭᠤᠰᠢᠲᠠᠢ ᠵᠦᠢᠯ ᠭᠡᠪᠡᠯ᠂ ᠵᠢᠷᠮᠦᠰᠦᠨ ᠤ ᠰᠡᠭᠦᠯᠴᠢ ᠶᠢᠨ ᠬᠤᠭᠤᠴᠠᠭᠠᠨ ᠤ ᠵᠢᠷᠮᠦᠰᠦᠨ | ᠬᠥᠩᠭᠡᠵᠢᠭᠰᠡᠨ ᠡᠬᠡᠴᠦᠳ ᠪᠠᠰᠠ ᠬᠡᠦᠬᠡᠢ ᠶᠢᠨ ᠬᠥᠳᠡᠯᠦᠯ ᠤᠨ ᠬᠢᠨᠠᠨ ᠰᠢᠨᠵᠢᠯᠡᠯᠲᠡ ᠶᠢ ᠠᠩᠬᠠᠷᠴᠤ᠂ ᠵᠢᠷᠮᠦᠰᠦᠨ ᠤ | ᠰᠡᠭᠦᠯᠴᠢ ᠶᠢᠨ ᠬᠤᠭᠤᠴᠠᠭᠠᠨ ᠤ ᠬᠡᠦᠬᠡᠢ ᠶᠢᠨ ᠬᠥᠳᠡᠯᠦᠯ ᠢ ᠡᠳᠦᠷ ᠪᠦᠷᠢ ᠨᠢᠭᠡ ᠴᠠᠭ ᠬᠢᠨᠠᠨ ᠰᠢᠨᠵᠢᠯᠡᠵᠦ᠂ ᠴᠠᠭ | ᠪᠦᠷᠢ ᠭᠤᠷᠪᠠ ᠠᠴᠠ ᠳᠡᠭᠡᠭᠰᠢ ᠤᠳᠠᠭᠠᠨ ᠤ ᠬᠡᠦᠬᠡᠢ ᠶᠢᠨ ᠬᠥᠳᠡᠯᠦᠯ ᠲᠠᠢ ᠪᠠᠶᠢᠬᠤ ᠬᠡᠷᠡᠭᠲᠡᠢ᠃ ᠬᠡᠷᠪᠡ | ᠦᠷᠭᠦᠯᠵᠢᠯᠡᠨ 3 ᠡᠳᠦᠷ ᠠᠴᠠ ᠳᠡᠭᠡᠭᠰᠢ ᠬᠠᠯᠠᠭᠤᠷᠠᠬᠤ ᠡᠪᠡᠳᠴᠢᠨ ᠤ ᠢᠯᠡᠷᠡᠯ ᠲᠠᠢ ᠪᠥᠭᠡᠳ ᠬᠠᠯᠠᠭᠤᠨ ᠢ | ᠪᠠᠭᠤᠷᠠᠭᠤᠯᠬᠤ ᠡᠮ ᠬᠡᠷᠡᠭᠯᠡᠭᠡᠳ ᠨᠠᠮᠳᠠᠬᠤ ᠦᠭᠡᠢ ᠪᠤᠶᠤ ᠬᠡᠦᠬᠡᠢ ᠶᠢᠨ ᠬᠥᠳᠡᠯᠦᠯ ᠦᠭᠡᠢ᠂ ᠴᠡᠭᠡᠵᠢ ᠡᠪᠡᠳᠬᠦ᠂ | ᠴᠡᠭᠡᠵᠢ ᠪᠠᠭᠲᠠᠷᠠᠬᠤ᠂ ᠭᠡᠳᠡᠰᠦ ᠡᠪᠡᠳᠬᠦ ᠵᠡᠷᠭᠡ ᠪᠠᠶᠢᠳᠠᠯ ᠢᠯᠡᠷᠡᠪᠡᠯ᠂ ᠴᠠᠭ ᠲᠤᠬᠠᠢ ᠳᠤ ᠨᠢ ᠡᠬᠡ ᠪᠠᠷᠢᠬᠤ | ᠪᠠᠶᠢᠭᠤᠯᠤᠮᠵᠢ ᠲᠠᠢ ᠬᠠᠷᠢᠯᠴᠠᠵᠤ᠂ ᠴᠠᠭ ᠲᠤᠬᠠᠢ ᠳᠤ ᠨᠢ ᠡᠮᠴᠢᠯᠡᠭᠦᠯᠬᠦ ᠬᠡᠷᠡᠭᠲᠡᠢ᠃ | ᠵᠢᠷᠮᠦᠰᠦᠨ ᠬᠥᠩᠭᠡᠵᠢᠭᠰᠡᠨ ᠡᠬᠡᠴᠦᠳ ᠤᠨ ᠳᠡᠷᠭᠡᠳᠡ ᠬᠡᠷᠪᠡ ᠬᠠᠯᠳᠠᠪᠤᠷᠢᠯᠠᠭᠰᠠᠳ ᠪᠤᠶᠤ ᠨᠢᠭᠲᠠ | ᠣᠶᠢᠷᠠᠲᠤᠭᠰᠠᠳ ᠭᠠᠷᠪᠠᠯ ᠶᠠᠭᠠᠬᠢᠬᠤ ᠪᠤᠢ︖ | ᠵᠢᠷᠮᠦᠰᠦᠨ ᠬᠥᠩᠭᠡᠵᠢᠭᠰᠡᠨ ᠡᠬᠡᠴᠦᠳ ᠤᠨ ᠳᠡᠷᠭᠡᠳᠡ ᠬᠡᠷᠪᠡ ᠬᠠᠯᠳᠠᠪᠤᠷᠢᠯᠠᠭᠰᠠᠳ ᠭᠠᠷᠪᠠᠯ᠂ ᠠᠶᠤᠵᠤ | ᠰᠠᠨᠳᠤᠷᠤᠭᠰᠠᠨ ᠤ ᠬᠡᠷᠡᠭ ᠦᠭᠡᠢ᠃ ᠬᠡᠷᠪᠡ ᠭᠡᠷ ᠤᠨ ᠬᠥᠮᠥᠰ ᠨᠢ ᠬᠠᠯᠳᠠᠪᠤᠷᠢᠯᠠᠭᠳᠠᠭᠰᠠᠨ ᠪᠠᠶᠢᠪᠠᠯ᠂ ᠭᠤᠣᠯᠳᠠᠭᠤ | ᠭᠡᠷ ᠪᠦᠯᠢ ᠶᠢᠨ ᠨᠥᠬᠦᠴᠡᠯ ᠠᠴᠠ ᠪᠠᠨ ᠡᠭᠦᠰᠦᠨ᠂ ᠠᠯᠢ ᠴᠢᠳᠠᠬᠤ ᠪᠠᠷ ᠣᠷᠣᠨ ᠵᠠᠢ ᠶᠢᠨ ᠲᠠᠯ᠎ᠠ ᠪᠠᠷ ᠬᠠᠷᠢᠴᠠᠩᠭᠤᠢ | ᠲᠤᠰᠠᠭᠠᠷᠯᠠᠵᠤ᠂ ᠬᠠᠮᠲᠤ ᠬᠤᠭᠤᠯᠠᠯᠠᠬᠤ ᠦᠭᠡᠢ᠂ ᠠᠮᠢᠳᠤᠷᠠᠯ ᠤᠨ ᠡᠳ᠋ ᠪᠣᠳᠠᠰ ᠢᠶᠠᠨ ᠠᠯᠢ ᠴᠢᠳᠠᠬᠤ ᠪᠠᠷ ᠰᠠᠯᠭᠠᠵᠤ᠂ | ᠡᠷᠡᠭᠦᠯ ᠬᠠᠮᠠᠭᠠᠯᠠᠯ ᠤᠨ ᠦᠷᠦᠭᠡ ᠪᠠᠨ ᠠᠷᠢᠭᠤᠳᠬᠠᠨ ᠴᠡᠪᠡᠷᠯᠡᠵᠦ᠂ ᠶᠡᠷᠦ ᠶᠢᠨ ᠦᠶ᠎ᠡ ᠳᠤ ᠠᠮᠢᠳᠤᠷᠠᠬᠤ | ᠣᠷᠴᠢᠨ ᠳᠤ ᠪᠠᠨ ᠠᠯᠢ ᠴᠢᠳᠠᠬᠤ ᠪᠠᠷ ᠠᠭᠠᠷ ᠰᠠᠯᠬᠢ ᠨᠡᠪᠲᠡᠷᠡᠭᠦᠯᠬᠦ ᠶᠢ ᠠᠩᠬᠠᠷᠬᠤ ᠬᠡᠷᠡᠭᠲᠡᠢ᠃ | ᠬᠡᠷᠪᠡ ᠬᠠᠮᠲᠤ ᠠᠵᠢᠯᠯᠠᠭᠰᠠᠳ ᠲᠤ ᠨᠢ ᠠᠷᠭ᠎ᠠ ᠴᠢᠨᠠᠷ ᠢᠯᠡᠷᠡᠪᠡᠯ᠂ ᠭᠡᠷ ᠲᠤ ᠪᠠᠨ ᠠᠵᠢᠯᠯᠠᠬᠤ ᠪᠣᠯᠣᠮᠵᠢ | ᠪᠠᠶᠢᠪᠠᠯ ᠬᠠᠮᠤᠭ ᠤᠨ ᠰᠠᠶᠢᠨ᠂ ᠬᠡᠷᠪᠡ ᠠᠵᠢᠯ ᠤᠨ ᠬᠡᠷᠡᠭᠴᠡᠭᠡ ᠠᠴᠠ ᠪᠣᠯᠵᠤ ᠵᠠᠪᠠᠯ ᠬᠠᠮᠲᠤ ᠶᠢᠨ ᠣᠷᠣᠨ ᠵᠠᠢ ᠳᠤ | ᠠᠵᠢᠯᠯᠠᠬᠤ ᠱᠠᠭᠠᠷᠳᠠᠯᠭ᠎ᠠ ᠲᠠᠢ ᠪᠣᠯ᠂ ᠮᠥᠨ ᠴᠦ ᠠᠵᠢᠯᠯᠠᠬᠤ ᠣᠷᠴᠢᠨ ᠤ ᠪᠠᠨ ᠠᠭᠠᠷ ᠰᠠᠯᠬᠢ ᠨᠡᠪᠲᠡᠷᠡᠭᠦᠯᠬᠦ ᠶᠢ | ᠣᠨᠴᠠᠭᠠᠶᠢᠯᠠᠨ ᠠᠩᠬᠠᠷᠬᠤ ᠬᠡᠷᠡᠭᠲᠡᠢ᠃ ᠡᠭᠦᠨ ᠠᠴᠠ ᠭᠠᠳᠠᠨ᠎ᠠ ᠡᠷᠬᠡᠪᠰᠢ N95 ᠠᠮᠠᠪᠴᠢ ᠵᠡᠭᠦᠬᠦ ᠬᠡᠷᠡᠭᠲᠡᠢ᠂ | ᠡᠨᠡ ᠨᠢ ᠮᠠᠰᠢ ᠴᠢᠬᠤᠯᠠ ᠪᠠᠶᠢᠳᠠᠭ᠃ ᠦᠨᠡᠨ ᠳᠤ ᠪᠠᠨ ᠵ᠊ ᠵᠷᠮᠦᠰᠦᠨ ᠬᠥᠩᠭᠡᠵᠢᠭᠰᠡᠨ ᠡᠬᠡᠴᠦᠳ ᠲᠤ ᠠᠪᠴᠤ ᠬᠡᠯᠡᠪᠡᠯ | ᠤᠷᠢᠳᠴᠢᠯᠠᠨ ᠰᠡᠷᠭᠡᠶᠢᠯᠡᠬᠦ ᠨᠢ ᠬᠠᠮᠤᠭ ᠠᠴᠠ ᠴᠢᠬᠤᠯᠠ ᠶᠤᠮ᠃ | ᠬᠡᠦᠬᠡᠳ | ᠬᠡᠦᠬᠡᠳ ᠲᠠᠢ ᠭᠡᠷ ᠪᠦᠯᠢ ᠶᠢᠨ ᠬᠢᠨ ᠶᠠᠮᠠᠷ ᠡᠮ ᠨᠥᠭᠡᠴᠡᠯᠡᠵᠦ ᠪᠣᠯᠬᠤ ᠪᠤᠢ︖ | ᠬᠡᠦᠬᠡᠳ ᠲᠠᠢ ᠭᠡᠷ ᠪᠦᠯᠢ ᠶᠢᠨ ᠬᠢᠨ ᠬᠡᠦᠬᠡᠳ ᠤᠨ ᠦᠷᠭᠦᠯᠵᠢ ᠬᠡᠷᠡᠭᠯᠡᠳᠡᠭ ᠪᠠᠴᠢᠮ ᠡᠪᠡᠳᠴᠢᠨ ᠢ ᠠᠷᠭᠠᠴᠠᠭᠠᠬᠤ | ᠡᠮ ᠢ ᠵᠣᠬᠢᠬᠤ ᠬᠡᠮᠵᠢᠶ᠎ᠡ ᠪᠠᠷ ᠨᠥᠭᠡᠴᠡᠯᠡᠪᠡᠯ ᠵᠣᠬᠢᠨ᠎ᠠ᠂ ᠭᠡᠬᠦ ᠳᠤ ᠪᠠᠨ ᠣᠯᠠᠨ ᠵᠦᠢᠯ ᠤᠨ ᠡᠮ ᠨᠥᠭᠡᠴᠡᠯᠡᠬᠦ | ᠱᠠᠭᠠᠷᠳᠠᠯᠭ᠎ᠠ ᠦᠭᠡᠢ᠂ ᠣᠯᠠᠨ ᠵᠦᠢᠯ ᠤᠨ ᠡᠮ ᠨᠥᠭᠡᠴᠡᠯᠡᠭᠰᠡᠨ ᠴᠦ ᠵᠣᠬᠢᠰ ᠦᠭᠡᠢ ᠬᠠᠳᠠᠭᠠᠯᠠᠭᠰᠠᠨ ᠠᠴᠠ ᠪᠣᠯᠵᠤ | ᠬᠡᠦᠬᠡᠳ ᠪᠤᠷᠤᠭᠤ ᠡᠮ ᠢ ᠠᠳᠡᠭᠦᠷᠡᠨ ᠬᠡᠷᠡᠭᠯᠡᠵᠦ ᠮᠡᠳᠡᠨ᠎ᠡ᠃ | ᠨᠥᠭᠡᠴᠡᠯᠡᠬᠦ ᠴᠢᠬᠤᠯᠠᠲᠠᠢ ᠡᠮ ᠠᠴᠠ ᠲᠠᠨᠢᠯᠴᠠᠭᠤᠯᠪᠠᠯ᠂ ᠨᠢᠭᠡᠳᠦᠭᠡᠷ ᠲᠥᠷᠥᠯ ᠨᠢ ᠬᠠᠯᠠᠭᠤᠨ ᠢ ᠪᠠᠭᠤᠷᠠᠭᠤᠯᠬᠤ | ᠡᠮ᠂ ᠬᠡᠦᠬᠡᠳ ᠬᠠᠯᠠᠭᠤᠷᠠᠬᠤ ᠨᠢ ᠦᠷᠭᠦᠯᠵᠢ ᠲᠣᠬᠢᠶᠠᠯᠳᠤᠳᠠᠭ ᠶᠠᠪᠤᠳᠠᠯ ᠪᠠᠶᠢᠵᠤ᠂ 6 ᠰᠠᠷ᠎ᠠ ᠠᠴᠠ ᠳᠡᠭᠡᠭᠰᠢᠬᠢ | ᠬᠡᠦᠬᠡᠳ ᠲᠤ ᠪᠢᠳᠡ ᠢᠪᠦ᠋ᠫᠷᠣᠹᠧᠨ᠂ ᠫᠠᠷᠠᠽᠧᠲ᠋ᠠᠮᠣᠯ ᠢ ᠰᠣᠩᠭᠤᠵᠤ ᠪᠣᠯᠣᠨ᠎ᠠ᠂ ᠡᠭᠦᠨ ᠤ ᠳᠣᠲᠣᠷ᠎ᠠ ᠠᠴᠠ ᠨᠢᠭᠡ | ᠵᠦᠢᠯ ᠨᠢ ᠪᠠᠶᠢᠪᠠᠯ ᠪᠣᠯᠴᠢᠬᠠᠨ᠎ᠠ᠃ 2 ᠰᠠᠷ᠎ᠠ ᠠᠴᠠ 6 ᠰᠠᠷ᠎ᠠ ᠲᠠᠢ ᠬᠡᠦᠬᠡᠳ ᠲᠤ ᠢᠪᠦ᠋ᠫᠷᠣᠹᠧᠨ ᠢ ᠬᠡᠷᠡᠭᠯᠡᠬᠦ ᠳᠤ | ᠲᠣᠬᠢᠷᠠᠮᠵᠢ ᠦᠭᠡᠢ ᠤᠴᠢᠷ ᠠᠴᠠ ᠫᠠᠷᠠᠽᠧᠲ᠋ᠠᠮᠣᠯ ᠢ ᠰᠣᠩᠭᠤᠵᠤ ᠪᠣᠯᠣᠨ᠎ᠠ᠃ ᠬᠤᠶᠠᠷ ᠰᠠᠷ᠎ᠠ ᠠᠴᠠ ᠪᠠᠭ᠎ᠠ ᠨᠢᠷᠠᠢ | ᠬᠡᠦᠬᠡᠳ ᠲᠤ ᠬᠠᠯᠠᠭᠤᠨ ᠢ ᠪᠠᠭᠤᠷᠠᠭᠤᠯᠬᠤ ᠡᠩ ᠤᠨ ᠡᠮ ᠬᠡᠷᠡᠭᠯᠡᠬᠦ ᠶᠢ ᠵᠥᠪᠯᠡᠬᠦ ᠦᠭᠡᠢ᠂ ᠹᠢᠽᠢᠺ ᠤᠨ ᠠᠷᠭ᠎ᠠ ᠪᠠᠷ | ᠬᠠᠯᠠᠭᠤᠨ ᠢ ᠨᠢ ᠪᠠᠭᠤᠷᠠᠭᠤᠯᠬᠤ ᠵᠡᠷᠭᠡ ᠠᠷᠭ᠎ᠠ ᠬᠡᠮᠵᠢᠶ᠎ᠡ ᠠᠪᠬᠤ ᠶᠢᠨ ᠬᠠᠮᠲᠤ ᠴᠠᠭ ᠲᠤᠬᠠᠢ ᠳᠤ ᠨᠢ ᠡᠮᠴᠢᠯᠡᠭᠦᠯᠬᠦ | ᠬᠡᠷᠡᠭᠲᠡᠢ᠃ | ᠪᠠᠰᠠ ᠬᠠᠯᠠᠭᠤᠷᠠᠬᠤ᠂ ᠬᠠᠨᠢᠶᠠᠯᠭᠠᠬᠤ ᠮᠡᠲᠦ ᠶᠢᠨ ᠠᠮᠢᠰᠬᠤᠯ ᠤᠨ ᠵᠠᠮ ᠤᠨ ᠬᠠᠯᠳᠠᠪᠤᠷᠢᠯᠠᠯ ᠤᠨ ᠪᠠᠶᠢᠳᠠᠯ ᠢ | ᠰᠡᠷᠭᠡᠶᠢᠯᠡᠬᠦ ᠳᠤ ᠪᠢᠳᠡ ᠬᠠᠯᠠᠭᠤᠨ ᠢ ᠲᠠᠭᠤᠵᠤ ᠴᠡᠷ ᠢ ᠠᠷᠢᠯᠭᠠᠬᠤ ᠡᠮ ᠨᠥᠭᠡᠴᠡᠯᠡᠵᠦ ᠪᠣᠯᠣᠨ᠎ᠠ᠃ ᠬᠠᠨᠢᠶᠠᠯᠭᠠᠬᠤ ᠨᠢ | ᠠᠮᠢᠰᠬᠤᠯ ᠤᠨ ᠵᠠᠮ ᠤᠨ ᠰᠢᠭᠦᠷᠡᠳᠡᠰᠦ ᠶᠢ ᠭᠠᠳᠠᠭᠰᠢᠯᠠᠭᠤᠯᠬᠤ ᠳᠤ ᠲᠤᠰᠠᠲᠠᠢ ᠪᠠᠶᠢᠵᠤ᠂ ᠬᠡᠦᠬᠡᠳ ᠬᠡᠷᠪᠡ ᠬᠥᠩᠭᠡᠨ | ᠬᠠᠨᠢᠶᠠᠯᠭᠠᠵᠤ ᠪᠠᠶᠢᠪᠠᠯ ᠡᠮ ᠬᠡᠷᠡᠭᠯᠡᠬᠦ ᠶᠢ ᠵᠥᠪᠯᠡᠬᠦ ᠦᠭᠡᠢ᠂ ᠬᠡᠷᠪᠡ ᠬᠠᠮᠠᠷ ᠨᠢ ᠪᠢᠲᠡᠭᠦᠷᠡᠵᠦ᠂ ᠰᠢᠷᠦᠭᠦᠨ | ᠬᠠᠨᠢᠶᠠᠯᠭᠠᠪᠠᠯ ᠤᠲᠤᠯᠭ᠎ᠠ ᠬᠢᠵᠦ᠂ ᠬᠠᠮᠠᠷ ᠢ ᠨᠢ ᠤᠬᠢᠶᠠᠵᠤ ᠪᠣᠯᠣᠨ᠎ᠠ᠃ ᠡᠶᠢᠮᠦ ᠠᠴᠠ ᠭᠡᠷ ᠲᠤ ᠪᠠᠨ ᠴᠢᠭᠢᠭᠲᠦᠴᠡ | ᠨᠡᠮᠡᠭᠳᠡᠭᠦᠯᠦᠭᠴᠢ ᠬᠡᠷᠡᠭᠯᠡᠨ ᠠᠭᠠᠷ ᠤᠨ ᠴᠢᠭᠢᠭᠲᠦᠴᠡ ᠶᠢ ᠨᠡᠮᠡᠭᠳᠡᠭᠦᠯᠵᠦ ᠪᠣᠯᠣᠨ᠎ᠠ᠂ ᠢᠩᠭᠢᠪᠡᠯ ᠬᠡᠦᠬᠡᠳ ᠲᠤ ᠢᠯᠡᠭᠦᠦ | ᠲᠠᠭᠠᠯᠠᠮᠵᠢ ᠲᠠᠢ ᠪᠣᠯᠬᠤ ᠪᠣᠯᠣᠨ᠎ᠠ᠃ | ᠰᠢᠷᠦᠭᠦᠨ ᠬᠠᠨᠢᠶᠠᠯᠭᠠᠪᠠᠯ ᠪᠢᠳᠡ ᠬᠠᠯᠠᠭᠤᠨ ᠢ ᠲᠠᠭᠤᠵᠤ ᠴᠡᠷ ᠢ ᠠᠷᠢᠯᠭᠠᠬᠤ ᠬᠢᠲᠠᠳ ᠪᠡᠯᠡᠨ ᠡᠮ ᠪᠡᠯᠡᠳᠬᠡᠵᠦ | ᠪᠣᠯᠣᠨ᠎ᠠ᠂ ᠡᠭᠦᠨ ᠳᠤ ᠬᠡᠦᠬᠡᠳ ᠤᠨ ᠨᠠᠰᠤ ᠶᠢ ᠦᠨᠳᠦᠰᠦᠯᠡᠨ᠂ ᠨᠠᠰᠤᠨ ᠳᠤ ᠨᠢ ᠲᠣᠬᠢᠷᠠᠬᠤ ᠡᠮ ᠬᠡᠷᠡᠭᠯᠡᠪᠡᠯ | ᠪᠣᠯᠴᠢᠬᠠᠨ᠎ᠠ᠃ ᠭᠡᠪᠡᠴᠦ ᠬᠤᠶᠠᠷ ᠪᠤᠶᠤ ᠲᠡᠭᠦᠨ ᠠᠴᠠ ᠳᠡᠭᠡᠭᠰᠢ ᠣᠯᠠᠨ ᠵᠦᠢᠯ ᠤᠨ ᠡᠮ ᠢ ᠬᠠᠮᠲᠤ ᠳᠤ ᠨᠢ ᠬᠡᠷᠡᠭᠯᠡᠬᠦ | ᠦᠭᠡᠢ ᠪᠠᠶᠢᠬᠤ ᠶᠢ ᠰᠠᠨᠠᠭᠤᠯᠵᠤ ᠪᠠᠶᠢᠨ᠎ᠠ᠃ | ᠬᠡᠦᠬᠡᠳ ᠲᠤ ᠡᠮ ᠬᠡᠷᠡᠭᠯᠡᠬᠦ ᠳᠤ ᠶᠠᠮᠠᠷ ᠶᠠᠮᠠᠷ ᠠᠩᠬᠠᠷᠬᠤ ᠵᠦᠢᠯ ᠪᠠᠶᠢᠬᠤ ᠪᠣᠢ︖ | ᠬᠡᠦᠬᠡᠳ ᠲᠤ ᠡᠮ ᠬᠡᠷᠡᠭᠯᠡᠬᠦ ᠳᠤ ᠪᠠᠰᠠ ᠠᠩᠬᠠᠷᠬᠤ ᠵᠦᠢᠯ ᠪᠠᠶᠢᠳᠠᠭ᠂ ᠵᠢᠱᠢᠶᠡᠯᠡᠪᠡᠯ ᠬᠠᠯᠠᠭᠤᠨ ᠢ | ᠪᠠᠭᠤᠷᠠᠭᠤᠯᠬᠤ ᠡᠮ ᠶᠢ ᠬᠡᠷᠡᠭᠯᠡᠬᠦ ᠳᠤ ᠪᠠᠨ᠂ ᠬᠤᠶᠠᠷ ᠵᠦᠢᠯ ᠤᠨ ᠡᠮ ᠢ ᠬᠠᠮᠲᠤ ᠳᠤ ᠨᠢ ᠤᠤᠭᠤᠯᠭᠠᠵᠤ ᠪᠣᠯᠬᠤ | ᠦᠭᠡᠢ᠂ ᠪᠠᠰᠠ ᠡᠭᠡᠯᠵᠢᠯᠡᠨ ᠤᠤᠭᠤᠬᠤ ᠴᠢᠬᠤᠯᠠ ᠦᠭᠡᠢ᠃ ᠲᠣᠳᠣᠷᠬᠠᠶᠢᠯᠠᠯᠲᠠ ᠶᠢᠨ ᠪᠢᠴᠢᠭ ᠲᠤ ᠨᠢ ᠵᠢᠭᠠᠭᠰᠠᠨ | ᠲᠣᠬᠢᠷᠠᠬᠤ ᠨᠠᠰᠤᠨ ᠤ ᠠᠩᠭᠢᠯᠠᠯ ᠰᠠᠨᠠᠭᠤᠯᠵᠤ ᠪᠠᠶᠢᠭ᠎ᠠ ᠲᠤᠩ ᠬᠡᠮᠵᠢᠶ᠎ᠡ ᠪᠤᠶᠤ ᠡᠮᠴᠢ ᠶᠢᠨ ᠵᠢᠭᠠᠪᠤᠷᠢ ᠪᠠᠷ ᠡᠮ | ᠬᠡᠷᠡᠭᠯᠡᠬᠦ ᠶᠢᠨ ᠬᠠᠮᠲᠤ ᠤᠳᠠᠭ᠎ᠠ ᠪᠦᠷᠢ ᠶᠢᠨ ᠬᠤᠭᠤᠷᠣᠨᠳᠤᠬᠢ ᠠᠯᠤᠰᠯᠠᠬᠤ ᠴᠠᠭ ᠢ ᠠᠩᠬᠠᠷᠬᠤ ᠬᠡᠷᠡᠭᠲᠡᠢ᠃ | ᠭᠡᠷ ᠤᠨ ᠠᠬᠠᠮᠠᠳ ᠥᠪᠡᠷ ᠤᠨ ᠲᠤᠷᠰᠢᠯᠭ᠎ᠠ ᠪᠤᠶᠤ ᠲᠠᠭᠠᠮᠠᠭᠯᠠᠯ ᠢᠶᠠᠷ ᠢᠶᠠᠨ ᠬᠡᠦᠬᠡᠳ ᠲᠤ ᠪᠠᠨ ᠡᠮ ᠬᠡᠷᠡᠭᠯᠡᠵᠦ | ᠪᠣᠯᠬᠤ ᠦᠭᠡᠢ᠂ ᠤᠴᠢᠷ ᠨᠢ ᠬᠡᠦᠬᠡᠳ ᠤᠨ ᠡᠷᠬᠡᠲᠡᠨ ᠤ ᠪᠤᠶᠢᠵᠢᠯᠲᠠ ᠨᠢ ᠲᠡᠳᠦᠢ ᠪᠣᠯᠪᠠᠰᠤᠷᠠᠩᠭᠤᠢ ᠪᠢᠰᠢ ᠪᠣᠯᠬᠤᠷ | ᠡᠮ ᠬᠡᠷᠡᠭᠯᠡᠬᠦ ᠳᠤ ᠪᠠᠨ ᠨᠡᠩ ᠳᠦᠷᠢᠮᠵᠢᠭᠦᠨ ᠪᠥᠭᠡᠳ ᠪᠣᠯᠭᠤᠮᠵᠢᠲᠠᠢ ᠪᠠᠶᠢᠬᠤ ᠬᠡᠷᠡᠭᠲᠡᠢ᠃ ᠣᠳᠣ ᠮᠠᠰᠢ ᠣᠯᠠᠨ | ᠡᠮᠨᠡᠯᠭᠡ ᠶᠢᠨ ᠬᠤᠷᠢᠶ᠎ᠠ ᠨᠢ ᠪᠦᠷ ᠢᠨᠲ᠋ᠧᠷ ᠰᠦᠯᠵᠢᠶᠡᠨ ᠤ ᠡᠮᠴᠢᠯᠡᠭᠡ ᠶᠢ ᠨᠡᠪᠲᠡᠷᠡᠭᠦᠯᠪᠡ᠂ ᠥᠪᠡᠷ ᠢᠶᠠᠨ ᠰᠢᠢᠳᠴᠦ | ᠴᠢᠳᠠᠬᠤ ᠦᠭᠡᠢ ᠦᠶ᠎ᠡ ᠳᠤ᠂ ᠪᠢᠳᠡ ᠪᠠᠰᠠ ᠠᠯᠤᠰ ᠵᠠᠢ ᠠᠴᠠ ᠡᠮᠴᠢᠯᠡᠭᠦᠯᠬᠦ ᠪᠠᠷ ᠳᠠᠮᠵᠢᠨ ᠲᠤᠰᠬᠠᠢ ᠮᠡᠷᠭᠡᠵᠢᠯᠲᠡᠨ ᠤ | ᠡᠮ ᠬᠡᠷᠡᠭᠯᠡᠬᠦ ᠵᠢᠯᠣᠭᠤᠳᠤᠯᠭ᠎ᠠ ᠰᠠᠨᠠᠭᠤᠯᠭ᠎ᠠ ᠶᠢ ᠠᠪᠴᠤ ᠪᠣᠯᠣᠨ᠎ᠠ᠃ | | ᠬᠡᠦᠬᠡᠳ ᠰᠢᠨ᠎ᠡ ᠲᠢᠲᠢᠮᠯᠢᠭ ᠸᠢᠷᠦ᠋ᠰ ᠲᠤ ᠬᠠᠯᠳᠠᠪᠤᠷᠢᠯᠠᠭᠳᠠᠭᠰᠠᠨ ᠤ ᠳᠠᠷᠠᠭ᠎ᠠ ᠶᠠᠮᠠᠷ ᠢᠯᠡᠷᠡᠯ ᠲᠠᠢ ᠪᠣᠢ︖ | ᠬᠡᠦᠬᠡᠳ ᠤᠨ ᠰᠢᠨ᠎ᠡ ᠲᠢᠲᠢᠮᠯᠢᠭ ᠸᠢᠷᠦ᠋ᠰ ᠲᠤ ᠬᠠᠯᠳᠠᠪᠤᠷᠢᠯᠠᠭᠳᠠᠭᠰᠠᠨ ᠤ ᠳᠠᠷᠠᠭᠠᠬᠢ ᠢᠯᠡᠷᠡᠯ ᠨᠢ ᠲᠣᠮᠣ | ᠬᠥᠮᠥᠨ ᠤ ᠬᠢ ᠲᠠᠢ ᠠᠳᠠᠯᠢᠪᠲᠤᠷ ᠪᠠᠶᠢᠵᠤ᠂ ᠮᠥᠨ ᠴᠦ ᠭᠤᠣᠯᠳᠠᠭᠤ ᠠᠮᠢᠰᠬᠤᠯ ᠤᠨ ᠳᠡᠭᠡᠳᠦ ᠵᠠᠮ ᠤᠨ | ᠬᠠᠯᠳᠠᠪᠤᠷᠢᠯᠠᠯ ᠤᠨ ᠢᠯᠡᠷᠡᠯ ᠪᠣᠯᠣᠨ᠎ᠠ᠃ ᠡᠭᠦᠨ ᠳᠤ ᠬᠠᠯᠠᠭᠤᠷᠠᠬᠤ᠂ ᠬᠠᠨᠢᠶᠠᠯᠭᠠᠬᠤ᠂ ᠨᠢᠰᠤ ᠭᠤᠭᠤᠵᠢᠬᠤ᠂ ᠬᠠᠮᠠᠷ | ᠪᠢᠲᠡᠭᠦᠷᠡᠬᠦ ᠵᠡᠷᠭᠡ ᠢᠯᠡᠷᠡᠯ ᠭᠠᠷᠴᠤ᠂ ᠡᠨᠡ ᠨᠢ ᠣᠯᠠᠩᠬᠢ ᠬᠡᠦᠬᠡᠳ ᠤᠨ ᠢᠯᠡᠷᠡᠯ ᠪᠣᠯᠣᠨ᠎ᠠ᠃ ᠪᠠᠰᠠ ᠨᠢᠭᠡ | ᠪᠦᠯᠦᠭ ᠨᠢ ᠲᠠᠮᠢᠷᠳᠠᠬᠤ᠂ ᠬᠤᠭᠤᠯᠠᠨ ᠤ ᠳᠤᠷᠠᠰᠢᠯ ᠮᠠᠭᠤᠳᠠᠬᠤ᠂ ᠪᠥᠭᠡᠯᠵᠢᠬᠦ᠂ ᠴᠢᠨᠠᠭᠰᠢᠯᠠᠪᠠᠯ ᠰᠠᠭᠤᠯᠭᠠᠬᠤ ᠵᠡᠷᠭᠡ | ᠨᠡᠶᠢᠲᠡᠯᠢᠭ ᠪᠤᠰᠤ ᠡᠪᠡᠳᠴᠢᠨ ᠤ ᠢᠯᠡᠷᠡᠯ ᠲᠠᠢ ᠪᠠᠶᠢᠳᠠᠭ᠃ ᠪᠠᠰᠠ ᠵᠠᠷᠢᠮ ᠬᠡᠦᠬᠡᠳ ᠤᠨ ᠠᠮᠢᠰᠬᠤᠭ᠎ᠠ ᠨᠢ | ᠳᠠᠪᠬᠤᠴᠠᠵᠤ᠂ ᠳᠠᠭᠤ ᠨᠢ ᠰᠥᠭᠡᠩᠭᠢ ᠪᠣᠯᠬᠤ ᠵᠡᠷᠭᠡ ᠪᠠᠶᠢᠳᠠᠯ ᠢᠯᠡᠷᠡᠨ᠎ᠡ᠃ ᠭᠡᠪᠡᠴᠦ ᠬᠡᠦᠬᠡᠳ ᠤᠳ ᠤᠨ | ᠬᠠᠯᠠᠭᠤᠷᠠᠬᠤ ᠬᠡᠮᠵᠢᠶᠡᠨ ᠤ ᠵᠥᠷᠢᠶ᠎ᠡ ᠨᠢ ᠨᠡᠯᠢᠶᠡᠳ ᠶᠡᠭᠡ ᠪᠠᠶᠢᠵᠤ᠂ ᠵᠠᠷᠢᠮ ᠬᠡᠦᠬᠡᠳ ᠨᠢ ᠨᠡᠯᠢᠶᠡᠳ ᠥᠨᠳᠥᠷ | ᠬᠠᠯᠠᠭᠤᠷᠠᠵᠤ᠂ ᠴᠢᠨᠠᠭᠰᠢᠯᠠᠪᠠᠯ 39 ᠭᠷᠡᠳᠦ᠋ᠰ ᠢ ᠳᠠᠪᠠᠨ᠂ 40 ᠭᠷᠡᠳᠦ᠋ᠰ ᠴᠦ ᠬᠦᠷᠴᠦ ᠮᠠᠭᠠᠳ᠂ ᠭᠡᠪᠡᠴᠦ | ᠲᠡᠳᠡᠨ ᠤ ᠬᠠᠯᠠᠭᠤᠷᠠᠬᠤ ᠬᠤᠭᠤᠴᠠᠭ᠎ᠠ ᠨᠢ ᠶᠡᠷᠦ ᠳᠤ ᠪᠠᠨ 2 ᠠᠴᠠ 3 ᠡᠳᠦᠷ ᠪᠠᠶᠢᠳᠠᠭ᠃ ᠪᠢᠳᠡᠨ ᠤ ᠣᠳᠣᠬᠠᠨ ᠤ | ᠠᠵᠢᠭᠯᠠᠯᠲᠠ ᠪᠠᠷ 2 ᠠᠴᠠ 3 ᠡᠳᠦᠷ ᠲᠤ ᠣᠯᠠᠩᠬᠢ ᠬᠡᠦᠬᠡᠳ ᠤᠨ ᠬᠠᠯᠠᠭᠤᠨ ᠨᠢ ᠪᠠᠭᠤᠷᠠᠴᠢᠬᠠᠳᠠᠭ᠃ ᠡᠶᠢᠮᠦ ᠠᠴᠠ | ᠡᠪᠡᠳᠴᠢᠯᠡᠯᠲᠡ ᠶᠢᠨ ᠶᠠᠪᠤᠴᠠ ᠨᠢ 3 ᠠᠴᠠ 5 ᠡᠳᠦᠷ ᠣᠷᠴᠢᠮ ᠪᠠᠶᠢᠳᠠᠭ᠂ ᠡᠨᠡ ᠨᠢ ᠣᠯᠠᠩᠬᠢ ᠬᠡᠦᠬᠡᠳ ᠤᠨ | ᠢᠯᠡᠷᠡᠯ ᠪᠠᠶᠢᠵᠤ᠂ ᠬᠦᠨᠳᠦ ᠡᠪᠡᠳᠴᠢᠯᠡᠯᠲᠡ ᠤᠨ ᠲᠣᠬᠢᠶᠠᠯᠳᠤᠮᠵᠢ ᠨᠢ ᠮᠠᠰᠢ ᠳᠣᠣᠷ᠎ᠠ᠃ ᠬᠡᠷᠪᠡ ᠬᠡᠦᠬᠡᠳ | ᠬᠠᠯᠠᠭᠤᠷᠠᠬᠤ ᠵᠡᠷᠭᠡ ᠢᠯᠡᠷᠡᠯ ᠭᠠᠷᠪᠠᠯ ᠶᠠᠮᠠᠷ ᠪᠠᠶᠢᠳᠠᠯ ᠳᠤ ᠡᠮᠨᠡᠯᠭᠡ ᠳᠤ ᠣᠴᠢᠬᠤ ᠴᠢᠬᠤᠯᠠ ᠲᠠᠢ᠂ ᠶᠠᠮᠠᠷ | ᠪᠠᠶᠢᠳᠠᠯ ᠳᠤ ᠣᠴᠢᠬᠤ ᠴᠢᠬᠤᠯᠠ ᠦᠭᠡᠢ ᠪᠣᠢ︖ ᠬᠠᠮᠤᠭ ᠤᠨ ᠳᠥᠭᠦᠮ ᠢᠯᠭᠠᠬᠤ ᠠᠷᠭ᠎ᠠ ᠭᠡᠪᠡᠯ᠂ ᠪᠢᠳᠡ ᠵᠠᠪᠠᠯ | ᠬᠡᠦᠬᠡᠳ ᠤᠨ ᠴᠤᠭ ᠰᠦᠯᠳᠡ ᠶᠢ ᠨᠢ ᠦᠵᠡᠬᠦ ᠬᠡᠷᠡᠭᠲᠡᠢ᠂ ᠬᠡᠷᠪᠡ ᠬᠡᠦᠬᠡᠳ ᠬᠠᠯᠠᠭᠤᠷᠠᠬᠤ ᠵᠡᠷᠭᠡ ᠢᠯᠡᠷᠡᠯ ᠲᠠᠢ | ᠪᠣᠯᠪᠠᠴᠤ ᠨᠡᠯᠢᠶᠡᠳ ᠴᠤᠭ ᠵᠢᠪᠬᠤᠭ᠎ᠠ ᠲᠠᠢ᠂ ᠢᠯᠠᠩᠭᠤᠶ᠎ᠠ ᠬᠠᠯᠠᠭᠤᠨ ᠨᠢ ᠪᠠᠭᠤᠷᠠᠭᠰᠠᠨ ᠤ ᠳᠠᠷᠠᠭ᠎ᠠ ᠢᠳᠡᠬᠦ | ᠤᠤᠭᠤᠬᠤ ᠨᠠᠭᠠᠳᠬᠤ ᠨᠢ ᠬᠡᠪ ᠤᠨ ᠪᠠᠶᠢᠳᠠᠯ ᠲᠠᠢ ᠪᠠᠶᠢᠪᠠᠯ ᠣᠨᠴᠠᠭᠠᠶ ᠪᠠᠴᠢᠮᠳᠠᠵᠤ ᠰᠠᠨᠳᠤᠷᠤᠭᠰᠠᠨ ᠤ ᠬᠡᠷᠡᠭ ᠦᠭᠡᠢ | ᠂ ᠮᠥᠨ ᠴᠦ ᠳᠠᠷᠦ᠋ᠢᠬᠠᠨ ᠡᠮᠨᠡᠯᠭᠡ ᠳᠤ ᠣᠴᠢᠵᠤ ᠡᠮᠨᠡᠭᠦᠯᠬᠦ ᠴᠢᠬᠤᠯᠠ ᠦᠭᠡᠢ᠂ ᠭᠡᠷ ᠲᠤ ᠪᠠᠨ ᠦᠷᠭᠦᠯᠵᠢᠯᠡᠨ | ᠠᠵᠢᠭᠯᠠᠵᠤ᠂ ᠡᠪᠡᠳᠴᠢᠨ ᠤ ᠢᠯᠡᠷᠡᠯ ᠳᠤ ᠨᠢ ᠲᠠᠭᠠᠷᠠᠭᠤᠯᠤᠨ ᠠᠷᠭ᠎ᠠ ᠬᠡᠮᠵᠢᠶ᠎ᠡ ᠠᠪᠤᠪᠠᠯ ᠪᠣᠯᠴᠢᠬᠠᠨ᠎ᠠ᠃ | ᠭᠡᠪᠡᠴᠦ ᠳᠣᠣᠷᠠᠬᠢ ᠮᠡᠲᠦ ᠬᠡᠳᠦᠨ ᠵᠦᠢᠯ ᠤᠨ ᠢᠯᠡᠷᠡᠯ ᠭᠠᠷᠪᠠᠯ ᠡᠮᠨᠡᠯᠭᠡ ᠳᠤ ᠣᠴᠢᠬᠤ ᠶᠢ ᠰᠠᠨᠠᠭᠤᠯᠵᠤ ᠪᠠᠶᠢᠨ᠎ᠠ | ᠂ ᠵᠢᠱᠢᠶᠡᠯᠡᠪᠡᠯ᠂ 3 ᠡᠳᠦᠷ ᠠᠴᠠ ᠳᠡᠭᠡᠭᠰᠢ ᠬᠠᠯᠠᠭᠤᠷᠠᠵᠤ ᠳᠡᠭᠡᠷᠡᠳᠡᠬᠦ ᠪᠠᠶᠢᠳᠠᠯ ᠦᠭᠡᠢ ᠪᠠᠶᠢᠪᠠᠯ ᠡᠮᠨᠡᠯᠭᠡ ᠳᠤ | ᠣᠴᠢᠪᠠᠯ ᠵᠣᠬᠢᠨ᠎ᠠ︔ ᠳᠠᠬᠢᠪᠠᠯ ᠬᠡᠦᠬᠡᠳ ᠴᠤᠭ ᠰᠦᠯᠳᠡ ᠦᠭᠡᠢ᠂ ᠥᠭᠡᠷ᠎ᠡ ᠪᠠᠷ ᠬᠡᠯᠡᠪᠡᠯ ᠬᠠᠯᠠᠭᠤᠨ ᠨᠢ | ᠪᠠᠭᠤᠷᠠᠭᠰᠠᠨ ᠴᠤ ᠴᠤᠭ ᠰᠦᠯᠳᠡ ᠦᠭᠡᠢ ᠪᠠᠶᠢᠬᠤ᠂ ᠡᠭᠦᠨ ᠳᠤ ᠨᠢᠷᠠᠢ ᠬᠡᠦᠬᠡᠳ ᠵᠠᠷᠢᠮ ᠳᠤ ᠪᠠᠨ ᠤᠬᠢᠯᠠᠨ | ᠪᠤᠬᠢᠨᠢᠳᠤᠵᠤ ᠲᠠᠶᠢᠳᠬᠤᠷᠠᠭᠤᠯᠬᠤ ᠳᠤ ᠬᠡᠴᠡᠭᠦᠦ᠂ ᠲᠣᠮᠣ ᠬᠡᠦᠬᠡᠳ ᠳᠠᠩᠳᠠ ᠤᠨᠲᠠᠵᠤ᠂ ᠴᠤᠭ ᠰᠦᠯᠳᠡ ᠦᠭᠡᠢ᠂ | ᠴᠢᠷᠠᠢ ᠶᠢᠨ ᠥᠩᠭᠡ ᠨᠢ ᠪᠠᠷᠤᠭᠲᠠᠢ᠂ ᠡᠶᠢᠮᠦᠷᠬᠦᠦ ᠪᠠᠶᠢᠳᠠᠯ ᠳᠤ ᠪᠡᠶ᠎ᠡ ᠶᠢᠨ ᠬᠠᠯᠠᠭᠤᠨ ᠤ ᠥᠨᠳᠥᠷ ᠳᠣᠣᠷ᠎ᠠ ᠶᠢ | ᠬᠠᠮᠢᠶᠠᠷᠤᠯ ᠦᠭᠡᠢ ᠪᠠᠷ ᠡᠮᠨᠡᠯᠭᠡ ᠳᠤ ᠣᠴᠢᠵᠤ ᠡᠮᠴᠢᠯᠡᠭᠦᠯᠬᠦ ᠬᠡᠷᠡᠭᠲᠡᠢ︔ ᠪᠠᠰᠠ ᠵᠠᠷᠢᠮ ᠪᠠᠶᠢᠳᠠᠯ ᠳᠤ | ᠬᠠᠨᠢᠶᠠᠯᠭᠠᠬᠤ ᠨᠢ ᠠᠬᠠᠳᠠᠬᠤ ᠪᠠ ᠣᠯᠠᠰᠢᠷᠠᠵᠤ᠂ ᠡᠳᠦᠷ ᠲᠤᠲᠤᠮ ᠤᠨ ᠠᠮᠢᠳᠤᠷᠠᠯ ᠪᠠ ᠤᠨᠲᠠᠵᠤ ᠠᠮᠠᠷᠠᠬᠤ ᠶᠢ ᠨᠢ | ᠨᠥᠯᠥᠭᠡᠯᠡᠬᠦ ᠳᠤ ᠬᠦᠷᠪᠡᠯ ᠳᠠᠷᠤᠢ ᠡᠮᠨᠡᠯᠭᠡ ᠳᠤ ᠣᠴᠢᠵᠤ ᠡᠮᠨᠡᠭᠦᠯᠬᠦ ᠬᠡᠷᠡᠭᠲᠡᠢ︔ ᠡᠭᠦᠨ ᠠᠴᠠ ᠭᠠᠳᠠᠨ᠎ᠠ ᠪᠠᠰᠠ | ᠵᠠᠷᠢᠮ ᠬᠡᠦᠬᠡᠳ ᠠᠮᠢᠰᠬᠤᠭᠠᠳᠠᠬᠤ᠂ ᠠᠮᠢᠰᠬᠤᠭ᠎ᠠ ᠨᠢ ᠲᠦᠷᠭᠡᠰᠴᠦ᠂ ᠴᠢᠨᠠᠭᠰᠢᠯᠠᠭᠠᠳ ᠠᠮᠢᠰᠬᠤᠯ ᠴᠢᠬᠤᠯᠳᠠᠬᠤ᠂ | ᠳᠠᠭᠤ ᠨᠢ ᠨᠡᠯᠢᠶᠡᠳ ᠰᠥᠭᠡᠩᠭᠢ ᠪᠣᠯᠬᠤ ᠵᠡᠷᠭᠡ ᠢᠯᠡᠷᠡᠯ ᠭᠠᠷᠪᠠᠯ ᠲᠥᠪᠥᠩᠬᠡᠢ ᠶᠢᠨ ᠦᠷᠪᠢᠰᠦᠯ᠂ ᠮᠥᠭᠡᠷᠰᠦᠨ | ᠬᠤᠭᠤᠯᠠᠢ ᠶᠢᠨ ᠦᠷᠪᠢᠰᠦᠯ ᠪᠠᠶᠢᠵᠤ ᠮᠠᠭᠠᠳ ᠤᠴᠢᠷ ᠠᠴᠠ ᠴᠠᠭ ᠲᠤᠬᠠᠢ ᠳᠤ ᠨᠢ ᠡᠮᠴᠢᠯᠡᠭᠦᠯᠪᠡᠯ ᠵᠣᠬᠢᠨ᠎ᠠ︔ | ᠶᠠᠷᠢᠶᠠᠨ ᠦᠭᠡᠢ ᠤᠬᠠᠭᠠᠨ ᠠᠯᠳᠠᠵᠤ᠂ ᠲᠠᠲᠠᠬᠤ ᠵᠡᠷᠭᠡ ᠪᠠᠶᠢᠳᠠᠯ ᠭᠠᠷᠪᠠᠯ ᠨᠡᠩ ᠳᠠᠷᠦ᠋ᠢᠬᠠᠨ ᠡᠮᠨᠡᠯᠭᠡ ᠳᠤ ᠣᠴᠢᠵᠤ | ᠡᠮᠨᠡᠭᠦᠯᠬᠦ ᠬᠡᠷᠡᠭᠲᠡᠢ᠃ | ᠣᠨᠴᠠᠭᠠᠶᠢᠯᠠᠨ ᠠᠩᠬᠠᠷᠤᠭᠤᠰᠢᠲᠠᠢ ᠨᠢ᠂ ᠰᠠᠶ᠋ᠢᠬᠠᠨ ᠲᠥᠷᠥᠭᠰᠡᠨ ᠨᠢᠷᠠᠢ ᠪᠠ ᠨᠢᠯᠬ᠎ᠠ ᠬᠡᠦᠬᠡᠳ ᠢ ᠪᠠᠭᠲᠠᠭᠠᠭᠰᠠᠨ | ᠭᠤᠷᠪᠠᠨ ᠰᠠᠷ᠎ᠠ ᠠᠴᠠ ᠳᠣᠷᠣᠭᠰᠢᠬᠢ ᠨᠠᠰᠤᠨ ᠤ ᠬᠡᠦᠬᠡᠳ ᠪᠣᠯ ᠣᠨᠴᠠᠭᠠᠶ ᠪᠦᠯᠦᠭ ᠤᠨ ᠬᠥᠮᠥᠰ ᠪᠠᠶᠢᠵᠤ᠂ ᠬᠡᠷᠪᠡ | ᠬᠠᠯᠠᠭᠤᠷᠠᠬᠤ ᠪᠠᠶᠢᠳᠠᠯ ᠢᠯᠡᠷᠡᠪᠡᠯ ᠴᠠᠭ ᠲᠤᠬᠠᠢ ᠳᠤ ᠨᠢ ᠡᠮᠨᠡᠯᠭᠡ ᠳᠤ ᠣᠴᠢᠵᠤ ᠡᠮᠴᠢᠯᠡᠭᠦᠯᠬᠦ ᠶᠢ ᠰᠠᠨᠠᠭᠤᠯᠵᠤ | ᠪᠠᠶᠢᠨ᠎ᠠ᠃ | ᠨᠠᠰᠤᠲᠠᠶᠢᠴᠤᠳ ᠨᠠᠰᠤᠲᠠᠶᠢᠴᠤᠳ ᠥᠪᠡᠷ ᠢ ᠪᠠᠨ ᠬᠡᠷᠬᠢᠨ ᠬᠠᠮᠠᠭᠠᠯᠠᠪᠠᠯ ᠵᠣᠬᠢᠬᠤ ᠪᠣᠢ︖ | ᠡᠩ ᠲᠡᠷᠢᠭᠦᠨ ᠳᠤ᠂ ᠸᠠᠺᠼᠢᠨ ᠳᠠᠷᠢᠬᠤ ᠬᠡᠷᠡᠭᠲᠡᠢ᠃ ᠡᠭᠦᠨ ᠳᠤ ᠪᠥᠬᠦ ᠶᠠᠪᠤᠴᠠ ᠶᠢᠨ ᠸᠠᠺᠼᠢᠨ ᠳᠠᠷᠢᠬᠤ ᠪᠠ | ᠴᠢᠩᠭᠠᠳᠬᠠᠭᠰᠠᠨ ᠸᠠᠺᠼᠢᠨ ᠤ ᠲᠠᠷᠢᠯᠭ᠎ᠠ ᠬᠢᠬᠦ ᠵᠡᠷᠭᠡ ᠶᠢ ᠪᠠᠭᠲᠠᠭᠠᠨ᠎ᠠ᠃ ᠸᠠᠺᠼᠢᠨ ᠤ ᠲᠠᠷᠢᠯᠭ᠎ᠠ ᠬᠢᠭᠰᠡᠨ ᠤ | ᠳᠠᠷᠠᠭ᠎ᠠ᠂ ᠨᠠᠰᠤᠲᠠᠶᠢᠴᠤᠳ ᠤᠨ ᠬᠦᠨᠳᠦ ᠡᠪᠡᠳᠴᠢᠨ ᠳᠤ ᠨᠡᠷᠪᠡᠭᠳᠡᠬᠦ ᠨᠣᠷᠮ᠎ᠠ ᠢᠯᠡᠳᠲᠡ ᠪᠠᠭᠤᠷᠠᠬᠤ ᠪᠣᠯᠣᠨ᠎ᠠ᠃ | ᠬᠤᠶᠠᠳᠤᠭᠠᠷ ᠲᠤ᠂ ᠣᠲᠣ ᠶᠢᠨ ᠪᠠᠶᠢᠳᠠᠯ ᠳᠣᠣᠷ᠎ᠠ᠂ ᠨᠠᠰᠤᠲᠠᠶᠢᠴᠤᠳ ᠤᠨ ᠭᠠᠳᠠᠭᠰᠢ ᠳᠤᠲᠠᠭᠤ ᠭᠠᠷᠬᠤ ᠶᠢ | ᠬᠦᠰᠡᠵᠦ ᠪᠠᠶᠢᠨ᠎ᠠ᠂ ᠢᠯᠠᠩᠭᠤᠶ᠎ᠠ ᠬᠥᠮᠥᠨ ᠣᠯᠠᠨ ᠴᠤᠭᠯᠠᠷᠠᠳᠠᠭ ᠪᠢᠲᠡᠭᠦᠮᠵᠢᠯᠡᠭᠰᠡᠨ ᠭᠠᠵᠠᠷ ᠲᠤ ᠣᠴᠢᠬᠤ ᠠᠴᠠ | ᠵᠠᠶᠢᠯᠠᠰᠬᠢᠬᠦ ᠶᠢ ᠬᠦᠰᠡᠵᠦ ᠪᠠᠶᠢᠨ᠎ᠠ᠂ ᠬᠡᠷᠪᠡ ᠵᠠᠪᠠᠯ ᠣᠴᠢᠬᠤ ᠴᠢᠬᠤᠯᠠ ᠲᠠᠢ ᠪᠣᠯ ᠠᠮᠠᠪᠴᠢ ᠪᠠᠨ ᠰᠠᠶᠢᠲᠤᠷ ᠵᠡᠭᠦᠬᠦ | ᠬᠡᠷᠡᠭᠲᠡᠢ᠃ ᠡᠭᠦᠨ ᠠᠴᠠ ᠭᠠᠳᠠᠨ᠎ᠠ᠂ ᠪᠦᠬᠦ᠋ᠢᠯᠡ ᠶᠠᠪᠤᠴᠠ ᠳᠤ᠂ ᠭᠠᠳᠠᠭᠠᠳᠤ ᠣᠷᠴᠢᠨ ᠲᠠᠢ ᠣᠶᠢᠷᠠᠳᠬᠤ ᠪᠠᠨ ᠠᠯᠢ | ᠴᠢᠳᠠᠬᠤ ᠪᠠᠷ ᠪᠠᠭᠠᠰᠬᠠᠵᠤ᠂ ᠪᠤᠴᠠᠵᠤ ᠢᠷᠡᠪᠡᠯ ᠭᠠᠷ ᠢᠶᠠᠨ ᠵᠠᠪᠠᠯ ᠤᠬᠢᠶᠠᠬᠤ ᠬᠡᠷᠡᠭᠲᠡᠢ᠃ | ᠭᠤᠷᠪᠠᠳᠤᠭᠠᠷ ᠲᠤ᠂ ᠢᠯᠡᠭᠦᠬᠡᠨ ᠰᠠᠯᠬᠢ ᠨᠡᠪᠲᠡᠷᠡᠭᠦᠯᠦᠨ᠎ᠡ᠃ ᠣᠲᠣ ᠶᠠᠭ ᠡᠪᠦᠯ ᠤᠨ ᠤᠯᠠᠷᠢᠯ ᠪᠣᠯᠵᠤ᠂ | ᠢᠯᠠᠩᠭᠤᠶ᠎ᠠ ᠤᠮᠠᠷᠠᠲᠤ ᠣᠷᠣᠨ ᠤ ᠠᠭᠤᠷ ᠠᠮᠢᠰᠬᠤᠯ ᠨᠡᠯᠢᠶᠡᠳ ᠬᠦᠢᠲᠡᠨ ᠪᠣᠯᠬᠤᠷ ᠰᠠᠯᠬᠢ ᠨᠡᠪᠲᠡᠷᠡᠭᠦᠯᠬᠦ | ᠶᠠᠪᠤᠴᠠ ᠳᠤ ᠨᠠᠰᠤᠲᠠᠶᠢᠴᠤᠳ ᠤᠨ ᠳᠤᠯᠠᠭᠠᠯᠠᠭ᠎ᠠ ᠶᠢᠨ ᠠᠰᠠᠭᠤᠳᠠᠯ ᠢ ᠠᠩᠬᠠᠷᠴᠤ᠂ ᠨᠠᠰᠤᠲᠠᠶᠢᠴᠤᠳ ᠢ ᠥᠭᠡᠷ᠎ᠡ | ᠨᠢᠭᠡ ᠥᠷᠥᠭᠡᠨ ᠳᠤ ᠣᠷᠣᠭᠤᠯᠵᠤ ᠪᠣᠯᠣᠨ᠎ᠠ᠂ ᠰᠠᠯᠬᠢ ᠨᠡᠪᠲᠡᠷᠡᠭᠦᠯᠦᠭᠰᠡᠨ ᠤ ᠳᠠᠷᠠᠭ᠎ᠠ᠂ ᠭᠡᠷ ᠤᠨ ᠳᠤᠯᠠᠭᠠᠨ ᠬᠡᠪ ᠤᠨ | ᠪᠠᠶᠢᠳᠠᠯ ᠳᠤ ᠪᠠᠨ ᠣᠷᠣᠭᠰᠠᠨ ᠤ ᠳᠠᠷᠠᠭ᠎ᠠ ᠨᠠᠰᠤᠲᠠᠶᠢᠴᠤᠳ ᠢ ᠰᠠᠶ᠋ᠢ ᠲᠣᠰ ᠥᠷᠥᠭᠡᠨ ᠳᠤ ᠨᠢ ᠪᠤᠴᠠᠭᠠᠨ᠎ᠠ᠃ | ᠳᠥᠷᠪᠡᠳᠦᠭᠡᠷ ᠲᠤ᠂ ᠨᠠᠰᠤᠲᠠᠶᠢᠴᠤᠳ ᠲᠤ ᠶᠡᠷᠦ ᠳᠤ ᠪᠠᠨ ᠡᠨᠡ ᠲᠡᠷᠡ ᠰᠠᠭᠤᠷᠢ ᠡᠪᠡᠳᠴᠢᠨ ᠳᠠᠪᠬᠤᠴᠠᠵᠤ | ᠪᠠᠶᠢᠳᠠᠭ᠂ ᠰᠠᠭᠤᠷᠢ ᠡᠪᠡᠳᠴᠢᠨ ᠢ ᠣᠳᠣᠬᠢ ᠱᠠᠲᠤᠨ ᠳᠤ ᠵᠠᠪᠠᠯ ᠰᠠᠶᠢᠲᠤᠷ ᠡᠵᠡᠮᠳᠡᠵᠦ᠂ ᠡᠮᠨᠡᠯᠭᠡ ᠳᠤ ᠣᠴᠢᠵᠤ ᠡᠮ | ᠠᠪᠬᠤ ᠠᠴᠠ ᠪᠠᠨ ᠠᠶᠤᠭᠠᠳ ᠡᠮ ᠢᠶᠠᠨ ᠵᠣᠭᠰᠣᠭᠠᠵᠤ ᠪᠣᠯᠬᠤ ᠦᠭᠡᠢ᠂ ᠡᠯ᠎ᠡ ᠵᠦᠢᠯ ᠤᠨ ᠠᠷᠭ᠎ᠠ ᠵᠠᠮ ᠢᠶᠠᠷ ᠡᠮ | ᠬᠤᠳᠠᠯᠳᠤᠨ ᠠᠪᠬᠤ ᠪᠤᠶᠤ ᠲᠥᠷᠥᠯ ᠰᠠᠳᠤᠨ ᠨᠠᠶᠢᠵᠠ ᠨᠥᠬᠦᠳ ᠢᠶᠠᠷ ᠢᠶᠠᠨ ᠡᠮ ᠬᠤᠳᠠᠯᠳᠤᠨ ᠠᠪᠤᠭᠤᠯᠵᠤ ᠪᠣᠯᠣᠨ᠎ᠠ | ᠃ | ᠲᠠᠪᠤᠳᠤᠭᠠᠷ ᠲᠤ᠂ ᠨᠠᠰᠤᠲᠠᠶᠢᠴᠤᠳ ᠣᠶᠢᠷ᠎ᠠ ᠶᠢᠨ ᠬᠤᠭᠤᠴᠠᠭᠠᠨ ᠳᠤ ᠡᠷᠬᠡᠪᠰᠢ ᠵᠢᠮ᠎ᠡ ᠶᠣᠰᠣ ᠲᠠᠢ ᠪᠠᠷ | ᠠᠮᠢᠳᠤᠷᠠᠵᠤ᠂ ᠬᠡᠲᠦᠷᠬᠡᠢ ᠰᠠᠨᠳᠤᠷᠬᠤ ᠬᠡᠷᠡᠭ ᠦᠭᠡᠢ᠃ ᠵᠢᠮ᠎ᠡ ᠶᠣᠰᠣ ᠲᠠᠢ ᠪᠠᠷ ᠤᠨᠲᠠᠵᠤ ᠠᠮᠠᠷᠠᠨ᠂ ᠰᠢᠮ᠎ᠡ | ᠲᠡᠵᠢᠭᠡᠯ ᠢᠶᠠᠨ ᠪᠠᠲᠤᠯᠠᠬᠤ ᠬᠡᠷᠡᠭᠲᠡᠢ᠂ ᠭᠡᠪᠡᠴᠦ ᠬᠡᠲᠦᠷᠡᠲᠡᠯ᠎ᠡ ᠢᠳᠡᠵᠦ ᠤᠤᠭᠤᠵᠤ ᠪᠣᠯᠬᠤ ᠦᠭᠡᠢ᠃ ᠡᠭᠦᠨ ᠠᠴᠠ | ᠭᠠᠳᠠᠨ᠎ᠠ᠂ ᠠᠷᠢᠬᠢ ᠡᠳ᠋ᠯᠡᠬᠦ ᠪᠠᠨ ᠠᠯᠢ ᠴᠢᠳᠠᠬᠤ ᠪᠠᠷ ᠪᠠᠭᠠᠰᠬᠠᠨ᠎ᠠ᠃ ᠬᠡᠷᠪᠡ ᠨᠠᠰᠤᠲᠠᠶᠢᠴᠤᠳ ᠲᠠᠢ ᠬᠠᠮᠲᠤ | ᠠᠮᠢᠳᠤᠷᠠᠬᠤ ᠦᠭᠡᠢ ᠭᠡᠷ ᠤᠨ ᠬᠥᠮᠥᠰ ᠨᠢ ᠣᠶᠢᠷ᠎ᠠ ᠶᠢᠨ ᠬᠤᠭᠤᠴᠠᠭᠠᠨ ᠳᠤ ᠨᠠᠰᠤᠲᠠᠶᠢᠴᠤᠳ ᠢᠶᠠᠨ ᠡᠷᠭᠢᠵᠦ | ᠦᠵᠡᠬᠦ ᠪᠠᠨ ᠴᠥᠭᠡᠳᠬᠡᠵᠦ᠂ ᠸᠢᠷᠦ᠋ᠰ ᠯᠡᠪᠡᠷᠡᠬᠦ ᠲᠣᠬᠢᠶᠠᠯ ᠢ ᠪᠠᠭᠠᠰᠬᠠᠵᠤ ᠪᠣᠯᠣᠨ᠎ᠠ᠃ | ᠬᠡᠷᠪᠡ ᠭᠡᠷ ᠤᠨ ᠬᠥᠮᠥᠰ ᠨᠢ ᠰᠢᠨ᠎ᠡ ᠲᠢᠲᠢᠮᠯᠢᠭ ᠠᠭᠤᠰᠬᠢᠨ ᠦᠷᠪᠢᠰᠦᠯ ᠳᠤ ᠨᠡᠷᠪᠡᠭᠳᠡᠪᠡᠯ ᠨᠠᠰᠤᠲᠠᠶᠢᠴᠤᠳ | ᠥᠪᠡᠷ ᠢ ᠪᠠᠨ ᠬᠡᠷᠬᠢᠨ ᠰᠠᠶᠢᠲᠤᠷ ᠬᠠᠮᠠᠭᠠᠯᠠᠬᠤ ᠪᠣᠶ︖ | ᠬᠡᠷᠪᠡ ᠬᠠᠮᠲᠤ ᠠᠮᠢᠳᠤᠷᠠᠵᠤ ᠪᠠᠶᠢᠭ᠎ᠠ ᠬᠥᠮᠥᠨ ᠨᠢ ᠰᠢᠨ᠎ᠡ ᠲᠢᠲᠢᠮᠯᠢᠭ ᠠᠭᠤᠰᠬᠢᠨ ᠦᠷᠪᠢᠰᠦᠯ ᠳᠤ ᠨᠡᠷᠪᠡᠭᠳᠡᠪᠡᠯ | ᠂ ᠨᠠᠰᠤᠲᠠᠶᠢᠴᠤᠳ ᠤᠨ ᠸᠢᠷᠦ᠋ᠰ ᠲᠠᠢ ᠣᠶᠢᠷᠠᠳᠬᠤ ᠲᠣᠬᠢᠶᠠᠯ ᠢ ᠠᠯᠢ ᠴᠢᠳᠠᠬᠤ ᠪᠠᠷ ᠪᠠᠭᠠᠰᠬᠠᠬᠤ ᠪᠣᠯ ᠬᠠᠮᠤᠭ ᠤᠨ | ᠴᠢᠬᠤᠯᠠ ᠵᠠᠷᠴᠢᠮ ᠪᠣᠯᠣᠨ᠎ᠠ᠃ ᠬᠡᠷᠪᠡ ᠨᠥᠬᠦᠴᠡᠯ ᠲᠠᠢ ᠪᠣᠯ ᠨᠠᠰᠤᠲᠠᠶᠢᠴᠤᠳ ᠢ ᠥᠭᠡᠷ᠎ᠡ ᠨᠢᠭᠡ ᠣᠷᠣᠨ | ᠰᠠᠭᠤᠴᠠ ᠳᠤ ᠠᠪᠠᠴᠢᠨ ᠰᠠᠭᠤᠯᠭᠠᠵᠤ ᠪᠣᠯᠣᠨ᠎ᠠ᠃ ᠬᠡᠷᠪᠡ ᠨᠥᠬᠦᠴᠡᠯ ᠦᠭᠡᠢ ᠪᠣᠯ ᠨᠢᠭᠡᠨ ᠲᠤᠰᠠᠭᠠᠷ ᠦᠷᠦᠭᠡ | ᠭᠠᠷᠭᠠᠵᠤ᠂ ᠡᠭᠦᠳᠡ ᠪᠠᠨ ᠰᠠᠶᠢᠲᠤᠷ ᠬᠠᠭᠠᠵᠤ᠂ ᠰᠠᠯᠬᠢ ᠨᠡᠪᠲᠡᠷᠡᠭᠦᠯᠬᠦ ᠶᠢ ᠴᠢᠩᠭᠠᠳᠬᠠᠬᠤ ᠬᠡᠷᠡᠭᠲᠡᠢ᠃ ᠰᠠᠯᠬᠢ | ᠨᠡᠪᠲᠡᠷᠡᠭᠦᠯᠬᠦ ᠳᠤ ᠠᠩᠬᠠᠷᠬᠤ ᠵᠦᠢᠯ ᠨᠢ ᠳᠡᠭᠡᠷ᠎ᠡ ᠳᠤᠷᠠᠳᠤᠭᠰᠠᠨ ᠲᠠᠢ ᠠᠳᠠᠯᠢ ᠶᠤᠮ᠃ ᠪᠠᠰᠠ ᠨᠢᠭᠡ ᠵᠦᠢᠯ ᠭᠡᠪᠡᠯ᠂ | ᠣᠷᠴᠢᠨ ᠲᠣᠭᠤᠷᠢᠨ ᠤ ᠠᠷᠢᠭᠤᠳᠬᠠᠯ ᠢ ᠴᠢᠩᠭᠠᠳᠬᠠᠬᠤ ᠬᠡᠷᠡᠭᠲᠡᠢ᠂ ᠢᠯᠠᠩᠭᠤᠶ᠎ᠠ ᠣᠯᠠᠨ ᠨᠡᠶᠢᠲᠡ ᠶᠢᠨ ᠢᠯᠡ | ᠣᠷᠴᠢᠨ ᠲᠣᠭᠤᠷᠢᠨ ᠳᠤ᠂ ᠵᠢᠱᠢᠶᠡᠯᠡᠪᠡᠯ ᠵᠣᠷᠯᠣᠩ᠂ ᠡᠭᠦᠳᠡᠨ ᠤ ᠪᠠᠷᠢᠭᠤᠯ᠂ ᠤᠰᠤᠨ ᠴᠣᠷᠭᠤ ᠳᠤ ᠡᠪᠡᠳᠴᠢᠲᠡᠨ | ᠬᠦᠷᠦᠯᠴᠡᠭᠰᠡᠨ ᠤ ᠳᠠᠷᠠᠭ᠎ᠠ ᠵᠠᠪᠠᠯ ᠠᠷᠢᠭᠤᠳᠬᠠᠬᠤ ᠬᠡᠷᠡᠭᠲᠡᠢ᠃ ᠡᠭᠦᠨ ᠠᠴᠠ ᠭᠠᠳᠠᠨ᠎ᠠ᠂ ᠨᠠᠰᠤᠲᠠᠶᠢᠴᠤᠳ ᠤᠨ | ᠪᠠᠶᠢᠳᠠᠯ ᠤᠨ ᠬᠤᠪᠢᠷᠠᠯᠲᠠ ᠶᠢ ᠠᠩᠬᠠᠷᠴᠤ᠂ ᠬᠡᠷᠪᠡ ᠠᠰᠠᠭᠤᠳᠠᠯ ᠭᠠᠷᠪᠠᠯ ᠡᠷᠲᠡᠬᠡᠨ ᠢᠯᠭᠠᠨ ᠲᠣᠳᠣᠯᠠᠵᠤ᠂ ᠡᠷᠲᠡᠬᠡᠨ | ᠣᠨᠣᠰᠢᠯᠠᠬᠤ ᠬᠡᠷᠡᠭᠲᠡᠢ᠃ | ᠨᠠᠰᠤᠲᠠᠶᠢᠴᠤᠳ ᠰᠢᠨ᠎ᠡ ᠲᠢᠲᠢᠮᠯᠢᠭ ᠠᠭᠤᠰᠬᠢᠨ ᠦᠷᠪᠢᠰᠦᠯ ᠳᠤ ᠨᠡᠷᠪᠡᠭᠳᠡᠪᠡᠯ ᠶᠠᠭᠠᠬᠢᠪᠠᠯ ᠵᠣᠬᠢᠬᠤ ᠪᠣᠶ︖ | ᠨᠢᠭᠡᠳᠦᠭᠡᠷ ᠲᠤ᠂ ᠨᠠᠰᠤᠲᠠᠶᠢᠴᠤᠳ ᠬᠡᠷᠪᠡ ᠰᠢᠨ᠎ᠡ ᠲᠢᠲᠢᠮᠯᠢᠭ ᠠᠭᠤᠰᠬᠢᠨ ᠦᠷᠪᠢᠰᠦᠯ ᠳᠤ ᠨᠡᠷᠪᠡᠭᠳᠡᠭᠰᠡᠨ ᠤ | ᠳᠠᠷᠠᠭ᠎ᠠ᠂ ᠶᠠᠭᠤᠨ ᠤ ᠡᠮᠦᠨ᠎ᠡ ᠠᠵᠢᠭᠯᠠᠯᠲᠠ ᠪᠠ ᠬᠢᠨᠠᠨ ᠰᠢᠨᠵᠢᠯᠡᠯᠲᠡ ᠶᠢ ᠴᠢᠩᠭᠠᠳᠬᠠᠬᠤ ᠬᠡᠷᠡᠭᠲᠡᠢ᠃ | ᠬᠤᠶᠠᠳᠤᠭᠠᠷ ᠲᠤ᠂ ᠡᠳᠦᠷ ᠲᠤᠲᠤᠮ ᠤᠨ ᠰᠤᠪᠢᠯᠠᠯᠲᠠ ᠶᠢ ᠴᠢᠩᠭᠠᠳᠬᠠᠬᠤ ᠬᠡᠷᠡᠭᠲᠡᠢ᠂ ᠡᠨᠡ ᠬᠦ ᠡᠳᠦᠷ | ᠲᠤᠲᠤᠮ ᠤᠨ ᠰᠤᠪᠢᠯᠠᠯᠲᠠ ᠳᠤ ᠬᠠᠷᠠᠰᠣ ᠢᠳᠡᠭᠡᠨ ᠤᠮᠳᠠᠭᠠᠨ ᠢ ᠪᠠᠭᠲᠠᠭᠠᠨ᠎ᠠ᠃ ᠨᠠᠰᠤᠲᠠᠢ ᠬᠥᠮᠥᠨ | ᠬᠠᠯᠳᠠᠪᠤᠷᠢᠯᠠᠭᠳᠠᠭᠰᠠᠨ ᠤ ᠳᠠᠷᠠᠭ᠎ᠠ ᠬᠤᠳᠣᠭᠤᠳᠤ ᠭᠡᠳᠡᠰᠦᠨ ᠤ ᠵᠠᠮ ᠤᠨ ᠴᠢᠳᠠᠮᠵᠢ ᠨᠢ ᠮᠠᠭᠤᠳᠠᠬᠤ ᠪᠣᠯᠬᠤᠷ ᠪᠠᠭ᠎ᠠ | ᠢᠳᠡᠵᠦ ᠣᠯᠠᠨ ᠤᠳᠠᠭ᠎ᠠ ᠬᠤᠭᠤᠯᠠᠯᠠᠵᠤ᠂ ᠨᠢᠭᠡ ᠤᠳᠠᠭ᠎ᠠ ᠶᠡᠭᠡ ᠬᠡᠮᠵᠢᠶ᠎ᠡ ᠪᠠᠷ ᠢᠳᠡᠭᠰᠡᠨ ᠤ ᠳᠠᠷᠠᠭ᠎ᠠ | ᠪᠥᠭᠡᠯᠵᠢᠬᠦ ᠠᠴᠠ ᠵᠠᠶᠢᠯᠠᠰᠬᠢᠬᠦ ᠶᠢ ᠰᠠᠨᠠᠭᠤᠯᠵᠤ ᠪᠠᠶᠢᠨ᠎ᠠ︔ ᠡᠭᠦᠨ ᠠᠴᠠ ᠭᠠᠳᠠᠨ᠎ᠠ ᠨᠠᠰᠤᠲᠠᠶᠢᠴᠤᠳ ᠤᠨ ᠤᠨᠲᠠᠵᠤ | ᠠᠮᠠᠷᠠᠬᠤ ᠶᠢ ᠪᠠᠲᠤᠯᠠᠬᠤ ᠬᠡᠷᠡᠭᠲᠡᠢ︔ ᠪᠠᠰᠠ ᠵᠣᠬᠢᠬᠤ ᠬᠡᠮᠵᠢᠶᠡᠨ ᠤ ᠤᠰᠤ ᠨᠥᠬᠦᠪᠦᠷᠢᠯᠡᠬᠦ ᠬᠡᠷᠡᠭᠲᠡᠢ᠂ ᠤᠰᠤᠨ ᠤ | ᠬᠡᠮᠵᠢᠶ᠎ᠡ ᠶᠢ ᠢᠳᠡᠭᠡᠨ ᠤᠮᠳᠠᠭᠠᠨ ᠲᠠᠢ ᠠᠳᠠᠯᠢ ᠪᠠᠶᠢᠯᠭᠠᠵᠤ᠂ ᠪᠡᠶ᠎ᠡ ᠶᠢᠨ ᠳᠤᠯᠠᠭᠠᠨ ᠪᠠ ᠬᠥᠯᠥᠰᠦ ᠭᠠᠷᠬᠤ | ᠪᠠᠶᠢᠳᠠᠯ ᠲᠠᠢ ᠨᠢ ᠤᠶᠠᠯᠳᠤᠭᠤᠯᠤᠨ ᠵᠣᠬᠢᠰᠲᠠᠢ ᠨᠥᠬᠦᠪᠦᠷᠢᠯᠡᠬᠦ ᠶᠢ ᠰᠠᠨᠠᠭᠤᠯᠵᠤ ᠪᠠᠶᠢᠨ᠎ᠠ᠃ ᠤᠰᠤ ᠶᠢ ᠪᠠᠰᠠ ᠪᠠᠭ᠎ᠠ | ᠬᠡᠮᠵᠢᠶ᠎ᠡ ᠪᠠᠷ ᠣᠯᠠᠨ ᠤᠳᠠᠭ᠎ᠠ ᠨᠥᠬᠦᠪᠦᠷᠢᠯᠡᠵᠦ᠂ ᠨᠢᠭᠡ ᠤᠳᠠᠭ᠎ᠠ ᠶᠡᠭᠡ ᠬᠡᠮᠵᠢᠶᠡᠨ ᠤ ᠤᠰᠤ ᠨᠥᠬᠦᠪᠦᠷᠢᠯᠡᠭᠡᠳ | ᠬᠤᠳᠣᠭᠤᠳᠤ ᠭᠡᠳᠡᠰᠦ ᠨᠢ ᠡᠪ ᠦᠭᠡᠶᠢᠷᠡᠬᠦ ᠪᠠ ᠵᠢᠷᠦᠬᠡᠨ ᠤ ᠳᠠᠷᠤᠭᠠᠰᠤ ᠶᠢ ᠨᠢ ᠬᠦᠨᠳᠦᠷᠡᠭᠦᠯᠬᠦ ᠠᠴᠠ ᠰᠡᠷᠭᠡᠶᠢᠯᠡᠬᠦ | ᠬᠡᠷᠡᠭᠲᠡᠢ᠃ | ᠭᠤᠷᠪᠠᠳᠤᠭᠠᠷ ᠲᠤ᠂ ᠬᠠᠯᠠᠭᠤᠨ ᠢ ᠪᠠᠭᠤᠷᠠᠭᠤᠯᠬᠤ ᠡᠮ ᠢ ᠨᠠᠰᠤᠲᠠᠶᠢᠴᠤᠳ ᠲᠤ ᠬᠡᠷᠡᠭᠯᠡᠬᠦ ᠳᠤ ᠪᠠᠨ ᠨᠡᠩ | ᠪᠣᠯᠭᠤᠮᠵᠢᠲᠠᠢ ᠪᠠᠶᠢᠵᠤ᠂ ᠪᠡᠶ᠎ᠡ ᠶᠢᠨ ᠳᠤᠯᠠᠭᠠᠨ ᠨᠢ ᠬᠡᠳᠦᠢ ᠥᠨᠳᠥᠷ᠂ ᠨᠠᠰᠤ ᠨᠢ ᠬᠡᠳᠦᠢ ᠥᠨᠳᠥᠷ ᠪᠣᠯ᠂ ᠡᠮ | ᠬᠡᠷᠡᠭᠯᠡᠬᠦ ᠳᠤ ᠪᠠᠨ ᠨᠡᠩ ᠪᠣᠯᠭᠤᠮᠵᠢᠲᠠᠢ ᠪᠠᠶᠢᠬᠤ ᠬᠡᠷᠡᠭᠲᠡᠢ᠃ ᠡᠭᠦᠨ ᠳᠤ 38℃ ᠲᠤ 1 ᠦᠷᠢᠯ᠂ 39℃ ᠲᠤ 2 | ᠦᠷᠢᠯ ᠭᠡᠬᠦ ᠮᠡᠲᠦ ᠪᠠᠷ ᠬᠡᠷᠡᠭᠯᠡᠬᠦ ᠪᠢᠰᠢ᠃ ᠬᠠᠯᠠᠭᠤᠷᠠᠬᠤ ᠨᠢ ᠬᠡᠳᠦᠢ ᠥᠨᠳᠥᠷ ᠪᠣᠯᠬᠤ ᠲᠤᠳᠤᠮ᠂ ᠡᠮ | ᠬᠡᠷᠡᠭᠯᠡᠬᠦ ᠳᠤ ᠪᠠᠨ ᠲᠡᠳᠦᠢ ᠪᠣᠯᠭᠤᠮᠵᠢᠲᠠᠢ ᠪᠠᠶᠢᠬᠤ ᠬᠡᠷᠡᠭᠲᠡᠢ᠃ ᠡᠨᠡ ᠨᠢ ᠭᠤᠣᠯᠳᠠᠭᠤ ᠨᠠᠰᠤᠲᠠᠶᠢᠴᠤᠳ ᠲᠤ | ᠬᠠᠯᠠᠭᠤᠨ ᠢ ᠪᠠᠭᠤᠷᠠᠭᠤᠯᠬᠤ ᠡᠮ ᠬᠡᠷᠡᠭᠯᠡᠭᠰᠡᠨ ᠤ ᠳᠠᠷᠠᠭ᠎ᠠ ᠨᠢᠭᠡ ᠤᠳᠠᠭ᠎ᠠ ᠶᠡᠭᠡ ᠬᠡᠮᠵᠢᠶᠡᠨ ᠤ ᠬᠥᠯᠥᠰᠦ | ᠭᠠᠷᠬᠤ ᠠᠴᠠ ᠪᠣᠯᠵᠤ ᠲᠠᠮᠢᠷᠳᠠᠨ ᠮᠠᠨᠠᠷᠠᠬᠤ ᠪᠤᠶᠤ ᠴᠢᠨᠠᠭᠰᠢᠯᠠᠪᠠᠯ ᠴᠢᠰᠤᠨ ᠳᠠᠷᠤᠯᠲᠠ ᠳᠣᠣᠷ᠎ᠠ ᠪᠣᠯᠬᠤ | ᠪᠠᠶᠢᠳᠠᠯ ᠠᠴᠠ ᠰᠡᠷᠭᠡᠶᠢᠯᠡᠬᠦ ᠶᠢᠨ ᠲᠥᠯᠥᠭᠡ ᠶᠤᠮ᠃ ᠡᠭᠦᠨ ᠢ ᠤᠯᠠᠨ ᠳᠤ ᠣᠨᠴᠠᠭᠠᠶᠢᠯᠠᠨ ᠰᠠᠨᠠᠭᠤᠯᠵᠤ ᠪᠠᠶᠢᠨ᠎ᠠ᠃ | ᠡᠭᠦᠨ ᠠᠴᠠ ᠭᠠᠳᠠᠨ᠎ᠠ᠂ ᠡᠨᠡ ᠬᠤᠭᠤᠴᠠᠭᠠᠨ ᠳᠤ ᠬᠠᠯᠠᠭᠤᠨ ᠢ ᠪᠠᠭᠤᠷᠠᠭᠤᠯᠬᠤ ᠶᠢ ᠤᠳᠠᠭᠠᠰᠢᠷᠠᠭᠤᠯᠵᠤ᠂ ᠹᠢᠽᠢᠺ ᠤᠨ | ᠠᠷᠭ᠎ᠠ ᠪᠠᠷ ᠬᠠᠯᠠᠭᠤᠨ ᠢ ᠨᠢ ᠪᠠᠭᠤᠷᠠᠭᠤᠯᠵᠤ ᠪᠣᠯᠣᠨ᠎ᠠ︔ ᠪᠠᠰᠠ ᠬᠠᠯᠠᠭᠤᠨ ᠢ ᠪᠠᠭᠤᠷᠠᠭᠤᠯᠬᠤ ᠡᠮ ᠬᠡᠷᠡᠭᠯᠡᠬᠦ ᠳᠤ ᠪᠠᠨ | ᠣᠯᠠᠨ ᠵᠦᠢᠯ ᠤᠨ ᠡᠮ ᠢ ᠬᠠᠮᠲᠤ ᠳᠤ ᠨᠢ ᠬᠡᠷᠡᠭᠯᠡᠬᠦ ᠠᠴᠠ ᠵᠠᠶᠢᠯᠠᠰᠬᠢᠨ᠎ᠡ᠃ ᠪᠠᠰᠠ ᠵᠠᠷᠢᠮ ᠲᠠᠭᠰᠢᠭᠤᠷ ᠤᠨ ᠡᠮ ᠨᠢ | ᠨᠡᠶᠢᠯᠡᠮᠡᠯ ᠵᠣᠷ ᠤᠨ ᠨᠠᠶᠢᠷᠠᠯᠭ᠎ᠠ ᠲᠠᠢ ᠪᠠᠶᠢᠵᠤ᠂ ᠡᠰᠡᠷᠭᠦ ᠫᠠᠷᠠᠽᠧᠲ᠋ᠠᠮᠣᠯ ᠠᠭᠤᠯᠵᠤ ᠮᠡᠳᠡᠨ᠎ᠡ᠂ ᠬᠡᠷᠪᠡ ᠡᠳᠡᠭᠡᠷ ᠡᠮ ᠢ | ᠬᠠᠮᠲᠤ ᠳᠤ ᠨᠢ ᠬᠡᠷᠡᠭᠯᠡᠪᠡᠯ ᠡᠮ ᠤᠨ ᠬᠡᠮᠵᠢᠶ᠎ᠡ ᠨᠢ ᠬᠡᠲᠦᠷᠡᠬᠦ ᠪᠠᠶᠢᠳᠠᠯ ᠭᠠᠷᠴᠤ ᠮᠡᠳᠡᠨ᠎ᠡ᠃ ᠡᠶᠢᠮᠦ ᠠᠴᠠ ᠡᠷᠬᠡᠪᠰᠢ | ᠡᠮ ᠤᠨ ᠲᠣᠳᠣᠷᠬᠠᠶᠢᠯᠠᠯᠲᠠ ᠶᠢᠨ ᠪᠢᠴᠢᠭ ᠢ ᠰᠠᠶᠢᠲᠤᠷ ᠯᠠᠪᠯᠠᠬᠤ ᠬᠡᠷᠡᠭᠲᠡᠢ᠃ | ᠳᠥᠷᠪᠡᠳᠦᠭᠡᠷ ᠲᠤ᠂ ᠬᠢᠲᠠᠳ ᠪᠡᠯᠡᠨ ᠡᠮ᠃ ᠬᠢᠲᠠᠳ ᠪᠡᠯᠡᠨ ᠡᠮ ᠢ ᠬᠡᠷᠡᠭᠯᠡᠬᠦ ᠳᠤ ᠴᠦ ᠠᠳᠠᠯᠢᠬᠠᠨ ᠪᠠᠶᠢᠳᠠᠭ᠂ | ᠵᠠᠪᠠᠯ ᠴᠥᠭᠡᠨ ᠮᠥᠷᠲᠡᠭᠡᠨ ᠨᠠᠷᠢᠯᠢᠭ ᠪᠠᠶᠢᠬᠤ ᠬᠡᠷᠡᠭᠲᠡᠢ᠃ ᠨᠢᠭᠡ ᠵᠦᠢᠯ ᠤᠨ ᠡᠮ ᠢ ᠰᠣᠩᠭᠤᠨ ᠬᠡᠷᠡᠭᠯᠡᠵᠦ ᠪᠣᠯᠣᠨ᠎ᠠ᠂ | ᠠᠳᠠᠯᠢ ᠦᠢᠯᠡᠳᠦᠯ ᠲᠠᠢ ᠣᠯᠠᠨ ᠵᠦᠢᠯ ᠤᠨ ᠬᠢᠲᠠᠳ ᠪᠡᠯᠡᠨ ᠡᠮ ᠢ ᠬᠠᠮᠲᠤ ᠳᠤ ᠨᠢ ᠬᠡᠷᠡᠭᠯᠡᠵᠦ ᠪᠣᠯᠬᠤ ᠦᠭᠡᠢ᠃ | ᠲᠠᠪᠤᠳᠤᠭᠠᠷ ᠲᠤ᠂ ᠰᠠᠭᠤᠷᠢ ᠡᠪᠡᠳᠴᠢᠨ ᠳᠠᠪᠬᠤᠴᠠᠭᠰᠠᠨ ᠨᠠᠰᠤᠲᠠᠶᠢᠴᠤᠳ ᠡᠷᠬᠡᠪᠰᠢ ᠰᠠᠭᠤᠷᠢ ᠡᠪᠡᠳᠴᠢᠨ ᠤ | ᠬᠠᠮᠢᠶᠠᠷᠤᠯᠲᠠ ᠪᠠᠨ ᠴᠢᠩᠭᠠᠳᠬᠠᠬᠤ ᠬᠡᠷᠡᠭᠲᠡᠢ᠃ ᠠᠳᠡ ᠬᠤᠶᠠᠷ ᠲᠠᠯ᠎ᠠ ᠶᠢ ᠣᠨᠴᠠᠭᠠᠶᠢᠯᠠᠨ ᠴᠢᠬᠤᠯᠠᠴᠢᠯᠠᠵᠤ ᠪᠠᠶᠢᠨ᠎ᠠ᠃ | ᠨᠢᠭᠡ ᠨᠢ ᠴᠢᠰᠤᠨ ᠳᠠᠷᠤᠯᠲᠠ ᠥᠨᠳᠥᠷ ᠡᠪᠡᠳᠴᠢᠨ ᠢ ᠰᠡᠷᠭᠡᠶᠢᠯᠡᠬᠦ ᠡᠮ᠂ ᠤᠴᠢᠷ ᠨᠢ ᠬᠠᠯᠠᠭᠤᠷᠠᠭᠰᠠᠨ ᠠᠴᠠ ᠪᠣᠯᠵᠤ | ᠶᠡᠭᠡ ᠬᠡᠮᠵᠢᠶᠡᠨ ᠤ ᠤᠰᠤ ᠠᠯᠳᠠᠭᠳᠠᠵᠤ ᠴᠢᠰᠤᠨ ᠳᠠᠷᠤᠯᠲᠠ ᠶᠢ ᠪᠠᠭᠤᠷᠠᠭᠤᠯᠵᠤ ᠮᠡᠳᠡᠨ᠎ᠡ᠃ ᠬᠠᠯᠠᠭᠤᠷᠠᠵᠤ ᠪᠠᠶᠢᠭ᠎ᠠ | ᠬᠤᠭᠤᠴᠠᠭᠠᠨ ᠳᠤ᠂ ᠣᠨᠴᠠᠭᠠᠶᠢᠯᠠᠨ ᠬᠠᠯᠠᠭᠤᠨ ᠢ ᠪᠠᠭᠤᠷᠠᠭᠤᠯᠬᠤ ᠡᠮ ᠬᠡᠷᠡᠭᠯᠡᠬᠦ ᠦᠶ᠎ᠡ ᠳᠤ ᠡᠷᠬᠡᠪᠰᠢ ᠴᠢᠰᠤᠨ | ᠳᠠᠷᠤᠯᠲᠠ ᠶᠢ ᠨᠢ ᠪᠠᠶᠢᠴᠠᠭᠠᠬᠤ ᠶᠢ ᠠᠩᠬᠠᠷᠬᠤ ᠬᠡᠷᠡᠭᠲᠡᠢ᠃ ᠬᠡᠷᠪᠡ ᠴᠢᠰᠤᠨ ᠳᠠᠷᠤᠯᠲᠠ ᠨᠢ ᠳᠣᠣᠷᠠᠳᠠᠵᠤ ᠬᠡᠪ ᠤᠨ | ᠬᠡᠮᠵᠢᠶ᠎ᠡ ᠠᠴᠠ ᠳᠣᠣᠷ᠎ᠠ ᠪᠣᠯᠪᠠᠯ ᠴᠢᠰᠤᠨ ᠳᠠᠷᠤᠯᠲᠠ ᠶᠢ ᠪᠠᠭᠤᠷᠠᠭᠤᠯᠬᠤ ᠡᠮ ᠤᠨ ᠬᠡᠮᠵᠢᠶ᠎ᠡ ᠶᠢ ᠪᠠᠭᠠᠰᠬᠠᠬᠤ ᠪᠤᠶᠤ | ᠴᠢᠨᠠᠭᠰᠢᠯᠠᠪᠠᠯ ᠬᠡᠷᠡᠭᠯᠡᠬᠦ ᠪᠠᠨ ᠵᠣᠭᠰᠣᠵᠤ᠂ ᠴᠢᠰᠤᠨ ᠳᠠᠷᠤᠯᠲᠠ ᠨᠢ ᠬᠡᠪ ᠤᠨ ᠪᠠᠶᠢᠳᠠᠯ ᠳᠤ ᠪᠠᠨ ᠣᠷᠣᠭᠰᠠᠨ ᠤ | ᠳᠠᠷᠠᠭ᠎ᠠ ᠰᠠᠶ᠋ᠢ ᠵᠤᠷᠰᠢᠯ ᠶᠣᠰᠣᠭᠠᠷ ᠬᠡᠷᠡᠭᠯᠡᠨ᠎ᠡ᠃ ᠨᠥᠭᠦᠭᠡ ᠨᠢᠭᠡ ᠨᠢ ᠴᠢᠰᠤᠨ ᠰᠢᠬᠢᠷ ᠢ ᠪᠠᠭᠤᠷᠠᠭᠤᠯᠬᠤ ᠡᠮ | ᠪᠣᠯᠣᠨ᠎ᠠ᠂ ᠨᠠᠰᠤᠲᠠᠶᠢᠴᠤᠳ ᠰᠢᠨ᠎ᠡ ᠲᠢᠲᠢᠮᠯᠢᠭ ᠠᠭᠤᠰᠬᠢᠨ ᠦᠷᠪᠢᠰᠦᠯ ᠳᠤ ᠨᠡᠷᠪᠡᠭᠳᠡᠭᠰᠡᠨ ᠤ ᠳᠠᠷᠠᠭ᠎ᠠ ᠢᠳᠡᠬᠦ | ᠬᠤᠭᠤᠯᠠᠨ ᠤ ᠬᠡᠮᠵᠢᠶ᠎ᠡ ᠨᠢ ᠮᠠᠰᠢ ᠪᠠᠭᠠᠳᠠᠵᠤ ᠮᠡᠳᠡᠨ᠎ᠡ᠂ ᠡᠶᠢᠮᠦ ᠠᠴᠠ ᠪᠢᠳᠡ ᠴᠢᠰᠤᠨ ᠰᠢᠬᠢᠷ ᠤᠨ ᠬᠤᠪᠢᠷᠠᠯᠲᠠ ᠶᠢ | ᠬᠢᠨᠠᠨ ᠰᠢᠨᠵᠢᠯᠡᠵᠦ᠂ ᠴᠢᠰᠤᠨ ᠰᠢᠬᠢᠷ ᠳᠣᠣᠷ᠎ᠠ ᠪᠣᠯᠬᠤ ᠠᠴᠠ ᠰᠡᠷᠭᠡᠶᠢᠯᠡᠬᠦ ᠬᠡᠷᠡᠭᠲᠡᠢ᠃ | ᠬᠠᠮᠤᠭ ᠤᠨ ᠰᠡᠬᠦᠯ ᠳᠤ᠂ ᠨᠠᠰᠤᠲᠠᠶᠢᠴᠤᠳ ᠲᠤ ᠣᠨᠴᠠᠭᠠᠶᠢᠯᠠᠨ ᠰᠠᠨᠠᠭᠤᠯᠬᠤ ᠨᠢ᠂ ᠨᠠᠰᠤᠲᠠᠶᠢᠴᠤᠳ ᠰᠢᠨ᠎ᠡ | ᠲᠢᠲᠢᠮᠯᠢᠭ ᠠᠭᠤᠰᠬᠢᠨ ᠦᠷᠪᠢᠰᠦᠯ ᠳᠤ ᠨᠡᠷᠪᠡᠭᠳᠡᠪᠡᠯ᠂ ᠲᠣᠭᠲᠠᠪᠤᠷᠢᠵᠢᠭᠤᠯᠬᠤ ᠴᠢᠳᠠᠪᠤᠷᠢ ᠨᠢ ᠪᠠᠭᠤᠷᠠᠳᠠᠭ᠂ | ᠵᠠᠯᠠᠭᠤᠴᠤᠳ ᠲᠤ ᠴᠤ ᠡᠶᠢᠮᠦ ᠲᠥᠷᠥᠭᠳᠡᠯ ᠪᠠᠶᠢᠵᠤ ᠮᠡᠳᠡᠨ᠎ᠡ᠃ ᠬᠠᠯᠠᠭᠤᠷᠠᠭᠰᠠᠨ ᠤ ᠲᠠᠷᠠᠭ᠎ᠠ ᠵᠠᠮ ᠶᠠᠪᠤᠬᠤ ᠳᠤ ᠪᠠᠨ | ᠵᠢᠭᠠᠬᠠᠨ ᠬᠠᠶᠢᠪᠠᠯᠵᠠᠬᠤ ᠪᠣᠯᠣᠨ᠎ᠠ᠂ ᠨᠠᠰᠤᠲᠠᠶᠢᠴᠤᠳ ᠲᠤ ᠡᠶᠢᠮᠦ ᠪᠠᠶᠢᠳᠠᠯ ᠭᠠᠷᠤᠭᠰᠠᠨ ᠤ ᠲᠠᠷᠠᠭ᠎ᠠ ᠮᠠᠰᠢ ᠠᠮᠠᠷᠬᠠᠨ | ᠣᠶᠢᠴᠢᠳᠠᠭ᠂ ᠣᠶᠢᠴᠢᠭᠰᠠᠨ ᠤ ᠲᠠᠷᠠᠭ᠎ᠠ ᠠᠮᠠᠷᠬᠠᠨ ᠶᠠᠰᠤ ᠬᠤᠭᠤᠷᠠᠳᠠᠭ ᠶᠤᠮ᠃ ᠡᠶᠢᠮᠦ ᠠᠴᠠ ᠨᠠᠰᠤᠲᠠᠶᠢᠴᠤᠳ | ᠬᠠᠯᠠᠭᠤᠷᠠᠬᠤ᠂ ᠨᠡᠯᠢᠶᠡᠳ ᠲᠠᠮᠢᠷᠳᠠᠬᠤ ᠦᠶ᠎ᠡ ᠳᠤ ᠣᠶᠢᠴᠢᠬᠤ ᠠᠴᠠ ᠣᠨᠴᠠ ᠰᠡᠷᠭᠡᠶᠢᠯᠡᠬᠦ ᠬᠡᠷᠡᠭᠲᠡᠢ᠃ | ᠶᠠᠮᠠᠷ ᠪᠠᠶᠢᠳᠠᠯ ᠳᠤ ᠨᠠᠰᠤᠲᠠᠶᠢᠴᠤᠳ ᠤᠨ ᠡᠮᠨᠡᠯᠭᠡ ᠳᠤ ᠣᠴᠢᠵᠤ ᠡᠮᠨᠡᠭᠦᠯᠬᠦ ᠶᠢ ᠪᠣᠳᠣᠯᠬᠢᠯᠠᠬᠤ ᠴᠢᠬᠤᠯᠠᠲᠠᠢ ᠪᠣᠶ | ︖ | ᠨᠢᠭᠡᠳᠦᠭᠡᠷ ᠲᠤ᠂ ᠡᠪᠡᠳᠴᠢᠨ ᠤ ᠢᠯᠡᠷᠡᠯ ᠨᠢ ᠦᠷᠭᠦᠯᠵᠢᠯᠡᠬᠦ ᠪᠤᠶᠤ ᠬᠦᠨᠳᠦᠷᠡᠬᠦ᠂ ᠵᠢᠱᠢᠶᠡᠯᠡᠪᠡᠯ ᠦᠷᠭᠦᠯᠵᠢᠯᠡᠨ | ᠬᠠᠯᠠᠭᠤᠷᠠᠬᠤ ᠪᠤᠶᠤ ᠴᠢᠨᠠᠭᠰᠢᠯᠠᠪᠠᠯ ᠬᠦᠨᠳᠦᠷᠡᠬᠦ ᠬᠠᠨᠳᠤᠰᠢ ᠲᠠᠢ᠃ | ᠬᠤᠶᠠᠳᠤᠭᠠᠷ ᠲᠤ᠂ ᠰᠢᠨ᠎ᠡ ᠡᠪᠡᠳᠴᠢᠨ ᠤ ᠰᠢᠨᠵᠢ ᠢᠯᠡᠷᠡᠬᠦ᠂ ᠵᠢᠱᠢᠶᠡᠯᠡᠪᠡᠯ ᠴᠡᠭᠡᠵᠢ ᠡᠪᠡᠳᠬᠦ᠂ ᠠᠮᠢᠰᠬᠤᠯ | ᠴᠢᠬᠤᠯᠳᠠᠬᠤ᠂ ᠥᠳᠬᠡᠨ ᠰᠢᠩᠭᠡᠨ ᠮᠥᠷ ᠠᠯᠳᠠᠭᠳᠠᠬᠤ ᠪᠤᠶᠤ ᠭᠡᠨᠡᠳᠲᠡ ᠮᠥᠴᠢ ᠪᠠᠨ ᠬᠥᠳᠡᠯᠭᠡᠵᠦ ᠳᠡᠶᠢᠯᠬᠦ ᠦᠭᠡᠢ | ᠪᠣᠯᠬᠤ᠂ ᠣᠨᠴᠠᠭᠠᠶᠢᠯᠠᠨ ᠥᠷᠥᠭᠡᠰᠦᠨ ᠲᠠᠯ᠎ᠠ ᠶᠢᠨ ᠮᠥᠴᠢ ᠶᠢᠨ ᠬᠥᠳᠡᠯᠭᠡᠭᠡᠨ ᠬᠢᠵᠦ ᠳᠡᠶᠢᠯᠬᠦ ᠦᠭᠡᠢ ᠪᠣᠯᠬᠤ᠂ | ᠡᠰᠡᠬᠦᠯ᠎ᠡ ᠬᠤᠭᠤᠯᠠ ᠢᠳᠡᠵᠦ ᠳᠡᠶᠢᠯᠬᠦ ᠦᠭᠡᠢ ᠪᠣᠯᠬᠤ᠂ ᠳᠤᠷ᠎ᠠ ᠪᠣᠯᠭᠢᠵᠤ ᠪᠥᠭᠡᠯᠵᠢᠬᠦ ᠪᠠᠶᠢᠳᠠᠯ ᠢᠯᠡᠷᠡᠬᠦ᠂ | ᠡᠰᠡᠬᠦᠯ᠎ᠡ ᠳᠠᠩᠳᠠ ᠤᠨᠲᠠᠬᠤ ᠪᠠᠶᠢᠳᠠᠯ ᠲᠠᠢ ᠪᠣᠯᠬᠤ᠂ ᠬᠥᠮᠥᠨ ᠢ ᠲᠠᠨᠢᠬᠤ ᠦᠭᠡᠢ ᠪᠣᠯᠬᠤ᠂ ᠲᠣᠭᠲᠠᠭᠰᠠᠨ | ᠴᠢᠭᠯᠡᠯ ᠤᠨ ᠰᠠᠭᠠᠳ ᠲᠠᠢ ᠪᠣᠯᠬᠤ ᠵᠡᠷᠭᠡ ᠨᠢ ᠪᠦᠷ ᠠᠶᠤᠯ ᠲᠦᠭᠰᠢᠭᠦᠷᠢ ᠶᠢᠨ ᠳᠣᠬᠢᠶ᠎ᠠ ᠪᠣᠯᠣᠨ᠎ᠠ᠃ | ᠡᠭᠦᠨ ᠠᠴᠠ ᠭᠠᠳᠠᠨ᠎ᠠ᠂ ᠰᠠᠭᠤᠷᠢ ᠡᠪᠡᠳᠴᠢᠨ ᠨᠢ ᠬᠦᠨᠳᠦᠷᠡᠬᠦ᠂ ᠵᠢᠱᠢᠶᠡᠯᠡᠪᠡᠯ ᠨᠠᠰᠤᠲᠠᠶᠢᠴᠤᠳ ᠤᠤᠯ ᠳᠤ ᠪᠠᠨ | ᠵᠢᠷᠦᠬᠡᠨ ᠤ ᠲᠢᠲᠢᠮ ᠡᠪᠡᠳᠴᠢᠨ ᠲᠠᠢ ᠪᠣᠯ᠂ ᠵᠢᠷᠦᠬᠡ ᠪᠠᠵᠠᠯᠠᠨ ᠡᠪᠡᠳᠬᠦ ᠢᠯᠡᠷᠡᠯ ᠲᠠᠢ᠂ ᠤᠤᠯ ᠨᠢ ᠠᠭᠤᠰᠬᠢᠨ ᠤ | ᠠᠷᠬᠠᠭ ᠡᠪᠡᠳᠴᠢᠨ ᠪᠤᠶᠤ ᠠᠭᠰᠠᠭ᠎ᠠ ᠲᠠᠢ ᠪᠣᠯ᠂ ᠠᠭᠤᠰᠬᠢᠨ ᠤ ᠠᠷᠬᠠᠭ ᠡᠪᠡᠳᠴᠢᠨ ᠪᠠ ᠠᠭᠰᠠᠭ᠎ᠠ ᠨᠢ ᠬᠦᠨᠳᠦᠷᠡᠬᠦ | ᠢᠯᠡᠷᠡᠯ ᠲᠠᠢ ᠪᠠᠶᠢᠵᠤ᠂ ᠬᠦᠨᠳᠦᠷᠡᠬᠦ ᠦᠶ᠎ᠡ ᠳᠤ ᠨᠠᠰᠤᠲᠠᠶᠢᠴᠤᠳ ᠡᠷᠬᠡᠪᠰᠢ ᠡᠮᠨᠡᠭᠦᠯᠬᠦ ᠴᠢᠬᠤᠯᠠᠲᠠᠢ ᠶᠢ | ᠣᠨᠴᠠᠭᠠᠶᠢᠯᠠᠨ ᠰᠠᠨᠠᠭᠤᠯᠵᠤ ᠪᠠᠶᠢᠨ᠎ᠠ᠃ | | ᠡᠭᠦᠨ ᠠᠴᠠ ᠭᠠᠳᠠᠨ᠎ᠠ᠂ ᠵᠠᠷᠢᠮ ᠰᠠᠭᠤᠷᠢ ᠡᠪᠡᠳᠴᠢᠨ ᠤ ᠲᠣᠰ ᠪᠡᠶ᠎ᠡ ᠨᠢ ᠲᠣᠭᠲᠠᠭᠤᠨ ᠪᠤᠰᠤ ᠪᠠᠶᠢᠳᠠᠭ᠂ | ᠵᠢᠱᠢᠶᠡᠯᠡᠪᠡᠯ ᠠᠮᠢᠰᠬᠤᠯ ᠤᠨ ᠰᠢᠰᠲ᠋ᠧᠮ ᠤᠨ ᠬᠦᠨᠳᠦ ᠡᠪᠡᠳᠴᠢᠨ ᠲᠠᠢ᠂ ᠵᠢᠷᠦᠬᠡᠨ ᠤ ᠬᠦᠨᠳᠦ ᠡᠪᠡᠳᠴᠢᠨ ᠲᠠᠢ᠂ | ᠡᠰᠡᠬᠦᠯ᠎ᠡ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠸᠠᠺᠼᠢᠨ ᠤ ᠲᠠᠷᠢᠯᠭ᠎ᠠ ᠬᠢᠭᠰᠡᠨ ᠦᠭᠡᠢ 80 | ᠨᠠᠰᠤᠨ ᠠᠴᠠ ᠳᠡᠭᠡᠭᠰᠢᠬᠢ ᠨᠠᠰᠤᠲᠠᠶᠢᠴᠤᠳ ᠪᠣᠯ ᠬᠦᠨᠳᠦ ᠢᠯᠡᠷᠡᠯ ᠲᠠᠢ ᠰᠢᠨ᠎ᠡ ᠲᠢᠲᠢᠮᠯᠢᠭ ᠠᠭᠤᠰᠬᠢᠨ ᠦᠷᠪᠢᠰᠦᠯ᠂ | ᠠᠶᠤᠯ ᠶᠡᠬᠡᠲᠡᠢ ᠬᠥᠮᠥᠰ ᠤᠨ ᠳᠤᠮᠳᠠ ᠠᠶᠤᠯ ᠶᠡᠬᠡᠲᠡᠢ ᠬᠥᠮᠥᠰ ᠪᠣᠯᠬᠤᠷ ᠣᠨᠴᠠᠭᠠᠶ ᠠᠩᠬᠠᠷᠬᠤ ᠴᠢᠬᠤᠯᠠᠲᠠᠢ ᠶᠤᠮ᠃ | | ᠶᠠᠭᠠᠬᠢᠭᠠᠳ ᠸᠠᠺᠼᠢᠨ ᠤ ᠲᠠᠷᠢᠯᠭ᠎ᠠ ᠬᠢᠭᠰᠡᠨ ᠦᠭᠡᠢ ᠨᠠᠰᠤᠲᠠᠶᠢᠴᠤᠳ ᠤᠨ ᠠᠶᠤᠯ ᠲᠦᠭᠰᠢᠭᠦᠷᠢ ᠨᠢ ᠶᠡᠭᠡ | ᠪᠠᠶᠢᠳᠠᠭ ᠪᠣᠶ︖ | ᠡᠭᠦᠨ ᠳᠤ ᠬᠤᠶᠠᠷ ᠰᠢᠯᠲᠠᠭᠠᠨ ᠪᠣᠶ᠂ ᠨᠢᠭᠡ ᠳᠤ᠂ ᠨᠠᠰᠤ ᠨᠢ ᠨᠡᠮᠡᠭᠳᠡᠬᠦ ᠶᠢ ᠳᠠᠭᠠᠯᠳᠤᠨ᠂ ᠲᠡᠭᠦᠨ ᠤ | ᠡᠭᠡᠯᠢᠯᠡᠭᠡ ᠶᠢᠨ ᠴᠢᠳᠠᠪᠤᠷᠢ ᠨᠢ ᠮᠠᠭᠤᠳᠠᠵᠤ ᠪᠠᠶᠢᠨ᠎ᠠ᠂ ᠬᠤᠶᠠᠷ ᠲᠤ᠂ ᠣᠯᠠᠩᠬᠢ ᠨᠠᠰᠤᠲᠠᠶᠢᠴᠤᠳ ᠴᠥᠮ ᠰᠠᠭᠤᠷᠢ | ᠴᠢᠨᠠᠷᠲᠠᠢ ᠡᠪᠡᠳᠴᠢᠨ ᠳᠤ ᠨᠡᠷᠪᠡᠭᠳᠡᠵᠦ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠳᠤ ᠨᠡᠷᠪᠡᠭᠳᠡᠭᠰᠡᠨ ᠤ ᠳᠠᠷᠠᠭ᠎ᠠ᠂ | ᠡᠨᠡ ᠬᠦ ᠰᠠᠭᠤᠷᠢ ᠴᠢᠨᠠᠷᠲᠠᠢ ᠡᠪᠡᠳᠴᠢᠨ ᠢ ᠬᠦᠨᠳᠦᠷᠡᠬᠦ ᠲᠦᠭᠰᠢᠭᠦᠷᠢ ᠲᠠᠢ ᠪᠠᠶᠢᠳᠠᠭ᠃ | ᠡᠶᠢᠮᠦ ᠪᠠᠶᠢᠳᠠᠯ ᠳᠣᠣᠷ᠎ᠠ᠂ ᠨᠠᠰᠤᠲᠠᠶᠢᠴᠤᠳ ᠭᠠᠭᠴᠠᠭᠠᠷ ᠰᠠᠭᠤᠵᠤ ᠪᠠᠶᠢᠭᠰᠠᠨ ᠴᠤ ᠲᠡᠷᠡ᠂ ᠭᠡᠷ ᠤᠨ | ᠬᠥᠮᠥᠰ ᠲᠠᠢ ᠪᠠᠨ ᠬᠠᠮᠲᠤ ᠰᠠᠭᠤᠵᠤ ᠪᠠᠶᠢᠭᠰᠠᠨ ᠴᠤ ᠲᠡᠷᠡ᠂ ᠸᠠᠺᠼᠢᠨ ᠤ ᠲᠠᠷᠢᠯᠭ᠎ᠠ ᠶᠢ ᠬᠢᠵᠦ ᠳᠠᠭᠤᠰᠬᠠᠭᠰᠠᠨ | ᠦᠭᠡᠢ ᠯᠡ ᠶᠤᠮ ᠪᠣᠯ᠂ ᠲᠠᠷᠢᠯᠭ᠎ᠠ ᠶᠢ ᠬᠢᠵᠦ ᠳᠠᠭᠤᠰᠬᠠᠬᠤ ᠶᠢ ᠰᠠᠨᠠᠭᠤᠯᠵᠤ ᠪᠠᠶᠢᠨ᠎ᠠ᠃ ᠡᠭᠦᠨ ᠳᠤ ᠪᠥᠬᠦ | ᠶᠠᠪᠤᠴᠠ ᠶᠢᠨ ᠲᠠᠷᠢᠯᠭ᠎ᠠ᠂ ᠴᠢᠩᠭᠠᠳᠬᠠᠬᠤ ᠲᠠᠷᠢᠯᠭ᠎ᠠ ᠶᠢ ᠪᠠᠭᠲᠠᠭᠠᠨ᠎ᠠ᠃ | ᠡᠭᠦᠨ ᠠᠴᠠ ᠡᠮᠦᠨ᠎ᠡ ᠨᠥᠬᠦᠴᠡᠯ ᠳᠤ ᠨᠡᠶᠢᠴᠡᠬᠦ ᠦᠭᠡᠢ ᠨᠠᠰᠤᠲᠠᠶᠢᠴᠤᠳ ᠲᠤ ᠬᠡᠵᠢᠶᠡᠳᠡ ᠰᠢᠨ᠎ᠡ ᠲᠢᠲᠢᠮᠯᠢᠭ | ᠠᠭᠤᠰᠬᠢᠨ ᠦᠷᠪᠢᠰᠦᠯ ᠤᠨ ᠸᠠᠺᠼᠢᠨ ᠤ ᠲᠠᠷᠢᠯᠭ᠎ᠠ ᠬᠢᠵᠦ ᠪᠣᠯᠬᠤ ᠦᠭᠡᠢ ᠦᠦ︖ | ᠸᠠᠺᠼᠢᠨ ᠤ ᠲᠠᠷᠢᠯᠭ᠎ᠠ ᠬᠢᠬᠦ ᠶᠠᠪᠤᠴᠠ ᠳᠤ ᠪᠢᠳᠡ ᠡᠶᠢᠮᠦ ᠨᠢᠭᠡᠨ ᠴᠢᠩᠭ᠎ᠠ ᠴᠡᠭᠡᠷ ᠪᠠᠶᠢᠳᠠᠭ᠂ ᠲᠤᠬᠠᠶᠢᠯᠠᠪᠠᠯ | ᠸᠠᠺᠼᠢᠨ ᠤ ᠲᠠᠷᠢᠯᠭ᠎ᠠ ᠬᠢᠭᠰᠡᠨ ᠤ ᠳᠠᠷᠠᠭ᠎ᠠ ᠬᠦᠨᠳᠦ ᠨᠣᠴᠢᠲᠠᠢ ᠬᠠᠷᠰᠢᠮᠠᠲᠠᠭᠠᠢ ᠤᠷᠪᠠᠯ ᠭᠠᠷᠤᠭᠰᠠᠨ ᠪᠣᠯ ᠡᠨᠡ ᠬᠦ | ᠸᠠᠺᠼᠢᠨ ᠢ ᠳᠠᠬᠢᠵᠤ ᠳᠠᠷᠢᠵᠤ ᠪᠣᠯᠬᠤ ᠦᠭᠡᠢ᠃ ᠪᠤᠰᠤᠳ ᠣᠯᠠᠩᠬᠢ ᠪᠠᠶᠢᠳᠠᠯ ᠨᠢ ᠴᠥᠮ ᠠᠯᠭᠤᠷ ᠲᠠᠷᠢᠯᠭ᠎ᠠ ᠬᠢᠵᠦ | ᠪᠣᠯᠬᠤ ᠪᠠᠶᠢᠳᠠᠯ ᠳᠤ ᠲᠣᠭᠠᠴᠠᠭᠳᠠᠨ᠎ᠠ᠂ ᠡᠭᠦᠨ ᠳᠤ ᠡᠮᠦᠨᠡᠬᠢ ᠬᠤᠭᠤᠴᠠᠭᠠᠨ ᠳᠤ ᠰᠠᠭᠤᠷᠢ ᠴᠢᠨᠠᠷᠲᠠᠢ | ᠡᠪᠡᠳᠴᠢᠨ ᠠᠴᠠ ᠪᠣᠯᠵᠤ ᠦᠨᠡᠯᠡᠨ ᠵᠢᠱᠢᠬᠦ ᠶᠠᠪᠤᠴᠠ ᠳᠤ ᠸᠠᠺᠼᠢᠨ ᠤ ᠲᠠᠷᠢᠯᠭ᠎ᠠ ᠬᠢᠵᠦ ᠪᠣᠯᠬᠤ ᠦᠭᠡᠢ ᠪᠠᠶᠢᠳᠠᠯ ᠢ | ᠪᠠᠭᠲᠠᠭᠠᠨ᠎ᠠ᠂ ᠡᠭᠦᠨ ᠳᠤ ᠣᠯᠠᠩᠬᠢ ᠨᠢ ᠠᠯᠭᠤᠷ ᠲᠠᠷᠢᠯᠭ᠎ᠠ ᠬᠢᠬᠦ ᠪᠠᠶᠢᠳᠠᠯ ᠳᠤ ᠲᠣᠭᠠᠴᠠᠭᠳᠠᠨ᠎ᠠ᠃ | | ᠬᠡᠷᠪᠡ ᠨᠠᠰᠤᠲᠠᠶᠢᠴᠤᠳ ᠰᠠᠭᠤᠷᠢ ᠴᠢᠨᠠᠷᠲᠠᠢ ᠡᠪᠡᠳᠴᠢᠨ ᠲᠠᠢ ᠪᠣᠯ ᠡᠬᠢᠨ ᠤ ᠬᠤᠭᠤᠴᠠᠭᠠᠨ ᠳᠤ ᠲᠦᠷᠭᠡᠨ | ᠴᠢᠨᠠᠷᠲᠠᠢ ᠬᠥᠳᠡᠯᠬᠦ ᠬᠤᠭᠤᠴᠠᠭᠠᠨ ᠳᠤ ᠣᠷᠣᠰᠢᠵᠤ᠂ ᠬᠡᠰᠡᠭ ᠬᠤᠭᠤᠴᠠᠭ᠎ᠠ ᠡᠮᠨᠡᠭᠦᠯᠦᠭᠰᠡᠨ ᠤ ᠳᠠᠷᠠᠭ᠎ᠠ ᠲᠣᠭᠲᠠᠮᠠᠯ | ᠬᠤᠭᠤᠴᠠᠭᠠᠨ ᠳᠤ ᠣᠷᠣᠰᠢᠬᠤ᠂ ᠥᠭᠡᠷ᠎ᠡ ᠪᠠᠷ ᠬᠡᠯᠡᠪᠡᠯ ᠣᠨᠴᠠᠭᠠᠶ ᠵᠠᠰᠠᠯ ᠠᠴᠠ ᠪᠣᠯᠵᠤ ᠸᠠᠺᠼᠢᠨ ᠤ ᠲᠠᠷᠢᠯᠭ᠎ᠠ | ᠬᠢᠵᠦ ᠪᠣᠯᠬᠤ ᠦᠭᠡᠢ ᠪᠠᠶᠢᠭᠰᠠᠨ ᠪᠣᠯ᠂ ᠡᠶᠢᠮᠦᠷᠬᠦᠦ ᠣᠨᠴᠠᠭᠠᠶ ᠵᠠᠰᠠᠯ ᠨᠢ ᠳᠠᠭᠤᠰᠤᠭᠰᠠᠨ ᠤ ᠳᠠᠷᠠᠭ᠎ᠠ ᠡᠲᠡᠭᠡᠷ | ᠬᠥᠮᠥᠰ ᠴᠥᠮ ᠲᠠᠷᠢᠯᠭ᠎ᠠ ᠬᠢᠬᠦ ᠶᠢ ᠪᠣᠳᠣᠯᠬᠢᠯᠠᠵᠤ ᠪᠣᠯᠣᠨ᠎ᠠ᠃ ᠢᠯᠠᠩᠭᠤᠶ᠎ᠠ ᠣᠳᠣᠬᠠᠨ ᠳᠤ ᠡᠶᠢᠮᠦᠷᠬᠦᠦ ᠬᠢᠵᠢᠭ | ᠳᠡᠯᠭᠡᠷᠡᠬᠦ ᠬᠦᠴᠦᠯᠡᠴᠡ ᠨᠢ ᠨᠡᠯᠢᠶᠡᠳ ᠴᠢᠩᠭ᠎ᠠ᠂ ᠬᠠᠯᠳᠠᠪᠤᠷᠢᠯᠠᠬᠤ ᠡᠬᠢ ᠰᠤᠷᠪᠤᠯᠵᠢ ᠨᠢ ᠨᠡᠯᠢᠶᠡᠳ ᠠᠷᠪᠢᠨ ᠪᠠᠶᠢᠬᠤ | ᠪᠠᠶᠢᠳᠠᠯ ᠳᠣᠣᠷ᠎ᠠ᠂ ᠡᠲᠡᠭᠡᠷ ᠬᠥᠮᠥᠰ ᠲᠤ ᠳᠠᠬᠢᠨᠲᠠ ᠦᠨᠡᠯᠡᠨ ᠵᠢᠱᠢᠯᠲᠡ ᠬᠢᠵᠦ ᠲᠠᠷᠢᠯᠭ᠎ᠠ ᠬᠢᠵᠦ ᠪᠣᠯᠬᠤ ᠳᠤ | ᠬᠦᠷᠪᠡᠯ ᠳᠠᠷᠤᠢ ᠲᠠᠷᠢᠯᠭ᠎ᠠ ᠬᠢᠵᠦ ᠪᠣᠯᠣᠨ᠎ᠠ᠃ | ᠵᠢᠷᠦᠬᠡ ᠴᠢᠰᠤᠨ ᠰᠤᠳᠠᠯ ᠤᠨ ᠡᠪᠡᠳᠴᠢᠲᠡᠨ | ᠵᠢᠷᠦᠬᠡ ᠴᠢᠰᠤᠨ ᠰᠤᠳᠠᠯ ᠤᠨ ᠡᠪᠡᠳᠴᠢᠲᠡᠨ ᠲᠣᠳᠣᠯᠠᠭᠰᠠᠨ ᠡᠪᠡᠳᠴᠢᠨ ᠤ ᠵᠢᠱᠢᠶ᠎ᠡ ᠪᠠᠷ ᠣᠨᠣᠰᠢᠯᠠᠭᠳᠠᠭᠰᠠᠨ ᠤ | ᠳᠠᠷᠠᠭ᠎ᠠ᠂ ᠭᠡᠷ ᠲᠤ ᠪᠠᠨ ᠡᠮᠨᠡᠨ ᠵᠠᠰᠠᠬᠤ ᠳᠤ ᠶᠠᠭᠤ ᠶᠢ ᠠᠩᠬᠠᠷᠪᠠᠯ ᠵᠣᠬᠢᠬᠤ ᠪᠣᠢ︖ | ᠤᠤᠯ ᠨᠢ ᠵᠢᠷᠦᠬᠡ ᠴᠢᠰᠤᠨ ᠰᠤᠳᠠᠯ ᠤᠨ ᠰᠠᠭᠤᠷᠢ ᠡᠪᠡᠳᠴᠢᠨ ᠲᠠᠢ ᠬᠥᠮᠥᠰ ᠰᠢᠨ᠎ᠡ ᠲᠢᠲᠢᠮᠯᠢᠭ ᠠᠭᠤᠰᠬᠢᠨ | ᠦᠷᠪᠢᠰᠦᠯ ᠳᠤ ᠨᠡᠷᠪᠡᠭᠳᠡᠭᠰᠡᠨ ᠴᠦ ᠰᠠᠨᠠᠭ᠎ᠠ ᠵᠣᠪᠠᠭ᠋ᠤ ᠬᠡᠷᠡᠭ ᠦᠭᠡᠢ᠂ ᠲᠡᠳᠡ ᠭᠡᠷ ᠲᠤ ᠪᠠᠨ ᠰᠠᠭᠤᠵᠤ ᠤᠤᠯ ᠤᠨ | ᠡᠪᠡᠳᠴᠢᠨ ᠢᠶᠠᠨ ᠰᠠᠶᠢᠲᠤᠷ ᠵᠠᠰᠠᠭᠤᠯᠬᠤ ᠬᠡᠷᠡᠭᠲᠡᠢ᠂ ᠲᠡᠳᠡᠨᠦᠰ ᠤᠨ ᠣᠯᠠᠩᠬᠢ ᠨᠢ ᠪᠦᠷ ᠵᠢᠷᠦᠬᠡᠨ ᠤ ᠲᠢᠲᠢᠮ | ᠡᠪᠡᠳᠴᠢᠨ᠂ ᠴᠢᠰᠤᠨ ᠳᠠᠷᠤᠯᠲᠠ ᠥᠨᠳᠥᠷ ᠡᠪᠡᠳᠴᠢᠨ ᠪᠤᠶᠤ ᠵᠢᠷᠦᠬᠡ ᠮᠠᠭᠤᠳᠠᠬᠤ ᠮᠡᠲᠦ ᠶᠢᠨ ᠡᠪᠡᠳᠴᠢᠨ ᠳᠤ | ᠨᠡᠷᠪᠡᠭᠳᠡᠵᠦ᠂ ᠪᠦᠷ ᠰᠠᠭᠤᠷᠢ ᠡᠪᠡᠳᠴᠢᠨ ᠤ ᠡᠮ ᠤᠤᠭᠤᠵᠤ ᠪᠠᠶᠢᠳᠠᠭ᠃ | ᠶᠡᠭᠡ ᠪᠠᠷ ᠬᠠᠯᠠᠭᠤᠷᠠᠭᠰᠠᠨ ᠤ ᠳᠠᠷᠠᠭ᠎ᠠ ᠤᠰᠤ ᠠᠷᠪᠢᠨ ᠤᠤᠭᠤᠪᠠᠯ ᠵᠢᠷᠦᠬᠡ ᠮᠠᠭᠤᠳᠠᠬᠤ ᠢᠯᠡᠷᠡᠯ ᠢ | ᠨᠥᠯᠥᠭᠡᠯᠡᠵᠦ ᠮᠡᠳᠡᠨ᠎ᠡ᠂ ᠵᠢᠱᠢᠶᠡᠯᠡᠪᠡᠯ ᠪᠤᠯᠴᠢᠩ ᠮᠢᠬ᠎ᠠ ᠱᠠᠷᠬᠢᠷᠠᠵᠤ ᠡᠪᠡᠳᠬᠦ ᠶᠢ ᠨᠠᠮᠳᠠᠭᠤᠯᠬᠤ ᠡᠮ ᠪᠠ ᠵᠢᠷᠦᠬᠡ | ᠴᠢᠰᠤᠨ ᠰᠤᠳᠠᠯ ᠤᠨ ᠵᠠᠰᠠᠯ ᠤᠨ ᠡᠮ ᠵᠡᠷᠭᠡ ᠨᠢ ᠣᠳᠣᠬᠠᠨ ᠳᠤ ᠲᠡᠳᠡᠭᠡᠷ ᠤᠨ ᠬᠤᠭᠤᠷᠣᠨᠳᠣᠬᠢ ᠡᠰᠡᠷᠭᠦ | ᠦᠢᠯᠡᠳᠦᠯ ᠢ ᠬᠠᠷᠠᠬᠠᠨ ᠣᠯᠵᠤ ᠮᠡᠳᠡᠭᠡᠳᠦᠢ᠂ ᠡᠶᠢᠮᠦ ᠠᠴᠠ ᠰᠠᠨᠠᠭ᠎ᠠ ᠵᠣᠪᠠᠭᠰᠠᠨ ᠤ ᠬᠡᠷᠡᠭ ᠠᠯᠠᠭ᠎ᠠ᠃ ᠤᠴᠢᠷ ᠨᠢ | ᠠᠩᠬᠠᠷᠬᠤ ᠴᠢᠬᠤᠯᠠᠲᠠᠢ ᠭᠤᠣᠯ ᠠᠰᠠᠭᠤᠳᠠᠯ ᠭᠡᠪᠡᠯ ᠵᠢᠷᠦᠬᠡ ᠴᠢᠰᠤᠨ ᠰᠤᠳᠠᠯ ᠤᠨ ᠡᠪᠡᠳᠴᠢᠨ ᠢ ᠡᠭᠦᠰᠬᠡᠬᠦ ᠪᠠ | ᠬᠦᠨᠳᠦᠷᠡᠭᠦᠯᠬᠦ ᠶᠠᠪᠤᠳᠠᠯ ᠪᠠᠶᠢᠵᠤ᠂ ᠵᠢᠷᠦᠬᠡᠨ ᠤ ᠰᠠᠭᠤᠷᠢ ᠡᠪᠡᠳᠴᠢᠨ ᠢ ᠰᠠᠶᠢᠲᠤᠷ ᠵᠠᠰᠠᠬᠤ ᠳᠤ᠂ ᠤᠤᠯ ᠤᠨ | ᠪᠠᠶᠢᠭᠰᠠᠨ ᠵᠢᠷᠦᠬᠡ ᠴᠢᠰᠤᠨ ᠰᠤᠳᠠᠯ ᠤᠨ ᠡᠪᠡᠳᠴᠢᠨ ᠤ ᠡᠮ ᠢᠶᠠᠨ ᠰᠠᠶᠢᠲᠤᠷ ᠬᠡᠷᠡᠭᠯᠡᠵᠦ᠂ ᠪᠡᠶ᠎ᠡ ᠮᠠᠬᠠᠪᠤᠳ ᠤᠨ | ᠡᠭᠡᠯᠢᠯᠡᠭᠡ ᠶᠢᠨ ᠴᠢᠳᠠᠯ ᠢᠶᠠᠨ ᠨᠡᠮᠡᠭᠳᠡᠭᠦᠯᠦᠨ᠂ ᠤᠨᠲᠠᠯᠭ᠎ᠠ ᠪᠠᠨ ᠰᠠᠶᠢᠵᠢᠷᠠᠭᠤᠯᠵᠤ᠂ ᠪᠤᠬᠢᠨᠢᠳᠤᠵᠤ ᠵᠣᠪᠠᠭ᠋ᠤ ᠪᠣᠳᠣᠯ ᠢ | ᠲᠡᠪᠴᠢᠬᠦ ᠬᠡᠷᠡᠭᠲᠡᠢ᠃ ᠣᠯᠠᠩᠬᠢ ᠵᠢᠷᠦᠬᠡᠨ ᠤ ᠡᠪᠡᠳᠴᠢᠲᠡᠨ ᠨᠢ ᠮᠠᠰᠢ ᠣᠯᠠᠨ ᠨᠠᠵᠠᠭᠠᠢ ᠰᠤᠷᠠᠭ ᠴᠢᠮᠡᠭᠡ ᠶᠢ ᠣᠯᠵᠤ | ᠰᠣᠨᠣᠰᠤᠭᠰᠠᠭᠠᠷ ᠳᠠᠷᠤᠢ ᠡᠪᠡᠳᠴᠢᠨ ᠨᠢ ᠬᠦᠨᠳᠦᠷᠡᠳᠡᠭ᠃ ᠡᠶᠢᠮᠦ ᠠᠴᠠ ᠠᠶᠤᠵᠤ ᠰᠦᠷᠳᠡᠭᠰᠡᠨ ᠤ ᠬᠡᠷᠡᠭ ᠦᠭᠡᠢ᠂ | ᠡᠶᠢᠮᠦᠷᠬᠦᠦ ᠰᠡᠳᠬᠢᠴᠡ ᠶᠢ ᠢᠯᠠᠨ ᠳᠠᠪᠠᠭ᠋ᠤ ᠬᠡᠷᠡᠭᠲᠡᠢ᠃ ᠡᠭᠦᠨ ᠠᠴᠠ ᠭᠠᠳᠠᠨ᠎ᠠ ᠤᠷᠲᠤ ᠬᠤᠭᠤᠴᠠᠭ᠎ᠠ ᠪᠠᠷ | ᠤᠤᠭᠤᠵᠤ ᠪᠠᠶᠢᠭᠰᠠᠨ ᠵᠢᠷᠦᠬᠡ ᠴᠢᠰᠤᠨ ᠰᠤᠳᠠᠯ ᠤᠨ ᠡᠪᠡᠳᠴᠢᠨ ᠢ ᠰᠡᠷᠭᠡᠶᠢᠯᠡᠨ ᠬᠢᠵᠠᠭᠠᠷᠯᠠᠬᠤ ᠡᠮ ᠢᠶᠠᠨ | ᠵᠣᠭᠰᠣᠭᠠᠵᠤ ᠪᠣᠯᠬᠤ ᠦᠭᠡᠢ᠂ ᠡᠮ ᠤᠤᠭᠤᠬᠤ ᠪᠠᠨ ᠵᠣᠭᠰᠣᠪᠠᠯ ᠡᠪᠡᠳᠴᠢᠨ ᠢ ᠡᠭᠦᠰᠬᠡᠬᠦ ᠪᠤᠶᠤ ᠬᠦᠨᠳᠦᠷᠡᠭᠦᠯᠵᠦ | ᠮᠡᠳᠡᠨ᠎ᠡ᠃ ᠬᠡᠷᠪᠡ ᠦᠷᠭᠦᠯᠵᠢᠯᠡᠭᠰᠡᠨ ᠴᠢᠨᠠᠷᠲᠠᠢ ᠴᠡᠭᠡᠵᠢ ᠡᠪᠡᠳᠬᠦ ᠳᠤ ᠬᠦᠷᠪᠡᠯ ᠡᠮᠨᠡᠯᠭᠡ ᠳᠤ ᠣᠴᠢᠵᠤ | ᠪᠠᠶᠢᠴᠠᠭᠠᠯᠭᠠᠬᠤ ᠬᠡᠷᠡᠭᠲᠡᠢ᠃ ᠡᠮᠨᠡᠯᠭᠡ ᠶᠢᠨ ᠬᠤᠷᠢᠶ᠎ᠠ 24 ᠴᠠᠭ ᠲᠤ ᠪᠦᠷ ᠨᠡᠭᠡᠭᠡᠯᠲᠡᠲᠡᠢ ᠪᠠᠶᠢᠵᠤ᠂ ᠤᠯᠠᠮ ᠨᠢᠭᠡ | ᠠᠯᠬᠤᠮ ᠣᠨᠣᠰᠢᠯᠠᠬᠤ ᠪᠠ ᠡᠮᠨᠡᠨ ᠵᠠᠰᠠᠭᠤᠯᠵᠤ ᠪᠣᠯᠣᠨ᠎ᠠ᠃ | ᠵᠢᠷᠦᠬᠡ ᠴᠢᠰᠤᠨ ᠰᠤᠳᠠᠯ ᠤᠨ ᠡᠪᠡᠳᠴᠢᠲᠡᠨ ᠬᠠᠯᠳᠠᠪᠤᠷᠢᠯᠠᠯ ᠢ ᠬᠡᠷᠬᠢᠨ ᠰᠡᠷᠭᠡᠶᠢᠯᠡᠬᠦ ᠪᠣᠢ︖ | ᠤᠤᠯ ᠳᠤ ᠪᠠᠨ ᠵᠢᠷᠦᠬᠡ ᠴᠢᠰᠤᠨ ᠰᠤᠳᠠᠯ ᠤᠨ ᠡᠪᠡᠳᠴᠢᠨ ᠲᠠᠢ ᠬᠥᠮᠥᠰ᠂ ᠣᠨᠴᠠᠭᠠᠶᠢᠯᠠᠨ ᠴᠢᠰᠤᠨ ᠳᠠᠷᠤᠯᠲᠠ | ᠥᠨᠳᠥᠷ᠂ ᠵᠢᠷᠦᠬᠡᠨ ᠤ ᠲᠢᠲᠢᠮ ᠡᠪᠡᠳᠴᠢᠨ᠂ ᠵᠢᠷᠦᠬᠡ ᠮᠠᠭᠤᠳᠠᠬᠤ ᠵᠡᠷᠭᠡ ᠡᠪᠡᠳᠴᠢᠲᠡᠨ᠂ ᠪᠠᠰᠠ ᠵᠢᠷᠦᠬᠡᠨ ᠤ ᠵᠠᠰᠠᠯ | ᠬᠢᠯᠭᠡᠭᠰᠡᠨ ᠡᠪᠡᠳᠴᠢᠲᠡᠨ᠂ ᠡᠰᠡᠬᠦᠯ᠎ᠡ ᠵᠢᠷᠦᠬᠡᠨ ᠤ ᠭᠠᠳᠠᠷ ᠮᠡᠰᠡ ᠵᠠᠰᠠᠯ ᠬᠢᠯᠭᠡᠭᠰᠡᠨ ᠡᠪᠡᠳᠴᠢᠲᠡᠨ ᠭᠡᠷ ᠲᠤ ᠪᠠᠨ | ᠰᠠᠭᠤᠬᠤ ᠳᠤ ᠪᠠᠨ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠠᠯᠳᠠᠪᠤᠷᠢᠯᠠᠯ ᠠᠴᠠ ᠣᠨᠴᠠᠭᠠᠶᠢᠯᠠᠨ ᠰᠡᠷᠭᠡᠶᠢᠯᠡᠬᠦ | ᠬᠡᠷᠡᠭᠲᠡᠢ᠃ | ᠳᠣᠣᠷᠠᠬᠢ ᠳᠥᠷᠪᠡᠨ ᠲᠠᠯ᠎ᠠ ᠨᠢ ᠣᠯᠠᠨ ᠤᠯᠤᠰ ᠤᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ ᠠᠴᠠ | ᠲᠣᠭᠲᠠᠭᠠᠭᠰᠠᠨ ᠭᠡᠷ ᠪᠦᠯᠢ ᠶᠢᠨ ᠠᠮᠢᠳᠤᠷᠠᠯ ᠤᠨ ᠵᠠᠷᠴᠢᠮ ᠪᠣᠯᠣᠨ᠎ᠠ᠄ | ᠨᠢᠭᠡᠳᠦᠭᠡᠷ ᠲᠤ᠂ ᠢᠳᠡᠭᠡᠨ ᠤᠮᠳᠠᠭᠠᠨ ᠢᠶᠠᠨ ᠵᠣᠬᠢᠰᠲᠠᠢ ᠪᠠᠶᠢᠯᠭᠠᠬᠤ ᠬᠡᠷᠡᠭᠲᠡᠢ᠃ ᠰᠢᠬᠢᠷ ᠲᠣᠰᠣ ᠳᠠᠪᠤᠰᠤ ᠶᠢ | ᠬᠡᠲᠦᠷᠡᠲᠡᠯ᠎ᠡ ᠢᠳᠡᠪᠡᠯ ᠯᠠᠪᠲᠠᠢ ᠡᠷᠡᠭᠦᠯ ᠮᠡᠨᠳᠦ ᠳᠤ ᠠᠰᠢᠭ ᠦᠭᠡᠢ ᠪᠠᠶᠢᠵᠤ᠂ ᠵᠢᠷᠦᠬᠡᠨ ᠤ ᠳᠠᠭᠠᠭᠠᠴᠠ ᠶᠢ | ᠨᠡᠮᠡᠭᠳᠡᠭᠦᠯᠦᠨ᠎ᠡ᠂ ᠡᠶᠢᠮᠦ ᠠᠴᠠ ᠵᠠᠪᠠᠯ ᠰᠢᠬᠢᠷ ᠲᠣᠰᠣ ᠳᠠᠪᠤᠰᠤ ᠢᠳᠡᠬᠦ ᠬᠡᠮᠵᠢᠶ᠎ᠡ ᠪᠠᠨ ᠬᠢᠵᠠᠭᠠᠷᠯᠠᠬᠤ ᠬᠡᠷᠡᠭᠲᠡᠢ᠃ | ᠬᠤᠶᠠᠳᠤᠭᠠᠷ ᠲᠤ᠂ ᠲᠠᠮᠠᠬᠢ ᠪᠠᠨ ᠵᠣᠭᠰᠣᠵᠤ ᠠᠷᠢᠬᠢ ᠪᠠᠨ ᠬᠢᠵᠠᠭᠠᠷᠯᠠᠨ᠎ᠠ᠃ ᠣᠯᠠᠩᠬᠢ ᠬᠥᠮᠥᠰ 65 | ᠭᠷᠡᠳᠦ᠋ᠰ ᠠᠴᠠ ᠳᠡᠭᠡᠭᠰᠢᠬᠢ ᠠᠷᠢᠬᠢ ᠨᠢ ᠰᠢᠨ᠎ᠡ ᠲᠢᠲᠢᠮᠯᠢᠭ ᠸᠢᠷᠦ᠋ᠰ ᠢ ᠠᠯᠠᠵᠤ ᠳᠡᠶᠢᠯᠦᠨ᠎ᠡ ᠭᠡᠵᠦ ᠦᠵᠡᠳᠡᠭ᠂ | ᠭᠡᠪᠡᠴᠦ ᠠᠷᠢᠬᠢ ᠤᠤᠭᠤᠪᠠᠯ ᠯᠠᠪᠲᠠᠢ ᠤᠷᠢᠳ ᠢᠶᠠᠷ ᠵᠢᠷᠦᠬᠡᠨ ᠡᠪᠡᠳᠴᠢᠨ ᠢ ᠬᠥᠳᠡᠯᠭᠡᠨ᠎ᠡ᠃ ᠡᠶᠢᠮᠦ ᠠᠴᠠ | ᠲᠠᠮᠠᠬᠢ ᠪᠠᠨ ᠵᠣᠭᠰᠣᠵᠤ ᠠᠷᠢᠬᠢ ᠪᠠᠨ ᠬᠢᠵᠠᠭᠠᠷᠯᠠᠬᠤ ᠨᠢ ᠵᠢᠷᠦᠬᠡ ᠴᠢᠰᠤᠨ ᠰᠤᠳᠠᠯ ᠤᠨ ᠡᠪᠡᠳᠴᠢᠨ ᠳᠤ ᠯᠠᠪ | ᠠᠰᠢᠭᠲᠠᠢ ᠭᠡᠳᠡᠭ ᠢ ᠣᠯᠠᠨ ᠳᠤ ᠰᠠᠨᠠᠭᠤᠯᠵᠤ ᠪᠠᠶᠢᠨ᠎ᠠ᠃ | ᠭᠤᠷᠪᠠᠳᠤᠭᠠᠷ ᠲᠤ᠂ ᠵᠣᠬᠢᠬᠤ ᠬᠡᠮᠵᠢᠶᠡᠨ ᠤ ᠬᠥᠳᠡᠯᠭᠡᠭᠡᠨ ᠬᠢᠨ᠎ᠡ᠃ ᠭᠡᠷ ᠲᠤ ᠪᠠᠨ ᠪᠠᠶᠢᠬᠤ | ᠬᠤᠭᠤᠴᠠᠭᠠᠨ ᠳᠤ ᠪᠠᠨ ᠵᠢᠷᠦᠬᠡ ᠴᠢᠰᠤᠨ ᠰᠤᠳᠠᠯ ᠤᠨ ᠰᠠᠭᠤᠷᠢ ᠡᠪᠡᠳᠴᠢᠨ ᠲᠠᠢ ᠪᠣᠯ ᠶᠡᠷᠦ ᠳᠤ ᠪᠠᠨ ᠪᠤᠯᠴᠢᠩ ᠤᠨ | ᠬᠥᠳᠡᠯᠭᠡᠭᠡᠨ ᠬᠢᠬᠦ ᠶᠢ ᠠᠩᠬᠠᠷᠴᠤ᠂ ᠬᠦᠴᠢᠯᠲᠥ᠋ᠷᠥᠭᠴᠢ ᠦᠭᠡᠢ ᠬᠥᠳᠡᠯᠭᠡᠭᠡᠨ ᠬᠢᠵᠦ᠂ ᠶᠠᠯᠢᠩ ᠡᠷᠭᠦᠬᠦ ᠪᠤᠶᠤ | ᠤᠰᠤᠨ ᠯᠣᠩᠬᠤ ᠪᠠᠷ ᠮᠥᠴᠢ ᠶᠢᠨ ᠬᠥᠳᠡᠯᠭᠡᠭᠡᠨ ᠬᠢᠵᠦ ᠪᠣᠯᠣᠨ᠎ᠠ᠂ ᠮᠥᠴᠢ ᠶᠢᠨ ᠬᠥᠳᠡᠯᠭᠡᠭᠡᠨ ᠨᠢ ᠵᠢᠷᠦᠬᠡᠨ ᠤ | ᠠᠵᠢᠯᠯᠠᠭ᠎ᠠ ᠪᠠ ᠵᠢᠷᠦᠬᠡᠨ ᠤ ᠴᠢᠰᠤᠨ ᠰᠤᠳᠠᠯ ᠳᠤ ᠪᠦᠷ ᠰᠠᠶᠢᠨ ᠪᠠᠶᠢᠳᠠᠭ᠃ | ᠳᠥᠷᠪᠡᠳᠦᠭᠡᠷ ᠲᠤ᠂ ᠰᠡᠳᠬᠢᠯ ᠰᠠᠨᠠᠭ᠎ᠠ ᠪᠠᠨ ᠲᠠᠶᠢᠪᠤᠭᠤᠨ ᠪᠠᠶᠢᠯᠭᠠᠨ᠎ᠠ᠃ ᠠᠶᠤᠵᠤ ᠰᠦᠷᠳᠡᠬᠦ ᠶᠢ ᠢᠯᠠᠨ | ᠳᠠᠪᠠᠭ᠋ᠤ ᠬᠡᠷᠡᠭᠲᠡᠢ᠃ ᠡᠨᠡ ᠬᠦ ᠰᠢᠨ᠎ᠡ ᠲᠢᠲᠢᠮᠯᠢᠭ ᠸᠢᠷᠦ᠋ᠰ ᠨᠢ ᠶᠠᠭ ᠪᠢᠳᠡᠨ ᠤ ᠲᠡᠯᠡᠶ ᠪᠠᠷ ᠠᠶᠠᠯᠠᠬᠤ ᠲᠠᠢ ᠠᠳᠠᠯᠢ | ᠪᠠᠶᠢᠵᠤ᠂ ᠯᠠᠪᠲᠠᠢ ᠢᠯᠠᠨ ᠳᠠᠪᠠᠵᠤ ᠴᠢᠳᠠᠨ᠎ᠠ᠃ ᠵᠢᠷᠦᠬᠡ ᠴᠢᠰᠤᠨ ᠰᠤᠳᠠᠯ ᠤᠨ ᠡᠪᠡᠳᠴᠢᠨ ᠢᠶᠠᠨ ᠬᠦᠨᠳᠦᠷᠡᠭᠦᠯᠵᠦ | ᠪᠣᠯᠬᠤ ᠦᠭᠡᠢ᠂ ᠭᠡᠷ ᠲᠤ ᠪᠠᠨ ᠰᠠᠭᠤᠬᠤ ᠳᠤ ᠪᠠᠨ ᠴᠤ ᠡᠪᠡᠳᠴᠢᠨ ᠡᠭᠦᠰᠴᠦ ᠬᠦᠨᠳᠦᠷᠡᠬᠦ ᠠᠴᠠ ᠰᠡᠷᠭᠡᠶᠢᠯᠡᠬᠦ | ᠬᠡᠷᠡᠭᠲᠡᠢ᠃ | |