ᠰᠢᠨᠬᠤᠸᠠ ᠬᠤᠷᠢᠶ᠎ᠠ ᠶᠢᠨ ᠪᠡᠭᠡᠵᠢᠩ ᠤᠨ 8 ᠰᠠᠷ᠎ᠠ ᠶᠢᠨ 18 ᠤ ᠴᠠᠭᠢᠯᠭᠠᠨ ᠮᠡᠳᠡᠭᠡ ᠣᠶᠢᠷ᠎ᠠ ᠳᠤ᠂ | ᠤᠯᠤᠰ ᠤᠨ ᠲᠡᠷᠢᠭᠦᠯᠡᠭᠴᠢ ᠰᠢ ᠶᠢᠨ ᠫᠢᠩ ᠡᠮᠦᠨᠡᠲᠦ ᠠᠹᠷᠢᠺᠠ ᠶᠢᠨ ᠳ᠋ᠧᠷᠪᠠᠨ ᠪᠠᠶᠢᠭᠠᠯᠢ ᠲᠧᠭᠨᠢᠭ ᠤᠨ ᠤᠬᠠᠭᠠᠨ ᠤ | ᠶᠡᠭᠡ ᠰᠤᠷᠭᠠᠭᠤᠯᠢ ᠶᠢᠨ ᠺᠦᠩᠽᠢ ᠳᠡᠭᠡᠳᠦ ᠰᠤᠷᠭᠠᠭᠤᠯᠢ ᠶᠢᠨ ᠪᠠᠭᠰᠢ ᠰᠤᠷᠤᠬᠴᠢᠳ ᠲᠤ ᠬᠠᠷᠢᠭᠤ ᠵᠠᠬᠢᠳᠠᠯ | ᠢᠯᠡᠭᠡᠵᠦ᠂ ᠳᠡᠳᠡᠨ ᠢ ᠬᠢᠲᠠᠳ ᠬᠡᠯᠡ ᠶᠢ ᠰᠠᠶᠢᠲᠤᠷ ᠰᠤᠷᠴᠤ᠂ ᠳᠤᠮᠳᠠᠳᠤ ᠡᠮᠦᠨᠡᠲᠦ ᠠᠹᠷᠢᠺᠠ ᠬᠤᠶᠠᠷ ᠤᠯᠤᠰ ᠤᠨ | ᠨᠥᠭᠦᠷᠰᠡᠭ ᠦᠢᠯᠡᠰ ᠢ ᠤᠯᠠᠮᠵᠢᠯᠠᠨ ᠬᠥᠭᠵᠢᠭᠦᠯᠬᠦ᠂ ᠳᠤᠮᠳᠠᠳᠤ ᠠᠹᠷᠢᠺᠠ ᠶᠢᠨ ᠨᠥᠭᠦᠷᠰᠡᠭ ᠬᠠᠮᠲᠤᠷᠠᠯᠴᠠᠭ᠎ᠠ ᠶᠢ | ᠠᠬᠢᠭᠤᠯᠬᠤ ᠳᠤ ᠬᠦᠴᠦᠨ ᠴᠢᠳᠠᠯ ᠢᠶᠠᠨ ᠡᠷᠭᠦᠭᠡᠷᠡᠢ ᠭᠡᠵᠦ ᠵᠣᠷᠢᠭᠵᠢᠭᠤᠯᠪᠠ᠃ | ᠰᠢ ᠶᠢᠨ ᠫᠢᠩ᠂ ᠠᠷᠪᠠᠨ ᠵᠢᠯ ᠤᠨ ᠡᠮᠦᠨ᠎ᠡ᠂ ᠪᠢ ᠳ᠋ᠧᠷᠪᠠᠨ ᠪᠠᠶᠢᠭᠠᠯᠢ ᠲᠧᠭᠨᠢᠭ ᠤᠨ ᠤᠬᠠᠭᠠᠨ ᠤ ᠶᠡᠭᠡ | ᠰᠤᠷᠭᠠᠭᠤᠯᠢ ᠶᠢᠨ ᠺᠦᠩᠽᠢ ᠳᠡᠭᠡᠳᠦ ᠰᠤᠷᠭᠠᠭᠤᠯᠢ ᠶᠢᠨ ᠪᠠᠶᠢᠭᠤᠯᠤᠭᠳᠠᠭᠰᠠᠨ ᠢ ᠭᠡᠷᠡᠴᠢᠯᠡᠪᠡ᠃ ᠬᠤᠶᠠᠷ ᠲᠠᠯ᠎ᠠ ᠶᠢᠨ | ᠬᠠᠮᠲᠤ ᠶᠢᠨ ᠴᠢᠷᠮᠠᠶᠢᠯᠭ᠎ᠠ ᠪᠠᠷ ᠬᠤᠶᠠᠷ ᠤᠯᠤᠰ ᠤᠨ ᠰᠤᠷᠭᠠᠨ ᠬᠥᠮᠦᠵᠢᠯ ᠰᠣᠶᠣᠯ ᠤᠨ ᠰᠣᠯᠢᠯᠴᠠᠭ᠎ᠠ ᠦᠯᠡᠮᠵᠢ | ᠦᠷ᠎ᠡ ᠪᠦᠲᠦᠭᠡᠯ ᠣᠯᠵᠤ᠂ ᠡᠮᠦᠨᠡᠲᠦ ᠠᠹᠷᠢᠺᠠ ᠶᠢᠨ ᠮᠠᠰᠢ ᠤᠯᠠᠨ ᠵᠠᠯᠠᠭᠤᠴᠤᠳ ᠬᠢᠲᠠᠳ ᠬᠡᠯᠡ ᠰᠤᠷᠬᠤ ᠪᠠᠷ | ᠲᠠᠮᠵᠢᠨ ᠳᠤᠮᠳᠠᠳᠤ ᠤᠯᠤᠰ ᠤᠨ ᠲᠡᠦᠬᠡ ᠰᠣᠶᠣᠯ ᠢ ᠣᠶᠢᠯᠠᠭᠠᠵᠤ᠂ ᠠᠵᠢᠯ ᠮᠡᠷᠭᠡᠵᠢᠯ ᠤᠨ ᠰᠣᠩᠭᠤᠯᠲᠠ ᠶᠢᠨ | ᠵᠠᠮ ᠢᠶᠠᠨ ᠥᠷᠭᠡᠳᠬᠡᠵᠦ᠂ ᠬᠥᠮᠥᠨ ᠤ ᠠᠮᠢᠳᠤᠷᠠᠯ ᠤᠨ ᠬᠦᠰᠡᠯ ᠵᠡᠭᠦᠳᠦ ᠪᠠᠨ ᠲᠡᠷᠭᠡᠯᠰᠢᠭᠦᠯᠦᠭᠰᠡᠨ ᠢ ᠣᠯᠵᠤ | ᠬᠠᠷᠠᠭᠠᠳ ᠪᠢ ᠮᠠᠰᠢ ᠪᠠᠶᠠᠷᠯᠠᠵᠤ ᠪᠠᠶᠢᠨ᠎ᠠ ᠭᠡᠵᠦ ᠵᠢᠭᠠᠵᠤ ᠭᠠᠷᠭᠠᠪᠠ᠃ | ᠰᠢ ᠶᠢᠨ ᠫᠢᠩ᠂ ᠳᠤᠮᠳᠠᠳᠤ ᠤᠯᠤᠰ ᠪᠣᠯᠣᠨ ᠡᠮᠦᠨᠡᠲᠦ ᠠᠹᠷᠢᠺᠠ ᠪᠣᠯ ᠪᠦᠷ ᠴᠢᠬᠤᠯᠠ ᠶᠡᠭᠡ | ᠬᠥᠭᠵᠢᠵᠦ ᠪᠠᠶᠢᠭ᠎ᠠ ᠲᠣᠮᠣ ᠤᠯᠤᠰ ᠮᠥᠨ᠂ ᠬᠤᠶᠠᠷ ᠤᠯᠤᠰ ᠬᠤᠭᠤᠷᠣᠨᠳᠤ ᠪᠠᠨ ᠨᠥᠬᠦᠷ ᠪᠥᠭᠡᠳ ᠠᠬ᠎ᠠ | ᠳᠡᠭᠦᠦ ᠶᠢᠨ ᠣᠨᠴᠠᠭᠠᠢ ᠨᠥᠬᠦᠷᠯᠡᠯ ᠲᠠᠢ ᠶᠤᠮ᠂ ᠲᠤᠰ ᠲᠤᠰ ᠤᠨ ᠢᠶᠠᠨ ᠦᠭᠡ ᠬᠡᠯᠡ ᠰᠣᠶᠣᠯ ᠢ ᠰᠤᠷᠤᠯᠴᠠᠨ | ᠣᠶᠢᠯᠠᠭᠠᠬᠤ ᠨᠢ ᠬᠤᠶᠠᠷ ᠤᠯᠤᠰ ᠤᠨ ᠠᠷᠠᠳ ᠲᠦᠮᠡᠨ ᠤ ᠬᠠᠷᠢᠯᠴᠠᠨ ᠣᠶᠢᠯᠠᠭᠠᠵᠤ ᠬᠠᠷᠢᠯᠴᠠᠨ ᠳᠣᠲᠣᠨᠣᠴᠢᠯᠠᠬᠤ᠂ | ᠦᠶ᠎ᠡ ᠶᠢᠨ ᠦᠶ᠎ᠡ ᠳᠡᠭᠡᠨ ᠨᠥᠭᠦᠷᠰᠡᠭ ᠪᠠᠶᠢᠬᠤ ᠶᠢ ᠠᠬᠢᠭᠤᠯᠬᠤ ᠳᠤ ᠠᠰᠢᠭᠲᠠᠢ ᠶᠤᠮ᠃ ᠲᠠ ᠨᠠᠷ ᠤᠨ ᠬᠢᠲᠠᠳ | ᠬᠡᠯᠡ ᠶᠢ ᠰᠠᠶᠢᠲᠤᠷ ᠰᠤᠷᠤᠯᠴᠠᠬᠤ ᠶᠢᠨ ᠬᠠᠮᠲᠤ᠂ ᠳᠤᠮᠳᠠᠳᠤ ᠤᠯᠤᠰ ᠲᠤ ᠢᠯᠡᠭᠦᠬᠡᠨ ᠢᠷᠡᠵᠥ ᠲᠣᠭᠤᠷᠢᠨ ᠦᠵᠡᠵᠦ᠂ | ᠳᠤᠮᠳᠠᠳᠤ ᠤᠯᠤᠰ ᠢ ᠨᠡᠩ ᠭᠦᠨᠵᠡᠭᠡᠢ ᠲᠠᠨᠢᠨ ᠣᠶᠢᠯᠠᠭᠠᠵᠤ᠂ ᠰᠤᠷᠴᠤ ᠰᠡᠳᠬᠢᠭᠰᠡᠨ ᠦᠵᠡᠵᠦ ᠰᠣᠨᠣᠰᠤᠭᠰᠠᠨ ᠢᠶᠠᠨ | ᠠᠰᠢᠭᠯᠠᠨ᠂ ᠨᠢᠭᠡᠨ ᠦᠨᠡᠨ ᠪᠣᠳᠠᠲᠠᠢ᠂ ᠪᠣᠰᠤᠭ᠎ᠠ ᠴᠣᠭᠴᠠᠲᠤ᠂ ᠪᠦᠭᠦ ᠲᠠᠯ᠎ᠠ ᠶᠢᠨ ᠳᠤᠮᠳᠠᠳᠤ ᠤᠯᠤᠰ ᠢ ᠨᠡᠩ | ᠤᠯᠠᠨ ᠨᠠᠶᠢᠵᠠ ᠳᠠᠭᠠᠨ ᠲᠠᠨᠢᠯᠴᠠᠭᠤᠯᠵᠤ᠂ ᠬᠤᠶᠠᠷ ᠤᠯᠤᠰ ᠤᠨ ᠨᠥᠭᠦᠷᠰᠡᠭ ᠦᠢᠯᠡᠰ ᠢ ᠤᠯᠠᠮᠵᠢᠯᠠᠨ ᠬᠥᠭᠵᠢᠭᠦᠯᠬᠦ | ᠡᠯᠴᠢᠨ ᠪᠤᠯᠬᠤ ᠪᠠᠷ ᠴᠢᠷᠮᠠᠶᠢᠵᠤ᠂ ᠳᠤᠮᠳᠠᠳᠤ ᠠᠹᠷᠢᠺᠠ ᠶᠢᠨ ᠨᠥᠬᠦᠷᠯᠡᠯ ᠤᠨ ᠬᠠᠮᠲᠤᠷᠠᠯᠴᠠᠭ᠎ᠠ ᠶᠢ ᠠᠬᠢᠭᠤᠯᠬᠤ᠂ | ᠬᠥᠮᠥᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠳᠤ ᠥᠪᠡᠷ ᠤᠨ ᠬᠦᠴᠦᠨ | ᠴᠢᠳᠠᠯ ᠢᠶᠠᠨ ᠡᠷᠭᠦᠬᠦ ᠶᠢ ᠪᠠᠶᠠᠷᠯᠠᠨ ᠤᠭᠲᠤᠵᠤ ᠪᠠᠶᠢᠨ᠎ᠠ ᠭᠡᠵᠦ ᠴᠢᠬᠤᠯᠠᠴᠢᠯᠠᠪᠠ᠃ | 2013 ᠣᠨ ᠤ 3 ᠰᠠᠷ᠎ᠠ ᠳᠤ᠂ ᠲᠡᠷᠢᠭᠦᠯᠡᠭᠴᠢ ᠰᠢ ᠶᠢᠨ ᠫᠢᠩ ᠡᠮᠦᠨᠡᠲᠦ ᠠᠹᠷᠢᠺᠠ ᠳᠤ ᠠᠶᠢᠯᠴᠢᠯᠠᠬᠤ | ᠬᠤᠭᠤᠴᠠᠭᠠᠨ ᠳᠠᠭᠠᠨ᠂ ᠳᠤᠮᠳᠠᠳᠤ ᠡᠮᠦᠨᠡᠲᠦ ᠠᠹᠷᠢᠺᠠ ᠬᠤᠶᠠᠷ ᠲᠠᠯ᠎ᠠ ᠶᠢᠨ ᠳ᠋ᠧᠷᠪᠠᠨ ᠪᠠᠶᠢᠭᠠᠯᠢ ᠲᠧᠭᠨᠢᠭ ᠤᠨ | ᠤᠬᠠᠭᠠᠨ ᠤ ᠶᠡᠭᠡ ᠰᠤᠷᠭᠠᠭᠤᠯᠢ ᠶᠢᠨ ᠺᠦᠩᠽᠢ ᠳᠡᠭᠡᠳᠦ ᠰᠤᠷᠭᠠᠭᠤᠯᠢ ᠶᠢ ᠬᠠᠮᠲᠤ ᠪᠠᠷ ᠪᠠᠶᠢᠭᠤᠯᠬᠤ | ᠵᠥᠪᠯᠡᠯᠴᠡᠭᠡᠷ ᠲᠤ ᠭᠠᠷ ᠤᠨ ᠦᠰᠦᠭ ᠵᠢᠷᠤᠬᠤ ᠶᠢ ᠭᠡᠷᠡᠴᠢᠯᠡᠪᠡ᠃ ᠡᠮᠦᠨᠡᠲᠦ ᠠᠹᠷᠢᠺᠠ ᠶᠢᠨ ᠳ᠋ᠧᠷᠪᠠᠨ ᠪᠠᠶᠢᠭᠠᠯᠢ | ᠲᠧᠭᠨᠢᠭ ᠤᠨ ᠤᠬᠠᠭᠠᠨ ᠤ ᠶᠡᠭᠡ ᠰᠤᠷᠭᠠᠭᠤᠯᠢ ᠶᠢᠨ ᠺᠦᠩᠽᠢ ᠳᠡᠭᠡᠳᠦ ᠰᠤᠷᠭᠠᠭᠤᠯᠢ ᠪᠠᠶᠢᠭᠤᠯᠤᠭᠳᠠᠭᠰᠠᠨ ᠠᠷᠪᠠᠨ | ᠵᠢᠯ ᠤᠨ ᠲᠤᠷᠰᠢ ᠨᠡᠶᠢᠲᠡ ᠲᠦᠮᠡ ᠰᠢᠬᠠᠮ ᠰᠤᠷᠤᠬᠴᠢ ᠶᠢ ᠬᠥᠮᠥᠵᠢᠭᠦᠯᠪᠡ᠃ ᠣᠶᠢᠷ᠎ᠠ ᠳᠤ᠂ ᠲᠤᠰ ᠳᠡᠭᠡᠳᠦ | ᠰᠤᠷᠭᠠᠭᠤᠯᠢ ᠶᠢᠨ 50 ᠪᠠᠭᠰᠢ ᠰᠤᠷᠤᠬᠴᠢ ᠨᠡᠷ᠎ᠡ ᠬᠤᠯᠪᠤᠭᠠᠯᠠᠨ ᠲᠡᠷᠢᠭᠦᠯᠡᠭᠴᠢ ᠰᠢ ᠶᠢᠨ ᠫᠢᠩ ᠳᠤ ᠵᠠᠬᠢᠳᠠᠯ | ᠢᠯᠡᠭᠡᠵᠦ᠂ ᠬᠢᠲᠠᠳ ᠬᠡᠯᠡ ᠰᠤᠷᠤᠯᠴᠠᠬᠰᠠᠨ ᠥᠩᠭᠡᠷᠡᠯᠲᠡ᠂ ᠣᠯᠣᠯᠲᠠ ᠲᠥᠷᠥᠭᠳᠡᠯ ᠢᠶᠠᠨ ᠶᠠᠷᠢᠵᠤ᠂ ᠲᠡᠷᠢᠭᠦᠯᠡᠭᠴᠢ | ᠰᠢ ᠶᠢᠨ ᠫᠢᠩ ᠪᠣᠯᠣᠨ ᠳᠤᠮᠳᠠᠳᠤ ᠤᠯᠤᠰ ᠤᠨ ᠵᠠᠰᠠᠭ ᠤᠨ ᠣᠷᠳᠣᠨ ᠤ ᠠᠹᠷᠢᠺᠠ ᠲᠢᠪ ᠤᠨ ᠵᠠᠯᠠᠭᠤᠴᠤᠳ ᠤᠨ | ᠬᠦᠰᠡᠯ ᠵᠡᠭᠦᠳᠦ ᠪᠠᠨ ᠪᠡᠶᠡᠯᠡᠭᠦᠯᠬᠦ ᠳᠤ ᠨᠡᠩ ᠤᠯᠠᠨ ᠲᠣᠭᠢᠶᠠᠯ ᠬᠠᠩᠭᠠᠭᠰᠠᠨ ᠳᠤ ᠲᠠᠯᠠᠷᠬᠠᠵᠤ᠂ ᠲᠡᠷᠢᠭᠦᠯᠡᠭᠴᠢ | ᠰᠢ ᠶᠢᠨ ᠫᠢᠩ ᠤᠨ ᠡᠮᠦᠨᠡᠲᠦ ᠠᠹᠷᠢᠺᠠ ᠳᠤ ᠳᠠᠬᠢᠨᠲᠠ ᠠᠶᠢᠯᠴᠢᠯᠠᠬᠤ ᠶᠢ ᠬᠠᠯᠠᠭᠤᠨ ᠢᠶᠠᠷ ᠬᠦᠰᠡᠭᠰᠡᠨ ᠪᠠᠶᠢᠨ᠎ᠠ᠃ | |