ᠰᠢᠨᠬᠤᠸᠠ ᠬᠤᠷᠢᠶ᠎ᠠ ᠶᠢᠨ ᠪᠡᠭᠡᠵᠢᠩ ᠤᠨ 8 ᠰᠠᠷ᠎ᠠ ᠶᠢᠨ 2 ᠤᠨ ᠴᠠᠬᠢᠯᠭᠠᠨ ᠮᠡᠳᠡᠭᠡ ︽ᠰᠢ ᠶᠢᠨ ᠫᠢᠩ ᠤᠨ | ᠵᠣᠬᠢᠶᠠᠯ ᠪᠦᠲᠦᠭᠡᠯ ᠤᠨ ᠰᠣᠩᠭᠤᠮᠠᠯ︾ ᠤᠨ ᠨᠢᠭᠡᠳᠦᠭᠡᠷ ᠪᠣᠳᠢ᠂ ᠬᠤᠶᠠᠳᠤᠭᠠᠷ ᠪᠣᠳᠢ ᠶᠢᠨ ᠮᠣᠩᠭᠤᠯ ᠬᠡᠯᠡ᠂ | ᠲᠥᠪᠡᠳ ᠬᠡᠯᠡ᠂ ᠤᠶᠢᠭᠤᠷ ᠬᠡᠯᠡ᠂ ᠬᠠᠰᠠᠭ ᠬᠡᠯᠡ᠂ ᠰᠣᠯᠣᠩᠭᠤᠰ ᠬᠡᠯᠡ᠂ ᠢ ᠬᠡᠯᠡ᠂ ᠵᠤᠸᠠᠩ ᠬᠡᠯᠡ ᠵᠡᠷᠭᠡ | ᠳᠣᠯᠣᠭᠠᠨ ᠦᠨᠳᠦᠰᠦᠲᠡᠨ ᠤ ᠬᠡᠯᠡᠨ ᠤ ᠬᠡᠪᠯᠡᠯ ᠢ ᠨᠢᠭᠡᠨᠲᠡ ᠣᠷᠴᠢᠭᠤᠯᠤᠨ ᠳᠠᠭᠤᠰᠬᠠᠵᠤ᠂ ᠣᠶᠢᠷ᠎ᠠ ᠳᠤ ᠪᠥᠬᠦ | ᠤᠯᠤᠰ ᠲᠤ ᠬᠡᠪᠯᠡᠭᠦᠯᠦᠨ ᠲᠠᠷᠬᠠᠭᠠᠪᠠ᠃ | ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠶᠢᠨ ᠲᠤᠯᠭᠤᠷ ᠪᠢᠴᠢᠭ ᠨᠠᠶᠢᠷᠠᠭᠤᠯᠬᠤ | ᠵᠥᠪᠯᠡᠯ ᠤᠨ ᠨᠠᠶᠢᠷᠠᠭᠤᠯᠤᠭᠰᠠᠨ ︽ᠰᠢ ᠶᠢᠨ ᠫᠢᠩ ᠤᠨ ᠵᠣᠬᠢᠶᠠᠯ ᠪᠦᠲᠦᠭᠡᠯ ᠤᠨ ᠰᠣᠩᠭᠤᠮᠠᠯ︾ ᠤᠨ ᠨᠢᠭᠡᠳᠦᠭᠡᠷ | ᠪᠣᠳᠢ᠂ ᠬᠤᠶᠠᠳᠤᠭᠠᠷ ᠪᠣᠳᠢ ᠶᠢ 2023 ᠣᠨ ᠤ 4 ᠰᠠᠷ᠎ᠠ ᠳᠤ ᠠᠷᠠᠳ ᠤᠨ ᠬᠡᠪᠯᠡᠯ ᠤᠨ ᠬᠤᠷᠢᠶ᠎ᠠ ᠠᠴᠠ | ᠬᠡᠪᠯᠡᠭᠦᠯᠪᠡ᠃ ᠨᠠᠮ ᠤᠨ ᠲᠥᠪ ᠬᠤᠷᠢᠶ᠎ᠠ ᠶᠢᠨ ᠤᠬᠠᠭᠤᠯᠬᠤ ᠬᠡᠯᠲᠡᠰ᠂ ᠤᠯᠤᠰ ᠤᠨ ᠦᠨᠳᠦᠰᠦᠲᠡᠨ ᠤ ᠬᠡᠷᠡᠭ | ᠡᠷᠬᠢᠯᠡᠬᠦ ᠵᠥᠪᠯᠡᠯ ᠤᠨ ᠵᠣᠬᠢᠴᠠᠭᠤᠯᠭ᠎ᠠ ᠳᠣᠣᠷ᠎ᠠ᠂ ᠳᠤᠮᠳᠠᠳᠤ ᠤᠯᠤᠰ ᠤᠨ ᠦᠨᠳᠦᠰᠦᠲᠡᠨ ᠤ ᠬᠡᠯᠡᠨ ᠤ | ᠣᠷᠴᠢᠭᠤᠯᠭ᠎ᠠ ᠶᠢᠨ ᠲᠣᠪᠴᠢᠶ᠎ᠠ ᠪᠥᠬᠦ ᠤᠯᠤᠰ ᠤᠨ ᠦᠨᠳᠦᠰᠦᠲᠡᠨ ᠤ ᠬᠡᠯᠡᠨ ᠤ ᠣᠷᠴᠢᠭᠤᠯᠭ᠎ᠠ ᠶᠢᠨ ᠡᠩᠨᠡᠭᠡ ᠶᠢ | ᠵᠣᠬᠢᠶᠠᠨ ᠪᠠᠶᠢᠭᠤᠯᠵᠤ᠂ 2023 ᠣᠨ ᠤ 7 ᠰᠠᠷ᠎ᠠ ᠶᠢᠨ ᠳᠣᠯᠣᠭᠠᠨ ᠲᠥᠷᠥᠯ ᠤᠨ ᠦᠨᠳᠦᠰᠦᠲᠡᠨ ᠤ ᠬᠡᠯᠡᠨ ᠤ | ᠬᠡᠪᠯᠡᠯ ᠤᠨ ︽ᠰᠢ ᠶᠢᠨ ᠫᠢᠩ ᠤᠨ ᠵᠣᠬᠢᠶᠠᠯ ᠪᠦᠲᠦᠭᠡᠯ ᠤᠨ ᠰᠣᠩᠭᠤᠮᠠᠯ︾ ᠤᠨ ᠨᠢᠭᠡᠳᠦᠭᠡᠷ ᠪᠣᠳᠢ᠂ ᠬᠤᠶᠠᠳᠤᠭᠠᠷ | ᠪᠣᠳᠢ ᠶᠢᠨ ᠣᠷᠴᠢᠭᠤᠯᠭ᠎ᠠ ᠶᠢᠨ ᠠᠵᠢᠯ ᠢ ᠪᠡᠶᠡᠯᠡᠭᠦᠯᠪᠡ᠃ ︽ᠰᠢ ᠶᠢᠨ ᠫᠢᠩ ᠤᠨ ᠵᠣᠬᠢᠶᠠᠯ ᠪᠦᠲᠦᠭᠡᠯ ᠤᠨ | ᠰᠣᠩᠭᠤᠮᠠᠯ︾ ᠤᠨ ᠨᠢᠭᠡᠳᠦᠭᠡᠷ ᠪᠣᠳᠢ᠂ ᠬᠤᠶᠠᠳᠤᠭᠠᠷ ᠪᠣᠳᠢ ᠶᠢᠨ ᠦᠨᠳᠦᠰᠦᠲᠡᠨ ᠤ ᠬᠡᠯᠡᠨ ᠤ ᠬᠡᠪᠯᠡᠯ ᠢ ᠬᠡᠪᠯᠡᠭᠦᠯᠦᠨ | ᠲᠠᠷᠬᠠᠭᠠᠭᠰᠠᠨ ᠨᠢ ᠪᠥᠬᠦ ᠤᠯᠤᠰ ᠤᠨ ᠥᠷᠭᠡᠨ ᠣᠯᠠᠨ ᠴᠥᠭᠡᠨ ᠲᠣᠭᠠᠲᠤ ᠦᠨᠳᠦᠰᠦᠲᠡᠨ ᠤ ᠺᠠᠳ᠋ᠷ᠂ ᠣᠯᠠᠨ | ᠲᠦᠮᠡᠨ ᠤ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ | ᠵᠢᠷᠤᠮ ᠤᠨ ᠦᠵᠡᠯ ᠰᠠᠨᠠᠭ᠎ᠠ ᠶᠢ ᠭᠦᠨᠵᠡᠭᠡᠢ ᠰᠣᠷᠣᠯᠴᠠᠨ ᠲᠤᠭᠤᠰᠢᠯᠠᠭᠤᠯᠬᠤ ᠶᠢ ᠯᠠᠪᠲᠠᠢ ᠤᠯᠠᠮ ᠴᠢᠨᠠᠭᠰᠢᠳᠠ | ᠠᠬᠢᠭᠤᠯᠵᠤ᠂ ︽ᠬᠤᠶᠠᠷ ᠢ ᠲᠣᠭᠲᠠᠭᠠᠭᠰᠠᠨ︾ ᠤ ᠰᠢᠢᠳᠪᠦᠷᠢᠯᠡᠭᠴᠢ ᠠᠴᠢ ᠬᠤᠯᠪᠣᠭᠳᠠᠯ ᠢ ᠭᠦᠨᠵᠡᠭᠡᠢ | ᠣᠶᠢᠯᠠᠭᠠᠵᠤ᠂ ︽ᠳᠥᠷᠪᠡᠨ ᠤᠬᠠᠮᠰᠠᠷ︾ ᠢᠶᠠᠨ ᠴᠢᠩᠭᠠᠳᠬᠠᠵᠤ᠂ ︽ᠳᠥᠷᠪᠡᠨ ᠢᠲᠡᠭᠡᠯ︾ ᠢᠶᠠᠨ ᠪᠠᠲᠤᠳᠬᠠᠵᠤ᠂ | ︽ᠬᠤᠶᠠᠷ ᠢ ᠬᠠᠮᠠᠭᠠᠯᠠᠬᠤ︾ ᠶᠢ ᠪᠡᠶᠡᠯᠡᠭᠦᠯᠵᠦ᠂ ᠦᠵᠡᠯ ᠰᠠᠨᠠᠭ᠎ᠠ ᠤᠯᠤᠰ ᠲᠥᠷᠥ ᠦᠢᠯᠡ ᠠᠵᠢᠯᠯᠠᠭ᠎ᠠ ᠶᠢᠨ | ᠲᠠᠯ᠎ᠠ ᠪᠠᠷ ᠤᠬᠠᠮᠰᠠᠷ ᠠᠴᠠ ᠪᠠᠨ ᠰᠢ ᠶᠢᠨ ᠫᠢᠩ ᠨᠥᠬᠦᠷ ᠢᠶᠠᠷ ᠭᠤᠣᠯ ᠪᠣᠯᠭᠠᠭᠰᠠᠨ ᠨᠠᠮ ᠤᠨ ᠲᠥᠪ ᠬᠤᠷᠢᠶ᠎ᠠ ᠲᠠᠢ | ᠳᠡᠭᠡᠳᠦ ᠬᠡᠮᠵᠢᠶ᠎ᠡ ᠪᠠᠷ ᠨᠢᠭᠡᠳᠦᠯᠲᠡᠢ ᠪᠠᠶᠢᠵᠤ᠂ ᠨᠡᠶᠢᠭᠡᠮ ᠵᠢᠷᠤᠮᠲᠤ ᠣᠳᠣᠬᠢᠴᠢᠯᠠᠭᠰᠠᠨ ᠤᠯᠤᠰ ᠢ ᠪᠥᠬᠦ ᠲᠠᠯ᠎ᠠ ᠪᠠᠷ | ᠪᠦᠲᠦᠭᠡᠨ ᠪᠠᠶᠢᠭᠤᠯᠬᠤ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠥᠬᠦ ᠲᠠᠯ᠎ᠠ ᠪᠠᠷ | ᠠᠬᠢᠭᠤᠯᠬᠤ ᠶᠢᠨ ᠲᠥᠯᠥᠭᠡ ᠪᠦᠯᠬᠦᠮᠳᠡᠨ ᠲᠡᠮᠡᠴᠡᠭᠦᠯᠬᠦ ᠪᠣᠯᠣᠨ᠎ᠠ᠃ | ︽ᠰᠢ ᠶᠢᠨ ᠫᠢᠩ ᠤᠨ ᠵᠣᠬᠢᠶᠠᠯ ᠪᠦᠲᠦᠭᠡᠯ ᠤᠨ ᠰᠣᠩᠭᠤᠮᠠᠯ︾ ᠤᠨ ᠨᠢᠭᠡᠳᠦᠭᠡᠷ ᠪᠣᠳᠢ᠂ ᠬᠤᠶᠠᠳᠤᠭᠠᠷ | ᠪᠣᠳᠢ ᠶᠢᠨ ᠮᠣᠩᠭᠤᠯ ᠬᠡᠯᠡ᠂ ᠲᠥᠪᠡᠳ ᠬᠡᠯᠡ᠂ ᠤᠶᠢᠭᠤᠷ ᠬᠡᠯᠡ᠂ ᠬᠠᠰᠠᠭ ᠬᠡᠯᠡ᠂ ᠰᠣᠯᠣᠩᠭᠤᠰ ᠬᠡᠯᠡᠨ ᠤ | ᠬᠡᠪᠯᠡᠯ ᠢ ᠦᠨᠳᠦᠰᠦᠲᠡᠨ ᠤ ᠬᠡᠪᠯᠡᠯ ᠤᠨ ᠬᠤᠷᠢᠶ᠎ᠠ ᠠᠴᠠ ᠬᠡᠪᠯᠡᠭᠦᠯᠦᠨ ᠲᠠᠷᠬᠠᠭᠠᠪᠠ︔ ᠢ ᠬᠡᠯᠡ᠂ ᠵᠤᠸᠠᠩ ᠬᠡᠯᠡᠨ ᠤ | ᠬᠡᠪᠯᠡᠯ ᠢ ᠦᠨᠳᠦᠰᠦᠲᠡᠨ ᠤ ᠬᠡᠪᠯᠡᠯ ᠤᠨ ᠬᠤᠷᠢᠶ᠎ᠠ ᠲᠣᠰ ᠲᠣᠰ ᠰᠧᠴᠤᠸᠠᠨ ᠤ ᠦᠨᠳᠦᠰᠦᠲᠡᠨ ᠤ ᠬᠡᠪᠯᠡᠯ ᠤᠨ | ᠬᠤᠷᠢᠶ᠎ᠠ᠂ ᠭᠤᠸᠠᠩᠰᠢ ᠶᠢᠨ ᠦᠨᠳᠦᠰᠦᠲᠡᠨ ᠤ ᠬᠡᠪᠯᠡᠯ ᠤᠨ ᠬᠤᠷᠢᠶ᠎ᠠ ᠲᠠᠢ ᠬᠠᠮᠲᠤᠷᠠᠵᠤ ᠬᠡᠪᠯᠡᠭᠦᠯᠦᠨ ᠲᠠᠷᠬᠠᠭᠠᠪᠠ᠃ | |