︽ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠤᠷᠳᠤᠨ ᠤ ᠮᠡᠳᠡᠭᠡ ᠵᠠᠩᠬᠢ ᠶᠢ  ᠭᠤᠶᠤᠴᠢᠯᠠᠯ ᠢᠶᠠᠷ ᠢᠯᠡ ᠪᠤᠯᠭᠠᠬᠤ ᠠᠷᠭ᠎ᠠ︾ ᠶᠢ ᠲᠠᠷᠤᠮᠠᠯᠯᠠᠨ ᠶᠠᠪᠤᠭᠤᠯᠬᠤ ᠲᠤᠬᠠᠢ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠠᠯᠪᠠᠨ ᠲᠢᠩᠭᠢᠮ ᠤᠨ ᠮᠡᠳᠡᠭᠳᠡᠯ
ᠨᠡᠶᠢᠲᠡᠯᠡᠭᠰᠡᠨ ᠴᠠᠭ᠄
2020/12/7
        ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠵᠠᠰᠠᠭ ᠤᠨ ᠣᠷᠲᠤᠨ ᠤ        ᠠᠯᠪᠠᠨ ᠬᠡᠷ ᠤᠨ ᠲᠠᠷᠬᠠᠭᠠᠭᠰᠠᠨ  ﹇2015﹈ 146 ᠳ᠋ᠤᠭᠠᠷ ᠲᠤᠭᠠᠳᠤ ᠡᠯ᠎ᠡ ᠠᠶᠢᠮᠠᠭ ᠤᠨ ᠵᠠᠬᠢᠷᠭ᠎ᠠ᠂ ᠬᠤᠳᠠ ᠶᠢᠨ ᠠᠷᠠᠳ ᠤᠨ ᠵᠠᠰᠠᠭ ᠤᠨ ᠤᠷᠳᠤᠨ᠂ ᠦᠪᠡᠷᠳᠡᠬᠡᠨ ᠵᠠᠰᠠᠭ ᠤᠨ ᠤᠷᠳᠤᠨ ᠤ ᠡᠯ᠎ᠡ ᠵᠦᠪᠯᠡᠯ᠂ ᠠᠯᠪᠡᠨ ᠭᠡᠷ᠂ ᠲᠢᠩᠭᠢᠮ᠂ ᠲᠤᠪᠴᠢᠶ᠎ᠠ᠂ ᠡᠯ᠎ᠡ ᠲᠣᠮᠣ ᠠᠵᠤ ᠠᠬᠤᠶᠢᠯᠠᠯ᠂ ᠠᠵᠢᠯ ᠦᠢᠯᠡᠰ ᠤᠨ ᠨᠢᠭᠡᠴᠢ ᠳᠤ᠄    ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠢᠶᠠᠷ ᠵᠦᠪᠰᠢᠶᠡᠷᠡᠭᠦᠯᠦᠭᠡᠳ᠂ ᠡᠳᠤᠭᠡ ︽ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠭᠤᠶᠤᠴᠢᠯᠠᠯ ᠢᠶᠠᠷ ᠢᠯᠡ ᠪᠤᠯᠭᠠᠬᠤ ᠠᠷᠭ᠎ᠠ︾  ᠶᠢ ᠳᠠᠷᠤᠮᠠᠯᠯᠠᠨ ᠲᠠᠷᠬᠠᠭᠠᠵᠤ ᠶᠠᠪᠤᠭᠤᠯᠤᠶ᠎ᠠ᠂ ᠪᠤᠳᠠᠳᠠᠢ ᠪᠠᠶᠢᠳᠠᠯ  ᠲᠠᠢ ᠪᠠᠨ ᠤᠶᠠᠯᠲᠤᠭᠤᠯᠵᠤ᠂ ᠬᠢᠨᠠᠮᠠᠭᠠᠢ ᠲᠤᠭᠤᠰᠢᠯᠠᠭᠤᠯᠤᠨ ᠬᠡᠷᠡᠭᠵᠢᠭᠦᠯᠦᠭᠡᠷᠡᠢ᠃               2015ᠤᠨ ᠤ 12 ᠳ᠋ᠤᠭᠠᠷ ᠰᠠᠷ᠎ᠠ ᠶᠢᠨ 30 ᠤ ᠡᠳᠤᠷ                  ︵ᠲᠤᠰ ᠪᠢᠴᠢᠭ ᠮᠠᠲ᠋ᠧᠷᠢᠶᠠᠯ ᠢ ᠢᠯᠡ ᠨᠠᠶᠢᠳᠡᠯᠡᠨ᠎ᠡ︶         ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠵᠠᠰᠠᠭ ᠤᠨ ᠤᠷᠳᠤᠨ ᠤ          ᠮᠡᠳᠡᠭᠡ ᠵᠠᠩᠬᠢ ᠶᠢ ᠭᠤᠶᠤᠴᠢᠯᠠᠯ ᠢᠶᠠᠷ ᠢᠯᠡ ᠪᠤᠯᠭᠠᠬᠤ ᠠᠷᠭ᠎ᠠ    ᠨᠢᠭᠡᠳᠤᠭᠡᠷ ᠪᠦᠯᠦᠭ     ᠶᠠᠷᠤᠩᠬᠡᠢ ᠲᠥᠷᠢᠮ    ᠨᠢᠭᠡᠳᠤᠭᠡᠷ ᠵᠤᠶᠢᠯ   ᠠᠷᠠᠳ ᠢᠷᠭᠡᠨ᠂ ᠬᠠᠤᠯᠢ  ᠶᠢᠨ ᠡᠷᠭᠡᠳᠡᠨ ᠪᠤᠯᠤᠨ ᠪᠣᠰᠣᠳ ᠵᠤᠬᠢᠶᠠᠨ ᠪᠠᠶᠢᠭᠤᠯᠤᠯᠳᠠ ᠶᠢᠨ ᠵᠠᠰᠠᠭ ᠤᠨ ᠤᠷᠳᠤᠨ ᠤ ᠮᠠᠳᠡᠭᠡ ᠵᠠᠩᠬᠢ ᠶᠢ ᠬᠠᠤᠯᠢ ᠶᠤᠰᠤᠭᠠᠷ ᠤᠯᠵᠤ᠂ ︽ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠠᠴᠠ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤᠲᠦᠷᠢᠮ︾ ︵ᠲᠤᠷᠤᠭᠰᠢ ︽ᠲᠦᠷᠢᠮ︾ ᠭᠡᠵᠤ ᠲᠤᠪᠴᠢᠯᠠᠨ᠎ᠠ﹀ ᠪᠤᠯᠤᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠠᠵᠢᠯ ᠤᠨ ᠲᠤᠬᠠᠢ ᠲᠦᠷᠤ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ ᠤᠨ ᠬᠠᠮᠢᠶ᠎ᠠ ᠪᠦᠬᠦᠢ ᠲᠤᠭᠳᠠᠭᠠᠯ ᠢ ᠦᠨᠳᠤᠰᠤᠯᠠᠨ᠂ ᠲᠤᠰ ᠠᠷᠭ᠎ᠠ ᠶᠢ ᠲᠤᠭᠳᠠᠭᠠᠪᠠ᠃    ᠬᠤᠶᠠᠳᠤᠭᠠᠷ ᠵᠤᠶᠢᠯ    ᠲᠤᠰ ᠠᠷᠭ᠎ᠠ ᠳᠤ ᠬᠡᠯᠡᠵᠤ ᠪᠠᠶᠢᠭ᠎ᠠ ᠭᠤᠶᠣᠴᠢᠯᠠᠯ ᠢ ᠦᠨᠳᠤᠰᠤᠯᠡᠨ ᠢᠯᠡ ᠪᠤᠯᠭᠠᠬᠤ ᠭᠡᠳᠡᠭ ᠨᠢ ︽ᠲᠦᠷᠢᠮ︾ ᠤᠨ ᠠᠷᠪᠠᠨ ᠭᠤᠷᠪᠠᠳᠤᠭᠠᠷ ᠵᠣᠶᠢᠯ ᠳᠤ ᠲᠤᠭᠳᠠᠭᠠᠭᠰᠠᠨ ᠠᠷᠠᠳ ᠢᠷᠭᠡᠨ᠂ ᠬᠠᠤᠯᠢ ᠶᠢᠨ ᠡᠷᠭᠡᠳᠡᠨ ᠪᠤᠶᠤ ᠪᠤᠰᠤᠳ ᠵᠤᠬᠢᠶᠠᠨ ᠪᠠᠶᠢᠭᠤᠯᠤᠯᠳᠠ ︵ᠲᠤᠷᠤᠭᠰᠢ ᠭᠤᠶᠤᠴᠢᠯᠠᠭᠴᠢ ᠭᠡᠵᠤ ᠲᠤᠪᠴᠢᠯᠠᠨ᠎ᠠ︶ ᠶᠢᠨ ᠲᠤᠰ ᠪᠡᠶ᠎ᠡ ᠶᠢᠨ ᠦᠢᠯᠡᠳᠪᠤᠷᠢᠯᠡᠯ᠂ ᠠᠮᠢᠳᠤᠷᠠᠯ᠂ ᠰᠢᠨᠵᠢᠯᠡᠬᠦ ᠤᠬᠠᠭᠠᠨ ᠤ ᠰᠤᠳᠤᠯᠤᠯ ᠵᠡᠷᠭᠡ ᠤᠨᠴᠠᠭᠠᠢ ᠬᠡᠷᠡᠭᠴᠡᠭᠡ ᠪᠠᠨ  ᠦᠨᠳᠦᠰᠦᠯᠠᠨ᠂ ᠦᠪᠡᠷᠳᠡᠬᠡᠨ ᠵᠠᠰᠠᠬᠤ ᠶᠢᠨ ᠤᠷᠳᠤᠨ ᠤ ᠡᠯ᠎ᠡ ᠱᠠᠳᠤᠨ ᠤ ᠵᠠᠰᠠᠭ ᠵᠠᠬᠢᠷᠭᠠᠨ ᠤ  ᠪᠠᠶᠢᠭᠤᠯᠭ᠎ᠠ ᠠᠴᠠ ᠬᠤᠯᠪᠤᠭᠳᠠᠯ ᠪᠦᠬᠦᠢ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠤᠯᠬᠤ ᠪᠠᠷ ᠭᠤᠶᠤᠴᠢᠯᠠᠵᠤ᠂ ᠵᠠᠰᠠᠭ ᠵᠠᠬᠢᠷᠭᠠᠨ ᠤ  ᠪᠠᠶᠢᠭᠤᠯᠭ᠎ᠠ ᠲᠤᠭᠳᠠᠭᠠᠯ ᠶᠤᠰᠤᠭᠠᠷ ᠭᠤᠶᠤᠴᠢᠯᠠᠯ ᠢ ᠬᠦᠯᠢᠶᠠᠨ ᠠᠪᠴᠤ ᠰᠢᠢᠳᠪᠦᠷᠢᠯᠡᠬᠦ ᠶᠢᠨ ᠬᠠᠮᠳᠤ  ᠭᠤᠶᠤᠴᠢᠯᠠᠭᠴᠢ ᠳᠤ ᠬᠠᠷᠢᠭᠤᠯᠳᠠ ᠦᠭᠭᠦᠨ᠎ᠡ᠃    ᠭᠤᠷᠪᠠᠳᠤᠭᠠᠷ ᠵᠣᠶᠢᠯ    ᠭᠤᠶᠤᠴᠢᠯᠠᠯ ᠢ ᠦᠨᠳᠤᠰᠤᠯᠠᠨ ᠢᠯᠡ ᠪᠤᠯᠭᠠᠬᠤ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠲᠤᠰ ᠮᠡᠳᠡᠭᠡ ᠵᠠᠩᠬᠢ ᠶᠢ ᠦᠢᠯᠡᠳᠤᠭ᠍ᠰᠡᠨ ᠪᠤᠶᠤ ᠬᠠᠳᠠᠭᠠᠯᠠᠭᠰᠠᠨ ᠵᠠᠰᠠᠭ ᠵᠠᠬᠢᠷᠭᠠᠨ ᠤ ᠪᠠᠶᠢᠭᠤᠯᠭ᠎ᠠ ᠬᠠᠷᠢᠭᠤᠴᠠᠨ ᠢᠯᠡ ᠪᠤᠯᠭᠠᠨ᠎ᠠ᠃ ᠬᠠᠤᠯᠢ ᠴᠠᠭᠠᠵᠠ᠂ ᠬᠠᠤᠯᠢ ᠲᠤᠭᠳᠠᠭᠠᠯ ᠳᠤ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠡᠷᠬᠡ ᠶᠢᠨ ᠬᠡᠪᠴᠢᠶ᠎ᠠ ᠶᠢᠨ ᠲᠤᠬᠠᠢ ᠠᠰᠳᠠᠭᠠᠨ ᠲᠤᠭᠳᠠᠭᠠᠯ ᠲᠠᠢ ᠪᠠᠶᠢᠪᠠᠯ᠂ ᠲᠡᠷᠡ ᠲᠤᠭᠳᠠᠭᠠᠯ ᠢ ᠵᠢᠷᠤᠮᠯᠡᠨ᠎ᠡ᠃    ᠬᠤᠶᠠᠳᠤᠭᠠᠷ ᠪᠦᠯᠦᠭ   ᠭᠤᠶᠤᠴᠢᠯᠠᠯ ᠢ ᠦᠨᠳᠤᠰᠤᠯᠠᠨ ᠢᠯᠡ ᠪᠤᠯᠭᠠᠬᠤ ᠵᠠᠷᠴᠢᠮ    ᠲᠦᠷᠪᠡᠳᠤᠭᠡᠷ ᠵᠤᠶᠢᠯ   ᠵᠠᠰᠠᠭ ᠵᠠᠬᠢᠷᠭᠠᠨ ᠤ ᠪᠠᠶᠢᠭᠤᠯᠭ᠎ᠠ ᠭᠤᠶᠤᠴᠢᠯᠠᠯ ᠶᠤᠰᠤᠭᠠᠷ ᠵᠠᠰᠠᠭ ᠤᠨ ᠤᠷᠳᠤᠨ ᠤ ᠮᠡᠳᠡᠭᠡ ᠵᠠᠩᠬᠢ ᠢᠯᠡ ᠪᠤᠯᠭᠠᠬᠤ ᠳᠤ ︽ᠤᠷᠢᠳᠠᠪᠠᠷ ᠬᠢᠨᠠᠨ ᠪᠠᠶᠢᠴᠠᠭᠠᠬᠤ᠂ ᠲᠠᠷᠠᠭ᠎ᠠ ᠨᠢ ᠢᠯᠡ ᠪᠤᠯᠭᠠᠬᠤ︾ ᠪᠠ ︽ᠨᠢᠭᠡ ᠬᠡᠷᠡᠭ ᠢ ᠨᠢᠭᠡᠳᠤᠭᠡᠷ ᠰᠢᠭᠦᠯᠳᠠ ᠬᠢᠬᠦ︾ ᠵᠠᠷᠴᠢᠮ ᠢ ᠪᠠᠷᠢᠮᠳᠠᠯᠠᠬᠤ ᠬᠡᠷᠩᠳᠠᠢ᠃ ᠤᠯᠤᠰ ᠤᠨ ᠠᠮᠤᠷᠲᠦᠪᠰᠢᠨ᠂ ᠤᠯᠠᠨ ᠨᠠᠶᠢᠳᠡ ᠶᠢᠨ ᠠᠮᠤᠷ ᠲᠦᠪᠰᠢᠨ᠂ ᠠᠵᠤ ᠠᠬᠤᠢ ᠶᠢᠨ ᠠᠮᠤᠷ ᠲᠦᠪᠰᠢᠨ ᠪᠠ ᠨᠠᠶᠢᠭᠡᠮ ᠤᠨ ᠲᠤᠭᠳᠠᠭᠤᠨ ᠪᠠᠶᠢᠳᠠᠯ ᠢ ᠰᠦᠷᠳᠡᠭᠦᠯᠵᠤ ᠪᠣᠯᠬᠤ ᠦᠭᠡᠢ᠂ ᠤᠯᠤᠰ ᠤᠨ ᠨᠢᠭᠤᠴᠠ᠂ ᠬᠤᠳᠠᠯᠳᠤᠭᠠᠨ ᠤ ᠨᠢᠭᠤᠴᠠ᠂ ᠬᠤᠪᠢ ᠬᠦᠮᠤᠨ ᠤ ᠨᠢᠭᠤᠴᠠ ᠳᠤ ᠬᠤᠯᠪᠤᠭᠳᠠᠬᠤ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠵᠤ ᠪᠣᠯᠬᠤ ᠦᠭᠡᠢ᠃ ᠭᠡᠪᠡᠴᠤ᠂ ᠡᠷᠬᠡᠳᠤ ᠬᠦᠮᠤᠨ ᠢᠶᠠᠷ ᠢᠯᠡ ᠪᠤᠯᠭᠠᠬᠤ ᠶᠢ ᠵᠦᠪᠰᠢᠶᠡᠷᠡᠬᠦᠯᠦᠭᠰᠡᠨ ᠪᠤᠶᠤ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠢᠯᠡ ᠪᠤᠯᠭᠠᠬᠤ ᠦᠭᠡᠢ ᠪᠤᠯ ᠤᠯᠠᠨ ᠨᠠᠶᠢᠳᠠ ᠶᠢᠨ ᠠᠰᠢᠭ ᠲᠤᠰᠠ ᠳᠤ ᠬᠦᠨᠳᠤ ᠶᠡᠭᠡ ᠨᠥᠯᠥᠭᠡ ᠤᠴᠠᠷᠠᠭᠤᠯᠵᠤ ᠮᠡᠳᠡᠨ᠎ᠡ ᠭᠡᠵᠤ ᠦᠵᠡᠭᠰᠡᠨ ᠬᠤᠳᠠᠯᠲᠤᠭᠠᠨ ᠤ ᠨᠢᠭᠤᠴᠠ᠂ ᠬᠤᠪᠢ ᠬᠦᠮᠤᠨ ᠤ ᠨᠢᠭᠤᠴᠠ ᠳᠤ ᠬᠤᠯᠪᠤᠭᠳᠠᠬᠤ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠵᠤ ᠪᠤᠯᠤᠨ᠎ᠠ᠃    ᠲᠠᠪᠤᠳᠤᠭᠠᠷ ᠵᠤᠶᠢᠯ  ᠲᠤᠤᠷᠠᠬᠢ ᠠᠭᠤᠯᠭ᠎ᠠ ᠶᠢ ᠭᠤᠶᠤᠴᠢᠯᠠᠯ  ᠢᠶᠠᠷ ᠢᠯᠡ ᠪᠤᠯᠭᠠᠬᠤ  ᠳᠤ ᠬᠡᠷᠡᠭᠯᠡᠬᠦ ᠦᠭᠡᠢ᠄    ︵ᠨᠢᠭᠡ︶ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠡᠳᠤᠷ ᠲᠤᠳᠤᠮ ᠤᠨ ᠠᠵᠢᠯ ᠤᠨ ᠳᠤᠮᠳᠠ ᠪᠠᠨ ᠵᠤᠬᠢᠶᠠᠭᠰᠠᠨ ᠪᠤᠶᠤ ᠤᠯᠤᠭᠰᠠᠨ ᠳᠤᠳᠤᠭᠠᠳᠤ  ᠬᠠᠮᠢᠶᠠᠷᠤᠯᠳᠠ ᠶᠢᠨ ᠮᠡᠳᠡᠭᠡ ᠵᠠᠩᠬᠢ︔    ︵ᠬᠤᠶᠠᠷ︶ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠶᠠᠷᠢᠯᠴᠠᠬᠤ᠂ ᠰᠣᠲᠤᠯᠬᠤ ᠪᠤᠶᠤ ᠬᠢᠨᠠᠨ ᠪᠠᠶᠢᠴᠠᠭᠠᠬᠤ ᠶᠠᠪᠤᠴᠠ ᠳᠠᠬᠢ ᠮᠡᠳᠡᠭᠡ ᠵᠠᠩᠬᠢ︔    ︵ᠭᠤᠷᠪᠠ︶ ᠢᠯᠡ ᠪᠤᠯᠭᠠᠭᠰᠠᠨ ᠤ ᠲᠠᠷᠠᠭ᠎ᠠ ᠪᠠᠶᠢᠴᠠᠭᠠᠬᠤ᠂ ᠭᠡᠷᠡᠴᠢ ᠠᠪᠬᠤ ᠵᠡᠷᠭᠡ ᠵᠠᠰᠠᠭ ᠵᠠᠬᠢᠷᠭᠠᠨ ᠤ ᠬᠠᠤᠯᠢ ᠬᠡᠷᠡᠭᠵᠢᠬᠦᠯᠬᠦ ᠠᠵᠢᠯᠯᠠᠭ᠎ᠠ ᠶᠢᠨ ᠬᠡᠪ ᠢᠶᠠᠷ ᠶᠠᠪᠤᠭᠳᠠᠬᠤ ᠶᠢ ᠨᠦᠯᠤᠭᠡᠯᠡᠵᠤ ᠮᠡᠳᠡᠬᠦ ᠵᠠᠩᠬᠢ︔    ︵ᠲᠦᠷᠪᠡ︶ ᠬᠠᠤᠯᠢ ᠴᠠᠭᠠᠵᠠ᠂ ᠬᠠᠤᠯᠢ ᠲᠤᠭᠳᠠᠭᠠᠯ ᠳᠤ ᠢᠯᠡ ᠪᠤᠯᠭᠠᠬᠤ ᠶᠢ ᠴᠠᠭᠠᠵᠠᠯᠠᠬᠤ ᠪᠠᠷ ᠲᠤᠭᠳᠠᠭᠠᠭᠰᠠᠨ ᠪᠣᠰᠣᠳ ᠵᠤᠶᠢᠯ᠃    ᠭᠤᠷᠪᠠᠳᠤᠭᠠᠷ ᠪᠦᠯᠦᠭ     ᠭᠤᠶᠤᠴᠢᠯᠠᠯ ᠢ ᠦᠨᠳᠤᠰᠤᠯᠡᠨ ᠢᠯᠡ ᠪᠤᠯᠭᠠᠬᠤ ᠠᠷᠭ᠎ᠠ ᠮᠠᠶ᠋ᠢᠭ ᠪᠠ ᠵᠢᠷᠤᠮ    ᠵᠢᠷᠭᠤᠳᠣᠭᠠᠷ ᠵᠤᠶᠢᠯ    ᠭᠤᠶᠤᠴᠢᠯᠠᠭᠴᠢ ᠵᠠᠰᠠᠭ ᠵᠠᠬᠢᠷᠭᠠᠨ ᠤ ᠪᠠᠶᠢᠭᠤᠯᠭ᠎ᠠ ᠳᠤ ᠵᠠᠰᠠᠭ ᠤᠨ ᠤᠷᠳᠤᠨ ᠤ ᠮᠡᠳᠡᠭᠡ ᠵᠠᠩᠬᠢ ᠤᠯᠬᠤ ᠪᠠᠷ ᠭᠤᠶᠤᠴᠢᠯᠠᠬᠤ ᠳᠠᠭᠠᠨ ᠪᠢᠴᠢᠭ  ᠤᠨ ᠬᠡᠯᠪᠡᠷᠢ ᠶᠢ ᠬᠡᠷᠡᠭᠯᠡᠬᠦ ᠬᠡᠷᠡᠭᠳᠡᠢ᠂ ᠲᠤᠰ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠤᠨ ᠬᠦᠰᠤᠨᠤᠭ᠍ᠳᠦ ᠶᠢ ᠲᠠᠭᠯᠠᠵᠤ᠂ ᠲᠤᠤᠷᠠᠬᠢ ᠠᠷᠭ᠎ᠠ ᠮᠠᠶ᠋ᠢᠭ ᠢᠶᠠᠷ ᠲᠤᠰᠢᠶᠠᠨ᠎ᠠ᠄    ︵ᠨᠢᠭᠡ︶ ᠨᠢᠭᠤᠷᠳᠠᠨ ᠲᠤᠰᠢᠶᠠᠬᠤ᠃ ᠭᠤᠶᠤᠴᠢᠯᠠᠭᠴᠢ ᠵᠠᠰᠠᠭ ᠵᠠᠬᠢᠷᠭᠠᠨ ᠤ ᠪᠠᠶᠢᠭᠤᠯᠭ᠎ᠠ ᠳᠤ ᠪᠢᠴᠢᠭ ᠤᠨ ᠭᠤᠶᠤᠴᠢᠯᠠᠯ ᠲᠠᠪᠰᠢᠭᠦᠯᠵᠤ ᠪᠤᠯᠤᠨ᠎ᠠ᠂ ᠪᠢᠴᠢᠭ ᠤᠨ ᠬᠡᠯᠪᠡᠷᠢ ᠶᠢ ᠬᠡᠷᠡᠭᠯᠡᠬᠦ ᠳᠤ ᠬᠦᠴᠢᠷᠳᠠᠢ  ᠪᠤᠯ᠂ ᠠᠮᠠ ᠪᠠᠷ ᠭᠤᠶᠤᠴᠢᠯᠠᠯ ᠭᠠᠷᠭᠠᠵᠤ ᠪᠤᠯᠤᠨ᠎ᠠ᠃ ᠲᠤᠰ ᠭᠤᠶᠤᠴᠢᠯᠠᠯ ᠢ ᠰᠢᠢᠳᠪᠦᠷᠢᠯᠡᠬᠦ ᠪᠠᠷ ᠬᠦᠯᠢᠶᠠᠨ ᠠᠪᠤᠭᠰᠠᠨ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠭᠤᠶᠤᠴᠢᠯᠠᠯ ᠤᠨ ᠬᠦᠰᠤᠨᠤᠭ᠍ᠳᠦ ᠶᠢ ᠤᠷᠤᠯᠠᠨ ᠲᠠᠭᠯᠠᠵᠤ᠂ ᠭᠤᠶᠤᠴᠢᠯᠠᠭᠴᠢ ᠭᠠᠷ ᠤᠨ ᠦᠰᠦᠭ ᠵᠢᠷᠤᠬᠤ ᠪᠤᠶᠤ ᠲᠠᠮᠠᠭ᠎ᠠ ᠳᠠᠷᠤᠵᠤ ᠨᠤᠳᠠᠯᠠᠨ᠎ᠠ᠃    ︵ᠬᠤᠶᠠᠷ︶ ᠵᠠᠬᠢᠳᠠᠯ᠂ ᠹᠠᠺᠰ ᠶᠠᠪᠤᠭᠤᠯᠬᠤ᠃ ᠭᠤᠶᠤᠴᠢᠯᠠᠭᠴᠢ ᠨᠢ ᠵᠠᠬᠢᠳᠠᠯ᠂ ᠹᠠᠺᠰ ᠶᠠᠪᠤᠭᠤᠯᠬᠤ ᠠᠷᠭ᠎ᠠ ᠮᠠᠶ᠋ᠢᠭ ᠢᠶᠠᠷ ᠭᠤᠶᠤᠴᠢᠯᠠᠯ ᠢᠶᠠᠨ ᠲᠤᠰᠢᠶᠠᠪᠠᠯ᠂ ᠵᠠᠬᠢᠳᠠᠯ ᠤᠨ ᠲᠤᠭᠳᠤᠢ ᠪᠤᠶᠤ ᠹᠠᠺᠰ ᠨᠢᠭᠤᠷ ᠤᠨ ᠪᠠᠷᠠᠭᠤᠨ ᠲᠡᠭᠡᠷ᠎ᠡ ᠦᠨᠴᠦᠭ ᠲᠤ ︽ᠵᠠᠰᠠᠭ ᠤᠨ ᠤᠷᠳᠤᠨ ᠤ ᠮᠡᠳᠡᠭᠡ ᠵᠠᠩᠭᠢ ᠶᠢ ᠢᠯᠡ ᠪᠤᠯᠭᠠᠬᠤ ᠭᠤᠶᠤᠴᠢᠯᠠᠯ︾ ᠭᠡᠰᠠᠨ ᠦᠰᠦᠭ ᠢ ᠲᠤᠳᠤᠷᠬᠠᠶᠢᠯᠠᠬᠤ ᠬᠡᠷᠡᠭᠳᠡᠢ᠃    ︵ᠭᠤᠷᠪᠠ︶  ᠰᠦᠯᠵᠢᠶ᠎ᠠ ᠪᠠᠷ ᠲᠤᠰᠢᠶᠠᠨ᠎ᠠ᠃ ᠭᠤᠶᠤᠴᠢᠯᠠᠭᠴᠢ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠤᠨ ᠤᠷᠳᠤᠨ ᠤ ᠰᠦᠯᠵᠢᠶᠠᠨ ᠳᠤ ᠭᠠᠷᠴᠤ᠂ ︽ᠭᠤᠶᠤᠴᠢᠯᠠᠯ  ᠢᠶᠠᠷ ᠢᠯᠡ ᠪᠤᠯᠭᠠᠬᠤ ᠲᠤᠰᠬᠠᠢ ᠪᠤᠯᠤᠩ︾ ᠢᠶᠠᠷ ᠲᠠᠮᠵᠢᠭᠤᠯᠤᠨ ᠵᠠᠰᠠᠭ ᠤᠨ ᠤᠷᠳᠤᠨ ᠤ ᠮᠠᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠢᠶᠠᠨ ᠰᠦᠯᠵᠢᠶᠠᠨ ᠲᠡᠭᠡᠷ᠎ᠡ ᠲᠤᠰᠢᠶᠠᠨ᠎ᠠ᠃ ᠵᠠᠰᠠᠭ ᠵᠠᠬᠢᠷᠭᠠᠨ ᠤ ᠪᠠᠶᠢᠭᠤᠯᠭ᠎ᠠ ᠲᠤᠰ ᠪᠠᠶᠢᠭᠤᠯᠭ᠎ᠠ ᠶᠢᠨ ᠵᠠᠰᠠᠭ ᠤᠨ ᠤᠷᠳᠤᠨ ᠤ ᠰᠦᠯᠵᠢᠶᠠᠨ ᠲᠡᠭᠡᠷ᠎ᠡ ︽ᠭᠤᠶᠤᠴᠢᠯᠠᠯ  ᠢᠶᠠᠷ ᠢᠯᠡ ᠪᠤᠯᠭᠠᠬᠤ ᠲᠤᠰᠬᠠᠢ ᠪᠤᠯᠤᠩ︾ ᠭᠠᠷᠭᠠᠵᠤ᠂ ᠵᠠᠰᠠᠭ ᠤᠨ ᠣᠷᠲᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠤᠨ ᠬᠦᠰᠤᠨᠤᠭ᠍ᠳᠦ ᠶᠢ ᠪᠠᠭᠤᠯᠭᠠᠬᠤ᠂ ᠰᠦᠯᠵᠢᠶᠡᠨ ᠲᠡᠭᠡᠷ᠎ᠡ ᠲᠠᠭᠯᠠᠨ ᠪᠢᠴᠢᠬᠦ ᠪᠠ ᠲᠤᠰᠢᠶᠠᠬᠤ ᠴᠢᠳᠠᠮᠵᠢ ᠲᠤᠬᠢᠷᠠᠭᠤᠯᠬᠤ ᠬᠡᠷᠡᠭᠳᠡᠢ᠃    ᠲᠤᠯᠤᠳᠤᠭᠠᠷ ᠵᠤᠶᠢᠯ    ᠭᠤᠶᠤᠴᠢᠯᠠᠭᠴᠢ ᠵᠠᠰᠠᠭ ᠵᠠᠬᠢᠷᠭᠠᠨ ᠤ ᠪᠠᠶᠢᠭᠤᠯᠭ᠎ᠠ ᠳᠤ ᠲᠤᠰᠢᠶᠠᠭᠰᠠᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠤᠨ ᠬᠦᠰᠤᠨᠤᠭ᠍ᠳᠦ ᠲᠡᠭᠡᠷ᠎ᠡ ᠲᠤᠤᠷᠠᠬᠢ ᠠᠭᠤᠯᠭ᠎ᠠ ᠶᠢ ᠲᠠᠭᠯᠠᠨ ᠪᠢᠴᠢᠬᠦ ᠬᠡᠷᠡᠭᠳᠡᠢ᠄    ︵ᠨᠢᠭᠡ︶ ᠭᠤᠶᠤᠴᠢᠯᠠᠭᠴᠢ ᠶᠢᠨ ᠤᠪᠤᠭ ᠨᠡᠷ᠎ᠡ ᠪᠤᠶᠤ ᠨᠠᠷᠠᠶᠢᠳᠤᠯ᠂ ᠪᠡᠶ᠎ᠡ ᠶᠢᠨ ᠦᠨᠡᠮᠯᠡᠯ ᠤᠨ ᠨᠤᠮᠧᠷ᠂ ᠬᠠᠷᠢᠯᠴᠠᠬᠤ   ᠤᠳᠠᠰᠤ᠂ ᠢᠮᠧᠯ ᠪᠠ ᠵᠠᠬᠢᠳᠠᠯ ᠨᠠᠪᠳᠠᠷᠠᠬᠦ ᠬᠠᠶ᠋ᠢᠭ ᠵᠡᠷᠭᠡ ᠮᠡᠳᠡᠭᠡ ᠵᠠᠩᠬᠢ᠃ ᠭᠤᠶᠤᠴᠢᠯᠠᠭᠴᠢ ᠨᠢ ᠬᠠᠤᠯᠢ ᠶᠢᠨ ᠬᠦᠮᠤᠨ ᠪᠤᠶᠤ ᠪᠤᠰᠤᠳ ᠵᠤᠬᠢᠶᠠᠨ ᠪᠠᠶᠢᠭᠤᠯᠤᠯᠳᠠ ᠪᠠᠶᠢᠪᠠᠯ᠂ ᠪᠠᠰᠠ ᠬᠠᠤᠯᠢ ᠶᠢᠨ ᠬᠦᠮᠤᠨ ᠤ ᠲᠦᠯᠤᠭᠡᠯᠡᠭᠴᠢ ᠶᠢᠨ ᠤᠪᠤᠭ ᠨᠠᠷ᠎ᠡ᠂ ᠪᠡᠶ᠎ᠡ ᠶᠢᠨ ᠦᠨᠠᠮᠯᠠᠯ ᠤᠨ ᠨᠤᠮᠧᠷ᠂ ᠵᠤᠬᠢᠶᠠᠨ ᠪᠠᠶᠢᠭᠤᠯᠤᠯᠳᠠ ᠶᠢᠨ ᠪᠠᠶᠢᠭᠤᠯᠤᠮᠵᠢ ᠶᠢᠨ ᠤᠷᠤᠯᠠᠬᠤ ᠨᠤᠮᠧᠷ ᠢ ᠲᠠᠭᠯᠠᠨ ᠪᠢᠴᠢᠬᠦ ᠬᠡᠷᠡᠭᠳᠡᠢ᠃ ᠪᠤᠰᠤᠳ ᠲᠤ ᠨᠠᠶᠢᠳᠠᠵᠤ ᠭᠤᠶᠤᠴᠢᠯᠠᠯ ᠭᠠᠷᠭᠠᠭᠰᠠᠨ ᠪᠤᠯ ᠨᠠᠶᠢᠳᠠᠭᠴᠢ ᠶᠢᠨ ᠭᠠᠷ ᠤᠨ ᠦᠰᠦᠭ ᠵᠢᠷᠣᠭᠰᠠᠨ ᠪᠤᠶᠤ ᠲᠠᠮᠠᠭ᠎ᠠ ᠲᠠᠷᠤᠭᠰᠠᠨ ᠡᠷᠬᠡ ᠤᠯᠭᠤᠭᠰᠠᠨ ᠨᠠᠶᠢᠳᠠᠯᠭ᠎ᠠ ᠶᠢᠨ ᠪᠢᠴᠢᠭ ᠢ ᠬᠠᠩᠭᠠᠬᠤ ᠴᠢᠬᠤᠯᠠᠳᠠᠢ᠂ 5 ᠬᠦᠮᠤᠨ ᠠᠴᠠ ᠲᠡᠭᠡᠭᠰᠢ ᠬᠦᠮᠤᠨ ᠠᠳᠠᠯᠢ ᠨᠢᠭᠡ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠪᠠᠷ ᠬᠠᠮᠳᠤ ᠪᠠᠷ ᠭᠤᠶᠤᠴᠢᠯᠠᠭᠰᠠᠨ ᠪᠠᠶᠢᠪᠠᠯ᠂1 ᠠᠴᠠ5 ᠲᠦᠯᠤᠭᠡᠯᠡᠭᠴᠢ ᠰᠤᠩᠭᠤᠨ ᠭᠠᠷᠭᠠᠵᠤ ᠭᠤᠶᠤᠴᠢᠯᠠᠯ ᠲᠠᠪᠰᠢᠭᠦᠯᠬᠦ ᠶᠢᠨ ᠬᠠᠮᠳᠤ ᠰᠤᠩᠭᠤᠨ ᠭᠠᠷᠭᠠᠬᠤ ᠭᠡᠷᠡᠴᠢ ᠮᠠᠲ᠋ᠧᠷᠢᠶᠠᠯ ᠢ ᠬᠠᠩᠭᠠᠬᠤ ᠬᠡᠷᠡᠭᠳᠡᠢ︔    ︵ᠬᠤᠶᠠᠷ︶ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ  ᠪᠤᠯᠭᠠᠬᠤ  ᠪᠠᠷ ᠭᠤᠶᠤᠴᠢᠯᠠᠭᠰᠠᠨ ᠠᠭᠤᠯᠭ᠎ᠠ ᠶᠢᠨ ᠳᠦᠷᠰᠦᠯᠡᠯ᠂ ᠡᠭᠦᠨ ᠳᠤ ᠤᠨᠴᠠ ᠲᠤᠭᠳᠠᠭᠠᠭᠰᠠᠨ ᠵᠠᠰᠠᠭ ᠤᠨ ᠤᠷᠳᠤᠨ ᠤ ᠮᠡᠳᠡᠭᠡ ᠵᠠᠩᠬᠢ ᠶᠢᠨ ᠨᠠᠷᠠᠶᠢᠳᠤᠯ᠂ ᠪᠢᠴᠢᠭ ᠤᠨ ᠳ᠋ᠤᠭᠠᠷ᠂ ᠦᠢᠯᠡᠳᠬᠦ ᠴᠠᠭ ᠬᠤᠭᠤᠴᠠᠭ᠎ᠠ ᠪᠤᠶᠤ ᠪᠤᠰᠤᠳ ᠤᠨᠴᠠ ᠰᠢᠨᠵᠢ ᠲᠡᠮᠳᠡᠭ ᠤᠨ ᠴᠢᠨᠠᠷᠳᠠᠢ ᠲᠦᠷᠰᠤᠯᠡᠯ ᠪᠠᠭᠳᠠᠨ᠎ᠠ᠂ ᠭᠤᠶᠤᠴᠢᠯᠠᠭᠴᠢ ᠭᠤᠶᠤᠴᠢᠯᠠᠭᠰᠠᠨ ᠠᠭᠤᠯᠭ᠎ᠠ ᠶᠢ ᠤᠨᠤᠪᠴᠢᠳᠠᠢ ᠲᠦᠷᠰᠤᠯᠡᠵᠤ ᠴᠢᠳᠠᠬᠤ ᠦᠭᠡᠢ ᠪᠠᠶᠢᠪᠠᠯ᠂ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠠᠰᠠᠭᠤᠨ ᠯᠠᠪᠯᠠᠵᠤ ᠪᠤᠯᠤᠨ᠎ᠠ᠃    ︵ᠭᠤᠷᠪᠠ︶ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠪᠠᠷ ᠭᠤᠶᠤᠴᠢᠯᠠᠬᠤ ᠬᠡᠷᠡᠭᠳᠡᠢ᠃    ︵ᠲᠦᠷᠪᠡ︶ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠬᠠᠷᠢᠭᠤᠯᠳᠠ ᠦᠭᠬᠦ ᠵᠢᠴᠢ ᠭᠤᠶᠤᠴᠢᠯᠠᠯ ᠢᠶᠠᠷ ᠢᠯᠡ ᠪᠤᠯᠭᠠᠬᠤ ᠵᠠᠰᠠᠭ ᠤᠨ ᠤᠷᠳᠤᠨ ᠤ ᠮᠡᠳᠡᠭᠡ ᠵᠠᠩᠬᠢ ᠬᠠᠩᠭᠠᠬᠤ ᠬᠡᠯᠪᠡᠷᠢ ᠶᠢᠨ ᠱᠠᠭᠠᠷᠳᠠᠯᠭ᠎ᠠ ᠶᠢ ᠵᠢᠷᠤᠮᠯᠠᠬᠤᠬᠡᠷᠡᠭᠳᠡᠢ  ᠃    ᠨᠠᠢᠮᠠᠳᠤᠭᠠᠷ ᠵᠤᠶᠢᠯ   ᠭᠤᠶᠤᠴᠢᠯᠠᠭᠴᠢ ᠵᠠᠰᠠᠭ ᠵᠠᠬᠢᠷᠭᠠᠨ ᠤ ᠪᠠᠶᠢᠭᠤᠯᠭ᠎ᠠ ᠳᠤ ᠦᠪᠡᠷ ᠤᠨ ᠪᠡᠶ᠎ᠡ ᠲᠠᠢ ᠪᠠᠨ ᠬᠤᠯᠪᠤᠭᠳᠠᠬᠤ ᠭᠠᠶᠢᠯᠢ ᠰᠤᠶᠢᠳᠭᠡᠯ ᠲᠤᠰᠢᠶᠠᠬᠤ᠂ ᠨᠠᠶᠢᠭᠡᠮ ᠤᠨ ᠪᠠᠳᠤᠯᠠᠭ᠎ᠠ᠂ ᠡᠮ ᠡᠮᠨᠡᠯᠭᠡ ᠡᠷᠡᠭᠦᠯ ᠬᠠᠮᠠᠭᠠᠯᠠᠯ ᠵᠡᠷᠭᠡ ᠵᠠᠰᠠᠭ ᠤᠨ ᠤᠷᠳᠤᠨ ᠤ ᠮᠡᠳᠡᠭᠡ ᠵᠠᠩᠬᠢ ᠬᠠᠩᠭᠠᠬᠤ ᠪᠠᠷ ᠭᠤᠶᠤᠴᠢᠯᠠᠭᠰᠠᠨ ᠪᠠᠶᠢᠪᠠᠯ᠂ ᠬᠦᠴᠤᠨ ᠪᠦᠬᠦᠢ ᠪᠡᠶ᠎ᠡ ᠶᠢᠨ ᠦᠨᠡᠮᠯᠡᠯ ᠪᠤᠶᠤ ᠭᠡᠷᠡᠴᠢᠯᠡᠬᠦ ᠪᠢᠴᠢᠭ ᠮᠠᠲ᠋ᠧᠷᠢᠶᠠᠯ ᠢᠶᠠᠨ ᠭᠠᠷᠭᠠᠵᠤ ᠦᠵᠡᠭᠦᠯᠬᠦ ᠬᠡᠷᠡᠭᠳᠡᠢ᠃    ᠶᠢᠰᠤᠳᠤᠭᠡᠷ ᠵᠤᠶᠢᠯ     ᠭᠤᠶᠤᠴᠢᠯᠠᠭᠴᠢ ᠨᠢ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠬᠠᠩᠭᠠᠭᠰᠠᠨ ᠦᠪᠡᠷ ᠤᠨ ᠪᠡᠶ᠎ᠡ ᠲᠠᠢ ᠪᠠᠨ ᠬᠤᠯᠪᠤᠭᠳᠠᠬᠤ ᠵᠠᠰᠠᠭ ᠤᠨ ᠤᠷᠳᠤᠨ ᠤ ᠮᠡᠳᠡᠭᠡ ᠵᠠᠩᠬᠢ ᠶᠢᠨ ᠲᠡᠮᠳᠡᠭᠯᠡᠯ ᠨᠢ ᠤᠨᠤᠪᠴᠢ ᠦᠭᠡᠢ ᠪᠠᠶᠢᠬᠤ ᠶᠢ ᠭᠡᠷᠡᠴᠢᠯᠡᠬᠦ ᠭᠡᠷᠡᠴᠢ ᠪᠠᠷᠢᠮᠳᠠ ᠲᠠᠢ ᠪᠠᠶᠢᠪᠠᠯ᠂ ᠲᠤᠰ ᠵᠠᠰᠠᠭ ᠵᠠᠬᠢᠷᠭᠠᠨ ᠤ ᠪᠠᠶᠢᠭᠤᠯᠭ᠎ᠠ ᠶᠢ ᠵᠠᠯᠠᠷᠠᠭᠤᠯᠤᠭᠤᠯᠬᠤ ᠪᠠᠷ ᠱᠠᠭᠠᠷᠳᠠᠬᠤ ᠡᠷᠬᠡ ᠲᠠᠢ᠃ ᠵᠠᠰᠠᠭ ᠵᠠᠬᠢᠷᠭᠠᠨ ᠤ ᠪᠠᠶᠢᠭᠤᠯᠭ᠎ᠠ ᠵᠠᠯᠠᠷᠠᠭᠤᠯᠬᠤ ᠡᠷᠬᠡ ᠲᠠᠢ ᠪᠠᠶᠢᠪᠠᠯ᠂ ᠴᠠᠭ ᠲᠤᠬᠠᠢ ᠳᠤᠨᠢ ᠵᠠᠯᠠᠷᠠᠭᠤᠯᠬᠤ ᠬᠡᠷᠡᠭᠳᠡᠢ︔ ᠵᠠᠯᠠᠷᠠᠭᠤᠯᠬᠤ ᠡᠷᠬᠡ ᠦᠭᠡᠢ ᠪᠤᠯ ᠵᠠᠯᠠᠷᠠᠭᠤᠯᠬᠤ  ᠡᠷᠬᠡ  ᠲᠠᠢ ᠵᠠᠰᠠᠭ ᠵᠠᠬᠢᠷᠭᠠᠨ ᠤ ᠪᠠᠶᠢᠭᠤᠯᠬ᠎ᠠ ᠳᠤ ᠰᠢᠯᠵᠢᠭᠦᠯᠦᠨ ᠬᠦᠷᠭᠡᠵᠤ ᠰᠢᠢᠳᠪᠦᠷᠢᠯᠡᠬᠦᠯᠬᠦ ᠶᠢᠨ ᠬᠠᠮᠳᠤ ᠭᠤᠶᠤᠴᠢᠯᠠᠭᠴᠢ ᠳᠤ ᠪᠢᠴᠢᠭ ᠢᠶᠠᠷ ᠮᠡᠳᠡᠭᠳᠡᠬᠦ ᠬᠡᠷᠡᠭᠳᠡᠢ᠃    ᠠᠷᠪᠠᠳᠤᠭᠠᠷ ᠵᠤᠶᠢᠯ    ᠮᠠᠨ ᠤ ᠤᠯᠤᠰ ᠠᠴᠠ ᠬᠢᠯᠢ ᠶᠢᠨ ᠲᠤᠳᠤᠷ᠎ᠠ ᠪᠠᠶᠢᠭ᠎ᠠ ᠭᠠᠳᠠᠭᠠᠳᠤ ᠤᠯᠤᠰ  ᠤᠨ ᠠᠷᠠᠳ ᠢᠷᠭᠡᠨ᠂ ᠬᠠᠤᠯᠢ ᠶᠢᠨ ᠬᠦᠮᠤᠨ ᠪᠤᠶᠤ ᠪᠤᠰᠤᠳ ᠵᠤᠬᠢᠶᠠᠨ ᠪᠠᠶᠢᠭᠤᠯᠤᠯᠳᠠ ᠦᠢᠯᠡᠳᠪᠤᠷᠢᠯᠡᠯ᠂ ᠠᠮᠢᠳᠤᠷᠠᠯ᠂ ᠰᠢᠨᠵᠢᠯᠡᠬᠦ ᠤᠬᠠᠭᠠᠨ ᠤ ᠰᠤᠳᠤᠯᠭᠠᠨ ᠵᠡᠷᠭᠡ ᠤᠨᠴᠠᠭᠠᠢ ᠬᠡᠷᠡᠭᠴᠡᠭᠡ ᠠᠴᠠ ᠪᠤᠯᠵᠤ᠂ ᠵᠠᠰᠠᠭ ᠵᠠᠬᠢᠷᠭᠠᠨ ᠤ ᠪᠠᠶᠢᠭᠤᠯᠭ᠎ᠠ ᠳᠤ ᠬᠤᠯᠪᠤᠭᠳᠠᠯ ᠪᠦᠬᠦᠢ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠤᠯᠬᠤ ᠪᠠᠷ ᠭᠤᠶᠤᠴᠢᠯᠠᠭᠰᠠᠨ ᠪᠠᠶᠢᠪᠠᠯ᠂ ᠵᠠᠰᠠᠭ ᠵᠠᠬᠢᠷᠭᠠᠨ ᠤ ᠪᠠᠶᠢᠭᠤᠯᠭ᠎ᠠ ᠠᠴᠠ ︽ᠲᠦᠷᠢᠮ︾ ᠤᠨ ᠬᠤᠯᠪᠤᠭᠳᠠᠯ ᠪᠦᠬᠦᠢ ᠲᠤᠭᠳᠠᠭᠠᠯ ᠶᠤᠰᠤᠭᠠᠷ ᠰᠢᠢᠳᠪᠤᠷᠢᠯᠡᠨ᠎ᠡ︔ ᠮᠠᠨ ᠤ ᠤᠯᠤᠰ ᠠᠴᠠ ᠬᠢᠯᠢ ᠶᠢᠨ ᠭᠠᠳᠠᠨᠠᠬᠢ ᠭᠠᠳᠠᠭᠠᠳᠤ ᠤᠯᠤᠰ ᠠᠴᠠ ᠠᠷᠠᠳ ᠢᠷᠭᠡᠨ᠂ ᠬᠠᠤᠯᠢ  ᠶᠢᠨ ᠡᠷᠭᠡᠳᠡᠨ ᠪᠤᠶᠤ ᠪᠤᠰᠤᠳ ᠵᠤᠬᠢᠶᠠᠨ ᠪᠠᠶᠢᠭᠤᠯᠤᠯᠳᠠ ᠵᠠᠰᠠᠭ ᠵᠠᠬᠢᠷᠭᠠᠨ ᠤ ᠪᠠᠶᠢᠭᠤᠯᠭ᠎ᠠ ᠳᠤ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠭᠠᠷᠭᠠᠭᠰᠠᠨ ᠪᠠᠶᠢᠪᠠᠯ᠂ ᠵᠠᠰᠠᠭ ᠵᠠᠬᠢᠷᠭᠠᠨ ᠤ ᠪᠠᠶᠢᠭᠤᠯᠭ᠎ᠠ ᠬᠦᠯᠢᠶᠡᠨ ᠠᠪᠴᠤ ᠰᠢᠢᠳᠪᠤᠷᠢᠯᠡᠬᠦ ᠦᠭᠡᠢ᠃    ᠵᠠᠰᠠᠭ ᠵᠠᠬᠢᠷᠭᠠᠨ ᠤ ᠪᠠᠶᠢᠭᠤᠯᠭ᠎ᠠ ᠮᠠᠨ ᠤ ᠤᠯᠤᠰ ᠠᠴᠠ ᠬᠢᠯᠢ ᠶᠢᠨ ᠲᠤᠳᠤᠷ᠎ᠠ ᠪᠠᠶᠢᠭ᠎ᠠ ᠭᠠᠳᠠᠭᠠᠳᠤ ᠤᠯᠤᠰ ᠠᠴᠠ ᠠᠷᠠᠳ ᠢᠷᠭᠡᠨ᠂ ᠬᠠᠤᠯᠢ ᠡᠷᠬᠡᠳᠡᠨ ᠪᠤᠶᠤ ᠪᠤᠰᠤᠳ ᠵᠤᠬᠢᠶᠠᠨ ᠪᠠᠶᠢᠭᠤᠯᠤᠯᠳᠠ ᠶᠢᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠪᠤᠯᠭᠠᠬᠤ ᠭᠤᠶᠤᠴᠢᠯᠠᠯ ᠢ ᠤᠯᠤᠭᠰᠠᠨ ᠲᠠᠷᠠᠭ᠎ᠠ᠂ ᠭᠤᠶᠤᠴᠢᠯᠠᠭᠴᠢ ᠶᠢᠨ ᠪᠡᠶ᠎ᠡ ᠶᠢᠨ ᠬᠢᠷᠢ ᠭᠡᠮ ᠢ ᠬᠢᠨᠠᠨ ᠬᠠᠷᠭᠤᠭᠤᠯᠬᠤ ᠬᠡᠷᠡᠭᠳᠡᠢ︔ ᠬᠠᠩᠭᠠᠬᠤ ᠪᠠᠷ ᠪᠠᠶᠢᠭ᠎ᠠ ᠵᠠᠰᠠᠭ ᠤᠨ ᠤᠷᠳᠤᠨ ᠤ ᠮᠡᠳᠡᠭᠡ ᠵᠠᠩᠬᠢ ᠳᠤ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠤᠯᠤᠰ ᠤᠨ ᠨᠢᠭᠤᠴᠠ ᠶᠢ ᠬᠠᠮᠠᠭᠠᠯᠠᠬᠤ ᠬᠠᠤᠯᠢ︾ ᠵᠢᠴᠢ ᠪᠤᠰᠤᠳ ᠬᠠᠤᠯᠢ ᠴᠠᠭᠠᠵᠠ᠂ ᠬᠠᠤᠯᠢ ᠲᠤᠭᠳᠠᠭᠠᠯ ᠪᠠ ᠤᠯᠤᠰ ᠤᠨ ᠲᠤᠭᠳᠠᠭᠠᠯ ᠶᠤᠰᠤᠭᠠᠷ ᠨᠢᠭᠤᠴᠠ ᠶᠢ ᠬᠠᠮᠠᠭᠠᠯᠠᠬᠤ ᠴᠢᠩᠭ᠎ᠠ ᠬᠢᠨᠠᠨ ᠪᠠᠶᠢᠴᠠᠭᠠᠯᠳᠠ ᠬᠢᠬᠦ ᠬᠡᠷᠡᠭᠳᠡᠢ᠃    ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠭᠠᠳᠠᠭᠠᠳᠤ ᠤᠯᠤᠰ ᠤᠨ ᠠᠷᠠᠳ ᠢᠷᠭᠡᠨ᠂ ᠬᠠᠤᠯᠢ ᠶᠢᠨ ᠬᠦᠮᠤᠨ ᠪᠤᠶᠤ ᠪᠤᠰᠤᠳ ᠵᠤᠬᠢᠶᠠᠨ ᠪᠠᠶᠢᠭᠤᠯᠤᠯᠳᠠ ᠳᠤ ᠬᠠᠩᠭᠠᠭᠰᠠᠨ ᠵᠠᠰᠠᠭ ᠤᠨ ᠤᠷᠳᠤᠨ ᠤ ᠮᠡᠳᠡᠭᠡ ᠵᠠᠩᠬᠢ ᠨᠢ ᠶᠠᠷᠤ ᠳᠡᠭᠡᠨ ᠬᠢᠳᠠᠳ ᠪᠤᠯᠤᠨ᠎ᠠ᠃ ᠭᠠᠳᠠᠭᠠᠳᠤ ᠬᠡᠯᠡᠨ ᠤ ᠤᠷᠴᠢᠭᠤᠯᠭ᠎ᠠ ᠶᠢᠨ ᠲᠡᠪᠳᠡᠷ ᠢ ᠬᠠᠩᠭᠠᠬᠤ ᠦᠭᠡᠢ᠃    ᠠᠷᠪᠡᠨ ᠨᠢᠭᠡᠳᠤᠭᠡᠷ ᠵᠤᠶᠢᠯ     ᠰᠢᠶᠠᠩᠭᠠᠩ ᠤᠨ ᠵᠠᠰᠠᠭ ᠵᠠᠬᠢᠷᠭᠠᠨ ᠤ ᠤᠨᠴᠠᠭᠠᠢ ᠤᠷᠤᠨ᠂ ᠤᠤᠮᠧᠨ ᠤ ᠵᠠᠰᠠᠭ ᠵᠠᠬᠢᠷᠭᠠᠨ ᠤ ᠤᠨᠴᠠᠭᠠᠢ ᠤᠷᠤᠨ ᠪᠠ ᠲᠠᠶᠢᠸᠠᠨ ᠤᠷᠤᠨ ᠤ ᠰᠠᠭᠤᠭᠠᠯᠢ ᠠᠷᠠᠳ᠂ ᠬᠠᠤᠯᠢ ᠬᠦᠮᠤᠨ ᠪᠤᠶᠤ ᠪᠤᠰᠤᠳ ᠵᠤᠬᠢᠶᠠᠨ ᠪᠠᠶᠢᠭᠤᠯᠤᠯᠳᠠ ᠵᠠᠰᠠᠭ ᠵᠠᠬᠢᠷᠭᠠᠨ ᠤ ᠪᠠᠶᠢᠭᠤᠯᠭ᠎ᠠ ᠳᠤ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠤᠯᠬᠤ ᠭᠤᠶᠤᠴᠢᠯᠠᠯ ᠭᠠᠷᠭᠠᠵᠤ᠂ ᠲᠤᠰ ᠠᠷᠭ᠎ᠠ ᠶᠢᠨ ᠠᠷᠪᠠᠳᠤᠭᠠᠷ ᠵᠤᠶᠢᠯ ᠤᠨ ᠲᠤᠭᠳᠠᠭᠠᠯ ᠢᠶᠠᠷ ᠯᠠᠪᠯᠠᠯᠳᠠ ᠪᠤᠯᠠᠭᠠᠨ ᠬᠦᠢᠴᠡᠳᠭᠡᠬᠦ ᠬᠡᠷᠡᠭᠳᠡᠢ᠃    ᠠᠷᠪᠠᠨ ᠬᠤᠶᠠᠳᠤᠭᠠᠷ ᠵᠤᠶᠢᠯ     ᠵᠠᠰᠠᠭ ᠵᠠᠬᠢᠷᠭᠠᠨ ᠤ ᠪᠠᠶᠢᠭᠤᠯᠭ᠎ᠠ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠢ ᠤᠯᠤᠭᠰᠠᠨ ᠤ ᠲᠠᠷᠠᠭ᠎ᠠ ᠲᠠᠩᠰᠠᠯᠠᠬᠤ ᠪᠠ ᠠᠩᠬ᠎ᠠ ᠬᠢᠨᠠᠬᠤ ᠬᠡᠷᠡᠭᠳᠡᠢ᠃    ︵ᠨᠢᠭᠡ︶ ᠭᠤᠶᠤᠴᠢᠯᠠᠭᠴᠢ ᠶᠢᠨ ᠲᠠᠪᠰᠢᠭᠦᠯᠤᠭ᠍ᠰᠡᠨ ᠭᠤᠶᠤᠴᠢᠯᠠᠯ ᠤᠨ ᠬᠦᠰᠤᠨᠤᠭ᠍ᠳᠦ ᠶᠢ ᠲᠠᠭᠯᠠᠭᠰᠠᠨ ᠨᠢ ᠪᠦᠷᠢᠨ ᠪᠤᠰᠤ ᠪᠤᠶᠤ ᠭᠤᠶᠤᠴᠢᠯᠠᠯ ᠢ ᠢᠯᠡ ᠪᠤᠯᠭᠠᠬᠤ ᠠᠭᠤᠯᠭ᠎ᠠ ᠶᠢ ᠲᠦᠷᠰᠤᠯᠡᠭᠰᠡᠨ ᠨᠢ ᠲᠤᠳᠤᠷᠬᠠᠢ ᠦᠭᠡᠢ ᠪᠠᠶᠢᠪᠠᠯ᠃ ᠵᠠᠰᠠᠭ ᠵᠠᠬᠢᠷᠭᠠᠨ ᠤ ᠪᠠᠶᠢᠭᠤᠯᠭ᠎ᠠ ᠭᠤᠶᠤᠴᠢᠯᠠᠯ ᠢ ᠤᠯᠤᠭᠰᠠᠨ ᠤ ᠲᠠᠷᠠᠭᠠᠬᠢ7 ᠠᠵᠢᠯᠯᠠᠬᠤ ᠡᠳᠤᠷ ᠤᠨ ᠲᠤᠳᠤᠷ᠎ᠠ ᠭᠤᠶᠤᠴᠢᠯᠠᠭᠴᠢ ᠳᠤ10 ᠡᠳᠤᠷ ᠤᠨ ᠲᠤᠳᠤᠷ᠎ᠠ ᠨᠦᠬᠦᠪᠤᠷᠢᠯᠡᠨ ᠵᠠᠯᠠᠷᠠᠭᠤᠯᠬᠤ ᠶᠢ ᠨᠢᠭᠡ ᠯᠡ ᠤᠳᠠᠭ᠎ᠠ ᠲᠡᠭᠡᠷ᠎ᠡ ᠪᠢᠴᠢᠭ ᠢᠶᠠᠷ ᠮᠡᠳᠡᠭᠳᠡᠵᠦ ᠪᠤᠯᠤᠨ᠎ᠠ᠂ ᠭᠤᠶᠤᠴᠢᠯᠠᠭᠴᠢ ᠬᠤᠭᠤᠴᠠᠭ᠎ᠠ ᠭᠡᠳᠤᠷᠠᠳᠠᠯ᠎ᠠ ᠨᠦᠬᠦᠪᠤᠷᠢᠯᠠᠨ ᠵᠠᠯᠠᠷᠠᠭᠤᠯᠬᠤ ᠮᠠᠲ᠋ᠧᠷᠢᠶᠠᠯ ᠢᠶᠠᠨ ᠲᠤᠰᠢᠶᠠᠭᠰᠠᠨ ᠦᠭᠡᠢ ᠪᠠᠶᠢᠪᠠᠯ᠂ ᠭᠤᠶᠤᠴᠢᠯᠠᠯ ᠢᠶᠠᠨ ᠪᠤᠴᠠᠭᠠᠭᠰᠠᠨ ᠢᠶᠠᠷᠪᠤᠳᠤᠨ᠎ᠠ᠃    ︵ᠬᠤᠶᠠᠷ︶ ᠭᠤᠶᠤᠴᠢᠯᠠᠭᠴᠢ ᠶᠢᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠪᠠᠷ ᠭᠤᠶᠤᠴᠢᠯᠠᠭᠰᠠᠨ ᠲᠦᠷᠤᠯ ᠵᠤᠶᠢᠯ ᠨᠠᠯᠢᠶᠠᠳ ᠠᠷᠪᠢᠨ ᠪᠠᠶᠢᠪᠠᠯ᠂ ᠵᠠᠰᠠᠭ ᠵᠠᠬᠢᠷᠭᠠᠨ ᠤ ᠪᠠᠶᠢᠭᠤᠯᠭ᠎ᠠ ᠭᠤᠶᠤᠴᠢᠯᠠᠯ ᠢ ᠤᠯᠤᠭᠰᠠᠨ ᠤ ᠲᠠᠷᠠᠭᠠᠬᠢ7 ᠠᠵᠢᠯᠯᠠᠬᠤ ᠡᠳᠤᠷ ᠲᠤᠳᠤᠷ᠎ᠠ ᠭᠤᠶᠤᠴᠢᠯᠠᠭᠴᠢ ᠳᠤ10 ᠡᠳᠤᠷ ᠤᠨ ᠲᠤᠳᠤᠷ᠎ᠠ ︽ᠨᠢᠭᠡ ᠤᠴᠢᠷ ᠶᠠᠪᠤᠳᠠᠯ ᠳᠤ ᠨᠢᠭᠡ ᠭᠤᠶᠤᠴᠢᠯᠠᠯ ᠭᠠᠷᠭᠠᠬᠤ︾ ᠵᠠᠷᠴᠢᠮ ᠶᠤᠰᠤᠭᠠᠷ ᠭᠤᠶᠤᠴᠢᠯᠠᠬᠤ ᠠᠷᠭ᠎ᠠ ᠮᠠᠶ᠋ᠢᠭ ᠲᠤ ᠲᠤᠬᠢᠷᠠᠭᠤᠯᠤᠯᠳᠠ ᠬᠢᠬᠦ ᠬᠡᠷᠡᠭᠳᠡᠢ ᠭᠡᠵᠦ ᠨᠢᠭᠡ ᠯᠡ ᠤᠳᠠᠭ᠎ᠠ ᠲᠡᠭᠡᠷ᠎ᠡ ᠪᠢᠴᠢᠭ ᠢᠶᠠᠷ ᠮᠡᠳᠡᠭᠳᠡᠵᠦ ᠪᠤᠯᠤᠨ᠎ᠠ᠃ ᠭᠤᠶᠤᠴᠢᠯᠠᠭᠴᠢ ᠬᠤᠭᠤᠴᠠᠭ᠎ᠠ ᠭᠡᠳᠤᠷᠡᠳᠡᠯ᠎ᠡ ᠵᠤᠬᠢᠴᠠᠩᠭᠤᠢ ᠲᠤᠬᠢᠷᠠᠭᠤᠯᠤᠯᠳᠠ ᠬᠢᠭᠰᠡᠨ ᠦᠭᠡᠢ ᠪᠠᠶᠢᠪᠠᠯ᠂ ᠭᠤᠶᠤᠴᠢᠯᠠᠯ ᠪᠤᠴᠠᠭᠠᠭᠰᠠᠨ ᠢᠶᠠᠷ ᠪᠤᠳᠤᠨ᠎ᠠ︔    ︵ᠭᠤᠷᠪᠠ︶ ᠭᠤᠶᠤᠴᠢᠯᠠᠭᠴᠢ ᠨᠢ ᠨᠢᠭᠡ ᠪᠤᠳᠠᠳᠠᠢ ᠵᠤᠶᠢᠯᠡᠰ ᠤᠨ ᠲᠤᠬᠠᠢ ᠠᠳᠠᠯᠢ ᠨᠢᠭᠡᠨ ᠵᠠᠰᠠᠭ ᠵᠠᠬᠢᠷᠭᠠᠨ ᠤ ᠪᠠᠶᠢᠭᠤᠯᠭ᠎ᠠ ᠳᠤ ᠠᠭᠤᠯᠭ᠎ᠠ ᠨᠢ ᠠᠳᠠᠯᠢᠪᠳᠤᠷ ᠤᠯᠠᠨ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠭᠠᠷᠭᠠᠵᠤ᠂ ᠵᠠᠰᠠᠭ ᠵᠠᠬᠢᠷᠭᠠᠨ ᠤ ᠪᠠᠶᠢᠭᠤᠯᠭ᠎ᠠ ᠭᠤᠶᠤᠴᠢᠯᠠᠯ ᠢ ᠤᠯᠤᠭᠰᠠᠨ ᠤ ᠲᠠᠷᠠᠭᠠᠬᠢ7 ᠠᠵᠢᠯᠯᠠᠬᠤ ᠡᠳᠤᠷ ᠤᠨ ᠲᠤᠳᠤᠷ᠎ᠠ ᠭᠤᠶᠤᠴᠢᠯᠠᠭᠴᠢ ᠳᠤ ᠲᠤᠷᠠᠳᠤᠭᠰᠠᠨ ᠭᠤᠶᠤᠴᠢᠯᠠᠯ ᠢ ᠨᠢ ᠵᠤᠬᠢᠰᠳᠠᠢ ᠨᠠᠶᠢᠯᠠᠭᠦᠯᠤᠨ ᠰᠢᠢᠳᠪᠦᠷᠢᠯᠡᠬᠦ ᠬᠡᠷᠡᠭᠳᠡᠢ ᠭᠡᠵᠤ ᠨᠢᠭᠡ ᠯᠡ ᠤᠳᠠᠭ᠎ᠠ ᠳᠤ ᠪᠢᠴᠢᠭ ᠢᠶᠠᠷ ᠮᠡᠳᠡᠭᠳᠡᠵᠦ ᠪᠤᠯᠤᠨ᠎ᠠ᠂ ᠭᠤᠶᠤᠴᠢᠯᠠᠭᠴᠢ ᠬᠤᠭᠤᠴᠠᠭ᠎ᠠ ᠬᠡᠳᠤᠷᠡᠳᠠᠯ᠎ᠠ ᠵᠤᠬᠢᠴᠠᠩᠭᠤᠢ ᠲᠤᠬᠢᠷᠠᠭᠤᠯᠤᠯᠳᠠ ᠬᠢᠭᠰᠡᠨ ᠦᠭᠡᠢ ᠪᠠᠶᠢᠪᠠᠯ᠂ ᠭᠤᠶᠤᠴᠢᠯᠠᠯ ᠢᠶᠠᠨ ᠪᠤᠴᠠᠭᠠᠭᠰᠠᠨ ᠢᠶᠠᠷ ᠪᠤᠳᠤᠨ᠎ᠠ᠃    ᠠᠷᠪᠠᠨ ᠭᠤᠷᠪᠠᠳᠤᠭᠠᠷ ᠵᠤᠶᠢᠯ     ᠵᠠᠰᠠᠭ ᠵᠠᠬᠢᠷᠭᠠᠨ ᠤ ᠪᠠᠶᠢᠭᠤᠯᠭ᠎ᠠ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠢ ᠠᠩᠬ᠎ᠠ ᠬᠢᠨᠠᠭᠰᠠᠨ ᠤ ᠲᠠᠷᠠᠭ᠎ᠠ᠂ ᠲᠡᠷᠡ ᠲᠤᠤᠷ᠎ᠠ ᠨᠢ ᠬᠠᠷᠢᠭᠤᠯᠳᠠ ᠦᠭᠴᠦ ᠴᠢᠳᠠᠪᠠᠯ᠂ ᠲᠡᠷᠡ ᠲᠤᠤᠷ᠎ᠠ ᠨᠢ ᠬᠠᠷᠢᠭᠤᠯᠳᠠ ᠦᠭᠬᠦ ᠬᠡᠷᠡᠭᠳᠡᠢ︔ ᠲᠡᠷᠡ ᠲᠤᠤᠷ᠎ᠠ ᠨᠢ ᠬᠠᠷᠢᠭᠤᠯᠳᠠ ᠦᠭᠴᠦ ᠲᠠᠶᠢᠯᠬᠦ ᠦᠭᠡᠢ ᠪᠠᠶᠢᠪᠠᠯ᠂ ᠭᠤᠶᠤᠴᠢᠯᠠᠯ ᠢ ᠤᠯᠤᠭᠰᠠᠨ ᠡᠳᠤᠷ ᠤᠨ ᠲᠠᠷᠠᠭ᠎ᠠ ᠡᠳᠤᠷ ᠡᠬᠢᠯᠡᠨ15 ᠠᠵᠢᠯᠯᠠᠬᠤ ᠡᠳᠤᠷ ᠤᠨ ᠲᠤᠳᠤᠷ᠎ᠠ ᠬᠠᠷᠢᠭᠤᠯᠳᠠ ᠦᠭᠬᠦ ᠬᠡᠷᠡᠭᠳᠡᠢ᠃    ᠬᠡᠷᠪᠡ ᠬᠠᠷᠢᠭᠤᠯᠳᠠ ᠦᠭᠬᠦ ᠬᠤᠭᠤᠴᠠᠭ᠎ᠠ ᠶᠢ ᠤᠷᠳᠤᠳᠬᠠᠬᠤ ᠴᠢᠬᠤᠯᠠᠳᠠᠢᠪᠤᠯ᠂ ᠲᠤᠰ ᠪᠠᠶᠢᠭᠤᠯᠭ᠎ᠠ ᠶᠢᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠠᠵᠢᠯ ᠤᠨ ᠪᠠᠶᠢᠭᠤᠯᠤᠮᠵᠢ ᠶᠢᠨ ᠬᠠᠷᠢᠭᠤᠴᠠᠯᠭᠠᠳᠠᠨ ᠢᠶᠠᠷ ᠵᠦᠪᠰᠢᠶᠡᠷᠡᠬᠦᠯᠬᠦ ᠶᠢᠨ ᠬᠠᠮᠳᠤ ᠭᠤᠶᠤᠴᠢᠯᠠᠭᠴᠢ ᠳᠤ ᠮᠡᠳᠡᠭᠳᠡᠬᠦ ᠬᠡᠷᠡᠭᠳᠡᠢ᠃ ᠬᠠᠷᠢᠭᠤᠯᠳᠠ ᠦᠭᠬᠦ ᠬᠤᠭᠤᠴᠠᠭ᠎ᠠ ᠶᠢ ᠬᠠᠮᠤᠭ ᠤᠨ ᠤᠷᠳᠤ ᠳᠠᠭᠠᠨ15 ᠠᠵᠢᠯ ᠤᠨ ᠡᠳᠤᠷ ᠠᠴᠠ ᠭᠡᠳᠤᠷᠡᠭᠦᠯᠵᠤ ᠪᠤᠯᠠᠬᠤ ᠦᠭᠡᠢ᠃     ᠬᠡᠷᠪᠡ ᠭᠤᠶᠤᠴᠢᠯᠠᠭᠴᠢ ᠭᠤᠶᠤᠴᠢᠯᠠᠯ ᠤᠨ ᠬᠦᠰᠤᠨᠤᠭ᠍ᠳᠦ ᠪᠠᠨ ᠨᠦᠬᠦᠪᠤᠷᠢᠯᠡᠨ ᠵᠠᠯᠠᠷᠠᠭᠤᠯᠬᠤ ᠴᠢᠬᠤᠯᠠᠳᠠᠢᠪᠤᠯ᠂ ᠭᠤᠶᠤᠴᠢᠯᠠᠬᠤ ᠴᠠᠭ ᠤᠨ ᠬᠢᠵᠠᠭᠠᠷ ᠢ ᠦᠨᠳᠤᠰᠤᠯᠠᠨ ᠨᠦᠬᠦᠪᠤᠷᠢᠯᠠᠨ ᠵᠠᠯᠠᠷᠠᠭᠤᠯᠬᠤ ᠮᠡᠳᠡᠭᠳᠡᠯ ᠶᠠᠪᠤᠭᠤᠯᠤᠭᠰᠠᠨ ᠡᠳᠤᠷ ᠠᠴᠠ ᠡᠬᠢᠯᠡᠵᠤ ᠪᠤᠳᠤᠬᠤ ᠪᠠᠨ ᠵᠤᠭᠰᠤᠵᠤ᠂ ᠭᠤᠶᠤᠴᠢᠯᠠᠭᠴᠢ ᠶᠢᠨ ᠨᠦᠬᠦᠪᠤᠷᠢᠯᠡᠨ ᠵᠠᠯᠠᠷᠠᠭᠤᠯᠬᠤ ᠮᠠᠲ᠋ᠧᠷᠢᠶᠠᠯ ᠢ ᠤᠯᠤᠭᠰᠠᠨ ᠡᠳᠤᠷ ᠠᠴᠠ ᠡᠬᠢᠯᠡᠨ᠂ ᠦᠯᠡᠳᠡᠭᠰᠡᠨ ᠬᠤᠭᠤᠴᠠᠭ᠎ᠠ ᠶᠢ ᠦᠷᠭᠦᠯᠵᠢᠯᠡᠨ ᠪᠤᠳᠤᠨ᠎ᠠ᠃ ᠨᠦᠬᠦᠪᠤᠷᠢᠯᠡᠵᠤ ᠵᠠᠯᠠᠷᠠᠭᠤᠯᠬᠤ ᠮᠡᠳᠡᠭᠳᠡᠯ ᠶᠠᠪᠤᠭᠤᠯᠤᠭᠰᠠᠨ ᠲᠤᠰ ᠡᠳᠤᠷ ᠵᠢᠴᠢ ᠭᠤᠶᠤᠴᠢᠯᠠᠭᠴᠢ ᠶᠢᠨ ᠨᠦᠬᠦᠵᠤ ᠵᠠᠯᠠᠷᠠᠭᠤᠯᠤᠭᠰᠠᠨ ᠮᠠᠲ᠋ᠧᠷᠢᠶᠠᠯ ᠢ ᠤᠯᠤᠭᠰᠠᠨ ᠲᠤᠰ ᠡᠳᠤᠷ ᠢ ᠬᠦᠢᠴᠡᠳᠭᠡᠬᠦ ᠬᠤᠭᠤᠴᠠᠭᠠᠨ ᠳᠤ ᠪᠤᠳᠤᠵᠤ ᠤᠷᠤᠭᠤᠯᠬᠤ ᠦᠭᠡᠢ᠃    ᠢᠯᠡ ᠪᠤᠯᠭᠠᠬᠤ ᠪᠠᠷ ᠭᠤᠶᠤᠴᠢᠯᠠᠭᠰᠠᠨ ᠵᠠᠰᠠᠭ ᠤᠨ ᠤᠷᠳᠤᠨ ᠤ ᠮᠡᠳᠡᠭᠡ ᠵᠠᠩᠬᠢ ᠨᠢ ᠭᠤᠷᠪᠠᠳᠡᠬᠢ ᠡᠳᠡᠭᠡᠳ ᠤᠨ ᠡᠷᠬᠡ ᠠᠰᠢᠭ ᠲᠤ ᠬᠤᠯᠪᠤᠭᠳᠠᠭᠰᠠᠨ ᠪᠠᠶᠢᠪᠠᠯ᠂ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠭᠤᠷᠪᠠᠳᠡᠬᠢ ᠡᠳᠡᠭᠡᠳ ᠤᠨ ᠰᠠᠨᠠᠯ ᠢ ᠬᠤᠷᠢᠶᠠᠬᠤ ᠳᠤ ᠬᠡᠷᠡᠭᠰᠡᠬᠦ ᠴᠠᠭ ᠢ ᠬᠠᠤᠯᠢ ᠪᠠᠷ ᠲᠤᠭᠳᠠᠭᠠᠭᠰᠠᠨ ᠰᠢᠢᠳᠪᠤᠷᠢᠯᠡᠬᠦ ᠬᠤᠭᠤᠴᠠᠭᠠᠨ ᠲᠤᠳᠤᠷ᠎ᠠ ᠪᠤᠳᠤᠵᠤ ᠤᠷᠤᠭᠤᠯᠬᠤ ᠦᠭᠡᠢ᠃ ᠡᠰᠡᠷᠭᠦᠴᠡᠰᠢ ᠦᠭᠡᠢ ᠬᠦᠴᠤᠨ ᠪᠤᠶᠤ ᠬᠠᠤᠯᠢ ᠪᠠᠷ ᠲᠤᠭᠳᠠᠭᠠᠭᠰᠠᠨ ᠪᠤᠰᠤᠳ ᠤᠴᠢᠷ ᠰᠢᠯᠳᠠᠭᠠᠨ ᠠᠴᠠ ᠪᠤᠯᠵᠤ᠂ ᠵᠠᠰᠠᠭ ᠵᠠᠬᠢᠷᠭᠠᠨ ᠤ ᠪᠠᠶᠢᠭᠤᠯᠭ᠎ᠠ ᠲᠤᠭᠳᠠᠭᠰᠠᠨ ᠬᠤᠭᠤᠴᠠᠭᠠᠨ ᠳᠤ ᠭᠤᠶᠤᠴᠢᠯᠠᠭᠴᠢ ᠳᠤ ᠬᠠᠷᠢᠭᠤᠯᠳᠠ ᠦᠭᠬᠦ ᠪᠤᠶᠤ ᠭᠤᠶᠤᠴᠢᠯᠠᠭᠴᠢ ᠳᠤ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠬᠠᠩᠭᠠᠵᠤ ᠲᠠᠶᠢᠯᠬᠦ ᠦᠭᠡᠢ ᠪᠠᠶᠢᠪᠠᠯ᠂ ᠭᠤᠶᠤᠴᠢᠯᠠᠭᠴᠢ ᠳᠤ ᠪᠠᠶᠢᠳᠠᠯ ᠢᠶᠠᠨ ᠪᠢᠴᠢᠭ ᠢᠶᠠᠷ ᠲᠤᠳᠤᠷᠬᠠᠶᠢᠯᠠᠬᠤᠬᠡᠷᠡᠭᠳᠡᠢ᠃    ᠠᠷᠪᠠᠨ ᠲᠦᠷᠪᠡᠳᠤᠭᠡᠷ ᠵᠤᠶᠢᠯ       ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠢ ᠬᠦᠯᠢᠶᠠᠨ ᠠᠪᠤᠭᠰᠠᠨ ᠡᠳᠤᠷ ᠬᠤᠭᠤᠴᠠᠭ᠎ᠠ     ︵ᠨᠢᠭᠡ︶ ᠭᠤᠶᠤᠴᠢᠯᠠᠭᠴᠢ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠢ ᠨᠢᠭᠤᠷᠳᠠᠨ ᠲᠤᠰᠢᠶᠠᠭᠰᠠᠨ ᠪᠠᠶᠢᠪᠠᠯ᠂ ᠲᠤᠰᠢᠶᠠᠬᠤ ᠡᠳᠤᠷ ᠨᠢ ᠭᠤᠶᠤᠴᠢᠯᠠᠯ ᠢ ᠤᠯᠤᠭᠰᠠᠨ ᠡᠳᠤᠷ ᠪᠤᠯᠤᠨ᠎ᠠ᠃    ︵ᠬᠤᠶᠠᠷ︶ ᠭᠤᠶᠤᠴᠢᠯᠠᠭᠴᠢ ᠨᠢ ᠰᠢᠤᠳᠠᠨ ᠢᠶᠠᠷ ᠢᠯᠡᠭᠡᠬᠦ ᠠᠷᠭ᠎ᠠ ᠮᠠᠶ᠋ᠢᠭ ᠢᠶᠠᠷ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠢ ᠲᠤᠰᠢᠶᠠᠭᠰᠠᠨ ᠪᠠᠶᠢᠪᠠᠯ᠂ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠭᠠᠷ ᠤᠨ ᠦᠰᠦᠭ ᠵᠢᠷᠤᠵᠤ ᠬᠤᠷᠢᠶᠠᠨ ᠠᠪᠤᠭᠰᠠᠨ ᠡᠳᠤᠷ ᠢ ᠭᠤᠶᠤᠴᠢᠯᠠᠯ ᠢ ᠤᠯᠤᠭᠰᠠᠨ ᠡᠳᠤᠷ ᠢᠶᠠᠨ ᠪᠤᠳᠤᠨ᠎ᠠ᠃ ᠭᠤᠶᠤᠴᠢᠯᠠᠭᠴᠢ ᠡᠩ ᠤᠨ ᠵᠠᠬᠢᠳᠠᠯ ᠵᠡᠷᠭᠡ ᠭᠠᠷ ᠤᠨ ᠦᠰᠦᠭ ᠵᠢᠷᠤᠵᠤ ᠬᠤᠷᠢᠶᠠᠬᠤ ᠴᠢᠬᠤᠯᠠ ᠦᠭᠡᠢ ᠰᠢᠤᠳᠠᠨ ᠢᠶᠠᠷ ᠢᠯᠡᠭᠡᠬᠦ ᠠᠷᠭ᠎ᠠ ᠮᠠᠶ᠋ᠢᠭ ᠢᠶᠠᠷ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠢᠶᠠᠨ ᠳᠡᠪᠰᠢᠭᠦᠯᠦᠭᠰᠡᠨ ᠪᠠᠶᠢᠪᠠᠯ᠂ ᠡᠰᠡᠭᠦᠯ᠎ᠡ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠢ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠠᠵᠢᠯ ᠤᠨ ᠪᠠᠶᠢᠭᠤᠯᠤᠮᠵᠢ ᠠᠴᠠ ᠭᠠᠳᠠᠨᠠᠬᠢ ᠪᠠᠶᠢᠭᠤᠯᠤᠮᠵᠢ ᠪᠤᠶᠤ ᠬᠤᠪᠢ ᠬᠦᠮᠤᠨ ᠳᠤ ᠬᠦᠷᠭᠡᠵᠤ ᠦᠭᠭᠦᠭᠰᠡᠨ ᠪᠠᠶᠢᠪᠠᠯ᠂ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠢ ᠪᠤᠳᠠᠳᠠᠢ ᠤᠯᠤᠭᠰᠠᠨ ᠲᠤᠬᠠᠢ ᠶᠢᠨ ᠡᠳᠤᠷ ᠤᠨ ᠳ᠋ᠢᠶᠠᠩᠬᠤᠸ᠋ᠨ ᠪᠠᠷ ᠭᠤᠶᠤᠴᠢᠯᠠᠭᠴᠢ ᠲᠠᠢ ᠬᠠᠷᠢᠯᠴᠠᠬᠤ ᠨᠤᠳᠠᠯᠠᠭᠤᠯᠬᠤ ᠬᠡᠷᠡᠭᠳᠡᠢ᠃ ᠲᠠᠷᠠᠴᠢᠯᠠᠨ ᠨᠤᠳᠠᠯᠠᠭᠰᠠᠨ ᠡᠳᠤᠷ ᠢ ᠭᠤᠶᠤᠴᠢᠯᠠᠯ ᠢ ᠤᠯᠤᠭᠰᠠᠨ ᠡᠳᠤᠷ ᠪᠤᠯᠭᠠᠨ᠎ᠠ᠃ ᠭᠤᠶᠤᠴᠢᠯᠠᠭᠴᠢ ᠨᠢ ᠬᠠᠷᠢᠯᠴᠠᠬᠤ ᠤᠳᠠᠰᠤ ᠨᠠᠪᠳᠡᠷᠡᠭᠦᠯᠬᠦ ᠶᠢᠨ ᠠᠷᠭ᠎ᠠ ᠦᠭᠡᠢ ᠪᠤᠯ ᠵᠠᠰᠠᠭ ᠵᠠᠬᠢᠷᠭᠠᠨ ᠤ ᠪᠠᠶᠢᠭᠤᠯᠤᠯᠭ᠎ᠠ ᠶᠢᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠠᠵᠢᠯ ᠤᠨ ᠪᠠᠶᠢᠭᠤᠯᠤᠮᠵᠢ ᠨᠢ ᠲᠠᠩᠰᠠᠯᠠᠨ ᠲᠠᠮᠳᠡᠭᠯᠡᠬᠦ ᠶᠢ ᠰᠠᠶᠢᠳᠤᠷ ᠬᠢᠵᠤ᠂ ᠭᠤᠶᠤᠴᠢᠯᠠᠭᠴᠢ ᠯᠤᠭ᠎ᠠ ᠬᠠᠷᠢᠯᠴᠠᠬᠦ ᠪᠠᠨ ᠰᠡᠷᠭᠦᠭᠡᠭᠰᠡᠨ ᠡᠳᠤᠷ ᠠᠴᠠ ᠡᠬᠢᠯᠡᠨ ᠰᠢᠢᠳᠪᠤᠷᠢᠯᠡᠬᠦ ᠲᠠᠰ ᠲᠠᠷᠠᠭᠠᠯᠠᠯ ᠢ ᠡᠬᠢᠯᠡᠬᠦᠯᠬᠦ ᠶᠢᠨ ᠬᠠᠮᠳᠤ ᠭᠦᠢᠴᠡᠳᠭᠡᠬᠦ ᠬᠤᠭᠤᠴᠠᠭ᠎ᠠ ᠬᠢᠵᠠᠭᠠᠷ ᠢ ᠡᠬᠢᠯᠡᠨ ᠪᠤᠳᠤᠬᠤ ᠬᠡᠷᠡᠭᠳᠡᠢ᠃    ︵ᠭᠤᠷᠪᠠ︶ ᠭᠤᠶᠤᠴᠢᠯᠠᠭᠴᠢ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠤᠨ ᠤᠷᠳᠤᠨ ᠤ ᠰᠦᠯᠵᠢᠶᠠᠨ ᠦᠷᠳᠡᠭᠡ  ᠪᠠᠷ ᠲᠠᠮᠵᠢᠭᠤᠯᠤᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠢᠶᠠᠨ ᠰᠦᠯᠵᠢᠶᠠᠨ ᠲᠡᠬᠡᠷ᠎ᠠ ᠲᠤᠰᠢᠶᠠᠭᠰᠠᠨ ᠪᠠᠶᠢᠪᠠᠯ᠂ ᠰᠢᠰᠲ᠋ᠧᠮ ᠬᠦᠯᠢᠶᠠᠨ ᠠᠪᠤᠭᠰᠠᠨ ᠡᠳᠤᠷ ᠨᠢ ᠭᠤᠶᠤᠴᠢᠯᠠᠯ ᠢ ᠬᠦᠯᠢᠶᠠᠨ ᠠᠪᠤᠭᠰᠠᠨ ᠡᠳᠤᠷ ᠪᠤᠯᠤᠨ᠎ᠠ᠃    ︵ᠲᠦᠷᠪᠡ︶ ᠭᠤᠶᠤᠴᠢᠯᠠᠭᠴᠢ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠭᠠᠳᠠᠭᠰᠢ ᠨᠠᠶᠢᠳᠠᠯᠡᠭᠰᠡᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠢᠶᠠᠷ ᠲᠠᠮᠵᠢᠭᠤᠯᠤᠨ ᠭᠤᠶᠤᠴᠢᠯᠠᠯ ᠢᠶᠠᠨ ᠳᠠᠪᠰᠢᠭᠤᠯᠦᠭᠰᠡᠨ᠃ ᠹᠠᠺᠰ ᠢ ᠤᠯᠤᠭᠰᠠᠨ ᠪᠦᠭᠡᠳ ᠬᠤᠶᠠᠷ ᠲᠠᠯ᠎ᠠ ᠪᠠᠷ ᠢᠶᠠᠨ ᠨᠤᠳᠠᠯᠠᠭᠰᠠᠨ ᠡᠳᠤᠷ ᠨᠢ ᠭᠤᠶᠤᠴᠢᠯᠠᠯ ᠢ ᠤᠯᠤᠭᠰᠠᠨ ᠡᠳᠤᠷ ᠨᠢ ᠭᠤᠶᠤᠴᠢᠯᠠᠯ ᠢ ᠤᠯᠤᠭᠰᠠᠨ ᠡᠳᠤᠷ ᠪᠤᠯᠤᠨ᠎ᠠ᠃    ︵ᠲᠠᠪᠤ︶ ᠭᠤᠶᠤᠴᠢᠯᠠᠭᠴᠢ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠭᠠᠳᠠᠭᠰᠢ ᠨᠠᠶᠢᠳᠠᠯᠡᠭᠰᠡᠨ ᠪᠣᠰᠣᠳ ᠬᠦᠯᠢᠶᠠᠨ ᠠᠪᠬᠤ ᠠᠷᠭ᠎ᠠ ᠵᠠᠮ ᠢᠶᠠᠷ ᠲᠠᠮᠵᠢᠭᠤᠯᠤᠨ ᠭᠤᠶᠤᠴᠢᠯᠠᠯ ᠢᠶᠠᠨ ᠲᠤᠰᠢᠶᠠᠭᠰᠠᠨ ᠪᠠᠶᠢᠪᠠᠯ᠂ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠲᠤᠭᠳᠠᠭᠠᠭᠰᠠᠨ ᠴᠠᠭ ᠢᠶᠠᠷ ᠭᠤᠶᠤᠴᠢᠯᠠᠯ ᠢ ᠤᠯᠤᠭᠰᠠᠨ ᠡᠳᠤᠷ ᠪᠤᠯᠭᠠᠵᠤ᠂ ᠲᠤᠭᠳᠠᠭᠠᠯ ᠦᠭᠡᠢ ᠪᠠᠶᠢᠪᠠᠯ᠂ ᠬᠤᠶᠠᠷ ᠲᠠᠯ᠎ᠠ ᠶᠢᠨ ᠨᠤᠳᠠᠯᠠᠭᠰᠠᠨ ᠡᠳᠤᠷ ᠢᠶᠠᠷ ᠭᠤᠶᠤᠴᠢᠯᠠᠯ ᠤᠨ ᠤᠯᠤᠭᠰᠠᠨ ᠡᠳᠤᠷ ᠪᠣᠯᠭᠠᠨ᠎ᠠ᠃    ᠠᠷᠪᠠᠨ ᠲᠠᠪᠤᠳᠤᠭᠠᠷ ᠵᠤᠶᠢᠯ    ᠢᠯᠡ ᠪᠤᠯᠭᠠᠬᠤ ᠪᠠᠷ ᠭᠤᠶᠤᠴᠢᠯᠠᠭᠰᠠᠨ ᠵᠠᠰᠠᠭ ᠤᠨ ᠤᠷᠳᠤᠨ ᠤ ᠮᠡᠳᠡᠭᠡ ᠵᠠᠩᠬᠢ ᠳᠤ ᠵᠠᠰᠠᠭ ᠵᠠᠬᠢᠷᠭᠠᠨ ᠤ ᠪᠠᠶᠢᠭᠤᠯᠭ᠎ᠠ ᠲᠤᠤᠷ᠎ᠠ ᠵᠢᠭᠰᠠᠭᠠᠭᠰᠠᠨ ᠪᠠᠶᠢᠳᠠᠯ ᠢ ᠦᠨᠳᠤᠰᠤᠯᠡᠨ ᠲᠣᠰ ᠲᠤᠰ ᠬᠠᠷᠢᠭᠤᠯᠳᠠ ᠦᠭᠭᠦᠨ᠎ᠡ᠄    ︵ᠨᠢᠭᠡ︶ ᠰᠠᠨᠠᠭᠠᠴᠢᠯᠠᠭ᠎ᠠ ᠠᠴᠠ ᠪᠠᠨ ᠢᠯᠡ ᠪᠤᠯᠭᠠᠬᠤ ᠬᠡᠪᠴᠢᠶᠠᠨ ᠳᠤ ᠲᠤᠭᠠᠴᠠᠭᠳᠠᠪᠠᠯ᠂ ᠲᠤᠰ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠤᠯᠬᠤ ᠠᠷᠭ᠎ᠠ ᠵᠠᠮ ᠪᠠ ᠠᠷᠭ᠎ᠠ ᠮᠠᠶ᠋ᠢᠭ ᠢ ᠭᠤᠶᠤᠴᠢᠯᠠᠭᠴᠢ ᠳᠤ ᠬᠡᠯᠡᠵᠤ ᠦᠭᠬᠦ ᠬᠡᠷᠡᠭᠳᠡᠢ︔    ︵ᠬᠤᠶᠠᠷ︶ ᠬᠢᠨᠠᠨ ᠪᠠᠶᠢᠴᠠᠭᠠᠳ ᠭᠤᠶᠤᠴᠢᠯᠠᠯ ᠢ ᠦᠨᠳᠤᠰᠤᠯᠡᠨ ᠢᠯᠡ ᠪᠤᠯᠭᠠᠭᠰᠠᠨ ᠵᠠᠰᠠᠭ ᠤᠨ ᠤᠷᠳᠤᠨ ᠤ ᠮᠠᠳᠡᠭᠡ ᠵᠠᠩᠬᠢ ᠶᠢ ᠦᠨᠳᠤᠰᠤᠯᠡᠵᠤ᠂ ᠭᠤᠶᠤᠴᠢᠯᠠᠭᠴᠢ ᠶᠢᠨ ᠱᠠᠭᠠᠷᠳᠠᠭᠰᠠᠨ ᠬᠡᠯᠪᠡᠷᠢ ᠪᠠᠷ ᠬᠠᠷᠢᠭᠤᠯᠳᠠ ᠦᠭᠬᠦ ᠶᠢᠨ ᠬᠠᠮᠳᠤ ᠬᠤᠯᠪᠤᠭᠳᠠᠯ ᠪᠦᠬᠦᠢ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠬᠠᠩᠭᠠᠬᠤ ᠬᠡᠷᠡᠭᠳᠡᠢ︔  (ᠭᠤᠷᠪᠡ︶ ᠢᠯᠡ ᠪᠤᠯᠭᠠᠬᠤ ᠦᠭᠡᠢ ᠬᠡᠪᠴᠢᠶᠡᠨ ᠳᠤ ᠲᠤᠭᠠᠴᠠᠭᠳᠠᠪᠠᠯ᠂ ᠭᠤᠶᠤᠴᠢᠯᠠᠭᠴᠢ ᠳᠤ ᠮᠡᠳᠡᠭᠳᠡᠬᠦ ᠶᠢᠨ ᠬᠠᠮᠳᠤ ᠤᠴᠢᠷ ᠰᠢᠯᠳᠠᠭᠠᠨ ᠢᠶᠠᠨ ᠲᠤᠳᠤᠷᠬᠠᠶᠢᠯᠠᠬᠤ ᠬᠡᠷᠡᠭᠳᠡᠢ︔    ︵ᠲᠦᠷᠪᠡ︶ ᠢᠯᠡ ᠪᠤᠯᠭᠠᠬᠤ ᠪᠠᠷ ᠭᠤᠶᠤᠴᠢᠯᠠᠭᠰᠠᠨ ᠵᠠᠰᠠᠭ ᠤᠨ ᠤᠷᠳᠤᠨ ᠤ ᠮᠡᠳᠡᠭᠡ ᠵᠠᠩᠬᠢ ᠳᠤ ᠢᠯᠡ ᠪᠤᠯᠭᠠᠵᠤ ᠪᠤᠯᠠᠬᠤ ᠦᠭᠡᠢ ᠠᠭᠤᠯᠭ᠎ᠠ ᠠᠭᠤᠯᠵᠤ᠂ ᠭᠡᠪᠡᠴᠤ ᠢᠯᠭᠠᠨ ᠰᠢᠢᠳᠪᠦᠷᠢᠯᠡᠵᠤ ᠴᠢᠳᠠᠯ ᠴᠢᠳᠠᠬᠤ ᠨᠢ ᠵᠠᠰᠠᠭ ᠵᠠᠬᠢᠷᠭᠠᠨ ᠤ ᠪᠠᠶᠢᠭᠤᠯᠭ᠎ᠠ ᠭᠤᠶᠤᠴᠢᠯᠠᠭᠴᠢ ᠳᠤ ᠢᠯᠡ ᠪᠤᠯᠭᠠᠵᠤ ᠪᠤᠯᠠᠬᠤ ᠮᠡᠳᠡᠭᠡ ᠵᠠᠩᠬᠢ ᠶᠢᠨ ᠠᠭᠤᠯᠭ᠎ᠠ ᠶᠢ ᠬᠠᠩᠭᠠᠬᠤ ᠶᠢᠨ ᠬᠠᠮᠳᠤ ᠭᠤᠶᠤᠴᠢᠯᠠᠭᠴᠢ ᠳᠤ ᠢᠯᠡ ᠪᠤᠯᠭᠠᠵᠤ ᠪᠤᠯᠠᠬᠤ ᠮᠡᠳᠡᠭᠡ ᠵᠠᠩᠬᠢ ᠶᠢᠨ ᠠᠭᠤᠯᠭ᠎ᠠ ᠶᠢ ᠬᠠᠩᠭᠠᠬᠤ ᠶᠢᠨ ᠬᠠᠮᠳᠤ ᠭᠤᠶᠤᠴᠢᠯᠠᠭᠴᠢ ᠳᠤ ᠪᠠᠶᠢᠳᠠᠯ ᠢ ᠲᠤᠳᠤᠷᠬᠠᠶᠢᠯᠠᠬᠤ ᠬᠡᠷᠡᠭᠳᠡᠢ︔    ︵ᠲᠠᠪᠤ︶ ᠬᠠᠤᠯᠢ ᠶᠤᠰᠤᠭᠠᠷ ᠲᠤᠰ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠢᠯᠡ ᠪᠤᠯᠭᠠᠬᠤ ᠶᠠᠪᠤᠳᠠᠯ ᠳᠤ ᠬᠠᠷᠢᠶᠠᠯᠠᠭᠳᠠᠬᠤ ᠦᠭᠡᠢ ᠪᠤᠶᠤ ᠲᠤᠰ ᠵᠠᠰᠠᠭ ᠤᠨ ᠤᠷᠳᠤᠨ ᠤ ᠮᠡᠳᠡᠭᠡ ᠵᠠᠩᠬᠢ ᠤᠷᠤᠰᠢᠬᠤ ᠦᠭᠡᠢ ᠪᠠᠶᠢᠪᠠᠯ᠂ ᠭᠤᠶᠤᠴᠢᠯᠠᠭᠴᠢ ᠳᠤ ᠬᠡᠯᠡᠵᠤ ᠦᠭᠬᠦ ᠬᠡᠷᠡᠭᠳᠡᠢ᠂ ᠲᠤᠰ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠪᠠᠶᠢᠭᠤᠯᠭ᠎ᠠ ᠶᠢ ᠲᠤᠭᠳᠠᠭᠠᠵᠤ ᠲᠠᠶᠢᠯᠬᠦ ᠳᠤ ᠬᠦᠷᠪᠡᠯ᠂ ᠭᠤᠶᠤᠴᠢᠯᠠᠭᠴᠢ ᠳᠤ ᠲᠤᠰ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠨᠠᠷᠠᠶᠢᠳᠤᠯ᠂ ᠬᠠᠷᠢᠯᠴᠠᠬᠤ ᠠᠷᠭ᠎ᠠ ᠮᠠᠶ᠋ᠢᠭ ᠢ ᠬᠡᠯᠡᠵᠤ ᠦᠭᠬᠦ ᠬᠡᠷᠡᠭᠳᠡᠢ︔    ︵ᠵᠢᠷᠭᠤᠭ᠎ᠠ︶ ᠭᠤᠶᠤᠴᠢᠯᠠᠯ ᠶᠤᠰᠤᠭᠠᠷ ᠢᠯᠡ ᠪᠤᠯᠭᠠᠭᠰᠠᠨ ᠵᠠᠰᠠᠭ ᠤᠨ ᠤᠷᠳᠤᠨ ᠤ ᠮᠡᠳᠡᠭᠡ ᠵᠠᠩᠬᠢ ᠨᠢ ᠪᠤᠰᠤᠳ ᠵᠠᠰᠠᠭ ᠵᠠᠬᠢᠷᠭᠠᠨ ᠤ ᠪᠠᠶᠢᠭᠤᠯᠭ᠎ᠠ ᠳᠤ ᠬᠤᠯᠪᠤᠭᠳᠠᠭᠰᠠᠨ ᠪᠠᠶᠢᠪᠠᠯ᠂ ᠬᠤᠯᠪᠤᠭᠳᠠᠯ ᠪᠦᠬᠦᠢ ᠵᠠᠰᠠᠭ ᠵᠠᠬᠢᠷᠭᠠᠨ ᠤ ᠪᠠᠶᠢᠭᠤᠯᠭ᠎ᠠ ᠲᠠᠢ ᠨᠡᠪᠳᠠᠷᠠᠯᠴᠠᠨ ᠨᠤᠳᠠᠯᠠᠵᠤ᠂ ᠢᠯᠡ ᠪᠤᠯᠭᠠᠬᠤ ᠪᠠᠷ ᠪᠠᠶᠢᠭ᠎ᠠ ᠵᠠᠰᠠᠭ ᠤᠨ ᠤᠷᠳᠤᠨ ᠤ ᠮᠡᠳᠡᠭᠡ ᠵᠠᠩᠬᠢ ᠶᠢᠨ ᠵᠦᠪ ᠤᠨᠤᠪᠴᠢᠳᠠᠢ ᠨᠢᠭᠡᠳᠤᠯᠳᠠᠢ ᠪᠠᠶᠢᠬᠤ ᠶᠢ ᠦᠨᠡᠨ ᠬᠦ ᠶᠢ ᠪᠠᠳᠤᠯᠠᠭᠰᠠᠨ ᠤ ᠲᠠᠷᠠᠭ᠎ᠠ ᠲᠡᠬᠢᠨ ᠬᠠᠷᠢᠭᠤᠯᠳᠠ ᠦᠭᠬᠦ ᠬᠡᠷᠡᠭᠳᠡᠢ︔    ︵ᠲᠤᠯᠤᠭ᠎ᠠ︶ ᠵᠠᠰᠠᠭ ᠵᠠᠬᠢᠷᠭᠠᠨ ᠤ ᠪᠠᠶᠢᠭᠤᠯᠭ᠎ᠠ ᠬᠠᠰᠤᠭᠳᠠᠭᠰᠠᠨ ᠪᠤᠶᠤ ᠬᠤᠪᠢᠷᠠᠯᠳᠠ ᠭᠠᠷᠤᠭᠰᠠᠨ ᠪᠠᠶᠢᠪᠠᠯ᠂ ᠲᠠᠭᠦᠨ ᠤ ᠡᠭᠦᠷᠭᠡ ᠴᠢᠳᠠᠪᠤᠷᠢ ᠶᠢ ᠦᠷᠭᠦᠯᠵᠢᠯᠡᠨ ᠬᠡᠷᠡᠭᠵᠢᠭᠦᠯᠬᠦ ᠵᠠᠰᠠᠭ ᠵᠠᠬᠢᠷᠭᠠᠨ ᠤ ᠪᠠᠶᠢᠭᠤᠯᠭ᠎ᠠ ᠠᠴᠠ ᠲᠤᠰ ᠵᠠᠬᠢᠷᠭᠠᠨ ᠤ ᠪᠠᠶᠢᠭᠤᠯᠭ᠎ᠠ ᠶᠢᠨ ᠵᠤᠬᠢᠶᠠᠭᠰᠠᠨ ᠪᠤᠶᠤ ᠬᠠᠳᠠᠭᠠᠯᠠᠭᠰᠠᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠢ ᠬᠦᠯᠢᠶᠠᠨ ᠠᠪᠴᠤ ᠰᠢᠢᠳᠪᠤᠷᠢᠯᠡᠨ᠎ᠡ᠃    ᠠᠷᠪᠠᠨ ᠲᠤᠯᠤᠳᠤᠭᠠᠷ ᠵᠤᠶᠢᠯ     ᠵᠠᠰᠠᠭ ᠵᠠᠬᠢᠷᠭᠠᠨ ᠤ ᠪᠠᠶᠢᠭᠤᠯᠭ᠎ᠠ ᠢᠯᠡ ᠪᠤᠯᠭᠠᠬᠤ ᠪᠠᠷ ᠭᠤᠶᠤᠴᠢᠯᠠᠭᠰᠠᠨ ᠵᠠᠰᠠᠭ ᠤᠨ ᠤᠷᠳᠤᠨ ᠤ ᠮᠡᠳᠡᠭᠡ ᠵᠠᠩᠬᠢ ᠨᠢ ᠬᠤᠳᠠᠯᠳᠣᠭᠠᠨ ᠤ ᠨᠢᠭᠤᠴᠠ᠂ ᠬᠤᠪᠢ ᠬᠦᠮᠤᠨ ᠤ ᠨᠢᠭᠤᠴᠠ ᠳᠤ ᠬᠤᠯᠪᠤᠭᠳᠠᠵᠤ᠂ ᠢᠯᠡ ᠪᠤᠯᠭᠠᠭᠰᠠᠨ ᠤ ᠲᠠᠷᠠᠭ᠎ᠠ ᠭᠤᠷᠪᠠᠳᠡᠬᠢ ᠡᠳᠡᠭᠡᠳ ᠤᠨ ᠬᠠᠤᠯᠢ ᠶᠤᠰᠤᠨ ᠤ ᠡᠷᠬᠡ ᠠᠰᠢᠭ ᠢ ᠬᠤᠬᠢᠷᠠᠭᠤᠯᠵᠤ ᠮᠠᠳᠡᠪᠡᠯ᠂ ᠭᠤᠷᠪᠠᠳᠡᠬᠢ ᠡᠳᠡᠭᠡᠳ ᠤᠨ ᠰᠠᠨᠠᠯ ᠢ ᠪᠢᠴᠢᠭ ᠢᠶᠠᠷ ᠬᠤᠷᠢᠶᠠᠬᠤ ᠬᠡᠷᠡᠭᠳᠡᠢ᠃ ᠭᠤᠷᠪᠠᠳᠡᠬᠢ ᠡᠳᠡᠭᠡᠳ ᠢᠯᠡ ᠪᠤᠯᠭᠠᠬᠤ ᠶᠢ ᠵᠦᠪᠰᠢᠶᠡᠷᠡᠭᠰᠡᠨ ᠪᠠᠶᠢᠪᠠᠯ᠂ ᠵᠠᠰᠠᠭ ᠵᠠᠬᠢᠷᠭᠠᠨ ᠤ ᠪᠠᠶᠢᠭᠤᠯᠭ᠎ᠠ ᠭᠤᠶᠤᠴᠢᠯᠠᠯ ᠶᠤᠰᠤᠭᠠᠷ ᠢᠯᠡ ᠪᠤᠯᠭᠠᠵᠤ ᠪᠤᠯᠤᠨ᠎ᠠ︔ ᠭᠤᠷᠪᠠᠳᠤᠭᠠᠷ ᠡᠳᠡᠭᠡᠳ ᠢᠯᠡ ᠪᠤᠯᠭᠠᠬᠤ ᠶᠢ ᠵᠦᠪᠰᠢᠶᠡᠷᠡᠬᠦᠯᠬᠦ ᠦᠭᠡᠢ ᠪᠤᠯ ᠵᠠᠰᠠᠭ ᠵᠠᠬᠢᠷᠭᠠᠨ ᠤ ᠪᠠᠶᠢᠭᠤᠯᠭ᠎ᠠ ᠳᠤ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠬᠤᠳᠠᠯᠳᠤᠭᠠᠨ ᠤ ᠨᠢᠭᠤᠴᠠ᠂ ᠬᠤᠪᠢ ᠬᠦᠮᠤᠨ ᠤ ᠨᠢᠭᠤᠴᠠ ᠳᠤ ᠬᠤᠯᠪᠤᠭᠳᠠᠵᠤ ᠪᠢᠴᠢᠭ ᠤᠨ ᠭᠡᠷᠡᠴᠢ ᠪᠠᠷᠢᠮᠳᠠ ᠪᠠ ᠦᠨᠳᠤᠰᠤ ᠪᠠᠷᠢᠮᠳᠠ ᠶᠢ ᠬᠠᠩᠭᠠᠵᠤ᠂ ᠵᠠᠰᠠᠭ ᠵᠠᠬᠢᠷᠭᠠᠨ ᠤ ᠪᠠᠶᠢᠭᠤᠯᠭ᠎ᠠ ᠬᠢᠨᠠᠨ ᠬᠠᠷᠭᠤᠭᠤᠯᠤᠭᠰᠠᠨ ᠤ ᠲᠠᠷᠠᠭ᠎ᠠ ᠬᠠᠤᠯᠢ ᠶᠤᠰᠤᠭᠠᠷ ᠢᠯᠡ ᠪᠤᠯᠭᠠᠬᠤ ᠶᠤᠰᠤᠳᠠᠢ ᠭᠡᠵᠤ ᠦᠵᠡᠭᠰᠡᠨ ᠪᠠᠶᠢᠪᠠᠯ᠂ ᠢᠯᠡ ᠪᠤᠯᠭᠠᠭᠰᠠᠨ ᠠᠭᠤᠯᠭ᠎ᠠ ᠪᠠ ᠤᠴᠢᠷ ᠰᠢᠯᠳᠠᠭᠠᠨ ᠢᠶᠠᠨ ᠭᠤᠷᠪᠠᠳᠤᠭᠠᠷ ᠡᠳᠡᠭᠡᠳ ᠲᠤ ᠪᠢᠴᠢᠭ ᠢᠶᠠᠷ ᠮᠡᠳᠡᠭᠳᠡᠬᠦ ᠴᠢᠬᠤᠯᠠᠳᠠᠢ᠃    ᠠᠷᠪᠠᠨ ᠨᠠᠢᠮᠠᠳᠤᠭᠠᠷ ᠵᠤᠶᠢᠯ     ᠵᠠᠰᠠᠭ ᠵᠠᠬᠢᠷᠭᠠᠨ ᠤ ᠪᠠᠶᠢᠭᠤᠯᠭ᠎ᠠ ᠭᠤᠶᠤᠴᠢᠯᠠᠯ ᠶᠤᠰᠤᠭᠠᠷ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠵᠤ᠂ ᠭᠤᠶᠤᠴᠢᠯᠠᠭᠴᠢ ᠶᠢᠨ ᠱᠠᠭᠠᠷᠳᠠᠭᠰᠠᠨ ᠬᠡᠯᠪᠡᠷᠢ ᠪᠠᠷ ᠬᠠᠩᠭᠠᠬᠤ ᠶᠢᠨ ᠠᠷᠭ᠎ᠠ ᠦᠭᠡᠢ ᠪᠤᠯ᠂ ᠭᠤᠶᠤᠴᠢᠯᠠᠭᠴᠢ ᠶᠢ ᠲᠤᠬᠢᠷᠠᠭᠤᠯᠤᠨ ᠬᠠᠮᠢᠶ᠎ᠠ ᠪᠦᠬᠦᠢ ᠮᠠᠲ᠋ᠧᠷᠢᠶᠠᠯ ᠢ ᠤᠩᠰᠢᠬᠤ᠂ ᠪᠠᠭᠤᠯᠭᠠᠪᠤᠷᠢ ᠮᠠᠲ᠋ᠧᠷᠢᠶᠠᠯ ᠬᠠᠩᠭᠠᠬᠤ ᠪᠤᠶᠤ ᠪᠤᠰᠤᠳ ᠵᠤᠬᠢᠰᠲᠠᠢ ᠬᠡᠯᠪᠡᠷᠢ ᠪᠠᠷ ᠬᠠᠩᠭᠠᠵᠤ ᠪᠤᠯᠤᠨ᠎ᠠ᠃ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠭᠰᠠᠨ ᠠᠷᠠᠳ ᠢᠷᠭᠡᠳ ᠤᠩᠰᠢᠬᠤ ᠳᠤ ᠬᠦᠴᠢᠷᠳᠠᠢ ᠪᠤᠶᠤ ᠦᠵᠡᠵᠤ ᠰᠣᠨᠤᠰᠬᠤ ᠬᠠᠷᠰᠢ ᠰᠠᠭᠠᠳ ᠲᠠᠢ ᠪᠠᠶᠢᠪᠠᠯ᠂ ᠵᠠᠰᠠᠭ ᠵᠠᠬᠢᠷᠭᠠᠨ ᠤ ᠪᠠᠶᠢᠭᠤᠯᠭ᠎ᠠ ᠲᠠᠭᠦᠨ ᠳᠤ ᠴᠢᠬᠤᠯᠠ ᠪᠦᠬᠦᠢ ᠬᠠᠪᠰᠤᠷᠤᠯᠭ᠎ᠠ ᠬᠠᠩᠭᠠᠬᠤ ᠬᠡᠷᠡᠭᠳᠡᠢ᠃    ᠠᠷᠪᠠ ᠶᠢᠰᠤᠳᠤᠭᠡᠷ ᠵᠤᠶᠢᠯ      ᠵᠠᠰᠠᠭ ᠵᠠᠬᠢᠷᠭᠠᠨ ᠤ ᠪᠠᠶᠢᠭᠤᠯᠭ᠎ᠠ ︽ᠲᠦᠷᠢᠮ︾ ᠳᠤ ᠲᠤᠭᠳᠠᠭᠠᠭᠰᠠᠨ ᠬᠤᠭᠤᠴᠠᠭᠠᠨ ᠲᠤᠳᠤᠷ᠎ᠠ ᠭᠤᠶᠤᠴᠢᠯᠠᠭᠴᠢ ᠳᠤ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠮᠡᠳᠡᠭᠳᠡᠯ ᠤᠨ ᠪᠢᠴᠢᠭ ᠭᠠᠷᠭᠠᠵᠤ ᠦᠭᠬᠦ ᠬᠡᠷᠡᠭᠳᠡᠢ᠂ ᠲᠤᠰ ᠪᠠᠶᠢᠭᠤᠯᠭ᠎ᠠ ᠶᠢᠨ ᠠᠯᠪᠡᠨ ᠲᠠᠮᠠᠭ᠎ᠠ ᠪᠤᠶᠤ ᠲᠤᠰ ᠪᠠᠶᠢᠭᠤᠯᠭ᠎ᠠ ᠶᠢᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠲᠤᠰᠬᠠᠢ ᠲᠠᠮᠠᠭ᠎ᠠ ᠶᠢ ᠲᠠᠷᠤᠨ᠎ᠠ᠃    ᠬᠤᠷᠢᠳᠤᠭᠠᠷ ᠵᠤᠶᠢᠯ           ᠵᠠᠰᠠᠭ ᠵᠠᠬᠢᠷᠭᠠᠨ ᠤ ᠪᠠᠶᠢᠭᠤᠯᠭ᠎ᠠ ᠭᠤᠶᠤᠴᠢᠯᠠᠯ ᠶᠤᠰᠤᠭᠠᠷ ᠵᠠᠰᠠᠭ ᠤᠨ ᠤᠷᠳᠤᠨ ᠤ ᠮᠡᠳᠡᠭᠡ ᠵᠠᠩᠬᠢ ᠬᠠᠩᠭᠠᠵᠤ᠂ ᠪᠣᠳᠠᠳᠠᠢ ᠡᠭᠦᠰᠤᠭ᠍ᠰᠡᠨ ᠡᠷᠢᠬᠦ᠂ ᠪᠠᠭᠤᠯᠭᠠᠬᠤ᠂ ᠰᠢᠤᠳᠠᠨ ᠢᠶᠠᠷ ᠢᠯᠡᠭᠡᠬᠦ ᠵᠡᠷᠭᠡ ᠦᠪᠡᠷ ᠤᠨ ᠦᠷᠲᠡᠭ ᠤᠨ ᠵᠠᠷᠤᠳᠠᠯ ᠢ ᠬᠤᠷᠢᠶᠠᠵᠤ ᠪᠤᠯᠠᠬᠤ ᠠᠴᠠ ᠭᠠᠳᠠᠨ᠎ᠠ ᠪᠤᠰᠤᠳ ᠵᠠᠷᠤᠳᠠᠯ ᠬᠤᠷᠢᠶᠠᠵᠤ ᠪᠤᠯᠬᠤ ᠦᠭᠡᠢ᠃ ᠵᠠᠰᠠᠭ ᠵᠠᠬᠢᠷᠭᠠᠨ ᠤ ᠪᠠᠶᠢᠭᠤᠯᠭ᠎ᠠ ᠪᠤᠰᠤᠳ ᠵᠤᠬᠢᠶᠠᠨ ᠪᠠᠶᠢᠭᠤᠯᠤᠯᠳᠠ᠂ ᠬᠤᠪᠢ ᠬᠦᠮᠤᠨ ᠤ ᠲᠦᠯᠤᠪᠣᠷᠢ ᠲᠠᠢ ᠦᠢᠯᠡ ᠠᠵᠢᠯᠯᠠᠭᠠᠨ ᠤ ᠠᠷᠭ᠎ᠠ ᠮᠠᠶ᠋ᠢᠭ ᠢᠶᠠᠷ ᠲᠠᠮᠵᠢᠭᠤᠯᠤᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠬᠠᠩᠭᠠᠵᠤ ᠪᠤᠯᠠᠬᠤ ᠦᠭᠡᠢ᠃ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠪᠠᠶᠢᠴᠠᠭᠠᠨ ᠡᠷᠢᠬᠦ᠂ ᠪᠠᠭᠤᠯᠭᠠᠬᠤ᠂ ᠰᠢᠤᠳᠠᠨ ᠢᠶᠠᠷ ᠶᠠᠪᠤᠭᠤᠯᠬᠤ ᠵᠡᠷᠭᠡ ᠦᠪᠡᠷ ᠤᠨ ᠦᠷᠲᠡᠭ ᠤᠨ ᠵᠠᠷᠤᠳᠠᠯ ᠬᠤᠷᠢᠶᠠᠬᠤ ᠪᠠᠷᠢᠮᠵᠢᠶ᠎ᠠ ᠶᠢ ᠦᠪᠡᠷᠳᠡᠬᠡᠨ ᠵᠠᠰᠠᠬᠤ ᠤᠷᠤᠨ ᠤ ᠦᠨ᠎ᠡ ᠬᠠᠩᠰᠢ ᠶᠢᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠠᠴᠠ ᠡᠳ᠋ ᠤᠨ ᠵᠠᠰᠠᠭ ᠤᠨ ᠰᠠᠯᠠᠭ᠎ᠠ ᠮᠦᠴᠢᠷ ᠲᠠᠢ ᠬᠠᠮᠳᠤᠷᠠᠨ ᠲᠤᠭᠳᠠᠭᠠᠭᠰᠠᠨ ᠰᠤᠶᠢᠳᠭᠡᠯ ᠬᠤᠷᠢᠶᠠᠬᠤ ᠪᠠᠷᠢᠮᠵᠢᠶ᠎ᠠ ᠶᠤᠰᠤᠭᠠᠷᠬᠡᠷᠡᠭᠵᠢᠬᠦᠯᠤᠨ᠎ᠡ᠃ ᠠᠳᠠᠯᠢ ᠱᠠᠳᠤᠨ ᠤ ᠡᠳ᠋ ᠤᠨ ᠵᠠᠰᠠᠭ ᠤᠨ ᠬᠠᠮᠢᠶᠠᠷᠤᠯᠳᠠ ᠳᠤ ᠤᠷᠤᠭᠤᠯᠤᠨ᠎ᠠ᠃     ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠪᠠᠷ ᠭᠤᠶᠤᠴᠢᠯᠠᠭᠰᠠᠨ ᠠᠷᠠᠳ ᠢᠷᠭᠡᠳ ᠦᠨᠡᠬᠡᠷ ᠠᠵᠤ ᠠᠬᠤᠢ ᠶᠢᠨ ᠬᠦᠴᠢᠷᠳᠡᠯ ᠲᠠᠢ ᠪᠠᠶᠢᠪᠠᠯ᠂ ᠲᠤᠰ ᠬᠦᠮᠤᠨ ᠤ ᠭᠤᠶᠤᠴᠢᠯᠠᠯ᠂ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠠᠵᠢᠯ ᠤᠨ ᠪᠠᠶᠢᠭᠤᠯᠤᠮᠵᠢ ᠶᠢᠨ ᠬᠠᠷᠢᠭᠤᠴᠠᠯᠭᠠᠳᠠᠨ ᠢᠶᠠᠷ ᠬᠢᠨᠠᠨ ᠵᠦᠪᠰᠢᠶᠠᠷᠠᠭᠦᠯᠤᠭᠡᠳ᠂ ᠬᠠᠮᠢᠶ᠎ᠠ ᠪᠦᠬᠦᠢ ᠵᠠᠷᠤᠳᠠᠯ ᠢ ᠬᠠᠰᠤᠵᠤ ᠬᠡᠯᠳᠤᠷᠢᠭᠦᠯᠵᠤ ᠪᠤᠯᠤᠨ᠎ᠠ᠃    ᠬᠤᠷᠢᠨ ᠨᠢᠭᠡᠳᠤᠭᠡᠷ ᠵᠤᠶᠢᠯ    ᠬᠢᠨᠠᠨ ᠬᠠᠷᠭᠤᠭᠤᠯᠤᠭᠠᠳ ᠨᠠᠶᠢᠭᠡᠮ ᠳᠤ ᠦᠷᠭᠡᠨ ᠢᠶᠠᠷ ᠮᠡᠳᠡᠭᠦᠯᠵᠤ ᠪᠣᠯᠬᠤ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠵᠠᠰᠠᠭ ᠵᠠᠬᠢᠷᠭᠠᠨ ᠤ ᠪᠠᠶᠢᠭᠤᠯᠭ᠎ᠠ ᠭᠤᠶᠤᠴᠢᠯᠠᠭᠴᠢ ᠳᠤ ᠬᠠᠷᠢᠭᠤᠯᠳᠠ ᠦᠭᠬᠦ ᠶᠢᠨ ᠬᠠᠮᠳᠤ ᠰᠠᠨᠠᠭᠠᠴᠢᠯᠠᠭ᠎ᠠ ᠠᠴᠠ ᠪᠠᠨ ᠢᠯᠡ ᠪᠤᠯᠭᠠᠬᠤ ᠠᠷᠭ᠎ᠠ ᠵᠠᠮ ᠢᠶᠠᠷ ᠲᠠᠮᠵᠢᠭᠤᠯᠤᠨ ᠢᠯᠡ ᠪᠤᠯᠭᠠᠬᠤ ᠬᠡᠷᠡᠭᠳᠡᠢ᠃    ᠲᠦᠷᠪᠡᠳᠤᠭᠡᠷ ᠪᠦᠯᠦᠭ    ᠬᠢᠨᠠᠯᠳᠠ ᠲᠠᠯᠪᠢᠬᠤ ᠪᠠ ᠪᠠᠳᠤᠯᠠᠬᠤ    ᠬᠤᠷᠢᠨ ᠬᠤᠶᠠᠳᠤᠭᠠᠷ ᠵᠤᠶᠢᠯ    ᠡᠯ᠎ᠡ ᠱᠠᠳᠤᠨ ᠤ ᠵᠠᠰᠠᠭ ᠵᠠᠬᠢᠷᠭᠠᠨ ᠤ ᠪᠠᠶᠢᠭᠤᠯᠭ᠎ᠠ ᠲᠤᠰ ᠠᠷᠭ᠎ᠠ ᠶᠢᠨ ᠶᠤᠰᠤᠭᠠᠷ ᠲᠤᠰ ᠪᠠᠶᠢᠭᠤᠯᠭ᠎ᠠ ᠶᠢᠨ ᠭᠤᠶᠤᠴᠢᠯᠠᠯ ᠶᠤᠰᠤᠭᠠᠷ ᠢᠯᠡ ᠪᠤᠯᠭᠠᠬᠤ ᠠᠵᠢᠯ ᠤᠨ ᠲᠦᠷᠢᠮ ᠪᠠ ᠲᠤᠭᠳᠠᠴᠠ ᠶᠢ ᠪᠠᠶᠢᠭᠤᠯᠤᠨ ᠲᠡᠭᠦᠯᠳᠡᠷᠵᠢᠭᠦᠯᠵᠤ᠂ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠠᠵᠢᠯ ᠤᠨ ᠪᠠᠶᠢᠭᠤᠯᠤᠮᠵᠢ ᠶᠢ ᠵᠢᠭᠠᠨ ᠲᠤᠭᠳᠠᠭᠠᠵᠤ᠂ ᠭᠤᠶᠤᠴᠢᠯᠠᠯ ᠶᠤᠰᠤᠭᠠᠷ ᠢᠯᠡ ᠪᠤᠯᠭᠠᠬᠤ ᠪᠤᠳᠠᠳᠠᠢ ᠠᠵᠢᠯ ᠢ ᠬᠠᠷᠢᠭᠤᠴᠠᠭᠤᠯᠬᠤ ᠬᠡᠷᠡᠭᠳᠡᠢ᠃    ᠵᠠᠰᠠᠭ ᠵᠠᠬᠢᠷᠭᠠᠨ ᠤ ᠪᠠᠶᠢᠭᠤᠯᠭ᠎ᠠ ᠨᠢ ᠲᠤᠰ ᠪᠠᠶᠢᠭᠤᠯᠭ᠎ᠠ ᠶᠢᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠭᠤᠶᠤᠴᠢᠯᠠᠯ ᠢ ᠬᠦᠯᠢᠶᠡᠨ ᠠᠪᠴᠤ ᠰᠢᠢᠳᠪᠤᠷᠢᠯᠡᠬᠦ ᠠᠵᠢᠯ ᠤᠨ ᠪᠠᠶᠢᠭᠤᠯᠤᠮᠵᠢ ᠶᠢᠨ ᠨᠠᠷᠡᠶᠢᠳᠤᠯ᠂ ᠠᠵᠢᠯᠯᠠᠬᠤ ᠬᠠᠶ᠋ᠢᠭ᠂ ᠠᠵᠢᠯᠯᠠᠬᠤ ᠴᠠᠭ᠂ ᠬᠠᠷᠢᠴᠠᠬᠤ ᠤᠳᠠᠰᠤ᠂ ᠹᠠᠺᠰ ᠤᠨ ᠨᠤᠮᠧᠷ᠂ ᠵᠠᠰᠠᠭ ᠤᠨ ᠤᠷᠳᠤᠨ ᠤ ᠰᠦᠯᠵᠢᠶᠠᠨ ᠦᠷᠳᠡᠭᠡ ᠶᠢᠨ ᠲᠤᠰᠢᠶᠠᠬᠤ ᠠᠷᠭ᠎ᠠ ᠵᠠᠮ ᠵᠡᠷᠭᠡ ᠪᠤᠯᠤᠨ᠎ᠠ᠃ ᠲᠤᠰ ᠪᠠᠶᠢᠭᠤᠯᠭ᠎ᠠ ᠶᠢᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠵᠦᠭᠯᠡᠭᠦᠷ ᠲᠤ ᠨᠠᠶᠢᠷᠠᠭᠤᠯᠤᠨ ᠤᠷᠤᠭᠤᠯᠵᠤ᠂ ᠨᠠᠶᠢᠭᠡᠮ ᠳᠤ ᠨᠠᠶᠢᠳᠡᠯᠡᠬᠦ ᠶᠢᠨ ᠬᠠᠮᠳᠤ ᠠᠵᠢᠯ ᠤᠨ ᠪᠤᠳᠠᠳᠤ ᠪᠠᠶᠢᠳᠠᠯ ᠢᠶᠠᠨ ᠦᠨᠳᠤᠰᠤᠯᠡᠨ ᠴᠠᠭ ᠲᠤᠬᠠᠢ ᠳᠤᠨᠢ ᠰᠢᠨᠡᠳᠭᠡᠬᠦ ᠬᠡᠷᠡᠭᠳᠡᠢ᠃    ᠬᠤᠷᠢᠨ ᠭᠤᠷᠪᠠᠳᠤᠭᠠᠷ ᠵᠤᠶᠢᠯ   ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠠᠵᠢᠯ ᠤᠨ ᠪᠠᠶᠢᠭᠤᠯᠤᠮᠵᠢ ᠨᠢ ᠭᠤᠶᠤᠴᠢᠯᠠᠯ ᠢ ᠢᠯᠡ ᠪᠤᠯᠭᠠᠬᠤ ᠪᠠᠷ ᠭᠤᠶᠤᠴᠢᠯᠠᠭᠰᠠᠨ ᠬᠤᠯᠪᠤᠭᠳᠠᠯ ᠪᠦᠬᠦᠢ ᠪᠠᠶᠢᠳᠠᠯ ᠢ ᠲᠡᠮᠳᠡᠭᠯᠡᠵᠦ ᠲᠠᠩᠰᠠ ᠡᠪᠬᠡᠮᠡᠯ ᠳᠤ ᠬᠠᠳᠠᠭᠠᠯᠠᠬᠤ ᠬᠡᠷᠡᠭᠳᠡᠢ᠃ ᠲᠤᠰ ᠪᠠᠶᠢᠭᠤᠯᠭ᠎ᠠ ᠶᠢᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠮᠡᠳᠡᠭᠦᠯᠤᠯᠳᠡ ᠳᠡᠭᠡᠨ ᠲᠤᠬᠠᠢ ᠶᠢᠨ ᠵᠢᠯ ᠤᠨ ᠬᠦᠯᠢᠶᠡᠨ ᠠᠪᠴᠤ ᠰᠢᠢᠳᠪᠤᠷᠢᠯᠡᠭᠰᠡᠨ ᠪᠠᠶᠢᠳᠠᠯ ᠢ ᠨᠠᠶᠢᠳᠠᠯᠡᠪᠡ᠃    ᠬᠤᠷᠢᠨ ᠲᠦᠷᠪᠡᠳᠤᠭᠡᠷ ᠵᠤᠶᠢᠯ    ᠵᠠᠰᠠᠭ ᠵᠠᠬᠢᠷᠭᠠᠨ ᠤ ᠪᠠᠶᠢᠭᠤᠯᠭ᠎ᠠ ᠭᠤᠶᠤᠴᠢᠯᠠᠯ ᠶᠤᠰᠤᠭᠠᠷ ᠢᠯᠡ ᠪᠤᠯᠭᠠᠬᠤ ᠠᠵᠢᠯ ᠤᠨ ᠲᠤᠮᠳᠠ ᠤᠯᠵᠤ ᠮᠡᠳᠡᠭᠰᠡᠨ ᠬᠠᠤᠯᠢ ᠶᠤᠰᠤᠭᠠᠷ ᠵᠠᠰᠠᠭ ᠶᠠᠪᠤᠭᠤᠯᠬᠤ ᠲᠠᠯ᠎ᠠ ᠶᠢᠨ ᠠᠰᠠᠭᠤᠳᠠᠯ ᠢ ᠴᠠᠭ ᠲᠤᠬᠠᠢ ᠳᠤᠨᠢ ᠳ᠋ᠦᠩᠨᠡᠵᠤ᠂ ᠮᠦᠷᠳᠡᠨ ᠪᠠᠶᠢᠴᠠᠭᠠᠬᠤ ᠰᠤᠳᠤᠯᠠᠬᠤ ᠪᠠᠨ ᠴᠢᠩᠭᠠᠳᠬᠠᠵᠤ᠂ ᠠᠵᠢᠯ ᠤᠨ ᠰᠠᠨᠠᠭᠤᠯᠭ᠎ᠠ ᠲᠤᠷᠠᠳᠴᠤ᠂ ᠬᠠᠮᠢᠶ᠎ᠠ ᠪᠦᠬᠦᠢ ᠲᠦᠷᠢᠮ ᠪᠠ ᠲᠤᠭᠳᠠᠴᠠ ᠶᠢ ᠲᠡᠭᠦᠯᠳᠡᠷᠵᠢᠭᠦᠯᠤᠨ᠂ ᠲᠤᠰ ᠪᠠᠶᠢᠭᠤᠯᠭ᠎ᠠ ᠶᠢᠨ ᠬᠠᠤᠯᠢ ᠶᠤᠰᠤᠭᠠᠷ ᠵᠠᠰᠠᠭ ᠶᠠᠪᠤᠭᠤᠯᠬᠤ ᠴᠢᠳᠠᠪᠤᠷᠢ ᠪᠠ ᠬᠢᠷᠢ ᠬᠡᠮᠵᠢᠶ᠎ᠠ ᠶᠢ ᠲᠠᠰᠤᠷᠠᠯᠳᠠ ᠦᠭᠡᠢ ᠳᠡᠭᠡᠭᠰᠢᠯᠡᠭᠦᠯᠤᠨ᠎ᠡ᠃    ᠬᠤᠷᠢᠨ ᠲᠠᠪᠤᠳᠤᠭᠠᠷ ᠵᠤᠶᠢᠯ      ᠭᠤᠶᠤᠴᠢᠯᠠᠭᠴᠢ ᠵᠠᠰᠠᠭ ᠵᠠᠬᠢᠷᠭᠠᠨ ᠤ ᠪᠠᠶᠢᠭᠤᠯᠭ᠎ᠠ ᠨᠢ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠭᠤᠶᠤᠴᠢᠯᠠᠯ ᠶᠤᠰᠤᠭᠠᠷ ᠢᠯᠡ ᠪᠤᠯᠭᠠᠬᠤ ᠡᠭᠦᠷᠭᠡ ᠪᠠ ᠬᠠᠤᠯᠢ ᠶᠤᠰᠤᠭᠠᠷ ᠭᠦᠢᠴᠡᠳᠭᠡᠭᠰᠡᠨ ᠦᠭᠡᠢ ᠭᠡᠵᠤ ᠦᠵᠡᠪᠡᠯ᠂ ᠳᠡᠭᠡᠳᠦ ᠱᠠᠳᠤᠨ ᠤ ᠵᠠᠰᠠᠭ ᠵᠠᠬᠢᠷᠭᠠᠨ ᠤ ᠪᠠᠶᠢᠭᠤᠯᠭ᠎ᠠ᠂ ᠬᠢᠨᠠᠨ ᠪᠠᠶᠢᠴᠠᠭᠠᠬᠤ ᠪᠠᠶᠢᠭᠤᠯᠭ᠎ᠠ ᠪᠤᠶᠤ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠠᠵᠢᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠲᠤ ᠢᠯᠡᠴᠢᠯᠡᠨ ᠮᠡᠳᠡᠭᠦᠯᠵᠤ ᠪᠤᠯᠤᠨ᠎ᠠ᠃ ᠢᠯᠡᠴᠢᠯᠡᠨ ᠮᠡᠳᠡᠭᠦᠯᠤᠭ᠍ᠰᠡᠨ ᠢ ᠤᠯᠤᠭᠰᠠᠨ ᠪᠠᠶᠢᠭᠤᠯᠭ᠎ᠠ ᠪᠠᠶᠢᠴᠠᠭᠠᠨ ᠰᠢᠢᠳᠪᠤᠷᠢᠯᠡᠬᠦ ᠬᠡᠷᠡᠭᠳᠡᠢ ᠪᠦᠭᠡᠳ ᠰᠢᠢᠳᠪᠤᠷᠢᠯᠡᠭᠰᠡᠨ ᠪᠠᠶᠢᠳᠠᠯ ᠢᠶᠠᠨ ᠢᠯᠡᠴᠢᠯᠡᠨ ᠮᠡᠳᠡᠭᠦᠯᠥᠭᠴᠢ ᠳᠤ ᠬᠠᠷᠢᠭᠤ ᠲᠤᠰᠬᠠᠬᠤ ᠬᠡᠷᠡᠭᠳᠡᠢ᠃     ᠭᠤᠶᠤᠴᠢᠯᠠᠭᠴᠢ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠭᠤᠶᠤᠴᠢᠯᠠᠯ ᠢᠶᠠᠷ ᠢᠯᠡ ᠪᠤᠯᠭᠠᠬᠤ ᠠᠵᠢᠯ ᠤᠨ ᠲᠤᠮᠳᠠᠬᠢ ᠪᠤᠳᠠᠳᠠᠢ ᠵᠠᠰᠠᠭ ᠵᠠᠬᠢᠷᠭᠠᠨ ᠤ ᠦᠯᠡ ᠠᠵᠢᠯᠯᠠᠭ᠎ᠠ ᠨᠢ ᠲᠡᠭᠦᠨ ᠤ ᠬᠠᠤᠯᠢ ᠶᠤᠰᠤᠨ ᠤ ᠡᠷᠬᠡ ᠠᠰᠢᠭ ᠲᠤ ᠬᠠᠯᠳᠠᠭᠰᠠᠨ ᠭᠡᠵᠤ ᠦᠵᠡᠪᠡᠯ᠂ ᠬᠠᠤᠯᠢ ᠶᠤᠰᠤᠭᠠᠷ ᠵᠠᠰᠠᠭ ᠵᠠᠬᠢᠷᠭᠠᠨ ᠢᠶᠠᠷ ᠲᠠᠬᠢᠨ ᠵᠦᠪᠯᠡᠭᠦᠯᠬᠦ ᠪᠠᠷ ᠭᠤᠶᠤᠴᠢᠯᠠᠬᠤ ᠪᠤᠶᠤ ᠵᠠᠰᠠᠭ ᠵᠠᠬᠢᠷᠭᠠᠨ ᠤ ᠵᠠᠷᠭᠤ ᠬᠢᠵᠦ ᠪᠤᠯᠤᠨ᠎ᠠ᠃    ᠬᠤᠷᠢᠨ ᠵᠢᠷᠭᠤᠳᠤᠭᠠᠷ ᠵᠤᠶᠢᠯ     ᠡᠯ᠎ᠡ ᠱᠠᠳᠤᠨ ᠤ ᠵᠠᠰᠠᠭ ᠤᠨ ᠤᠷᠳᠤᠨ ᠮᠡᠳᠡᠭᠡ ᠵᠠᠩᠬᠢ ᠶᠢ ᠢᠯᠡ ᠪᠤᠯᠭᠠᠬᠤ ᠠᠵᠢᠯ ᠤᠨ ᠭᠤᠤᠯᠴᠢᠯᠡᠨ ᠬᠠᠮᠢᠶᠠᠷᠬᠤ ᠰᠠᠯᠠᠭ᠎ᠠ ᠮᠦᠴᠢᠷ ᠪᠤᠯᠤᠨ ᠬᠢᠨᠠᠨ ᠪᠠᠶᠢᠴᠠᠭᠠᠬᠤ ᠪᠠᠶᠢᠭᠤᠯᠤᠯᠭ᠎ᠠ ᠨᠤᠭᠤᠳ ᠲᠤᠰ ᠵᠠᠰᠠᠭ ᠵᠠᠬᠢᠷᠭᠠᠨ ᠤ ᠤᠷᠤᠨ ᠤ ᠪᠠᠨ ᠲᠤᠳᠤᠷᠠᠬᠢ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠭᠤᠶᠤᠴᠢᠯᠠᠯ ᠶᠤᠰᠤᠭᠠᠷ ᠢᠯᠡ ᠪᠤᠯᠭᠠᠬᠤ ᠶᠢ ᠬᠡᠷᠡᠭᠵᠢᠭᠦᠯᠵᠦ ᠪᠠᠶᠢᠭ᠎ᠠ ᠪᠠᠶᠢᠳᠠᠯ ᠳᠤ ᠬᠢᠨᠠᠯᠳᠠ ᠲᠠᠯᠪᠢᠵᠤ ᠪᠠᠶᠢᠴᠠᠭᠠᠬᠤ ᠶᠢ ᠬᠠᠷᠢᠭᠤᠴᠠᠨ᠎ᠠ᠃    ᠬᠤᠷᠢᠨ ᠲᠤᠯᠤᠳᠤᠭᠠᠷ ᠵᠤᠶᠢᠯ     ᠵᠠᠰᠠᠭ ᠵᠠᠬᠢᠷᠭᠠᠨ ᠤ ᠪᠠᠶᠢᠭᠤᠯᠭ᠎ᠠ ᠲᠤᠰ ᠠᠷᠭ᠎ᠠ ᠶᠢᠨ ᠲᠤᠭᠳᠠᠭᠠᠯ ᠢ ᠵᠦᠷᠢᠴᠠᠵᠤ᠂ ᠲᠤᠤᠷ᠎ᠠ ᠵᠢᠭᠰᠠᠭᠠᠭᠰᠠᠨ ᠪᠠᠶᠢᠳᠠᠯ ᠤᠨ ᠨᠢᠭᠡ ᠨᠢ ᠪᠠᠶᠢᠪᠠᠯ᠂ ᠬᠢᠨᠠᠨ ᠪᠠᠶᠢᠴᠠᠭᠠᠬᠤ ᠪᠠᠶᠢᠭᠤᠯᠭ᠎ᠠ᠂ ᠲᠡᠭᠡᠷ᠎ᠡ ᠨᠢᠭᠡ ᠱᠠᠳᠤᠨ ᠤ ᠵᠠᠰᠠᠭ ᠵᠠᠬᠢᠷᠭᠠᠨ ᠤ ᠪᠠᠶᠢᠭᠤᠯᠭ᠎ᠠ᠂ ᠨᠢᠭᠤᠴᠠ ᠶᠢ ᠬᠠᠮᠠᠭᠠᠯᠠᠬᠤ ᠵᠠᠰᠠᠭ ᠵᠠᠬᠢᠷᠭᠠᠨ ᠤ ᠬᠠᠮᠢᠶᠠᠷᠤᠯᠳᠠ ᠶᠢᠨ ᠰᠠᠯᠠᠭ᠎ᠠ ᠮᠦᠴᠢᠷ ᠠᠴᠠ ᠵᠠᠷᠯᠢᠭᠳᠠᠨ ᠵᠠᠯᠠᠷᠠᠭᠤᠯᠤᠭᠤᠯᠤᠨ᠎ᠠ︔ ᠦᠢᠯᠡ ᠪᠠᠶᠢᠳᠠᠯ ᠨᠢ ᠬᠦᠨᠳᠤ ᠨᠤᠴᠢᠳᠠᠢ ᠪᠠᠶᠢᠪᠠᠯ᠂ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠰᠢᠭᠤᠳ ᠬᠠᠷᠢᠭᠤᠴᠠᠵᠤ ᠪᠠᠶᠢᠭ᠎ᠠ ᠡᠷᠬᠢᠯᠡᠨ ᠬᠠᠮᠢᠶᠠᠷᠬᠤ ᠬᠦᠮᠦᠨ ᠪᠤᠯᠤᠨ ᠰᠢᠭᠤᠳ ᠬᠠᠷᠢᠭᠤᠴᠠᠯᠭ᠎ᠠ ᠲᠠᠢ ᠪᠤᠰᠤᠳ ᠬᠦᠮᠦᠨ ᠳᠤ ᠬᠠᠤᠯᠢ ᠶᠤᠰᠤᠭᠠᠷ ᠰᠠᠬᠢᠯᠭ᠎ᠠ ᠪᠠᠳᠤ ᠶᠢᠨ ᠶᠤᠰᠤᠭᠠᠷ ᠰᠢᠳᠭᠡᠯ ᠦᠭᠭᠦᠨ᠎ᠡ︔ ᠶᠠᠯ᠎ᠠ ᠪᠤᠯᠵᠤ ᠪᠦᠷᠢᠯᠳᠤᠭ᠍ᠰᠡᠨ ᠪᠠᠶᠢᠪᠠᠯ ᠬᠠᠤᠯᠢ ᠶᠤᠰᠤᠭᠠᠷ ᠡᠷᠡᠭᠦᠤ ᠶᠢᠨ ᠬᠠᠷᠢᠭᠤᠴᠠᠯᠭ᠎ᠠ ᠨᠡᠬᠡᠮᠵᠢᠯᠡᠨ᠎ᠡ᠄    ︵ᠨᠢᠭᠡ︶ ᠵᠠᠰᠠᠭ ᠤᠨ ᠤᠷᠳᠤᠨ ᠤ ᠮᠡᠳᠡᠭᠡ ᠵᠠᠩᠬᠢ ᠶᠢᠨ ᠭᠤᠶᠤᠴᠢᠯᠠᠯ ᠢ ᠦᠨᠳᠤᠰᠤᠯᠡᠨ ᠢᠯᠡ ᠪᠤᠯᠭᠠᠬᠤ ᠡᠭᠦᠷᠭᠡ ᠶᠢ ᠬᠠᠤᠯᠢ ᠶᠤᠰᠤᠭᠠᠷ ᠭᠦᠢᠴᠡᠳᠭᠡᠭᠰᠡᠨ ᠦᠭᠡᠢ︔    ︵ᠬᠤᠶᠠᠷ︶ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠠᠴᠠ ᠤᠯᠤᠰ ᠤᠨ ᠨᠢᠭᠤᠴᠠ ᠬᠠᠮᠠᠭᠠᠯᠠᠬᠤ ᠬᠠᠤᠯᠢ︾ ᠪᠠ ︽ᠲᠦᠷᠢᠮ︾ ᠤᠨ ᠲᠤᠭᠳᠠᠭᠠᠯ ᠢ ᠵᠦᠷᠢᠴᠡᠵᠤ᠂ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠨᠢᠭᠤᠴᠠ ᠶᠢ ᠬᠠᠮᠠᠭᠠᠯᠠᠬᠤ ᠬᠢᠨᠠᠨ ᠪᠠᠶᠢᠴᠠᠭᠠᠬᠤ ᠲᠤᠭᠳᠠᠴᠠ ᠶᠢ ᠦᠯᠤ ᠪᠠᠶᠢᠭᠤᠯᠤᠭᠰᠠᠨ︔    ︵ᠭᠤᠷᠪᠡ︶ ᠢᠯᠡ ᠪᠤᠯᠭᠠᠵᠤ ᠪᠣᠯᠬᠤ ᠦᠭᠡᠢ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡᠪᠤᠯᠭᠠᠭᠰᠠᠨ︔    ︵ᠲᠦᠷᠪᠡ︶ ᠵᠠᠰᠠᠭ ᠤᠨ ᠤᠷᠳᠤᠨ ᠤ ᠢᠯᠡ ᠪᠤᠯᠭᠠᠬᠤ ᠶᠤᠰᠤᠳᠠᠢ ᠮᠡᠳᠡᠭᠡ ᠵᠠᠩᠬᠢ ᠶᠢ ᠭᠤᠶᠤᠴᠢᠯᠠᠭᠴᠢ ᠳᠤ ᠨᠢᠭᠤᠨ ᠲᠠᠯᠳᠠᠯᠠᠭᠰᠠᠨ ᠪᠤᠶᠤ ᠬᠠᠩᠭᠠᠬᠤ ᠶᠢ ᠲᠠᠪᠴᠢᠭ᠍ᠰᠡᠨ ᠪᠤᠶᠤ ᠵᠠᠰᠠᠭ ᠤᠨ ᠤᠷᠳᠤᠨ ᠤ ᠬᠤᠳᠠᠯ ᠬᠠᠭᠤᠷᠮᠠᠭ ᠮᠡᠳᠡᠭᠡ ᠵᠠᠩᠬᠢ ᠬᠠᠩᠭᠠᠭᠰᠠᠨ︔    ︵ᠲᠠᠪᠤ︶ ᠯᠠᠪᠯᠠᠨ ᠠᠰᠠᠭᠤᠬᠤ ᠪᠠ ᠮᠡᠳᠡᠭᠳᠡᠬᠦ ᠡᠭᠦᠷᠭᠡ ᠪᠠᠨ ᠭᠦᠢᠴᠡᠳᠭᠡᠭᠰᠡᠨ ᠦᠭᠡᠢ ᠠᠴᠠ ᠪᠤᠯᠵᠤ ᠭᠤᠷᠪᠠᠳᠡᠬᠢ ᠡᠳᠡᠭᠡᠳ ᠤᠨ ᠬᠠᠤᠯᠢ ᠶᠤᠰᠤᠨ ᠤ ᠡᠷᠬᠡ ᠠᠰᠢᠭ ᠲᠤ ᠬᠤᠬᠢᠷᠠᠯ ᠤᠴᠠᠷᠠᠭᠤᠯᠤᠭᠰᠠᠨ︔    ︵ᠵᠢᠷᠭᠤᠭ᠎ᠠ︶ ᠲᠤᠭᠳᠠᠭᠠᠯ ᠢ ᠵᠦᠷᠢᠴᠡᠨ ᠰᠦᠢᠳᠭᠡᠯ ᠬᠤᠷᠢᠶᠠᠭᠰᠠᠨ︔    ︵ᠲᠤᠯᠤᠭ᠎ᠠ︶ ᠪᠤᠰᠤᠳ ᠵᠤᠬᠢᠶᠠᠨ ᠪᠠᠶᠢᠭᠤᠯᠤᠯᠳᠠ᠂ ᠬᠤᠪᠢ ᠬᠦᠮᠤᠨ ᠤ ᠲᠦᠯᠤᠪᠤᠷᠢ ᠲᠠᠢ ᠦᠢᠯᠡᠴᠢᠯᠡᠭᠡᠨ ᠤ ᠠᠷᠭ᠎ᠠ ᠮᠠᠶ᠋ᠢᠭ ᠢᠶᠠᠷ ᠲᠠᠮᠵᠢᠭᠤᠯᠤᠨ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠬᠠᠩᠭᠠᠭᠰᠠᠨ︔    ︵ᠨᠠᠢᠮᠠ︶ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠠᠵᠢᠯ ᠤᠨ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠤᠨ ᠲᠤᠰ ᠠᠷᠭ᠎ᠠ ᠶᠢ ᠦᠨᠳᠤᠰᠤᠯᠡᠨ ᠭᠠᠷᠭᠠᠭᠰᠠᠨ ᠬᠤᠯᠪᠤᠭᠳᠠᠯ ᠪᠦᠬᠦᠢ ᠲᠤᠭᠳᠠᠭᠠᠯ ᠢ ᠬᠡᠷᠡᠭᠵᠢᠭᠦᠯᠬᠦ ᠶᠢ ᠲᠠᠪᠴᠢᠭ᠍ᠰᠡᠨ︔    ︵ᠶᠢᠰᠤ︶ ᠲᠤᠰ ᠠᠷᠭ᠎ᠠ ᠶᠢᠨ ᠲᠤᠭᠳᠠᠭᠠᠯ ᠠᠴᠠ ᠵᠦᠷᠢᠴᠡᠭᠰᠡᠨ ᠪᠤᠰᠤᠳ ᠦᠢᠯᠡ ᠠᠵᠢᠯᠯᠠᠭ᠎ᠠ᠃    ᠲᠠᠪᠤᠳᠤᠭᠠᠷ ᠪᠥᠯᠦᠭ    ᠲᠠᠭᠠᠯᠳᠤᠭᠤᠯᠤᠭᠰᠠᠨ ᠲᠦᠷᠢᠮ    ᠬᠤᠷᠢᠨ ᠨᠠᠢᠮᠠᠳᠤᠭᠠᠷ ᠵᠤᠶᠢᠯ    ᠬᠠᠤᠯᠢ ᠴᠠᠭᠠᠵᠠ᠂ ᠬᠠᠤᠯᠢ ᠲᠤᠭᠳᠠᠭᠠᠯ ᠠᠴᠠ ᠡᠷᠬᠡ ᠤᠯᠭᠤᠭᠰᠠᠨ ᠤᠯᠠᠨ ᠨᠠᠶᠢᠳᠠ ᠶᠢᠨ ᠬᠡᠷᠡᠭ ᠶᠠᠪᠤᠳᠠᠯ ᠢ ᠬᠠᠮᠢᠶᠠᠷᠬᠤ ᠡᠭᠦᠷᠭᠡ ᠴᠢᠳᠠᠪᠤᠷᠢ ᠪᠦᠬᠦᠢ ᠵᠤᠬᠢᠶᠠᠨ ᠪᠠᠶᠢᠭᠤᠯᠤᠯᠳᠠ ᠭᠤᠶᠤᠴᠢᠯᠠᠯ ᠶᠤᠰᠤᠭᠠᠷ ᠵᠠᠰᠠᠭ ᠤᠨ ᠤᠷᠳᠤᠨ ᠤ ᠮᠡᠳᠡᠭᠡ ᠵᠠᠩᠬᠢ ᠶᠢ ᠢᠯᠡ ᠪᠤᠯᠭᠠᠬᠤ ᠠᠵᠢᠯᠯᠠᠭ᠎ᠠ᠂ ᠲᠤᠰ ᠠᠷᠭ᠎ᠠ ᠲᠤᠬᠢᠷᠠᠨ᠎ᠠ᠃    ᠬᠤᠷᠢ ᠶᠢᠰᠤᠳᠤᠭᠡᠷ ᠵᠤᠶᠢᠯ     ᠲᠤᠰ ᠠᠷᠭ᠎ᠠ ᠨᠢ 2016 ᠤᠨ ᠤ 1 ᠳ᠋ᠤᠭᠡᠷ ᠰᠠᠷ᠎ᠠ ᠶᠢᠨ 1 ᠤ ᠡᠳᠤᠷ ᠠᠴᠠ ᠡᠬᠢᠯᠡᠵᠤ ᠬᠡᠷᠡᠭᠵᠢᠭᠦᠯᠤᠨ᠎ᠡ᠃ ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠤᠨ 2011 ᠣᠨ 2 ᠳ᠋ᠤᠭᠠᠷ ᠰᠠᠷ᠎ᠠ ᠶᠢᠨ 25 ᠤ ᠡᠳᠤᠷ ᠳᠠᠷᠤᠮᠠᠯᠯᠠᠨ ᠶᠠᠪᠤᠭᠤᠯᠤᠭᠰᠠᠨ ︽ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠵᠠᠰᠠᠭ ᠤᠨ ᠤᠷᠳᠤᠨ ᠮᠡᠳᠡᠭᠡ ᠵᠠᠩᠬᠢ ᠶᠢ ᠭᠤᠶᠤᠴᠢᠯᠠᠯ ᠢ ᠦᠨᠳᠤᠰᠤᠯᠡᠨ ᠢᠯᠡ ᠪᠤᠯᠭᠠᠬᠤ ᠲᠦᠷᠢᠮ︾ ︵ᠦᠪᠤᠷ ᠵᠠᠰᠠᠭ ᠠᠯᠪᠠᠨ ᠲᠠᠷᠬᠠᠭᠠᠭᠰᠠᠨ(2011)27 ᠳ᠋ᠤᠭᠠᠷ ᠲᠤᠭᠠᠳᠤ︶ ᠢ ᠬᠠᠮᠳᠤ ᠳᠤᠨᠢ ᠬᠦᠴᠤᠨ ᠦᠭᠡᠢ ᠪᠤᠯᠭᠠᠨ᠎ᠠ᠃
 
ᠢᠷᠡᠯᠲᠡ᠄ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠲᠤᠭ᠎ᠠ ᠪᠦᠷᠢᠳᠭᠡᠯ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号