ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠳᠣᠯᠣᠳᠤᠭᠠᠷ ᠤᠳᠠᠭᠠᠨ ᠤ ᠪᠥᠬᠦ ᠤᠯᠤᠰ ᠤᠨ ᠬᠥᠮᠦᠨ ᠠᠮᠠ ᠶᠢᠨ ᠨᠡᠶᠢᠳᠡᠮ ᠪᠠᠶᠢᠴᠠᠭᠠᠯᠲᠠ ᠶᠢᠨ ᠠᠯᠪᠠᠨ ᠮᠡᠳᠡᠭᠡ ︵ᠳᠦᠷᠪᠡᠳᠦᠭᠡᠷ︶
ᠨᠡᠶᠢᠲᠡᠯᠡᠭᠰᠡᠨ ᠴᠠᠭ᠄
2021/11/29
         ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠳᠣᠯᠣᠳᠤᠭᠠᠷ ᠤᠳᠠᠭᠠᠨ ᠤ           ᠪᠥᠬᠦ ᠤᠯᠤᠰ ᠤᠨ ᠬᠥᠮᠦᠨ ᠠᠮᠠ ᠶᠢᠨ ᠨᠡᠶᠢᠳᠡᠮ ᠪᠠᠶᠢᠴᠠᠭᠠᠯᠲᠠ ᠶᠢᠨ          ᠠᠯᠪᠠᠨ ᠮᠡᠳᠡᠭᠡ  ︵1︶ ︵ᠳᠦᠷᠪᠡᠳᠦᠭᠡᠷ︶ ----                   ᠬᠥᠮᠦᠨ ᠠᠮᠠ ᠶᠢᠨ ᠨᠠᠰᠤᠨ ᠤ ᠪᠦᠷᠢᠯᠳᠦᠯ ᠤᠨ  ᠪᠠᠶᠢᠳᠠᠯ                        ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠤᠭ᠎ᠠ ᠪᠦᠷᠢᠳᠬᠡᠯ ᠤᠨ ᠲᠣᠪᠴᠢᠶ᠎ᠠ            ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠳᠣᠯᠣᠳᠤᠭᠠᠷ ᠤᠳᠠᠭᠠᠨ ᠤ            ᠪᠥᠬᠦ ᠤᠯᠤᠰ ᠤᠨ ᠬᠥᠮᠦᠨ ᠠᠮᠠ ᠶᠢᠨ ᠨᠡᠶᠢᠳᠡᠮ ᠪᠠᠶᠢᠴᠠᠭᠠᠯᠲᠠ ᠶᠢᠨ            ᠤᠳᠤᠷᠢᠳᠬᠤ ᠳᠤᠭᠤᠶᠢᠯᠠᠩ ᠤᠨ ᠠᠯᠪᠠᠨ ᠬᠡᠷ                       2021 ᠣᠨ ᠤ 5 ᠳ᠋ᠤᠭᠠᠷ ᠰᠠᠷ᠎ᠠ ᠶᠢᠨ 20 ᠤ ᠡᠳᠦᠷ             ᠳᠣᠯᠣᠳᠤᠭᠠᠷ ᠤᠳᠠᠭᠠᠨ ᠤ ᠪᠥᠬᠦ ᠤᠯᠤᠰ ᠤᠨ ᠬᠥᠮᠦᠨ ᠠᠮᠠ ᠶᠢᠨ ᠨᠡᠶᠢᠳᠡᠮ ᠪᠠᠶᠢᠴᠠᠭᠠᠯᠲᠠ ᠶᠢᠨ ᠦᠷ᠎ᠡ ᠳ᠋ᠦᠩ ᠢ ᠦᠨᠳᠦᠰᠦᠯᠡᠨ᠂ ᠡᠳᠦᠭᠡ 2020 ᠣᠨ ᠤ 11 ᠳ᠋ᠤᠭᠡᠷ ᠰᠠᠷ᠎ᠠ ᠶᠢᠨ 1 ᠤ ᠡᠳᠦᠷ ᠤᠨ ᠲᠡᠭ ᠴᠠᠭ ᠲᠤ ᠮᠠᠨ ᠤ ᠣᠷᠣᠨ ᠤ 12 ᠠᠶᠢᠮᠠᠭ ᠬᠤᠲᠠ ᠶᠢᠨ ᠪᠠᠶᠢᠩᠭᠤ ᠰᠠᠭᠤᠭ᠎ᠠ ᠬᠥᠮᠦᠨ ᠠᠮᠠ  ︵2︶  ᠶᠢᠨ ᠨᠠᠰᠤᠨ ᠤ ᠪᠦᠷᠢᠯᠳᠦᠯ ᠤᠨ ᠪᠠᠶᠢᠳᠠᠯ ᠢ ᠳᠤᠤᠷᠠᠬᠢ ᠮᠡᠲᠦ ᠨᠡᠶᠢᠲᠡᠯᠡᠪᠡ᠄       ᠨᠢᠭᠡ᠂ ᠪᠥᠬᠦ ᠣᠷᠣᠨ ᠤ ᠪᠠᠶᠢᠩᠭᠤ ᠰᠠᠭᠤᠭ᠎ᠠ ᠬᠥᠮᠦᠨ ᠠᠮᠠ ᠶᠢᠨ ᠨᠠᠰᠤᠨ ᠤ ᠪᠦᠷᠢᠯᠳᠦᠯ       ᠪᠥᠬᠦ ᠣᠷᠣᠨ ᠤ ᠪᠠᠶᠢᠩᠭᠤ ᠰᠠᠭᠤᠭ᠎ᠠ ᠬᠥᠮᠦᠨ ᠠᠮᠠ ᠶᠢᠨ ᠳᠣᠲᠣᠷ᠎ᠠ᠂ 0-14 ᠨᠠᠰᠤ ︵3︶ ᠶᠢᠨ ᠬᠥᠮᠦᠨ ᠠᠮᠠ 3377673 ᠪᠠᠶᠢᠵᠤ᠂ 14 . 04 % ᠶᠢ ᠡᠵᠡᠯᠡᠨ᠎ᠡ︔ 15-59 ᠨᠠᠰᠤᠨ ᠤ ᠬᠥᠮᠦᠨ ᠠᠮᠠ 15914249 ᠪᠠᠶᠢᠵᠤ᠂ 66 . 17 % ᠶᠢ ᠡᠵᠡᠯᠡᠨ᠎ᠡ︔ 60 ᠨᠠᠰᠤ ᠵᠢᠴᠢ ᠲᠡᠭᠦᠨ ᠠᠴᠠ ᠳᠡᠭᠡᠭᠰᠢᠬᠢ ᠨᠠᠰᠤᠨ ᠤ ᠬᠥᠮᠦᠨ ᠠᠮᠠ 475723 ᠪᠠᠶᠢᠵᠤ᠂ 19 . 78 % ᠶᠢ ᠡᠵᠡᠯᠡᠨ᠎ᠡ︔ ᠡᠭᠦᠨ ᠳᠤ 65 ᠨᠠᠰᠤ ᠵᠢᠴᠢ ᠲᠡᠭᠦᠨ ᠠᠴᠠ ᠳᠡᠭᠡᠭᠰᠢᠬᠢ ᠨᠠᠰᠤᠨ ᠤ ᠬᠥᠮᠦᠨ ᠠᠮᠠ 3138918 ᠪᠠᠶᠢᠵᠤ᠂ 13 . 05 % ᠶᠢ ᠡᠵᠡᠯᠡᠨ᠎ᠡ᠃ 2010 ᠣᠨ ᠤ ᠵᠢᠷᠭᠤᠳᠤᠭᠠᠷ ᠤᠳᠠᠭᠠᠨ ᠤ ᠪᠦᠬᠦ ᠤᠯᠤᠰ ᠤᠨ ᠬᠥᠮᠦᠨ ᠠᠮᠠ ᠶᠢᠨ ᠨᠡᠶᠢᠳᠡᠮ ᠪᠠᠶᠢᠴᠠᠭᠠᠯᠲᠠ ᠲᠠᠢ ᠬᠠᠷᠢᠴᠠᠭᠤᠯᠪᠠᠯ᠂ 0-14 ᠨᠠᠰᠤᠨ ᠤ ᠬᠥᠮᠦᠨ ᠠᠮᠠ ᠶᠢᠨ ᠡᠵᠡᠯᠡᠬᠦ ᠬᠤᠪᠢ ᠶᠢᠨ ᠵᠢᠩ 0 . 03 ᠵᠠᠭᠤᠨ ᠤ ᠬᠤᠪᠢ ᠶᠢᠨ ᠴᠡᠭ ᠪᠠᠭᠤᠷᠠᠵᠤ᠂ 15-59 ᠨᠠᠰᠤᠨ ᠤ ᠬᠥᠮᠦᠨ ᠠᠮᠠ ᠶᠢᠨ ᠡᠵᠡᠯᠡᠬᠦ ᠬᠤᠪᠢ ᠶᠢᠨ ᠵᠢᠩ 8 . 28 ᠵᠠᠭᠤᠨ ᠤ ᠬᠤᠪᠢ ᠶᠢᠨ ᠴᠡᠭ ᠪᠠᠭᠤᠷᠠᠵᠤ᠂ 60 ᠨᠠᠰᠤ ᠵᠢᠴᠢ ᠲᠡᠭᠦᠨ ᠠᠴᠠ ᠳᠡᠭᠡᠭᠰᠢᠬᠢ ᠨᠠᠰᠤᠨ ᠤ ᠡᠵᠡᠯᠡᠬᠦ ᠬᠥᠮᠦᠨ ᠠᠮᠠ ᠶᠢᠨ ᠬᠤᠪᠢ ᠶᠢᠨ ᠵᠢᠩ 8 . 30 ᠵᠠᠭᠤᠨ ᠤ ᠬᠤᠪᠢ ᠶᠢᠨ ᠴᠡᠭ ᠳᠡᠭᠡᠭᠰᠢᠯᠡᠵᠦ᠂ 65 ᠨᠠᠰᠤ ᠵᠢᠴᠢ ᠲᠡᠭᠦᠨ ᠠᠴᠠ ᠳᠡᠭᠡᠭᠰᠢᠬᠢ ᠨᠠᠰᠤᠨ ᠤ ᠬᠥᠮᠦᠨ ᠠᠮᠠ ᠶᠢᠨ ᠡᠵᠡᠯᠡᠬᠦ ᠬᠤᠪᠢ ᠶᠢᠨ ᠵᠢᠩ 5 . 49 ᠵᠠᠭᠤᠨ ᠤ ᠬᠤᠪᠢ ᠶᠢᠨ ᠴᠡᠭ ᠳᠡᠭᠡᠭᠰᠢᠯᠡᠪᠡ᠃       ᠬᠦᠰᠦᠨᠦᠭᠳᠦ  4-1   ᠪᠦᠬᠦ ᠤᠷᠤᠨ ᠤ ᠪᠠᠶᠢᠩᠭᠤ ᠰᠠᠭᠤᠭ᠎ᠠ ᠬᠦᠮᠦᠨ ᠠᠮᠠ ᠶᠢᠨ ᠨᠠᠰᠤᠨ ᠤ ᠪᠦᠷᠢᠯᠳᠦᠯ ︵ᠨᠢᠭᠡᠴᠢ᠄ ᠬᠦᠮᠦᠨ᠂ %︶
      ᠬᠤᠶᠠᠷ᠂ ᠠᠶᠢᠮᠠᠭ ᠬᠤᠲᠠ ᠶᠢᠨ ᠪᠠᠶᠢᠩᠭᠤ ᠰᠠᠭᠤᠭ᠎ᠠ ᠬᠥᠮᠦᠨ ᠠᠮᠠ ᠶᠢᠨ ᠨᠠᠰᠤᠨ ᠤ ᠪᠦᠷᠢᠯᠳᠦᠯ       12 ᠠᠶᠢᠮᠠᠭ ᠬᠤᠲᠠ ᠶᠢᠨ ᠳᠣᠲᠣᠷ᠎ᠠ᠂ 15 - 59 ᠨᠠᠰᠤᠨ ᠤ ᠬᠥᠮᠦᠨ ᠠᠮᠠ ᠶᠢᠨ ᠡᠵᠡᠯᠡᠬᠦ ᠬᠤᠪᠢ ᠶᠢᠨ ᠵᠢᠩ ᠨᠢ 65 % ᠠᠴᠠ ᠳᠡᠭᠡᠭᠰᠢᠬᠢ ᠠᠶᠢᠮᠠᠭ ᠬᠤᠲᠠ 10 ᠪᠠᠶᠢᠵᠤ᠂ 60 % - 65 % ᠶᠢᠨ ᠬᠤᠭᠤᠷᠣᠨᠳᠣᠬᠢ ᠠᠶᠢᠮᠠᠭ ᠬᠤᠲᠠ 1 ᠪᠠᠶᠢᠵᠤ᠂ 60 % ᠠᠴᠠ ᠳᠣᠷᠣᠭᠰᠢᠬᠢ ᠠᠶᠢᠮᠠᠭ ᠬᠤᠲᠠ 1 ᠪᠠᠶᠢᠨ᠎ᠠ᠃       12 ᠠᠶᠢᠮᠠᠭ ᠬᠤᠲᠠ ᠶᠢᠨ 65 ᠨᠠᠰᠤ ᠵᠢᠴᠢ ᠲᠡᠭᠦᠨ ᠠᠴᠠ ᠳᠡᠭᠡᠭᠰᠢᠬᠢ ᠨᠠᠰᠤᠨ ᠤ ᠬᠥᠮᠦᠨ ᠠᠮᠠ ᠶᠢᠨ ᠡᠵᠡᠯᠡᠬᠦ ᠬᠤᠪᠢ ᠶᠢᠨ ᠵᠢᠩ ᠴᠥᠮ 7 % ᠶᠢ ᠳᠠᠪᠠᠪᠠ᠂ ᠡᠭᠦᠨ ᠳᠤ 2 ᠠᠶᠢᠮᠠᠭ ᠬᠤᠲᠠ 65 ᠨᠠᠰᠤ ᠵᠢᠴᠢ ᠲᠡᠭᠦᠨ ᠠᠴᠠ ᠳᠡᠭᠡᠭᠰᠢᠬᠢ ᠨᠠᠰᠤᠨ ᠤ ᠬᠥᠮᠦᠨ ᠠᠮᠠ ᠶᠢᠨ  ᠡᠵᠡᠯᠡᠬᠦ ᠬᠤᠪᠢ ᠶᠢᠨ ᠵᠢᠩ 14 % ᠶᠢ ᠳᠠᠪᠠᠪᠠ᠃       ᠬᠦᠰᠦᠨᠦᠭᠳᠦ  4-2    ᠡᠯ᠎ᠠ ᠠᠶᠢᠮᠠᠭ ᠬᠤᠳᠠ ᠶᠢᠨ ᠪᠠᠶᠢᠩᠭᠤ ᠰᠠᠭᠤᠭ᠎ᠠ ᠬᠦᠮᠦᠨ ᠠᠮᠠ ᠶᠢᠨ ᠨᠠᠰᠤᠨ ᠤ ᠪᠦᠷᠢᠯᠳᠦᠯ ︵ᠨᠢᠭᠡᠴᠢ᠄ %︶
      ᠲᠠᠶᠢᠯᠪᠤᠷᠢ᠄       ︵1︶ ᠲᠣᠰ ᠠᠯᠪᠠᠨ ᠮᠡᠳᠡᠭᠡ ᠶᠢᠨ ᠲᠤᠭ᠎ᠠ ᠪᠠᠷᠢᠮᠲᠠ ᠨᠢ ᠴᠥᠮ ᠠᠩᠬ᠎ᠠ ᠠᠯᠬᠤᠮ ᠤᠨ ᠬᠤᠷᠢᠶᠠᠩᠭᠤᠶᠢᠯᠠᠭᠰᠠᠨ ᠲᠤᠭ᠎ᠠ ᠪᠠᠷᠢᠮᠲᠠ ᠪᠣᠯᠤᠨ᠎ᠠ᠃       ︵2︶ ᠪᠠᠶᠢᠩᠭᠤ ᠰᠠᠭᠤᠭ᠎ᠠ ᠬᠥᠮᠦᠨ ᠠᠮᠠ ᠳᠤ᠄ ᠲᠣᠰ ᠰᠢᠶᠠᠩ ᠪᠠᠯᠭᠠᠰᠤ ᠶᠢᠨ ᠵᠡᠭᠡᠯᠢ ᠭᠤᠳᠤᠮᠵᠢ ᠳᠤ ᠰᠠᠭᠤᠵᠤ ᠪᠠᠶᠢᠭ᠎ᠠ ᠮᠥᠷᠲᠡᠭᠡᠨ ᠲᠣᠰ ᠰᠢᠶᠠᠩ ᠪᠠᠯᠭᠠᠰᠤ ᠶᠢᠨ ᠵᠡᠭᠡᠯᠢ ᠭᠤᠳᠤᠮᠵᠢ ᠳᠤ ᠡᠷᠦᠬᠡ ᠠᠮᠠ ᠪᠠᠨ ᠣᠷᠣᠭᠤᠯᠤᠭᠰᠠᠨ ᠪᠤᠶᠤ ᠡᠷᠦᠬᠡ ᠠᠮᠠ ᠪᠠᠨ ᠲᠤᠭᠳᠠᠭᠠᠳᠤᠢ ᠬᠥᠮᠦᠨ ᠪᠠᠭᠲᠠᠨ᠎ᠠ︔ ᠲᠤᠰ ᠰᠢᠶᠠᠩ ᠪᠠᠯᠭᠠᠰᠤ ᠶᠢᠨ ᠵᠡᠭᠡᠯᠢ ᠭᠤᠳᠤᠮᠵᠢ ᠳᠤ ᠰᠠᠭᠤᠵᠤ ᠪᠠᠶᠢᠭ᠎ᠠ ᠪᠥᠭᠡᠳ ᠡᠷᠦᠬᠡ ᠠᠮᠠ ᠳᠠᠩᠰᠠᠯᠠᠭᠤᠯᠤᠭᠰᠠᠨ ᠭᠠᠵᠠᠷ ᠤᠨ ᠪᠠᠶᠢᠭ᠎ᠠ ᠰᠢᠶᠠᠩ ᠪᠠᠯᠭᠠᠰᠤ ᠶᠢᠨ ᠵᠡᠭᠡᠯᠢ ᠭᠤᠳᠤᠮᠵᠢ ᠠᠴᠠ ᠰᠠᠯᠤᠭᠠᠳ ᠬᠠᠭᠠᠰ ᠵᠢᠯ ᠠᠴᠠ ᠳᠡᠭᠡᠭᠰᠢ ᠪᠤᠯᠵᠤ ᠪᠠᠶᠢᠭ᠎ᠠ ᠬᠥᠮᠦᠨ︔ ᠡᠷᠦᠬᠡ ᠠᠮᠠ ᠨᠢ ᠲᠣᠰ ᠰᠢᠶᠠᠩ ᠪᠠᠯᠭᠠᠰᠤ ᠵᠡᠭᠡᠯᠢ ᠭᠤᠳᠤᠮᠵᠢ ᠳᠤ ᠪᠠᠶᠢᠬᠤ ᠮᠥᠷᠲᠡᠭᠡᠨ ᠭᠠᠳᠠᠭᠰᠢ ᠭᠠᠷᠤᠭᠠᠳ ᠬᠠᠭᠠᠰ ᠵᠢᠯ ᠪᠣᠯᠤᠭ᠎ᠠ ᠦᠭᠡᠢ ᠪᠤᠶᠤ ᠬᠢᠯᠢ ᠶᠢᠨ ᠭᠠᠳᠠᠨ᠎ᠠ ᠠᠵᠢᠯᠯᠠᠵᠤ ᠰᠤᠷᠤᠯᠴᠠᠵᠤ ᠪᠠᠢᠭ᠎ᠠ ᠬᠥᠮᠦᠨ᠃       ︵3︶ 0 - 15 ᠨᠠᠰᠤᠨ ᠤ ᠬᠥᠮᠦᠨ ᠠᠮᠠ 3595203᠂ 16 - 59 ᠨᠠᠰᠤᠨ ᠤ ᠬᠥᠮᠦᠨ ᠠᠮᠠ 15696719 ᠪᠣᠯᠤᠨ᠎ᠠ᠃
 
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠲᠤᠭ᠎ᠠ ᠪᠦᠷᠢᠳᠭᠡᠯ ᠤᠨ ᠲᠣᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号