ᠳᠤᠮᠳᠠᠳᠤ ᠤᠯᠤᠰ ᠤᠨ ᠲᠤᠭ᠎ᠠ ᠪᠦᠷᠢᠳᠭᠡᠯ ᠤᠨ ᠨᠡᠶᠢᠭᠡᠮᠯᠢᠭ ᠤᠨ ᠭᠤᠣᠯᠯᠠᠨ ᠡᠷᠬᠢᠯᠡᠭᠰᠡᠨ᠂ ᠵᠧᠵᠢᠶᠠᠩ ᠤᠨ | ᠦᠢᠯᠡᠳᠪᠦᠷᠢ ᠬᠤᠳᠠᠯᠳᠤᠭᠠᠨ ᠤ ᠶᠡᠭᠡ ᠰᠤᠷᠭᠠᠭᠤᠯᠢ ᠶᠢᠨ ᠳᠠᠭᠠᠭᠠᠨ ᠡᠷᠬᠢᠯᠡᠭᠰᠡᠨ ᠬᠤᠷᠢᠨ ᠭᠤᠷᠪᠠᠳᠤᠭᠠᠷ | ᠤᠳᠠᠭᠠᠨ ᠤ ᠪᠦᠬᠦ ᠤᠯᠤᠰ ᠤᠨ ᠲᠤᠭ᠎ᠠ ᠪᠦᠷᠢᠳᠭᠡᠯ ᠤᠨ ᠰᠢᠨᠵᠢᠯᠡᠬᠦ ᠤᠬᠠᠭᠠᠨ ᠤ ᠶᠠᠷᠢᠯᠴᠠᠬᠤ ᠬᠤᠷᠠᠯ ᠵᠢᠯ ᠤᠨ | ᠳᠣᠲᠣᠷ᠎ᠠ ᠵᠧᠵᠢᠶᠠᠩ ᠤᠨ ᠬᠠᠩᠵᠧᠦ ᠳᠤ ᠬᠤᠷᠠᠯᠳᠤᠬᠤ ᠪᠠᠷ ᠪᠠᠶᠢᠨ᠎ᠠ᠃ ᠬᠤᠷᠠᠯ ᠤᠨ ᠪᠣᠳᠠᠲᠠᠶ ᠴᠠᠭ᠂ ᠭᠠᠵᠠᠷ ᠢ | ᠠᠰ ᠲᠤᠨᠢ ᠮᠡᠳᠡᠭᠳᠡᠨ᠎ᠡ᠃ | ᠨᠢᠭᠡ᠂ ᠬᠤᠷᠠᠯ ᠤᠨ ᠭᠤᠣᠯ ᠰᠡᠳᠦᠪ ᠪᠣᠯᠤᠨ ᠵᠥᠪᠯᠡᠬᠦ ᠰᠡᠳᠦᠪ | ᠲᠣᠰ ᠤᠳᠠᠭᠠᠨ ᠤ ᠬᠤᠷᠠᠯ ᠨᠢ ︽ᠵᠣᠬᠢᠶᠠᠮᠠᠯ ᠣᠶᠤᠨ + ᠳᠤᠮᠳᠠᠳᠤ ᠤᠯᠤᠰ ᠤᠨ ᠣᠨᠴᠠᠯᠢᠭ ᠪᠥᠬᠦᠶ ᠲᠤᠭ᠎ᠠ | ᠪᠦᠷᠢᠳᠬᠡᠯ ᠤᠨ ᠰᠢᠨᠵᠢᠯᠡᠭᠡᠨ ᠤ ᠪᠠᠶᠢᠭᠤᠯᠤᠯᠲᠠ︾ ᠪᠠᠷ ᠭᠤᠤᠯ ᠰᠡᠳᠦᠪ ᠪᠤᠯᠭᠠᠨ᠎ᠠ᠃ ᠤᠳᠤ ᠨᠡᠶᠢᠭᠡᠮ ᠤᠨ ᠡᠯ᠎ᠡ | ᠡᠲᠡᠭᠡᠳ ᠠᠴᠠ ᠦᠭᠦᠯᠡᠯ ᠴᠤᠭᠯᠠᠭᠤᠯᠵᠤ᠂ ᠲᠤᠭ᠎ᠠ ᠪᠦᠷᠢᠳᠬᠡᠯ ᠤᠨ ᠰᠢᠰᠲ᠋ᠧᠮ᠂ ᠶᠡᠭᠡ ᠳᠡᠭᠡᠳᠦ ᠰᠤᠷᠭᠠᠭᠤᠯᠢ᠂ | ᠰᠢᠨᠵᠢᠯᠡᠬᠦ ᠤᠬᠠᠭᠠᠨ ᠤ ᠰᠤᠳᠤᠯᠭᠠᠨ ᠤ ᠬᠦᠷᠢᠶᠡᠯᠡᠩ ᠭᠠᠵᠠᠷ᠂ ᠺᠣᠮᠫᠠᠨᠢ ᠶᠢᠨ ᠠᠵᠤ ᠠᠬᠤᠶᠢᠯᠠᠯ ᠬᠤᠷᠠᠯ ᠳᠤ | ᠣᠷᠣᠯᠴᠠᠬᠤ ᠶᠢ ᠪᠠᠶᠠᠷᠯᠠᠨ ᠤᠭᠲᠤᠵᠤ ᠪᠠᠶᠢᠨ᠎ᠠ᠃ | ᠬᠤᠷᠠᠯ ᠠᠴᠠ ᠲᠤᠤᠷᠠᠭᠢ ᠰᠡᠲᠦᠪ ᠢ ᠭᠤᠤᠯᠲᠠᠯᠭ᠎ᠠ ᠲᠠᠢ ᠠᠩᠬᠠᠷᠤᠨ᠎ᠠ᠄ | 1. ᠳᠤᠮᠳᠠᠳᠤ ᠤᠯᠤᠰ ᠤᠨ ᠣᠨᠴᠠᠯᠢᠭ ᠪᠦᠬᠦᠢ ᠲᠤᠭ᠎ᠠ ᠪᠦᠷᠢᠳᠬᠡᠯ ᠤᠨ ᠰᠢᠨᠵᠢᠯᠡᠭᠡᠨ ᠤ ᠪᠠᠶᠢᠭᠤᠯᠤᠯᠲᠠ ᠶᠢᠨ | ᠰᠤᠳᠤᠯᠤᠯ᠃ | 2. ᠲᠤᠭ᠎ᠠ ᠪᠦᠷᠢᠳᠬᠡᠯ ᠪᠠ ᠲᠤᠭ᠎ᠠ ᠪᠠᠷᠢᠮᠲᠠ ᠶᠢᠨ ᠰᠢᠨᠵᠢᠯᠡᠬᠦ ᠤᠬᠠᠭᠠᠨ ᠤ ᠬᠤᠰᠢᠭᠤᠷᠠᠯ ᠣᠨᠣᠯ ᠬᠢᠭᠡᠳ | ᠬᠡᠷᠡᠭᠯᠡᠭᠡᠨ ᠤ ᠰᠤᠳᠤᠯᠤᠯ᠃ | 3. ᠰᠢᠨ᠎ᠡ ᠴᠠᠭ ᠦᠶ᠎ᠡ ᠶᠢᠨ ᠲᠤᠭ᠎ᠠ ᠪᠦᠷᠢᠳᠬᠡᠯ ᠤᠨ ᠤᠨᠤᠯ ᠪᠠ ᠠᠷᠭ᠎ᠠ ᠶᠢᠨ ᠰᠢᠨ᠎ᠡ ᠶᠢ ᠡᠭᠦᠳᠬᠦ | ᠰᠤᠳᠤᠯᠤᠯ᠃ | 4. ᠵᠣᠬᠢᠶᠠᠮᠠᠯ ᠣᠶᠤᠨ ᠤ ᠠᠬᠤᠶ ᠪᠠᠶᠢᠳᠠᠯ ᠳᠣᠤᠷ᠎ᠠ ᠲᠤᠭ᠎ᠠ ᠪᠦᠷᠢᠳᠬᠡᠯ ᠤᠨ ᠰᠢᠨᠵᠢᠯᠡᠭᠡᠨ ᠤ ᠪᠠᠶᠢᠭᠤᠯᠤᠯᠲᠠ᠂ | ᠣᠯᠠᠨ ᠰᠢᠨᠵᠢᠯᠡᠭᠡᠨ ᠤ ᠰᠠᠯᠠᠭ᠎ᠠ ᠰᠣᠯᠪᠢᠴᠠᠨ ᠠᠭᠤᠰᠤᠯᠴᠠᠨ ᠬᠥᠭᠵᠢᠬᠦ ᠬᠠᠮᠢᠶ᠎ᠠ ᠪᠥᠬᠦᠶ ᠰᠤᠳᠤᠯᠭᠠᠨ︔ | 5. ᠮᠠᠰᠢᠨ ᠰᠤᠷᠤᠯᠴᠠᠯᠭ᠎ᠠ᠂ ᠴᠦᠷᠬᠦᠯᠡᠭᠡ ᠬᠡᠯᠬᠢᠶ᠎ᠡ᠂ ᠵᠣᠬᠢᠶᠠᠮᠠᠯ ᠣᠶᠤᠨ ᠵᠡᠷᠭᠡ ᠰᠢᠨ᠎ᠡ ᠨᠢᠭᠡ ᠦᠶ᠎ᠡ ᠶᠢᠨ | ᠮᠡᠳᠡᠭᠡ ᠵᠠᠩᠭᠢ ᠶᠢᠨ ᠮᠡᠷᠭᠡᠵᠢᠯ ᠤᠨ ᠵᠠᠰᠠᠭ ᠤᠨ ᠣᠷᠳᠣᠨ ᠤ ᠲᠤᠭ᠎ᠠ ᠪᠦᠷᠢᠳᠬᠡᠯ ᠳᠠᠬᠢ ᠬᠡᠷᠡᠭᠯᠡᠭᠡᠨ ᠤ ᠰᠤᠳᠤᠯᠤᠯ᠃ | 6. ᠶᠡᠭᠡ ᠲᠤᠭ᠎ᠠ ᠪᠠᠷᠢᠮᠲᠠ ᠪᠣᠯᠤᠨ ᠵᠣᠬᠢᠶᠠᠮᠠᠯ ᠣᠶᠤᠨ ᠳᠠᠬᠢ ᠲᠤᠭ᠎ᠠ ᠪᠦᠷᠢᠳᠭᠡᠯ ᠤᠨ ᠣᠨᠣᠯ᠂ ᠠᠷᠭ᠎ᠠ | ᠪᠣᠯᠤᠨ ᠬᠡᠷᠡᠭᠯᠡᠯᠲᠡ᠃ | 7. ᠣᠯᠠᠨ ᠡᠬᠢᠲᠦ ᠲᠤᠭ᠎ᠠ ᠪᠠᠷᠢᠮᠲᠠ ᠶᠢ ᠠᠭᠤᠰᠤᠯᠴᠠᠭᠤᠯᠬᠤ᠂ ᠪᠤᠳᠤᠯᠢᠶᠠᠨᠲᠠᠶ ᠪᠤᠶᠤ ᠪᠦᠲᠦᠴᠡ ᠪᠤᠰᠤ | ᠲᠤᠭ᠎ᠠ ᠪᠠᠷᠢᠮᠲᠠ ᠶᠢᠨ ᠲᠤᠭ᠎ᠠ ᠪᠦᠷᠢᠳᠬᠡᠯ ᠤᠨ ᠵᠠᠭᠪᠤᠷ ᠪᠠᠶᠢᠭᠤᠯᠬᠤ ᠪᠠ ᠵᠠᠳᠠᠯᠬᠤ | 8. ᠶᠡᠭᠡ ᠲᠤᠭ᠎ᠠ ᠪᠠᠷᠢᠮᠲᠠ ᠶᠢᠨ ᠠᠬᠤᠶ ᠪᠠᠶᠢᠳᠠᠯ ᠳᠣᠤᠷ᠎ᠠ ᠤᠯᠤᠰ ᠤᠨ ᠵᠠᠰᠠᠯᠲᠠ ᠶᠢᠨ ᠰᠢᠰᠲ᠋ᠧᠮ ᠪᠠ | ᠵᠠᠰᠠᠯᠲᠠ ᠶᠢᠨ ᠴᠢᠳᠠᠪᠤᠷᠢ ᠶᠢᠨ ᠣᠳᠣᠬᠢᠴᠢᠯᠠᠯᠲᠠ ᠶᠢᠨ ᠰᠤᠳᠤᠯᠭᠠᠨ︔ | 9. ᠲᠤᠭ᠎ᠠ ᠪᠦᠷᠢᠳᠬᠡᠯ ᠤᠨ ᠬᠠᠤᠯᠢ ᠬᠡᠷᠡᠭᠵᠢᠭᠦᠯᠦᠯᠲᠡ ᠳᠤ ᠬᠢᠨᠠᠯᠲᠠ ᠲᠠᠯᠪᠢᠬᠤ ᠬᠢᠭᠡᠳ ᠲᠤᠭ᠎ᠠ ᠪᠦᠷᠢᠳᠬᠡᠯ ᠢ | ᠬᠠᠭᠤᠷᠮᠠᠭᠯᠠᠨ ᠵᠣᠬᠢᠶᠠᠬᠤ᠂ ᠬᠤᠳᠠᠯ ᠬᠡᠯᠡᠵᠦ ᠬᠠᠭᠤᠷᠮᠠᠭᠯᠠᠨ ᠵᠣᠬᠢᠶᠠᠬᠤ ᠶᠢ ᠰᠡᠷᠭᠡᠶᠢᠯᠡᠨ ᠵᠠᠯᠬᠠᠭᠠᠬᠤ ᠣᠨᠣᠯ᠂ | ᠠᠷᠭ᠎ᠠ᠂ ᠳᠦᠷᠢᠮ ᠤᠨ ᠰᠤᠳᠤᠯᠭᠠᠨ︔ | 10. ᠲᠤᠭ᠎ᠠ ᠪᠦᠷᠢᠳᠬᠡᠯ ᠤᠨ ᠲᠤᠭ᠎ᠠ ᠪᠠᠷᠢᠮᠲᠠ ᠶᠢᠨ ᠶᠠᠰᠤ ᠴᠢᠨᠠᠷ ᠢ ᠦᠨᠡᠯᠡᠨ ᠵᠢᠱᠢᠬᠦ ᠪᠠ ᠳᠡᠭᠡᠭᠰᠢᠯᠡᠭᠦᠯᠬᠦ | ᠰᠤᠳᠤᠯᠤᠯ᠃ | 11. ᠤᠯᠤᠰ ᠠᠷᠠᠳ ᠤᠨ ᠠᠵᠤ ᠠᠬᠤᠢ ᠶᠢᠨ ᠬᠠᠷᠭᠤᠭᠤᠯᠤᠨ ᠪᠤᠳᠤᠬᠤ ᠬᠠᠮᠢᠶ᠎ᠠ ᠪᠦᠬᠦᠢ ᠠᠰᠠᠭᠤᠳᠠᠯ ᠤᠨ | ᠰᠤᠳᠤᠯᠭᠠᠨ᠃ | 12. ᠤᠯᠤᠰ ᠤᠨ ᠠᠮᠤᠷ ᠲᠦᠪᠰᠢᠨ ᠤ ᠠᠶᠤᠯ ᠲᠦᠭᠰᠢᠭᠦᠷᠢ ᠶᠢ ᠪᠦᠷᠢᠳᠬᠡᠨ ᠬᠢᠨᠠᠨ ᠬᠡᠮᠵᠢᠬᠦ ᠪᠠ | ᠤᠷᠢᠳᠴᠢᠯᠠᠨ ᠰᠡᠷᠡᠮᠵᠢᠯᠡᠭᠦᠯᠬᠦ ᠰᠢᠰᠲ᠋ᠧᠮ ᠤᠨ ᠰᠤᠳᠤᠯᠭᠠᠨ᠃ | 13.ᠳᠤᠮᠳᠠᠳᠤ ᠤᠯᠤᠰ ᠤᠨ ᠮᠠᠶ᠋ᠢᠭ ᠤᠨ ᠤᠳᠤᠬᠢᠴᠢᠯᠠᠯᠳᠠ ᠶᠢᠨ ᠲᠤᠭ᠎ᠠ ᠪᠦᠷᠢᠳᠬᠡᠯ ᠤᠨ ᠬᠡᠮᠵᠢᠯᠲᠡ ᠶᠢᠨ | ᠰᠤᠳᠤᠯᠤᠯ᠃ | 14. ᠰᠢᠨ᠎ᠡ ᠴᠢᠨᠠᠷ ᠤᠨ ᠦᠢᠯᠡᠳᠪᠦᠷᠢᠯᠡᠯ ᠤᠨ ᠬᠦᠴᠦᠨ ᠤ ᠲᠤᠭ᠎ᠠ ᠪᠦᠷᠢᠳᠬᠡᠯ ᠤᠨ ᠬᠢᠨᠠᠨ ᠬᠡᠮᠵᠢᠬᠦ | ᠰᠤᠳᠤᠯᠤᠯ᠃ | 15. ᠴᠢᠨᠠᠷ ᠰᠠᠶᠢᠲᠠᠶ ᠬᠥᠭᠵᠢᠯᠲᠡ ᠶᠢᠨ ᠲᠤᠭ᠎ᠠ ᠪᠦᠷᠢᠳᠬᠡᠯ ᠤᠨ ᠬᠡᠮᠵᠢᠯᠲᠡ ᠶᠢᠨ ᠰᠤᠳᠤᠯᠭᠠᠨ︔ | 16. ᠰᠢᠨ᠎ᠡ ᠬᠥᠭᠵᠢᠯᠲᠡ ᠶᠢᠨ ᠪᠠᠶᠢᠷᠢᠰᠢᠯ ᠢ ᠪᠠᠶᠢᠭᠤᠯᠬᠤ ᠬᠠᠮᠢᠶ᠎ᠠ ᠪᠦᠬᠦᠢ ᠲᠤᠭ᠎ᠠ ᠪᠦᠷᠢᠳᠬᠡᠯ ᠤᠨ | ᠠᠰᠠᠭᠤᠳᠠᠯ ᠤᠨ ᠰᠤᠳᠤᠯᠤᠯ᠃ | 17. ᠬᠠᠮᠲᠤ ᠪᠠᠷ ᠴᠢᠨᠡᠭᠡᠯᠢᠭᠵᠢᠬᠦ ᠪᠠ ᠣᠷᠣᠯᠭ᠎ᠠ ᠶᠢᠨ ᠬᠤᠪᠢᠶᠠᠷᠢᠯᠠᠯᠲᠠ ᠶᠢᠨ ᠲᠤᠭ᠎ᠠ ᠪᠦᠷᠢᠳᠬᠡᠯ ᠤᠨ ᠬᠢᠨᠠᠨ | ᠬᠡᠮᠵᠢᠯᠲᠡ ᠶᠢᠨ ᠰᠤᠳᠤᠯᠤᠯ᠃ | 18. GDP ᠠᠴᠠ ᠳᠠᠪᠠᠭᠰᠠᠨ ᠰᠡᠳᠬᠢᠴᠡ ᠪᠠ ᠠᠷᠭ᠎ᠠ ᠶᠢᠨ ᠰᠤᠳᠤᠯᠤᠯᠲᠠ᠃ | 19. ᠬᠤᠲᠠ ᠬᠥᠳᠡᠭᠡ ᠶᠢᠨ ᠨᠡᠶᠢᠯᠡᠯ ᠬᠢᠭᠡᠳ ᠣᠷᠣᠨ ᠪᠦᠰᠡ ᠶᠢᠨ ᠵᠣᠬᠢᠴᠠᠩᠭᠤᠶ ᠬᠥᠭᠵᠢᠯᠲᠡ ᠶᠢᠨ ᠲᠤᠭ᠎ᠠ | ᠪᠦᠷᠢᠳᠬᠡᠯ ᠤᠨ ᠬᠡᠮᠵᠢᠯᠲᠡ ᠶᠢᠨ ᠰᠤᠳᠤᠯᠤᠯ᠃ | 20. ᠨᠡᠶᠢᠭᠡᠮ ᠠᠷᠠᠳ ᠤᠨ ᠠᠮᠢᠳᠤᠷᠠᠯ ᠤᠨ ᠬᠦᠷᠢᠶᠡᠨ ᠤ ᠲᠤᠭ᠎ᠠ ᠪᠦᠷᠢᠳᠬᠡᠯ ᠬᠢᠨᠠᠨ ᠬᠡᠮᠵᠢᠯᠲᠡ ᠶᠢᠨ | ᠰᠤᠳᠤᠯᠤᠯ | 21. ᠠᠵᠤ ᠠᠬᠤᠶ ᠶᠢᠨ ᠠᠵᠢᠯᠯᠠᠭᠠᠨ ᠤ ᠳᠤᠮᠳᠠᠬᠢ ᠴᠢᠬᠤᠯᠠ ᠠᠰᠠᠭᠤᠳᠠᠯ ᠤᠨ ᠲᠤᠭ᠎ᠠ ᠪᠦᠷᠢᠳᠬᠡᠯ ᠤᠨ | ᠰᠤᠳᠤᠯᠤᠯ᠃ | ᠲᠤᠭ᠎ᠠ ᠪᠦᠷᠢᠳᠬᠡᠯ ᠤᠨ ᠣᠳᠣᠬᠢᠴᠢᠯᠠᠯᠲᠠ ᠶᠢᠨ ᠥᠭᠡᠷᠡᠴᠢᠯᠡᠯᠲᠡ ᠬᠢᠭᠡᠳ ᠲᠤᠭ᠎ᠠ ᠪᠦᠷᠢᠳᠬᠡᠯ ᠤᠨ | ᠰᠢᠨᠵᠢᠯᠡᠭᠡᠨ ᠤ ᠬᠥᠭᠵᠢᠯᠲᠡ ᠳᠤ ᠴᠢᠬᠤᠯᠠ ᠠᠴᠢ ᠬᠤᠯᠪᠣᠭᠳᠠᠯ ᠲᠠᠢ ᠪᠤᠰᠤᠳ ᠰᠡᠳᠦᠪ ᠰᠣᠩᠭᠤᠬᠤ ᠶᠠᠪᠤᠳᠠᠯ | ᠪᠣᠯᠤᠨ᠎ᠠ᠃ | ᠬᠤᠶᠠᠷ᠂ ᠦᠭᠦᠯᠡᠯ ᠤᠨ ᠱᠠᠭᠠᠷᠳᠠᠯᠭ᠎ᠠ | 1. ᠦᠭᠦᠯᠡᠯ ᠳᠤ ᠳᠤᠤᠷᠠᠬᠢ ᠭᠤᠤᠯ ᠠᠭᠤᠯᠭ᠎ᠠ ᠶᠢ ᠪᠠᠭᠳᠠᠭᠠᠬᠤ ᠬᠡᠷᠡᠭᠲᠡᠢ᠄ ① ᠭᠠᠷᠴᠠᠭ᠂ ᠳᠤᠪᠴᠢ᠂ | ᠵᠠᠩᠭᠢᠯᠠᠭ᠎ᠠ ᠶᠢᠨ ᠦᠭᠡ᠃ ② ᠭᠤᠤᠯ ᠵᠣᠬᠢᠶᠠᠯ᠂ ᠯᠠᠪᠯᠠᠯᠲᠠ ᠶᠢᠨ ᠪᠢᠴᠢᠭ ᠮᠠᠲ᠋ᠧᠷᠢᠶᠠᠯ︔ ④ ᠵᠣᠬᠢᠶᠠᠭᠴᠢ ᠶᠢᠨ | ᠲᠣᠪᠴᠢ ᠲᠠᠨᠢᠯᠴᠠᠭᠤᠯᠭ᠎ᠠ ︵ᠤᠪᠤᠭ ᠨᠡᠷ᠎ᠡ᠂ ᠠᠵᠢᠯᠯᠠᠵᠤ ᠪᠠᠶᠢᠭ᠎ᠠ ᠨᠢᠭᠡᠴᠡ᠂ ᠲᠤᠰᠢᠶᠠᠯ᠂ ᠮᠡᠷᠭᠡᠵᠢᠯ ᠤᠨ ᠴᠤᠯᠠ᠂ | ᠭᠤᠤᠯ ᠰᠤᠳᠤᠯᠭᠠᠨ ᠤ ᠴᠢᠭᠯᠡᠯ ᠵᠡᠷᠭᠡ︶᠂ ︵ᠢᠮᠧᠯ᠂ ᠬᠠᠷᠢᠯᠴᠠᠬᠤ ᠠᠷᠭ᠎ᠠ ︵ᠢᠮᠧᠯ᠂ ᠬᠠᠷᠢᠯᠴᠠᠬᠤ ᠤᠳᠠᠰᠤ | ᠵᠡᠷᠭᠡ︶︔ | 2. ᠦᠭᠦᠯᠡᠯ ᠤᠨ ᠬᠡᠯᠪᠡᠷᠢ ᠨᠢ ︽ᠲᠤᠭ᠎ᠠ ᠪᠦᠷᠢᠳᠬᠡᠯ ᠤᠨ ᠰᠤᠳᠤᠯᠤᠯ︾᠂ ︽ᠪᠠᠶᠢᠴᠠᠭᠠᠨ ᠰᠤᠳᠤᠯᠤᠯᠲᠠ ᠶᠢᠨ | ᠶᠢᠷᠲᠢᠨᠴᠦ︾ ᠪᠤᠶᠤ ᠣᠯᠠᠨ ᠤᠯᠤᠰ ᠤᠨ ᠲᠤᠭ᠎ᠠ ᠪᠦᠷᠢᠳᠬᠡᠯ ᠤᠨ ᠤᠬᠠᠭᠠᠨ ᠤ ᠰᠡᠳᠬᠦᠯ ᠤᠨ ᠡᠬᠡ ᠪᠢᠴᠢᠭ ᠤᠨ | ᠬᠡᠪᠯᠡᠯ ᠤᠨ ᠬᠡᠯᠪᠡᠷᠢ ᠶᠢ ᠦᠨᠳᠦᠰᠦᠯᠡᠵᠦ᠂ ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ ᠪᠠ ᠬᠠᠷᠢᠯᠴᠠᠬᠤ ᠠᠷᠭ᠎ᠠ | ᠮᠠᠶ᠋ᠢᠭ ᠵᠡᠷᠭᠡ ᠮᠡᠳᠡᠭᠡ ᠵᠠᠩᠭᠢ ᠶᠢ ᠲᠡᠷᠢᠭᠦᠨ ᠨᠢᠭᠤᠷ ᠲᠤ ᠲᠤᠰᠠᠭᠠᠷ ᠲᠠᠯᠪᠢᠭᠠᠷᠠᠢ᠃ | 3᠂ ᠡᠬᠡ ᠪᠢᠴᠢᠭ ᠢᠶᠠᠷ ᠥᠭᠭᠦᠭᠰᠡᠨ ᠥᠭᠦᠯᠡᠯ ᠨᠢ ᠢᠯᠡ ᠪᠠᠷ ᠨᠡᠶᠢᠲᠡᠯᠡᠭᠰᠡᠨ ᠦᠭᠡᠢ ᠰᠤᠳᠤᠯᠭᠠᠨ ᠤ ᠦᠷ᠎ᠡ | ᠪᠦᠲᠦᠭᠡᠯ ᠪᠠᠶᠢᠬᠤ ᠬᠡᠷᠡᠭᠳᠡᠢ᠃ | 4. 2025 ᠣᠨ ᠤ 9 ᠳ᠋ᠤᠭᠡᠷ ᠰᠠᠷ᠎ᠠ ᠶᠢᠨ 15 ᠤ ᠡᠳᠦᠷ᠃ | ᠭᠤᠷᠪᠠ᠂ ᠦᠭᠦᠯᠡᠯ ᠤᠨ ᠰᠢᠯᠭᠠᠷᠠᠭᠤᠯᠤᠯᠲᠠ | ᠲᠣᠰ ᠤᠳᠠᠭᠠᠨ ᠤ ᠲᠤᠭ᠎ᠠ ᠪᠦᠷᠢᠳᠬᠡᠯ ᠤᠨ ᠰᠢᠨᠵᠢᠯᠡᠬᠦ ᠤᠬᠠᠭᠠᠨ ᠤ ᠶᠠᠷᠢᠯᠴᠠᠬᠤ ᠬᠤᠷᠠᠯ ᠨᠢ ᠥᠭᠦᠯᠡᠯ | ᠡᠯᠰᠡᠭᠰᠡᠨ ᠰᠠᠭᠤᠷᠢᠨ ᠳᠡᠭᠡᠷ᠎ᠡ ᠥᠭᠦᠯᠡᠯ ᠰᠢᠯᠭᠠᠷᠠᠭᠤᠯᠬᠤ ᠶᠢ ᠥᠷᠨᠢᠭᠦᠯᠵᠦ᠂ ᠥᠭᠦᠯᠡᠯ ᠤᠨ ᠨᠢᠭᠡᠳᠦᠭᠡᠷ ᠵᠣᠬᠢᠶᠠᠭᠴᠢ | ᠪᠤᠶᠤ ᠴᠢᠮᠡᠭᠡᠯᠡᠯ ᠤᠨ ᠵᠣᠬᠢᠶᠠᠭᠴᠢ ᠤᠷᠢᠯᠭ᠎ᠠ ᠪᠠᠷ ᠬᠤᠷᠠᠯ ᠳᠤ ᠤᠷᠤᠯᠴᠠᠨ᠎ᠠ᠃ ᠰᠢᠯᠢᠳᠡᠭ ᠥᠭᠦᠯᠡᠯ ᠢ ︽ᠲᠤᠭ᠎ᠠ | ᠪᠦᠷᠢᠳᠭᠡᠯ ᠤᠨ ᠰᠤᠳᠤᠯᠭᠠᠨ︾ ᠪᠣᠯᠤᠨ ︽ᠪᠠᠶᠢᠴᠠᠭᠠᠨ ᠰᠤᠳᠤᠯᠤᠯᠲᠠ ᠶᠢᠨ ᠶᠢᠷᠲᠢᠨᠴᠦ︾ ᠳᠤ ᠲᠠᠨᠢᠯᠴᠠᠭᠤᠯᠤᠨ᠎ᠠ᠃ | ᠳᠥᠷᠪᠡ᠂ ᠬᠠᠷᠢᠯᠴᠠᠬᠤ ᠠᠷᠭ᠎ᠠ ᠮᠠᠶ᠋ᠢᠭ | ᠦᠭᠦᠯᠡᠯ ᠤᠨ word ᠪᠣᠯᠣᠨ pdf ᠬᠤᠶᠠᠷ ᠵᠦᠢᠯ ᠤᠨ ᠬᠡᠪᠯᠡᠯ ᠢ ᠬᠠᠮᠲᠤ ᠳᠤᠨᠢ | zhuhetongji@126.com ᠲᠤ ᠶᠠᠪᠤᠭᠤᠯᠤᠭᠠᠷᠠᠢ᠂ ᠰᠢᠤᠳᠠᠨ ᠤ ᠵᠦᠢᠯ ᠤᠨ ᠭᠠᠷᠴᠠᠭ ᠢ ︽ᠬᠤᠷᠢᠨ | ᠭᠤᠷᠪᠠᠳᠤᠭᠠᠷ ᠤᠳᠠᠭᠠᠨ ᠤ ᠪᠦᠬᠦ ᠤᠯᠤᠰ ᠤᠨ ᠲᠤᠭ᠎ᠠ ᠪᠦᠷᠢᠳᠭᠡᠯ ᠤᠨ ᠰᠢᠨᠵᠢᠯᠡᠬᠦ ᠤᠬᠠᠭᠠᠨ ᠤ ᠶᠠᠷᠢᠯᠴᠠᠬᠤ | ᠬᠤᠷᠠᠯ ᠤᠨ ᠦᠭᠦᠯᠡᠯ ᠤᠨ ᠡᠬᠡ ᠪᠢᠴᠢᠭ + ᠵᠣᠬᠢᠶᠠᠭᠴᠢ ᠶᠢᠨ ᠨᠢᠭᠡᠴᠡ + ᠵᠣᠬᠢᠶᠠᠭᠴᠢ ᠶᠢᠨ ᠣᠪᠣᠭ ᠨᠡᠷ᠎ᠡ︾ ᠪᠠᠷ | ᠨᠡᠷᠡᠯᠡᠳᠦᠭᠡᠢ᠃ | ᠬᠠᠷᠢᠯᠴᠠᠬᠤ ᠬᠥᠮᠦᠨ᠄ ᠵᠦ ᠾᠧ 15268182141 | ᠸᠠᠩ ᠵᠢᠶᠠᠩ ᠹᠧᠩ 13805708780 | ᠳᠤᠮᠳᠠᠳᠤ ᠤᠯᠤᠰ ᠤᠨ ᠳᠤᠭ᠎ᠠ ᠪᠦᠷᠢᠳᠭᠡᠯ ᠤᠨ ᠰᠢᠨᠵᠢᠯᠡᠭᠡᠨ ᠤ ᠨᠡᠶᠢᠭᠡᠮᠯᠢᠭ | 2025 ᠣᠨ ᠤ 4 ᠰᠠᠷ᠎ᠠ ᠶᠢᠨ 8 ᠤ ᠡᠳᠦᠷ |