ᠰᠢᠨᠬᠤᠸᠠ ᠬᠤᠷᠢᠶ᠎ᠠ ᠶᠢᠨ ᠪᠡᠭᠡᠵᠢᠩ ᠤᠨ 5 ᠰᠠᠷ᠎ᠠ ᠶᠢᠨ 13 ᠤ ᠴᠠᠭᠢᠯᠭᠠᠨ ᠮᠡᠳᠡᠭᠡ ︵2025 ᠣᠨ ᠤ 5 | ᠰᠠᠷ᠎ᠠ ᠶᠢᠨ 13 ᠤ ᠡᠳᠦᠷ᠂ ᠪᠡᠭᠡᠵᠢᠩ ᠳᠤ︶ | ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠲᠡᠷᠢᠭᠦᠯᠡᠭᠴᠢ ᠰᠢ ᠶᠢᠨ ᠫᠢᠩ | ᠬᠦᠨᠳᠦᠲᠦ ᠶᠡᠷᠦᠩᠬᠡᠶᠢᠯᠡᠭᠴᠢ ᠫᠤᠳ᠋ᠷᠤ᠋᠂ | ᠬᠦᠨᠳᠦᠲᠦ ᠶᠡᠷᠦᠩᠬᠡᠶᠢᠯᠡᠭᠴᠢ ᠯᠦᠯᠠ᠂ | ᠬᠦᠨᠳᠦᠲᠦ ᠶᠡᠷᠦᠩᠬᠡᠶᠢᠯᠡᠭᠴᠢ ᠪᠦᠧᠧᠯᠢᠴᠢ᠂ | ᠬᠦᠨᠳᠦᠲᠦ ᠪᠠᠩᠬᠢ ᠶᠢᠨ ᠳᠠᠷᠤᠭ᠎ᠠ ᠷᠤᠰᠤᠹ᠂ | ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠬᠠᠮᠲᠤ ᠶᠢᠨ ᠴᠣᠭᠴᠠ ᠶᠢᠨ ᠪᠦᠷᠢᠯᠳᠦᠭᠦᠨ | ᠤᠯᠤᠰ ᠤᠨ ᠲᠥᠯᠥᠭᠡᠯᠡᠭᠴᠢᠳ᠂ | ᠠᠪᠠᠭ᠋ᠠᠢ ᠨᠠᠷ᠂ ᠠᠪᠤᠭᠠᠢ ᠨᠠᠷ᠂ ᠨᠠᠶᠢᠵᠠ ᠨᠠᠷ ᠠ᠋᠄ | ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠰᠢᠨ᠎ᠡ ᠬᠠᠭᠤᠴᠢᠨ ᠨᠠᠶᠢᠵᠠ ᠨᠠᠷ ᠲᠠᠢ ᠪᠡᠭᠡᠵᠢᠩ ᠳᠤ | ᠴᠤᠭᠯᠠᠷᠠᠭᠰᠠᠨ ᠳᠠᠭᠠᠨ ᠮᠠᠰᠢ ᠪᠠᠶᠠᠷ ᠲᠠᠢ ᠪᠠᠶᠢᠨ᠎ᠠ᠃ ᠪᠢ ᠳᠤᠮᠳᠠᠳᠤ ᠤᠯᠤᠰ ᠤᠨ ᠵᠠᠰᠠᠭ ᠤᠨ ᠣᠷᠳᠣᠨ ᠪᠣᠯᠣᠨ | ᠳᠤᠮᠳᠠᠳᠤ ᠤᠯᠤᠰ ᠤᠨ ᠠᠷᠠᠳ ᠲᠦᠮᠡᠨ ᠤ ᠡᠮᠦᠨ᠎ᠡ ᠠᠴᠠ ᠤᠯᠠᠨ ᠤ ᠬᠦᠷᠴᠦ ᠢᠷᠡᠭᠰᠡᠨ ᠢ ᠬᠠᠯᠠᠭᠤᠨ ᠢᠶᠠᠷ | ᠤᠭᠲᠤᠵᠤ ᠪᠠᠶᠢᠬᠤ ᠪᠠᠨ ᠢᠯᠡᠳᠬᠡᠶ᠎ᠡ︕ | 2015 ᠣᠨ ᠳᠤ᠂ ᠪᠢ ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠲᠥᠯᠥᠭᠡᠯᠡᠭᠴᠢᠳ ᠲᠠᠢ | ᠬᠠᠮᠲᠤ ᠪᠠᠷ ᠪᠡᠭᠡᠵᠢᠩ ᠳᠤ ᠳᠤᠮᠳᠠᠳᠤ ᠤᠯᠤᠰ — ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ | ᠬᠠᠮᠲᠤ ᠶᠢᠨ ᠴᠣᠭᠴᠠ ᠶᠢᠨ ᠶᠠᠷᠢᠶᠠᠨ ᠤ ᠲᠠᠪᠴᠠᠩ ᠤᠨ ᠠᠩᠬᠠᠳᠤᠭᠠᠷ ᠬᠤᠭᠤᠴᠠᠭᠠᠨ ᠤ ᠰᠠᠶᠢᠳ ᠤᠨ ᠲᠡᠰ ᠤᠨ | ᠬᠤᠷᠠᠯ ᠤᠨ ᠡᠭᠢᠯᠡᠯᠲᠡ ᠶᠢᠨ ᠶᠣᠰᠣᠯᠠᠯ ᠳᠤ ᠣᠷᠣᠯᠴᠠᠵᠤ᠂ ᠳᠤᠮᠳᠠᠳᠤ ᠤᠯᠤᠰ — ᠯᠠᠲ᠋ᠢᠨ ᠠᠮᠧᠷᠢᠺᠠ ᠪᠣᠯᠣᠨ | ᠺᠠᠷᠢᠪᠧ ᠶᠢᠨ ᠤᠯᠤᠰ ᠤᠳ ᠤᠨ ᠬᠠᠮᠲᠤ ᠶᠢᠨ ᠴᠣᠭᠴᠠ ᠶᠢᠨ ᠶᠠᠷᠢᠶᠠᠨ ᠤ ᠲᠠᠪᠴᠠᠩ ᠪᠠᠶᠢᠭᠤᠯᠤᠭᠳᠠᠭᠰᠠᠨ ᠢ | ᠲᠤᠩᠬᠠᠭᠯᠠᠪᠠ᠃ 10 ᠵᠢᠯ ᠤᠨ ᠲᠤᠷᠰᠢ᠂ ᠬᠤᠶᠠᠷ ᠲᠠᠯ᠎ᠠ ᠶᠢᠨ ᠨᠢᠮᠪᠠᠢ ᠪᠤᠶᠢᠵᠢᠭᠤᠯᠤᠯᠲᠠ ᠳᠣᠣᠷ᠎ᠠ᠂ ᠳᠤᠮᠳᠠᠳᠤ | ᠤᠯᠤᠰ — ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠬᠠᠮᠲᠤ ᠶᠢᠨ ᠴᠣᠭᠴᠠ ᠶᠢᠨ ᠶᠠᠷᠢᠶᠠᠨ ᠤ | ᠲᠠᠪᠴᠠᠩ ᠨᠢ ᠨᠢᠭᠡᠨ ᠨᠢᠯᠬ᠎ᠠ ᠴᠢᠬᠢ ᠪᠠᠶᠢᠭᠰᠠᠨ ᠠᠴᠠ ᠪᠠᠨ ᠲᠣᠮᠣ ᠮᠣᠳᠣ ᠪᠣᠯᠵᠤ ᠪᠤᠶᠢᠵᠢᠭᠰᠠᠨ ᠳᠤ ᠪᠢ ᠮᠠᠰᠢ | ᠪᠠᠶᠠᠷᠯᠠᠵᠤ ᠪᠠᠶᠢᠨ᠎ᠠ᠃ | ᠳᠤᠮᠳᠠᠳᠤ ᠤᠯᠤᠰ ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠣᠷᠣᠨ ᠯᠤᠭ᠎ᠠ ᠠᠯᠤᠰ ᠬᠤᠯᠠ ᠵᠠᠶᠢᠲᠠᠢ ᠪᠤᠯᠪᠠᠴᠤ | ᠬᠤᠶᠠᠷ ᠲᠠᠯ᠎ᠠ ᠶᠢᠨ ᠨᠥᠭᠦᠷᠰᠡᠭ ᠶᠠᠪᠤᠯᠴᠠᠭ᠎ᠠ ᠥᠨᠢ ᠤᠳᠠᠭᠠᠨ ᠲᠡᠦᠬᠡ ᠲᠠᠢ ᠶᠤᠮ᠃ ᠠᠯᠢ ᠡᠷᠲᠡ 16 ᠳ᠋ᠤᠭᠠᠷ | ᠵᠠᠭᠤᠨ ᠳᠤ᠂ ᠨᠥᠬᠦᠷᠯᠡᠯ ᠢ ᠳᠦᠭᠦᠷᠡᠩ ᠠᠴᠢᠶᠠᠯᠠᠭᠰᠠᠨ ᠠᠯᠢ ᠤᠯᠠᠨ ︽ᠳᠤᠮᠳᠠᠳᠤ ᠤᠯᠤᠰ ᠤᠨ ᠬᠥᠯᠭᠡ | ᠣᠩᠭᠤᠴᠠ︾ ᠨᠣᠮᠣᠬᠠᠨ ᠳᠠᠯᠠᠢ ᠶᠢᠨ ᠬᠤᠶᠠᠷ ᠭᠦᠪᠡᠭᠡ ᠪᠠᠷ ᠰᠦᠯᠵᠢᠯᠳᠦᠵᠦ᠂ ᠳᠤᠮᠳᠠᠳᠤ ᠤᠯᠤᠰ — ᠯᠠᠲ᠋ᠢᠨ | ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠶᠠᠪᠤᠯᠴᠠᠭ᠎ᠠ ᠰᠣᠯᠢᠯᠴᠠᠭᠠᠨ ᠤ ᠬᠥᠰᠢᠭᠡ ᠶᠢ ᠰᠡᠬᠦᠭᠰᠡᠨ ᠶᠤᠮ᠃ | ᠳᠡᠭᠡᠷ᠎ᠡ ᠵᠠᠭᠤᠨ ᠤ ᠵᠢᠷᠠᠭᠠᠳ ᠣᠨ ᠠᠴᠠ ᠰᠡᠭᠦᠯᠡᠷ᠂ ᠰᠢᠨ᠎ᠡ ᠳᠤᠮᠳᠠᠳᠤ ᠤᠯᠤᠰ ᠯᠠᠲ᠋ᠢᠨ ᠠᠮᠧᠷᠢᠺᠠ ᠪᠣᠯᠣᠨ | ᠺᠠᠷᠢᠪᠧ ᠶᠢᠨ ᠵᠠᠷᠢᠮ ᠤᠯᠤᠰ ᠤᠳ ᠲᠠᠢ ᠬᠠᠷᠢᠯᠴᠠᠭ᠎ᠠ ᠪᠠᠶᠢᠭᠤᠯᠬᠤ ᠶᠢ ᠳᠠᠭᠠᠯᠳᠤᠨ᠂ ᠳᠤᠮᠳᠠᠳᠤ ᠤᠯᠤᠰ — | ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠰᠣᠯᠢᠯᠴᠠᠭ᠎ᠠ ᠬᠠᠮᠲᠤᠷᠠᠯᠴᠠᠭ᠎ᠠ ᠤᠯᠠᠮ ᠢᠶᠠᠷ ᠨᠢᠭᠲᠠᠷᠠᠵᠤ | ᠢᠷᠡᠪᠡ᠃ ᠰᠢᠨ᠎ᠡ ᠵᠠᠭᠤᠨ ᠠᠴᠠ ᠨᠠᠭᠠᠰᠢ ᠢᠯᠠᠩᠭᠤᠶ᠎ᠠ ᠣᠶᠢᠷ᠎ᠠ ᠶᠢᠨ ᠵᠢᠯ ᠠᠴᠠ ᠨᠠᠭᠠᠰᠢ᠂ ᠳᠤᠮᠳᠠᠳᠤ ᠤᠯᠤᠰ — | ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠬᠤᠪᠢ ᠵᠠᠶᠠᠭ᠎ᠠ ᠪᠠᠨ ᠬᠠᠮᠲᠤᠳᠬᠠᠭᠰᠠᠨ ᠳᠠᠭᠤᠷᠢᠰᠬᠠᠯ ᠢ | ᠲᠠᠰᠤᠷᠠᠯᠳᠠ ᠦᠭᠡᠢ ᠪᠢᠴᠢᠭᠯᠡᠪᠡ᠃ | — ᠪᠢᠳᠡ ᠭᠠᠷ ᠬᠤᠯᠪᠣᠨ ᠮᠥᠷᠥ ᠵᠡᠷᠭᠡᠴᠡᠵᠦ᠂ ᠬᠠᠷᠢᠯᠴᠠᠨ ᠳᠡᠮᠵᠢᠯᠴᠡᠪᠡ᠃ ᠭᠠᠳᠠᠭᠠᠳᠤ ᠬᠠᠷᠢᠯᠴᠠᠭ᠎ᠠ | ᠪᠠᠶᠢᠭᠤᠯᠤᠭᠰᠠᠨ ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠢᠮᠠᠭᠲᠠ ᠨᠢᠭᠡ ᠳᠤᠮᠳᠠᠳᠤ ᠤᠯᠤᠰ ᠪᠠᠶᠢᠬᠤ | ᠵᠠᠷᠴᠢᠮ ᠢ ᠪᠠᠷᠢᠮᠲᠠᠯᠠᠵᠤ ᠪᠠᠶᠢᠬᠤ ᠶᠢ ᠳᠤᠮᠳᠠᠳᠤ ᠤᠯᠤᠰ ᠮᠠᠭᠲᠠᠨ ᠰᠠᠶᠢᠰᠢᠶᠠᠵᠤ᠂ ᠯᠠᠲ᠋ᠢᠨ ᠠᠮᠧᠷᠢᠺᠠ ᠪᠣᠯᠣᠨ | ᠺᠠᠷᠢᠪᠧ ᠶᠢᠨ ᠤᠯᠤᠰ ᠤᠳ ᠤᠨ ᠲᠤᠰ ᠤᠯᠤᠰ ᠤᠨ ᠢᠶᠠᠨ ᠪᠠᠶᠢᠳᠠᠯ ᠳᠤ ᠨᠡᠶᠢᠴᠡᠭᠰᠡᠨ ᠬᠥᠭᠵᠢᠯᠲᠡ ᠶᠢᠨ ᠵᠠᠮ ᠢᠶᠠᠷ | ᠵᠠᠮᠨᠠᠬᠤ ᠶᠢ ᠡᠷᠡᠰ ᠲᠡᠮᠵᠢᠵᠥ᠂ ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠤᠯᠤᠰ ᠤᠨ ᠡᠷᠬᠡ ᠮᠡᠳᠡᠯ | ᠪᠠ ᠲᠤᠰᠠᠭᠠᠷ ᠲᠣᠭᠲᠠᠨᠢᠯ ᠢᠶᠠᠨ ᠬᠠᠮᠠᠭᠠᠯᠠᠬᠤ ᠶᠢ ᠲᠡᠮᠵᠢᠵᠥ᠂ ᠭᠠᠳᠠᠭᠠᠳᠤ ᠶᠢᠨ ᠬᠢᠨ ᠤ ᠭᠠᠷ ᠲᠦᠷᠦᠭᠦ ᠶᠢ | ᠡᠰᠡᠷᠭᠦᠴᠡᠨ᠎ᠡ᠃ ᠳᠡᠭᠡᠷ᠎ᠡ ᠵᠠᠭᠤᠨ ᠤ ᠵᠢᠷᠠᠭᠠᠳ ᠣᠨ ᠳᠤ᠂ ᠳᠤᠮᠳᠠᠳᠤ ᠤᠯᠤᠰ ᠤᠨ ᠡᠯ᠎ᠡ ᠭᠠᠵᠠᠷ ᠲᠤ ᠶᠡᠭᠡ | ᠬᠡᠪᠴᠢᠶᠡᠨ ᠤ ᠤᠯᠠᠨ ᠲᠦᠮᠡᠨ ᠤ ᠵᠢᠭᠰᠠᠭᠠᠯ ᠶᠠᠪᠤᠭᠤᠯᠵᠤ᠂ ᠫᠠᠨᠠᠮᠠ ᠶᠢᠨ ᠠᠷᠠᠳ ᠲᠦᠮᠡᠨ ᠤ ᠲᠠᠲᠠᠮᠠᠯ ᠭᠤᠣᠯ ᠤᠨ | ᠡᠷᠬᠡ ᠮᠡᠳᠡᠯ ᠢᠶᠠᠨ ᠪᠤᠴᠠᠭᠠᠨ ᠠᠪᠬᠤ ᠶᠢ ᠳᠡᠮᠵᠢᠪᠡ︔ ᠳᠠᠯᠠᠭᠠᠳ ᠣᠨ ᠳᠤ᠂ ᠯᠠᠲ᠋ᠢᠨ ᠠᠮᠧᠷᠢᠺᠠ ᠪᠣᠯᠣᠨ | ᠺᠠᠷᠢᠪᠧ ᠶᠢᠨ ᠤᠯᠤᠰ ᠤᠳ 200 ᠮᠢᠯ ᠳᠠᠯᠠᠢ ᠲᠠᠩᠭᠢᠰ ᠤᠨ ᠡᠷᠬᠡ ᠶᠢ ᠬᠠᠮᠠᠭᠠᠯᠠᠬᠤ ᠲᠡᠮᠡᠴᠡᠯ ᠥᠷᠨᠢᠭᠦᠯᠵᠦ᠂ | ᠳᠤᠮᠳᠠᠳᠤ ᠤᠯᠤᠰ ᠲᠤᠭ ᠲᠡᠮᠳᠡᠭ ᠲᠣᠳᠣᠷᠬᠠᠢ ᠪᠠᠷ ᠥᠷᠭᠡᠨ ᠤᠯᠠᠨ ᠬᠥᠭᠵᠢᠵᠦ ᠪᠠᠶᠢᠭ᠎ᠠ ᠤᠯᠤᠰ ᠤᠨ ᠵᠦᠢ | ᠶᠣᠰᠣᠨ ᠤ ᠱᠠᠭᠠᠷᠳᠠᠯᠭ᠎ᠠ ᠶᠢ ᠳᠡᠮᠵᠢᠪᠡ᠃ 1992 ᠣᠨ ᠠᠴᠠ ᠨᠠᠭᠠᠰᠢ᠂ ᠳᠤᠮᠳᠠᠳᠤ ᠤᠯᠤᠰ ᠤᠯᠠᠨ ᠤᠯᠤᠰ ᠤᠨ | ᠬᠤᠯᠪᠣᠭᠠᠲᠤ ᠪᠠᠶᠢᠭᠤᠯᠭ᠎ᠠ ᠶᠢᠨ ᠶᠡᠭᠡ ᠬᠤᠷᠠᠯ ᠳᠤ ᠵᠠᠯᠭᠠᠭ᠎ᠠ ᠪᠠᠷ 32 ᠤᠳᠠᠭ᠎ᠠ ᠪᠢᠯᠧᠲ ᠥᠭᠴᠦ᠂ ᠠᠮᠧᠷᠢᠺᠠ ᠶᠢᠨ | ᠺᠦᠪᠡ ᠶᠢ ᠪᠢᠲᠡᠭᠦᠮᠵᠢᠯᠡᠬᠦ ᠶᠢ ᠵᠣᠭᠰᠤᠭᠠᠬᠤ ᠰᠢᠢᠳᠪᠦᠷᠢ ᠶᠢ ᠳᠡᠮᠵᠢᠪᠡ᠃ | — ᠪᠢᠳᠡ ᠤᠷᠤᠰᠬᠠᠯ ᠤᠨ ᠡᠮᠦᠨ᠎ᠡ ᠬᠤᠰᠢᠭᠤᠷᠠᠬᠤ᠂ ᠬᠠᠮᠲᠤᠷᠠᠯᠴᠠᠵᠤ ᠬᠠᠮᠲᠤ ᠪᠠᠷ ᠠᠰᠢᠭ ᠭᠦᠷᠲᠡᠪᠠ᠃ | ᠳᠤᠮᠳᠠᠳᠤ ᠤᠯᠤᠰ — ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠬᠤᠶᠠᠷ ᠲᠠᠯ᠎ᠠ ᠪᠠᠷ ᠢᠶᠠᠨ ᠠᠵᠤ | ᠠᠬᠤᠢ ᠶᠢᠨ ᠳᠡᠯᠡᠬᠡᠶᠢᠵᠢᠯᠲᠡ ᠶᠢᠨ ᠶᠡᠭᠡ ᠬᠠᠨᠳᠤᠰᠢ ᠳᠤ ᠵᠣᠬᠢᠴᠠᠵᠤ᠂ ᠠᠷᠠᠯᠵᠢᠶ᠎ᠠ᠂ ᠪᠡᠯᠡ ᠣᠷᠣᠭᠤᠯᠤᠯᠲᠠ᠂ | ᠮᠥᠩᠭᠦᠨ ᠭᠦᠢᠯᠭᠡᠭᠡᠨ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠂ ᠰᠠᠭᠤᠷᠢ ᠲᠥᠬᠦᠭᠡᠷᠦᠮᠵᠢ ᠶᠢᠨ ᠪᠦᠲᠦᠭᠡᠨ | ᠪᠠᠶᠢᠭᠤᠯᠤᠯᠲᠠ ᠵᠡᠷᠭᠡ ᠬᠦᠷᠢᠶᠡᠨ ᠳᠠᠬᠢ ᠪᠣᠳᠠᠲᠠᠢ ᠶᠢ ᠡᠷᠬᠢᠮᠯᠡᠭᠰᠡᠨ ᠬᠠᠮᠲᠤᠷᠠᠯᠴᠠᠭ᠎ᠠ ᠶᠢᠨ ᠲᠠᠰᠤᠷᠠᠯᠲᠠ ᠦᠭᠡᠢ | ᠭᠦᠨᠵᠡᠭᠡᠶᠢᠷᠡᠬᠦ ᠶᠢ ᠠᠬᠢᠭᠤᠯᠪᠠ᠃ ᠬᠤᠶᠠᠷ ᠲᠠᠯ᠎ᠠ ᠪᠠᠷ ᠢᠶᠠᠨ ︽ᠨᠢᠭᠡ ᠪᠦᠰᠡ ᠨᠢᠭᠡ ᠵᠠᠮ︾ ᠢ ᠴᠢᠨᠠᠷ ᠰᠠᠶᠢᠲᠠᠢ | ᠬᠠᠮᠲᠤ ᠪᠠᠷ ᠪᠦᠲᠦᠭᠡᠨ ᠪᠠᠶᠢᠭᠤᠯᠬᠤ ᠪᠣᠷᠣ ᠲᠥᠯᠥᠪ ᠤᠨ ᠳᠣᠲᠣᠷ᠎ᠠ 200 ᠭᠠᠷᠤᠢ ᠰᠠᠭᠤᠷᠢ ᠲᠥᠬᠦᠭᠡᠷᠦᠮᠵᠢ ᠶᠢᠨ | ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠢ ᠬᠡᠷᠡᠭᠵᠢᠭᠦᠯᠵᠦ᠂ ᠵᠠᠭᠤᠨ ᠲᠦᠮᠡ ᠭᠠᠷᠤᠢ ᠠᠵᠢᠯ ᠤᠨ ᠪᠠᠶᠢᠷᠢ ᠶᠢ | ᠡᠭᠦᠳᠪᠡ᠃ ᠳᠤᠮᠳᠠᠳᠤ ᠤᠯᠤᠰ — ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠳᠠᠭᠠᠭᠤᠯᠢ | ᠤᠳᠤᠨ ᠤ ᠬᠠᠮᠲᠤᠷᠠᠯᠴᠠᠭ᠎ᠠ ᠨᠢ ᠳᠡᠭᠡᠳᠦ ᠮᠡᠷᠭᠡᠵᠢᠯ ᠤᠨ ᠬᠦᠷᠢᠶᠡᠨ ᠳᠠᠬᠢ ᠬᠥᠭᠵᠢᠵᠦ ᠪᠠᠶᠢᠭ᠎ᠠ ᠤᠯᠤᠰ ᠤᠳ ᠤᠨ | ᠬᠠᠮᠲᠤᠷᠠᠯᠴᠠᠭ᠎ᠠ ᠶᠢᠨ ᠬᠡᠪ ᠳᠠᠭᠤᠷᠢᠶᠠᠯ ᠪᠣᠯᠵᠤ᠂ ᠫᠧᠷᠦ᠋ ᠶᠢᠨ ᠴᠢᠶᠠᠨᠺᠠᠢ ᠭᠠᠷᠠᠮ ᠢ ᠤᠷᠤᠭᠰᠢᠲᠠᠢ ᠪᠠᠷ | ᠠᠰᠢᠭᠯᠠᠯᠲᠠ ᠳᠤ ᠣᠷᠣᠭᠤᠯᠵᠤ ᠠᠽᠢᠶ᠎ᠠ ᠯᠠᠲ᠋ᠢᠨ ᠠᠮᠧᠷᠢᠺᠠ ᠶᠢᠨ ᠡᠬᠡ ᠬᠠᠭᠤᠷᠠᠢ ᠲᠠᠯᠠᠢ ᠲᠠᠩᠭᠢᠰ ᠤᠨ ᠰᠢᠨ᠎ᠡ | ᠨᠡᠪᠲᠡᠷᠡᠬᠦ ᠵᠠᠮ ᠢ ᠨᠡᠭᠡᠭᠡᠪᠡ᠃ ᠳᠤᠮᠳᠠᠳᠤ ᠤᠯᠤᠰ ᠴᠢᠯᠢ᠂ ᠫᠧᠷᠦ᠋᠂ ᠺᠤᠰᠲ᠋ᠠ ᠷᠢᠺᠠ᠂ ᠡᠺᠦ᠋ᠸᠠᠳᠣᠷ᠂ ᠨᠢᠺᠠᠷᠠᠭᠤᠸᠠ | ᠵᠡᠷᠭᠡ ᠤᠯᠤᠰ ᠲᠠᠢ ᠴᠢᠯᠦᠭᠡᠲᠦ ᠠᠷᠠᠯᠵᠢᠶᠠᠨ ᠤ ᠬᠡᠯᠡᠯᠴᠡᠭᠡᠷ ᠲᠤ ᠭᠠᠷ ᠤᠨ ᠦᠰᠦᠭ ᠵᠢᠷᠤᠪᠠ᠃ ᠨᠢᠳᠤᠨᠤᠨ᠂ | ᠳᠤᠮᠳᠠᠳᠤ ᠤᠯᠤᠰ — ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠠᠷᠠᠯᠵᠢᠶᠠᠨ ᠤ ᠬᠡᠮᠵᠢᠶ᠎ᠡ | ᠠᠩᠬ᠎ᠠ ᠤᠳᠠᠭ᠎ᠠ 5000 ᠳ᠋ᠦᠩᠰᠢᠭᠤᠷ ᠳ᠋ᠣᠯᠯᠠᠷ ᠢ ᠳᠠᠪᠠᠵᠤ᠂ ᠲᠤᠰ ᠵᠠᠭᠤᠨ ᠤ ᠡᠬᠢᠨ ᠤ ᠦᠶ᠎ᠡ ᠶᠢᠨ 40 ᠭᠠᠷᠤᠢ | ᠳᠠᠭᠢᠨ ᠲᠠᠢ ᠲᠡᠩᠴᠡᠪᠡ᠃ | — ᠪᠢᠳᠡ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠴᠠᠭ ᠤᠨ ᠪᠡᠷᠬᠡ ᠶᠢ ᠬᠠᠮᠲᠤ ᠪᠠᠷ ᠲᠤᠭᠤᠯᠪᠠ᠃ | ᠳᠤᠮᠳᠠᠳᠤ ᠤᠯᠤᠰ — ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠬᠤᠶᠠᠷ ᠲᠠᠯ᠎ᠠ ᠪᠠᠷ ᠢᠶᠠᠨ | ᠭᠠᠮᠰᠢᠭ ᠢ ᠰᠡᠷᠭᠡᠶᠢᠯᠡᠬᠦ ᠭᠠᠮᠰᠢᠭ ᠢ ᠪᠠᠭᠠᠰᠬᠠᠬᠤ ᠭᠠᠮᠰᠢᠭ ᠠᠴᠠ ᠠᠪᠤᠷᠠᠬᠤ ᠬᠠᠮᠲᠤᠷᠠᠯᠴᠠᠭ᠎ᠠ ᠶᠢ ᠢᠳᠡᠪᠬᠢᠲᠡᠢ | ᠥᠷᠨᠢᠭᠦᠯᠵᠦ᠂ ᠳᠠᠯᠠᠢ ᠶᠢᠨ ᠰᠢᠭᠤᠷᠭ᠎ᠠ᠂ ᠭᠠᠵᠠᠷ ᠬᠥᠳᠡᠯᠦᠯᠲᠡ ᠵᠡᠷᠭᠡ ᠪᠠᠶᠢᠭᠠᠯᠢ ᠶᠢᠨ ᠭᠠᠮᠰᠢᠭ ᠢ ᠭᠠᠷ ᠬᠤᠯᠪᠣᠨ | ᠠᠷᠭᠠᠴᠠᠭᠠᠪᠠ᠃ ᠳᠤᠮᠳᠠᠳᠤ ᠤᠯᠤᠰ 1993 ᠣᠨ ᠠᠴᠠ ᠡᠬᠢᠯᠡᠨ ᠤᠷᠢᠳ ᠬᠤᠵᠢᠳ ᠺᠠᠷᠢᠪᠧ ᠶᠢᠨ | ᠤᠯᠤᠰ ᠤᠳ ᠲᠤ 38 ᠪᠦᠯᠦᠭ ᠤᠳᠠᠭ᠎ᠠ ᠶᠢᠨ ᠡᠮᠴᠢᠯᠡᠭᠡᠨ ᠤ ᠠᠩᠭᠢ ᠲᠣᠮᠢᠯᠠᠪᠠ᠃ ᠡᠷᠢᠨ ᠵᠠᠭᠤᠨ ᠤ ᠬᠢᠵᠢᠭ ᠤᠨ | ᠪᠠᠶᠢᠳᠠᠯ ᠤᠨ ᠡᠮᠦᠨ᠎ᠡ᠂ ᠳᠤᠮᠳᠠᠳᠤ ᠤᠯᠤᠰ ᠡᠩ ᠲᠡᠷᠢᠭᠦᠨ ᠳᠤ ᠯᠠᠲ᠋ᠢᠨ ᠠᠮᠧᠷᠢᠺᠠ ᠪᠣᠯᠣᠨ ᠺᠠᠷᠢᠪᠧ ᠶᠢᠨ | ᠤᠯᠤᠰ ᠤᠳ ᠲᠤ 3 ᠳ᠋ᠦᠩᠰᠢᠭᠤᠷ ᠭᠠᠷᠤᠢ ᠰᠢᠷᠬᠡᠭ ᠸᠠᠺᠼᠢᠨ ᠪᠠ 4000 ᠲᠦᠮᠡ ᠰᠢᠬᠠᠮ ᠬᠤᠪᠢ ᠡᠮᠴᠢᠯᠡᠭᠡᠨ ᠤ | ᠡᠳ᠋ ᠪᠣᠳᠠᠰ ᠲᠥᠬᠦᠭᠡᠷᠦᠮᠵᠢ ᠬᠠᠩᠭᠠᠵᠤ᠂ ᠤᠯᠠᠨ ᠡᠮᠴᠢᠯᠡᠭᠡᠨ ᠤ ᠲᠤᠰᠬᠠᠢ ᠮᠡᠷᠭᠡᠵᠢᠯᠲᠡᠨ ᠤ ᠳᠤᠭᠤᠶᠢᠯᠠᠩ ᠲᠣᠮᠢᠯᠠᠨ | ᠲᠤᠰᠠᠯᠠᠵᠤ᠂ ᠭᠠᠵᠠᠷ ᠣᠷᠣᠨ ᠤ ᠤᠯᠤᠰ ᠤᠳ ᠤᠨ ᠲᠦᠭ ᠲᠦᠮᠡᠨ ᠠᠷᠠᠳ ᠲᠦᠮᠡᠨ ᠤ ᠠᠮᠢ ᠨᠠᠰᠤᠨ ᠤ ᠠᠮᠤᠷ | ᠲᠦᠪᠰᠢᠨ ᠢ ᠬᠠᠮᠠᠭᠠᠯᠠᠬᠤ ᠳᠤ ᠬᠦᠴᠦᠨ ᠨᠡᠮᠡᠷᠢᠯᠡᠪᠡ᠃ | — ᠪᠢᠳᠡ ᠪᠦᠯᠬᠦᠮᠳᠡᠨ ᠬᠠᠮᠵᠢᠯᠴᠠᠵᠤ᠂ ᠵᠣᠷᠢᠭᠲᠠᠢ ᠪᠠᠷ ᠬᠠᠷᠢᠭᠤᠴᠠᠯᠭ᠎ᠠ ᠡᠭᠦᠷᠭᠡᠯᠡᠪᠡ᠃ ᠳᠤᠮᠳᠠᠳᠤ | ᠤᠯᠤᠰ — ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠬᠤᠶᠠᠷ ᠲᠠᠯ᠎ᠠ ᠪᠠᠷ ᠢᠶᠠᠨ ᠵᠢᠩᠬᠢᠨᠢ ᠤᠯᠠᠨ | ᠲᠠᠯᠠᠲᠤ ᠦᠵᠡᠯ ᠢ ᠦᠢᠯᠡᠳᠦᠯᠭᠡᠵᠢᠭᠦᠯᠵᠦ᠂ ᠳᠡᠯᠡᠬᠡᠢ ᠶᠢᠨ ᠲᠥᠪ ᠭᠤᠣᠯᠴᠢ ᠰᠢᠳᠤᠷᠭᠤ ᠶᠣᠰᠣ ᠶᠢ ᠬᠠᠮᠲᠤ ᠪᠠᠷ | ᠬᠠᠮᠠᠭᠠᠯᠠᠵᠤ᠂ ᠪᠦᠭᠦ ᠪᠥᠮᠪᠥᠷᠴᠡᠭ ᠤᠨ ᠵᠠᠰᠠᠯᠲᠠ ᠶᠢᠨ ᠰᠢᠰᠲ᠋ᠧᠮ ᠤᠨ ᠥᠭᠡᠷᠡᠴᠢᠯᠡᠯᠲᠡ ᠶᠢ ᠠᠬᠢᠭᠤᠯᠵᠤ᠂ | ᠳᠡᠯᠡᠬᠡᠢ ᠶᠢᠨ ᠤᠯᠠᠨ ᠲᠦᠢᠯᠵᠢᠯᠳᠠ ᠪᠣᠯᠣᠨ ᠤᠯᠠᠨ ᠤᠯᠤᠰ ᠤᠨ ᠬᠠᠷᠢᠯᠴᠠᠭ᠎ᠠ ᠶᠢᠨ ᠠᠷᠠᠳᠴᠢᠯᠠᠯ ᠢ ᠠᠬᠢᠭᠤᠯᠪᠠ᠃ | ᠪᠢᠳᠡ ᠠᠭᠤᠷ ᠠᠮᠢᠰᠬᠤᠯ ᠤᠨ ᠬᠤᠪᠢᠷᠠᠯᠲᠠ ᠵᠡᠷᠭᠡ ᠪᠦᠭᠦ ᠪᠥᠮᠪᠥᠷᠴᠡᠭ ᠤᠨ ᠴᠢᠨᠠᠷᠲᠠᠢ ᠥᠷᠢᠰᠦᠯᠳᠦᠭᠡᠨ ᠢ | ᠢᠳᠡᠪᠬᠢᠲᠡᠢ ᠠᠷᠭᠠᠴᠠᠭᠠᠵᠤ᠂ ᠪᠦᠭᠦ ᠪᠥᠮᠪᠥᠷᠴᠡᠭ ᠤᠨ ᠠᠮᠢᠳᠤ ᠪᠣᠳᠠᠰ ᠤᠨ ᠤᠯᠠᠨ ᠶᠠᠩᠵᠤᠲᠤ ᠴᠢᠨᠠᠷ ᠤᠨ | ᠵᠠᠰᠠᠯᠲᠠ ᠶᠢᠨ ᠠᠬᠢᠴᠠ ᠶᠢ ᠬᠠᠮᠲᠤ ᠪᠠᠷ ᠠᠬᠢᠭᠤᠯᠪᠠ᠃ ᠳᠤᠮᠳᠠᠳᠤ ᠤᠯᠤᠰ ᠪᠷᠠᠽᠢᠯ ᠲᠠᠢ ᠬᠠᠮᠲᠤᠷᠠᠨ ᠦᠺᠷᠠᠶᠢᠨ ᠤ | ᠬᠢᠮᠤᠷᠠᠯ ᠢ ᠤᠯᠤᠰ ᠲᠥᠷᠥ ᠶᠢᠨ ᠠᠷᠭ᠎ᠠ ᠪᠠᠷ ᠰᠢᠢᠳᠪᠦᠷᠢᠯᠡᠬᠦ ︽ᠵᠢᠷᠭᠤᠭᠠᠨ ᠲᠠᠯ᠎ᠠ ᠶᠢᠨ ᠬᠠᠮᠲᠤ ᠶᠢᠨ ᠲᠠᠨᠢᠯᠲᠠ︾ | ᠶᠢ ᠨᠡᠶᠢᠲᠡᠯᠡᠵᠦ᠂ 110 ᠭᠠᠷᠤᠢ ᠤᠯᠤᠰ ᠤᠨ ᠢᠳᠡᠪᠬᠢᠲᠡᠢ ᠬᠦᠷᠢᠶᠡᠯᠡᠯ ᠢ ᠣᠯᠵᠤ᠂ ᠣᠯᠠᠨ ᠤᠯᠤᠰ ᠤᠨ ᠬᠠᠯᠠᠮᠰᠢᠯ | ᠠᠰᠠᠭᠤᠳᠠᠯ ᠢ ᠰᠢᠢᠳᠪᠦᠷᠢᠯᠡᠬᠦ ᠳᠤ ᠣᠶᠤᠨ ᠤᠬᠠᠭᠠᠨ ᠪᠠ ᠬᠦᠴᠦᠨ ᠴᠢᠳᠠᠯ ᠢᠶᠠᠨ ᠡᠷᠭᠦᠪᠡ᠃ | ᠳᠤᠮᠳᠠᠳᠤ ᠤᠯᠤᠰ — ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠨᠢᠭᠡᠨᠲᠡ ᠭᠠᠷ ᠬᠤᠯᠪᠣᠨ | ᠬᠠᠮᠲᠤ ᠪᠠᠷ ᠤᠷᠤᠭᠰᠢᠯᠠᠬᠤ ᠬᠤᠪᠢ ᠵᠠᠶᠠᠭᠠᠨ ᠤ ᠬᠠᠮᠲᠤ ᠶᠢᠨ ᠴᠣᠭᠴᠠ ᠪᠣᠯᠤᠭᠰᠠᠨ ᠢ ᠪᠣᠳᠠᠲᠤ ᠶᠠᠪᠤᠳᠠᠯ | ᠭᠡᠷᠡᠴᠢᠯᠡᠪᠡ᠂ ᠲᠡᠭᠦᠨ ᠤ ᠢᠯᠡ ᠲᠣᠳᠣ ᠳᠡᠪᠢᠰᠬᠡᠷ ᠥᠩᠭᠡ ᠪᠣᠯ ᠡᠷᠬᠡ ᠲᠡᠭᠰᠢ ᠪᠠᠷ ᠬᠠᠨᠳᠤᠯᠴᠠᠬᠤ ᠪᠣᠯᠣᠨ᠎ᠠ᠂ | ᠬᠦᠴᠦᠷᠬᠡᠭ ᠶᠡᠭᠡ ᠬᠥᠳᠡᠯᠭᠡᠬᠦ ᠬᠦᠴᠦᠨ ᠪᠣᠯ ᠬᠠᠷᠢᠯᠴᠠᠨ ᠠᠰᠢᠭᠲᠠᠢ ᠬᠠᠮᠲᠤ ᠪᠠᠷ ᠠᠰᠢᠭ ᠭᠦᠷᠳᠡᠭᠦ ᠪᠣᠯᠣᠨ᠎ᠠ᠂ | ᠬᠡᠬᠦᠳᠡᠭ ᠴᠡᠭᠡᠵᠢ ᠳᠡᠭᠡᠨ ᠪᠠᠭᠲᠠᠭᠠᠵᠤ ᠪᠠᠶᠢᠭ᠎ᠠ ᠵᠠᠩ ᠰᠤᠷᠲᠠᠯ ᠪᠣᠯ ᠨᠡᠭᠡᠭᠡᠯᠲᠡᠲᠡᠢ ᠪᠠᠭᠲᠠᠭᠠᠮᠵᠢᠲᠠᠢ᠂ ᠦᠨᠳᠦᠰᠦᠨ | ᠬᠥᠭᠡᠭᠡᠴᠡᠯᠳᠦᠯ ᠪᠣᠯ ᠠᠷᠠᠳ ᠲᠦᠮᠡᠨ ᠳᠤ ᠪᠤᠶᠠᠨ ᠦᠢᠯᠡᠳᠬᠦ ᠪᠠᠶᠢᠵᠤ᠂ ᠥᠷᠨᠢᠭᠦᠨ ᠪᠠᠳᠠᠷᠠᠩᠭᠤᠢ ᠠᠮᠢᠵᠢᠷᠠᠯ ᠤᠨ | ᠬᠦᠴᠦᠨ ᠪᠠ ᠥᠷᠭᠡᠨ ᠠᠭᠤᠳᠠᠮ ᠬᠥᠭᠵᠢᠯᠲᠡ ᠶᠢᠨ ᠠᠯᠤᠰ ᠢᠷᠡᠭᠡᠳᠦᠢ ᠲᠠᠢ ᠶᠤᠮ᠃ | ᠡᠷᠬᠢᠮ ᠵᠣᠴᠢᠳ ᠠ᠋᠂ ᠨᠠᠶᠢᠵᠠ ᠨᠠᠷ ᠠ᠋︕ | ᠣᠳᠣᠬᠠᠨ ᠳᠤ᠂ ᠳᠡᠯᠡᠬᠡᠢ ᠶᠢᠷᠲᠢᠨᠴᠦ ᠶᠢᠨ ᠵᠠᠭᠤᠨ ᠵᠢᠯ ᠳᠤ ᠲᠣᠬᠢᠶᠠᠯᠳᠤᠭ᠎ᠠ ᠦᠭᠡᠢ ᠬᠤᠪᠢᠰᠤᠯᠲᠠ | ᠲᠦᠷᠭᠡᠰᠦᠨ ᠤᠯᠠᠷᠢᠵᠤ᠂ ᠤᠯᠠᠨ ᠳᠠᠪᠬᠤᠷ ᠠᠶᠤᠯ ᠲᠦᠭᠰᠢᠭᠦᠷᠢ ᠰᠣᠯᠪᠢᠴᠠᠨ ᠳᠠᠪᠬᠤᠴᠠᠵᠤ ᠪᠠᠶᠢᠨ᠎ᠠ᠂ ᠡᠯ᠎ᠡ ᠤᠯᠤᠰ | ᠭᠠᠭᠴᠠ ᠬᠦ ᠪᠦᠯᠬᠦᠮᠳᠡᠨ ᠬᠠᠮᠵᠢᠯᠴᠠᠪᠠᠯ ᠰᠠᠶ᠋ᠢ ᠳᠡᠯᠡᠬᠡᠢ ᠶᠢᠨ ᠡᠩᠬᠡ ᠲᠠᠶᠢᠪᠤᠩ ᠲᠣᠭᠲᠠᠭᠤᠨ ᠢ ᠬᠠᠮᠠᠭᠠᠯᠠᠵᠤ᠂ ᠪᠦᠭᠦ | ᠪᠥᠮᠪᠥᠷᠴᠡᠭ ᠤᠨ ᠬᠥᠭᠵᠢᠯ ᠴᠡᠴᠡᠭᠯᠡᠯ ᠢ ᠠᠬᠢᠭᠤᠯᠵᠤ ᠴᠢᠳᠠᠨ᠎ᠠ᠃ ᠪᠣᠭᠤᠮᠲᠠ ᠶᠢᠨ ᠭᠠᠶᠢᠯᠢ ᠶᠢᠨ ᠳᠠᠶᠢᠯᠠᠯᠳᠤᠭᠠᠨ᠂ | ᠠᠷᠠᠯᠵᠢᠶᠠᠨ ᠤ ᠳᠠᠶᠢᠯᠠᠯᠳᠤᠭᠠᠨ ᠳᠤ ᠢᠯᠠᠭᠴᠢ ᠪᠠᠶᠢᠬᠤ ᠦᠭᠡᠢ᠂ ᠡᠵᠡᠷᠬᠡᠬᠦ ᠡᠵᠡᠷᠬᠡᠭᠯᠡᠬᠦ ᠨᠢ ᠵᠥᠪᠭᠡᠨ ᠥᠪᠡᠷ ᠢ ᠪᠠᠨ | ᠭᠠᠭᠴᠠᠭᠠᠷᠳᠠᠭᠤᠯᠤᠨ᠎ᠠ᠃ ᠳᠤᠮᠳᠠᠳᠤ ᠤᠯᠤᠰ ᠪᠠ ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠪᠣᠯ ᠴᠥᠮ | ᠪᠦᠭᠦ ᠪᠥᠮᠪᠥᠷᠴᠡᠭ ᠤᠨ ᠬᠥᠭᠵᠢᠵᠦ ᠪᠠᠶᠢᠭ᠎ᠠ ᠤᠯᠤᠰ ᠤᠳ ᠤᠨ ᠴᠢᠬᠤᠯᠠ ᠪᠦᠷᠢᠯᠳᠦᠭᠦᠨ ᠮᠥᠨ᠂ ᠪᠡᠶ᠎ᠡ ᠪᠠᠨ | ᠳᠠᠭᠠᠭᠠᠵᠤ ᠡᠵᠡᠨ ᠮᠡᠳᠡᠬᠦ ᠪᠣᠯ ᠮᠠᠨ ᠤ ᠢᠷᠠᠭᠤ ᠠᠯᠳᠠᠷᠲᠤ ᠤᠯᠠᠮᠵᠢᠯᠠᠯ ᠮᠥᠨ᠂ ᠬᠥᠭᠵᠢᠯ ᠮᠠᠨᠳᠤᠯ ᠪᠣᠯ ᠪᠢᠳᠡᠨ ᠤ | ᠲᠥᠷᠥᠯᠬᠢ ᠡᠷᠬᠡ ᠮᠥᠨ᠂ ᠲᠥᠪ ᠭᠤᠣᠯᠴᠢ ᠰᠢᠳᠤᠷᠭᠤ ᠶᠣᠰᠣ ᠪᠣᠯ ᠪᠢᠳᠡᠨ ᠤ ᠬᠠᠮᠲᠤ ᠶᠢᠨ ᠬᠥᠭᠡᠭᠡᠴᠡᠯᠳᠦᠯ | ᠮᠥᠨ᠃ ᠭᠠᠵᠠᠷ ᠣᠷᠣᠨ ᠢᠶᠠᠷ ᠰᠢᠯᠲᠠᠭᠠᠯᠠᠭᠳᠠᠭᠰᠠᠨ ᠤᠯᠤᠰ ᠲᠦᠷᠦ ᠪᠣᠯᠣᠨ ᠯᠡᠭᠧᠷ ᠤᠨ ᠡᠰᠡᠷᠭᠦᠴᠡᠯᠳᠦᠯ ᠤᠨ | ᠲᠠᠯᠲᠠ ᠤᠷᠤᠰᠬᠠᠯ ᠭᠦᠪᠦᠯᠵᠡᠵᠦ᠂ ᠭᠠᠭᠴᠠ ᠲᠠᠯᠠᠲᠤ ᠦᠵᠡᠯ᠂ ᠬᠠᠮᠠᠭᠠᠯᠠᠬᠤ ᠦᠵᠡᠯ ᠤᠨ ᠰᠥᠷᠭᠡᠦ ᠤᠷᠤᠰᠬᠠᠯ | ᠡᠭᠦᠰᠴᠦ ᠪᠠᠶᠢᠭ᠎ᠠ ᠪᠠᠶᠢᠳᠠᠯ ᠳᠤ ᠴᠢᠭᠯᠡᠭᠦᠯᠦᠨ᠂ ᠳᠤᠮᠳᠠᠳᠤ ᠤᠯᠤᠰ ᠳᠤᠷᠠᠲᠠᠶ᠎ᠠ ᠯᠠᠲ᠋ᠢᠨ ᠠᠮᠧᠷᠢᠺᠠ ᠪᠣᠯᠣᠨ | ᠺᠠᠷᠢᠪᠧ ᠶᠢᠨ ᠤᠯᠤᠰ ᠤᠳ ᠤᠨ ᠬᠢᠨ ᠲᠠᠢ ᠭᠠᠷ ᠬᠤᠯᠪᠣᠨ ᠲᠠᠪᠤᠨ ᠶᠡᠭᠡ ᠢᠨᠵᠧᠨᠧᠷᠢᠩ ᠢ ᠡᠬᠢᠯᠡᠭᠦᠯᠵᠦ᠂ ᠬᠥᠭᠵᠢᠯ | ᠮᠠᠨᠳᠤᠯ ᠢ ᠬᠠᠮᠲᠤ ᠪᠠᠷ ᠡᠷᠢᠯᠬᠢᠯᠡᠵᠦ᠂ ᠳᠤᠮᠳᠠᠳᠤ ᠤᠯᠤᠰ — ᠯᠠᠲ᠋ᠢᠨ ᠠᠮᠧᠷᠢᠺᠠ ᠪᠣᠯᠣᠨ ᠺᠠᠷᠢᠪᠧ ᠶᠢᠨ | ᠤᠯᠤᠰ ᠤᠳ ᠤᠨ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠬᠠᠮᠲᠤ ᠪᠠᠷ ᠪᠠᠶᠢᠭᠤᠯᠤᠨ᠎ᠠ᠃ | ᠨᠢᠭᠡ ᠪᠣᠯ ᠪᠦᠯᠬᠦᠮᠳᠡᠯ ᠤᠨ ᠢᠨᠵᠧᠨᠧᠷᠢᠩ᠃ ᠳᠤᠮᠳᠠᠳᠤ ᠤᠯᠤᠰ ᠳᠤᠷᠠᠲᠠᠶ᠎ᠠ ᠯᠠᠲ᠋ᠢᠨ ᠠᠮᠧᠷᠢᠺᠠ ᠪᠣᠯᠣᠨ | ᠺᠠᠷᠢᠪᠧ ᠶᠢᠨ ᠤᠯᠤᠰ ᠤᠳ ᠤᠨ ᠬᠢᠨ ᠲᠠᠢ ᠲᠤᠰ ᠲᠤᠰ ᠤᠨ ᠢᠶᠠᠨ ᠭᠤᠣᠯᠯᠠᠭᠴᠢ ᠠᠰᠢᠭ ᠲᠤᠰᠠ ᠪᠣᠯᠣᠨ ᠠᠩᠬᠠᠷᠴᠤ | ᠪᠠᠶᠢᠭ᠎ᠠ ᠴᠢᠬᠤᠯᠠ ᠶᠡᠭᠡ ᠠᠰᠠᠭᠤᠳᠠᠯ ᠤᠨ ᠲᠠᠯ᠎ᠠ ᠪᠠᠷ ᠦᠷᠭᠦᠯᠵᠢᠯᠡᠨ ᠬᠠᠷᠢᠯᠴᠠᠨ ᠳᠡᠮᠵᠢᠯᠴᠡᠨ᠎ᠡ᠃ ᠬᠤᠶᠠᠷ | ᠲᠠᠯ᠎ᠠ ᠪᠠᠷ ᠢᠶᠠᠨ ᠡᠯ᠎ᠡ ᠬᠦᠷᠢᠶᠡᠨ ᠤ ᠶᠠᠪᠤᠯᠴᠠᠭ᠎ᠠ ᠪᠠᠨ ᠨᠢᠭᠲᠠᠷᠠᠭᠤᠯᠵᠤ᠂ ᠳᠡᠯᠡᠬᠡᠢ ᠶᠢᠨ ᠪᠠ ᠭᠠᠵᠠᠷ ᠣᠷᠣᠨ ᠤ | ᠴᠢᠬᠤᠯᠠ ᠶᠡᠭᠡ ᠠᠰᠠᠭᠤᠳᠠᠯ ᠤᠨ ᠲᠤᠬᠠᠢ ᠣᠯᠣᠯᠴᠠᠭ᠎ᠠ ᠵᠣᠬᠢᠴᠠᠭᠤᠯᠭ᠎ᠠ ᠪᠠᠨ ᠴᠢᠩᠭᠠᠳᠬᠠᠶ᠎ᠠ᠃ ᠢᠷᠡᠭᠡᠳᠦᠢ ᠶᠢᠨ 3 | ᠵᠢᠯ ᠳᠤ᠂ ᠳᠤᠮᠳᠠᠳᠤ ᠤᠯᠤᠰ ᠵᠢᠯ ᠪᠦᠷᠢ ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠬᠠᠮᠲᠤ ᠶᠢᠨ | ᠴᠣᠭᠴᠠ ᠶᠢᠨ ᠪᠦᠷᠢᠯᠳᠦᠭᠦᠨ ᠤᠯᠤᠰ ᠤᠨ 300 ᠲᠦᠷᠦ ᠶᠢᠨ ᠨᠠᠮ ᠤᠨ ᠺᠠᠳ᠋ᠷ ᠢ ᠤᠷᠢᠵᠤ ᠳᠤᠮᠳᠠᠳᠤ ᠤᠯᠤᠰ ᠲᠤ | ᠰᠢᠨᠵᠢᠯᠡᠨ ᠪᠠᠶᠢᠴᠠᠭᠠᠯᠭᠠᠵᠤ ᠠᠶᠢᠯᠴᠢᠯᠠᠯᠲᠠ ᠭᠢᠯᠭᠡᠵᠦ᠂ ᠲᠦᠷᠦ ᠶᠢ ᠵᠠᠰᠠᠵᠤ ᠵᠠᠰᠠᠭ ᠢ ᠡᠷᠭᠢᠯᠡᠭᠦ ᠲᠤᠷᠰᠢᠯᠭ᠎ᠠ ᠪᠠᠨ | ᠰᠣᠯᠢᠯᠴᠠᠨ᠎ᠠ᠃ ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠤᠯᠠᠨ ᠲᠠᠯ᠎ᠠ ᠶᠢᠨ ᠲᠠᠪᠴᠠᠩ ᠳᠠᠬᠢ | ᠨᠥᠯᠥᠭᠡ ᠪᠠᠨ ᠥᠷᠭᠡᠳᠬᠡᠬᠦ ᠶᠢ ᠳᠤᠮᠳᠠᠳᠤ ᠤᠯᠤᠰ ᠳᠡᠮᠵᠢᠵᠦ᠂ ᠳᠤᠷᠠᠲᠠᠶ᠎ᠠ ᠯᠠᠲ᠋ᠢᠨ ᠠᠮᠧᠷᠢᠺᠠ ᠪᠣᠯᠣᠨ ᠺᠠᠷᠢᠪᠧ ᠶᠢᠨ | ᠤᠯᠤᠰ ᠤᠳ ᠲᠠᠢ ᠬᠠᠮᠲᠤ ᠪᠠᠷ ᠤᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠪᠠᠷ ᠭᠤᠣᠯ ᠪᠤᠯᠭᠠᠬᠰᠠᠨ ᠤᠯᠠᠨ | ᠤᠯᠤᠰ ᠤᠨ ᠰᠢᠰᠲ᠋ᠧᠮ ᠪᠣᠯᠣᠨ ᠤᠯᠠᠨ ᠤᠯᠤᠰ ᠤᠨ ᠬᠠᠤᠯᠢ ᠪᠠᠷ ᠰᠠᠭᠤᠷᠢ ᠪᠤᠯᠭᠠᠬᠰᠠᠨ ᠤᠯᠠᠨ ᠤᠯᠤᠰ ᠤᠨ ᠡᠮᠬᠢ | ᠳᠢᠭᠯᠢᠮ ᠢ ᠡᠷᠡᠰ ᠬᠠᠮᠠᠭᠠᠯᠠᠵᠤ᠂ ᠤᠯᠠᠨ ᠤᠯᠤᠰ ᠤᠨ ᠪᠠ ᠭᠠᠵᠠᠷ ᠣᠷᠣᠨ ᠤ ᠬᠡᠷᠡᠭ ᠶᠠᠪᠤᠳᠠᠯ ᠤᠨ ᠳᠤᠮᠳᠠ | ᠬᠠᠮᠲᠤ ᠶᠢᠨ ᠳᠠᠭᠤᠨ ᠢᠶᠠᠨ ᠴᠤᠤᠷᠢᠶᠠᠲᠤᠭᠤᠯᠤᠨ᠎ᠠ᠃ | ᠬᠤᠶᠠᠷ ᠪᠣᠯ ᠬᠥᠭᠵᠢᠯᠲᠡ ᠶᠢᠨ ᠢᠨᠵᠧᠨᠧᠷᠢᠩ᠃ ᠳᠤᠮᠳᠠᠳᠤ ᠤᠯᠤᠰ ᠳᠤᠷᠠᠲᠠᠶ᠎ᠠ ᠯᠠᠲ᠋ᠢᠨ ᠠᠮᠧᠷᠢᠺᠠ ᠪᠣᠯᠣᠨ | ᠺᠠᠷᠢᠪᠧ ᠶᠢᠨ ᠤᠯᠤᠰ ᠤᠳ ᠲᠠᠢ ᠬᠠᠮᠲᠤ ᠪᠠᠷ ᠪᠦᠭᠦ ᠪᠥᠮᠪᠥᠷᠴᠡᠭ ᠤᠨ ᠬᠥᠭᠵᠢᠯᠲᠡ ᠶᠢᠨ ᠰᠠᠨᠠᠭᠠᠴᠢᠯᠠᠭ᠎ᠠ ᠶᠢ | ᠨᠠᠶᠢᠳᠠᠪᠤᠷᠢᠵᠢᠭᠤᠯᠵᠤ᠂ ᠤᠯᠠᠨ ᠲᠠᠯᠠᠲᠤ ᠠᠷᠠᠯᠵᠢᠶᠠᠨ ᠤ ᠪᠠᠶᠢᠭᠤᠯᠤᠮᠵᠢ ᠶᠢ ᠡᠷᠡᠰ ᠬᠠᠮᠠᠭᠠᠯᠠᠵᠤ᠂ ᠪᠦᠭᠦ | ᠪᠥᠮᠪᠥᠷᠴᠡᠭ ᠤᠨ ᠠᠵᠤ ᠦᠢᠯᠡᠰ ᠤᠨ ᠬᠡᠯᠬᠢᠶ᠎ᠡ ᠬᠠᠩᠭᠠᠯᠭ᠎ᠠ ᠶᠢᠨ ᠬᠡᠯᠬᠢᠶ᠎ᠡ ᠶᠢᠨ ᠲᠣᠭᠲᠠᠭᠤᠨ ᠰᠠᠭᠠᠳ ᠦᠭᠡᠢ | ᠨᠡᠪᠲᠡᠷᠡᠬᠦ ᠶᠢ ᠬᠠᠮᠠᠭᠠᠯᠠᠵᠤ᠂ ᠨᠡᠭᠡᠭᠡᠯᠲᠡᠲᠤ ᠬᠠᠮᠲᠤᠷᠠᠯᠴᠠᠭ᠎ᠠ ᠶᠢᠨ ᠤᠯᠠᠨ ᠤᠯᠤᠰ ᠤᠨ ᠣᠷᠴᠢᠨ ᠲᠣᠭᠤᠷᠢᠨ ᠢ | ᠬᠠᠮᠠᠭᠠᠯᠠᠨ᠎ᠠ᠃ ᠬᠤᠶᠠᠷ ᠲᠠᠯ᠎ᠠ ᠪᠠᠷ ᠢᠶᠠᠨ ᠬᠥᠭᠵᠢᠯᠲᠡ ᠶᠢᠨ ᠪᠠᠶᠢᠯᠳᠤᠬᠤ ᠪᠣᠳᠣᠯᠭ᠎ᠠ ᠶᠢᠨ ᠵᠣᠯᠭᠠᠯᠴᠠᠭ᠎ᠠ ᠪᠠᠨ | ᠴᠢᠩᠭᠠᠳᠬᠠᠵᠤ᠂ ︽ᠨᠢᠭᠡ ᠪᠦᠰᠡ ᠨᠢᠭᠡ ᠵᠠᠮ︾ ᠢ ᠴᠢᠨᠠᠷ ᠰᠠᠶᠢᠲᠠᠢ ᠬᠠᠮᠲᠤ ᠪᠠᠷ ᠪᠦᠲᠦᠭᠡᠨ ᠪᠠᠶᠢᠭᠤᠯᠬᠤ ᠶᠢ | ᠭᠦᠨᠵᠡᠭᠡᠢ ᠠᠬᠢᠭᠤᠯᠵᠤ᠂ ᠰᠠᠭᠤᠷᠢ ᠲᠥᠬᠦᠭᠡᠷᠦᠮᠵᠢ᠂ ᠬᠥᠳᠡᠭᠡ ᠠᠵᠤ ᠠᠬᠤᠢ ᠠᠮᠤ ᠪᠤᠳᠠᠭ᠎ᠠ᠂ ᠡᠨᠧᠷᠭᠢ | ᠠᠭᠤᠷᠬᠠᠢ ᠶᠢᠨ ᠭᠠᠷᠤᠯᠲᠠ ᠵᠡᠷᠭᠡ ᠤᠯᠠᠮᠵᠢᠯᠠᠯᠲᠤ ᠬᠦᠷᠢᠶᠡᠨ ᠤ ᠬᠠᠮᠲᠤᠷᠠᠯᠴᠠᠭ᠎ᠠ ᠪᠠᠨ ᠭᠦᠨᠵᠡᠭᠡᠶᠢᠷᠡᠭᠦᠯᠵᠦ᠂ ᠴᠡᠪᠡᠷ | ᠡᠨᠧᠷᠭᠢ᠂ 5G ᠴᠢᠮᠡᠭᠡ ᠬᠤᠯᠪᠤᠭ᠎ᠠ᠂ ᠲᠣᠭᠠᠴᠢᠯᠠᠭᠰᠠᠨ ᠠᠵᠤ ᠠᠬᠤᠢ᠂ ᠵᠣᠬᠢᠶᠠᠮᠠᠯ ᠣᠶᠤᠨ ᠴᠢᠳᠠᠪᠤᠷᠢ ᠵᠡᠷᠭᠡ | ᠰᠢᠨ᠎ᠡ ᠪᠠᠷ ᠮᠠᠨᠳᠤᠭᠰᠠᠨ ᠬᠦᠷᠢᠶᠡᠨ ᠤ ᠬᠠᠮᠲᠤᠷᠠᠯᠴᠠᠭ᠎ᠠ ᠪᠠᠨ ᠥᠷᠭᠡᠳᠬᠡᠵᠦ᠂ ᠳᠤᠮᠳᠠᠳᠤ ᠤᠯᠤᠰ — ᠯᠠᠲ᠋ᠢᠨ | ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠠᠨᠢᠲᠠᠨ ᠤ | ᠲᠥᠯᠥᠪᠯᠡᠭᠡ ᠶᠢ ᠬᠡᠷᠡᠭᠵᠢᠭᠦᠯᠦᠶ᠎ᠡ᠃ ᠳᠤᠮᠳᠠᠳᠤ ᠤᠯᠤᠰ ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ | ᠨᠡᠩ ᠤᠯᠠᠨ ᠰᠢᠯᠢᠳᠡᠭ ᠦᠢᠯᠡᠳᠬᠦᠨ ᠢ ᠣᠷᠣᠭᠤᠯᠵᠤ᠂ ᠳᠤᠮᠳᠠᠳᠤ ᠤᠯᠤᠰ ᠤᠨ ᠠᠵᠤ ᠠᠬᠤᠶᠢᠯᠠᠯ ᠤᠨ ᠯᠠᠲ᠋ᠢᠨ | ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠲᠠᠬᠢ ᠪᠡᠯᠡ ᠣᠷᠣᠭᠤᠯᠤᠯᠲᠠ ᠪᠠᠨ ᠥᠷᠭᠡᠳᠬᠡᠬᠦ ᠶᠢ | ᠵᠣᠷᠢᠭᠵᠢᠭᠤᠯᠤᠨ᠎ᠠ᠃ ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠬᠥᠭᠵᠢᠯᠲᠡ ᠶᠢ ᠳᠡᠮᠵᠢᠬᠦ ᠶᠢᠨ | ᠲᠥᠯᠥᠭᠡ᠂ ᠳᠤᠮᠳᠠᠳᠤ ᠤᠯᠤᠰ ᠠᠴᠠ ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠲᠤ 660 | ᠳ᠋ᠦᠩᠰᠢᠭᠤᠷ ᠲᠥᠭᠦᠷᠢᠭ ᠤᠨ ᠠᠷᠠᠳ ᠤᠨ ᠵᠣᠭᠤᠰ ᠤᠨ ᠢᠲᠡᠭᠡᠮᠵᠢᠲᠦ ᠵᠢᠭᠡᠯᠡᠯᠭᠡ ᠶᠢᠨ ᠪᠡᠯᠡ ᠮᠥᠩᠭᠦ ᠬᠠᠩᠭᠠᠨ᠎ᠠ᠃ | ᠭᠤᠷᠪᠠ ᠪᠣᠯ ᠪᠣᠯᠪᠠᠰᠤᠨ ᠤ ᠢᠨᠵᠧᠨᠧᠷᠢᠩ᠃ ᠳᠤᠮᠳᠠᠳᠤ ᠤᠯᠤᠰ ᠳᠤᠷᠠᠲᠠᠶ᠎ᠠ ᠯᠠᠲ᠋ᠢᠨ ᠠᠮᠧᠷᠢᠺᠠ ᠪᠣᠯᠣᠨ | ᠺᠠᠷᠢᠪᠧ ᠶᠢᠨ ᠤᠯᠤᠰ ᠤᠳ ᠲᠠᠢ ᠬᠠᠮᠲᠤ ᠪᠠᠷ ᠪᠦᠭᠦ ᠪᠥᠮᠪᠥᠷᠴᠡᠭ ᠤᠨ ᠪᠣᠯᠪᠠᠰᠤᠨ ᠤ ᠰᠠᠨᠠᠭᠠᠴᠢᠯᠠᠭ᠎ᠠ ᠶᠢ | ᠨᠠᠶᠢᠳᠠᠪᠤᠷᠢᠵᠢᠭᠤᠯᠵᠤ᠂ ᠡᠷᠬᠡ ᠲᠡᠭᠰᠢ᠂ ᠬᠠᠷᠢᠯᠴᠠᠨ ᠲᠣᠯᠢᠯᠠᠬᠤ᠂ ᠶᠠᠷᠢᠯᠴᠠᠭ᠎ᠠ᠂ ᠪᠠᠭᠲᠠᠭᠠᠮᠵᠢᠲᠠᠢ ᠪᠣᠯᠪᠠᠰᠤᠨ ᠤ | ᠦᠵᠡᠯᠲᠡ ᠶᠢ ᠪᠤᠢ ᠪᠤᠯᠭᠠᠵᠤ᠂ ᠡᠩᠬᠡ ᠲᠠᠶᠢᠪᠤᠩ᠂ ᠬᠥᠭᠵᠢᠯᠲᠡ᠂ ᠡᠷᠬᠡ ᠲᠡᠭᠰᠢ᠂ ᠰᠢᠳᠤᠷᠭᠤ ᠶᠣᠰᠣ᠂ | ᠠᠷᠠᠳᠴᠢᠯᠠᠯ᠂ ᠡᠷᠬᠡ ᠴᠢᠯᠦᠭᠡ ᠲᠠᠢ ᠪᠦᠭᠦ ᠬᠥᠮᠥᠨ ᠲᠥᠷᠥᠯᠬᠢᠲᠡᠨ ᠤ ᠬᠠᠮᠲᠤ ᠶᠢᠨ ᠦᠷᠳᠡᠭ ᠢ ᠪᠠᠳᠠᠷᠠᠭᠤᠯᠤᠨ᠎ᠠ᠃ | ᠳᠤᠮᠳᠠᠳᠤ ᠤᠯᠤᠰ — ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠪᠣᠯᠪᠠᠰᠤᠨ ᠤ ᠰᠣᠯᠢᠯᠴᠠᠭ᠎ᠠ ᠶᠢ | ᠭᠦᠨᠵᠡᠭᠡᠶᠢᠷᠡᠭᠦᠯᠵᠦ᠂ ᠳᠤᠮᠳᠠᠳᠤ ᠤᠯᠤᠰ — ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ | ᠪᠣᠯᠪᠠᠰᠤᠨ ᠤ ᠶᠠᠷᠢᠯᠴᠠᠭᠠᠨ ᠤ ᠶᠡᠭᠡ ᠬᠤᠷᠠᠯ ᠢ ᠡᠷᠭᠢᠯᠡᠨ᠎ᠡ᠃ ᠰᠣᠶᠣᠯ ᠤᠷᠠᠯᠢᠭ ᠤᠨ ᠬᠦᠷᠢᠶᠡᠨ ᠳᠠᠬᠢ ᠰᠣᠯᠢᠯᠴᠠᠭ᠎ᠠ | ᠬᠠᠮᠲᠤᠷᠠᠯᠴᠠᠭ᠎ᠠ ᠶᠢ ᠭᠦᠨᠵᠡᠭᠡᠶᠢᠷᠡᠭᠦᠯᠵᠦ᠂ ︽ᠯᠠᠲ᠋ᠢᠨ ᠠᠮᠧᠷᠢᠺᠠ ᠶᠢᠨ ᠤᠷᠠᠯᠢᠭ ᠤᠨ ᠤᠯᠠᠷᠢᠯ︾ ᠢ ᠡᠷᠭᠢᠯᠡᠨ᠎ᠡ᠃ | ᠬᠠᠭᠤᠴᠢ ᠰᠤᠳᠤᠯᠤᠯ᠂ ᠡᠷᠲᠡᠨ ᠤ ᠦᠯᠡᠳᠡᠭᠳᠡᠯ ᠪᠠᠭᠤᠷᠢ ᠶᠢ ᠬᠠᠮᠠᠭᠠᠯᠠᠬᠤ ᠪᠠ ᠵᠠᠰᠠᠨ ᠰᠡᠷᠭᠦᠭᠡᠬᠦ᠂ ᠮᠦᠽᠧᠢ ᠶᠢᠨ | ᠦᠵᠡᠭᠦᠯᠭᠡ ᠵᠡᠷᠭᠡ ᠰᠣᠶᠣᠯ ᠤᠨ ᠥᠪ ᠤᠨ ᠬᠦᠷᠢᠶᠡᠨ ᠳᠠᠬᠢ ᠰᠣᠯᠢᠯᠴᠠᠭ᠎ᠠ ᠬᠠᠮᠲᠤᠷᠠᠯᠴᠠᠭ᠎ᠠ ᠶᠢ ᠴᠢᠩᠭᠠᠳᠬᠠᠵᠤ᠂ | ᠡᠷᠲᠡᠨ ᠤ ᠪᠣᠯᠪᠠᠰᠤᠨ ᠤ ᠰᠤᠳᠤᠯᠭᠠᠨ ᠥᠷᠨᠢᠭᠦᠯᠵᠦ᠂ ᠰᠣᠶᠣᠯ ᠤᠨ ᠡᠳ᠋ ᠬᠥᠷᠥᠩᠭᠡ ᠶᠢ ᠬᠠᠤᠯᠢ ᠪᠤᠰᠤ ᠪᠠᠷ | ᠰᠠᠷᠢᠭᠠᠯᠠᠨ ᠵᠥᠭᠡᠭᠡᠪᠦᠷᠢᠯᠡᠬᠦ ᠳᠤ ᠬᠠᠮᠲᠤᠷᠠᠨ ᠴᠣᠬᠢᠯᠲᠠ ᠥᠭᠭᠦᠶ᠎ᠡ᠃ | ᠳᠥᠷᠪᠡ ᠪᠣᠯ ᠨᠠᠶᠢᠷᠠᠮᠳᠠᠯ ᠤᠨ ᠢᠨᠵᠧᠨᠧᠷᠢᠩ᠃ ᠳᠤᠮᠳᠠᠳᠤ ᠤᠯᠤᠰ ᠳᠤᠷᠠᠲᠠᠶ᠎ᠠ ᠯᠠᠲ᠋ᠢᠨ ᠠᠮᠧᠷᠢᠺᠠ ᠪᠣᠯᠣᠨ | ᠺᠠᠷᠢᠪᠧ ᠶᠢᠨ ᠤᠯᠤᠰ ᠤᠳ ᠤᠨ ᠬᠢᠨ ᠲᠠᠢ ᠬᠠᠮᠲᠤ ᠪᠠᠷ ᠪᠦᠭᠦ ᠪᠥᠮᠪᠥᠷᠴᠡᠭ ᠤᠨ ᠠᠮᠤᠷ ᠲᠦᠪᠰᠢᠨ ᠤ | ᠰᠠᠨᠠᠭᠠᠴᠢᠯᠠᠭ᠎ᠠ ᠶᠢ ᠨᠠᠶᠢᠳᠠᠪᠤᠷᠢᠵᠢᠭᠤᠯᠵᠤ᠂ ︽ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠢ ᠡᠩᠬᠡ | ᠲᠠᠶᠢᠪᠤᠩ ᠣᠷᠣᠨ ᠪᠤᠯᠭᠠᠬᠤ ᠪᠠᠷ ᠨᠡᠶᠢᠲᠡᠯᠡᠭᠰᠡᠨ ᠠᠯᠪᠠᠨ ᠵᠠᠷᠯᠠᠯ︾ ᠪᠣᠯᠣᠨ ︽ᠴᠥᠮ᠎ᠡ ᠶᠢᠨ ᠵᠡᠪᠰᠡᠭ ᠦᠭᠡᠢ | ᠣᠷᠣᠨ ᠢ ᠪᠠᠶᠢᠭᠤᠯᠬᠤ ᠲᠤᠬᠠᠢ ᠯᠠᠲ᠋ᠢᠨ ᠠᠮᠧᠷᠢᠺᠠ ᠪᠣᠯᠣᠨ ᠺᠠᠷᠢᠪᠧ ᠶᠢᠨ 33 ᠤᠯᠤᠰ ᠤᠨ ᠢᠯᠡᠷᠬᠡᠶᠢᠯᠡᠯᠲᠡ︾ ᠶᠢ | ᠳᠡᠮᠵᠢᠵᠦ᠂ ᠭᠠᠮᠰᠢᠭ ᠤᠨ ᠰᠦᠢᠳᠦᠯ ᠢ ᠵᠠᠰᠠᠬᠤ᠂ ᠰᠦᠯᠵᠢᠶᠡᠨ ᠤ ᠠᠮᠤᠷ ᠲᠦᠪᠰᠢᠨ᠂ ᠰᠦᠷᠳᠡᠭᠦᠯᠦᠯ ᠢ | ᠡᠰᠡᠷᠭᠦᠴᠡᠬᠦ᠂ ᠢᠯᠵᠢᠷᠡᠯ ᠢ ᠡᠰᠡᠷᠭᠦᠴᠡᠬᠦ᠂ ᠬᠤᠣᠷ ᠴᠠᠭᠠᠵᠠᠯᠠᠬᠤ᠂ ᠤᠯᠤᠰ ᠠᠯᠤᠰᠯᠠᠭᠰᠠᠨ ᠵᠣᠬᠢᠶᠠᠨ | ᠪᠠᠶᠢᠭᠤᠯᠤᠯᠲᠠ ᠲᠠᠢ ᠶᠠᠯᠠᠲᠤ ᠠᠵᠢᠯᠯᠠᠭ᠎ᠠ ᠳᠤ ᠴᠣᠬᠢᠯᠲᠠ ᠥᠭᠬᠦ ᠵᠡᠷᠭᠡ ᠬᠠᠮᠲᠤᠷᠠᠯᠴᠠᠭ᠎ᠠ ᠶᠢ ᠴᠢᠩᠭᠠᠳᠬᠠᠵᠤ᠂ ᠭᠠᠵᠠᠷ | ᠣᠷᠣᠨ ᠤ ᠠᠮᠤᠷ ᠲᠦᠪᠰᠢᠨ ᠲᠣᠭᠲᠠᠭᠤᠨ ᠢ ᠴᠢᠷᠮᠠᠶᠢᠨ ᠬᠠᠮᠠᠭᠠᠯᠠᠨ᠎ᠠ᠃ ᠳᠤᠮᠳᠠᠳᠤ ᠤᠯᠤᠰ ᠯᠠᠲ᠋ᠢᠨ ᠠᠮᠧᠷᠢᠺᠠ | ᠪᠣᠯᠣᠨ ᠺᠠᠷᠢᠪᠧ ᠶᠢᠨ ᠤᠯᠤᠰ ᠤᠳ ᠤᠨ ᠬᠠᠮᠲᠤ ᠶᠢᠨ ᠴᠣᠭᠴᠠ ᠶᠢᠨ ᠪᠦᠷᠢᠯᠳᠦᠭᠦᠨ ᠤᠯᠤᠰ ᠤᠨ ᠬᠡᠷᠡᠭᠴᠡᠭᠡ ᠶᠢ | ᠦᠨᠳᠦᠰᠦᠯᠡᠨ ᠬᠠᠤᠯᠢ ᠬᠡᠷᠡᠭᠵᠢᠭᠦᠯᠬᠦ ᠪᠣᠯᠪᠠᠰᠤᠷᠠᠯ ᠤᠨ ᠲᠦᠷᠦᠯ ᠵᠦᠢᠯ ᠢ ᠬᠡᠷᠡᠭᠵᠢᠭᠦᠯᠵᠦ᠂ ᠴᠢᠳᠠᠯ ᠤᠨ ᠢᠶᠠᠨ | ᠬᠢᠷᠢ ᠪᠠᠷ ᠲᠣᠨᠣᠭᠯᠠᠯ ᠤᠨ ᠲᠤᠰᠠᠯᠠᠮᠵᠢ ᠬᠠᠩᠭᠠᠨ᠎ᠠ᠃ | ᠲᠠᠪᠤ ᠪᠣᠯ ᠠᠷᠠᠳ ᠤᠨ ᠰᠡᠳᠬᠢᠯ ᠤᠨ ᠢᠨᠵᠧᠨᠧᠷᠢᠩ᠃ ᠢᠷᠡᠬᠦ 3 ᠵᠢᠯ ᠳᠤ᠂ ᠳᠤᠮᠳᠠᠳᠤ ᠤᠯᠤᠰ ᠯᠠᠲ᠋ᠢᠨ | ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠬᠠᠮᠲᠤ ᠶᠢᠨ ᠴᠣᠭᠴᠠ ᠶᠢᠨ ᠪᠦᠷᠢᠯᠳᠦᠭᠦᠨ ᠤᠯᠤᠰ ᠲᠤ 3500 | ᠵᠠᠰᠠᠭ ᠤᠨ ᠣᠷᠳᠣᠨ ᠤ ᠰᠤᠷᠤᠯᠭ᠎ᠠ ᠶᠢᠨ ᠱᠠᠩᠨᠠᠯ ᠤᠨ ᠣᠷᠣᠨ ᠲᠤᠭ᠎ᠠ᠂ 1 ᠲᠦᠮᠡᠨ ᠳᠤᠮᠳᠠᠳᠤ ᠤᠯᠤᠰ ᠲᠤ | ᠢᠷᠡᠵᠦ ᠪᠣᠯᠪᠠᠰᠤᠷᠠᠯ ᠭᠦᠷᠳᠡᠭᠦ ᠣᠷᠣᠨ ᠲᠤᠭ᠎ᠠ᠂ 500 ᠤᠯᠠᠨ ᠤᠯᠤᠰ ᠤᠨ ᠬᠢᠲᠠᠳ ᠬᠡᠯᠡᠨ ᠤ ᠪᠠᠭᠰᠢ ᠶᠢᠨ | ᠰᠤᠷᠤᠯᠭ᠎ᠠ ᠶᠢᠨ ᠱᠠᠩᠨᠠᠯ ᠤᠨ ᠣᠷᠣᠨ ᠲᠤᠭ᠎ᠠ᠂ 300 ᠶᠠᠳᠠᠭᠤ ᠬᠦᠴᠢᠷᠳᠡᠯᠲᠡᠢ ᠬᠥᠮᠥᠨ ᠠᠮᠠ ᠶᠢ ᠴᠥᠭᠡᠳᠬᠡᠬᠦ | ᠮᠡᠷᠭᠡᠵᠢᠯ ᠤᠨ ᠴᠢᠳᠠᠪᠤᠷᠢᠲᠠᠨ ᠤ ᠪᠣᠯᠪᠠᠰᠤᠷᠠᠯ ᠤᠨ ᠣᠷᠣᠨ ᠲᠤᠭ᠎ᠠ᠂ 1000 ︽ᠬᠢᠲᠠᠳ ᠬᠡᠯᠡᠨ ᠤ ᠬᠥᠭᠦᠷᠭᠡ︾ | ᠶᠢᠨ ᠲᠦᠷᠦᠯ ᠵᠦᠢᠯ ᠤᠨ ᠳᠤᠮᠳᠠᠳᠤ ᠤᠯᠤᠰ ᠲᠤ ᠢᠷᠡᠬᠦ ᠪᠦᠯᠭᠦᠮ ᠳᠤᠭᠤᠶᠢᠯᠠᠩ ᠤᠨ ᠣᠷᠣᠨ ᠲᠤᠭ᠎ᠠ ᠬᠠᠩᠭᠠᠵᠤ᠂ | 300 ︽ᠪᠠᠭ᠎ᠠ ᠮᠥᠷᠲᠡᠭᠡᠨ ᠭᠤᠶᠢᠳᠠ︾ ᠠᠷᠠᠳ ᠤᠨ ᠠᠮᠢᠳᠤᠷᠠᠯ ᠤᠨ ᠲᠦᠷᠦᠯ ᠵᠦᠢᠯ ᠢ ᠬᠡᠷᠡᠭᠵᠢᠭᠦᠯᠵᠦ᠂ | ᠯᠦ ᠪᠠᠨ ᠦᠢᠯᠡᠳᠬᠡᠯ ᠤᠨ ᠭᠠᠵᠠᠷ ᠵᠡᠷᠭᠡ ᠠᠵᠢᠯ ᠮᠡᠷᠭᠡᠵᠢᠯ ᠤᠨ ᠰᠤᠷᠭᠠᠨ ᠬᠥᠮᠦᠵᠢᠯ ᠤᠨ ᠬᠠᠮᠲᠤᠷᠠᠯᠴᠠᠭᠠᠨ ᠤ | ᠲᠦᠷᠦᠯ ᠵᠦᠢᠯ ᠢ ᠢᠳᠡᠪᠬᠢᠲᠡᠢ ᠠᠬᠢᠭᠤᠯᠵᠤ᠂ ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ | ᠬᠠᠮᠲᠤ ᠶᠢᠨ ᠴᠣᠭᠴᠠ ᠶᠢᠨ ᠪᠦᠷᠢᠯᠳᠦᠭᠦᠨ ᠤᠯᠤᠰ ᠤᠨ ᠬᠢᠲᠠᠳ ᠬᠡᠯᠡᠨ ᠤ ᠰᠤᠷᠭᠠᠨ ᠬᠥᠮᠦᠵᠢᠯ ᠥᠷᠨᠢᠭᠦᠯᠬᠦ ᠶᠢ | ᠲᠡᠮᠵᠢᠨ᠎ᠠ᠃ ᠳᠤᠮᠳᠠᠳᠤ ᠤᠯᠤᠰ ︽ᠳᠤᠮᠳᠠᠳᠤ ᠤᠯᠤᠰ — ᠯᠠᠲ᠋ᠢᠨ ᠠᠮᠧᠷᠢᠺᠠ ᠪᠣᠯᠣᠨ ᠺᠠᠷᠢᠪᠧ ᠶᠢᠨ | ᠤᠯᠤᠰ ᠤᠳ ᠤᠨ ᠬᠠᠶᠢᠷ᠎ᠠ ᠰᠡᠳᠬᠢᠯᠭᠡ︾ ᠭᠡᠬᠦ ᠳᠤᠮᠳᠠᠳᠤ ᠤᠯᠤᠰ ᠤᠨ ᠺᠢᠨᠣ᠋ ᠲᠧᠯᠸᠢᠰ ᠤᠨ ᠫᠷᠣᠭ᠍ᠷᠠᠮ ᠢ ᠳᠡᠯᠭᠡᠨ | ᠦᠵᠡᠭᠦᠯᠭᠦ ᠪᠠ ᠨᠠᠪᠲᠠᠷᠡᠭᠦᠯᠵᠦ᠂ ᠵᠢᠯ ᠪᠦᠷᠢ 10 ᠰᠢᠯᠢᠳᠡᠭ ᠲᠧᠯᠸᠢᠰ ᠵᠦᠴᠦᠭᠡ ᠪᠤᠶᠤ ᠰᠢᠯᠢᠳᠡᠭ ᠦᠵᠡᠵᠦ | ᠰᠣᠨᠣᠰᠬᠤ ᠫᠷᠣᠭ᠍ᠷᠠᠮ ᠢ ᠬᠠᠷᠢᠯᠴᠠᠨ ᠣᠷᠴᠢᠭᠤᠯᠬᠤ ᠠᠵᠢᠯ ᠢ ᠪᠡᠶᠡᠯᠡᠭᠦᠯᠬᠦ ᠪᠠᠷ ᠴᠢᠷᠮᠠᠶᠢᠨ᠎ᠠ᠃ ᠳᠤᠮᠳᠠᠳᠤ ᠤᠯᠤᠰ | ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠬᠢᠨ ᠲᠠᠢ ︽ᠳᠤᠮᠳᠠᠳᠤ ᠤᠯᠤᠰ — ᠯᠠᠲ᠋ᠢᠨ | ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠵᠢᠭᠤᠯᠴᠢᠯᠠᠯ ᠤᠨ ᠶᠠᠷᠢᠯᠴᠠᠭ᠎ᠠ︾ ᠥᠷᠨᠢᠭᠦᠯᠦᠨ᠎ᠡ᠃ ᠬᠤᠶᠠᠷ | ᠲᠠᠯ᠎ᠠ ᠶᠢᠨ ᠬᠥᠮᠥᠰ ᠤᠨ ᠨᠥᠭᠦᠷᠰᠡᠭ ᠶᠠᠪᠤᠯᠴᠠᠭ᠎ᠠ ᠳᠤ ᠤᠯᠠᠮ ᠨᠢᠭᠡ ᠠᠯᠬᠤᠮ ᠲᠦᠭᠦᠮ ᠦᠵᠡᠭᠦᠯᠭᠦ ᠶᠢᠨ ᠲᠥᠯᠥᠭᠡ᠂ | ᠳᠤᠮᠳᠠᠳᠤ ᠤᠯᠤᠰ ᠯᠠᠲ᠋ᠢᠨ ᠠᠮᠧᠷᠢᠺᠠ ᠪᠣᠯᠣᠨ ᠺᠠᠷᠢᠪᠧ ᠣᠷᠣᠨ ᠤ 5 ᠤᠯᠤᠰ ᠲᠤ ᠸᠢᠰᠠ ᠶᠢ ᠬᠡᠯᠲᠦᠷᠢᠭᠦᠯᠬᠦ | ᠲᠦᠷᠦᠭᠦᠦ ᠪᠦᠯᠦᠭ ᠲᠦᠷᠦ ᠶᠢᠨ ᠪᠣᠳᠣᠯᠭ᠎ᠠ ᠶᠢ ᠬᠡᠷᠡᠭᠵᠢᠭᠦᠯᠬᠦ ᠶᠢᠨ ᠬᠠᠮᠲᠤ ᠭᠠᠵᠠᠷ ᠣᠷᠣᠨ ᠤ ᠤᠯᠤᠰ ᠤᠳ ᠤᠨ | ᠪᠦᠷᠬᠦᠴᠡ ᠶᠢᠨ ᠬᠡᠪᠴᠢᠶ᠎ᠡ ᠶᠢ ᠵᠣᠬᠢᠰᠲᠠᠢ ᠴᠠᠭ ᠲᠤ ᠥᠷᠭᠡᠳᠬᠡᠬᠦ ᠪᠠᠷ ᠲᠣᠭᠲᠠᠪᠠ᠃ | ᠡᠷᠬᠢᠮ ᠵᠣᠴᠢᠳ ᠠ᠋᠂ ᠨᠠᠶᠢᠵᠠ ᠨᠠᠷ ᠠ᠋︕ | ᠳᠤᠮᠳᠠᠳᠤ ᠤᠯᠤᠰ ᠲᠤ ︽ᠬᠥᠮᠥᠨ ᠤ ᠠᠮᠢᠳᠤᠷᠠᠯ ᠤᠨ ᠵᠢᠷᠭᠠᠯ ᠭᠡᠵᠦ ᠰᠡᠳᠬᠢᠯ ᠢᠶᠠᠨ ᠣᠶᠢᠯᠠᠭᠠᠯᠴᠠᠬᠤ ᠳᠤ | ᠪᠤᠢ︾ ᠭᠡᠬᠦ ᠡᠷᠲᠡᠨ ᠤ ᠰᠢᠯᠦᠭ ᠪᠠᠶᠢᠳᠠᠭ᠂ ᠯᠠᠲ᠋ᠢᠨ ᠠᠮᠧᠷᠢᠺᠠ ᠳᠤ ᠴᠤ ︽ᠨᠠᠶᠢᠵᠠ ᠲᠠᠢ ᠪᠠᠶᠢᠪᠠᠯ ᠳᠠᠷᠤᠢ ᠡᠳ᠋ | ᠡᠷᠳᠡᠨᠢᠰ ᠲᠠᠢ︾ ᠭᠡᠬᠦ ᠵᠦᠢᠷ ᠦᠭᠡ ᠪᠠᠶᠢᠳᠠᠭ᠃ ᠳᠡᠯᠡᠬᠡᠢ ᠶᠢᠨ ᠪᠠᠶᠢᠳᠠᠯ ᠶᠠᠭᠠᠬᠢᠵᠤ ᠬᠤᠪᠢᠷᠠᠭᠰᠠᠨ ᠴᠤ᠂ ᠳᠤᠮᠳᠠᠳᠤ | ᠤᠯᠤᠰ ᠢᠮᠠᠭᠲᠠ ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠰᠠᠶᠢᠨ ᠨᠠᠶᠢᠵᠠ᠂ ᠰᠠᠶᠢᠨ ᠬᠠᠨᠢᠲᠠᠨ | ᠪᠣᠯᠣᠨ᠎ᠠ᠃ ᠪᠢᠳᠠ ᠭᠠᠷ ᠬᠤᠯᠪᠣᠯᠴᠠᠨ᠂ ᠲᠤᠰ ᠲᠤᠰ ᠤᠨ ᠣᠳᠣᠬᠢᠴᠢᠯᠠᠯᠲᠠ ᠶᠢᠨ ᠠᠶᠠᠨ ᠳᠠᠭᠠᠨ ᠮᠥᠷᠥ ᠵᠡᠷᠭᠡᠴᠡᠨ | ᠤᠷᠤᠭᠰᠢᠯᠠᠵᠤ᠂ ᠳᠤᠮᠳᠠᠳᠤ ᠤᠯᠤᠰ — ᠯᠠᠲ᠋ᠢᠨ ᠠᠮᠧᠷᠢᠺᠠ ᠪᠣᠯᠣᠨ ᠺᠠᠷᠢᠪᠧ ᠶᠢᠨ ᠤᠯᠤᠰ ᠤᠳ ᠤᠨ ᠬᠤᠪᠢ | ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠰᠢᠨ᠎ᠡ ᠬᠠᠭᠤᠳᠠᠰᠤ ᠶᠢ ᠬᠠᠮᠲᠤ ᠪᠠᠷ ᠪᠢᠴᠢᠭᠯᠡᠶ᠎ᠡ᠃ |