ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠰᠢ ᠵᠢᠨ ᠫᠢᠩ ᠲᠠᠯᠠᠢ ᠵᠢᠨ ᠴᠡᠷᠢᠭ᠎ᠤᠨ ᠭᠤᠷᠪᠠᠨ ᠬᠡᠯᠪᠡᠷᠢ ᠵᠢᠨ ᠭᠣᠣᠯ ᠪᠠᠶ᠋ᠢᠯᠳᠤᠭ᠋ᠠᠨ᠎ᠤ ᠬᠦᠯᠭᠡ ᠣᠩᠭᠣᠴᠠ ᠵᠢ ᠲᠥᠪᠯᠡᠷᠡᠭᠦᠯᠦᠨ ᠲᠤᠰᠢᠶᠠᠬᠤ ᠪᠠ ᠬᠦᠯᠢᠶᠡᠨ ᠠᠪᠴᠤ ᠡᠩᠨᠡᠭᠡᠨ᠎ᠳᠤ ᠣᠷᠣᠭᠤᠯᠬᠤ ᠠᠵᠢᠯᠯᠠᠭ᠎ᠠ᠎ᠳᠤ ᠣᠷᠣᠯᠴᠠᠪᠠ
ᠨᠡᠶ᠋ᠢᠲᠡᠯᠡᠭᠰᠡᠨ ᠴᠠᠭ᠄ 2021-04-25

    ᠳᠠᠯᠠᠢ ᠵᠢᠨ ᠴᠡᠷᠢᠭ᠎ᠤᠨ ᠭᠤᠷᠪᠠᠨ ᠬᠡᠯᠪᠡᠷᠢ ᠵᠢᠨ ᠭᠣᠣᠯ ᠪᠠᠶ᠋ᠢᠯᠳᠤᠭ᠋ᠠᠨ᠎ᠤ ᠬᠦᠯᠬᠡ ᠣᠩᠭᠣᠴᠠ — ᠴᠠᠩ ᠵᠧᠩ 18 ᠳ᠋ᠤᠭ᠋ᠠᠷ ᠨᠡᠷᠡᠮᠵᠢᠳᠦ ᠣᠩᠭᠣᠴᠠ᠂ ᠳ᠋ᠠᠯᠢᠶᠠᠨ ᠨᠡᠷᠡᠮᠵᠢᠳᠤ ᠬᠥᠯᠭᠡ ᠣᠩᠭᠣᠴᠠ᠂ ᠬᠠᠶ᠋ᠢᠨᠠᠨ ᠨᠡᠷᠡᠮᠵᠢᠳᠤ ᠬᠥᠯᠭᠡ ᠣᠩᠭᠣᠴᠠ ᠵᠢ 23᠎ᠤ ᠡᠳᠦᠷ ᠬᠠᠶ᠋ᠢᠨᠠᠨ᠎ᠤ ᠰᠠᠨᠶᠠ ᠵᠢᠨ ᠨᠢᠭᠡᠨ ᠴᠡᠷᠢᠭ᠎ᠤᠨ ᠭᠠᠷᠠᠮ᠎ᠳᠤ ᠲᠥᠪᠯᠡᠷᠡᠭᠦᠯᠦᠨ ᠲᠤᠰᠢᠶᠠᠬᠤ ᠪᠠ ᠬᠦᠯᠢᠶᠡᠨ ᠠᠪᠴᠤ ᠡᠩᠨᠡᠭᠡᠨ᠎ᠳᠤ ᠣᠷᠣᠭᠤᠯᠪᠠ᠃ ᠨᠠᠮ᠎ᠤᠨ ᠲᠥᠪ ᠬᠣᠷᠢᠶᠠᠨ᠎ᠤ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭᠴᠢ᠂ ᠲᠥᠪ᠎ᠤᠨ ᠴᠡᠷᠢᠭ᠎ᠤᠨ ᠶᠠᠪᠤᠳᠠᠯ᠎ᠤᠨ ᠬᠣᠷᠢᠶᠠᠨ᠎ᠤ ᠲᠡᠷᠢᠭᠦᠯᠡᠭᠴᠢ ᠰᠢ ᠵᠢᠨ ᠫᠢᠩ ᠲᠤᠰᠢᠶᠠᠬᠤ ᠪᠠ ᠬᠦᠯᠢᠶᠡᠨ ᠠᠪᠴᠤ ᠡᠩᠨᠡᠭᠡᠨ᠎ᠳᠤ ᠣᠷᠣᠭᠤᠯᠬᠤ ᠠᠵᠢᠯᠯᠠᠭ᠎ᠠ᠎ᠳᠤ ᠣᠷᠣᠯᠴᠠᠪᠠ᠃
    ᠳᠥᠷᠪᠡᠨ ᠰᠠᠷ᠎ᠠ ᠵᠢᠨ ᠰᠠᠨᠶᠠ᠎ᠳᠤ ᠲᠡᠭᠷᠢ ᠴᠡᠯᠮᠡᠭᠰᠢᠨ ᠨᠠᠷᠠ ᠳᠤᠯᠠᠢ᠍ᠢ᠍ᠵᠤ᠂ ᠤᠷᠢᠬᠠᠨ ᠰᠠᠯᠬᠢ ᠢᠯᠪᠢᠨ᠎ᠠ᠃ ᠴᠡᠷᠢᠭ᠎ᠤᠨ ᠭᠠᠷᠠᠮ᠎ᠳᠤ᠂ ᠭᠤᠷᠪᠠᠨ ᠬᠡᠯᠪᠡᠷᠢ ᠵᠢᠨ ᠭᠣᠣᠯ ᠪᠠᠶ᠋ᠢᠯᠳᠤᠭ᠋ᠠᠨ᠎ᠤ ᠬᠦᠯᠬᠡ ᠣᠩᠭᠣᠴᠠ ᠮᠥᠷᠯᠡᠨ ᠵᠢᠭᠰᠠᠵᠤ᠂ ᠲᠠᠯᠠᠢ ᠵᠢᠨ ᠴᠡᠷᠢᠭ᠎ᠤᠨ ᠬᠠᠮᠤᠭ᠎ᠤᠨ ᠳᠡᠭᠡᠳᠦ ᠶᠣᠰᠣᠯᠠᠯ ᠵᠶ᠋ᠠᠷ ᠳᠦᠭᠦᠷᠳᠡᠯ᠎ᠠ ᠲᠤᠭ ᠡᠯᠭᠦᠵᠦ᠂ ᠲᠠᠯᠠᠢ ᠵᠢᠨ ᠴᠡᠷᠢᠭ ᠪᠣᠯᠤᠨ ᠴᠡᠷᠢᠭ᠎ᠤᠨ ᠬᠦᠯᠭᠡ ᠣᠩᠭᠣᠴᠠᠨ᠎ᠤ ᠰᠢᠨᠵᠢᠯᠡᠬᠦ ᠤᠬᠠᠭ᠋ᠠᠨ᠎ᠤ ᠰᠤᠳᠤᠯᠭ᠋ᠠᠨ ᠦᠢ᠍ᠯᠡᠳᠪᠦᠷᠢᠯᠡᠯ᠎ᠤᠨ ᠨᠢᠭᠡᠴᠢ ᠵᠢᠨ 2400 ᠲᠦᠯᠦᠭᠡᠯᠡᠭᠴᠢ ᠭᠠᠷᠠᠮ᠎ᠳᠤ ᠳᠡᠷᠢ ᠲᠡᠭᠰᠢ ᠵᠢᠭᠰᠠᠨ᠂ ᠠᠭᠤᠷ ᠠᠮᠢᠰᠬᠤᠯ ᠦᠪᠡᠳᠡᠭᠰᠢ ᠶᠡᠬᠡ ᠬᠦᠷ ᠬᠥᠭᠵᠢᠶᠡᠨ᠎ᠲᠠᠢ ᠪᠠᠶ᠋ᠢᠯ᠎ᠠ᠃
    ᠦᠳᠡ ᠵᠢᠨ ᠬᠣᠶ᠋ᠢᠨᠠᠬᠢ 3 ᠴᠠᠭ 30 ᠮᠢᠨᠦ᠋ᠲ᠎ᠤᠨ ᠦᠶ᠎ᠡ᠎ᠪᠠᠷ᠂ ᠲᠤᠰᠢᠶᠠᠬᠤ ᠪᠠ ᠭᠥᠯᠢᠶᠡᠨ ᠠᠪᠴᠤ ᠡᠩᠨᠡᠭᠡᠨ᠎ᠳᠤ ᠣᠷᠣᠭᠤᠯᠬᠤ ᠶᠣᠰᠣᠯᠠᠯ ᠡᠬᠢᠯᠡᠵᠦ᠂ ᠲᠠᠯᠠᠪᠠᠶ ᠳᠠᠶᠠᠭ᠋ᠠᠷ ᠪᠥᠬᠥᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠰᠦᠯᠳᠡ ᠳᠠᠭᠤᠤ ᠵᠢ ᠬᠠᠩᠭᠢᠨᠠᠲᠠᠯ᠎ᠠ ᠳᠠᠭᠤᠯᠠᠵᠤ᠂ ᠲᠠᠪᠤᠨ ᠣᠳᠣᠲᠤ ᠤᠯᠠᠭ᠋ᠠᠨ ᠲᠣᠭ ᠵᠶ᠋ᠠᠨ ᠮᠠᠨᠳᠤᠭᠤᠯᠪᠠ᠃ ᠶᠣᠰᠣᠯᠠᠯ᠎ᠤᠨ ᠴᠡᠷᠢᠭ    《8 · 1》᠎ᠤ ᠴᠡᠷᠢᠭ᠎ᠤᠨ ᠲᠤᠭ᠂ ᠨᠡᠷᠡᠶ᠋ᠢᠳᠦᠯ᠎ᠤᠨ ᠦᠨᠡᠮᠯᠡᠯ᠎ᠢ   ᠬᠠᠮᠠᠭ᠋ᠠᠯᠠᠨ᠂   ᠲᠥᠪ   ᠠᠯᠬᠤᠭ᠎ᠠ ᠎ᠪᠠᠷ   ᠲᠡᠷᠢᠭᠦᠯᠡᠭᠴᠢ ᠵᠢᠨ   ᠲᠠᠶ᠋ᠢᠰᠠᠨ᠎ᠤ   ᠡᠮᠦᠨ᠎ᠡ   ᠬᠦᠷᠪᠡ  ᠃ ᠰᠢ ᠵᠢᠨ ᠫᠢᠩ   《8 · 1》᠎ᠤ ᠴᠡᠷᠢᠭ᠎ᠤᠨ ᠲᠤᠭ᠂ ᠨᠡᠷᠡᠶ᠋ᠢᠳᠦᠯ᠎ᠤᠨ ᠦᠨᠡᠮᠯᠡᠯ᠎ᠢ ᠲᠤᠰ ᠲᠤᠰ ᠴᠠᠩ ᠵᠸᠩ 18 ᠳ᠋ᠤᠭ᠋ᠠᠷ ᠨᠡᠷᠡᠮᠵᠢᠳᠦ ᠣᠩᠭᠣᠴᠠ ᠵᠢᠨ ᠳᠠᠷᠤᠭ᠎ᠠ᠂ ᠺᠣᠮᠢᠰᠰᠠᠷ᠂ ᠳ᠋ᠠᠯᠢᠶᠠᠨ ᠨᠡᠷᠡᠮᠵᠢᠳᠤ ᠬᠥᠯᠭᠡ ᠣᠩᠭᠣᠴᠠ ᠵᠢᠨ ᠳᠠᠷᠤᠭ᠎ᠠ᠂ ᠺᠣᠮᠢᠰᠰᠠᠷ᠂ ᠬᠠᠶ᠋ᠢᠨᠠᠨ ᠨᠡᠷᠡᠮᠵᠢᠳᠤ ᠬᠥᠯᠭᠡ ᠣᠩᠭᠣᠴᠠ ᠵᠢᠨ ᠳᠠᠷᠤᠭ᠎ᠠ᠂ ᠺᠣᠮᠢᠰᠰᠠᠷ᠎ᠲᠤ ᠣᠯᠭᠣᠪᠠ᠃ ᠭᠤᠷᠪᠠᠨ ᠬᠡᠯᠪᠡᠷᠢ ᠵᠢᠨ   ᠴᠡᠷᠢᠭ᠎ᠤᠨ   ᠬᠦᠯᠭᠡ   ᠣᠩᠭᠣᠴᠠ ᠵᠢᠨ ᠳᠠᠷᠤᠭ᠎ᠠ᠂ ᠺᠣᠮᠢᠰᠰᠠᠷ ᠰᠢ ᠵᠢᠨ ᠫᠢᠩ᠎ᠳᠤ ᠶᠣᠰᠣᠯᠠᠵᠤ᠂ ᠰᠢ ᠵᠢᠨ ᠫᠢᠩ᠎ᠤᠨ ᠭᠠᠷ᠎ᠠᠴᠠ 《8 · 1》᠎ᠤ ᠴᠡᠷᠢᠭ᠎ᠤᠨ ᠲᠤᠭ᠂ ᠨᠡᠷᠡᠶ᠋ᠢᠳᠦᠯ᠎ᠤᠨ ᠦᠨᠡᠮᠯᠡᠯ᠎ᠢ ᠲᠤᠰᠪᠠ᠃ ᠰᠢ ᠵᠢᠨ ᠫᠢᠩ ᠲᠡᠳᠡᠨ᠎ᠲᠠᠢ ᠬᠠᠮᠲᠤ ᠭᠡᠷᠡᠯ ᠵᠢᠷᠤᠭ ᠲᠠᠲᠠᠭᠤᠯᠵᠤ ᠳᠤᠷᠠᠰᠬᠠᠯ ᠦᠯᠡᠳᠡᠭᠡᠪᠡ᠃
    ᠵᠠᠩ ᠶᠢᠦ ᠰᠢᠶᠠ ᠶᠣᠰᠣᠯᠠᠯ᠎ᠢ ᠡᠷᠬᠢᠯᠡᠵᠦ᠂ ᠰᠢᠤᠢ ᠴᠢ ᠯᠢᠶᠠᠩ ᠴᠡᠷᠢᠭ᠎ᠤᠨ ᠬᠦᠯᠭᠡ ᠣᠩᠭᠣᠴᠠ ᠵᠢ ᠡᠩᠨᠡᠭᠡᠨ᠎ᠳᠤ ᠤᠷᠤᠭᠤᠯᠤᠭᠰᠠᠨ ᠪᠠ ᠴᠡᠷᠢᠭ᠎ᠤᠨ ᠬᠦᠯᠭᠡ ᠣᠩᠭᠣᠴᠠ ᠵᠢᠨ ᠨᠡᠷ᠎ᠡ᠂ ᠬᠦᠯᠭᠡ ᠤᠩᠭᠤᠴᠠ ᠵᠢᠨ ᠨᠤᠮᠸᠷ᠎ᠢ ᠨᠡᠶ᠋ᠢᠲᠡᠯᠡᠪᠡ᠃ ᠳ᠋ᠢᠩ ᠰᠢᠤᠸᠠᠢ ᠰᠢᠶᠠᠩ᠂ ᠯᠢᠦ ᠡᡁᠸ ᠵᠢᠴᠢ ᠯᠢ ᠽᠦᠸᠧ ᠴᠧᠩ ᠶᠣᠰᠣᠯᠠᠯ᠎ᠳᠤ ᠣᠷᠣᠯᠴᠠᠵᠠᠢ᠃
    ᠳᠤᠮᠳᠠᠳᠤ ᠤᠯᠤᠰ᠎ᠤᠨ ᠣᠩᠭᠣᠴᠠ ᠰᠠᠯ᠎ᠤᠨ ᠪᠦᠯᠦᠭᠯᠡᠯ ᠺᠣᠮᠫᠠᠨᠢ ᠵᠢᠨ ᠬᠡᠷᠡᠭ ᠮᠡᠳᠡᠭᠴᠢᠳ᠎ᠤᠨ ᠳᠠᠷᠤᠭ᠎ᠠ ᠯᠸᠢ ᠹᠠᠨ ᠫᠸᠢ᠂ ᠲᠠᠯᠠᠢ ᠵᠢᠨ ᠴᠡᠷᠢᠭ᠎ᠤᠨ ᠺᠣᠮᠢᠰᠰᠠᠷ ᠴᠢᠨ ᠱᠧᠩ ᠰᠢᠶᠠᠩ ᠶᠣᠰᠣᠯᠠᠯ ᠳᠡᠭᠡᠷ᠎ᠡ ᠤᠷᠢᠳ ᠬᠣᠵᠢᠳ ᠦᠭᠡ ᠬᠡᠯᠡᠪᠡ᠃
    ᠲᠤᠰᠢᠶᠠᠬᠤ ᠪᠠ ᠭᠥᠯᠢᠶᠡᠨ ᠠᠪᠴᠤ ᠡᠩᠨᠡᠭᠡᠨ᠎ᠳᠤ ᠣᠷᠣᠭᠤᠯᠬᠤ ᠶᠣᠰᠣᠯᠠᠯ ᠳᠤᠮᠳᠠᠳᠤ ᠤᠯᠤᠰ᠎ᠤᠨ ᠠᠷᠠᠳ᠎ᠤᠨ ᠴᠢᠯᠥᠭᠡᠯᠡᠬᠦ ᠴᠡᠷᠢᠭ᠎ᠤᠨ ᠴᠡᠷᠢᠭ᠎ᠤᠨ ᠳᠠᠭᠤᠤ ᠵᠢᠨ ᠠᠶᠠᠰ ᠳᠤᠮᠳᠠ ᠲᠡᠭᠦᠰᠪᠡ᠃ ᠳᠠᠷᠠᠭ᠎ᠠ᠎ᠨᠢ᠂ ᠰᠢ ᠵᠢᠨ ᠫᠢᠩ ᠰᠢᠨ᠎ᠡ᠎ᠪᠠᠷ ᠡᠩᠨᠡᠭᠡᠨ᠎ᠳᠤ ᠤᠷᠤᠭᠰᠠᠨ ᠴᠡᠷᠢᠭ᠎ᠤᠨ ᠬᠦᠯᠭᠡ ᠣᠩᠭᠣᠴᠠᠠ᠎ᠳᠤ ᠭᠠᠷᠴᠤ᠂ ᠴᠡᠷᠢᠭ᠎ᠤᠨ ᠬᠦᠯᠭᠡ ᠣᠩᠭᠣᠴᠠ ᠵᠢᠨ ᠶᠣᠰᠣᠯᠠᠯ᠎ᠤᠨ ᠠᠩᠬᠢ ᠵᠢ ᠰᠢᠯᠭ᠋ᠠᠨ ᠦᠵᠡᠵᠦ᠂ ᠬᠠᠮᠢᠶ᠎ᠠ ᠪᠦᠬᠦᠢ ᠵᠡᠪᠰᠡᠭ ᠲᠣᠨᠣᠭᠯᠠᠯ᠎ᠢ ᠪᠠᠶ᠋ᠢᠴᠠᠭ᠋ᠠᠵᠤ᠂ ᠳᠠᠷᠤᠭ᠎ᠠ ᠪᠠᠶ᠋ᠢᠯᠳᠤᠭᠴᠢᠳ᠎ᠲᠠᠢ ᠰᠠᠨᠠᠯ ᠵᠶ᠋ᠠᠨ ᠰᠣᠯᠢᠯᠴᠠᠭᠰᠠᠨ ᠪᠥᠭᠡᠳ ᠠᠶᠠᠯᠠᠯ᠎ᠤᠨ ᠲᠡᠮᠳᠡᠭᠯᠡᠯ ᠳᠡᠭᠡᠷ᠎ᠡ ᠲᠥᠪ ᠬᠢᠴᠢᠶᠡᠩᠭᠦᠢ᠎ᠪᠠᠷ ᠭᠠᠷ᠎ᠤᠨ ᠦᠰᠦᠭ ᠵᠢᠷᠤᠪᠠ᠃
ᠠᠵᠢᠯᠯᠠᠭ᠎ᠠ ᠵᠢᠨ ᠬᠤᠭᠤᠴᠠᠭ᠋ᠠᠨ᠎ᠳᠤ᠂ ᠰᠢ ᠵᠢᠨ ᠫᠢᠩ ᠭᠠᠷᠠᠮ᠎ᠳᠤ ᠴᠡᠷᠢᠭ᠎ᠤᠨ ᠬᠦᠯᠭᠡ ᠣᠩᠭᠣᠴᠠ ᠵᠢᠨ ᠰᠢᠨᠵᠢᠯᠡᠬᠦ ᠤᠬᠠᠭ᠋ᠠᠨ᠎ᠤ ᠰᠤᠳᠤᠯᠭ᠋ᠠᠨ ᠦᠢ᠍ᠯᠡᠳᠪᠤᠷᠢᠯᠡᠯ᠎ᠤᠨ ᠠᠵᠢᠯᠳᠠᠨ ᠪᠤᠯᠤᠨ ᠲᠠᠯᠠᠢ ᠵᠢᠨ ᠴᠡᠷᠢᠭ᠎ᠤᠨ ᠳᠠᠷᠤᠭ᠎ᠠ ᠪᠠᠶ᠋ᠢᠯᠳᠤᠭᠴᠢᠳ᠎ᠤᠨ ᠲᠥᠯᠥᠭᠡᠯᠡᠭᠴᠢᠳ᠎ᠲᠠᠢ ᠳᠣᠲᠣᠨᠣ᠎ᠪᠠᠷ ᠠᠭᠤᠯᠵᠠᠪᠠ᠃
    ᠲᠥᠪ᠎ᠤᠨ ᠴᠡᠷᠢᠭ᠎ᠤᠨ ᠶᠠᠪᠤᠳᠠᠯ᠎ᠤᠨ ᠬᠣᠷᠢᠶᠠᠨ᠎ᠤ ᠵᠥᠪᠰᠢᠶᠡᠷᠡᠯ ᠵᠶ᠋ᠠᠷ᠂ ᠡᠨᠡ ᠤᠳᠠᠭ᠎ᠠ ᠲᠤᠰᠢᠶᠠᠬᠤ ᠪᠠ ᠭᠥᠯᠢᠶᠡᠨ ᠠᠪᠴᠤ ᠡᠩᠨᠡᠭᠡᠨ᠎ᠳᠤ ᠣᠷᠣᠭᠤᠯᠤᠭᠰᠠᠨ ᠭᠤᠷᠪᠠᠨ ᠬᠡᠯᠪᠡᠷᠢ ᠵᠢᠨ ᠭᠤᠤᠯ ᠪᠠᠶ᠋ᠢᠯᠳᠤᠭ᠋ᠠᠨ᠎ᠤ ᠬᠦᠯᠭᠡ ᠣᠩᠭᠣᠴᠠ ᠵᠢ ᠲᠣᠰ ᠲᠣᠰ᠄ ᠳᠤᠮᠳᠠᠳᠤ ᠤᠯᠤᠰ᠎ᠤᠨ ᠠᠷᠠᠳ᠎ᠤᠨ ᠴᠢᠯᠥᠭᠡᠯᠡᠬᠦ ᠴᠡᠷᠢᠭ᠎ᠤᠨ ᠲᠡᠯᠡᠶ ᠵᠢᠨ ᠴᠡᠷᠢᠭ᠎ᠤᠨ ᠴᠠᠩ ᠵᠸᠩ 18 ᠳ᠋ᠤᠭ᠋ᠠᠷ ᠨᠡᠷᠡᠮᠵᠢᠳᠦ ᠤᠩᠭᠤᠴᠠ᠂ ᠤᠩᠭᠤᠴᠠ ᠵᠢᠨ ᠨᠣᠮᠧᠷ 421᠂ ᠳᠤᠮᠳᠠᠳᠤ ᠤᠯᠤᠰ᠎ᠤᠨ ᠠᠷᠠᠳ᠎ᠤᠨ ᠴᠢᠯᠥᠭᠡᠯᠡᠬᠦ ᠴᠡᠷᠢᠭ᠎ᠤᠨ ᠲᠡᠯᠡᠶ ᠵᠢᠨ ᠴᠡᠷᠢᠭ᠎ᠤᠨ ᠳ᠋ᠠᠯᠢᠶᠠᠨ ᠨᠡᠷᠡᠮᠵᠢᠲᠦ ᠬᠦᠯᠭᠡ ᠤᠩᠭᠤᠴᠠ᠂ ᠣᠩᠭᠣᠴᠠ ᠵᠢᠨ ᠨᠣᠮᠧᠷ 105᠂ ᠳᠤᠮᠳᠠᠳᠤ ᠤᠯᠤᠰ᠎ᠤᠨ ᠠᠷᠠᠳ᠎ᠤᠨ ᠴᠢᠯᠥᠭᠡᠯᠡᠬᠦ ᠴᠡᠷᠢᠭ᠎ᠤᠨ ᠲᠡᠯᠡᠶ ᠵᠢᠨ ᠴᠡᠷᠢᠭ᠎ᠤᠨ ᠬᠠᠶ᠋ᠢᠨᠠᠨ ᠨᠡᠷᠡᠮᠵᠢᠲᠦ ᠬᠦᠯᠭᠡ ᠤᠩᠭᠤᠴᠠ᠂ ᠣᠩᠭᠣᠴᠠ ᠵᠢᠨ ᠨᠣᠮᠧᠷ 31 ᠭᠡᠵᠦ ᠨᠡᠷᠡᠶ᠋ᠢᠳᠪᠡ᠃
    ᠲᠥᠪ᠎ᠤᠨ ᠪᠠ ᠲᠦᠷᠦ ᠵᠢᠨ ᠪᠠᠶ᠋ᠢᠭᠤᠯᠭ᠎ᠠ ᠵᠢᠨ ᠬᠣᠯᠪᠣᠭᠳᠠᠯ ᠪᠦᠬᠦᠢ ᠰᠠᠯᠠᠭ᠎ᠠ ᠮᠥᠴᠢᠷ᠂ ᠴᠡᠷᠢᠭ᠎ᠤᠨ ᠶᠠᠪᠤᠳᠠᠯ᠎ᠤᠨ ᠬᠣᠷᠢᠶᠠᠨ᠎ᠤ ᠪᠠᠶ᠋ᠢᠭᠤᠯᠭ᠎ᠠ ᠵᠢᠨ ᠬᠣᠯᠪᠣᠭᠳᠠᠯ ᠪᠦᠬᠦᠢ ᠰᠠᠯᠠᠭ᠎ᠠ ᠮᠥᠴᠢᠷ᠂ ᠲᠠᠯᠠᠢ ᠵᠢᠨ ᠴᠡᠷᠢᠭ᠂ ᠬᠠᠶ᠋ᠢᠨᠠᠨ ᠮᠤᠵᠢ ᠵᠢᠴᠢ ᠴᠡᠷᠢᠭ᠎ᠤᠨ ᠬᠦᠯᠭᠡ ᠣᠩᠭᠣᠴᠠ ᠵᠢᠨ ᠰᠢᠨᠵᠢᠯᠡᠬᠦ ᠤᠬᠠᠭ᠋ᠠᠨ᠎ᠤ ᠰᠤᠳᠤᠯᠭ᠋ᠠᠨ ᠦᠢ᠍ᠯᠡᠳᠪᠦᠷᠢᠯᠡᠯ᠎ᠤᠨ ᠨᠢᠭᠡᠴᠢ ᠵᠢᠨ ᠬᠠᠷᠢᠭᠤᠴᠠᠯᠭ᠋ᠠᠲᠠᠨ ᠲᠤᠰᠢᠶᠠᠬᠤ ᠪᠠ ᠬᠦᠯᠢᠶᠡᠨ ᠠᠪᠴᠤ ᠡᠩᠨᠡᠭᠡᠨ᠎ᠳᠤ ᠣᠷᠣᠭᠤᠯᠬᠤ ᠶᠣᠰᠣᠯᠠᠯ᠎ᠳᠤ ᠣᠷᠣᠯᠴᠠᠪᠠ᠃

    4 ᠰᠠᠷ᠎ᠠ ᠵᠢᠨ 23᠎ᠤ ᠡᠳᠤᠷ᠂ ᠳᠠᠯᠠᠢ ᠵᠢᠨ ᠴᠡᠷᠢᠭ᠎ᠤᠨ ᠭᠤᠷᠪᠠᠨ ᠬᠡᠯᠪᠡᠷᠢ ᠵᠢᠨ ᠭᠣᠣᠯ ᠪᠠᠶ᠋ᠢᠯᠳᠤᠭ᠋ᠠᠨ᠎ᠤ ᠬᠦᠯᠬᠡ ᠣᠩᠭᠣᠴᠠ — ᠴᠠᠩ ᠵᠧᠩ 18 ᠳ᠋ᠤᠭ᠋ᠠᠷ ᠨᠡᠷᠡᠮᠵᠢᠳᠦ ᠣᠩᠭᠣᠴᠠ᠂ ᠳ᠋ᠠᠯᠢᠶᠠᠨ ᠨᠡᠷᠡᠮᠵᠢᠳᠤ ᠬᠥᠯᠭᠡ ᠣᠩᠭᠣᠴᠠ᠂ ᠬᠠᠶ᠋ᠢᠨᠠᠨ ᠨᠡᠷᠡᠮᠵᠢᠳᠤ ᠬᠥᠯᠭᠡ ᠣᠩᠭᠣᠴᠠ ᠵᠢ ᠬᠠᠶ᠋ᠢᠨᠠᠨ᠎ᠤ ᠰᠠᠨᠶᠠ ᠵᠢᠨ ᠨᠢᠭᠡᠨ ᠴᠡᠷᠢᠭ᠎ᠤᠨ ᠭᠠᠷᠠᠮ᠎ᠳᠤ ᠲᠥᠪᠯᠡᠷᠡᠭᠦᠯᠦᠨ ᠲᠤᠰᠢᠶᠠᠬᠤ ᠪᠠ ᠬᠦᠯᠢᠶᠡᠨ ᠠᠪᠴᠤ ᠡᠩᠨᠡᠭᠡᠨ᠎ᠳᠤ ᠣᠷᠣᠭᠤᠯᠪᠠ᠃ ᠨᠠᠮ᠎ᠤᠨ ᠲᠥᠪ ᠬᠣᠷᠢᠶᠠᠨ᠎ᠤ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭᠴᠢ᠂ ᠲᠥᠪ᠎ᠤᠨ ᠴᠡᠷᠢᠭ᠎ᠤᠨ ᠶᠠᠪᠤᠳᠠᠯ᠎ᠤᠨ ᠬᠣᠷᠢᠶᠠᠨ᠎ᠤ ᠲᠡᠷᠢᠭᠦᠯᠡᠭᠴᠢ ᠰᠢ ᠵᠢᠨ ᠫᠢᠩ ᠲᠤᠰᠢᠶᠠᠬᠤ ᠪᠠ ᠬᠦᠯᠢᠶᠡᠨ ᠠᠪᠴᠤ ᠡᠩᠨᠡᠭᠡᠨ᠎ᠳᠤ ᠣᠷᠣᠭᠤᠯᠬᠤ ᠠᠵᠢᠯᠯᠠᠭ᠎ᠠ᠎ᠳᠤ ᠣᠷᠣᠯᠴᠠᠬᠰᠠᠨ ᠪᠦᠬᠡᠳ ᠰᠢᠨᠵᠢᠯᠡᠨ ᠪᠠᠢ᠍ᠢ᠍ᠴᠠᠭ᠋ᠠᠪᠠ᠃ ᠵᠢᠷᠤᠬ ᠪᠤᠯ ᠰᠢ ᠵᠢᠨ ᠫᠢᠩ ᠴᠠᠩ ᠵᠸᠩ 18 ᠳ᠋ᠤᠭ᠋ᠠᠷ ᠨᠡᠷᠡᠮᠵᠢᠳᠤ ᠤᠩᠭᠤᠴᠠ᠎ᠳᠤ ᠴᠡᠷᠢᠭ᠎ᠤᠨ ᠳᠤᠬ᠂ ᠨᠡᠷᠡᠶ᠋ᠢᠳᠦᠯ᠎ᠤᠨ ᠦᠨᠡᠮᠯᠡᠯ ᠤᠯᠭᠤᠵᠥ ᠪᠠᠢ᠍ᠢ᠍ᠭ᠎ᠠ᠎ᠨᠢ᠃
    ᠰᠢᠨᠬᠤᠸᠠ ᠬᠤᠷᠢᠶᠠᠨ᠎ᠤ ᠰᠤᠷᠪᠤᠯᠵᠢᠯᠠᠬ᠍ᠴᠢ ᠯᠢ ᠭᠠᠩ ᠰᠡᠬᠦᠳᠡᠷᠯᠡᠪᠡ

    4 ᠰᠠᠷ᠎ᠠ ᠵᠢᠨ 23᠎ᠤ ᠡᠳᠤᠷ᠂ ᠳᠠᠯᠠᠢ ᠵᠢᠨ ᠴᠡᠷᠢᠭ᠎ᠤᠨ ᠭᠤᠷᠪᠠᠨ ᠬᠡᠯᠪᠡᠷᠢ ᠵᠢᠨ ᠭᠣᠣᠯ ᠪᠠᠶ᠋ᠢᠯᠳᠤᠭ᠋ᠠᠨ᠎ᠤ ᠬᠦᠯᠬᠡ ᠣᠩᠭᠣᠴᠠ — ᠴᠠᠩ ᠵᠧᠩ 18 ᠳ᠋ᠤᠭ᠋ᠠᠷ ᠨᠡᠷᠡᠮᠵᠢᠳᠦ ᠣᠩᠭᠣᠴᠠ᠂ ᠳ᠋ᠠᠯᠢᠶᠠᠨ ᠨᠡᠷᠡᠮᠵᠢᠳᠤ ᠬᠥᠯᠭᠡ ᠣᠩᠭᠣᠴᠠ᠂ ᠬᠠᠶ᠋ᠢᠨᠠᠨ ᠨᠡᠷᠡᠮᠵᠢᠳᠤ ᠬᠥᠯᠭᠡ ᠣᠩᠭᠣᠴᠠ ᠵᠢ ᠬᠠᠶ᠋ᠢᠨᠠᠨ᠎ᠤ ᠰᠠᠨᠶᠠ ᠵᠢᠨ ᠨᠢᠭᠡᠨ ᠴᠡᠷᠢᠭ᠎ᠤᠨ ᠭᠠᠷᠠᠮ᠎ᠳᠤ ᠲᠥᠪᠯᠡᠷᠡᠭᠦᠯᠦᠨ ᠲᠤᠰᠢᠶᠠᠬᠤ ᠪᠠ ᠬᠦᠯᠢᠶᠡᠨ ᠠᠪᠴᠤ ᠡᠩᠨᠡᠭᠡᠨ᠎ᠳᠤ ᠣᠷᠣᠭᠤᠯᠪᠠ᠃ ᠨᠠᠮ᠎ᠤᠨ ᠲᠥᠪ ᠬᠣᠷᠢᠶᠠᠨ᠎ᠤ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭᠴᠢ᠂ ᠲᠥᠪ᠎ᠤᠨ ᠴᠡᠷᠢᠭ᠎ᠤᠨ ᠶᠠᠪᠤᠳᠠᠯ᠎ᠤᠨ ᠬᠣᠷᠢᠶᠠᠨ᠎ᠤ ᠲᠡᠷᠢᠭᠦᠯᠡᠭᠴᠢ ᠰᠢ ᠵᠢᠨ ᠫᠢᠩ ᠲᠤᠰᠢᠶᠠᠬᠤ ᠪᠠ ᠬᠦᠯᠢᠶᠡᠨ ᠠᠪᠴᠤ ᠡᠩᠨᠡᠭᠡᠨ᠎ᠳᠤ ᠣᠷᠣᠭᠤᠯᠬᠤ ᠠᠵᠢᠯᠯᠠᠭ᠎ᠠ᠎ᠳᠤ ᠣᠷᠣᠯᠴᠠᠬᠰᠠᠨ ᠪᠦᠬᠡᠳ ᠰᠢᠨᠵᠢᠯᠡᠨ ᠪᠠᠢ᠍ᠢ᠍ᠴᠠᠭ᠋ᠠᠪᠠ᠃ ᠵᠢᠷᠤᠬ ᠪᠤᠯ ᠰᠢ ᠵᠢᠨ ᠫᠢᠩ ᠳ᠋ᠠᠯᠢᠶᠠᠨ ᠨᠡᠷᠡᠮᠵᠢᠳᠤ ᠬᠦᠯᠬᠡ ᠤᠩᠭᠤᠴᠠ᠎ᠳᠤ ᠴᠡᠷᠢᠭ᠎ᠤᠨ ᠳᠤᠬ᠂ ᠨᠡᠷᠡᠶ᠋ᠢᠳᠦᠯ᠎ᠤᠨ ᠦᠨᠡᠮᠯᠡᠯ ᠤᠯᠭᠤᠵᠥ ᠪᠠᠢ᠍ᠢ᠍ᠭ᠎ᠠ᠎ᠨᠢ᠃
    ᠰᠢᠨᠬᠤᠸᠠ ᠬᠤᠷᠢᠶᠠᠨ᠎ᠤ ᠰᠤᠷᠪᠤᠯᠵᠢᠯᠠᠬ᠍ᠴᠢ ᠯᠢ ᠭᠠᠩ ᠰᠡᠬᠦᠳᠡᠷᠯᠡᠪᠡ

    4 ᠰᠠᠷ᠎ᠠ ᠵᠢᠨ 23᠎ᠤ ᠡᠳᠤᠷ᠂ ᠳᠠᠯᠠᠢ ᠵᠢᠨ ᠴᠡᠷᠢᠭ᠎ᠤᠨ ᠭᠤᠷᠪᠠᠨ ᠬᠡᠯᠪᠡᠷᠢ ᠵᠢᠨ ᠭᠣᠣᠯ ᠪᠠᠶ᠋ᠢᠯᠳᠤᠭ᠋ᠠᠨ᠎ᠤ ᠬᠦᠯᠬᠡ ᠣᠩᠭᠣᠴᠠ — ᠴᠠᠩ ᠵᠧᠩ 18 ᠳ᠋ᠤᠭ᠋ᠠᠷ ᠨᠡᠷᠡᠮᠵᠢᠳᠦ ᠣᠩᠭᠣᠴᠠ᠂ ᠳ᠋ᠠᠯᠢᠶᠠᠨ ᠨᠡᠷᠡᠮᠵᠢᠳᠤ ᠬᠥᠯᠭᠡ ᠣᠩᠭᠣᠴᠠ᠂ ᠬᠠᠶ᠋ᠢᠨᠠᠨ ᠨᠡᠷᠡᠮᠵᠢᠳᠤ ᠬᠥᠯᠭᠡ ᠣᠩᠭᠣᠴᠠ ᠵᠢ ᠬᠠᠶ᠋ᠢᠨᠠᠨ᠎ᠤ ᠰᠠᠨᠶᠠ ᠵᠢᠨ ᠨᠢᠭᠡᠨ ᠴᠡᠷᠢᠭ᠎ᠤᠨ ᠭᠠᠷᠠᠮ᠎ᠳᠤ ᠲᠥᠪᠯᠡᠷᠡᠭᠦᠯᠦᠨ ᠲᠤᠰᠢᠶᠠᠬᠤ ᠪᠠ ᠬᠦᠯᠢᠶᠡᠨ ᠠᠪᠴᠤ ᠡᠩᠨᠡᠭᠡᠨ᠎ᠳᠤ ᠣᠷᠣᠭᠤᠯᠪᠠ᠃ ᠨᠠᠮ᠎ᠤᠨ ᠲᠥᠪ ᠬᠣᠷᠢᠶᠠᠨ᠎ᠤ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭᠴᠢ᠂ ᠲᠥᠪ᠎ᠤᠨ ᠴᠡᠷᠢᠭ᠎ᠤᠨ ᠶᠠᠪᠤᠳᠠᠯ᠎ᠤᠨ ᠬᠣᠷᠢᠶᠠᠨ᠎ᠤ ᠲᠡᠷᠢᠭᠦᠯᠡᠭᠴᠢ ᠰᠢ ᠵᠢᠨ ᠫᠢᠩ ᠲᠤᠰᠢᠶᠠᠬᠤ ᠪᠠ ᠬᠦᠯᠢᠶᠡᠨ ᠠᠪᠴᠤ ᠡᠩᠨᠡᠭᠡᠨ᠎ᠳᠤ ᠣᠷᠣᠭᠤᠯᠬᠤ ᠠᠵᠢᠯᠯᠠᠭ᠎ᠠ᠎ᠳᠤ ᠣᠷᠣᠯᠴᠠᠬᠰᠠᠨ ᠪᠦᠬᠡᠳ ᠰᠢᠨᠵᠢᠯᠡᠨ ᠪᠠᠢ᠍ᠢ᠍ᠴᠠᠭ᠋ᠠᠪᠠ᠃ ᠵᠢᠷᠤᠬ ᠪᠤᠯ ᠰᠢ ᠵᠢᠨ ᠫᠢᠩ ᠬᠠᠢ᠍ᠢ᠍ᠨᠠᠨ ᠨᠡᠷᠡᠮᠵᠢᠳᠤ ᠬᠥᠯᠭᠡ ᠣᠩᠭᠣᠴᠠ᠎ᠳᠤ ᠴᠡᠷᠢᠭ᠎ᠤᠨ ᠳᠤᠬ᠂ ᠨᠡᠷᠡᠶ᠋ᠢᠳᠦᠯ᠎ᠤᠨ ᠦᠨᠡᠮᠯᠡᠯ ᠤᠯᠭᠤᠵᠥ ᠪᠠᠢ᠍ᠢ᠍ᠭ᠎ᠠ᠎ᠨᠢ᠃
    ᠰᠢᠨᠬᠤᠸᠠ ᠬᠤᠷᠢᠶᠠᠨ᠎ᠤ ᠰᠤᠷᠪᠤᠯᠵᠢᠯᠠᠬ᠍ᠴᠢ ᠯᠢ ᠭᠠᠩ ᠰᠡᠬᠦᠳᠡᠷᠯᠡᠪᠡ

    4 ᠰᠠᠷ᠎ᠠ ᠵᠢᠨ 23᠎ᠤ ᠡᠳᠤᠷ᠂ ᠳᠠᠯᠠᠢ ᠵᠢᠨ ᠴᠡᠷᠢᠭ᠎ᠤᠨ ᠭᠤᠷᠪᠠᠨ ᠬᠡᠯᠪᠡᠷᠢ ᠵᠢᠨ ᠭᠣᠣᠯ ᠪᠠᠶ᠋ᠢᠯᠳᠤᠭ᠋ᠠᠨ᠎ᠤ ᠬᠦᠯᠬᠡ ᠣᠩᠭᠣᠴᠠ — ᠴᠠᠩ ᠵᠧᠩ 18 ᠳ᠋ᠤᠭ᠋ᠠᠷ ᠨᠡᠷᠡᠮᠵᠢᠳᠦ ᠣᠩᠭᠣᠴᠠ᠂ ᠳ᠋ᠠᠯᠢᠶᠠᠨ ᠨᠡᠷᠡᠮᠵᠢᠳᠤ ᠬᠥᠯᠭᠡ ᠣᠩᠭᠣᠴᠠ᠂ ᠬᠠᠶ᠋ᠢᠨᠠᠨ ᠨᠡᠷᠡᠮᠵᠢᠳᠤ ᠬᠥᠯᠭᠡ ᠣᠩᠭᠣᠴᠠ ᠵᠢ ᠬᠠᠶ᠋ᠢᠨᠠᠨ᠎ᠤ ᠰᠠᠨᠶᠠ ᠵᠢᠨ ᠨᠢᠭᠡᠨ ᠴᠡᠷᠢᠭ᠎ᠤᠨ ᠭᠠᠷᠠᠮ᠎ᠳᠤ ᠲᠥᠪᠯᠡᠷᠡᠭᠦᠯᠦᠨ ᠲᠤᠰᠢᠶᠠᠬᠤ ᠪᠠ ᠬᠦᠯᠢᠶᠡᠨ ᠠᠪᠴᠤ ᠡᠩᠨᠡᠭᠡᠨ᠎ᠳᠤ ᠣᠷᠣᠭᠤᠯᠪᠠ᠃ ᠨᠠᠮ᠎ᠤᠨ ᠲᠥᠪ ᠬᠣᠷᠢᠶᠠᠨ᠎ᠤ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭᠴᠢ᠂ ᠲᠥᠪ᠎ᠤᠨ ᠴᠡᠷᠢᠭ᠎ᠤᠨ ᠶᠠᠪᠤᠳᠠᠯ᠎ᠤᠨ ᠬᠣᠷᠢᠶᠠᠨ᠎ᠤ ᠲᠡᠷᠢᠭᠦᠯᠡᠭᠴᠢ ᠰᠢ ᠵᠢᠨ ᠫᠢᠩ ᠲᠤᠰᠢᠶᠠᠬᠤ ᠪᠠ ᠬᠦᠯᠢᠶᠡᠨ ᠠᠪᠴᠤ ᠡᠩᠨᠡᠭᠡᠨ᠎ᠳᠤ ᠣᠷᠣᠭᠤᠯᠬᠤ ᠠᠵᠢᠯᠯᠠᠭ᠎ᠠ᠎ᠳᠤ ᠣᠷᠣᠯᠴᠠᠬᠰᠠᠨ ᠪᠦᠬᠡᠳ ᠰᠢᠨᠵᠢᠯᠡᠨ ᠪᠠᠢ᠍ᠢ᠍ᠴᠠᠭ᠋ᠠᠪᠠ᠃ ᠵᠢᠷᠤᠬ ᠪᠤᠯ ᠰᠢ ᠵᠢᠨ ᠫᠢᠩ ᠴᠡᠷᠢᠭ᠎ᠤᠨ ᠬᠦᠯᠭᠡ ᠣᠩᠭᠣᠴᠠ ᠵᠢᠨ ᠰᠢᠨᠵᠢᠯᠡᠬᠦ ᠤᠬᠠᠭ᠋ᠠᠨ᠎ᠤ ᠰᠤᠳᠤᠯᠭ᠋ᠠᠨ ᠦᠢ᠍ᠯᠡᠳᠪᠤᠷᠢᠯᠡᠯ᠎ᠤᠨ ᠠᠵᠢᠯᠳᠠᠨ ᠪᠤᠯᠤᠨ ᠲᠠᠯᠠᠢ ᠵᠢᠨ ᠴᠡᠷᠢᠭ᠎ᠤᠨ ᠳᠠᠷᠤᠭ᠎ᠠ ᠪᠠᠶ᠋ᠢᠯᠳᠤᠭᠴᠢᠳ᠎ᠤᠨ ᠲᠥᠯᠥᠭᠡᠯᠡᠭᠴᠢᠳ᠎ᠲᠠᠢ ᠳᠣᠲᠣᠨᠣ᠎ᠪᠠᠷ ᠠᠭᠤᠯᠵᠠᠵᠥ ᠪᠠᠢ᠍ᠢ᠍ᠭ᠎ᠠ᠎ᠨᠢ᠃
    ᠰᠢᠨᠬᠤᠸᠠ ᠬᠤᠷᠢᠶᠠᠨ᠎ᠤ ᠰᠤᠷᠪᠤᠯᠵᠢᠯᠠᠬ᠍ᠴᠢ ᠯᠢ ᠭᠠᠩ ᠰᠡᠬᠦᠳᠡᠷᠯᠡᠪᠡ

ᠢᠷᠡᠯᠲᠡ᠄ ᠦᠪᠦᠷ ᠮᠤᠩᠭᠤᠯ᠎ᠤᠨ ᠡᠳᠦᠷ᠎ᠤᠨ ᠰᠤᠨᠢᠨ
          
ᠬᠠᠮᠢᠶ᠎ᠡ ᠪᠦᠬᠦᠢ ᠰᠣᠨᠢᠨ
ᠳᠤᠮᠳᠠᠳᠤ ᠤᠯᠤᠰ᠎ᠤᠨ ᠣᠭᠲᠠᠷᠭᠤᠢ ᠵᠢᠨ ᠦᠷᠳᠡᠭᠡ ᠵᠢᠨ ᠲᠢᠶᠠᠠ ᠡᡁᠧ ᠭᠤᠣᠯ ᠦᠷᠦᠬᠡ ᠵᠢ ᠬᠠᠷᠪᠤᠬᠤ ᠡᠭᠦᠷᠭᠡ ᠠᠮᠵᠢᠯᠲᠠ᠎ᠲᠠᠢ ᠶᠠᠪᠤᠭᠳᠠᠪᠠ
ᠨᠠᠮ᠎ᠤᠨ ᠲᠦᠪ ᠬᠤᠷᠢᠶᠠᠨ᠎ᠤ ᠤᠯᠤᠰ ᠲᠦᠷᠦ ᠵᠢᠨ ᠲᠤᠪᠴᠢᠶ᠎ᠠ ᠬᠤᠷᠠᠯ ᠬᠤᠷᠠᠯᠳᠤᠭᠤᠯᠪᠠ
ᠯᠢ ᠺᠧ ᠴᠢᠶᠠᠩ ᠲᠥᠷᠥ ᠵᠢᠨ ᠶᠠᠪᠤᠳᠠᠯ᠎ᠤᠨ ᠬᠤᠷᠢᠶᠠᠨ᠎ᠤ ᠪᠠᠶ᠋ᠢᠩᠭᠤ ᠵᠢᠨ ᠬᠤᠷᠠᠯ᠎ᠢ ᠡᠷᠬᠢᠯᠡᠨ ᠬᠤᠷᠠᠯᠳᠤᠭᠤᠯᠵᠤ ᠠᠮᠤ ᠪᠤᠳᠠᠭ᠋ᠠᠨ᠎ᠤ ᠦᠢ᠍ᠯᠡᠳᠪᠦᠷᠢᠯᠡᠯ᠎ᠤᠨ ᠲᠣᠭᠲᠠᠭᠤᠨ ᠬᠥᠭᠵᠢᠯᠲᠡ ᠵᠢ ᠤᠯᠠᠮ ᠨᠢᠭᠡ ᠠᠯᠬᠤᠮ ᠠᠬᠢᠭᠤᠯᠬᠤ ᠵᠡᠷᠭᠡ ᠠᠵᠢᠯ᠎ᠢ ᠪᠠᠶ᠋ᠢᠷᠢᠯᠠᠭᠤᠯᠪᠠ
ᠰᠢ ᠵᠢᠨ ᠫᠢᠩ ᠳᠡᠯᠡᠭᠡᠢ ᠵᠢᠨ ᠤᠯᠢᠮᠫᠢᠺ᠎ᠤᠨ ᠪᠡᠶ᠎ᠠ ᠵᠢᠨ ᠲᠠᠮᠢᠷ᠎ᠤᠨ ᠬᠦᠲᠡᠯᠭᠡᠭᠡᠡ᠎ᠤ ᠵᠦᠪᠯᠡᠯ᠎ᠤᠨ ᠲᠡᠷᠢᠭᠦᠯᠡᠭᠴᠢ ᠪᠠᡁᠸ᠎ᠲᠠᠢ ᠤᠲᠠᠰᠤ᠎ᠪᠠᠷ ᠶᠠᠷᠢᠯᠴᠠᠪᠠ
ᠰᠢ ᠵᠢᠨ ᠫᠢᠩ ᠨᠠᠨᠶᠠᠩ ᠬᠤᠲᠠ ᠵᠢᠨ ᠰᠢᠴᠦᠸᠠᠨ ᠰᠢᠶᠠᠨ᠎ᠳᠤ ᠡᠮᠦᠨᠡᠲᠦ ᠵᠢᠨ ᠤᠰᠤ ᠵᠢ ᠤᠮᠠᠷᠠᠰᠢ ᠲᠠᠲᠠᠬᠤ ᠢᠨᠵᠧᠨᠧᠷᠢᠩ᠎ᠢ ᠰᠢᠨᠵᠢᠯᠡᠨ ᠪᠠᠶ᠋ᠢᠴᠠᠭ᠋ᠠᠪᠠ
 
            