ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠰᠢ ᠵᠢᠨ ᠫᠢᠩ ᠬᠤᠪᠢᠯᠭ᠋ᠠᠨ ᠣᠩᠭᠤᠴᠠ ᠠᠷᠪᠠᠨ ᠬᠤᠶᠠᠳᠤᠭ᠋ᠠᠷ᠎ᠤᠨ ᠰᠠᠨᠰᠠᠷᠴᠢᠳ᠎ᠲᠠᠢ ᠳᠣᠲᠣᠨᠣ᠎ᠪᠠᠷ ᠶᠠᠷᠢᠯᠴᠠᠪᠠ
ᠨᠡᠶ᠋ᠢᠲᠡᠯᠡᠭᠰᠡᠨ ᠴᠠᠭ᠄ 2021-06-28


    6 ᠰᠠᠷ᠎ᠠ ᠵᠢᠨ 23᠎ᠤ ᠡᠳᠦᠷ᠂ ᠨᠠᠮ᠎ᠤᠨ ᠲᠥᠪ ᠬᠤᠷᠢᠶᠠᠨ᠎ᠤ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭᠴᠢ᠂ ᠲᠥᠪ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠲᠡᠷᠢᠭᠦᠯᠡᠭᠴᠢ ᠰᠢ ᠵᠢᠨ ᠫᠢᠩ ᠪᠡᠭᠡᠵᠢᠩ᠎ᠤᠨ ᠰᠠᠨᠰᠠᠷ᠎ᠤᠨ ᠠᠶᠠᠯᠠᠯ᠎ᠤᠨ ᠨᠢᠰᠦᠯᠲᠡ ᠵᠢ ᠡᠵᠡᠮᠳᠡᠬᠦ ᠲᠥᠪ᠎ᠲᠤ ᠬᠦᠷᠴᠦ᠂ ᠲᠢᠶᠠᠨ ᠾᠧ ᠭᠤᠣᠯ ᠥᠷᠥᠭᠡᠨ᠎ᠳᠤ ᠡᠭᠦᠷᠭᠡ ᠭᠦᠢ᠍ᠴᠡᠳᠬᠡᠵᠦ ᠪᠠᠶ᠋ᠢᠭ᠎ᠠ ᠬᠤᠪᠢᠯᠭ᠋ᠠᠨ ᠣᠩᠭᠤᠴᠠ ᠠᠷᠪᠠᠨ ᠬᠤᠶᠠᠳᠤᠭ᠋ᠠᠷ᠎ᠤᠨ ᠰᠠᠨᠰᠠᠷᠴᠢᠨ ᠨᠢᠶᠧ ᠬᠠᠢ ᠱᠧᠩ᠂ ᠯᠢᠦ ᠪᠥᠸᠧ ᠮᠢᠩ᠂ ᠲᠠᠩ ᠬᠤᠩ ᠪᠥᠸᠧ᠎ᠲᠠᠢ ᠳᠣᠲᠣᠨᠣ᠎ᠪᠠᠷ ᠶᠠᠷᠢᠯᠴᠠᠪᠠ᠃ ᠰᠢᠨᠬᠤᠸᠠ ᠬᠤᠷᠢᠶᠠᠨ᠎ᠤ ᠰᠤᠷᠪᠤᠯᠵᠢᠯᠠᠭᠴᠢ ᠵᠢᠦᠢ ᠫᠧᠩ (ᠵᠡᠭᠦᠨᠳᠡᠬᠢ ᠵᠢᠷᠤᠭ) ᠶᠤᠸᠠᠢ ᠶᠤᠸᠠᠢ ᠸᠧᠢ (ᠪᠠᠷᠠᠭᠤᠨᠳᠡᠬᠢ ᠵᠢᠷᠤᠭ) ᠰᠡᠭᠦᠳᠡᠷᠯᠡᠪᠡ᠃
     

    ᠰᠢᠨᠬᠤᠸᠠ ᠬᠤᠷᠢᠶᠠᠨ᠎ᠤ ᠪᠡᠭᠡᠵᠢᠩ᠎ᠤᠨ 6 ᠰᠠᠷ᠎ᠠ ᠵᠢᠨ 23᠎ᠤ ᠴᠠᠬᠢᠯᠭ᠋ᠠᠨ ᠮᠡᠳᠡᠭᠡ ᠨᠠᠮ᠎ᠤᠨ ᠲᠥᠪ ᠬᠤᠷᠢᠶᠠᠨ᠎ᠤ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭᠴᠢ᠂ ᠲᠥᠪ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠲᠡᠷᠢᠭᠦᠯᠡᠭᠴᠢ ᠰᠢ ᠵᠢᠨ ᠫᠢᠩ 23᠎ᠤ ᠦᠳᠡ ᠵᠢᠨ ᠡᠮᠦᠨ᠎ᠡ ᠪᠡᠭᠡᠵᠢᠩ᠎ᠤᠨ ᠰᠠᠨᠰᠠᠷ᠎ᠤᠨ ᠠᠶᠠᠯᠠᠯ᠎ᠤᠨ ᠨᠢᠰᠦᠯᠲᠡ ᠵᠢ ᠡᠵᠡᠮᠳᠡᠬᠦ ᠲᠥᠪ᠎ᠲᠤ ᠬᠦᠷᠴᠦ᠂ ᠲᠢᠶᠠᠨ ᠾᠧ ᠭᠤᠣᠯ ᠥᠷᠥᠭᠡᠨ᠎ᠳᠤ ᠡᠭᠦᠷᠭᠡ ᠭᠦᠢ᠍ᠴᠡᠳᠬᠡᠵᠦ ᠪᠠᠶ᠋ᠢᠭ᠎ᠠ ᠬᠤᠪᠢᠯᠭ᠋ᠠᠨ ᠣᠩᠭᠤᠴᠠ ᠠᠷᠪᠠᠨ ᠬᠤᠶᠠᠳᠤᠭ᠋ᠠᠷ᠎ᠤᠨ ᠰᠠᠨᠰᠠᠷᠴᠢᠨ ᠨᠢᠶᠧ ᠬᠠᠢ ᠱᠧᠩ᠂ ᠯᠢᠦ ᠪᠥᠸᠧ ᠮᠢᠩ᠂ ᠲᠠᠩ ᠬᠤᠩ ᠪᠥᠸᠧ᠎ᠲᠠᠢ ᠳᠣᠲᠣᠨᠣ᠎ᠪᠠᠷ ᠶᠠᠷᠢᠯᠴᠠᠵᠤ᠂ ᠨᠠᠮ᠎ᠤᠨ ᠲᠥᠪ ᠬᠣᠷᠢᠶ᠎ᠠ᠂ ᠲᠦᠷᠦ ᠵᠢᠨ ᠶᠠᠪᠤᠳᠠᠯ᠎ᠤᠨ ᠬᠣᠷᠢᠶ᠎ᠠ ᠪᠣᠯᠤᠨ ᠲᠥᠪ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠡᠮᠦᠨ᠎ᠡ᠎ᠠᠴᠠ᠂ ᠪᠦᠬᠦ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠡᠮᠦᠨ᠎ᠡ᠎ᠠᠴᠠ ᠲᠡᠳᠡᠨ᠎ᠳᠤ ᠴᠢᠩ ᠰᠡᠳᠬᠢᠯ᠎ᠤᠨ ᠮᠡᠨᠳᠦᠴᠢᠯᠡᠯ ᠳᠡᠪᠰᠢᠭᠦᠯᠵᠦ ᠪᠠᠶ᠋ᠢᠬᠤ᠎ᠪᠠᠨ ᠢᠯᠡᠳᠬᠡᠪᠡ᠃
    ᠨᠠᠮ᠎ᠤᠨ ᠲᠥᠪ ᠬᠤᠷᠢᠶᠠᠨ᠎ᠤ ᠤᠯᠤᠰ ᠲᠦᠷᠦ ᠵᠢᠨ ᠲᠣᠪᠴᠢᠶᠠᠨ᠎ᠤ ᠪᠠᠶ᠋ᠢᠩᠭᠤ ᠵᠢᠨ ᠭᠡᠰᠢᠭᠦᠨ᠂ ᠲᠦᠷᠦ ᠵᠢᠨ ᠶᠠᠪᠤᠳᠠᠯ᠎ᠤᠨ ᠬᠤᠷᠢᠶᠠᠨ᠎ᠤ ᠳᠡᠳ᠋ ᠶᠡᠷᠦᠩᠬᠡᠢ ᠰᠠᠶ᠋ᠢᠳ ᠬᠠᠨ ᠵᠧᠩ ᠠᠵᠢᠯᠯᠠᠭ᠎ᠠ᠎ᠳᠤ ᠣᠷᠣᠯᠴᠠᠪᠠ᠃
    ᠬᠤᠪᠢᠯᠭ᠋ᠠᠨ ᠣᠩᠭᠤᠴᠠ ᠠᠷᠪᠠᠨ ᠬᠤᠶᠠᠳᠤᠭ᠋ᠠᠷ ᠨᠢᠰᠬᠦ ᠣᠩᠭᠤᠴᠠ ᠵᠢ 6 ᠰᠠᠷ᠎ᠠ ᠵᠢᠨ 17᠎ᠤ ᠡᠳᠦᠷ ᠣᠭᠲᠠᠷᠭᠤᠢ᠎ᠳᠤ ᠬᠠᠷᠪᠤᠭᠰᠠᠨ᠎ᠠᠴᠠ ᠨᠠᠭ᠋ᠠᠰᠢ᠂ ᠰᠢ ᠵᠢᠨ ᠫᠢᠩ 3 ᠰᠠᠨᠰᠠᠷᠴᠢᠨ᠎ᠤ ᠪᠡᠶ᠎ᠡ ᠮᠠᠬᠠᠪᠣᠳ ᠪᠣᠯᠤᠨ ᠡᠭᠦᠷᠭᠡ ᠭᠦᠢ᠍ᠴᠡᠳᠬᠡᠵᠦ ᠪᠠᠶ᠋ᠢᠭ᠎ᠠ ᠪᠠᠶ᠋ᠢᠳᠠᠯ᠎ᠢ ᠲᠦᠢ᠍ᠯ ᠵᠶ᠋ᠠᠷ ᠬᠠᠯᠠᠮᠵᠢᠯᠠᠵᠤ᠂ 23᠎ᠤ ᠡᠳᠦᠷ ᠪᠡᠭᠡᠵᠢᠩ᠎ᠤᠨ ᠰᠠᠨᠰᠠᠷ᠎ᠤᠨ ᠠᠶᠠᠯᠠᠯ᠎ᠤᠨ ᠨᠢᠰᠦᠯᠲᠡ ᠵᠢ ᠡᠵᠡᠮᠳᠡᠬᠦ ᠲᠥᠪ᠎ᠲᠤ ᠲᠤᠰᠬᠠᠶ᠋ᠢᠯᠠᠨ ᠬᠦᠷᠴᠦ ᠰᠠᠨᠰᠠᠷᠴᠢᠤᠨ᠎ᠲᠠᠢ ᠲᠤᠳᠤᠨᠤ᠎ᠪᠠᠷ ᠶᠠᠷᠢᠯᠴᠠᠪᠠ᠃
    ᠦᠳᠡ ᠵᠢᠨ ᠡᠮᠦᠨᠡᠬᠢ 9 ᠴᠠᠭ 35 ᠮᠢᠨᠦ᠋ᠲ᠎ᠲᠤ᠂ ᠰᠢ ᠵᠢᠨ ᠫᠢᠩ   ᠨᠡᠷ ᠵᠢᠯᠣᠭᠤᠳᠬᠤ   ᠶᠡᠭᠡ ᠲᠢᠩᠬᠢᠮ᠎ᠳᠤ ᠣᠷᠣᠵᠤ᠂ ᠲᠤᠬᠠᠢ ᠵᠢᠨ ᠲᠠᠯᠠᠪᠠᠢ ᠵᠢᠨ ᠲᠤᠮᠤ ᠳᠡᠯᠭᠡᠴᠡ᠎ᠪᠠᠷ ᠲᠢᠶᠠᠨ ᠾᠧ ᠭᠤᠣᠯ ᠦᠷᠦᠭᠡ ᠪᠣᠯᠤᠨ ᠬᠤᠪᠢᠯᠭ᠋ᠠᠨ ᠣᠩᠭᠤᠴᠠ ᠠᠷᠪᠠᠨ ᠬᠤᠶᠠᠳᠤᠭ᠋ᠠᠷ ᠨᠢᠰᠬᠦ ᠣᠩᠭᠤᠴᠠ ᠵᠢᠨ ᠬᠠᠮ ᠴᠣᠭᠴᠠ ᠵᠢᠨ ᠠᠵᠢᠯᠯᠠᠭ᠋ᠠᠨ᠎ᠤ ᠪᠠᠶ᠋ᠢᠳᠠᠯ ᠵᠢᠴᠢ ᠰᠠᠨᠰᠠᠷᠴᠢᠨ᠎ᠤ ᠲᠣᠭᠤᠷᠢᠯᠲᠠ ᠵᠢᠨ ᠵᠠᠮ᠎ᠳᠤ ᠠᠵᠢᠯᠯᠠᠵᠤ ᠪᠠᠶ᠋ᠢᠭ᠎ᠠ ᠪᠠᠶ᠋ᠢᠳᠠᠯ᠎ᠢ ᠦᠵᠡᠪᠡ᠃ ᠳᠡᠯᠭᠡᠴᠡᠡ ᠳᠡᠭᠡᠷ᠎ᠡ ᠲᠢᠶᠠᠨ ᠾᠧ ᠭᠤᠣᠯ ᠦᠷᠦᠭᠡ ᠳᠤᠳᠤᠷᠠᠬᠢ ᠠᠬᠤᠢ ᠦᠵᠡᠭᠳᠡᠯ ᠲᠣᠳᠣᠷᠬᠠᠢ ᠢᠯᠡᠷᠡᠵᠥ᠂ ᠨᠢᠶᠧ ᠬᠠᠢ ᠱᠧᠩ᠂ ᠯᠢᠦ ᠪᠥᠸᠧ ᠮᠢᠩ᠂ ᠲᠠᠩ ᠬᠤᠩ ᠪᠥᠸᠧ ᠲᠤᠰ ᠲᠤᠰ ᠮᠧᠬᠠᠨᠢᠭ ᠭᠠᠷ᠎ᠤᠨ ᠲᠣᠭᠤᠷᠢᠯ ᠵᠠᠮ᠎ᠳᠠᠬᠢ ᠪᠣᠯᠪᠠᠰᠤᠷᠠᠯ᠎ᠤᠨ ᠲᠦᠷᠦᠯ ᠵᠦᠢ᠍ᠯ᠎ᠢ ᠬᠦᠢ᠍ᠴᠡᠳᠬᠡᠬᠦ᠂ ᠥᠷᠥᠭᠡᠨ᠎ᠤ ᠭᠠᠳᠠᠨᠠᠬᠢ ᠰᠠᠨᠰᠠᠷ᠎ᠤᠨ ᠠᠶᠠᠯᠠᠯ᠎ᠤᠨ ᠬᠤᠪᠴᠠᠰᠤᠨ᠎ᠤ ᠪᠠᠶ᠋ᠢᠷᠢᠯᠠᠭᠤᠯᠤᠯᠲᠠ ᠪᠣᠯᠤᠨ ᠪᠠᠶ᠋ᠢᠴᠠᠭ᠋ᠠᠯᠲᠠ ᠵᠡᠷᠭᠡ ᠥᠷᠥᠭᠡᠨ᠎ᠠᠴᠠ ᠭᠠᠷᠬᠤ᠎ᠠᠴᠠ ᠡᠮᠦᠨᠡᠬᠢ ᠪᠡᠯᠡᠳᠬᠡᠯ ᠠᠵᠢᠯ᠎ᠢ ᠬᠢᠵᠦ ᠪᠠᠶ᠋ᠢᠯ᠎ᠠ᠃
    9 ᠴᠠᠭ 40 ᠮᠢᠨᠦ᠋ᠲ᠎ᠲᠤ᠂ ᠰᠢ ᠵᠢᠨ ᠫᠢᠩ ᠪᠣᠰᠴᠤ ᠵᠣᠭᠰᠣᠨ᠂ ᠡᠮᠦᠨ᠎ᠡ ᠲᠠᠯ᠎ᠠ ᠵᠢᠨ ᠵᠢᠯᠣᠭᠤᠳᠬᠤ ᠰᠠᠭᠤᠳᠠᠯ᠎ᠳᠤ ᠬᠦᠷᠪᠡ᠃ ᠨᠢᠶᠧ ᠬᠠᠢ ᠱᠧᠩ᠂ ᠯᠢᠦ ᠪᠥᠸᠧ ᠮᠢᠩ᠂ ᠲᠠᠩ ᠬᠤᠩ ᠪᠥᠸᠧ 3 ᠰᠠᠨᠰᠠᠷᠴᠢᠨ ᠴᠤᠭ ᠵᠢᠪᠬᠤᠭ᠎ᠠ ᠲᠡᠭᠦᠯᠳᠡᠷ ᠪᠠᠶ᠋ᠢᠵᠤ᠂ ᠰᠢ ᠵᠢᠨ ᠫᠢᠩ᠎ᠳᠤ ᠶᠣᠰᠣᠯᠠᠪᠠ᠃
    ᠰᠢ ᠵᠢᠨ ᠫᠢᠩ᠄ ᠬᠠᠢ ᠱᠧᠩ ᠨᠥᠬᠦᠷ᠂ ᠪᠥᠸᠧ ᠮᠢᠩ ᠨᠥᠬᠦᠷ᠂ ᠬᠤᠩ ᠪᠥᠸᠧ ᠨᠥᠬᠦᠷ᠂ ᠲᠠ ᠨᠠᠷ ᠵᠦᠳᠡᠷᠡᠯ᠎ᠡ᠃ ᠪᠢ ᠨᠠᠮ᠎ᠤᠨ ᠲᠥᠪ ᠬᠣᠷᠢᠶ᠎ᠠ᠂ ᠲᠦᠷᠦ ᠵᠢᠨ ᠶᠠᠪᠤᠳᠠᠯ᠎ᠤᠨ ᠬᠣᠷᠢᠶ᠎ᠠ ᠪᠣᠯᠤᠨ ᠲᠥᠪ᠎ᠤᠨ ᠴᠡᠷᠢᠭ᠎ᠤᠨ ᠶᠠᠪᠤᠳᠠᠯ᠎ᠤᠨ ᠬᠣᠷᠢᠶ᠎ᠠ ᠵᠢᠨ ᠡᠮᠤᠨ᠎ᠡ᠎ᠠᠴᠠ᠂ ᠪᠦᠬᠦ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠡᠮᠦᠨ᠎ᠡ᠎ᠠᠴᠠ ᠲᠠ ᠨᠠᠷ᠎ᠲᠤ ᠴᠢᠩ ᠰᠡᠳᠬᠢᠯ᠎ᠤᠨ ᠮᠡᠨᠳᠦᠴᠢᠯᠡᠯ ᠳᠡᠪᠰᠢᠭᠦᠯᠵᠦ ᠪᠠᠶ᠋ᠢᠨ᠎ᠠ!
    ᠨᠢᠶᠧ ᠬᠠᠢ ᠱᠧᠩ᠄ ᠶᠡᠷᠦᠩᠬᠡᠢ ᠱᠦᠵᠢ᠎ᠳᠤ ᠪᠠᠶᠠᠷᠯᠠᠯ᠎ᠠ᠂ ᠪᠦᠭᠦ ᠤᠯᠤᠰ᠎ᠤᠨ ᠠᠷᠠᠳ ᠲᠦᠮᠡᠨ᠎ᠳᠤ ᠪᠠᠶᠠᠷᠯᠠᠯ᠎ᠠ!
    ᠰᠢ ᠵᠢᠨ ᠫᠢᠩ᠄ ᠲᠠ ᠨᠠᠷ ᠪᠣᠯ ᠲᠢᠶᠠᠨ ᠾᠧ ᠭᠤᠣᠯ ᠥᠷᠥᠭᠡᠨ᠎ᠳᠤ ᠣᠷᠣᠬᠰᠠᠨ ᠠᠩᠬᠠᠳᠠᠬ᠍ᠴᠢ ᠪᠦᠯᠦᠭ᠎ᠤᠨ ᠰᠠᠨᠰᠠᠷᠴᠢᠨ ᠮᠥᠨ᠂ ᠰᠠᠨᠰᠠᠷ᠎ᠲᠤ ᠦᠯᠡᠳᠡᠵᠥ 3 ᠰᠠᠷ᠎ᠠ ᠠᠵᠢᠯᠯᠠᠬᠤ ᠪᠣᠯᠤᠨ᠎ᠠ᠃ ᠲᠠ ᠨᠠᠷ᠎ᠤᠨ ᠰᠠᠨᠰᠠᠷ᠎ᠲᠠᠬᠢ ᠠᠵᠢᠯ ᠠᠮᠢᠳᠤᠷᠠᠯ᠎ᠤᠨ ᠪᠠᠶ᠋ᠢᠳᠠᠯ ᠴᠠᠭ ᠢᠮᠠᠬᠳᠠ ᠪᠦᠬᠦ ᠤᠯᠤᠰ᠎ᠤᠨ ᠠᠷᠠᠳ ᠲᠦᠮᠡᠨ᠎ᠤ ᠰᠡᠳᠬᠢᠯ᠎ᠢ ᠲᠠᠲᠠᠵᠤ ᠪᠠᠶ᠋ᠢᠨ᠎ᠠ᠃ ᠲᠠᠨᠤᠰ᠎ᠤᠨ ᠣᠳᠣᠬᠠᠨ᠎ᠤ ᠪᠡᠶ᠎ᠡ ᠮᠠᠬᠠᠪᠤᠳ᠎ᠤᠨ ᠪᠠᠶ᠋ᠢᠳᠠᠯ ᠶᠠᠮᠠᠷ ᠵᠡᠷᠭᠡ ᠪᠠᠶ᠋ᠢᠨ᠎ᠠ ᠪᠤᠢ᠂ ᠠᠮᠢᠳᠤᠷᠠᠯ ᠶᠠᠮᠠᠷ ᠵᠡᠷᠭᠡ ᠪᠤᠢ? ᠠᠵᠢᠯ ᠤᠷᠤᠭᠰᠢᠲᠠᠶ ᠦᠦ?
    ᠨᠢᠶᠧ ᠬᠠᠢ ᠱᠧᠩ᠄ ᠶᠡᠷᠦᠩᠬᠡᠢ ᠱᠦᠵᠢ ᠵᠢᠨ ᠬᠠᠯᠠᠮᠵᠢᠯᠠᠯ᠎ᠳᠤ ᠲᠠᠯᠠᠷᠬᠠᠵᠤ ᠪᠠᠶ᠋ᠢᠨ᠎ᠠ! ᠪᠢᠳᠡᠨ᠎ᠤ ᠪᠡᠶ᠎ᠡ ᠮᠠᠬᠠᠪᠤᠳ᠎ᠤᠨ ᠪᠠᠶ᠋ᠢᠳᠠᠯ ᠮᠠᠰᠢ ᠰᠠᠶ᠋ᠢᠨ᠂ ᠡᠯ᠎ᠡ ᠵᠦᠢ᠍ᠯ᠎ᠤᠨ ᠠᠵᠢᠯ ᠤᠷᠤᠭᠰᠢᠲᠠᠶ ᠶᠠᠪᠤᠭᠳᠠᠵᠤ ᠪᠠᠶ᠋ᠢᠨ᠎ᠠ᠃ ᠪᠢ ᠭᠤᠷᠪᠠᠳᠤᠭ᠋ᠠᠷ ᠤᠳᠠᠭ᠎ᠠ ᠡᠭᠦᠷᠭᠡ ᠭᠦᠢ᠍ᠴᠡᠳᠬᠡᠵᠦ ᠪᠠᠶ᠋ᠢᠨ᠎ᠠ᠂ ᠲᠢᠶᠠᠨ ᠾᠧ ᠭᠤᠤᠯ ᠥᠷᠥᠭᠡᠨ᠎ᠳᠤ ᠠᠵᠢᠯᠯᠠᠵᠤ ᠠᠮᠢᠳᠤᠷᠠᠬᠤ ᠨᠥᠬᠦᠴᠡᠯ ᠶᠠᠪᠤᠬᠤ ᠲᠤᠲᠤᠮ ᠰᠠᠶ᠋ᠢᠵᠢᠷᠠᠵᠤ᠂ ᠮᠠᠨ᠎ᠤ ᠳᠤᠮᠳᠠᠳᠤ ᠤᠯᠤᠰ᠎ᠤᠨ ᠰᠠᠨᠰᠠᠷᠴᠢᠨ ᠰᠠᠨᠰᠠᠷ᠎ᠲᠤ ᠣᠷᠳᠣ ᠬᠤᠭᠤᠴᠠᠭ᠎ᠠ᠎ᠪᠠᠷ ᠲᠣᠭᠤᠷᠢᠯᠲᠠ ᠵᠢᠨ ᠵᠠᠮ ᠵᠶ᠋ᠠᠷ ᠠᠶᠠᠯᠠᠬᠤ ᠬᠡᠷ᠎ᠲᠠᠢ ᠪᠣᠯᠵᠠᠶ᠃ ᠠᠯᠤᠰ ᠬᠤᠯᠠ ᠵᠢᠨ ᠣᠭᠲᠠᠷᠭᠤᠢ᠎ᠳᠤ᠂ ᠪᠢᠳᠡ ᠠᠭᠤᠤ ᠶᠡᠭᠡ ᠨᠠᠮ ᠪᠣᠯᠤᠨ ᠡᠬᠡ ᠤᠯᠤᠰ᠎ᠤᠨ ᠡᠮᠦᠨ᠎ᠡ᠎ᠠᠴᠠ ᠪᠠᠭ᠍ᠠᠳᠤᠨ ᠣᠮᠣᠭᠰᠢᠵᠤ ᠪᠠᠶ᠋ᠢᠨ᠎ᠠ᠃
    ᠯᠢᠦ ᠪᠥᠸᠧ ᠮᠢᠩ᠄ ᠶᠡᠷᠦᠩᠬᠡᠢ ᠱᠦᠵᠢ᠎ᠳᠤ ᠮᠡᠳᠡᠭᠦᠯᠦᠶ᠎ᠡ᠂ ᠪᠢ ᠬᠤᠶᠠᠳᠤᠭ᠋ᠠᠷ ᠤᠳᠠᠭ᠎ᠠ ᠡᠭᠦᠷᠭᠡ ᠭᠦᠢ᠍ᠴᠡᠳᠬᠡᠵᠦ ᠪᠠᠶ᠋ᠢᠨ᠎ᠠ᠃ ᠡᠨᠡ ᠤᠳᠠᠭ᠋ᠠᠨ᠎ᠤ ᠡᠭᠦᠷᠭᠡ᠎ᠳᠤ ᠣᠷᠣᠯᠴᠠᠬᠰᠠᠨ᠎ᠨᠢ ᠨᠠᠳᠠᠳᠦ ᠡᠭᠦᠷᠭᠡ ᠬᠠᠷᠢᠭᠤᠴᠠᠯᠭ᠎ᠠ ᠬᠦᠨᠳᠦ ᠴᠢᠬᠤᠯᠠ᠂ ᠲᠦᠢ᠍ᠯ᠎ᠤᠨ ᠢᠷᠠᠭᠤ ᠠᠯᠳᠠᠷ᠎ᠲᠠᠢ ᠰᠠᠨᠠᠭᠳᠠᠵᠤ ᠪᠠᠶ᠋ᠢᠨ᠎ᠠ᠃ ᠵᠠᠯᠭ᠋ᠠᠭ᠋ᠠᠳ ᠪᠢᠳᠡ ᠬᠤᠶᠠᠷ ᠤᠳᠠᠭ᠋ᠠᠨ᠎ᠤ ᠥᠷᠥᠭᠡᠨ᠎ᠠᠴᠠ ᠭᠠᠷᠬᠤ ᠬᠥᠳᠡᠯᠭᠡᠭᠡᠨ ᠬᠢᠬᠦ ᠪᠠ ᠮᠧᠬᠠᠨᠢᠭ ᠭᠠᠷ ᠵᠶ᠋ᠠᠷ ᠠᠵᠢᠯᠯᠠᠬᠤ ᠵᠡᠷᠭᠡ ᠠᠯᠢ ᠣᠯᠠᠨ ᠮᠡᠷᠭᠡᠵᠢᠯ᠎ᠤᠨ ᠰᠢᠯᠭ᠋ᠠᠨ ᠪᠠᠳᠤᠯᠠᠯᠳᠠ ᠵᠢᠨ ᠲᠤᠷᠰᠢᠯᠳᠠ ᠬᠢᠨ᠎ᠠ᠂ ᠪᠢᠳᠡ ᠯᠠᠪᠲᠠᠶ ᠨᠠᠷᠢᠨ ᠨᠢᠮᠪᠠᠶ ᠠᠵᠢᠯᠯᠠᠵᠤ᠂ ᠡᠯ᠎ᠡ ᠵᠦᠢ᠍ᠯ᠎ᠤᠨ ᠲᠤᠷᠰᠢᠯᠲᠠ ᠵᠢᠨ ᠲᠡᠭᠦᠰ ᠠᠮᠵᠢᠯᠲᠠ᠎ᠲᠠᠢ ᠶᠠᠪᠤᠭᠳᠠᠬᠤ ᠵᠢ ᠪᠠᠲᠤᠯᠠᠨ᠎ᠠ᠃
    ᠳᠠᠩ ᠬᠤᠩ ᠪᠥᠸᠧ᠄ ᠶᠡᠷᠦᠩᠬᠡᠢ ᠱᠦᠵᠢ᠎ᠳᠤ ᠮᠡᠳᠡᠭᠦᠯᠦᠶ᠎ᠠ᠂ ᠪᠢ ᠠᠩᠬ᠎ᠠ ᠤᠳᠠᠭ᠎ᠠ ᠰᠠᠨᠰᠠᠷ᠎ᠲᠤ ᠭᠠᠷᠴᠤ ᠪᠠᠶ᠋ᠢᠨ᠎ᠠ᠂ ᠬᠦᠨᠳᠦᠴᠡ᠎ᠪᠠᠨ ᠠᠯᠳᠠᠭᠰᠠᠨ ᠣᠷᠴᠢᠨ ᠲᠣᠭᠤᠷᠢᠨ᠎ᠳᠤ ᠨᠢᠭᠡᠨᠲᠡ ᠵᠣᠬᠢᠴᠠᠵᠤ᠂ ᠢᠳᠡᠵᠦ ᠤᠤᠭᠤᠬᠤ ᠤᠨᠲᠠᠵᠤ ᠬᠡᠪᠲᠡᠬᠦ ᠪᠣᠯᠤᠨ ᠠᠵᠢᠯᠯᠠᠬᠤ ᠪᠠᠶ᠋ᠢᠳᠠᠯ ᠴᠦᠮ ᠲᠤᠩ ᠰᠠᠶ᠋ᠢᠨ᠂ ᠪᠠᠰᠠ ᠭᠡᠷ᠎ᠤᠨ ᠬᠥᠮᠦᠰ᠎ᠲᠠᠢ᠎ᠪᠠᠨ ᠸᠢᠳᠢᠣ᠋᠎ᠪᠠᠷ ᠶᠠᠷᠢᠯᠴᠠᠵᠤ ᠪᠤᠯᠤᠨ᠎ᠠ᠂ ᠪᠢᠳᠡᠨ᠎ᠤ ᠰᠠᠨᠰᠠᠷ᠎ᠤᠨ ᠭᠡᠷ ᠣᠷᠣᠨ ᠲᠤᠩ ᠬᠠᠯᠠᠭᠤᠨ ᠳᠤᠯᠠᠭ᠋ᠠᠨ᠂ ᠲᠤᠩ ᠲᠠᠭ᠋ᠠᠯᠠᠮᠵᠢᠲᠠᠢ᠃ ᠪᠢᠳᠡ ᠳᠠᠷᠠᠭ᠋ᠠᠴᠢ ᠵᠢᠨ ᠡᠭᠦᠷᠭᠡ᠎ᠪᠠᠨ ᠰᠠᠶ᠋ᠢᠲᠤᠷ ᠪᠡᠶᠡᠯᠡᠭᠦᠯᠬᠦ᠎ᠳᠤ ᠢᠲᠡᠭᠡᠯ ᠲᠡᠭᠦᠯᠳᠡᠷ ᠪᠠᠶ᠋ᠢᠨ᠎ᠠ᠃
    ᠰᠢ ᠵᠢᠨ ᠫᠢᠩ᠄ ᠲᠠ ᠨᠠᠷ᠎ᠤᠨ ᠪᠠᠶ᠋ᠢᠳᠠᠯ ᠮᠠᠰᠢ ᠰᠠᠶ᠋ᠢᠨ᠂ ᠠᠵᠢᠯ ᠤᠷᠤᠭᠰᠢᠲᠠᠢ ᠪᠠᠶ᠋ᠢᠬᠤ ᠵᠢ ᠬᠠᠷᠠᠭ᠋ᠠᠳ ᠤᠯᠠᠨ ᠵᠶ᠋ᠠᠷ ᠵᠶ᠋ᠠᠨ ᠮᠠᠰᠢ ᠪᠠᠶᠠᠷᠯᠠᠵᠤ ᠪᠠᠶ᠋ᠢᠨ᠎ᠠ᠃ ᠰᠠᠨᠰᠠᠷ᠎ᠤᠨ ᠦᠷᠳᠡᠭᠡ ᠵᠢ ᠪᠠᠶ᠋ᠢᠭᠤᠯᠬᠤ ᠪᠣᠯ ᠳᠤᠮᠳᠠᠳᠤ ᠤᠯᠤᠰ᠎ᠤᠨ ᠰᠠᠨᠰᠠᠷ᠎ᠤᠨ ᠠᠶᠠᠯᠠᠯ᠎ᠤᠨ ᠦᠢ᠍ᠯᠡᠰ᠎ᠤᠨ ᠴᠢᠬᠤᠯᠠ ᠬᠦᠰᠢᠶ᠎ᠡ ᠲᠡᠮᠳᠡᠭ ᠮᠥᠨ᠂ ᠲᠡᠷᠡ᠎ᠨᠢ ᠬᠥᠮᠦᠨ ᠲᠥᠷᠥᠯᠬᠢᠲᠡᠨ᠎ᠤ ᠰᠠᠨᠰᠠᠷ᠎ᠢ ᠡᠩᠬᠡ ᠲᠠᠶ᠋ᠢᠪᠤᠩ ᠵᠶ᠋ᠠᠷ ᠠᠰᠢᠬᠯᠠᠬᠤ᠎ᠳᠤ ᠨᠡᠭᠡᠭᠡᠯᠲᠡᠲᠦ ᠴᠢᠨᠠᠷᠲᠠᠢ ᠬᠤᠪᠢ ᠨᠡᠮᠡᠷᠢ ᠦᠵᠡᠭᠦᠯᠬᠦ ᠪᠣᠯᠤᠨ᠎ᠠ᠃ ᠲᠠ ᠨᠠᠷ ᠪᠣᠯ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠰᠠᠨᠰᠠᠷ᠎ᠤᠨ ᠠᠶᠠᠯᠠᠯ᠎ᠤᠨ ᠦᠢ᠍ᠯᠡᠰ᠎ᠤᠨ ᠲᠤᠭ᠎ᠠ ᠲᠣᠮᠰᠢ ᠦᠭᠡᠢ ᠲᠡᠮᠡᠴᠡᠭᠴᠢ᠂ ᠠᠪᠠᠷᠢᠭᠴᠢ ᠵᠢᠨ ᠲᠥᠯᠥᠭᠡᠯᠡᠭᠴᠢ ᠮᠥᠨ᠃ ᠲᠠ ᠨᠠᠷ ᠨᠢᠭᠲᠠ ᠬᠠᠮᠵᠢᠯᠴᠠᠵᠤ᠂ ᠲᠠᠷᠠᠭ᠋ᠠᠴᠢ ᠵᠢᠨ ᠡᠭᠦᠷᠭᠡ᠎ᠪᠠᠨ ᠲᠡᠭᠦᠰ ᠠᠮᠵᠢᠯᠲᠠ᠎ᠲᠠᠢ ᠪᠡᠶᠡᠯᠡᠭᠦᠯᠬᠦ ᠵᠢ ᠬᠦᠰᠡᠵᠦ ᠪᠠᠶ᠋ᠢᠨ᠎ᠠ! ᠲᠠ ᠨᠠᠷ᠎ᠤᠨ ᠰᠠᠨᠰᠠᠷ᠎ᠤᠨ ᠠᠵᠢᠯ ᠠᠮᠢᠳᠤᠷᠠᠯ ᠤᠷᠤᠭᠰᠢᠲᠠᠶ ᠪᠠᠶ᠋ᠢᠬᠤ ᠵᠢ ᠵᠥᠩᠨᠡᠶ᠎ᠡ᠂ ᠪᠢᠳᠡ ᠪᠡᠭᠡᠵᠢᠩ᠎ᠳᠤ ᠲᠠ ᠨᠠᠷ᠎ᠤᠨ ᠢᠯᠠᠯᠲᠠ᠎ᠲᠠᠢ᠎ᠪᠠᠷ ᠪᠤᠴᠠᠵᠤ ᠢᠷᠡᠬᠦ ᠵᠢ ᠬᠦᠯᠢᠶᠡᠶ᠎ᠠ!
    ᠨᠢᠶᠧ ᠬᠠᠢ ᠱᠧᠩ᠄ ᠪᠢᠳᠠ ᠶᠡᠷᠦᠩᠬᠡᠢ ᠱᠦᠵᠢ ᠵᠢᠨ ᠵᠢᠭ᠋ᠠᠪᠤᠷᠢ ᠵᠢ ᠪᠠᠲᠤ ᠴᠡᠭᠡᠵᠢᠯᠡᠵᠦ᠂ ᠡᠭᠦᠷᠭᠡ ᠬᠠᠷᠢᠭᠤᠴᠠᠯᠭ᠎ᠠ᠎ᠳᠠᠭᠠᠨ ᠣᠰᠣᠯᠳᠠᠬᠤ ᠦᠭᠡᠢ᠂ ᠬᠦᠨᠳᠦ ᠨᠠᠶ᠋ᠢᠳᠠᠯᠭ᠎ᠠ ᠵᠢ ᠬᠥᠰᠡᠷᠳᠡᠭᠦᠯᠬᠦ ᠦᠭᠡᠢ᠎ᠪᠠᠷ ᠡᠯ᠎ᠡ ᠵᠦᠢ᠍ᠯ᠎ᠤᠨ ᠡᠭᠦᠷᠭᠡ᠎ᠪᠠᠨ ᠡᠷᠡᠰ ᠪᠡᠶᠡᠯᠡᠭᠦᠯᠦᠨ᠎ᠡ᠃ ᠶᠡᠷᠦᠩᠬᠡᠶ ᠱᠦᠵᠢ ᠰᠠᠨᠠᠭ᠎ᠠ ᠠᠮᠤᠷ ᠪᠠᠶ᠋ᠢᠭ᠋ᠠᠷᠠᠶ᠂ ᠪᠥᠬᠦ ᠤᠯᠤᠰ᠎ᠤᠨ ᠠᠷᠠᠳ ᠲᠦᠮᠡᠨ ᠰᠠᠨᠠᠭ᠎ᠠ ᠠᠮᠤᠷ ᠪᠠᠶ᠋ᠢᠭ᠋ᠠᠷᠠᠶ!
    ᠳᠠᠷᠠᠭ᠎ᠠ᠎ᠨᠢ᠂ 3 ᠰᠠᠨᠰᠠᠷᠴᠢᠨ ᠶᠤᠰᠤᠯᠠᠪᠡ᠃ ᠰᠢ ᠵᠢᠨ ᠫᠢᠩ   ᠭᠠᠷ   ᠳᠠᠯᠠᠯᠤᠨ ᠳᠡᠳᠡᠨ᠎ᠳᠤ ᠮᠡᠨᠳᠦᠴᠢᠯᠡᠯ   ᠳᠡᠪᠰᠢᠭᠦᠯᠵᠤ᠂ ᠲᠤᠬᠠᠢ ᠵᠢᠨ ᠲᠠᠯᠠᠪᠠᠢ ᠵᠢᠨ ᠲᠤᠷᠰᠢᠯᠳᠠ᠎ᠳᠤ ᠤᠷᠤᠯᠴᠠᠵᠤ ᠪᠠᠶ᠋ᠢᠭ᠎ᠠ ᠬᠦᠮᠦᠰ᠎ᠢ ᠲᠤᠬᠤᠨᠢᠭᠤᠯᠵᠤ ᠪᠠᠶ᠋ᠢᠬᠤ᠎ᠪᠠᠨ ᠢᠯᠡᠳᠭᠡᠪᠡ᠃ ᠲᠠᠯᠠᠪᠠᠢ ᠲᠦᠬᠦᠷᠡᠩ ᠬᠠᠯᠠᠭᠤᠨ ᠠᠯᠠᠭ᠎ᠠ ᠲᠠᠰᠢᠯᠳᠠ ᠵᠢᠨ ᠳᠠᠭᠤᠨ ᠤᠳᠠᠳᠠᠯ᠎ᠠ ᠨᠢᠵᠢᠭᠢᠨᠡᠪᠡ᠃
    ᠳ᠋ᠢᠩ ᠰᠢᠤᠸᠠᠢ ᠰᠢᠶᠠᠩ᠂ ᠯᠢᠦ ᠾᠧ᠂ ᠰᠢᠤᠢ ᠴᠢ ᠯᠢᠶᠠᠩ᠂ ᠵᠠᠩ ᠶᠢᠤ ᠰᠢᠶᠠ᠂ ᠸᠧᠢ ᠹᠧᠩ ᠾᠧ᠂ ᠲᠦᠪ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠭᠡᠰᠢᠭᠦᠨ ᠯᠢ ᠽᠦᠸᠧ ᠴᠧᠩ᠂ ᠮᠢᠶᠤᠤ ᠬᠤᠸᠠ᠂ ᠵᠠᠩ ᠱᠧᠩ ᠮᠢᠨ ᠶᠠᠷᠢᠯᠴᠠᠬᠤ ᠠᠵᠢᠯᠯᠠᠭ᠎ᠠ᠎ᠳᠤ ᠤᠷᠤᠯᠴᠠᠵᠠᠢ᠃

ᠢᠷᠡᠯᠲᠡ᠄ ᠦᠪᠦᠷ ᠮᠣᠩᠭᠤᠯ᠎ᠤᠨ ᠡᠳᠣᠷ᠎ᠤᠨ ᠰᠣᠨᠢᠨ
          
ᠬᠠᠮᠢᠶ᠎ᠡ ᠪᠦᠬᠦᠢ ᠰᠣᠨᠢᠨ
ᠰᠢ ᠵᠢᠨ ᠫᠢᠩ ᠹᠢᠵᠢ ᠵᠢᠨ ᠶᠡᠷᠦᠩᠬᠡᠢ ᠰᠠᠶ᠋ᠢᠳ ᠮᠦᠪᠠᠢ᠍ᠢ᠍ᠨᠢᠮᠠᠯᠠᠮᠠ᠎ᠲᠠᠢ ᠤᠲᠠᠰᠤ᠎ᠪᠠᠷ ᠶᠠᠷᠢᠯᠴᠠᠪᠠ
ᠰᠢ ᠵᠢᠨ ᠫᠢᠩ ᠰᠧᠷᠪᠢᠶ᠎ᠠ ᠵᠢᠨ ᠶᠡᠷᠦᠩᠬᠡᠶ᠋ᠢᠯᠡᠭᠴᠢ ᠥᠴᠢᠴᠢ᠎ᠲᠠᠢ ᠤᠲᠠᠰᠤ᠎ᠪᠠᠷ ᠶᠠᠷᠢᠯᠴᠠᠪᠠ
ᠳᠤᠮᠳᠠᠳᠤ ᠤᠯᠤᠰ᠎ᠤᠨ ᠡᠪ ᠬᠠᠮᠲᠤ ᠨᠠᠮ ᠪᠠᠶ᠋ᠢᠭᠤᠯᠤᠭᠳᠠᠭᠰᠠᠨ 100 ᠵᠢᠯ᠎ᠤᠨ ᠤᠢ ᠵᠢ ᠪᠡᠯᠭᠡᠯᠡᠬᠦ ᠤᠷᠠᠨ ᠰᠠᠶ᠋ᠢᠬᠠᠨ᠎ᠤ ᠲᠣᠭᠯᠠᠯᠲᠠ 《ᠠᠭᠤᠤ ᠶᠡᠬᠡ ᠠᠶᠠᠨ》 ᠪᠡᠭᠡᠵᠢᠩ᠎ᠳᠤ ᠦᠪᠡᠳᠡᠭᠰᠢ ᠶᠡᠬᠡ᠎ᠪᠠᠷ ᠶᠠᠪᠤᠭᠳᠠᠪᠠ ᠰᠢ ᠵᠢᠨ ᠫᠢᠩ ᠯᠢ ᠺᠸ ᠴᠢᠶᠠᠩ ᠯᠢ ᠵᠠᠨ ᠱᠤ᠌ ᠸᠠᠩ ᠶᠠᠩ ᠸᠠᠩ ᠬᠤ᠌ ᠨᠢᠩ ᠵᠤᠤ ᠯᠸ ᠵᠢᠢ ᠬᠠᠨ ᠵᠧᠩ ᠸᠠᠩ ᠴᠢ ᠱᠠᠨ ᠲᠣᠭᠯᠠᠯᠲᠠ ᠵᠢ ᠰᠣᠨᠢᠷᠬᠠᠵᠠᠢ
ᠰᠢ ᠵᠢᠨ ᠫᠢᠩ ᠤᠷᠤᠰ᠎ᠤᠨ ᠶᠡᠷᠦᠩᠬᠡᠶ᠋ᠢᠯᠡᠭᠴᠢ ᠫᠦᠲ᠋ᠢᠨ᠎ᠲᠠᠢ ᠸᠢᠳᠢᠣ᠋ ᠠᠭᠤᠯᠵᠠᠯᠲᠠ ᠬᠢᠵᠤ ᠬᠣᠶᠠᠷ ᠤᠯᠤᠰ᠎ᠤᠨ ᠲᠡᠷᠢᠭᠦᠨ 《ᠳᠤᠮᠳᠠᠳᠤ ᠤᠷᠤᠰ᠎ᠤᠨ ᠡᠶᠡᠯᠳᠡᠭ ᠬᠥᠷᠰᠢ ᠵᠢᠨ ᠨᠥᠬᠥᠷᠰᠡᠭ ᠬᠠᠮᠲᠤᠷᠠᠯᠴᠠᠭ᠋ᠠᠨ᠎ᠤ ᠭᠡᠷ᠎ᠡ》 ᠵᠢ ᠤᠷᠳᠤᠳᠬᠠᠬᠤ᠎ᠪᠠᠷ ᠨᠡᠶ᠋ᠢᠲᠡᠯᠡᠪᠡ
ᠰᠢ ᠵᠢᠨ ᠫᠢᠩ ᠵᠠᠬᠢᠳᠠᠯ ᠢᠯᠡᠭᠡᠵᠦ ᠵᠢᠨ ᠱᠠ ᠵᠢᠶᠠᠩ ᠮᠥᠷᠡᠨ᠎ᠤ ᠪᠠᠢ ᠾᠧ ᠲᠠᠨ ᠤᠰᠤᠨ ᠴᠠᠬᠢᠯᠭ᠋ᠠᠨ᠎ᠤ ᠥᠷᠲᠡᠭᠡᠨ᠎ᠤ ᠲᠦᠷᠦᠭᠦᠦ ᠪᠦᠯᠦᠭ᠎ᠤᠨ ᠮᠠᠰᠢᠨ ᠴᠣᠭᠴᠠᠯᠠᠪᠤᠷᠢ ᠠᠰᠢᠬᠯᠠᠯᠲᠠ᠎ᠳᠤ ᠣᠷᠣᠵᠤ ᠴᠠᠬᠢᠯᠭ᠋ᠠᠨ ᠭᠠᠷᠭ᠋ᠠᠭᠰᠠᠨ᠎ᠳᠤ ᠪᠠᠶᠠᠷ ᠬᠦᠷᠭᠡᠪᠡ ᠯᠢ ᠺᠸ ᠴᠢᠶᠠᠩ ᠴᠣᠬᠣᠯᠠᠪᠤᠷᠢ ᠥᠭᠴᠦ ᠬᠠᠨ ᠵᠧᠩ ᠠᠰᠢᠬᠯᠠᠯᠲᠠ᠎ᠳᠤ ᠣᠷᠣᠵᠤ ᠴᠠᠬᠢᠯᠭ᠋ᠠᠨ ᠭᠠᠷᠭ᠋ᠠᠬᠤ ᠶᠣᠰᠣᠯᠠᠯ᠎ᠳᠤ ᠣᠷᠣᠯᠴᠠᠪᠠ
 
            