ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠲᠦᠷᠦ ᠵᠢᠨ ᠨᠠᠮ᠎ᠤᠨ ᠬᠠᠮᠲᠤᠷᠠᠯᠴᠠᠭ᠎ᠠ ᠵᠢ ᠴᠢᠩᠭ᠋ᠠᠳᠬᠠᠵᠤ ᠠᠷᠠᠳ ᠲᠦᠮᠡᠨ᠎ᠤ ᠵᠣᠯ ᠵᠢᠷᠭ᠋ᠠᠯ᠎ᠢ ᠬᠠᠮᠲᠤ᠎ᠪᠠᠷ ᠡᠷᠢᠯᠬᠢᠯᠡᠶ᠎ᠡ — ᠳᠤᠮᠳᠠᠳᠤ ᠤᠯᠤᠰ᠎ᠤᠨ ᠡᠪ ᠬᠠᠮᠲᠤ ᠨᠠᠮ ᠪᠣᠯᠤᠨ ᠳᠡᠯᠡᠬᠡᠢ ᠵᠢᠨ ᠲᠦᠷᠦ ᠵᠢᠨ ᠨᠠᠮ᠎ᠤᠨ ᠤᠳᠤᠷᠢᠳᠬᠤ ᠬᠥᠮᠦᠰ᠎ᠤᠨ ᠲᠦᠷᠦᠭᠦᠴᠦᠳ᠎ᠤᠨ ᠬᠤᠷᠠᠯ ᠳᠡᠭᠡᠷᠡᠬᠢ ᠭᠣᠣᠯ ᠵᠤᠷᠢᠯᠳᠠᠳᠤ ᠶᠠᠷᠢᠶ᠎ᠠ
ᠨᠡᠶ᠋ᠢᠲᠡᠯᠡᠭᠰᠡᠨ ᠴᠠᠭ᠄ 2021-07-09

               (2021 ᠣᠨ᠎ᠤ 7 ᠰᠠᠷ᠎ᠠ ᠵᠢᠨ 6᠎ᠤ ᠡᠳᠦᠷ᠂ ᠪᠡᠭᠡᠵᠢᠩ᠎ᠳᠤ)
            ᠳᠤᠮᠳᠠᠳᠤ ᠤᠯᠤᠰ᠎ᠤᠨ ᠡᠪ ᠬᠠᠮᠳᠦ ᠨᠠᠮ᠎ᠤᠨ ᠲᠥᠪ ᠬᠣᠷᠢᠶᠠᠨ᠎ᠤ ᠶᠡᠷᠦᠩᠬᠡᠢ ᠱᠦᠵᠢ᠂

            ᠪᠦᠬᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠲᠡᠷᠢᠭᠦᠯᠡᠭᠴᠢ ᠰᠢ ᠵᠢᠨ ᠫᠢᠩ


ᠡᠷᠬᠢᠮ ᠬᠦᠨᠳᠦᠲᠦ ᠲᠥᠷᠥ ᠵᠢᠨ ᠨᠠᠮ᠎ᠤᠨ ᠤᠳᠤᠷᠢᠳᠬᠤ ᠬᠥᠮᠦᠰ ᠡ᠂
ᠠᠪᠠᠬᠠᠢ ᠨᠠᠷ᠂ ᠠᠪᠤᠭ᠋ᠠᠢ ᠨᠠᠷ᠂ ᠨᠠᠶ᠋ᠢᠵᠠ ᠨᠠᠷ ᠡ᠄
      ᠳᠤᠮᠳᠠᠳᠤ ᠤᠯᠤᠰ᠎ᠤᠨ ᠡᠪ ᠬᠠᠮᠲᠤ ᠨᠠᠮ ᠪᠠᠶ᠋ᠢᠭᠤᠯᠤᠭᠳᠠᠭᠰᠠᠨ 100 ᠵᠢᠯ᠎ᠤᠨ ᠤᠢ ᠵᠢᠨ ᠲᠠᠰᠢᠷᠠᠮ ᠵᠶ᠋ᠠᠷ᠂ 160 ᠭᠠᠷᠤᠢ ᠤᠯᠤᠰ᠎ᠠᠴᠠ ᠬᠦᠷᠦᠯᠴᠡᠨ ᠢᠷᠡᠭᠰᠡᠨ 500 ᠭᠠᠷᠤᠢ ᠲᠦᠷᠦ ᠵᠢᠨ ᠨᠠᠮ ᠪᠣᠯᠤᠨ ᠤᠯᠤᠰ ᠲᠦᠷᠦ ᠵᠢᠨ ᠵᠣᠬᠢᠶᠠᠨ ᠪᠠᠶ᠋ᠢᠭᠤᠯᠤᠯᠲᠠ ᠵᠢᠨ ᠤᠳᠤᠷᠢᠳᠬᠤ ᠬᠥᠮᠦᠰ᠂ ᠲᠦᠷᠦ ᠵᠢᠨ ᠨᠠᠮ ᠪᠣᠯᠤᠨ ᠡᠯ᠎ᠡ ᠡᠲᠡᠭᠡᠳ᠎ᠤᠨ ᠲᠦᠮᠡ ᠭᠠᠷᠤᠢ ᠲᠥᠯᠥᠭᠡᠯᠡᠭᠴᠢᠳ᠎ᠲᠠᠢ ᠬᠠᠮᠲᠤ 《ᠡᠭᠦᠯᠡᠨ ᠲᠠᠪᠴᠠᠩ》᠎ᠳᠤ ᠴᠤᠭᠯᠠᠷᠠᠵᠤ᠂ 《ᠠᠷᠠᠳ ᠲᠦᠮᠡᠨ᠎ᠳᠤ ᠵᠣᠯ ᠵᠢᠷᠭ᠋ᠠᠯ ᠡᠳ᠋ᠯᠡᠭᠦᠯᠬᠦ ᠪᠤᠯᠤᠨ ᠲᠦᠷᠦ ᠵᠢᠨ ᠨᠠᠮ᠎ᠤᠨ ᠬᠠᠷᠢᠭᠤᠴᠠᠯᠭ᠎ᠠ》 ᠭᠡᠬᠦ ᠡᠨᠡ ᠬᠦ᠌ ᠴᠢᠬᠤᠯᠠ ᠶᠡᠬᠡ ᠰᠡᠳᠦᠪ᠎ᠢ ᠰᠤᠳᠤᠯᠤᠨ ᠶᠠᠷᠢᠯᠴᠠᠬᠤ ᠪᠤᠯᠤᠭᠰᠠᠨ᠎ᠳᠠᠭᠠᠨ ᠮᠠᠰᠢ ᠪᠠᠶᠠᠷ᠎ᠲᠠᠢ ᠪᠠᠶ᠋ᠢᠨ᠎ᠠ᠃ ᠤᠢ᠍ᠢ᠍ᠷ᠎ᠠ ᠵᠢᠨ ᠬᠤᠭᠤᠴᠠᠭ᠋ᠠᠨ᠎ᠳᠤ᠂ 170 ᠭᠠᠷᠤᠢ ᠤᠯᠤᠰ᠎ᠤᠨ 600 ᠭᠠᠷᠤᠢ ᠲᠦᠷᠦ ᠵᠢᠨ ᠨᠠᠮ ᠪᠣᠯᠤᠨ ᠤᠯᠤᠰ ᠲᠦᠷᠦ ᠵᠢᠨ ᠵᠣᠬᠢᠶᠠᠨ ᠪᠠᠶ᠋ᠢᠭᠤᠯᠤᠯᠲᠠ᠎ᠨᠤᠭᠤᠳ ᠳᠤᠮᠳᠠᠳᠤ ᠤᠯᠤᠰ᠎ᠤᠨ ᠡᠪ ᠬᠠᠮᠲᠤ ᠨᠠᠮ ᠪᠠᠶ᠋ᠢᠭᠤᠯᠤᠭᠳᠠᠭᠰᠠᠨ 100 ᠵᠢᠯ᠎ᠤᠨ ᠤᠢ᠎ᠳᠤ ᠲᠤᠬᠠᠢ 1500 ᠭᠠᠷᠤᠢ ᠬᠤᠪᠢ ᠪᠠᠶᠠᠷ᠎ᠤᠨ ᠴᠠᠬᠢᠯᠭ᠋ᠠᠨ ᠴᠢᠮᠡᠭᠡ ᠪᠠᠶᠠᠷ᠎ᠤᠨ ᠵᠠᠬᠢᠳᠠᠯ ᠢᠯᠡᠭᠡᠵᠦ᠂ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠨᠥᠬᠥᠷᠰᠡᠭ ᠰᠡᠳᠬᠢᠯᠭᠡ ᠪᠣᠯᠤᠨ ᠰᠠᠢ᠍ᠢ᠍ᠨ ᠰᠠᠶ᠋ᠢᠬᠠᠨ ᠬᠦᠰᠡᠯ ᠵᠥᠩᠨᠡᠯ ᠵᠶ᠋ᠠᠨ ᠢᠯᠡᠳᠬᠡᠪᠡ᠃ ᠪᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠡᠮᠦᠨ᠎ᠡ᠎ᠠᠴᠠ ᠲᠠ ᠤᠯᠠᠨ᠎ᠳᠤ ᠴᠢᠩ ᠰᠡᠳᠬᠢᠯ᠎ᠤᠨ ᠲᠠᠯᠠᠷᠬᠠᠯ ᠵᠶ᠋ᠠᠨ ᠳᠡᠪᠰᠢᠭᠦᠯᠵᠦ ᠪᠠᠶ᠋ᠢᠨ᠎ᠠ!
      ᠬᠡᠳᠦᠨ ᠡᠳᠦᠷ᠎ᠤᠨ ᠡᠮᠦᠨ᠎ᠡ᠂ ᠪᠢᠳᠡ ᠶᠡᠬᠡ ᠬᠤᠷᠠᠯ ᠬᠢᠵᠦ᠂ ᠳᠤᠮᠳᠠᠳᠤ ᠤᠯᠤᠰ᠎ᠤᠨ ᠡᠪ ᠬᠠᠮᠲᠤ ᠨᠠᠮ ᠪᠠᠶ᠋ᠢᠭᠤᠯᠤᠭᠳᠠᠭᠰᠠᠨ 100 ᠵᠢᠯ᠎ᠤᠨ ᠤᠢ ᠵᠢ ᠪᠡᠯᠭᠡᠯᠡᠪᠡ᠃ 100 ᠵᠢᠯ᠎ᠤᠨ ᠲᠤᠷᠰᠢ᠂ ᠳᠤᠮᠳᠠᠳᠤ ᠤᠯᠤᠰ᠎ᠤᠨ ᠡᠪ ᠬᠠᠮᠲᠤ ᠨᠠᠮ ᠳᠤᠮᠳᠠᠳᠤ ᠤᠯᠤᠰ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭ᠋ᠠᠭᠤᠯᠵᠤ ᠦᠷᠭᠦᠯᠵᠢᠯᠡᠨ ᠲᠡᠮᠡᠴᠡᠵᠦ᠂ ᠳᠤᠮᠳᠠᠳᠤ ᠵᠢᠨ ᠦᠨᠳᠦᠰᠦᠲᠡᠨ᠎ᠤ ᠪᠣᠰᠴᠤ ᠵᠣᠭᠰᠣᠭᠰᠠᠨ ᠪᠠ ᠪᠠᠶᠠᠵᠢᠭᠰᠠᠨ᠎ᠠᠴᠠ᠎ᠪᠠᠨ ᠬᠦᠴᠦᠷᠬᠡᠭᠵᠢᠭᠰᠡᠨ ᠠᠭᠤᠤ ᠶᠡᠬᠡ ᠦᠰᠦᠷᠦᠯᠲᠡ ᠵᠢ ᠤᠭᠲᠤᠨ ᠠᠪᠴᠢᠷᠠᠪᠠ᠃ 100 ᠵᠢᠯ᠎ᠤᠨ ᠲᠤᠷᠰᠢ᠂ ᠳᠤᠮᠳᠠᠳᠤ ᠤᠯᠤᠰ᠎ᠤᠨ ᠡᠪ ᠬᠠᠮᠲᠤ ᠨᠠᠮ ᠳᠤᠮᠳᠠᠳᠤ ᠤᠯᠤᠰ᠎ᠤᠨ ᠠᠷᠠᠳ ᠲᠦᠮᠡᠨ ᠪᠣᠯᠤᠨ ᠳᠡᠯᠡᠬᠡᠢ ᠵᠢᠨ ᠡᠯ᠎ᠡ ᠤᠯᠤᠰ᠎ᠤᠨ ᠠᠷᠠᠳ ᠲᠦᠮᠡᠨ᠎ᠲᠠᠢ ᠬᠤᠪᠢ ᠵᠠᠶᠠᠭ᠎ᠠ᠎ᠪᠠᠨ ᠬᠠᠮᠲᠤᠳᠬᠠᠬᠤ ᠵᠢ ᠪᠠᠷᠢᠮᠲᠠᠯᠠᠵᠤ᠂ ᠳᠡᠯᠡᠬᠡᠢ ᠵᠢᠨ ᠶᠡᠬᠡ ᠲᠠᠯ᠎ᠠ ᠪᠣᠯᠤᠨ ᠴᠠᠭ ᠦᠶ᠎ᠡ ᠵᠢᠨ ᠤᠷᠤᠰᠬᠠᠯ ᠳᠤᠮᠳᠠ ᠳᠤᠮᠳᠠᠳᠤ ᠤᠯᠤᠰ᠎ᠤᠨ ᠬᠥᠭᠵᠢᠯᠲᠡ ᠵᠢᠨ   ᠤᠷᠤᠭᠰᠢᠯᠠᠬᠤ   ᠴᠢᠭᠯᠡᠯ ᠎ᠢ ᠡᠵᠡᠮᠳᠡᠵᠦ᠂ ᠡᠯ᠎ᠡ   ᠤᠯᠤᠰ ᠎ᠤᠨ   ᠬᠠᠮᠲᠤ ᠵᠢᠨ   ᠬᠥᠭᠵᠢᠯ ᠴᠡᠴᠡᠭᠯᠡᠯ᠎ᠢ ᠠᠬᠢᠭᠤᠯᠪᠠ᠃
      ᠳᠤᠮᠳᠠᠳᠤ ᠤᠯᠤᠰ᠎ᠤᠨ ᠡᠪ ᠬᠠᠮᠲᠤ ᠨᠠᠮ ᠪᠣᠯᠤᠨ ᠳᠤᠮᠳᠠᠳᠤ ᠤᠯᠤᠰ᠎ᠤᠨ ᠠᠷᠠᠳ ᠲᠦᠮᠡᠨ᠎ᠤ ᠣᠯᠤᠭᠰᠠᠨ ᠲᠡᠦᠬᠡᠲᠦ ᠴᠢᠨᠠᠷᠲᠠᠢ ᠠᠮᠵᠢᠯᠲᠠ ᠪᠦᠲᠦᠮᠵᠢ᠎ᠨᠢ ᠳᠡᠯᠡᠬᠡᠢ ᠵᠢᠨ ᠡᠯ᠎ᠡ ᠤᠯᠤᠰ᠎ᠤᠨ ᠠᠷᠠᠳ ᠲᠦᠮᠡᠨ᠎ᠤ ᠬᠦᠴᠦᠲᠡᠢ ᠳᠡᠮᠵᠢᠯᠭᠡ᠎ᠠᠴᠠ ᠰᠠᠯᠵᠤ ᠴᠢᠳᠠᠬᠤ ᠦᠭᠡᠢ ᠶᠤᠮ᠃ ᠡᠨᠳᠡ ᠪᠢ ᠳᠤᠮᠳᠠᠳᠤ ᠤᠯᠤᠰ᠎ᠤᠨ ᠡᠪ ᠬᠠᠮᠲᠤ ᠨᠠᠮ ᠪᠠ ᠳᠤᠮᠳᠠᠳᠤ ᠤᠯᠤᠰ᠎ᠤᠨ ᠠᠷᠠᠳ ᠲᠦᠮᠡᠨ᠎ᠤ ᠡᠮᠦᠨ᠎ᠡ᠎ᠠᠴᠠ ᠳᠤᠮᠳᠠᠳᠤ ᠤᠯᠤᠰ᠎ᠤᠨ ᠡᠪ ᠬᠠᠮᠲᠤ ᠨᠠᠮ ᠪᠠ ᠳᠤᠮᠳᠠᠳᠤ ᠤᠯᠤᠰ᠎ᠤᠨ ᠬᠤᠪᠢᠰᠬᠠᠯ᠂ ᠪᠦᠲᠦᠭᠡᠨ ᠪᠠᠶ᠋ᠢᠭᠤᠯᠤᠯᠲᠠ᠂ ᠥᠭᠡᠷᠡᠴᠢᠯᠡᠯᠲᠡ ᠵᠢᠨ ᠦᠢ᠍ᠯᠡᠰ᠎ᠢ ᠬᠠᠯᠠᠮᠵᠢᠯᠠᠨ ᠳᠡᠮᠵᠢᠵᠦ ᠬᠠᠪᠰᠤᠷᠤᠭᠰᠠᠨ ᠡᠯ᠎ᠡ ᠤᠯᠤᠰ᠎ᠤᠨ ᠲᠦᠷᠦ ᠵᠢᠨ ᠨᠠᠮ᠂ ᠠᠷᠠᠳ ᠲᠦᠮᠡᠨ ᠪᠠ ᠨᠠᠶ᠋ᠢᠵᠠ ᠨᠠᠷ᠎ᠲᠤ ᠴᠢᠩ ᠰᠡᠳᠬᠢᠯ᠎ᠤᠨ ᠲᠠᠯᠠᠷᠬᠠᠯ ᠵᠶ᠋ᠠᠨ ᠳᠡᠪᠰᠢᠭᠦᠯᠦᠶ᠎ᠡ!
      ᠠᠪᠠᠬᠠᠶ ᠨᠠᠷ᠂ ᠠᠪᠤᠭ᠋ᠠᠶ ᠨᠠᠷ᠂ ᠨᠠᠶ᠋ᠢᠵᠠ ᠨᠠᠷ ᠡ!
      ᠣᠳᠣᠬᠠᠨ᠎ᠤ ᠳᠡᠯᠡᠬᠡᠢ ᠶᠢᠷᠲᠢᠨᠴᠦ ᠶᠠᠭ ᠵᠠᠭᠤᠨ ᠵᠢᠯ᠎ᠳᠤ ᠲᠣᠬᠢᠶᠠᠯᠳᠤᠭ᠎ᠠ ᠦᠭᠡᠢ ᠶᠡᠬᠡ ᠬᠤᠪᠢᠰᠤᠯᠲᠠ ᠵᠢ ᠥᠩᠭᠡᠷᠡᠭᠡᠵᠦ᠂ ᠳᠡᠯᠡᠬᠡᠢ ᠵᠢᠨ ᠤᠯᠠᠨ ᠲᠤᠢ᠍ᠢ᠍ᠯᠵᠢᠯ᠂ ᠠᠵᠤ ᠠᠬᠤᠢ ᠵᠢᠨ ᠳᠡᠯᠡᠬᠡᠶ᠋ᠢᠵᠢᠯ᠎ᠨᠢ ᠭᠦᠨᠵᠡᠭᠡᠢ ᠬᠤᠪᠢᠷᠠᠯᠲᠠ ᠵᠢᠨ ᠳᠤᠮᠳᠠ ᠣᠷᠣᠰᠢᠵᠤ᠂ ᠡᠯ᠎ᠡ ᠤᠯᠤᠰ ᠬᠠᠷᠢᠯᠴᠠᠵᠦ᠂ ᠲᠦᠰᠢᠯᠴᠡᠵᠦ᠂ ᠨᠥᠯᠥᠭᠡᠯᠡᠯᠴᠡᠬᠦ᠎ᠨᠢ ᠨᠡᠩ ᠨᠢᠭᠲᠠ ᠪᠣᠯᠵᠠᠢ᠃ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ᠎ᠤᠨ ᠥᠷᠢᠰᠥᠯᠳᠦᠭᠡᠨ᠎ᠢ ᠠᠷᠭ᠋ᠠᠴᠡᠭ᠋ᠠᠵᠤ᠂ ᠠᠵᠤ ᠠᠬᠤᠶ ᠵᠢᠨ ᠰᠡᠷᠭᠦᠯᠲᠡ ᠵᠢ ᠠᠬᠢᠭᠤᠯᠤᠨ᠂ ᠳᠡᠯᠡᠬᠡᠶ ᠵᠢᠨ ᠲᠣᠭᠲᠠᠭᠤᠨ᠎ᠢ ᠬᠠᠮᠠᠭ᠋ᠠᠯᠠᠬᠤ ᠵᠢᠨ ᠲᠥᠯᠥᠭᠡ᠂ ᠳᠡᠯᠡᠬᠡᠶ ᠨᠡᠢ᠍ᠢ᠍ᠭᠡᠮ ᠵᠶ᠋ᠠᠷ ᠵᠶ᠋ᠠᠨ ᠰᠢᠷᠭ᠋ᠠᠭᠤ ᠬᠠᠲᠠᠭᠤᠵᠢᠯᠲᠠᠶ ᠴᠢᠷᠮᠠᠶ᠋ᠢᠯᠭ᠎ᠠ ᠭᠠᠷᠭ᠋ᠠᠵᠤ᠂ ᠡᠯ᠎ᠡ ᠤᠯᠤᠰ᠎ᠤᠨ ᠲᠥᠷᠥ ᠵᠢᠨ ᠨᠠᠮ ᠢᠳᠡᠪᠬᠢᠲᠡᠶ ᠰᠦᠪᠡᠭᠴᠢᠯᠡᠯᠳᠡ ᠬᠢᠵᠦ᠂ ᠬᠠᠷᠢᠭᠤᠴᠠᠯᠭ᠎ᠠ ᠡᠭᠦᠷᠭᠡᠯᠡᠯ ᠵᠶ᠋ᠠᠨ ᠢᠯᠡᠷᠡᠭᠦᠯᠪᠡ᠃ ᠡᠭᠦᠨ᠎ᠤ ᠬᠠᠮᠲᠤ᠂ ᠵᠠᠷᠢᠮ ᠭᠠᠵᠠᠷ ᠣᠷᠣᠨ᠎ᠤ ᠲᠠᠢ᠍ᠢ᠍ᠨ ᠳᠠᠵᠢᠨ ᠪᠠ ᠮᠥᠷᠭᠥᠯᠳᠦᠭᠡᠨ ᠮᠥᠨ ᠯᠡ ᠦᠷᠭᠦᠯᠵᠢᠯᠡᠵᠦ᠂ ᠥᠯᠥᠰᠬᠥᠯᠡᠩ ᠭᠠᠴᠢᠭ ᠪᠠ ᠡᠪᠡᠳᠴᠢᠨ ᠡᠮᠭᠡᠭ ᠮᠥᠨ ᠯᠡ ᠳᠡᠯᠭᠡᠷᠡᠵᠦ᠂ ᠵᠠᠪᠰᠠᠷᠳᠠᠯ ᠪᠠ ᠡᠰᠡᠷᠭᠦᠴᠡᠯᠳᠦᠯ ᠮᠥᠨ ᠯᠡ ᠭᠦᠨᠵᠡᠭᠡᠶ᠋ᠢᠷᠡᠵᠦ᠂ ᠡᠯ᠎ᠡ ᠤᠯᠤᠰ᠎ᠤᠨ ᠠᠷᠠᠳ ᠲᠦᠮᠡᠨ᠎ᠤ ᠵᠣᠯ ᠵᠢᠷᠭ᠋ᠠᠯᠲᠤ ᠠᠮᠢᠳᠤᠷᠠᠯ᠎ᠢ ᠬᠥᠭᠡᠭᠡᠴᠡᠯᠳᠦᠬᠦ ᠬᠦᠰᠡᠯ ᠱᠠᠭ᠋ᠠᠷᠳᠠᠯᠭ᠎ᠠ ᠨᠡᠩ ᠴᠢᠩᠭ᠎ᠠ ᠪᠤᠯᠵᠤ ᠪᠠᠢ᠍ᠢ᠍ᠨ᠎ᠠ᠃
      ᠥᠨᠥᠳᠦᠷ᠂ ᠬᠥᠮᠦᠨ ᠲᠥᠷᠥᠯᠬᠢᠲᠡᠨ᠎ᠤ ᠨᠡᠶ᠋ᠢᠭᠡᠮ ᠶᠠᠮᠠᠷ ᠵᠠᠮ ᠵᠶ᠋ᠠᠷ ᠶᠠᠪᠤᠵᠤ ᠬᠡᠷᠬᠢᠨ ᠴᠢᠷᠮᠠᠢ᠍ᠢ᠍ᠬᠤ ᠲᠡᠦᠬᠡ ᠵᠢᠨ ᠴᠠᠭ ᠥᠶ᠎ᠠ᠎ᠳᠤ ᠳᠠᠬᠢᠨᠲᠠ ᠬᠥᠷᠴᠤ ᠢᠷᠡᠪᠡ᠂ ᠳᠠᠶ᠋ᠢᠰᠤᠩᠨᠠᠨ ᠡᠰᠡᠷᠭᠦᠴᠡᠯᠳᠦᠬᠦ ᠶᠤᠮ ᠦᠦ ᠬᠠᠷᠢᠯᠴᠠᠨ ᠬᠦᠨᠳᠦᠳᠬᠡᠬᠦ ᠶᠤᠮ ᠦᠦ? ᠪᠢᠲᠡᠭᠦᠮᠵᠢᠯᠡᠨ ᠬᠠᠷᠢᠴᠠᠭ᠎ᠠ᠎ᠪᠠᠨ ᠲᠠᠰᠤᠯᠬᠤ ᠶᠤᠮ ᠦᠦ ᠡᠰᠡᠬᠦᠯ᠎ᠡ ᠨᠡᠭᠡᠭᠡᠯᠲᠡ ᠬᠢᠵᠦ ᠬᠠᠮᠲᠤᠷᠠᠯᠴᠠᠬᠤ ᠶᠤᠮ ᠦᠦ? ᠡᠪᠰᠡᠯ ᠦᠭᠡᠢ ᠲᠡᠮᠡᠴᠡᠯᠳᠦᠬᠦ ᠶᠤᠮ ᠦᠦ ᠬᠠᠷᠢᠯᠴᠠᠨ ᠠᠰᠢᠭᠲᠠᠢ ᠬᠠᠮᠲᠤ᠎ᠪᠠᠷ ᠠᠰᠢᠭ ᠬᠦᠷᠳᠡᠬᠦ ᠶᠤᠮ ᠦᠦ? ᠰᠣᠩᠭᠣᠯᠲᠠ ᠮᠠᠨ᠎ᠤ ᠭᠠᠷ᠎ᠲᠤ ᠪᠠᠶ᠋ᠢᠨ᠎ᠠ᠂ ᠬᠠᠷᠢᠭᠤᠴᠠᠯᠭ᠎ᠠ ᠪᠢᠳᠡᠨ᠎ᠤ ᠮᠥᠷᠥᠨ ᠳᠡᠭᠡᠷ᠎ᠡ ᠲᠠᠯᠪᠢᠬᠳᠠᠵᠦ ᠪᠠᠢ᠍ᠢ᠍ᠨ᠎ᠠ᠃
      ᠬᠥᠮᠦᠨ ᠲᠥᠷᠥᠯᠬᠢᠲᠡᠨ ᠪᠣᠯ ᠨᠢᠭᠡᠨ ᠪᠦᠬᠦᠯᠢ ᠴᠣᠭᠴᠠ᠂ ᠳᠡᠯᠡᠬᠡᠶ ᠵᠢᠨ ᠪᠥᠮᠪᠥᠷᠴᠡᠭ ᠪᠣᠯ ᠨᠢᠭᠡᠨ ᠭᠡᠷ ᠣᠷᠣᠨ ᠮᠥᠨ᠃ ᠬᠠᠮᠲᠤ ᠵᠢᠨ ᠥᠷᠢᠰᠥᠯᠳᠦᠭᠡᠨ᠎ᠤ ᠡᠮᠦᠨ᠎ᠡ᠂ ᠶᠠᠮᠠᠷᠪᠠ ᠬᠥᠮᠦᠨ ᠶᠠᠮᠠᠷᠪᠠ ᠤᠯᠤᠰ ᠭᠡᠳ ᠴᠥᠮ ᠬᠤᠪᠢ᠎ᠪᠠᠨ ᠪᠤᠳᠤᠭ᠋ᠠᠳ ᠪᠤᠰᠤᠳ᠎ᠢ ᠬᠠᠶ᠋ᠢᠬᠤᠷᠬᠤ ᠦᠭᠡᠢ ᠪᠠᠶ᠋ᠢᠵᠤ ᠴᠢᠳᠠᠬᠤ ᠦᠭᠡᠢ ᠶᠤᠮ᠂ ᠬᠥᠮᠦᠨ ᠲᠥᠷᠥᠯᠬᠢᠲᠡᠨ᠎ᠳᠤ ᠰᠡᠳᠬᠢᠯ ᠨᠢᠭᠡᠳᠦᠨ ᠬᠦᠴᠦ᠎ᠪᠠᠨ ᠬᠠᠮᠲᠤᠳᠬᠠᠵᠤ᠂ ᠡᠶ᠎ᠡ ᠨᠠᠶ᠋ᠢᠷᠲᠠᠢ᠎ᠪᠠᠷ ᠬᠠᠮᠲᠤ ᠣᠷᠣᠰᠢᠬᠤ ᠭᠠᠭᠴᠠᠬᠠᠨ ᠯᠠ ᠵᠠᠮ ᠪᠠᠶ᠋ᠢᠳᠠᠭ᠃ ᠲᠦᠷᠦ ᠵᠢᠨ ᠨᠠᠮ᠎ᠨᠢ ᠬᠥᠮᠦᠨ ᠲᠥᠷᠥᠯᠬᠢᠲᠡᠨ᠎ᠤ ᠲᠠᠪᠰᠢᠯᠳᠠ ᠵᠢ ᠠᠬᠢᠭᠤᠯᠬᠤ ᠴᠢᠬᠤᠯᠠ ᠬᠦᠴᠦᠨ ᠪᠣᠯᠤᠭᠰᠠᠨ᠎ᠤ ᠬᠤᠪᠢ᠎ᠳᠤ᠂ ᠵᠥᠪ ᠤᠷᠤᠭᠰᠢᠯᠠᠬᠤ ᠴᠢᠭᠯᠡᠯ᠎ᠢ ᠪᠠᠷᠢᠮᠳᠠᠯᠠᠨ᠂ ᠠᠷᠠᠳ ᠲᠦᠮᠡᠨ᠎ᠳᠤ ᠵᠣᠯ ᠵᠢᠷᠭ᠋ᠠᠯ ᠡᠳ᠋ᠯᠡᠭᠦᠯᠬᠦ᠂ ᠬᠥᠮᠦᠨ ᠲᠥᠷᠥᠯᠬᠢᠲᠡᠨ᠎ᠤ ᠲᠠᠪᠰᠢᠯᠳᠠ ᠵᠢ ᠪᠡᠶᠡᠯᠡᠭᠦᠯᠬᠦ ᠲᠡᠦᠬᠡᠲᠦ ᠬᠠᠷᠢᠭᠤᠴᠠᠯᠭ᠎ᠠ ᠵᠢ ᠡᠭᠦᠷᠭᠡᠯᠡᠬᠦ ᠬᠡᠷᠡᠭᠲᠡᠢ᠃ ᠮᠢᠨᠦ ᠦᠵᠡᠬᠦ᠎ᠪᠠᠷ ᠲᠦᠷᠦ ᠵᠢᠨ ᠨᠠᠮ ᠳᠣᠣᠷᠠᠬᠢ ᠬᠡᠳᠦᠨ ᠵᠦᠢ᠍ᠯ᠎ᠢ ᠴᠢᠷᠮᠠᠶ᠋ᠢᠨ ᠪᠡᠶᠡᠯᠡᠭᠦᠯᠪᠡᠯ ᠵᠤᠬᠢᠨ᠎ᠠ᠃
      ᠨᠢᠭᠡᠳᠦᠭᠡᠷ᠎ᠲᠤ᠂ ᠪᠢᠳᠠ ᠴᠢᠭᠯᠡᠯ᠎ᠢ ᠬᠦᠳᠦᠯᠦᠨ ᠳᠠᠭ᠋ᠠᠭᠤᠯᠬᠤ ᠬᠠᠷᠢᠭᠤᠴᠠᠯᠭ᠎ᠠ ᠵᠢ ᠡᠭᠦᠷᠭᠡᠯᠡᠵᠦ᠂ ᠬᠥᠮᠦᠨ ᠲᠥᠷᠥᠯᠬᠢᠲᠡᠨ᠎ᠤ ᠬᠠᠮᠲᠤ ᠵᠢᠨ ᠢᠷᠡᠭᠡᠳᠦᠢ ᠵᠢ ᠡᠵᠡᠮᠳᠡᠨ ᠴᠣᠭᠴᠠᠯᠠᠶ᠎ᠠ᠃ ᠠᠷᠠᠳ ᠲᠦᠮᠡᠨ ᠪᠠᠶᠠᠨ ᠴᠢᠨᠡᠭᠡᠯᠢᠭ ᠠᠮᠤᠷ ᠠᠮᠤᠭᠤᠯᠠᠩ᠎ᠢ ᠬᠦᠰᠡᠨ ᠡᠷᠡᠮᠡᠯᠵᠡᠵᠦ᠂ ᠲᠥᠪ ᠭᠣᠣᠯᠴᠢ ᠰᠢᠳᠤᠷᠭᠤ ᠶᠣᠰᠣ ᠵᠢ ᠬᠦᠰᠡᠨ ᠡᠷᠡᠮᠡᠯᠵᠡᠳᠡᠭ ᠶᠤᠮ᠃ ᠶᠡᠬᠡ ᠴᠠᠭ ᠦᠶ᠎ᠡ᠎ᠳᠤ ᠶᠡᠬᠡ ᠪᠠᠶ᠋ᠢᠷᠢᠰᠢᠯ ᠱᠠᠭ᠋ᠠᠷᠳᠠᠭᠳᠠᠨ᠎ᠠ᠂ ᠶᠡᠬᠡ ᠪᠠᠶ᠋ᠢᠷᠢᠰᠢᠯ᠎ᠨᠢ ᠠᠭᠤᠳᠠᠮ ᠪᠠᠬᠳᠠᠭ᠋ᠠᠮᠵᠢᠳᠠᠢ ᠪᠠᠢ᠍ᠢ᠍ᠬᠤ ᠵᠢ ᠤᠷᠢᠶᠠᠯᠠᠨ᠎ᠠ᠃ 《ᠦᠪᠡᠷ᠎ᠤᠨ ᠤᠯᠤᠰ ᠵᠶ᠋ᠠᠨ ᠤᠷᠢᠳ ᠵᠶ᠋ᠠᠷ ᠪᠤᠳᠤᠯᠬᠢᠯᠠᠬᠤ》 ᠡᠭᠦᠳᠡᠨ᠎ᠠᠴᠠ ᠦᠵᠡᠪᠡᠯ᠂ ᠳᠡᠯᠡᠬᠡᠢ ᠶᠢᠷᠲᠢᠨᠴᠦ ᠪᠣᠯ ᠢᠪᠴᠤᠤ ᠴᠢᠬᠤᠯ ᠪᠠᠢ᠍ᠢ᠍ᠵᠤ᠂ ᠴᠠᠭ ᠢᠮᠠᠭᠲᠠ 《ᠬᠤᠷᠴᠠ ᠰᠢᠷᠦᠭᠦᠨ ᠥᠷᠢᠰᠥᠯᠳᠦᠭᠡᠨ》 ᠳᠤᠮᠳᠠ ᠤᠷᠤᠰᠢᠵᠤ ᠪᠠᠶ᠋ᠢᠳᠠᠭ᠃ ᠬᠤᠪᠢ ᠵᠠᠶᠠᠭ᠎ᠠ᠎ᠪᠠᠨ ᠬᠠᠮᠲᠤᠳᠬᠠᠬᠤ ᠡᠭᠦᠳᠡᠨ᠎ᠠᠴᠠ ᠦᠵᠡᠪᠡᠯ᠂ ᠳᠡᠯᠡᠬᠡᠢ ᠶᠢᠷᠲᠢᠨᠴᠦ ᠪᠣᠯ ᠥᠷᠭᠡᠨ ᠠᠭᠤᠳᠠᠮ ᠪᠠᠢ᠍ᠢ᠍ᠵᠦ᠂ ᠭᠠᠵᠠᠷ ᠪᠣᠯᠭ᠋ᠠᠨ᠎ᠳᠤ ᠴᠥᠮ ᠬᠠᠮᠲᠤᠷᠠᠯᠴᠠᠭ᠎ᠠ ᠬᠢᠬᠦ ᠠᠵᠠ ᠲᠣᠬᠢᠶᠠᠯ᠎ᠲᠠᠢ ᠪᠠᠢ᠍ᠢ᠍ᠭ᠎ᠠ ᠶᠤᠮ᠃ ᠪᠢᠳᠡ ᠠᠷᠠᠳ ᠲᠦᠮᠡᠨ᠎ᠤ ᠬᠦᠰᠡᠯ ᠰᠠᠨᠠᠭ᠎ᠠ ᠵᠢ ᠰᠣᠨᠣᠰᠴᠤ᠂ ᠴᠠᠭ ᠦᠶ᠎ᠡ ᠵᠢᠨ ᠤᠷᠤᠰᠬᠠᠯ᠎ᠳᠤ ᠵᠤᠬᠢᠴᠠᠨ᠂ ᠡᠯ᠎ᠡ ᠤᠯᠤᠰ᠎ᠤᠨ᠎ᠬᠢᠨ ᠵᠣᠬᠢᠴᠠᠭᠤᠯᠭ᠎ᠠ ᠪᠠ ᠬᠠᠮᠲᠤᠷᠠᠯᠴᠠᠭ᠎ᠠ᠎ᠪᠠᠨ ᠴᠢᠩᠭ᠋ᠠᠳᠬᠠᠬᠤ ᠵᠢ ᠠᠬᠢᠭᠤᠯᠵᠤ᠂ ᠲᠤᠰ ᠤᠯᠤᠰ᠎ᠤᠨ ᠵᠶ᠋ᠠᠨ ᠠᠷᠠᠳ ᠲᠦᠮᠡᠨ᠎ᠤ ᠠᠰᠢᠭ ᠲᠤᠰᠠ ᠵᠢ ᠳᠡᠯᠡᠬᠡᠢ ᠵᠢᠨ ᠡᠯ᠎ᠡ ᠤᠯᠤᠰ᠎ᠤᠨ ᠠᠷᠠᠳ ᠲᠦᠮᠡᠨ᠎ᠤ ᠠᠰᠢᠭ ᠲᠤᠰᠠ᠎ᠲᠠᠢ ᠨᠢᠭᠡᠳᠬᠡᠵᠦ᠂ ᠬᠥᠮᠦᠨ ᠲᠥᠷᠥᠯᠬᠢᠲᠡᠨ᠎ᠤ ᠬᠤᠪᠢ ᠵᠠᠶᠠᠭ᠋ᠠᠨ᠎ᠤ ᠬᠠᠮᠲᠤ ᠴᠣᠭᠴᠠ ᠵᠢ ᠪᠠᠶ᠋ᠢᠭᠤᠯᠬᠤ ᠴᠢᠭᠯᠡᠯ ᠲᠡᠶ᠋ᠢᠰᠢ ᠤᠷᠤᠭᠰᠢᠯᠠᠶ᠎ᠠ᠃
      ᠬᠣᠶᠠᠳᠤᠭ᠋ᠠᠷ᠎ᠲᠤ᠂ ᠪᠢᠳᠡ ᠬᠠᠮᠲᠤ ᠵᠢᠨ ᠲᠠᠨᠢᠯᠲᠠ ᠵᠢ ᠨᠢᠭᠲᠠᠷᠠᠭᠤᠯᠬᠤ ᠬᠠᠷᠢᠭᠤᠴᠠᠯᠭ᠎ᠠ ᠵᠢ ᠡᠭᠦᠷᠭᠡᠯᠡᠵᠦ᠂ ᠪᠦᠬᠦ ᠬᠥᠮᠦᠨ ᠲᠥᠷᠥᠯᠬᠢᠲᠡᠨ᠎ᠤ ᠬᠠᠮᠲᠤ ᠵᠢᠨ ᠦᠷᠳᠡᠭ᠎ᠢ ᠪᠠᠲᠤ ᠰᠠᠬᠢᠨ ᠪᠠᠳᠠᠷᠠᠭᠤᠯᠤᠶ᠎ᠠ᠃ ᠡᠯ᠎ᠡ ᠤᠯᠤᠰ᠎ᠤᠨ ᠲᠡᠦᠬᠡ᠂ ᠰᠣᠶᠣᠯ᠂ ᠪᠠᠶ᠋ᠢᠭᠤᠯᠤᠯ᠂ ᠬᠥᠭᠵᠢᠯᠲᠡ ᠵᠢᠨ ᠲᠦᠪᠰᠢᠨ᠎ᠨᠢ ᠠᠳᠠᠯᠢ ᠦᠭᠡᠢ ᠪᠣᠯᠪᠠᠴᠤ ᠡᠯ᠎ᠡ ᠤᠯᠤᠰ᠎ᠤᠨ ᠠᠷᠠᠳ ᠲᠦᠮᠡᠨ ᠴᠥᠮ ᠡᠩᠬᠡ ᠲᠠᠶ᠋ᠢᠪᠤᠩ᠂ ᠬᠥᠭᠵᠢᠯᠲᠡ᠂ ᠲᠥᠪ ᠭᠣᠣᠯᠴᠢ᠂ ᠰᠢᠳᠤᠷᠭᠤ ᠶᠣᠰᠣ᠂ ᠠᠷᠠᠳᠴᠢᠯᠠᠯ᠂ ᠡᠷᠬᠡ ᠴᠢᠯᠥᠭᠡ ᠵᠡᠷᠭᠡ ᠪᠦᠬᠦ ᠬᠥᠮᠦᠨ ᠲᠥᠷᠥᠯᠬᠢᠲᠡᠨ᠎ᠤ ᠬᠠᠮᠲᠤ ᠵᠢᠨ ᠦᠷᠳᠡᠭ᠎ᠢ ᠬᠥᠭᠡᠭᠡᠴᠡᠯᠳᠦᠳᠡᠭ ᠶᠤᠮ᠃ ᠪᠢᠳᠡ ᠬᠥᠮᠦᠨ ᠲᠥᠷᠥᠯᠬᠢᠲᠡᠨ᠎ᠤ ᠢᠷᠡᠭᠡᠳᠦᠢ ᠬᠤᠪᠢ ᠵᠠᠶᠠᠭ᠎ᠠ᠎ᠳᠤ ᠳᠡᠭᠡᠳᠦ ᠬᠡᠮᠵᠢᠶ᠎ᠡ᠎ᠪᠠᠷ ᠬᠠᠷᠢᠭᠤᠴᠠᠬᠤ ᠣᠪᠣᠷ ᠵᠶ᠋ᠠᠷ ᠪᠦᠬᠦ ᠬᠥᠮᠦᠨ ᠲᠥᠷᠥᠯᠬᠢᠲᠡᠨ᠎ᠤ ᠬᠠᠮᠲᠤ ᠵᠢᠨ ᠦᠷᠲᠡᠭ᠎ᠤᠨ ᠰᠠᠨᠠᠭ᠋ᠠᠴᠢᠯᠠᠭᠴᠢ ᠪᠤᠯᠵᠤ᠂ ᠦᠷᠲᠡᠭ᠎ᠤᠨ ᠠᠭᠤᠯᠤᠭᠳᠠᠬᠤᠨ᠎ᠤ ᠲᠤᠬᠠᠢ ᠠᠳᠠᠯᠢ ᠪᠤᠰᠤ ᠪᠣᠯᠪᠠᠰᠤᠨ᠎ᠤ ᠲᠠᠨᠢᠯᠳᠠ ᠵᠢ ᠠᠭᠤᠳᠠᠮ ᠪᠠᠭᠲᠠᠭ᠋ᠠᠮᠵᠢᠲᠠᠢ᠎ᠪᠠᠷ ᠣᠶ᠋ᠢᠯᠠᠭ᠋ᠠᠵᠤ᠂ ᠠᠳᠠᠯᠢ ᠪᠤᠰᠤ ᠤᠯᠤᠰ᠎ᠤᠨ ᠠᠷᠠᠳ ᠲᠦᠮᠡᠨ᠎ᠤ ᠦᠷᠲᠡᠭ ᠵᠶ᠋ᠠᠨ ᠪᠡᠶᠡᠯᠡᠭᠦᠯᠬᠦ ᠠᠷᠭ᠎ᠠ ᠵᠠᠮ᠎ᠢ ᠬᠠᠶ᠋ᠢᠨ ᠰᠦᠪᠡᠭᠴᠢᠯᠡᠬᠥ ᠵᠢ ᠬᠦᠨᠳᠦᠳᠬᠡᠵᠦ᠂ ᠪᠦᠬᠦ ᠬᠥᠮᠦᠨ ᠲᠥᠷᠥᠯᠬᠢᠲᠡᠨ᠎ᠤ ᠬᠠᠮᠲᠤ ᠵᠢᠨ ᠦᠷᠲᠡᠭ᠎ᠢ ᠲᠤᠰ ᠤᠯᠤᠰ᠎ᠤᠨ ᠵᠶ᠋ᠠᠨ ᠠᠷᠠᠳ ᠲᠦᠮᠡᠨ᠎ᠤ ᠠᠰᠢᠭ ᠲᠤᠰᠠ ᠵᠢ ᠪᠡᠶᠡᠯᠡᠭᠦᠯᠬᠦ ᠦᠢ᠍ᠯᠡᠳᠦᠯᠭᠡ᠎ᠳᠤ ᠪᠣᠳᠠᠲᠠᠢ ᠪᠦᠭᠡᠳ ᠠᠬᠤᠢ᠍ᠢ᠍ᠴᠢ᠎ᠪᠠᠷ ᠢᠯᠡᠷᠡᠭᠦᠯᠦᠶ᠎ᠠ᠃
      ᠭᠤᠷᠪᠠᠳᠤᠭ᠋ᠠᠷ᠎ᠲᠤ᠂ ᠪᠢᠳᠡ ᠬᠥᠭᠵᠢᠯᠲᠡ ᠵᠢ ᠠᠬᠢᠭᠤᠯᠬᠤ ᠬᠠᠷᠢᠭᠤᠴᠠᠯᠭ᠎ᠠ ᠵᠢ ᠡᠭᠦᠷᠭᠡᠯᠡᠵᠦ᠂ ᠬᠥᠭᠵᠢᠯᠲᠡ ᠵᠢᠨ ᠦᠷ᠎ᠡ ᠪᠦᠲᠦᠭᠡᠯ᠎ᠢ ᠡᠯ᠎ᠡ ᠤᠯᠤᠰ᠎ᠤᠨ ᠠᠷᠠᠳ ᠲᠦᠮᠡᠨ᠎ᠳᠤ ᠨᠡᠩ ᠤᠯᠠᠨ ᠨᠡᠩ ᠭᠣᠣᠯᠴᠢ᠎ᠪᠠᠷ ᠬᠦᠷᠲᠡᠭᠡᠶ᠎ᠠ᠃ ᠬᠥᠭᠵᠢᠯᠳᠡ ᠪᠣᠯ ᠠᠷᠠᠳ ᠲᠦᠮᠡᠨ᠎ᠤ ᠵᠣᠯ ᠵᠢᠷᠭ᠋ᠠᠯ᠎ᠢ ᠪᠡᠶᠡᠯᠡᠭᠦᠯᠬᠦ ᠵᠢᠨ ᠵᠠᠩᠭᠢᠯᠠᠭ᠎ᠠ ᠮᠥᠨ᠃ ᠬᠥᠮᠦᠨ ᠲᠥᠷᠥᠯᠬᠢᠲᠡᠨ᠎ᠤ ᠵᠣᠯ ᠵᠢᠷᠭ᠋ᠠᠯ᠎ᠢ ᠬᠥᠭᠡᠭᠡᠴᠡᠯᠳᠦᠬᠦ ᠵᠠᠮ ᠳᠡᠭᠡᠷ᠎ᠡ᠂ ᠨᠢᠭᠡ ᠤᠯᠤᠰ᠂ ᠨᠢᠭᠡ ᠦᠨᠳᠦᠰᠦᠲᠡᠨ᠎ᠢ ᠴᠦ᠍ ᠣᠷᠬᠢᠭᠳᠠᠭᠤᠯᠵᠤ ᠪᠣᠯᠬᠤ ᠦᠭᠡᠢ᠃ ᠳᠡᠯᠡᠬᠡᠢ ᠳᠡᠭᠡᠷᠡᠬᠢ ᠠᠯᠢᠪᠠ ᠤᠯᠤᠰ᠂ ᠠᠯᠢᠪᠠ ᠦᠨᠳᠦᠰᠦᠲᠡᠨ ᠴᠥᠮ ᠬᠥᠭᠵᠢᠯᠲᠡ ᠵᠢᠨ ᠠᠵᠠ ᠲᠣᠬᠢᠶᠠᠯ ᠪᠠ ᠡᠷᠬᠡ ᠵᠢ ᠡᠷᠬᠡ ᠲᠡᠭᠰᠢ᠎ᠪᠠᠷ ᠡᠳ᠋ᠯᠡᠬᠦ ᠶᠣᠰᠣᠲᠠᠢ ᠶᠤᠮ᠃ ᠪᠢᠳᠠ ᠪᠠᠶᠠᠨ ᠶᠠᠳᠠᠭᠤ ᠵᠢᠨ ᠵᠥᠷᠢᠶ᠎ᠡ᠂ ᠬᠦᠭᠵᠢᠯᠲᠡ ᠵᠢᠨ ᠵᠠᠪᠰᠠᠷ ᠵᠠᠭ᠋ᠠᠭ ᠵᠡᠷᠭᠡ ᠴᠢᠬᠤᠯᠠ ᠶᠡᠬᠡ ᠠᠬᠤᠢ᠍ᠢ᠍ᠴᠢ ᠠᠰᠠᠭᠤᠳᠠᠯ᠎ᠳᠤ ᠰᠢᠭᠤᠳ ᠬᠠᠨᠳᠤᠵᠤ᠂ ᠬᠥᠭᠵᠢᠭᠡᠳᠦᠢ ᠤᠯᠤᠰ ᠪᠠ ᠭᠠᠵᠠᠷ ᠣᠷᠣᠨ᠎ᠳᠤ ᠠᠩᠬᠠᠷᠤᠯ ᠵᠶ᠋ᠠᠨ ᠬᠠᠨᠳᠤᠭᠤᠯᠵᠤ᠂ ᠶᠠᠳᠠᠭᠤ ᠬᠦᠴᠢᠷᠳᠡᠯᠲᠡᠢ ᠤᠯᠠᠨ ᠲᠦᠮᠡᠨ᠎ᠢ ᠬᠠᠶ᠋ᠢᠷᠠᠯᠠᠨ ᠬᠠᠯᠠᠮᠵᠢᠯᠠᠵᠤ᠂ ᠭᠠᠵᠠᠷ ᠪᠣᠯᠭ᠋ᠠᠨ᠎ᠳᠤ ᠬᠦᠰᠡᠯ ᠡᠷᠡᠮᠡᠯᠵᠡᠯ ᠤᠯᠭᠤᠶ᠎ᠠ᠃ ᠡᠷᠲᠡᠨ᠎ᠤ ᠳᠤᠮᠳᠠᠳᠤ ᠤᠯᠤᠰ᠎ᠤᠨ ᠬᠥᠮᠦᠨ᠄ 《ᠥᠪᠡᠷ᠎ᠢ᠎ᠪᠠᠨ ᠯᠠ ᠪᠤᠳᠤᠵᠤ ᠦᠷᠦᠭᠡᠯ᠎ᠢ ᠬᠠᠢ᠍ᠢ᠍ᠬᠤᠷᠬᠤ ᠦᠭᠡᠢ ᠪᠤᠯᠪᠠᠰᠤ᠂ ᠤᠯᠠᠨ᠎ᠳᠤ ᠵᠢᠭᠰᠢᠭᠳᠡᠮᠤᠢ; ᠦᠪᠡᠷ᠎ᠢ᠎ᠪᠠᠨ ᠤᠮᠠᠷᠳᠠᠵᠦ ᠪᠤᠰᠤᠳ᠎ᠢ ᠲᠡᠳᠬᠦᠪᠡᠰᠦ᠂ ᠣᠯᠠᠨ᠎ᠳᠤ ᠬᠦᠷᠢᠶᠡᠯᠡᠭᠳᠡᠮᠤᠢ》 ᠭᠡᠳᠡᠭ᠃ ᠬᠥᠭᠵᠢᠯᠲᠡ ᠪᠣᠯ ᠳᠡᠯᠡᠬᠡᠢ ᠵᠢᠨ ᠡᠯ᠎ᠡ ᠤᠯᠤᠰ᠎ᠤᠨ ᠡᠷᠬᠡ ᠮᠥᠨ᠂ ᠬᠠᠷᠢᠨ ᠴᠥᠭᠡᠨ ᠲᠣᠭ᠋ᠠᠨ᠎ᠤ ᠬᠡᠳᠦᠨ ᠤᠯᠤᠰ᠎ᠤᠨ ᠲᠤᠰᠬᠠᠢ ᠠᠰᠢᠭ ᠪᠢᠰᠢ᠃ ᠪᠢᠳᠡ ᠡᠯ᠎ᠡ ᠤᠯᠤᠰ᠎ᠤᠨ ᠬᠥᠭᠵᠢᠯᠲᠡ ᠵᠢᠨ ᠬᠠᠮᠲᠤᠷᠠᠯᠴᠠᠭ᠎ᠠ᠎ᠪᠠᠨ ᠴᠢᠩᠭ᠋ᠠᠳᠬᠠᠬᠤ᠂ ᠡᠯ᠎ᠡ ᠤᠯᠤᠰ᠎ᠤᠨ ᠠᠷᠠᠳ ᠲᠦᠮᠡᠨ ᠬᠥᠭᠵᠢᠯᠲᠡ ᠵᠢᠨ ᠦᠷ᠎ᠡ ᠪᠦᠲᠦᠭᠡᠯ᠎ᠢ ᠬᠠᠮᠲᠤ᠎ᠪᠠᠷ ᠡᠳ᠋ᠯᠡᠬᠦ ᠵᠢ ᠠᠬᠢᠭᠤᠯᠵᠤ᠂ ᠪᠦᠬᠦ ᠪᠥᠮᠪᠥᠷᠴᠡᠭ᠎ᠤᠨ ᠬᠥᠭᠵᠢᠯᠲᠡ ᠵᠢᠨ ᠡᠷᠭᠡ ᠲᠡᠭᠰᠢ ᠴᠢᠨᠠᠷ᠂ ᠪᠦᠲᠦᠮᠵᠢᠲᠦ ᠴᠢᠨᠠᠷ᠂ ᠬᠠᠮᠵᠢᠯᠴᠠᠬᠤ ᠴᠢᠨᠠᠷ᠎ᠢ ᠳᠡᠭᠡᠭᠰᠢᠯᠡᠭᠦᠯᠵᠦ᠂ ᠶᠠᠮᠠᠷᠪᠠ ᠬᠥᠮᠦᠨ᠎ᠤ ᠮᠡᠷᠭᠡᠵᠢᠯ᠎ᠤᠨ ᠪᠢᠲᠡᠭᠦᠮᠵᠢᠯᠡᠯ ᠬᠢᠬᠦ᠂ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠵᠠᠪᠰᠠᠷ ᠵᠠᠭ᠋ᠠᠭ ᠭᠠᠷᠭ᠋ᠠᠬᠤ᠂ ᠬᠥᠭᠵᠢᠯᠲᠡ ᠵᠢᠨ ᠬᠠᠷᠢᠴᠠᠭ᠎ᠠ᠎ᠪᠠᠨ ᠲᠠᠰᠤᠯᠬᠤ ᠵᠢ ᠬᠠᠮᠲᠤ᠎ᠪᠠᠷ ᠡᠰᠡᠷᠭᠦᠴᠡᠶ᠎ᠡ᠃ ᠪᠤᠰᠤᠳ ᠤᠯᠤᠰ᠎ᠤᠨ ᠬᠥᠭᠵᠢᠯᠲᠡ ᠵᠢ ᠬᠠᠷᠰᠢᠯᠠᠬᠤ᠂ ᠪᠤᠰᠤᠳ ᠤᠯᠤᠰ᠎ᠤᠨ ᠠᠷᠠᠳ ᠲᠦᠮᠡᠨ᠎ᠤ ᠠᠮᠢᠳᠤᠷᠠᠯ᠎ᠢ ᠬᠣᠬᠢᠷᠠᠭᠤᠯᠬᠤ᠎ᠪᠠᠷ ᠰᠥᠷᠳᠡᠬᠥᠯᠦᠭᠰᠡᠨ ᠶᠠᠮᠠᠷᠪᠠ ᠤᠯᠤᠰ ᠲᠦᠷᠦ ᠵᠢᠨ ᠤᠷᠤᠯᠳᠤᠯᠭ᠎ᠠ᠎ᠨᠢ ᠴᠥᠮ ᠬᠥᠮᠦᠨ᠎ᠤ ᠰᠡᠳᠬᠢᠯ᠎ᠢ ᠤᠯᠬᠤ ᠦᠭᠡᠢ ᠪᠥᠭᠡᠳ ᠡᠴᠦᠰ᠎ᠲᠡᠭᠡᠨ ᠲᠠᠯᠠᠭ᠋ᠠᠷ ᠪᠣᠯᠤᠨ᠎ᠠ ᠭᠡᠳᠡᠭ᠎ᠢ ᠪᠢ ᠢᠲᠡᠭᠡᠵᠦ ᠪᠠᠶ᠋ᠢᠨ᠎ᠠ!
      ᠳᠥᠷᠪᠡᠳᠦᠭᠡᠷ᠎ᠲᠤ᠂ ᠪᠢᠳᠡ ᠬᠠᠮᠲᠤᠷᠠᠯᠴᠠᠭ᠎ᠠ᠎ᠪᠠᠨ ᠴᠢᠩᠭ᠋ᠠᠳᠬᠠᠬᠤ ᠬᠠᠷᠢᠭᠤᠴᠠᠯᠭ᠎ᠠ ᠵᠢ ᠡᠭᠦᠷᠭᠡᠯᠡᠵᠦ᠂ ᠪᠦᠬᠦ ᠪᠥᠮᠪᠥᠷᠴᠡᠭ᠎ᠤᠨ ᠴᠢᠨᠠᠷᠲᠠᠢ ᠠᠶᠤᠯ ᠲᠦᠭᠰᠢᠭᠦᠷᠢ ᠪᠣᠯᠤᠨ ᠥᠷᠢᠰᠥᠯᠳᠦᠭᠡᠨ᠎ᠢ ᠭᠠᠷ ᠬᠣᠯᠪᠣᠯᠴᠠᠨ ᠠᠷᠭ᠋ᠠᠴᠠᠭ᠋ᠠᠶ᠎ᠠ᠃ ᠮᠥᠨ ᠬᠦ᠌ ᠦᠷᠪᠢᠰᠦᠨ ᠳᠡᠯᠭᠡᠷᠡᠵᠦ ᠪᠠᠶ᠋ᠢᠭ᠎ᠠ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ᠎ᠤᠨ ᠡᠮᠦᠨ᠎ᠡ᠂ ᠪᠢᠳᠡ ᠰᠢᠨᠵᠢᠯᠡᠬᠦ ᠤᠬᠠᠭ᠋ᠠᠨᠴᠢ᠎ᠪᠠᠷ ᠠᠷᠭ᠎ᠠ ᠪᠣᠳᠣᠯᠭ᠎ᠠ ᠬᠡᠷᠡᠭᠵᠢᠭᠦᠯᠬᠦ ᠵᠢ ᠪᠠᠷᠢᠮᠲᠠᠯᠠᠵᠤ᠂ ᠪᠦᠯᠬᠦᠮᠳᠡᠨ ᠬᠠᠮᠲᠤᠷᠠᠯᠴᠠᠬᠤ ᠵᠢ ᠰᠠᠨᠠᠭ᠋ᠠᠴᠢᠯᠠᠵᠤ᠂ 《ᠦᠯᠦ ᠬᠠᠯᠳᠠᠭ᠋ᠠᠬᠤ ᠴᠢᠳᠠᠪᠤᠷᠢ ᠵᠢᠨ ᠵᠠᠭ᠋ᠠᠭ ᠵᠠᠪᠰᠠᠷ》᠎ᠢ ᠨᠥᠬᠥᠪᠥᠷᠢᠯᠡᠵᠦ᠂ ᠬᠢᠵᠢᠭ᠎ᠢ ᠤᠯᠤᠰ ᠲᠥᠷᠥᠴᠢᠯᠡᠬᠦ᠂ ᠸᠢᠷᠦ᠋ᠰ᠎ᠲᠤ ᠲᠡᠮᠳᠡᠭ ᠬᠠᠳᠠᠬᠤ ᠵᠢ ᠡᠰᠡᠷᠭᠦᠴᠡᠵᠤ᠂ ᠬᠥᠮᠦᠨ ᠲᠥᠷᠥᠯᠬᠢᠲᠡᠨ᠎ᠤ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠬᠠᠮᠲᠤ ᠴᠣᠭᠴᠠ ᠵᠢ ᠪᠠᠶ᠋ᠢᠭᠤᠯᠬᠤ ᠵᠢ ᠬᠠᠮᠲᠤ᠎ᠪᠠᠷ ᠠᠬᠢᠭᠤᠯᠤᠶ᠎ᠠ᠃ ᠰᠦᠷᠳᠡᠭᠦᠯᠬᠦ ᠦᠵᠡᠯ ᠵᠡᠷᠭᠡ ᠬᠥᠮᠦᠨ ᠲᠥᠷᠥᠯᠬᠢᠲᠡᠨ᠎ᠤ ᠬᠠᠮᠲᠤ ᠵᠢᠨ ᠳᠠᠶ᠋ᠢᠰᠤᠨ᠎ᠤ ᠡᠮᠦᠨ᠎ᠡ᠂ ᠪᠢᠳᠠ ᠬᠠᠮᠲᠤᠷᠠᠯᠴᠠᠭ᠎ᠠ᠎ᠪᠠᠷ ᠠᠮᠤᠷ ᠲᠦᠪᠰᠢᠨ᠎ᠢ ᠡᠷᠢᠯᠭᠢᠯᠡᠵᠤ᠂ ᠠᠮᠤᠷ ᠲᠦᠪᠰᠢᠨ᠎ᠤ 《ᠬᠠᠯᠬᠠᠪᠴᠢ》 ᠵᠢ ᠬᠠᠮᠲᠤ᠎ᠪᠠᠷ ᠰᠠᠶ᠋ᠢᠲᠤᠷ ᠴᠣᠭᠴᠠᠯᠠᠶ᠎ᠠ᠃ ᠬᠡᠪᠡᠷᠡᠭ ᠠᠮᠢ ᠠᠬᠤᠢ ᠣᠷᠴᠢᠨ ᠲᠣᠭᠣᠷᠢᠨ᠎ᠤ ᠡᠮᠦᠨ᠎ᠠ᠂ ᠪᠢᠳᠡ ᠪᠠᠶ᠋ᠢᠭ᠋ᠠᠯᠢ ᠵᠢ ᠬᠦᠨᠳᠦᠳᠬᠡᠬᠦ᠂ ᠪᠠᠶ᠋ᠢᠭ᠋ᠠᠯᠢ᠎ᠲᠠᠢ ᠵᠣᠬᠢᠴᠠᠬᠤ᠂ ᠪᠠᠶ᠋ᠢᠭ᠋ᠠᠯᠢ ᠵᠢ ᠬᠠᠮᠠᠭ᠋ᠠᠯᠠᠬᠤ ᠵᠢ ᠪᠠᠷᠢᠮᠲᠠᠯᠠᠵᠤ᠂ ᠪᠣᠬᠢᠷᠲᠤᠯ ᠦᠭᠡᠢ ᠭᠡᠷ ᠣᠷᠣᠨ᠎ᠢ ᠬᠠᠮᠲᠤ᠎ᠪᠠᠷ ᠪᠠᠶ᠋ᠢᠭᠤᠯᠤᠶ᠎ᠠ᠃ ᠠᠭᠤᠷ ᠠᠮᠢᠰᠬᠤᠯ᠎ᠤᠨ ᠬᠤᠪᠢᠷᠠᠯᠲᠠ ᠵᠢᠨ ᠬᠥᠮᠦᠨ ᠲᠥᠷᠥᠯᠬᠢᠲᠡᠨ᠎ᠤ ᠣᠷᠣᠰᠢᠨ ᠲᠣᠭᠲᠠᠨᠢᠯ ᠪᠠ ᠬᠥᠭᠵᠢᠯᠳᠡ᠎ᠳᠤ ᠤᠴᠠᠷᠠᠭᠤᠯᠤᠭᠰᠠᠨ ᠬᠦᠨᠳᠦ ᠬᠡᠴᠡᠭᠦᠦ ᠥᠷᠢᠰᠥᠯᠳᠦᠭᠡᠨ᠎ᠤ ᠡᠮᠦᠨ᠎ᠡ᠂ ᠪᠢᠳᠡ ᠵᠣᠷᠢᠭᠲᠠᠢ᠎ᠪᠠᠷ ᠬᠠᠷᠢᠭᠤᠴᠠᠯᠭ᠎ᠠ ᠡᠭᠦᠷᠭᠡᠯᠡᠨ᠂ ᠰᠡᠳᠬᠢᠯ ᠨᠢᠭᠡᠳᠦᠨ ᠬᠦᠴᠦ᠎ᠪᠠᠨ ᠬᠠᠮᠲᠤᠳᠬᠠᠵᠤ᠂ ᠬᠥᠮᠦᠨ ᠬᠢᠭᠡᠳ ᠪᠠᠶ᠋ᠢᠭ᠋ᠠᠯᠢ ᠵᠢᠨ ᠡᠶ᠎ᠡ ᠵᠣᠬᠢᠴᠠᠯ᠎ᠲᠠᠢ᠎ᠪᠠᠷ ᠬᠠᠮᠲᠤ ᠣᠷᠣᠰᠢᠬᠤ ᠵᠠᠮ᠎ᠢ ᠬᠠᠮᠲᠤ᠎ᠪᠠᠷ ᠰᠦᠪᠡᠭᠴᠢᠯᠡᠶ᠎ᠠ᠃
      ᠲᠠᠪᠤᠳᠤᠭ᠋ᠠᠷ᠎ᠲᠤ᠂ ᠪᠢᠳᠡ ᠵᠠᠰᠠᠯᠲᠠ ᠵᠢ ᠲᠡᠭᠦᠯᠳᠡᠷᠵᠢᠭᠦᠯᠬᠦ ᠬᠠᠷᠢᠭᠤᠴᠠᠯᠭ᠎ᠠ ᠵᠢ ᠡᠭᠦᠷᠭᠡᠯᠡᠵᠦ᠂ ᠠᠷᠠᠳ ᠲᠦᠮᠡᠨ᠎ᠳᠤ ᠵᠣᠯ ᠵᠢᠷᠭ᠋ᠠᠯ ᠡᠳ᠋ᠯᠡᠭᠦᠯᠬᠦ ᠴᠢᠳᠠᠪᠤᠷᠢ᠎ᠪᠠᠨ ᠲᠠᠰᠤᠷᠠᠯᠲᠠ ᠦᠭᠡᠢ ᠴᠢᠩᠭ᠋ᠠᠳᠬᠠᠶ᠎ᠠ᠃ ᠵᠣᠯ ᠵᠢᠷᠭ᠋ᠠᠯ᠎ᠢ ᠤᠯᠬᠤ ᠵᠠᠮ ᠠᠳᠠᠯᠢ ᠪᠤᠰᠤ ᠪᠠᠢ᠍ᠢ᠍ᠲᠠᠭ᠂ ᠡᠯ᠎ᠡ ᠤᠯᠤᠰ᠎ᠤᠨ ᠠᠷᠠᠳ ᠲᠦᠮᠡᠨ ᠥᠪᠡᠷ᠎ᠤᠨ ᠬᠥᠭᠵᠢᠯᠲᠡ ᠵᠢᠨ ᠵᠠᠮ ᠪᠣᠯᠤᠨ ᠪᠠᠶ᠋ᠢᠭᠤᠯᠤᠯ᠎ᠤᠨ ᠵᠠᠭᠪᠤᠷ ᠵᠶ᠋ᠠᠨ ᠰᠣᠩᠭᠣᠬᠤ ᠡᠷᠬᠡ᠎ᠲᠠᠢ᠂ ᠡᠨᠡ᠎ᠨᠢ ᠳᠠᠷᠤᠢ ᠠᠷᠠᠳ ᠲᠦᠮᠡᠨ᠎ᠤ ᠵᠣᠯ ᠵᠢᠷᠭ᠋ᠠᠯ᠎ᠤᠨ ᠪᠠᠶ᠋ᠢᠪᠠᠰᠤ ᠵᠣᠬᠢᠬᠤ ᠠᠭᠤᠯᠭ᠎ᠠ ᠪᠣᠯᠤᠨ᠎ᠠ᠃ ᠠᠷᠠᠳᠴᠢᠯᠠᠯ᠎ᠨᠢ ᠠᠲᠠᠯᠢᠬᠠᠠ ᠵᠶ᠋ᠠᠷ ᠡᠯ᠎ᠠ ᠤᠯᠤᠰ᠎ᠤᠨ ᠠᠷᠠᠳ ᠲᠦᠮᠠᠠ᠎ᠤ ᠡᠷᠭᠡ ᠮᠦᠨ᠂ ᠬᠠᠷᠢᠨ ᠴᠥᠭᠡᠨ ᠲᠣᠭ᠋ᠠᠨ᠎ᠤ ᠤᠯᠤᠰ᠎ᠤᠨ ᠲᠤᠰᠬᠠᠢ ᠠᠰᠢᠭ ᠪᠢᠰᠢ᠃ ᠠᠷᠠᠳᠴᠢᠯᠠᠯ᠎ᠢ ᠪᠡᠶᠡᠯᠡᠭᠦᠯᠬᠦ᠎ᠳᠤ ᠤᠯᠠᠨ ᠵᠦᠢ᠍ᠯ᠎ᠤᠨ ᠠᠷᠭ᠎ᠠ ᠬᠡᠯᠪᠡᠷᠢ ᠪᠠᠶ᠋ᠢᠳᠠᠭ᠂ ᠨᠢᠭᠡ ᠯᠡ ᠠᠳᠠᠯᠢ ᠪᠠᠶ᠋ᠢᠵᠤ ᠴᠢᠳᠠᠬᠤ ᠦᠭᠡᠢ ᠶᠤᠮ᠃ ᠨᠢᠭᠡ ᠤᠯᠤᠰ ᠠᠷᠠᠳᠴᠢᠯᠠᠯ᠎ᠲᠠᠢ ᠡᠰᠡᠭᠦ ᠵᠢ ᠲᠡᠷᠡ ᠤᠯᠤᠰ᠎ᠤᠨ ᠠᠷᠠᠳ ᠲᠦᠮᠠᠠ ᠵᠶ᠋ᠠᠷ ᠦᠨᠡᠯᠡᠭᠦᠯᠬᠦ ᠴᠢᠬᠤᠯᠠᠲᠠᠢ᠂ ᠬᠠᠷᠢᠨ ᠴᠥᠭᠡᠨ ᠲᠣᠭ᠋ᠠᠨ᠎ᠤ ᠬᠥᠮᠦᠨ ᠬᠡᠯᠡᠭᠡᠳ ᠪᠣᠯᠴᠢᠬᠠᠬᠤ ᠪᠢᠰᠢ! ᠪᠢᠳᠡ ᠰᠣᠯᠢᠯᠴᠠᠭ᠎ᠠ ᠬᠢᠵᠦ ᠬᠠᠷᠢᠯᠴᠠᠨ ᠲᠤᠯᠢ ᠪᠣᠯᠭ᠋ᠠᠬᠤ᠎ᠪᠠᠨ ᠴᠢᠩᠭ᠋ᠠᠳᠬᠠᠵᠤ᠂ ᠤᠯᠤᠯᠴᠠᠬᠤ ᠲᠣᠭᠲᠠᠴᠠ᠎ᠪᠠᠨ ᠲᠡᠭᠦᠯᠳᠡᠷᠵᠢᠭᠦᠯᠦᠨ᠂ ᠨᠡᠶ᠋ᠢᠭᠡᠮ᠎ᠤᠨ ᠪᠠᠶ᠋ᠢᠳᠠᠯ ᠠᠷᠠᠳ᠎ᠤᠨ ᠰᠠᠨᠠᠭ᠎ᠠ ᠵᠢ ᠡᠵᠡᠮᠳᠡᠵᠦ᠂ ᠵᠣᠬᠢᠶᠠᠨ ᠪᠠᠶ᠋ᠢᠭᠤᠯᠤᠯᠲᠠ ᠵᠢᠨ ᠰᠢᠰᠲ᠋ᠧᠮ ᠵᠶ᠋ᠠᠨ ᠪᠦᠷᠢᠨᠰᠢᠬᠦᠯᠦᠨ᠂ ᠵᠠᠰᠠᠯᠲᠠ ᠵᠢᠨ ᠴᠢᠳᠠᠪᠤᠷᠢ᠎ᠪᠠᠨ ᠳᠡᠭᠡᠭᠰᠢᠯᠡᠭᠦᠯᠵᠦ᠂ ᠲᠤᠰ ᠤᠯᠤᠰ᠎ᠤᠨ ᠵᠶ᠋ᠠᠨ ᠪᠠᠶ᠋ᠢᠳᠠᠯ᠎ᠳᠤ ᠵᠣᠬᠢᠴᠠᠭᠰᠠᠨ ᠠᠷᠠᠳᠴᠢᠯᠠᠭᠰᠠᠨ ᠤᠯᠤᠰ ᠲᠦᠷᠦ ᠵᠢᠨ ᠪᠠᠶ᠋ᠢᠭᠤᠯᠤᠯᠲᠠ ᠵᠢ ᠠᠬᠢᠭᠤᠯᠤᠨ᠂ ᠠᠷᠠᠳ ᠲᠦᠮᠡᠨ᠎ᠳᠤ ᠵᠣᠯ ᠵᠢᠷᠭ᠋ᠠᠯ ᠡᠳ᠋ᠯᠡᠭᠦᠯᠬᠦ ᠴᠢᠳᠠᠪᠤᠷᠢ ᠪᠠ ᠦᠷ᠎ᠡ ᠪᠦᠲᠦᠮᠵᠢ ᠵᠢ ᠲᠠᠰᠤᠷᠠᠯᠳᠠ ᠦᠭᠡᠢ ᠳᠡᠭᠡᠭᠰᠢᠯᠡᠭᠦᠯᠪᠡᠯ ᠵᠤᠬᠢᠨ᠎ᠠ᠃
      ᠠᠪᠠᠬᠠᠶ ᠨᠠᠷ᠂ ᠠᠪᠤᠭ᠋ᠠᠶ ᠨᠠᠷ᠂ ᠨᠠᠶ᠋ᠢᠵᠠ ᠨᠠᠷ ᠡ!
      ᠠᠷᠠᠳ ᠲᠦᠮᠡᠨ᠎ᠳᠤ ᠵᠣᠯ ᠵᠢᠷᠭ᠋ᠠᠯ ᠡᠳ᠋ᠯᠡᠭᠦᠯᠬᠦ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠢᠮᠠᠭᠲᠠ ᠪᠠᠲᠤ ᠰᠠᠬᠢᠬᠤ ᠤᠭ ᠰᠠᠨᠠᠭ᠎ᠠ ᠪᠣᠯᠤᠨ᠎ᠠ᠃ ᠥᠨᠥᠳᠦᠷ᠂ ᠳᠤᠮᠳᠠᠳᠤ ᠤᠯᠤᠰ ᠨᠢᠭᠡᠨᠲᠡ ᠴᠢᠨᠡᠭᠡᠯᠢᠭ ᠨᠡᠶ᠋ᠢᠭᠡᠮ᠎ᠢ ᠪᠦᠬᠦ ᠲᠠᠯ᠎ᠠ᠎ᠪᠠᠷ ᠪᠡᠶᠡᠯᠡᠭᠦᠯᠬᠦ ᠲᠡᠮᠡᠴᠡᠬᠦ ᠬᠠᠷᠠᠯᠲᠠ᠎ᠪᠠᠨ ᠪᠡᠶᠡᠯᠡᠭᠦᠯᠵᠦ᠂ ᠨᠡᠶ᠋ᠢᠭᠡᠮ ᠵᠢᠷᠤᠮ᠎ᠤᠨ ᠣᠳᠣᠬᠢᠴᠢᠯᠠᠭᠰᠠᠨ ᠤᠯᠤᠰ᠎ᠢ ᠪᠦᠬᠦ ᠲᠠᠯ᠎ᠠ᠎ᠪᠠᠷ ᠪᠦᠳᠦᠭᠡᠨ ᠪᠠᠶ᠋ᠢᠭᠤᠯᠬᠤ ᠰᠢᠨ᠎ᠡ ᠠᠶᠠᠨ ᠵᠶ᠋ᠠᠨ ᠡᠬᠢᠯᠡᠭᠦᠯᠵᠦ᠂ ᠳᠤᠮᠳᠠᠳᠤ ᠤᠯᠤᠰ᠎ᠤᠨ ᠠᠷᠠᠳ ᠲᠦᠮᠡᠨ᠎ᠤ ᠬᠦᠷᠲᠡᠮᠵᠢ ᠵᠢᠨ ᠲᠦᠷᠦᠭᠳᠡᠯ᠂ ᠵᠢᠷᠭ᠋ᠠᠯᠲᠤ ᠲᠦᠷᠦᠭᠳᠡᠯ᠂ ᠠᠮᠤᠷ ᠲᠦᠪᠰᠢᠨ᠎ᠤ ᠲᠦᠷᠦᠭᠳᠡᠯ ᠲᠠᠰᠤᠷᠠᠯᠳᠠ ᠦᠭᠡᠢ ᠳᠡᠭᠡᠭᠰᠢᠯᠡᠪᠡ᠃ ᠳᠤᠮᠳᠠᠳᠤ ᠤᠯᠤᠰ᠎ᠤᠨ ᠶᠠᠪᠤᠲᠠᠯ ᠤᠴᠢᠷ ᠵᠶ᠋ᠠᠨ ᠰᠠᠶ᠋ᠢᠲᠤᠷ ᠬᠢᠵᠦ᠂ 14 ᠳ᠋ᠦᠩᠰᠢᠭᠤᠷ ᠭᠠᠷᠤᠢ ᠳᠤᠮᠳᠠᠳᠤ ᠤᠯᠤᠰ᠎ᠤᠨ ᠠᠷᠠᠳ ᠲᠦᠮᠡᠨ᠎ᠳᠤ ᠨᠡᠩ ᠰᠠᠢ᠍ᠢ᠍ᠨ ᠰᠠᠶ᠋ᠢᠬᠠᠨ ᠠᠮᠢᠳᠤᠷᠠᠯ᠎ᠢ ᠡᠳ᠋ᠯᠡᠭᠦᠯᠵᠦ᠂ ᠬᠥᠮᠦᠨ ᠲᠥᠷᠥᠯᠬᠢᠲᠡᠨ᠎ᠤ ᠡᠩᠬᠡ ᠲᠠᠶ᠋ᠢᠪᠤᠩ ᠬᠢᠭᠡᠳ ᠬᠥᠭᠵᠢᠯᠲᠡ ᠵᠢᠨ ᠡᠷᠬᠢᠮ ᠳᠡᠭᠡᠳᠦ ᠦᠢ᠍ᠯᠡᠰ᠎ᠢ ᠠᠬᠢᠭᠤᠯᠬᠤ ᠪᠣᠯ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠬᠤᠪᠢᠷᠠᠰᠢ ᠦᠭᠡᠢ ᠲᠡᠮᠡᠴᠡᠬᠦ ᠬᠠᠷᠠᠯᠲᠠ ᠮᠥᠨ᠃ ᠳᠤᠮᠳᠠᠳᠤ ᠤᠯᠤᠰ᠎ᠤᠨ ᠡᠪ ᠬᠠᠮᠲᠤ ᠨᠠᠮ ᠠᠷᠠᠳ ᠲᠦᠮᠡᠨ ᠵᠶ᠋ᠠᠷ ᠭᠣᠣᠯ ᠪᠣᠯᠭ᠋ᠠᠬᠤ ᠬᠥᠭᠵᠢᠯᠲᠡ ᠵᠢᠨ ᠦᠵᠡᠯ ᠰᠠᠨᠠᠭ᠎ᠠ ᠵᠢ ᠪᠠᠷᠢᠮᠲᠠᠯᠠᠵᠤ᠂ ᠥᠷᠭᠡᠨ ᠠᠭᠤᠳᠠᠮ ᠴᠠᠭ ᠣᠷᠣᠨ ᠵᠠᠢ ᠵᠢᠨ ᠦᠷᠭᠡᠷᠢᠭ᠎ᠠᠴᠠ ᠦᠨᠳᠦᠰᠦᠲᠡᠨ᠎ᠤ ᠰᠡᠷᠭᠦᠨ ᠮᠠᠨᠳᠤᠯᠲᠠ ᠪᠣᠯᠤᠨ ᠬᠥᠮᠦᠨ ᠲᠥᠷᠥᠯᠬᠢᠲᠡᠨ᠎ᠤ ᠲᠠᠪᠰᠢᠯᠳᠠ ᠵᠢᠨ ᠤᠳᠬ᠎ᠠ ᠬᠦᠨ ᠰᠡᠳᠦᠪ᠎ᠢ ᠪᠣᠳᠣᠯᠬᠢᠯᠠᠵᠤ᠂ ᠳᠤᠮᠳᠠᠳᠤ ᠤᠯᠤᠰ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭ᠋ᠠᠭᠤᠯᠵᠤ᠂ ᠵᠣᠷᠢᠭᠲᠠᠢ᠎ᠪᠠᠷ ᠤᠷᠤᠭᠰᠢᠯᠠᠵᠤ᠂ ᠨᠡᠩ ᠰᠠᠢ᠍ᠢ᠍ᠨ ᠰᠠᠶ᠋ᠢᠬᠠᠨ ᠢᠷᠡᠭᠡᠳᠦᠢ ᠵᠢ ᠴᠣᠭᠴᠠᠯᠠᠨ᠎ᠠ᠃
      ᠳᠡᠯᠡᠬᠡᠢ ᠳ᠋ᠠᠬᠢᠨ᠎ᠢ ᠬᠦᠷᠢᠶᠡᠯᠡᠪᠡᠯ ᠰᠠᠶᠢ ᠮᠠᠷᠭ᠋ᠠᠰᠢ ᠵᠢ ᠤᠭᠲᠤᠵᠤ ᠴᠢᠳᠠᠨ᠎ᠠ; ᠭᠠᠷ ᠬᠣᠯᠪᠣᠯᠴᠠᠨ ᠬᠠᠮᠲᠤ᠎ᠪᠠᠷ ᠤᠷᠤᠭᠰᠢᠯᠠᠪᠠᠯ ᠰᠠᠶᠢ ᠯᠠᠪᠳᠠᠭᠤᠨ ᠵᠶ᠋ᠠᠷ ᠬᠤᠯᠠ ᠠᠶᠠᠯᠠᠵᠤ ᠴᠢᠳᠠᠨ᠎ᠠ ᠭᠡᠳᠡᠭ᠎ᠢ ᠲᠡᠦᠬᠡ ᠪᠢᠳᠡᠨ᠎ᠳᠤ ᠬᠡᠯᠡᠵᠦ ᠥᠭᠴᠡᠢ᠃ ᠳᠤᠮᠳᠠᠳᠤ ᠤᠯᠤᠰ᠎ᠤᠨ ᠡᠪ ᠬᠠᠮᠲᠤ ᠨᠠᠮ ᠳᠤᠷᠠᠲᠠᠶ᠎ᠠ ᠡᠯ᠎ᠡ ᠤᠯᠤᠰ᠎ᠤᠨ ᠲᠦᠷᠦ ᠵᠢᠨ ᠨᠠᠮ᠎ᠲᠠᠢ ᠬᠠᠮᠲᠤ᠎ᠪᠠᠷ ᠴᠢᠷᠮᠠᠶ᠋ᠢᠵᠤ᠂ ᠬᠦᠰᠡᠯ ᠵᠡᠭᠦᠳᠦ᠎ᠪᠠᠨ ᠪᠣᠳᠠᠲᠤ ᠠᠬᠤᠢ᠎ᠲᠠᠢ ᠵᠣᠯᠭ᠋ᠠᠭᠤᠯᠵᠤ᠂ ᠠᠵᠢᠯᠯᠠᠭ᠎ᠠ᠎ᠪᠠᠷ ᠢᠷᠡᠭᠡᠳᠦᠢ᠎ᠪᠠᠨ ᠴᠣᠭᠴᠠᠯᠠᠵᠤ᠂ ᠢᠮᠠᠭᠲᠠ ᠬᠤᠪᠢᠷᠠᠰᠢ ᠦᠭᠡᠢ᠎ᠪᠠᠷ ᠳᠡᠯᠡᠬᠡᠢ ᠵᠢᠨ ᠡᠩᠬᠡ ᠲᠠᠶ᠋ᠢᠪᠤᠩ᠎ᠤᠨ ᠪᠦᠲᠦᠭᠡᠨ ᠪᠠᠶ᠋ᠢᠭᠤᠯᠤᠭᠴᠢ᠂ ᠪᠦᠬᠦ ᠪᠥᠮᠪᠥᠷᠴᠡᠭ᠎ᠤᠨ ᠬᠥᠭᠵᠢᠯᠲᠡ᠎ᠳᠤ ᠬᠤᠪᠢ ᠨᠡᠮᠡᠷᠢ ᠦᠵᠡᠭᠦᠯᠦᠭᠴᠢ᠂ ᠤᠯᠠᠨ ᠤᠯᠤᠰ᠎ᠤᠨ ᠡᠮᠬᠢ ᠳᠢᠭᠯᠢᠮ᠎ᠤᠨ ᠬᠠᠮᠠᠭ᠋ᠠᠯᠠᠭᠴᠢ ᠪᠣᠯᠤᠨ᠎ᠠ᠃
     — ᠳᠤᠮᠳᠠᠳᠤ ᠤᠯᠤᠰ᠎ᠤᠨ ᠡᠪ ᠬᠠᠮᠲᠤ ᠨᠠᠮ ᠳᠤᠮᠳᠠᠳᠤ ᠤᠯᠤᠰ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭ᠋ᠠᠭᠤᠯᠵᠤ ᠳᠤᠮᠳᠠᠳᠤ ᠤᠯᠤᠰ᠎ᠤᠨ ᠣᠨᠴᠠᠯᠢᠭ᠎ᠲᠠᠢ ᠣᠳᠣᠬᠢᠴᠢᠯᠠᠯᠲᠠ ᠵᠢ ᠭᠦᠨᠵᠡᠭᠡᠶ ᠠᠬᠢᠭᠤᠯᠵᠤ᠂ ᠬᠥᠮᠦᠨ ᠲᠥᠷᠥᠯᠬᠢᠲᠡᠨ᠎ᠤ ᠣᠳᠣᠬᠢᠴᠢᠯᠠᠯᠲᠠ ᠵᠢᠨ ᠵᠠᠮ᠎ᠢ ᠬᠠᠶ᠋ᠢᠨ ᠰᠦᠪᠡᠭᠴᠢᠯᠡᠬᠦ᠎ᠳᠤ ᠰᠢᠨ᠎ᠡ ᠬᠤᠪᠢ ᠨᠡᠮᠡᠷᠢ ᠦᠵᠡᠭᠦᠯᠦᠨ᠎ᠡ᠃ ᠳᠤᠮᠳᠠᠳᠤ ᠤᠯᠤᠰ᠎ᠤᠨ ᠡᠪ ᠬᠠᠮᠲᠤ ᠨᠠᠮ ᠠᠯᠢᠪᠠ ᠪᠦᠬᠦᠨ᠎ᠳᠤ ᠪᠣᠳᠠᠲᠠᠢ᠎ᠠᠴᠠ ᠡᠭᠦᠰᠬᠦ ᠵᠢ ᠪᠠᠷᠢᠮᠲᠠᠯᠠᠵᠤ᠂ ᠳᠤᠮᠳᠠᠳᠤ ᠤᠯᠤᠰ᠎ᠤᠨ ᠠᠷᠠᠳ ᠲᠦᠮᠡᠨ᠎ᠢ ᠳᠠᠭ᠋ᠠᠭᠤᠯᠤᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠶ᠋ᠢᠭᠡᠮ ᠵᠢᠷᠤᠮ᠎ᠤᠨ ᠵᠠᠮ᠎ᠢ ᠰᠦᠪᠡᠭᠴᠢᠯᠡᠨ ᠭᠠᠷᠭ᠋ᠠᠪᠠ᠃ ᠡᠨᠡ ᠵᠠᠮ ᠵᠶ᠋ᠠᠷ ᠶᠠᠪᠤᠭᠰᠠᠨ᠎ᠨᠢ ᠵᠥᠪ᠂ ᠶᠠᠪᠤᠵᠤ ᠪᠤᠯᠬᠤ ᠮᠦᠷᠳᠡᠭᠡᠨ ᠯᠠᠪᠲᠠᠢ ᠯᠠᠪᠳᠠᠭᠤᠨ᠂ ᠰᠠᠢ᠍ᠢ᠍ᠨ ᠶᠠᠪᠤᠵᠤ ᠴᠢᠳᠠᠨ᠎ᠠ ᠭᠡᠳᠡᠭ᠎ᠢ ᠲᠡᠦᠬᠡ ᠪᠠ ᠦᠢ᠍ᠯᠡᠳᠦᠯᠭᠡ ᠨᠢᠭᠡᠨᠲᠡ ᠭᠡᠷᠡᠴᠢᠯᠡᠭᠰᠡᠨ ᠪᠥᠭᠡᠳ ᠤᠯᠠᠮ ᠴᠢᠨᠠᠭᠰᠢᠳᠠ ᠭᠡᠷᠡᠴᠢᠯᠡᠬᠦ ᠪᠣᠯᠤᠨ᠎ᠠ᠃ ᠪᠢᠳᠡ ᠡᠨᠡ ᠬᠦ᠌ ᠰᠠᠷᠠᠭᠤᠯ ᠳᠠᠷᠳᠠᠩ ᠵᠠᠮ ᠵᠶ᠋ᠠᠷ ᠡᠷᠡᠰ ᠭᠤᠶ᠋ᠢᠪᠢᠰᠢ ᠦᠭᠡᠢ ᠵᠠᠮᠨᠠᠵᠤ᠂ ᠥᠪᠡᠷ᠎ᠢ᠎ᠪᠠᠨ ᠬᠥᠭᠵᠢᠭᠦᠯᠬᠦ ᠮᠥᠷᠲᠡᠭᠡᠨ ᠳᠡᠯᠡᠬᠡᠢ ᠳ᠋ᠠᠬᠢᠨ᠎ᠳᠤ ᠪᠤᠶᠠᠨ ᠦᠢ᠍ᠯᠡᠳᠦᠨ᠎ᠡ᠃ ᠣᠳᠣᠬᠢᠴᠢᠯᠠᠯᠲᠠ ᠵᠢᠨ ᠵᠠᠮ᠎ᠳᠤ ᠲᠣᠭᠲᠠᠮᠠᠯ ᠵᠠᠭᠪᠤᠷ ᠭᠡᠵᠦ ᠪᠠᠶ᠋ᠢᠲᠠᠭ ᠦᠭᠡᠢ᠂ ᠥᠪᠡᠷ᠎ᠤᠨ ᠪᠡᠶ᠎ᠡ᠎ᠳᠤᠨᠢ ᠲᠤᠬᠢᠷᠠᠪᠠᠯ ᠰᠠᠶ᠋ᠢ ᠬᠠᠮᠤᠭ᠎ᠤᠨ ᠰᠠᠢ᠍ᠢ᠍ᠨ ᠶᠤᠮ᠂ ᠭᠤᠳᠤᠯ᠎ᠳᠤ ᠲᠠᠭ᠋ᠠᠷᠠᠭᠤᠯᠬᠤ ᠵᠢᠨ ᠲᠦᠯᠦᠭᠡ ᠬᠦᠯ ᠵᠶ᠋ᠠᠨ ᠪᠤᠭᠤᠵᠦ ᠪᠣᠯᠬᠤ ᠦᠭᠡᠢ᠃ ᠤᠯᠤᠰ ᠨᠢᠭᠡᠪᠦᠷᠢ ᠵᠢᠨ ᠲᠤᠰ ᠤᠯᠤᠰ᠎ᠤᠨ ᠵᠶ᠋ᠠᠨ ᠪᠠᠶ᠋ᠢᠳᠠᠯ᠎ᠳᠤ ᠵᠤᠬᠢᠴᠠᠭᠰᠠᠨ ᠣᠳᠣᠬᠢᠴᠢᠯᠠᠯᠲᠠ ᠵᠢᠨ ᠵᠠᠮ᠎ᠢ ᠪᠡᠶ᠎ᠡ᠎ᠪᠠᠨ ᠳᠠᠭ᠋ᠠᠭ᠋ᠠᠵᠤ ᠬᠠᠶ᠋ᠢᠨ ᠰᠦᠪᠡᠭᠴᠢᠯᠡᠬᠦ ᠴᠢᠷᠮᠠᠶ᠋ᠢᠯᠭ᠎ᠠ ᠵᠢ ᠴᠥᠮ ᠬᠦᠨᠳᠦᠳᠬᠡᠬᠦ ᠶᠣᠰᠣᠲᠠᠢ᠃ ᠳᠤᠮᠳᠠᠳᠤ ᠤᠯᠤᠰ᠎ᠤᠨ ᠡᠪ ᠬᠠᠮᠲᠤ ᠨᠠᠮ ᠳᠤᠷᠠᠲᠠᠶ᠎ᠠ ᠡᠯ᠎ᠡ ᠤᠯᠤᠰ᠎ᠤᠨ ᠲᠥᠷᠥ ᠵᠢᠨ ᠨᠠᠮ᠎ᠲᠠᠢ ᠣᠳᠣᠬᠢᠴᠢᠯᠠᠬᠤ ᠪᠥᠲᠥᠭᠡᠨ ᠪᠠᠶ᠋ᠢᠭᠤᠯᠤᠯᠲᠠ ᠵᠢᠨ ᠲᠤᠷᠰᠢᠯᠭ᠎ᠠ᠎ᠪᠠᠨ ᠰᠣᠯᠢᠯᠴᠠᠨ ᠲᠣᠯᠢᠯᠠᠵᠤ᠂ ᠣᠳᠣᠬᠢᠴᠢᠯᠠᠯᠲᠠ ᠳᠠᠢ᠍ᠢ᠍ᠰᠢ ᠤᠷᠤᠭᠰᠢᠯᠠᠬᠤ ᠵᠠᠮ ᠵᠶ᠋ᠠᠨ ᠬᠠᠮᠲᠤ᠎ᠪᠠᠷ ᠪᠠᠶᠠᠯᠢᠭᠵᠢᠭᠤᠯᠵᠤ᠂ ᠲᠣᠰ ᠤᠯᠤᠰ᠎ᠤᠨ ᠵᠶ᠋ᠠᠨ ᠠᠷᠠᠳ ᠲᠦᠮᠡᠨ ᠪᠣᠯᠤᠨ ᠳᠡᠯᠡᠬᠡᠶ ᠵᠢᠨ ᠡᠯ᠎ᠡ ᠤᠯᠤᠰ᠎ᠤᠨ ᠠᠷᠠᠳ ᠲᠦᠮᠡᠨ᠎ᠳᠤ ᠨᠠᠩ ᠰᠠᠶ᠋ᠢᠨ ᠵᠣᠯ ᠵᠢᠷᠭ᠋ᠠᠯ᠎ᠢ ᠡᠳ᠋ᠯᠡᠭᠦᠯᠦᠨ᠎ᠠ᠃
     — ᠳᠤᠮᠳᠠᠳᠤ ᠤᠯᠤᠰ᠎ᠤᠨ ᠡᠪ ᠬᠠᠮᠲᠤ ᠨᠠᠮ ᠳᠤᠮᠳᠠᠳᠤ ᠤᠯᠤᠰ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭ᠋ᠠᠭᠤᠯᠵᠤ ᠥᠭᠡᠷᠡᠴᠢᠯᠡᠯᠲᠡ ᠵᠢ ᠪᠦᠬᠦ ᠲᠠᠯ᠎ᠠ᠎ᠪᠠᠷ ᠭᠦᠨᠵᠡᠭᠡᠶ᠋ᠢᠷᠡᠭᠦᠯᠦᠨ ᠨᠡᠭᠡᠭᠡᠯᠳᠡ ᠵᠢ ᠥᠷᠭᠡᠳᠬᠡᠵᠦ᠂ ᠳᠡᠯᠡᠬᠡᠢ ᠵᠢᠨ ᠡᠯ᠎ᠡ ᠤᠯᠤᠰ᠎ᠤᠨ ᠬᠠᠮᠲᠤ ᠵᠢᠨ ᠬᠥᠭᠵᠢᠯ ᠴᠡᠴᠡᠭᠯᠡᠯ᠎ᠳᠤ ᠰᠢᠨ᠎ᠡ ᠬᠤᠪᠢ ᠨᠡᠮᠡᠷᠢ ᠦᠵᠡᠭᠦᠯᠦᠨ᠎ᠡ᠃ ᠣᠳᠣᠬᠠᠨ᠎ᠳᠤ᠂ ᠠᠵᠤ ᠠᠬᠤᠢ ᠵᠢᠨ ᠳᠡᠯᠡᠬᠡᠶ᠋ᠢᠵᠢᠯᠲᠡ ᠬᠡᠳᠦᠶ᠋ᠢᠪᠡᠷ ᠪᠠᠭ᠎ᠠ ᠪᠤᠰᠤ ᠬᠠᠷᠰᠢ ᠰᠠᠭ᠋ᠠᠳ᠎ᠲᠤ ᠲᠤᠯᠭ᠋ᠠᠷᠠᠵᠤ ᠪᠠᠶ᠋ᠢᠭ᠎ᠠ ᠪᠣᠯᠪᠠᠴᠤ ᠨᠡᠩ ᠤᠯᠠᠨ ᠬᠥᠳᠡᠯᠭᠡᠬᠦ ᠬᠦᠴᠦᠨ ᠣᠷᠣᠰᠢᠵᠤ ᠪᠠᠶ᠋ᠢᠨ᠎ᠠ᠂ ᠶᠡᠷᠦᠩᠬᠡᠢ᠎ᠳᠤᠨᠢ ᠦᠵᠡᠪᠡᠯ᠂ ᠬᠥᠳᠡᠯᠭᠡᠬᠦ ᠬᠦᠴᠦᠨ᠎ᠨᠢ ᠬᠠᠷᠰᠢ ᠰᠠᠭ᠋ᠠᠳ᠎ᠠᠴᠠ ᠳᠠᠪᠠᠭᠤᠯᠢᠭ ᠪᠤᠢ᠂ ᠡᠯ᠎ᠡ ᠤᠯᠤᠰ᠎ᠤᠨ ᠨᠡᠭᠡᠭᠡᠯᠳᠠ ᠬᠢᠬᠦ᠂ ᠬᠠᠮᠲᠤᠷᠠᠯᠴᠠᠭ᠎ᠠ ᠬᠢᠬᠦ ᠲᠡᠶ᠋ᠢᠰᠢ ᠤᠷᠤᠭᠰᠢᠯᠠᠬᠤ ᠶᠡᠬᠡ ᠬᠠᠨᠳᠤᠰᠢ ᠬᠤᠪᠢᠷᠠᠭ᠎ᠠ ᠦᠭᠡᠢ᠂ ᠬᠤᠪᠢᠷᠠᠬᠤ ᠴᠤ᠌ ᠦᠭᠡᠢ ᠶᠤᠮ᠃ ᠳᠤᠮᠳᠠᠳᠤ ᠤᠯᠤᠰ᠎ᠤᠨ ᠡᠪ ᠬᠠᠮᠲᠤ ᠨᠠᠮ ᠳᠤᠷᠠᠲᠠᠶ᠎ᠠ ᠡᠯ᠎ᠡ ᠤᠯᠤᠰ᠎ᠤᠨ ᠲᠦᠷᠦ ᠵᠢᠨ ᠨᠠᠮ᠎ᠯᠤᠭ᠎ᠠ ᠤᠯᠤᠯᠴᠠᠭ᠎ᠠ᠎ᠪᠠᠨ ᠴᠢᠩᠭ᠋ᠠᠳᠬᠠᠵᠤ᠂ ᠠᠵᠤ ᠠᠬᠤᠢ ᠵᠢᠨ ᠳᠡᠯᠡᠬᠡᠶ᠋ᠢᠵᠢᠯᠲᠡ ᠵᠢᠨ ᠨᠡᠩ ᠨᠡᠭᠡᠭᠡᠯᠲᠡᠲᠡᠢ᠂ ᠪᠠᠭᠲᠠᠭ᠋ᠠᠮᠵᠢᠲᠠᠢ᠂ ᠲᠦᠭᠡᠮᠡᠯ ᠠᠰᠢᠭ ᠬᠦᠷᠲᠡᠭᠡᠬᠦ᠂ ᠲᠡᠩᠴᠡᠭᠦᠷᠢᠲᠡᠢ᠂ ᠬᠠᠮᠲᠤ᠎ᠪᠠᠷ ᠠᠰᠢᠭ ᠬᠦᠷᠳᠡᠬᠦ ᠴᠢᠭᠯᠡᠯ ᠲᠡᠶ᠋ᠢᠰᠢ ᠬᠥᠭᠵᠢᠬᠦ ᠵᠢ ᠬᠠᠮᠲᠤ᠎ᠪᠠᠷ ᠬᠦᠲᠦᠯᠦᠨ ᠵᠢᠯᠣᠭᠣᠳᠤᠨ᠎ᠠ᠃ ᠪᠢᠳᠠ ᠳᠤᠷᠠᠲᠠᠶ᠎ᠠ ᠳᠡᠯᠡᠬᠡᠢ ᠨᠡᠶ᠋ᠢᠭᠡᠮ᠎ᠯᠦᠭᠡ 《ᠨᠢᠭᠡ ᠪᠦᠰᠡ ᠨᠢᠭᠡ ᠵᠠᠮ》᠎ᠢ ᠬᠠᠮᠲᠤ᠎ᠪᠠᠷ ᠴᠢᠨᠠᠷ ᠰᠠᠶ᠋ᠢᠲᠠᠢ ᠪᠦᠳᠦᠭᠡᠨ ᠪᠠᠶ᠋ᠢᠭᠤᠯᠬᠤ ᠬᠠᠮᠲᠤᠷᠠᠯᠴᠠᠭ᠎ᠠ᠎ᠪᠠᠨ ᠴᠢᠩᠭ᠋ᠠᠳᠬᠠᠵᠤ᠂ ᠪᠦᠬᠦ ᠪᠥᠮᠪᠥᠷᠴᠡᠭ ᠎ᠤᠨ   ᠬᠣᠯᠪᠣᠯᠳᠤᠨ   ᠨᠡᠪᠲᠡᠷᠡᠯᠴᠡᠬᠦ ᠵᠢ   ᠠᠬᠢᠭᠤᠯᠬᠤ ᠎ᠳᠤ   ᠬᠠᠮᠲᠤ ᠎ᠪᠠᠷ   ᠬᠦᠴᠦ   ᠨᠡᠮᠡᠷᠢᠯᠡᠵᠦ  ᠂   ᠨᠡᠩ   ᠤᠯᠠᠨ ᠤᠯᠤᠰ᠂ ᠨᠡᠩ ᠤᠯᠠᠨ ᠠᠷᠠᠳ ᠲᠦᠮᠡᠨ᠎ᠳᠤ ᠬᠥᠭᠵᠢᠯᠲᠡ ᠵᠢᠨ ᠦᠷ᠎ᠡ ᠪᠦᠲᠦᠭᠡᠯ᠎ᠢ ᠬᠠᠮᠲᠤ᠎ᠪᠠᠷ ᠡᠳ᠋ᠯᠡᠭᠦᠯᠦᠨ᠎ᠡ᠃
     — ᠳᠤᠮᠳᠠᠳᠤ   ᠤᠯᠤᠰ ᠎ᠤᠨ   ᠡᠪ   ᠬᠠᠮᠲᠤ   ᠨᠠᠮ   ᠲᠣᠮᠣ   ᠤᠯᠤᠰ   ᠲᠣᠮᠣ   ᠨᠠᠮ ᠎ᠤᠨ ᠬᠠᠷᠢᠭᠤᠴᠠᠯᠭ᠎ᠠ ᠵᠢ ᠭᠦᠢ᠍ᠴᠡᠳᠭᠡᠵᠦ᠂ ᠬᠥᠮᠦᠨ ᠲᠥᠷᠥᠯᠬᠢᠲᠡᠨ᠎ᠤ ᠪᠤᠶᠠᠨ ᠬᠡᠰᠢᠭ᠎ᠢ ᠨᠡᠮᠡᠭᠳᠡᠭᠦᠯᠬᠦ᠎ᠳᠤ ᠰᠢᠨ᠎ᠡ ᠬᠤᠪᠢ ᠨᠡᠮᠡᠷᠢ ᠦᠵᠡᠭᠦᠯᠦᠨ᠎ᠡ᠃ ᠶᠠᠳᠠᠭᠤ ᠬᠦᠴᠢᠷᠳᠡᠯ᠎ᠢ ᠠᠷᠢᠯᠭ᠋ᠠᠬᠤ ᠪᠣᠯ ᠡᠯ᠎ᠡ ᠤᠯᠤᠰ᠎ᠤᠨ ᠠᠷᠠᠳ ᠲᠦᠮᠡᠨ᠎ᠤ ᠬᠠᠮᠲᠤ ᠵᠢᠨ ᠬᠦᠰᠡᠯ ᠡᠷᠡᠮᠡᠯᠵᠡᠯ ᠮᠥᠨ᠂ ᠡᠯ᠎ᠡ ᠤᠯᠤᠰ᠎ᠤᠨ ᠲᠦᠷᠦ ᠵᠢᠨ ᠨᠠᠮ᠎ᠤᠨ ᠴᠢᠷᠮᠠᠶ᠋ᠢᠨ ᠪᠡᠶᠡᠯᠡᠭᠦᠯᠬᠦ ᠴᠢᠬᠤᠯᠠ ᠬᠠᠷᠠᠯᠲᠠ ᠮᠥᠨ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠠᠷᠪᠠᠨ ᠨᠠᠢ᠍ᠮᠠᠳᠤᠭ᠋ᠠᠷ ᠶᠡᠬᠡ ᠬᠤᠷᠠᠯ᠎ᠠᠴᠠ ᠨᠠᠭ᠋ᠠᠰᠢ᠂ ᠳᠤᠮᠳᠠᠳᠤ ᠤᠯᠤᠰ᠎ᠤᠨ ᠤᠳᠤ ᠵᠢᠨ ᠬᠡᠷᠡᠭᠵᠢᠭᠦᠯᠵᠦ ᠪᠠᠶ᠋ᠢᠭ᠎ᠠ ᠪᠠᠷᠢᠮᠵᠢᠶ᠎ᠠ ᠳᠣᠣᠷᠠᠬᠢ 9899 ᠲᠦᠮᠡᠨ ᠬᠥᠳᠡᠭᠡ ᠲᠣᠰᠬᠣᠨ᠎ᠤ ᠶᠠᠳᠠᠭᠤ ᠬᠦᠴᠢᠷᠳᠡᠯᠲᠡᠢ ᠬᠥᠮᠦᠨ ᠠᠮᠠ ᠵᠢ ᠪᠦᠬᠦᠨ᠎ᠢ ᠶᠠᠳᠠᠭᠤ᠎ᠠᠴᠠ ᠠᠩᠭᠢᠵᠢᠷᠠᠭᠤᠯᠵᠤ᠂ 《ᠤᠯᠠᠨ ᠤᠯᠤᠰ᠎ᠤᠨ ᠬᠣᠯᠪᠣᠭ᠋ᠠᠲᠤ ᠪᠠᠶ᠋ᠢᠭᠤᠯᠭ᠎ᠠ ᠵᠢᠨ 2030 ᠣᠨ᠎ᠤ ᠦᠷᠭᠦᠯᠵᠢᠯᠡᠬᠦ ᠬᠥᠭᠵᠢᠯᠲᠡ ᠵᠢᠨ ᠵᠥᠪᠯᠡᠬᠦ ᠵᠦᠢ᠍ᠯ》᠎ᠤᠨ ᠶᠠᠳᠠᠭᠤ ᠬᠦᠴᠢᠷᠳᠡᠯᠲᠡᠢ ᠬᠥᠮᠦᠨ ᠠᠮᠠ ᠵᠢ ᠴᠥᠭᠡᠳᠬᠡᠬᠦ ᠬᠠᠷᠠᠯᠲᠠ ᠵᠢ 10 ᠵᠢᠯ ᠤᠷᠢᠳᠴᠢᠯᠠᠨ ᠪᠡᠶᠡᠯᠡᠭᠦᠯᠪᠡ᠃ ᠳᠤᠮᠳᠠᠳᠤ ᠤᠯᠤᠰ᠎ᠤᠨ ᠡᠪ ᠬᠠᠮᠲᠤ ᠨᠠᠮ ᠬᠥᠮᠦᠨ ᠲᠥᠷᠥᠯᠬᠢᠲᠡᠨ᠎ᠤ ᠶᠠᠳᠠᠭᠤ ᠬᠦᠴᠢᠷᠳᠡᠯᠲᠡᠢ ᠬᠥᠮᠦᠨ ᠠᠮᠠ ᠵᠢ ᠴᠥᠭᠡᠳᠬᠡᠬᠦ ᠠᠬᠢᠴᠠ᠎ᠳᠤ ᠨᠡᠩ ᠤᠯᠠᠨ ᠳᠤᠮᠳᠠᠳᠤ ᠤᠯᠤᠰ᠎ᠤᠨ ᠲᠥᠰᠦᠯ ᠪᠣᠯᠤᠨ ᠳᠤᠮᠳᠠᠳᠤ ᠤᠯᠤᠰ᠎ᠤᠨ ᠬᠦᠴᠦᠨ᠎ᠢ ᠳᠤᠷᠠᠲᠠᠶ᠎ᠠ ᠡᠷᠭᠦᠨ᠎ᠡ᠃ ᠳᠤᠮᠳᠠᠳᠤ ᠤᠯᠤᠰ ᠤᠯᠠᠨ ᠤᠯᠤᠰ᠎ᠤᠨ ᠬᠢᠵᠢᠭ᠎ᠲᠠᠢ ᠲᠡᠮᠡᠴᠡᠬᠦ ᠬᠠᠮᠲᠤᠷᠠᠯᠴᠠᠭ᠎ᠠ ᠵᠢ ᠪᠦᠬᠦ ᠬᠦᠴᠦ᠎ᠪᠠᠷ ᠵᠶ᠋ᠠᠨ ᠳᠡᠮᠵᠢᠵᠦ᠂ ᠬᠥᠭᠵᠢᠵᠦ ᠪᠠᠶ᠋ᠢᠭ᠎ᠠ ᠤᠯᠤᠰ᠎ᠤᠳ᠎ᠤᠨ ᠸᠠᠺᠼᠢᠨ ᠣᠯᠵᠤ ᠪᠣᠯᠬᠤ ᠴᠢᠨᠠᠷ ᠪᠠ ᠡᠭᠦᠷᠭᠡᠯᠡᠵᠦ ᠪᠣᠯᠬᠤ ᠴᠢᠨᠠᠷ᠎ᠢ ᠴᠢᠩᠭ᠋ᠠᠳᠬᠠᠨ᠎ᠠ᠃ ᠳᠤᠮᠳᠠᠳᠤ ᠤᠯᠤᠰ ᠨᠡᠭᠦᠷᠡᠰᠦᠲᠥ᠋ᠷᠥᠭᠴᠢ ᠭᠠᠳᠠᠭᠰᠢᠯᠠᠭᠤᠯᠬᠤ ᠤᠷᠬᠢᠯ ᠬᠡᠮᠵᠢᠭᠳᠡᠯ᠎ᠳᠤ ᠬᠦᠷᠭᠡᠬᠦ᠂ ᠨᠡᠭᠦᠷᠡᠰᠦᠲᠥ᠋ᠷᠥᠭᠴᠢ ᠰᠠᠭ᠋ᠠᠷᠮᠠᠭᠵᠢᠭᠤᠯᠬᠤ ᠬᠠᠷᠠᠯᠲᠠ ᠵᠢ ᠭᠦᠢ᠍ᠴᠡᠳᠬᠡᠬᠦ᠎ᠪᠠᠷ ᠲᠤᠶ᠋ᠢᠯ᠎ᠤᠨ ᠬᠠᠲᠠᠭᠤᠵᠢᠯᠲᠠᠢ ᠴᠢᠷᠮᠠᠶ᠋ᠢᠯᠭ᠎ᠠ ᠭᠠᠷᠭ᠋ᠠᠵᠤ᠂ ᠪᠦᠬᠦ ᠪᠥᠮᠪᠥᠷᠴᠡᠭ᠎ᠤᠨ ᠠᠭᠤᠷ ᠠᠮᠢᠰᠬᠤᠯ᠎ᠤᠨ ᠬᠤᠪᠢᠷᠠᠯᠲᠠ ᠵᠢ ᠠᠷᠭ᠋ᠠᠴᠠᠭ᠋ᠠᠬᠤ᠎ᠳᠤ ᠨᠡᠩ ᠶᠡᠬᠡ ᠬᠤᠪᠢ ᠨᠡᠮᠡᠷᠢ ᠦᠵᠡᠭᠦᠯᠦᠨ᠎ᠡ᠃ ᠳᠤᠮᠳᠠᠳᠤ ᠤᠯᠤᠰ 《ᠠᠮᠢᠳᠤ ᠪᠣᠳᠠᠰ᠎ᠤᠨ ᠤᠯᠠᠨ ᠶᠠᠩᠵᠤᠲᠤ ᠴᠢᠨᠠᠷ᠎ᠤᠨ ᠨᠡᠶ᠋ᠢᠲᠡ ᠵᠢᠨ ᠭᠡᠷ᠎ᠡ》 ᠵᠢᠨ ᠠᠷᠪᠠᠨ ᠲᠠᠪᠤᠳᠤᠭ᠋ᠠᠷ ᠤᠳᠠᠭ᠎ᠠ ᠵᠢᠨ ᠭᠡᠷᠡᠲᠦ ᠲᠠᠯ᠎ᠠ ᠵᠢᠨ ᠶᠡᠬᠡ ᠬᠤᠷᠠᠯ᠎ᠢ ᠡᠷᠬᠢᠯᠡᠨ ᠬᠤᠷᠠᠯᠳᠤᠭᠤᠯᠵᠤ᠂ ᠡᠯ᠎ᠠ ᠤᠯᠤᠰ᠎ᠲᠠᠢ ᠬᠠᠮᠲᠤ᠎ᠪᠠᠷ ᠪᠦᠬᠦ ᠪᠥᠮᠪᠥᠷᠴᠡᠭ᠎ᠤᠨ ᠠᠮᠢᠳᠤ ᠪᠣᠳᠠᠰ᠎ᠤᠨ ᠤᠯᠠᠨ ᠶᠠᠩᠵᠤᠲᠤ ᠴᠢᠨᠠᠷ᠎ᠤᠨ ᠵᠠᠰᠠᠯᠲᠠ ᠵᠢᠨ ᠰᠢᠨ᠎ᠡ ᠪᠠᠶ᠋ᠢᠯᠳᠤᠬᠤ ᠪᠤᠳᠤᠯᠭ᠎ᠠ ᠵᠢ ᠵᠥᠪᠳᠡᠯᠴᠡᠵᠦ᠂ ᠪᠦᠬᠦ ᠪᠥᠮᠪᠥᠷᠴᠡᠭ᠎ᠤᠨ ᠠᠮᠢᠳᠤ ᠪᠣᠳᠠᠰ᠎ᠤᠨ ᠤᠯᠠᠨ ᠶᠠᠩᠵᠤᠲᠤ ᠴᠢᠨᠠᠷ᠎ᠤᠨ ᠵᠠᠰᠠᠯᠲᠠ ᠵᠢᠨ ᠰᠢᠨ᠎ᠡ ᠠᠶᠠᠨ᠎ᠢ ᠬᠠᠮᠲᠤ᠎ᠪᠠᠷ ᠡᠬᠢᠯᠡᠭᠦᠯᠦᠨ᠎ᠡ᠃
     — ᠳᠤᠮᠳᠠᠳᠤ ᠤᠯᠤᠰ᠎ᠤᠨ ᠡᠪ ᠬᠠᠮᠲᠤ ᠨᠠᠮ ᠪᠦᠬᠦ ᠪᠥᠮᠪᠥᠷᠴᠡᠭ᠎ᠤᠨ ᠵᠠᠰᠠᠯᠲᠠ ᠵᠢ ᠲᠡᠭᠦᠯᠳᠡᠷᠵᠢᠭᠦᠯᠬᠦ ᠵᠢ ᠢᠳᠡᠪᠬᠢᠲᠡᠢ ᠠᠬᠢᠭᠤᠯᠵᠤ᠂ ᠬᠥᠮᠦᠨ ᠲᠥᠷᠥᠯᠬᠢᠲᠡᠨ᠎ᠤ ᠨᠡᠶ᠋ᠢᠭᠡᠮ᠎ᠤᠨ ᠭᠠᠷ ᠬᠣᠯᠪᠣᠯᠴᠠᠠ ᠬᠠᠮᠲᠤ ᠵᠢᠨ ᠥᠷᠢᠰᠥᠯᠳᠦᠭᠡᠨ᠎ᠢ ᠠᠷᠭ᠋ᠠᠴᠠᠭ᠋ᠠᠬᠤ᠎ᠳᠤ ᠰᠢᠨ᠎ᠡ ᠬᠤᠪᠢ ᠨᠡᠮᠡᠷᠢ ᠦᠵᠡᠭᠦᠯᠦᠨ᠎ᠡ᠃ ᠤᠳᠤ ᠵᠢᠨ ᠬᠡᠷᠡᠭᠵᠢᠭᠦᠯᠵᠦ ᠪᠠᠶ᠋ᠢᠭ᠎ᠠ ᠤᠯᠠᠨ ᠤᠯᠤᠰ᠎ᠤᠨ ᠰᠢᠰᠲ᠋ᠧᠮ ᠪᠠ ᠤᠯᠠᠨ ᠤᠯᠤᠰ᠎ᠤᠨ ᠡᠮᠬᠢ ᠵᠢᠷᠤᠮ᠎ᠤᠨ ᠭᠣᠣᠯᠯᠠᠬᠤ ᠣᠶ᠋ᠢᠯᠠᠭ᠋ᠠᠭᠳᠠᠬᠤᠨ ᠪᠣᠯ ᠤᠯᠠᠨ ᠲᠠᠯᠠᠲᠤ ᠦᠵᠡᠯ ᠮᠥᠨ᠃ ᠤᠯᠠᠨ ᠲᠠᠯᠠᠲᠤ ᠦᠵᠡᠯ᠎ᠢ ᠰᠠᠶ᠋ᠢᠲᠤᠷ ᠦᠢ᠍ᠯᠡᠳᠦᠯᠭᠡᠵᠢᠭᠦᠯᠪᠡᠯ᠂ ᠬᠥᠮᠦᠨ ᠲᠥᠷᠥᠯᠬᠢᠲᠡᠨ᠎ᠳᠤ ᠲᠤᠯᠭ᠋ᠠᠷᠠᠵᠤ ᠪᠠᠶ᠋ᠢᠭ᠎ᠠ ᠬᠠᠮᠲᠤ ᠵᠢᠨ ᠠᠰᠠᠭᠤᠳᠠᠯ᠎ᠢ ᠰᠠᠶ᠋ᠢᠲᠤᠷ ᠰᠢᠢ᠍ᠳᠪᠦᠷᠢᠯᠡᠵᠦ ᠴᠢᠳᠠᠨ᠎ᠠ᠃ ᠤᠯᠠᠨ ᠤᠯᠤᠰ᠎ᠤᠨ ᠲᠦᠷᠢᠮ ᠪᠣᠯ ᠳᠡᠯᠡᠬᠡᠢ ᠵᠢᠨ ᠡᠯ᠎ᠡ ᠤᠯᠤᠰ᠎ᠤᠨ ᠬᠠᠮᠲᠤ ᠎ᠪᠠᠷ   ᠮᠡᠳᠡᠷᠡᠬᠦ   ᠲᠦᠷᠢᠮ   ᠪᠠᠶ᠋ᠢᠬᠤ   ᠶᠣᠰᠣᠲᠠᠢ᠂ ᠬᠠᠷᠢᠨ ᠴ᠊ ᠊ᠥ᠋ᠭᠡᠨ   ᠲᠣᠭ᠋ᠠᠨ ᠎ᠤ   ᠬᠥᠮᠦᠰ   ᠲᠣᠭᠲᠠᠭ᠋ᠠᠬᠤ ᠪᠢᠰᠢ᠃ ᠤᠯᠤᠰ᠎ᠤᠨ ᠬᠣᠭᠣᠷᠣᠨᠳᠣᠬᠢ ᠬᠠᠮᠲᠤᠷᠠᠯᠴᠠᠭ᠎ᠠ᠎ᠨᠢ ᠪᠦᠬᠦ ᠬᠥᠮᠦᠨ ᠲᠥᠷᠥᠯᠬᠢᠲᠡᠨ᠎ᠳᠤ ᠦᠢ᠍ᠯᠡᠴᠢᠯᠡᠬᠦ᠎ᠪᠠᠷ ᠵᠣᠷᠢᠯᠲᠠ ᠪᠣᠯᠭ᠋ᠠᠪᠠᠯ ᠵᠤᠬᠢᠨ᠎ᠠ᠂ ᠬᠠᠷᠢᠨ ᠵᠢᠵᠢᠭ ᠪᠦᠯᠦᠭᠯᠡᠯ᠎ᠤᠨ ᠤᠯᠤᠰ ᠲᠦᠷᠦ᠎ᠪᠠᠷ ᠳᠡᠯᠡᠬᠡᠢ ᠵᠢ ᠡᠵᠡᠷᠬᠡᠬᠦ ᠡᠷᠬᠡ ᠵᠢ ᠬᠥᠭᠡᠭᠡᠴᠡᠯᠳᠦᠬᠦ ᠪᠢᠰᠢ᠃ ᠪᠢᠳᠡ ᠤᠯᠠᠨ ᠲᠠᠯᠠᠲᠤ ᠦᠵᠡᠯ᠎ᠤᠨ ᠨᠡᠷ᠎ᠡ᠎ᠪᠠᠷ ᠭᠠᠭᠴᠠ ᠲᠠᠯᠠᠲᠤ ᠦᠵᠡᠯ᠎ᠤᠨ ᠪᠣᠳᠠᠲᠤ ᠠᠵᠢᠯᠯᠠᠭ᠎ᠠ ᠬᠢᠬᠦ ᠡᠯ᠎ᠡ ᠵᠦᠢ᠍ᠯ᠎ᠤᠨ ᠦᠢ᠍ᠯᠡ ᠠᠵᠢᠯᠯᠠᠭ᠎ᠠ ᠵᠢ ᠬᠠᠮᠲᠤ᠎ᠪᠠᠷ ᠡᠰᠡᠷᠭᠦᠴᠡᠵᠦ᠂ ᠡᠵᠡᠷᠬᠡᠬᠦ ᠦᠵᠡᠯ ᠪᠠ ᠬᠦᠴᠦᠷᠬᠡᠭᠯᠡᠯ᠎ᠤᠨ ᠤᠯᠤᠰ ᠲᠦᠷᠦ ᠵᠢ ᠬᠠᠮᠲᠤ᠎ᠪᠠᠷ ᠡᠰᠡᠷᠭᠦᠴᠡᠬᠦ ᠬᠡᠷᠡᠭᠲᠡᠢ᠃ ᠳᠤᠮᠳᠠᠳᠤ ᠤᠯᠤᠰ ᠤᠯᠠᠨ ᠤᠯᠤᠰ᠎ᠤᠨ ᠬᠣᠯᠪᠣᠭ᠋ᠠᠲᠤ ᠪᠠᠶ᠋ᠢᠭᠤᠯᠭ᠎ᠠ ᠵᠢᠨ ᠦᠨᠳᠦᠰᠦᠨ ᠳᠦᠷᠢᠮ᠎ᠤᠨ ᠵᠣᠷᠢᠯᠲᠠ ᠪᠠ ᠵᠠᠷᠴᠢᠮ᠎ᠢ ᠡᠷᠡᠰ ᠬᠠᠮᠠᠭ᠋ᠠᠯᠠᠵᠤ᠂ ᠤᠯᠠᠨ ᠤᠯᠤᠰ᠎ᠤᠨ ᠬᠡᠷᠡᠭ ᠶᠠᠪᠤᠳᠠᠯ᠎ᠢ ᠤᠯᠠᠨ ᠵᠶ᠋ᠠᠷ ᠵᠶ᠋ᠠᠨ ᠵᠥᠪᠳᠡᠯᠴᠡᠨ ᠰᠢᠢ᠍ᠳᠪᠦᠷᠢᠯᠡᠬᠦ ᠵᠢ ᠰᠠᠨᠠᠭ᠋ᠠᠴᠢᠯᠠᠵᠤ᠂ ᠤᠯᠠᠨ ᠤᠯᠤᠰ᠎ᠤᠨ ᠡᠮᠬᠢ ᠵᠢᠷᠤᠮ ᠪᠠ ᠤᠯᠠᠨ ᠤᠯᠤᠰ᠎ᠤᠨ ᠰᠢᠰᠲ᠋ᠧᠮ᠎ᠤᠨ ᠨᠡᠩ ᠲᠥᠪ ᠭᠣᠣᠯᠴᠢ ᠵᠦᠢ ᠵᠣᠬᠢᠰᠲᠠᠢ ᠴᠢᠭᠯᠡᠯ ᠵᠶ᠋ᠠᠷ ᠬᠥᠭᠵᠢᠬᠦ ᠵᠢ ᠠᠬᠢᠭᠤᠯᠤᠨ᠎ᠠ᠃ ᠳᠤᠮᠳᠠᠳᠤ ᠤᠯᠤᠰ ᠡᠭᠦᠷᠢᠳᠡ ᠬᠥᠭᠵᠢᠵᠦ ᠪᠠᠶ᠋ᠢᠭ᠎ᠠ ᠤᠯᠤᠰ᠎ᠤᠳ᠎ᠤᠨ ᠶᠡᠬᠡ ᠭᠡᠷ ᠪᠦᠯᠢ ᠵᠢᠨ ᠨᠢᠭᠡ ᠭᠡᠰᠢᠭᠦᠨ ᠮᠥᠨ᠂ ᠬᠥᠭᠵᠢᠵᠦ ᠪᠠᠶ᠋ᠢᠭ᠎ᠠ ᠤᠯᠤᠰ᠎ᠤᠳ᠎ᠤᠨ ᠤᠯᠠᠨ ᠤᠯᠤᠰ᠎ᠤᠨ ᠵᠠᠰᠠᠯᠲᠠ ᠵᠢᠨ ᠰᠢᠰᠲ᠋ᠧᠮ᠎ᠳᠠᠬᠢ ᠲᠥᠯᠥᠭᠡᠯᠡᠬᠦ ᠴᠢᠨᠠᠷ ᠪᠠ ᠦᠭᠡ ᠬᠡᠯᠡᠬᠦ ᠡᠷᠬᠡ ᠵᠢ ᠳᠡᠭᠡᠭᠰᠢᠯᠡᠭᠦᠯᠬᠦ᠎ᠪᠠᠷ ᠡᠷᠡᠰ ᠭᠤᠶ᠋ᠢᠪᠢᠰᠢ ᠦᠭᠡᠢ ᠴᠢᠷᠮᠠᠶ᠋ᠢᠨ᠎ᠠ ᠭᠡᠵᠦ ᠪᠢ ᠳᠠᠬᠢᠨᠲᠠ ᠢᠯᠡᠷᠬᠡᠶ᠋ᠢᠯᠡᠶ᠎ᠡ᠃ ᠳᠤᠮᠳᠠᠳᠤ ᠤᠯᠤᠰ ᠬᠡᠵᠢᠶᠡᠳᠡ ᠡᠵᠡᠷᠬᠡᠭᠴᠢ ᠪᠣᠯᠬᠤ ᠦᠭᠡᠢ᠂ ᠭᠠᠳᠠᠭᠰᠢ ᠥᠷᠭᠡᠳᠬᠡᠬᠦ ᠦᠭᠡᠢ᠂ ᠬᠦᠴᠦᠨ᠎ᠤ ᠬᠦᠷᠢᠶ᠎ᠡ ᠬᠡᠪᠴᠢᠶ᠎ᠡ ᠵᠢ ᠬᠥᠭᠡᠭᠡᠴᠡᠯᠳᠦᠬᠦ ᠦᠭᠡᠢ᠃ ᠳᠤᠮᠳᠠᠳᠤ ᠤᠯᠤᠰ᠎ᠤᠨ ᠡᠪ ᠬᠠᠮᠲᠤ ᠨᠠᠮ ᠡᠯ᠎ᠡ ᠤᠯᠤᠰ᠎ᠤᠨ ᠲᠦᠷᠦ ᠵᠢᠨ ᠨᠠᠮ᠎ᠲᠠᠢ ᠬᠠᠮᠲᠤ᠎ᠪᠠᠷ᠂ ᠲᠦᠷᠦ ᠵᠢᠨ ᠨᠠᠮ᠎ᠤᠨ ᠬᠣᠭᠣᠷᠣᠨᠳᠣᠬᠢ ᠵᠥᠪᠳᠡᠯᠴᠡᠭᠡ ᠬᠠᠮᠲᠤᠷᠠᠯᠴᠠᠭ᠎ᠠ᠎ᠪᠠᠷ ᠳᠠᠮᠵᠢᠭᠤᠯᠤᠨ ᠤᠯᠤᠰ᠎ᠤᠨ ᠬᠣᠭᠣᠷᠣᠨᠳᠣᠬᠢ ᠵᠤᠬᠢᠴᠠᠩᠭᠤᠢ ᠬᠠᠮᠲᠤᠷᠠᠯᠴᠠᠭ᠎ᠠ ᠵᠢ ᠠᠬᠢᠭᠤᠯᠵᠤ᠂ ᠪᠦᠬᠦ ᠪᠥᠮᠪᠥᠷᠴᠡᠭ᠎ᠤᠨ ᠵᠠᠰᠠᠯᠲᠠ ᠳᠤᠮᠳᠠ ᠲᠦᠷᠦ ᠵᠢᠨ ᠨᠠᠮ᠎ᠤᠨ ᠪᠠᠶ᠋ᠢᠪᠠᠰᠤ ᠵᠣᠬᠢᠬᠤ ᠦᠢ᠍ᠯᠡᠳᠦᠯ᠎ᠢ ᠨᠡᠩ ᠰᠠᠶ᠋ᠢᠲᠤᠷ ᠪᠠᠳᠠᠷᠠᠭᠤᠯᠤᠨ᠎ᠠ᠃
      ᠠᠪᠠᠬᠠᠶ ᠨᠠᠷ᠂ ᠠᠪᠤᠭ᠋ᠠᠶ ᠨᠠᠷ᠂ ᠨᠠᠶ᠋ᠢᠵᠠ ᠨᠠᠷ ᠡ!
      ᠬᠤᠯᠠ ᠬᠡᠮᠡᠨ ᠪᠢᠲᠡᠬᠡᠢ ᠴᠦᠬᠦ ᠶᠠᠪᠤᠪᠠᠰᠤ ᠬᠦᠷᠦᠮᠤᠢ! ᠤᠷᠤᠭᠰᠢᠯᠠᠬᠤ ᠵᠠᠮ᠎ᠳᠠᠭᠠᠨ ᠳᠤᠲᠠᠭᠤ ᠳᠣᠷᠭᠣᠨ ᠵᠣᠭᠰᠣᠬᠤ ᠦᠭᠡᠢ ᠪᠣᠯ ᠢᠷᠡᠭᠡᠳᠦᠶ ᠭᠡᠭᠡᠨ ᠰᠠᠷᠠᠭᠤᠯ ᠶᠤᠮ᠃ ᠡᠮᠦᠨᠡᠬᠢ ᠵᠠᠮ ᠮᠤᠷᠤᠶ ᠰᠠᠷᠤᠶ ᠪᠤᠯᠪᠠᠴᠤ ᠬᠦᠰᠡᠯ ᠡᠷᠡᠮᠡᠯᠵᠡᠯ ᠵᠶ᠋ᠠᠷ ᠪᠢᠯᠬᠠᠮ᠎ᠠ᠃ ᠳᠤᠮᠳᠠᠳᠤ ᠤᠯᠤᠰ᠎ᠤᠨ ᠡᠪ ᠬᠠᠮᠲᠤ ᠨᠠᠮ ᠳᠤᠷᠠᠲᠠᠶ᠎ᠠ ᠦᠷᠭᠦᠯᠵᠢᠯᠡᠨ ᠡᠯ᠎ᠡ ᠤᠯᠤᠰ᠎ᠤᠨ ᠲᠦᠷᠦ ᠵᠢᠨ ᠨᠠᠮ ᠪᠣᠯᠤᠨ ᠤᠯᠤᠰ ᠲᠦᠷᠦ ᠵᠢᠨ ᠵᠣᠬᠢᠶᠠᠨ ᠪᠠᠶ᠋ᠢᠭᠤᠯᠤᠯᠲᠠ᠎ᠲᠠᠢ ᠬᠠᠮᠲᠤ᠎ᠪᠠᠷ᠂ ᠲᠡᠦᠬᠡ ᠵᠢᠨ ᠵᠥᠪ ᠲᠠᠯ᠎ᠠ᠎ᠳᠤ ᠵᠣᠭᠰᠣᠵᠤ᠂ ᠬᠥᠮᠦᠨ ᠲᠥᠷᠥᠯᠬᠢᠲᠡᠨ᠎ᠤ ᠲᠠᠪᠰᠢᠯᠳᠠ ᠵᠢᠨ ᠲᠠᠯ᠎ᠠ᠎ᠳᠤ ᠵᠣᠭᠰᠣᠵᠤ᠂ ᠬᠥᠮᠦᠨ ᠲᠥᠷᠥᠯᠬᠢᠲᠡᠨ᠎ᠤ ᠬᠤᠪᠢ ᠵᠠᠶᠠᠭ᠋ᠠᠨ᠎ᠤ ᠬᠠᠮᠲᠤ ᠴᠣᠭᠴᠠ ᠵᠢ ᠪᠠᠶ᠋ᠢᠭᠤᠯᠬᠤ ᠵᠢ ᠠᠬᠢᠭᠤᠯᠬᠤ᠂ ᠨᠡᠩ ᠦᠵᠡᠰᠭᠦᠯᠡᠩᠲᠤ ᠰᠠᠶ᠋ᠢᠬᠠᠨ ᠳᠡᠯᠡᠬᠡᠢ ᠶᠢᠷᠲᠢᠨᠴᠦ ᠵᠢ ᠪᠠᠶ᠋ᠢᠭᠤᠯᠬᠤ᠎ᠳᠤ ᠨᠡᠩ ᠶᠡᠬᠡ ᠰᠢᠨ᠎ᠡ ᠬᠤᠪᠢ ᠨᠡᠮᠡᠷᠢ ᠦᠵᠡᠭᠦᠯᠦᠨ᠎ᠡ!
      ᠣᠯᠠᠨ᠎ᠳᠤ ᠪᠠᠶᠠᠷᠯᠠᠯ᠎ᠠ᠃

ᠢᠷᠡᠯᠲᠡ᠄ ᠦᠪᠦᠷ ᠮᠤᠩᠭᠤᠯ᠎ᠤᠨ ᠡᠳᠦᠷ᠎ᠤᠨ ᠰᠤᠨᠢᠨ
          
ᠬᠠᠮᠢᠶ᠎ᠡ ᠪᠦᠬᠦᠢ ᠰᠣᠨᠢᠨ
ᠰᠢ ᠵᠢᠨ ᠫᠢᠩ ᠬᠦᠭᠵᠢᠵᠦ ᠪᠠᠢ᠍ᠢ᠍ᠭ᠎ᠠ ᠤᠯᠤᠰ᠎ᠤᠳ᠎ᠤᠨ ᠬᠠᠮᠲᠤᠷᠠᠯᠴᠠᠭ᠎ᠠ ᠵᠢᠨ ᠲᠤᠰᠠᠯᠠᠮᠵᠢ ᠵᠢᠨ ᠰᠠᠭᠤᠷᠢ ᠮᠦᠩᠭᠦ ᠪᠤᠯᠤᠨ ᠬᠦᠭᠵᠢᠵᠦ ᠪᠠᠢ᠍ᠢ᠍ᠭ᠎ᠠ ᠤᠯᠤᠰ᠎ᠤᠳ᠎ᠤᠨ ᠬᠠᠮᠲᠤᠷᠠᠯᠴᠠᠭ᠎ᠠ ᠬᠢᠭᠡᠳ ᠬᠦᠭᠵᠢᠯᠲᠡ ᠵᠢᠨ ᠲᠡᠭᠡᠲᠦ ᠰᠤᠷᠭ᠋ᠠᠭᠤᠯᠢ ᠪᠠᠢ᠍ᠢ᠍ᠭᠤᠯᠤᠭᠲᠠᠭᠰᠠᠠ 5 ᠵᠢᠯ᠎ᠤᠨ ᠤᠢ᠎ᠳᠤ ᠪᠠᠶᠠᠷ᠎ᠤᠨ ᠵᠠᠬᠢᠳᠠᠯ ᠢᠯᠡᠭᠡᠪᠡ
ᠰᠢ ᠵᠢᠨ ᠫᠢᠩ ᠪᠤᠯᠤᠨ ᠰᠣᠯᠣᠩᠭᠤᠰ ᠎ᠤᠨ ᠬᠠᠮᠤᠭ ᠎ᠤᠨ ᠳᠡᠭᠡᠳᠦ ᠤᠳᠤᠷᠢᠳᠬᠤ ᠬᠥᠮᠦᠨ ᠵᠢᠨ ᠵᠧᠩ ᠧᠨ 《ᠳᠤᠮᠳᠠᠳᠤ ᠰᠣᠯᠣᠩᠭᠤᠰ᠎ᠤᠨ ᠨᠥᠬᠦᠷᠰᠡᠭ ᠬᠠᠮᠲᠤᠷᠠᠯᠴᠠᠭ᠋ᠠᠨ᠎ᠤ ᠬᠠᠷᠢᠯᠴᠠᠨ ᠲᠤᠰᠠᠯᠠᠬᠤ ᠭᠡᠷ᠎ᠡ》 ᠲᠣᠭᠲᠠᠭᠰᠠᠨ 60 ᠵᠢᠯ᠎ᠤᠨ ᠤᠢ᠎ᠳᠤ ᠵᠣᠷᠢᠭᠤᠯᠵᠦ ᠬᠠᠷᠢᠯᠴᠠᠨ ᠪᠠᠶᠠᠷ᠎ᠤᠨ ᠴᠠᠬᠢᠯᠭ᠋ᠠᠨ ᠴᠢᠮᠡᠭᠡ ᠶᠠᠪᠤᠭᠤᠯᠵᠠᠢ
ᠳᠤᠮᠳᠠᠳᠤ ᠤᠯᠤᠰ᠎ᠤᠨ ᠡᠪ ᠬᠠᠮᠲᠤ ᠨᠠᠮ ᠪᠠᠶ᠋ᠢᠭᠤᠯᠤᠭᠳᠠᠭᠰᠠᠨ 100 ᠵᠢᠯ᠎ᠤᠨ ᠤᠢ ᠵᠢ ᠪᠡᠯᠭᠡᠯᠡᠬᠦ ᠠᠵᠢᠯᠯᠠᠭ᠎ᠠ ᠵᠢᠨ ᠳ᠋ᠦᠩᠨᠡᠯᠲᠡ ᠵᠢᠨ ᠬᠤᠷᠠᠯ ᠪᠡᠭᠡᠵᠢᠩ᠎ᠳᠤ ᠬᠤᠷᠠᠯᠳᠤᠪᠠ
ᠰᠢ ᠵᠢᠨ ᠫᠢᠩ ᠪᠠᠷᠪᠠᠳᠤᠰ᠎ᠤᠨ ᠶᠡᠷᠦᠩᠬᠡᠢ ᠰᠠᠶ᠋ᠢᠳ ᠮᠤᠲᠸᠯᠢ᠎ᠲᠠᠢ ᠤᠲᠠᠰᠤ᠎ᠪᠠᠷ ᠶᠠᠷᠢᠯᠴᠠᠪᠠ
ᠯᠢ ᠺᠸ ᠴᠢᠶᠠᠩ ᠲᠦᠷᠦ ᠵᠢᠨ ᠶᠠᠪᠤᠳᠠᠯ᠎ᠤᠨ ᠬᠣᠷᠢᠶᠠᠨ᠎ᠤ ᠪᠠᠶ᠋ᠢᠩᠭᠤ ᠵᠢᠨ ᠬᠤᠷᠠᠯ᠎ᠢ ᠡᠷᠬᠢᠯᠡᠨ ᠬᠤᠷᠠᠯᠳᠤᠭᠤᠯᠵᠤ ᠲᠥᠪ᠎ᠤᠨ ᠲᠥᠰᠦᠪ᠎ᠤᠨ ᠭᠦᠢ᠍ᠴᠡᠳᠬᠡᠯ ᠪᠠ ᠪᠤᠰᠤᠳ ᠡᠳ᠋᠎ᠤᠨ ᠵᠠᠰᠠᠭ᠎ᠤᠨ ᠣᠷᠣᠯᠭ᠎ᠠ ᠵᠠᠷᠤᠯᠭ᠎ᠠ ᠵᠢᠨ ᠬᠢᠨᠠᠨ ᠪᠤᠳᠤᠯᠲᠠ᠎ᠪᠠᠷ ᠪᠠᠶ᠋ᠢᠴᠠᠭ᠋ᠠᠵᠤ ᠭᠠᠷᠭ᠋ᠠᠭᠰᠠᠨ ᠠᠰᠠᠭᠤᠳᠠᠯ᠎ᠢ ᠴᠡᠭᠴᠡᠯᠡᠨ ᠰᠠᠶ᠋ᠢᠵᠢᠷᠠᠭᠤᠯᠬᠤ ᠵᠡᠷᠭᠡ ᠠᠵᠢᠯ᠎ᠢ ᠪᠠᠢ᠌ᠷᠢᠯᠠᠭᠤᠯᠪᠠ
 
            