ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
《ᠦᠨᠡᠨ》 ᠰᠡᠳᠬᠦᠯ ᠶᠡᠷᠦᠩᠬᠡᠢ ᠱᠦᠵᠢ ᠰᠢ ᠵᠢᠨ ᠫᠢᠩ᠎ᠤᠨ ᠴᠢᠬᠤᠯᠠ ᠵᠣᠬᠢᠶᠠᠯ᠎ᠢ ᠨᠡᠶ᠋ᠢᠲᠡᠯᠡᠪᠡ ᠰᠢᠨ᠎ᠡ ᠴᠠᠭ ᠦᠶ᠎ᠡ ᠵᠢᠨ ᠨᠠᠮ ᠪᠣᠯᠣᠨ ᠠᠷᠠᠳ ᠲᠦᠮᠡᠨ᠎ᠤ ᠡᠷᠡᠮᠡᠬᠡᠶ᠋ᠢᠯᠡᠨ ᠤᠷᠤᠭᠰᠢᠯᠠᠬᠤ ᠵᠠᠶ᠋ᠢᠯᠠᠰᠢ ᠦᠭᠡᠢ ᠵᠠᠮ
ᠨᠡᠶ᠋ᠢᠲᠡᠯᠡᠭᠰᠡᠨ ᠴᠠᠭ᠄ 2023-03-02

   3 ᠰᠠᠷ᠎ᠠ ᠵᠢᠨ 1᠎ᠤ ᠡᠳᠦᠷ ᠬᠡᠪᠯᠡᠭᠳᠡᠬᠦ 5 ᠳ᠋ᠤᠭ᠋ᠠᠷ ᠬᠤᠭᠤᠴᠠᠭ᠋ᠠᠨ᠎ᠤ 《ᠦᠨᠡᠨ》 ᠰᠡᠳᠬᠦᠯ ᠨᠠᠮ᠎ᠤᠨ ᠲᠥᠪ ᠬᠤᠷᠢᠶᠠᠨ᠎ᠤ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭᠴᠢ᠂ ᠲᠥᠪ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠲᠡᠷᠢᠭᠦᠯᠡᠭᠴᠢ ᠰᠢ ᠵᠢᠨ ᠫᠢᠩ᠎ᠤᠨ 《ᠰᠢᠨ᠎ᠡ ᠴᠠᠭ ᠦᠶ᠎ᠡ ᠵᠢᠨ ᠨᠠᠮ ᠪᠣᠯᠣᠨ ᠠᠷᠠᠳ ᠲᠦᠮᠡᠨ᠎ᠤ ᠡᠷᠡᠮᠡᠬᠡᠶ᠋ᠢᠯᠡᠨ ᠤᠷᠤᠭᠰᠢᠯᠠᠬᠤ ᠵᠠᠶ᠋ᠢᠯᠠᠰᠢ ᠦᠭᠡᠢ ᠵᠠᠮ》 ᠭᠡᠬᠦ ᠴᠢᠬᠤᠯᠠ ᠵᠣᠬᠢᠶᠠᠯ᠎ᠢ ᠨᠡᠶ᠋ᠢᠲᠡᠯᠡᠪᠡ᠃
    ᠵᠣᠬᠢᠶᠠᠯ᠎ᠳᠤ᠂ ᠨᠠᠮ᠎ᠤᠨ ᠪᠦᠭᠦ ᠲᠠᠯ᠎ᠠ ᠵᠢᠨ ᠤᠳᠤᠷᠢᠳᠤᠯᠭ᠎ᠠ ᠵᠢ ᠪᠠᠷᠢᠮᠲᠠᠯᠠᠬᠤ ᠪᠣᠯ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠢ ᠪᠠᠷᠢᠮᠲᠠᠯᠠᠨ ᠬᠥᠭᠵᠢᠭᠦᠯᠬᠦ ᠵᠢᠨ ᠵᠠᠶ᠋ᠢᠯᠠᠰᠢ ᠦᠭᠡᠢ ᠵᠠᠮ ᠮᠥᠨ᠃ ᠨᠠᠮ᠎ᠤᠨ ᠪᠦᠭᠦ ᠲᠠᠯ᠎ᠠ ᠵᠢᠨ ᠤᠳᠤᠷᠢᠳᠤᠯᠭ᠎ᠠ ᠵᠢ ᠭᠤᠶ᠋ᠢᠪᠢᠰᠢ ᠦᠭᠡᠢ ᠪᠠᠷᠢᠮᠲᠠᠯᠠᠵᠤ᠂ ᠨᠠᠮ᠎ᠤᠨ ᠲᠥᠪ ᠬᠤᠷᠢᠶᠠᠨ᠎ᠤ ᠡᠷᠬᠡ ᠰᠦᠷ ᠪᠣᠯᠣᠨ ᠲᠥᠪᠯᠡᠷᠡᠩᠭᠦᠢ ᠨᠢᠭᠡᠳᠦᠯᠲᠡᠢ ᠤᠳᠤᠷᠢᠳᠤᠯᠭ᠎ᠠ ᠵᠢ ᠬᠠᠮᠠᠭ᠋ᠠᠯᠠᠳᠠᠭ ᠯᠠ ᠶᠤᠮ ᠪᠣᠯ ᠪᠢᠳᠠ ᠯᠠᠪᠲᠠᠢ ᠪᠦᠭᠦ ᠨᠠᠮ ᠪᠦᠭᠦ ᠤᠯᠤᠰ ᠵᠶ᠋ᠠᠷ ᠵᠶ᠋ᠠᠨ ᠪᠦᠯᠬᠦᠮᠳᠡᠨ ᠲᠡᠮᠡᠴᠡᠬᠦ ᠬᠦᠴᠦᠷᠬᠡᠭ ᠶᠡᠭᠡ ᠤᠯᠤᠰ ᠲᠦᠷᠦ ᠵᠢᠨ ᠨᠢᠭᠲᠠᠷᠠᠯ᠎ᠤᠨ ᠬᠦᠴᠦᠨ᠎ᠲᠠᠢ᠂ ᠬᠥᠭᠵᠢᠯᠲᠡ ᠵᠢᠨ ᠢᠲᠡᠭᠡᠯ ᠵᠣᠷᠢᠭ᠎ᠲᠠᠢ ᠪᠠᠶ᠋ᠢᠬᠤ ᠵᠢ ᠪᠠᠲᠤᠯᠠᠵᠤ᠂ ᠲᠥᠪ ᠶᠣᠰᠣ ᠵᠢ ᠪᠠᠷᠢᠮᠲᠠᠯᠠᠨ ᠰᠢᠨ᠎ᠡ ᠵᠢ ᠡᠭᠦᠳᠭᠦ᠂ ᠴᠠᠭ᠎ᠤᠨ ᠪᠡᠷᠬᠡ ᠵᠢ ᠬᠠᠮᠲᠤ᠎ᠪᠠᠷ ᠲᠤᠭᠤᠯᠬᠤ ᠬᠦᠴᠦᠷᠬᠡᠭ ᠶᠡᠭᠡ ᠬᠦᠴᠦᠨ ᠴᠢᠳᠠᠯ᠎ᠢ ᠨᠢᠭᠲᠠᠷᠠᠭᠤᠯᠵᠤ᠂ ᠰᠠᠯᠬᠢ ᠪᠣᠷᠣᠭ᠋ᠠᠨ᠎ᠤ ᠳᠠᠭ᠋ᠠᠷᠢᠯᠲᠠ᠎ᠳᠤ ᠪᠦᠭᠦ ᠠᠷᠠᠳ ᠲᠦᠮᠡᠨ᠎ᠤ ᠬᠠᠮᠤᠭ᠎ᠤᠨ ᠨᠠᠶ᠋ᠢᠳᠠᠪᠤᠷᠢᠲᠠᠢ ᠲᠦᠰᠢᠭ ᠲᠤᠯᠭ᠋ᠠᠭᠤᠷᠢ ᠵᠢ ᠪᠦᠷᠢᠯᠳᠦᠭᠦᠯᠵᠦ ᠴᠢᠳᠠᠨ᠎ᠠ ᠭᠡᠵᠦ ᠵᠢᠭ᠋ᠠᠵᠤ ᠭᠠᠷᠭ᠋ᠠᠪᠠ᠃
    ᠵᠣᠬᠢᠶᠠᠯ᠎ᠳᠤ᠂ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ ᠪᠣᠯ ᠳᠤᠮᠳᠠᠳᠤ ᠵᠢᠨ ᠦᠨᠳᠦᠰᠦᠲᠡᠨ᠎ᠤ ᠠᠭᠤᠤ ᠶᠡᠭᠡ ᠰᠡᠷᠭᠦᠨ ᠮᠠᠨᠳᠤᠯᠲᠠ ᠵᠢ ᠪᠡᠶᠡᠯᠡᠭᠦᠯᠬᠦ ᠵᠢᠨ ᠵᠠᠶ᠋ᠢᠯᠠᠰᠢ ᠦᠭᠡᠢ ᠵᠠᠮ ᠮᠥᠨ᠃ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠤᠨ ᠵᠠᠮ ᠵᠶ᠋ᠠᠷ ᠢᠮᠠᠭᠲᠠ ᠭᠤᠶ᠋ᠢᠪᠢᠰᠢ ᠦᠭᠡᠢ ᠵᠠᠮᠨᠠᠳᠠᠭ ᠯᠠ ᠶᠤᠮ ᠪᠣᠯ ᠪᠢᠳᠡ ᠯᠠᠪᠲᠠᠢ ᠠᠷᠠᠳ ᠲᠦᠮᠡᠨ᠎ᠤ ᠰᠠᠶ᠋ᠢᠨ ᠰᠠᠶ᠋ᠢᠬᠠᠨ ᠠᠮᠢᠳᠤᠷᠠᠯ᠎ᠤᠨ ᠲᠤᠬᠠᠢ ᠬᠦᠰᠡᠯ ᠮᠥᠷᠥᠭᠡᠳᠦᠯ᠎ᠢ ᠲᠠᠰᠤᠷᠠᠯᠲᠠ ᠦᠭᠡᠢ ᠪᠡᠶᠡᠯᠡᠭᠦᠯᠵᠦ᠂ ᠪᠦᠭᠦ ᠠᠷᠠᠳ   ᠲᠦᠮᠡᠨ᠎ᠤ   ᠬᠠᠮᠲᠤ ᠎ᠪᠠᠷ   ᠪᠠᠶᠠᠵᠢᠬᠤ ᠵᠢ   ᠲᠠᠰᠤᠷᠠᠯᠲᠠ   ᠦᠭᠡᠢ   ᠠᠬᠢᠭᠤᠯᠵᠤ   ᠴᠢᠳᠠᠨ᠎ᠠ   ᠭᠡᠵᠦ   ᠵᠢᠭ᠋ᠠᠵᠤ ᠭᠠᠷᠭ᠋ᠠᠪᠠ᠃
    ᠵᠣᠬᠢᠶᠠᠯ᠎ᠳᠤ᠂ ᠪᠦᠯᠬᠦᠮᠳᠡᠨ ᠲᠡᠮᠡᠴᠡᠬᠦ ᠪᠣᠯ ᠳᠤᠮᠳᠠᠳᠤ ᠤᠯᠤᠰ᠎ᠤᠨ ᠠᠷᠠᠳ ᠲᠦᠮᠡᠨ᠎ᠤ ᠲᠡᠦᠬᠡ ᠵᠢᠨ ᠠᠤᠭ᠎ᠠ ᠦᠢ᠍ᠯᠡᠰ᠎ᠢ ᠡᠭᠦᠳᠦᠨ ᠪᠦᠲᠦᠭᠡᠬᠦ ᠵᠢᠨ ᠵᠠᠶ᠋ᠢᠯᠠᠰᠢ ᠦᠭᠡᠢ ᠵᠠᠮ ᠮᠥᠨ᠃ ᠨᠠᠮ᠎ᠤᠨ ᠤᠳᠤᠷᠢᠳᠤᠯᠭ᠎ᠠ ᠳᠣᠣᠷ᠎ᠠ ᠪᠦᠭᠦ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ ᠪᠦᠯᠬᠦᠮᠳᠡᠨ ᠨᠢᠭᠡᠳᠴᠦ᠂ ᠲᠦᠮᠡᠨ᠎ᠤ ᠵᠣᠷᠢᠭ᠎ᠢ ᠨᠢᠭᠡᠳᠬᠡᠵᠦ ᠪᠣᠯᠣᠳ ᠬᠡᠷᠡᠮ ᠮᠡᠲᠦ ᠪᠣᠯᠵᠤ᠂ ᠵᠣᠷᠢᠭᠲᠠᠢ ᠲᠡᠮᠡᠴᠡᠵᠦ᠂ ᠴᠢᠳᠠᠮᠠᠭ᠋ᠠᠢ ᠲᠡᠮᠡᠴᠡᠳᠡᠭ ᠯᠡ ᠶᠤᠮ ᠪᠣᠯ ᠪᠢᠳᠡ ᠯᠠᠪᠲᠠᠢ ᠤᠷᠤᠭᠰᠢᠯᠠᠯᠲᠠ ᠵᠢᠨ ᠵᠠᠮ ᠳᠡᠭᠡᠷᠡᠬᠢ ᠠᠯᠢᠪᠠ ᠬᠦᠴᠢᠷ ᠪᠡᠷᠬᠡᠰᠢᠶᠡᠯ ᠥᠷᠢᠰᠦᠯᠳᠦᠭᠡᠨ᠎ᠢ ᠢᠯᠠᠨ ᠳᠠᠪᠠᠵᠤ᠂ ᠬᠥᠮᠥᠰ᠎ᠤᠨ ᠠᠩᠬᠠᠷᠤᠯ᠎ᠢ ᠲᠠᠲᠠᠭᠰᠠᠨ ᠰᠢᠨ᠎ᠡ ᠭᠠᠶ᠋ᠢᠬᠠᠮᠰᠢᠭ᠎ᠢ ᠦᠷᠭᠦᠯᠵᠢᠯᠡᠨ ᠡᠭᠦᠳᠴᠦ ᠴᠢᠳᠠᠨ᠎ᠠ ᠭᠡᠵᠦ ᠵᠢᠭ᠋ᠠᠵᠤ ᠭᠠᠷᠭ᠋ᠠᠪᠠ᠃
    ᠵᠣᠬᠢᠶᠠᠯ᠎ᠳᠤ᠂ ᠰᠢᠨ᠎ᠡ ᠬᠥᠭᠵᠢᠯᠲᠡ ᠵᠢᠨ ᠣᠶ᠋ᠢᠯᠠᠭ᠋ᠠᠭᠳᠠᠬᠤᠨ᠎ᠢ ᠲᠤᠭᠤᠰᠢᠯᠠᠭᠤᠯᠬᠤ ᠪᠣᠯ ᠰᠢᠨ᠎ᠡ ᠴᠠᠭ ᠦᠶ᠎ᠡ ᠵᠢᠨ ᠮᠠᠨ᠎ᠤ ᠤᠯᠤᠰ᠎ᠤᠨ ᠬᠥᠭᠵᠢᠨ ᠪᠤᠵᠠᠭ᠋ᠠᠶ᠋ᠢᠷᠠᠬᠤ ᠵᠢᠨ ᠵᠠᠶ᠋ᠢᠯᠠᠰᠢ ᠦᠭᠡᠢ ᠵᠠᠮ ᠮᠥᠨ᠃ ᠰᠢᠨ᠎ᠡ ᠬᠥᠭᠵᠢᠯᠲᠡ ᠵᠢᠨ ᠣᠶ᠋ᠢᠯᠠᠭ᠋ᠠᠭᠳᠠᠬᠤᠨ᠎ᠢ ᠪᠦᠷᠢᠨ ᠪᠦᠲᠦᠨ᠂ ᠵᠥᠪ ᠤᠨᠤᠪᠴᠢᠳᠠᠢ᠂ ᠪᠦᠭᠦ ᠲᠠᠯ᠎ᠠ᠎ᠪᠠᠷ ᠲᠤᠭᠤᠰᠢᠯᠠᠭᠤᠯᠵᠤ᠂ ᠰᠢᠨ᠎ᠡ ᠬᠥᠭᠵᠢᠯᠲᠡ ᠵᠢᠨ ᠪᠠᠶ᠋ᠢᠷᠢᠰᠢᠯ᠎ᠢ ᠲᠦᠷᠭᠡᠨ ᠪᠠᠶ᠋ᠢᠭᠤᠯᠵᠤ᠂ ᠴᠢᠨᠠᠷ ᠰᠠᠶ᠋ᠢᠲᠠᠢ ᠬᠥᠭᠵᠢᠯᠲᠡ ᠵᠢ ᠠᠬᠢᠭᠤᠯᠵᠤ᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠠᠯ᠎ᠠ᠎ᠪᠠᠷ ᠪᠡᠶ᠎ᠡ᠎ᠪᠠᠨ ᠳᠠᠭ᠋ᠠᠭ᠋ᠠᠵᠤ ᠬᠦᠴᠦᠷᠬᠡᠭᠵᠢᠬᠦ ᠵᠢ ᠲᠦᠷᠭᠡᠨ ᠪᠡᠶᠡᠯᠡᠭᠦᠯᠳᠡᠭ ᠯᠡ ᠶᠤᠮ ᠪᠣᠯ ᠪᠢᠳᠠ ᠯᠠᠪᠲᠠᠢ ᠮᠠᠨ᠎ᠤ ᠤᠯᠤᠰ᠎ᠤᠨ ᠬᠥᠭᠵᠢᠯᠲᠡ ᠵᠢᠨ ᠥᠷᠢᠰᠦᠯᠳᠦᠬᠦ ᠬᠦᠴᠦᠨ ᠪᠣᠯᠣᠨ ᠦᠷᠭᠦᠯᠵᠢᠯᠡᠬᠦ ᠬᠦᠴᠦᠨ᠎ᠢ ᠲᠠᠰᠤᠷᠠᠯᠳᠠ ᠦᠭᠡᠢ ᠳᠡᠭᠡᠭᠰᠢᠯᠡᠭᠦᠯᠵᠦ᠂ ᠡᠳᠦᠷ ᠢᠷᠡᠬᠦᠶ᠎ᠡ ᠰᠢᠷᠦᠭᠦᠰᠴᠦ ᠪᠠᠶ᠋ᠢᠭ᠎ᠠ ᠤᠯᠠᠨ ᠤᠯᠤᠰ᠎ᠤᠨ ᠥᠷᠢᠰᠦᠯᠳᠦᠭᠡᠨ᠎ᠤ ᠳᠤᠮᠳᠠ ᠰᠠᠨᠠᠭ᠋ᠠᠴᠢᠯᠠᠭ᠋ᠠᠲᠤ ᠡᠷᠬᠡ ᠵᠢ ᠡᠵᠡᠮᠳᠡᠵᠦ᠂ ᠢᠷᠡᠭᠡᠳᠦᠢ ᠵᠢ ᠣᠯᠵᠤ ᠴᠢᠳᠠᠨ᠎ᠠ ᠭᠡᠵᠦ ᠵᠢᠭ᠋ᠠᠵᠤ ᠭᠠᠷᠭ᠋ᠠᠪᠠ᠃
    ᠵᠣᠬᠢᠶᠠᠯ᠎ᠳᠤ᠂ ᠪᠦᠭᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠪᠣᠯ ᠨᠠᠮ᠎ᠤᠨ ᠠᠮᠢᠵᠢᠷᠠᠯ᠎ᠤᠨ ᠬᠦᠴᠦᠨ᠎ᠢ ᠡᠭᠦᠷᠢᠳᠡ ᠪᠠᠲᠤᠯᠠᠵᠤ᠂ ᠰᠢᠨ᠎ᠡ ᠰᠢᠯᠭ᠋ᠠᠯᠲᠠ ᠵᠢᠨ ᠵᠠᠮ ᠵᠶ᠋ᠠᠷ ᠰᠠᠶ᠋ᠢᠲᠤᠷ ᠵᠠᠮᠨᠠᠬᠤ ᠵᠢᠨ ᠵᠠᠶ᠋ᠢᠯᠠᠰᠢ ᠦᠭᠡᠢ ᠵᠠᠮ ᠮᠥᠨ᠃ ᠳᠤᠮᠳᠠᠳᠤ ᠤᠯᠤᠰ᠎ᠤᠨ ᠤᠴᠢᠷ ᠶᠠᠪᠤᠳᠠᠯ᠎ᠢ ᠰᠠᠶ᠋ᠢᠲᠤᠷ ᠬᠢᠬᠦ ᠵᠢᠨ ᠵᠠᠩᠭᠢᠯᠠᠭ᠎ᠠ᠎ᠨᠢ ᠨᠠᠮ᠎ᠳᠤ ᠪᠤᠢ᠂ ᠵᠠᠩᠭᠢᠯᠠᠭ᠎ᠠ᠎ᠨᠢ ᠨᠠᠮ᠎ᠢ ᠪᠦᠭᠦ ᠲᠠᠯ᠎ᠠ᠎ᠪᠠᠷ ᠴᠢᠩᠭ᠎ᠠ ᠵᠠᠰᠠᠬᠤ᠎ᠳᠤ ᠪᠤᠢ᠃ ᠨᠠᠮ ᠪᠠᠶ᠋ᠢᠭᠤᠯᠬᠤ ᠠᠭᠤᠤ ᠶᠡᠭᠡ ᠵᠣᠷᠢᠭ ᠰᠠᠨᠠᠭ᠎ᠠ ᠵᠢ ᠶᠡᠭᠡ᠎ᠪᠠᠷ ᠪᠠᠳᠠᠷᠠᠭᠤᠯᠵᠤ᠂ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠦᠯᠦ ᠮᠠᠷᠲᠠᠨ᠂ ᠵᠣᠷᠢᠭᠲᠠᠢ᠎ᠪᠠᠷ ᠥᠪᠡᠷ᠎ᠤᠨ ᠪᠡᠶ᠎ᠡ᠎ᠳᠡᠭᠡᠨ ᠬᠤᠪᠢᠰᠬᠠᠯ ᠬᠢᠵᠦ᠂ ᠨᠠᠮ᠎ᠤᠨ ᠲᠡᠷᠢᠭᠦᠨ᠎ᠤ ᠴᠢᠨᠠᠷ ᠪᠠ ᠴᠡᠪᠡᠷ ᠴᠢᠨᠠᠷ᠎ᠢ ᠬᠤᠬᠢᠷᠠᠭᠤᠯᠬᠤ ᠠᠯᠢᠪᠠ ᠬᠤᠣᠷᠲᠠᠢ ᠡᠯᠧᠮᠧᠨ᠋ᠲ᠎ᠢ ᠲᠠᠰᠤᠷᠠᠯᠲᠠ ᠦᠭᠡᠢ ᠴᠡᠪᠡᠷᠯᠡᠨ ᠠᠷᠢᠯᠭ᠋ᠠᠵᠤ᠂ ᠨᠠᠮ᠎ᠤᠨ ᠡᠷᠡᠭᠦᠯ ᠴᠢᠭᠢᠷᠠᠭ ᠪᠡᠶ᠎ᠡ ᠴᠣᠭᠴᠠ ᠵᠢ ᠬᠤᠬᠢᠷᠠᠭᠤᠯᠬᠤ ᠠᠯᠢᠪᠠ ᠬᠤᠣᠷᠲᠠᠢ ᠡᠯᠧᠮᠧᠨ᠋ᠲ᠎ᠢ ᠲᠠᠰᠤᠷᠠᠯᠲᠠ ᠦᠭᠡᠢ ᠴᠡᠪᠡᠷᠯᠡᠨ ᠠᠷᠢᠯᠭ᠋ᠠᠳᠠᠭ ᠯᠠ ᠶᠤᠮ ᠪᠣᠯ ᠪᠢᠳᠡ ᠯᠠᠪᠲᠠᠢ ᠨᠠᠮ᠎ᠤᠨ ᠴᠢᠨᠠᠷ ᠬᠤᠪᠢᠷᠠᠬᠤ ᠦᠭᠡᠢ᠂ ᠢᠷᠠᠭᠤ ᠠᠯᠳᠠᠷᠲᠤ ᠤᠯᠠᠮᠵᠢᠯᠠᠯ ᠬᠤᠪᠢᠷᠠᠬᠤ ᠦᠭᠡᠢ᠂ ᠰᠢᠯᠢᠳᠡᠭ ᠰᠤᠷᠲᠠᠯ ᠬᠤᠪᠢᠷᠠᠬᠤ ᠦᠭᠡᠢ ᠪᠠᠶ᠋ᠢᠬᠤ ᠵᠢ ᠪᠠᠲᠤᠯᠠᠵᠤ ᠴᠢᠳᠠᠨ᠎ᠠ ᠭᠡᠵᠦ ᠵᠢᠭ᠋ᠠᠵᠤ ᠭᠠᠷᠭ᠋ᠠᠪᠠ᠃

ᠢᠷᠡᠯᠲᠡ᠄ ᠦᠪᠦᠷ ᠮᠣᠩᠭᠤᠯ᠎ᠤᠨ ᠡᠳᠤᠷ᠎ᠤᠨ ᠰᠣᠨᠢᠨ
          
ᠬᠠᠮᠢᠶ᠎ᠡ ᠪᠦᠬᠦᠢ ᠰᠣᠨᠢᠨ
ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠬᠣᠷᠢᠳᠤᠭ᠋ᠠᠷ ᠬᠤᠭᠤᠴᠠᠭ᠋ᠠᠨ᠎ᠤ ᠲᠥᠪ ᠬᠣᠷᠢᠶᠠᠨ᠎ᠤ ᠬᠣᠶᠠᠳᠤᠭ᠋ᠠᠷ ᠪᠦᠭᠦᠳᠡ ᠬᠤᠷᠠᠯ ᠪᠡᠭᠡᠵᠢᠩ᠎ᠳᠤ ᠬᠤᠷᠠᠯᠳᠤᠪᠠ ᠲᠥᠪ ᠬᠣᠷᠢᠶᠠᠨ᠎ᠤ ᠤᠯᠤᠰ ᠲᠥᠷᠥ ᠵᠢᠨ ᠲᠣᠪᠴᠢᠶ᠎ᠠ ᠪᠦᠭᠦᠳᠡ ᠬᠤᠷᠠᠯ᠎ᠢ ᠡᠷᠬᠢᠯᠡᠪᠡ ᠲᠥᠪ ᠬᠣᠷᠢᠶᠠᠨ᠎ᠤ ᠶᠡᠷᠦᠩᠬᠡᠢ ᠱᠦᠵᠢ ᠰᠢ ᠵᠢᠨ ᠫᠢᠩ ᠴᠢᠬᠤᠯᠠ ᠶᠠᠷᠢᠶ᠎ᠠ ᠲᠠᠯᠪᠢᠵᠠᠢ
ᠰᠢ ᠵᠢᠨ ᠫᠢᠩ ᠵᠢᠶᠠᠩᠰᠤ ᠵᠢᠨ ᠲᠥᠯᠥᠭᠡᠯᠡᠭᠴᠢᠳ᠎ᠤᠨ ᠪᠦᠯᠭᠦᠮ᠎ᠤᠨ ᠬᠢᠨᠠᠨ ᠵᠥᠪᠯᠡᠭᠦ᠎ᠳᠤ ᠣᠷᠤᠯᠴᠠᠬᠤ᠎ᠳᠠᠭᠠᠨ ᠴᠢᠬᠤᠯᠠᠴᠢᠯᠠᠭᠰᠠᠨ᠎ᠨᠢ ᠴᠢᠨᠠᠷ ᠰᠠᠶ᠋ᠢᠲᠠᠢ ᠬᠥᠭᠵᠢᠯᠲᠡ ᠭᠡᠬᠦ ᠡᠨᠡ ᠬᠦ᠌ ᠲᠡᠷᠢᠭᠦᠨ ᠴᠢᠬᠤᠯᠠ ᠡᠭᠦᠷᠭᠡ ᠵᠢ ᠪᠠᠲᠤ ᠡᠵᠡᠮᠳᠡᠬᠦ ᠬᠡᠷᠡᠭᠲᠡᠢ
ᠰᠢ ᠵᠢᠨ ᠫᠢᠩ ᠤᠯᠤᠰ ᠲᠦᠷᠦ ᠵᠢᠨ ᠵᠥᠪᠯᠡᠯᠭᠡᠨ᠎ᠤ ᠬᠤᠷᠠᠯ᠎ᠳᠤ ᠣᠷᠣᠯᠴᠠᠵᠤ ᠪᠠᠢ᠌ᠭ᠎ᠠ ᠠᠷᠠᠳᠴᠢᠯᠠᠯ ᠵᠶ᠋ᠠᠷ ᠤᠯᠤᠰ ᠵᠶ᠋ᠠᠨ ᠪᠠᠢ᠌ᠭᠤᠯᠬᠤ ᠬᠤᠷᠠᠯ ᠪᠠ ᠦᠢ᠍ᠯᠡᠳᠪᠦᠷᠢ ᠬᠤᠳᠠᠯᠳᠤᠭ᠋ᠠᠨ᠎ᠤ ᠬᠣᠯᠪᠤᠭ᠎ᠠ ᠵᠢᠨ ᠡᠲᠡᠭᠡᠳ᠎ᠤᠨ ᠭᠡᠰᠢᠭᠦᠳ᠎ᠢ ᠡᠷᠭᠢᠨ ᠦᠵᠡᠬᠦ᠎ᠳᠡᠭᠡᠨ ᠴᠢᠬᠤᠯᠠᠴᠢᠯᠠᠭᠰᠠᠨ᠎ᠨᠢ ᠠᠷᠠᠳ᠎ᠤᠨ ᠡᠵᠡᠩᠨᠡᠯᠲᠡ ᠵᠢᠨ ᠠᠵᠤ ᠠᠬᠤᠢ ᠵᠢᠨ ᠡᠷᠡᠭᠦᠯ ᠵᠶ᠋ᠡᠷ ᠬᠥᠭᠵᠢᠵᠦ ᠴᠢᠨᠠᠷ ᠰᠠᠢ᠌ᠲᠠᠢ ᠭᠦᠭᠵᠢᠭᠦ ᠵᠢ ᠵᠥᠪ ᠵᠶ᠋ᠡᠷ ᠬᠥᠲᠥᠯᠥᠨ ᠵᠢᠯᠤᠭᠣᠳᠬᠤ ᠬᠡᠷᠡᠭᠲᠡᠢ ᠸᠠᠩ ᠬᠤ᠌ ᠨᠢᠩ ᠼᠠᠢ ᠴᠢ ᠳ᠋ᠢᠩ ᠰᠢᠤᠸᠠᠢ ᠰᠢᠶᠠᠩ ᠡᠷᠭᠢᠨ ᠦᠵᠡᠬᠦ ᠪᠠ ᠶᠠᠷᠢᠯᠴᠠᠬᠤ᠎ᠳᠤ ᠣᠷᠣᠯᠴᠠᠪᠠ
ᠠᠷᠪᠠᠨ ᠳᠥᠷᠪᠡᠳᠦᠭᠡᠷ ᠬᠤᠭᠤᠴᠠᠭ᠋ᠠᠨ᠎ᠤ ᠪᠦᠭᠦ ᠤᠯᠤᠰ᠎ᠤᠨ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠠᠩᠬᠠᠳᠤᠭ᠋ᠠᠷ ᠬᠤᠷᠠᠯ ᠬᠣᠶᠠᠳᠤᠭ᠋ᠠᠷ ᠪᠦᠭᠦᠳᠡ ᠬᠤᠷᠠᠯ ᠬᠢᠪᠡ ᠰᠢ ᠵᠢᠨ ᠫᠢᠩ ᠯᠢ ᠴᠢᠶᠠᠩ ᠵᠤᠤ ᠯᠧ ᠵᠢᠢ ᠸᠠᠩ ᠬᠤ᠌ ᠨᠢᠩ ᠬᠠᠨ ᠵᠧᠩ ᠼᠠᠢ ᠴᠢ ᠳ᠋ᠢᠩ ᠰᠢᠤᠸᠠᠢ ᠰᠢᠶᠠᠩ ᠯᠢ ᠰᠢ ᠨᠠᠷ ᠲᠡᠷᠢᠭᠦᠯᠡᠭᠴᠢᠳ᠎ᠤᠨ ᠲᠠᠢ᠌ᠰᠠᠨ᠎ᠳᠤ ᠰᠠᠭ᠋ᠠᠲᠠᠪᠠ ᠯᠢ ᠵᠠᠨ ᠱᠣ᠌ ᠪᠦᠭᠦ ᠤᠯᠤᠰ᠎ᠤᠨ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠪᠠᠢ᠌ᠩᠭᠤ ᠵᠢᠨ ᠬᠣᠷᠢᠶ᠎ᠠ ᠵᠢᠨ ᠠᠵᠢᠯ᠎ᠤᠨ ᠮᠡᠳᠡᠭᠦᠯᠦᠯᠲᠡ ᠬᠢᠵᠡᠢ ᠠᠷᠠᠳ᠎ᠤᠨ ᠳᠡᠭᠡᠳᠦ ᠰᠢᠭᠦᠭᠦ ᠬᠣᠷᠢᠶ᠎ᠠ ᠵᠢᠨ ᠠᠵᠢᠯ᠎ᠤᠨ ᠮᠡᠳᠡᠭᠦᠯᠦᠯᠲᠡ ᠪᠣᠯᠣᠨ ᠠᠷᠠᠳ᠎ᠤᠨ ᠳᠡᠭᠡᠳᠦ ᠪᠠᠢ᠌ᠴᠠᠭ᠋ᠠᠬᠤ ᠬᠣᠷᠢᠶ᠎ᠠ ᠵᠢᠨ ᠠᠵᠢᠯ᠎ᠤᠨ ᠮᠡᠳᠡᠭᠦᠯᠦᠯᠲᠡ ᠵᠢ ᠰᠣᠨᠣᠰᠤᠭᠰᠠᠨ ᠪᠠ ᠬᠢᠨᠠᠨ ᠵᠥᠪᠯᠡᠵᠦ ᠲᠥᠷᠥ ᠵᠢᠨ ᠶᠠᠪᠤᠳᠠᠯ᠎ᠤᠨ ᠬᠣᠷᠢᠶ᠎ᠠ ᠵᠢᠨ ᠪᠠᠢ᠌ᠭᠤᠯᠤᠮᠵᠢ ᠵᠢᠨ ᠥᠭᠡᠷᠡᠴᠢᠯᠡᠯᠲᠡ ᠵᠢᠨ ᠲᠥᠰᠥᠯ᠎ᠤᠨ ᠲᠤᠬᠠᠢ ᠲᠣᠳᠣᠷᠬᠠᠢ᠌ᠯᠠᠯᠲᠠ ᠵᠢ ᠰᠣᠨᠣᠰᠪᠠ
ᠶᠡᠷᠦᠩᠬᠡᠢ ᠰᠠᠢ᠌ᠳ ᠯᠢ ᠴᠢᠶᠠᠩ ᠰᠣᠷᠪᠤᠯᠵᠢᠯᠠᠬ᠍ᠴᠢᠳ᠎ᠤᠨ ᠬᠤᠷᠠᠯ᠎ᠳᠤ ᠣᠷᠣᠯᠴᠠᠬᠰᠠᠨ ᠪᠥᠭᠡᠳ ᠳᠤᠮᠳᠠᠳᠤ ᠭᠠᠳᠠᠭ᠋ᠠᠳᠤ ᠵᠢᠨ ᠰᠣᠷᠪᠤᠯᠵᠢᠯᠠᠬ᠍ᠴᠢᠳ᠎ᠤᠨ ᠳᠤᠷᠠᠳᠤᠭᠰᠠᠨ ᠠᠰᠠᠭᠤᠯᠲᠠ ᠵᠢ ᠬᠠᠷᠢᠭᠤᠯᠪᠠ
 
            