《ᠦᠨᠡᠨ》 ᠰᠡᠳᠬᠦᠯ ᠶᠡᠷᠦᠩᠬᠡᠢ ᠱᠦᠵᠢ ᠰᠢ ᠵᠢᠨ ᠫᠢᠩ᠎ᠤᠨ ᠴᠢᠬᠤᠯᠠ ᠵᠣᠬᠢᠶᠠᠯ᠎ᠢ ᠨᠡᠶ᠋ᠢᠲᠡᠯᠡᠪᠡ
6 ᠰᠠᠷ᠎ᠠ ᠵᠢᠨ 16᠎ᠤ ᠡᠳᠦᠷ ᠬᠡᠪᠯᠡᠭᠳᠡᠬᠦ 12 ᠳ᠋ᠤᠭ᠋ᠠᠷ ᠬᠤᠭᠤᠴᠠᠭ᠋ᠠᠨ᠎ᠤ 《ᠦᠨᠡᠨ》 ᠰᠡᠳᠬᠦᠯ᠎ᠳᠤ ᠨᠠᠮ᠎ᠤᠨ ᠲᠥᠪ ᠬᠤᠷᠢᠶ᠎ᠠ ᠵᠢᠨ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭᠴᠢ᠂ ᠲᠥᠪ᠎ᠤᠨ ᠴᠡᠷᠢᠭ᠎ᠤᠨ ᠶᠠᠪᠤᠳᠠᠯ᠎ᠤᠨ ᠬᠤᠷᠢᠶ᠎ᠠ ᠵᠢᠨ ᠲᠡᠷᠢᠭᠦᠯᠡᠭᠴᠢ ᠰᠢ ᠵᠢᠨ ᠫᠢᠩ᠎ᠤᠨ 《ᠪᠦᠭᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠰᠢᠰᠲ᠋ᠧᠮ᠎ᠢ ᠪᠦᠷᠢᠨᠰᠢᠭᠦᠯᠵᠦ ᠰᠢᠨ᠎ᠡ ᠴᠠᠭ ᠦᠶ᠎ᠡ ᠵᠢᠨ ᠨᠠᠮ᠎ᠤᠨ ᠪᠠᠶ᠋ᠢᠭᠤᠯᠤᠯᠲᠠ ᠵᠢᠨ ᠰᠢᠨ᠎ᠡ ᠠᠭᠤᠤ ᠶᠡᠭᠡ ᠢᠨᠵᠧᠨᠧᠷᠢᠩ᠎ᠤᠨ ᠭᠦᠨᠵᠡᠭᠡᠶ᠋ᠢᠷᠡᠨ ᠬᠥᠭᠵᠢᠬᠦ ᠵᠢ ᠠᠬᠢᠭᠤᠯᠬᠤ ᠬᠡᠷᠡᠭᠲᠡᠢ》 ᠭᠡᠬᠦ ᠴᠢᠬᠤᠯᠠ ᠵᠣᠬᠢᠶᠠᠯ᠎ᠢ ᠨᠡᠶ᠋ᠢᠲᠡᠯᠡᠪᠡ᠃
ᠵᠣᠬᠢᠶᠠᠯ᠎ᠳᠤ᠂ ᠨᠠᠮ᠎ᠤᠨ ᠪᠠᠶ᠋ᠢᠭᠤᠯᠤᠯᠲᠠ ᠵᠢ ᠨᠢᠭᠡᠨ ᠠᠭᠤᠤ ᠶᠡᠭᠡ ᠢᠨᠵᠧᠨᠧᠷᠢᠩ ᠪᠣᠯᠭ᠋ᠠᠨ ᠠᠬᠢᠭᠤᠯᠬᠤ ᠵᠢᠨ ᠬᠠᠮᠲᠤ ᠨᠠᠮ᠎ᠨᠢ ᠨᠠᠮ ᠵᠶ᠋ᠠᠨ ᠬᠠᠮᠢᠶᠠᠷᠬᠤ᠂ ᠨᠠᠮ᠎ᠢ ᠴᠢᠩᠭ᠎ᠠ ᠵᠠᠰᠠᠬᠤ ᠵᠠᠷᠴᠢᠮ ᠪᠣᠯᠣᠨ ᠴᠢᠭᠯᠡᠯᠲᠡ ᠵᠢ ᠢᠮᠠᠭᠲᠠ ᠪᠠᠷᠢᠮᠲᠠᠯᠠᠬᠤ ᠪᠣᠯ ᠮᠠᠨ᠎ᠤ ᠨᠠᠮ᠎ᠤᠨ ᠨᠢᠭᠡᠨ ᠶᠡᠭᠡ ᠡᠭᠦᠳᠦᠯᠲᠡ ᠮᠥᠨ᠂ ᠪᠠᠰᠠ ᠴᠤ᠌ ᠨᠠᠮ ᠪᠠᠶ᠋ᠢᠭᠤᠯᠵᠤ ᠤᠯᠤᠰ ᠪᠠᠶ᠋ᠢᠭᠤᠯᠤᠭᠰᠠᠨ᠂ ᠨᠠᠮ ᠵᠶ᠋ᠠᠨ ᠮᠠᠨᠳᠤᠭᠤᠯᠵᠤ ᠤᠯᠤᠰ ᠵᠶ᠋ᠠᠨ ᠬᠦᠴᠦᠷᠬᠡᠭᠵᠢᠭᠦᠯᠬᠦ ᠨᠢᠭᠡᠨ ᠶᠡᠭᠡ ᠠᠨᠢᠰᠤ ᠮᠥᠨ᠃ ᠨᠠᠮ᠎ᠤᠨ ᠠᠷᠪᠠᠨ ᠨᠠᠢ᠍ᠮᠠᠳᠤᠭ᠋ᠠᠷ ᠶᠡᠭᠡ ᠬᠤᠷᠠᠯ᠎ᠠᠴᠠ ᠨᠠᠭ᠋ᠠᠰᠢ᠂ ᠪᠢᠳᠡ ᠪᠦᠭᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠵᠢ ᠰᠢᠨ᠎ᠡ ᠴᠠᠭ ᠦᠶ᠎ᠡ ᠵᠢᠨ ᠨᠠᠮ᠎ᠤᠨ ᠪᠠᠶ᠋ᠢᠭᠤᠯᠤᠯᠲᠠ ᠵᠢᠨ ᠢᠯᠡ ᠲᠣᠳᠣ ᠭᠤᠣᠯ ᠰᠡᠳᠦᠪ ᠪᠤᠯᠭ᠋ᠠᠵᠤ᠂ ᠠᠯᠢ ᠤᠯᠠᠨ ᠰᠢᠨ᠎ᠡ ᠵᠢ ᠡᠭᠦᠳᠦᠭᠰᠡᠨ ᠣᠶ᠋ᠢᠯᠠᠭ᠋ᠠᠭᠳᠠᠬᠤᠨ᠎ᠢ ᠳᠤᠷᠠᠳᠴᠤ᠂ ᠠᠯᠢ ᠤᠯᠠᠨ ᠬᠤᠪᠢᠰᠤᠯᠲᠠ ᠵᠢᠨ ᠦᠢ᠍ᠯᠡᠳᠦᠯᠭᠡ ᠵᠢ ᠬᠡᠷᠡᠭᠵᠢᠭᠦᠯᠵᠦ᠂ ᠠᠯᠢ ᠤᠯᠠᠨ ᠳᠦᠷᠢᠮ᠎ᠤᠨ ᠵᠢᠷᠤᠮᠵᠢᠯ᠎ᠢ ᠪᠦᠷᠢᠨᠰᠢᠭᠦᠯᠵᠦ᠂ ᠨᠠᠮ᠎ᠤᠨ ᠪᠠᠶ᠋ᠢᠭᠤᠯᠤᠯᠲᠠ ᠭᠡᠬᠦ ᠡᠨᠡ ᠬᠦ᠌ ᠠᠭᠤᠤ ᠶᠡᠭᠡ ᠢᠨᠵᠧᠨᠧᠷᠢᠩ᠎ᠤᠨ ᠲᠠᠰᠤᠷᠠᠯᠲᠠ ᠦᠭᠡᠢ ᠭᠦᠨᠵᠡᠭᠡᠶ᠋ᠢᠷᠡᠨ ᠬᠥᠭᠵᠢᠬᠦ ᠵᠢ ᠠᠬᠢᠭᠤᠯᠵᠤ᠂ ᠪᠦᠭᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠰᠢᠰᠲ᠋ᠧᠮ᠎ᠢ ᠠᠩᠬ᠎ᠠ ᠠᠯᠬᠤᠮ ᠪᠠᠶ᠋ᠢᠭᠤᠯᠪᠠ ᠭᠡᠵᠦ ᠴᠢᠬᠤᠯᠠᠴᠢᠯᠠᠵᠠᠢ᠃
ᠵᠣᠬᠢᠶᠠᠯ᠎ᠳᠤ᠂ ᠪᠦᠭᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠰᠢᠰᠲ᠋ᠧᠮ᠎ᠢ ᠪᠠᠶ᠋ᠢᠭᠤᠯᠬᠤ ᠪᠣᠯ ᠨᠢᠭᠡ ᠵᠦᠢ᠍ᠯ᠎ᠤᠨ ᠪᠦᠭᠦ ᠲᠠᠯ᠎ᠠ ᠵᠢᠨ ᠴᠢᠨᠠᠷᠲᠠᠢ᠂ ᠡᠭᠦᠳᠦᠯᠲᠡ ᠵᠢᠨ ᠴᠢᠨᠠᠷᠲᠠᠢ ᠠᠵᠢᠯ ᠪᠣᠯᠣᠨ᠎ᠠ᠃ ᠰᠢᠨ᠎ᠡ ᠴᠠᠭ ᠦᠶ᠎ᠡ ᠵᠢᠨ 10 ᠵᠢᠯ᠎ᠳᠤ ᠮᠠᠨ᠎ᠤ ᠨᠠᠮ ᠥᠪᠡᠷ ᠪᠡᠶ᠎ᠡ ᠵᠢᠨ ᠬᠤᠪᠢᠰᠬᠠᠯ ᠬᠢᠬᠦ ᠵᠢᠮ᠎ᠡ ᠶᠣᠰᠣᠨ᠎ᠤ ᠲᠤᠬᠠᠢ ᠲᠠᠨᠢᠯᠲᠠ᠎ᠪᠠᠨ ᠲᠠᠰᠤᠷᠠᠯᠳᠡ ᠦᠭᠡᠢ ᠭᠦᠨᠵᠡᠭᠡᠶ᠋ᠢᠷᠡᠭᠦᠯᠵᠦ᠂ ᠨᠠᠮ᠎ᠤᠨ ᠪᠠᠶ᠋ᠢᠭᠤᠯᠤᠯᠲᠠ ᠵᠢᠨ ᠤᠨᠤᠯ᠎ᠤᠨ ᠰᠢᠨ᠎ᠡ ᠡᠭᠦᠳᠦᠯᠲᠡ᠂ ᠦᠢ᠍ᠯᠡᠳᠦᠯᠭᠡ ᠵᠢᠨ ᠰᠢᠨ᠎ᠡ ᠡᠭᠦᠳᠦᠯᠲᠡ᠂ ᠳᠦᠷᠢᠮ᠎ᠤᠨ ᠰᠢᠨ᠎ᠡ ᠡᠭᠦᠳᠦᠯᠲᠡ ᠵᠢ ᠲᠠᠰᠤᠷᠠᠯᠳᠡ ᠦᠭᠡᠢ ᠠᠬᠢᠭᠤᠯᠵᠤ᠂ ᠪᠦᠭᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠰᠢᠰᠲ᠋ᠧᠮ᠎ᠢ ᠪᠠᠶ᠋ᠢᠭᠤᠯᠬᠤ ᠲᠠᠯ᠎ᠠ᠎ᠪᠠᠷ ᠡᠯᠪᠡᠭ ᠪᠠᠶᠠᠯᠢᠭ ᠦᠷ᠎ᠡ ᠪᠦᠲᠦᠭᠡᠯ ᠬᠤᠷᠠᠮᠳᠤᠭᠤᠯᠵᠠᠢ᠃ ᠪᠢᠳᠡ ᠨᠠᠮ᠎ᠤᠨ ᠤᠯᠤᠰ ᠲᠥᠷᠥ ᠵᠢᠨ ᠪᠠᠶ᠋ᠢᠭᠤᠯᠤᠯᠲᠠ ᠵᠢ ᠨᠠᠮ᠎ᠤᠨ ᠦᠨᠳᠦᠰᠦᠨ ᠴᠢᠨᠠᠷᠲᠠᠢ ᠪᠠᠶ᠋ᠢᠭᠤᠯᠤᠯᠲᠠ ᠪᠤᠯᠭ᠋ᠠᠵᠤ᠂ ᠦᠵᠡᠯ ᠰᠠᠨᠠᠭ᠋ᠠᠨ᠎ᠤ ᠪᠠᠶ᠋ᠢᠭᠤᠯᠤᠯᠲᠠ ᠵᠢ ᠨᠠᠮ᠎ᠤᠨ ᠰᠠᠭᠤᠷᠢ ᠴᠢᠨᠠᠷᠲᠠᠢ ᠪᠠᠶ᠋ᠢᠭᠤᠯᠤᠯᠲᠠ ᠪᠤᠯᠭ᠋ᠠᠵᠤ᠂ ᠰᠢᠨ᠎ᠡ ᠴᠠᠭ ᠦᠶ᠎ᠡ ᠵᠢᠨ ᠨᠠᠮ᠎ᠤᠨ ᠵᠣᠬᠢᠶᠠᠨ ᠪᠠᠶ᠋ᠢᠭᠤᠯᠤᠯᠲᠠ ᠵᠢᠨ ᠱᠤᠭᠤᠮ᠎ᠢ ᠳᠤᠷᠠᠳᠤᠨ ᠭᠠᠷᠭ᠋ᠠᠵᠤ᠂ ᠰᠤᠷᠲᠠᠯ᠎ᠤᠨ ᠪᠠᠶ᠋ᠢᠭᠤᠯᠤᠯᠲᠠ ᠵᠢᠨ ᠰᠢᠨ᠎ᠡ ᠳᠦᠷᠰᠦ ᠪᠠᠶ᠋ᠢᠳᠠᠯ ᠵᠶ᠋ᠠᠷ ᠠᠷᠠᠳ ᠤᠯᠠᠨ᠎ᠤ ᠢᠲᠡᠭᠡᠯ ᠬᠦᠷᠢᠶᠡᠯᠡᠯ᠎ᠢ ᠣᠯᠵᠤ᠂ ᠰᠠᠬᠢᠯᠭ᠎ᠠ ᠪᠠᠲᠤ ᠵᠢᠨ ᠪᠠᠶ᠋ᠢᠭᠤᠯᠤᠯᠲᠠ ᠵᠢ ᠨᠠᠮ᠎ᠤᠨ ᠪᠠᠶ᠋ᠢᠭᠤᠯᠤᠯᠲᠠ ᠵᠢᠨ ᠶᠡᠷᠦᠩᠬᠡᠢ ᠪᠠᠶ᠋ᠢᠷᠢᠰᠢᠭᠤᠯᠤᠯᠲᠠ᠎ᠳᠤ ᠣᠷᠣᠭᠤᠯᠵᠤ᠂ ᠳᠦᠷᠢᠮ᠎ᠤᠨ ᠪᠠᠶ᠋ᠢᠭᠤᠯᠤᠯᠲᠠ ᠵᠢ ᠨᠠᠮ᠎ᠤᠨ ᠡᠯ᠎ᠡ ᠵᠦᠢ᠍ᠯ᠎ᠤᠨ ᠪᠠᠶ᠋ᠢᠭᠤᠯᠤᠯᠲᠠ᠎ᠳᠤ ᠲᠤᠭᠤᠰᠢᠯᠠᠭᠤᠯᠵᠤ᠂ ᠲᠡᠦᠬᠡᠨ᠎ᠳᠤ ᠭᠠᠷᠤᠭ᠎ᠠ ᠦᠭᠡᠢ ᠢᠯᠵᠠᠷᠠᠯ᠎ᠢ ᠡᠰᠡᠷᠭᠦᠴᠡᠬᠦ ᠲᠡᠮᠡᠴᠡᠯ᠎ᠢ ᠥᠷᠨᠢᠭᠦᠯᠦᠭᠡᠳ᠂ ᠳᠤᠮᠳᠠᠳᠤ ᠤᠯᠤᠰ᠎ᠤᠨ ᠣᠨᠴᠠᠯᠢᠭ᠎ᠲᠠᠢ ᠢᠯᠵᠠᠷᠠᠯ᠎ᠢ ᠡᠰᠡᠷᠭᠦᠴᠡᠬᠦ ᠵᠠᠮ᠎ᠢ ᠠᠮᠵᠢᠯᠲᠠ᠎ᠲᠠᠢ ᠨᠡᠭᠡᠭᠡᠵᠡᠢ᠃ ᠳᠡᠯᠡᠬᠡᠢ ᠳ᠋ᠠᠬᠢᠨ᠎ᠢ ᠪᠠᠷᠠᠯᠠᠬᠤᠶ᠎ᠠ᠂ ᠠᠯᠢ ᠴᠤ᠌ ᠲᠦᠷᠦ ᠵᠢᠨ ᠨᠠᠮ ᠭᠡᠳ ᠳᠤᠮᠳᠠᠳᠤ ᠤᠯᠤᠰ᠎ᠤᠨ ᠡᠪ ᠬᠠᠮᠲᠤ ᠨᠠᠮ ᠰᠢᠭ᠋ ᠡᠶ᠋ᠢᠮᠦ ᠲᠥᠪ ᠴᠢᠩᠭ᠎ᠠ ᠨᠠᠷᠢᠨ ᠬᠢᠨᠠᠮᠠᠭ᠋ᠠᠢ᠎ᠪᠠᠷ ᠲᠤᠰ ᠪᠡᠶ᠎ᠡ ᠵᠢᠨ ᠪᠠᠶ᠋ᠢᠭᠤᠯᠤᠯᠲᠠ᠎ᠳᠠᠭᠠᠨ ᠬᠠᠨᠳᠤᠵᠤ ᠴᠢᠳᠠᠬᠤ ᠦᠭᠡᠢ᠂ ᠡᠶ᠋ᠢᠮᠦ ᠳᠡᠭᠡᠳᠦ ᠬᠡᠮᠵᠢᠶᠡᠨ᠎ᠤ ᠤᠬᠠᠮᠰᠠᠷ᠎ᠠᠴᠠ᠎ᠪᠠᠨ ᠰᠢᠨᠵᠢᠯᠡᠬᠦ ᠤᠬᠠᠭ᠋ᠠᠨᠴᠢ ᠣᠪᠣᠷ᠂ ᠰᠢᠰᠲ᠋ᠧᠮᠵᠢᠭᠰᠡᠨ ᠭᠡᠯᠪᠡᠷᠢ᠎ᠪᠠᠷ ᠥᠪᠡᠷ ᠪᠡᠶ᠎ᠡ ᠵᠢᠨ ᠬᠤᠪᠢᠰᠬᠠᠯ ᠬᠢᠬᠦ ᠵᠢ ᠠᠬᠢᠭᠤᠯᠵᠤ ᠴᠢᠳᠠᠬᠤ ᠦᠭᠡᠢ᠂ ᠡᠨᠡ ᠪᠣᠯ ᠮᠠᠨ᠎ᠤ ᠨᠠᠮ᠎ᠤᠨ ᠢᠯᠡᠳᠲᠡ ᠳᠠᠪᠠᠭᠤᠯᠢᠭ ᠮᠥᠨ᠂ ᠪᠠᠰᠠ ᠴᠤ᠌ ᠴᠠᠭ ᠦᠶ᠎ᠡ ᠵᠢ ᠬᠥᠲᠥᠯᠥᠨ ᠳᠠᠭ᠋ᠠᠭᠤᠯᠵᠤ ᠢᠯᠠᠯᠲᠠ ᠣᠯᠬᠤ ᠠᠷᠭ᠎ᠠ ᠵᠠᠮ ᠮᠥᠨ ᠭᠡᠵᠦ ᠵᠢᠭ᠋ᠠᠵᠤ ᠭᠠᠷᠭ᠋ᠠᠪᠠ᠃
ᠵᠣᠬᠢᠶᠠᠯ᠎ᠳᠤ᠂ ᠪᠦᠭᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠰᠢᠰᠲ᠋ᠧᠮ᠎ᠢ ᠪᠦᠷᠢᠨᠰᠢᠭᠦᠯᠬᠦ ᠪᠣᠯ ᠨᠠᠮ᠎ᠤᠨ ᠬᠤᠷᠢᠳᠤᠭ᠋ᠠᠷ ᠶᠡᠭᠡ ᠬᠤᠷᠠᠯ᠎ᠠᠴᠠ ᠳᠤᠷᠠᠳᠤᠭᠰᠠᠨ ᠰᠢᠨ᠎ᠡ ᠴᠠᠭ ᠦᠶ᠎ᠡ ᠵᠢᠨ ᠨᠠᠮ᠎ᠤᠨ ᠪᠠᠶ᠋ᠢᠭᠤᠯᠤᠯᠲᠠ ᠵᠢ ᠴᠢᠩᠭ᠋ᠠᠳᠬᠠᠬᠤ ᠴᠢᠬᠤᠯᠠ ᠶᠡᠭᠡ ᠠᠷᠭ᠎ᠠ ᠬᠡᠮᠵᠢᠶ᠎ᠡ ᠪᠣᠯᠣᠨ᠎ᠠ᠃ ᠪᠦᠭᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠰᠢᠰᠲ᠋ᠧᠮ᠎ᠨᠢ ᠠᠭᠤᠯᠤᠭᠳᠠᠬᠤᠨ ᠪᠠᠶᠠᠯᠢᠭ᠂ ᠴᠢᠳᠠᠮᠵᠢ ᠲᠡᠭᠦᠯᠳᠡᠷ᠂ ᠰᠢᠨᠵᠢᠯᠡᠬᠦ ᠤᠬᠠᠭ᠋ᠠᠨᠴᠢ ᠪᠥᠭᠡᠳ ᠵᠢᠷᠤᠮᠵᠢᠭᠤᠨ᠂ ᠠᠵᠢᠯᠯᠠᠭ᠎ᠠ ᠥᠨᠳᠥᠷ ᠪᠦᠲᠦᠮᠵᠢᠲᠡᠢ ᠬᠥᠳᠡᠯᠦᠩᠭᠦᠢ ᠰᠢᠰᠲ᠋ᠧᠮ ᠪᠠᠶ᠋ᠢᠬᠤ ᠬᠡᠷᠡᠭᠲᠡᠢ᠃ ᠡᠨᠡ ᠬᠦ᠌ ᠰᠢᠰᠲ᠋ᠧᠮ᠎ᠢ ᠲᠡᠭᠦᠯᠳᠡᠷᠵᠢᠭᠦᠯᠬᠦ᠎ᠳᠤ ᠳᠦᠷᠢᠮ ᠵᠶ᠋ᠠᠷ ᠨᠠᠮ᠎ᠢ ᠵᠠᠰᠠᠬᠤ᠂ ᠲᠣᠭᠲᠠᠭ᠋ᠠᠯ ᠶᠣᠰᠣᠭ᠋ᠠᠷ ᠨᠠᠮ᠎ᠢ ᠵᠠᠰᠠᠬᠤ ᠵᠢ ᠪᠠᠷᠢᠮᠲᠠᠯᠠᠵᠤ᠂ ᠨᠠᠮ᠎ᠤᠨ ᠡᠯ᠎ᠡ ᠲᠠᠯ᠎ᠠ ᠵᠢᠨ ᠪᠠᠶ᠋ᠢᠭᠤᠯᠤᠯᠲᠠ ᠵᠢ ᠣᠷᠭ᠋ᠠᠨᠢᠭ ᠵᠶ᠋ᠠᠷ ᠵᠣᠯᠭ᠋ᠠᠭᠤᠯᠬᠤ᠂ ᠬᠤᠯᠪᠣᠯᠳᠤᠭᠤᠯᠤᠨ ᠲᠥᠪᠯᠡᠷᠡᠭᠦᠯᠬᠦ᠂ ᠬᠠᠮᠵᠢᠯᠴᠠᠭᠤᠯᠤᠨ ᠵᠣᠬᠢᠴᠠᠭᠤᠯᠬᠤ ᠵᠢ ᠨᠡᠩ ᠲᠤᠪᠤᠶ᠋ᠢᠯᠭ᠋ᠠᠵᠤ᠂ ᠪᠠᠶ᠋ᠢᠭᠤᠯᠤᠮᠵᠢ ᠲᠣᠭᠲᠠᠴᠠ ᠵᠢ ᠪᠦᠷᠢᠨᠰᠢᠭᠦᠯᠦᠨ ᠲᠡᠭᠦᠯᠳᠡᠷᠵᠢᠭᠦᠯᠬᠦ ᠪᠠ ᠬᠠᠤᠯᠢ ᠲᠣᠭᠲᠠᠭ᠋ᠠᠯ ᠳᠦᠷᠢᠮ᠎ᠢ ᠰᠢᠨᠵᠢᠯᠡᠬᠦ ᠤᠬᠠᠭ᠋ᠠᠨᠴᠢ ᠪᠦᠲᠦᠮᠵᠢᠲᠡᠢ ᠪᠠᠶ᠋ᠢᠬᠤ ᠵᠢ ᠨᠡᠩ ᠲᠤᠪᠤᠶ᠋ᠢᠯᠭ᠋ᠠᠵᠤ᠂ ᠵᠠᠰᠠᠯᠲᠠ ᠵᠢᠨ ᠣᠶ᠋ᠢᠯᠠᠭ᠋ᠠᠭᠳᠠᠬᠤᠨ᠂ ᠰᠢᠰᠲ᠋ᠧᠮ᠎ᠳᠤ ᠦᠵᠡᠯᠲᠡ᠂ ᠬᠤᠪᠢᠰᠤᠩᠭᠤᠢ ᠰᠡᠳᠬᠢᠬᠦᠢ ᠪᠠᠷ ᠨᠠᠮ ᠢ ᠬᠠᠮᠢᠶᠠᠷᠴᠤ ᠨᠠᠮ ᠢ ᠵᠠᠰᠠᠵᠤ ᠨᠠᠮ ᠢ ᠪᠠᠶ᠋ᠢᠭᠤᠯᠬᠤ ᠵᠢ ᠨᠡᠩ ᠲᠤᠪᠤᠶ᠋ᠢᠯᠭ᠋ᠠᠬᠤ ᠬᠡᠷᠡᠭᠲᠡᠢ᠃ ᠠᠭᠤᠯᠭ᠎ᠠ ᠵᠢᠨ ᠲᠠᠯ᠎ᠠ᠎ᠪᠠᠷ ᠪᠦᠭᠦᠨ᠎ᠢ ᠬᠠᠮᠤᠷᠬᠤ ᠵᠢ ᠪᠠᠷᠢᠮᠲᠠᠯᠠᠵᠤ᠂ ᠨᠠᠮ᠎ᠤᠨ ᠪᠠᠶ᠋ᠢᠭᠤᠯᠤᠯᠲᠠ ᠵᠢ ᠬᠠᠮᠢᠭ᠎ᠠ ᠭᠦᠷᠲᠡᠯ᠎ᠡ ᠠᠬᠢᠭᠤᠯᠪᠠᠯ ᠪᠦᠭᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠰᠢᠰᠲ᠋ᠧᠮ᠎ᠢ ᠲᠡᠨᠳᠡ ᠭᠦᠷᠲᠡᠯ᠎ᠡ ᠪᠠᠶ᠋ᠢᠭᠤᠯᠬᠤ ᠬᠡᠷᠡᠭᠲᠡᠢ᠃ ᠡᠲᠡᠭᠡᠳ᠎ᠢ ᠪᠦᠭᠦᠨ᠎ᠢ ᠬᠠᠮᠤᠷᠬᠤ ᠵᠢ ᠪᠠᠷᠢᠮᠲᠠᠯᠠᠵᠤ᠂ ᠨᠠᠮ᠎ᠤᠨ ᠡᠯ᠎ᠡ ᠱᠠᠲᠤᠨ᠎ᠤ ᠵᠣᠬᠢᠶᠠᠨ ᠪᠠᠶ᠋ᠢᠭᠤᠯᠤᠯᠲᠠ ᠪᠠ ᠪᠦᠭᠦ ᠨᠠᠮ᠎ᠤᠨ ᠭᠡᠰᠢᠭᠦᠨ᠎ᠳᠤ ᠬᠠᠨᠳᠤᠭᠤᠯᠤᠨ᠂ ᠪᠦᠭᠦ ᠨᠠᠮ᠎ᠢ ᠬᠠᠮᠢᠶᠠᠷᠬᠤ᠂ ᠪᠦᠭᠦ ᠨᠠᠮ᠎ᠢ ᠵᠠᠰᠠᠬᠤ ᠵᠢ ᠪᠡᠶᠡᠯᠡᠭᠦᠯᠦᠨ᠎ᠡ᠃ ᠬᠠᠷᠢᠭᠤᠴᠠᠯᠭ᠎ᠠ ᠵᠢᠨ ᠲᠠᠯ᠎ᠠ᠎ᠪᠠᠷ ᠪᠦᠭᠦ ᠬᠡᠯᠬᠢᠶ᠎ᠡ ᠵᠢ ᠪᠠᠷᠢᠮᠲᠠᠯᠠᠵᠤ᠂ ᠳᠠᠷᠤᠯᠲᠠ ᠵᠢ ᠱᠠᠲᠤ ᠱᠠᠲᠤ᠎ᠪᠠᠷ ᠳᠠᠮᠵᠢᠭᠤᠯᠤᠨ᠂ ᠬᠠᠷᠢᠭᠤᠴᠠᠯᠭ᠎ᠠ ᠵᠢ ᠵᠠᠢ ᠵᠠᠪᠰᠠᠷ ᠦᠭᠡᠢ ᠵᠣᠯᠭ᠋ᠠᠭᠤᠯᠤᠨ᠎ᠠ᠃ ᠳᠦᠷᠢᠮ᠎ᠤᠨ ᠲᠠᠯ᠎ᠠ᠎ᠪᠠᠷ ᠪᠦᠭᠦᠨ᠎ᠢ ᠨᠡᠪᠲᠡᠷᠡᠭᠦᠯᠬᠦ ᠵᠢ ᠪᠠᠷᠢᠮᠲᠠᠯᠠᠵᠤ᠂ ᠳᠦᠷᠢᠮ᠎ᠤᠨ ᠪᠠᠶ᠋ᠢᠭᠤᠯᠤᠯᠲᠠ ᠵᠢᠨ ᠱᠠᠭ᠋ᠠᠷᠳᠠᠯᠭ᠎ᠠ ᠵᠢ ᠪᠦᠭᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠪᠦᠭᠦ ᠶᠠᠪᠤᠴᠠ᠂ ᠡᠯ᠎ᠡ ᠲᠠᠯ᠎ᠠ᠂ ᠡᠯ᠎ᠡ ᠲᠡᠰ ᠳᠠᠪᠬᠤᠷᠭ᠎ᠠ᠎ᠳᠤ ᠢᠯᠡᠷᠡᠭᠦᠯᠬᠦ ᠬᠡᠷᠡᠭᠲᠡᠢ ᠭᠡᠵᠦ ᠵᠢᠭ᠋ᠠᠵᠤ ᠭᠠᠷᠭ᠋ᠠᠪᠠ᠃
ᠵᠣᠬᠢᠶᠠᠯ᠎ᠳᠤ᠂ ᠪᠦᠭᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠰᠢᠰᠲ᠋ᠧᠮ᠎ᠢ ᠪᠦᠷᠢᠨᠰᠢᠭᠦᠯᠬᠦ ᠪᠣᠯ ᠪᠦᠭᠦ ᠨᠠᠮ᠎ᠤᠨ ᠬᠠᠮᠲᠤ ᠵᠢᠨ ᠬᠠᠷᠢᠭᠤᠴᠠᠯᠭ᠎ᠠ ᠮᠥᠨ᠂ ᠡᠷᠬᠡᠪᠰᠢ ᠨᠠᠮ᠎ᠤᠨ ᠤᠯᠤᠰ ᠲᠦᠷᠦ ᠵᠢᠨ ᠳᠠᠪᠠᠭᠤᠯᠢᠭ᠂ ᠵᠣᠬᠢᠶᠠᠨ ᠪᠠᠶ᠋ᠢᠭᠤᠯᠤᠯᠲᠠ ᠵᠢᠨ ᠳᠠᠪᠠᠭᠤᠯᠢᠭ᠂ ᠪᠠᠶ᠋ᠢᠭᠤᠯᠤᠯ᠎ᠤᠨ ᠳᠠᠪᠠᠭᠤᠯᠢᠭ᠎ᠢ ᠭᠦᠢ᠍ᠴᠡᠳ ᠪᠠᠳᠠᠷᠠᠭᠤᠯᠬᠤ ᠬᠡᠷᠡᠭᠲᠡᠢ᠃ ᠨᠠᠮ᠎ᠤᠨ ᠲᠥᠪ ᠬᠤᠷᠢᠶ᠎ᠠ ᠵᠢᠨ ᠲᠥᠪᠯᠡᠷᠡᠩᠭᠦᠢ ᠨᠢᠭᠡᠳᠦᠯᠲᠡᠢ ᠤᠳᠤᠷᠢᠳᠤᠯᠭ᠎ᠠ ᠳᠣᠣᠷ᠎ᠠ᠂ ᠲᠤᠰ ᠲᠤᠰ᠎ᠤᠨ ᠬᠠᠷᠢᠭᠤᠴᠠᠯᠭ᠎ᠠ᠎ᠪᠠᠨ ᠭᠦᠢ᠍ᠴᠡᠳᠬᠡᠬᠦ᠂ ᠨᠢᠭᠡᠳᠦᠯᠲᠡᠢ ᠵᠣᠬᠢᠴᠠᠭᠤᠯᠤᠭᠰᠠᠨ ᠨᠠᠮ᠎ᠢ ᠬᠠᠮᠢᠶᠠᠷᠴᠤ ᠨᠠᠮ᠎ᠢ ᠵᠠᠰᠠᠬᠤ ᠬᠠᠷᠢᠭᠤᠴᠠᠯᠭ᠎ᠠ ᠵᠢᠨ ᠪᠠᠶ᠋ᠢᠷᠢᠰᠢᠯ᠎ᠢ ᠪᠦᠷᠢᠨᠰᠢᠭᠦᠯᠵᠦ᠂ ᠪᠦᠭᠦ ᠲᠠᠯ᠎ᠠ ᠵᠢᠨ ᠱᠠᠭ᠋ᠠᠷᠳᠠᠯᠭ᠎ᠠ᠂ ᠴᠢᠩᠭ᠎ᠠ ᠭᠦᠭ ᠠᠶᠠᠰ᠂ ᠵᠠᠰᠠᠯᠲᠠ ᠵᠢᠨ ᠣᠶ᠋ᠢᠯᠠᠭ᠋ᠠᠭᠳᠠᠬᠤᠨ᠎ᠢ ᠪᠦᠭᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠰᠢᠰᠲ᠋ᠧᠮ᠎ᠢ ᠪᠠᠶ᠋ᠢᠭᠤᠯᠬᠤ ᠳᠤᠮᠳᠠ ᠨᠠᠶ᠋ᠢᠳᠠᠪᠤᠷᠢᠵᠢᠭᠤᠯᠵᠤ᠂ ᠳᠦᠷᠢᠮᠵᠢᠯᠲᠡ᠂ ᠵᠢᠷᠦᠮᠵᠢᠯᠲᠡ᠂ ᠰᠢᠨᠵᠢᠯᠡᠬᠦ ᠤᠬᠠᠭ᠋ᠠᠨᠵᠢᠯᠳᠠ ᠵᠢᠨ ᠲᠦᠪᠰᠢᠨ᠎ᠢ ᠲᠠᠰᠤᠷᠠᠯᠳᠠ ᠦᠭᠡᠢ ᠳᠡᠭᠡᠭᠰᠢᠯᠡᠭᠦᠯᠵᠦ᠂ ᠪᠦᠭᠦ ᠲᠠᠯ᠎ᠠ᠎ᠪᠠᠷ ᠨᠠᠮ᠎ᠢ ᠴᠢᠩᠭ᠎ᠠ ᠵᠠᠰᠠᠬᠤ ᠡᠯ᠎ᠡ ᠵᠦᠢ᠍ᠯ᠎ᠤᠨ ᠠᠵᠢᠯ᠎ᠢ ᠴᠠᠭ ᠦᠶᠡᠴᠢ ᠴᠢᠨᠠᠷ᠎ᠢ ᠨᠡᠩ ᠰᠠᠶ᠋ᠢᠨ ᠢᠯᠡᠷᠡᠭᠦᠯᠵᠦ᠂ ᠵᠢᠮ᠎ᠡ ᠶᠣᠰᠣᠴᠢ ᠴᠢᠨᠠᠷ᠎ᠢ ᠡᠵᠡᠮᠳᠡᠵᠦ᠂ ᠪᠠᠶᠠᠯᠢᠭ ᠪᠦᠲᠦᠭᠡᠯᠴᠢ ᠴᠢᠨᠠᠷᠲᠠᠢ ᠪᠤᠯᠭ᠋ᠠᠵᠤ᠂ ᠨᠠᠮ ᠪᠣᠯᠣᠨ ᠤᠯᠤᠰ᠎ᠤᠨ ᠠᠵᠢᠯ ᠦᠢ᠍ᠯᠡᠰ᠎ᠤᠨ ᠡᠷᠡᠭᠦᠯ ᠵᠶ᠋ᠠᠷ ᠬᠥᠭᠵᠢᠬᠦ᠎ᠳᠤ ᠤᠯᠤᠰ ᠲᠦᠷᠦ᠂ ᠦᠵᠡᠯ ᠰᠠᠨᠠᠭ᠎ᠠ᠂ ᠵᠣᠬᠢᠶᠠᠨ ᠪᠠᠶ᠋ᠢᠭᠤᠯᠤᠯᠲᠠ ᠵᠢᠨ ᠪᠠᠲᠤᠯᠠᠭ᠎ᠠ ᠬᠠᠩᠭ᠋ᠠᠬᠤ ᠬᠡᠷᠡᠭᠲᠡᠢ ᠭᠡᠵᠦ ᠴᠢᠬᠤᠯᠠᠴᠢᠯᠠᠵᠠᠢ᠃
(ᠰᠢᠨᠬᠤᠸᠠ ᠬᠤᠷᠢᠶ᠎ᠠ ᠵᠢᠨ ᠪᠡᠭᠡᠵᠢᠩ᠎ᠤᠨ 6 ᠰᠠᠷ᠎ᠠ ᠵᠢᠨ 15᠎ᠤ ᠴᠠᠭᠢᠯᠭ᠋ᠠᠨ ᠮᠡᠳᠡᠭᠡ)