ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠰᠢ ᠵᠢᠨ ᠫᠢᠩ ᠬᠣᠶᠠᠳᠤᠭ᠋ᠠᠷ ᠬᠤᠭᠤᠴᠠᠭ᠋ᠠᠨ᠎ᠤ ᠳᠤᠮᠳᠠᠳᠤ ᠤᠯᠤᠰ—ᠳᠤᠮᠳᠠ ᠠᠽᠢᠶ᠎ᠠ ᠵᠢᠨ ᠲᠦᠷᠦᠭᠦᠴᠦᠳ᠎ᠤᠨ ᠬᠤᠷᠠᠯ᠎ᠳᠤ ᠣᠷᠣᠯᠴᠠᠬᠰᠠᠨ ᠪᠥᠭᠡᠳ ᠭᠣᠣᠯ ᠵᠤᠷᠢᠯᠳᠠᠳᠤ ᠦᠭᠡ ᠬᠡᠯᠡᠪᠡ
ᠨᠡᠶ᠋ᠢᠲᠡᠯᠡᠭᠰᠡᠨ ᠴᠠᠭ᠄ 2025-06-18

      ᠰᠢᠨᠬᠤᠸᠠ ᠬᠣᠷᠢᠶ᠎ᠠ ᠵᠢᠨ ᠠᠰᠲ᠋ᠠᠨᠠ ᠵᠢᠨ 6 ᠰᠠᠷ᠎ᠠ ᠵᠢᠨ 17᠎ᠤ ᠴᠠᠭᠢᠯᠭ᠋ᠠᠨ ᠮᠡᠳᠡᠭᠡ   ᠲᠤᠬᠠᠢ ᠵᠢᠨ ᠭᠠᠵᠠᠷ᠎ᠤᠨ ᠴᠠᠭ ᠵᠶ᠋ᠠᠷ 6 ᠰᠠᠷ᠎ᠠ ᠵᠢᠨ 17᠎ᠤ ᠦᠳᠡ ᠵᠢᠨ ᠬᠣᠢ᠌ᠨ᠎ᠠ᠂ ᠬᠣᠶᠠᠳᠤᠭ᠋ᠠᠷ ᠬᠤᠭᠤᠴᠠᠭ᠋ᠠᠨ᠎ᠤ ᠳᠤᠮᠳᠠᠳᠤ ᠤᠯᠤᠰ - ᠳᠤᠮᠳᠠ ᠠᠽᠢᠶ᠎ᠠ ᠵᠢᠨ ᠲᠦᠷᠦᠭᠦᠴᠦᠳ᠎ᠤᠨ ᠬᠤᠷᠠᠯ ᠠᠰᠲ᠋ᠠᠨᠠ ᠵᠢᠨ ᠲᠤᠰᠠᠭ᠋ᠠᠷ ᠲᠣᠭᠲᠠᠨᠢᠯ ᠣᠷᠳᠣᠨ᠎ᠳᠤ ᠶᠠᠪᠤᠭᠳᠠᠪᠠ᠃ ᠺᠠᠽᠠᠬᠰᠲ᠋ᠠᠨ᠎ᠤ ᠶᠡᠷᠦᠩᠬᠡᠢ᠌ᠯᠡᠭᠴᠢ ᠲᠦᠸᠧᠺᠠᠶᠧᠹ ᠬᠤᠷᠠᠯ᠎ᠢ ᠡᠷᠭᠢᠯᠡᠪᠡ᠃ ᠳᠤᠮᠳᠠᠳᠤ ᠤᠯᠤᠰ᠎ᠤᠨ ᠤᠯᠤᠰ᠎ᠤᠨ ᠲᠡᠷᠢᠭᠦᠯᠡᠭᠴᠢ ᠰᠢ ᠵᠢᠨ ᠫᠢᠩ᠂ ᠺᠢᠷᠭᠢᠽᠰᠲ᠋ᠠᠨ᠎ᠤ ᠶᠡᠷᠦᠩᠬᠡᠢ᠌ᠯᠡᠭᠴᠢ ᠵᠠᠫᠠᠯᠤᠹ᠂ ᠲᠠᠵᠢᠺᠰᠲ᠋ᠠᠨ᠎ᠤ ᠶᠡᠷᠦᠩᠬᠡᠢ᠌ᠯᠡᠭᠴᠢ ᠯᠠᠾᠧᠮᠧᠩ᠂ ᠲᠦᠷᠺᠮᠧᠨ᠋ᠰᠲ᠋ᠠᠨ᠎ᠤ ᠶᠡᠷᠦᠩᠬᠡᠢ᠌ᠯᠡᠭᠴᠢ ᠪᠧᠷᠳᠢᠮᠦ᠋ᠬᠠᠮᠧᠳᠤᠹ᠂ ᠦᠽᠪᠸᠺᠰᠲ᠋ᠠᠨ᠎ᠤ ᠶᠡᠷᠦᠩᠬᠡᠢ᠌ᠯᠡᠭᠴᠢ ᠮᠢᠷᠵᠢᠶᠤᠤᠶᠧᠹ ᠣᠷᠣᠯᠴᠠᠪᠠ᠃ ᠤᠯᠤᠰ᠎ᠤᠨ ᠲᠡᠷᠢᠭᠦᠨ ᠨᠠᠷ ᠨᠥᠭᠦᠷᠰᠡᠭ ᠠᠭᠤᠷ ᠠᠮᠢᠰᠬᠤᠯ᠎ᠤᠨ ᠳᠤᠮᠳᠠ ᠰᠢ ᠠᠨ᠎ᠤ ᠲᠦᠷᠦᠭᠦᠴᠦᠳ᠎ᠤᠨ ᠬᠤᠷᠠᠯ᠎ᠠᠴᠠ ᠨᠠᠭ᠋ᠠᠰᠢᠬᠢ ᠳᠤᠮᠳᠠᠳᠤ ᠤᠯᠤᠰ - ᠳᠤᠮᠳᠠ ᠠᠽᠢᠶ᠎ᠠ ᠵᠢᠨ ᠡᠯ᠎ᠡ ᠬᠦᠷᠢᠶᠡᠨ᠎ᠤ ᠬᠠᠮᠲᠤᠷᠠᠯᠴᠠᠭ᠋ᠠᠨ᠎ᠤ ᠦᠷ᠎ᠡ ᠪᠦᠲᠦᠭᠡᠯ᠎ᠢ ᠬᠠᠮᠲᠤ᠎ᠪᠠᠷ ᠡᠷᠭᠢᠴᠡᠭᠦᠯᠵᠦ᠂ ᠢᠷᠡᠭᠡᠳᠦᠢ ᠵᠢᠨ ᠬᠥᠭᠵᠢᠯᠲᠡ ᠵᠢᠨ ᠴᠢᠭᠯᠡᠯ᠎ᠢ ᠪᠠᠷᠠᠯᠠᠨ᠂ 《ᠳᠤᠮᠳᠠᠳᠤ ᠤᠯᠤᠰ - ᠳᠤᠮᠳᠠ ᠠᠽᠢᠶ᠎ᠠ ᠵᠢᠨ ᠵᠣᠷᠢᠭ ᠰᠠᠨᠠᠭ᠎ᠠ》 ᠵᠢ ᠪᠠᠳᠠᠷᠠᠭᠤᠯᠵᠤ᠂ ᠥᠨᠢᠳᠡ ᠵᠢᠨ ᠡᠶᠡᠯᠳᠡᠭ ᠬᠥᠷᠰᠢ ᠵᠢᠨ ᠨᠥᠭᠦᠷᠰᠡᠭ ᠬᠠᠷᠢᠯᠴᠠᠭ᠎ᠠ ᠵᠢ ᠪᠠᠷᠢᠮᠲᠠᠯᠠᠨ᠂ ᠳᠤᠮᠳᠠᠳᠤ ᠤᠯᠤᠰ - ᠳᠤᠮᠳᠠ ᠠᠽᠢᠶ᠎ᠠ ᠵᠢᠨ ᠬᠤᠪᠢ ᠵᠠᠶᠠᠭ᠋ᠠᠨ᠎ᠤ ᠬᠠᠮᠲᠤ ᠵᠢᠨ ᠴᠣᠭᠴᠠ ᠵᠢᠨ ᠪᠠᠢ᠌ᠭᠤᠯᠤᠯᠲᠠ ᠵᠢᠨ ᠲᠠᠰᠤᠷᠠᠯᠲᠠ ᠦᠭᠡᠢ ᠰᠢᠨ᠎ᠡ ᠠᠮᠵᠢᠯᠲᠠ ᠪᠦᠲᠦᠮᠵᠢ ᠣᠯᠬᠤ ᠵᠢ ᠭᠠᠷ ᠬᠣᠯᠪᠣᠯᠴᠠᠨ ᠠᠬᠢᠭᠤᠯᠬᠤ᠎ᠪᠠᠷ ᠰᠠᠨᠠᠯ ᠨᠢᠭᠡᠲᠡᠢ ᠲᠣᠭᠲᠠᠪᠠ᠃


1.jpg


      ᠲᠤᠬᠠᠢ ᠵᠢᠨ ᠭᠠᠵᠠᠷ᠎ᠤᠨ ᠴᠠᠭ ᠵᠶ᠋ᠠᠷ 6 ᠰᠠᠷ᠎ᠠ ᠵᠢᠨ 17᠎ᠤ ᠦᠳᠡ ᠵᠢᠨ ᠬᠣᠢ᠌ᠨ᠎ᠠ᠂ ᠬᠣᠶᠠᠳᠤᠭ᠋ᠠᠷ ᠬᠤᠭᠤᠴᠠᠭ᠋ᠠᠨ᠎ᠤ ᠳᠤᠮᠳᠠᠳᠤ ᠤᠯᠤᠰ - ᠳᠤᠮᠳᠠ ᠠᠽᠢᠶ᠎ᠠ ᠵᠢᠨ ᠲᠦᠷᠦᠭᠦᠴᠦᠳ᠎ᠤᠨ ᠬᠤᠷᠠᠯ ᠠᠰᠲ᠋ᠠᠨᠠ ᠵᠢᠨ ᠲᠤᠰᠠᠭ᠋ᠠᠷ ᠲᠣᠭᠲᠠᠨᠢᠯ ᠣᠷᠳᠣᠨ᠎ᠳᠤ ᠶᠠᠪᠤᠭᠳᠠᠪᠠ᠃ ᠺᠠᠽᠠᠬᠰᠲ᠋ᠠᠨ᠎ᠤ ᠶᠡᠷᠦᠩᠬᠡᠢ᠌ᠯᠡᠭᠴᠢ ᠲᠦᠸᠧᠺᠠᠶᠧᠹ ᠬᠤᠷᠠᠯ᠎ᠢ ᠡᠷᠭᠢᠯᠡᠪᠡ᠃ ᠳᠤᠮᠳᠠᠳᠤ ᠤᠯᠤᠰ᠎ᠤᠨ ᠤᠯᠤᠰ᠎ᠤᠨ ᠲᠡᠷᠢᠭᠦᠯᠡᠭᠴᠢ ᠰᠢ ᠵᠢᠨ ᠫᠢᠩ᠂ ᠺᠢᠷᠭᠢᠽᠰᠲ᠋ᠠᠨ᠎ᠤ ᠶᠡᠷᠦᠩᠬᠡᠢ᠌ᠯᠡᠭᠴᠢ ᠵᠠᠫᠠᠯᠤᠹ᠂ ᠲᠠᠵᠢᠺᠰᠲ᠋ᠠᠨ᠎ᠤ ᠶᠡᠷᠦᠩᠬᠡᠢ᠌ᠯᠡᠭᠴᠢ ᠯᠠᠾᠧᠮᠧᠩ᠂ ᠲᠦᠷᠺᠮᠧᠨ᠋ᠰᠲ᠋ᠠᠨ᠎ᠤ ᠶᠡᠷᠦᠩᠬᠡᠢ᠌ᠯᠡᠭᠴᠢ ᠪᠧᠷᠳᠢᠮᠦ᠋ᠬᠠᠮᠧᠳᠤᠹ᠂ ᠦᠽᠪᠸᠺᠰᠲ᠋ᠠᠨ᠎ᠤ ᠶᠡᠷᠦᠩᠬᠡᠢ᠌ᠯᠡᠭᠴᠢ ᠮᠢᠷᠵᠢᠶᠤᠤᠶᠧᠹ ᠣᠷᠣᠯᠴᠠᠵᠠᠢ᠃ ᠵᠢᠷᠤᠭ ᠪᠣᠯ ᠰᠢ ᠵᠢᠨ ᠫᠢᠩ 《〈ᠳᠤᠮᠳᠠᠳᠤ ᠤᠯᠤᠰ - ᠳᠤᠮᠳᠠ ᠠᠽᠢᠶ᠎ᠠ ᠵᠢᠨ ᠵᠣᠷᠢᠭ ᠰᠠᠨᠠᠭ᠎ᠠ〉 ᠵᠢ ᠪᠠᠳᠠᠷᠠᠭᠤᠯᠵᠤ ᠭᠠᠵᠠᠷ ᠣᠷᠣᠨ᠎ᠤ ᠬᠠᠮᠲᠤᠷᠠᠯᠴᠠᠭ᠋ᠠᠨ᠎ᠤ ᠴᠢᠨᠠᠷ ᠰᠠᠢ᠌ᠲᠠᠢ ᠬᠥᠭᠵᠢᠯᠲᠡ ᠵᠢ ᠠᠬᠢᠭᠤᠯᠤᠶ᠎ᠠ》 ᠭᠡᠬᠦ ᠰᠡᠳᠦᠪ ᠵᠶ᠋ᠠᠷ ᠭᠣᠣᠯ ᠵᠤᠷᠢᠯᠳᠠᠳᠤ ᠦᠭᠡ ᠬᠡᠯᠡᠵᠦ ᠪᠠᠢ᠌ᠭ᠎ᠠ᠎ᠨᠢ᠃

      ᠰᠢᠨᠬᠤᠸᠠ ᠬᠣᠷᠢᠶ᠎ᠠ ᠵᠢᠨ ᠰᠤᠷᠪᠤᠯᠵᠢᠯᠠᠬ᠍ᠴᠢ ᠬᠤᠸᠠᠩ ᠵᠢᠩ ᠸᠧᠨ ᠰᠡᠭᠦᠳᠡᠷᠯᠡᠪᠡ

      ᠰᠢ ᠵᠢᠨ ᠫᠢᠩ ᠳᠤᠮᠳᠠ ᠠᠽᠢᠶ᠎ᠠ ᠵᠢᠨ ᠲᠠᠪᠤᠨ ᠤᠯᠤᠰ᠎ᠤᠨ ᠲᠡᠷᠢᠭᠦᠨ᠎ᠲᠠᠢ ᠬᠠᠮᠲᠤ ᠭᠡᠷᠡᠯ ᠵᠢᠷᠤᠭ ᠲᠠᠲᠠᠭᠤᠯᠵᠤ᠂ ᠳᠠᠷᠠᠭ᠎ᠠ᠎ᠨᠢ ᠲᠦᠷᠦᠭᠦᠴᠦᠳ᠎ᠤᠨ ᠬᠤᠷᠠᠯ᠎ᠳᠤ ᠣᠷᠣᠯᠴᠠᠵᠤ᠂ 《〈ᠳᠤᠮᠳᠠᠳᠤ ᠤᠯᠤᠰ - ᠳᠤᠮᠳᠠ ᠠᠽᠢᠶ᠎ᠠ ᠵᠢᠨ ᠵᠣᠷᠢᠭ ᠰᠠᠨᠠᠭ᠎ᠠ〉 ᠵᠢ ᠪᠠᠳᠠᠷᠠᠭᠤᠯᠵᠤ ᠭᠠᠵᠠᠷ ᠣᠷᠣᠨ᠎ᠤ ᠬᠠᠮᠲᠤᠷᠠᠯᠴᠠᠭ᠋ᠠᠨ᠎ᠤ ᠴᠢᠨᠠᠷ ᠰᠠᠢ᠌ᠲᠠᠢ ᠬᠥᠭᠵᠢᠯᠲᠡ ᠵᠢ ᠠᠬᠢᠭᠤᠯᠤᠶ᠎ᠠ》 ᠭᠡᠬᠦ ᠰᠡᠳᠦᠪ ᠵᠶ᠋ᠠᠷ ᠭᠣᠣᠯ ᠵᠤᠷᠢᠯᠳᠠᠳᠤ ᠦᠭᠡ ᠬᠡᠯᠡᠪᠡ᠃


2.jpg


      ᠲᠤᠬᠠᠢ ᠵᠢᠨ ᠭᠠᠵᠠᠷ᠎ᠤᠨ ᠴᠠᠭ ᠵᠶ᠋ᠠᠷ 6 ᠰᠠᠷ᠎ᠠ ᠵᠢᠨ 17᠎ᠤ ᠦᠳᠡ ᠵᠢᠨ ᠬᠣᠢ᠌ᠨ᠎ᠠ᠂ ᠬᠣᠶᠠᠳᠤᠭ᠋ᠠᠷ ᠬᠤᠭᠤᠴᠠᠭ᠋ᠠᠨ᠎ᠤ ᠳᠤᠮᠳᠠᠳᠤ ᠤᠯᠤᠰ - ᠳᠤᠮᠳᠠ ᠠᠽᠢᠶ᠎ᠠ ᠵᠢᠨ ᠲᠦᠷᠦᠭᠦᠴᠦᠳ᠎ᠤᠨ ᠬᠤᠷᠠᠯ ᠠᠰᠲ᠋ᠠᠨᠠ ᠵᠢᠨ ᠲᠤᠰᠠᠭ᠋ᠠᠷ ᠲᠣᠭᠲᠠᠨᠢᠯ ᠣᠷᠳᠣᠨ᠎ᠳᠤ ᠶᠠᠪᠤᠭᠳᠠᠪᠠ᠃ ᠺᠠᠽᠠᠬᠰᠲ᠋ᠠᠨ᠎ᠤ ᠶᠡᠷᠦᠩᠬᠡᠢ᠌ᠯᠡᠭᠴᠢ ᠲᠦᠸᠧᠺᠠᠶᠧᠹ ᠬᠤᠷᠠᠯ᠎ᠢ ᠡᠷᠭᠢᠯᠡᠪᠡ᠃ ᠳᠤᠮᠳᠠᠳᠤ ᠤᠯᠤᠰ᠎ᠤᠨ ᠤᠯᠤᠰ᠎ᠤᠨ ᠲᠡᠷᠢᠭᠦᠯᠡᠭᠴᠢ ᠰᠢ ᠵᠢᠨ ᠫᠢᠩ᠂ ᠺᠢᠷᠭᠢᠽᠰᠲ᠋ᠠᠨ᠎ᠤ ᠶᠡᠷᠦᠩᠬᠡᠢ᠌ᠯᠡᠭᠴᠢ ᠵᠠᠫᠠᠯᠤᠹ᠂ ᠲᠠᠵᠢᠺᠰᠲ᠋ᠠᠨ᠎ᠤ ᠶᠡᠷᠦᠩᠬᠡᠢ᠌ᠯᠡᠭᠴᠢ ᠯᠠᠾᠧᠮᠧᠩ᠂ ᠲᠦᠷᠺᠮᠧᠨ᠋ᠰᠲ᠋ᠠᠨ᠎ᠤ ᠶᠡᠷᠦᠩᠬᠡᠢ᠌ᠯᠡᠭᠴᠢ ᠪᠧᠷᠳᠢᠮᠦ᠋ᠬᠠᠮᠧᠳᠤᠹ᠂ ᠦᠽᠪᠸᠺᠰᠲ᠋ᠠᠨ᠎ᠤ ᠶᠡᠷᠦᠩᠬᠡᠢ᠌ᠯᠡᠭᠴᠢ ᠮᠢᠷᠵᠢᠶᠤᠤᠶᠧᠹ ᠣᠷᠣᠯᠴᠠᠪᠠ᠃ ᠵᠢᠷᠤᠭ ᠪᠣᠯ ᠰᠢ ᠵᠢᠨ ᠫᠢᠩ ᠳᠤᠮᠳᠠ ᠠᠽᠢᠶ᠎ᠠ ᠵᠢᠨ ᠲᠠᠪᠤᠨ ᠤᠯᠤᠰ᠎ᠤᠨ ᠲᠡᠷᠢᠭᠦᠨ᠎ᠲᠠᠢ ᠬᠠᠮᠲᠤ ᠭᠡᠷᠡᠯ ᠵᠢᠷᠤᠭ ᠲᠠᠲᠠᠭᠤᠯᠵᠤ ᠪᠠᠢ᠌ᠭ᠎ᠠ᠎ᠨᠢ᠃

      ᠰᠢᠨᠬᠤᠸᠠ ᠬᠣᠷᠢᠶ᠎ᠠ ᠵᠢᠨ ᠰᠤᠷᠪᠤᠯᠵᠢᠯᠠᠬ᠍ᠴᠢ ᠰᠢᠶᠧ ᠬᠤᠸᠠᠨ ᡂᠢ ᠰᠡᠭᠦᠳᠡᠷᠯᠡᠪᠡ

      ᠰᠢ ᠵᠢᠨ ᠫᠢᠩ᠂ ᠬᠣᠶᠠᠷ ᠵᠢᠯ᠎ᠤᠨ ᠡᠮᠦᠨ᠎ᠡ᠂ ᠪᠢᠳᠡ ᠳᠤᠮᠳᠠᠳᠤ ᠤᠯᠤᠰ᠎ᠤᠨ ᠰᠢ ᠠᠨ᠎ᠳᠤ ᠴᠤᠭᠯᠠᠷᠠᠵᠤ᠂ ᠳᠤᠮᠳᠠᠳᠤ ᠤᠯᠤᠰ ᠳᠤᠮᠳᠠ ᠠᠽᠢᠶ᠎ᠠ ᠵᠢᠨ ᠬᠠᠮᠲᠤᠷᠠᠯᠴᠠᠭ᠋ᠠᠨ᠎ᠤ 《ᠰᠢ ᠠᠨ᠎ᠤ ᠠᠯᠤᠰ᠎ᠤᠨ ᠲᠥᠰᠥᠪ》᠎ᠢ ᠬᠠᠮᠲᠤ᠎ᠪᠠᠷ ᠵᠢᠷᠤᠭᠯᠠᠪᠠ᠃ ᠬᠣᠶᠠᠷ ᠵᠢᠯ᠎ᠤᠨ ᠲᠤᠷᠰᠢ᠂ ᠳᠤᠮᠳᠠᠳᠤ ᠤᠯᠤᠰ ᠪᠣᠯᠣᠨ ᠳᠤᠮᠳᠠ ᠠᠽᠢᠶ᠎ᠠ ᠵᠢᠨ ᠤᠯᠤᠰ᠎ᠤᠳ᠎ᠤᠨ 《ᠨᠢᠭᠡ ᠪᠦᠰᠡ ᠨᠢᠭᠡ ᠵᠠᠮ》᠎ᠢ ᠬᠠᠮᠲᠤ᠎ᠪᠠᠷ ᠪᠦᠲᠦᠭᠡᠨ ᠪᠠᠶ᠋ᠢᠭᠤᠯᠬᠤ ᠠᠵᠢᠯ ᠭᠦᠨᠵᠡᠭᠡᠢ᠌ᠷᠡᠨ ᠪᠣᠳᠠᠲᠠᠢ᠌ᠵᠢᠵᠤ᠂ ᠡᠯ᠎ᠡ ᠬᠦᠷᠢᠶᠡᠨ᠎ᠳᠠᠬᠢ ᠬᠠᠮᠲᠤᠷᠠᠯᠴᠠᠭ᠎ᠠ ᠢᠳᠡᠪᠬᠢᠲᠡᠢ ᠠᠬᠢᠵᠤ᠂ ᠳᠤᠮᠳᠠᠳᠤ ᠤᠯᠤᠰ - ᠳᠤᠮᠳᠠ ᠠᠽᠢᠶ᠎ᠠ ᠵᠢᠨ ᠲᠣᠭᠲᠠᠴᠠ ᠵᠢᠨ ᠨᠢᠷᠤᠭᠤ ᠲᠤᠯᠭ᠋ᠠᠭᠤᠷᠢ ᠦᠨᠳᠦᠰᠦᠨ᠎ᠳᠡᠭᠡᠨ ᠪᠦᠷᠢᠯᠳᠦᠵᠦ᠂ ᠬᠠᠮᠲᠤᠷᠠᠯᠴᠠᠭ᠋ᠠᠨ᠎ᠤ ᠵᠠᠮ ᠶᠠᠪᠤᠬᠤ ᠲᠤᠲᠤᠮ ᠥᠷᠭᠡᠵᠢᠵᠦ᠂ ᠨᠥᠬᠥᠷᠯᠡᠯ᠎ᠤᠨ ᠴᠡᠴᠡᠭ ᠶᠠᠪᠤᠬᠤ ᠲᠤᠲᠤᠮ ᠭᠢᠯᠠᠯᠵᠠᠨ ᠳᠡᠯᠭᠡᠷᠡᠪᠡ ᠭᠡᠵᠦ ᠵᠢᠭ᠋ᠠᠵᠤ ᠭᠠᠷᠭ᠋ᠠᠵᠠᠢ᠃

      ᠰᠢ ᠵᠢᠨ ᠫᠢᠩ᠂ ᠪᠢᠳᠡᠨ᠎ᠤ ᠬᠠᠮᠲᠤᠷᠠᠯᠴᠠᠭ᠎ᠠ ᠬᠣᠶᠠᠷ ᠮᠢᠩᠭ᠎ᠠ ᠭᠠᠷᠤᠢ ᠵᠢᠯ᠎ᠤᠨ ᠨᠥᠭᠦᠷᠰᠡᠭ ᠶᠠᠪᠤᠯᠴᠠᠭ᠎ᠠ᠎ᠳᠤ ᠦᠨᠳᠦᠰᠦᠯᠡᠵᠦ᠂ ᠬᠠᠷᠢᠯᠴᠠᠭ᠎ᠠ ᠪᠠᠢ᠌ᠭᠤᠯᠤᠭᠰᠠᠨ 30 ᠭᠠᠷᠤᠢ ᠵᠢᠯ᠎ᠤᠨ ᠪᠦᠯᠬᠦᠮᠳᠡᠯ ᠢᠲᠡᠭᠡᠯᠴᠡᠭᠡ᠎ᠳᠤ ᠦᠨᠳᠦᠰᠦᠯᠡᠵᠦ᠂ ᠰᠢᠨ᠎ᠡ ᠴᠠᠭ ᠦᠶ᠎ᠡ᠎ᠠᠴᠠ ᠨᠠᠭ᠋ᠠᠰᠢᠬᠢ ᠨᠡᠭᠡᠭᠡᠯᠲᠡ ᠬᠢᠵᠦ ᠬᠠᠮᠲᠤ᠎ᠪᠠᠷ ᠠᠰᠢᠭ ᠭᠦᠷᠳᠡᠭᠦ᠎ᠠᠴᠠ ᠪᠣᠯᠵᠤ ᠬᠥᠭᠵᠢᠪᠡ᠃ ᠤᠷᠳᠤ ᠬᠤᠭᠤᠴᠠᠭ᠋ᠠᠨ᠎ᠤ ᠦᠢ᠍ᠯᠡᠳᠦᠯᠭᠡ ᠳᠤᠮᠳᠠ᠂ ᠪᠢᠳᠡ 《ᠬᠠᠷᠢᠯᠴᠠᠨ ᠬᠦᠨᠳᠦᠳᠬᠡᠬᠦ᠂ ᠬᠠᠷᠢᠯᠴᠠᠨ ᠢᠲᠡᠭᠡᠯᠴᠡᠬᠦ᠂ ᠬᠠᠷᠢᠯᠴᠠᠨ ᠠᠰᠢᠭ ᠬᠦᠷᠲᠡᠭᠡᠬᠦ᠂ ᠬᠠᠷᠢᠯᠴᠠᠨ ᠬᠠᠪᠰᠤᠷᠤᠯᠴᠠᠬᠤ᠂ ᠴᠢᠨᠠᠷ ᠰᠠᠢ᠌ᠲᠠᠢ ᠬᠥᠭᠵᠢᠯᠲᠡ᠎ᠪᠠᠷ ᠬᠠᠮᠲᠤ ᠵᠢᠨ ᠣᠳᠣᠬᠢᠴᠢᠯᠠᠯᠲᠠ ᠵᠢ ᠠᠬᠢᠭᠤᠯᠬᠤ》 ᠪᠦᠬᠦᠢ 《ᠳᠤᠮᠳᠠᠳᠤ ᠤᠯᠤᠰ - ᠳᠤᠮᠳᠠ ᠠᠽᠢᠶ᠎ᠠ ᠵᠢᠨ ᠵᠣᠷᠢᠭ ᠰᠠᠨᠠᠭ᠎ᠠ》 ᠵᠢ ᠰᠦᠪᠡᠭᠴᠢᠯᠡᠨ ᠪᠦᠷᠢᠯᠳᠦᠭᠦᠯᠪᠡ᠄ ᠬᠠᠷᠢᠯᠴᠠᠨ ᠬᠦᠨᠳᠦᠳᠬᠡᠬᠦ᠂ ᠡᠷᠬᠡ ᠲᠡᠭᠰᠢ᠎ᠪᠠᠷ ᠬᠠᠨᠳᠤᠬᠤ ᠵᠢ ᠪᠠᠷᠢᠮᠲᠠᠯᠠᠵᠤ᠂ ᠤᠯᠤᠰ᠎ᠤᠨ ᠶᠡᠬᠡ ᠪᠠᠭ᠎ᠠ ᠭᠡᠵᠦ ᠢᠯᠭ᠋ᠠᠯ ᠦᠭᠡᠢ ᠨᠢᠭᠡ ᠯᠡ ᠠᠳᠠᠯᠢ᠎ᠪᠠᠷ ᠬᠠᠨᠳᠤᠵᠤ᠂ ᠤᠴᠢᠷ ᠶᠠᠪᠤᠳᠠᠯ᠎ᠢ ᠤᠯᠠᠨ ᠵᠶ᠋ᠠᠷ ᠵᠶ᠋ᠠᠨ ᠵᠥᠪᠳᠡᠯᠴᠡᠨ ᠰᠢᠢ᠍ᠳᠪᠦᠷᠢᠯᠡᠵᠦ᠂ ᠵᠥᠪᠳᠡᠯᠴᠡᠨ ᠰᠠᠨᠠᠯ ᠨᠢᠭᠡᠲᠡᠢ᠎ᠪᠠᠷ ᠰᠢᠢ᠍ᠳᠪᠦᠷᠢᠲᠦ ᠪᠣᠳᠣᠯᠭ᠎ᠠ ᠲᠣᠭᠲᠠᠭ᠋ᠠᠪᠠ; ᠢᠲᠡᠭᠡᠯᠴᠡᠭᠡ᠎ᠪᠠᠨ ᠭᠦᠨᠵᠡᠭᠡᠢ᠌ᠷᠡᠭᠦᠯᠬᠦ᠂ ᠲᠠᠭᠤᠨ ᠨᠢᠭᠡᠲᠡᠢ ᠪᠠᠢ᠌ᠬᠤ ᠵᠢ ᠪᠠᠷᠢᠮᠲᠠᠯᠠᠵᠤ᠂ ᠲᠤᠰ ᠲᠤᠰ᠎ᠤᠨ ᠵᠶ᠋ᠠᠨ ᠤᠯᠤᠰ᠎ᠤᠨ ᠲᠤᠰᠠᠭ᠋ᠠᠷ ᠲᠣᠭᠲᠠᠨᠢᠯ᠂ ᠡᠷᠬᠡ ᠮᠡᠳᠡᠯ᠂ ᠨᠤᠲᠤᠭ ᠳᠡᠪᠢᠰᠬᠡᠷ᠎ᠤᠨ ᠪᠦᠷᠢᠨ ᠪᠦᠲᠦᠨ ᠪᠠᠢ᠌ᠬᠤ ᠪᠠ ᠦᠨᠳᠦᠰᠦᠲᠡᠨ᠎ᠤ ᠨᠡᠷ᠎ᠡ ᠬᠦᠨᠳᠦ᠎ᠪᠠᠨ ᠬᠠᠮᠠᠭ᠋ᠠᠯᠠᠬᠤ ᠵᠢ ᠡᠷᠡᠰ ᠲᠡᠮᠵᠢᠵᠥ᠂ ᠲᠤᠰ ᠲᠤᠰ᠎ᠤᠨ ᠵᠶ᠋ᠠᠨ ᠭᠣᠣᠯᠯᠠᠭᠴᠢ ᠠᠰᠢᠭ ᠲᠤᠰᠠ ᠵᠢ ᠬᠣᠬᠢᠷᠠᠭᠤᠯᠬᠤ ᠶᠠᠪᠤᠳᠠᠯ᠎ᠢ ᠦᠯᠤ ᠬᠢᠪᠡ; ᠬᠠᠷᠢᠯᠴᠠᠨ ᠠᠰᠢᠭᠲᠠᠢ ᠬᠠᠮᠲᠤ᠎ᠪᠠᠷ ᠠᠰᠢᠭ ᠭᠦᠷᠲᠡᠭᠦ᠂ ᠬᠠᠮᠲᠤ᠎ᠪᠠᠷ ᠬᠥᠭᠵᠢᠬᠦ ᠵᠢ ᠪᠠᠷᠢᠮᠲᠠᠯᠠᠵᠤ᠂ ᠬᠠᠷᠢᠯᠴᠠᠨ ᠤᠷᠢᠳ ᠵᠶ᠋ᠠᠷ ᠪᠣᠳᠣᠯᠬᠢᠯᠠᠬᠤ ᠬᠠᠨᠢᠲᠠᠨ ᠪᠣᠯᠵᠤ᠂ ᠬᠠᠷᠢᠯᠴᠠᠨ ᠬᠥᠭᠵᠢᠯᠲᠡ ᠵᠢᠨ ᠠᠵᠠ ᠲᠣᠭᠢᠶᠠᠯ ᠣᠯᠭᠣᠵᠤ᠂ ᠡᠯ᠎ᠡ ᠲᠠᠯ᠎ᠠ ᠵᠢᠨ ᠠᠰᠢᠭ ᠲᠤᠰᠠ ᠵᠢ ᠬᠠᠮᠲᠤ᠎ᠳᠤᠨᠢ ᠬᠠᠷᠠᠭ᠋ᠠᠯᠵᠠᠵᠤ᠂ ᠤᠯᠠᠨ ᠠᠰᠢᠭ ᠬᠦᠷᠲᠡᠵᠦ ᠬᠠᠮᠲᠤ᠎ᠪᠠᠷ ᠣᠷᠣᠰᠢᠬᠤ ᠵᠢ ᠪᠡᠶᠡᠯᠡᠭᠦᠯᠪᠡ; ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ᠂ ᠬᠠᠲᠠᠭᠤ ᠪᠡᠷᠬᠡᠰᠢᠶᠡᠯ᠎ᠢ ᠬᠠᠮᠲᠤ᠎ᠪᠠᠷ ᠲᠤᠭᠤᠯᠬᠤ ᠵᠢ ᠪᠠᠷᠢᠮᠲᠠᠯᠠᠵᠤ᠂ ᠲᠤᠰ ᠲᠤᠰ᠎ᠤᠨ ᠵᠶ᠋ᠠᠨ ᠤᠯᠤᠰ᠎ᠤᠨ ᠪᠠᠢ᠌ᠳᠠᠯ᠎ᠳᠤ ᠨᠡᠢ᠌ᠴᠡᠭᠰᠡᠨ ᠬᠥᠭᠵᠢᠯᠲᠡ ᠵᠢᠨ ᠵᠠᠮ ᠵᠶ᠋ᠠᠷ ᠵᠠᠮᠨᠠᠬᠤ ᠵᠢ ᠳᠡᠮᠵᠢᠵᠦ᠂ ᠥᠪᠡᠷ᠎ᠤᠨ ᠶᠠᠪᠤᠳᠠᠯ ᠵᠶ᠋ᠠᠨ ᠰᠠᠢ᠌ᠲᠤᠷ ᠬᠢᠵᠦ᠂ ᠡᠯ᠎ᠡ ᠲᠦᠷᠦᠯ᠎ᠤᠨ ᠠᠶᠤᠯ ᠲᠦᠭᠰᠢᠭᠦᠷᠢ ᠥᠷᠢᠰᠦᠯᠳᠦᠭᠡᠨ᠎ᠢ ᠬᠦᠴᠦ᠎ᠪᠠᠨ ᠬᠠᠮᠲᠤᠳᠬᠠᠨ ᠠᠷᠭ᠋ᠠᠴᠠᠭ᠋ᠠᠵᠤ᠂ ᠭᠠᠵᠠᠷ ᠣᠷᠣᠨ᠎ᠤ ᠠᠮᠤᠷ ᠲᠦᠪᠰᠢᠨ ᠲᠣᠭᠲᠠᠭᠤᠨ᠎ᠢ ᠬᠠᠮᠲᠤ᠎ᠪᠠᠷ ᠬᠠᠮᠠᠭ᠋ᠠᠯᠠᠪᠠ᠃ 《ᠳᠤᠮᠳᠠᠳᠤ ᠤᠯᠤᠰ- ᠳᠤᠮᠳᠠ ᠠᠽᠢᠶ᠎ᠠ ᠵᠢᠨ ᠵᠣᠷᠢᠭ ᠰᠠᠨᠠᠭ᠎ᠠ》᠎ᠨᠢ ᠦᠶ᠎ᠡ ᠦᠶ᠎ᠡ ᠵᠢᠨ ᠨᠥᠭᠦᠷᠰᠡᠭ ᠬᠠᠮᠲᠤᠷᠠᠯᠴᠠᠭ᠎ᠠ᠎ᠳᠤ ᠴᠢᠬᠤᠯᠠ ᠵᠢᠷᠤᠮᠯᠠᠯ ᠬᠠᠩᠭ᠋ᠠᠪᠠ᠂ ᠪᠢᠳᠡ ᠢᠮᠠᠭᠲᠠ ᠪᠠᠷᠢᠮᠲᠠᠯᠠᠵᠤ᠂ ᠲᠠᠰᠤᠷᠠᠯᠳᠠ ᠦᠭᠡᠢ ᠪᠠᠳᠠᠷᠠᠭᠤᠯᠤᠨ ᠳᠡᠯᠭᠡᠷᠡᠭᠦᠯᠦᠶ᠎ᠡ ᠭᠡᠵᠦ ᠴᠢᠬᠤᠯᠠᠴᠢᠯᠠᠵᠠᠢ᠃

      ᠰᠢ ᠵᠢᠨ ᠫᠢᠩ᠂ ᠣᠳᠣᠬᠠᠨ᠎ᠳᠤ᠂ ᠵᠠᠭᠤᠨ ᠵᠢᠯ᠎ᠳᠤ ᠲᠣᠬᠢᠶᠠᠯᠳᠤᠭ᠎ᠠ ᠦᠭᠡᠢ ᠶᠡᠬᠡ ᠬᠤᠪᠢᠰᠤᠯᠲᠠ ᠲᠦᠷᠭᠡᠰᠦᠨ ᠬᠤᠪᠢᠷᠠᠵᠤ᠂ ᠳᠡᠯᠡᠬᠡᠢ ᠳ᠋ᠠᠬᠢᠨ ᠰᠢᠨ᠎ᠡ ᠣᠷᠣᠭ᠎ᠠ ᠪᠤᠰᠬᠠᠭ᠎ᠠ ᠬᠤᠪᠢᠰᠤᠯᠲᠠ ᠵᠢᠨ ᠬᠤᠭᠤᠴᠠᠭ᠋ᠠᠨ᠎ᠳᠤ ᠣᠷᠣᠪᠠ᠃ ᠭᠠᠭᠴᠠ ᠬᠦ᠌ ᠲᠥᠪ ᠭᠤᠣᠯᠴᠢ ᠰᠢᠳᠤᠷᠭᠤ ᠶᠣᠰᠣ ᠵᠢ ᠭᠤᠢ᠌ᠪᠢᠰᠢ ᠦᠭᠡᠢ ᠪᠠᠷᠢᠮᠲᠠᠯᠠᠵᠤ᠂ ᠬᠠᠷᠢᠯᠴᠠᠨ ᠠᠰᠢᠭᠲᠠᠢ ᠬᠠᠮᠲᠤ᠎ᠪᠠᠷ ᠠᠰᠢᠭ ᠭᠦᠷᠳᠡᠭᠦ ᠡᠷᠴᠢ ᠵᠣᠷᠢᠭ ᠵᠶ᠋ᠠᠨ ᠬᠥᠪᠴᠢᠯᠡᠪᠡᠯ ᠰᠠᠶᠢ ᠳᠡᠯᠡᠬᠡᠢ ᠵᠢᠨ ᠡᠩᠬᠡ ᠲᠠᠢ᠌ᠪᠤᠩ᠎ᠢ ᠬᠠᠮᠠᠭ᠋ᠠᠯᠠᠵᠤ᠂ ᠬᠠᠮᠲᠤ ᠵᠢᠨ ᠬᠥᠭᠵᠢᠯᠲᠡ ᠵᠢ ᠪᠡᠶᠡᠯᠡᠭᠦᠯᠵᠦ ᠴᠢᠳᠠᠨ᠎ᠠ᠃ ᠪᠣᠭᠣᠮᠲᠠ ᠵᠢᠨ ᠭᠠᠢ᠌ᠯᠢ ᠵᠢᠨ ᠲᠠᠶ᠋ᠢᠨ᠂ ᠠᠷᠠᠯᠵᠢᠶᠠᠨ᠎ᠤ ᠲᠠᠶ᠋ᠢᠨ᠎ᠳᠤ ᠢᠯᠠᠭᠴᠢ ᠭᠡᠵᠦ ᠪᠠᠢ᠌ᠬᠤ ᠦᠭᠡᠢ᠂ ᠭᠠᠭᠴᠠ ᠲᠠᠯᠠᠲᠤ ᠦᠵᠡᠯ᠂ ᠬᠠᠮᠠᠭ᠋ᠠᠯᠠᠬᠤ ᠦᠵᠡᠯ᠂ ᠡᠵᠡᠷᠬᠡᠬᠦ ᠦᠵᠡᠯ᠎ᠨᠢ ᠪᠤᠰᠤᠳ᠎ᠲᠤ ᠬᠣᠣᠷ ᠬᠥᠨᠥᠭᠡᠯ ᠤᠴᠠᠷᠠᠭᠤᠯᠬᠤ᠎ᠨᠢ ᠵᠠᠢ᠌ᠯᠠᠰᠢ ᠦᠭᠡᠢ ᠶᠤᠮ᠃ ᠲᠡᠦᠬᠡ ᠬᠣᠢ᠌ᠰᠢ ᠤᠬᠤᠷᠢᠵᠤ ᠪᠤᠯᠬᠤ ᠦᠭᠡᠢ᠂ ᠤᠷᠤᠭᠰᠢᠯᠠᠬᠤ ᠬᠡᠷᠡᠭᠲᠡᠢ; ᠳᠡᠯᠡᠬᠡᠢ ᠶᠢᠷᠲᠢᠨᠴᠦ ᠬᠠᠭ᠋ᠠᠴᠠᠵᠤ ᠪᠤᠯᠬᠤ ᠦᠭᠡᠢ᠂ ᠪᠦᠯᠬᠦᠮᠳᠡᠪᠡᠯ ᠵᠣᠬᠢᠨ᠎ᠠ; ᠬᠥᠮᠥᠨ ᠲᠥᠷᠥᠯᠬᠢᠲᠡᠨ ᠪᠠᠯᠠᠷ ᠤᠢ ᠵᠢᠨ ᠵᠢᠮ᠎ᠡ ᠬᠠᠤᠯᠢ᠎ᠳᠤ ᠪᠤᠴᠠᠵᠤ ᠪᠤᠯᠬᠤ ᠦᠭᠡᠢ᠂ ᠬᠥᠮᠥᠨ ᠲᠥᠷᠥᠯᠬᠢᠲᠡᠨ᠎ᠤ ᠬᠤᠪᠢ ᠵᠠᠶᠠᠭ᠋ᠠᠨ᠎ᠤ ᠬᠠᠮᠲᠤ ᠵᠢᠨ ᠴᠣᠭᠴᠠ ᠵᠢ ᠪᠠᠢ᠌ᠭᠤᠯᠪᠠᠯ ᠵᠣᠬᠢᠨ᠎ᠠ᠃ ᠪᠢᠳᠠ 《ᠳᠤᠮᠳᠠᠳᠤ ᠤᠯᠤᠰ - ᠳᠤᠮᠳᠠ ᠠᠽᠢᠶ᠎ᠠ ᠵᠢᠨ ᠵᠣᠷᠢᠭ ᠰᠠᠨᠠᠭ᠎ᠠ》᠎ᠪᠠᠷ ᠵᠢᠯᠣᠭᠣᠳᠤᠮᠵᠢ ᠪᠤᠯᠭ᠋ᠠᠵᠤ᠂ ᠨᠡᠩ ᠤᠷᠤᠭᠰᠢᠯᠠᠨ ᠲᠠᠪᠰᠢᠬᠤ ᠣᠪᠣᠷ ᠪᠠᠢ᠌ᠳᠠᠯ ᠪᠣᠯᠣᠨ ᠨᠡᠩ ᠪᠣᠳᠠᠲᠠᠢ ᠵᠢ ᠡᠷᠭᠢᠮᠯᠡᠭᠦ ᠠᠷᠭ᠎ᠠ ᠬᠡᠮᠵᠢᠶ᠎ᠡ᠎ᠪᠠᠷ ᠬᠠᠮᠲᠤᠷᠠᠯᠴᠠᠭ᠎ᠠ᠎ᠪᠠᠨ ᠴᠢᠩᠭ᠋ᠠᠳᠬᠠᠵᠤ᠂ 《ᠨᠢᠭᠡ ᠪᠦᠰᠡ ᠨᠢᠭᠡ ᠵᠠᠮ》᠎ᠢ ᠬᠠᠮᠲᠤ᠎ᠪᠠᠷ ᠪᠦᠲᠦᠭᠡᠨ ᠪᠠᠶ᠋ᠢᠭᠤᠯᠬᠤ ᠴᠢᠨᠠᠷ ᠰᠠᠢ᠌ᠲᠠᠢ ᠬᠥᠭᠵᠢᠯᠲᠡ ᠵᠢ ᠠᠬᠢᠭᠤᠯᠵᠤ᠂ ᠳᠤᠮᠳᠠᠳᠤ ᠤᠯᠤᠰ - ᠳᠤᠮᠳᠠ ᠠᠽᠢᠶ᠎ᠠ ᠵᠢᠨ ᠬᠤᠪᠢ ᠵᠠᠶᠠᠭ᠋ᠠᠨ᠎ᠤ ᠬᠠᠮᠲᠤ ᠵᠢᠨ ᠴᠣᠭᠴᠠ ᠵᠢ ᠪᠠᠶ᠋ᠢᠭᠤᠯᠬᠤ ᠬᠠᠷᠠᠯᠲᠠ ᠲᠡᠢ᠌ᠰᠢ ᠡᠷᠡᠮᠡᠬᠡᠢ᠌ᠯᠡᠨ ᠤᠷᠤᠭᠰᠢᠯᠠᠶ᠎ᠠ᠃

      ᠨᠢᠭᠡ᠎ᠳᠤ᠂ ᠬᠠᠷᠢᠯᠴᠠᠨ ᠢᠲᠡᠭᠡᠯᠴᠡᠬᠦ᠂ ᠬᠠᠷᠢᠯᠴᠠᠨ ᠳᠡᠮᠵᠢᠬᠦ ᠪᠦᠯᠬᠦᠮᠳᠡᠯ᠎ᠤᠨ ᠤᠭ ᠰᠠᠨᠠᠭ᠎ᠠ᠎ᠪᠠᠨ ᠪᠠᠲᠤ ᠰᠠᠬᠢᠶ᠎ᠠ᠃ ᠳᠤᠮᠳᠠᠳᠤ ᠤᠯᠤᠰ ᠢᠮᠠᠭᠲᠠ ᠳᠤᠮᠳᠠ ᠠᠽᠢᠶ᠎ᠠ ᠵᠢ ᠡᠷᠭᠢᠨ ᠲᠣᠭᠣᠷᠢᠨ᠎ᠤ ᠭᠠᠳᠠᠭ᠋ᠠᠳᠤ ᠬᠠᠷᠢᠯᠴᠠᠭ᠋ᠠᠨ᠎ᠤ᠎ᠪᠠᠨ ᠤᠷᠢᠳ ᠵᠶ᠋ᠠᠷ ᠪᠣᠳᠣᠯᠬᠢᠯᠠᠬᠤ ᠴᠢᠭᠯᠡᠯ ᠪᠤᠯᠭ᠋ᠠᠵᠤ᠂ ᠡᠶᠡᠯᠳᠡᠭ ᠬᠥᠷᠰᠢ ᠠᠮᠤᠷ ᠲᠣᠭᠲᠠᠭᠤᠨ ᠬᠥᠷᠰᠢ ᠵᠡᠷᠭᠡᠯᠡᠳᠡᠭᠡ᠎ᠪᠠᠨ ᠪᠠᠶᠠᠵᠢᠭᠤᠯᠬᠤ᠂ ᠳᠣᠲᠣᠨᠣ ᠦᠨᠡᠨᠴᠢ ᠠᠰᠢᠭᠲᠠᠢ ᠪᠠᠭᠲᠠᠭ᠋ᠠᠮᠵᠢᠲᠠᠢ ᠣᠢ᠌ᠯᠠᠭ᠋ᠠᠭᠳᠠᠬᠤᠨ ᠴᠢᠭᠯᠡᠯᠲᠡ ᠵᠢ ᠪᠠᠷᠢᠮᠲᠠᠯᠠᠵᠤ᠂ ᠳᠤᠮᠳᠠ ᠠᠽᠢᠶ᠎ᠠ ᠵᠢᠨ ᠤᠯᠤᠰ᠎ᠤᠳ᠎ᠯᠤᠭ᠎ᠠ ᠡᠷᠬᠡ ᠲᠡᠭᠰᠢ᠎ᠪᠠᠷ ᠶᠠᠪᠤᠯᠴᠠᠵᠤ᠂ ᠦᠨᠡᠨᠴᠢ᠎ᠪᠠᠷ ᠬᠠᠨᠳᠤᠵᠤ᠂ ᠡᠭᠦᠷᠢᠳᠡ ᠳᠣᠲᠣᠨᠣ ᠨᠥᠭᠦᠷᠰᠡᠭ ᠪᠠᠢ᠌ᠵᠤ᠂ ᠬᠥᠷᠰᠢ ᠵᠡᠷᠭᠡᠯᠡᠳᠡᠭᠡ᠎ᠪᠠᠷ ᠵᠶ᠋ᠠᠨ ᠰᠠᠢ᠌ᠨ ᠰᠠᠢ᠌ᠬᠠᠨ ᠵᠶ᠋ᠠᠨ ᠦᠵᠡᠵᠦ᠂ ᠡᠶᠠᠯᠰᠡᠭ ᠳᠣᠲᠣᠨᠣ ᠶᠠᠪᠤᠯᠴᠠᠨ᠎ᠠ᠃ ᠵᠢᠷᠭᠤᠭ᠋ᠠᠨ ᠤᠯᠤᠰ ᠥᠨᠢ ᠡᠭᠦᠷᠢᠳᠡ ᠵᠢᠨ ᠡᠶᠡᠯᠳᠡᠭ ᠬᠥᠷᠰᠢ ᠵᠢᠨ ᠨᠥᠭᠦᠷᠰᠡᠭ ᠵᠶ᠋ᠠᠷ ᠬᠠᠮᠲᠤᠷᠠᠨ ᠠᠵᠢᠯᠯᠠᠬᠤ ᠭᠡᠷ᠎ᠡ᠎ᠳᠤ ᠬᠠᠮᠲᠤ᠎ᠪᠠᠷ ᠭᠠᠷ᠎ᠤᠨ ᠦᠰᠦᠭ ᠵᠢᠷᠤᠵᠤ᠂ ᠦᠶ᠎ᠡ ᠵᠢᠨ ᠦᠶ᠎ᠡ᠎ᠳᠡᠭᠡᠨ ᠨᠥᠭᠦᠷᠰᠡᠭ ᠪᠠᠢ᠌ᠬᠤ ᠵᠠᠷᠴᠢᠮ᠎ᠢ ᠬᠠᠤᠯᠢ ᠴᠠᠭ᠋ᠠᠵᠠ ᠵᠢᠨ ᠭᠡᠯᠪᠡᠷᠢ᠎ᠪᠠᠷ ᠲᠣᠭᠲᠠᠪᠤᠷᠢᠵᠢᠭᠤᠯᠪᠠ᠂ ᠡᠨᠡ ᠪᠣᠯ ᠵᠢᠷᠭᠤᠭ᠋ᠠᠨ ᠤᠯᠤᠰ᠎ᠤᠨ ᠬᠠᠷᠢᠯᠴᠠᠭ᠋ᠠᠨ᠎ᠤ ᠲᠡᠦᠬᠡᠨ ᠳᠡᠭᠡᠷᠡᠬᠢ ᠰᠢᠨ᠎ᠡ ᠪᠡᠯᠭᠡ ᠲᠡᠮᠳᠡᠭ ᠮᠥᠨ᠂ ᠪᠠᠰᠠ ᠴᠤ᠌ ᠳᠤᠮᠳᠠᠳᠤ ᠤᠯᠤᠰ᠎ᠤᠨ ᠡᠷᠭᠢᠨ ᠲᠣᠭᠣᠷᠢᠨ᠎ᠤ ᠭᠠᠳᠠᠭ᠋ᠠᠳᠤ ᠬᠠᠷᠢᠯᠴᠠᠭ᠋ᠠᠨ᠎ᠤ ᠡᠭᠦᠳᠦᠯᠲᠡ ᠮᠥᠨ᠂ ᠤᠳᠤ ᠦᠶ᠎ᠡ᠎ᠳᠤ ᠭᠠᠪᠢᠶ᠎ᠠ ᠪᠠᠢ᠌ᠭᠤᠯᠵᠤ᠂ ᠥᠨᠢ ᠤᠳᠠᠭ᠋ᠠᠨ ᠠᠰᠢᠭ᠎ᠲᠠᠢ ᠶᠤᠮ᠃

      ᠬᠣᠶᠠᠷ᠎ᠲᠤ᠂ ᠪᠣᠳᠠᠲᠠᠢ ᠵᠢ ᠡᠷᠬᠢᠮᠯᠡᠭᠰᠡᠨ ᠥᠨᠳᠥᠷ ᠪᠦᠲᠦᠮᠵᠢᠲᠡᠢ᠂ ᠭᠦᠨᠵᠡᠭᠡᠢ ᠠᠭᠤᠰᠤᠯᠴᠠᠭᠰᠠᠨ ᠬᠠᠮᠲᠤᠷᠠᠯᠴᠠᠭ᠋ᠠᠨ᠎ᠤ ᠪᠠᠢ᠌ᠷᠢᠰᠢᠭᠤᠯᠤᠯᠲᠠ ᠵᠢ ᠰᠢᠯᠢᠳᠡᠭᠵᠢᠭᠦᠯᠦᠶ᠎ᠡ᠃ ᠪᠢᠳᠡ 2025᠎ᠠᠴᠠ 2026 ᠣᠨ ᠪᠤᠯᠲᠠᠯᠠᠭᠢ ᠵᠢ 《ᠲᠤᠮᠳᠠᠳᠤ ᠤᠯᠤᠰ ᠳᠤᠮᠳᠠ ᠠᠽᠢᠶ᠎ᠠ ᠵᠢᠨ ᠬᠠᠮᠲᠤᠷᠠᠯᠴᠠᠭ᠋ᠠᠨ᠎ᠤ ᠴᠢᠨᠠᠷ ᠰᠠᠢ᠌ᠲᠠᠢ ᠬᠥᠭᠵᠢᠯᠲᠡ ᠵᠢᠨ ᠣᠨ》 ᠪᠤᠯᠭ᠋ᠠᠬᠤ᠎ᠪᠠᠷ ᠵᠥᠪᠳᠡᠯᠴᠡᠨ ᠲᠣᠭᠲᠠᠪᠠ᠂ ᠠᠷᠠᠯᠵᠢᠶ᠎ᠠ ᠰᠠᠭ᠋ᠠᠳ ᠦᠭᠡᠢ ᠨᠡᠪᠲᠡᠷᠡᠬᠦ᠂ ᠠᠵᠤ ᠦᠢ᠍ᠯᠡᠰ᠎ᠤᠨ ᠪᠡᠯᠡ ᠣᠷᠣᠭᠤᠯᠤᠯᠲᠠ᠂ ᠬᠣᠯᠪᠣᠯᠳᠤᠨ ᠨᠡᠪᠲᠡᠷᠡᠯᠴᠡᠬᠦ᠂ ᠪᠣᠬᠢᠷᠳᠤᠯ ᠦᠭᠡᠢ ᠠᠭᠤᠷᠬᠠᠢ ᠵᠢᠨ ᠭᠠᠷᠤᠯᠲᠠ᠂ ᠬᠥᠳᠡᠭᠡ ᠠᠵᠤ ᠠᠬᠤᠢ ᠵᠢᠨ ᠣᠳᠣᠬᠢᠴᠢᠯᠠᠯᠲᠠ᠂ ᠬᠥᠮᠥᠰ᠎ᠤᠨ ᠶᠠᠪᠤᠯᠴᠠᠭ᠎ᠠ ᠵᠡᠷᠭᠡ᠎ᠳᠤ ᠠᠩᠬᠠᠷᠤᠯ ᠵᠶ᠋ᠠᠨ ᠲᠥᠪᠯᠡᠷᠡᠭᠦᠯᠵᠦ᠂ ᠨᠡᠩ ᠤᠯᠠᠨ ᠪᠣᠳᠠᠲᠠᠢ ᠲᠦᠷᠦᠯ ᠵᠦᠢ᠍ᠯ᠎ᠢ ᠬᠡᠷᠡᠭᠵᠢᠭᠦᠯᠵᠦ᠂ ᠰᠢᠨ᠎ᠡ ᠴᠢᠨᠠᠷ᠎ᠤᠨ ᠦᠢ᠍ᠯᠡᠳᠪᠦᠷᠢᠯᠡᠯ᠎ᠤᠨ ᠬᠦᠴᠦᠨ᠎ᠢ ᠪᠣᠢ᠌ᠵᠢᠭᠤᠯᠤᠨ᠎ᠠ᠃ ᠳᠤᠮᠳᠠᠳᠤ ᠤᠯᠤᠰ ᠳᠤᠮᠳᠠ ᠠᠽᠢᠶ᠎ᠠ ᠵᠢᠨ ᠬᠠᠮᠲᠤᠷᠠᠯᠴᠠᠭ᠋ᠠᠨ᠎ᠤ ᠪᠣᠷᠣ ᠲᠥᠯᠥᠪ᠎ᠤᠨ ᠳᠣᠲᠣᠷ᠎ᠠ ᠶᠠᠳᠠᠭᠤ ᠬᠦᠴᠢᠷᠳᠡᠯᠲᠡᠢ ᠬᠥᠮᠥᠨ ᠠᠮᠠ ᠵᠢ ᠴᠥᠭᠡᠳᠬᠡᠬᠦ᠂ ᠰᠤᠷᠭ᠋ᠠᠨ ᠬᠥᠮᠦᠵᠢᠯ᠎ᠤᠨ ᠰᠣᠯᠢᠯᠴᠠᠭ᠎ᠠ᠂ ᠴᠦᠯᠯᠡᠷᠭᠡᠭᠵᠢᠯ᠎ᠢ ᠰᠡᠷᠭᠡᠢ᠌ᠯᠡᠨ ᠵᠠᠰᠠᠬᠤ ᠭᠤᠷᠪᠠᠨ ᠶᠡᠬᠡ ᠬᠠᠮᠲᠤᠷᠠᠯᠴᠠᠭ᠋ᠠᠨ᠎ᠤ ᠲᠥᠪ ᠪᠣᠯᠣᠨ ᠠᠷᠠᠯᠵᠢᠶ᠎ᠠ ᠵᠢ ᠰᠠᠭ᠋ᠠᠳ ᠦᠭᠡᠢ ᠨᠡᠪᠲᠡᠷᠡᠭᠦᠯᠬᠦ ᠬᠠᠮᠲᠤᠷᠠᠯᠴᠠᠭ᠋ᠠᠨ᠎ᠤ ᠲᠠᠪᠴᠠᠩ᠎ᠢ ᠪᠠᠶ᠋ᠢᠭᠤᠯᠬᠤ᠎ᠪᠠᠷ ᠲᠣᠭᠲᠠᠵᠤ᠂ ᠳᠤᠮᠳᠠ ᠠᠽᠢᠶ᠎ᠠ ᠵᠢᠨ ᠤᠯᠤᠰ᠎ᠤᠳ᠎ᠤᠨ ᠠᠷᠠᠳ᠎ᠤᠨ ᠠᠮᠢᠳᠤᠷᠠᠯ ᠪᠠ ᠬᠥᠭᠵᠢᠯᠲᠡ ᠵᠢᠨ ᠲᠦᠷᠦᠯ ᠵᠦᠢ᠍ᠯ᠎ᠢ ᠬᠡᠷᠡᠭᠵᠢᠭᠦᠯᠬᠦ ᠵᠢ ᠲᠠᠮᠵᠢᠵᠤ᠂ ᠢᠷᠡᠬᠦ ᠬᠣᠶᠠᠷ ᠵᠢᠯ᠎ᠳᠤ ᠳᠤᠮᠳᠠ ᠠᠽᠢᠶ᠎ᠠ ᠵᠢᠨ ᠤᠯᠤᠰ᠎ᠤᠳ᠎ᠲᠤ 3000 ᠪᠣᠯᠪᠠᠰᠤᠷᠠᠯ᠎ᠤᠨ ᠣᠷᠣᠨ ᠲᠣᠭ᠎ᠠ ᠬᠠᠩᠭ᠋ᠠᠨ᠎ᠠ᠃

      ᠭᠤᠷᠪᠠ᠎ᠳᠤ᠂ ᠡᠩᠬᠡ ᠲᠠᠢ᠌ᠪᠤᠩ ᠠᠮᠤᠷ ᠲᠣᠭᠲᠠᠭᠤᠨ᠂ ᠵᠢᠷᠭ᠋ᠠᠯ ᠵᠣᠪᠠᠯᠠᠩ ᠵᠶ᠋ᠠᠨ ᠬᠠᠮᠲᠤᠳᠬᠠᠭᠰᠠᠨ ᠠᠮᠤᠷ ᠲᠦᠪᠰᠢᠨ᠎ᠤ ᠪᠠᠢ᠌ᠷᠢᠰᠢᠯ᠎ᠢ ᠪᠤᠢ ᠪᠣᠯᠭ᠋ᠠᠶ᠎ᠠ᠃ ᠪᠢᠳᠡ ᠭᠠᠵᠠᠷ ᠣᠷᠣᠨ᠎ᠤ ᠠᠮᠤᠷ ᠲᠦᠪᠰᠢᠨ᠎ᠤ ᠵᠠᠰᠠᠯᠲᠠ ᠵᠢ ᠴᠢᠩᠭ᠋ᠠᠳᠬᠠᠵᠤ᠂ ᠬᠠᠤᠯᠢ ᠬᠡᠷᠡᠭᠵᠢᠭᠦᠯᠬᠦ ᠠᠮᠤᠷ ᠲᠦᠪᠰᠢᠨ᠎ᠤ ᠬᠠᠮᠲᠤᠷᠠᠯᠴᠠᠭ᠎ᠠ ᠵᠢ ᠦᠷᠭᠦᠯᠵᠢᠯᠡᠨ ᠭᠦᠨᠵᠡᠭᠡᠢ᠌ᠷᠡᠭᠦᠯᠵᠦ᠂ ᠬᠡᠲᠦᠷᠡᠮᠡᠬᠡᠢ ᠦᠵᠡᠯ ᠰᠠᠨᠠᠭ᠎ᠠ ᠵᠢ ᠭᠠᠷ ᠬᠣᠯᠪᠣᠯᠴᠠᠨ ᠰᠡᠷᠭᠡᠢ᠌ᠯᠡᠨ ᠡᠰᠡᠷᠭᠦᠴᠡᠵᠦ᠂ 《ᠭᠤᠷᠪᠠᠨ ᠵᠦᠢ᠍ᠯ᠎ᠤᠨ ᠬᠦᠴᠦᠨ》᠎ᠳᠤ ᠡᠷᠡᠰ ᠴᠣᠬᠢᠯᠲᠠ ᠥᠭᠴᠦ᠂ ᠭᠠᠵᠠᠷ ᠣᠷᠣᠨ᠎ᠤ ᠡᠩᠬᠡ ᠲᠠᠢ᠌ᠪᠤᠩ ᠲᠣᠭᠲᠠᠭᠤᠨ᠎ᠢ ᠬᠠᠮᠲᠤ᠎ᠪᠠᠷ ᠬᠠᠮᠠᠭ᠋ᠠᠯᠠᠶ᠎ᠠ᠃ ᠳᠤᠮᠳᠠᠳᠤ ᠤᠯᠤᠰ᠎ᠠᠴᠠ ᠳᠤᠮᠳᠠ ᠠᠽᠢᠶ᠎ᠠ ᠵᠢᠨ ᠤᠯᠤᠰ᠎ᠤᠳ᠎ᠤᠨ ᠰᠦᠷᠳᠡᠭᠦᠯᠬᠦ ᠦᠵᠡᠯ ᠪᠠ ᠤᠯᠤᠰ ᠠᠯᠤᠰᠯᠠᠭᠰᠠᠨ ᠵᠣᠬᠢᠶᠠᠨ ᠪᠠᠢ᠌ᠭᠤᠯᠤᠯᠲᠠ᠎ᠲᠠᠢ ᠶᠠᠯᠠᠲᠤ ᠠᠵᠢᠯᠯᠠᠭ᠎ᠠ᠎ᠳᠤ ᠴᠣᠬᠢᠯᠲᠠ ᠥᠭᠴᠦ᠂ ᠲᠣᠣᠷ ᠰᠦᠯᠵᠢᠶ᠎ᠡ ᠪᠠ ᠠᠮᠢᠳᠤ ᠪᠣᠳᠠᠰ᠎ᠤᠨ ᠠᠮᠤᠷ ᠲᠦᠪᠰᠢᠨ᠎ᠢ ᠬᠠᠮᠠᠭ᠋ᠠᠯᠠᠬᠤ᠎ᠳᠤ ᠴᠢᠳᠠᠯ᠎ᠤᠨ ᠬᠢᠷᠢ᠎ᠪᠠᠷ ᠵᠶ᠋ᠠᠨ ᠬᠠᠪᠰᠤᠷᠤᠯᠭ᠎ᠠ ᠦᠵᠡᠭᠦᠯᠦᠨ᠎ᠡ᠃

      ᠳᠥᠷᠪᠡ᠎ᠳᠤ᠂ ᠨᠢᠭᠡ ᠰᠡᠳᠬᠢᠯ ᠨᠢᠭᠡ ᠵᠣᠷᠢᠭ᠂ ᠬᠠᠷᠢᠯᠴᠠᠨ ᠣᠢ᠌ᠯᠠᠭ᠋ᠠᠯᠴᠠᠵᠤ ᠬᠠᠷᠢᠯᠴᠠᠨ ᠳᠣᠲᠣᠨᠣ ᠪᠤᠯᠬᠤ ᠰᠣᠶᠣᠯ ᠢᠷᠭᠡᠨᠰᠢᠯ᠎ᠤᠨ ᠬᠣᠯᠪᠣᠭ᠋ᠠᠰᠤ ᠵᠢ ᠴᠢᠩᠭ᠋ᠠᠷᠠᠭᠤᠯᠤᠶ᠎ᠠ᠃ ᠳᠤᠮᠳᠠᠳᠤ ᠤᠯᠤᠰ᠎ᠠᠴᠠ ᠳᠤᠮᠳᠠ ᠠᠽᠢᠶ᠎ᠠ ᠵᠢᠨ ᠤᠯᠤᠰ᠎ᠤᠳ᠎ᠤᠨ ᠬᠠᠤᠯᠢ ᠲᠣᠭᠲᠠᠭ᠋ᠠᠬᠤ ᠪᠠᠢ᠌ᠭᠤᠯᠤᠮᠵᠢ᠂ ᠲᠦᠷᠦ ᠵᠢᠨ ᠨᠠᠮ᠂ ᠡᠮᠡᠭᠲᠡᠢ᠌ᠴᠦᠳ᠂ ᠵᠠᠯᠠᠭᠤᠴᠤᠳ᠂ ᠵᠠᠭᠤᠴᠢᠯᠠᠭᠤᠷ᠂ ᠤᠶᠤᠨ᠎ᠤ ᠬᠥᠮᠥᠷᠭᠡ ᠵᠡᠷᠭᠡ᠎ᠯᠦᠭᠡ ᠵᠢᠨ ᠬᠠᠮᠲᠤᠷᠠᠯᠴᠠᠭ᠎ᠠ᠎ᠪᠠᠨ ᠴᠢᠩᠭ᠋ᠠᠳᠬᠠᠵᠤ᠂ ᠲᠦᠷᠦ ᠵᠢ ᠵᠠᠰᠠᠵᠤ ᠵᠠᠰᠠᠭ᠎ᠢ ᠡᠷᠭᠢᠯᠡᠭᠦ ᠲᠤᠷᠰᠢᠯᠭ᠎ᠠ ᠵᠢᠨ ᠰᠣᠯᠢᠯᠴᠠᠭ᠎ᠠ ᠵᠢ ᠭᠦᠨᠵᠡᠭᠡᠢ ᠥᠷᠨᠢᠭᠦᠯᠦᠨ᠎ᠡ᠃ ᠳᠤᠷᠠᠲᠠᠶ᠎ᠠ ᠳᠤᠮᠳᠠ ᠠᠽᠢᠶ᠎ᠠ᠎ᠳᠤ ᠨᠡᠩ ᠤᠯᠠᠨ ᠰᠣᠶᠣᠯ᠎ᠤᠨ ᠲᠥᠪ᠂ ᠶᠡᠬᠡ ᠳᠡᠭᠡᠳᠦ ᠰᠤᠷᠭ᠋ᠠᠭᠤᠯᠢ ᠵᠢᠨ ᠬᠤᠪᠢᠶᠠᠷᠢ ᠰᠤᠷᠭ᠋ᠠᠭᠤᠯᠢ᠂ ᠯᠦ᠍᠎ᠪᠠᠨ ᠦᠢ᠍ᠯᠡᠳᠬᠡᠯ᠎ᠤᠨ ᠭᠠᠵᠠᠷ᠎ᠢ ᠪᠠᠢ᠌ᠭᠤᠯᠵᠤ᠂ ᠳᠤᠮᠳᠠ ᠠᠽᠢᠶ᠎ᠠ ᠵᠢᠨ ᠡᠯ᠎ᠡ ᠤᠯᠤᠰ᠎ᠲᠤ ᠨᠡᠩ ᠤᠯᠠᠨ ᠥᠨᠳᠥᠷ ᠬᠡᠪ ᠪᠣᠯᠪᠠᠰᠤᠷᠠᠯ᠎ᠲᠠᠢ ᠴᠢᠳᠠᠪᠤᠷᠢᠲᠠᠨ᠎ᠢ ᠬᠥᠮᠥᠵᠢᠭᠦᠯᠵᠦ ᠥᠭᠭᠦᠨ᠎ᠡ᠃ ᠣᠷᠣᠨ ᠨᠤᠲᠤᠭ᠎ᠤᠨ ᠬᠠᠮᠲᠤᠷᠠᠯᠴᠠᠭ᠎ᠠ ᠵᠢ ᠭᠦᠨᠵᠡᠭᠡᠢ᠌ᠷᠡᠭᠦᠯᠬᠦ ᠵᠢ ᠳᠡᠮᠵᠢᠵᠦ᠂ ᠲᠥᠪ᠎ᠠᠴᠠ ᠣᠷᠣᠨ ᠨᠤᠲᠤᠭ ᠭᠦᠷᠲᠡᠯ᠎ᠡ᠂ ᠠᠯᠪᠠᠨ᠎ᠤ ᠲᠠᠯ᠎ᠠ᠎ᠠᠴᠠ ᠠᠷᠠᠳ᠎ᠤᠨ ᠳᠤᠮᠳᠠ ᠭᠦᠷᠲᠡᠯ᠎ᠡ᠂ ᠬᠥᠷᠰᠢ ᠵᠡᠷᠭᠡᠯᠡᠳᠡᠭᠡ ᠭᠠᠵᠠᠷ ᠣᠷᠣᠨ᠎ᠠᠴᠠ ᠨᠡᠩ ᠥᠷᠭᠡᠨ ᠣᠷᠣᠨ ᠪᠦᠰᠡ ᠭᠦᠷᠲᠡᠯ᠎ᠡ 《ᠰᠡᠳᠬᠢᠯ ᠵᠶ᠋ᠠᠨ ᠬᠣᠯᠪᠣᠬᠤ》 ᠪᠠᠢ᠌ᠷᠢᠰᠢᠯ᠎ᠢ ᠬᠠᠮᠲᠤ᠎ᠪᠠᠷ ᠪᠠᠢ᠌ᠭᠤᠯᠤᠨ᠎ᠠ᠃

      ᠲᠠᠪᠤ᠎ᠳᠤ᠂ ᠲᠥᠪ ᠭᠤᠣᠯᠴᠢ ᠵᠦᠢ ᠵᠣᠬᠢᠰᠲᠠᠢ᠂ ᠡᠷᠬᠡ ᠲᠡᠭᠰᠢ ᠡᠮᠬᠢ ᠵᠢᠷᠤᠮ᠎ᠲᠠᠢ ᠤᠯᠠᠨ ᠤᠯᠤᠰ᠎ᠤᠨ ᠡᠮᠬᠢ ᠳᠢᠭᠯᠢᠮ᠎ᠢ ᠬᠠᠮᠠᠭ᠋ᠠᠯᠠᠶ᠎ᠠ᠃ ᠪᠢᠳᠠ ᠭᠠᠷ ᠬᠣᠯᠪᠣᠯᠴᠠᠨ ᠳᠡᠯᠡᠬᠡᠢ ᠵᠢᠨ ᠲᠥᠪ ᠭᠤᠣᠯᠴᠢ ᠰᠢᠳᠤᠷᠭᠤ ᠶᠣᠰᠣ ᠵᠢ ᠬᠠᠮᠠᠭ᠋ᠠᠯᠠᠵᠤ᠂ ᠡᠵᠡᠷᠬᠡᠬᠦ ᠦᠵᠡᠯ ᠪᠣᠯᠣᠨ ᠬᠦᠴᠦᠷᠬᠡᠭᠯᠡᠯ᠎ᠤᠨ ᠤᠯᠤᠰ ᠲᠦᠷᠦ ᠵᠢ ᠡᠰᠡᠷᠭᠦᠴᠡᠵᠦ᠂ ᠡᠷᠬᠡ ᠲᠡᠭᠰᠢ ᠡᠮᠬᠢ ᠵᠢᠷᠤᠮ᠎ᠲᠠᠢ ᠳᠡᠯᠡᠬᠡᠢ ᠵᠢᠨ ᠤᠯᠠᠨ ᠲᠤᠢ᠌ᠯᠵᠢᠯ᠂ ᠲᠦᠭᠡᠮᠡᠯ ᠬᠠᠷᠠᠭ᠋ᠠᠯᠵᠠᠯᠲᠤ ᠪᠠᠭᠲᠠᠭ᠋ᠠᠮᠵᠢᠲᠠᠢ ᠠᠵᠤ ᠠᠬᠤᠢ ᠵᠢᠨ ᠳᠡᠯᠡᠬᠡᠢ᠌ᠵᠢᠯᠲᠡ ᠵᠢ ᠢᠳᠡᠪᠬᠢᠲᠡᠢ ᠠᠬᠢᠭᠤᠯᠤᠨ᠎ᠠ᠃ ᠡᠨᠡ ᠵᠢᠯ ᠪᠣᠯ ᠳᠤᠮᠳᠠᠳᠤ ᠤᠯᠤᠰ᠎ᠤᠨ ᠠᠷᠠᠳ ᠲᠦᠮᠡᠨ᠎ᠤ ᠶᠠᠫᠤᠨ᠎ᠢ ᠡᠰᠡᠷᠭᠦᠴᠡᠬᠦ ᠳᠠᠶ᠋ᠢᠨ ᠵᠢᠴᠢ ᠳᠡᠯᠡᠬᠡᠢ ᠵᠢᠨ ᠹᠠᠱ᠌ᠢᠰ᠎ᠢ ᠡᠰᠡᠷᠭᠦᠴᠡᠬᠦ ᠳᠠᠶ᠋ᠢᠨ ᠢᠯᠠᠯᠲᠠ ᠣᠯᠣᠭᠰᠠᠨ 80 ᠵᠢᠯ᠎ᠤᠨ ᠣᠶ ᠪᠠ ᠣᠯᠠᠨ ᠤᠯᠤᠰ᠎ᠤᠨ ᠬᠣᠯᠪᠣᠭ᠋ᠠᠲᠤ ᠪᠠᠢ᠌ᠭᠤᠯᠭ᠎ᠠ ᠪᠠᠢ᠌ᠭᠤᠯᠤᠭᠳᠠᠭᠰᠠᠨ 80 ᠵᠢᠯ᠎ᠤᠨ ᠣᠶ ᠪᠣᠯᠣᠨ᠎ᠠ᠃ ᠪᠡᠷᠬᠡ ᠬᠠᠲᠠᠭᠤᠵᠢᠯᠲᠠᠢ ᠲᠠᠶ᠋ᠢᠨ᠎ᠤ ᠣᠨ ᠵᠢᠯ᠎ᠤᠳ᠎ᠲᠤ᠂ ᠳᠤᠮᠳᠠᠳᠤ ᠤᠯᠤᠰ ᠪᠣᠯᠣᠨ ᠳᠤᠮᠳᠠ ᠠᠽᠢᠶ᠎ᠠ ᠵᠢᠨ ᠭᠠᠵᠠᠷ ᠣᠷᠣᠨ᠎ᠤ ᠠᠷᠠᠳ ᠲᠦᠮᠡᠨ ᠬᠠᠷᠢᠯᠴᠠᠨ ᠳᠡᠮᠵᠢᠯᠴᠡᠵᠦ᠂ ᠪᠠᠶᠠᠷ ᠵᠣᠪᠠᠯᠠᠩ ᠵᠶ᠋ᠠᠨ ᠬᠠᠮᠲᠤᠳᠬᠠᠨ᠂ ᠬᠥᠮᠥᠨ ᠲᠥᠷᠥᠯᠬᠢᠲᠡᠨ᠎ᠤ ᠰᠢᠳᠤᠷᠭᠤ ᠶᠣᠰᠣᠨ᠎ᠤ ᠦᠢ᠍ᠯᠡᠰ᠎ᠲᠤ ᠬᠠᠮᠲᠤ᠎ᠪᠠᠷ ᠴᠢᠬᠤᠯᠠ ᠬᠤᠪᠢ ᠨᠡᠮᠡᠷᠢ ᠦᠵᠡᠭᠦᠯᠦᠭᠰᠡᠨ ᠶᠤᠮ᠃ ᠵᠥᠪ ᠲᠡᠦᠬᠡ ᠵᠢᠨ ᠦᠵᠡᠯᠲᠡ ᠵᠢ ᠪᠠᠳᠠᠷᠠᠭᠤᠯᠤᠨ᠂ ᠳᠡᠯᠡᠬᠡᠢ ᠵᠢᠨ ᠬᠣᠶᠠᠳᠤᠭ᠋ᠠᠷ ᠲᠠᠶ᠋ᠢᠨ᠎ᠤ ᠢᠯᠠᠯᠲᠠ ᠵᠢᠨ ᠦᠷ᠎ᠡ ᠪᠦᠲᠦᠭᠡᠯ᠎ᠢ ᠬᠠᠮᠠᠭ᠋ᠠᠯᠠᠵᠤ᠂ ᠤᠯᠠᠨ ᠤᠯᠤᠰ᠎ᠤᠨ ᠬᠣᠯᠪᠣᠭ᠋ᠠᠲᠤ ᠪᠠᠢ᠌ᠭᠤᠯᠭ᠎ᠠ᠎ᠪᠠᠷ ᠭᠣᠣᠯ ᠪᠤᠯᠭ᠋ᠠᠬᠰᠠᠨ ᠤᠯᠠᠨ ᠤᠯᠤᠰ᠎ᠤᠨ ᠰᠢᠰᠲ᠋ᠧᠮ᠎ᠢ ᠬᠠᠮᠠᠭ᠋ᠠᠯᠠᠨ᠂ ᠳᠡᠯᠡᠬᠡᠢ ᠵᠢᠨ ᠡᠩᠬᠡ ᠲᠠᠢ᠌ᠪᠤᠩ ᠪᠠ ᠬᠥᠭᠵᠢᠯᠲᠡ᠎ᠳᠤ ᠨᠡᠩ ᠤᠯᠠᠨ ᠲᠣᠭᠲᠠᠭᠤᠨ ᠴᠢᠨᠠᠷ ᠪᠠ ᠲᠣᠬᠲᠠᠭ᠋ᠠᠯᠲᠤ ᠴᠢᠨᠠᠷ᠎ᠢ ᠨᠡᠮᠡᠷᠢᠯᠡᠶ᠎ᠡ ᠭᠡᠵᠦ ᠵᠢᠭ᠋ᠠᠵᠤ ᠭᠠᠷᠭ᠋ᠠᠵᠠᠢ᠃

      ᠰᠢ ᠵᠢᠨ ᠫᠢᠩ ᠬᠠᠮᠤᠭ᠎ᠤᠨ ᠰᠡᠭᠦᠯ᠎ᠳᠤ᠂ ᠳᠤᠮᠳᠠᠳᠤ ᠤᠯᠤᠰ ᠶᠠᠭ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠪᠠᠷ ᠬᠦᠴᠦᠷᠬᠡᠭ ᠤᠯᠤᠰ᠎ᠤᠨ ᠪᠦᠲᠦᠭᠡᠨ ᠪᠠᠢ᠌ᠭᠤᠯᠤᠯᠲᠠ᠂ ᠦᠨᠳᠦᠰᠦᠲᠡᠨ᠎ᠤ ᠰᠡᠷᠭᠦᠨ ᠮᠠᠨᠳᠤᠯᠲᠠ ᠵᠢᠨ ᠠᠭᠤᠤ ᠦᠢ᠍ᠯᠡᠰ᠎ᠢ ᠪᠦᠭᠦ ᠲᠠᠯ᠎ᠠ᠎ᠪᠠᠷ ᠠᠬᠢᠭᠤᠯᠵᠤ ᠪᠠᠢ᠌ᠨ᠎ᠠ᠂ ᠳᠡᠯᠡᠬᠡᠢ ᠵᠢᠨ ᠪᠠᠢ᠌ᠳᠠᠯ᠎ᠳᠤ ᠶᠠᠮᠠᠷ ᠬᠤᠪᠢᠷᠠᠯᠲᠠ ᠭᠠᠷᠤᠭᠰᠠᠨ ᠴᠤ᠌᠂ ᠳᠤᠮᠳᠠᠳᠤ ᠤᠯᠤᠰ ᠢᠮᠠᠭᠲᠠ ᠭᠠᠳᠠᠭ᠋ᠠᠳᠤ ᠨᠡᠭᠡᠭᠡᠯᠲᠡ ᠬᠢᠬᠦ ᠵᠢ ᠭᠤᠢ᠌ᠪᠢᠰᠢ ᠦᠭᠡᠢ ᠪᠠᠷᠢᠮᠲᠠᠯᠠᠨ᠎ᠠ᠃ ᠲᠤᠮᠳᠠᠳᠤ ᠤᠯᠤᠰ ᠳᠤᠷᠠᠲᠠᠶ᠎ᠠ ᠳᠤᠮᠳᠠ ᠠᠽᠢᠶ᠎ᠠ ᠵᠢᠨ ᠤᠯᠤᠰ᠎ᠤᠳ᠎ᠯᠤᠭ᠎ᠠ ᠬᠠᠮᠲᠤ᠎ᠪᠠᠷ ᠴᠢᠷᠮᠠᠢ᠌ᠵᠤ᠂ ᠨᠡᠩ ᠴᠢᠨᠠᠷ ᠰᠠᠢ᠌ᠲᠠᠢ ᠬᠠᠮᠲᠤᠷᠠᠯᠴᠠᠭ᠎ᠠ ᠥᠷᠨᠢᠭᠦᠯᠵᠦ᠂ ᠠᠰᠢᠭ ᠲᠤᠰᠠ ᠵᠢᠨ ᠠᠭᠤᠰᠤᠯᠴᠠᠯ᠎ᠢ ᠭᠦᠨᠵᠡᠭᠡᠢ᠌ᠷᠡᠭᠦᠯᠵᠦ᠂ ᠬᠠᠮᠲᠤ ᠵᠢᠨ ᠬᠥᠭᠵᠢᠯᠲᠡ ᠵᠢ ᠪᠡᠶᠡᠯᠡᠭᠦᠯᠵᠦ᠂ ᠳᠤᠮᠳᠠᠳᠤ ᠤᠯᠤᠰ ᠳᠤᠮᠳᠠ ᠠᠽᠢᠶ᠎ᠠ ᠵᠢᠨ ᠬᠠᠮᠲᠤᠷᠠᠯᠴᠠᠭ᠎ᠠ ᠲᠠᠰᠤᠷᠠᠯᠲᠠ ᠦᠭᠡᠢ ᠰᠢᠨ᠎ᠡ ᠠᠮᠵᠢᠯᠲᠠ ᠣᠯᠬᠤ ᠵᠢ ᠠᠬᠢᠭᠤᠯᠤᠨ᠎ᠠ!ᠭᠡᠵᠦ ᠵᠢᠭ᠋ᠠᠵᠤ ᠭᠠᠷᠭ᠋ᠠᠪᠠ᠃

      ᠺᠠᠽᠠᠬᠰᠲ᠋ᠠᠨ᠎ᠤ ᠶᠡᠷᠦᠩᠬᠡᠢ᠌ᠯᠡᠭᠴᠢ ᠲᠦᠸᠧᠺᠠᠶᠧᠹ ᠵᠡᠷᠭᠡ ᠳᠤᠮᠳᠠ ᠠᠽᠢᠶ᠎ᠠ ᠵᠢᠨ ᠲᠠᠪᠤᠨ ᠤᠯᠤᠰ᠎ᠤᠨ ᠤᠳᠤᠷᠢᠳᠬᠤ ᠬᠥᠮᠥᠰ᠂ ᠲᠡᠷᠢᠭᠦᠯᠡᠭᠴᠢ ᠰᠢ ᠵᠢᠨ ᠫᠢᠩ᠎ᠤᠨ ᠭᠠᠷᠮᠠᠭ᠋ᠠᠢ ᠤᠳᠤᠷᠢᠳᠤᠯᠭ᠎ᠠ ᠳᠣᠣᠷ᠎ᠠ᠂ ᠳᠤᠮᠳᠠᠳᠤ ᠤᠯᠤᠰ ᠳᠡᠯᠡᠬᠡᠢ ᠳ᠋ᠠᠬᠢᠨ᠎ᠤ ᠠᠩᠬᠠᠷᠤᠯ᠎ᠢ ᠲᠠᠲᠠᠭᠰᠠᠨ ᠬᠥᠭᠵᠢᠯᠲᠡ ᠵᠢᠨ ᠠᠮᠵᠢᠯᠲᠠ ᠪᠦᠲᠦᠮᠵᠢ ᠣᠯᠪᠠ᠂ ᠳᠤᠮᠳᠠᠳᠤ ᠤᠯᠤᠰ ᠳᠤᠮᠳᠠ ᠠᠽᠢᠶ᠎ᠠ ᠵᠢᠨ ᠤᠯᠤᠰ᠎ᠤᠳ᠎ᠲᠠᠢ ᠪᠦᠭᠦ ᠲᠠᠯ᠎ᠠ ᠵᠢᠨ ᠬᠠᠮᠲᠤᠷᠠᠯᠴᠠᠭ᠎ᠠ ᠥᠷᠨᠢᠭᠦᠯᠵᠦ᠂ ᠡᠯ᠎ᠡ ᠤᠯᠤᠰ᠎ᠲᠤ ᠬᠣᠪᠣᠷ ᠨᠠᠨᠳᠢᠨ ᠬᠥᠭᠵᠢᠯᠲᠡ ᠵᠢᠨ ᠠᠵᠠ ᠲᠣᠭᠢᠶᠠᠯ ᠠᠪᠴᠢᠷᠠᠭᠰᠠᠨ᠎ᠳᠤ ᠲᠠᠯᠠᠷᠬᠠᠵᠤ ᠪᠠᠢ᠌ᠨ᠎ᠠ᠃ ᠳᠤᠮᠳᠠᠳᠤ ᠤᠯᠤᠰ - ᠳᠤᠮᠳᠠ ᠠᠽᠢᠶ᠎ᠠ ᠵᠢᠨ ᠲᠣᠭᠲᠠᠴᠠ ᠨᠢᠭᠡᠨᠲᠡ ᠬᠣᠶᠠᠷ ᠲᠠᠯ᠎ᠠ ᠵᠢᠨ ᠶᠠᠷᠢᠯᠴᠠᠭ᠎ᠠ ᠬᠠᠮᠲᠤᠷᠠᠯᠴᠠᠭ᠎ᠠ ᠵᠢ ᠠᠬᠢᠭᠤᠯᠬᠤ᠂ ᠳᠤᠮᠳᠠ ᠠᠽᠢᠶ᠎ᠠ ᠵᠢᠨ ᠡᠯ᠎ᠡ ᠤᠯᠤᠰ᠎ᠤᠨ ᠠᠵᠤ ᠠᠬᠤᠢ ᠨᠡᠢ᠌ᠭᠡᠮ᠎ᠤᠨ ᠬᠥᠭᠵᠢᠯᠲᠡ ᠵᠢ ᠠᠬᠢᠭᠤᠯᠬᠤ ᠴᠢᠬᠤᠯᠠ ᠲᠠᠪᠴᠠᠩ ᠪᠣᠯᠤᠭᠰᠠᠨ ᠪᠠᠢ᠌ᠨ᠎ᠠ᠃ ᠲᠣᠬᠲᠠᠭ᠋ᠠᠯᠲᠦ ᠪᠤᠰᠤ ᠵᠦᠢ᠍ᠯ ᠵᠶ᠋ᠠᠷ ᠲᠦᠭᠦᠷᠡᠭᠰᠡᠨ ᠳᠡᠯᠡᠬᠡᠢ ᠶᠢᠷᠲᠢᠨᠴᠦ᠎ᠳᠤ᠂ ᠳᠤᠮᠳᠠᠳᠤ ᠤᠯᠤᠰ - ᠳᠤᠮᠳᠠ ᠠᠽᠢᠶ᠎ᠠ ᠵᠢᠨ ᠲᠣᠭᠲᠠᠴᠠ ᠵᠢᠨ ᠪᠠᠢ᠌ᠯᠳᠤᠬᠤ ᠪᠣᠳᠣᠯᠭ᠎ᠠ ᠵᠢᠨ ᠠᠴᠢ ᠬᠣᠯᠪᠣᠭᠳᠠᠯ ᠨᠡᠩ ᠲᠣᠪᠣᠢ᠌ᠮ᠎ᠠ ᠪᠣᠯᠵᠤ᠂ ᠳᠤᠮᠳᠠᠳᠤ ᠤᠯᠤᠰ᠎ᠤᠨ ᠴᠡᠴᠡᠭᠯᠡᠯ ᠬᠥᠭᠵᠢᠯ ᠬᠦᠴᠦᠷᠬᠡᠭ ᠶᠡᠬᠡ᠎ᠨᠢ ᠶᠠᠭ ᠡᠷᠭᠢᠨ ᠲᠣᠭᠣᠷᠢᠨ᠎ᠤ ᠤᠯᠤᠰ᠎ᠤᠳ᠎ᠲᠤ ᠠᠰᠢᠭ ᠬᠦᠷᠲᠡᠭᠡᠵᠦ ᠪᠠᠢ᠌ᠨ᠎ᠠ᠃ ᠳᠤᠮᠳᠠᠳᠤ ᠤᠯᠤᠰ ᠪᠣᠯ ᠳᠤᠮᠳᠠ ᠠᠽᠢᠶ᠎ᠠ ᠵᠢᠨ ᠡᠯ᠎ᠡ ᠤᠯᠤᠰ᠎ᠤᠨ ᠥᠨᠢ ᠡᠭᠦᠷᠢᠳᠡ ᠢᠲᠡᠭᠡᠵᠦ ᠪᠤᠯᠬᠤ ᠪᠠᠢ᠌ᠯᠳᠤᠬᠤ ᠪᠣᠳᠣᠯᠭ᠎ᠠ ᠵᠢᠨ ᠬᠠᠨᠢᠲᠠᠨ ᠪᠠ ᠵᠢᠩᠬᠢᠨᠢ ᠨᠠᠢ᠌ᠵᠠ ᠮᠥᠨ᠃ ᠳᠤᠮᠳᠠ ᠠᠽᠢᠶ᠎ᠠ ᠵᠢᠨ ᠡᠯ᠎ᠡ ᠤᠯᠤᠰ ᠳᠤᠮᠳᠠᠳᠤ ᠤᠯᠤᠰ᠎ᠯᠤᠭ᠎ᠠ ᠵᠢᠨ ᠬᠠᠷᠢᠯᠴᠠᠨ ᠬᠦᠨᠳᠦᠳᠬᠡᠬᠦ᠂ ᠡᠷᠬᠡ ᠲᠡᠭᠰᠢ ᠬᠠᠷᠢᠯᠴᠠᠨ ᠠᠰᠢᠭᠲᠠᠢ ᠬᠠᠮᠲᠤᠷᠠᠯᠴᠠᠭ᠋ᠠᠨ᠎ᠤ ᠵᠠᠭᠪᠤᠷ᠎ᠢ ᠳᠡᠭᠡᠳᠦ ᠬᠡᠮᠵᠢᠶ᠎ᠡ᠎ᠪᠠᠷ ᠨᠠᠨᠳᠢᠩᠨᠠᠵᠤ᠂ ᠳᠤᠮᠳᠠᠳᠤ ᠤᠯᠤᠰ᠎ᠯᠤᠭ᠎ᠠ ᠪᠦᠭᠦ ᠲᠠᠯ᠎ᠠ ᠵᠢᠨ ᠬᠠᠮᠲᠤᠷᠠᠯᠴᠠᠭ᠎ᠠ᠎ᠪᠠᠨ ᠨᠢᠭᠲᠠᠷᠠᠭᠤᠯᠵᠤ᠂ ᠠᠷᠠᠯᠵᠢᠶ᠎ᠠ᠂ ᠪᠡᠯᠡ ᠣᠷᠣᠭᠤᠯᠤᠯᠲᠠ ᠵᠢᠨ ᠬᠡᠪᠴᠢᠶ᠎ᠡ᠎ᠪᠠᠨ ᠥᠷᠭᠡᠳᠬᠡᠵᠦ᠂ 《ᠨᠢᠭᠡ ᠪᠦᠰᠡ ᠨᠢᠭᠡ ᠵᠠᠮ》᠎ᠢ ᠴᠢᠨᠠᠷ ᠰᠠᠢ᠌ᠲᠠᠢ ᠬᠠᠮᠲᠤ᠎ᠪᠠᠷ ᠪᠦᠲᠦᠭᠡᠨ ᠪᠠᠢ᠌ᠭᠤᠯᠵᠤ᠂ ᠠᠵᠤ ᠦᠢ᠍ᠯᠡᠳᠪᠦᠷᠢ᠂ ᠬᠥᠳᠡᠭᠡ ᠠᠵᠤ ᠠᠬᠤᠢ᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠂ ᠰᠠᠭᠤᠷᠢ ᠲᠥᠬᠦᠭᠡᠷᠦᠮᠵᠢ᠂ ᠰᠢᠨ᠎ᠡ ᠡᠨᠧᠷᠭᠢ᠂ ᠬᠣᠯᠪᠣᠯᠳᠤᠨ ᠨᠡᠪᠲᠡᠷᠡᠯᠴᠡᠬᠦ ᠵᠡᠷᠭᠡ ᠬᠦᠷᠢᠶᠡᠨ᠎ᠳᠠᠬᠢ ᠬᠠᠮᠲᠤᠷᠠᠯᠴᠠᠭ᠎ᠠ᠎ᠪᠠᠨ ᠠᠬᠢᠭᠤᠯᠵᠤ᠂ ᠣᠷᠣᠨ ᠪᠦᠰᠡ ᠵᠢᠨ ᠠᠮᠤᠷ ᠲᠦᠪᠰᠢᠨ᠎ᠤ ᠬᠠᠮᠵᠢᠯᠴᠠᠭ᠎ᠠ᠎ᠪᠠᠨ ᠴᠢᠩᠭ᠋ᠠᠳᠬᠠᠵᠤ᠂ ᠰᠣᠶᠣᠯ᠂ ᠰᠤᠷᠭ᠋ᠠᠨ ᠬᠥᠮᠦᠵᠢᠯ᠂ ᠵᠢᠭᠤᠯᠴᠢᠯᠠᠯ ᠵᠡᠷᠭᠡ ᠬᠦᠷᠢᠶᠡᠨ᠎ᠳᠠᠬᠢ ᠰᠣᠶᠣᠯ ᠢᠷᠭᠡᠨᠰᠢᠯ᠎ᠤᠨ ᠰᠣᠯᠢᠯᠴᠠᠭ᠎ᠠ᠎ᠪᠠᠨ ᠠᠬᠢᠭᠤᠯᠵᠤ᠂ ᠳᠤᠮᠳᠠᠳᠤ ᠤᠯᠤᠰ - ᠳᠤᠮᠳᠠ ᠠᠽᠢᠶ᠎ᠠ ᠵᠢᠨ ᠲᠣᠭᠲᠠᠴᠠ ᠵᠢ ᠣᠷᠣᠨ ᠪᠦᠰᠡ ᠵᠢᠨ ᠬᠠᠮᠲᠤᠷᠠᠯᠴᠠᠭ᠋ᠠᠨ᠎ᠤ ᠦᠯᠢᠭᠡᠷ ᠳᠠᠭᠤᠷᠢᠶᠠᠯ ᠪᠣᠯᠭ᠋ᠠᠨ ᠴᠣᠭᠴᠠᠯᠠᠵᠤ᠂ ᠬᠥᠭᠵᠢᠯ ᠴᠡᠴᠡᠭᠯᠡᠯ᠎ᠢ ᠬᠠᠮᠲᠤ᠎ᠪᠠᠷ ᠡᠳ᠋ᠯᠡᠵᠦ᠂ ᠡᠩᠬᠡ ᠲᠠᠢ᠌ᠪᠤᠩ ᠲᠣᠭᠲᠠᠭᠤᠨ᠎ᠢ ᠬᠠᠮᠲᠤ᠎ᠪᠠᠷ ᠠᠬᠢᠭᠤᠯᠵᠤ᠂ ᠨᠡᠩ ᠨᠢᠭᠲᠠ ᠬᠤᠪᠢ ᠵᠠᠶᠠᠭ᠋ᠠᠨ᠎ᠤ ᠬᠠᠮᠲᠤ ᠵᠢᠨ ᠴᠣᠭᠴᠠ ᠵᠢ ᠪᠠᠶ᠋ᠢᠭᠤᠯᠬᠤ ᠵᠢ ᠬᠦᠰᠡᠵᠦ ᠪᠠᠢ᠌ᠨ᠎ᠠ᠃ ᠡᠯ᠎ᠡ ᠲᠠᠯ᠎ᠠ ᠵᠢᠨ᠎ᠬᠢᠨ ᠳᠤᠮᠳᠠᠳᠤ ᠤᠯᠤᠰ᠎ᠤᠨ ᠳᠡᠯᠡᠬᠡᠢ ᠵᠢᠨ ᠪᠠ ᠭᠠᠵᠠᠷ ᠣᠷᠣᠨ᠎ᠤ ᠬᠡᠷᠡᠭ ᠶᠠᠪᠤᠳᠠᠯ ᠳᠤᠮᠳᠠ ᠪᠦᠲᠦᠭᠡᠯᠴᠢ ᠴᠢᠨᠠᠷᠲᠠᠢ ᠦᠢ᠍ᠯᠡᠳᠦᠯ ᠦᠵᠡᠭᠦᠯᠦᠭᠰᠡᠨ᠎ᠢ ᠳᠡᠭᠡᠳᠦ ᠬᠡᠮᠵᠢᠶ᠎ᠡ᠎ᠪᠠᠷ ᠮᠠᠭᠲᠠᠨ ᠰᠠᠢ᠌ᠰᠢᠶᠠᠵᠤ᠂ ᠲᠡᠷᠢᠭᠦᠯᠡᠭᠴᠢ ᠰᠢ ᠵᠢᠨ ᠫᠢᠩ᠎ᠤᠨ ᠳᠤᠷᠠᠳᠤᠭᠰᠠᠨ ᠬᠥᠮᠥᠨ ᠲᠥᠷᠥᠯᠬᠢᠲᠡᠨ᠎ᠤ ᠬᠤᠪᠢ ᠵᠠᠶᠠᠭ᠋ᠠᠨ᠎ᠤ ᠬᠠᠮᠲᠤ ᠵᠢᠨ ᠴᠣᠭᠴᠠ ᠵᠢᠨ ᠣᠢ᠌ᠯᠠᠭ᠋ᠠᠭᠳᠠᠬᠤᠨ ᠪᠣᠯᠣᠨ ᠪᠦᠭᠦ ᠪᠥᠮᠪᠥᠷᠴᠡᠭ᠎ᠤᠨ ᠭᠤᠷᠪᠠᠨ ᠶᠡᠬᠡ ᠰᠠᠨᠠᠭ᠋ᠠᠴᠢᠯᠠᠭ᠎ᠠ ᠵᠢ ᠢᠳᠡᠪᠬᠢᠲᠡᠢ ᠳᠡᠮᠵᠢᠵᠦ᠂ ᠳᠤᠷᠠᠲᠠᠶ᠎ᠠ ᠳᠤᠮᠳᠠᠳᠤ ᠤᠯᠤᠰ᠎ᠯᠤᠭ᠎ᠠ ᠨᠢᠭᠲᠠ ᠵᠣᠬᠢᠴᠠᠭᠤᠯᠤᠨ ᠬᠠᠮᠵᠢᠯᠴᠠᠵᠤ᠂ ᠴᠢᠯᠦᠭᠡᠲᠦ ᠠᠷᠠᠯᠵᠢᠶ᠎ᠠ ᠪᠣᠯᠣᠨ ᠤᠯᠠᠨ ᠲᠠᠯᠠᠲᠤ ᠠᠷᠠᠯᠵᠢᠶᠠᠨ᠎ᠤ ᠰᠢᠰᠲ᠋ᠧᠮ᠎ᠢ ᠡᠷᠡᠰ ᠬᠠᠮᠠᠭ᠋ᠠᠯᠠᠵᠤ᠂ ᠳᠡᠯᠡᠬᠡᠢ ᠵᠢᠨ ᠲᠥᠪ ᠭᠤᠣᠯᠴᠢ ᠰᠢᠳᠤᠷᠭᠤ ᠶᠣᠰᠣ ᠵᠢ ᠬᠠᠮᠲᠤ᠎ᠪᠠᠷ ᠬᠠᠮᠠᠭ᠋ᠠᠯᠠᠨ᠎ᠠ ᠭᠡᠵᠦ ᠰᠠᠨᠠᠯ ᠨᠢᠭᠡᠲᠡᠢ ᠢᠯᠡᠳᠬᠡᠪᠡ᠃

      ᠲᠦᠷᠦᠭᠦᠴᠦᠳ᠎ᠤᠨ ᠬᠤᠷᠠᠯ᠎ᠤᠨ ᠬᠤᠭᠤᠴᠠᠭ᠋ᠠᠨ᠎ᠳᠤ᠂ ᠰᠢ ᠵᠢᠨ ᠫᠢᠩ ᠳᠤᠮᠳᠠ ᠠᠽᠢᠶ᠎ᠠ ᠵᠢᠨ ᠲᠠᠪᠤᠨ ᠤᠯᠤᠰ᠎ᠤᠨ ᠲᠡᠷᠢᠭᠦᠨ᠎ᠲᠠᠢ 《ᠬᠣᠶᠠᠳᠤᠭ᠋ᠠᠷ ᠬᠤᠭᠤᠴᠠᠭ᠋ᠠᠨ᠎ᠤ ᠳᠤᠮᠳᠠᠳᠤ ᠤᠯᠤᠰ - ᠳᠤᠮᠳᠠ ᠠᠽᠢᠶ᠎ᠠ ᠵᠢᠨ ᠲᠦᠷᠦᠭᠦᠴᠦᠳ᠎ᠤᠨ ᠬᠤᠷᠠᠯ᠎ᠤᠨ ᠠᠰᠲ᠋ᠠᠨᠠ ᠵᠢᠨ ᠲᠤᠩᠬᠠᠭ》᠂ 《ᠪᠦᠭᠦᠳᠠ ᠨᠠᠢ᠌ᠷᠠᠮᠳᠠᠬᠤ ᠳᠤᠮᠳᠠᠳᠤ ᠠᠷᠠᠳ ᠤᠯᠤᠰ ᠪᠣᠯᠣᠨ ᠪᠦᠭᠦᠳᠠ ᠨᠠᠢ᠌ᠷᠠᠮᠳᠠᠬᠤ ᠺᠠᠽᠠᠬᠰᠲ᠋ᠠᠨ ᠤᠯᠤᠰ᠂ ᠪᠦᠭᠦᠳᠠ ᠨᠠᠢ᠌ᠷᠠᠮᠳᠠᠬᠤ ᠺᠢᠷᠭᠢᠽᠰᠲ᠋ᠠᠨ ᠤᠯᠤᠰ᠂ ᠪᠦᠭᠦᠳᠠ ᠨᠠᠢ᠌ᠷᠠᠮᠳᠠᠬᠤ ᠲᠠᠵᠢᠺᠰᠲ᠋ᠠᠨ ᠤᠯᠤᠰ᠂ ᠪᠦᠭᠦᠳᠠ ᠨᠠᠢ᠌ᠷᠠᠮᠳᠠᠬᠤ ᠲᠦᠷᠺᠮᠧᠨ᠋ᠰᠲ᠋ᠠᠨ᠂ ᠪᠦᠭᠦᠳᠠ ᠨᠠᠢ᠌ᠷᠠᠮᠳᠠᠬᠤ ᠦᠽᠪᠸᠺᠰᠲ᠋ᠠᠨ ᠤᠯᠤᠰ᠎ᠯᠤᠭ᠎ᠠ ᠵᠢᠨ ᠡᠭᠦᠷᠢᠳᠡ ᠵᠢᠨ ᠡᠶᠡᠯᠰᠡᠭ ᠨᠥᠭᠦᠷᠰᠡᠭ ᠬᠠᠮᠲᠤᠷᠠᠯᠴᠠᠭ᠋ᠠᠨ᠎ᠤ ᠭᠡᠷ᠎ᠡ》᠎ᠳᠤ ᠭᠠᠷ᠎ᠤᠨ ᠦᠰᠦᠭ ᠵᠢᠷᠤᠪᠠ᠃

      ᠲᠦᠷᠦᠭᠦᠴᠦᠳ᠎ᠤᠨ ᠬᠤᠷᠠᠯ᠎ᠠᠴᠠ 《ᠨᠢᠭᠡ ᠪᠦᠰᠡ ᠨᠢᠭᠡ ᠵᠠᠮ》᠎ᠢ ᠬᠠᠮᠲᠤ᠎ᠪᠠᠷ ᠪᠦᠲᠦᠭᠡᠨ ᠪᠠᠶ᠋ᠢᠭᠤᠯᠬᠤ᠂ ᠬᠥᠮᠥᠰ᠎ᠤᠨ ᠶᠠᠪᠤᠯᠴᠠᠭ᠎ᠠ ᠵᠢ ᠳᠥᠭᠥᠮᠴᠢᠯᠡᠬᠦ᠂ ᠪᠣᠬᠢᠷᠳᠤᠯ ᠦᠭᠡᠢ ᠠᠭᠤᠷᠬᠠᠢ ᠵᠢᠨ ᠭᠠᠷᠤᠯᠲᠠ᠂ ᠠᠷᠠᠯᠵᠢᠶ᠎ᠠ ᠵᠢ ᠰᠠᠭ᠋ᠠᠳ ᠦᠭᠡᠢ ᠨᠡᠪᠲᠡᠷᠡᠭᠦᠯᠬᠦ᠂ ᠬᠣᠯᠪᠣᠯᠳᠤᠨ ᠨᠡᠪᠲᠡᠷᠡᠯᠴᠡᠬᠦ᠂ ᠠᠵᠤ ᠦᠢ᠍ᠯᠡᠳᠪᠦᠷᠢ᠂ ᠪᠣᠭᠣᠮᠲᠠ ᠵᠡᠷᠭᠡ ᠬᠦᠷᠢᠶᠡᠨ᠎ᠤ 12 ᠬᠤᠪᠢ ᠬᠠᠮᠲᠤᠷᠠᠯᠴᠠᠭ᠋ᠠᠨ᠎ᠤ ᠪᠢᠴᠢᠭ ᠮᠠᠲ᠋ᠧᠷᠢᠶᠠᠯ᠎ᠳᠤ ᠭᠠᠷ᠎ᠤᠨ ᠥᠰᠥᠭ ᠵᠢᠷᠤᠵᠠᠢ ᠭᠡᠵᠦ ᠨᠡᠢ᠌ᠲᠡᠯᠡᠪᠡ᠃ ᠲᠦᠷᠦᠭᠦᠴᠦᠳ᠎ᠤᠨ ᠬᠤᠷᠠᠯ᠎ᠤᠨ ᠬᠤᠭᠤᠴᠠᠭ᠋ᠠᠨ᠎ᠳᠤ᠂ ᠳᠤᠮᠳᠠᠳᠤ ᠤᠯᠤᠰ ᠳᠤᠮᠳᠠ ᠠᠽᠢᠶ᠎ᠠ ᠵᠢᠨ ᠲᠠᠪᠤᠨ ᠤᠯᠤᠰ᠎ᠲᠠᠢ ᠤᠯᠠᠨ ᠨᠥᠭᠦᠷᠰᠡᠭ ᠬᠤᠳᠠ ᠵᠢᠨ ᠵᠥᠪᠯᠡᠯᠴᠡᠭᠡᠷ ᠲᠣᠭᠲᠠᠵᠤ᠂ ᠬᠣᠶᠠᠷ ᠲᠠᠯ᠎ᠠ ᠵᠢᠨ ᠨᠥᠭᠦᠷᠰᠡᠭ ᠬᠤᠳᠠ ᠵᠢᠨ ᠲᠣᠭ᠎ᠠ 100 ᠬᠣᠣᠰ᠎ᠢ ᠳᠠᠪᠠᠪᠠ᠃

      ᠰᠢ ᠵᠢᠨ ᠫᠢᠩ ᠪᠠᠰᠠ ᠳᠤᠮᠳᠠ ᠠᠽᠢᠶ᠎ᠠ ᠵᠢᠨ ᠲᠠᠪᠤᠨ ᠤᠯᠤᠰ᠎ᠤᠨ ᠲᠡᠷᠢᠭᠦᠨ᠎ᠲᠠᠢ ᠬᠠᠮᠲᠤ᠎ᠪᠠᠷ ᠳᠤᠮᠳᠠᠳᠤ ᠤᠯᠤᠰ - ᠳᠤᠮᠳᠠ ᠠᠽᠢᠶ᠎ᠠ ᠵᠢᠨ ᠶᠠᠳᠠᠭᠤ ᠬᠦᠴᠢᠷᠳᠡᠯᠲᠡᠢ ᠬᠥᠮᠥᠨ ᠠᠮᠠ ᠵᠢ ᠴᠥᠭᠡᠳᠬᠡᠬᠦ ᠬᠠᠮᠲᠤᠷᠠᠯᠴᠠᠭ᠋ᠠᠨ᠎ᠤ ᠲᠥᠪ᠂ ᠰᠤᠷᠭ᠋ᠠᠨ ᠬᠥᠮᠦᠵᠢᠯ᠎ᠤᠨ ᠰᠣᠯᠢᠯᠴᠠᠭ᠎ᠠ ᠬᠠᠮᠲᠤᠷᠠᠯᠴᠠᠭ᠋ᠠᠨ᠎ᠤ ᠲᠥᠪ᠂ ᠴᠦᠯᠯᠡᠷᠭᠡᠭᠵᠢᠯ᠎ᠢ ᠰᠡᠷᠭᠡᠢ᠌ᠯᠡᠨ ᠵᠠᠰᠠᠬᠤ ᠬᠠᠮᠲᠤᠷᠠᠯᠴᠠᠭ᠋ᠠᠨ᠎ᠤ ᠲᠥᠪ ᠪᠣᠯᠣᠨ ᠠᠷᠠᠯᠵᠢᠶ᠎ᠠ ᠵᠢ ᠰᠠᠭ᠋ᠠᠳ ᠦᠭᠡᠢ ᠨᠡᠪᠲᠡᠷᠡᠭᠦᠯᠬᠦ ᠬᠠᠮᠲᠤᠷᠠᠯᠴᠠᠭ᠋ᠠᠨ᠎ᠤ ᠲᠠᠪᠴᠠᠩ᠎ᠤᠨ ᠫᠠᠢ᠌ᠰᠠ ᠰᠡᠬᠦᠬᠦ ᠶᠣᠰᠣᠯᠠᠯ᠎ᠳᠤ ᠣᠷᠣᠯᠴᠠᠪᠠ᠃

      ᠡᠯ᠎ᠡ ᠲᠠᠯ᠎ᠠ ᠵᠢᠨ᠎ᠬᠢᠨ ᠳᠤᠮᠳᠠᠳᠤ ᠤᠯᠤᠰ 2027 ᠣᠨ᠎ᠳᠤ ᠭᠤᠷᠪᠠᠳᠤᠭ᠋ᠠᠷ ᠬᠤᠭᠤᠴᠠᠭ᠋ᠠᠨ᠎ᠤ ᠳᠤᠮᠳᠠᠳᠤ ᠤᠯᠤᠰ - ᠳᠤᠮᠳᠠ ᠠᠽᠢᠶ᠎ᠠ ᠵᠢᠨ ᠲᠦᠷᠦᠭᠦᠴᠦᠳ᠎ᠤᠨ ᠬᠤᠷᠠᠯ᠎ᠢ ᠭᠣᠣᠯᠯᠠᠨ ᠡᠷᠭᠢᠯᠡᠭᠦ᠎ᠪᠠᠷ ᠵᠥᠪᠯᠡᠨ ᠲᠣᠭᠲᠠᠪᠠ᠃

      ᠲᠤᠰ ᠣᠷᠣᠢ᠂ ᠰᠢ ᠵᠢᠨ ᠫᠢᠩ ᠶᠡᠷᠦᠩᠬᠡᠢ᠌ᠯᠡᠭᠴᠢ ᠲᠦᠸᠧᠺᠠᠶᠧᠹ᠎ᠤᠨ ᠲᠦᠷᠦᠭᠦᠴᠦᠳ᠎ᠤᠨ ᠬᠤᠷᠠᠯ᠎ᠳᠤ ᠣᠷᠤᠯᠴᠠᠬᠤ ᠤᠯᠤᠰ᠎ᠤᠨ ᠲᠡᠷᠢᠭᠦᠨ᠎ᠢ ᠤᠭᠲᠤᠬᠤ ᠳᠠᠶ᠋ᠢᠯᠠᠯᠭ᠎ᠠ᠎ᠳᠤ ᠣᠷᠣᠯᠴᠠᠪᠠ᠃

      ᠼᠠᠢ ᠴᠢ᠂ ᠸᠠᠩ ᠢ ᠨᠠᠷ ᠳᠡᠭᠡᠷᠡᠬᠢ ᠠᠵᠢᠯᠯᠠᠭ᠎ᠠ᠎ᠳᠤ ᠣᠷᠣᠯᠴᠠᠵᠠᠢ᠃

      ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ

ᠢᠷᠡᠯᠲᠡ᠄ ᠦᠪᠦᠷ ᠮᠣᠩᠭᠤᠯ᠎ᠤᠨ ᠡᠳᠤᠷ᠎ᠤᠨ ᠰᠣᠨᠢᠨ
          
ᠬᠠᠮᠢᠶ᠎ᠡ ᠪᠦᠬᠦᠢ ᠰᠣᠨᠢᠨ
            
ᠯᠢ ᠺᠧ ᠴᠢᠶᠠᠩ ᠲᠥᠷᠥ ᠵᠢᠨ ᠶᠠᠪᠤᠳᠠᠯ᠎ᠤᠨ ᠬᠤᠷᠢᠶᠠᠨ᠎ᠤ ᠪᠠᠶ᠋ᠢᠩᠭᠤ ᠵᠢᠨ ᠬᠤᠷᠠᠯ᠎ᠢ ᠡᠷᠬᠢᠯᠡᠨ ᠬᠤᠷᠠᠯᠳᠤᠭᠤᠯᠵᠤ 《ᠵᠠᠰᠠᠭ᠎ᠤᠨ ᠣᠷᠳᠣᠨ᠎ᠤ ᠠᠵᠢᠯ᠎ᠤᠨ ᠢᠯᠡᠳᠬᠡᠯ》᠎ᠤᠨ ᠭᠤᠣᠯᠳᠠᠯᠭ᠎ᠠ᠎ᠲᠠᠢ ᠡᠭᠦᠷᠭᠡ ᠵᠢᠨ ᠬᠤᠪᠢᠶᠠᠷᠢᠯᠠᠯ᠎ᠢ ᠲᠣᠭᠲᠠᠭ᠋ᠠᠪᠠ
ᠰᠢ ᠵᠢᠨ ᠫᠢᠩ ᠹᠦᠵᠧᠦ᠎ᠳᠤ ᠪᠠᠶ᠋ᠢᠴᠠᠭ᠋ᠠᠨ ᠰᠤᠳᠤᠯᠤᠯᠲᠠ ᠬᠢᠪᠡ
ᠰᠢ ᠵᠢᠨ ᠫᠢᠩ᠄ ᠰᠢᠨ᠎ᠡ ᠬᠥᠭᠵᠢᠯᠲᠡ ᠵᠢᠨ ᠪᠠᠶ᠋ᠢᠷᠢᠰᠢᠯ᠎ᠳᠤ ᠦᠢ᠍ᠯᠡᠴᠢᠯᠡᠬᠦ ᠪᠠ ᠠᠭᠤᠰᠤᠯᠴᠠᠬᠤ ᠲᠠᠯ᠎ᠠ᠎ᠪᠠᠷ ᠨᠠᠩ ᠶᠡᠭᠡ ᠵᠢᠳᠬᠦᠯ ᠴᠢᠷᠮᠠᠶ᠋ᠢᠯᠭ᠎ᠠ ᠭᠠᠷᠭ᠋ᠠᠵᠥ ᠨᠡᠶ᠋ᠢᠭᠡᠮ ᠵᠢᠷᠤᠮᠲᠤ ᠣᠳᠣᠬᠢᠴᠢᠯᠠᠭᠰᠠᠨ ᠤᠯᠤᠰ᠎ᠢ ᠪᠦᠬᠦ ᠲᠠᠯ᠎ᠠ᠎ᠪᠠᠷ ᠪᠦᠲᠦᠭᠡᠨ ᠪᠠᠶ᠋ᠢᠭᠤᠯᠬᠤ ᠵᠢᠨ ᠹᠦᠵᠢᠶᠠᠨ᠎ᠤ ᠬᠠᠭᠤᠳᠠᠰᠤ ᠵᠢ ᠴᠢᠷᠮᠠᠶ᠋ᠢᠨ ᠪᠢᠴᠢᠭᠯᠡᠬᠦ ᠬᠡᠷᠡᠭᠳᠡᠢ
《ᠦᠨᠡᠨ》 ᠰᠡᠳᠭᠦᠯ ᠶᠡᠷᠦᠩᠬᠡᠢ ᠱᠦᠵᠢ ᠰᠢ ᠵᠢᠨ ᠫᠢᠩ᠎ᠤᠨ ᠴᠢᠬᠤᠯᠠ ᠵᠤᠬᠢᠶᠠᠯ 《ᠨᠠᠮ᠎ᠤᠨ ᠳᠡᠥᠬᠡ ᠵᠢᠨ ᠰᠤᠷᠤᠯᠴᠠᠯᠭ᠎ᠠ ᠬᠦᠮᠦᠵᠢᠯ᠎ᠤᠨ ᠳᠠᠶ᠋ᠢᠴᠢᠯᠠᠯᠳᠠ ᠵᠢᠨ ᠶᠡᠭᠡ ᠬᠤᠷᠠᠯ ᠳᠡᠭᠡᠷᠡᠬᠢ ᠶᠠᠷᠢᠶ᠎ᠠ》 ᠵᠢ ᠨᠡᠶ᠋ᠢᠳᠡᠯᠡᠪᠠ
 
            