
ᠲᠦᠷᠦᠬᠦᠬᠡᠨ᠂ ᠰᠢᠯᠢ ᠵᠢᠨ ᠭᠤᠤᠯ ᠠᠢᠮᠠᠬ᠎ᠤᠨ ᠪᠠᠷᠠᠭᠤᠨ ᠦᠵᠦᠮᠦᠴᠢᠨ ᠬᠤᠰᠢᠭᠤᠨ᠎ᠤ ᠵᠢᠷ᠎ᠤᠨ ᠭᠤᠤᠯ ᠪᠠᠯᠭᠠᠰᠤᠨ᠎ᠤ ᠨᠠᠮ᠎ᠤᠨ ᠬᠤᠷᠢᠶ᠎ᠠ ᠵᠠᠰᠠᠭ᠎ᠤᠨ ᠤᠷᠳᠤᠨ ᠡᠴᠡ ᠭᠤᠤᠯᠯᠠᠠ ᠡᠷᠬᠢᠯᠡᠵᠦ᠂ ᠵᠢᠷ᠎ᠤᠨ ᠭᠤᠤᠯ ᠪᠠᠯᠭᠠᠰᠤᠨ᠎ᠤ ᠨᠠᠮ᠎ᠤᠨ ᠭᠡᠰᠢᠭᠦᠨ ᠪᠠ ᠤᠯᠠᠨ ᠲᠦᠮᠡᠨ᠎ᠦ ᠦᠢᠯᠡᠴᠢᠯᠡᠭᠡᠨ᠎ᠦ ᠲᠦᠪ᠂ ᠵᠢᠷ᠎ᠤᠨ ᠭᠤᠤᠯ ᠪᠠᠯᠭᠠᠰᠤᠨ᠎ᠤ ᠰᠢᠨ᠎ᠡ ᠴᠠᠭ ᠦᠶ᠎ᠡ ᠵᠢᠨ ᠪᠤᠯᠪᠠᠰᠤᠨ᠎ᠤ ᠦᠢᠯᠡᠳᠦᠯᠭᠡ ᠵᠢᠨ ᠰᠠᠯᠪᠤᠷᠢ ᠂ ᠬᠦᠭᠵᠢᠯᠲᠤ ᠭᠠᠴᠠᠭᠠᠨ᠎ᠤ 《ᠬᠦᠯᠦᠭ》 ᠭᠡᠷ ᠪᠦᠯᠢ ᠵᠢᠨ ᠮᠠᠯᠵᠢᠯ᠎ᠤᠨ ᠲᠠᠯᠠᠪᠠᠢ ᠡᠴᠡ ᠳᠠᠭᠠᠭᠠᠴᠢᠯᠠᠨ ᠡᠷᠬᠢᠯᠡᠭᠰᠡᠨ《ᠦᠵᠡᠰᠭᠦᠯᠡᠩᠲᠤ ᠰᠠᠢᠬᠠᠨ ᠠᠭᠤᠯᠠ ᠤᠰᠤ ᠪᠠᠨ ᠰᠠᠬᠢᠨ ᠪᠠᠷᠠᠯᠠᠵᠤ᠂ ᠤᠮᠠᠷᠠᠲᠤ ᠬᠢᠯᠢ ᠵᠢᠨ ᠬᠠᠮᠲᠤ ᠵᠢᠨ ᠴᠤᠭᠴᠠᠳᠤ ᠰᠡᠳᠬᠢᠯᠭᠡ ᠪᠠᠨ ᠪᠠᠲᠤᠳᠬᠠᠶ᠎ᠠ》 ᠭᠡᠬᠦ ᠪᠦᠬᠦ ᠠᠷᠠᠳ᠎ᠤᠨ ᠪᠡᠶ᠎ᠡ ᠴᠢᠬᠢᠷᠠᠭᠵᠢᠭᠤᠯᠬᠤ ᠮᠤᠷᠢ᠎ᠲᠠᠢ ᠠᠶᠠᠯᠠᠯ ᠬᠦᠷ ᠨᠠᠷᠭᠢᠶᠠᠨ ᠲᠠᠢ ᠶᠠᠪᠤᠭᠳᠠᠵᠠᠢ᠃ ᠲᠤᠰ ᠪᠡᠶ᠎ᠡ ᠴᠢᠬᠢᠷᠠᠭᠵᠢᠭᠤᠯᠬᠤ ᠮᠤᠷᠢ᠎ᠲᠠᠢ ᠠᠶᠠᠯᠠᠯ᠎ᠳᠤ ᠲᠤᠰ ᠪᠠᠯᠭᠠᠰᠤᠨ᠎ᠤ ᠠᠯᠲᠠᠲᠤ ᠭᠠᠴᠠᠭᠠᠨ᠎ᠤ ᠳᠠᠯ᠎ᠠ ᠭᠠᠷᠤᠭᠰᠠᠨ ᠳᠦᠭᠦᠷᠡᠩ ᠨᠠᠰᠤᠲᠠᠨ ᠲᠦᠷᠦᠭᠦᠦ ᠲᠡᠢ ᠳᠤᠯᠤᠭ᠎ᠠ ᠨᠠᠢ᠍ᠮᠠᠨ ᠨᠠᠰᠤᠲᠠᠢ ᠵᠢᠭᠠᠯ ᠬᠡᠦᠬᠡᠳ᠂ ᠠᠷᠪᠠᠭᠠᠳ ᠨᠠᠰᠤᠲᠠᠢ ᠰᠤᠷᠤᠭᠴᠢ᠂ ᠺᠠᠳ᠋ᠷ ᠮᠠᠯᠴᠢᠳ ᠨᠡᠢᠲᠡ 40 ᠭᠠᠷᠤᠢ ᠬᠦᠮᠦᠨ ᠤᠷᠤᠯᠴᠠᠪᠠ᠃ ᠵᠢᠷᠤᠭ ᠪᠤᠯ ᠮᠤᠷᠢ᠎ᠲᠠᠢ ᠠᠶᠠᠯᠠᠯ᠎ᠳᠦ ᠤᠷᠤᠯᠴᠠᠬᠰᠠᠳ ᠪᠤᠯᠤᠨ᠎ᠠ᠃