ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠬᠦᠭᠡᠷᠦᠯᠳᠡ ᠵᠢᠨ ᠡᠮ᠎ᠢ ᠡᠰᠡᠷᠬᠦᠴᠡᠬᠦ ᠳᠦᠷᠢᠮ
ᠨᠡᠶ᠋ᠢᠲᠡᠯᠡᠭᠰᠡᠨ ᠴᠠᠭ᠄ 2019-02-20

    ᠨᠢᠭᠡᠳᠦᠭᠡᠷ ᠪᠥᠯᠥᠭ ᠶᠡᠷᠦᠩᠭᠡᠢ ᠳᠦᠷᠢᠮ
    ᠨᠢᠭᠡᠳᠦᠭᠡᠷ ᠵᠤᠷᠪᠤᠰ   ᠳᠠᠮᠢᠷ᠎ᠤᠨ ᠬᠦᠳᠡᠯᠭᠡᠭᠡᠨ ᠳᠤᠮᠳᠠ ᠬᠦᠭᠡᠷᠦᠯᠳᠡ ᠵᠢᠨ ᠡᠮ᠎ᠢ ᠭᠡᠷᠡᠭᠯᠡᠬᠦ ᠵᠢ ᠰᠡᠷᠭᠡᠢ᠌ᠯᠡᠵᠦ᠂ ᠳᠠᠮᠢᠷ᠎ᠤᠨ ᠬᠦᠳᠡᠯᠭᠡᠭᠡᠨ᠎ᠳᠤ ᠤᠷᠤᠯᠴᠠᠭᠰᠠᠳ᠎ᠤᠨ ᠪᠠᠶ᠎ᠠ ᠰᠡᠳᠬᠢᠯ᠎ᠤᠨ ᠡᠷᠡᠬᠦᠯ ᠴᠢᠬᠢᠷᠠᠭ᠎ᠢ ᠬᠠᠮᠠᠭ᠋ᠠᠯᠠᠨ᠂ ᠳᠠᠮᠢᠷ᠎ᠤᠨ ᠤᠷᠤᠯᠳᠤᠭ᠋ᠠᠨ᠎ᠤ   ᠲᠦᠪ ᠭᠤᠤᠯᠴᠢ᠎ᠪᠠᠷ ᠦᠷᠢᠰᠦᠯᠳᠦᠬᠦ ᠵᠢ   ᠪᠠᠳᠤᠯᠠᠬᠤ ᠵᠢᠨ ᠳᠥᠯᠥᠬᠡ 《ᠪᠦᠬᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠪᠠᠶ᠎ᠠ ᠵᠢᠨ ᠳᠠᠮᠢᠷ᠎ᠤᠨ ᠬᠠᠤᠯᠢ》 ᠪᠠ ᠬᠤᠯᠪᠤᠭᠳᠠᠯ ᠪᠦᠬᠦᠢ ᠬᠠᠤᠯᠢ ᠵᠢ ᠦᠨᠳᠦᠰᠦᠯᠡᠨ ᠳᠤᠰ ᠳᠦᠷᠢᠮ᠎ᠢ ᠳᠤᠭᠳᠠᠭ᠋ᠠᠪᠠ᠃
    ᠬᠤᠶᠠᠳᠤᠭ᠋ᠠᠷ ᠵᠤᠷᠪᠤᠰ   ᠳᠤᠰ ᠳᠦᠷᠢᠮ᠎ᠳᠠᠬᠢ ᠬᠦᠭᠡᠷᠦᠯᠳᠡ ᠵᠢᠨ ᠡᠮ ᠭᠡᠳᠡᠭ᠎ᠨᠢ ᠬᠦᠭᠡᠷᠦᠯᠳᠡ ᠵᠢᠨ ᠡᠮ᠎ᠤᠨ ᠭᠠᠷᠴᠠᠭ᠎ᠲᠤ ᠵᠢᠬᠰᠠᠭ᠋ᠠᠭᠳᠠᠭᠰᠠᠨ ᠬᠤᠷᠢᠭ᠎ᠠ᠎ᠲᠠᠢ ᠪᠤᠳᠠᠰ ᠵᠡᠷᠭᠡ ᠵᠢ ᠵᠢᠭ᠋ᠠᠨ᠎ᠠ᠃ ᠬᠦᠭᠡᠷᠦᠯᠳᠡ ᠵᠢᠨ ᠡᠮ᠎ᠤᠨ ᠭᠠᠷᠴᠠᠭ᠎ᠢ ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠶ᠎ᠠ ᠵᠢᠨ ᠳᠠᠮᠢᠷ᠎ᠤᠨ ᠭᠤᠤᠯ ᠬᠠᠮᠢᠶᠠᠷᠤᠯᠳᠠ ᠵᠢᠨ ᠰᠠᠯᠠᠭ᠎ᠠ ᠮᠥᠴᠢᠷ᠎ᠠᠴᠠ ᠳᠦᠷᠦ ᠵᠢᠨ ᠶᠠᠪᠤᠳᠠᠯ᠎ᠤᠨ ᠬᠤᠷᠢᠶᠠᠨ᠎ᠤ ᠢᠳᠡᠭᠡᠨ᠎ᠤ ᠳᠦᠷᠦᠯ ᠡᠮ᠎ᠤᠨ ᠳᠦᠷᠦᠯ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠥᠴᠢᠷ᠂   ᠲᠦᠷᠦ ᠵᠢᠨ ᠶᠠᠪᠤᠳᠠᠯ᠎ᠤᠨ ᠬᠤᠷᠢᠶᠠᠨ᠎ᠤ ᠡᠷᠡᠭᠦᠯ ᠬᠠᠮᠠᠭ᠋ᠠᠯᠠᠯ᠎ᠤᠨ ᠭᠤᠤᠯᠯᠠᠬᠤ ᠰᠠᠯᠠᠭ᠎ᠠ ᠮᠦᠴᠢᠷ᠂ ᠳᠦᠷᠦ ᠵᠢᠨ ᠶᠠᠪᠤᠳᠠᠯ᠎ᠤᠨ ᠬᠤᠷᠢᠶᠠᠨ᠎ᠤ ᠠᠷᠠᠯᠵᠢᠶᠠᠨ᠎ᠤ ᠶᠠᠪᠤᠳᠠᠯ᠎ᠤᠨ ᠭᠤᠤᠯᠯᠠᠬᠤ᠊ᠨ ᠰᠠᠯᠠᠭ᠎ᠠ ᠮᠥᠴᠢᠷ ᠪᠠ ᠪᠤᠭᠤᠮᠳᠠ ᠵᠢᠨ ᠶᠡᠷᠦᠩᠭᠡᠢ ᠵᠠᠬᠢᠷᠭ᠎ᠠ᠎ᠲᠠᠢ ᠬᠠᠮᠳᠤ ᠳᠤᠭᠳᠠᠭ᠋ᠠᠵᠤ᠂ ᠵᠤᠬᠢᠴᠠᠭᠤᠯᠬᠤ ᠪᠠ ᠨᠡᠢ᠌ᠳᠡᠯᠡᠨ᠎ᠡ᠃
    ᠭᠤᠷᠪᠠᠳᠤᠭ᠋ᠠᠷ ᠵᠤᠷᠪᠤᠰ   ᠤᠯᠤᠰ᠎ᠠᠴᠠ ᠡᠷᠡᠬᠦᠯ ᠴᠢᠬᠢᠷᠠᠭ᠂ ᠪᠤᠯᠪᠠᠰᠤᠨ ᠪᠠᠶ᠎ᠠ ᠵᠢᠨ ᠳᠠᠮᠢᠷ᠎ᠤᠨ ᠬᠦᠳᠡᠯᠬᠡᠬᠡᠨ᠎ᠢ ᠰᠠᠨᠠᠭ᠋ᠠᠴᠢᠯᠠᠵᠤ᠂ ᠬᠦᠭᠡᠷᠦᠯᠳᠡ ᠵᠢᠨ ᠡᠮ᠎ᠢ ᠡᠰᠡᠷᠬᠦᠴᠡᠬᠦ ᠤᠬᠠᠭᠤᠯᠭ᠎ᠠ᠂ ᠰᠤᠷᠭ᠋ᠠᠨ ᠬᠦᠮᠦᠵᠢᠯ ᠪᠠ ᠬᠢᠨᠠᠯᠳᠠ ᠬᠠᠮᠢᠶᠠᠷᠤᠯᠳᠠ ᠵᠢ ᠴᠢᠩᠭ᠋ᠠᠳᠬᠠᠵᠤ᠂ ᠴᠢᠩᠭ᠎ᠠ   ᠴᠠᠭ᠋ᠠᠵᠠᠯᠠᠬᠤ᠂ ᠴᠢᠩᠭ᠎ᠠ ᠪᠠᠢ᠌ᠴᠠᠭ᠋ᠠᠬᠤ᠂ ᠴᠢᠩᠭ᠎ᠠ ᠰᠢᠢ᠍ᠳᠪᠦᠷᠢᠯᠡᠬᠦ ᠠᠵᠢᠯ᠎ᠤᠨ ᠴᠢᠭᠯᠡᠯ᠎ᠢ ᠪᠠᠷᠢᠮᠳᠠᠯᠠᠵᠤ᠂ ᠬᠦᠭᠡᠷᠦᠯᠳᠡ ᠵᠢᠨ ᠡᠮ᠎ᠢ ᠭᠡᠷᠡᠭᠯᠡᠬᠦ ᠵᠢ   ᠬᠤᠷᠢᠭᠯᠠᠨ᠎ᠠ᠃ ᠶᠠᠮᠠᠷᠪᠠ ᠪᠠᠢ᠌ᠭᠤᠯᠭ᠎ᠠ   ᠪᠤᠯᠤᠨ ᠬᠤᠪᠢ ᠬᠦᠮᠦᠨ ᠳᠠᠮᠢᠷ᠎ᠤᠨ ᠬᠦᠳᠡᠯᠭᠡᠭᠡᠨ᠎ᠳᠤ ᠤᠷᠤᠯᠴᠠᠭᠰᠠᠳ᠎ᠲᠤ ᠬᠦᠭᠡᠷᠦᠯᠳᠡ ᠵᠢᠨ ᠡᠮ ᠬᠠᠩᠭ᠋ᠠᠬᠤ ᠪᠤᠶᠤ ᠳᠠᠮ ᠵᠶ᠋ᠡᠷ ᠬᠠᠩᠭ᠋ᠠᠬᠤ ᠪᠤᠯᠬᠤ ᠦᠭᠡᠢ᠃
    ᠳᠦᠷᠪᠡᠳᠦᠭᠡᠷ ᠵᠤᠷᠪᠤᠰ   ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠶ᠎ᠠ ᠵᠢᠨ ᠳᠠᠮᠢᠷ᠎ᠤᠨ ᠭᠤᠤᠯ ᠬᠠᠮᠢᠶᠠᠷᠤᠯᠳᠠ ᠰᠠᠯᠠᠭ᠎ᠠ ᠮᠥᠴᠢᠷ᠎ᠨᠢ ᠪᠦᠬᠦ ᠤᠯᠤᠰ᠎ᠤᠨ ᠬᠦᠭᠡᠷᠦᠯᠳᠡ ᠵᠢᠨ ᠡᠮ᠎ᠢ ᠡᠰᠡᠷᠬᠦᠴᠡᠬᠦ ᠠᠵᠢᠯ᠎ᠢ ᠬᠠᠷᠢᠭᠤᠴᠠᠬᠤ ᠪᠠ ᠵᠤᠬᠢᠶᠠᠨ ᠪᠠᠢ᠌ᠭᠤᠯᠤᠨ᠎ᠠ᠃ ᠰᠢᠶᠠᠨ᠎ᠤ ᠳᠠᠰ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ ᠢᠳᠡᠭᠡᠨ᠎ᠤ ᠳᠦᠷᠦᠯ ᠡᠮ᠎ᠤᠨ ᠳᠦᠷᠦᠯ᠎ᠤᠨ ᠬᠢᠨᠠᠨ ᠬᠠᠮᠢᠶᠠᠷᠤᠯᠳᠠ᠂   ᠡᠷᠡᠭᠦᠯ ᠬᠠᠮᠠᠭ᠋ᠠᠯᠠᠯ᠂ ᠰᠤᠷᠭ᠋ᠠᠨ ᠬᠦᠮᠦᠵᠢᠯ ᠵᠡᠷᠭᠡ ᠬᠤᠯᠪᠤᠭᠳᠠᠯ ᠪᠦᠬᠦᠢ ᠰᠠᠯᠠᠭ᠎ᠠ ᠮᠥᠴᠢᠷ᠎ᠨᠢ ᠥᠪᠡᠷ᠎ᠤᠨ ᠠᠵᠢᠯ᠎ᠤᠨ ᠬᠠᠷᠢᠭᠤᠴᠠᠯᠭ᠎ᠠ ᠵᠢᠨ ᠬᠦᠷᠢᠶ᠎ᠡ ᠬᠡᠪᠴᠢᠶᠡᠨ᠎ᠳᠤ ᠳᠤᠰ ᠳᠦᠷᠢᠮ ᠪᠠ ᠬᠤᠯᠪᠤᠭᠳᠠᠯ ᠪᠦᠬᠦᠢ ᠬᠠᠤᠯᠢ᠂ ᠵᠠᠰᠠᠭ ᠵᠠᠬᠢᠷᠭ᠋ᠠᠨ᠎ᠤ   ᠬᠠᠦᠯᠢ ᠲᠦᠷᠢᠮ᠎ᠤᠨ ᠲᠤᠭᠳᠠᠭ᠋ᠠᠯ   ᠶᠤᠰᠤᠭ᠋ᠠᠷ ᠬᠦᠭᠡᠷᠦᠯᠳᠡ ᠵᠢᠨ ᠡᠮ᠎ᠢ ᠡᠰᠡᠷᠬᠦᠴᠡᠬᠦ ᠠᠵᠢᠯ᠎ᠢ ᠬᠠᠷᠢᠭᠤᠴᠠᠨ᠎ᠠ᠃
    ᠳᠠᠪᠤᠳᠤᠭ᠋ᠠᠷ ᠵᠤᠷᠪᠤᠰ   ᠰᠢᠶᠠᠨ᠎ᠤ ᠳᠠᠰ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠤᠷᠳᠤᠨ ᠪᠠᠶ᠎ᠠ ᠵᠢᠨ ᠳᠠᠮᠢᠷ᠎ᠤᠨ ᠭᠤᠤᠯ ᠬᠠᠮᠢᠶᠠᠷᠤᠯᠳᠠ ᠵᠢᠨ ᠰᠠᠯᠠᠭ᠎ᠠ ᠮᠥᠴᠢᠷ᠎ᠨᠢ ᠬᠦᠭᠡᠷᠦᠯᠳᠡ ᠵᠢᠨ ᠡᠮ᠎ᠢ ᠡᠰᠡᠷᠬᠦᠴᠡᠬᠦ ᠤᠬᠠᠭᠤᠯᠭ᠎ᠠ᠂ ᠰᠤᠷᠭ᠋ᠠᠨ ᠬᠦᠮᠦᠵᠢᠯ᠎ᠤᠨ ᠠᠵᠢᠯ᠎ᠢ ᠴᠢᠩᠭ᠋ᠠᠳᠬᠠᠵᠤ᠂ ᠳᠠᠮᠢᠷ᠎ᠤᠨ ᠬᠦᠳᠡᠯᠭᠡᠭᠡᠨ᠎ᠳᠤ ᠤᠷᠤᠯᠴᠠᠭᠰᠠᠳ ᠪᠠ ᠤᠯᠨ ᠳᠦᠮᠡᠨ᠎ᠤ ᠬᠦᠭᠡᠷᠦᠯᠳᠡ ᠵᠢᠨ ᠡᠮ᠎ᠢ ᠡᠰᠡᠷᠬᠦᠴᠡᠬᠦ ᠤᠬᠠᠮᠰᠠᠷ᠎ᠢ ᠳᠡᠭᠡᠭᠰᠢᠯᠡᠬᠦᠯᠬᠦ ᠭᠡᠷᠡᠭᠳᠡᠢ᠃ ᠷᠠᠳᠢᠤ᠋ ᠬᠤᠷᠢᠶ᠎ᠠ᠂ ᠲᠸᠯᠸᠢᠰ ᠬᠤᠷᠢᠶ᠎ᠠ᠂   ᠰᠣᠨᠢᠨ ᠰᠡᠳᠬᠦᠯ᠂   ᠮᠡᠳᠡᠭᠡ ᠵᠠᠭᠤᠴᠢᠯᠠᠭᠤᠷ ᠵᠢᠴᠢ ᠰᠥᠯᠵᠢᠶᠡᠨ᠎ᠤ ᠦᠢ᠍ᠯᠡᠴᠢᠯᠡᠬᠡ ᠬᠠᠩᠭ᠋ᠠᠭᠴᠢ᠎ᠨᠢ ᠬᠦᠭᠡᠷᠦᠯᠳᠡ ᠵᠢᠨ ᠡᠮ᠎ᠢ ᠡᠰᠡᠷᠬᠦᠴᠡᠬᠦ ᠤᠬᠠᠭᠤᠯᠭ᠎ᠠ ᠵᠢ   ᠦᠷᠨᠢᠭᠦᠯᠬᠦ ᠭᠡᠷᠡᠭᠳᠡᠢ᠃
    ᠵᠢᠷᠭᠤᠳᠤᠭ᠋ᠠᠷ ᠵᠤᠷᠪᠤᠰ   ᠶᠠᠮᠠᠷᠪᠠ   ᠪᠠᠢ᠌ᠭᠤᠯᠭ᠎ᠠ ᠪᠠ ᠬᠤᠪᠢ ᠬᠦᠮᠦᠨ᠎ᠨᠢ ᠳᠤᠰ ᠳᠦᠷᠢᠮ᠎ᠢ ᠵᠦᠷᠢᠴᠡᠭᠰᠡᠨ ᠠᠵᠢᠯᠯᠠᠭ᠎ᠠ ᠵᠢ ᠢᠯᠡᠷᠡᠬᠦᠯᠪᠡᠯ᠂ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠰᠠᠯᠠᠭ᠎ᠠ ᠮᠥᠴᠢᠷ ᠪᠠ ᠪᠤᠰᠤᠳ ᠬᠤᠯᠪᠤᠭᠳᠠᠯ ᠪᠦᠬᠦᠢ ᠰᠠᠯᠠᠭ᠎ᠠ ᠮᠥᠴᠢᠷ᠎ᠲᠤ ᠢᠯᠡᠴᠢᠯᠡᠬᠦ ᠡᠷᠬᠡ᠎ᠲᠠᠢ᠃
    ᠬᠤᠶᠠᠳᠤᠭ᠋ᠠᠷ ᠪᠥᠯᠥᠭ ᠬᠦᠭᠡᠷᠦᠯᠳᠡ ᠵᠢᠨ ᠡᠮ᠎ᠤᠨ ᠬᠠᠮᠢᠶᠠᠷᠤᠯᠳᠠ
    ᠳᠤᠯᠤᠳᠤᠭ᠋ᠠᠷ ᠵᠤᠷᠪᠤᠰ   ᠤᠯᠤᠰ᠎ᠠᠴᠠ ᠬᠦᠭᠡᠷᠦᠯᠳᠡ ᠵᠢᠨ ᠡᠮ᠎ᠢ ᠡᠰᠡᠷᠬᠦᠴᠡᠬᠦ ᠭᠠᠷᠴᠠᠭ᠎ᠲᠤ ᠵᠢᠬᠰᠠᠭ᠋ᠠᠭᠰᠠᠨ ᠪᠤᠳᠠᠰ᠎ᠢ ᠴᠢᠩᠭ᠎ᠠ᠎ᠪᠠᠷ ᠬᠠᠮᠢᠶᠠᠷᠴᠤ᠂ ᠶᠠᠮᠠᠷᠪᠠ   ᠪᠠᠢ᠌ᠭᠤᠯᠭ᠎ᠠ ᠪᠠ ᠬᠤᠪᠢ ᠬᠦᠮᠦᠨ ᠬᠠᠤᠯᠢ ᠪᠤᠰᠤ᠎ᠪᠠᠷ ᠦᠢ᠍ᠯᠡᠳᠪᠦᠷᠢᠯᠡᠵᠦ᠂ ᠪᠤᠷᠤᠯᠠᠭᠤᠯᠵᠤ᠂ ᠭᠠᠳᠠᠭ᠋ᠠᠳᠤ᠎ᠠᠴᠠ ᠤᠷᠤᠭᠤᠯᠵᠤ ᠭᠠᠳᠠᠭ᠋ᠠᠳᠤ᠎ᠳᠤ ᠭᠠᠷᠭ᠋ᠠᠵᠤ ᠪᠤᠯᠬᠤ ᠦᠭᠡᠢ᠃
    ᠨᠠᠢ᠍ᠮᠠᠳᠤᠭ᠋ᠠᠷ ᠵᠤᠷᠪᠤᠰ   ᠬᠦᠭᠡᠷᠦᠯᠳᠡ ᠵᠢᠨ ᠡᠮ᠎ᠤᠨ ᠭᠠᠷᠴᠠᠭ᠎ᠲᠤ ᠵᠢᠬᠰᠠᠭ᠋ᠠᠭᠰᠠᠨ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ (ᠳᠤᠷᠤᠭᠰᠢ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ ᠭᠡᠵᠤ ᠳᠤᠪᠴᠢᠯᠠᠨ᠎ᠠ)᠎ᠢ ᠦᠢ᠍ᠯᠡᠳᠪᠦᠷᠢᠯᠡᠬᠦ᠎ᠳᠤ᠂ 《ᠪᠦᠬᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠡᠮ᠎ᠤᠨ ᠳᠥᠷᠥᠯ᠎ᠤᠨ ᠬᠠᠮᠢᠶᠠᠷᠤᠯᠳᠠ ᠵᠢᠨ ᠬᠠᠤᠯᠢ》 (ᠳᠤᠷᠤᠭᠰᠢ ᠡᠮ᠎ᠤᠨ ᠳᠥᠷᠥᠯ᠎ᠤᠨ ᠬᠠᠮᠢᠶᠠᠷᠤᠯᠳᠠ ᠵᠢᠨ ᠬᠠᠤᠯᠢ ᠭᠡᠵᠤ ᠳᠤᠪᠴᠢᠯᠠᠨ᠎ᠠ) ᠵᠢᠨ ᠳᠤᠭᠳᠠᠭ᠋ᠠᠯ ᠵᠶ᠋ᠡᠷ 《ᠡᠮ᠎ᠤᠨ ᠳᠦᠷᠥᠯ᠎ᠤᠨ ᠦᠢ᠍ᠯᠡᠳᠪᠦᠷᠢᠯᠡᠬᠦ ᠵᠦᠪᠰᠢᠶᠡᠷᠡᠯ᠎ᠤᠨ ᠦᠨᠡᠮᠯᠡᠯ》᠂ ᠡᠮ᠎ᠤᠨ ᠳᠥᠷᠥᠯ᠎ᠤᠨ ᠵᠦᠪᠰᠢᠶᠡᠷᠡᠭᠰᠡᠨ ᠪᠢᠴᠢᠭ᠎ᠤᠨ ᠳ᠋ᠤᠭ᠋ᠠᠷ ᠠᠪᠬᠤ ᠭᠡᠷᠡᠭᠳᠡᠢ᠃ ᠦᠢ᠍ᠯᠡᠳᠪᠦᠷᠢᠯᠡᠬᠦ ᠠᠵᠤ ᠠᠬᠤᠢ᠌ᠯᠠᠯ᠎ᠨᠢ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠤ ᠦᠢ᠍ᠯᠡᠳᠪᠦᠷᠢᠯᠡᠯ᠂ ᠪᠤᠷᠤᠯᠠᠭᠤᠯᠤᠯᠳᠠ ᠪᠠ ᠬᠦᠮᠦᠷᠬᠡ᠎ᠳᠠᠬᠢ ᠬᠠᠳᠠᠭ᠋ᠠᠯᠠᠮᠵᠢ᠎ᠪᠠᠨ ᠳᠡᠮᠳᠡᠭᠯᠡᠵᠦ᠂ ᠳᠡᠮᠳᠡᠭᠯᠡᠯ᠎ᠨᠢ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠤ ᠬᠦᠴᠦᠨ᠎ᠲᠠᠢ ᠬᠤᠭᠤᠴᠠᠭ᠋ᠠᠨ᠎ᠤ 2 ᠵᠢᠯ᠎ᠠᠴᠠ ᠭᠡᠳᠦᠷᠡᠭᠰᠡᠨ ᠪᠠᠢ᠌ᠬᠤ ᠭᠡᠷᠡᠭᠳᠡᠢ᠃
    ᠶᠢᠰᠦᠳᠦᠭᠡᠷ ᠵᠤᠷᠪᠤᠰ   ᠡᠮ᠎ᠤᠨ ᠳᠥᠷᠥᠯ᠎ᠤᠨ ᠬᠠᠮᠢᠶᠠᠷᠤᠯᠳᠠ ᠵᠢᠨ ᠬᠠᠤᠯᠢ ᠵᠢ ᠦᠨᠳᠦᠰᠦᠯᠡᠨ 《ᠡᠮ᠎ᠤᠨ ᠳᠦᠷᠥᠯ᠎ᠤᠨ ᠦᠢ᠍ᠯᠡᠳᠪᠦᠷᠢᠯᠡᠬᠦ ᠵᠦᠪᠰᠢᠶᠡᠷᠡᠯ᠎ᠤᠨ ᠦᠨᠡᠮᠯᠡᠯ》᠎ᠢ ᠤᠯᠤᠭᠰᠠᠨ ᠡᠮ᠎ᠤᠨ ᠳᠦᠷᠦᠯ᠎ᠢ ᠪᠦᠬᠡᠮᠯᠡᠨ ᠪᠤᠷᠤᠯᠠᠭᠤᠯᠬᠤ ᠠᠵᠤ ᠠᠬᠤᠢ᠌ᠯᠠᠯ᠎ᠨᠢ ᠳᠤᠤᠷᠡᠬᠢ ᠨᠦᠬᠦᠴᠡᠯ᠎ᠢ ᠪᠦᠷᠢᠳᠦᠬᠦᠯᠬᠦ ᠪᠦᠭᠡᠳ ᠮᠤᠵᠢ᠂ ᠥᠪᠡᠷᠳᠡᠭᠡᠨ ᠵᠠᠰᠠᠬᠤ ᠤᠷᠤᠨ᠂   ᠰᠢᠭᠤᠳ ᠬᠠᠷᠢᠶᠠᠳᠤ ᠬᠤᠳᠠ ᠵᠢᠨ ᠠᠷᠠᠳ᠎ᠤᠨ ᠵᠠᠰᠠᠭ᠎ᠤᠨ ᠤᠷᠳᠤᠨ᠎ᠤ ᠢᠳᠡᠭᠡᠨ᠎ᠤ ᠳᠦᠷᠦᠯ ᠡᠮ᠎ᠤᠨ ᠳᠦᠷᠦᠯ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠥᠴᠢᠷ᠎ᠢ ᠳᠠᠮᠵᠢᠨ ᠵᠦᠪᠰᠢᠶᠡᠷᠡᠭᠳᠡᠪᠡᠯ᠂ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠢ ᠡᠵᠡᠩᠨᠡᠵᠦ ᠪᠤᠯᠤᠨ᠎ᠠ᠄ (ᠨᠢᠭᠡ) ᠳᠤᠰᠬᠠᠢ ᠬᠠᠮᠢᠶᠠᠷᠤᠭᠴᠢ᠎ᠲᠠᠢ᠃ (ᠬᠤᠶᠠᠷ) ᠳᠤᠰᠬᠠᠢ   ᠬᠠᠳᠠᠭ᠋ᠠᠯᠠᠬᠤ   ᠬᠦᠮᠦᠷᠬᠡ   ᠪᠤᠶᠤ   ᠳᠤᠰᠬᠠᠢ   ᠬᠠᠳᠠᠭ᠋ᠠᠯᠠᠬᠤ   ᠡᠮ  ᠎ᠤᠨ   ᠬᠤᠷᠭᠤ  ᠎ᠲᠠᠢ᠃ (ᠭᠤᠷᠪᠠ)   ᠳᠤᠰᠬᠠᠢ   ᠰᠢᠯᠭ᠋ᠠᠨ   ᠬᠤᠷᠢᠶᠠᠭᠰᠠᠨ᠂ ᠪᠠᠢ᠌ᠴᠠᠭ᠋ᠠᠨᠰᠠᠨ᠂ ᠬᠠᠳᠠᠭ᠋ᠠᠯᠠᠭᠰᠠᠨ᠂ ᠪᠤᠷᠤᠯᠠᠭᠤᠯᠤᠭᠰᠠᠨ   ᠪᠠ   ᠬᠦᠮᠦᠷᠭᠡ   ᠵᠢᠨ   ᠤᠷᠤᠭᠤᠯᠵᠤ   ᠭᠠᠷᠭ᠋ᠠᠭᠰᠠᠨ ᠳᠡᠩᠰᠠ ᠡᠪᠬᠡᠮᠡᠯ  ᠎ᠤᠨ ᠳᠦᠷᠢᠮ᠎ᠲᠠᠢ᠃ (ᠳᠦᠷᠪᠡ) ᠬᠠᠤᠯᠢ ᠴᠠᠭ᠋ᠠᠵᠠ᠂ ᠵᠠᠰᠠᠭ ᠵᠠᠬᠢᠷᠭ᠋ᠠᠨ᠎ᠤ ᠬᠠᠤᠯᠢ ᠳᠦᠷᠢᠮ᠎ᠤᠨ ᠳᠤᠭᠳᠠᠭ᠋ᠠᠭᠰᠠᠨ ᠪᠤᠰᠤᠳ ᠨᠦᠬᠦᠴᠡᠯ᠎ᠲᠠᠢ᠃ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠤ ᠰᠢᠯᠭ᠋ᠠᠨ ᠬᠤᠷᠢᠶᠠᠭᠰᠠᠨ᠂ ᠪᠠᠢ᠌ᠴᠠᠭ᠋ᠠᠨᠰᠠᠨ᠂ ᠬᠠᠳᠠᠭ᠋ᠠᠯᠠᠭᠰᠠᠨ᠂ ᠪᠤᠷᠤᠯᠠᠭᠤᠯᠤᠭᠰᠠᠨ ᠪᠠ ᠬᠦᠮᠦᠷᠭᠡ ᠵᠢᠨ ᠤᠷᠤᠭᠤᠯᠵᠤ ᠭᠠᠷᠭ᠋ᠠᠭᠰᠠᠨ ᠳᠡᠩᠰᠠ ᠡᠪᠬᠡᠮᠡᠯ᠎ᠢ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠤ ᠬᠦᠴᠦᠨ᠎ᠲᠠᠢ ᠬᠤᠭᠤᠴᠠᠭ᠋ᠠᠨ᠎ᠤ 2 ᠵᠢᠯ᠎ᠠᠴᠠ ᠭᠡᠳᠦᠷᠡᠭᠰᠡᠨ ᠪᠠᠢ᠌ᠬᠤ ᠭᠡᠷᠡᠭᠳᠡᠢ᠃
    ᠠᠷᠪᠠᠳᠤᠭ᠋ᠠᠷ ᠵᠤᠷᠪᠤᠰ   ᠡᠮ᠎ᠤᠨ ᠵᠢᠵᠢᠭᠯᠡᠨ ᠬᠤᠳᠠᠯᠳᠤᠬᠤ ᠠᠵᠤ ᠠᠬᠤᠢ᠌ᠯᠠᠯ᠎ᠨᠢ ᠢᠨᠰᠦ᠋ᠯᠢᠨ᠎ᠠᠴᠠ ᠭᠠᠳᠠᠨ᠎ᠠ ᠤᠭᠤᠷᠠᠭ᠎ᠤᠨ ᠢᠵᠢᠯᠰᠢᠬᠦ ᠡᠮ ᠬᠢᠬᠦ ᠪᠤᠶᠤ ᠪᠤᠰᠤᠳ ᠫᠸᠫᠲ᠋ᠢᠲ᠎ᠤᠨ ᠳᠥᠷᠥᠯ᠎ᠤᠨ ᠬᠤᠷᠮᠤᠨ᠎ᠢ ᠡᠵᠡᠩᠨᠡᠵᠦ ᠪᠤᠯᠬᠤ ᠦᠭᠡᠢ᠃
    ᠠᠷᠪᠠᠨ ᠨᠢᠭᠡᠳᠦᠭᠡᠷ ᠵᠤᠷᠪᠤᠰ   ᠭᠠᠳᠠᠭ᠋ᠠᠳᠤ᠎ᠠᠴᠠ ᠤᠷᠤᠭᠤᠯᠤᠭᠰᠠᠨ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠨᠢ ᠡᠮ᠎ᠤᠨ ᠳᠥᠷᠥᠯ᠎ᠤᠨ ᠬᠠᠮᠢᠶᠠᠷᠤᠯᠳᠠ ᠵᠢᠨ ᠬᠠᠤᠯᠢ ᠵᠢᠴᠢ ᠭᠡᠷᠡᠭᠵᠢᠬᠦᠯᠬᠦ ᠳᠦᠷᠢᠮ᠎ᠤᠨ ᠳᠤᠭᠳᠠᠭ᠋ᠠᠯ ᠵᠶ᠋ᠡᠷ ᠳᠦᠷᠦ ᠵᠢᠨ ᠶᠠᠪᠤᠳᠠᠯ᠎ᠤᠨ ᠬᠤᠷᠢᠶᠠᠨ᠎ᠤ ᠢᠳᠡᠭᠡᠨ᠎ᠤ ᠳᠦᠷᠦᠯ ᠡᠮ᠎ᠤᠨ ᠳᠦᠷᠦᠯ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠥᠴᠢᠷ ᠵᠶ᠋ᠡᠷ ᠳᠠᠮᠵᠢᠨ ᠭᠠᠳᠠᠭ᠋ᠠᠳᠤ᠎ᠠᠴᠠ ᠤᠷᠤᠭᠤᠯᠬᠤ ᠡᠮ᠎ᠤᠨ ᠳᠥᠷᠥᠯ᠎ᠤᠨ ᠳᠠᠩᠰᠠᠯᠠᠬᠤ ᠦᠨᠡᠮᠯᠡᠯ᠎ᠢ ᠠᠪᠬᠤ᠎ᠠᠴᠠ ᠭᠠᠳᠠᠨ᠎ᠠ᠂ ᠭᠠᠳᠠᠭ᠋ᠠᠳᠤ᠎ᠠᠴᠠ ᠤᠷᠤᠭᠤᠯᠬᠤ ᠵᠦᠪᠰᠢᠶᠡᠷᠡᠯ᠎ᠤᠨ ᠦᠨᠡᠮᠯᠡᠯ ᠠᠪᠬᠤ ᠭᠡᠷᠡᠭᠳᠡᠢ᠃ ᠭᠠᠳᠠᠭ᠋ᠠᠳᠤ᠎ᠠᠴᠠ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠢ ᠤᠷᠤᠭᠤᠯᠬᠤ ᠵᠢ ᠭᠤᠶᠤᠴᠢᠯᠠᠬᠤ ᠦᠶ᠎ᠡ᠎ᠳᠤ ᠭᠡᠷᠡᠭᠴᠡᠭᠡ᠎ᠪᠠᠨ ᠳᠤᠳᠤᠷᠬᠠᠢ᠌ᠯᠠᠬᠤ ᠭᠡᠷᠡᠭᠳᠡᠢ᠃ ᠳᠦᠷᠦ ᠵᠢᠨ ᠶᠠᠪᠤᠳᠠᠯ᠎ᠤᠨ ᠬᠤᠷᠢᠶᠠᠨ᠎ᠤ ᠢᠳᠡᠭᠡᠨ᠎ᠤ ᠳᠦᠷᠦᠯ ᠡᠮ᠎ᠤᠨ ᠳᠥᠷᠥᠯ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠥᠴᠢᠷ᠎ᠨᠢ ᠭᠤᠶᠤᠴᠢᠯᠠᠯ᠎ᠢ ᠤᠯᠤᠭᠰᠠᠨ ᠡᠳᠦᠷ᠎ᠠᠴᠠ 15 ᠠᠵᠢᠯ᠎ᠤᠨ ᠡᠳᠦᠷ᠎ᠤᠨ ᠳᠤᠳᠤᠷ᠎ᠡ ᠰᠢᠢ᠍ᠳᠪᠦᠷᠢ ᠭᠠᠷᠭ᠋ᠠᠬᠤ ᠭᠡᠷᠡᠭᠳᠡᠢ᠃ ᠭᠡᠷᠡᠭᠴᠡᠭᠡ᠎ᠨᠢ ᠬᠠᠤᠯᠢ᠎ᠳᠤ ᠨᠠᠢ᠌ᠴᠡᠭᠰᠡᠨ ᠪᠤᠯ ᠵᠦᠪᠰᠢᠶᠡᠷᠡᠯ ᠦᠭᠴᠦ᠂ ᠭᠠᠳᠠᠭ᠋ᠠᠳᠤ᠎ᠠᠴᠠ ᠤᠷᠤᠭᠤᠯᠬᠤ ᠵᠦᠪᠰᠢᠶᠡᠷᠡᠯ᠎ᠤᠨ ᠦᠨᠡᠮᠯᠡᠯ ᠦᠭᠭᠦ ᠭᠡᠷᠡᠭᠳᠡᠢ᠃ ᠪᠤᠭᠤᠮᠳᠠ᠎ᠨᠢ ᠭᠠᠳᠠᠭ᠋ᠠᠳᠤ᠎ᠠᠴᠠ ᠤᠷᠤᠭᠤᠯᠬᠤ ᠵᠦᠪᠰᠢᠶᠡᠷᠡᠯ᠎ᠤᠨ ᠦᠨᠡᠮᠯᠡᠯ᠎ᠢ ᠦᠵᠡᠵᠦ   ᠦᠩᠭᠡᠷᠡᠭᠦᠯᠦᠨ᠎ᠡ᠃
    ᠠᠷᠪᠠᠨ ᠬᠤᠶᠠᠳᠤᠭ᠋ᠠᠷ ᠵᠤᠷᠪᠤᠰ     ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠢ ᠭᠠᠳᠠᠭ᠋ᠠᠳᠤ᠎ᠳᠤ ᠭᠠᠷᠭ᠋ᠠᠬᠤ ᠵᠢ ᠭᠤᠶᠤᠴᠢᠯᠠᠬᠤ᠎ᠳᠤ᠂ ᠬᠠᠩᠭ᠋ᠠᠬᠤ ᠡᠳᠡᠭᠡᠳ ᠵᠶ᠋ᠡᠨ ᠳᠤᠳᠤᠷᠬᠠᠢ᠌ᠯᠠᠬᠤ ᠪᠦᠭᠡᠳ ᠭᠠᠷᠭ᠋ᠠᠬᠤ ᠭᠡᠵᠤ ᠪᠠᠢ᠌ᠭ᠎ᠠ ᠤᠯᠤᠰ᠎ᠤᠨ ᠵᠠᠰᠠᠭ᠎ᠤᠨ ᠤᠷᠳᠤᠨ᠎ᠤ ᠬᠠᠮᠢᠶᠠᠷᠤᠯᠳᠠ ᠵᠢᠨ ᠰᠠᠯᠠᠭ᠎ᠠ ᠮᠥᠴᠢᠷ᠎ᠤᠨ ᠬᠤᠯᠪᠤᠭᠳᠠᠯ ᠪᠦᠬᠦᠢ ᠪᠢᠴᠢᠭ ᠮᠠᠲᠸᠷᠢᠶᠠᠯ ᠵᠡᠷᠭᠡ ᠵᠢ ᠬᠠᠩᠭ᠋ᠠᠬᠤ ᠭᠡᠷᠡᠭᠳᠡᠢ᠃ ᠮᠤᠵᠢ᠂ ᠥᠪᠡᠷᠳᠡᠭᠡᠨ ᠵᠠᠰᠠᠬᠤ ᠤᠷᠤᠨ᠂   ᠰᠢᠭᠤᠳ ᠬᠠᠷᠢᠶᠠᠳᠤ ᠬᠤᠳᠠ ᠵᠢᠨ ᠠᠷᠠᠳ᠎ᠤᠨ ᠵᠠᠰᠠᠭ᠎ᠤᠨ ᠤᠷᠳᠤᠨ᠎ᠤ ᠢᠳᠡᠭᠡᠨ᠎ᠤ ᠳᠦᠷᠦᠯ ᠡᠮ᠎ᠤᠨ ᠳᠦᠷᠦᠯ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠥᠴᠢᠷ᠎ᠨᠢ ᠭᠤᠶᠤᠴᠢᠯᠠᠯ᠎ᠢ ᠤᠯᠤᠭᠰᠠᠨ ᠡᠳᠦᠷ᠎ᠠᠴᠠ 15 ᠠᠵᠢᠯ᠎ᠤᠨ ᠡᠳᠦᠷ᠎ᠤᠨ ᠳᠤᠳᠤᠷ᠎ᠡ ᠰᠢᠢ᠍ᠳᠪᠦᠷᠢ ᠭᠠᠷᠭ᠋ᠠᠬᠤ ᠭᠡᠷᠡᠭᠳᠡᠢ᠃ ᠭᠠᠷᠭ᠋ᠠᠬᠤ ᠭᠡᠵᠤ ᠪᠠᠢ᠌ᠭ᠎ᠠ ᠤᠯᠤᠰ᠎ᠤᠨ ᠵᠠᠰᠠᠭ᠎ᠤᠨ ᠤᠷᠳᠤᠨ᠎ᠤ ᠬᠠᠮᠢᠶᠠᠷᠤᠯᠳᠠ ᠵᠢᠨ ᠰᠠᠯᠠᠭ᠎ᠠ ᠮᠥᠴᠢᠷ᠎ᠤᠨ ᠬᠤᠯᠪᠤᠭᠳᠠᠯ ᠪᠦᠬᠦᠢ ᠪᠢᠴᠢᠭ ᠮᠠᠲᠸᠷᠢᠶᠠᠯ᠎ᠢ ᠬᠠᠩᠭ᠋ᠠᠪᠠᠯ ᠵᠦᠪᠰᠢᠶᠡᠷᠡᠯ ᠦᠭᠴᠦ᠂ ᠭᠠᠳᠠᠭ᠋ᠠᠳᠤ᠎ᠳᠤ ᠭᠠᠷᠭ᠋ᠠᠬᠤ ᠵᠦᠪᠰᠢᠶᠡᠷᠡᠯ᠎ᠤᠨ ᠦᠨᠡᠮᠯᠡᠯ ᠦᠭᠭᠦ ᠭᠡᠷᠡᠭᠳᠡᠢ᠃ ᠪᠤᠭᠤᠮᠳᠠ  ᠎ᠨᠢ ᠭᠠᠳᠠᠭ᠋ᠠᠳᠤ᠎ᠳᠤ ᠭᠠᠷᠭ᠋ᠠᠬᠤ ᠵᠦᠪᠰᠢᠶᠡᠷᠡᠯ᠎ᠤᠨ ᠦᠨᠡᠮᠯᠡᠯ᠎ᠢ ᠦᠵᠡᠵᠦ   ᠦᠩᠭᠡᠷᠡᠭᠦᠯᠦᠨ᠎ᠡ᠃
    ᠠᠷᠪᠠᠨ ᠭᠤᠷᠪᠠᠳᠤᠭ᠋ᠠᠷ ᠵᠤᠷᠪᠤᠰ     ᠬᠢᠯᠢ ᠵᠢᠨ ᠳᠤᠳᠤᠷᠡᠬᠢ ᠠᠵᠤ ᠠᠬᠤᠢ᠌ᠯᠠᠯ᠎ᠨᠢ ᠬᠢᠯᠢ ᠵᠢᠨ ᠭᠠᠳᠠᠨᠠᠬᠢ ᠠᠵᠤ ᠠᠬᠤᠢ᠌ᠯᠠᠯ᠎ᠤᠨ ᠨᠠᠢ᠌ᠳᠠᠯᠭ᠎ᠠ᠎ᠪᠠᠷ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠢ ᠦᠢ᠍ᠯᠡᠳᠪᠦᠷᠢᠯᠡᠬᠦ᠎ᠳᠤ ᠦᠢ᠍ᠯᠡᠳᠪᠦᠷᠢᠯᠡᠬᠦ ᠵᠢ ᠨᠠᠢ᠌ᠳᠠᠬᠤ ᠪᠢᠴᠢᠭ᠎ᠤᠨ ᠭᠡᠷ᠎ᠡ᠎ᠳᠤ ᠭᠠᠷ᠎ᠤᠨ ᠦᠰᠦᠭ ᠵᠢᠷᠤᠵᠤ᠂ ᠦᠢ᠍ᠯᠡᠳᠪᠦᠷᠢᠯᠡᠬᠦ ᠵᠢ ᠨᠠᠢ᠌ᠳᠠᠬᠤ ᠪᠢᠴᠢᠭ᠎ᠤᠨ ᠭᠡᠷ᠎ᠡ᠎ᠪᠠᠨ ᠮᠤᠵᠢ᠂ ᠥᠪᠡᠷᠳᠡᠭᠡᠨ ᠵᠠᠰᠠᠬᠤ ᠤᠷᠤᠨ᠂   ᠰᠢᠭᠤᠳ ᠬᠠᠷᠢᠶᠠᠳᠤ ᠬᠤᠳᠠ ᠵᠢᠨ ᠠᠷᠠᠳ᠎ᠤᠨ ᠵᠠᠰᠠᠭ᠎ᠤᠨ ᠤᠷᠳᠤᠨ᠎ᠤ ᠢᠳᠡᠭᠡᠨ᠎ᠤ ᠳᠦᠷᠦᠯ ᠡᠮ᠎ᠤᠨ ᠳᠦᠷᠦᠯ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠥᠴᠢᠷ᠎ᠲᠤ ᠮᠡᠳᠡᠬᠦᠯᠵᠦ ᠳᠠᠩᠰᠠᠯᠠᠭᠤᠯᠬᠤ ᠭᠡᠷᠡᠭᠳᠡᠢ᠃ ᠦᠢ᠍ᠯᠡᠳᠪᠦᠷᠢᠯᠡᠬᠦ ᠵᠢ ᠨᠠᠢ᠌ᠳᠠᠬᠤ ᠭᠡᠷ᠎ᠡ᠎ᠳᠤ ᠨᠠᠢ᠌ᠳᠠᠭᠰᠠᠨ ᠠᠵᠤ ᠠᠬᠤᠢ᠌ᠯᠠᠯ᠎ᠤᠨ ᠤᠯᠤᠰ᠎ᠤᠨ ᠬᠠᠷᠢᠶ᠎ᠠ᠂ ᠦᠢ᠍ᠯᠡᠳᠪᠦᠷᠢᠯᠡᠬᠦᠯᠬᠦ᠎ᠪᠠᠷ ᠨᠠᠢ᠌ᠳᠠᠭᠰᠠᠨ ᠤᠭᠤᠷᠠᠭ᠎ᠤᠨ ᠢᠵᠢᠯᠰᠢᠬᠦ ᠡᠮ ᠪᠤᠶᠤ ᠫᠸᠫᠲ᠋ᠢᠲ᠎ᠤᠨ ᠳᠥᠷᠥᠯ᠎ᠤᠨ ᠬᠤᠷᠮᠤᠨ᠎ᠤ ᠳᠦᠷᠦᠯ ᠵᠦᠢ᠍ᠯ᠂ ᠳᠤᠭ᠎ᠠ ᠬᠡᠮᠵᠢᠶ᠎ᠡ᠂ ᠦᠢ᠍ᠯᠡᠳᠪᠦᠷᠢᠯᠡᠬᠦ ᠡᠳᠦᠷ ᠰᠠᠷ᠎ᠡ ᠵᠡᠷᠭᠡ ᠠᠭᠤᠯᠭ᠎ᠠ ᠵᠢ ᠪᠠᠭᠳᠠᠭ᠋ᠠᠨ᠎ᠠ᠃ ᠬᠢᠯᠢ ᠵᠢᠨ ᠳᠤᠳᠤᠷᠡᠬᠢ ᠠᠵᠤ ᠠᠬᠤᠢ᠌ᠯᠠᠯ᠎ᠨᠢ ᠬᠢᠯᠢ ᠵᠢᠨ ᠭᠠᠳᠠᠨᠠᠬᠢ ᠠᠵᠤ ᠠᠬᠤᠢ᠌ᠯᠠᠯ᠎ᠤᠨ ᠨᠠᠢ᠌ᠳᠠᠯᠭ᠎ᠠ᠎ᠪᠠᠷ ᠦᠢ᠍ᠯᠡᠳᠪᠦᠷᠢᠯᠡᠭᠰᠡᠨ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠢ ᠬᠢᠯᠢ ᠵᠢᠨ ᠳᠤᠳᠤᠭ᠋ᠠᠳᠤ᠎ᠳᠤ ᠪᠤᠷᠤᠯᠠᠭᠤᠯᠵᠤ ᠪᠤᠯᠬᠤ ᠦᠭᠡᠢ᠃
    ᠠᠷᠪᠠᠨ ᠳᠦᠷᠪᠡᠳᠦᠭᠡᠷ ᠵᠤᠷᠪᠤᠰ     ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠢ ᠦᠢ᠍ᠯᠡᠳᠪᠦᠷᠢᠯᠡᠬᠦ ᠠᠵᠤ ᠠᠬᠤᠢ᠌ᠯᠠᠯ᠎ᠨᠢ ᠵᠦᠪᠬᠡᠨ ᠡᠮ ᠡᠮᠨᠡᠯᠭᠡ ᠵᠢᠨ ᠪᠠᠢ᠌ᠭᠤᠯᠤᠮᠵᠢ᠂ ᠳᠤᠰ ᠳᠦᠷᠢᠮ᠎ᠤᠨ ᠶᠢᠰᠦᠳᠦᠭᠡᠷ ᠵᠤᠷᠪᠤᠰ᠎ᠳᠤ ᠳᠤᠭᠳᠠᠭ᠋ᠠᠬᠰᠠᠨ ᠡᠮ᠎ᠤᠨ ᠳᠦᠷᠦᠯ᠎ᠢ ᠪᠦᠬᠡᠮᠯᠡᠨ ᠪᠤᠷᠤᠯᠠᠭᠤᠯᠬᠤ ᠠᠵᠤ ᠠᠬᠤᠢ᠌ᠯᠠᠯ ᠪᠤᠯᠤᠨ ᠪᠤᠰᠤᠳ ᠢᠵᠢᠯ ᠳᠥᠷᠥᠯ᠎ᠤᠨ ᠦᠢ᠍ᠯᠡᠳᠪᠦᠷᠢᠯᠡᠯ᠎ᠤᠨ ᠠᠵᠤ ᠠᠬᠤᠢ᠌ᠯᠠᠯ᠎ᠳᠤ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠢ ᠬᠠᠩᠭ᠋ᠠᠵᠤ ᠪᠤᠯᠤᠨ᠎ᠠ᠃ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠤ ᠭᠠᠳᠠᠭ᠋ᠠᠳᠤ᠎ᠠᠴᠠ ᠤᠷᠤᠭᠤᠯᠬᠤ   ᠪᠠᠢ᠌ᠭᠤᠯᠭ᠎ᠠ᠎ᠨᠢ ᠵᠦᠪᠬᠡᠨ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠢ ᠦᠢ᠍ᠯᠡᠳᠪᠦᠷᠢᠯᠡᠬᠦ ᠠᠵᠤ ᠠᠬᠤᠢ᠌ᠯᠠᠯ᠎ᠨᠢ ᠵᠦᠪᠬᠡᠨ ᠡᠮ ᠡᠮᠨᠡᠯᠭᠡ ᠵᠢᠨ ᠪᠠᠢ᠌ᠭᠤᠯᠤᠮᠵᠢ᠂ ᠳᠤᠰ ᠳᠦᠷᠢᠮ᠎ᠤᠨ ᠶᠢᠰᠦᠳᠦᠭᠡᠷ ᠵᠤᠷᠪᠤᠰ᠎ᠳᠤ ᠳᠤᠭᠳᠠᠭ᠋ᠠᠬᠰᠠᠨ ᠡᠮ᠎ᠤᠨ ᠳᠦᠷᠦᠯ᠎ᠢ ᠪᠦᠬᠡᠮᠯᠡᠨ ᠪᠤᠷᠤᠯᠠᠭᠤᠯᠬᠤ ᠠᠵᠤ ᠠᠬᠤᠢ᠌ᠯᠠᠯ᠎ᠳᠤ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠢ ᠬᠠᠩᠭ᠋ᠠᠵᠤ ᠪᠤᠯᠤᠨ᠎ᠠ᠃ ᠫᠸᠫᠲ᠋ᠢᠲ᠎ᠤᠨ ᠳᠥᠷᠥᠯ᠎ᠤᠨ ᠬᠤᠷᠮᠤᠨ᠎ᠳᠤ ᠢᠨᠰᠥ᠋ᠯᠢᠨ᠎ᠠᠴᠠ ᠪᠤᠰᠤᠳ᠎ᠢ᠎ᠨᠢ ᠳᠤᠰ ᠳᠦᠷᠢᠮ᠎ᠤᠨ ᠨᠢᠭᠡᠳᠦᠭᠡᠷ ᠵᠤᠷᠪᠤᠰ᠂ ᠬᠤᠶᠠᠳᠤᠭ᠋ᠠᠷ ᠵᠤᠷᠪᠤᠰ᠂ ᠭᠤᠷᠪᠠᠳᠤᠭ᠋ᠠᠷ ᠵᠤᠷᠪᠤᠰ᠎ᠤᠨ ᠳᠤᠭᠳᠠᠭ᠋ᠠᠯ ᠵᠶ᠋ᠡᠷ ᠬᠠᠩᠭ᠋ᠠᠬᠤ᠎ᠠᠴᠠ ᠭᠠᠳᠠᠨ᠎ᠠ ᠪᠠᠰᠠ ᠡᠮ᠎ᠤᠨ ᠳᠥᠷᠥᠯ᠎ᠤᠨ ᠵᠢᠵᠢᠭᠯᠡᠨ ᠪᠤᠷᠤᠯᠠᠭᠤᠯᠬᠤ ᠠᠵᠤ ᠠᠬᠤᠢ᠌ᠯᠠᠯ᠎ᠳᠤ ᠬᠠᠩᠭ᠋ᠠᠵᠤ ᠪᠤᠯᠤᠨ᠎ᠠ᠃
      ᠠᠷᠪᠠᠨ ᠳᠠᠪᠤᠳᠤᠭ᠋ᠠᠷ ᠵᠤᠷᠪᠤᠰ   ᠡᠮ ᠡᠮᠨᠡᠯᠭᠡ ᠵᠢᠨ ᠪᠠᠢ᠌ᠭᠤᠯᠤᠮᠵᠢ᠎ᠨᠢ ᠵᠦᠪᠬᠡᠨ ᠬᠠᠤᠯᠢ ᠵᠢ ᠦᠨᠳᠦᠰᠦᠯᠡᠨ ᠵᠤᠷ᠎ᠤᠨ ᠡᠷᠬᠡ᠎ᠲᠠᠢ ᠠᠵᠢᠯ ᠡᠷᠬᠢᠯᠡᠬᠦ ᠡᠮᠴᠢ ᠵᠢᠨ ᠵᠤᠷ ᠵᠶ᠋ᠡᠷ ᠡᠪᠡᠳᠴᠢᠳᠡᠨ᠎ᠳᠤ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ ᠬᠠᠩᠭ᠋ᠠᠵᠤ ᠪᠤᠯᠤᠨ᠎ᠠ᠃ ᠵᠤᠷ᠎ᠢ 2 ᠵᠢᠯ ᠬᠠᠳᠠᠭ᠋ᠠᠯᠠᠬᠤ ᠭᠡᠷᠡᠭᠳᠡᠢ᠃
      ᠠᠷᠪᠠᠨ ᠵᠢᠷᠭᠤᠳᠤᠭ᠋ᠠᠷ ᠵᠤᠷᠪᠤᠰ   ᠬᠦᠭᠡᠷᠦᠯᠳᠡ ᠵᠢᠨ ᠡᠮ᠎ᠤᠨ ᠭᠠᠷᠴᠠᠭ᠎ᠲᠤ ᠵᠢᠬᠰᠠᠭ᠋ᠠᠭᠳᠠᠭᠰᠠᠨ ᠪᠤᠳᠠᠰ᠎ᠨᠢ ᠮᠢᠨᠴᠦᠬᠦᠷᠡᠬᠦᠯᠬᠦ ᠡᠮ᠎ᠤᠨ ᠳᠥᠷᠥᠯ᠂ ᠮᠡᠳᠡᠷᠡᠯ᠎ᠤᠨ ᠡᠮ᠎ᠤᠨ ᠳᠥᠷᠥᠯ᠂ ᠡᠮᠴᠢᠯᠡᠬᠡᠨ᠎ᠳᠤ ᠭᠡᠷᠡᠭᠯᠡᠬᠦ ᠬᠤᠤᠷᠳᠤ ᠴᠢᠨᠡᠷᠳᠡᠢ ᠡᠮ᠎ᠤᠨ ᠳᠥᠷᠥᠯ ᠪᠠ ᠬᠢᠬᠦ᠎ᠳᠤ ᠬᠢᠯᠪᠡᠷ ᠬᠢᠮᠢ ᠵᠢᠨ ᠬᠤᠤᠷᠳᠤ ᠪᠤᠳᠠᠰ᠎ᠲᠤ ᠪᠠᠭᠳᠠᠨ᠎ᠠ᠃ ᠳᠡᠬᠦᠨ᠎ᠤ ᠦᠢ᠍ᠯᠡᠳᠪᠦᠷᠢᠯᠡᠬᠦ᠂ ᠪᠤᠷᠤᠯᠠᠭᠤᠯᠬᠤ᠂ ᠭᠠᠳᠠᠭ᠋ᠠᠳᠤ᠎ᠠᠴᠠ ᠤᠷᠤᠭᠤᠯᠬᠤ᠂ ᠵᠦᠬᠡᠬᠡᠪᠦᠷᠢᠯᠡᠬᠦ ᠪᠠ ᠭᠡᠷᠡᠭᠯᠡᠬᠦ᠎ᠳᠤ ᠡᠮ᠎ᠤᠨ ᠳᠥᠷᠥᠯ᠎ᠤᠨ ᠬᠠᠮᠢᠶᠠᠷᠤᠯᠳᠠ ᠵᠢᠨ ᠬᠠᠤᠯᠢ ᠪᠠ ᠬᠤᠯᠪᠤᠭᠳᠠᠯ ᠪᠦᠬᠦᠢ ᠵᠠᠰᠠᠭ ᠵᠠᠬᠢᠷᠭ᠋ᠠᠨ᠎ᠤ ᠬᠠᠤᠯᠢ ᠳᠤᠭᠳᠠᠭ᠋ᠠᠯ᠎ᠤᠨ ᠳᠤᠭᠳᠠᠭ᠋ᠠᠭᠰᠠᠨ ᠵᠶ᠋ᠡᠷ ᠤᠨᠴᠠᠯᠠᠨ ᠬᠠᠮᠢᠶᠠᠷᠤᠨ᠎ᠠ᠃ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ ᠪᠠ   ᠡᠮᠦᠨᠡᠬᠢ ᠳᠦᠷᠢᠮ᠎ᠳᠤ ᠳᠤᠭᠳᠠᠭ᠋ᠠᠭᠰᠠᠨ᠎ᠠᠴᠠ ᠭᠠᠳᠠᠨᠠᠬᠢ ᠬᠦᠭᠡᠷᠦᠯᠳᠡ ᠵᠢᠨ ᠡᠮ᠎ᠤᠨ ᠭᠠᠷᠴᠠᠭ᠎ᠲᠤ ᠵᠢᠬᠰᠠᠭ᠋ᠠᠭᠳᠠᠭᠰᠠᠨ᠎ᠠᠴᠠ ᠪᠤᠰᠤᠳ ᠬᠤᠷᠢᠭ᠎ᠠ᠎ᠲᠠᠢ ᠪᠤᠳᠠᠰ᠎ᠢ ᠵᠤᠷ᠎ᠲᠠᠢ ᠡᠮ ᠵᠶ᠋ᠡᠷ ᠬᠠᠮᠢᠶᠠᠷᠤᠨ᠎ᠠ᠃
    ᠠᠷᠪᠠᠨ ᠳᠤᠯᠤᠳᠤᠭ᠋ᠠᠷ ᠵᠤᠷᠪᠤᠰ   ᠡᠮ᠎ᠤᠨ ᠳᠥᠷᠥᠯ᠂ ᠢᠳᠡᠭᠡᠨ᠎ᠤ ᠳᠥᠷᠥᠯ᠎ᠳᠤ ᠬᠦᠭᠡᠷᠦᠯᠳᠡ ᠵᠢᠨ ᠡᠮ᠎ᠤᠨ ᠭᠠᠷᠴᠠᠭ᠎ᠲᠤ ᠵᠢᠬᠰᠠᠭ᠋ᠠᠭᠳᠠᠭᠰᠠᠨ ᠪᠤᠳᠠᠰ ᠠᠭᠤᠯᠤᠭᠳᠠᠬᠰᠠᠨ ᠪᠤᠯ᠂ ᠦᠢ᠍ᠯᠡᠳᠪᠦᠷᠢᠯᠡᠭᠰᠡᠨ ᠠᠵᠤ ᠠᠬᠤᠢ᠌ᠯᠠᠯ᠎ᠨᠢ ᠪᠤᠭᠤᠳᠠᠯ᠎ᠤᠨ ᠳᠡᠮᠳᠡᠭ ᠪᠤᠶᠤ ᠪᠦᠳᠦᠭᠡᠭᠳᠡᠬᠦᠨ᠎ᠤ ᠳᠤᠳᠤᠷᠬᠠᠢ᠌ᠯᠠᠯᠳᠠ ᠳᠡᠭᠡᠷ᠎ᠡ 《ᠳᠠᠮᠢᠷᠴᠢᠨ ᠬᠢᠴᠢᠶᠡᠨ ᠭᠡᠷᠡᠭᠯᠡᠬᠦ》 ᠭᠡᠵᠤ ᠬᠢᠳᠠᠳ ᠦᠰᠦᠭ ᠵᠶ᠋ᠡᠷ ᠳᠤᠳᠤᠷᠬᠠᠢ᠌ᠯᠠᠨ᠎ᠠ᠃
    ᠭᠤᠷᠪᠠᠳᠤᠭ᠋ᠠᠷ ᠪᠥᠯᠥᠭ ᠬᠦᠭᠡᠷᠦᠯᠳᠡ ᠵᠢᠨ ᠡᠮ᠎ᠢ ᠡᠰᠡᠷᠬᠦᠴᠡᠬᠦ ᠡᠬᠦᠷᠬᠡ
    ᠠᠷᠪᠠᠨ ᠨᠠᠢ᠍ᠮᠠᠳᠤᠭ᠋ᠠᠷ ᠵᠤᠷᠪᠤᠰ     ᠳᠠᠮᠢᠷᠴᠢᠨ᠎ᠤ ᠪᠦᠷᠢᠳᠭᠡᠯ᠎ᠤᠨ ᠬᠠᠮᠢᠶᠠᠷᠤᠯᠳᠠ᠎ᠲᠠᠢ ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ (ᠳᠤᠷᠤᠭᠰᠢ ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ ᠭᠡᠵᠤ ᠳᠤᠪᠴᠢᠯᠠᠨ᠎ᠠ)᠎ᠢ ᠭᠡᠷᠡᠭᠵᠢᠬᠦᠯᠬᠦ᠎ᠳᠤ᠂ ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ᠎ᠳᠤ ᠪᠦᠷᠢᠳᠭᠡᠬᠦᠯᠦᠭᠰᠡᠨ ᠳᠠᠮᠢᠷᠴᠢᠨ ᠪᠠ ᠰᠤᠷᠭ᠋ᠠᠭᠴᠢ᠂ ᠳᠠᠭ᠋ᠠᠭᠤᠯᠤᠭᠴᠢ᠂ ᠪᠦᠯᠬᠦᠮ᠎ᠤᠨ ᠡᠮᠴᠢ ᠵᠡᠷᠭᠡ ᠳᠠᠮᠢᠷᠴᠢᠨ᠎ᠤ ᠳᠠᠭ᠋ᠠᠯᠳᠤᠬᠤ ᠬᠦᠮᠦᠰ᠎ᠤᠨ ᠬᠢᠨᠠᠨ ᠬᠠᠮᠢᠶᠠᠷᠤᠯᠳᠠ ᠪᠠ   ᠬᠦᠬᠡᠷᠦᠯᠳᠡ   ᠵᠢᠨ ᠡᠮ  ᠎ᠢ ᠡᠰᠡᠷᠭᠦᠴᠡᠬᠦ ᠰᠤᠷᠭ᠋ᠠᠨ ᠬᠦᠮᠦᠵᠢᠯ᠂ ᠪᠤᠯᠪᠠᠰᠤᠷᠡᠯ᠎ᠢ ᠴᠢᠩᠭ᠋ᠠᠳᠬᠠᠬᠤ ᠭᠡᠷᠡᠭᠳᠡᠢ᠃ ᠳᠠᠮᠢᠷᠴᠢᠨ᠎ᠤ ᠬᠠᠮᠢᠶᠠᠷᠤᠯᠳᠠ ᠵᠢᠨ   ᠪᠠᠢ᠌ᠭᠤᠯᠭ᠎ᠠ᠎ᠨᠢ ᠳᠠᠳᠠᠨ᠎ᠳᠤ ᠬᠠᠷᠢᠶᠠᠯᠠᠭᠳᠠᠬᠤ ᠳᠠᠮᠢᠷᠴᠢᠨ ᠪᠠ ᠳᠠᠮᠢᠷᠴᠢᠨ᠎ᠤ ᠳᠠᠭ᠋ᠠᠯᠳᠤᠬᠤ ᠬᠦᠮᠦᠰ᠎ᠤᠨ ᠬᠢᠨᠠᠨ ᠬᠠᠮᠢᠶᠠᠷᠤᠯᠳᠠ ᠪᠠ   ᠬᠦᠭᠡᠷᠦᠯᠳᠡ ᠵᠢᠨ ᠡᠮ᠎ᠢ ᠡᠰᠡᠷᠭᠦᠴᠡᠬᠦ ᠰᠤᠷᠭ᠋ᠠᠨ ᠬᠦᠮᠦᠵᠢᠯ᠂ ᠪᠤᠯᠪᠠᠰᠤᠷᠡᠯ᠎ᠢ ᠴᠢᠩᠭ᠋ᠠᠳᠬᠠᠬᠤ ᠭᠡᠷᠡᠭᠳᠡᠢ᠃
    ᠠᠷᠪᠠ ᠶᠢᠰᠦᠳᠦᠭᠡᠷ ᠵᠤᠷᠪᠤᠰ     ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ᠂ ᠳᠠᠮᠢᠷᠴᠢᠨ᠎ᠤ ᠬᠠᠮᠢᠶᠠᠷᠤᠯᠳᠠ ᠵᠢᠨ   ᠪᠠᠢ᠌ᠭᠤᠯᠭ᠎ᠠ ᠪᠠ ᠪᠤᠰᠤᠳ   ᠪᠠᠢ᠌ᠭᠤᠯᠭ᠎ᠠ ᠳᠠᠮᠢᠷᠴᠢᠨ᠎ᠳᠤ ᠬᠦᠭᠡᠷᠦᠯᠳᠡ ᠵᠢᠨ ᠡᠮ ᠬᠠᠩᠭ᠋ᠠᠵᠤ ᠪᠤᠯᠬᠤ ᠦᠭᠡᠢ᠂ ᠵᠤᠬᠢᠶᠠᠨ ᠪᠠᠢ᠌ᠭᠤᠯᠵᠤ᠂ ᠠᠯᠪᠠᠳᠠᠵᠤ᠂ ᠮᠡᠬᠡᠯᠡᠵᠦ ᠳᠠᠮᠢᠷᠴᠢᠨ᠎ᠢ ᠬᠦᠭᠡᠷᠦᠯᠳᠡ ᠵᠢᠨ ᠡᠮ ᠭᠡᠷᠡᠭᠯᠡᠬᠦᠯᠵᠦ ᠪᠤᠯᠬᠤ ᠦᠭᠡᠢ᠃   ᠡᠷᠳᠡᠮ ᠰᠢᠨᠵᠢᠯᠡᠭᠡᠨ᠎ᠤ   ᠪᠠᠢ᠌ᠭᠤᠯᠭ᠎ᠠ᠎ᠠᠴᠠ ᠬᠦᠭᠡᠷᠦᠯᠳᠡ ᠵᠢᠨ ᠡᠮ   ᠬᠡᠷᠡᠭᠯᠡᠭᠰᠡᠨ ᠪᠤᠶᠤ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ᠎ᠠᠴᠠ ᠵᠠᠢ᠌ᠯᠠᠭᠰᠠᠨ᠎ᠳᠤ ᠮᠡᠷᠭᠡᠵᠢᠯ᠎ᠤᠨ ᠲᠡᠮᠵᠢᠯᠭᠡ ᠦᠵᠡᠭᠦᠯᠬᠦ᠎ᠠᠴᠠ ᠳᠠᠳᠠᠭ᠋ᠠᠯᠵᠠᠵᠤ ᠪᠤᠯᠬᠤ ᠦᠭᠡᠢ᠃
    ᠬᠤᠷᠢᠳᠤᠭ᠋ᠠᠷ ᠵᠤᠷᠪᠤᠰ     ᠳᠠᠮᠢᠷᠴᠢᠨ᠎ᠤ ᠬᠠᠮᠢᠶᠠᠷᠤᠯᠳᠠ ᠵᠢᠨ   ᠪᠠᠢ᠌ᠭᠤᠯᠭ᠎ᠠ ᠬᠠᠷᠢᠶᠠᠯᠠᠬᠳᠠᠬᠤ ᠳᠠᠮᠢᠷᠴᠢᠨ᠎ᠳᠠᠭᠠᠨ ᠡᠮ ᠡᠮᠨᠡᠯᠭᠡ ᠵᠢᠨ ᠪᠠᠢ᠌ᠭᠤᠯᠤᠮᠵᠢ ᠳᠤᠭᠳᠠᠵᠤ᠂ ᠳᠠᠮᠢᠷᠴᠢᠨ᠎ᠳᠤ ᠡᠮᠨᠡᠬᠦ ᠵᠤᠷᠢᠯᠭ᠎ᠠ᠎ᠠᠴᠠ ᠪᠤᠯᠵᠤ ᠵᠤᠬᠢᠰᠳᠠᠢ᠎ᠪᠠᠷ ᠡᠮ ᠭᠡᠷᠡᠭᠯᠡᠬᠦ ᠵᠢ ᠵᠢᠭ᠋ᠠᠨ ᠵᠢᠯᠤᠭᠤᠳᠤᠨ᠎ᠠ᠃ ᠳᠡᠮᠳᠡᠭᠯᠡᠯ ᠬᠢᠬᠦ ᠪᠦᠭᠡᠳ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠵᠢᠨ ᠳᠦᠷᠢᠮ᠎ᠤᠨ ᠳᠤᠭᠳᠠᠭ᠋ᠠᠭᠰᠠᠨ ᠵᠶ᠋ᠡᠷ ᠬᠤᠯᠪᠤᠭᠳᠠᠯ ᠪᠦᠬᠦᠢ ᠪᠠᠶ᠎ᠠ ᠵᠢᠨ ᠳᠠᠮᠢᠷ᠎ᠤᠨ ᠨᠡᠢ᠌ᠬᠡᠮ᠎ᠤᠨ ᠪᠦᠯᠬᠦᠮ᠎ᠳᠤ ᠬᠠᠷᠢᠶᠠᠯᠠᠭᠳᠠᠬᠤ ᠳᠠᠮᠢᠷᠴᠢᠨ᠎ᠤ᠎ᠪᠠᠨ ᠡᠮᠨᠡᠯᠬᠡ ᠵᠢᠨ ᠰᠤᠷᠠᠭ ᠵᠠᠩᠭᠢ ᠪᠤᠯᠤᠨ ᠡᠮ ᠭᠡᠷᠡᠭᠯᠡᠭᠰᠡᠨ ᠪᠠᠢ᠌ᠳᠠᠯ᠎ᠢ ᠬᠠᠩᠭ᠋ᠠᠨ᠎ᠠ᠃
    ᠬᠤᠷᠢᠨ ᠨᠢᠭᠡᠳᠦᠭᠡᠷ ᠵᠤᠷᠪᠤᠰ     ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ᠂ ᠳᠠᠮᠢᠷᠴᠢᠨ᠎ᠤ ᠬᠠᠮᠢᠶᠠᠷᠤᠯᠳᠠ ᠵᠢᠨ   ᠪᠠᠢ᠌ᠭᠤᠯᠭ᠎ᠠ᠎ᠨᠢ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠵᠢᠨ ᠳᠦᠷᠢᠮ᠎ᠤᠨ ᠳᠤᠭᠳᠠᠭ᠋ᠠᠭᠰᠠᠨ ᠵᠶ᠋ᠡᠷ ᠳᠠᠮᠢᠷᠴᠢᠨ᠎ᠤ ᠨᠡᠷᠡᠰ᠂ ᠳᠠᠮᠢᠷᠴᠢᠨ ᠪᠦᠷᠢ ᠵᠢᠨ ᠰᠤᠷᠭ᠋ᠠᠭᠴᠢ ᠵᠢᠨ ᠨᠡᠷᠡᠰ᠂ ᠡᠷᠬᠢᠯᠡᠵᠦ ᠪᠠᠢ᠌ᠬᠤ ᠪᠠᠶ᠎ᠠ ᠵᠢᠨ ᠳᠠᠮᠢᠷ᠎ᠤᠨ ᠳᠦᠷᠦᠯ ᠵᠦᠢ᠍ᠯ ᠵᠢᠴᠢ ᠬᠢᠷᠢ ᠪᠦᠳᠦᠮᠵᠢ ᠵᠡᠷᠭᠡ ᠬᠤᠯᠪᠤᠭᠳᠠᠯ ᠪᠦᠬᠦᠢ ᠰᠤᠷᠠᠭ ᠵᠠᠩᠭᠢ ᠵᠢ ᠬᠠᠩᠭ᠋ᠠᠬᠤ ᠪᠦᠭᠡᠳ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ᠎ᠳᠤ ᠳᠦᠬᠦᠮ ᠦᠵᠡᠬᠦᠯᠬᠦ ᠭᠡᠷᠡᠭᠳᠡᠢ᠃
    ᠬᠤᠷᠢᠨ ᠬᠤᠶᠠᠳᠤᠭ᠋ᠠᠷ ᠵᠤᠷᠪᠤᠰ       ᠪᠦᠬᠦ ᠤᠯᠤᠰ᠎ᠤᠨ ᠴᠢᠨᠡᠷᠳᠡᠢ ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ᠎ᠨᠢ ᠳᠤᠰ ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ᠎ᠳᠤ ᠪᠦᠷᠢᠳᠭᠡᠬᠦᠯᠦᠭᠰᠡᠨ ᠬᠡᠰᠢᠬᠦᠨ᠎ᠤ ᠳᠤᠤᠷᠡᠬᠢ ᠠᠵᠢᠯᠯᠠᠭ᠎ᠠ᠎ᠳᠤ ᠰᠢᠢ᠍ᠳᠪᠦᠷᠢᠯᠡᠬᠦ ᠠᠷᠭ᠎ᠠ ᠬᠡᠮᠵᠢᠶ᠎ᠡ ᠪᠠ ᠰᠢᠢ᠍ᠳᠪᠦᠷᠢᠯᠡᠬᠦ ᠶᠠᠪᠤᠴᠠ ᠵᠢ ᠳᠤᠭᠳᠠᠭ᠋ᠠᠨ᠎ᠠ᠃᠄ (ᠨᠢᠭᠡ) ᠳᠠᠮᠢᠷᠴᠢᠨ ᠬᠦᠭᠡᠷᠦᠯᠳᠡ ᠵᠢᠨ ᠡᠮ ᠭᠡᠷᠡᠭᠯᠡᠭᠰᠡᠨ᠃ (ᠬᠤᠶᠠᠷ)   ᠲᠠᠮᠢᠷᠴᠢᠨ᠎ᠳᠤ ᠲᠤᠰᠠᠯᠠᠬᠤ ᠠᠵᠢᠯᠳᠠᠨ᠂ ᠳᠠᠮᠢᠷᠴᠢᠨ᠎ᠤ ᠬᠠᠮᠢᠶᠠᠷᠤᠯᠳᠠ ᠵᠢᠨ   ᠪᠠᠢ᠌ᠭᠤᠯᠭ᠎ᠠ ᠳᠠᠮᠢᠷᠴᠢᠨ᠎ᠳᠤ ᠬᠦᠭᠡᠷᠦᠯᠳᠡ ᠵᠢᠨ ᠡᠮ ᠬᠠᠩᠭ᠋ᠠᠭᠰᠠᠨ᠃ (ᠭᠤᠷᠪᠠ) ᠳᠠᠮᠢᠷᠴᠢᠨ᠂   ᠲᠠᠮᠢᠷᠴᠢᠨ᠎ᠳᠤ ᠲᠤᠰᠠᠯᠠᠬᠤ ᠠᠵᠢᠯᠳᠠᠨ᠂ ᠳᠠᠮᠢᠷᠴᠢᠨ᠎ᠤ ᠬᠠᠮᠢᠶᠠᠷᠤᠯᠳᠠ ᠵᠢᠨ   ᠪᠠᠢ᠌ᠭᠤᠯᠭ᠎ᠠ᠎ᠨᠢ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠵᠢ ᠳᠡᠪᠴᠢᠬᠦ ᠪᠤᠶᠤ ᠬᠤᠷᠢᠭᠯᠠᠭᠰᠠᠨ᠃ ᠡᠮᠦᠨᠡᠬᠢ ᠳᠦᠷᠢᠮ᠎ᠳᠤ ᠵᠢᠭ᠋ᠠᠭᠰᠠᠨ ᠵᠶ᠋ᠡᠷ ᠰᠢᠢ᠍ᠳᠪᠦᠷᠢᠯᠡᠬᠦ ᠶᠠᠪᠤᠴᠠ᠎ᠳᠤ ᠳᠤᠬᠠᠢ ᠵᠢᠨ ᠬᠦᠮᠦᠨ᠎ᠤ ᠡᠰᠡᠷᠬᠦᠴᠡᠨ ᠮᠠᠷᠭᠤᠯᠳᠤᠬᠤ ᠡᠷᠬᠡ ᠪᠠ ᠵᠠᠷᠭᠤᠯᠳᠤᠬᠤ ᠡᠷᠬᠡ ᠵᠢ ᠳᠤᠭᠳᠠᠭ᠋ᠠᠬᠤ ᠭᠡᠷᠡᠭᠳᠡᠢ᠃ ᠪᠦᠬᠦ ᠤᠯᠤᠰ᠎ᠤᠨ ᠴᠢᠨᠡᠷᠳᠡᠢ ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ᠎ᠨᠢ ᠰᠢᠢ᠍ᠳᠪᠦᠷᠢᠯᠡᠬᠦ ᠠᠷᠭ᠎ᠠ ᠬᠡᠮᠵᠢᠶ᠎ᠡ ᠪᠠ ᠰᠢᠢ᠍ᠳᠪᠦᠷᠢᠯᠡᠬᠦ ᠶᠠᠪᠤᠴᠠ᠎ᠪᠠᠨ ᠳᠦᠷᠦ   ᠵᠢᠨ   ᠶᠠᠪᠤᠳᠠᠯ  ᠎ᠤᠨ   ᠬᠤᠷᠢᠶᠠᠨ  ᠎ᠤ   ᠪᠠᠶ᠎ᠠ   ᠵᠢᠨ   ᠳᠠᠮᠢᠷ  ᠎ᠤᠨ   ᠬᠠᠮᠢᠶᠠᠷᠤᠯᠳᠠ   ᠵᠢᠨ   ᠭᠤᠤᠯ   ᠰᠠᠯᠠᠭ᠎ᠠ   ᠮᠥᠴᠢᠷ  ᠎ᠲᠤ   ᠳᠠᠩᠰᠠᠯᠠᠭᠤᠯᠬᠤ   ᠭᠡᠷᠡᠭᠳᠡᠢ᠃
    ᠬᠤᠷᠢᠨ ᠭᠤᠷᠪᠠᠳᠤᠭ᠋ᠠᠷ ᠵᠤᠷᠪᠤᠰ     ᠲᠠᠮᠢᠷᠴᠢᠨ᠎ᠳᠤ ᠲᠤᠰᠠᠯᠠᠬᠤ ᠠᠵᠢᠯᠳᠠᠨ᠎ᠨᠢ ᠳᠠᠮᠢᠷᠴᠢᠨ᠎ᠳᠤ ᠬᠦᠭᠡᠷᠦᠯᠳᠡ ᠵᠢᠨ ᠡᠮ ᠥᠯᠥ ᠭᠡᠷᠡᠭᠯᠡᠬᠦ ᠵᠢ   ᠰᠣᠷᠭ᠋ᠠᠵᠤ ᠰᠠᠨᠠᠭᠤᠯᠬᠤ ᠪᠦᠭᠡᠳ ᠳᠠᠮᠢᠷᠴᠢᠨ᠎ᠳᠤ ᠬᠦᠭᠡᠷᠦᠯᠳᠡ ᠵᠢᠨ ᠡᠮ᠎ᠢ ᠡᠰᠡᠷᠬᠦᠴᠡᠬᠦ ᠳᠦᠷᠢᠮ᠎ᠤᠨ ᠵᠦᠪᠯᠡᠯᠬᠡ ᠬᠠᠩᠭ᠋ᠠᠬᠤ ᠭᠡᠷᠡᠭᠳᠡᠢ᠃   ᠲᠠᠮᠢᠷᠴᠢᠨ᠎ᠳᠤ ᠲᠤᠰᠠᠯᠠᠬᠤ ᠠᠵᠢᠯᠳᠠᠨ᠎ᠨᠢ ᠳᠠᠮᠢᠷᠴᠢᠨ᠎ᠳᠤ ᠬᠦᠭᠡᠷᠦᠯᠳᠡ ᠵᠢᠨ ᠡᠮ ᠬᠠᠩᠭ᠋ᠠᠵᠤ ᠪᠤᠯᠬᠤ ᠦᠭᠡᠢ᠂ ᠵᠤᠬᠢᠶᠠᠨ ᠪᠠᠢ᠌ᠭᠤᠯᠬᠤ᠂ ᠠᠯᠪᠠᠳᠠᠬᠤ᠂ ᠮᠡᠬᠡᠯᠡᠬᠦ᠂ ᠵᠢᠭ᠋ᠠᠨ ᠳᠤᠬᠢᠬᠤ᠂ ᠳᠡᠮᠵᠢᠬᠦ ᠵᠡᠷᠭᠡ ᠠᠷᠭ᠎ᠠ᠎ᠪᠠᠷ   ᠳᠠᠮᠢᠷ᠎ᠤᠨ ᠬᠦᠳᠡᠯᠬᠡᠬᠡᠨ᠎ᠤ ᠳᠤᠮᠳᠠ ᠳᠠᠮᠢᠷᠴᠢᠨ᠎ᠳᠤ ᠬᠦᠭᠡᠷᠦᠯᠳᠡ ᠵᠢᠨ ᠡᠮ ᠭᠡᠷᠡᠭᠯᠡᠬᠦᠯᠵᠦ ᠪᠤᠯᠬᠤ ᠦᠭᠡᠢ᠂ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠵᠢ ᠬᠠᠷᠰᠢᠯᠠᠵᠤ ᠪᠤᠯᠬᠤ ᠦᠭᠡᠢ᠂ ᠥᠯᠢᠭᠡᠷ ᠠᠪᠬᠤ ᠦᠷ᠎ᠡ ᠳ᠋ᠦᠩ᠎ᠢ ᠨᠥᠯᠥᠬᠡᠯᠡᠬᠦ ᠠᠵᠢᠯᠯᠠᠭ᠎ᠠ ᠠᠪᠴᠤ ᠪᠤᠯᠬᠤ ᠦᠭᠡᠢ᠃ ᠳᠠᠮᠢᠷᠴᠢᠨ᠎ᠨᠢ   ᠲᠠᠮᠢᠷᠴᠢᠨ᠎ᠳᠤ ᠲᠤᠰᠠᠯᠠᠬᠤ ᠠᠵᠢᠯᠳᠠᠨ ᠡᠮᠦᠨᠡᠬᠢ ᠳᠦᠷᠢᠮ᠎ᠢ ᠵᠦᠷᠢᠴᠡᠭᠰᠡᠨ᠎ᠢ ᠢᠯᠡᠷᠡᠬᠦᠯᠪᠡᠯ ᠢᠯᠡᠴᠢᠯᠡᠨ ᠮᠡᠳᠡᠬᠦᠯᠬᠦ ᠪᠠ ᠵᠠᠭ᠋ᠠᠯᠳᠤᠬᠤ ᠡᠷᠬᠡ᠎ᠲᠠᠢ᠃
    ᠬᠤᠷᠢᠨ ᠳᠦᠷᠪᠡᠳᠦᠭᠡᠷ ᠵᠤᠷᠪᠤᠰ     ᠳᠠᠮᠢᠷᠴᠢᠨ ᠪᠠᠶ᠎ᠠ ᠵᠢᠨ ᠳᠠᠮᠢᠷ᠎ᠤᠨ ᠬᠦᠳᠡᠯᠭᠡᠭᠡᠨ ᠳᠤᠮᠳᠠ ᠬᠦᠭᠡᠷᠦᠯᠳᠡ ᠵᠢᠨ ᠡᠮ ᠭᠡᠷᠡᠭᠯᠡᠵᠦ ᠪᠤᠯᠬᠤ ᠦᠭᠡᠢ᠃
    ᠬᠤᠷᠢᠨ ᠳᠠᠪᠤᠳᠤᠭ᠋ᠠᠷ ᠵᠤᠷᠪᠤᠰ     ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ᠎ᠳᠤ ᠪᠦᠷᠢᠳᠭᠡᠬᠦᠯᠦᠭᠰᠡᠨ ᠳᠠᠮᠢᠷᠴᠢᠨ᠂   ᠲᠠᠮᠢᠷᠴᠢᠨ᠎ᠳᠤ ᠲᠤᠰᠠᠯᠠᠬᠤ ᠠᠵᠢᠯᠳᠠᠨ᠎ᠨᠢ ᠬᠠᠤᠯᠢ ᠶᠤᠰᠤᠭ᠋ᠠᠷ ᠵᠤᠷ᠎ᠤᠨ ᠡᠷᠬᠡ᠎ᠲᠠᠢ ᠠᠵᠢᠯ ᠡᠷᠬᠢᠯᠡᠬᠦ ᠡᠮᠴᠢ ᠵᠢᠨ ᠵᠤᠷ ᠵᠶ᠋ᠡᠷ ᠬᠦᠭᠡᠷᠦᠯᠳᠡ ᠵᠢᠨ ᠡᠮ᠎ᠤᠨ ᠭᠠᠷᠴᠠᠭ᠎ᠲᠤ ᠵᠢᠬᠰᠠᠭ᠋ᠠᠭᠳᠠᠭᠰᠠᠨ   ᠬᠤᠷᠢᠭ᠎ᠠ᠎ᠲᠠᠢ ᠪᠤᠳᠠᠰ ᠠᠭᠤᠯᠠᠭᠳᠠᠭᠰᠠᠨ ᠡᠮ᠎ᠢ ᠠᠪᠴᠤ ᠶᠠᠪᠤᠵᠤ ᠪᠤᠯᠤᠨ᠎ᠠ᠃ ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ᠎ᠳᠤ ᠪᠦᠷᠢᠳᠭᠡᠬᠦᠯᠦᠭᠰᠡᠨ ᠳᠠᠮᠢᠷᠴᠢᠨ᠎ᠨᠢ ᠡᠮᠴᠢᠯᠡᠬᠦᠯᠬᠦ ᠦᠶ᠎ᠡ᠎ᠳᠤ᠂ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠵᠢᠨ ᠳᠦᠷᠢᠮ᠎ᠤᠨ ᠳᠤᠭᠳᠠᠭ᠋ᠠᠯ ᠶᠤᠰᠤᠭ᠋ᠠᠷ ᠡᠮᠴᠢ᠎ᠳᠤ ᠳᠠᠮᠢᠷᠴᠢᠨ᠎ᠤ ᠭᠠᠷᠤᠯ ᠵᠶ᠋ᠡᠨ ᠳᠤᠳᠤᠷᠬᠠᠢ᠌ᠯᠠᠨ ᠬᠡᠯᠡᠵᠦ ᠪᠤᠯᠤᠨ᠎ᠠ᠃ ᠡᠮᠴᠢ᠎ᠠᠴᠠ ᠡᠮ ᠭᠡᠷᠡᠭᠯᠡᠬᠦ᠎ᠳᠡᠭᠡᠨ᠂ ᠤᠷᠢᠳᠠᠵᠤ ᠬᠦᠭᠡᠷᠦᠯᠳᠡ ᠵᠢᠨ ᠡᠮ᠎ᠤᠨ ᠭᠠᠷᠴᠠᠭ᠎ᠲᠤ ᠵᠢᠬᠰᠠᠭ᠋ᠠᠭᠳᠠᠭᠰᠠᠨ   ᠪᠤᠳᠠᠰ ᠠᠭᠤᠯᠬᠤ ᠦᠭᠡᠢ ᠡᠮ᠎ᠢ ᠰᠤᠩᠭᠤᠨ ᠭᠡᠷᠡᠭᠯᠡᠬᠦ ᠭᠡᠷᠡᠭᠳᠡᠢ᠃ ᠡᠳᠡᠭᠡᠷ ᠬᠤᠷᠢᠭ᠎ᠠ᠎ᠲᠠᠢ ᠪᠤᠳᠠᠰ ᠠᠭᠤᠯᠤᠭᠰᠠᠨ ᠡᠮ᠎ᠢ ᠭᠡᠷᠡᠭᠯᠡᠬᠦ ᠭᠡᠷᠡᠭᠳᠡᠢ ᠭᠡᠵᠤ ᠨᠤᠳᠠᠯᠠᠪᠠᠯ᠂ ᠳᠤᠰ ᠡᠮ᠎ᠤᠨ ᠰᠢᠨᠵᠢ ᠴᠢᠨᠡᠷ ᠪᠠ ᠭᠡᠷᠡᠭᠯᠡᠭᠰᠡᠨ᠎ᠤ ᠳᠠᠷᠠᠭ᠋ᠠᠬᠢ ᠦᠷ᠎ᠡ ᠳ᠋ᠦᠩ᠎ᠢ ᠳᠤᠳᠤᠷᠬᠠᠢ᠌ᠯᠠᠬᠤ ᠭᠡᠷᠡᠭᠳᠡᠢ᠃
    ᠬᠤᠷᠢᠨ ᠵᠢᠷᠭᠤᠳᠤᠭ᠋ᠠᠷ ᠵᠤᠷᠪᠤᠰ     ᠪᠦᠬᠦ ᠤᠯᠤᠰ᠎ᠤᠨ ᠴᠢᠨᠡᠷᠳᠡᠢ ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ᠎ᠳᠤ ᠪᠦᠷᠢᠳᠭᠡᠬᠦᠯᠦᠭᠰᠡᠨ ᠳᠠᠮᠢᠷᠴᠢᠨ᠎ᠨᠢ ᠡᠮᠨᠡᠬᠦᠯᠬᠦ ᠵᠤᠷᠢᠯᠭ᠎ᠠ᠎ᠠᠴᠠ ᠪᠤᠯᠵᠤ ᠬᠦᠭᠡᠷᠦᠯᠳᠡ ᠵᠢᠨ ᠡᠮ᠎ᠤᠨ ᠭᠠᠷᠴᠠᠭ᠎ᠲᠤ ᠵᠢᠬᠰᠠᠭ᠋ᠠᠭᠳᠠᠭᠰᠠᠨ   ᠪᠤᠳᠠᠰ ᠠᠭᠤᠯᠬᠤ ᠡᠮ᠎ᠤᠨ ᠳᠥᠷᠥᠯ᠎ᠢ ᠭᠡᠷᠡᠭᠯᠡᠬᠦ   ᠪᠠᠢ᠌ᠳᠠᠯ᠎ᠳᠤ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠵᠢᠨ ᠳᠦᠷᠢᠮ᠎ᠤᠨ ᠲᠤᠭᠳᠠᠭ᠋ᠠᠯ᠎ᠤᠨ ᠲᠠᠭ᠋ᠠᠦ   ᠭᠤᠶᠤᠴᠢᠯᠠᠵᠤ᠂ ᠬᠢᠨᠠᠨ ᠵᠦᠪᠰᠢᠶᠡᠷᠡᠭᠰᠡᠨ᠎ᠤ ᠳᠠᠷᠠᠭ᠎ᠠ ᠭᠡᠷᠡᠭᠯᠡᠵᠦ ᠪᠤᠯᠤᠨ᠎ᠠ᠃
    ᠬᠤᠷᠢᠨ ᠳᠤᠯᠤᠳᠤᠭ᠋ᠠᠷ ᠵᠤᠷᠪᠤᠰ     ᠳᠠᠮᠢᠷᠴᠢᠨ᠎ᠨᠢ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠵᠢ ᠬᠦᠯᠢᠶᠡᠨ ᠠᠪᠴᠤ᠂ ᠥᠯᠢᠭᠡᠷ ᠠᠪᠬᠤ ᠦᠷ᠎ᠡ ᠳ᠋ᠦᠩ᠎ᠢ ᠨᠥᠯᠥᠬᠡᠯᠡᠬᠦ ᠠᠵᠢᠯᠯᠠᠭ᠎ᠠ ᠠᠪᠴᠤ ᠪᠤᠯᠬᠤ ᠦᠭᠡᠢ᠃
    ᠬᠤᠷᠢᠨ ᠨᠠᠢ᠍ᠮᠠᠳᠤᠭ᠋ᠠᠷ ᠵᠤᠷᠪᠤᠰ     ᠪᠦᠬᠦ ᠤᠯᠤᠰ᠎ᠤᠨ ᠴᠢᠨᠡᠷᠳᠡᠢ ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ᠎ᠳᠤ ᠪᠦᠷᠢᠳᠭᠡᠬᠦᠯᠦᠭᠰᠡᠨ ᠳᠠᠮᠢᠷᠴᠢᠨ᠎ᠨᠢ ᠳᠠᠮᠢᠷᠴᠢᠨ᠎ᠤ ᠰᠠᠭᠤᠭ᠎ᠠ ᠭᠠᠵᠠᠷ᠎ᠠᠴᠠ᠎ᠪᠠᠨ ᠰᠠᠯᠬᠤ ᠦᠶ᠎ᠡ᠎ᠳᠤ᠂ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠵᠢᠨ ᠳᠦᠷᠢᠮ᠎ᠤᠨ   ᠲᠤᠭᠳᠠᠭ᠋ᠠᠭᠰᠠᠨ ᠵᠶ᠋ᠡᠷ ᠮᠡᠳᠡᠬᠦᠯᠥᠯᠳᠡ ᠳᠤᠰᠢᠶᠠᠬᠤ ᠭᠡᠷᠡᠭᠳᠡᠢ᠃
    ᠬᠤᠷᠢ ᠶᠢᠰᠦᠳᠦᠭᠡᠷ ᠵᠤᠷᠪᠤᠰ   ᠳᠤᠮᠳᠠ ᠳᠠᠰ ᠵᠢᠴᠢ ᠳᠤᠮᠳᠠ᠎ᠠᠴᠠ ᠳᠡᠭᠡᠭᠰᠢᠬᠢ ᠳᠠᠰ᠎ᠤᠨ ᠰᠤᠷᠭ᠋ᠠᠨ ᠬᠦᠮᠦᠵᠢᠯ᠎ᠤᠨ ᠰᠤᠷᠭ᠋ᠠᠭᠤᠯᠢ ᠪᠠ ᠪᠤᠰᠤᠳ ᠰᠤᠷᠭ᠋ᠠᠨ ᠬᠦᠮᠦᠵᠢᠯ᠎ᠤᠨ ᠪᠠᠢ᠌ᠭᠤᠯᠤᠮᠵᠢ᠎ᠨᠢ ᠬᠦᠭᠡᠷᠦᠯᠳᠡ ᠵᠢᠨ ᠡᠮ᠎ᠢ ᠡᠰᠡᠷᠬᠦᠴᠡᠬᠦ ᠰᠤᠷᠭ᠋ᠠᠨ ᠬᠦᠮᠦᠵᠢᠯ᠎ᠢ   ᠴᠢᠩᠭ᠋ᠠᠳᠬᠠᠵᠦ᠂ ᠰᠤᠷᠤᠭᠴᠢ ᠵᠢᠨ ᠬᠦᠭᠡᠷᠦᠯᠳᠡ ᠵᠢᠨ ᠡᠮ᠎ᠢ ᠡᠰᠡᠷᠬᠦᠴᠡᠬᠦ ᠤᠬᠠᠮᠰᠠᠷ᠎ᠢ ᠳᠡᠭᠡᠭᠰᠢᠯᠡᠬᠦᠯᠵᠦ᠂ ᠰᠤᠷᠭ᠋ᠠᠭᠤᠯᠢ ᠵᠢᠨ ᠳᠠᠮᠢᠷ᠎ᠤᠨ ᠬᠦᠳᠡᠯᠭᠡᠭᠡᠨ ᠳᠤᠮᠳᠠ ᠬᠦᠭᠡᠷᠦᠯᠳᠡ ᠵᠢᠨ ᠡᠮ ᠭᠡᠷᠡᠭᠯᠡᠬᠦ ᠵᠢ ᠰᠡᠷᠬᠡᠢ᠌ᠯᠡᠬᠦ ᠠᠷᠭ᠎ᠠ ᠠᠪᠴᠠᠯ ᠠᠪᠬᠤ ᠭᠡᠷᠡᠭᠳᠡᠢ᠃ ᠰᠤᠷᠤᠭᠴᠢ ᠬᠦᠭᠡᠷᠦᠯᠳᠡ ᠵᠢᠨ ᠡᠮ ᠭᠡᠷᠡᠭᠯᠡᠭᠰᠡᠨ᠎ᠢ ᠢᠯᠡᠷᠡᠬᠦᠯᠪᠡᠯ ᠳᠠᠷᠤᠢ᠎ᠳᠤᠨᠢ ᠬᠤᠷᠢᠭᠯᠠᠨ ᠵᠤᠭᠰᠤᠭ᠋ᠠᠬᠤ ᠭᠡᠷᠡᠭᠳᠡᠢ᠃ ᠪᠠᠶ᠎ᠠ ᠵᠢᠨ ᠳᠠᠮᠢᠷ᠎ᠤᠨ ᠳᠤᠰᠬᠠᠢ ᠮᠡᠷᠭᠡᠵᠢᠯ᠎ᠤᠨ ᠰᠤᠷᠭ᠋ᠠᠨ ᠬᠦᠮᠦᠵᠢᠯ᠎ᠳᠤ ᠬᠦᠭᠡᠷᠦᠯᠳᠡ ᠵᠢᠨ ᠡᠮ᠎ᠢ ᠡᠰᠡᠷᠬᠦᠴᠡᠬᠦ ᠵᠢᠭ᠋ᠠᠬᠤ ᠠᠭᠤᠯᠭ᠎ᠠ ᠵᠢ ᠪᠠᠭᠳᠠᠭ᠋ᠠᠬᠤ ᠭᠡᠷᠡᠭᠳᠡᠢ᠃
    ᠭᠤᠴᠢᠳᠤᠭ᠋ᠠᠷ ᠵᠤᠷᠪᠤᠰ   ᠪᠠᠶ᠎ᠠ ᠵᠢᠨ ᠳᠠᠮᠢᠷ ᠪᠠᠶ᠎ᠠ ᠪᠤᠯᠪᠠᠰᠤᠷᠠᠭᠤᠯᠬᠤ ᠬᠦᠳᠡᠯᠬᠡᠬᠡᠨ᠎ᠢ ᠡᠵᠡᠩᠨᠡᠬᠦ   ᠪᠠᠢ᠌ᠭᠤᠯᠭ᠎ᠠ ᠪᠠ ᠳᠤᠰᠬᠠᠢ ᠮᠡᠷᠭᠡᠵᠢᠯ᠎ᠤᠨ ᠵᠢᠭ᠋ᠠᠨ ᠰᠤᠷᠭ᠋ᠠᠭᠴᠢ᠎ᠠᠴᠠ ᠪᠠᠶ᠎ᠠ ᠵᠢᠨ ᠳᠠᠮᠢᠷ ᠪᠠᠶ᠎ᠠ ᠪᠤᠯᠪᠠᠰᠤᠷᠠᠭᠤᠯᠬᠤ ᠬᠦᠳᠡᠯᠬᠡᠬᠡᠨ᠎ᠳᠤ ᠤᠷᠤᠯᠴᠠᠭᠰᠠᠳ᠎ᠲᠤ ᠬᠦᠭᠡᠷᠦᠯᠳᠡ ᠵᠢᠨ ᠡᠮ ᠠᠭᠤᠯᠤᠭᠰᠠᠨ ᠡᠮ᠎ᠤᠨ ᠳᠥᠷᠥᠯ᠂ ᠢᠳᠡᠭᠡᠨ᠎ᠤ ᠳᠥᠷᠥᠯ᠎ᠢ ᠬᠠᠩᠭ᠋ᠠᠵᠤ ᠪᠤᠯᠬᠤ ᠦᠭᠡᠢ᠃
    ᠳᠦᠷᠪᠡᠳᠦᠭᠡᠷ ᠪᠥᠯᠥᠭ ᠬᠦᠭᠡᠷᠦᠯᠳᠡ ᠵᠢᠨ ᠡᠮ᠎ᠤᠨ ᠪᠠᠢ᠌ᠴᠠᠭ᠋ᠠᠬᠤ ᠪᠠ ᠰᠢᠯᠭ᠋ᠠᠨ ᠪᠠᠢ᠌ᠴᠠᠭ᠋ᠠᠬᠤ
    ᠭᠤᠴᠢᠨ ᠨᠢᠭᠡᠳᠦᠭᠡᠷ ᠵᠤᠷᠪᠤᠰ   ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠰᠠᠯᠠᠭ᠎ᠠ ᠮᠥᠴᠢᠷ᠎ᠨᠢ ᠬᠦᠭᠡᠷᠦᠯᠳᠡ ᠵᠢᠨ ᠡᠮ᠎ᠢ ᠪᠠᠢ᠌ᠴᠠᠭ᠋ᠠᠬᠤ ᠳᠦᠷᠢᠮ ᠪᠠ ᠬᠦᠭᠡᠷᠦᠯᠳᠡ ᠵᠢᠨ ᠡᠮ᠎ᠢ ᠪᠠᠢ᠌ᠴᠠᠭ᠋ᠠᠬᠤ ᠳᠥᠯᠥᠪᠯᠡᠬᠡ ᠳᠤᠭᠳᠠᠭ᠋ᠠᠵᠤ᠂ ᠵᠤᠬᠢᠶᠠᠨ ᠪᠠᠢ᠌ᠭᠤᠯᠤᠨ ᠪᠡᠶᠡᠯᠡᠬᠦᠯᠬᠦ ᠭᠡᠷᠡᠭᠳᠡᠢ᠃
ᠭᠤᠴᠢᠨ ᠬᠤᠶᠠᠳᠤᠭ᠋ᠠᠷ ᠵᠤᠷᠪᠤᠰ     ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠰᠠᠯᠠᠭ᠎ᠠ ᠮᠥᠴᠢᠷ᠎ᠨᠢ ᠬᠦᠭᠡᠷᠦᠯᠳᠡ ᠵᠢᠨ ᠡᠮ᠎ᠢ ᠪᠠᠢ᠌ᠴᠠᠭ᠋ᠠᠬᠤ ᠳᠥᠯᠥᠪᠯᠡᠬᠡ ᠵᠢ ᠦᠨᠳᠦᠰᠦᠯᠡᠨ᠂ ᠪᠦᠬᠦ ᠤᠯᠤᠰ᠎ᠤᠨ ᠴᠢᠨᠡᠷᠳᠡᠢ ᠤᠷᠤᠯᠳᠤᠭ᠋ᠠᠨ᠎ᠤ ᠤᠷᠤᠯᠳᠤᠭ᠋ᠠᠨ᠎ᠳᠤ ᠤᠷᠤᠯᠴᠠᠬᠤ ᠳᠠᠮᠢᠷᠴᠢᠨ᠎ᠳᠤ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠬᠢᠬᠦ ᠭᠡᠷᠡᠭᠳᠡᠢ᠂ ᠪᠠᠰᠠ ᠮᠤᠵᠢ ᠵᠢᠨ ᠳᠠᠰ᠎ᠤᠨ ᠪᠠᠶ᠎ᠠ ᠵᠢᠨ ᠳᠠᠮᠢᠷ᠎ᠤᠨ ᠤᠷᠤᠯᠳᠤᠭ᠋ᠠᠨ᠎ᠳᠤ ᠤᠷᠤᠯᠴᠠᠬᠤ ᠳᠠᠮᠢᠷᠴᠢᠨ᠎ᠳᠤ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠬᠢᠬᠦ ᠭᠡᠷᠡᠭᠳᠡᠢ᠃ ᠪᠤᠰᠤᠳ ᠪᠠᠶ᠎ᠠ ᠵᠢᠨ ᠳᠠᠮᠢᠷ᠎ᠤᠨ ᠤᠷᠤᠯᠳᠤᠭ᠋ᠠᠨ᠎ᠤ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠬᠢᠬᠦ ᠡᠰᠡᠷᠬᠦ ᠵᠢ ᠤᠷᠤᠯᠳᠤᠭ᠋ᠠᠨ᠎ᠤ ᠵᠤᠬᠢᠶᠠᠨ ᠪᠠᠢ᠌ᠭᠤᠯᠤᠭᠴᠢ᠎ᠠᠴᠠ ᠳᠤᠭᠳᠠᠭ᠋ᠠᠨ᠎ᠠ᠃
    ᠭᠤᠴᠢᠨ ᠭᠤᠷᠪᠠᠳᠤᠭ᠋ᠠᠷ ᠵᠤᠷᠪᠤᠰ     ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠰᠠᠯᠠᠭ᠎ᠠ ᠮᠥᠴᠢᠷ᠎ᠨᠢ ᠬᠦᠭᠡᠷᠦᠯᠳᠡ ᠵᠢᠨ ᠡᠮ᠎ᠢ ᠪᠠᠢ᠌ᠴᠠᠭ᠋ᠠᠬᠤ ᠳᠥᠯᠥᠪᠯᠡᠬᠡ ᠵᠢ ᠦᠨᠳᠦᠰᠦᠯᠡᠨ᠂ ᠪᠦᠬᠦ ᠤᠯᠤᠰ᠎ᠤᠨ ᠴᠢᠨᠡᠷᠳᠡᠢ ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ᠎ᠳᠤ ᠪᠦᠷᠢᠳᠭᠡᠬᠦᠯᠦᠭᠰᠡᠨ ᠳᠠᠮᠢᠷᠴᠢᠨ᠎ᠳᠤ ᠤᠷᠤᠯᠳᠤᠭ᠋ᠠᠨ᠎ᠤ ᠭᠠᠳᠠᠨᠠᠬᠢ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠬᠢᠬᠦ ᠵᠢ ᠰᠢᠢ᠍ᠳᠴᠦ ᠪᠤᠯᠤᠨ᠎ᠠ᠃
    ᠭᠤᠴᠢᠨ ᠳᠦᠷᠪᠡᠳᠦᠭᠡᠷ ᠵᠤᠷᠪᠤᠰ     ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠬᠢᠬᠦ ᠠᠵᠢᠯᠳᠠᠨ (ᠳᠤᠷᠤᠭᠰᠢ ᠪᠠᠢ᠌ᠴᠠᠭ᠋ᠠᠭᠴᠢ ᠭᠡᠵᠤ ᠳᠤᠪᠴᠢᠯᠠᠨ᠎ᠠ)᠎ᠨᠢ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠬᠢᠬᠦ ᠳᠦᠷᠢᠮ ᠵᠶ᠋ᠡᠷ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠬᠢᠨ᠎ᠠ᠃
    ᠭᠤᠴᠢᠨ ᠳᠠᠪᠤᠳᠤᠭ᠋ᠠᠷ ᠵᠤᠷᠪᠤᠰ     ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠵᠢ ᠪᠡᠶᠡᠯᠡᠬᠦᠯᠬᠦ᠎ᠳᠤ 2᠎ᠠᠴᠠ ᠳᠡᠭᠡᠭᠰᠢ ᠪᠠᠢ᠌ᠴᠠᠭ᠋ᠠᠭᠴᠢ ᠤᠷᠤᠯᠴᠠᠬᠤ ᠭᠡᠷᠡᠭᠳᠡᠢ᠃ ᠪᠠᠢ᠌ᠴᠠᠭ᠋ᠠᠭᠴᠢ᠎ᠨᠢ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠬᠢᠬᠦ ᠡᠬᠦᠷᠬᠡ᠎ᠪᠠᠨ ᠬᠦᠢ᠍ᠴᠡᠳᠭᠡᠬᠦᠯᠬᠦ ᠦᠶᠡᠰ᠂ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠬᠢᠬᠦ ᠦᠨᠡᠮᠯᠡᠯ ᠵᠶ᠋ᠡᠨ ᠭᠠᠷᠭ᠋ᠠᠬᠤ ᠭᠡᠷᠡᠭᠳᠡᠢ᠃ ᠳᠠᠮᠢᠷᠴᠢᠨ᠎ᠠᠴᠠ ᠥᠯᠢᠭᠡᠷ ᠠᠪᠬᠤ ᠦᠶᠡᠰ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠬᠢᠬᠦ ᠳᠦᠷᠢᠮ ᠵᠶ᠋ᠡᠷ   ᠭᠠᠷ᠎ᠤᠨ ᠦᠰᠦᠭ ᠵᠢᠷᠦᠵᠦ ᠢᠯᠡᠭᠡᠭᠰᠡᠨ ᠨᠢᠭᠡ ᠯᠠ ᠤᠳᠠᠭ᠋ᠠᠨ᠎ᠤ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠬᠢᠬᠦ ᠵᠦᠪᠰᠢᠶᠡᠷᠡᠯ᠎ᠤᠨ ᠪᠢᠴᠢᠭ᠎ᠢ ᠭᠠᠷᠭ᠋ᠠᠬᠤ ᠭᠡᠷᠡᠭᠳᠡᠢ᠃ ᠪᠠᠢ᠌ᠴᠠᠭ᠋ᠠᠭᠴᠢ᠎ᠨᠢ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠬᠢᠬᠦ ᠡᠬᠦᠷᠬᠡ᠎ᠪᠠᠨ   ᠬᠦᠢ᠍ᠴᠡᠳᠭᠡᠬᠦ ᠦᠶᠡᠰ᠂ ᠪᠠᠶ᠎ᠠ ᠵᠢᠨ ᠳᠠᠮᠢᠷ᠎ᠤᠨ ᠪᠤᠯᠪᠠᠰᠤᠷᠡᠯ᠎ᠤᠨ ᠳᠠᠯᠠᠪᠠᠢ᠂ ᠪᠠᠶ᠎ᠠ ᠵᠢᠨ ᠳᠠᠮᠢᠷ᠎ᠤᠨ ᠤᠷᠤᠯᠳᠤᠭ᠋ᠠᠨ᠎ᠤ ᠳᠠᠯᠠᠪᠠᠢ ᠪᠠ ᠳᠠᠮᠢᠷᠴᠢᠨ᠎ᠤ ᠰᠠᠭᠤᠭ᠎ᠠ ᠭᠠᠵᠠᠷ᠎ᠲᠤ ᠤᠷᠤᠬᠤ ᠡᠷᠬᠡ᠎ᠲᠠᠢ᠃ ᠬᠤᠯᠪᠤᠭᠳᠠᠯ ᠪᠦᠬᠦᠢ   ᠪᠠᠢ᠌ᠭᠤᠯᠭ᠎ᠠ ᠪᠠ ᠠᠵᠢᠯᠳᠠᠨ᠎ᠨᠢ ᠪᠠᠢ᠌ᠴᠠᠭ᠋ᠠᠭᠴᠢ ᠵᠢᠨ ᠬᠦᠭᠡᠷᠦᠯᠳᠡ ᠵᠢᠨ ᠡᠮ᠎ᠤᠨ ᠪᠠᠢ᠌ᠴᠠᠭ᠋ᠠᠯᠳᠠ ᠬᠢᠬᠦ᠎ᠲᠠᠢ ᠬᠠᠮᠵᠢᠯᠴᠠᠬᠤ ᠡᠬᠦᠷᠬᠡ᠎ᠲᠠᠢ᠂ ᠳᠡᠪᠴᠢᠬᠦ ᠪᠠ ᠬᠤᠷᠢᠭᠯᠠᠵᠤ ᠪᠤᠯᠬᠤ ᠦᠭᠡᠢ᠃
    ᠭᠤᠴᠢᠨ ᠵᠢᠷᠭᠤᠳᠤᠭ᠋ᠠᠷ ᠵᠤᠷᠪᠤᠰ     ᠬᠤᠷᠢᠶᠠᠭᠰᠠᠨ ᠶᠠᠩᠵᠤ ᠵᠢ ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠭᠤᠤᠯ ᠰᠠᠯᠠᠭ᠎ᠠ ᠮᠥᠴᠢᠷ᠎ᠠᠴᠠ ᠪᠠᠳᠤᠯᠠᠭᠰᠠᠨ ᠬᠦᠭᠡᠷᠦᠯᠳᠡ ᠵᠢᠨ ᠡᠮ᠎ᠢ ᠰᠢᠯᠭ᠋ᠠᠨ ᠪᠠᠢ᠌ᠴᠠᠭ᠋ᠠᠬᠤ ᠨᠦᠬᠦᠴᠡᠯ᠎ᠳᠤ ᠨᠡᠢ᠌ᠴᠡᠭᠰᠡᠨ ᠰᠢᠯᠭ᠋ᠠᠨ ᠪᠠᠢ᠌ᠴᠠᠭ᠋ᠠᠬᠤ ᠪᠠᠢ᠌ᠭᠤᠯᠤᠮᠵᠢ᠎ᠠᠴᠠ ᠪᠠᠢ᠌ᠴᠠᠭ᠋ᠠᠨ᠎ᠠ᠃ ᠬᠦᠭᠡᠷᠦᠯᠳᠡ ᠵᠢᠨ ᠡᠮ᠎ᠢ ᠰᠢᠯᠭ᠋ᠠᠨ ᠪᠠᠢ᠌ᠴᠠᠭ᠋ᠠᠬᠤ ᠪᠠᠢ᠌ᠭᠤᠯᠤᠮᠵᠢ ᠵᠢᠴᠢ ᠠᠵᠢᠯᠳᠠᠨ᠎ᠨᠢ ᠬᠦᠭᠡᠷᠦᠯᠳᠡ ᠵᠢᠨ ᠡᠮ᠎ᠢ ᠰᠢᠯᠭ᠋ᠠᠨ ᠪᠠᠢ᠌ᠴᠠᠭ᠋ᠠᠬᠤ ᠳᠦᠷᠢᠮ ᠵᠶ᠋ᠡᠷ ᠳᠤᠭᠳᠠᠭ᠋ᠠᠭᠰᠠᠨ ᠬᠦᠷᠢᠶ᠎ᠡ ᠬᠡᠪᠴᠢᠶ᠎ᠠ ᠪᠠ ᠪᠠᠷᠢᠮᠵᠢᠶ᠎ᠠ᠎ᠪᠠᠷ ᠬᠤᠷᠢᠶᠠᠭᠰᠠᠨ ᠶᠠᠩᠵᠤ ᠵᠢ ᠰᠢᠯᠭ᠋ᠠᠨ ᠪᠠᠢ᠌ᠴᠠᠭ᠋ᠠᠨ᠎ᠠ᠃
    ᠳᠠᠪᠤᠳᠤᠭ᠋ᠠᠷ ᠪᠥᠯᠥᠭ ᠬᠠᠤᠯᠢ ᠵᠢᠨ ᠬᠠᠷᠢᠭᠤᠴᠠᠯᠭ᠎ᠠ
    ᠭᠤᠴᠢᠨ ᠳᠤᠯᠤᠳᠤᠭ᠋ᠠᠷ ᠵᠤᠷᠪᠤᠰ     ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠰᠠᠯᠠᠭ᠎ᠠ ᠮᠥᠴᠢᠷ ᠪᠠ ᠪᠤᠰᠤᠳ ᠵᠠᠰᠠᠭ ᠵᠠᠬᠢᠷᠭ᠋ᠠᠨ᠎ᠤ ᠪᠠᠢ᠌ᠭᠤᠯᠭ᠎ᠠ ᠵᠢᠴᠢ ᠠᠵᠢᠯᠳᠠᠨ᠎ᠨᠢ ᠡᠬᠦᠷᠬᠡ᠎ᠪᠠᠨ ᠬᠦᠢ᠍ᠴᠡᠳᠭᠡᠬᠦᠯᠬᠦ ᠦᠭᠡᠢ᠂ ᠡᠰᠡᠬᠦᠯ᠎ᠡ ᠥᠮᠥᠭᠯᠡᠭᠰᠡᠨ᠂ ᠬᠠᠤᠯᠢ ᠪᠤᠰᠤ᠎ᠪᠠᠷ ᠭᠡᠷᠡᠭᠯᠡᠬᠦ ᠵᠢ ᠦᠳᠦᠭᠡᠭᠰᠡᠨ᠂ ᠬᠦᠭᠡᠷᠦᠯᠳᠡ ᠵᠢᠨ ᠡᠮ ᠬᠠᠩᠭ᠋ᠠᠭᠰᠠᠨ ᠪᠤᠶᠤ ᠳᠤᠰ ᠳᠦᠷᠢᠮ᠎ᠢ ᠵᠦᠷᠢᠴᠡᠭᠰᠡᠨ ᠪᠤᠰᠤᠳ ᠠᠵᠢᠯᠯᠠᠭ᠎ᠠ᠎ᠲᠠᠢ ᠪᠤᠯ᠂ ᠬᠠᠷᠢᠭᠤᠴᠠᠭᠰᠠᠨ ᠠᠵᠢᠯᠳᠠᠨ ᠪᠤᠯᠤᠨ ᠪᠤᠰᠤᠳ ᠰᠢᠭᠤᠳ ᠬᠤᠯᠪᠤᠭᠳᠠᠯ ᠪᠦᠬᠦᠢ ᠬᠦᠮᠦᠨ᠎ᠳᠤ ᠬᠠᠤᠯᠢ ᠶᠤᠰᠤᠭ᠋ᠠᠷ ᠵᠠᠰᠠᠭ ᠵᠠᠬᠢᠷᠭ᠋ᠠᠨ᠎ᠤ ᠰᠢᠳᠬᠡᠯ ᠦᠭᠭᠦᠨ᠎ᠡ᠃   ᠶᠠᠯ᠎ᠠ ᠪᠤᠯᠵᠦ ᠪᠦᠷᠢᠯᠳᠦᠭᠰᠡᠨ ᠪᠤᠯ ᠬᠠᠤᠯᠢ ᠶᠤᠰᠤᠭ᠋ᠠᠷ ᠡᠷᠡᠬᠦᠦ ᠵᠢᠨ ᠭᠡᠷᠡᠭ᠎ᠤᠨ ᠬᠠᠷᠢᠭᠤᠴᠠᠯᠭ᠎ᠠ ᠨᠡᠬᠡᠮᠵᠢᠯᠡᠨ᠎ᠡ᠃
    ᠭᠤᠴᠢᠨ ᠨᠠᠢ᠍ᠮᠠᠳᠤᠭ᠋ᠠᠷ ᠵᠤᠷᠪᠤᠰ     ᠲᠤᠰ ᠲᠦᠷᠢᠮ᠎ᠢ ᠵᠦᠷᠢᠴᠡᠵᠦ᠂ ᠲᠠᠷᠠᠭ᠋ᠠᠬᠢ ᠵᠦᠢ᠍ᠯᠡᠰ᠎ᠤᠨ ᠠᠯᠢ ᠨᠢᠭᠡ ᠠᠵᠢᠯᠯᠠᠭ᠎ᠠ ᠵᠢ ᠬᠢᠭᠰᠡᠨ ᠪᠤᠯ ᠰᠢᠶᠠᠨ᠎ᠤ ᠳᠠᠰ᠎ᠠᠴᠠ ᠳᠡᠭᠡᠭᠰᠢᠬᠢ ᠢᠳᠡᠭᠡᠨ᠎ᠤ ᠳᠦᠷᠦᠯ ᠡᠮ᠎ᠤᠨ ᠳᠦᠷᠦᠯ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠥᠴᠢᠷ᠎ᠠᠴᠠ ᠳᠦᠷᠦ ᠵᠢᠨ ᠶᠠᠪᠤᠳᠠᠯ᠎ᠤᠨ ᠢᠳᠡᠭᠡᠨ᠎ᠤ ᠳᠦᠷᠦᠯ ᠡᠮ᠎ᠤᠨ ᠳᠦᠷᠦᠯ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠥᠴᠢᠷ᠎ᠤᠨ ᠳᠤᠭᠳᠠᠭ᠋ᠠᠭᠰᠠᠨ ᠠᠵᠢᠯᠳᠠᠨ᠎ᠤ ᠠᠵᠢᠯ᠎ᠤᠨ ᠬᠤᠪᠢᠶᠠᠷᠢᠯᠡᠯ᠎ᠢ ᠦᠨᠳᠦᠰᠦᠯᠡᠨ᠂ ᠬᠠᠤᠯᠢ ᠪᠤᠰᠤ᠎ᠪᠠᠷ ᠦᠢ᠍ᠯᠡᠳᠪᠦᠷᠢᠯᠡᠭᠰᠡᠨ ᠡᠵᠡᠩᠨᠡᠭᠰᠡᠨ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ ᠪᠠ ᠬᠠᠤᠯᠢ ᠵᠦᠷᠢᠴᠡᠵᠦ ᠤᠯᠤᠭᠰᠠᠨ ᠵᠦᠢ᠍ᠯ᠎ᠢ ᠬᠤᠷᠢᠶᠠᠵᠤ᠂ ᠬᠠᠤᠯᠢ ᠵᠦᠷᠢᠴᠡᠵᠦ ᠦᠢ᠍ᠯᠡᠳᠪᠦᠷᠢᠯᠡᠭᠰᠡᠨ ᠡᠵᠡᠩᠨᠡᠭᠰᠡᠨ ᠡᠮ᠎ᠤᠨ ᠳᠥᠷᠥᠯ᠎ᠤᠨ ᠦᠷᠳᠡᠭ᠎ᠤᠨ 2 ᠳᠠᠬᠢᠨ᠎ᠠᠴᠠ 5 ᠳᠠᠬᠢᠨ ᠵᠶ᠋ᠡᠷ   ᠲᠤᠷᠭ᠋ᠠᠨ᠎ᠠ᠃ ᠪᠠᠢ᠌ᠳᠠᠯ᠎ᠨᠢ ᠬᠦᠨᠳᠦ ᠨᠤᠴᠢᠳᠠᠢ ᠵᠢ ᠦᠨᠡᠮᠯᠡᠯ ᠤᠯᠭᠤᠬᠤ ᠪᠠᠢ᠌ᠭᠤᠯᠭ᠎ᠠ᠎ᠠᠴᠠ 《ᠡᠮ᠎ᠤᠨ ᠳᠥᠷᠥᠯ᠎ᠤᠨ ᠦᠢ᠍ᠯᠡᠳᠪᠦᠷᠢᠯᠡᠬᠦ ᠵᠦᠪᠰᠢᠶᠡᠷᠡᠯ᠎ᠤᠨ ᠦᠨᠡᠮᠯᠡᠯ》᠂ 《ᠡᠮ᠎ᠤᠨ ᠳᠥᠷᠥᠯ᠎ᠤᠨ ᠡᠵᠡᠩᠨᠡᠬᠦ ᠵᠦᠪᠰᠢᠶᠡᠷᠡᠯ᠎ᠤᠨ ᠦᠨᠡᠮᠯᠡᠯ》᠎ᠢ᠎ᠨᠢ ᠬᠤᠷᠢᠶᠠᠨ ᠠᠪᠴᠤ ᠬᠦᠴᠦᠨ ᠦᠭᠡᠢ ᠪᠤᠯᠭ᠋ᠠᠨ᠎ᠠ᠃   ᠶᠠᠯ᠎ᠠ ᠪᠤᠯᠵᠦ ᠪᠦᠷᠢᠯᠳᠦᠭᠰᠡᠨ ᠪᠤᠯ ᠬᠠᠤᠯᠢ ᠶᠤᠰᠤᠭ᠋ᠠᠷ ᠡᠷᠡᠬᠦᠦ ᠵᠢᠨ ᠭᠡᠷᠡᠭ᠎ᠤᠨ ᠬᠠᠷᠢᠭᠤᠴᠠᠯᠭ᠎ᠠ ᠨᠡᠬᠡᠮᠵᠢᠯᠡᠨ᠎ᠡ᠄ (ᠨᠢᠭᠡ) ᠦᠢ᠍ᠯᠡᠳᠪᠦᠷᠢᠯᠡᠯ᠎ᠤᠨ ᠠᠵᠤ ᠠᠬᠤᠢ᠌ᠯᠠᠯ ᠳᠤᠷ᠎ᠡ᠎ᠪᠠᠷ ᠵᠶ᠋ᠡᠨ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ ᠦᠢ᠍ᠯᠡᠳᠪᠦᠷᠢᠯᠡᠭᠰᠡᠨ ᠪᠤᠶᠤ   ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠢ ᠳᠤᠰ ᠳᠦᠷᠢᠮ᠎ᠳᠤ ᠳᠤᠭᠳᠠᠭ᠋ᠠᠭᠰᠠᠨ ᠠᠷᠭ᠎ᠠ ᠵᠠᠮ ᠵᠶ᠋ᠡᠷ ᠬᠠᠩᠭ᠋ᠠᠭᠰᠠᠨ ᠦᠭᠡᠢ᠃ (ᠬᠤᠶᠠᠷ) ᠡᠮ᠎ᠤᠨ ᠳᠥᠷᠥᠯ᠎ᠤᠨ ᠪᠦᠬᠡᠮᠯᠡᠨ ᠪᠤᠷᠤᠯᠠᠭᠤᠯᠬᠤ ᠠᠵᠤ ᠠᠬᠤᠢ᠌ᠯᠠᠯ ᠳᠤᠷ᠎ᠡ᠎ᠪᠠᠷ ᠵᠶ᠋ᠡᠨ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ ᠡᠵᠡᠩᠨᠡᠭᠰᠡᠨ ᠪᠤᠶᠤ   ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ᠎ᠢ ᠳᠤᠰ ᠳᠦᠷᠢᠮ᠎ᠳᠤ ᠳᠤᠭᠳᠠᠭ᠋ᠠᠭᠰᠠᠨ ᠠᠷᠭ᠎ᠠ ᠵᠠᠮ ᠵᠶ᠋ᠡᠷ ᠬᠠᠩᠭ᠋ᠠᠭᠰᠠᠨ ᠦᠭᠡᠢ᠃ (ᠭᠤᠷᠪᠠ) ᠡᠮ᠎ᠤᠨ ᠳᠥᠷᠥᠯ᠎ᠤᠨ ᠵᠢᠵᠢᠭᠯᠡᠨ ᠪᠤᠷᠤᠯᠠᠭᠤᠯᠬᠤ ᠠᠵᠤ ᠠᠬᠤᠢ᠌ᠯᠠᠯ ᠳᠤᠷ᠎ᠡ᠎ᠪᠠᠷ ᠵᠶ᠋ᠡᠨ ᠤᠭᠤᠷᠠᠭ᠎ᠤᠨ ᠢᠵᠢᠯᠰᠢᠬᠦ ᠡᠮ᠂ ᠫᠸᠫᠲ᠋ᠢᠲ᠎ᠤᠨ ᠳᠥᠷᠥᠯ᠎ᠤᠨ ᠬᠤᠷᠮᠤᠨ ᠡᠵᠡᠩᠨᠡᠭᠰᠡᠨ᠃
    ᠭᠤᠴᠢ ᠶᠢᠰᠦᠳᠦᠭᠡᠷ ᠵᠤᠷᠪᠤᠰ     ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ᠂ ᠳᠠᠮᠢᠷᠴᠢᠨ᠎ᠤ ᠬᠠᠮᠢᠶᠠᠷᠤᠯᠳᠠ ᠵᠢᠨ   ᠪᠠᠢ᠌ᠭᠤᠯᠭ᠎ᠠ᠎ᠨᠢ ᠵᠤᠬᠢᠶᠠᠨ ᠪᠠᠢ᠌ᠭᠤᠯᠵᠤ᠂ ᠠᠯᠪᠠᠳᠠᠵᠤ᠂ ᠮᠡᠬᠡᠯᠡᠵᠦ ᠳᠠᠮᠢᠷᠴᠢᠨ᠎ᠳᠤ ᠳᠠᠮᠢᠷ᠎ᠤᠨ ᠬᠦᠳᠡᠯᠬᠡᠬᠡᠨ᠎ᠤ ᠳᠤᠮᠳᠠ ᠬᠦᠭᠡᠷᠦᠯᠳᠡ ᠵᠢᠨ ᠡᠮ ᠬᠠᠩᠭ᠋ᠠᠭᠰᠠᠨ᠎ᠢ ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠰᠠᠯᠠᠭ᠎ᠠ ᠮᠥᠴᠢᠷ ᠪᠤᠶᠤ ᠮᠤᠵᠢ᠂ ᠥᠪᠡᠷᠳᠡᠭᠡᠨ ᠵᠠᠰᠠᠬᠤ ᠤᠷᠤᠨ᠂   ᠰᠢᠭᠤᠳ ᠬᠠᠷᠢᠶᠠᠳᠤ ᠬᠤᠳᠠ ᠵᠢᠨ ᠠᠷᠠᠳ᠎ᠤᠨ ᠵᠠᠰᠠᠭ᠎ᠤᠨ ᠤᠷᠳᠤᠨ᠎ᠤ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠭᠤᠤᠯ ᠰᠠᠯᠠᠭ᠎ᠠ ᠮᠥᠴᠢᠷ᠎ᠠᠴᠠ ᠬᠠᠤᠯᠢ ᠪᠤᠰᠤ᠎ᠪᠠᠷ   ᠠᠪᠴᠦ ᠪᠠᠢ᠌ᠭ᠎ᠠ ᠬᠦᠭᠡᠷᠦᠯᠳᠡ ᠵᠢᠨ ᠡᠮ᠎ᠢ ᠬᠤᠷᠢᠶᠠᠨ᠎ᠠ᠃ ᠬᠠᠷᠢᠭᠤᠴᠠᠯᠭ᠎ᠠ᠎ᠲᠠᠢ ᠭᠤᠤᠯ ᠠᠵᠢᠯᠳᠠᠨ ᠪᠠ ᠪᠤᠰᠤᠳ ᠰᠢᠭᠤᠳ ᠬᠠᠷᠢᠭᠤᠴᠠᠯᠭ᠋ᠠᠳᠠᠨ 4 ᠵᠢᠯ᠎ᠤᠨ ᠳᠤᠳᠤᠷ᠎ᠡ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠠᠵᠢᠯ ᠪᠠ ᠳᠠᠮᠢᠷᠴᠢᠨ  ᠎ᠳᠤ ᠲᠤᠰᠠᠯᠠᠬᠤ ᠠᠵᠢᠯ ᠡᠷᠬᠢᠯᠡᠵᠦ ᠪᠤᠯᠬᠤ ᠦᠭᠡᠢ᠃ ᠪᠠᠢ᠌ᠳᠠᠯ ᠬᠦᠨᠳᠦ ᠨᠤᠴᠢᠳᠠᠢ᠎ᠨᠢ ᠨᠠᠰᠤᠨ ᠳᠤᠷᠰᠢᠳᠠ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠠᠵᠢᠯ ᠪᠠ ᠳᠠᠮᠢᠷᠴᠢᠨ  ᠎ᠳᠤ ᠲᠤᠰᠠᠯᠠᠬᠤ ᠠᠵᠢᠯ ᠡᠷᠬᠢᠯᠡᠵᠦ ᠪᠤᠯᠬᠤ ᠦᠭᠡᠢ᠃ ᠳᠠᠮᠢᠷᠴᠢᠨ᠎ᠳᠤ ᠬᠤᠬᠢᠷᠡᠯ ᠤᠴᠠᠷᠠᠭᠤᠯᠤᠭᠰᠠᠨ᠎ᠨᠢ ᠬᠠᠤᠯᠢ ᠶᠤᠰᠤ᠎ᠪᠠᠷ ᠢᠷᠭᠡᠨ᠎ᠤ ᠭᠡᠷᠡᠭ᠎ᠤᠨ ᠳᠥᠯᠥᠪᠦᠷᠢ ᠵᠢᠨ ᠬᠠᠷᠢᠭᠤᠴᠠᠯᠭ᠎ᠠ ᠡᠬᠦᠷᠭᠡᠯᠡᠨ᠎ᠡ᠃   ᠶᠠᠯ᠎ᠠ ᠪᠤᠯᠵᠦ ᠪᠦᠷᠢᠯᠳᠦᠭᠰᠡᠨ ᠪᠤᠯ ᠬᠠᠤᠯᠢ ᠶᠤᠰᠤᠭ᠋ᠠᠷ ᠡᠷᠡᠬᠦᠦ ᠵᠢᠨ ᠭᠡᠷᠡᠭ᠎ᠤᠨ ᠬᠠᠷᠢᠭᠤᠴᠠᠯᠭ᠎ᠠ ᠨᠡᠬᠡᠮᠵᠢᠯᠡᠨ᠎ᠡ᠃ ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ᠂ ᠳᠠᠮᠢᠷᠴᠢᠨ᠎ᠤ ᠬᠠᠮᠢᠶᠠᠷᠤᠯᠳᠠ ᠵᠢᠨ   ᠪᠠᠢ᠌ᠭᠤᠯᠭ᠎ᠠ᠎ᠨᠢ ᠳᠤᠰ ᠳᠦᠷᠢᠮ᠎ᠤᠨ ᠳᠤᠭᠳᠠᠭ᠋ᠠᠭᠰᠠᠨ ᠪᠤᠰᠤᠳ ᠡᠬᠦᠷᠬᠡ ᠵᠢ ᠬᠦᠢ᠍ᠴᠡᠳᠭᠡᠭᠰᠡᠨ ᠦᠭᠡᠢ ᠪᠤᠯ᠂ ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠰᠠᠯᠠᠭ᠎ᠠ ᠮᠥᠴᠢᠷ ᠪᠤᠶᠤ ᠮᠤᠵᠢ᠂ ᠥᠪᠡᠷᠳᠡᠭᠡᠨ ᠵᠠᠰᠠᠬᠤ ᠤᠷᠤᠨ᠂   ᠰᠢᠭᠤᠳ ᠬᠠᠷᠢᠶᠠᠳᠤ ᠬᠤᠳᠠ ᠵᠢᠨ ᠠᠷᠠᠳ᠎ᠤᠨ ᠵᠠᠰᠠᠭ᠎ᠤᠨ ᠤᠷᠳᠤᠨ᠎ᠤ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠭᠤᠤᠯ ᠰᠠᠯᠠᠭ᠎ᠠ ᠮᠥᠴᠢᠷ᠎ᠠᠴᠠ ᠵᠠᠷᠯᠢᠭᠳᠠᠨ ᠵᠠᠯᠠᠷᠠᠭᠤᠯᠤᠨ᠎ᠠ᠃ ᠬᠦᠨᠳᠦ ᠨᠤᠴᠢᠳᠠᠢ ᠦᠷ᠎ᠡ ᠳ᠋ᠦᠩ ᠡᠬᠦᠰᠭᠡᠭᠰᠡᠨ ᠬᠠᠷᠢᠭᠤᠴᠠᠯᠭ᠎ᠠ᠎ᠲᠠᠢ ᠭᠤᠤᠯ ᠠᠵᠢᠯᠳᠠᠨ ᠪᠠ ᠪᠤᠰᠤᠳ ᠰᠢᠭᠤᠳ ᠬᠠᠷᠢᠭᠤᠴᠠᠯᠭ᠋ᠠᠳᠠᠨ 2 ᠵᠢᠯ᠎ᠤᠨ ᠳᠤᠳᠤᠷ᠎ᠡ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠠᠵᠢᠯ ᠪᠠ ᠳᠠᠮᠢᠷᠴᠢᠨ᠎ᠳᠤ ᠲᠤᠰᠠᠯᠠᠬᠤ ᠠᠵᠢᠯ ᠡᠷᠬᠢᠯᠡᠵᠦ ᠪᠤᠯᠬᠤ ᠦᠭᠡᠢ᠃
    ᠳᠦᠴᠢᠳᠦᠭᠡᠷ ᠵᠤᠷᠪᠤᠰ     ᠲᠠᠮᠢᠷᠴᠢᠨ᠎ᠳᠤ ᠲᠤᠰᠠᠯᠠᠬᠤ ᠠᠵᠢᠯᠳᠠᠨ᠎ᠨᠢ ᠳᠠᠮᠢᠷᠴᠢᠨ᠎ᠢ ᠵᠤᠬᠢᠶᠠᠨ ᠪᠠᠢ᠌ᠭᠤᠯᠵᠤ᠂ ᠠᠯᠪᠠᠳᠠᠵᠤ᠂ ᠮᠡᠬᠡᠯᠡᠵᠦ᠂ ᠦᠳᠦᠬᠡᠨ ᠳᠠᠮᠢᠷ᠎ᠤᠨ ᠬᠦᠳᠡᠯᠬᠡᠬᠡᠨ᠎ᠤ ᠳᠤᠮᠳᠠ ᠬᠦᠭᠡᠷᠦᠯᠳᠡ ᠵᠢᠨ ᠡᠮ ᠭᠡᠷᠡᠭᠯᠡᠭᠰᠡᠨ᠎ᠢ ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠭᠤᠤᠯ ᠰᠠᠯᠠᠭ᠎ᠠ ᠮᠥᠴᠢᠷ ᠪᠤᠶᠤ ᠮᠤᠵᠢ᠂ ᠥᠪᠡᠷᠳᠡᠭᠡᠨ ᠵᠠᠰᠠᠬᠤ ᠤᠷᠤᠨ᠂   ᠰᠢᠭᠤᠳ ᠬᠠᠷᠢᠶᠠᠳᠤ ᠬᠤᠳᠠ ᠵᠢᠨ ᠠᠷᠠᠳ᠎ᠤᠨ ᠵᠠᠰᠠᠭ᠎ᠤᠨ ᠤᠷᠳᠤᠨ᠎ᠤ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠭᠤᠤᠯ ᠰᠠᠯᠠᠭ᠎ᠠ ᠮᠥᠴᠢᠷ᠎ᠠᠴᠠ ᠬᠠᠤᠯᠢ ᠪᠤᠰᠤ᠎ᠪᠠᠷ   ᠠᠪᠴᠦ ᠪᠠᠢ᠌ᠭ᠎ᠠ ᠬᠦᠭᠡᠷᠦᠯᠳᠡ ᠵᠢᠨ ᠡᠮ᠎ᠢ ᠬᠤᠷᠢᠶᠠᠨ᠎ᠠ᠃ 4 ᠵᠢᠯ᠎ᠤᠨ ᠳᠤᠳᠤᠷ᠎ᠡ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠠᠵᠢᠯ ᠪᠠ ᠳᠠᠮᠢᠷᠴᠢᠨ᠎ᠳᠤ ᠲᠤᠰᠠᠯᠠᠬᠤ ᠠᠵᠢᠯ ᠡᠷᠬᠢᠯᠡᠵᠦ ᠪᠤᠯᠬᠤ ᠦᠭᠡᠢ᠃ ᠪᠠᠢ᠌ᠳᠠᠯ ᠬᠦᠨᠳᠦ ᠨᠤᠴᠢᠳᠠᠢ᠎ᠨᠢ ᠨᠠᠰᠤᠨ ᠳᠤᠷᠰᠢᠳᠠ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠠᠵᠢᠯ ᠪᠠ   ᠲᠠᠮᠢᠷᠴᠢᠨ᠎ᠳᠤ ᠲᠤᠰᠠᠯᠠᠬᠤ ᠠᠵᠢᠯ ᠡᠷᠬᠢᠯᠡᠵᠦ ᠪᠤᠯᠬᠤ ᠦᠭᠡᠢ᠃ ᠳᠠᠮᠢᠷᠴᠢᠨ᠎ᠳᠤ ᠬᠤᠬᠢᠷᠡᠯ ᠤᠴᠠᠷᠠᠭᠤᠯᠤᠭᠰᠠᠨ᠎ᠨᠢ ᠬᠠᠤᠯᠢ ᠶᠤᠰᠤ᠎ᠪᠠᠷ ᠢᠷᠭᠡᠨ᠎ᠤ ᠭᠡᠷᠡᠭ᠎ᠤᠨ ᠳᠥᠯᠥᠪᠦᠷᠢ ᠵᠢᠨ ᠬᠠᠷᠢᠭᠤᠴᠠᠯᠭ᠎ᠠ ᠡᠬᠦᠷᠭᠡᠯᠡᠨ᠎ᠡ᠃   ᠶᠠᠯ᠎ᠠ ᠪᠤᠯᠵᠦ ᠪᠦᠷᠢᠯᠳᠦᠭᠰᠡᠨ ᠪᠤᠯ ᠬᠠᠤᠯᠢ ᠶᠤᠰᠤᠭ᠋ᠠᠷ ᠡᠷᠡᠬᠦᠦ ᠵᠢᠨ ᠭᠡᠷᠡᠭ᠎ᠤᠨ ᠬᠠᠷᠢᠭᠤᠴᠠᠯᠭ᠎ᠠ ᠨᠡᠬᠡᠮᠵᠢᠯᠡᠨ᠎ᠡ᠃   ᠲᠠᠮᠢᠷᠴᠢᠨ᠎ᠳᠤ ᠲᠤᠰᠠᠯᠠᠬᠤ ᠠᠵᠢᠯᠳᠠᠨ᠎ᠨᠢ ᠳᠠᠮᠢᠷᠴᠢᠨ᠎ᠳᠤ ᠬᠦᠭᠡᠷᠦᠯᠳᠡ ᠵᠢᠨ ᠡᠮ ᠬᠠᠩᠭ᠋ᠠᠭᠰᠠᠨ ᠪᠤᠶᠤ ᠳᠠᠮᠢᠷᠴᠢᠨ᠎ᠳᠤ ᠳᠤᠰᠠᠯᠠᠨ ᠳᠠᠮᠢᠷ᠎ᠤᠨ ᠬᠦᠳᠡᠯᠬᠡᠬᠡᠨ᠎ᠤ ᠳᠤᠮᠳᠠ ᠬᠦᠭᠡᠷᠦᠯᠳᠡ ᠵᠢᠨ ᠡᠮ ᠭᠡᠷᠡᠭᠯᠡᠭᠰᠡᠨ ᠪᠤᠶᠤ ᠥᠯᠢᠭᠡᠷ ᠠᠪᠬᠤ ᠦᠷ᠎ᠡ ᠳ᠋ᠦᠩ᠎ᠢ ᠨᠥᠯᠥᠬᠡᠯᠡᠬᠦ ᠠᠵᠢᠯᠯᠠᠭ᠎ᠠ ᠠᠪᠤᠭᠰᠠᠨ᠎ᠢ ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠭᠤᠤᠯ ᠰᠠᠯᠠᠭ᠎ᠠ ᠮᠥᠴᠢᠷ ᠪᠤᠶᠤ ᠮᠤᠵᠢ᠂ ᠥᠪᠡᠷᠳᠡᠭᠡᠨ ᠵᠠᠰᠠᠬᠤ ᠤᠷᠤᠨ᠂   ᠰᠢᠭᠤᠳ ᠬᠠᠷᠢᠶᠠᠳᠤ ᠬᠤᠳᠠ ᠵᠢᠨ ᠠᠷᠠᠳ᠎ᠤᠨ ᠵᠠᠰᠠᠭ᠎ᠤᠨ ᠤᠷᠳᠤᠨ᠎ᠤ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠭᠤᠤᠯ ᠰᠠᠯᠠᠭ᠎ᠠ ᠮᠥᠴᠢᠷ᠎ᠠᠴᠠ ᠬᠠᠤᠯᠢ ᠪᠤᠰᠤ᠎ᠪᠠᠷ   ᠠᠪᠴᠦ ᠪᠠᠢ᠌ᠭ᠎ᠠ ᠬᠦᠭᠡᠷᠦᠯᠳᠡ ᠵᠢᠨ ᠡᠮ᠎ᠢ ᠬᠤᠷᠢᠶᠠᠨ᠎ᠠ᠃ 2 ᠵᠢᠯ᠎ᠤᠨ ᠳᠤᠳᠤᠷ᠎ᠡ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠠᠵᠢᠯ ᠪᠠ   ᠲᠠᠮᠢᠷᠴᠢᠨ᠎ᠳᠤ ᠲᠤᠰᠠᠯᠠᠬᠤ ᠠᠵᠢᠯ ᠡᠷᠬᠢᠯᠡᠵᠦ ᠪᠤᠯᠬᠤ ᠦᠭᠡᠢ᠃ ᠪᠠᠢ᠌ᠳᠠᠯ ᠬᠦᠨᠳᠦ ᠨᠤᠴᠢᠳᠠᠢ᠎ᠨᠢ ᠨᠠᠰᠤᠨ ᠳᠤᠷᠰᠢᠳᠠ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠠᠵᠢᠯ ᠪᠠ   ᠲᠠᠮᠢᠷᠴᠢᠨ᠎ᠳᠤ ᠲᠤᠰᠠᠯᠠᠬᠤ ᠠᠵᠢᠯ ᠡᠷᠬᠢᠯᠡᠵᠦ ᠪᠤᠯᠬᠤ ᠦᠭᠡᠢ᠃ ᠳᠠᠮᠢᠷᠴᠢᠨ᠎ᠳᠤ ᠬᠤᠬᠢᠷᠡᠯ ᠤᠴᠠᠷᠠᠭᠤᠯᠤᠭᠰᠠᠨ᠎ᠨᠢ ᠬᠠᠤᠯᠢ ᠶᠤᠰᠤ᠎ᠪᠠᠷ ᠢᠷᠭᠡᠨ᠎ᠤ ᠭᠡᠷᠡᠭ᠎ᠤᠨ ᠳᠥᠯᠥᠪᠦᠷᠢ ᠵᠢᠨ ᠬᠠᠷᠢᠭᠤᠴᠠᠯᠭ᠎ᠠ ᠡᠬᠦᠷᠭᠡᠯᠡᠨ᠎ᠡ᠃   ᠶᠠᠯ᠎ᠠ ᠪᠤᠯᠵᠦ ᠪᠦᠷᠢᠯᠳᠦᠭᠰᠡᠨ ᠪᠤᠯ ᠬᠠᠤᠯᠢ ᠶᠤᠰᠤᠭ᠋ᠠᠷ ᠡᠷᠡᠬᠦᠦ ᠵᠢᠨ ᠭᠡᠷᠡᠭ᠎ᠤᠨ ᠬᠠᠷᠢᠭᠤᠴᠠᠯᠭ᠎ᠠ ᠨᠡᠬᠡᠮᠵᠢᠯᠡᠨ᠎ᠡ᠃
    ᠳᠦᠴᠢᠨ ᠨᠢᠭᠡᠳᠦᠭᠡᠷ ᠵᠤᠷᠪᠤᠰ     ᠲᠠᠮᠢᠷᠴᠢᠨ᠎ᠳᠤ ᠲᠤᠰᠠᠯᠠᠬᠤ ᠠᠵᠢᠯᠳᠠᠨ ᠬᠠᠤᠯᠢ ᠪᠤᠰᠤ᠎ᠪᠠᠷ ᠬᠦᠭᠡᠷᠦᠯᠳᠡ ᠵᠢᠨ ᠡᠮ   ᠠᠪᠴᠦ ᠪᠠᠢ᠌ᠭ᠎ᠠ ᠵᠢ ᠳᠦᠷᠦ ᠵᠢᠨ ᠶᠠᠪᠤᠳᠠᠯ᠎ᠤᠨ ᠬᠤᠷᠢᠶᠠᠨ᠎ᠤ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠭᠤᠤᠯ ᠰᠠᠯᠠᠭ᠎ᠠ ᠮᠥᠴᠢᠷ ᠪᠤᠶᠤ ᠮᠤᠵᠢ᠂ ᠥᠪᠡᠷᠳᠡᠭᠡᠨ ᠵᠠᠰᠠᠬᠤ ᠤᠷᠤᠨ᠂   ᠰᠢᠭᠤᠳ ᠬᠠᠷᠢᠶᠠᠳᠤ ᠬᠤᠳᠠ ᠵᠢᠨ ᠠᠷᠠᠳ᠎ᠤᠨ ᠵᠠᠰᠠᠭ᠎ᠤᠨ ᠤᠷᠳᠤᠨ᠎ᠤ ᠪᠠᠶ᠎ᠠ ᠵᠢᠨ ᠳᠠᠮᠢᠷ᠎ᠤᠨ ᠬᠠᠮᠢᠶᠠᠷᠤᠯᠳᠠ ᠵᠢᠨ ᠭᠤᠤᠯ ᠰᠠᠯᠠᠭ᠎ᠠ ᠮᠥᠴᠢᠷ᠎ᠠᠴᠠ ᠬᠠᠤᠯᠢ ᠪᠤᠰᠤ᠎ᠪᠠᠷ   ᠠᠪᠴᠦ ᠪᠠᠢ᠌ᠭ᠎ᠠ ᠬᠦᠭᠡᠷᠦᠯᠳᠡ ᠵᠢᠨ ᠡᠮ᠎ᠢ᠎ᠨᠢ ᠬᠤᠷᠢᠶᠠᠨ᠎ᠠ᠃ 2 ᠵᠢᠯ᠎ᠤᠨ ᠳᠤᠳᠤᠷ᠎ᠡ   ᠲᠠᠮᠢᠷᠴᠢᠨ᠎ᠳᠤ ᠲᠤᠰᠠᠯᠠᠬᠤ ᠠᠵᠢᠯ ᠡᠷᠬᠢᠯᠡᠵᠦ ᠪᠤᠯᠬᠤ ᠦᠭᠡᠢ᠃
    ᠳᠦᠴᠢᠨ ᠬᠤᠶᠠᠳᠤᠭ᠋ᠠᠷ ᠵᠤᠷᠪᠤᠰ     ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ᠂ ᠳᠠᠮᠢᠷᠴᠢᠨ᠎ᠤ ᠬᠠᠮᠢᠶᠠᠷᠤᠯᠳᠠ ᠵᠢᠨ   ᠪᠠᠢ᠌ᠭᠤᠯᠭ᠎ᠠ᠎ᠨᠢ ᠳᠤᠰ ᠳᠦᠷᠢᠮ᠎ᠢ ᠵᠦᠷᠢᠴᠡᠵᠦ᠂ ᠬᠠᠷᠢᠭᠤᠴᠠᠯᠭ᠎ᠠ᠎ᠲᠠᠢ ᠭᠤᠤᠯ ᠠᠵᠢᠯᠳᠠᠨ ᠪᠠ ᠪᠤᠰᠤᠳ ᠰᠢᠭᠤᠳ ᠬᠠᠷᠢᠭᠤᠴᠠᠯᠭ᠋ᠠᠳᠠᠨ᠎ᠨᠢ ᠤᠯᠤᠰ᠎ᠤᠨ ᠠᠵᠢᠯᠳᠠᠨ᠎ᠳᠤ ᠬᠠᠷᠢᠶᠠᠯᠠᠭᠳᠠᠪᠠᠯ᠂ ᠬᠠᠤᠯᠢ ᠶᠤᠰᠤᠭ᠋ᠠᠷ ᠠᠵᠢᠯ᠎ᠠᠴᠠ᠎ᠨᠢ ᠤᠭᠴᠠᠷᠠᠭᠤᠯᠬᠤ᠂ ᠬᠦᠬᠡᠬᠡᠬᠦ ᠵᠠᠰᠠᠭ ᠵᠠᠬᠢᠷᠭ᠋ᠠᠨ᠎ᠤ ᠰᠢᠳᠬᠡᠯ ᠦᠭᠭᠦ ᠭᠡᠷᠡᠭᠳᠡᠢ᠃   ᠲᠠᠮᠢᠷᠴᠢᠨ᠎ᠳᠤ ᠲᠤᠰᠠᠯᠠᠬᠤ ᠠᠵᠢᠯᠳᠠᠨ᠎ᠨᠢ ᠳᠤᠰ ᠳᠦᠷᠢᠮ᠎ᠢ ᠵᠦᠷᠢᠴᠡᠵᠦ᠂ ᠤᠯᠤᠰ᠎ᠤᠨ ᠠᠵᠢᠯᠳᠠᠨ᠎ᠳᠤ ᠬᠠᠷᠢᠶᠠᠯᠠᠭᠳᠠᠪᠠᠯ᠂ ᠬᠠᠤᠯᠢ ᠶᠤᠰᠤᠭ᠋ᠠᠷ ᠠᠵᠢᠯ᠎ᠠᠴᠠ᠎ᠨᠢ ᠤᠭᠴᠠᠷᠠᠭᠤᠯᠬᠤ᠂ ᠬᠦᠬᠡᠬᠡᠬᠦ ᠵᠠᠰᠠᠭ ᠵᠠᠬᠢᠷᠭ᠋ᠠᠨ᠎ᠤ ᠰᠢᠳᠬᠡᠯ ᠦᠭᠭᠦ ᠭᠡᠷᠡᠭᠳᠡᠢ᠃
    ᠳᠦᠴᠢᠨ ᠭᠤᠷᠪᠠᠳᠤᠭ᠋ᠠᠷ ᠵᠤᠷᠪᠤᠰ   ᠭᠤᠴᠢ ᠶᠢᠰᠦᠳᠦᠭᠡᠷ ᠵᠤᠷᠪᠤᠰ᠂ ᠳᠦᠴᠢᠳᠦᠭᠡᠷ ᠵᠤᠷᠪᠤᠰ᠂ ᠳᠦᠴᠢᠨ ᠨᠢᠭᠡᠳᠦᠭᠡᠷ ᠵᠤᠷᠪᠤᠰ᠎ᠤᠨ ᠳᠦᠷᠢᠮ ᠵᠶ᠋ᠡᠷ ᠭᠠᠷᠭ᠋ᠠᠭᠰᠠᠨ ᠰᠢᠢ᠍ᠳᠪᠦᠷᠢᠯᠡᠭᠰᠡᠨ ᠰᠢᠢ᠍ᠳᠪᠦᠷᠢ ᠵᠢ ᠢᠯᠡ ᠪᠤᠯᠭ᠋ᠠᠬᠤ ᠭᠡᠷᠡᠭᠳᠡᠢ᠂ ᠤᠯᠠᠨ ᠳᠦᠮᠡᠨ ᠡᠷᠢᠵᠦ ᠦᠵᠡᠬᠦ ᠡᠷᠬᠡ᠎ᠲᠠᠢ᠃
    ᠳᠦᠴᠢᠨ ᠳᠦᠷᠪᠡᠳᠦᠭᠡᠷ ᠵᠤᠷᠪᠤᠰ     ᠡᠮᠴᠢ ᠳᠤᠰ ᠳᠦᠷᠢᠮ᠎ᠤᠨ   ᠲᠤᠭᠳᠠᠭ᠋ᠠᠯ ᠪᠤᠰᠤ᠎ᠪᠠᠷ ᠡᠮ ᠭᠡᠷᠡᠭᠯᠡᠭᠰᠡᠨ ᠪᠤᠶᠤ ᠮᠡᠳᠡᠭᠳᠡᠬᠦ ᠡᠬᠦᠷᠬᠡ ᠵᠢ ᠬᠦᠢ᠍ᠴᠡᠳᠭᠡᠭᠰᠡᠨ ᠦᠭᠡᠢ ᠵᠢ ᠰᠢᠶᠠᠨ᠎ᠤ ᠳᠠᠰ᠎ᠠᠴᠠ ᠳᠡᠭᠡᠭᠰᠢᠬᠢ ᠠᠷᠠᠳ᠎ᠤᠨ ᠵᠠᠰᠠᠭ᠎ᠤᠨ ᠤᠷᠳᠤᠨ᠎ᠤ   ᠡᠷᠡᠭᠦᠯ ᠬᠠᠮᠠᠭ᠋ᠠᠯᠠᠯ᠎ᠤᠨ ᠬᠠᠮᠢᠶᠠᠷᠤᠯᠳᠠ ᠵᠢᠨ ᠭᠤᠤᠯ ᠰᠠᠯᠠᠭ᠎ᠠ ᠮᠥᠴᠢᠷ᠎ᠠᠴᠠ ᠰᠠᠨᠠᠭᠤᠯᠭ᠎ᠠ ᠦᠭᠭᠦᠨ᠎ᠡ᠃ ᠬᠦᠨᠳᠦ ᠨᠤᠴᠢᠳᠠᠢ ᠦᠷ᠎ᠡ ᠳ᠋ᠦᠩ ᠡᠬᠦᠰᠭᠡᠭᠰᠡᠨ᠎ᠢ  6 ᠰᠠᠷ᠎ᠠ᠎ᠠᠴᠠ ᠳᠡᠭᠡᠭᠰᠢ 1 ᠵᠢᠯ᠎ᠠᠴᠠ ᠳᠤᠷᠤᠭᠰᠢ ᠠᠵᠢᠯ ᠡᠷᠬᠢᠯᠡᠬᠦ ᠬᠦᠳᠡᠯᠬᠡᠬᠡᠨ᠎ᠢ᠎ᠨᠢ   ᠵᠤᠭᠰᠤᠭ᠋ᠠᠬᠤ᠎ᠪᠠᠷ ᠵᠠᠷᠯᠢᠭᠳᠠᠨ᠎ᠠ᠃
    ᠳᠦᠴᠢᠨ ᠳᠠᠪᠤᠳᠤᠭ᠋ᠠᠷ ᠵᠤᠷᠪᠤᠰ     ᠪᠠᠶ᠎ᠡ ᠵᠢᠨ ᠲᠠᠮᠢᠷ᠎ᠤᠨ ᠪᠡᠶ᠎ᠡ ᠪᠤᠯᠪᠠᠰᠤᠷᠠᠭᠤᠯᠬᠤ ᠬᠦᠳᠡᠯᠭᠡᠭᠡᠨ᠎ᠤ ᠡᠵᠡᠩᠨᠡᠬᠦ   ᠪᠠᠢ᠌ᠭᠤᠯᠭ᠎ᠠ᠎ᠨᠢ   ᠪᠠᠶ᠎ᠡ ᠵᠢᠨ ᠲᠠᠮᠢᠷ᠎ᠤᠨ ᠪᠡᠶ᠎ᠡ ᠪᠤᠯᠪᠠᠰᠤᠷᠠᠭᠤᠯᠬᠤ ᠬᠦᠳᠡᠯᠭᠡᠭᠡᠨ᠎ᠳᠤ ᠤᠷᠤᠯᠴᠠᠭᠰᠠᠳ᠎ᠲᠤ ᠬᠤᠷᠢᠭ᠎ᠠ᠎ᠲᠠᠢ ᠡᠮ᠎ᠤᠨ ᠳᠥᠷᠥᠯ᠂ ᠢᠳᠡᠭᠡᠨ᠎ᠤ ᠳᠥᠷᠥᠯ ᠬᠠᠩᠭ᠋ᠠᠭᠰᠠᠨ᠎ᠢ ᠢᠳᠡᠭᠡᠨ᠎ᠤ ᠳᠥᠷᠥᠯ ᠡᠮ᠎ᠤᠨ ᠳᠥᠷᠥᠯ᠎ᠤᠨ ᠬᠢᠨᠠᠨ ᠬᠠᠮᠢᠶᠠᠷᠤᠯᠳᠠ ᠵᠢᠨ ᠰᠠᠯᠠᠭ᠎ᠠ ᠮᠥᠴᠢᠷ᠂   ᠡᠷᠡᠭᠦᠯ ᠬᠠᠮᠠᠭ᠋ᠠᠯᠠᠯ᠎ᠤᠨ ᠬᠢᠨᠠᠨ ᠬᠠᠮᠢᠶᠠᠷᠤᠯᠳᠠ ᠵᠢᠨ ᠭᠤᠤᠯ ᠰᠠᠯᠠᠭ᠎ᠠ ᠮᠥᠴᠢᠷ᠎ᠠᠴᠠ ᠡᠮ᠎ᠤᠨ ᠳᠥᠷᠥᠯ᠎ᠤᠨ ᠬᠠᠮᠢᠶᠠᠷᠤᠯᠳᠠ ᠵᠢᠨ ᠬᠠᠤᠯᠢ᠂ 《ᠪᠦᠬᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠢᠳᠡᠭᠡᠨ᠎ᠤ ᠳᠥᠷᠥᠯ᠎ᠤᠨ ᠠᠷᠢᠭᠤᠨ ᠴᠡᠪᠡᠷ᠎ᠤᠨ ᠬᠠᠤᠯᠢ》 ᠪᠠ ᠬᠤᠯᠪᠤᠭᠳᠠᠯ ᠪᠦᠬᠦᠢ ᠵᠠᠰᠠᠭ ᠵᠠᠬᠢᠷᠭ᠋ᠠᠨ᠎ᠤ ᠳᠤᠭᠳᠠᠭ᠋ᠠᠯ᠎ᠤᠨ   ᠲᠠᠭ᠋ᠠᠦ   ᠲᠤᠷᠭ᠋ᠠᠨ᠎ᠠ᠃
ᠳᠦᠴᠢᠨ ᠵᠢᠷᠭᠤᠳᠤᠭ᠋ᠠᠷ ᠵᠤᠷᠪᠤᠰ     ᠳᠠᠮᠢᠷᠴᠢᠨ ᠳᠤᠰ ᠳᠦᠷᠢᠮ᠎ᠢ ᠵᠦᠷᠢᠴᠡᠭᠰᠡᠨ   ᠪᠤᠯ ᠬᠤᠯᠪᠤᠭᠳᠠᠯ ᠪᠦᠬᠦᠢ ᠪᠠᠶ᠎ᠠ ᠵᠢᠨ ᠳᠠᠮᠢᠷ᠎ᠤᠨ ᠨᠡᠢ᠌ᠭᠡᠮ᠎ᠤᠨ ᠪᠦᠯᠬᠦᠮ᠂ ᠳᠠᠮᠢᠷᠴᠢᠨ᠎ᠤ ᠬᠠᠮᠢᠶᠠᠷᠤᠯᠳᠠ ᠵᠢᠨ   ᠪᠠᠢ᠌ᠭᠤᠯᠭ᠎ᠠ᠂ ᠤᠷᠤᠯᠳᠤᠭ᠋ᠠᠨ᠎ᠢ ᠵᠤᠬᠢᠶᠠᠨ ᠪᠠᠢ᠌ᠭᠤᠯᠤᠭᠴᠢ᠎ᠠᠴᠠ ᠤᠷᠤᠯᠳᠤᠭ᠋ᠠᠨ᠎ᠳᠤ ᠤᠷᠤᠯᠴᠠᠬᠤ ᠡᠷᠬᠡ ᠵᠢ᠎ᠨᠢ ᠬᠠᠰᠤᠬᠤ᠂ ᠤᠷᠤᠯᠳᠤᠭ᠋ᠠᠨ᠎ᠤ ᠬᠢᠷᠢ ᠪᠦᠳᠦᠮᠵᠢ ᠵᠢ᠎ᠨᠢ ᠬᠦᠴᠦᠨ ᠦᠭᠡᠢ ᠪᠤᠯᠭ᠋ᠠᠬᠤ ᠪᠤᠶᠤ ᠤᠷᠤᠯᠳᠤᠭ᠋ᠠᠨ᠎ᠳᠤ ᠤᠷᠤᠬᠤ ᠵᠢ   ᠬᠤᠷᠢᠭᠯᠠᠬᠤ᠎ᠪᠠᠷ ᠰᠢᠳᠭᠡᠨ᠎ᠡ᠃ ᠳᠠᠮᠢᠷᠴᠢᠨ ᠡᠮᠦᠨᠡᠬᠢ ᠳᠤᠭᠳᠠᠭ᠋ᠠᠭᠰᠠᠨ   ᠰᠢᠢ᠍ᠳᠭᠡᠯ᠎ᠢ   ᠵᠦᠪᠰᠢᠶᠡᠷᠡᠬᠦ᠊ ᠦᠭᠡᠢ ᠪᠤᠯ ᠪᠠᠶ᠎ᠠ ᠵᠢᠨ ᠳᠠᠮᠢᠷ᠎ᠤᠨ ᠬᠦᠨᠳᠡᠯᠡᠨ᠎ᠠᠴᠠ ᠳᠠᠰᠤᠯᠬᠤ ᠪᠠᠢ᠌ᠭᠤᠯᠤᠮᠵᠢ᠎ᠳᠤ ᠬᠦᠨᠳᠡᠯᠡᠨ᠎ᠠᠴᠠ ᠳᠠᠰᠤᠯᠬᠤ ᠵᠢ ᠭᠤᠶᠤᠴᠢᠯᠠᠵᠤ ᠪᠤᠯᠤᠨ᠎ᠠ᠃
    ᠵᠢᠷᠭᠤᠳᠤᠭ᠋ᠠᠷ ᠪᠥᠯᠥᠭ   ᠲᠠᠭ᠋ᠠᠯᠳᠤᠭᠤᠯᠤᠭᠰᠠᠨ ᠲᠦᠷᠢᠮ
    ᠳᠦᠴᠢᠨ ᠳᠤᠯᠤᠳᠤᠭ᠋ᠠᠷ ᠵᠤᠷᠪᠤᠰ     ᠳᠤᠰ ᠳᠦᠷᠢᠮ᠎ᠢ 2004 ᠤᠨ᠎ᠤ 3 ᠰᠠᠷ᠎ᠠ ᠵᠢᠨ 1᠎ᠤ ᠡᠳᠦᠷ᠎ᠠᠴᠠ ᠡᠬᠢᠯᠡᠨ ᠭᠡᠷᠡᠭᠵᠢᠬᠦᠯᠦᠨ᠎ᠡ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠪᠡᠶ᠎ᠡ ᠵᠢᠨ ᠲᠠᠮᠢᠷ᠎ᠤᠨ ᠲᠤᠪᠴᠢᠶ᠎ᠡ
          
ᠬᠠᠮᠢᠶ᠎ᠡ ᠪᠦᠬᠦᠢ ᠰᠣᠨᠢᠨ
ᠣᠯᠠᠨ ᠨᠡᠢ᠌ᠳᠡ ᠵᠢᠨ ᠰᠣᠶᠣᠯ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢᠨ ᠲᠦᠷᠢᠮ
ᠪᠦᠭᠦᠳᠡ ᠨᠠᠢ᠌ᠷᠠᠮᠳᠠᠬᠤ ᠲᠤᠮᠳᠠᠳᠦ ᠠᠷᠠᠳ ᠤᠯᠤᠰ᠎ᠤᠨ ᠪᠡᠶ᠎ᠡ ᠵᠢᠨ ᠲᠠᠮᠢᠷ᠎ᠤᠨ ᠬᠠᠦᠯᠢ
ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠪᠡᠶ᠎ᠡ ᠵᠢᠨ ᠲᠠᠮᠢᠷ᠎ᠤᠨ ᠬᠥᠳᠡᠯᠭᠡᠭᠡᠨ᠎ᠤ ᠰᠤᠷᠭ᠋ᠠᠭᠤᠯᠢ ᠵᠢᠨ ᠬᠠᠮᠢᠶᠠᠷᠤᠯᠳᠠ ᠵᠢᠨ ᠠᠷᠭ᠎ᠠ
ᠰᠢᠨ᠎ᠡ᠎ᠪᠠᠷ ᠵᠠᠰᠠᠪᠤᠷᠢ ᠣᠷᠣᠭᠤᠯᠤᠭᠰᠠᠨ 《ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠬᠠᠤᠯᠢ》 ᠨᠡᠶ᠋ᠢᠲᠡᠯᠡᠭᠳᠡᠪᠡ
ᠪᠡᠶ᠎ᠡ ᠵᠢᠨ ᠲᠠᠮᠢᠷ᠎ᠤᠨ ᠬᠦᠨᠳᠡᠯᠡᠨ᠎ᠠᠴᠠ ᠲᠠᠰᠤᠯᠬᠤ ᠲᠦᠷᠢᠮ
 
            