ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠰᠣᠨᠢᠨ ᠮᠡᠳᠡᠭᠡ   -   ᠦᠨᠦᠳᠣᠷ᠎ᠤᠨ ᠰᠣᠨᠢᠨ ᠮᠡᠳᠡᠭᠡ
ᠦᠪᠦᠷ ᠮᠤᠩᠭᠤᠯ᠎ᠤᠨ ᠲᠦᠯᠦᠭᠡᠯᠡᠭᠴᠢᠳ᠎ᠤᠨ ᠪᠦᠯᠬᠦᠮ ᠬᠤᠷᠠᠯ ᠬᠤᠷᠠᠯᠳᠤᠭᠤᠯᠵᠦ ᠶᠡᠷᠦᠩᠭᠡᠢ ᠱᠦᠵᠢ ᠰᠢ ᠵᠢᠨ ᠫᠢᠩ᠎ᠤᠨ ᠥᠪᠦᠷ ᠮᠤᠩᠭᠤᠯ᠎ᠤᠨ ᠲᠦᠯᠦᠭᠡᠯᠡᠭᠴᠢᠳ᠎ᠤᠨ ᠪᠦᠯᠬᠦᠮ᠎ᠤᠨ ᠬᠢᠨᠡᠨ ᠵᠦᠪᠯᠡᠬᠦ᠎ᠳᠤ ᠤᠷᠤᠯᠴᠠᠬᠤ ᠦᠶ᠎ᠠ ᠵᠢᠨ ᠴᠢᠬᠤᠯᠠ ᠶᠠᠷᠢᠶ᠎ᠠ ᠵᠢ ᠨᠠᠷᠢᠨ ᠬᠢᠨᠠᠮᠠᠭ᠋ᠠᠢ ᠰᠤᠷᠤᠯᠴᠠᠵᠦ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠢ ᠦᠷᠬᠦᠯᠵᠢᠯᠡᠨ ᠬᠢᠨᠡᠨ ᠵᠦᠪᠯᠡᠵᠦ 《ᠠᠷᠪᠡᠨ ᠲᠦᠷᠪᠡᠳᠦᠭᠡᠷ ᠲᠠᠪᠤᠨ ᠵᠢᠯ》᠎ᠤᠨ ᠲᠦᠯᠦᠪᠵᠢᠬᠦᠯᠭᠡ ᠪᠠ 2035 ᠣᠨ᠎ᠤ ᠠᠯᠤᠰ᠎ᠤᠨ ᠬᠠᠷᠠᠯᠳᠠ ᠵᠢᠨ ᠬᠦᠳᠦᠯᠪᠦᠷᠢ ᠵᠢᠨ ᠲᠦᠰᠦᠯ᠎ᠢ ᠬᠢᠨᠡᠨ ᠪᠠᠶ᠋ᠢᠴᠠᠭ᠋ᠠᠪᠠ ᠱ᠌ᠢ᠎ᠲᠠᠢ ᠹᠧᠩ ᠯᠢ ᠰᠢᠦ ᠯᠢᠩ ᠯᠢ ᠵᠢᠢ ᠾᠧᠩ ᠹᠦ᠋ ᠶᠢᠩ ᠦᠭᠡ ᠭᠡᠯᠡᠵᠡᠢ
ᠨᠡᠶ᠋ᠢᠲᠡᠯᠡᠭᠰᠡᠨ ᠴᠠᠭ᠄ 2021-03-09

    3 ᠰᠠᠷ᠎ᠠ ᠵᠢᠨ 6᠎ᠤ ᠡᠳᠦᠷ᠂ ᠠᠷᠪᠡᠨ ᠭᠤᠷᠪᠠᠳᠤᠭ᠋ᠠᠷ ᠬᠤᠭᠤᠴᠠᠭ᠋ᠠᠨ᠎ᠤ ᠪᠦᠬᠦ ᠤᠯᠤᠰ᠎ᠤᠨ ᠠᠷᠠᠳ᠎ᠤᠨ ᠲᠦᠯᠦᠭᠡᠯᠡᠭᠴᠢᠳ᠎ᠤᠨ ᠶᠡᠭᠡ ᠬᠤᠷᠠᠯ᠎ᠤᠨ ᠲᠦᠷᠪᠡᠳᠦᠭᠡᠷ ᠬᠤᠷᠠᠯ᠎ᠤᠨ ᠥᠪᠦᠷ ᠮᠤᠩᠭᠤᠯ᠎ᠤᠨ ᠲᠦᠯᠦᠭᠡᠯᠡᠭᠴᠢᠳ᠎ᠤᠨ ᠪᠦᠯᠬᠦᠮ ᠰᠠᠭᠤᠭ᠎ᠠ ᠭᠠᠵᠠᠷ᠎ᠲᠠᠭᠠᠨ ᠲᠤᠰ ᠲᠤᠰ ᠪᠦᠬᠦᠳᠠ ᠬᠤᠷᠠᠯ ᠪᠠ ᠲᠤᠭᠤᠢ᠍ᠢ᠍ᠯᠠᠩ ᠬᠤᠪᠢᠶᠠᠬᠰᠠᠨ ᠬᠤᠷᠠᠯ ᠬᠢᠵᠦ᠂ ᠶᠡᠷᠦᠩᠭᠡᠢ ᠱᠦᠵᠢ ᠰᠢ ᠵᠢᠨ ᠫᠢᠩ᠎ᠤᠨ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠪᠦᠬᠦ ᠤᠯᠤᠰ᠎ᠤᠨ ᠠᠷᠠᠳ᠎ᠤᠨ ᠲᠦᠯᠦᠭᠡᠯᠡᠭᠴᠢᠳ᠎ᠤᠨ ᠶᠡᠭᠡ ᠬᠤᠷᠠᠯ᠎ᠤᠨ ᠲᠦᠷᠪᠡᠳᠦᠭᠡᠷ ᠬᠤᠷᠠᠯ᠎ᠤᠨ ᠥᠪᠦᠷ ᠮᠤᠩᠭᠤᠯ᠎ᠤᠨ ᠲᠦᠯᠦᠭᠡᠯᠡᠭᠴᠢᠳ᠎ᠤᠨ ᠪᠦᠯᠬᠦᠮ᠎ᠤᠨ ᠬᠢᠨᠡᠨ ᠵᠦᠪᠯᠡᠬᠦ᠎ᠳᠤ ᠤᠷᠤᠯᠴᠠᠬᠤ ᠦᠶ᠎ᠠ ᠵᠢᠨ ᠴᠢᠬᠤᠯᠠ ᠶᠠᠷᠢᠶ᠎ᠠ ᠵᠢ ᠨᠠᠷᠢᠨ ᠬᠢᠨᠠᠮᠠᠭ᠋ᠠᠢ ᠰᠤᠷᠤᠯᠴᠠᠵᠦ᠂ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠢ ᠦᠷᠬᠦᠯᠵᠢᠯᠡᠨ ᠬᠢᠨᠡᠨ ᠵᠦᠪᠯᠡᠵᠦ᠂ 《ᠠᠷᠪᠡᠨ ᠲᠦᠷᠪᠡᠳᠦᠭᠡᠷ ᠲᠠᠪᠤᠨ ᠵᠢᠯ》᠎ᠤᠨ ᠲᠦᠯᠦᠪᠵᠢᠬᠦᠯᠭᠡ ᠪᠠ 2035 ᠣᠨ᠎ᠤ ᠠᠯᠤᠰ᠎ᠤᠨ ᠬᠠᠷᠠᠯᠳᠠ ᠵᠢᠨ ᠬᠦᠳᠦᠯᠪᠦᠷᠢ ᠵᠢᠨ ᠲᠦᠰᠦᠯ᠎ᠢ ᠬᠢᠨᠡᠨ ᠪᠠᠶ᠋ᠢᠴᠠᠭ᠋ᠠᠪᠠ᠃
    ᠦᠪᠦᠷ ᠮᠤᠩᠭᠤᠯ᠎ᠤᠨ ᠲᠦᠯᠦᠭᠡᠯᠡᠭᠴᠢᠳ᠎ᠤᠨ ᠪᠦᠯᠬᠦᠮ᠎ᠤᠨ ᠲᠠᠷᠤᠭ᠎ᠠ ᠱ᠌ᠢ᠎ᠲᠠᠢ ᠹᠧᠩ ᠬᠤᠷᠠᠯ᠎ᠳᠤ ᠤᠷᠤᠯᠴᠠᠬᠰᠠᠨ ᠪᠦᠬᠡᠳ ᠦᠭᠡ ᠭᠡᠯᠡᠵᠦ᠂ ᠪᠦᠯᠬᠦᠮ᠎ᠤᠨ ᠲᠡᠳ᠋ ᠲᠠᠷᠤᠭ᠎ᠠ ᠯᠢᠨ ᠱᠤᠤ ᠴᠦᠨ ᠪᠦᠬᠦᠳᠠ ᠬᠤᠷᠠᠯ ᠪᠠ ᠲᠤᠭᠤᠢ᠍ᠢ᠍ᠯᠠᠩ ᠬᠤᠪᠢᠶᠠᠭᠰᠠᠨ ᠬᠤᠷᠠᠯ᠎ᠢ ᠲᠤᠰ ᠲᠤᠰ ᠡᠷᠬᠢᠯᠡᠵᠦ᠂ ᠪᠦᠯᠬᠦᠮ᠎ᠤᠨ ᠳᠡᠳ᠋ ᠳᠠᠷᠤᠭ᠎ᠠ ᠯᠢᠦ ᠴᠢ ᠹᠠᠨ ᠲᠤᠭᠤᠢ᠍ᠢ᠍ᠯᠠᠩ ᠬᠤᠪᠢᠶᠠᠬᠰᠠᠨ ᠬᠤᠷᠠᠯ᠎ᠢ ᠡᠷᠬᠢᠯᠡᠵᠡᠢ᠃ ᠲᠤᠭᠤᠢ᠍ᠢ᠍ᠯᠠᠩ ᠬᠤᠪᠢᠶᠠᠬᠰᠠᠨ ᠬᠤᠷᠠᠯ ᠳᠡᠭᠡᠷ᠎ᠠ ᠤᠯᠤᠰ᠎ᠤᠨ ᠬᠤᠯᠪᠤᠭᠳᠠᠯ ᠪᠦᠬᠦᠢ ᠰᠠᠯᠠᠭ᠎ᠠ ᠮᠦᠴᠢᠷ᠎ᠤᠨ ᠨᠦᠬᠦᠳ ᠰᠦᠯᠵᠢᠶᠡᠨ᠎ᠤ ᠸᠢᠳᠢᠣ᠋ ᠬᠡᠯᠪᠡᠷᠢ᠎ᠪᠠᠷ ᠲᠦᠯᠦᠭᠡᠯᠡᠭᠴᠢᠳ᠎ᠤᠨ ᠬᠢᠨᠠᠨ ᠵᠦᠪᠯᠡᠬᠦ ᠵᠢ ᠰᠤᠨᠤᠰᠤᠭᠰᠠᠨ ᠪᠠᠶ᠋ᠢᠨ᠎ᠠ᠃
    ᠱ᠌ᠢ᠎ᠲᠠᠢ ᠹᠧᠩ ᠲᠦᠯᠦᠭᠡᠯᠡᠭᠴᠢ᠂ ᠶᠡᠷᠦᠩᠭᠡᠢ ᠱᠦᠵᠢ ᠰᠢ ᠵᠢᠨ ᠫᠢᠩ᠎ᠤᠨ ᠴᠢᠬᠤᠯᠠ ᠶᠠᠷᠢᠶ᠎ᠠ᠎ᠨᠢ ᠥᠪᠦᠷ ᠮᠤᠩᠭᠤᠯ᠎ᠤᠨ ᠪᠦᠬᠦ ᠲᠠᠯ᠎ᠠ ᠵᠢᠨ ᠠᠵᠢᠯ ᠪᠠ ᠠᠯᠤᠰ ᠭᠡᠳᠦ ᠵᠢᠨ ᠬᠦᠭᠵᠢᠯᠳᠠ᠎ᠳᠤ ᠬᠤᠯᠪᠤᠭᠳᠠᠬᠤ ᠠᠰᠠᠭᠤᠳᠠᠯ᠎ᠳᠤ ᠴᠢᠬᠤᠯᠠ ᠵᠢᠭ᠋ᠠᠪᠤᠷᠢ ᠦᠭᠴᠦ᠂ ᠳᠤᠳᠤᠷᠬᠠᠢ ᠱᠠᠭ᠋ᠠᠷᠳᠠᠯᠭ᠎ᠠ ᠳᠤᠷᠠᠳᠪᠠ᠂ ᠡᠨᠡ᠎ᠨᠢ ᠮᠠᠰᠢ ᠴᠢᠩᠭ᠎ᠠ ᠤᠯᠤᠰ ᠲᠦᠷᠦ ᠵᠢᠨ ᠴᠢᠨᠠᠷ᠂ ᠦᠵᠡᠯ ᠰᠠᠨᠠᠭ᠋ᠠᠴᠢ ᠴᠢᠨᠠᠷ᠂ ᠵᠢᠯᠤᠭᠤᠳᠬᠤ ᠴᠢᠨᠠᠷ ᠪᠠ ᠴᠢᠭᠯᠡᠬᠦᠯᠦᠯᠳᠦ ᠴᠢᠨᠠᠷ᠎ᠲᠠᠢ ᠪᠠᠶ᠋ᠢᠵᠤ᠂ ᠪᠢᠳᠠᠨ᠎ᠤ ᠰᠢᠨ᠎ᠠ ᠬᠦᠭᠵᠢᠯᠳᠠ ᠵᠢᠨ ᠱᠠᠳᠤᠨ᠎ᠤ ᠡᠯ᠎ᠠ ᠵᠦᠢ᠍ᠯ᠎ᠤᠨ ᠠᠵᠢᠯ ᠵᠶ᠋ᠠᠨ ᠰᠠᠶ᠋ᠢᠳᠤᠷ ᠬᠢᠬᠦ᠎ᠳᠤ ᠴᠢᠬᠤᠯᠠ ᠵᠢᠷᠤᠮᠯᠠᠯ ᠬᠠᠩᠭ᠋ᠠᠵᠠᠢ᠃ ᠲᠥᠯᠥᠭᠡᠯᠡᠭᠴᠢ ᠨᠠᠷ ᠪᠣᠯᠤᠨ ᠪᠦᠬᠦ ᠣᠷᠣᠨ᠎ᠤ ᠥᠷᠭᠡᠨ ᠤᠯᠠᠨ ᠨᠠᠮ᠎ᠤᠨ ᠭᠡᠰᠢᠭᠦᠨ ᠺᠠᠳ᠋ᠷᠴᠤᠳ ᠶᠡᠷᠦᠩᠬᠡᠢ ᠱᠦᠵᠢ ᠰᠢ ᠵᠢᠨ ᠫᠢᠩ᠎ᠤᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ ᠵᠢ ᠨᠠᠷᠢᠨ ᠬᠢᠨᠠᠮᠠᠭ᠋ᠠᠢ ᠰᠤᠷᠤᠯᠴᠠᠨ ᠭᠦᠨᠵᠡᠭᠡᠢ ᠣᠶ᠋ᠢᠯᠠᠭ᠋ᠠᠵᠤ᠂ ᠤᠬᠠᠮᠰᠠᠷ᠎ᠠᠴᠠ᠎ᠪᠠᠨ ᠡᠭᠦᠨ ᠵᠶ᠋ᠠᠷ ᠦᠵᠡᠯ ᠰᠠᠨᠠᠭ᠎ᠠ ᠦᠢ᠍ᠯᠡ ᠠᠵᠢᠯᠯᠠᠭ᠎ᠠ᠎ᠪᠠᠨ ᠨᠢᠭᠡᠳᠬᠡᠵᠦ᠂ ᠠᠵᠢᠯ᠎ᠤᠨ ᠦᠢ᠍ᠯᠡᠳᠦᠯᠭᠡ᠎ᠪᠠᠨ ᠵᠢᠯᠤᠭᠤᠳᠤᠭᠤᠯᠤᠨ᠂ 《ᠠᠷᠪᠠᠨ ᠳᠥᠷᠪᠡᠳᠦᠭᠡᠷ ᠲᠠᠪᠤᠨ ᠵᠢᠯ》᠎ᠢ ᠰᠠᠶ᠋ᠢᠳᠤᠷ ᠡᠬᠢᠯᠡᠬᠦᠯᠬᠦ ᠲᠤᠭᠤᠷᠢᠨ᠎ᠳᠤ ᠪᠠᠶ᠋ᠢᠴᠠᠭ᠋ᠠᠨ ᠰᠤᠳᠤᠯᠤᠯᠲᠠ ᠬᠢᠬᠦ᠎ᠪᠠᠨ ᠴᠢᠩᠭ᠋ᠠᠳᠬᠠᠨ᠂ ᠣᠨᠣᠴᠠᠲᠠᠢ᠎ᠪᠠᠷ ᠠᠷᠭ᠎ᠠ ᠪᠤᠳᠤᠯᠭ᠎ᠠ ᠲᠣᠭᠲᠠᠭ᠋ᠠᠨ ᠠᠷᠭ᠎ᠠ ᠪᠤᠳᠤᠯᠭ᠎ᠠ ᠬᠡᠷᠡᠭᠵᠢᠭᠦᠯᠵᠦ᠂ ᠡᠯ᠎ᠡ ᠵᠦᠢ᠍ᠯ᠎ᠤᠨ ᠠᠵᠢᠯ ᠵᠶ᠋ᠠᠨ ᠦᠨᠡᠨ ᠬᠦ᠌ ᠪᠣᠳᠠᠲᠠᠢ ᠬᠢᠵᠦ᠂ ᠯᠠᠪᠳᠠᠭᠤᠨ ᠪᠠᠲᠤᠲᠠᠢ ᠬᠢᠵᠦ᠂ ᠪᠣᠳᠠᠲᠠᠶ᠋ᠢᠵᠢᠭᠤᠯᠤᠨ ᠨᠠᠶ᠋ᠢᠳᠠᠪᠤᠷᠢᠵᠢᠭᠤᠯᠵᠤ᠂ ᠶᠡᠷᠦᠩᠬᠡᠢ ᠱᠦᠵᠢ ᠵᠢᠨ ᠳᠤᠷᠠᠳᠤᠭᠰᠠᠨ ᠴᠢᠬᠤᠯᠠ ᠤᠯᠤᠰ ᠲᠦᠷᠦ ᠵᠢᠨ ᠱᠠᠭ᠋ᠠᠷᠳᠠᠯᠭ᠎ᠠ ᠪᠣᠯᠤᠨ ᠦᠢ᠍ᠯᠡᠳᠦᠯᠭᠡ ᠵᠢᠨ ᠱᠠᠭ᠋ᠠᠷᠳᠠᠯᠭ᠎ᠠ ᠵᠢ ᠪᠣᠳᠠᠲᠠᠢ᠎ᠳᠤ ᠨᠠᠶ᠋ᠢᠳᠠᠪᠤᠷᠢᠵᠢᠭᠤᠯᠤᠨ᠂ ᠶᠠᠷᠢᠶᠠᠨ᠎ᠤ ᠵᠣᠷᠢᠭ ᠰᠠᠨᠠᠭ᠋ᠠᠨ᠎ᠤ ᠵᠢᠯᠤᠭᠤᠳᠤᠯᠭ᠎ᠠ ᠳᠣᠣᠷ᠎ᠠ ᠲᠤᠰᠢᠶᠠᠯ ᠬᠠᠷᠢᠭᠤᠴᠠᠯᠭ᠎ᠠ᠎ᠪᠠᠨ ᠨᠡᠩ ᠰᠠᠶ᠋ᠢᠨ ᠭᠦᠢ᠍ᠴᠡᠳᠬᠡᠵᠦ᠂ ᠬᠥᠭᠵᠢᠯᠲᠡ ᠵᠢ ᠠᠬᠢᠭᠤᠯᠬᠤ ᠬᠡᠷᠡᠭᠲᠡᠢ᠃ ᠶᠡᠷᠦᠩᠬᠡᠶ ᠱᠦᠵᠢ ᠰᠢ ᠵᠢᠨ ᠫᠢᠩ᠎ᠤᠨ ᠥᠪᠥᠷ ᠮᠣᠩᠭᠤᠯ᠎ᠤᠨ ᠲᠤᠬᠠᠶ ᠴᠢᠬᠤᠯᠠ ᠶᠠᠷᠢᠶ᠎ᠠ ᠴᠢᠬᠤᠯᠠ ᠵᠢᠭ᠋ᠠᠪᠤᠷᠢ ᠴᠣᠬᠤᠯᠠᠪᠤᠷᠢ ᠵᠢᠨ ᠵᠣᠷᠢᠭ ᠰᠠᠨᠠᠭ᠎ᠠ ᠵᠢ ᠨᠡᠪᠲᠡᠷᠡᠳᠠᠯ᠎ᠠ ᠰᠤᠷᠤᠯᠴᠠᠨ ᠣᠶ᠋ᠢᠯᠠᠭ᠋ᠠᠵᠤ᠂ ᠴᠢᠬᠤᠯᠠ ᠶᠡᠭᠡ ᠠᠰᠠᠭᠤᠳᠠᠯ᠂ ᠵᠠᠩᠭᠢᠯᠠᠭ᠎ᠠ ᠵᠢᠨ ᠠᠰᠠᠭᠤᠳᠠᠯ᠂ ᠣᠨᠴᠠᠭ᠋ᠠᠶ ᠠᠰᠠᠭᠤᠳᠠᠯ᠎ᠢ ᠰᠤᠳᠤᠯᠤᠨ ᠪᠣᠳᠣᠯᠬᠢᠯᠠᠬᠤ᠎ᠪᠠᠨ ᠴᠢᠩᠭ᠋ᠠᠳᠬᠠᠨ᠂ ᠰᠢᠨ᠎ᠡ ᠡᠭᠦᠳᠦᠯᠳᠡ ᠵᠢᠨ ᠴᠢᠨᠠᠷᠲᠠᠶ ᠰᠡᠳᠬᠢᠮᠵᠢ᠂ ᠲᠤᠯᠭ᠋ᠠᠭᠤᠷᠢᠯᠠᠬᠤ ᠴᠢᠨᠠᠷᠲᠠᠶ ᠡᠭᠦᠷᠭᠡ᠂ ᠬᠥᠲᠥᠯᠥᠨ ᠳᠠᠭ᠋ᠠᠭᠤᠯᠬᠤ ᠴᠢᠨᠠᠷᠲᠠᠶ ᠠᠷᠭ᠎ᠠ ᠬᠡᠮᠵᠢᠶ᠎ᠡ ᠵᠢ ᠲᠥᠯᠥᠪᠵᠢᠭᠦᠯᠵᠤ ᠪᠠᠶ᠋ᠢᠷᠢᠯᠠᠭᠤᠯᠬᠤ᠎ᠪᠠᠨ ᠴᠢᠩᠭ᠋ᠠᠳᠬᠠᠨ᠂ ᠪᠣᠳᠠᠲᠠᠶ᠎ᠠᠴᠠ ᠡᠭᠦᠰᠤᠨ ᠪᠦᠲᠦᠭᠡᠯᠴᠢ ᠴᠢᠨᠠᠷᠲᠠᠶ᠎ᠪᠠᠷ ᠠᠵᠢᠯ ᠵᠶ᠋ᠠᠨ ᠥᠷᠨᠢᠭᠦᠯᠵᠦ᠂ ᠶᠡᠷᠦᠩᠬᠡᠶ ᠱᠦᠵᠢ ᠰᠢ ᠵᠢᠨ ᠫᠢᠩ᠎ᠤᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ ᠵᠢ ᠪᠤᠳᠠᠳᠠᠢ᠎ᠳᠤ ᠨᠠᠶ᠋ᠢᠳᠠᠪᠤᠷᠢᠵᠢᠭᠤᠯᠵᠤ ᠦᠷ᠎ᠡ ᠪᠦᠲᠦᠮᠵᠢ ᠭᠠᠷᠭ᠋ᠠᠬᠤ ᠵᠢ ᠨᠠᠩ ᠰᠠᠶ᠋ᠢᠲᠤᠷ ᠠᠬᠢᠭᠤᠯᠬᠤ ᠬᠡᠷᠡᠭᠲᠡᠶ ᠬᠡᠵᠤ ᠬᠡᠯᠡᠪᠡ᠃
    ᠱ᠌ᠢ᠎ᠲᠠᠢ ᠹᠧᠩ ᠲᠦᠯᠦᠭᠡᠯᠡᠭᠴᠢ᠂ ᠶᠡᠷᠦᠩᠬᠡᠢ ᠰᠠᠶ᠋ᠢᠳ ᠯᠢ ᠺᠧ ᠴᠢᠶᠠᠩ᠎ᠤᠨ ᠬᠢᠭᠰᠡᠨ ᠵᠠᠰᠠᠭ᠎ᠤᠨ ᠣᠷᠳᠣᠨ᠎ᠤ ᠠᠵᠢᠯ᠎ᠤᠨ ᠢᠯᠡᠳᠬᠡᠯ ᠪᠣᠯᠤᠨ ᠶᠡᠭᠡ ᠬᠤᠷᠠᠯ᠎ᠳᠤ ᠬᠢᠨᠠᠨ ᠪᠠᠶ᠋ᠢᠴᠠᠭ᠋ᠠᠯᠭ᠋ᠠᠬᠤ᠎ᠪᠠᠷ ᠳᠡᠪᠰᠢᠬᠦᠯᠦᠭᠰᠡᠨ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ ᠪᠣᠯᠤᠨ 2035 ᠣᠨ᠎ᠤ ᠠᠯᠤᠰ᠎ᠤᠨ ᠬᠠᠷᠠᠯᠲᠠ ᠵᠢᠨ ᠬᠥᠲᠥᠯᠪᠦᠷᠢ ᠵᠢᠨ ᠲᠥᠰᠦᠯ᠎ᠢ ᠪᠦᠷᠢᠮᠦᠰᠦᠨ ᠵᠥᠪᠰᠢᠶᠡᠷᠡᠵᠦ ᠪᠠᠶ᠋ᠢᠨ᠎ᠠ᠃ ᠵᠠᠰᠠᠭ᠎ᠤᠨ ᠣᠷᠳᠣᠨ᠎ᠤ ᠠᠵᠢᠯ᠎ᠤᠨ ᠢᠯᠡᠳᠬᠡᠯ᠎ᠨᠢ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠤᠨ ᠦᠵᠡᠯ ᠰᠠᠨᠠᠭ᠎ᠠ ᠪᠣᠯᠤᠨ ᠡᠨᠡ ᠵᠢᠯ᠎ᠤᠨ ᠠᠵᠢᠯ᠎ᠢ ᠰᠠᠶ᠋ᠢᠲᠤᠷ ᠬᠢᠬᠦ᠂ 《ᠠᠷᠪᠠᠨ ᠳᠥᠷᠪᠡᠳᠦᠭᠡᠷ ᠲᠠᠪᠤᠨ ᠵᠢᠯ》᠎ᠤᠨ ᠬᠥᠭᠵᠢᠯᠲᠡ ᠵᠢ ᠠᠬᠢᠭᠤᠯᠬᠤ ᠲᠤᠬᠠᠶ ᠨᠠᠮ᠎ᠤᠨ ᠲᠥᠪ ᠬᠤᠷᠢᠶᠠᠨ᠎ᠤ ᠰᠢᠢ᠍ᠳᠪᠦᠷᠢᠲᠦ ᠪᠣᠳᠣᠯᠭ᠎ᠠ ᠪᠠᠶ᠋ᠢᠷᠢᠯᠠᠭᠤᠯᠤᠯᠲᠠ ᠵᠢ ᠪᠥᠬᠦ ᠲᠠᠯ᠎ᠠ᠎ᠪᠠᠷ ᠲᠤᠭᠤᠰᠢᠯᠠᠭᠤᠯᠵᠤ᠂ ᠠᠮᠵᠢᠯᠲᠠ ᠪᠦᠲᠦᠮᠵᠢ ᠵᠢ ᠳ᠋ᠦᠩᠨᠡᠬᠦ᠎ᠳᠡᠭᠡᠨ ᠦᠨᠡᠨ᠎ᠠᠴᠠ ᠵᠥᠪ᠎ᠢ ᠡᠷᠢᠵᠦ᠂ ᠪᠠᠶ᠋ᠢᠳᠠᠯ᠎ᠢ ᠵᠠᠳᠠᠯᠬᠤ᠎ᠳᠠᠭᠠᠨ ᠭᠦᠨᠵᠡᠭᠡᠶ ᠪᠥᠭᠡᠳ ᠨᠡᠪᠲᠡᠷᠬᠡᠶ ᠪᠠᠶ᠋ᠢᠵᠤ᠂ ᠡᠭᠦᠷᠭᠡ ᠵᠢ ᠪᠠᠶ᠋ᠢᠷᠢᠯᠠᠭᠤᠯᠬᠤ᠎ᠳᠠᠭᠠᠨ ᠣᠨᠣᠪᠴᠢᠲᠠᠶ ᠪᠥᠭᠡᠳ ᠪᠣᠳᠠᠲᠠᠶ ᠵᠢ ᠡᠷᠬᠢᠮᠯᠡᠵᠤ᠂ ᠲᠤᠭ᠎ᠢ ᠥᠨᠳᠥᠷ ᠮᠠᠨᠳᠤᠭᠤᠯᠤᠭᠰᠠᠨ᠂ ᠥᠭᠡᠷᠡᠴᠢᠯᠡᠯᠲᠡ ᠬᠢᠵᠦ ᠰᠢᠨ᠎ᠡ ᠵᠢ ᠡᠭᠦᠳᠦᠭᠰᠡᠨ᠂ ᠦᠨᠡᠨ᠎ᠢ ᠪᠠᠷᠢᠮᠲᠠᠯᠠᠵᠤ ᠪᠣᠳᠠᠲᠠᠶ ᠵᠢ ᠡᠷᠬᠢᠮᠯᠡᠭᠰᠡᠨ ᠰᠠᠶ᠋ᠢᠨ ᠢᠯᠡᠳᠬᠡᠯ ᠪᠣᠯᠪᠠ᠂ ᠪᠢᠳᠡᠨ᠎ᠤ ᠥᠭᠡᠷᠡᠴᠢᠯᠡᠯᠲᠡ ᠬᠥᠭᠵᠢᠯᠲᠡ ᠲᠣᠭᠲᠠᠭᠤᠨ᠎ᠤ ᠡᠯ᠎ᠡ ᠵᠦᠢ᠍ᠯ᠎ᠤᠨ ᠠᠵᠢᠯ᠎ᠢ ᠰᠠᠶ᠋ᠢᠲᠤᠷ ᠬᠢᠬᠦ᠎ᠳᠤ ᠴᠢᠬᠤᠯᠠ ᠵᠢᠯᠣᠭᠤᠳᠬᠤ ᠠᠴᠢ ᠬᠤᠯᠪᠣᠭᠳᠠᠯ᠎ᠲᠠᠢ ᠶᠤᠮ᠃ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ ᠪᠣᠯᠤᠨ 2035 ᠣᠨ᠎ᠤ ᠠᠯᠤᠰ᠎ᠤᠨ ᠬᠠᠷᠠᠯᠲᠠ ᠵᠢᠨ ᠬᠥᠲᠥᠯᠪᠦᠷᠢ ᠵᠢᠨ ᠲᠥᠰᠦᠯ᠎ᠨᠢ ᠨᠠᠮ᠎ᠤᠨ ᠠᠷᠪᠠ ᠶᠢᠰᠦᠳᠦᠭᠡᠷ ᠬᠤᠭᠤᠴᠠᠭ᠋ᠠᠨ᠎ᠤ ᠲᠥᠪ ᠬᠤᠷᠢᠶᠠᠨ᠎ᠤ ᠲᠠᠪᠤᠳᠤᠭ᠋ᠠᠷ ᠪᠥᠬᠦᠳᠡ ᠬᠤᠷᠠᠯ᠎ᠤᠨ ᠵᠣᠷᠢᠭ ᠰᠠᠨᠠᠭ᠎ᠠ ᠵᠢ ᠪᠥᠬᠦ ᠲᠠᠯ᠎ᠠ᠎ᠪᠠᠷ ᠲᠤᠭᠤᠰᠢᠯᠠᠭᠤᠯᠵᠤ᠂ ᠬᠤᠪᠢᠷᠠᠯᠲᠠ ᠪᠣᠯᠤᠨ ᠰᠢᠨ᠎ᠡ ᠪᠠᠶ᠋ᠢᠳᠠᠯ᠎ᠢ ᠠᠷᠭ᠋ᠠᠴᠠᠭ᠋ᠠᠬᠰᠠᠨ᠂ ᠣᠳᠣᠬᠠᠨ᠎ᠤ ᠪᠠ ᠠᠯᠤᠰ ᠬᠡᠲᠦ ᠵᠢ ᠬᠠᠮᠲᠤ᠎ᠳᠤᠨᠢ ᠬᠠᠷᠠᠭ᠋ᠠᠯᠵᠠᠬᠰᠠᠨ᠂ ᠬᠥᠭᠵᠢᠯᠲᠡ ᠪᠣᠯᠤᠨ ᠠᠮᠤᠷ ᠲᠦᠪᠰᠢᠨ᠎ᠢ ᠨᠢᠭᠡᠳᠦᠯᠲᠡᠶ ᠲᠥᠯᠥᠪᠵᠢᠭᠦᠯᠦᠭᠰᠡᠨ ᠰᠠᠶ᠋ᠢᠨ ᠬᠥᠲᠥᠯᠪᠦᠷᠢ ᠪᠣᠯᠵᠠᠶ᠃ ᠪᠢᠳᠡ ᠵᠠᠰᠠᠭ᠎ᠤᠨ ᠣᠷᠳᠣᠨ᠎ᠤ ᠠᠵᠢᠯ᠎ᠤᠨ ᠢᠯᠡᠳᠬᠡᠯ ᠪᠤᠯᠤᠨ ᠲᠥᠯᠥᠪᠵᠢᠭᠦᠯᠭᠡ ᠵᠢᠨ ᠬᠥᠲᠥᠯᠪᠦᠷᠢ ᠵᠢᠨ ᠪᠠᠶ᠋ᠢᠷᠢᠯᠠᠭᠤᠯᠤᠯᠲᠠ ᠱᠠᠭ᠋ᠠᠷᠳᠠᠯᠭ᠎ᠠ ᠵᠢ ᠪᠥᠬᠦ ᠲᠠᠯ᠎ᠠ᠎ᠪᠠᠷ ᠲᠤᠭᠤᠰᠢᠯᠠᠭᠤᠯᠤᠨ ᠨᠠᠶ᠋ᠢᠳᠠᠪᠤᠷᠢᠵᠢᠭᠤᠯᠵᠤ᠂ ᠥᠪᠥᠷ ᠮᠣᠩᠭᠤᠯ᠎ᠤᠨ ᠡᠯ᠎ᠡ ᠵᠦᠢ᠍ᠯ᠎ᠤᠨ ᠠᠵᠢᠯ᠎ᠢ ᠯᠠᠪᠳᠠᠭᠤᠨ ᠪᠠᠲᠤᠲᠠᠶ ᠰᠠᠶ᠋ᠢᠲᠤᠷ ᠬᠢᠵᠦ᠂ 《ᠠᠷᠪᠠᠨ ᠳᠥᠷᠪᠡᠳᠦᠭᠡᠷ ᠲᠠᠪᠤᠨ ᠵᠢᠯ》᠎ᠤᠨ ᠬᠥᠭᠵᠢᠯᠲᠡ ᠵᠢᠨ ᠠᠩᠬᠠᠨ᠎ᠤ ᠠᠯᠬᠤᠮ᠎ᠢ ᠣᠨᠣᠪᠴᠢᠲᠠᠶ ᠪᠥᠭᠡᠳ ᠯᠠᠪᠳᠠᠭᠤᠨ ᠵᠶ᠋ᠠᠷ ᠠᠯᠬᠤᠬᠤ᠂ ᠰᠢᠨ᠎ᠡ ᠳᠦᠷᠰᠦ ᠪᠠᠶ᠋ᠢᠳᠠᠯ᠎ᠲᠠᠢ ᠪᠣᠯᠬᠤ᠂ ᠰᠢᠨ᠎ᠡ ᠦᠷ᠎ᠡ ᠪᠦᠲᠦᠮᠵᠢ ᠤᠯᠬᠤ ᠵᠢ ᠦᠨᠡᠨ ᠬᠦ᠌ ᠪᠠᠲᠤᠯᠠᠵᠤ᠂ ᠰᠢᠯᠢᠳᠡᠭ ᠠᠮᠵᠢᠯᠲᠠ᠎ᠪᠠᠷ ᠵᠶ᠋ᠠᠨ ᠨᠠᠮ ᠪᠠᠶ᠋ᠢᠭᠤᠯᠤᠭᠳᠠᠭᠰᠠᠨ ᠵᠠᠭᠤᠨ ᠵᠢᠯ᠎ᠤᠨ ᠣᠶ ᠵᠢ ᠪᠡᠯᠭᠡᠯᠡᠬᠦ ᠬᠡᠷᠡᠭᠲᠡᠶ ᠬᠡᠵᠤ ᠬᠡᠯᠡᠪᠡ᠃
    ᠯᠢ ᠰᠢᠤ ᠯᠢᠩ ᠲᠦᠯᠦᠭᠡᠯᠡᠭᠴᠢ᠂ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠨᠢ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠲᠤᠮᠳᠠᠳᠤ ᠤᠯᠤᠰ᠎ᠤᠨ ᠤᠨᠴᠠᠯᠢᠭ᠎ᠲᠠᠢ ᠨᠡᠶ᠋ᠢᠭᠡᠮ ᠵᠢᠷᠤᠮ᠎ᠤᠨ ᠦᠵᠡᠯ ᠰᠠᠨᠠᠭ᠎ᠠ ᠵᠢ ᠲᠤᠭᠤᠰᠢᠯᠠᠭᠤᠯᠵᠤ᠂ ᠨᠠᠮ᠎ᠤᠨ ᠠᠷᠪᠡ ᠶᠢᠰᠤᠳᠤᠭᠡᠷ ᠬᠤᠭᠤᠴᠠᠭ᠋ᠠᠨ᠎ᠤ ᠲᠦᠪ ᠬᠤᠷᠢᠶᠠᠨ᠎ᠤ ᠲᠠᠪᠤᠳᠤᠭ᠋ᠠᠷ ᠪᠦᠬᠦᠳᠠ ᠬᠤᠷᠠᠯ᠎ᠤᠨ ᠵᠤᠷᠢᠭ ᠰᠠᠨᠠᠭ᠎ᠠ ᠪᠤᠯᠤᠨ ᠡᠨᠡ ᠵᠢᠯ᠎ᠤᠨ ᠠᠵᠢᠯ᠎ᠤᠨ ᠲᠤᠬᠠᠢ ᠨᠠᠮ᠎ᠤᠨ ᠲᠦᠪ ᠬᠤᠷᠢᠶᠠᠨ᠎ᠤ ᠰᠢᠢ᠍ᠳᠪᠤᠷᠢᠳᠤ ᠪᠤᠳᠤᠯᠭ᠎ᠠ ᠪᠠᠶ᠋ᠢᠷᠢᠯᠠᠭᠤᠯᠤᠯᠳᠠ ᠵᠢ ᠪᠦᠬᠦ ᠲᠠᠯ᠎ᠡ᠎ᠪᠠᠷ ᠲᠤᠭᠤᠰᠢᠯᠠᠭᠤᠯᠵᠤ᠂ ᠲᠤᠭ᠎ᠢ ᠦᠨᠳᠤᠷ ᠮᠠᠨᠳᠤᠭᠤᠯᠤᠭᠰᠠᠨ᠂ ᠬᠠᠷᠠᠯᠳᠠ ᠰᠡᠳᠬᠢᠴᠠ ᠲᠤᠳᠤᠷᠬᠠᠢ᠂ ᠦᠨᠡᠨ᠎ᠢ ᠪᠠᠷᠢᠮᠳᠠᠯᠠᠵᠤ ᠪᠤᠳᠠᠳᠠᠢ ᠵᠢ ᠡᠷᠬᠢᠮᠯᠡᠭᠰᠡᠨ᠂ ᠭᠤᠤᠯᠳᠠᠯᠭ᠎ᠠ ᠵᠢ ᠠᠳᠬᠤᠬᠰᠡᠨ ᠪᠦᠭᠡᠳ ᠨᠢᠭᠡᠳᠤᠯᠳᠠᠢ ᠲᠦᠯᠦᠪᠵᠢᠬᠦᠯᠵᠤ ᠨᠠᠶ᠋ᠢᠳᠠᠮ᠎ᠳᠤᠨᠢ ᠬᠠᠷᠠᠭ᠋ᠠᠯᠵᠠᠬᠰᠡᠨ ᠰᠠᠶ᠋ᠢᠨ ᠢᠯᠡᠳᠭᠡᠯ ᠪᠤᠯᠵᠠᠢ᠂ ᠪᠦᠷᠢᠮᠤᠰᠤᠨ ᠵᠦᠪᠰᠢᠶᠡᠷᠡᠵᠤ ᠪᠠᠶ᠋ᠢᠨ᠎ᠡ᠃ ᠶᠡᠷᠤᠩᠭᠡᠢ ᠱᠦᠵᠢ ᠰᠢ ᠵᠢᠨ ᠫᠢᠩ᠎ᠤᠨ ᠦᠪᠤᠷ ᠮᠤᠩᠭᠤᠯ᠎ᠤᠨ ᠲᠦᠯᠦᠭᠡᠯᠡᠭᠴᠢᠳ᠎ᠤᠨ ᠪᠦᠯᠬᠦᠮ᠎ᠤᠨ ᠬᠢᠨᠠᠨ ᠵᠦᠪᠯᠡᠬᠦ᠎ᠳᠤ ᠤᠷᠤᠯᠴᠠᠬᠤ ᠦᠶ᠎ᠠ ᠵᠢᠨ ᠴᠢᠬᠤᠯᠠ ᠶᠠᠷᠢᠶ᠎ᠡ᠎ᠨᠢ ᠤᠳᠬ᠎ᠠ ᠰᠠᠨᠠᠭ᠎ᠠ ᠭᠦᠨ ᠠᠯᠤᠰ᠎ᠢ ᠪᠤᠲᠤᠯᠬᠢᠯᠠᠭᠰᠠᠠ ᠪᠦᠭᠡᠳ ᠮᠠᠰᠢ ᠴᠢᠭᠯᠡᠬᠦᠯᠦᠯᠳᠦ ᠴᠢᠨᠠᠷᠲᠠᠢ ᠪᠠᠶ᠋ᠢᠵᠤ᠂ ᠦᠪᠤᠷ ᠮᠤᠩᠭᠤᠯ᠎ᠤᠨ ᠤᠳᠤᠬᠢᠴᠢᠯᠠᠯᠳᠠ ᠵᠢᠨ ᠪᠦᠳᠦᠭᠡᠨ ᠪᠠᠶ᠋ᠢᠭᠤᠯᠤᠯᠳᠠ ᠵᠢᠨ ᠰᠢᠨ᠎ᠡ ᠠᠶᠠᠨ ᠵᠶ᠋ᠠᠨ ᠲᠦᠷᠭᠡᠳᠬᠡᠨ ᠡᠬᠢᠯᠡᠬᠦᠯᠬᠦ᠂ 《ᠵᠢᠱ᠌ᠢᠶᠠᠴᠢ ᠦᠪᠡᠷᠳᠡᠭᠡᠨ ᠵᠠᠰᠠᠬᠤ ᠤᠷᠤᠨ》᠎ᠤ ᠡᠷᠬᠢᠮ ᠲᠡᠭᠡᠳᠤ ᠢᠷᠠᠭᠤ ᠠᠯᠳᠠᠷ ᠵᠶ᠋ᠠᠨ ᠦᠷᠬᠦᠯᠵᠢᠯᠡᠨ ᠪᠠᠲᠤᠯᠠᠬᠤ ᠵᠢ ᠬᠦᠰᠡᠭᠰᠡᠡ ᠴᠢᠩ ᠦᠨᠡᠨᠴᠢ ᠬᠦᠰᠡᠯ ᠨᠠᠶ᠋ᠢᠲᠠᠯᠭ᠎ᠠ ᠵᠢ ᠠᠭᠤᠯᠵᠤ᠂ ᠦᠪᠤᠷ ᠮᠤᠩᠭᠤᠯ᠎ᠤᠨ 《ᠠᠷᠪᠡᠨ ᠲᠦᠷᠪᠠᠳᠤᠭᠡᠷ ᠲᠠᠪᠤᠨ ᠵᠢᠯ》᠎ᠢ ᠰᠠᠶ᠋ᠢᠳᠤᠷ ᠡᠬᠢᠯᠡᠬᠦᠯᠬᠦ᠎ᠳᠤ ᠬᠦᠴᠦᠷᠭᠡᠭ ᠶᠡᠭᠡ ᠬᠦᠳᠡᠯᠭᠡᠬᠦ ᠬᠦᠴᠤ ᠨᠠᠮᠠᠷᠢᠯᠠᠪᠠ᠃ ᠪᠢᠳᠠ 《ᠠᠷᠪᠡᠨ ᠭᠤᠷᠪᠠᠳᠤᠭ᠋ᠠᠷ ᠲᠠᠪᠤᠨ ᠵᠢᠯ》 ᠪᠤᠯᠤᠨ 2020 ᠣᠨ᠎ᠤ ᠶᠡᠷᠤ ᠪᠤᠰᠤ ᠵᠢᠨ ᠲᠡᠤᠭᠡᠨ ᠠᠮᠵᠢᠯᠳᠠ ᠪᠦᠳᠦᠮᠵᠢ ᠵᠢᠨ ᠲᠤᠷᠰᠢᠯᠭ᠎ᠠ ᠪᠠ ᠰᠡᠩᠭᠡᠷᠡᠬᠦᠯᠤᠯ᠎ᠢ ᠬᠦᠨᠵᠡᠭᠡᠢ ᠰᠢᠩᠭᠡᠭᠡᠵᠤ᠂ 《ᠲᠦᠷᠪᠡᠨ ᠤᠬᠠᠮᠰᠠᠷ》 ᠵᠶ᠋ᠠᠨ ᠴᠢᠩᠭ᠋ᠠᠳᠬᠠᠨ᠂ 《ᠲᠦᠷᠪᠡᠨ ᠢᠳᠡᠭᠡᠯ》 ᠵᠶ᠋ᠠᠨ ᠪᠠᠳᠤᠳᠬᠠᠵᠤ᠂ 《ᠬᠤᠶᠠᠷ᠎ᠢ ᠬᠠᠮᠠᠭ᠋ᠠᠯᠠᠬᠤ》 ᠵᠢ ᠪᠠᠶᠠᠯᠡᠬᠦᠯᠵᠤ᠂ ᠮᠠᠨ᠎ᠤ ᠤᠯᠤᠰ᠎ᠤᠨ ᠤᠯᠤᠰ ᠲᠦᠷᠦ ᠵᠢᠨ ᠪᠠ ᠪᠠᠶ᠋ᠢᠭᠤᠯᠤᠯ᠎ᠤᠨ ᠲᠠᠪᠠᠭᠤᠯᠢᠭ᠎ᠢ ᠨᠡᠩ ᠰᠠᠶ᠋ᠢᠨ ᠪᠠᠳᠠᠷᠠᠭᠤᠯᠬᠤ ᠭᠡᠷᠡᠭᠳᠠᠢ; 《ᠬᠤᠤᠰ ᠵᠠᠭᠤᠨ ᠵᠢᠯ》᠎ᠤᠨ ᠲᠡᠤᠭᠡᠨ ᠠᠭᠤᠯᠵᠠᠷ ᠲᠡᠭᠡᠷ᠎ᠡ᠂ ᠤᠭ ᠰᠠᠨᠠᠭ᠎ᠠ᠎ᠪᠠᠨ ᠦᠯᠤ ᠮᠠᠷᠳᠠᠨ ᠡᠬᠦᠷᠭᠡ ᠬᠠᠷᠢᠭᠤᠴᠠᠯᠭ᠎ᠠ᠎ᠪᠠᠨ ᠪᠠᠳᠤ ᠴᠡᠭᠡᠵᠢᠯᠡᠵᠤ᠂ ᠠᠷᠠᠳ ᠲᠦᠮᠡᠨ᠎ᠳᠤ ᠵᠤᠯ ᠵᠢᠷᠭ᠋ᠠᠯ ᠡᠳ᠋ᠯᠡᠬᠦᠯᠬᠦ᠂ ᠲᠤᠮᠳᠠᠳᠤ ᠵᠢᠨ ᠦᠨᠳᠤᠰᠤᠳᠡᠨ᠎ᠤ ᠰᠡᠷᠬᠦᠨ ᠮᠠᠨᠳᠤᠯᠳᠠ ᠵᠢᠨ ᠲᠦᠯᠦᠭᠡ ᠦᠷᠬᠦᠯᠵᠢᠯᠡᠨ ᠲᠠᠮᠠᠴᠡᠬᠦ ᠤᠬᠠᠮᠰᠠᠷ ᠵᠶ᠋ᠠᠨ ᠴᠢᠩᠭ᠋ᠠᠳᠬᠠᠬᠤ ᠭᠡᠷᠡᠭᠳᠠᠢ; ᠰᠢᠨ᠎ᠡ ᠬᠦᠭᠵᠢᠯᠳᠠ ᠵᠢᠨ ᠤᠢ᠍ᠢ᠍ᠯᠠᠭ᠋ᠠᠬᠳᠠᠬᠤᠨ᠎ᠢ ᠪᠦᠷᠢᠨ ᠪᠦᠳᠦᠨ᠂ ᠵᠦᠪ ᠤᠨᠤᠪᠴᠢᠳᠠᠢ᠂ ᠪᠦᠬᠦ ᠲᠠᠯ᠎ᠡ᠎ᠪᠠᠷ ᠲᠤᠭᠤᠰᠢᠯᠠᠭᠤᠯᠵᠤ᠂ ᠰᠢᠨ᠎ᠡ ᠬᠦᠭᠵᠢᠯᠳᠠ ᠵᠢᠨ ᠪᠠᠶ᠋ᠢᠷᠢᠰᠢᠯ᠎ᠳᠤ ᠦᠢ᠍ᠯᠡᠴᠢᠯᠡᠬᠦ ᠪᠠ ᠠᠭᠤᠰᠤᠯᠴᠠᠵᠤ᠂ ᠠᠮᠢ ᠠᠬᠤᠢ ᠵᠢ ᠤᠷᠢᠳ ᠵᠶ᠋ᠠᠷ ᠪᠤᠳᠤᠯᠬᠢᠯᠠᠬᠤ ᠪᠤᠬᠢᠷᠳᠤᠯ ᠦᠭᠡᠢ ᠬᠦᠭᠵᠢᠬᠦᠯᠬᠦ᠎ᠪᠠᠷ ᠤᠳᠤᠷᠢᠳᠤᠮᠵᠢ ᠪᠤᠯᠭ᠋ᠠᠬᠰᠡᠨ ᠬᠦᠭᠵᠢᠯᠳᠠ ᠵᠢᠨ ᠰᠢᠨ᠎ᠡ ᠵᠠᠮ ᠵᠶ᠋ᠠᠷ ᠵᠠᠮᠨᠠᠨ᠂ ᠶᠡᠷᠤᠩᠭᠡᠢ ᠱᠦᠵᠢ ᠵᠢᠨ ᠦᠪᠤᠷ ᠮᠤᠩᠭᠤᠯ᠎ᠤᠨ ᠬᠦᠭᠵᠢᠯᠳᠠ ᠵᠢᠨ ᠲᠤᠬᠠᠢ ᠢᠯᠡ ᠲᠤᠳᠤ ᠪᠦᠭᠡᠳ ᠢᠮᠠᠬᠳᠠ ᠵᠢᠨ ᠱᠠᠭ᠋ᠠᠷᠳᠠᠯᠭ᠎ᠠ ᠵᠢ ᠦᠨᠡᠨ ᠬᠦ᠌ ᠪᠤᠳᠠᠳᠠᠢ᠎ᠳᠤ ᠨᠠᠶ᠋ᠢᠳᠠᠪᠤᠷᠢᠵᠢᠭᠤᠯᠬᠤ ᠵᠢ ᠪᠠᠳᠤᠯᠠᠬᠤ ᠭᠡᠷᠡᠭᠳᠠᠢ ᠭᠡᠵᠤ ᠬᠡᠯᠡᠪᠡ᠃
    ᠯᠢ ᠵᠢᠢ ᠾᠧᠩ ᠲᠦᠯᠦᠭᠡᠯᠡᠭᠴᠢ᠂ ᠶᠡᠷᠤᠩᠭᠡᠢ ᠱᠦᠵᠢ ᠰᠢ ᠵᠢᠨ ᠫᠢᠩ᠎ᠤᠨ ᠴᠢᠬᠤᠯᠠ ᠶᠠᠷᠢᠶ᠎ᠡ ᠪᠤᠯᠤᠨ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠢ ᠰᠤᠷᠤᠯᠴᠠᠭ᠋ᠠᠳ᠂ ᠰᠢᠨ᠎ᠡ ᠬᠦᠭᠵᠢᠯᠳᠠ ᠵᠢᠨ ᠱᠠᠳᠤ ᠵᠢ ᠡᠵᠡᠮᠳᠡᠬᠦ᠂ ᠰᠢᠨ᠎ᠡ ᠬᠦᠭᠵᠢᠯᠳᠠ ᠵᠢᠨ ᠤᠢ᠍ᠢ᠍ᠯᠠᠭ᠋ᠠᠬᠳᠠᠬᠤᠨ᠎ᠢ ᠲᠤᠭᠤᠰᠢᠯᠠᠭᠤᠯᠬᠤ᠂ ᠰᠢᠨ᠎ᠡ ᠬᠦᠭᠵᠢᠯᠳᠠ ᠵᠢᠨ ᠪᠠᠶ᠋ᠢᠷᠢᠰᠢᠯ᠎ᠢ ᠴᠤᠭᠴᠠᠯᠠᠬᠤ ᠲᠤᠬᠠᠢ ᠲᠠᠨᠢᠯᠳᠠ ᠵᠢ ᠤᠯᠠᠮ ᠬᠦᠨᠵᠡᠭᠡᠶ᠋ᠢᠷᠠᠬᠦᠯᠵᠤ᠂ ᠦᠨᠳᠤᠰᠤᠳᠡᠨ᠎ᠤ ᠪᠦᠯᠬᠦᠮᠳᠡᠯ᠂ ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ᠂ ᠬᠦᠳᠡᠭᠡ ᠲᠤᠰᠬᠤᠨ᠎ᠢ ᠬᠦᠭᠵᠢᠬᠦᠯᠤᠨ ᠮᠠᠨᠳᠤᠭᠤᠯᠬᠤ᠂ ᠠᠮᠢ ᠠᠬᠤᠢ ᠵᠢ ᠬᠠᠮᠠᠭ᠋ᠠᠯᠠᠬᠤ᠂ ᠠᠷᠠᠳ᠎ᠤᠨ ᠠᠮᠢᠳᠤᠷᠠᠯ᠎ᠢ ᠪᠠᠳᠤᠯᠠᠬᠤ᠂ ᠨᠠᠮ᠎ᠢ ᠴᠢᠩᠭ᠎ᠠ ᠵᠠᠰᠬᠠᠤ᠂ ᠨᠠᠮ᠎ᠤᠨ ᠲᠡᠤᠭᠡ ᠵᠢᠨ ᠰᠤᠷᠤᠯᠴᠠᠯᠭ᠎ᠠ ᠬᠦᠮᠦᠵᠢᠯ ᠵᠡᠷᠭᠡ ᠵᠢᠨ ᠲᠤᠬᠠᠢ ᠨᠠᠮ᠎ᠤᠨ ᠲᠦᠪ ᠬᠤᠷᠢᠶᠠᠨ᠎ᠤ ᠴᠢᠭᠯᠡᠯᠳᠠ ᠲᠦᠷᠦ ᠵᠢᠨ ᠪᠤᠳᠤᠯᠭ᠎ᠠ ᠵᠢᠨ ᠤᠢ᠍ᠢ᠍ᠯᠠᠭ᠋ᠠᠯᠳᠠ ᠵᠢ ᠬᠦᠨᠵᠡᠭᠡᠶ᠋ᠢᠷᠠᠬᠦᠯᠵᠠᠢ᠃ ᠵᠠᠰᠠᠬ᠎ᠤᠨ ᠤᠷᠳᠤᠨ᠎ᠤ ᠢᠯᠡᠳᠬᠡᠯ᠎ᠳᠤ ᠤᠯᠤᠰ ᠲᠦᠷᠤ ᠵᠢᠨ ᠦᠨᠳᠤᠷᠴᠠ᠂ ᠠᠷᠠᠳ᠎ᠤᠨ ᠠᠮᠢᠳᠤᠷᠠᠯ᠎ᠤᠨ ᠲᠤᠯᠠᠭ᠋ᠠᠴᠠ᠂ ᠰᠢᠨ᠎ᠠ ᠵᠢ ᠡᠬᠦᠳᠬᠦ ᠡᠷᠴᠢᠮ᠂ ᠠᠷᠭ᠎ᠠ ᠬᠡᠮᠵᠢᠶ᠎ᠠ ᠵᠢᠨ ᠤᠨᠤᠪᠴᠢ ᠵᠢ ᠢᠯᠡᠷᠡᠬᠦᠯᠵᠤ᠂ ᠲᠤᠬ᠎ᠢ ᠦᠨᠳᠤᠷ ᠮᠠᠨᠳᠤᠭᠤᠯᠤᠭᠰᠠᠠ᠂ ᠦᠨᠡᠨ᠎ᠢ ᠪᠠᠷᠢᠮᠳᠠᠯᠠᠨ ᠪᠤᠳᠠᠳᠠᠢ ᠵᠢ ᠡᠷᠬᠢᠮᠯᠡᠭᠰᠡᠨ᠂ ᠬᠦᠮᠦᠰ᠎ᠢ ᠤᠷᠮᠠᠰᠢᠭᠤᠯᠤᠨ ᠵᠤᠷᠢᠬ᠍ᠵᠢᠭᠤᠯᠵᠤ ᠤᠷᠤᠬᠰᠢ ᠲᠠᠪᠰᠢᠭᠤᠯᠬᠤ ᠰᠠᠶ᠋ᠢᠨ ᠢᠯᠡᠳᠬᠡᠯ ᠪᠤᠯᠵᠠᠢ; 《ᠠᠷᠠᠳ ᠲᠦᠮᠡᠨ ᠬᠠᠨᠤᠮᠵᠢᠳᠠᠢ᠂ ᠲᠡᠯᠡᠬᠡᠢ ᠳ᠋ᠠᠬᠢᠨ᠎ᠤ ᠠᠩᠬᠠᠷᠤᠯ᠎ᠢ ᠲᠠᠳᠠᠬᠰᠠᠨ᠂ ᠲᠡᠤᠬᠡ ᠰᠤᠳᠤᠷ᠎ᠲᠤ ᠲᠡᠮᠳᠡᠭᠯᠡᠭᠳᠡᠬᠦ》 ᠭᠡᠳᠡᠭ ᠵᠶ᠋ᠠᠷ  2020   ᠣᠨ ᠎ᠤ   ᠠᠵᠢᠯ ᠎ᠢ   ᠦᠨᠡᠯᠡᠭᠰᠡᠡ ᠎ᠨᠢ   ᠶᠠᠪ ᠴᠠᠪ ᠲᠠᠭ᠋ᠠᠷᠠᠵᠤ   ᠪᠠᠶ᠋ᠢᠨ᠎ᠠ  ;  《ᠲᠤᠭᠳᠠᠭᠤᠨ》   ᠪᠤᠯᠤᠨ 《ᠲᠠᠪᠰᠢᠯᠲᠠ》᠂ 《ᠳᠤᠳᠤᠭ᠋ᠠᠳᠤ》   ᠪᠤᠯᠤᠨ       《ᠭᠠᠳᠠᠭ᠋ᠠᠳᠤ》᠂ 《  ᠬᠦᠭᠵᠢᠯᠳᠠ》 ᠪᠤᠯᠤᠨ 《ᠠᠷᠠᠳ᠎ᠤᠨ ᠠᠮᠢᠳᠤᠷᠠᠯ》᠂ 《ᠤᠳᠤᠬᠠᠨ》 ᠪᠠ 《ᠠᠯᠤᠰ ᠢᠷᠡᠬᠡᠳᠤᠢ》 ᠵᠢᠨ ᠬᠠᠷᠢᠴᠠᠭ᠎ᠠ ᠵᠢ ᠬᠤᠪᠢᠰᠤᠩᠭᠤᠢ᠎ᠪᠠᠷ ᠡᠵᠡᠮᠳᠡᠭᠰᠡᠡ᠎ᠨᠢ 《ᠠᠷᠪᠠᠨ ᠲᠦᠷᠪᠡᠳᠤᠬᠡᠷ ᠲᠠᠪᠤᠨ ᠵᠢᠯ》᠎ᠤᠨ ᠲᠦᠷᠤᠬᠦᠤ ᠠᠯᠬᠤᠮ᠎ᠢ ᠤᠨᠤᠪᠴᠢᠳᠠᠢ ᠪᠦᠬᠡᠳ ᠯᠠᠪᠳᠠᠭᠤᠨ ᠰᠠᠶ᠋ᠢᠳᠤᠷ ᠠᠯᠬᠤᠬᠤ᠎ᠳᠤ ᠰᠢᠨᠵᠢᠯᠡᠬᠦ ᠤᠬᠠᠭ᠋ᠠᠨᠴᠢ ᠵᠢᠯᠤᠭᠤᠲᠤᠮᠵᠢ ᠬᠠᠩᠭ᠋ᠠᠪᠠ᠃ ᠠᠷᠠᠳ᠎ᠤᠨ ᠶᠠᠪᠤᠳᠠᠯ᠎ᠤᠨ ᠠᠵᠢᠯ᠎ᠨᠢ ᠠᠷᠠᠳ᠎ᠤᠨ ᠠᠮᠢᠳᠤᠷᠠᠯ᠎ᠲᠠᠢ ᠬᠤᠯᠪᠤᠬᠳᠠᠵᠤ᠂ ᠠᠷᠠᠳ᠎ᠤᠨ ᠰᠡᠳᠬᠢᠯ᠎ᠢ ᠬᠤᠯᠪᠤᠵᠤ ᠪᠠᠶ᠋ᠢᠳᠠᠭ᠂ ᠠᠷᠠᠳ ᠎ᠤᠨ   ᠰᠡᠳᠬᠢᠯ   ᠪᠤᠯ   ᠬᠠᠮᠤᠬ ᠎ᠤᠨ   ᠶᠡᠭᠡ   ᠤᠯᠤᠰ   ᠲᠦᠷᠤ   ᠮᠦᠨ᠃ ᠠᠷᠠᠳ᠎ᠤᠨ ᠶᠠᠪᠤᠳᠠᠯ᠎ᠤᠨ ᠰᠠᠯᠠᠭ᠎ᠠ ᠮᠦᠴᠢᠷ᠎ᠤᠨ᠎ᠬᠢᠨ ᠠᠷᠠᠳ᠎ᠤᠨ ᠶᠠᠪᠤᠳᠠᠯ᠎ᠤᠨ ᠠᠵᠢᠯ᠎ᠤᠨ ᠲᠤᠬᠠᠢ ᠨᠠᠮ᠎ᠤᠨ ᠲᠦᠪ ᠬᠤᠷᠢᠶᠠᠨ᠎ᠤ ᠰᠢᠢ᠍ᠳᠪᠤᠷᠢᠳᠤ ᠪᠤᠳᠤᠯᠭ᠎ᠠ ᠪᠠᠶ᠋ᠢᠷᠢᠯᠠᠭᠤᠯᠤᠯᠳᠠ ᠵᠢ ᠡᠷᠡᠰ   ᠪᠤᠳᠠᠳᠠᠢ   ᠨᠠᠶ᠋ᠢᠳᠠᠪᠤᠷᠢᠵᠢᠭᠤᠯᠵᠤ᠂   《ᠬᠤᠶᠠᠷ᠎ᠢ ᠬᠠᠮᠠᠭ᠋ᠠᠯᠠᠬᠤ》 ᠵᠢ ᠡᠷᠡᠰ ᠪᠡᠶᠡᠯᠡᠬᠦᠯᠦᠨ᠎ᠠ ᠬᠡᠪᠡ᠃
    ᠹᠦ᠋ ᠶᠢᠩ ᠲᠦᠯᠤᠬᠡᠯᠡᠭᠴᠢ᠂ ᠦᠩᠬᠡᠷᠡᠭᠰᠡᠨ ᠨᠢᠬᠡ ᠵᠢᠯ᠎ᠳᠤ ᠰᠢ ᠵᠢᠨ ᠫᠢᠩ ᠨᠦᠬᠦᠷ ᠵᠶ᠋ᠠᠷ ᠭᠤᠤᠯ ᠪᠤᠯᠭ᠋ᠠᠬᠰᠠᠨ ᠨᠠᠮ᠎ᠤᠨ ᠲᠦᠪ ᠬᠤᠷᠢᠶᠠᠨ᠎ᠤ ᠪᠠᠳᠤ ᠴᠢᠩᠭ᠎ᠠ ᠤᠳᠤᠷᠢᠳᠤᠯᠭ᠎ᠠ ᠲᠤᠤᠷ᠎ᠠ᠂ ᠪᠦᠬᠦ ᠤᠯᠤᠰ᠎ᠤᠨ ᠦᠨᠳᠤᠰᠤᠳᠠᠨ᠎ᠨᠦᠭᠦᠳ᠎ᠤᠨ ᠠᠷᠠᠳ ᠲᠦᠮᠠᠨ ᠰᠢᠷᠭ᠋ᠠᠭᠤ ᠬᠠᠲᠠᠭᠤᠵᠢᠯᠲᠠᠢ᠎ᠪᠠᠷ ᠡᠷᠡᠯᠬᠡᠭᠯᠡᠨ ᠲᠡᠮᠡᠴᠡᠵᠤ᠂ ᠪᠦᠬᠦ ᠪᠦᠮᠪᠦᠷᠴᠡᠭ᠎ᠤᠨ ᠭᠤᠤᠯ ᠪᠤᠯᠬᠤ ᠠᠵᠤ ᠠᠬᠤᠢ ᠵᠢᠨ ᠴᠤᠬ᠍ᠴᠠ ᠳᠤᠮᠳᠠ ᠴᠤᠷ᠎ᠤᠨ ᠭᠠᠭᠴᠠ ᠠᠵᠤ ᠠᠬᠤᠢ ᠵᠢᠨ ᠡᠶᠡᠷᠬᠦ ᠨᠡᠮᠡᠭᠳᠡᠯ᠎ᠢ ᠪᠡᠶᠡᠯᠡᠬᠦᠯᠦᠭᠰᠡᠨ ᠤᠯᠤᠰ ᠪᠤᠯᠪᠠ᠂ ᠡᠨᠡ ᠬᠦ᠌ ᠠᠮᠵᠢᠯᠳᠠ ᠪᠦᠳᠤᠮᠵᠢ ᠵᠢ ᠬᠢᠯᠪᠠᠷ ᠪᠤᠰᠤ᠎ᠪᠠᠷ ᠤᠯᠵᠠᠢ᠂ ᠢᠯᠠᠩᠭᠤᠶ᠎ᠠ ᠬᠢᠵᠢᠭ᠎ᠤᠨ ᠪᠠᠶ᠋ᠢᠳᠠᠯ᠎ᠢ ᠰᠡᠷᠬᠡᠶ᠋ᠢᠯᠡᠨ ᠡᠵᠡᠮᠳᠡᠬᠦ ᠲᠠᠯ᠎ᠠ᠎ᠪᠠᠷ ᠲᠡᠯᠡᠬᠡᠢ ᠳ᠋ᠠᠬᠢᠨ᠎ᠤ ᠠᠩᠬᠠᠷᠤᠯ᠎ᠢ ᠲᠠᠳᠠᠬᠰᠠᠨ ᠠᠮᠵᠢᠯᠳᠠ ᠪᠦᠳᠤᠮᠵᠢ ᠤᠯᠪᠠ᠃ ᠨᠠᠷᠢᠨ ᠪᠤᠳᠤᠯᠢᠶᠠᠨᠳᠠᠢ ᠬᠦᠨᠳᠦ ᠬᠡᠴᠡᠭᠦᠤ ᠤᠯᠠᠨ ᠤᠯᠤᠰ᠎ᠤᠨ ᠪᠠᠶ᠋ᠢᠳᠠᠯ᠎ᠤᠨ ᠡᠮᠦᠨ᠎ᠠ᠂ ᠦᠪᠡᠷ᠎ᠤᠨ ᠵᠤᠬᠰᠤᠯᠳᠠ᠎ᠪᠠᠨ ᠪᠠᠳᠤ ᠰᠠᠬᠢᠵᠤ᠂ ᠤᠯᠤᠰ ᠪᠦᠬᠦᠨ᠎ᠲᠠᠢ ᠬᠠᠷᠢᠯᠴᠠᠨ ᠬᠦᠨᠳᠤᠳᠬᠡᠬᠦ᠂ ᠡᠷᠬᠡ ᠲᠡᠭᠰᠢ ᠬᠠᠷᠢᠯᠴᠠᠨ ᠠᠰᠢᠬᠳᠠᠢ ᠪᠠᠶ᠋ᠢᠬᠤ ᠰᠠᠭᠤᠷᠢ ᠲᠡᠭᠡᠷ᠎ᠠ ᠨᠠᠶ᠋ᠢᠷᠠᠮᠳᠠᠯ ᠵᠶ᠋ᠠᠷ ᠵᠡᠷᠬᠡᠴᠡᠨ ᠤᠷᠤᠰᠢᠵᠤ ᠬᠠᠮᠳᠤ᠎ᠪᠠᠷ ᠬᠦᠭᠵᠢᠨ᠂ ᠠᠶᠤᠯ ᠲᠦᠭᠰᠢᠬᠦᠷᠢ ᠦᠷᠢᠰᠤᠯᠳᠤᠬᠡᠨ᠎ᠢ ᠢᠳᠡᠪᠬᠢᠳᠠᠢ ᠠᠷᠭ᠋ᠠᠴᠠᠭ᠋ᠠᠵᠤ᠂ ᠦᠷᠢᠰᠤᠯᠳᠤᠬᠡᠨ᠎ᠠᠴᠠ ᠠᠶᠤᠬᠤ ᠦᠬᠡᠢ ᠪᠦᠭᠡᠳ ᠪᠠᠰᠠ ᠦᠷᠢᠰᠤᠯᠳᠤᠬᠡᠨ᠎ᠢ ᠤᠮᠳᠤᠭ᠋ᠠᠢ᠍ᠢ᠍ᠯᠠᠵᠤ ᠪᠤᠯᠬᠤ ᠦᠬᠡᠢ᠃ ᠡᠯ᠎ᠠ ᠵᠦᠢ᠍ᠯ᠎ᠤᠨ ᠵᠦᠷᠢᠴᠡᠯ ᠪᠤᠯᠤᠨ ᠠᠰᠠᠭᠤᠳᠠᠯ᠎ᠢ ᠰᠠᠶ᠋ᠢᠳᠤᠷ   ᠰᠢᠢ᠍ᠳᠪᠤᠷᠢᠯᠠᠵᠤ᠂ ᠦᠷᠬᠡᠨ ᠵᠶ᠋ᠠᠷ ᠵᠦᠪᠳᠡᠯᠴᠠᠨ ᠬᠠᠮᠳᠤ ᠵᠢᠨ ᠲᠠᠨᠢᠯᠳᠠ ᠵᠢ ᠨᠢᠬᠳᠠᠷᠠᠭᠤᠯᠤᠬᠰᠠᠨ ᠰᠠᠭᠤᠷᠢ ᠲᠡᠭᠡᠷ᠎ᠠ᠂ ᠪᠦᠬᠦ ᠪᠦᠮᠪᠦᠷᠴᠡᠭ᠎ᠤᠨ ᠵᠠᠰᠠᠯᠳᠠ ᠵᠢᠨ ᠰᠢᠰᠲ᠋ᠧᠮ᠎ᠢ ᠦᠬᠡᠷᠡᠴᠢᠯᠡᠵᠤ ᠲᠡᠬᠦᠯᠳᠡᠷᠵᠢᠬᠦᠯᠦᠨ᠂ ᠦᠪᠡᠷ᠎ᠤᠨ ᠬᠦᠭᠵᠢᠯᠳᠠ ᠵᠢᠨ ᠬᠠᠷᠠᠯᠳᠠ᠎ᠪᠠᠨ ᠪᠡᠶᠡᠯᠡᠬᠦᠯᠬᠦ ᠵᠢᠨ ᠲᠦᠯᠤᠬᠡ ᠭᠠᠳᠠᠭ᠋ᠠᠳᠤ ᠤᠷᠴᠢᠨ ᠪᠠᠶ᠋ᠢᠳᠠᠯ᠎ᠢ ᠰᠠᠶ᠋ᠢᠳᠤᠷ ᠬᠠᠮᠠᠭ᠋ᠠᠯᠠᠬᠤ ᠭᠡᠷᠡᠭᠳᠠᠢ ᠬᠡᠵᠤ ᠬᠡᠯᠡᠪᠡ᠃ ᠯᠢᠨ ᠱᠤᠤ ᠴᠦᠨ᠂ ᠯᠢᠦ ᠴᠢ ᠹᠠᠨ᠂ ᠮᠧᠩ ᠹᠠᠨ ᠯᠢ᠂ ᠨᠠᠰᠤᠨᠮᠦ᠋ᠩᠬᠡ᠂ ᠤᠷᠳᠤ᠂ ᠵᠠᠩ ᠵᠢᠶᠠᠨ ᠮᠢᠨ᠂ ᠸᠠᠩ ᠪᠦᠸᠧ᠂ ᠯᠢ ᠷᠦᠩ ᠰᠢ᠂ ᠴᠢ ᠪᠠᠳᠤ᠂ ᠮᠠ ᠰᠢᠤᠸᠠᠢ ᠵᠢᠶᠦ᠋ᠨ᠂ ᠶᠠᠩ ᠽᠦᠩ ᠷᠧᠨ᠂ ᠯᠢ ᠴᠢ ᠯᠢᠨ᠂ ᠢᠤᠢ ᠰᠢᠤᠢ ᠪᠦᠸᠧ᠂ ᠮᠧᠩ ᠰᠢᠶᠠᠨ ᠳ᠋ᠦᠩ᠂ ᠬᠦᠩ ᠮᠢᠩ ᠵᠤ᠌᠂ ᠹᠧᠩ ᠢᠤᠢ ᠵᠧᠨ᠂ ᠵᠠᠩ ᠯᠸᠢ᠂ ᠹᠸᠢ ᠳ᠋ᠦᠩ ᠪᠢᠨ᠂ ᠵᠢᠶᠠ ᠷᠦᠨ ᠠᠨ᠂ ᠢᠤᠢ ᠯᠢ ᠰᠢᠨ᠂ ᠯᠢ ᠴᠢᠤᠸᠠᠨ ᠸᠧᠨ᠂ ᠵᠤᠤ ᠵᠢᠶᠠᠩ ᠲᠤᠤ᠂ ᠳ᠋ᠠᠢ ᠰᠢ ᠶᠤᠸᠠᠨ ᠵᠡᠷᠬᠡ ᠲᠦᠯᠤᠬᠡᠯᠡᠭᠴᠢ ᠬᠤᠷᠠᠯ ᠲᠡᠭᠡᠷ᠎ᠠ ᠦᠭᠡ ᠭᠡᠯᠡᠪᠡ᠃

ᠢᠷᠡᠯᠲᠡ᠄ ᠦᠪᠦᠷ ᠮᠤᠩᠭᠤᠯ᠎ᠤᠨ ᠵᠠᠰᠠᠭ᠎ᠤᠨ ᠤᠷᠳᠤᠨ
          
ᠬᠠᠮᠢᠶ᠎ᠡ ᠪᠦᠬᠦᠢ ᠰᠣᠨᠢᠨ
ᠦᠪᠤᠷ ᠮᠤᠩᠭᠤᠯ᠎ᠤᠨ ᠲᠦᠯᠦᠭᠡᠯᠡᠭᠴᠢᠳ᠎ᠤᠨ ᠪᠦᠯᠬᠦᠮ ᠲᠤᠭᠤᠢ᠍ᠢ᠍ᠯᠠᠩ ᠬᠤᠪᠢᠶᠠᠵᠦ ᠪᠦᠬᠦ ᠤᠯᠤᠰ᠎ᠤᠨ ᠠᠷᠠᠳ᠎ᠤᠨ ᠲᠦᠯᠦᠭᠡᠯᠡᠭᠴᠢᠳ᠎ᠤᠨ ᠶᠡᠭᠡ ᠬᠤᠷᠠᠯ᠎ᠤᠨ ᠪᠠᠶ᠋ᠢᠡᠭᠭᠤ ᠵᠢᠨ ᠬᠤᠷᠢᠶᠠᠨ᠎ᠤ ᠠᠵᠢᠯ᠎ᠤᠨ ᠮᠡᠳᠡᠬᠦᠯᠦᠯᠳᠠ ᠵᠢ ᠬᠢᠨᠡᠨ ᠵᠦᠪᠯᠡᠵᠡᠢ ᠱ᠌ᠢ᠎ᠲᠠᠢ ᠹᠧᠩ ᠯᠢ ᠰᠢᠤ ᠯᠢᠩ ᠯᠢ ᠵᠢᠢ ᠾᠧᠩ ᠦᠭᠡ ᠬᠡᠯᠡᠪᠡ
ᠦᠪᠦᠷ ᠮᠣᠩᠭᠤᠯ᠎ᠤᠨ ᠲᠦᠯᠦᠭᠡᠯᠡᠭᠴᠢᠳ᠎ᠤᠨ ᠪᠦᠯᠬᠦᠮ ᠳᠤᠭᠤᠶ᠋ᠢᠯᠠᠩ ᠬᠤᠪᠢᠶᠠᠵᠤ ᠪᠦᠬᠦ ᠤᠯᠤᠰ᠎ᠤᠨ ᠠᠷᠠᠳ᠎ᠤᠨ ᠲᠦᠯᠦᠭᠡᠯᠡᠭᠴᠢᠳ᠎ᠤᠨ ᠶᠡᠭᠡ ᠬᠤᠷᠠᠯ᠎ᠤᠨ ᠵᠤᠬᠢᠶᠠᠨ ᠪᠠᠶ᠋ᠢᠭᠤᠯᠬᠤ ᠬᠠᠤᠯᠢ᠎ᠳᠤ ᠵᠠᠰᠠᠪᠤᠷᠢ ᠤᠷᠤᠭᠤᠯᠬᠤ ᠲᠤᠬᠠᠢ ᠲᠤᠭᠳᠠᠭ᠋ᠠᠯ᠎ᠤᠨ ᠲᠦᠰᠦᠯ ᠪᠠ ᠪᠦᠬᠦ ᠤᠯᠤᠰ᠎ᠤᠨ ᠠᠷᠠᠳ᠎ᠤᠨ ᠲᠦᠯᠦᠭᠡᠯᠡᠭᠴᠢᠳ᠎ᠤᠨ ᠶᠡᠭᠡ ᠬᠤᠷᠠᠯ᠎ᠤᠨ ᠭᠡᠷᠡᠭ ᠵᠦᠪᠯᠡᠬᠦ ᠲᠦᠷᠢᠮ᠎ᠳᠤ ᠵᠠᠰᠠᠪᠤᠷᠢ ᠤᠷᠤᠭᠤᠯᠬᠤ ᠲᠤᠬᠠᠢ ᠲᠤᠭᠳᠠᠭ᠋ᠠᠯ᠎ᠤᠨ ᠲᠦᠰᠦᠯ᠎ᠢ ᠬᠢᠨᠡᠨ ᠵᠦᠪᠯᠡᠵᠤ 《ᠬᠤᠶᠠᠷ ᠬᠤᠷᠢᠶ᠎ᠠ》 ᠵᠢᠨ ᠠᠵᠢᠯ᠎ᠤᠨ ᠮᠡᠳᠡᠬᠦᠯᠦᠯᠳᠠ ᠵᠢ ᠬᠢᠨᠡᠨ ᠵᠦᠪᠯᠡᠪᠡ ᠱ᠌ᠢ᠎ᠲᠠᠢ ᠹᠧᠩ ᠯᠢ ᠰᠢᠦ ᠯᠢᠩ ᠯᠢ ᠵᠢᠢ ᠾᠧᠩ ᠹᠦ᠋ ᠶᠢᠩ ᠦᠭᠡ ᠭᠡᠯᠡᠵᠡᠢ
ᠳᠤᠮᠳᠠᠳᠤ ᠵᠢᠨ ᠦᠨᠳᠦᠰᠦᠲᠡᠨ᠎ᠤ ᠬᠠᠮᠲᠤ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠵᠤ ᠳᠤᠮᠳᠠᠳᠤ ᠵᠢᠨ ᠵᠡᠭᠦᠳᠦ ᠵᠢ ᠬᠠᠮᠲᠤ᠎ᠪᠠᠷ ᠲᠡᠷᠭᠡᠯᠰᠢᠭᠦᠯᠬᠦ ᠠᠤᠭ᠎ᠠ ᠬᠦᠴᠦᠨ᠎ᠢ ᠨᠢᠭᠲᠠᠷᠠᠭᠤᠯᠤᠨ᠎ᠠ — ᠶᠡᠷᠦᠩᠬᠡᠢ ᠱᠦᠵᠢ ᠰᠢ ᠵᠢᠨ ᠫᠢᠩ᠎ᠤᠨ ᠥᠪᠥᠷ ᠮᠣᠩᠭᠤᠯ᠎ᠤᠨ ᠲᠥᠯᠥᠭᠡᠯᠡᠭᠴᠢᠳ᠎ᠤᠨ ᠪᠦᠯᠬᠦᠮ᠎ᠤᠨ ᠬᠢᠨᠠᠨ ᠵᠥᠪᠯᠡᠬᠦ᠎ᠳᠤ ᠣᠷᠣᠯᠴᠠᠬᠤ ᠦᠶ᠎ᠡ ᠵᠢᠨ ᠴᠢᠬᠤᠯᠠ ᠶᠠᠷᠢᠶ᠎ᠠ ᠮᠠᠨ᠎ᠤ ᠣᠷᠣᠨ᠎ᠤ ᠶᠡᠭᠡ ᠳᠡᠭᠡᠳᠦ ᠰᠤᠷᠭ᠋ᠠᠭᠤᠯᠢ ᠵᠢᠨ ᠪᠠᠭᠰᠢ ᠰᠤᠷᠤᠭᠴᠢᠳ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠠᠵᠢᠯᠲᠠᠳ᠎ᠤᠨ ᠳᠤᠮᠳᠠ ᠬᠠᠯᠠᠭᠤᠨ ᠲᠤᠰᠬᠠᠯ ᠭᠠᠷᠪᠠ
ᠥᠪᠡᠷᠲᠡᠭᠡᠨ ᠵᠠᠰᠠᠬᠤ ᠣᠷᠣᠨ᠎ᠤ ᠪᠡᠶ᠎ᠡ ᠵᠢᠨ ᠲᠠᠮᠢᠷ᠎ᠤᠨ ᠲᠣᠪᠴᠢᠶ᠎ᠠ ᠪᠡᠶ᠎ᠡ ᠵᠢᠨ ᠲᠠᠮᠢᠷ ᠰᠤᠷᠭ᠋ᠠᠨ ᠬᠥᠮᠦᠵᠢᠯ᠎ᠢ ᠠᠭᠤᠰᠤᠯᠴᠠᠭᠤᠯᠬᠤ ᠠᠵᠢᠯ᠎ᠢ ᠠᠬᠢᠭᠤᠯᠬᠤ ᠬᠤᠷᠠᠯ ᠬᠤᠷᠠᠯᠳᠤᠭᠤᠯᠪᠠ
 
            