ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠰᠣᠨᠢᠨ ᠮᠡᠳᠡᠭᠡ   -   ᠦᠨᠦᠳᠣᠷ᠎ᠤᠨ ᠰᠣᠨᠢᠨ ᠮᠡᠳᠡᠭᠡ
ᠮᠠᠨ᠎ᠤ ᠤᠷᠤᠨ᠎ᠤ ᠲᠠᠮᠢᠷᠴᠢᠨ ᠾᠸᠦ ᠱᠦᠸᠸ ᠠᠯᠳᠠᠨ ᠮᠸᠳᠡᠯ ᠭᠠᠷᠳᠠᠪᠠ
ᠨᠡᠶ᠋ᠢᠲᠡᠯᠡᠭᠰᠡᠨ ᠴᠠᠭ᠄ 2023-12-18

    12 ᠰᠠᠷ᠎ᠠ ᠵᠢᠨ 16᠎ᠤ ᠡᠳᠦᠷ᠂ 《ᠠᠷᠪᠠᠨ ᠲᠦᠷᠪᠡᠳᠦᠭᠡᠷ ᠬᠤᠭᠤᠴᠠᠭ᠋ᠠᠨ᠎ᠤ ᠪᠦᠬᠦ ᠤᠯᠤᠰ᠎ᠤᠨ ᠡᠪᠦᠯ᠎ᠤᠨ ᠤᠯᠠᠷᠢᠯ᠎ᠤᠨ ᠲᠠᠮᠢᠷ᠎ᠤᠨ ᠴᠤᠭᠯᠠᠭ᠋ᠠᠨ》᠎ᠤ ᠴᠢᠷᠭ᠎ᠠ ᠵᠢᠨ ᠲᠦᠷᠦᠯ᠎ᠤᠨ ᠰᠢᠢ᠍ᠳᠪᠦᠷᠢᠳᠦ ᠤᠷᠤᠯᠳᠤᠭ᠋ᠠᠨ ᠪᠡᠭᠡᠵᠢᠩ᠎ᠤᠨ ᠶᠠᠨᠴᠢᠩ᠎ᠳᠠᠬᠢ ᠤᠯᠤᠰ᠎ᠤᠨ ᠴᠠᠰᠤᠨ ᠲᠡᠷᠭᠡ ᠴᠢᠷᠭ᠎ᠠ ᠵᠢᠨ ᠲᠦᠪ᠎ᠲᠤ ᠶᠠᠪᠤᠭᠳᠠᠯ᠎ᠠ᠃ ᠮᠠᠨ᠎ᠤ ᠤᠷᠤᠨ᠎ᠤ ᠲᠠᠮᠢᠷᠴᠢᠨ ᠾᠸᠦ ᠱᠦᠸᠸ ᠱᠠᠨᠰᠢ ᠮᠤᠵᠢ ᠵᠢᠨ ᠲᠠᠮᠢᠷᠴᠢᠨ ᠵᠢᠤᠢ᠌ᠪᠠᠶᠢ· ᠰᠠᠢ᠌ᠺᠸᠶᠢ᠎ᠲᠠᠢ ᠨᠢᠭᠡᠴᠢ ᠠᠯᠤᠰᠯᠠᠨ ᠠᠩᠭᠢ ᠵᠤᠬᠢᠶᠠᠨ ᠪᠠᠢ᠌ᠭᠤᠯᠬᠤ ᠬᠡᠯᠪᠡᠷᠢ᠎ᠪᠠᠷ ᠤᠷᠤᠯᠳᠤᠭ᠋ᠠᠨ᠎ᠳᠤ ᠤᠷᠤᠯᠴᠠᠵᠦ᠂ ᠡᠷᠡᠭᠳᠡᠢ ᠵᠢᠨ ᠬᠤᠤᠰ ᠬᠦᠮᠦᠨ᠎ᠤ ᠤᠷᠤᠯᠳᠤᠭ᠋ᠠᠨ᠎ᠤ ᠠᠯᠳᠠᠨ ᠮᠸᠳᠡᠯ᠎ᠢ ᠭᠠᠷᠳᠠᠪᠠ᠂ ᠡᠨᠡ᠎ᠨᠢ ᠮᠦᠨ ᠴᠦ᠍ 《ᠠᠷᠪᠠᠨ ᠲᠦᠷᠪᠡᠳᠦᠭᠡᠷ ᠬᠤᠭᠤᠴᠠᠭ᠋ᠠᠨ᠎ᠤ ᠪᠦᠬᠦ ᠤᠯᠤᠰ᠎ᠤᠨ ᠡᠪᠦᠯ᠎ᠤᠨ ᠤᠯᠠᠷᠢᠯ᠎ᠤᠨ ᠲᠠᠮᠢᠷ᠎ᠤᠨ ᠴᠤᠭᠯᠠᠭ᠋ᠠᠨ》᠎ᠤ ᠮᠠᠨ᠎ᠤ ᠤᠷᠤᠨ᠎ᠤ ᠲᠦᠯᠦᠭᠡᠯᠡᠭᠴᠢᠳ᠎ᠤᠨ ᠪᠦᠯᠬᠦᠮ᠎ᠤᠨ 4᠎ᠳᠠᠬᠢ ᠠᠯᠳᠠᠨ ᠮᠸᠳᠡᠯ ᠪᠤᠯᠤᠨ᠎ᠡ᠃
      ᠲᠤᠰ ᠤᠳᠠᠭ᠋ᠠᠨ᠎ᠤ ᠴᠢᠷᠭ᠎ᠠ ᠵᠢᠨ ᠤᠷᠤᠯᠳᠤᠭ᠋ᠠᠨ᠎ᠢ ᠡᠷᠡᠭᠳᠡᠢ ᠵᠢᠨ ᠭᠠᠭᠴᠠ ᠬᠦᠮᠦᠨ᠎ᠤ ᠤᠷᠤᠯᠳᠤᠭ᠋ᠠᠨ᠂ ᠡᠮᠡᠭᠳᠡᠢ ᠵᠢᠨ ᠭᠠᠭᠴᠠ ᠬᠦᠮᠦᠨ᠎ᠤ ᠤᠷᠤᠯᠳᠤᠭ᠋ᠠᠨ᠂ ᠡᠷᠡᠭᠳᠡᠢ ᠵᠢᠨ ᠬᠤᠤᠰ ᠬᠦᠮᠦᠨ᠎ᠤ ᠤᠷᠤᠯᠳᠤᠭ᠋ᠠᠨ᠂ ᠡᠮᠡᠭᠳᠡᠢ ᠵᠢᠨ ᠬᠤᠤᠰ ᠬᠦᠮᠦᠨ᠎ᠤ ᠤᠷᠤᠯᠳᠤᠭ᠋ᠠᠨ᠂ ᠪᠦᠯᠬᠦᠮ᠎ᠤᠨ ᠪᠤᠤᠬᠢᠶ᠎ᠡ ᠤᠷᠤᠯᠳᠤᠭ᠋ᠠᠨ ᠵᠡᠷᠭᠡ 5 ᠲᠦᠷᠦᠯ ᠬᠤᠪᠢᠶᠠᠵᠦ᠂ ᠪᠡᠭᠡᠵᠢᠩ᠂ ᠬᠤᠨᠠᠨ᠂ ᠱᠠᠨᠰᠢ᠂ ᠦᠪᠦᠷ ᠮᠤᠩᠭᠤᠯ᠂ ᠰᠢᠨᠵᠢᠶᠡᠩ᠂ ᠱᠠᠨᠳᠦ᠋ᠩ ᠵᠡᠷᠭᠡ ᠭᠠᠵᠠᠷ᠎ᠤᠨ ᠲᠠᠮᠢᠷᠴᠢᠳ ᠤᠷᠤᠯᠴᠠᠪᠠ᠃ ᠲᠤᠬᠠᠢ ᠵᠢᠨ ᠡᠳᠦᠷ ᠶᠠᠪᠤᠭᠳᠠᠭᠰᠠᠨ ᠡᠷᠡᠭᠳᠡᠢ ᠵᠢᠨ ᠬᠤᠤᠰ ᠬᠦᠮᠦᠨ᠎ᠤ ᠤᠷᠤᠯᠳᠤᠭ᠋ᠠᠨ᠎ᠳᠤ᠂ ᠾᠸᠦ ᠱᠦᠸᠸ ᠪᠤᠯᠤᠨ ᠵᠢᠤᠢ᠌ᠪᠠᠶᠢ· ᠰᠠᠢ᠌ᠺᠸᠶᠢ ᠰᠠᠢ᠌ᠬᠠᠨ ᠬᠠᠮᠵᠢᠯᠴᠠᠨ᠂ 2 ᠮᠢᠨᠦ᠋ᠲ 01 ᠰᠸᠺᠦ᠋ᠨ᠋ᠳ᠋ 173 ᠵᠢᠨ ᠬᠢᠷᠢ ᠪᠦᠳᠦᠮᠵᠢ᠎ᠪᠠᠷ ᠨᠢᠭᠡᠳᠦᠭᠡᠷ᠎ᠲᠤ ᠤᠷᠤᠵᠠᠢ᠃ ᠤᠨᠴᠠᠯᠠᠨ ᠲᠤᠷᠠᠳᠤᠭᠤᠰᠢᠳᠠᠢ᠎ᠨᠢ ᠾᠸᠦ ᠱᠦᠸᠸ ᠪᠤᠯᠤᠨ ᠵᠢᠤᠢ᠌ᠪᠠᠶᠢ· ᠰᠠᠢ᠌ᠺᠸᠶᠢ ᠪᠤᠯ ᠤᠷᠤᠯᠳᠤᠭ᠋ᠠᠨ᠎ᠤ ᠲᠠᠯᠠᠪᠤᠷ᠎ᠤᠨ 《ᠬᠠᠭᠤᠴᠢᠨ ᠠᠨᠳᠠ》 ᠮᠦᠨ᠂ ᠲᠡᠳᠡ ᠬᠤᠶᠠᠭᠤᠯᠠ 2022  — 2023 ᠤᠨ᠎ᠤ ᠤᠷᠤᠯᠳᠤᠭ᠋ᠠᠨ᠎ᠤ ᠤᠯᠠᠷᠢᠯ᠎ᠤᠨ ᠪᠦᠬᠦ ᠤᠯᠤᠰ᠎ᠤᠨ ᠴᠢᠷᠭ᠎ᠠ ᠵᠢᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ᠎ᠳᠤ ᠡᠷᠡᠭᠳᠡᠢ ᠵᠢᠨ ᠬᠤᠤᠰ ᠬᠦᠮᠦᠨ᠎ᠤ ᠤᠷᠤᠯᠳᠤᠭ᠋ᠠᠨ ᠪᠠ ᠬᠠᠮᠳᠦ ᠵᠢᠨ ᠪᠤᠤᠬᠢᠶ᠎ᠡ ᠤᠷᠤᠯᠳᠤᠭ᠋ᠠᠨ᠎ᠳᠤ ᠮᠠᠩᠯᠠᠢ᠌ᠯᠠᠵᠦ ᠦᠩᠭᠡᠷᠡᠪᠡ᠃
      ᠾᠸᠦ ᠱᠦᠸᠸ ᠵᠠᠯᠭ᠋ᠠᠭ᠋ᠠᠳ ᠵᠢᠤᠢ᠌ᠪᠠᠶᠢ· ᠰᠠᠢ᠌ᠺᠸᠶᠢ᠂ ᠱᠠᠨᠰᠢ ᠮᠤᠵᠢ ᠵᠢᠨ ᠲᠠᠮᠢᠷᠴᠢᠨ ᠯᠢᠦ ᠱᠤᠤ ᠨᠠᠨ᠂ ᠪᠡᠭᠡᠵᠢᠩ ᠬᠤᠳᠠ ᠵᠢᠨ ᠲᠠᠮᠢᠷᠴᠢᠨ ᠵᠸᠦ ᠯᠢᠶᠠᠩ ᠽᠢ ᠲᠢᠩ᠎ᠲᠠᠢ ᠪᠦᠯᠬᠦᠮ ᠪᠠᠢ᠌ᠭᠤᠯᠤᠨ ᠪᠦᠯᠬᠦᠮ᠎ᠤᠨ ᠪᠤᠤᠬᠢᠶ᠎ᠠ ᠤᠷᠤᠯᠳᠤᠭ᠋ᠠᠨ᠎ᠳᠤ ᠤᠷᠤᠯᠴᠠᠨ᠎ᠠ᠃ ᠦᠪᠦᠷ ᠮᠤᠩᠭᠤᠯ ᠪᠤᠯᠤᠨ ᠱᠠᠨᠰᠢ ᠮᠤᠵᠢ ᠵᠢᠨ ᠬᠠᠮᠳᠤᠷᠠᠨ ᠬᠦᠮᠦᠵᠢᠭᠦᠯᠦᠭᠰᠡᠨ ᠲᠠᠮᠢᠷᠴᠢᠨ ᠬᠤ᠌ ᠾᠦᠢ ᠯᠠᠨ ᠡᠮᠡᠭᠳᠡᠢ ᠵᠢᠨ ᠭᠠᠭᠴᠠ ᠬᠦᠮᠦᠨ᠎ᠤ ᠤᠷᠤᠯᠳᠤᠭ᠋ᠠᠨ᠎ᠳᠤ ᠤᠷᠤᠯᠴᠠᠬᠤ ᠪᠤᠯᠤᠨ᠎ᠡ᠃

ᠢᠷᠡᠯᠲᠡ᠄ ᠦᠪᠦᠷ ᠮᠣᠩᠭᠤᠯ᠎ᠤᠨ ᠡᠳᠤᠷ᠎ᠤᠨ ᠰᠣᠨᠢᠨ
          
ᠬᠠᠮᠢᠶ᠎ᠡ ᠪᠦᠬᠦᠢ ᠰᠣᠨᠢᠨ
ᠥᠪᠡᠷᠲᠡᠭᠡᠨ ᠵᠠᠰᠠᠬᠤ ᠣᠷᠣᠨ᠎ᠤ ᠪᠡᠶ᠎ᠡ ᠵᠢᠨ ᠲᠠᠮᠢᠷ᠎ᠤᠨ ᠲᠣᠪᠴᠢᠶ᠎ᠠ ᠨᠠᠮ᠎ᠤᠨ ᠤᠳᠤᠷᠢᠳᠬᠤ ᠳᠤᠭᠤᠢ᠌ᠯᠠᠩ᠎ᠤᠨ ᠬᠤᠷᠠᠯ ᠬᠤᠷᠠᠯᠳᠤᠭᠤᠯᠵᠤ ᠨᠠᠮ᠎ᠤᠨ ᠰᠠᠬᠢᠯᠭ᠎ᠠ ᠪᠠᠲᠤ ᠵᠢᠨ ᠰᠤᠷᠤᠯᠴᠠᠯᠭ᠎ᠠ ᠬᠥᠮᠦᠵᠢᠯ᠎ᠤᠨ ᠠᠵᠢᠯ᠎ᠢ ᠲᠤᠰᠬᠠᠢ᠌ᠯᠠᠨ ᠪᠠᠢ᠌ᠷᠢᠯᠠᠭᠤᠯᠪᠠ
ᠥᠪᠡᠷᠲᠡᠭᠡᠨ ᠵᠠᠰᠠᠬᠤ ᠣᠷᠣᠨ᠎ᠤ ᠪᠡᠶ᠎ᠡ ᠵᠢᠨ ᠲᠠᠮᠢᠷ᠎ᠤᠨ ᠲᠣᠪᠴᠢᠶ᠎ᠠ ᠤᠯᠤᠰ᠎ᠤᠨ ᠠᠮᠤᠷ ᠲᠦᠪᠰᠢᠨ᠎ᠤ ᠬᠥᠮᠦᠵᠢᠯ᠎ᠤᠨ ᠲᠤᠰᠬᠠᠢ ᠰᠡᠳᠦᠪᠲᠦ ᠲᠡᠢ᠌ᠯᠤᠮᠵᠢ ᠡᠷᠬᠢᠯᠡᠪᠡ
ᠥᠪᠥᠷ ᠮᠣᠩᠭᠣᠯ ᠤᠯᠤᠰ᠎ᠤᠨ ᠵᠢᠦᠳᠣᠣ ᠵᠢᠨ ᠵᠠᠯᠠᠭᠤᠴᠤᠳ᠎ᠤᠨ ᠠᠩᠭᠢ ᠵᠢ ᠬᠠᠮᠲᠤ᠎ᠪᠠᠷ ᠪᠠᠶ᠋ᠢᠭᠤᠯᠬᠤ ᠭᠡᠷ᠎ᠡ ᠲᠤᠭᠳᠠᠪᠠ
2024 ᠣᠨ᠎ᠤ ᠪᠥᠬᠥ ᠤᠯᠤᠰ᠎ᠤᠨ ᠣᠯᠠᠨ ᠤᠯᠤᠰ᠎ᠤᠨ ᠮᠠᠶᠢᠭ᠎ᠤᠨ ᠪᠥᠬᠡ ᠵᠢᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ᠎ᠳᠤ ᠥᠪᠥᠷ ᠮᠣᠩᠭᠣᠯ᠎ᠤᠨ ᠡᠮᠡᠭᠲᠡᠢ ᠵᠢᠨ ᠴᠢᠯᠦᠭᠡᠲᠦ ᠪᠥᠬᠡ ᠵᠢᠨ ᠠᠩᠭᠢ 1 ᠠᠯᠲᠠᠨ ᠮᠧᠳᠠᠯ 1 ᠮᠥᠩᠭᠥᠨ ᠮᠧᠳᠠᠯ 1 ᠬᠦᠷᠡᠯ ᠮᠧᠳᠠᠯ ᠣᠯᠪᠠ
 
            