ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠰᠣᠨᠢᠨ ᠮᠡᠳᠡᠭᠡ   -   ᠬᠤᠰᠢᠭᠤ ᠰᠢᠶᠠᠨ᠎ᠤ ᠰᠣᠨᠣᠰᠬᠠᠯ
 ᠬᠢᠩᠭ᠋ᠠᠨ ᠠᠢ᠌ᠮᠠᠭ ᠪᠦᠬᠦ ᠲᠡᠯᠡᠬᠡᠢ᠎ᠳᠤ ᠮᠦᠰᠦ ᠴᠠᠰᠤᠨ᠎ᠤ ᠠᠶᠠᠯᠠᠯ ᠵᠢᠭᠤᠯᠴᠢᠯᠠᠯ ᠵᠶ᠋ᠠᠨ ᠲᠠᠨᠢᠯᠴᠠᠭᠤᠯᠪᠠ
ᠨᠡᠶ᠋ᠢᠲᠡᠯᠡᠭᠰᠡᠨ ᠴᠠᠭ᠄ 2019-02-27

    6᠎ᠤ ᠡᠲᠦᠷ᠂ ᠬᠢᠩᠭ᠋ᠠᠨ ᠠᠢ᠌ᠮᠠᠭ ᠲᠠᠨᠢᠯᠴᠠᠭᠤᠯᠭ᠎ᠠ + ᠦᠵᠡᠬᠦᠯᠦᠯᠭᠡ ᠵᠢᠨ ᠬᠡᠯᠪᠡᠷᠢ᠎ᠪᠠᠷ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠲᠦᠪ ᠬᠦᠬᠡᠬᠤᠲᠠ᠎ᠳᠤ ᠬᠢᠩᠭ᠋ᠠᠨ ᠠᠢ᠌ᠮᠠᠭ᠎ᠤᠨ ᠠᠶᠠᠯᠠᠯ ᠵᠢᠭᠤᠯᠴᠢᠯᠠᠯ ᠪᠤᠯᠤᠨ ᠷᠠᠰᠢᠶᠠᠨ᠎ᠤ ᠤᠯᠠᠨ ᠤᠯᠤᠰ᠎ᠤᠨ ᠪᠡᠶ᠎ᠡ ᠰᠤᠪᠢᠯᠠᠯᠲᠠ ᠮᠦᠰᠤ ᠴᠠᠰᠤᠨ᠎ᠤ ᠨᠠᠢ᠍ᠷ ᠵᠶ᠋ᠠᠨ ᠪᠦᠬᠦ ᠲᠡᠯᠡᠬᠡᠢ᠎ᠳᠤ ᠲᠠᠨᠢᠯᠴᠠᠭᠤᠯᠤᠭᠰᠠᠨ ᠪᠠᠢ᠍ᠨ᠎ᠠ᠃
    ᠲᠠᠨᠢᠯᠴᠠᠭᠤᠯᠤᠭᠰᠠᠨ ᠵᠶ᠋ᠠᠷ᠂ ᠬᠢᠩᠭ᠋ᠠᠨ ᠠᠢ᠌ᠮᠠᠭ᠎ᠤᠨ ᠠᠶᠠᠯᠠᠯ ᠵᠢᠭᠤᠯᠴᠢᠯᠠᠯ ᠰᠤᠶᠤᠯ᠎ᠤᠨ ᠡᠬᠢ ᠪᠠᠶᠠᠯᠢᠭ ᠡᠯᠪᠡᠭ᠂ ᠬᠦᠮᠦᠯᠢᠭ᠎ᠤᠨ ᠦᠵᠡᠮᠦᠷᠢ ᠵᠢᠨ ᠪᠦᠰᠡ ᠪᠤᠯᠤᠨ ᠦᠵᠡᠰᠬᠦᠯᠡᠩᠲᠦ ᠰᠠᠢ᠍ᠬᠠᠨ ᠪᠠᠢ᠍ᠭ᠋ᠠᠯᠢ ᠵᠢᠨ ᠦᠩᠭᠡ ᠦᠵᠡᠮᠵᠢ᠎ᠲᠠᠢ᠃ ᠤᠢ᠍ᠷ᠎ᠠ ᠵᠢᠨ ᠵᠢᠯ᠎ᠠᠴᠠ ᠨᠠᠭ᠋ᠠᠰᠢ᠂ ᠬᠢᠩᠭ᠋ᠠᠨ ᠠᠢ᠌ᠮᠠᠭ᠎ᠨᠢ ᠷᠠᠰᠢᠶᠠᠨ ᠵᠶ᠋ᠠᠷ ᠠᠬᠠᠯᠠᠭᠤᠯᠤᠭᠰᠠᠨ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ ᠪᠤᠯᠤᠨ ᠤᠯᠠᠭ᠋ᠠᠨᠬᠤᠲᠠ᠎ᠪᠠᠷ ᠵᠢᠬᠦᠷᠯᠡᠬᠦᠯᠦᠭᠰᠡᠨ᠂ ᠵᠠᠯᠠᠢ᠍ᠳ ᠬᠤᠰᠢᠭᠤ᠂ ᠬᠤᠷᠴᠢᠨ ᠪᠠᠷᠠᠭᠤᠨ ᠭᠠᠷᠤᠨ ᠲᠤᠮᠲᠠᠲᠤ ᠬᠤᠰᠢᠭᠤ ᠪᠤᠯᠤᠨ ᠲᠦᠴᠢᠶᠤᠧᠠᠨ ᠰᠢᠶᠠᠨ ᠵᠶ᠋ᠠᠷ ᠲᠤᠯᠭ᠋ᠠᠭᠤᠷᠢᠯᠠᠭᠤᠯᠤᠭᠰᠠᠨ ᠠᠶᠠᠯᠠᠯ ᠵᠢᠭᠤᠯᠴᠢᠯᠠᠯ᠎ᠤᠨ ᠲᠤᠭᠲᠠᠭ᠋ᠠᠮᠵᠢ ᠵᠢ ᠪᠦᠷᠢᠯᠲᠦᠭᠦᠯᠦᠭᠰᠡᠨ ᠪᠠᠢ᠍ᠨ᠎ᠠ᠃
    ᠤᠭ ᠠᠵᠢᠯᠯᠠᠭ᠋ᠠᠨ᠎ᠠᠴᠠ ᠤᠢ᠍ᠯᠠᠭ᠋ᠠᠭᠰᠠᠨ ᠵᠶ᠋ᠠᠷ᠂ ᠷᠠᠰᠢᠶᠠᠨ᠎ᠤ ᠤᠯᠠᠨ ᠤᠯᠤᠰ᠎ᠤᠨ ᠪᠡᠶ᠎ᠡ ᠰᠤᠪᠢᠯᠠᠯᠲᠠ ᠮᠦᠰᠦ ᠴᠠᠰᠤᠨ᠎ᠤ ᠨᠠᠢ᠍ᠷ 12 ᠰᠠᠷ᠎ᠠ ᠵᠢᠨ 21᠎ᠤ ᠡᠲᠦᠷ ᠡᠬᠢᠯᠡᠵᠦ ᠲᠦᠲᠡᠭ ᠭᠠᠯ᠎ᠤᠨ ᠦᠲᠡᠰᠢᠯᠡᠭᠡ᠂ ᠮᠦᠰᠦᠨ ᠪᠦᠮᠪᠦᠭᠡ ᠵᠢᠨ ᠭᠤᠷᠪᠠᠨ ᠲᠦᠷᠦᠯ᠎ᠤᠨ ᠲᠡᠮᠡᠴᠡᠭᠡᠨ ᠵᠡᠷᠭᠡ ᠠᠵᠢᠯᠯᠠᠭ᠎ᠠ ᠲᠤᠬᠢᠷᠠᠭᠤᠯᠬᠤ ᠪᠤᠯᠤᠨ᠎ᠠ᠃

ᠢᠷᠡᠯᠲᠡ᠄ ᠰᠢᠨᠬᠤᠸᠠ ᠮᠤᠩᠭᠤᠯ ᠨᠸᠲ
          
ᠬᠠᠮᠢᠶ᠎ᠡ ᠪᠦᠬᠦᠢ ᠰᠣᠨᠢᠨ
ᠬᠦᠬᠡᠬᠤᠳᠠ ᠵᠢᠨ ᠭᠤᠷᠪᠠᠳᠤᠭ᠋ᠠᠷ ᠬᠤᠭᠤᠴᠠᠭ᠋ᠠᠨ᠎ᠤ ᠬᠦᠵᠡᠯᠵᠡᠭᠡᠨ᠎ᠡ ᠵᠢᠨ ᠰᠤᠶᠤᠯ ᠵᠢᠨ ᠨᠠᠢ᠍ᠷ ᠡᠬᠢᠯᠡᠪᠡ
ᠬᠢᠩᠭ᠋ᠠᠨ ᠠᠢ᠌ᠮᠠᠭ᠎ᠤᠨ ᠴᠠᠰᠤᠨ᠎ᠳᠤ ᠭᠤᠯᠭᠤᠬᠤ ᠤᠷᠢᠯᠭ᠎ᠠ ᠵᠢᠨ ᠤᠷᠤᠯᠳᠤᠭ᠋ᠠᠨ ᠡᠬᠢᠯᠡᠪᠡ
ᠤᠷᠳᠤᠰ ᠬᠤᠳᠠ ᠵᠢᠨ ᠮᠦᠰᠦ ᠴᠠᠰᠤᠨ᠎ᠤ ᠵᠤᠭ᠋ᠠᠴᠠᠯ᠎ᠤᠨ ᠨᠠᠢ᠌ᠷ ᠡᠬᠢᠯᠡᠪᠡ
2019 ᠰᠢᠯᠢ ᠵᠢᠨ ᠭᠤᠤᠯ ᠠᠶ᠋ᠢᠮᠠᠭ᠎ᠤᠨ ᠡᠪᠦᠯ᠎ᠤᠨ ᠵᠢᠭᠤᠯᠴᠢᠯᠠᠯ᠎ᠤᠨ ᠡᠬᠢᠯᠡᠯᠳᠡ ᠵᠢᠨ ᠶᠤᠰᠤᠯᠠᠯ ᠵᠢᠴᠢ ᠠᠷᠪᠠᠨ ᠲᠤᠯᠤᠳᠤᠭ᠋ᠠᠷ ᠬᠤᠭᠤᠴᠠᠭ᠋ᠠᠨ᠎ᠤ 《ᠬᠤᠯᠠᠨ ᠰᠢᠷᠭ᠎ᠠ》 ᠡᠪᠦᠯ᠎ᠤᠨ ᠨᠠᠭ᠋ᠠᠳᠤᠮ ᠡᠬᠢᠯᠡᠪᠡ
2019 ᠬᠦᠯᠦᠨ ᠪᠤᠶ᠋ᠢᠷ᠎ᠤᠨ ᠮᠦᠩᠬᠦᠨ ᠡᠪᠤᠯ᠎ᠤᠨ ᠨᠠᠭ᠋ᠠᠳᠤᠮ ᠡᠬᠢᠯᠡᠪᠡ
 
            