11 ᠰᠠᠷ᠎ᠠ ᠵᠢᠨ 29᠎ᠤ ᠡᠳᠣᠷ᠂ ᠣᠷᠳᠣᠰ ᠬᠤᠳᠠ ᠵᠢᠨ ᠰᠣᠶᠣᠯ ᠵᠢᠭᠤᠯᠴᠢᠯᠠᠯ᠎ᠤᠨ ᠳᠣᠪᠴᠢᠶ᠎ᠠ᠂ ᠬᠢᠶ᠎ᠠ ᠪᠠᠭᠰᠢ ᠳᠣᠭᠤᠷᠢᠬ᠎ᠤᠨ ᠵᠠᠰᠠᠬ᠎ᠤᠨ ᠣᠷᠳᠣᠨ ᠭᠤᠣᠯᠯᠠᠨ ᠡᠷᠬᠢᠯᠡᠵᠣ᠂ ᠬᠢᠶ᠎ᠠ ᠪᠠᠭᠰᠢ ᠳᠣᠭᠤᠷᠢᠬ᠎ᠤᠨ ᠰᠣᠶᠣᠯ ᠵᠢᠭᠤᠯᠴᠢᠯᠠᠯ᠎ᠤᠨ ᠳᠣᠪᠴᠢᠶ᠎ᠠ᠂ ᠬᠢᠶ᠎ᠠ ᠪᠠᠭᠰᠢ ᠳᠣᠭᠤᠷᠢᠬ᠎ᠤᠨ ᠰᠣᠶᠣᠯ᠎ᠤᠨ ᠠᠵᠣ ᠥᠢ᠍ᠯᠡᠰ᠎ᠤᠨ ᠪᠡᠯᠡ ᠣᠷᠣᠭᠤᠯᠣᠯᠳᠠ ᠵᠢᠨ ᠬᠢᠵᠠᠭ᠋ᠠᠷᠳᠣ ᠺᠣᠮᠫᠠᠨᠢ ᠵᠢᠨ ᠲᠠᠭ᠋ᠠᠭ᠋ᠠᠴᠢᠯᠠᠨ ᠡᠷᠬᠢᠯᠡᠭᠰᠡᠨ ᠭᠤᠷᠪᠠᠳᠣᠭ᠋ᠠᠷ ᠬᠤᠭᠤᠴᠠᠭ᠋ᠠᠨ᠎ᠤ ᠣᠷᠳᠣᠰ ᠬᠤᠳᠠ ᠵᠢᠨ ᠮᠥᠰᠣ ᠴᠠᠰᠣᠨ᠎ᠤ ᠨᠠᠭ᠋ᠠᠳᠣᠮ ᠵᠢᠴᠢ ᠬᠢᠶ᠎ᠠ ᠪᠠᠭᠰᠢ ᠳᠣᠭᠤᠷᠢᠬ᠎ᠤᠨ ᠮᠥᠰᠥ ᠴᠠᠰᠣᠨ᠎ᠤ ᠭᠤᠣᠯ ᠰᠡᠳᠣᠪᠳᠥ ᠴᠡᠩᠬᠡᠯ᠎ᠤᠨ ᠬᠥᠷᠢᠶᠡᠯᠡᠩ᠎ᠤᠨ ᠡᠬᠢᠯᠡᠯᠳᠡ ᠵᠢᠨ ᠶᠣᠰᠣᠯᠠᠯ ᠶᠠᠪᠣᠬᠳᠠᠪᠠ᠃
ᠥᠷᠯᠥᠬᠡ ᠵᠢᠨ 9 ᠴᠠᠬ ᠬᠠᠭ᠋ᠠᠰ᠎ᠲᠤ᠂ ᠳᠣᠰ ᠤᠳᠠᠭ᠎ᠠ ᠵᠢᠨ ᠨᠠᠭ᠋ᠠᠳᠣᠮ ᠮᠣᠷᠢᠨ ᠬᠤᠭᠤᠷ᠎ᠤᠨ ᠠᠶᠠᠰ᠎ᠤᠨ ᠳᠣᠮᠳᠠ ᠡᠬᠢᠯᠡᠯᠳᠡ ᠵᠢᠨ ᠬᠥᠰᠢᠬᠡ᠎ᠪᠠᠨ ᠢᠷᠠᠵᠣ᠂ ᠬᠡᠣᠬᠡᠳ᠎ᠤᠨ ᠮᠥᠰᠥ ᠲᠡᠰᠢᠬᠦ᠂ ᠴᠠᠰᠣᠨ ᠲᠡᠬᠡᠷ᠎ᠠ ᠴᠠᠨᠠᠯᠠᠬᠤ᠂ ᠴᠠᠰᠣᠨ ᠲᠡᠬᠡᠷ᠎ᠡ ᠣᠩᠭᠤᠴᠠᠨ᠎ᠳᠤ ᠰᠠᠭᠤᠵᠣ ᠨᠠᠭ᠋ᠠᠤᠡᠬᠤ᠂ ᠮᠥᠰᠥᠨ ᠲᠡᠬᠡᠷᠡᠬᠢ ᠳᠣᠭᠤᠢ ᠲᠡᠷᠬᠡᠨ᠎ᠤ ᠣᠷᠣᠯᠳᠣᠭ᠋ᠠᠨ ᠵᠡᠷᠬᠡ 18 ᠵᠦᠢ᠍ᠯ᠎ᠤᠨ ᠨᠠᠭ᠋ᠠᠳᠣᠮ ᠳᠣᠬᠢᠷᠠᠭᠤᠯᠤᠭᠰᠠᠨ᠎ᠠᠴᠠ ᠭᠠᠳᠠᠨ᠎ᠠ ᠪᠠᠰᠠ ᠬᠤᠳᠠᠯᠳᠣᠭ᠋ᠠᠨ᠎ᠤ ᠬᠠᠮ ᠲᠡᠯᠬᠡᠬᠦᠷ᠂ ᠠᠮᠳᠠᠳᠣ ᠢᠳᠡᠬᠡᠨ᠎ᠤ ᠥᠢ᠍ᠯᠡᠴᠢᠯᠡᠭᠡ ᠳᠣᠬᠢᠷᠠᠭᠤᠯᠵᠣ᠂ ᠣᠷᠳᠣᠰ ᠬᠤᠳᠠ ᠵᠢᠴᠢ ᠬᠤᠯᠠ ᠤᠢ᠍ᠢ᠍ᠷ᠎ᠠ ᠵᠢᠨ ᠵᠢᠭᠤᠯᠴᠢᠯᠠᠬ᠍ᠴᠢᠳᠲᠤ ᠪᠠᠶᠠᠷ ᠴᠡᠩᠭᠡᠯ ᠤᠯᠭᠤᠵᠠᠢ᠃
ᠡᠨᠡ ᠵᠢᠯ᠎ᠤᠨ ᠮᠥᠰᠥ ᠴᠠᠰᠣᠨ᠎ᠤ ᠨᠠᠭ᠋ᠠᠳᠣᠮᠢ ᠨᠡᠩ ᠰᠠᠶ᠋ᠢᠨ ᠡᠷᠬᠢᠯᠡᠬᠦ ᠵᠢᠨ ᠳᠥᠯᠥᠬᠡ᠂ ᠬᠢᠶ᠎ᠠ ᠪᠠᠭᠰᠢ ᠳᠣᠭᠤᠷᠢᠬ᠎ᠤᠨ ᠰᠣᠶᠣᠯ᠎ᠤᠨ ᠠᠵᠣ ᠥᠢ᠍ᠯᠡᠰ᠎ᠤᠨ ᠪᠡᠯᠡ ᠣᠷᠣᠭᠤᠯᠣᠯᠳᠠ ᠵᠢᠨ ᠬᠢᠵᠠᠭ᠋ᠠᠷᠳᠣ ᠺᠣᠮᠫᠠᠨᠢ ᠰᠠᠷ᠎ᠠ ᠭᠠᠷᠣᠢ ᠵᠢᠨ ᠴᠠᠬ ᠵᠠᠷᠣᠴᠠᠭᠤᠯᠵᠣ᠂ ᠲᠦᠮᠨ ᠭᠠᠷᠣᠢ ᠲᠡᠭᠰᠢ ᠳᠥᠷᠪᠡᠯᠵᠢᠨ ᠮᠧᠳ᠋ᠷ᠎ᠤᠨ ᠲᠠᠯᠠᠪᠠᠢ᠎ᠲᠠᠢ ᠮᠥᠰᠥ ᠴᠠᠰᠣᠨ᠎ᠤ ᠭᠤᠣᠯ ᠰᠡᠳᠣᠪᠳᠥ ᠴᠡᠩᠬᠡᠯ᠎ᠤᠨ ᠬᠥᠷᠢᠶᠡᠯᠡᠩ ᠪᠠᠶ᠋ᠢᠭᠤᠯᠵᠣ᠂ ᠨᠢᠬᠡᠯᠡ ᠪᠢᠯᠧᠲ ᠵᠶ᠋ᠠᠷ ᠨᠠᠭ᠋ᠠᠤᠡᠴᠥ ᠪᠣᠯᠬᠤ ᠬᠠᠷᠠᠭ᠋ᠠᠯᠵᠠᠯ ᠬᠥᠷᠳᠡᠬᠡᠵᠣ᠂ ᠮᠥᠰᠥ ᠴᠠᠰᠣᠨ᠎ᠤ ᠨᠠᠭ᠋ᠠᠳᠣᠮ᠎ᠳᠤ ᠳᠣᠷ᠎ᠠ ᠪᠠᠬᠠᠲᠠᠢ ᠥᠷᠬᠡᠨ ᠣᠯᠠᠨ ᠬᠤᠳᠠ ᠵᠢᠨ ᠠᠷᠠᠳ ᠪᠣᠯᠣᠨ ᠵᠢᠭᠤᠯᠴᠢᠯᠠᠬᠰᠠᠳ᠎ᠲᠤ ᠡᠪᠣᠯ᠎ᠤᠨ ᠣᠯᠠᠷᠢᠯ᠎ᠤᠨ ᠬᠠᠪᠤ ᠴᠡᠩᠭᠡᠯ ᠡᠳ᠋ᠯᠡᠬᠦ ᠲᠠᠪᠴᠠᠩ ᠬᠠᠩᠭ᠋ᠠᠵᠣ ᠥᠭᠬᠦᠭᠰᠡᠨ ᠪᠠᠶ᠋ᠢᠨ᠎ᠠ᠃