ᠦᠰᠪᠤᠷᠢ ᠪᠠᠭ᠋ᠠᠴᠤᠳ᠎ᠤᠨ ᠪᠡᠶ᠎ᠡ ᠮᠠᠬᠠᠪᠤᠳ᠎ᠢ ᠲᠠᠪᠳᠠᠨ ᠪᠤᠯᠪᠠᠰᠤᠷᠠᠭᠤᠯᠵᠤ᠂ ᠬᠡᠣᠬᠡᠳ ᠪᠠᠭ᠋ᠠᠴᠤᠳ᠎ᠤᠨ ᠲᠠᠮᠢᠷ᠎ᠤᠨ ᠬᠦᠳᠡᠯᠬᠡᠬᠡᠨ᠎ᠳᠤ ᠢᠳᠡᠪᠬᠢᠯᠡᠨ ᠤᠷᠤᠯᠴᠠᠬᠤ ᠤᠷᠮ᠎ᠠ ᠵᠤᠷᠢᠭ᠎ᠢ ᠬᠦᠭᠵᠢᠬᠡᠬᠦ᠎ᠪᠠᠷ ᠥᠪᠥᠷ ᠮᠣᠩᠭᠤᠯ᠎ᠤᠨ ᠣᠷᠳᠣᠰ ᠬᠤᠲᠠ ᠵᠢᠨ ᠦᠥᠰᠢᠨ ᠬᠤᠰᠢᠭᠤᠨ᠎ᠤ᠎ᠬᠢᠨ ᠦᠨᠦᠬᠡᠨ ᠰᠤᠷᠤᠭᠴᠢᠳ᠎ᠤᠨ ᠬᠥᠭᠵᠢᠶᠡᠨ ᠳᠡᠮᠵᠢᠬᠦ ᠲᠠᠮᠢᠷ᠎ᠤᠨ ᠤᠷᠤᠯᠳᠤᠭ᠋ᠠᠨ ᠡᠷᠭᠢᠯᠡᠯᠡ᠃ ᠲᠣᠰ ᠤᠳᠠᠭ᠋ᠠᠨ᠎ᠤ ᠤᠷᠤᠯᠳᠤᠭ᠋ᠠᠨ᠎ᠳᠤ ᠴᠡᠴᠡᠷᠯᠢᠭ᠂ ᠪᠠᠭ᠎ᠠ ᠰᠤᠷᠭ᠋ᠠᠭᠤᠯᠢ᠂ ᠳᠤᠮᠳᠠᠳᠤ ᠰᠤᠷᠭ᠋ᠠᠭᠤᠯᠢ᠂ ᠦᠨᠳᠦᠰᠦᠨ ᠱᠠᠳᠤᠨ᠎ᠤ ᠰᠤᠷᠭ᠋ᠠᠭᠤᠯᠢ ᠵᠢ ᠪᠠᠭᠳᠠᠭ᠋ᠠᠭᠰᠠᠨ 350 ᠭᠠᠷᠤᠢ ᠰᠤᠷᠤᠬ᠍ᠴᠢ ᠣᠷᠣᠯᠴᠠᠭᠰᠠᠨ ᠪᠠᠶ᠋ᠢᠨ᠎ᠠ᠃ ᠣᠷᠳᠣᠰ ᠬᠤᠲᠠ ᠵᠢᠨ ᠦᠥᠰᠢᠨ ᠬᠤᠰᠢᠭᠤᠨ᠎ᠤ ᠲᠤᠭ ᠪᠠᠯᠭ᠋ᠠᠰᠤ ᠵᠢᠨ ᠲᠤᠭ ᠪᠠᠭ᠎ᠠ ᠰᠤᠷᠭ᠋ᠠᠭᠤᠯᠢ ᠪᠣᠯ ᠦᠨᠳᠦᠰᠦᠨ ᠱᠠᠲᠤᠨ᠎ᠤ ᠰᠤᠷᠭ᠋ᠠᠭᠤᠯᠢ ᠪᠤᠯᠤᠨ᠎ᠠ᠃ ᠡᠨᠡ ᠤᠳᠠᠭ᠎ᠠ ᠲᠤᠭ ᠪᠠᠭ᠎ᠠ ᠰᠤᠷᠭ᠋ᠠᠭᠤᠯᠢ᠎ᠠᠴᠠ 16 ᠰᠤᠷᠤᠭᠴᠢ ᠣᠷᠣᠯᠴᠠᠵᠤ᠂ ᠦᠪᠡᠷ᠎ᠤᠨ ᠤᠷ᠎ᠠ ᠴᠢᠳᠠᠪᠤᠷᠢ ᠠᠪᠢᠶᠠᠰ ᠪᠢᠯᠢᠭ ᠵᠶ᠋ᠠᠨ ᠰᠤᠷᠢᠵᠦ᠂ ᠰᠢᠨ᠎ᠡ ᠴᠠᠭ ᠦᠶ᠎ᠡ ᠵᠢᠨ ᠪᠠᠭ᠋ᠠᠴᠤᠳ ᠬᠡᠥᠬᠡᠳ᠎ᠤᠨ ᠬᠠᠮᠲᠤ ᠨᠡᠶ᠋ᠢᠲᠡ᠎ᠪᠠᠷ ᠵᠶ᠋ᠠᠨ ᠪᠦᠯᠬᠦᠮᠳᠡᠨ ᠴᠢᠷᠮᠠᠶ᠋ᠢᠬᠤ ᠤᠮᠤᠭ ᠵᠣᠷᠢᠭ᠎ᠢ ᠬᠠᠷᠠᠭᠤᠯᠤᠬᠰᠠᠨ ᠪᠠᠶ᠋ᠢᠨ᠎ᠠ᠃