ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠰᠣᠨᠢᠨ ᠮᠡᠳᠡᠭᠡ   -   ᠠᠯᠪᠠᠨ ᠨᠡᠶ᠋ᠢᠲᠡᠯᠡᠯ
2022 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠡᠶ᠎ᠡ ᠵᠢᠨ ᠲᠠᠮᠢᠷ᠎ᠤᠨ ᠲᠠᠯᠠᠪᠠᠢ ᠵᠢᠨ ᠲᠤᠭ᠎ᠠ ᠪᠦᠷᠢᠳᠬᠡᠯ᠎ᠤᠨ ᠵᠠᠷᠯᠠᠯ
ᠨᠡᠶ᠋ᠢᠲᠡᠯᠡᠭᠰᠡᠨ ᠴᠠᠭ᠄ 2023-06-01

    ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠡᠶ᠎ᠡ ᠵᠢᠨ ᠲᠠᠮᠢᠷ᠎ᠤᠨ ᠲᠣᠪᠴᠢᠶ᠎ᠠ᠎ᠨᠢ ᠤᠯᠤᠰ᠎ᠤᠨ ᠲᠣᠭ᠎ᠠ ᠪᠦᠷᠢᠳᠬᠡᠯ᠎ᠤᠨ ᠲᠣᠪᠴᠢᠶ᠎ᠠ ᠵᠢᠨ ᠵᠥᠪᠰᠢᠶᠡᠷᠡᠭᠰᠡᠨ 《ᠪᠥᠬᠥ ᠤᠯᠤᠰ᠎ᠤᠨ ᠪᠡᠶ᠎ᠡ ᠵᠢᠨ ᠲᠠᠮᠢᠷ᠎ᠤᠨ ᠲᠠᠯᠠᠪᠠᠶ ᠵᠢᠨ ᠲᠣᠭ᠎ᠠ ᠪᠦᠷᠢᠳᠬᠡᠯ᠎ᠤᠨ ᠪᠠᠢ᠌ᠴᠠᠭ᠋ᠠᠯᠲᠠ ᠵᠢᠨ ᠳᠦᠷᠢᠮ》᠎ᠢ ᠦᠨᠳᠦᠰᠦᠯᠡᠨ᠂ 2022 ᠣᠨ᠎ᠤ 12 ᠳ᠋ᠤᠭ᠋ᠠᠷ ᠰᠠᠷ᠎ᠠ ᠵᠢᠨ 31᠎ᠤ ᠡᠳᠦᠷ ᠵᠶ᠋ᠡᠷ ᠪᠠᠷᠢᠮᠵᠢᠶ᠎ᠠ ᠴᠠᠭ ᠪᠣᠯᠭ᠋ᠠᠵᠤ᠂ ᠪᠡᠶ᠎ᠡ ᠵᠢᠨ ᠲᠠᠮᠢᠷ᠎ᠤᠨ ᠲᠠᠯᠠᠪᠠᠶ ᠵᠢᠨ ᠲᠣᠭ᠎ᠠ ᠪᠦᠷᠢᠳᠬᠡᠯ᠎ᠤᠨ ᠪᠠᠢ᠌ᠴᠠᠭ᠋ᠠᠯᠲᠠ ᠵᠢᠨ ᠠᠵᠢᠯ᠎ᠢ ᠵᠣᠬᠢᠶᠠᠨ ᠪᠠᠢ᠌ᠭᠤᠯᠤᠨ ᠥᠷᠨᠢᠭᠦᠯᠵᠦ᠂ ᠤᠯᠤᠰ᠎ᠤᠨ ᠪᠡᠶ᠎ᠡ ᠵᠢᠨ ᠲᠠᠮᠢᠷ᠎ᠤᠨ ᠶᠡᠷᠦᠩᠬᠡᠢ ᠲᠣᠪᠴᠢᠶ᠎ᠠ᠎ᠪᠠᠷ ᠬᠢᠨᠠᠨ ᠪᠠᠲᠤᠯᠠᠭᠤᠯᠤᠭ᠋ᠠᠳ᠂ ᠠᠵᠢᠯ᠎ᠤᠨ ᠱᠠᠭ᠋ᠠᠷᠳᠠᠯᠭ᠎ᠠ ᠶᠣᠰᠣᠭ᠋ᠠᠷ᠂ ᠡᠳᠦᠭᠡ ᠭᠣᠣᠯ ᠪᠠᠢ᠌ᠳᠠᠯ᠎ᠢ ᠳᠣᠣᠷᠠᠬᠢ ᠮᠡᠲᠦ ᠨᠡᠢ᠌ᠲᠡᠯᠡᠶ᠎ᠡ᠄
    ᠨᠢᠭᠡ᠂ ᠶᠡᠷᠦᠩᠬᠡᠢ ᠪᠠᠢ᠌ᠳᠠᠯ
    ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠡᠶ᠎ᠡ ᠵᠢᠨ ᠲᠠᠮᠢᠷ᠎ᠤᠨ ᠲᠠᠯᠠᠪᠠᠶ 65854 ᠪᠠᠢ᠌ᠵᠦ᠂ ᠪᠡᠶ᠎ᠡ ᠵᠢᠨ ᠲᠠᠮᠢᠷ᠎ᠤᠨ ᠲᠠᠯᠠᠪᠠᠶ ᠵᠢᠨ ᠲᠠᠯᠠᠪᠠᠶ᠎ᠨᠢ 6330.51 ᠲᠦᠮᠡᠨ ᠲᠡᠭᠰᠢ ᠳᠥᠷᠪᠡᠯᠵᠢᠨ ᠮᠧᠲᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠮᠥᠨ ᠳᠤᠮᠳᠠᠴᠢ ᠵᠢᠨ ᠪᠡᠶ᠎ᠡ ᠵᠢᠨ ᠲᠠᠮᠢᠷ᠎ᠤᠨ ᠲᠠᠯᠠᠪᠠᠶ 2.64 ᠲᠡᠭᠰᠢ ᠳᠥᠷᠪᠡᠯᠵᠢᠨ ᠮᠧᠲᠷ ᠪᠤᠯᠤᠨ᠎ᠡ᠃




    ᠬᠣᠶᠠᠷ᠂ ᠰᠠᠭᠤᠷᠢ ᠲᠣᠮᠣ ᠲᠦᠷᠦᠯ ᠵᠦᠢ᠍ᠯ᠎ᠤᠨ ᠲᠠᠯᠠᠪᠠᠢ
    ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠦᠨᠳᠦ ᠬᠥᠩᠭᠡᠨ ᠪᠡᠶ᠎ᠡ ᠵᠢᠨ ᠲᠠᠮᠢᠷ᠎ᠤᠨ ᠲᠠᠯᠠᠪᠠᠶ 3017 ᠪᠣᠶ᠃ ᠡᠭᠦᠨ᠎ᠳᠤ 400 ᠮᠧᠲᠷ᠎ᠤᠨ ᠲᠣᠭᠣᠷᠢᠭ ᠭᠦᠶᠦᠯᠲᠡ ᠵᠢᠨ ᠵᠠᠮ᠎ᠲᠠᠢ ᠬᠦᠨᠳᠦ ᠬᠥᠩᠭᠡᠨ ᠲᠠᠮᠢᠷ᠎ᠤᠨ ᠲᠠᠯᠠᠪᠠᠶ 951 ᠪᠠᠢ᠌ᠵᠤ᠂ 31.52%᠎ᠢ ᠡᠵᠡᠯᠡᠨ᠎ᠡ; ᠪᠤᠰᠤᠳ ᠬᠦᠨᠳᠦ ᠬᠥᠩᠭᠡᠨ ᠲᠠᠮᠢᠷ᠎ᠤᠨ ᠲᠠᠯᠠᠪᠠᠶ 2066 ᠪᠠᠢ᠌ᠵᠤ᠂ 68.48% ᠵᠢ ᠡᠵᠡᠯᠡᠨ᠎ᠡ᠃
    ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠮᠪᠠᠯᠲᠠ ᠵᠢᠨ ᠲᠠᠯᠠᠪᠠᠶ 291 ᠪᠣᠶ᠃ ᠡᠭᠦᠨ᠎ᠳᠤ᠂ ᠤᠷᠳᠤᠨ᠎ᠤ ᠭᠠᠳᠠᠨᠠᠬᠢ ᠤᠮᠪᠠᠯᠲᠠ ᠵᠢᠨ ᠲᠠᠲᠠᠭ᠋ᠠᠯ 18 ᠪᠠᠢ᠌ᠵᠤ᠂ 6.19% ᠵᠢ ᠡᠵᠡᠯᠡᠨ᠎ᠡ; ᠤᠷᠳᠤᠨ ᠳᠣᠲᠣᠷᠠᠬᠢ ᠤᠮᠪᠠᠯᠲᠠ ᠵᠢᠨ ᠣᠷᠳᠣᠨ 272 ᠪᠠᠢ᠌ᠵᠤ᠂ 93.47% ᠵᠢ ᠡᠵᠡᠯᠡᠨ᠎ᠡ; ᠪᠠᠢ᠌ᠭ᠋ᠠᠯᠢ ᠵᠢᠨ ᠤᠮᠪᠠᠯᠲᠠ ᠵᠢᠨ ᠲᠠᠯᠠᠪᠠᠶ 1 ᠪᠠᠢ᠌ᠵᠤ᠂ 0.34% ᠵᠢ ᠡᠵᠡᠯᠡᠨ᠎ᠡ᠃
    ᠭᠤᠷᠪᠠ᠂ ᠪᠥᠮᠪᠥᠭᠡᠨ᠎ᠤ ᠲᠦᠷᠦᠯ᠎ᠤᠨ ᠰᠫᠣᠷᠲ᠎ᠤᠨ ᠲᠠᠯᠠᠪᠤᠷ
    ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠥᠮᠪᠥᠭᠡᠨ᠎ᠤ ᠲᠥᠷᠥᠯ᠎ᠤᠨ ᠲᠠᠮᠢᠷ᠎ᠤᠨ ᠲᠠᠯᠠᠪᠠᠶ 37405 ᠪᠣᠶ᠃ ᠡᠭᠦᠨ᠎ᠤ ᠳᠣᠲᠣᠷ᠎ᠠ ᠬᠥᠯ ᠪᠥᠮᠪᠥᠭᠡ᠂ ᠰᠠᠭᠰᠤᠨ ᠪᠥᠮᠪᠥᠭᠡ᠂ ᠠᠯᠠᠭ᠋ᠠᠳᠠᠬᠤ ᠪᠥᠮᠪᠥᠭᠡ ᠵᠡᠷᠭᠡ     《ᠭᠤᠷᠪᠠᠨ ᠲᠣᠮᠣ ᠪᠥᠮᠪᠥᠭᠡ》 ᠵᠢᠨ ᠲᠠᠯᠠᠪᠠᠶ 22286 ᠪᠠᠢ᠌ᠵᠤ᠂ 59.58% ᠵᠢ ᠡᠵᠡᠯᠡᠨ᠎ᠡ᠃ ᠫᠢᠩᠫᠠᠩ ᠪᠥᠮᠪᠥᠭᠡ ᠪᠠ ᠦᠳᠦᠨ ᠪᠥᠮᠪᠥᠭᠡ ᠵᠢᠨ ᠲᠠᠯᠠᠪᠠᠢ 11118 ᠪᠠᠢ᠌ᠵᠤ᠂ 29.72%   ᠵᠢ ᠡᠵᠡᠯᠡᠨ᠎ᠡ; ᠪᠤᠰᠤᠳ ᠪᠥᠮᠪᠥᠭᠡᠨ ᠲᠥᠷᠥᠯ᠎ᠤᠨ ᠲᠠᠮᠢᠷ᠎ᠤᠨ ᠲᠠᠯᠠᠪᠤᠷ 4001 ᠪᠠᠢ᠌ᠵᠤ᠂ 10.70% ᠵᠢ ᠡᠵᠡᠯᠡᠨ᠎ᠡ᠃
    (ᠨᠢᠭᠡ) ᠬᠥᠯ ᠪᠥᠮᠪᠥᠭᠡ ᠵᠢᠨ ᠲᠠᠯᠠᠪᠤᠷ ᠭᠠᠵᠠᠷ
    ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠯ ᠪᠥᠮᠪᠥᠭᠡ ᠵᠢᠨ ᠲᠠᠯᠠᠪᠠᠶ 4043 ᠪᠣᠶ᠃ ᠡᠭᠦᠨ᠎ᠳᠤ᠂ ᠠᠷᠪᠠᠨ   ᠨᠢᠭᠡᠨ   ᠬᠥᠮᠥᠨ᠎ᠤ   ᠳᠦᠷᠢᠮᠲᠦ   ᠬᠥᠯ   ᠪᠥᠮᠪᠥᠭᠡ ᠵᠢᠨ ᠲᠠᠯᠠᠪᠤᠷ 1010 ᠪᠠᠢ᠌ᠵᠤ᠂    24.98% ᠵᠢ ᠡᠵᠡᠯᠡᠨ᠎ᠡ; ᠲᠤᠯᠤᠭ᠋ᠠᠨ ᠬᠥᠮᠥᠨ᠎ᠤ ᠳᠦᠷᠢᠮᠲᠦ ᠬᠥᠯ   ᠪᠥᠮᠪᠥᠭᠡ ᠵᠢᠨ   ᠲᠠᠯᠠᠪᠤᠷ 1136 ᠪᠠᠢ᠌ᠵᠤ᠂ 28.10% ᠵᠢ ᠡᠵᠡᠯᠡᠨ᠎ᠡ; ᠲᠠᠪᠤᠨ ᠬᠥᠮᠥᠨ᠎ᠤ ᠳᠦᠷᠢᠮᠲᠦ ᠬᠥᠯ ᠪᠥᠮᠪᠥᠭᠡ ᠵᠢᠨ ᠲᠠᠯᠠᠪᠤᠷ 1887 ᠪᠠᠢ᠌ᠵᠤ᠂ 46.67% ᠵᠢ ᠡᠵᠡᠯᠡᠨ᠎ᠡ; ᠡᠯᠡᠰᠦᠨ ᠲᠠᠩ᠎ᠤᠨ ᠬᠥᠯ ᠪᠥᠮᠪᠥᠭᠡ ᠵᠢᠨ ᠲᠠᠯᠠᠪᠤᠷ 10 ᠪᠠᠢ᠌ᠵᠤ᠂ 0.25% ᠵᠢ ᠡᠵᠡᠯᠡᠨ᠎ᠡ᠃
    (ᠬᠣᠶᠠᠷ) ᠰᠠᠭᠰᠤᠨ ᠪᠥᠮᠪᠥᠭᠡ ᠵᠢᠨ ᠲᠠᠯᠠᠪᠤᠷ ᠭᠠᠵᠠᠷ
    ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠠᠭᠰᠤᠨ ᠪᠥᠮᠪᠥᠭᠡ ᠵᠢᠨ ᠲᠠᠯᠠᠪᠠᠶ 15408 ᠪᠣᠶ᠃ ᠡᠭᠦᠨ᠎ᠳᠤ᠂ ᠤᠷᠳᠤᠨ᠎ᠤ ᠭᠠᠳᠠᠨᠠᠬᠢ ᠰᠠᠭᠰᠤᠨ ᠪᠥᠮᠪᠥᠭᠡ ᠵᠢᠨ ᠲᠠᠯᠠᠪᠤᠷ 13476 ᠪᠠᠢ᠌ᠵᠤ᠂ 87.46% ᠵᠢ ᠡᠵᠡᠯᠡᠨ᠎ᠡ; ᠭᠤᠷᠪᠠᠨ ᠬᠥᠮᠥᠨ᠎ᠤ ᠰᠠᠭᠰᠤᠨ ᠪᠥᠮᠪᠥᠭᠡ ᠵᠢᠨ ᠲᠠᠯᠠᠪᠤᠷ 1039 ᠪᠠᠢ᠌ᠵᠤ᠂ 6.74% ᠵᠢ ᠡᠵᠡᠯᠡᠨ᠎ᠡ; ᠤᠷᠳᠤᠨ ᠳᠣᠲᠣᠷᠠᠬᠢ ᠰᠠᠭᠰᠤᠨ ᠪᠥᠮᠪᠥᠭᠡ ᠵᠢᠨ ᠣᠷᠳᠣᠨ 893 ᠪᠠᠢ᠌ᠵᠤ᠂ 5.80% ᠵᠢ ᠡᠵᠡᠯᠡᠨ᠎ᠡ᠃
    (ᠭᠤᠷᠪᠠ) ᠠᠯᠠᠭ᠋ᠠᠳᠠᠬᠤ ᠪᠥᠮᠪᠥᠭᠡ ᠵᠢᠨ ᠲᠠᠯᠠᠪᠤᠷ᠎ᠤᠨ ᠭᠠᠵᠠᠷ
    ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠯᠠᠭ᠋ᠠᠳᠠᠬᠤ ᠪᠥᠮᠪᠥᠭᠡ ᠵᠢᠨ ᠲᠠᠯᠠᠪᠠᠶ 2835 ᠪᠣᠶ᠃ ᠡᠭᠦᠨ᠎ᠳᠤ᠂ ᠤᠷᠳᠤᠨ  ᠎ᠤ ᠭᠠᠳᠠᠨᠠᠬᠢ ᠠᠯᠠᠭ᠋ᠠᠳᠠᠬᠤ ᠪᠥᠮᠪᠥᠭᠡ ᠵᠢᠨ ᠲᠠᠯᠠᠪᠤᠷ 2649 ᠪᠠᠢ᠌ᠵᠤ᠂ 93.44% ᠵᠢ ᠡᠵᠡᠯᠡᠨ᠎ᠡ; ᠤᠷᠳᠤᠨ ᠳᠣᠲᠣᠷᠠᠬᠢ ᠠᠯᠠᠭ᠋ᠠᠳᠠᠬᠤ ᠪᠥᠮᠪᠥᠭᠡ ᠵᠢᠨ ᠣᠷᠳᠣᠨ 186 ᠪᠠᠢ᠌ᠵᠤ᠂ 6.56% ᠵᠢ ᠡᠵᠡᠯᠡᠨ᠎ᠡ᠃
    (ᠳᠥᠷᠪᠡ) ᠫᠢᠩᠫᠠᠩ ᠪᠥᠮᠪᠥᠭᠡ ᠵᠢᠨ ᠲᠠᠯᠠᠪᠤᠷ
    ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠫᠢᠩᠫᠠᠩ ᠪᠥᠮᠪᠥᠭᠡ ᠵᠢᠨ ᠲᠠᠯᠠᠪᠠᠶ 9192 ᠪᠣᠶ᠃ ᠡᠭᠦᠨ᠎ᠳᠤ᠂ ᠤᠷᠳᠤᠨ  ᠎ᠤ ᠭᠠᠳᠠᠨᠠᠬᠢ ᠫᠢᠩᠫᠠᠩ ᠪᠥᠮᠪᠥᠭᠡ ᠵᠢᠨ ᠲᠠᠯᠠᠪᠠᠶ 5045 ᠪᠠᠢ᠌ᠵᠤ᠂ 54.88% ᠵᠢ ᠡᠵᠡᠯᠡᠨ᠎ᠡ; ᠫᠢᠩᠫᠠᠩ ᠪᠥᠮᠪᠥᠭᠡ ᠵᠢᠨ ᠣᠷᠳᠣᠨ 4147 ᠪᠠᠢ᠌ᠵᠤ᠂ 45.12%᠎ᠢ ᠡᠵᠡᠯᠡᠨ᠎ᠡ᠃
    (ᠲᠠᠪᠤ) ᠥᠳᠥᠨ ᠪᠥᠮᠪᠥᠭᠡᠨ ᠲᠠᠯᠠᠪᠤᠷ
    ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠥᠲᠥᠨ ᠪᠥᠮᠪᠥᠭᠡ ᠵᠢᠨ ᠲᠠᠯᠠᠪᠠᠶ 1926 ᠪᠣᠶ᠃ ᠡᠭᠦᠨ᠎ᠳᠤ᠂ ᠤᠷᠳᠤᠨ  ᠎ᠤ ᠭᠠᠳᠠᠨᠠᠬᠢ ᠥᠲᠥᠨ ᠪᠥᠮᠪᠥᠭᠡ ᠵᠢᠨ ᠲᠠᠯᠠᠪᠠᠶ 1040 ᠪᠠᠢ᠌ᠵᠤ᠂ 54.00% ᠵᠢ ᠡᠵᠡᠯᠡᠨ᠎ᠡ; ᠤᠷᠳᠤᠨ ᠳᠣᠲᠣᠷᠠᠬᠢ ᠥᠳᠥᠨ ᠪᠥᠮᠪᠥᠭᠡ ᠵᠢᠨ ᠣᠷᠳᠣᠨ 886 ᠪᠠᠢ᠌ᠵᠤ᠂ 46.00% ᠵᠢ ᠡᠵᠡᠯᠡᠨ᠎ᠡ᠃
    ᠳᠥᠷᠪᠡ᠂ ᠮᠥᠰᠥ ᠴᠠᠰᠤᠨ᠎ᠤ   ᠪᠡᠶ᠎ᠡ ᠵᠢᠨ ᠲᠠᠮᠢᠷ᠎ᠤᠨ ᠲᠠᠯᠠᠪᠤᠷ
    ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠮᠥᠰᠥ ᠴᠠᠰᠤᠨ᠎ᠤ ᠲᠠᠮᠢᠷ᠎ᠤᠨ ᠲᠠᠯᠠᠪᠠᠶ 129 ᠪᠣᠶ᠃ ᠡᠭᠦᠨ᠎ᠳᠤ᠂ ᠲᠡᠰᠢᠯᠲᠡ ᠵᠢᠨ ᠲᠠᠯᠠᠪᠠᠶ 81 ᠪᠠᠢ᠌ᠵᠤ᠂ 62.79% ᠵᠢ ᠡᠵᠡᠯᠡᠨ᠎ᠡ; ᠴᠠᠰᠤᠨ᠎ᠳᠤ ᠭᠤᠯᠭᠤᠬᠤ ᠲᠠᠯᠠᠪᠠᠶ 48 ᠪᠠᠢ᠌ᠵᠤ᠂ 37.21% ᠵᠢ ᠡᠵᠡᠯᠡᠨ᠎ᠡ᠃
      ᠲᠠᠪᠤ᠂ ᠪᠡᠶ᠎ᠡ ᠵᠢᠨ ᠲᠠᠮᠢᠷ᠎ᠤᠨ ᠪᠡᠶ᠎ᠡ ᠴᠢᠭᠢᠷᠠᠭᠵᠢᠭᠤᠯᠬᠤ ᠲᠠᠯᠠᠪᠤᠷ
    ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠥᠬᠥ ᠠᠷᠠᠳ᠎ᠤᠨ ᠪᠡᠶ᠎ᠡ ᠴᠢᠭᠢᠷᠠᠭᠵᠢᠭᠤᠯᠬᠤ ᠵᠠᠮ 19274 ᠪᠠᠢ᠌ᠨ᠎ᠠ᠃ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠡᠶ᠎ᠡ ᠴᠢᠭᠢᠷᠠᠭᠵᠢᠭᠤᠯᠬᠤ ᠭᠡᠷ 2114 ᠪᠣᠶ᠃ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠡᠶ᠎ᠡ ᠴᠢᠭᠢᠷᠠᠭᠵᠢᠭᠤᠯᠬᠤ ᠵᠠᠮ 746 ᠪᠠᠢ᠌ᠵᠤ᠂ ᠣᠷᠳᠣ᠎ᠨᠢ 2061.75 ᠺᠢᠯᠣᠮᠧᠲᠷ ᠪᠣᠯᠣᠨ᠎ᠠ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠪᠡᠶ᠎ᠡ ᠵᠢᠨ ᠲᠠᠮᠢᠷ᠎ᠤᠨ ᠲᠤᠪᠴᠢᠶ᠎ᠡ
          
ᠬᠠᠮᠢᠶ᠎ᠡ ᠪᠦᠬᠦᠢ ᠰᠣᠨᠢᠨ
ᠥᠪᠡᠷᠲᠡᠭᠡᠨ ᠵᠠᠰᠠᠬᠤ ᠣᠷᠣᠨ᠎ᠤ ᠠᠷᠪᠠᠨ ᠲᠠᠪᠤᠳᠤᠭ᠋ᠠᠷ ᠬᠤᠭᠤᠴᠠᠭ᠋ᠠᠨ᠎ᠤ ᠪᠡᠶ᠎ᠡ ᠵᠢᠨ ᠲᠠᠮᠢᠷ᠎ᠤᠨ ᠴᠤᠭᠯᠠᠭ᠋ᠠᠨ᠎ᠤ ᠬᠢᠷᠢ ᠪᠦᠳᠦᠮᠵᠢ ᠵᠢ ᠨᠡᠢ᠌ᠳᠡᠯᠡᠪᠡ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠡᠶ᠎ᠡ ᠵᠢᠨ ᠲᠤᠪᠴᠢᠶ᠎ᠡ ᠵᠢᠨ ᠦᠷᠢᠰᠦᠯᠳᠦᠭᠡᠨ᠎ᠤ ᠪᠡᠶ᠎ᠡ ᠵᠢᠨ ᠲᠠᠮᠢᠷ᠎ᠤᠨ ᠭᠠᠵᠠᠷ᠎ᠠᠴᠠ ᠴᠢ ᠰᠢᠦᠢ ᠵᠡᠷᠭᠡ 3 ᠬᠥᠮᠥᠨ᠎ᠳᠤ ᠨᠢᠭᠡᠳᠦᠭᠡᠷ ᠳᠡᠰ᠎ᠤᠨ ᠲᠠᠮᠢᠷᠴᠢᠨ᠎ᠤ ᠴᠤᠯᠠ ᠣᠯᠭᠣᠬᠤ ᠲᠤᠬᠠᠢ ᠵᠠᠷᠯᠠᠯ
 
            