ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠲᠠᠮᠢᠷ᠎ᠤᠨ ᠬᠥᠳᠡᠯᠭᠡᠭᠡᠨ ᠲᠤᠳᠠᠬᠳᠠᠬᠤ᠎ᠨᠢ ᠲᠠᠮᠠᠬᠢ᠎ᠠᠴᠠ ᠢᠯᠡᠬᠦᠦ ᠬᠤᠤᠷ ᠬᠦᠨᠦᠭᠡᠯ᠎ᠲᠠᠢ
ᠨᠡᠶ᠋ᠢᠲᠡᠯᠡᠭᠰᠡᠨ ᠴᠠᠭ᠄ 2019-12-23

    ᠲᠠᠮᠢᠷ᠎ᠤᠨ ᠬᠥᠳᠡᠯᠭᠡᠭᠡᠨ ᠬᠢᠬᠦ ᠵᠢᠨ ᠰᠠᠢ᠌ᠨ᠎ᠲᠠᠢ ᠲᠠᠯ᠎ᠠ ᠵᠢ   ᠮᠠᠰᠢ   ᠤᠯᠠᠨ   ᠬᠥᠮᠥᠨ   ᠪᠦᠷ   ᠮᠡᠳᠡᠳᠡᠭ᠂   ᠭᠡᠪᠡᠴᠦ   ᠲᠠᠮᠢᠷ᠎ᠤᠨ ᠬᠥᠳᠡᠯᠭᠡᠭᠡᠨ ᠲᠤᠳᠠᠬᠳᠠᠬᠤ ᠵᠢᠨ ᠠᠶᠤᠯ ᠲᠦᠭᠰᠢᠭᠦᠷᠢ ᠵᠢ ᠣᠯᠠᠨ ᠵᠶ᠋ᠠᠷ ᠵᠶ᠋ᠠᠨ ᠶᠡᠷᠦᠨᠢ ᠭᠦᠢ᠍ᠴᠡᠳ ᠬᠦᠨᠳᠦᠳᠬᠡᠬᠦ ᠦᠭᠡᠢ ᠪᠠᠢ᠌ᠳᠠᠭ᠃ ᠤᠢ᠌ᠷ᠎ᠠ᠎ᠳᠤ᠂ ᠠᠮᠧᠷᠢᠺᠠ ᠵᠢᠨ ᠺᠷᠢᠹᠯᠡᠨᠳ᠋ ᠡᠮᠨᠡᠯᠭᠡ ᠵᠢᠨ ᠭᠠᠵᠠᠷ᠎ᠤᠨ᠎ᠬᠢᠨ ᠰᠤᠳᠤᠯᠭ᠋ᠠᠨ᠎ᠳᠠᠭᠠᠨ᠂ ᠲᠠᠮᠢᠷ᠎ᠤᠨ ᠬᠥᠳᠡᠯᠭᠡᠭᠡᠨ ᠳᠤᠲᠠᠭᠳᠠᠬᠤ᠎ᠨᠢ ᠲᠠᠮᠠᠬᠢ ᠲᠠᠲᠠᠬᠤ᠂ ᠰᠢᠬᠢᠷ ᠰᠢᠵᠢᠩ ᠡᠪᠡᠳᠴᠢᠨ᠂ ᠵᠢᠷᠦᠬᠡᠨ ᠡᠪᠡᠳᠴᠢᠨ᠎ᠠᠴᠠ ᠨᠡᠡᠭ ᠢᠯᠡᠬᠦᠦ ᠡᠷᠡᠭᠦᠯ ᠮᠡᠨᠳᠦ᠎ᠳᠤ ᠬᠣᠤᠷ ᠬᠥᠨᠥᠭᠡᠯ᠎ᠲᠠᠢ ᠪᠠᠢ᠌ᠳᠠᠭ ᠭᠡᠵᠦ ᠬᠡᠯᠡᠪᠡ᠃
    ᠲᠤᠰ ᠡᠮᠨᠡᠯᠭᠡ ᠵᠢᠨ ᠭᠠᠵᠠᠷ 1991 ᠣᠨ᠎ᠤ 1 ᠰᠠᠷ᠎ᠠ᠎ᠠᠴᠠ 2014 ᠣᠨ᠎ᠤ 12 ᠰᠠᠷ᠎ᠠ ᠪᠣᠯᠲᠠᠯ᠎ᠠ 12 ᠲᠦᠮᠡᠨ ᠡᠪᠡᠳᠴᠢᠲᠡᠨ᠎ᠳᠤ ᠭᠦᠶᠦᠬᠦ ᠮᠠᠰᠢᠨ ᠵᠶ᠋ᠠᠷ ᠲᠠᠮᠢᠷ᠎ᠤᠨ ᠬᠥᠳᠡᠯᠭᠡᠭᠡᠨ᠎ᠤ ᠲᠤᠷᠰᠢᠯᠲᠠ ᠬᠢᠵᠦ᠂ ᠬᠥᠳᠡᠯᠭᠡᠭᠡᠨ᠎ᠤ ᠪᠣᠳᠠᠲᠤ ᠬᠢᠷᠢ   ᠪᠦᠲᠦᠮᠵᠢ᠎ᠪᠠᠷ ᠰᠠᠭᠤᠷᠢ ᠪᠣᠯᠭ᠋ᠠᠨ᠂ ᠪᠡᠶ᠎ᠡ᠎ᠪᠠᠨ ᠪᠣᠯᠪᠠᠰᠤᠷᠠᠬᠤ ᠪᠠ   ᠡᠯ᠎ᠡ   ᠵᠦᠢ᠍ᠯ᠎ᠤᠨ   ᠦᠬᠦᠯ᠎ᠤᠨ   ᠠᠶᠤᠯ   ᠲᠦᠭᠰᠢᠭᠦᠷᠢ ᠵᠢᠨ   ᠬᠠᠷᠢᠴᠠᠭ᠎ᠠ ᠵᠢ ᠰᠤᠳᠤᠯᠵᠠᠶ᠃ ᠰᠤᠳᠤᠯᠭ᠋ᠠᠨ᠎ᠤ ᠦᠷ᠎ᠡ ᠳ᠋ᠦᠩ᠎ᠳᠤ᠂ ᠭᠦᠶᠦᠯᠳᠡ ᠵᠢᠨ ᠬᠢᠷᠢ ᠪᠦᠲᠦᠮᠵᠢ᠎ᠪᠠᠷ   ᠠᠨᠠᠶ   ᠡᠪᠡᠳᠴᠢᠲᠡᠨ᠎ᠨᠢ   ᠪᠥᠭᠡᠷᠡᠨ᠎ᠤ ᠠᠵᠢᠯᠯᠠᠭ᠎ᠠ ᠪᠦᠷᠢᠨ ᠪᠤᠰᠤ ᠡᠪᠡᠳᠴᠢᠳᠡᠨ᠎ᠢ ᠪᠤᠳᠤᠪᠠᠯ ᠦᠬᠦᠬᠦ ᠠᠶᠤᠯ ᠵᠶ᠋ᠠᠷ ᠪᠠᠷᠤᠭ 2 ᠳᠠᠬᠢᠨ ᠥᠨᠳᠥᠷ ᠪᠠᠢ᠌ᠳᠠᠭ; ᠬᠥᠳᠡᠯᠭᠡᠭᠡᠨ ᠪᠠᠭ᠎ᠠ ᠬᠢᠳᠡᠭ ᠬᠦᠮᠦᠨ᠎ᠨᠢ ᠬᠥᠳᠡᠯᠭᠡᠭᠡᠨ ᠰᠠᠢ᠌ᠨ ᠬᠢᠳᠡᠭ ᠬᠦᠮᠦᠨ᠎ᠢ ᠪᠤᠳᠤᠪᠠᠯ ᠦᠬᠦᠬᠦ ᠠᠶᠤᠯ ᠵᠶ᠋ᠠᠷ 6 ᠳᠠᠬᠢᠨ ᠦᠨᠳᠦᠷ   ᠪᠠᠢ᠌ᠳᠠᠭ᠎ᠢ ᠢᠯᠡᠷᠡᠬᠦᠯᠵᠡᠢ᠃        
    ᠰᠤᠳᠤᠯᠭ᠋ᠠᠨ᠎ᠳᠤ ᠪᠠᠰᠠ ᠲᠠᠮᠢᠷ᠎ᠤᠨ ᠬᠥᠳᠡᠯᠭᠡᠭᠡᠨ ᠲᠤᠳᠠᠬᠳᠠᠬᠤ᠎ᠨᠢ ᠲᠠᠮᠠᠬᠢ ᠲᠠᠲᠠᠬᠤ᠂   ᠰᠢᠬᠢᠷ   ᠰᠢᠵᠢᠩ   ᠡᠪᠡᠳᠴᠢᠨ᠂   ᠵᠢᠷᠦᠬᠡᠨ ᠡᠪᠡᠳᠴᠢᠨ᠎ᠠᠴᠠ ᠬᠤᠯᠠ ᠠᠶᠤᠯ᠎ᠲᠠᠢ ᠬᠡᠳᠡᠭ᠎ᠢ ᠢᠯᠡᠷᠡᠬᠦᠯᠪᠡ᠃ ᠬᠥᠳᠡᠯᠭᠡᠭᠡᠨ ᠬᠢᠬᠦ  ᠎ᠨᠢ   ᠡᠷᠡᠭᠦᠯ   ᠪᠤᠰᠤ   ᠠᠮᠢᠳᠤᠷᠠᠯ᠎ᠤᠨ   ᠵᠠᠩ ᠳᠠᠳᠬᠠᠯ᠎ᠠᠴᠠ ᠪᠣᠯᠤᠭᠰᠠᠨ ᠨᠥᠯᠥᠭᠡ ᠵᠢ ᠬᠦᠷᠲᠡᠯ᠎ᠡ ᠠᠷᠢᠯᠭ᠋ᠠᠵᠤ   ᠴᠢᠳᠠᠬᠤ   ᠰᠠᠢ᠌ᠨ᠎ᠲᠠᠢ   ᠲᠠᠯ᠎ᠠ  ᠎ᠲᠠᠢ   ᠪᠤᠯᠬᠤᠷ   ᠵᠠᠪᠠᠯ   ᠪᠡᠶ᠎ᠡ᠎ᠪᠠᠨ ᠪᠣᠯᠪᠠᠰᠤᠷᠠᠬᠤ ᠬᠡᠷᠡᠭᠳᠡᠢ ᠬᠡᠵᠦ ᠰᠢᠨᠵᠢᠯᠡᠬᠦ ᠤᠬᠠᠭ᠋ᠠᠠᠳᠠᠳ ᠤᠷᠢᠶᠠᠯᠠᠵᠤ ᠪᠠᠢ᠌ᠨ᠎ᠠ᠃ ᠡᠭᠦᠨ᠎ᠠᠴᠠ ᠭᠠᠳᠠᠨ᠎ᠠ᠂ ᠰᠤᠳᠤᠯᠭ᠋ᠠᠨ᠎ᠳᠤ   ᠪᠠᠰ᠊ ᠲᠠᠮᠢᠷ᠎ᠤᠨ ᠬᠥᠳᠡᠯᠭᠡᠭᠡᠨ ᠬᠢᠬᠦ᠎ᠳᠤ ᠡᠷᠡᠭᠲᠡᠶ ᠡᠮᠡᠭᠲᠡᠶ ᠭᠡᠵᠦ ᠢᠯᠭ᠋ᠠᠯ ᠥᠬᠡᠶ᠂ ᠡᠯ᠎ᠡ ᠨᠠᠰᠤᠨ᠎ᠤ ᠬᠦᠮᠦᠰ᠎ᠲᠤ ᠲᠤᠬᠢᠷᠠᠬᠤ ᠰᠠᠢ᠌ᠨ᠎ᠲᠠᠢ ᠲᠠᠯ᠎ᠠ  ᠎ᠲᠠᠢ ᠪᠤᠯᠬᠤᠷ   ᠥᠨᠳᠥᠷ   ᠨᠠᠰᠤᠨ ᠎ᠤ   ᠬᠥᠮᠦᠰ   ᠬᠥᠳᠡᠯᠭᠡᠭᠡᠨ   ᠬᠢᠭᠰᠡᠨ   ᠴᠦ᠍   ᠠᠳᠠᠯᠢᠬᠠᠨ   ᠠᠰᠢᠭ   ᠬᠦᠷᠲᠡᠨ᠎ᠡ   ᠬᠡᠵᠦ   ᠰᠠᠨᠠᠭᠤᠯᠵᠠᠢ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠪᠡᠶ᠎ᠡ ᠵᠢᠨ ᠲᠠᠮᠢᠷ᠎ᠤᠨ ᠲᠤᠪᠴᠢᠶ᠎ᠡ
          
ᠬᠠᠮᠢᠶ᠎ᠡ ᠪᠦᠬᠦᠢ ᠰᠣᠨᠢᠨ
ᠠᠮᠠᠪᠴᠢ ᠵᠢ ᠬᠡᠷᠬᠢᠨ ᠵᠤᠬᠢᠰᠳᠠᠢ ᠬᠡᠷᠡᠭᠯᠡᠬᠦ ᠪᠤᠢ?
ᠬᠦᠳᠡᠯᠭᠡᠭᠡᠨ ᠬᠢᠭᠡᠳ ᠤᠢ ᠪᠢᠯᠢᠭ
ᠰᠢᠨᠵᠢᠯᠡᠬᠦ ᠤᠬᠠᠭ᠋ᠠᠨᠴᠢ᠎ᠪᠠᠷ ᠪᠡᠶ᠎ᠡ ᠴᠢᠬᠢᠷᠠᠭᠵᠢᠭᠤᠯᠪᠠᠯ ᠵᠤᠬᠢᠨ᠎ᠡ
ᠲᠠᠮᠢᠷ᠎ᠤᠨ ᠬᠥᠳᠡᠯᠭᠡᠭᠡᠨ ᠬᠡᠦᠬᠡᠳ᠎ᠤᠨ ᠰᠤᠷᠤᠯᠴᠠᠬᠤ ᠤᠷᠮ᠎ᠠ ᠵᠢ ᠬᠦᠭᠵᠢᠭᠡᠳᠡᠭ
ᠠᠳᠠᠯᠢ ᠪᠤᠰᠤ ᠲᠥᠷᠥᠯ ᠲᠡᠮᠳᠡᠭ᠎ᠤᠨ ᠸᠠᠺᠼᠢᠨ᠎ᠢ ᠳᠠᠪᠬᠤᠴᠠᠭᠤᠯᠤᠨ ᠲᠠᠷᠢᠵᠦ ᠪᠣᠯᠤᠨ᠎ᠠ ᠤᠤ? ᠶᠠᠮᠠᠷ ᠬᠥᠮᠦᠰ᠎ᠲᠤ ᠲᠠᠷᠢᠯᠭ᠎ᠠ ᠲᠣᠬᠢᠷᠠᠬᠤ ᠦᠭᠡᠢ ᠪᠣᠢ? ᠲᠠᠷᠢᠯᠭ᠎ᠠ ᠬᠢᠭᠰᠡᠨ᠎ᠤ ᠳᠠᠷᠠᠭ᠎ᠠ ᠠᠮᠠᠪᠴᠢ᠎ᠪᠠᠨ ᠠᠪᠴᠤ ᠪᠣᠯᠤᠨ᠎ᠠ ᠤᠤ?
 
            