ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠬᠤᠷᠲᠤᠨ ᠠᠯᠬᠤᠬᠤ ᠵᠢᠨ 8 ᠠᠰᠢᠭ᠎ᠲᠠᠢ ᠲᠠᠯ᠎ᠠ
ᠨᠡᠶ᠋ᠢᠲᠡᠯᠡᠭᠰᠡᠨ ᠴᠠᠭ᠄ 2021-03-30

      ᠤᠢ᠍ᠢ᠍ᠷ᠎ᠠ᠎ᠳᠤ᠂ 《ᠠᠮᠧᠷᠢᠺᠠ ᠵᠢᠨ ᠠᠵᠢᠯ᠎ᠠᠴᠠ᠎ᠪᠠᠨ ᠠᠮᠠᠷᠠᠭᠰᠠᠳ᠎ᠤᠨ ᠨᠡᠢ᠌ᠭᠡᠮᠯᠢᠭ᠎ᠤᠨ ᠰᠡᠳᠬᠦᠯ》᠎ᠨᠢ ᠬᠤᠷᠲᠤᠨ ᠠᠯᠬᠤᠵᠦ ᠪᠡᠶ᠎ᠡ ᠴᠢᠬᠢᠷᠠᠭᠵᠢᠭᠤᠯᠬᠤ ᠵᠢᠨ 8 ᠰᠠᠶ᠋ᠢᠨ ᠲᠠᠯ᠎ᠠ ᠵᠢ ᠰᠤᠲᠤᠯᠭ᠋ᠠᠨ ᠵᠶ᠋ᠠᠷ ᠲᠠᠮᠵᠢᠨ ᠳ᠋ᠦᠩᠨᠡᠵᠦ ᠭᠠᠷᠭ᠋ᠠᠪᠠ᠃ ᠭᠡᠷ᠎ᠤᠨ ᠭᠠᠲᠠᠭ᠎ᠠ᠂ ᠡᠰᠡᠬᠦᠯ᠎ᠡ ᠭᠡᠷ ᠲᠤᠲᠤᠷ᠎ᠠ᠎ᠪᠠᠨ ᠤᠷᠲᠤ ᠬᠤᠭᠤᠴᠠᠭ᠎ᠠ ᠬᠤᠷᠲᠤᠨ ᠠᠯᠬᠤᠬᠤ᠎ᠨᠢ ᠪᠦᠷ ᠡᠷᠡᠬᠦᠯ ᠮᠡᠨᠲᠦ᠎ᠳᠤ ᠠᠰᠢᠬᠲᠠᠢ ᠪᠠᠶ᠋ᠢᠲᠠᠭ᠃ ᠬᠡᠪᠡᠴᠦ ᠰᠤᠷᠭᠤᠭ ᠠᠭ᠋ᠠᠷ᠎ᠢ ᠠᠮᠢᠰᠬᠤᠯᠯᠠᠨ᠂ ᠡᠬᠡ ᠪᠠᠶ᠋ᠢᠭ᠋ᠠᠯᠢ᠎ᠲᠠᠢ ᠤᠢ᠍ᠢ᠍ᠷᠠᠲᠤᠵᠦ᠂ ᠬᠦᠳᠡᠭᠡ ᠭᠠᠲᠠᠭ᠎ᠠ ᠬᠦᠳᠡᠯᠭᠡᠭᠡᠨ ᠬᠢᠬᠦ᠎ᠨᠢ ᠭᠡᠷ ᠲᠤᠲᠤᠷᠠᠬᠢ ᠪᠡᠶ᠎ᠡ ᠵᠢᠨ ᠲᠠᠮᠢᠷ᠎ᠠᠴᠠ ᠨᠡᠩ ᠠᠰᠢᠬᠲᠠᠢ ᠭᠡᠵᠦ ᠰᠤᠲᠤᠯᠤᠭ᠋ᠠᠴᠢᠳ ᠦᠵᠡᠵᠦ ᠪᠤᠢ᠃
    ᠲᠦᠭᠰᠢᠬᠦᠷᠢ ᠵᠢ ᠪᠠᠭ᠋ᠠᠰᠬᠠᠨ᠎ᠠ᠃ 40 ᠨᠠᠰᠦᠨ᠎ᠠᠴᠠ ᠲᠡᠭᠡᠭᠰᠢᠬᠢ ᠬᠦᠮᠦᠰ ᠡᠲᠦᠷ ᠪᠦᠷᠢ 8000 ᠠᠯᠬᠤᠮ᠎ᠠᠴᠠ ᠢᠯᠡᠬᠦᠦ ᠠᠯᠬᠤᠪᠠᠯ᠂ ᠡᠲᠦᠷ᠎ᠲᠤ 4000 ᠠᠯᠬᠤᠮ ᠠᠯᠬᠤᠬᠰᠠᠨ ᠬᠦᠮᠦᠨ᠎ᠠᠴᠠ ᠡᠷᠳᠡ ᠨᠠᠰᠤ ᠪᠠᠷᠠᠬᠤ ᠲᠦᠭᠰᠢᠬᠦᠷᠢ᠎ᠨᠢ 51%᠎ᠪᠠᠷ ᠪᠠᠭᠤᠷᠠᠨ᠎ᠠ᠃
    ᠴᠡᠭᠡᠵᠢᠯᠡᠬᠦ ᠴᠢᠲᠠᠪᠦᠷᠢ ᠵᠢ ᠲᠡᠭᠡᠭᠰᠢᠯᠡᠬᠦᠯᠦᠨ᠎ᠡ᠃ ᠬᠤᠷᠲᠤᠨ ᠠᠯᠬᠤᠬᠤ᠎ᠨᠢ ᠶᠡᠭᠡ ᠲᠠᠷᠢᠬᠢᠨ᠎ᠤ ᠡᠷᠬᠢᠯᠳᠡ ᠵᠢ ᠢᠳᠡᠪᠬᠢᠵᠢᠬᠦᠯᠵᠦ ᠴᠡᠬᠡᠵᠢᠯᠡᠬᠦ ᠴᠢᠲᠠᠪᠦᠷᠢ ᠵᠢ ᠨᠡᠮᠡᠭᠳᠡᠬᠦᠯᠳᠡᠭ ᠪᠠᠶ᠋ᠢᠨ᠎ᠠ᠃ ᠭᠠᠷᠠᠭ ᠪᠦᠷᠢ 3 ᠤᠲᠠᠭ᠎ᠠ᠂ ᠤᠲᠠᠭ᠎ᠠ ᠪᠦᠷᠢ 35 ᠮᠢᠨᠦ᠋ᠲ ᠠᠯᠬᠤᠬᠤ᠎ᠨᠢ ᠴᠡᠭᠡᠵᠢᠯᠡᠬᠦ ᠴᠢᠲᠠᠪᠦᠷᠢ ᠵᠢ ᠲᠡᠭᠡᠭᠰᠢᠯᠡᠬᠦᠯᠵᠦ᠂ ᠠᠩᠬᠠᠷᠤᠯ᠎ᠢ ᠨᠡᠩ ᠲᠦᠪᠯᠡᠷᠡᠬᠦᠯᠳᠡᠭ᠃
    ᠮᠠᠷᠢᠶ᠎ᠠ ᠵᠢ ᠰᠢᠭᠤᠷᠠᠭᠤᠯᠤᠨ᠎ᠠ᠃ ᠤᠷᠲᠤ ᠬᠤᠭᠤᠴᠠᠭ᠎ᠠ ᠬᠤᠷᠲᠤᠨ ᠠᠯᠬᠤᠬᠤ᠎ᠨᠢ ᠪᠡᠶ᠎ᠡ ᠵᠢᠨ ᠲᠤᠲᠤᠭ᠋ᠠᠲᠦᠬᠢ ᠦᠬᠡᠬᠦ ᠵᠢ ᠪᠠᠭ᠋ᠠᠰᠬᠠᠲᠠᠭ᠃ ᠰᠤᠲᠤᠯᠭ᠋ᠠᠨ ᠭᠡᠷᠡᠴᠢᠯᠡᠭᠰᠡᠨ᠎ᠨᠢ ᠠᠯᠪᠠᠨ ᠠᠵᠢᠯ᠎ᠲᠠᠢ ᠬᠦᠮᠦᠰ 15 ᠮᠢᠨᠦ᠋ᠲ ᠰᠤᠯᠠ ᠠᠯᠬᠤᠯᠠᠬᠤ᠎ᠨᠢ ᠨᠢᠭᠡᠨᠳᠡ ᠢᠳᠡᠭᠰᠡᠨ ᠴᠤᠺᠤᠯᠠᠳ᠋᠎ᠤᠨ ᠺᠠᠯᠤᠷᠢ ᠵᠢ ᠬᠠᠭ᠋ᠠᠰ ᠵᠶ᠋ᠠᠷ ᠪᠠᠭᠤᠷᠠᠭᠤᠯᠲᠠᠭ ᠪᠠᠶ᠋ᠢᠨ᠎ᠠ᠃
    ᠬᠠᠷᠠᠭ᠎ᠠ ᠵᠢ ᠰᠠᠶ᠋ᠢᠵᠢᠷᠠᠭᠤᠯᠤᠨ᠎ᠠ᠃ ᠡᠲᠦᠷ ᠪᠦᠷᠢ 1 ᠴᠠᠭ ᠠᠯᠬᠤᠪᠠᠯ ᠴᠠᠭ᠋ᠠᠨ ᠬᠠᠷᠠᠩ ᠪᠤᠯᠬᠤ ᠲᠦᠭᠰᠢᠬᠦᠷᠢ ᠵᠢ ᠪᠠᠭᠤᠷᠠᠭᠤᠯᠲᠠᠭ᠃ ᠲᠠᠮᠢᠷ᠎ᠤᠨ ᠬᠦᠳᠡᠯᠭᠡᠭᠡᠨ᠎ᠳᠤ ᠤᠷᠤᠯᠴᠠᠬᠤ ᠲᠤᠷ᠎ᠠ ᠦᠬᠡᠢ ᠬᠦᠮᠦᠰ᠎ᠲᠠᠢ ᠬᠠᠷᠢᠴᠠᠭᠤᠯᠪᠠᠯ᠂ ᠬᠤᠷᠲᠤᠨ ᠠᠯᠬᠤᠬᠤ ᠵᠢ ᠪᠠᠷᠢᠮᠲᠠᠯᠠᠭᠰᠠᠭ᠋ᠠᠷ ᠢᠷᠡᠭᠰᠡᠨ ᠬᠦᠮᠦᠰ᠎ᠤᠨ ᠴᠡᠩᠭᠡᠷ ᠬᠠᠷᠠᠩ ᠡᠪᠡᠳᠴᠢᠨ᠎ᠳᠤ ᠨᠡᠷᠪᠡᠭᠳᠡᠬᠦ ᠨᠤᠷᠮ᠎ᠠ᠎ᠨᠢ 73%᠎ᠪᠠᠷ ᠲᠤᠤᠷ᠎ᠠ ᠪᠠᠶ᠋ᠢᠲᠠᠭ᠃
    ᠨᠦᠢ᠍ᠷ᠎ᠢ ᠰᠠᠶ᠋ᠢᠵᠢᠷᠠᠭᠤᠯᠤᠨ᠎ᠠ᠃ ᠡᠷᠳᠡ ᠪᠤᠰᠴᠦ 30 ᠮᠢᠨᠦ᠋ᠲ ᠠᠯᠬᠤᠪᠠᠯ᠂ 50 — 75 ᠨᠠᠰᠦᠨ᠎ᠤ ᠡᠮᠡᠭᠳᠡᠶ᠋ᠢᠴᠤᠳ᠎ᠤᠨ ᠨᠦᠢ᠍ᠷ ᠬᠤᠯᠵᠢᠬᠤ ᠨᠤᠷᠮ᠎ᠠ ᠵᠢ 70 %᠎ᠪᠠᠷ ᠪᠠᠭᠤᠷᠠᠭᠤᠯᠲᠠᠭ᠃
    ᠲᠠᠷᠤᠭ᠋ᠠᠰᠦ ᠵᠢ ᠬᠦᠡᠭᠭᠡᠯᠡᠨ᠎ᠡ᠃ 60 — 90 ᠨᠠᠰᠦᠨ᠎ᠤ ᠬᠦᠮᠦᠰ᠎ᠲᠤ ᠴᠢᠭᠯᠡᠬᠦᠯᠦᠭᠰᠡᠨ ᠨᠢᠬᠡᠨ ᠰᠤᠲᠤᠯᠭ᠋ᠠᠨ᠎ᠳᠤ᠂ ᠬᠤᠷᠲᠤᠨ ᠠᠯᠬᠤᠯᠠᠬᠤ᠎ᠨᠢ ᠲᠠᠷᠢᠬᠢ ᠵᠢ ᠰᠡᠷᠬᠦᠭᠡᠵᠦ᠂ ᠰᠡᠳᠬᠢᠯ᠎ᠤᠨ ᠲᠠᠷᠤᠭ᠋ᠠᠰᠦ ᠵᠢ ᠬᠦᠡᠭᠭᠡᠯᠡᠳᠡᠭ ᠪᠠᠶ᠋ᠢᠨ᠎ᠠ᠃
    ᠭᠠᠨᠭ᠌ᠰᠠᠷᠠᠬᠤ ᠡᠪᠡᠳᠴᠢᠨ᠎ᠠᠴᠠ ᠰᠡᠷᠭᠡᠶ᠋ᠢᠯᠡᠨ᠎ᠡ᠃ ᠡᠲᠦᠷ ᠪᠦᠷᠢ 1 ᠴᠠᠭ ᠠᠯᠬᠤᠬᠤ᠎ᠨᠢ ᠭᠠᠩᠰᠠᠷᠠᠬᠤ ᠡᠪᠡᠳᠴᠢᠨ᠎ᠳᠤ ᠨᠡᠷᠪᠡᠭᠳᠡᠬᠦ ᠲᠦᠭᠰᠢᠬᠦᠷᠢ ᠵᠢ 20%᠎ᠪᠠᠷ ᠪᠠᠭᠤᠷᠠᠭᠤᠯᠲᠠᠭ ᠪᠠᠶ᠋ᠢᠨ᠎ᠠ᠃
    ᠡᠴᠦᠰ᠎ᠲᠤᠨᠢ ᠲᠤᠯᠲᠠᠯ᠎ᠠ ᠪᠠᠷᠢᠮᠲᠠᠯᠠᠬᠤ ᠰᠠᠶ᠋ᠢᠨ ᠲᠠᠳᠬᠠᠯ᠎ᠲᠠᠢ ᠪᠤᠯᠵᠤ ᠴᠢᠳᠠᠨ᠎ᠠ᠃ ᠢᠮᠠᠭᠳᠠ ᠬᠤᠷᠲᠤᠨ ᠠᠯᠬᠤᠬᠤ ᠵᠢ ᠪᠠᠷᠢᠮᠳᠠᠯᠠᠬᠤ᠎ᠨᠢ ᠪᠡᠶ᠎ᠡ ᠮᠠᠬᠠᠪᠤᠳ᠎ᠢ ᠴᠢᠬᠢᠷᠠᠬ᠍ᠵᠢᠭᠤᠯᠬᠤ ᠵᠢᠨ ᠬᠠᠮᠲᠦ ᠪᠡᠶ᠎ᠡ᠎ᠪᠠᠨ ᠲᠠᠭ᠋ᠠᠭ᠋ᠠᠬᠤ ᠴᠢᠲᠠᠪᠦᠷᠢ ᠵᠢ ᠲᠡᠭᠡᠭᠰᠢᠯᠡᠬᠦᠯᠳᠡᠭ᠃ ᠬᠤᠷᠲᠤᠨ ᠠᠯᠬᠤᠬᠤ ᠰᠠᠶ᠋ᠢᠨ ᠲᠠᠳᠬᠠᠯ᠎ᠲᠠᠢ ᠬᠦᠮᠦᠰ ᠶᠠᠮᠠᠷ ᠶᠠᠪᠤᠲᠠᠯ᠎ᠳᠤ ᠴᠦ᠍ 《ᠲᠠᠪᠤᠰᠤ ᠵᠢ ᠬᠢᠪᠡᠯ ᠠᠭᠤᠰᠲᠠᠯ᠎ᠠ᠂ ᠠᠵᠢᠯ᠎ᠢ ᠬᠢᠪᠡᠯ ᠲᠠᠭᠤᠰᠲᠠᠯ᠎ᠠ》 ᠵᠤᠷᠢᠭ ᠰᠠᠨᠠᠭ᠎ᠠ᠎ᠪᠠᠷ ᠢᠮᠠᠭᠳᠠ ᠪᠠᠷᠢᠮᠲᠠᠯᠠᠵᠦ ᠲᠡᠶ᠋ᠢᠯᠬᠦ ᠪᠤᠯᠤᠨ᠎ᠠ᠃

ᠢᠷᠡᠯᠲᠡ᠄ ᠲᠣᠮᠳᠠᠳᠤ ᠣᠯᠣᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠭᠦᠯ ᠪᠦᠮᠪᠦᠭᠡ ᠵᠢᠨ ᠬᠦᠳᠡᠯᠭᠡᠭᠡᠨ᠎ᠳᠤ ᠢᠳᠡᠪᠬᠢᠳᠠᠢ ᠤᠷᠤᠯᠴᠠᠶ᠎ᠠ
ᠸᠠᠺᠼᠢᠨ᠎ᠤ ᠡᠷᠡᠭᠦᠯ ᠪᠣᠰᠣ ᠲᠣᠰᠬᠠᠯ᠎ᠢ ᠭᠡᠷᠬᠢᠨ ᠰᠢᠯᠭ᠋ᠠᠠ ᠪᠠᠶ᠋ᠢᠴᠠᠭ᠋ᠠᠬᠤ ᠪᠣᠢ?
ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠸᠠᠺᠼᠢᠨ᠎ᠤ ᠲᠠᠷᠢᠯᠭ᠎ᠠ ᠪᠣᠯ ᠰᠢᠨ᠎ᠡ ᠲᠢᠲᠢᠮᠯᠢᠭ ᠠᠭᠤᠰᠬᠢᠨ ᠦᠷᠪᠢᠰᠦᠯ ᠬᠠᠯᠳᠠᠪᠤᠷᠢᠯᠠᠬᠤ ᠵᠢ ᠰᠡᠷᠭᠡᠶ᠋ᠢᠯᠡᠨ ᠡᠵᠡᠮᠳᠡᠬᠦ ᠬᠠᠮᠤᠭ᠎ᠤᠨ ᠪᠦᠲᠦᠮᠵᠢᠲᠡᠶ ᠠᠷᠭ᠎ᠠ ᠮᠥᠨ
ᠰᠤᠷᠭ᠋ᠠᠨ ᠬᠥᠮᠦᠵᠢᠯ᠎ᠤᠨ ᠶᠠᠮᠤᠨ᠎ᠠᠴᠠ ᠰᠤᠷᠭ᠋ᠠᠨ ᠬᠥᠮᠦᠵᠢᠯ᠎ᠤᠨ ᠰᠢᠰᠲ᠋ᠧᠮ᠎ᠤᠨ᠎ᠬᠢᠨ ᠣᠳᠣᠬᠠᠨ᠎ᠤ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ ᠠᠵᠢᠯ᠎ᠢ 4 ᠲᠠᠯ᠎ᠠ᠎ᠪᠠᠷ ᠰᠠᠶ᠋ᠢᠲᠤᠷ ᠬᠢᠬᠦ ᠲᠤᠬᠠᠢ ᠪᠢᠴᠢᠭ ᠮᠠᠲ᠋ᠧᠷᠢᠶᠠᠯ ᠪᠠᠭᠤᠯᠭ᠋ᠠᠪᠠ
ᠦᠷᠭᠦᠯᠵᠢ ᠠᠭᠤᠯᠠ ᠠᠪᠠᠷᠢᠬᠤ᠎ᠨᠢ ᠵᠢᠷᠦᠬᠡᠨ᠎ᠳᠤ ᠰᠡᠢ᠍ᠢ᠍ᠨ
 
            