ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠲᠠᠨ᠎ᠳᠤ ᠦᠢᠯᠡᠴᠢᠯᠡᠬᠦ᠌
 ᠲᠠᠮᠢᠷ᠎ᠤᠨ ᠬᠦᠳᠡᠯᠬᠡᠭᠡᠡ᠎ᠳᠤ ᠤᠷᠤᠯᠴᠠᠬᠤ ᠤᠷᠮ᠎ᠠ ᠵᠢ ᠬᠡᠷᠬᠢᠨ ᠲᠡᠭᠡᠭᠰᠢᠯᠡᠬᠦᠯᠬᠦ ᠪᠤᠢ?
ᠨᠡᠶ᠋ᠢᠲᠡᠯᠡᠭᠰᠡᠨ ᠴᠠᠭ᠄ 2022-07-21

      ᠲᠡᠮᠢᠷ᠎ᠤᠨ ᠬᠦᠳᠡᠯᠬᠡᠬᠡᠨ᠎ᠳᠤ ᠤᠷᠤᠯᠴᠠᠬᠤ᠎ᠨᠢ ᠪᠡᠶ᠎ᠠ ᠮᠠᠬᠠᠪᠤᠳ᠎ᠲᠤ ᠠᠰᠢᠭᠳᠠᠢ ᠭᠡᠳᠡᠭ᠎ᠢ ᠲᠡᠶᠠᠭ᠋ᠠᠷ ᠪᠦᠷ ᠮᠡᠳᠡᠳᠡᠭ ᠴᠤ᠌᠂ ᠪᠠᠶ᠋ᠢᠡᠭᠭᠤ ᠪᠠᠷᠢᠮᠳᠠᠯᠠᠬᠤ᠎ᠳᠤ ᠬᠦᠴᠢᠷ ᠪᠠᠶ᠋ᠢᠳᠠᠭ᠃ ᠠᠩᠭ᠍ᠯᠢ ᠵᠢᠨ ᠲᠠᠮᠢᠷ᠎ᠤᠨ ᠲᠠᠰᠬᠠᠯᠵᠢᠭᠤᠯᠤᠬ᠍ᠴᠢ Ucoach ᠲᠠᠮᠢᠷ᠎ᠤᠨ ᠬᠦᠳᠡᠯᠬᠡᠬᠡᠨ᠎ᠳᠤ ᠤᠷᠤᠯᠴᠠᠬᠤ ᠤᠷᠮ᠎ᠠ ᠵᠢ ᠲᠡᠭᠡᠭᠰᠢᠯᠡᠬᠦᠯᠬᠦ ᠲᠠᠪᠤᠨ ᠠᠷᠭ᠎ᠠ ᠵᠢ ᠰᠤᠳᠤᠯᠤᠨ ᠭᠠᠷᠭ᠋ᠠᠬᠰᠠᠨ ᠶᠤᠮ᠃ ᠨᠢᠬᠡᠳᠦᠭᠡᠷ᠎ᠲᠤ᠂ ᠲᠤᠬᠢᠯᠢᠭ ᠱᠠᠬᠠᠢ ᠪᠡᠯᠡᠳᠬᠡᠨ᠎ᠠ᠃ ᠲᠠᠮᠢᠷ᠎ᠤᠨ ᠬᠡᠷᠡᠭᠰᠡᠯ᠎ᠤᠨ ᠲᠤᠰᠬᠠᠢ ᠲᠡᠯᠬᠡᠬᠦᠷ᠎ᠲᠤ ᠬᠦᠷᠴᠦ ᠬᠦᠳᠡᠯᠬᠡᠬᠡᠨ ᠬᠢᠬᠦ᠎ᠳᠤ ᠲᠤᠬᠢᠷᠠᠮᠵᠢᠳᠠᠢ ᠱᠠᠬᠠᠢ ᠬᠤᠳᠠᠯᠳᠤᠨ ᠠᠪᠬᠤ᠎ᠨᠢ ᠪᠡᠶ᠎ᠠ᠎ᠳᠤ ᠠᠰᠢᠬᠳᠠᠢ᠎ᠪᠠᠷ ᠪᠡᠷᠠᠬᠤ ᠦᠬᠡᠢ᠂ ᠲᠠᠮᠢᠷ᠎ᠤᠨ ᠬᠦᠳᠡᠯᠬᠡᠬᠡᠨ᠎ᠳᠤ ᠤᠷᠤᠯᠴᠠᠬᠤ ᠤᠷᠮ᠎ᠠ ᠵᠢ ᠴᠤ᠌ ᠬᠦᠭᠵᠢᠬᠡᠳᠡᠭ᠃ ᠬᠤᠶᠡᠳᠤᠭ᠋ᠠᠷ᠎ᠲᠤ᠂ ᠬᠠᠷᠠᠯᠳᠠ᠎ᠪᠠᠨ ᠲᠤᠭᠳᠠᠭ᠋ᠠᠨ᠎ᠠ᠃ ᠨᠢᠬᠡ ᠡᠳᠦᠷ᠎ᠲᠤ ᠬᠡᠳᠦᠢ ᠴᠠᠭ ᠬᠦᠳᠡᠯᠬᠡᠬᠡᠨ ᠬᠢᠬᠦ ᠪᠤᠶᠤ ᠬᠡᠳᠦᠢ ᠬᠤᠯᠠ ᠵᠠᠢ ᠬᠦᠶᠦᠬᠦ ᠬᠡᠬᠦ ᠵᠡᠷᠬᠡ ᠵᠢ ᠵᠢᠭᠰᠠᠭ᠋ᠠᠵᠦ ᠭᠠᠷᠭ᠋ᠠᠨ᠎ᠠ᠃ ᠪᠠᠰᠠ ᠪᠡᠶ᠎ᠠ ᠵᠢᠨ ᠬᠦᠨᠳᠦ᠎ᠪᠠᠨ ᠬᠡᠳᠦᠢ ᠺᠢᠯᠦᠭᠷᠡᠮ ᠪᠠᠭᠤᠷᠠᠭᠤᠯᠬᠤ᠎ᠪᠠᠷ ᠬᠠᠷᠠᠯᠳᠠ ᠪᠤᠯᠭ᠋ᠠᠵᠦ ᠪᠤᠯᠤᠨ᠎ᠠ᠃ ᠡᠶ᠋ᠢᠮᠦᠷᠬᠦ ᠲᠤᠳᠤᠷᠬᠠᠢ ᠬᠠᠷᠠᠯᠳᠠ ᠲᠦᠯᠦᠪᠯᠡᠭᠡ᠎ᠨᠢ ᠮᠠᠰᠢ ᠴᠢᠩᠭ᠎ᠠ ᠬᠦᠳᠡᠯᠬᠡᠭᠴᠢ ᠬᠦᠴᠦᠨ ᠪᠤᠯᠵᠦ᠂ ᠲᠠᠮᠢᠷ᠎ᠤᠨ ᠬᠦᠳᠡᠯᠬᠡᠬᠡᠨ᠎ᠢ ᠪᠠᠶ᠋ᠢᠡᠭᠭᠤ ᠪᠠᠷᠢᠮᠳᠠᠯᠠᠬᠤ᠎ᠳᠤ ᠲᠤᠰᠠᠯᠠᠬᠤ ᠪᠤᠯᠤᠨ᠎ᠠ᠃ ᠭᠤᠷᠪᠠᠳᠤᠭ᠋ᠠᠷ᠎ᠲᠤ᠂ ᠬᠦᠳᠡᠯᠬᠡᠬᠡᠨ ᠬᠢᠬᠦ ᠲᠠᠯᠠᠪᠤᠷ ᠵᠶ᠋ᠠᠨ ᠦᠷᠬᠦᠯᠵᠢ ᠰᠤᠯᠢᠵᠦ ᠪᠠᠶ᠋ᠢᠪᠠᠯ ᠰᠠᠶ᠋ᠢᠨ᠃ ᠲᠦᠷᠪᠡᠳᠦᠭᠡᠷ᠎ᠲᠤ᠂ ᠨᠠᠶ᠋ᠢᠵᠠ ᠨᠦᠬᠦᠳ ᠵᠶ᠋ᠠᠨ ᠴᠤᠭᠯᠠᠭᠤᠯᠤᠨ᠂ ᠬᠠᠮᠳᠤ᠎ᠪᠠᠷ ᠴᠠᠭ ᠪᠤᠯᠵᠤᠨ ᠬᠦᠳᠡᠯᠬᠡᠬᠡᠨ ᠬᠢᠨ᠎ᠠ᠃ ᠲᠠᠪᠤᠳᠤᠭ᠋ᠠᠷ᠎ᠲᠤ᠂ ᠰᠢᠨ᠎ᠠ ᠰᠢᠨᠵᠢᠯᠡᠬᠦ ᠤᠬᠠᠭ᠋ᠠᠨ ᠮᠡᠷᠬᠡᠵᠢᠯ᠎ᠤᠨ ᠲᠦᠬᠦᠬᠡᠷᠦᠮᠵᠢ ᠵᠢ ᠠᠰᠢᠬᠯᠠᠨ᠎ᠠ᠃ ᠵᠢᠱ᠌ᠢᠶᠡᠯᠡᠪᠡᠯ ᠭᠠᠷ ᠤᠳᠠᠰᠤᠨ᠎ᠳᠠᠭᠠᠨ ᠤᠶᠤᠨᠴᠢ ᠬᠡᠷᠡᠭᠯᠡᠭᠡᠨ᠎ᠤ ᠰᠢᠰᠲ᠋ᠧᠮ ᠤᠭᠰᠠᠷᠠᠨ᠂ ᠲᠡᠬᠦᠨ ᠲᠡᠬᠡᠷᠡᠬᠢ ᠬᠦᠳᠡᠯᠬᠡᠬᠡᠨ᠎ᠤ ᠲᠦᠰᠦᠪ ᠵᠶ᠋ᠠᠷ ᠬᠦᠳᠡᠯᠬᠡᠬᠡᠨ ᠬᠢᠬᠦ ᠪᠤᠶᠤ ᠬᠦᠳᠡᠯᠭᠡᠭᠡᠨ ᠬᠢᠭᠰᠡᠨ ᠪᠠᠶ᠋ᠢᠳᠠᠯ ᠵᠶ᠋ᠠᠨ ᠬᠢᠨᠡᠨ ᠬᠡᠮᠵᠢᠵᠦ ᠪᠤᠯᠤᠨ᠎ᠠ᠃ ᠪᠠᠰᠠ ᠭᠠᠷ ᠤᠳᠠᠰᠤᠨ᠎ᠤ ᠵᠦᠬᠡᠯᠡᠨ ᠲᠤᠨᠤᠭ᠎ᠢ ᠠᠰᠢᠬᠯᠠᠨ᠂ ᠰᠦᠯᠵᠢᠶᠠᠨ ᠲᠡᠭᠡᠷ᠎ᠠ ᠨᠡᠶ᠋ᠢᠵᠡ ᠨᠦᠬᠦᠳ᠎ᠲᠠᠢ᠎ᠪᠠᠨ ᠪᠤᠯᠵᠤᠨ ᠤᠷᠤᠯᠳᠤᠵᠦ ᠪᠤᠯᠤᠨ᠎ᠠ᠃ ᠡᠳᠦᠷ ᠪᠦᠷᠢ ᠬᠦᠶᠦᠬᠦ᠎ᠨᠢ ᠡᠷᠡᠭᠳᠡᠶ᠋ᠢᠴᠤᠳ᠎ᠤᠨ ᠠᠮᠢ ᠨᠠᠰᠦ ᠵᠢ 6.2 ᠵᠢᠯ᠂ ᠡᠮᠡᠭᠳᠡᠶ᠋ᠢᠴᠤᠳ᠎ᠤᠨ ᠠᠮᠢ ᠨᠠᠰᠦ ᠵᠢ 5.6 ᠵᠢᠯ ᠤᠷᠳᠤᠳᠬᠠᠬᠤ ᠪᠤᠯᠤᠨ᠎ᠠ᠃ ᠭᠠᠷᠠᠭ ᠪᠦᠷᠢ 60 — 150 ᠮᠢᠨᠦ᠋ᠲ ᠬᠦᠶᠦᠬᠦ ᠵᠢ ᠪᠠᠷᠢᠮᠳᠠᠯᠠᠭ᠋ᠠᠷᠠᠢ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠪᠡᠶ᠎ᠡ ᠵᠢᠨ ᠲᠠᠮᠢᠷ᠎ᠤᠨ ᠲᠤᠪᠴᠢᠶ᠎ᠡ
          
ᠬᠠᠮᠢᠶ᠎ᠡ ᠪᠦᠬᠦᠢ ᠰᠣᠨᠢᠨ
ᠤᠳᠠᠭ᠋ᠠᠠ ᠰᠠᠭᠤᠬᠤ᠎ᠠᠴᠠ ᠪᠣᠯᠵᠤ ᠨᠢᠷᠤᠭᠤ ᠭᠥᠯ ᠲᠡᠯᠡᠵᠤ ᠡᠪᠠᠳᠪᠡᠯ ᠭᠦᠴᠦᠳᠡᠢ ᠲᠠᠮᠢᠷ ᠭᠢᠵᠤ ᠪᠣᠯᠬᠤ ᠦᠭᠡᠢ
ᠲᠠᠮᠢᠷ᠎ᠤᠨ ᠬᠦᠳᠡᠯᠭᠡᠭᠡᠨ᠎ᠤ ᠲᠤᠬᠠᠢ ᠪᠠᠢ᠌ᠩᠭᠤ ᠲᠣᠬᠢᠶᠠᠯᠳᠤᠬᠤ ᠲᠠᠰᠢᠶᠠᠷᠠᠯ᠎ᠤᠳ
ᠡᠪ ᠦᠭᠡᠢ ᠲᠡᠭᠡᠰᠦ ᠦᠰᠦᠷᠪᠠᠯ ᠡᠪᠦᠳᠦᠭ᠎ᠪᠠᠨ ᠭᠡᠮᠳᠦᠭᠡᠨ᠎ᠡ
ᠬᠠᠪᠤᠷ᠎ᠤᠨ ᠤᠯᠠᠷᠢᠯ᠎ᠳᠤ ᠲᠤᠬᠢᠷᠠᠬᠤ ᠪᠡᠶ᠎ᠡ ᠵᠢᠨ ᠲᠠᠮᠷᠢ᠎ᠤᠨ ᠬᠦᠳᠡᠯᠭᠡᠭᠡᠨ
ᠴᠠᠭ᠋ᠠᠰᠤᠨ ᠰᠢᠪᠠᠭᠤ ᠨᠢᠰᠬᠡᠬᠦ᠎ᠳᠤ ᠶᠠᠭᠤ ᠵᠢ ᠠᠩᠬᠠᠷᠬᠤ ᠬᠡᠷᠡᠭᠳᠡᠢ ᠪᠣᠶ?
 
            