ᠦᠳᠡᠰᠢ ᠨᠤᠢ᠌ᠷ ᠬᠤᠯᠵᠢᠪᠠᠯ ᠪᠡᠶ᠎ᠡ ᠮᠠᠭᠤᠳᠠᠬᠤ᠎ᠨᠢ ᠮᠡᠳᠡᠭᠡᠵᠢ᠃ ᠨᠤᠢ᠌ᠷ ᠬᠤᠯᠵᠢᠵᠤ ᠪᠡᠶ᠎ᠡ ᠮᠠᠭᠤᠳᠠᠪᠠᠯ ᠬᠦᠳᠡᠯᠬᠡᠬᠡᠨ ᠵᠶ᠋ᠠᠷ ᠨᠦᠬᠦᠪᠤᠷᠢᠯᠡᠵᠤ ᠪᠤᠯᠤᠨ᠎ᠠ᠂ ᠪᠡᠶ᠎ᠡ ᠵᠢᠨ ᠳᠠᠮᠢᠷ᠎ᠤᠨ ᠪᠤᠯᠪᠠᠰᠤᠷᠠᠯ ᠬᠦᠷᠦᠯᠴᠡᠬᠦᠢ᠌ᠴᠡ ᠪᠠᠢ᠌ᠪᠠᠯ ᠨᠤᠢ᠌ᠷ ᠬᠤᠯᠵᠢᠬᠤ᠎ᠠᠴᠠ ᠪᠤᠯᠤᠭᠰᠠᠨ ᠡᠷᠡᠬᠦᠯ ᠮᠡᠨᠳᠤ ᠵᠢᠨ ᠳᠦᠭᠰᠢᠬᠦᠷᠢ ᠵᠢ ᠪᠠᠭ᠋ᠠᠰᠬᠠᠵᠤ ᠪᠤᠯᠳᠠᠭ ᠭᠡᠳᠡᠭ᠎ᠢ ᠰᠤᠳᠤᠯᠭ᠋ᠠᠨ ᠵᠶ᠋ᠠᠷ ᠢᠯᠡᠷᠡᠬᠦᠯᠪᠡ᠃
ᠠᠩᠭ᠍ᠯᠢ ᠵᠢᠨ ᠠᠮᠢᠳᠤ ᠪᠤᠳᠠᠰ᠎ᠤᠨ ᠬᠦᠮᠦᠷᠭᠡ ᠵᠢᠨ ᠰᠤᠳᠤᠯᠭ᠋ᠠᠨ᠎ᠠᠴᠠ 380055 ᠢᠳᠡᠷ ᠨᠠᠰᠤᠨ᠎ᠤ ᠬᠦᠮᠦᠰ᠎ᠲᠤ ᠦᠷᠭᠡᠨ ᠬᠡᠪᠴᠢᠶ᠎ᠠ᠎ᠲᠠᠢ ᠰᠤᠳᠤᠯᠭ᠋ᠠᠨ ᠬᠢᠭᠰᠡᠨ ᠳ᠋ᠦᠩ᠎ᠳᠤ᠂ ᠴᠤᠭ ᠵᠢᠪᠬᠤᠭ᠎ᠠ᠎ᠲᠠᠢ ᠮᠦᠷᠳᠡᠭᠡᠨ ᠡᠷᠡᠬᠦᠯ ᠮᠡᠨᠳᠤ᠎ᠪᠠᠨ ᠪᠠᠳᠤᠯᠠᠬᠤ᠎ᠨᠢ ᠨᠤᠢ᠌ᠷ ᠬᠤᠯᠵᠢᠬᠤ ᠵᠡᠷᠭᠡ ᠨᠤᠢ᠌ᠷ ᠳᠤᠳᠠᠭᠤᠳᠠᠬᠤ᠎ᠠᠴᠠ ᠪᠤᠯᠤᠭᠰᠠᠨ ᠪᠡᠶ᠎ᠡ ᠮᠠᠭᠤᠳᠠᠬᠤ ᠪᠠᠢ᠌ᠳᠠᠯ᠎ᠢ ᠪᠦᠳᠦᠮᠵᠢᠳᠠᠢ ᠰᠡᠷᠬᠡᠢ᠌ᠯᠡᠵᠤ ᠴᠢᠳᠠᠨ᠎ᠠ ᠭᠡᠰᠡᠨ᠎ᠢ ᠨᠤᠳᠠᠯᠠᠪᠠ᠃
ᠪᠢᠳᠠᠨ᠎ᠤ ᠮᠡᠳᠡᠭᠡᠵᠢ᠎ᠪᠠᠷ᠂ ᠡᠷᠡᠬᠦᠯ ᠰᠠᠢ᠌ᠬᠠᠨ ᠠᠮᠢᠳᠤᠷᠠᠯ᠎ᠳᠤ ᠶᠡᠬᠡ ᠬᠡᠮᠵᠢᠶᠡᠨ᠎ᠤ ᠪᠡᠶ᠎ᠡ ᠵᠢᠨ ᠳᠠᠮᠢᠷ᠎ᠤᠨ ᠪᠤᠯᠪᠠᠰᠤᠷᠠᠯ ᠴᠢᠬᠤᠯᠠᠳᠠᠢ ᠮᠦᠷᠳᠡᠭᠡᠨ ᠬᠠᠩᠭ᠋ᠠᠯᠳᠠᠳᠠᠢ ᠰᠠᠢ᠌ᠨ ᠨᠤᠢ᠌ᠷ ᠱᠠᠭ᠋ᠠᠷᠳᠠᠭᠳᠠᠳᠠᠭ᠃ ᠰᠢᠨ᠎ᠡ ᠰᠤᠳᠤᠯᠭ᠋ᠠᠨ ᠵᠶ᠋ᠠᠷ ᠢᠯᠡᠷᠡᠬᠦᠯᠦᠭᠰᠡᠨ᠎ᠨᠢ᠂ ᠬᠦᠷᠦᠯᠴᠡᠬᠦᠢ᠌ᠴᠡ ᠪᠡᠶ᠎ᠡ ᠵᠢᠨ ᠳᠠᠮᠢᠷ᠎ᠤᠨ ᠪᠤᠯᠪᠠᠰᠤᠷᠠᠯ ᠵᠶ᠋ᠠᠷ ᠳᠤᠳᠠᠭᠤᠳᠠᠯ ᠨᠤᠢ᠌ᠷ ᠵᠶ᠋ᠠᠨ ᠨᠦᠬᠦᠪᠤᠷᠢᠯᠡᠵᠤ ᠪᠡᠶ᠎ᠡ᠎ᠳᠡᠭᠡᠨ ᠡᠷᠴᠢ ᠬᠦᠴᠦᠨ ᠨᠡᠮᠡᠷᠢᠯᠡᠵᠤ ᠪᠤᠯᠳᠠᠭ ᠭᠡᠵᠤ ᠪᠠᠢ᠌ᠨ᠎ᠠ᠃
ᠬᠦᠳᠡᠯᠬᠡᠬᠡᠨ ᠬᠢᠬᠦ ᠪᠠ ᠤᠨᠳᠠᠬᠤ᠎ᠨᠢ ᠡᠷᠡᠬᠦᠯ ᠮᠡᠨᠳᠤ᠎ᠳᠤ ᠠᠰᠢᠭᠳᠠᠢ ᠡᠰᠡᠬᠦ ᠦᠵᠡᠯᠳᠡ ᠵᠢᠨ ᠲᠤᠬᠠᠢ ᠡᠨᠡ ᠰᠤᠳᠤᠯᠭ᠋ᠠᠨ᠎ᠤ ᠢᠯᠡᠷᠡᠬᠦᠯᠦᠭᠰᠡᠨ ᠤᠨᠴᠠᠭ᠋ᠠᠢ ᠲᠠᠯ᠎ᠠ᠎ᠨᠢ ᠬᠡᠪᠡᠯ ᠬᠦᠳᠡᠯᠬᠡᠬᠡᠨ ᠪᠠ ᠤᠨᠳᠠᠬᠤ ᠵᠢᠨ ᠡᠷᠡᠬᠦᠯ ᠮᠡᠨᠳᠤ ᠵᠢᠨ ᠬᠤᠭᠤᠷᠤᠨᠳᠤᠬᠢ ᠠᠰᠢᠭᠳᠠᠢ ᠬᠠᠷᠢᠴᠠᠭ᠎ᠠ ᠵᠢ ᠬᠠᠷᠠᠭᠤᠯᠤᠭᠰᠠᠨ ᠮᠦᠷᠳᠡᠭᠡᠨ ᠡᠮᠴᠢ ᠨᠠᠷ᠎ᠲᠤ ᠡᠪᠡᠳᠴᠢᠳᠡᠨ᠎ᠤ ᠨᠤᠢ᠌ᠷ᠎ᠤᠨ ᠠᠰᠠᠭᠤᠳᠠᠯ᠎ᠢ ᠡᠮᠨᠡᠨ ᠵᠠᠰᠠᠬᠤ ᠦᠬᠡᠷ᠎ᠡ ᠨᠢᠭᠡ ᠵᠤᠢ᠌ᠯ᠎ᠤᠨ ᠠᠷᠭ᠎ᠠ ᠬᠡᠯᠪᠡᠷᠢ ᠵᠢ ᠬᠠᠩᠭ᠋ᠠᠭᠰᠠᠨ ᠪᠠᠢ᠌ᠨ᠎ᠠ᠃
ᠠᠦ᠋ᠰᠲᠷᠠᠯᠢᠶ᠎ᠠ ᠵᠢᠨ ᠰᠢᠨ᠎ᠡ ᠳ᠋ᠸᠯᠢ ᠶᠡᠬᠡ ᠰᠤᠷᠭ᠋ᠠᠭᠤᠯᠢ ᠵᠢᠨ ᠬᠠᠯᠳᠠᠪᠤᠷᠢᠳᠤ ᠡᠪᠡᠳᠴᠢᠨ᠎ᠤ ᠤᠨᠤᠯ᠎ᠤᠨ ᠤᠬᠠᠭ᠋ᠠᠨᠳᠠᠨ Bo-Hueihuang ᠬᠡᠯᠡᠬᠦ᠎ᠳᠡᠭᠡᠨ᠄ 《ᠪᠢᠳᠠᠨ᠎ᠤ ᠢᠯᠡᠷᠡᠬᠦᠯᠦᠭᠰᠡᠨ ᠵᠶ᠋ᠠᠷ᠂ ᠨᠤᠢ᠌ᠷ ᠬᠤᠯᠵᠢᠬᠤ᠂ ᠬᠦᠳᠡᠯᠬᠡᠬᠡᠨ ᠪᠠᠭ᠋ᠠᠳᠠᠢ ᠬᠦᠮᠦᠰ᠎ᠲᠤ ᠵᠢᠷᠦᠬᠡᠨ ᠡᠪᠡᠳᠴᠢᠨ᠂ ᠰᠠ ᠡᠪᠡᠳᠴᠢᠨ ᠪᠠ ᠦᠮᠡᠨ ᠡᠪᠡᠳᠴᠢᠨ ᠳᠤᠰᠴᠤ ᠨᠠᠰᠤ ᠪᠠᠷᠠᠬᠤ ᠠᠶᠤᠯ ᠳᠦᠭᠰᠢᠬᠦᠷᠢ ᠬᠠᠮᠤᠭ᠎ᠤᠨ ᠶᠡᠬᠡ ᠪᠤᠢ᠃ ᠡᠨᠡ ᠬᠤᠶᠠᠷ ᠵᠤᠢ᠌ᠯ᠎ᠤᠨ ᠦᠢ᠍ᠯᠡ ᠠᠵᠢᠯᠯᠠᠭ᠋ᠠᠨ᠎ᠤ ᠬᠣᠭᠣᠷᠣᠨᠳᠣ ᠬᠠᠷᠢᠯᠴᠠᠨ ᠦᠢ᠍ᠯᠡᠳᠦᠯᠴᠡᠬᠦ ᠬᠠᠷᠢᠴᠠᠭ᠎ᠠ ᠣᠷᠣᠰᠢᠵᠣ ᠪᠠᠢ᠌ᠬᠣ ᠵᠢ ᠰᠣᠳᠣᠯᠭ᠋ᠠᠨ ᠤ ᠳ᠋ᠦᠩ ᠬᠠᠷᠠᠭᠣᠯᠣᠯᠠ》 ᠬᠡᠵᠦ ᠪᠠᠢ᠌ᠨ᠎ᠠ᠃
ᠳᠡᠯᠡᠬᠡᠢ ᠵᠢᠨ ᠡᠷᠡᠭᠦᠯ ᠬᠠᠮᠠᠭ᠋ᠠᠯᠠᠯ᠎ᠤᠨ ᠵᠣᠬᠢᠶᠠᠨ ᠪᠠᠢ᠌ᠭᠣᠯᠣᠯᠲᠠ ᠵᠢᠨ ᠰᠠᠨᠠᠭ᠋ᠠᠴᠢᠯᠠᠭᠰᠠᠨ ᠪᠡᠶ᠎ᠡ ᠵᠢᠨ ᠲᠠᠮᠢᠷ᠎ᠤᠨ ᠭᠦᠳᠡᠯᠭᠡᠭᠡᠨ ᠪᠤᠯ ᠭᠠᠷᠠᠭ ᠪᠦᠷᠢ 150 ᠮᠢᠨᠦ᠋ᠲ᠎ᠤᠨ ᠳᠣᠮᠳᠠᠴᠢ ᠬᠡᠮᠵᠢᠶᠡᠨ᠎ᠤ ᠬᠦᠳᠡᠯᠭᠡᠭᠡᠨ ᠬᠢᠬᠦ ᠪᠤᠶᠤ ᠡᠰᠡᠭᠦᠯ᠎ᠡ 75 ᠮᠢᠨᠦ᠋ᠲ᠎ᠠᠴᠠ ᠳᠡᠭᠡᠭᠰᠢᠬᠢ ᠰᠢᠷᠦᠭᠦᠨ ᠬᠦᠳᠡᠯᠭᠡᠭᠡᠨ ᠬᠢᠬᠦ ᠬᠡᠷᠡᠭᠲᠡᠢ᠃
ᠰᠣᠳᠣᠯᠭ᠋ᠠᠴᠢᠳ ᠨᠢᠭᠡᠨ ᠰᠣᠳᠣᠯᠭ᠋ᠠᠨ᠎ᠳᠤ ᠬᠦᠮᠦᠰ᠎ᠤᠨ ᠪᠡᠶ᠎ᠡ ᠵᠢᠨ ᠲᠠᠮᠢᠷ᠎ᠤᠨ ᠬᠦᠳᠡᠯᠭᠡᠭᠡᠨ ᠬᠢᠭᠰᠡᠨ ᠦᠨᠳᠦᠷ ᠪᠤᠭᠤᠨᠢ ᠭᠣᠷᠪᠠᠨ ᠬᠢᠷᠢ ᠬᠡᠮᠵᠢᠶ᠎ᠡ᠎ᠪᠠᠷ ᠳᠣᠭᠣᠢ᠌ᠯᠠᠩ ᠬᠣᠪᠢᠶᠠᠵᠣ᠂ ᠳᠡᠳᠡᠭᠡᠷ᠎ᠤᠨ ᠣᠨᠳᠠᠭᠰᠠᠨ ᠴᠠᠭ᠎ᠤᠨ ᠬᠡᠮᠵᠢᠶ᠎ᠡ᠂ ᠣᠷᠣᠨ᠎ᠳᠠᠭᠠᠨ ᠬᠡᠪᠲᠡᠭᠰᠡᠨ ᠴᠠᠭ ᠪᠣᠯᠣᠨ ᠨᠣᠢ᠌ᠷ ᠬᠣᠯᠵᠢᠭᠰᠠᠨ᠂ ᠬᠣᠷᠬᠢᠷᠠᠭᠰᠠᠨ ᠪᠠ ᠣᠨᠳᠠᠩᠬᠠᠢ ᠪᠠᠢ᠌ᠳᠠᠯ᠎ᠢ ᠦᠨᠳᠦᠰᠦᠯᠡᠨ᠂ ᠳᠡᠳᠡᠨ᠎ᠤ ᠣᠨᠳᠠᠭᠰᠠᠨ ᠪᠠᠢ᠌ᠳᠠᠯ᠎ᠳᠤ ᠬᠣᠪᠢ (ᠬᠠᠮᠣᠭ᠎ᠤᠨ ᠪᠣᠭᠣᠨᠢ᠎ᠨᠢ 0 ᠬᠣᠪᠢ᠂ ᠬᠠᠮᠣᠭ᠎ᠤᠨ ᠦᠨᠳᠦᠷ ᠬᠣᠪᠢ᠎ᠨᠢ 5 ᠬᠣᠪᠢ) ᠣᠯᠭᠣᠵᠠᠢ᠃
ᠰᠣᠳᠣᠯᠭ᠋ᠠᠨ᠎ᠤ ᠳ᠋ᠦᠩ᠎ᠳᠤ᠂ ᠨᠤᠢ᠌ᠷ ᠬᠣᠯᠵᠢᠳᠠᠭ ᠮᠦᠷᠲᠡᠭᠡᠨ ᠬᠦᠳᠡᠯᠭᠡᠭᠡᠨ (ᠳᠡᠯᠡᠬᠡᠢ ᠵᠢᠨ ᠡᠷᠡᠭᠦᠯ ᠮᠡᠨᠳᠦ ᠵᠢᠨ ᠵᠣᠬᠢᠶᠠᠨ ᠪᠠᠢ᠌ᠭᠣᠯᠣᠯᠲᠠ ᠵᠢᠨ ᠰᠠᠨᠠᠭ᠋ᠠᠴᠢᠯᠠᠭᠰᠠᠨ ᠪᠡᠶ᠎ᠡ ᠵᠢᠨ ᠲᠠᠮᠢᠷ᠎ᠤᠨ ᠬᠦᠳᠡᠯᠭᠡᠭᠡᠨ) ᠪᠠᠭ᠋ᠠᠲᠠᠢ ᠬᠦᠮᠦᠰ ᠬᠣᠣᠷᠲᠣ ᠬᠠᠪᠣᠳᠠᠷ ᠵᠶ᠋ᠠᠷ ᠨᠠᠰᠣ ᠪᠠᠷᠠᠬᠣ ᠪᠣᠶᠣ ᠵᠢᠷᠦᠬᠡᠨ᠎ᠤ ᠡᠪᠡᠳᠴᠢᠨ᠎ᠳᠤ ᠨᠡᠪᠲᠡᠷᠡᠬᠦ ᠬᠠᠮᠣᠭ᠎ᠤᠨ ᠶᠡᠬᠡ ᠡᠷᠡᠰᠲᠡᠯ᠎ᠲᠠᠢ ᠪᠠᠢ᠌ᠵᠣ᠂ ᠨᠣᠢ᠌ᠷ ᠮᠠᠭᠣᠲᠠᠢ ᠪᠣᠯᠪᠠᠴᠣ ᠪᠡᠶ᠎ᠡ ᠵᠢᠨ ᠲᠠᠮᠢᠷ᠎ᠤᠨ ᠬᠦᠳᠡᠯᠭᠡᠭᠡᠨ ᠬᠦᠷᠦᠯᠴᠡᠬᠦᠢ᠌ᠴᠡ ᠬᠦᠮᠦᠰ᠎ᠤᠨ ᠬᠣᠣᠷᠲᠣ ᠬᠠᠪᠣᠳᠠᠷ ᠪᠣᠶᠣ ᠵᠢᠷᠦᠬᠡᠨ ᠡᠪᠡᠳᠴᠢᠨ᠎ᠳᠤ ᠨᠡᠷᠪᠡᠭᠳᠡᠬᠦ ᠲᠦᠭᠰᠢᠭᠦᠷᠢ᠎ᠨᠢ ᠨᠡᠯᠢᠶᠡᠳ ᠪᠠᠭ᠎ᠠ ᠪᠠᠢ᠌ᠵᠠᠢ᠃
ᠡᠯ᠎ᠡ ᠲᠦᠷᠦᠯ᠎ᠤᠨ ᠬᠣᠣᠷᠲᠣ ᠬᠠᠪᠣᠳᠠᠷ ᠡᠪᠡᠳᠴᠢᠨ ᠵᠶ᠋ᠠᠷ ᠵᠢᠱ᠌ᠢᠶᠠᠯᠡᠪᠡᠯ᠂ ᠨᠤᠢ᠌ᠷ ᠮᠠᠭᠣᠲᠠᠢ᠂ ᠪᠡᠶ᠎ᠡ ᠵᠢᠨ ᠲᠠᠮᠢᠷ᠎ᠤᠨ ᠬᠦᠳᠡᠯᠭᠡᠭᠡᠨ ᠬᠠᠮᠣᠭ᠎ᠤᠨ ᠪᠠᠭ᠎ᠠ ᠬᠦᠮᠦᠰ᠎ᠤᠨ ᠬᠣᠣᠷᠲᠣ ᠬᠠᠪᠣᠳᠠᠷ ᠵᠶ᠋ᠠᠷ ᠨᠠᠰᠣ ᠪᠠᠷᠠᠬᠣ ᠠᠶᠣᠯ ᠲᠦᠭᠰᠢᠭᠦᠷᠢ᠎ᠨᠢ ᠨᠣᠢ᠌ᠷ ᠰᠠᠢ᠌ᠲᠠᠢ ᠮᠦᠷᠲᠡᠭᠡᠨ ᠪᠡᠶ᠎ᠡ ᠵᠢᠨ ᠲᠠᠮᠢᠷ᠎ᠤᠨ ᠬᠦᠳᠡᠯᠭᠡᠭᠡᠨ ᠬᠢᠳᠡᠭ ᠬᠦᠮᠦᠰ ᠠᠴᠠ 45% ᠵᠢᠨ ᠬᠣᠪᠢ᠎ᠪᠠᠷ ᠶᠡᠬᠡ ᠪᠠᠢ᠌ᠪᠠ᠃ ᠬᠡᠳᠡᠯ᠎ᠡ ᠨᠣᠢ᠌ᠷ ᠮᠠᠭᠣᠲᠠᠢ ᠪᠣᠯᠪᠠᠴᠣ ᠬᠦᠷᠦᠯᠴᠡᠬᠦᠢ᠌ᠴᠡ ᠪᠡᠶ᠎ᠡ ᠵᠢᠨ ᠲᠠᠮᠢᠷ᠎ᠤᠨ ᠪᠤᠯᠪᠠᠰᠣᠷᠠᠯ ᠬᠢᠳᠡᠭ ᠬᠦᠮᠦᠰ᠎ᠤᠨ ᠬᠣᠣᠷᠲᠣ ᠬᠠᠪᠣᠳᠠᠷ᠎ᠲᠤ ᠨᠡᠷᠪᠡᠭᠳᠡᠬᠦ ᠠᠶᠣᠯ ᠲᠦᠭᠰᠢᠭᠦᠷᠢ᠎ᠨᠢ ᠨᠣᠢ᠌ᠷ ᠮᠠᠭᠣᠳᠠᠭᠰᠠᠨᠠᠴᠠ ᠪᠣᠯᠣᠭ᠋ᠠᠳ ᠨᠡᠮᠡᠭᠳᠡᠭᠰᠡᠨ ᠶᠠᠪᠣᠳᠠᠯ ᠢᠯᠡᠷᠡᠭᠡ ᠦᠭᠡᠢ ᠪᠠᠢ᠌ᠪᠠ᠃
ᠰᠣᠳᠣᠯᠭ᠋ᠠᠴᠢᠳ᠄ 《ᠲᠠᠮᠢᠷ᠎ᠤᠨ ᠪᠤᠯᠪᠠᠰᠣᠷᠠᠯ᠎ᠳᠤ ᠣᠷᠣᠯᠴᠠᠬᠣ ᠬᠢᠷᠢ ᠬᠡᠮᠵᠢᠶ᠎ᠡ᠎ᠨᠢ ᠳᠡᠯᠡᠬᠡᠢ ᠵᠢᠨ ᠡᠷᠡᠭᠦᠯ ᠬᠠᠮᠠᠭ᠋ᠠᠯᠠᠯ᠎ᠤᠨ ᠵᠣᠬᠢᠶᠠᠨ ᠪᠠᠢ᠌ᠭᠣᠯᠣᠯᠲᠠ ᠵᠢᠨ ᠰᠠᠨᠠᠭ᠋ᠠᠴᠢᠯᠠᠭᠰᠠᠨ ᠬᠠᠮᠣᠭ᠎ᠤᠨ ᠳᠣᠣᠷ᠎ᠠ ᠬᠦᠳᠡᠯᠭᠡᠭᠡᠨ ᠬᠢᠬᠦ ᠬᠢᠷᠢ ᠬᠡᠮᠵᠢᠶᠡᠨ᠎ᠳᠤ ᠬᠦᠷᠦᠭᠰᠡᠨ ᠪᠤᠶᠤ ᠲᠡᠭᠦᠨ᠎ᠠᠴᠠ ᠳᠠᠪᠠᠭᠰᠠᠨ ᠪᠠᠢ᠌ᠪᠠᠯ᠂ ᠨᠣᠢ᠌ᠷ ᠬᠣᠯᠵᠢᠬᠣ ᠪᠠ ᠦᠬᠦᠬᠦ ᠵᠢᠨ ᠬᠣᠭᠣᠷᠣᠨᠳᠣᠬᠢ ᠬᠣᠯᠪᠣᠭᠳᠠᠬᠣ ᠮᠠᠰᠢ ᠣᠯᠠᠨ ᠬᠣᠣᠷ ᠨᠦᠯᠦᠭᠡ ᠵᠢ ᠦᠭᠡᠢ᠌ᠰᠭᠡᠵᠦ ᠴᠢᠳᠠᠨ᠎ᠠ》 ᠭᠡᠵᠦ ᠦᠭᠦᠯᠡᠯ᠎ᠳᠡᠭᠡᠨ ᠪᠢᠴᠢᠵᠠᠢ᠃
ᠪᠡᠶ᠎ᠡ ᠵᠢᠨ ᠳᠠᠮᠢᠷ᠎ᠤᠨ ᠬᠦᠳᠡᠯᠭᠡᠭᠡᠨ᠎ᠨᠢ ᠨᠤᠢ᠌ᠷ ᠬᠦᠷᠦᠯᠴᠡᠬᠦ ᠦᠭᠡᠢ ᠪᠠᠢ᠌ᠳᠠᠯ᠎ᠢ ᠬᠡᠷᠬᠢᠨ ᠨᠦᠬᠦᠪᠦᠷᠢᠯᠡᠳᠡᠭ ᠲᠣᠬᠠᠢ ᠰᠣᠳᠣᠯᠭ᠋ᠠᠴᠢᠳᠤᠨ ᠦᠵᠡᠬᠦ᠎ᠪᠠᠷ᠂ ᠪᠡᠶ᠎ᠡ ᠵᠢᠨ ᠲᠠᠮᠢᠷ᠎ᠤᠨ ᠬᠦᠳᠡᠯᠭᠡᠭᠡᠨ᠎ᠤ ᠨᠡᠮᠡᠭᠳᠡᠯ᠎ᠨᠢ ᠦᠷᠪᠢᠰᠦᠯ᠎ᠤᠨ ᠡᠪᠡᠳᠴᠢᠨ ᠪᠤᠶᠤ ᠦᠵᠦᠮ᠎ᠤᠨ ᠰᠢᠬᠢᠷ᠎ᠤᠨ ᠡᠮᠬᠢ ᠵᠠᠮᠪᠠᠷᠠᠭ᠎ᠠ ᠦᠭᠡᠢ ᠰᠣᠯᠢᠯᠴᠠᠭ᠎ᠠ ᠵᠢ ᠪᠠᠭ᠋ᠠᠰᠬᠠᠵᠦ ᠮᠡᠳᠡᠨ᠎ᠡ ᠭᠡᠵᠦ ᠪᠠᠢ᠌ᠨ᠎ᠠ᠃
ᠰᠢᠨ᠎ᠡ ᠳ᠋ᠸᠯᠢ ᠶᠡᠬᠡ ᠰᠣᠷᠭ᠋ᠠᠭᠣᠯᠢ ᠵᠢᠨ ᠬᠦᠮᠦᠨ ᠠᠮᠠ ᠵᠢᠨ ᠡᠷᠡᠭᠦᠯ ᠮᠡᠨᠳᠦ ᠵᠢᠨ ᠰᠣᠳᠣᠯᠣᠭᠴᠢ Emmanuel stamatakis ᠬᠡᠯᠡᠬᠦ᠎ᠳᠡᠭᠡᠨ᠄ 《ᠡᠨᠡ ᠬᠣᠶᠠᠷ ᠵᠦᠢ᠍ᠯ᠎ᠤᠨ ᠦᠢ᠍ᠯᠡ ᠠᠵᠢᠯᠯᠠᠭ᠎ᠠ᠎ᠨᠢ ᠬᠦᠮᠦᠨ᠎ᠤ ᠡᠷᠡᠭᠦᠯ ᠮᠡᠨᠳᠦ᠎ᠳᠤ ᠴᠦᠮ ᠲᠦᠢ᠍ᠯ᠎ᠤᠨ ᠴᠢᠬᠣᠯᠠ ᠪᠠᠢ᠌ᠳᠠᠭ᠃ ᠣᠳᠣᠬᠠᠨ᠎ᠳᠤ᠂ ᠬᠦᠮᠦᠰ ᠪᠡᠶ᠎ᠡ ᠵᠢᠨ ᠲᠠᠮᠢᠷ᠎ᠤᠨ ᠬᠦᠳᠡᠯᠭᠡᠭᠡᠨ ᠲᠣᠳᠠᠭᠳᠠᠭᠰᠠᠨ ᠪᠠ ᠨᠣᠢ᠌ᠷ ᠮᠠᠭᠣᠲᠠᠢ ᠠᠶᠣᠯ᠎ᠳᠤ ᠴᠦᠮ ᠲᠣᠯᠭ᠋ᠠᠷᠠᠵᠣ ᠪᠣᠢ᠂ ᠬᠦᠮᠦᠰ᠎ᠢ ᠣᠷᠮᠠᠰᠢᠭᠣᠯᠵᠣ᠂ ᠪᠡᠶ᠎ᠡ ᠵᠢᠨ ᠲᠠᠮᠢᠷ᠎ᠤᠨ ᠬᠦᠳᠡᠯᠭᠡᠭᠡᠨ ᠢᠯᠡᠭᠦᠦ ᠬᠢᠯᠭᠡᠬᠦ᠎ᠳᠤ ᠪᠢᠳᠡ ᠨᠡᠩ ᠣᠯᠠᠨ ᠡᠷᠡᠭᠦᠯ ᠮᠡᠨᠳᠦ ᠵᠢᠨ ᠪᠠᠷᠢᠮᠳᠠ ᠬᠠᠩᠭ᠋ᠠᠭᠰᠠᠨ ᠪᠠᠢ᠌ᠨ᠎ᠠ᠃ ᠡᠭᠦᠨ᠎ᠠᠴᠠ ᠭᠠᠳᠠᠨ᠎ᠠ ᠪᠠᠰᠠ ᠡᠮᠴᠢ ᠰᠣᠪᠢᠯᠠᠭᠴᠢᠳ᠎ᠲᠤ ᠨᠡᠩ ᠣᠯᠠᠨ ᠠᠷᠭ᠎ᠠ ᠵᠢᠭ᠋ᠠᠵᠣ ᠣᠨᠳᠠᠯᠭ᠎ᠠ ᠵᠢᠨ ᠰᠠᠭ᠋ᠠᠳ᠎ᠲᠠᠢ ᠡᠪᠡᠳᠴᠢᠲᠡᠨ᠎ᠳᠤ ᠪᠡᠶ᠎ᠡ ᠵᠢᠨ ᠲᠠᠮᠢᠷ᠎ᠤᠨ ᠬᠦᠳᠡᠯᠭᠡᠭᠡᠨ᠎ᠤ ᠵᠣᠷ ᠦᠭᠳᠡᠭ》 ᠭᠡᠵᠦ ᠪᠠᠢ᠌ᠨ᠎ᠠ᠃
ᠲᠣᠰ ᠰᠣᠳᠣᠯᠭ᠋ᠠᠨ᠎ᠨᠢ 《ᠠᠩᠭ᠍ᠯᠢ ᠵᠢᠨ ᠪᠡᠶ᠎ᠡ ᠵᠢᠨ ᠲᠠᠮᠢᠷ᠎ᠤᠨ ᠬᠦᠳᠡᠯᠭᠡᠭᠡᠨ᠎ᠤ ᠡᠮᠴᠢᠯᠡᠭᠡᠨ᠎ᠤ ᠰᠡᠳᠭᠦᠯ》 ᠳᠡᠭᠡᠷ᠎ᠡ ᠨᠡᠢ᠌ᠲᠡᠯᠡᠭᠳᠡᠵᠦ ᠦᠩᠭᠡᠷᠡᠵᠡᠢ᠃