ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠰᠤᠷᠪᠤᠯᠵᠢᠯᠠᠭ᠎ᠠ
ᠲᠡᠯᠡᠬᠡᠢ ᠵᠢᠨ ᠠᠪᠤᠷᠭᠤ ᠵᠢᠨ ᠱᠠᠩᠨᠠᠯ᠎ᠢ ᠬᠦᠷᠳᠡᠭᠴᠢ ᠬᠠᠳᠠᠨᠪᠠᠭ᠋ᠠᠳᠤᠷ
ᠨᠡᠶ᠋ᠢᠲᠡᠯᠡᠭᠰᠡᠨ ᠴᠠᠭ᠄ 2018-12-29

     ᠢᠷᠠᠭᠤ ᠠᠯᠳᠠᠷ ᠵᠶ᠋ᠠᠷ ᠡᠩᠬᠡᠷ ᠵᠶ᠋ᠠᠨ ᠮᠢᠯᠢᠶᠠᠯᠭ᠋ᠠᠵᠤ᠂ ᠤᠯᠤᠰ ᠤᠷᠤᠨ᠎ᠤ ᠨᠠᠷ᠎ᠠ ᠠᠯᠳᠠᠷ᠎ᠢ ᠲᠡᠯᠡᠬᠡᠢ ᠵᠢᠨ ᠲᠠᠮᠢᠷ᠎ᠤᠨ ᠲᠠᠪᠴᠠᠩ᠎ᠳᠤ ᠲᠠᠭᠤᠷᠢᠰᠤᠭᠤᠯᠤᠭᠰᠠᠠ ᠬᠠᠯᠠᠭᠤᠨ ᠴᠢᠮᠡᠭᠡ ᠵᠢ ᠰᠤᠨᠤᠰᠤᠭ᠋ᠠᠳ ᠰᠤᠷᠪᠤᠯᠵᠢᠯᠠᠭᠴᠢ 12 ᠰᠠᠷ᠎ᠠ ᠵᠢᠨ 18᠎ᠤ ᠡᠳᠤᠷ᠂ ᠬᠠᠳᠠᠨᠪᠠᠭ᠋ᠠᠳᠤᠷ᠎ᠢ ᠤᠳᠠᠰᠤ᠎ᠪᠠᠷ ᠰᠤᠷᠪᠤᠯᠵᠢᠯᠠᠭᠰᠠᠠ᠎ᠨᠢ ᠡᠨᠡ ᠪᠢᠯᠠ᠃
    12 ᠰᠠᠷ᠎ᠠ ᠵᠢᠨ 8 — 10᠎ᠤ ᠡᠳᠤᠷ ᠪᠤᠯᠳᠠᠯ᠎ᠠ ᠠᠮᠧᠷᠢᠺᠠ ᠤᠯᠤᠰ᠎ᠤᠨ ᠰᠠᠨ ᠹᠷᠠᠨᠰᠢᠰᠺᠦ ᠬᠤᠳᠠ᠎ᠳᠤ ᠶᠠᠪᠤᠭᠳᠠᠭᠰᠠᠨ ᠲᠡᠯᠡᠬᠡᠢ ᠵᠢᠨ ᠬᠤᠨᠳᠠᠭ᠋ᠠᠳᠤ ᠳᠤᠮᠳᠠᠳᠤ ᠮᠠᠶᠢᠭ᠎ᠤᠨ ᠪᠦᠬᠡ ᠵᠢᠨ ᠲᠡᠮᠡᠴᠡᠬᠡᠨ᠎ᠳᠤ ᠤᠯᠤᠰ ᠤᠷᠤᠨ ᠵᠶ᠋ᠠᠨ ᠲᠦᠯᠦᠬᠡᠯᠡᠨ ᠤᠷᠤᠯᠴᠠᠵᠤ᠂ ᠪᠦᠬᠦ ᠲᠡᠯᠡᠬᠡᠢ ᠵᠢᠨ 22 ᠤᠯᠤᠰ᠎ᠤᠨ 200 ᠭᠠᠷᠤᠢ ᠰᠤᠳᠤᠨ ᠰᠢᠯᠢᠳᠡᠭ ᠲᠠᠮᠢᠷᠴᠢᠳ᠎ᠤᠨ ᠳᠤᠮᠳᠠ 90 ᠺᠢᠯᠦᠭᠷᠡᠮ᠎ᠤᠨ ᠲᠠᠰ᠎ᠤᠨ ᠤᠷᠤᠯᠳᠤᠭ᠋ᠠᠨ᠎ᠤ ᠮᠠᠩᠯᠠᠢ ᠰᠢᠬᠦᠷᠴᠠᠢ᠃ 《ᠠᠯᠤᠰ ᠲᠡᠯᠡᠢ ᠵᠢᠨ ᠬᠦᠪᠡᠭᠡ᠂ ᠬᠠᠷᠢ ᠠᠮᠧᠷᠢᠺᠠ ᠵᠢᠨ ᠰᠠᠨ ᠹᠷᠠᠨᠰᠢᠰᠺᠦ᠎ᠠᠴᠠ ᠠᠪᠤ ᠲᠠᠨ᠎ᠳᠠᠭᠠᠨ ᠮᠠᠨᠳᠤᠴᠢᠯᠠᠵᠤ ᠪᠠᠶ᠋ᠢᠨ᠎ᠠ᠂ ᠪᠦᠬᠡ ᠵᠢᠨ ᠠᠪᠤᠷᠭᠤ ᠪᠤᠯᠬᠤ ᠵᠢᠨ ᠬᠦᠰᠡᠯ᠎ᠤᠨ ᠴᠤᠭ᠎ᠢ ᠬᠦᠭᠵᠢᠬᠡᠭᠰᠡᠡ ᠬᠦᠮᠤᠨ ᠪᠤᠯ ᠠᠪᠤ ᠮᠢᠨᠢ ᠲᠠ ᠶᠤᠮ᠃ ᠲᠠᠨ᠎ᠤ ᠬᠤᠰᠢᠭᠤ ᠰᠤᠮᠤᠨ᠎ᠤ᠎ᠪᠠᠨ ᠨᠠᠭ᠋ᠠᠳᠤᠮ᠎ᠳᠤ ᠵᠤᠳᠤᠭᠯᠠᠨ ᠲᠠᠪᠢᠵᠤ ᠶᠠᠪᠤᠭᠰᠠᠠ ᠬᠡᠶ᠋ᠢᠮᠤᠷᠢ ᠵᠢᠪᠬᠤᠭ᠎ᠠ ᠴᠢᠨᠢ ᠠᠪᠤᠷᠭᠤ ᠪᠤᠯᠤᠭᠰᠠᠠ᠎ᠤ ᠮᠢᠨᠢ ᠠᠮᠢᠨ ᠰᠠᠬᠢᠶ᠎ᠠ》 ᠬᠡᠵᠤ ᠬᠠᠳᠠᠨᠪᠠᠭ᠋ᠠᠳᠤᠷ ᠬᠠᠷᠢ ᠤᠯᠤᠰ᠎ᠠᠴᠠ ᠰᠡᠳᠬᠢᠯ ᠳᠤᠭᠳᠤᠯᠤᠨ ᠶᠠᠷᠢᠵᠤ ᠪᠠᠶ᠋ᠢᠬᠰᠠᠠ ᠶᠤᠮ᠃


       ᠬᠠᠳᠠᠨᠪᠠᠭ᠋ᠠᠳᠤᠷ

    ᠢᠷᠠᠭᠤ ᠠᠯᠳᠠᠷ ᠵᠶ᠋ᠠᠷ ᠡᠩᠬᠡᠷ ᠵᠶ᠋ᠠᠨ ᠮᠢᠯᠢᠶᠠᠯᠭ᠋ᠠᠵᠤ᠂ ᠤᠯᠤᠰ ᠤᠷᠤᠨ᠎ᠤ ᠨᠠᠷ᠎ᠠ ᠠᠯᠳᠠᠷ᠎ᠢ ᠲᠡᠯᠡᠬᠡᠢ ᠵᠢᠨ ᠲᠠᠮᠢᠷ᠎ᠤᠨ ᠲᠠᠪᠴᠠᠩ᠎ᠳᠤ ᠲᠠᠭᠤᠷᠢᠰᠤᠭᠤᠯᠤᠭᠰᠠᠠ ᠬᠠᠯᠠᠭᠤᠨ ᠴᠢᠮᠡᠭᠡ ᠵᠢ ᠰᠤᠨᠤᠰᠤᠭ᠋ᠠᠳ ᠰᠤᠷᠪᠤᠯᠵᠢᠯᠠᠭᠴᠢ 12 ᠰᠠᠷ᠎ᠠ ᠵᠢᠨ 18᠎ᠤ ᠡᠳᠤᠷ᠂ ᠬᠠᠳᠠᠨᠪᠠᠭ᠋ᠠᠳᠤᠷ᠎ᠢ ᠤᠳᠠᠰᠤ᠎ᠪᠠᠷ ᠰᠤᠷᠪᠤᠯᠵᠢᠯᠠᠭᠰᠠᠠ᠎ᠨᠢ ᠡᠨᠡ ᠪᠢᠯᠠ᠃
    12 ᠰᠠᠷ᠎ᠠ ᠵᠢᠨ 8 — 10᠎ᠤ ᠡᠳᠤᠷ ᠪᠤᠯᠳᠠᠯ᠎ᠠ ᠠᠮᠧᠷᠢᠺᠠ ᠤᠯᠤᠰ᠎ᠤᠨ ᠰᠠᠨ ᠹᠷᠠᠨᠰᠢᠰᠺᠦ ᠬᠤᠳᠠ᠎ᠳᠤ ᠶᠠᠪᠤᠭᠳᠠᠭᠰᠠᠨ ᠲᠡᠯᠡᠬᠡᠢ ᠵᠢᠨ ᠬᠤᠨᠳᠠᠭ᠋ᠠᠳᠤ ᠳᠤᠮᠳᠠᠳᠤ ᠮᠠᠶᠢᠭ᠎ᠤᠨ ᠪᠦᠬᠡ ᠵᠢᠨ ᠲᠡᠮᠡᠴᠡᠬᠡᠨ᠎ᠳᠤ ᠤᠯᠤᠰ ᠤᠷᠤᠨ ᠵᠶ᠋ᠠᠨ ᠲᠦᠯᠦᠬᠡᠯᠡᠨ ᠤᠷᠤᠯᠴᠠᠵᠤ᠂ ᠪᠦᠬᠦ ᠲᠡᠯᠡᠬᠡᠢ ᠵᠢᠨ 22 ᠤᠯᠤᠰ᠎ᠤᠨ 200 ᠭᠠᠷᠤᠢ ᠰᠤᠳᠤᠨ ᠰᠢᠯᠢᠳᠡᠭ ᠲᠠᠮᠢᠷᠴᠢᠳ᠎ᠤᠨ ᠳᠤᠮᠳᠠ 90 ᠺᠢᠯᠦᠭᠷᠡᠮ᠎ᠤᠨ ᠲᠠᠰ᠎ᠤᠨ ᠤᠷᠤᠯᠳᠤᠭ᠋ᠠᠨ᠎ᠤ ᠮᠠᠩᠯᠠᠢ ᠰᠢᠬᠦᠷᠴᠠᠢ᠃ 《ᠠᠯᠤᠰ ᠲᠡᠯᠡᠢ ᠵᠢᠨ ᠬᠦᠪᠡᠭᠡ᠂ ᠬᠠᠷᠢ ᠠᠮᠧᠷᠢᠺᠠ ᠵᠢᠨ ᠰᠠᠨ ᠹᠷᠠᠨᠰᠢᠰᠺᠦ᠎ᠠᠴᠠ ᠠᠪᠤ ᠲᠠᠨ᠎ᠳᠠᠭᠠᠨ ᠮᠠᠨᠳᠤᠴᠢᠯᠠᠵᠤ ᠪᠠᠶ᠋ᠢᠨ᠎ᠠ᠂ ᠪᠦᠬᠡ ᠵᠢᠨ ᠠᠪᠤᠷᠭᠤ ᠪᠤᠯᠬᠤ ᠵᠢᠨ ᠬᠦᠰᠡᠯ᠎ᠤᠨ ᠴᠤᠭ᠎ᠢ ᠬᠦᠭᠵᠢᠬᠡᠭᠰᠡᠡ ᠬᠦᠮᠤᠨ ᠪᠤᠯ ᠠᠪᠤ ᠮᠢᠨᠢ ᠲᠠ ᠶᠤᠮ᠃ ᠲᠠᠨ᠎ᠤ ᠬᠤᠰᠢᠭᠤ ᠰᠤᠮᠤᠨ᠎ᠤ᠎ᠪᠠᠨ ᠨᠠᠭ᠋ᠠᠳᠤᠮ᠎ᠳᠤ ᠵᠤᠳᠤᠭᠯᠠᠨ ᠲᠠᠪᠢᠵᠤ ᠶᠠᠪᠤᠭᠰᠠᠠ ᠬᠡᠶ᠋ᠢᠮᠤᠷᠢ ᠵᠢᠪᠬᠤᠭ᠎ᠠ ᠴᠢᠨᠢ ᠠᠪᠤᠷᠭᠤ ᠪᠤᠯᠤᠭᠰᠠᠠ᠎ᠤ ᠮᠢᠨᠢ ᠠᠮᠢᠨ ᠰᠠᠬᠢᠶ᠎ᠠ》 ᠬᠡᠵᠤ ᠬᠠᠳᠠᠨᠪᠠᠭ᠋ᠠᠳᠤᠷ ᠬᠠᠷᠢ ᠤᠯᠤᠰ᠎ᠠᠴᠠ ᠰᠡᠳᠬᠢᠯ ᠳᠤᠭᠳᠤᠯᠤᠨ ᠶᠠᠷᠢᠵᠤ ᠪᠠᠶ᠋ᠢᠬᠰᠠᠠ ᠶᠤᠮ᠃

     《ᠲᠦᠷᠤ ᠬᠦᠷᠤᠨ᠎ᠤ ᠮᠢᠨᠢ ᠵᠤᠨ ᠲᠦᠮᠡᠨ᠂ ᠶᠠᠰᠤ ᠮᠢᠬᠠᠨ᠎ᠤ ᠮᠢᠨᠢ ᠲᠦᠷᠤᠯ ᠰᠠᠳᠤᠨ ᠠᠨᠳᠠ ᠨᠠᠶ᠋ᠢᠵᠢ ᠨᠠᠷ ᠮᠢᠨᠢ ᠰᠠᠶ᠋ᠢᠬᠠᠨ ᠡᠪᠤᠯᠵᠢᠵᠤ ᠪᠠᠶ᠋ᠢᠨ᠎ᠠ ᠤᠤ? ᠠᠮᠧᠷᠢᠺᠠ᠎ᠳᠤ ᠪᠤᠯᠤᠭᠰᠠᠠ ᠠᠩᠬᠠᠳᠤᠭ᠋ᠠᠷ ᠤᠳᠠᠭ᠋ᠠᠨ᠎ᠤ ᠲᠡᠯᠡᠬᠡᠢ ᠵᠢᠨ ᠠᠪᠤᠷᠭᠤ ᠵᠢᠨ ᠤᠷᠤᠯᠳᠤᠭ᠋ᠠᠨ᠎ᠳᠤ ᠲᠠ ᠨᠠᠷ᠎ᠤᠨ ᠵᠶ᠋ᠠᠨ ᠲᠡᠮᠵᠢᠯᠬᠡ ᠬᠡᠰᠢᠭ ᠪᠤᠶᠠᠨ ᠵᠶ᠋ᠠᠷ ᠢᠷᠡᠨ ᠤᠷᠤᠯᠴᠠᠭ᠋ᠠᠳ ᠠᠯᠳᠠᠨ ᠮᠧᠳᠡᠯ ᠳᠤᠰᠤᠭᠰᠠᠠ᠎ᠳᠠᠭᠠᠨ ᠪᠠᠶᠠᠷᠯᠠᠵᠤ ᠪᠠᠶ᠋ᠢᠨ᠎ᠠ᠂ ᠡᠨᠡ ᠵᠠᠪᠰᠢᠶᠠᠨ᠎ᠢ ᠨᠠᠳᠠᠳᠤ ᠤᠯᠭᠤᠬᠠᠰᠠᠠ ᠳᠤᠮᠳᠠᠳᠤ ᠤᠯᠤᠰ᠎ᠤᠨ ᠪᠠᠶ᠎ᠠ ᠵᠢᠨ ᠲᠠᠮᠢᠷ᠎ᠤᠨ ᠵᠦᠪᠯᠡᠯ᠎ᠤᠨ ᠤᠳᠤᠷᠢᠳᠤᠯᠭ᠎ᠠ᠂ ᠲᠠᠰᠬᠠᠯᠵᠢᠭᠤᠯᠤᠭᠴᠢ᠂ ᠠᠬ᠎ᠠ ᠲᠡᠬᠦᠤ ᠨᠠᠷ᠎ᠲᠠᠭᠠᠨ ᠪᠠᠶᠠᠷᠯᠠᠵᠤ ᠪᠠᠶ᠋ᠢᠨ᠎ᠠ》 ᠬᠡᠵᠤ ᠮᠤᠩᠭᠤᠯ ᠬᠦᠮᠤᠨ᠎ᠤ ᠤᠮᠤᠭᠰᠢᠯ ᠪᠤᠯᠤᠭᠰᠠᠠ ᠬᠠᠳᠠᠨᠪᠠᠭ᠋ᠠᠳᠤᠷ ᠠᠯᠳᠠᠨ ᠮᠧᠳᠠᠯ ᠳᠤᠰᠤᠭᠰᠠᠠ ᠲᠦᠷᠦᠭᠳᠡᠯ ᠵᠶ᠋ᠠᠨ ᠶᠠᠷᠢᠵᠤ ᠪᠠᠶ᠋ᠢᠪᠠ᠃

    ᠳᠤᠰ ᠤᠳᠠᠭ᠋ᠠᠨ᠎ᠤ ᠤᠷᠤᠯᠳᠤᠭ᠋ᠠᠨ᠎ᠢ ᠠᠮᠧᠷᠢᠺᠠ ᠲᠢᠪ᠎ᠤᠨ ᠪᠦᠬᠡ ᠵᠢᠨ ᠬᠤᠯᠪᠤᠭ᠋ᠠᠳᠤ ᠬᠤᠷᠠᠯ᠎ᠠᠴᠠ ᠭᠤᠤᠯᠯᠠᠨ ᠡᠷᠬᠢᠯᠠᠵᠤ᠂ ᠰᠢᠨ ᠾᠦᠢ ᠸᠧᠨ ᠬᠠᠮ ᠵᠠᠭᠤᠴᠢᠯᠠᠭᠤᠷ᠎ᠠᠴᠠ ᠲᠠᠭ᠋ᠠᠭ᠋ᠠᠴᠢᠯᠠᠨ ᠡᠷᠬᠢᠯᠠᠵᠤ᠂ ᠠᠮᠧᠷᠢᠺᠠ᠂ ᠶᠠᠫᠤᠨ᠂ ᠹᠷᠠᠠᠼᠢ᠂ ᠳᠤᠮᠳᠠᠳᠤ᠂ ᠺᠠᠨᠠᠳᠠ᠂ ᠠᠩᠭ᠍ᠯᠢ᠂ ᠢᠲ᠋ᠠᠯᠢ᠂ ᠪᠷᠠᠽᠢᠯ ᠵᠡᠷᠬᠡ ᠤᠯᠤᠰ ᠤᠷᠤᠯᠴᠠᠵᠤ᠂ ᠡᠷᠡᠭᠳᠡᠢ ᠵᠢᠨ ᠪᠠᠷᠢᠯᠳᠤᠭ᠋ᠠᠨ᠎ᠳᠤ 10 ᠲᠠᠰ ᠬᠤᠪᠢᠶᠠᠵᠤ᠂ ᠡᠮᠡᠭᠳᠡᠢ ᠵᠢᠨ ᠪᠠᠷᠢᠯᠳᠤᠭ᠋ᠠᠨ᠎ᠳᠤ 8 ᠲᠠᠰ ᠬᠤᠪᠢᠶᠠᠵᠠᠢ᠃ ᠡᠬᠦᠨ᠎ᠳᠤ᠂ ᠳᠤᠮᠳᠠᠳᠤ ᠤᠯᠤᠰ᠎ᠤᠨ ᠪᠠᠶ᠎ᠠ ᠵᠢᠨ ᠲᠠᠮᠢᠷ᠎ᠤᠨ ᠠᠩᠬᠢ᠎ᠳᠤ 5 ᠡᠷᠡᠭᠳᠡᠢ ᠲᠠᠮᠢᠷᠴᠢᠨ᠂ 2 ᠡᠮᠡᠭᠳᠡᠢ ᠲᠠᠮᠢᠷᠴᠢᠨ ᠤᠷᠤᠯᠴᠠᠭᠰᠠᠠ ᠪᠠᠶ᠋ᠢᠨ᠎ᠠ᠃


     ᠱᠠᠩᠨᠠᠯ ᠤᠯᠭᠤᠬᠤ ᠶᠤᠰᠤᠯᠠᠯ᠎ᠳᠤ ᠬᠠᠳᠠᠨᠪᠠᠭ᠋ᠠᠲᠤᠷ ᠤᠯᠤᠰ᠎ᠤᠨ ᠲᠤᠰ ᠵᠶ᠋ᠠᠨ ᠦᠨᠳᠦᠷ ᠡᠷᠬᠦᠨ᠎ᠡ

    12 ᠰᠠᠷ᠎ᠠ ᠵᠢᠨ ᠡᠬᠢ᠎ᠪᠠᠷ ᠲᠡᠯᠡᠬᠡᠢ ᠵᠢᠨ ᠬᠤᠨᠳᠠᠭ᠋ᠠᠳᠤ ᠳᠤᠮᠳᠠᠳᠤ ᠮᠠᠶᠢᠭ᠎ᠤᠨ ᠪᠦᠬᠡ ᠵᠢᠨ ᠲᠠᠮᠠᠴᠡᠬᠡᠨ᠎ᠤ ᠬᠤᠪᠢᠶᠠᠷᠢ ᠲᠡᠯᠡᠪᠡᠢ ᠵᠢᠨ ᠤᠷᠤᠯᠳᠤᠭ᠋ᠠᠨ᠎ᠳᠤ ᠳᠤᠮᠳᠠᠳᠤ ᠤᠯᠤᠰ᠎ᠤᠨ ᠪᠡᠬᠡᠵᠢᠩ᠂ ᠾᠧᠪᠸᠢ ᠮᠤᠵᠢ ᠵᠢᠨ ᠪᠤᠤᠳᠢᠩ᠂ ᠦᠪᠤᠷ ᠮᠤᠩᠭᠤᠯ᠂ ᠱᠠᠨᠳᠦ᠋ᠩ ᠮᠤᠵᠢ ᠵᠢᠨ ᠵᠢᠨᠠᠨ ᠵᠡᠷᠬᠡ ᠵᠢᠷᠭᠤᠭ᠋ᠠᠨ ᠭᠠᠵᠡᠷ ᠤᠷᠤᠨ᠎ᠤ ᠰᠢᠯᠢᠳᠡᠭ ᠲᠠᠮᠢᠷᠴᠢᠳ ᠤᠷᠤᠯᠴᠠᠭᠰᠠᠠ᠎ᠤ ᠳ᠋ᠦᠩ᠎ᠳᠤ ᠦᠪᠤᠷ ᠮᠤᠩᠭᠤᠯ᠎ᠤᠨ ᠬᠦᠯᠤᠨ ᠪᠤᠶ᠋ᠢᠷ ᠬᠤᠳᠠ ᠵᠢᠨ ᠰᠢᠨ᠎ᠠ ᠪᠠᠷᠭᠤ ᠵᠡᠬᠦᠨ ᠬᠤᠰᠢᠭᠤᠨ᠎ᠤ ᠰᠤᠶᠤᠯ ᠲᠠᠮᠢᠷ ᠰᠤᠨᠢᠨ ᠮᠡᠳᠡᠭᠡ ᠬᠡᠪᠯᠡᠯ ᠷᠠᠳᠢᠤ᠋ ᠲᠧᠯᠸᠢᠰ ᠬᠤᠷᠢᠶᠠᠨ᠎ᠤ ᠲᠠᠮᠢᠷᠴᠢᠨ ᠬᠠᠳᠠᠨᠪᠠᠭ᠋ᠠᠳᠤᠷ 90 ᠺᠢᠯᠦᠭᠷᠡᠮ᠎ᠤᠨ ᠤᠷᠤᠯᠳᠤᠭ᠋ᠠᠨ᠎ᠳᠤ ᠮᠠᠩᠯᠠᠶ᠋ᠢᠯᠠᠵᠤ᠂ ᠦᠪᠡᠷ᠎ᠤᠨ ᠵᠶ᠋ᠠᠨ ᠬᠠᠳᠠᠭᠤ ᠴᠢᠷᠮᠠᠶ᠋ᠢᠯᠭ᠎ᠠ᠎ᠪᠠᠷ ᠵᠶ᠋ᠠᠨ ᠤᠯᠤᠰ ᠵᠶ᠋ᠠᠨ ᠲᠦᠯᠦᠬᠡᠯᠡᠨ ᠲᠡᠯᠡᠬᠡᠢ ᠵᠢᠨ ᠤᠷᠤᠯᠳᠤᠭ᠋ᠠᠨ᠎ᠳᠤ ᠤᠷᠤᠯᠴᠠᠬᠤ ᠡᠷᠬᠡ ᠵᠢ ᠤᠯᠵᠤ᠂ ᠬᠡᠷ ᠤᠷᠤᠨ᠎ᠤ ᠠᠬ᠎ᠠ ᠲᠠᠬᠦᠤᠰ ᠵᠶ᠋ᠠᠨ ᠬᠠᠭ᠎ᠠ ᠪᠠᠶᠠᠷᠯᠠᠭᠤᠯᠵᠤ ᠪᠠᠶ᠋ᠢᠯ᠎ᠠ᠃ ᠡᠨᠡᠬᠦ ᠰᠠᠶ᠋ᠢᠬᠠᠨ ᠵᠤᠯ ᠵᠠᠪᠰᠢᠶᠠᠨ᠎ᠨᠢ ᠬᠠᠳᠠᠨᠪᠠᠭ᠋ᠠᠳᠤᠷ᠎ᠤᠨ ᠠᠮᠵᠢᠯᠳᠠ᠎ᠳᠤ ᠬᠦᠷᠬᠦ ᠵᠢᠨ ᠰᠠᠭᠤᠷᠢ ᠵᠢ ᠲᠠᠯᠪᠢᠵᠤ ᠦᠭᠴᠠᠢ᠃
    ᠰᠢᠷᠠᠶ᠋ᠢᠳ ᠬᠠᠯᠠ ᠵᠢᠨ ᠬᠠᠳᠠᠨᠪᠠᠭ᠋ᠠᠳᠤᠷ ᠪᠤᠯ ᠬᠦᠯᠤᠨ ᠪᠤᠶ᠋ᠢᠷ ᠬᠤᠳᠠ ᠵᠢᠨ ᠰᠢᠨ᠎ᠠ ᠪᠠᠷᠭᠤ ᠵᠡᠬᠦᠨ ᠬᠤᠰᠢᠭᠤᠨ᠎ᠤ ᠭᠠᠨᠵᠤᠤᠷ ᠰᠤᠮᠤᠨ᠎ᠤ ᠤᠷᠱ᠌ᠤᠨ ᠭᠠᠴᠠᠭ᠎ᠠ᠎ᠪᠠᠷ ᠨᠤᠳᠤᠭᠳᠠᠢ᠂ ᠬᠠᠷᠠᠬᠠᠨ ᠪᠠᠭ᠎ᠠ᠎ᠠᠴᠠ᠎ᠪᠠᠨ ᠪᠦᠬᠡ᠎ᠳᠤ ᠳᠤᠷ᠎ᠠ ᠪᠠᠬ᠎ᠠ᠎ᠲᠠᠢ ᠪᠦᠬᠡᠳ ᠠᠪᠤ᠎ᠪᠠᠨ ᠲᠠᠭ᠋ᠠᠵᠤ ᠨᠠᠶ᠋ᠢᠷ ᠨᠠᠭ᠋ᠠᠳᠤᠮ ᠵᠶ᠋ᠠᠷ ᠪᠦᠬᠡ ᠪᠠᠷᠢᠯᠳᠤᠬᠤ ᠵᠢ ᠳᠤᠭᠳᠠᠭᠤᠨ ᠰᠤᠨᠢᠷᠬᠠᠵᠤ ᠰᠠᠭᠤᠳᠠᠭ᠂ ᠲᠠᠷᠠᠴᠢᠯᠠᠨ ᠪᠠᠭ᠎ᠠ᠎ᠠᠴᠠ᠎ᠪᠠᠨ ᠦᠶ᠎ᠠ ᠵᠢᠨ ᠨᠠᠶ᠋ᠢᠵᠢ ᠨᠠᠷ᠎ᠲᠠᠢ᠎ᠪᠠᠨ ᠪᠦᠬᠡ ᠪᠠᠷᠢᠯᠳᠤᠵᠤ ᠪᠦᠬᠡᠴᠢᠨ ᠪᠤᠯᠬᠤ ᠬᠦᠰᠡᠯ᠎ᠲᠠᠢ ᠪᠠᠶ᠋ᠢᠬᠰᠠᠠ ᠪᠦᠬᠡᠳ ᠠᠪᠤ᠎ᠨᠢ ᠪᠦᠬᠡ ᠰᠠᠶ᠋ᠢᠨ ᠪᠠᠷᠢᠯᠳᠤᠳᠠᠭ ᠬᠦᠮᠤᠨ ᠪᠠᠶ᠋ᠢᠵᠠᠢ᠃ ᠠᠩᠬᠠᠨ᠎ᠤ ᠰᠤᠷᠢᠭ᠎ᠠ᠎ᠪᠠᠨ ᠬᠦᠯᠤᠨ ᠪᠤᠶ᠋ᠢᠷ ᠬᠤᠳᠠ ᠵᠢᠨ ᠡᠸᠡᠩᠬᠢ ᠬᠤᠰᠢᠭᠤᠨ᠎ᠳᠤ ᠬᠢᠭᠰᠡᠡ ᠲᠠᠷᠠ᠎ᠪᠠᠷ ᠶᠠᠷᠤ᠎ᠠᠴᠠ ᠬᠠᠶ᠋ᠢᠯᠠᠷ᠎ᠲᠤ ᠤᠴᠢᠵᠤ ᠦᠵᠡᠭᠡ ᠦᠬᠡᠢ ᠮᠦᠷᠳᠡᠬᠡᠨ ᠶᠠᠬ ᠬᠠᠪᠤᠷ᠎ᠤᠨ ᠲᠦᠯ ᠳᠤᠰᠬᠤ ᠴᠠᠭ᠎ᠲᠤ ᠲᠠᠭ᠋ᠠᠷᠠᠭᠰᠠᠠ᠎ᠠᠴᠠ ᠠᠪᠤ ᠡᠵᠢ᠎ᠨᠢ ᠬᠦᠷᠬᠡᠵᠤ ᠴᠢᠳᠠᠭ᠎ᠠ ᠦᠬᠡᠢ᠂ ᠮᠠᠩᠯᠠᠢ ᠠᠬ᠎ᠠ᠎ᠨᠢ ᠬᠠᠶ᠋ᠢᠯᠠᠷ᠎ᠠᠴᠠ ᠳᠤᠰᠴᠤ ᠬᠦᠷᠬᠡᠭᠰᠡᠡ ᠬᠡᠳᠡᠭ᠃ ᠬᠠᠳᠠᠨᠪᠠᠭ᠋ᠠᠳᠤᠷ 2015 ᠤᠨ᠎ᠠᠴᠠ ᠡᠬᠢᠯᠠᠨ ᠰᠢᠨ᠎ᠠ ᠪᠠᠷᠭᠤ ᠵᠡᠬᠦᠨ ᠬᠤᠰᠢᠭᠤᠨ᠎ᠤ ᠤᠤᠯ᠎ᠤᠨ ᠲᠠᠷᠭᠤᠨᠨᠠᠭᠤᠷ ᠰᠤᠮᠤᠨ᠎ᠤ ᠵᠠᠶ᠋ᠢᠯᠬᠠᠨ ᠬᠠᠯᠠ ᠵᠢᠨ ᠪᠦᠷᠢᠨᠪᠤᠯᠤᠳ ᠪᠠᠭᠰᠢ ᠵᠢᠨ ᠳᠤᠤᠷ᠎ᠠ ᠳᠤᠮᠳᠠᠳᠤ ᠮᠠᠶᠢᠭ᠎ᠤᠨ ᠪᠦᠬᠡ ᠪᠤᠯᠪᠠᠰᠤᠷᠠᠵᠤ᠂ 2015 ᠤᠨ᠎ᠳᠤ ᠱᠠᠨᠰᠢ ᠮᠤᠵᠢ᠎ᠳᠤ ᠶᠠᠪᠤᠭᠳᠠᠭᠰᠠᠠ ᠪᠦᠬᠦ ᠤᠯᠤᠰ᠎ᠤᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ᠎ᠳᠤ ᠮᠦᠩᠬᠦᠨ ᠮᠧᠳᠠᠯ ᠳᠤᠰᠴᠤ᠂ 2016 ᠤᠨ᠎ᠤ ᠯᠢᠶᠤᠤᠨᠢᠩ ᠮᠤᠵᠢ᠎ᠳᠤ ᠶᠠᠪᠤᠭᠳᠠᠭᠰᠠᠠ ᠪᠦᠬᠦ ᠤᠯᠤᠰ᠎ᠤᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ᠎ᠳᠤ ᠮᠦᠩᠬᠦᠨ ᠮᠧᠳᠡᠯ ᠭᠠᠷᠳᠠᠵᠠᠢ᠃ 2017 ᠤᠨ᠎ᠳᠤ ᠯᠢᠶᠤᠤᠨᠢᠩ ᠮᠤᠵᠢ ᠵᠢᠨ ᠬᠤ᠌ ᠯᠤ᠌ ᠳ᠋ᠤᠤ ᠬᠤᠳᠠ᠎ᠳᠤ ᠶᠠᠪᠤᠭᠳᠠᠭᠰᠠᠠ ᠪᠦᠬᠦ ᠤᠯᠤᠰ᠎ᠤᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ᠎ᠳᠤ ᠲᠡᠳ᠋ᠯᠡᠵᠤ᠂ 2017 ᠤᠨ᠎ᠳᠤ ᠪᠦᠬᠦ ᠤᠯᠤᠰ᠎ᠤᠨ ᠳᠤᠮᠳᠠᠳᠤ ᠮᠠᠶᠢᠭ᠎ᠤᠨ ᠪᠦᠬᠡ ᠵᠢᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ᠎ᠳᠤ ᠠᠯᠳᠠᠨ ᠮᠧᠳᠡᠯ ᠭᠠᠷᠳᠠᠭᠰᠠᠠ ᠪᠢᠯᠠ᠃


           ᠨᠤᠳᠤᠭ᠎ᠤᠨ ᠬᠦᠮᠦᠰ᠎ᠨᠢ ᠬᠠᠯᠠᠭᠤᠨ ᠵᠶ᠋ᠠᠷ ᠤᠭᠳᠤᠨ᠎ᠡ

    ᠬᠠᠳᠠᠨᠪᠠᠭ᠋ᠠᠳᠤᠷ᠎ᠤᠨ ᠠᠮᠵᠢᠯᠳᠠ᠎ᠨᠢ ᠲᠠᠬᠦᠨ᠎ᠤ ᠲᠠᠰᠬᠠᠯᠵᠢᠭᠤᠯᠤᠭᠴᠢ ᠪᠦᠷᠢᠨᠪᠤᠯᠤᠳ ᠪᠠᠭᠰᠢ᠎ᠲᠠᠢ ᠨᠢᠬᠳᠠ ᠬᠤᠯᠪᠤᠭ᠎ᠠ᠎ᠲᠠᠢ᠃ 《ᠪᠦᠷᠢᠨᠪᠤᠯᠤᠳ ᠪᠠᠭᠰᠢ ᠪᠤᠯ ᠳᠤᠮᠳᠠᠳᠤ ᠮᠠᠶᠢᠭ᠎ᠤᠨ ᠪᠦᠬᠡ ᠵᠢᠨ ᠬᠦᠩᠬᠡᠨ ᠲᠠᠰ᠎ᠤᠨ ᠤᠯᠤᠰ᠎ᠤᠨ ᠠᠪᠤᠷᠭᠤ᠃ ᠤᠳᠤ ᠲᠠᠪᠢ ᠵᠢᠨ ᠲᠠᠪᠠᠭ᠎ᠠ ᠵᠢ ᠲᠠᠪᠠᠵᠤ ᠪᠠᠶ᠋ᠢᠨ᠎ᠠ᠂ ᠬᠡᠬᠦ᠎ᠳᠡᠭᠡᠨ ᠪᠠᠭᠰᠢ ᠮᠢᠨᠢ ᠪᠤᠯ ᠮᠡᠷᠬᠡᠵᠢᠯ ᠰᠠᠶ᠋ᠢᠳᠠᠢ᠂ ᠪᠠᠷᠢᠴᠠ ᠰᠠᠶ᠋ᠢᠳᠠᠢ᠂ ᠮᠡᠷᠬᠡᠵᠢᠯ ᠵᠢᠭ᠋ᠠᠬᠤ ᠲᠠᠯ᠎ᠠ᠎ᠪᠠᠷ ᠰᠠᠶ᠋ᠢᠨ᠃ ᠶᠠᠷᠤ᠎ᠨᠢ ᠳᠤᠮᠳᠠᠳᠤ ᠮᠠᠶᠢᠭ᠎ᠤᠨ ᠪᠦᠬᠡ ᠪᠤᠯ ᠵᠤᠳᠤᠭ᠎ᠲᠠᠢ ᠪᠠᠷᠢᠯᠳᠤᠨ᠎ᠠ᠂ ᠴᠠᠭ ᠵᠶ᠋ᠠᠷ᠂ ᠪᠠᠷᠢᠴᠠ ᠵᠢᠨ ᠪᠡᠯᠡᠳᠬᠡᠯ᠂ ᠮᠡᠷᠬᠡᠵᠢᠯ᠎ᠤᠨ᠂ ᠬᠦᠴᠤᠨ᠎ᠤ ᠲᠠᠰᠬᠠᠯ᠂ ᠠᠮᠢᠰᠬᠤᠯ᠎ᠤᠨ ᠪᠡᠯᠡᠳᠬᠡᠯ᠎ᠢ ᠰᠠᠶ᠋ᠢᠨ ᠬᠢᠭᠰᠡᠡ ᠵᠶ᠋ᠠᠷ ᠦᠨᠤᠳᠤᠷ᠎ᠤᠨ ᠠᠮᠵᠢᠯᠳᠠ᠎ᠳᠤ ᠬᠦᠷᠦᠭᠰᠡᠡ ᠶᠤᠮ》 ᠬᠡᠵᠤ ᠡᠷ᠎ᠠ ᠬᠦᠮᠤᠨ᠎ᠤ ᠰᠢᠨᠳᠠᠰᠤ᠎ᠲᠠᠢ ᠬᠠᠳᠠᠨᠪᠠᠭ᠋ᠠᠳᠤᠷ ᠪᠠᠭᠰᠢ᠎ᠳᠠᠭᠠᠨ ᠲᠠᠯᠠᠷᠬᠠᠭᠰᠠᠠ ᠰᠡᠳᠬᠢᠯᠬᠡ᠎ᠲᠠᠢ ᠶᠠᠷᠢᠨ᠎ᠠ᠃ ᠪᠦᠷᠢᠨᠪᠤᠯᠤᠳ 1988 ᠤᠨ᠎ᠠᠴᠠ ᠡᠬᠢᠯᠠᠨ ᠪᠦᠬᠦ ᠤᠯᠤᠰ᠎ᠤᠨ ᠤᠷᠤᠯᠳᠤᠭ᠋ᠠᠨ᠎ᠳᠤ ᠭᠠᠨᠵᠤᠭ᠎ᠠ ᠲᠦᠬᠦᠷᠠᠩ ᠶᠠᠪᠤᠵᠤ ᠪᠠᠶ᠋ᠢᠵᠠᠢ᠃ 1989 ᠤᠨ᠎ᠳᠤ ᠾᠧᠨᠡᠨ ᠮᠤᠵᠢ ᠵᠢᠨ ᠵᠧᠩᠵᠸᠤ ᠬᠤᠳᠠ᠎ᠳᠤ ᠶᠠᠪᠤᠭᠳᠠᠭᠰᠠᠠ ᠪᠦᠬᠦ ᠤᠯᠤᠰ᠎ᠤᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ᠎ᠳᠤ ᠬᠦᠷᠠᠯ ᠮᠧᠳᠡᠯ ᠳᠤᠰᠴᠤ᠂ 1990 ᠤᠨ᠎ᠳᠤ ᠦᠪᠤᠷ ᠮᠤᠩᠭᠤᠯ᠎ᠤᠨ ᠤᠯᠠᠭ᠋ᠠᠨᠴᠠᠪ ᠬᠤᠳᠠ᠎ᠳᠤ ᠪᠤᠯᠤᠭᠰᠠᠠ ᠪᠦᠬᠦ ᠤᠯᠤᠰ᠎ᠤᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ᠎ᠳᠤ ᠲᠦᠷᠪᠡᠳᠤᠬᠡᠷ ᠨᠠᠷᠠᠰ᠎ᠲᠤ ᠳᠤᠳᠤᠷᠠᠵᠤ᠂ 1992 ᠤᠨ᠎ᠳᠤ ᠯᠠᠨᠵᠸᠤ ᠬᠤᠳᠠ᠎ᠳᠤ ᠶᠠᠪᠤᠭᠳᠠᠭᠰᠠᠠᠠ ᠪᠦᠬᠦ ᠤᠯᠤᠰ᠎ᠤᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ᠎ᠳᠤ ᠮᠦᠩᠬᠦᠨ ᠮᠧᠳᠡᠯ ᠭᠠᠷᠳᠠᠵᠤ ᠪᠠᠶ᠋ᠢᠵᠠᠢ᠃ 2015 ᠤᠨ᠎ᠠᠴᠠ ᠡᠬᠢᠯᠠᠨ ᠰᠢᠨ᠎ᠠ ᠪᠠᠷᠭᠤ ᠵᠡᠬᠦᠨ ᠬᠤᠰᠢᠭᠤᠨ᠎ᠤ ᠰᠤᠶᠤᠯ ᠲᠠᠮᠢᠷ ᠰᠤᠨᠢᠨ ᠮᠡᠳᠡᠭᠡ ᠬᠡᠪᠯᠡᠯ ᠷᠠᠳᠢᠤ᠋ ᠲᠧᠯᠸᠢᠰ ᠬᠤᠷᠢᠶᠠᠨ᠎ᠳᠤ ᠳᠤᠮᠳᠠᠳᠤ ᠮᠠᠶᠢᠭ᠎ᠤᠨ ᠪᠦᠬᠡ ᠵᠢᠨ ᠲᠠᠰᠬᠠᠯᠵᠢᠭᠤᠯᠤᠬ᠍ᠴᠢ᠎ᠪᠠᠷ ᠠᠵᠢᠯᠯᠠᠵᠤ᠂ ᠡᠨᠡ ᠬᠤᠭᠤᠷᠤᠨᠳᠤ ᠨᠡᠯᠢᠶᠠᠳ ᠤᠯᠠᠨ ᠰᠤᠷᠤᠭᠴᠢ ᠱᠠᠪᠢ ᠨᠠᠷ᠎ᠢ ᠬᠦᠮᠥᠵᠢᠬᠦᠯᠵᠠᠢ᠃

    ᠠᠮᠵᠢᠯᠳᠠ᠎ᠳᠤ ᠬᠦᠷᠤᠨ᠎ᠠ ᠬᠡᠳᠡᠭ ᠪᠤᠯ ᠤᠯᠠᠨ ᠡᠯᠧᠮᠧᠨ᠋ᠲ᠎ᠠᠴᠠ ᠳᠤᠭᠳᠠᠭ᠋ᠠᠭᠳᠠᠳᠠᠭ᠃ ᠡᠬᠦᠨ᠎ᠤ ᠳᠤᠳᠤᠷᠠᠬᠢ ᠬᠠᠮᠤᠭ᠎ᠤᠨ ᠴᠢᠬᠤᠯᠠ ᠡᠯᠧᠮᠧᠨ᠋ᠲ᠎ᠨᠢ ᠲᠠᠷᠤᠢ ᠠᠷᠤ ᠬᠡᠷ᠎ᠤᠨ ᠲᠡᠮᠵᠢᠯᠬᠡ᠃ 《ᠮᠢᠨᠤ ᠨᠦᠬᠦᠷ ᠬᠤᠤᠰᠴᠡᠴᠡᠭ ᠬᠡᠳᠡᠭ᠃ ᠰᠠᠶ᠋ᠢᠨ ᠪᠦᠬᠡ ᠪᠤᠯᠬᠤ᠎ᠳᠤ ᠠᠷᠤ ᠬᠡᠷ᠎ᠤᠨ ᠲᠦᠰᠢᠭ ᠳᠤᠯᠭ᠋ᠠᠭᠤᠷᠢ᠂ ᠬᠠᠨᠢ ᠨᠦᠬᠦᠷ ᠮᠢᠨᠢ ᠲᠡᠮᠵᠢᠭᠰᠡᠡ᠎ᠤ ᠠᠴᠢ ᠪᠤᠶᠠᠨ ᠵᠶ᠋ᠠᠷ ᠦᠨᠤᠳᠤᠷ᠎ᠤᠨ ᠠᠮᠵᠢᠯᠳᠠ᠎ᠳᠤ ᠬᠦᠷᠦᠭᠰᠡᠡ ᠶᠤᠮ᠃ ᠭᠠᠳᠠᠭᠰᠢ ᠪᠡᠯᠡᠳᠬᠡᠯ᠎ᠳᠤ ᠶᠠᠪᠤᠬᠤ᠎ᠳᠤ ᠬᠡᠷ ᠤᠷᠤᠨ ᠵᠶ᠋ᠠᠨ ᠤᠷᠬᠢᠴᠢᠬᠠᠨ᠎ᠠ᠂ ᠤᠷᠤᠯᠳᠤᠭ᠋ᠠᠨ ᠲᠡᠮᠡᠴᠡᠬᠡᠨ᠎ᠳᠤ ᠶᠠᠪᠤᠬᠤ᠎ᠳᠤ ᠬᠡᠳᠤᠨ ᠡᠳᠤᠷ᠂ ᠬᠡᠳᠤᠨ ᠰᠠᠷ᠎ᠠ᠎ᠪᠠᠷ ᠶᠠᠪᠤᠨ᠎ᠠ᠂ ᠲᠡᠷᠠ ᠦᠶ᠎ᠠ᠎ᠳᠤ ᠠᠷᠤ ᠬᠡᠷ᠎ᠤᠨ ᠠᠵᠢᠯ᠎ᠢ ᠨᠦᠬᠦᠷ ᠮᠠᠨᠢ ᠪᠦᠬᠦᠨ᠎ᠢ ᠲᠠᠭ᠋ᠠᠭ᠋ᠠᠵᠤ᠂ ᠦᠷ᠎ᠠ ᠬᠡᠤᠬᠡᠳ ᠵᠶ᠋ᠠᠨ ᠳᠤᠳᠤᠮᠳᠠᠨ᠎ᠠ᠂ ᠨᠠᠰᠤᠳᠠᠨ ᠳᠤᠮᠤᠭ᠋ᠠᠳᠠᠠ ᠵᠶ᠋ᠠᠨ ᠬᠠᠷᠠᠭ᠋ᠠᠯᠵᠠᠨ᠎ᠠ᠂ ᠬᠠᠨᠢ ᠮᠨᠠᠢ ᠲᠠᠷᠠ ᠪᠦᠬᠦᠨ᠎ᠢ ᠬᠢᠵᠤ ᠶᠠᠪᠤᠳᠠᠭ᠎ᠲᠤ ᠪᠠᠶᠠᠷᠯᠠᠵᠤ ᠶᠠᠪᠤᠳᠠᠭ᠂ ᠦᠨᠤᠳᠤᠷ᠎ᠤᠨ ᠠᠮᠵᠢᠯᠳᠠ ᠤᠯᠤᠭᠰᠠᠠ᠎ᠨᠢ ᠬᠠᠨᠢ ᠨᠦᠬᠦᠷ᠂ ᠠᠪᠤ ᠡᠵᠢ ᠵᠢᠨ ᠮᠢᠨᠢ ᠲᠠᠮᠵᠢᠯᠬᠡ᠎ᠠᠴᠠ ᠰᠠᠯᠵᠤ ᠪᠤᠯᠤᠰᠢ ᠦᠬᠡᠢ ᠬᠤᠯᠪᠤᠭ᠎ᠠ᠎ᠲᠠᠢ》 ᠬᠡᠮᠡᠬᠦ ᠬᠠᠳᠠᠨᠪᠠᠭ᠋ᠠᠳᠤᠷ᠎ᠤᠨ ᠶᠠᠷᠢᠶ᠎ᠠ᠎ᠨᠢ ᠰᠡᠳᠬᠢᠯ᠎ᠢ ᠮᠢᠨᠢ ᠬᠦᠨᠳᠡᠵᠤ᠂ ᠠᠪᠤ ᠡᠵᠢ᠎ᠳᠡᠭᠡᠨ ᠠᠴᠢᠯᠠᠯ᠎ᠲᠠᠢ᠂ ᠬᠡᠷᠬᠡᠢ ᠬᠡᠤᠬᠡᠳ᠎ᠲᠡᠭᠡᠨ ᠬᠠᠷᠢᠭᠤᠴᠠᠯᠭ᠎ᠠ᠎ᠲᠠᠢ ᠪᠠᠶ᠋ᠢᠭ᠎ᠠ ᠵᠢ᠎ᠨᠢ ᠰᠤᠨᠤᠰᠤᠭ᠋ᠠᠳ ᠦᠪᠡᠷ᠎ᠤᠨ ᠡᠷᠬᠡ ᠦᠬᠡᠢ ᠤᠶᠠᠷᠠᠵᠤ ᠰᠠᠭᠤᠯ᠎ᠠ᠃


     ᠤᠷᠤᠯᠳᠤᠭ᠋ᠠᠨ᠎ᠳᠤ ᠤᠷᠤᠯᠴᠠᠭᠰᠠᠨ ᠳᠤᠮᠳᠠᠳᠤ ᠤᠯᠤᠰ᠎ᠤᠨ ᠲᠦᠯᠦᠭᠡᠯᠡᠭᠴᠢ ᠨᠠᠷ

      ᠬᠡᠪᠡᠴᠦ 《ᠭᠠᠢ ᠭᠠᠵᠡᠷ ᠳᠤᠤᠷ᠎ᠠ᠎ᠠᠴᠠ》 ᠬᠡᠳᠡᠭᠴᠢᠯᠠᠨ ᠬᠠᠶ᠋ᠢᠷᠠᠳᠠᠢ ᠡᠵᠢ᠎ᠨᠢ ᠬᠡᠨᠡᠳᠳᠠ ᠵᠢᠷᠤᠬᠡᠨ ᠡᠪᠡᠳᠴᠢᠨ ᠵᠶ᠋ᠠᠷ ᠨᠠᠰᠤ ᠪᠠᠷᠠᠭᠰᠠᠠ᠎ᠤ ᠲᠠᠷᠠᠭ᠎ᠠ ᠬᠠᠳᠠᠨᠪᠠᠭ᠋ᠠᠳᠤᠷ ᠴᠤ᠌ ᠤᠷᠴᠢᠯᠠᠩ᠎ᠳᠤ ᠭᠠᠭᠴᠠ ᠬᠦ᠌ ᠡᠵᠢ᠎ᠪᠠᠨ ᠠᠯᠳᠠᠵᠤ ᠵᠤᠪᠠᠭᠰᠠᠠ᠎ᠤ ᠪᠤᠯᠪᠠᠤ ᠡᠪᠡᠳᠴᠢᠯᠠᠵᠤ᠂ ᠪᠠᠶ᠎ᠠ᠎ᠨᠢ ᠠᠷᠭ᠎ᠠ ᠦᠬᠡᠢ ᠶᠡᠭᠡ ᠮᠠᠭᠤᠳᠠᠵᠤ ᠰᠤᠯᠠᠳᠠᠭ᠋ᠠᠳ᠂ ᠬᠤᠶᠠᠷ ᠭᠤᠷᠪᠠᠨ ᠵᠢᠯ ᠪᠦᠷ ᠪᠦᠬᠡ ᠪᠠᠷᠢᠯᠳᠤᠬᠤ᠎ᠪᠠᠨ ᠵᠤᠭᠰᠤᠬᠰᠠᠠ ᠶᠤᠮ᠃ ᠲᠡᠬᠡᠬᠡᠳ ᠰᠡᠬᠦᠯᠠᠷ᠎ᠨᠢ ᠪᠠᠶ᠎ᠠ᠎ᠪᠠᠨ ᠰᠤᠪᠢᠯᠠᠵᠤ ᠡᠳᠡᠬᠡᠷᠡᠬᠦᠯᠦᠬᠡᠳ ᠲᠠᠬᠢᠨ ᠪᠦᠬᠡᠴᠢᠨ᠎ᠤ ᠠᠶᠠᠨ ᠵᠶ᠋ᠠᠨ ᠡᠬᠢᠯᠡᠬᠦᠯᠬᠦ᠎ᠳᠤ ᠶᠠᠷᠤ᠎ᠨᠢ ᠰᠠᠶ᠋ᠢᠨ ᠪᠠᠷᠢᠯᠳᠤᠵᠤ ᠴᠢᠳᠠᠬᠤ ᠦᠬᠡᠢ ᠪᠠᠶ᠋ᠢᠬᠤ᠎ᠳᠤᠨᠢ ᠨᠠᠰᠤᠳᠠᠨ ᠪᠤᠭᠤᠷᠤᠯ ᠠᠪᠤ᠎ᠨᠢ ᠨᠠᠨᠳᠢᠨ ᠵᠦᠪᠯᠡᠯᠬᠡ ᠦᠭᠴᠤ᠂ ᠠᠬ᠎ᠠ ᠲᠡᠬᠦᠤ᠎ᠨᠢ ᠰᠡᠳᠬᠢᠯ ᠵᠶ᠋ᠠᠷ ᠵᠶ᠋ᠠᠨ ᠲᠡᠮᠵᠢᠭᠰᠡᠡ ᠪᠢᠯᠠ᠃ ᠬᠡᠷ ᠪᠦᠯᠢ ᠵᠢᠨ ᠲᠠᠮᠵᠢᠯᠬᠡ᠎ᠪᠠᠷ ᠬᠠᠮᠤᠭ᠎ᠤᠨ ᠬᠦᠴᠢᠷ ᠪᠡᠷᠬᠡᠳᠠᠢ ᠴᠠᠭ ᠮᠦᠴᠠ ᠵᠢ ᠦᠩᠬᠡᠷᠡᠬᠡᠨ ᠳᠤᠭᠤᠯᠵᠤ᠂ ᠪᠠᠶ᠎ᠠ᠎ᠨᠢ ᠲᠡᠩᠬᠡᠬᠡᠷᠡᠵᠤ ᠵᠤᠷᠢᠬ᠍ᠵᠢᠬᠰᠠᠠ᠎ᠠᠴᠠ ᠨᠢᠬᠡ ᠵᠢᠯ᠎ᠤᠨ ᠬᠠᠳᠠᠭᠤ ᠰᠢᠷᠤᠬᠦᠨ ᠪᠡᠯᠡᠳᠬᠡᠯ ᠬᠢᠬᠡᠳ ᠤᠷᠤᠯᠳᠤᠭ᠋ᠠᠨ᠎ᠳᠤ ᠤᠷᠤᠯᠴᠠᠵᠤ᠂ ᠠᠮᠵᠢᠯᠳᠠ᠎ᠳᠤ ᠬᠦᠷᠦᠭᠰᠡᠡ᠎ᠨᠢ ᠡᠨᠡ ᠶᠤᠮ᠃ ᠡᠨᠡᠬᠦ ᠠᠮᠵᠢᠯᠳᠠ᠎ᠨᠢ ᠴᠦᠬᠦᠷᠡᠰᠢ ᠦᠬᠡᠢ ᠴᠢᠷᠮᠠᠶ᠋ᠢᠯᠭ᠎ᠠ᠎ᠠᠴᠠ ᠰᠠᠯᠵᠦ ᠴᠢᠳᠠᠬᠤ ᠦᠬᠡᠢ᠎ᠨᠢ ᠯᠠᠪᠳᠠᠢ᠃
    《ᠵᠠᠯᠠᠭᠤ ᠨᠢᠬᠡ ᠦᠶ᠎ᠠ᠎ᠳᠡᠭᠡᠨ ᠪᠦᠬᠡ ᠵᠢᠨ ᠮᠡᠷᠬᠡᠵᠢᠯ᠎ᠢ ᠵᠢᠭ᠋ᠠᠵᠤ ᠤᠯᠠᠮᠵᠢᠯᠠᠵᠤ᠂ ᠬᠤᠵᠢᠮ ᠬᠤᠶ᠋ᠢᠰᠢᠳᠠ ᠰᠠᠶ᠋ᠢᠨ ᠪᠦᠬᠡ ᠪᠤᠯᠪᠠᠰᠤᠷᠠᠭᠤᠯᠤᠶ᠎ᠠ ᠬᠡᠵᠤ ᠪᠤᠳᠤᠵᠤ ᠪᠠᠶ᠋ᠢᠨ᠎ᠠ᠂ ᠪᠠᠰᠠ ᠳᠤᠮᠳᠠᠳᠤ ᠮᠠᠶᠢᠭ᠎ᠤᠨ ᠪᠦᠬᠡ ᠵᠢ 2021 ᠤᠨ᠎ᠳᠤ ᠪᠦᠬᠦ ᠤᠯᠤᠰ᠎ᠤᠨ ᠪᠠᠶ᠎ᠠ ᠵᠢᠨ ᠲᠠᠮᠢᠷ᠎ᠤᠨ ᠴᠤᠭᠯᠠᠭ᠋ᠠᠨ᠎ᠳᠤ ᠤᠷᠤᠭᠤᠯᠤᠭᠰᠠᠠ ᠪᠤᠯᠬᠤᠷ ᠪᠡᠯᠡᠳᠬᠡᠯ ᠵᠶ᠋ᠠᠨ ᠰᠠᠶ᠋ᠢᠨ ᠬᠢᠵᠤ᠂ ᠰᠠᠶ᠋ᠢᠨ ᠠᠮᠵᠢᠯᠳᠠ ᠤᠯᠤᠶ᠎ᠠ ᠬᠡᠵᠤ ᠪᠤᠳᠤᠵᠤ ᠪᠠᠶ᠋ᠢᠨ᠎ᠠ》 ᠬᠡᠵᠤ ᠬᠡᠶ᠋ᠢᠮᠤᠷᠢ ᠵᠤᠯᠪᠤᠭ᠋ᠠᠳᠠᠢ ᠬᠠᠳᠠᠨᠪᠠᠭ᠋ᠠᠳᠤᠷ ᠬᠤᠵᠢᠮ᠎ᠤᠨ ᠲᠦᠯᠦᠪᠯᠡᠭᠡ᠎ᠪᠠᠨ ᠰᠠᠳᠬᠢᠯ ᠬᠠᠩᠬᠤᠯᠤᠭᠤᠨ ᠶᠠᠷᠢᠨ᠎ᠠ᠃  

ᠢᠷᠡᠯᠲᠡ᠄ ᠦᠪᠦᠷ ᠮᠤᠩᠭᠤᠯ᠎ᠤᠨ ᠡᠳᠦᠷ᠎ᠤᠨ ᠰᠤᠨᠢᠨ
          
ᠬᠠᠮᠢᠶ᠎ᠡ ᠪᠦᠬᠦᠢ ᠰᠣᠨᠢᠨ
ᠠᠯᠳᠠᠨ ᠮᠸᠳᠠᠯ᠎ᠤᠨ ᠡᠵᠡᠨ — ᠴᠢᠨᠳᠠᠭ᠎ᠠ
ᠰᠢᠨ᠎ᠡ ᠦᠵᠡᠯ ᠰᠠᠨᠠᠭ᠎ᠠ᠎ᠪᠠᠷ ᠰᠢᠨ᠎ᠡ ᠴᠠᠭ ᠦᠶ᠎ᠡ ᠵᠢᠨ ᠮᠠᠨ᠎ᠤ ᠣᠷᠣᠨ᠎ᠤ ᠪᠡᠶ᠎ᠡ ᠵᠢᠨ ᠲᠠᠮᠢᠷ᠎ᠤᠨ ᠦᠢ᠍ᠯᠡᠰ᠎ᠢ ᠬᠥᠲᠥᠯᠥᠨ ᠳᠠᠭ᠋ᠠᠭᠤᠯᠵᠦ ᠲᠣᠮᠣ ᠠᠯᠬᠤᠮ ᠵᠶ᠋ᠠᠷ ᠤᠷᠤᠭᠰᠢᠯᠠᠵᠤ ᠪᠠᠶ᠋ᠢᠨᠠᠮ
ᠮᠣᠩᠭᠤᠯ ᠪᠦᠬᠡ ᠵᠢᠨ ᠠᠯᠲᠠᠷ ᠵᠶ᠋ᠠᠨ ᠲᠠᠶᠠᠭ᠋ᠠᠷ᠎ᠲᠤ ᠲᠠᠨᠢᠭᠤᠯᠣᠨ᠎ᠠ
《ᠦᠪᠡᠷ᠎ᠢ᠎ᠪᠠᠨ ᠲᠠᠰᠤᠷᠠᠯ ᠦᠭᠡᠢ ᠲᠠᠪᠳᠠᠨ ᠲᠡᠭᠦᠯᠳᠡᠷᠵᠢᠭᠦᠯᠵᠦ ᠲᠤᠤᠺᠢᠤ᠋ ᠵᠢᠨ ᠤᠯᠢᠮᠫᠢᠺ᠎ᠳᠤ ᠬᠠᠷᠠᠮᠰᠡᠯ ᠦᠯᠡᠳᠡᠭᠡᠭᠦ ᠦᠭᠡᠢ》
ᠴᠢᠯᠦᠬᠡᠲᠦ ᠪᠦᠬᠡ ᠵᠢᠨ ᠤᠯᠤᠰ᠎ᠤᠨ ᠠᠪᠤᠷᠭᠤ ᠠᠯᠳᠠᠨ ᠪᠦᠰᠠ ᠵᠢᠨ ᠡᠵᠡᠨ ᠪᠤᠳᠢᠵᠠᠪ ᠮᠦᠨᠭᠬᠡᠵᠠᠭ᠋ᠠᠨ ᠬᠤᠶᠠᠷ
 
            